ᠲᠡᠭᠦᠲᠡᠭᠡᠷ ᠮᠤᠳᠤ① | ᠲᠡᠭᠦᠲᠡᠭᠡᠷ ᠮᠤᠳᠤᠨ ᠳᠤ ᠪᠠᠨ ᠲᠦᠭᠦᠷᠡᠩ ᠰᠢᠪᠠᠭᠤᠬᠠᠢ᠂ | ᠲᠡᠭᠦᠤ ᠨᠠᠷ ︵ᠶᠤ᠋︶ ᠬᠡᠤᠬᠡᠤᠨ ᠢᠶᠠᠨ ᠲᠡᠭᠦᠷᠡᠭᠡᠤᠨ ᠮᠤᠷᠲᠡᠶᠡ ᠳ᠋ᠤᠣ᠃ | ᠰᠬᠠᠯᠠᠭᠠᠷ ᠮᠤᠳᠤᠨ ᠳᠤ ᠪᠠᠨ ᠱᠠᠭᠠᠵᠠᠭᠠᠢ ᠬᠦᠭᠡᠷᠤᠬᠦᠢ᠂ | ᠰᠠᠯᠤᠭᠠᠤᠨ ᠶᠠᠪᠤᠬᠤ ᠳᠤ ᠪᠢᠳᠠ ᠬᠦᠭᠡᠷᠤᠬᠦᠢ᠃ | ︵ᠪᠠᠰᠨ᠄ ᠰᠬᠠᠯᠠᠭᠠᠷ ᠮᠤᠳᠤᠨ ᠲᠡᠭᠡᠷ᠎ᠡ ᠱᠠᠭᠠᠵᠠᠭᠠᠢ ᠰᠢᠪᠠᠭᠤᠬᠠᠢ᠂ | ᠰᠠᠳᠤᠨ ︵ᠶᠤ᠋︶ ᠲᠦᠷᠤᠯ ᠲᠠᠢ ᠪᠠᠨ ᠨᠠᠶᠢᠯᠠᠭᠡᠤᠨ ᠮᠤᠷᠳᠠᠶ᠎ᠠ ᠳ᠋ᠤᠤ᠃︶ | ︵ᠪᠠᠰᠨ᠄ ᠰᠬᠠᠯᠠᠭᠠᠷ ︵ᠶᠤ᠋︶ ᠮᠤᠳᠤᠨ ᠳᠤ ᠰᠠᠯᠠᠭ᠎ᠠ ᠤᠯᠠᠨ ᠪᠡᠶᠢᠨ᠎ᠡ᠂ | ᠰᠠᠯᠬᠤ ︵ᠶᠤ᠋︶ ᠬᠦᠮᠤᠨ ᠤ ᠦᠭᠡ ᠨᠢ ᠤᠯᠠᠨ ᠪᠡᠶᠢᠨ᠎ᠡ᠃︶ | ᠦᠠᠳᠤᠷ ︵ᠶᠤ᠋︶ ᠬᠤᠯᠤᠰᠤ ᠶᠢᠨ ᠦᠶ᠎ᠡ ᠨᠢ ᠤᠯᠠᠨ ᠪᠡᠶᠢᠨ᠎ᠡ᠂ | ᠦᠶ᠎ᠡ ᠶᠢᠨ ᠨᠦᠬᠦᠷ ᠤᠨ ᠦᠭᠡ ᠨᠢ ᠤᠯᠠᠨ ᠪᠡᠶᠢᠨ᠎ᠡ᠃ | ᠠᠪᠤᠠᠠᠰᠠᠨ ᠡᠮ᠎ᠡ ᠮᠢᠨᠢ ᠡᠷᠡᠰ ᠵᠠᠩᠲᠡᠢ ᠶᠤᠮ ᠡ᠂ | ᠠᠶᠢᠮᠠᠭ ᠬᠠᠵᠠᠭᠤ ᠤᠯᠠᠨ ᠳᠠᠶᠠᠭᠠᠷ ᠴᠤᠭ ᠢᠶᠠᠷ ᠮᠡᠲᠡᠨ᠎ᠡ ᠳ᠋ᠤᠤ᠃ | ᠠᠳᠤᠭᠤᠨ ᠤ ᠳᠤᠳᠤᠷ᠎ᠠ ᠠᠴᠠ ᠤᠨᠠᠭ᠎ᠠ ᠬᠦᠭᠡᠷᠤᠬᠦᠢ᠂ | ᠠᠬ᠎ᠠ ᠲᠡᠭᠦᠤ ᠠᠴᠠ ᠪᠠᠨ ᠰᠠᠯᠤᠠᠠᠰᠠᠨ ᠪᠢᠳᠠ ᠬᠦᠭᠡᠷᠤᠬᠦᠢ᠃ | ᠡᠯᠡᠰᠤᠨ ᠳᠤᠳᠤᠷ᠎ᠠ ᠡᠷᠪᠡᠬᠡᠢ ᠬᠦᠭᠡᠷᠤᠬᠦᠢ᠂ | ᠡᠵᠡᠤᠨ ᠤᠨ ᠡᠮᠤᠨ᠎ᠡ ᠡᠯᠴᠢ ᠬᠦᠭᠡᠷᠤᠬᠦᠢ᠃ | ᠡᠷᠭᠢᠨ ᠤ ᠲᠡᠷᠭᠡᠲᠡ ᠡᠯᠢᠶ᠎ᠡ ᠬᠦᠭᠡᠷᠤᠬᠦᠢ᠂ | ᠡᠷᠭᠢᠵᠤ ᠬᠠᠨᠢᠯᠬᠠᠰᠠᠨ ᠴᠢ ᠮᠢᠨᠢ ᠬᠦᠭᠡᠷᠤᠬᠦᠢ᠃ | ᠢᠩᠬᠡᠨ ᠠᠴᠠ ᠰᠠᠯᠤᠠᠠᠰᠠᠨ ᠪᠤᠳᠤᠭᠤ ᠬᠦᠭᠡᠷᠤᠬᠦᠢ᠂ | ᠡᠩᠭᠦᠷᠡᠢ ᠠᠴᠠ ᠪᠠᠨ ᠰᠠᠯᠤᠠᠠᠰᠠᠨ ᠴᠢ ᠮᠢᠨᠢ ᠬᠦᠭᠡᠷᠤᠬᠦᠢ᠃ | ᠢᠮᠠᠭᠠᠨ ᠤ ᠳᠤᠳᠤᠷ᠎ᠠ ᠦᠨᠤᠭᠦᠤ ᠬᠦᠭᠡᠷᠤᠬᠦᠢ᠂ | ᠢᠨᠠᠭ ᠠᠴᠠ ᠪᠠᠨ ᠰᠠᠯᠤᠠᠠᠰᠠᠨ ᠪᠢᠳᠠ ᠬᠦᠭᠡᠷᠤᠬᠦᠢ᠃ | ᠦᠬᠡᠷ ᠤᠨ ᠳᠤᠳᠤᠷ᠎ᠠ ᠠᠴᠠ ᠳᠤᠭᠤᠯ ᠨᠢ ᠬᠦᠭᠡᠷᠤᠬᠦᠢ᠂ | ᠦᠶ᠎ᠡ ᠶᠢᠨ ᠲᠦᠮᠡᠨ ᠠᠴᠠ ᠰᠠᠯᠤᠠᠠᠰᠠᠨ ᠪᠢᠳᠠ ᠬᠦᠭᠡᠷᠤᠬᠦᠢ᠃ | ᠨᠠᠭᠤᠷ ᠠᠴᠠ ᠪᠠᠨ ᠰᠠᠯᠤᠠᠠᠰᠠᠨ ᠨᠤᠭᠤᠰᠤ ᠬᠦᠭᠡᠷᠤᠬᠦᠢ᠂ | ᠨᠤᠳᠤᠭ ᠠᠴᠠ ᠪᠠᠨ ᠰᠠᠯᠤᠠᠠᠰᠠᠨ ᠪᠢᠳᠠ ᠬᠦᠭᠡᠷᠤᠬᠦᠢ᠃ | ᠨᠠᠭᠤᠷ ᠤᠨ ᠬᠦᠪᠡᠭᠡ ᠪᠠᠷ ᠨᠤᠭᠤᠰᠤ ᠤᠯᠠᠨ ᠪᠡᠶᠢᠨ᠎ᠡ᠂ | ᠨᠤᠳᠤᠭ ᠢᠶᠠᠨ ᠪᠤᠳᠤᠪᠡᠯ ᠨᠢᠯᠪᠤᠰᠤ ᠪᠦᠮᠪᠤᠷᠢᠨᠠ᠃ | ᠨᠠᠭᠤᠷ ᠤᠨ ᠵᠠᠬ᠎ᠠ ᠳᠤ ᠨᠤᠭᠤᠰᠤ ᠬᠦᠭᠡᠷᠤᠬᠦᠢ᠂ | ᠨᠢᠭᠤᠵᠤ ᠬᠠᠨᠢᠯᠬᠠᠰᠠᠨ ᠴᠢ ᠮᠢᠨᠢ ᠬᠦᠭᠡᠷᠤᠬᠦᠢ᠃ | ᠬᠠᠳᠤᠨ ᠤ ᠵᠠᠬ᠎ᠠ ᠳᠤ ᠭᠠᠯᠠᠭᠤ ᠬᠦᠭᠡᠷᠦᠬᠦᠢ᠂ | ᠭᠠᠭᠴᠠᠭᠠᠷ ᠢᠶᠠᠨ ᠰᠠᠭᠤᠬᠤᠢ ᠳᠤ ᠴᠢ ᠮᠢᠨᠢ ᠬᠦᠭᠡᠷᠦᠬᠦᠢ᠃ | ᠬᠠᠳᠠᠨ ᠤ ᠪᠠᠨ ᠵᠠᠬ᠎ᠠ ᠳᠤ ᠭᠠᠯᠠᠭᠤ ᠬᠦᠭᠡᠷᠤᠬᠦᠢ᠂ | ᠬᠠᠶᠢᠷᠠᠳᠤ ᠠᠴᠠ ᠪᠠᠨ ᠰᠠᠯᠤᠠᠠᠰᠠᠨ ᠪᠢᠳᠠ ᠬᠦᠭᠡᠷᠤᠬᠦᠢ᠃ | ︵ᠪᠠᠰᠠ᠄ ᠬᠠᠳᠠᠨ ᠠᠴᠠ ᠪᠠᠨ ᠰᠠᠯᠤᠭᠰᠠᠨ ᠬᠠᠷᠴᠠᠭᠠᠢ ᠬᠦᠭᠡᠷᠦᠬᠦᠢ᠂ | ᠬᠠᠶᠢᠷᠠᠳᠤ ᠠᠴᠠ ᠪᠠᠨ ᠰᠠᠯᠤᠭᠰᠠᠨ ᠪᠢᠳᠠ ᠬᠦᠭᠡᠷᠦᠬᠦᠢ᠃︶ | ᠬᠠᠳᠠᠨ ᠤ ᠵᠠᠬ᠎ᠠ ᠳᠤ ᠭᠠᠯᠠᠭᠤ ᠬᠦᠭᠡᠷᠤᠬᠦᠢ᠂ | ᠬᠠᠭᠠᠴᠠᠵᠤ ᠶᠠᠪᠤᠬᠤ ᠳᠤ ᠪᠠᠨ ᠪᠢᠳᠠ ᠬᠦᠭᠡᠷᠤᠬᠦᠢ᠃ | ᠬᠤᠨᠢᠨ ᠠᠴᠠ ᠰᠠᠯᠤᠠᠠᠰᠠᠨ ᠬᠤᠷᠠᠭ᠎ᠠ ᠬᠦᠭᠡᠷᠤᠬᠦᠢ᠂ | ᠬᠤᠩᠭᠤᠷ ᠠᠴᠠ ᠪᠠᠨ ᠰᠠᠯᠤᠠᠠᠰᠠᠨ ᠴᠢ ᠮᠢᠨᠢ ᠬᠦᠭᠡᠷᠤᠬᠦᠢ᠃ | ᠮᠤᠷᠢᠨ ᠤ ᠳᠤᠳᠤᠷ᠎ᠠ ᠠᠴᠠ ᠤᠨᠠᠭ᠎ᠠ ᠨᠢ ᠬᠦᠭᠡᠷᠤᠬᠦᠢ᠂ | ᠮᠤᠩᠭᠤᠯ ᠤᠨ ᠳᠤᠳᠤᠷ᠎ᠠ ᠠᠴᠠ ᠪᠢᠳᠠ ᠬᠦᠭᠡᠷᠤᠬᠦᠢ᠃ | ᠳᠠᠯ᠎ᠠ ᠳᠤ ᠪᠠᠨ ᠤᠷᠭᠤᠠᠠᠰᠠᠨ ᠳᠠᠷᠢᠶ᠎ᠠ ᠬᠦᠭᠡᠷᠤᠬᠦᠢ᠂ | ᠳᠠᠨᠢᠯᠴᠠᠵᠤ ᠬᠠᠨᠢᠯᠬᠠᠰᠠᠨ ᠴᠢ ᠮᠢᠨᠢ ᠬᠦᠭᠡᠷᠤᠬᠦᠢ᠃ | ᠲᠡᠮᠡᠭᠡᠨ ᠤ ᠳᠤᠳᠤᠷ᠎ᠠ ᠠᠴᠠ ᠪᠤᠳᠤᠭᠤ ᠬᠦᠭᠡᠷᠤᠬᠦᠢ᠂ | ᠲᠦᠮᠡᠨ ᠠᠴᠠ ᠪᠠᠨ ᠰᠠᠯᠤᠠᠠᠰᠠᠨ ᠪᠢᠳᠠ ᠬᠦᠭᠡᠷᠤᠬᠦᠢ᠃ | ᠵᠠᠮᠬᠠᠳᠤ ᠨᠠᠭᠤᠷ ᠲᠤ ᠵᠢᠭᠠᠰᠤ ᠬᠦᠭᠡᠷᠤᠬᠦᠢ᠂ | ᠵᠢᠭᠠᠬᠠᠨ ᠠᠴᠠ ᠪᠠᠨ ᠰᠠᠯᠤᠠᠠᠰᠠᠨ ᠪᠢᠳᠠ ᠬᠦᠭᠡᠷᠤᠬᠦᠢ᠃ | ᠠᠯᠠᠭ ︵ᠶᠤ᠋︶ ᠨᠦᠬᠦᠷ ᠪᠡᠶᠢᠬᠤ ᠪᠤᠯᠪᠠᠴᠤ᠂ | ᠬᠦᠮᠤᠨ ᠤ ︵ᠶᠤ᠋︶ ᠭᠠᠵᠠᠷ ᠤᠨ ᠨᠦᠬᠦᠷ ᠪᠡᠶᠢᠨ᠎ᠡ ᠰᠢᠤ ᠳ᠋ᠤᠤ᠃ | ᠠᠷᠤ ᠶᠢᠨ ᠰᠢᠯᠢ ᠪᠠᠷ ᠠᠷᠢᠭᠤᠨ ᠬᠤᠷ᠎ᠠ ᠪᠡᠶᠢᠨ᠎ᠡ᠂ | ᠠᠳᠤᠭᠤ ᠮᠠᠯ ᠴᠢᠨᠢ ᠠᠷᠪᠢᠨ ᠵᠤᠵᠠᠭᠠᠨ ᠪᠡᠶᠢᠨ᠎ᠡ᠃ | ᠠᠷᠪᠠᠨ ᠯᠠᠩ ᠤᠨ ᠠᠯᠳᠠ ᠪᠠᠭᠤᠤ ᠴᠢᠨᠢ᠂ | ᠠᠮᠪᠠᠨ ︵ᠶᠤ᠋︶ ᠨᠤᠶᠠᠨ ᠤ ᠭᠠᠷ ᠤᠨ ᠴᠠᠷᠪᠠᠭᠠᠤᠨ ᠳᠤ᠃ | ᠬᠤᠷᠢᠨ ᠯᠠᠩ ᠤᠨ ᠬᠤᠶᠠᠷ ᠪᠠᠭᠤᠤ ᠴᠢᠨᠢ᠂ | ᠬᠤᠩᠭᠤᠷ ᠠᠯᠠᠭ ᠤᠨ ᠭᠠᠷ ᠤᠨ ᠴᠠᠷᠪᠠᠭᠤᠨ ᠳᠤ᠃ | ᠦᠠᠳᠤᠷ ᠮᠠᠩᠬᠠᠨ ᠲᠡᠭᠡᠷ᠎ᠡ ᠤᠨᠢᠶᠠᠷ ᠬᠦᠲᠡᠩ ᠪᠡᠶᠢᠨ᠎ᠡ᠂ | ᠦᠨᠢᠷ ᠰᠦᠷᠦᠭ ᠮᠢᠨᠢ ᠦᠩᠰᠡᠭ ᠳᠠᠷᠭᠤᠲᠡᠢ ᠪᠡᠶᠢᠨ᠎ᠡ᠃ | ᠦᠠᠳᠤᠷ ᠮᠤᠳᠤᠨ ᠤ ᠦᠠᠳᠤᠰᠤ ᠨᠢ ᠤᠯᠠᠨ ᠪᠡᠶᠢᠨ᠎ᠡ᠂ | ᠦᠨᠡᠷᠭᠡᠵᠤ ᠬᠠᠨᠢᠯᠠᠭᠰᠠᠳ ᠤᠨ ᠦᠭᠡ ᠨᠢ ᠦᠭᠡᠷ᠎ᠡ ᠪᠡᠶᠢᠨ᠎ᠡ᠃ | ᠨᠤᠷ᠎ᠠ ᠰᠢᠯᠢ ᠨᠢ ᠦᠠᠳᠤᠷ ᠪᠡᠶᠢᠨ᠎ᠡ ᠰᠢᠤ᠂ | ᠨᠤᠳᠤᠭ ᠤᠨ ᠬᠤᠯᠨ ᠠᠴᠠ ᠪᠠᠨ ᠬᠦᠷᠤᠭᠡᠤᠨ ᠢᠷᠡᠯ᠎ᠡ᠃ | ᠪᠢ ︵ᠴᠤ︶ ᠴᠢᠮ᠎ᠠ ᠶᠢ ᠵᠢᠭᠲᠡᠢ ᠰᠠᠨᠠᠯ᠎ᠠ᠂ | ᠪᠡᠶ᠎ᠡ ᠶᠢᠨ ᠳᠤᠮᠤᠭ᠎ᠠ ᠠᠯᠳᠠᠷᠠᠵᠤ ᠢᠷᠡᠭᠡᠤᠨ ᠰᠢᠮᠰᠢᠷᠠᠨ᠎ᠠ ᠳ᠋ᠤᠤ᠃ | ᠴᠢ ︵ᠴᠤ︶ ᠨᠠᠮ᠎ᠠ ᠶᠢ ᠰᠦᠷᠡᠬᠡᠢ ᠰᠠᠨᠠᠪᠠ ᠤᠤ︖ | ᠴᠢᠩᠬᠢᠪᠡᠴᠤ ᠪᠠᠰᠨ ᠴᠠᠭᠠᠲᠡᠢ ᠨᠢ ᠬᠡᠳᠤ ᠬᠡᠳᠤ ᠪᠡᠢ ᠯᠨ ᠦᠭᠡᠢ᠃ | ᠬᠠᠨᠢᠯᠬᠠᠰᠠᠨ ᠨᠦᠬᠦᠷ ᠮᠢᠨᠢ ᠠᠭᠠᠰᠢ ᠮᠠᠭᠤᠲᠡᠢ ᠳ᠋ᠤᠤ᠂ | ᠬᠠᠷᠢᠨ ᠶᠡᠷᠤ ᠳᠤ ᠪᠠᠨ ᠲᠡᠭᠦᠨ ᠠᠴᠠ ᠪᠠᠨ ᠰᠠᠯᠤᠶ᠎ᠠ ᠭᠡᠰᠡᠨ ᠶᠤᠮ ᠳ᠋ᠤᠤ᠃ | ᠰᠠᠭᠤᠠᠠᠰᠠᠨ ᠡᠬᠡᠨᠡᠷ ᠮᠢᠨᠢ ᠰᠦᠷᠡᠬᠡᠢ ᠵᠠᠩᠲᠡᠢ ᠶᠤᠮ ᠡ᠂ | ᠰᠡᠭᠦᠯᠡᠷ ᠶᠡᠷᠤ ᠳᠤ ᠪᠠᠨ ᠲᠡᠭᠦᠨ ᠠᠴᠠ ᠪᠠᠨ ᠰᠠᠯᠤᠶ᠎ᠠ ᠭᠡᠰᠡᠨ ᠶᠤᠮ ᠳ᠋ᠤᠤ᠃ | ᠬᠤᠶᠠᠷ ᠬᠡᠯᠡᠭᠰᠡᠨ ᠦᠭᠡᠨ ᠳᠤᠳᠤᠷ᠎ᠠ᠂ | ᠬᠤᠶᠠᠷ ᠲᠡᠶᠢᠰᠢ ᠬᠠᠨᠳᠤᠵᠤ ᠪᠡᠶᠢᠨ᠎ᠡ᠃ | ᠬᠤᠶᠠᠷ ᠵᠠᠭᠤᠨ ᠭᠤᠷᠪᠡᠨ ᠵᠠᠭᠤᠨ ᠬᠤᠨᠢ ᠢᠮᠠᠭ᠎ᠠ ᠪᠡᠶᠢᠨ᠎ᠡ᠂ | ᠬᠤᠶᠢᠳᠤ ᠰᠢᠯᠢ ᠳᠤ ᠪᠠᠨ ᠲᠦᠭᠦᠷᠡᠩ ᠪᠡᠯᠴᠢᠵᠤ ᠪᠡᠶᠢᠨ᠎ᠡ᠃ | ᠬᠤᠮᠨ ︵ᠶᠤ᠋︶ ᠬᠤᠸᠠᠩᠵᠡᠢ ᠶᠢᠨ ᠨᠠᠪᠴᠢ ᠨᠢ ᠰᠢᠷᠠᠯᠠᠵᠤ ᠪᠡᠶᠢᠨ᠎ᠡ᠂ | ᠬᠠᠭᠤᠴᠢᠨ ︵ᠶᠤ᠋︶ ᠨᠦᠬᠦᠷ ᠤᠨ ᠡᠯᠢᠭᠡ ᠨᠢ ᠰᠢᠷᠠᠯᠠᠵᠤ ᠪᠡᠶᠢᠨ᠎ᠡ᠃ | ᠬᠤᠯᠤᠰᠤᠳᠤ ᠨᠠᠭᠤᠷ ᠤᠨ ᠬᠤᠨᠴᠢᠨ ᠨᠢ ᠬᠠᠷᠢᠬᠤ ᠶᠤᠮ ᠪᠡᠶᠢᠨ᠎ᠠ᠂ | ᠬᠠᠭᠤᠴᠢᠨ ᠬᠤᠩᠭᠤᠷ ᠤᠨ ᠡᠯᠢᠭᠡ ᠨᠢ ᠰᠢᠷᠠᠯᠠᠵᠤ ᠪᠡᠶᠢᠨ᠎ᠡ᠃ | ᠭᠦᠰᠡᠵᠤ ᠢᠷᠡᠭᠰᠡᠨ ᠭᠤᠷᠪᠡᠨ ᠵᠠᠭᠤᠨ ᠴᠡᠷᠢᠭ ᠪᠡᠶᠢᠨ᠎ᠡ᠂ | ᠭᠤᠷᠪᠡᠨ ᠵᠢᠯ ᠬᠦᠢᠴᠡᠭᠰᠡᠨ ᠦᠭᠡᠢ ᠬᠠᠷᠢᠨ ᠪᠡᠶᠢᠨ᠎ᠡ ᠰᠢᠤ ᠳ᠋ᠤᠤ᠃ | ᠮᠤᠨᠢ ᠶᠢᠨ ᠠᠭᠤᠯᠨ ᠨᠢ ᠮᠤᠳᠤ ᠪᠠᠷ ᠲᠦᠭᠦᠷᠡᠩ ᠪᠡᠶᠢᠨ᠎ᠡ᠂ | ᠮᠤᠷᠤᠢ ᠪᠤᠯᠠᠭ ᠨᠢ ᠤᠰᠤ ᠪᠠᠷ ᠲᠦᠭᠦᠷᠡᠩ ᠪᠡᠶᠢᠨ᠎ᠡ᠃ | ᠲᠡᠷᠡ ᠠᠴᠠ ᠲᠡᠭᠡᠭᠦᠷ ᠲᠡᠷᠡᠰᠤ ᠬᠤᠯᠤᠰᠤ ᠪᠡᠶᠢᠨ᠎ᠡ᠂ | ᠲᠡᠯᠡᠬᠡᠢ ᠪᠠᠷ ᠲᠦᠭᠦᠷᠡᠩ ᠨᠦᠬᠦᠷ ᠰᠠᠳᠤᠨ ᠪᠡᠶᠢᠨ᠎ᠡ᠃ | ᠳᠤᠳᠤᠷ᠎ᠠ ᠭᠠᠵᠠᠷ ᠠᠴᠠ ᠬᠦᠷᠤᠭᠡᠤᠨ ᠢᠷᠡᠭᠰᠡᠨ ᠶᠤᠮ ᠡ᠂ | ᠳᠤᠳᠤᠷ᠎ᠠ ︵ᠶᠤ᠋︶ ᠰᠡᠤᠠᠬᠢᠯ ᠢ ᠨᠢ ᠳᠤᠠᠠᠳᠤᠯᠭᠠᠵᠤ ᠪᠡᠶᠢᠨ᠎ᠡ᠃ | ᠵᠡᠭᠦᠠᠲᠡᠢ ᠵᠦᠭ ᠲᠤ ᠵᠢᠬᠢᠷᠡᠲᠡᠭ ᠵᠦᠯᠭᠡᠨ ᠴᠡᠴᠡᠭ ᠪᠡᠶᠢᠨ᠎ᠡ᠂ | ᠵᠡᠭᠦᠨ ︵ᠴᠤ︶ ᠵᠦᠭ ᠠᠴᠠ ᠢᠷᠡᠲᠡᠭ ᠵᠢᠷᠤᠬᠡᠨ ᠠᠯᠠᠭ ᠰᠢᠤ᠃ | ᠤᠷᠳᠤ ᠰᠢᠯᠢ ᠲᠡᠭᠡᠷ᠎ᠡ ᠪᠠᠨ ᠭᠠᠷᠤᠨ ᠬᠠᠷᠠᠬᠤᠯ᠎ᠠ᠂ | ᠤᠷᠳᠤᠰ ᠮᠠᠨ ᠤ ᠪᠤᠷᠤᠳᠤᠬᠤᠢ ᠤᠶᠢᠷᠠᠬᠠᠨ ᠬᠠᠷᠬᠠᠳᠠᠨ᠎ᠠ᠃ | ᠤᠷᠢᠳᠤ ᠶᠢᠨ ᠬᠠᠨᠢᠯᠬᠠᠰᠠᠨ ᠢᠶᠠᠨ ᠪᠤᠳᠤᠨ ᠰᠠᠨᠠᠬᠤᠯ᠎ᠠ᠂ | ᠠᠭᠤᠰᠬᠢ ᠵᠢᠷᠤᠬᠡᠨ ᠳᠤᠳᠤᠷ᠎ᠠ ᠮᠢᠨᠢ ᠰᠢᠮᠰᠢᠷᠠᠨ᠎ᠠ ᠳ᠋ᠤᠤ᠃ | ᠪᠠᠷᠠᠭᠤᠨ ᠲᠡᠭᠡᠷ᠎ᠡ ᠪᠠᠨ ᠭᠠᠷᠤᠨ ᠬᠠᠷᠠᠬᠤᠯ᠎ᠠ᠂ | ᠪᠠᠯᠠᠷ ᠮᠠᠩᠬ᠎ᠠ ᠪᠠᠯᠭᠠᠰᠤᠨ ᠴᠡᠶᠢᠳᠠᠮ ᠤᠶᠢᠷᠠᠬᠠᠨ ᠪᠡᠶᠢᠨ᠎ᠡ ᠰᠢᠤ ᠳ᠋ᠤᠤ᠃ | ᠪᠠᠭ᠎ᠠ ᠶᠢᠨ ᠶᠠᠪᠤᠠᠠᠰᠠᠨ ᠢᠶᠠᠨ ᠪᠤᠳᠤᠨ ᠰᠠᠨᠠᠬᠤᠯ᠎ᠠ᠂ | ᠪᠠᠭ᠎ᠠ ᠶᠢᠨ ᠮᠢᠨᠢ ᠴᠡᠭᠡᠵᠢᠨ ᠳᠤᠳᠤᠷ᠎ᠠ ᠰᠢᠮᠰᠢᠷᠠᠨ᠎ᠠ ᠳ᠋ᠤᠤ᠃ | ᠬᠤᠶᠢᠳᠤ ᠲᠡᠭᠡᠷ᠎ᠡ ᠪᠠᠨ ᠭᠠᠷᠤᠨ ᠬᠠᠷᠠᠬᠤᠯ᠎ᠠ᠂ | ᠬᠤᠯᠪᠤᠯᠵᠬᠠᠰᠠᠨ ᠬᠤᠶᠠᠷ ᠪᠤᠠᠠᠳᠠ ᠤᠶᠢᠷᠠᠬᠠᠨ ᠪᠡᠶᠢᠨ᠎ᠡ ᠰᠢᠤ ᠳ᠋ᠤᠤ᠃ | ᠬᠤᠩᠭᠤᠷ ︵ᠶᠤ᠋︶ ᠴᠢᠮ᠎ᠠ ᠶᠢ ᠪᠠᠨ ᠪᠤᠳᠤᠨ ᠰᠠᠨᠠᠬᠤᠯ᠎ᠠ᠂ | ᠬᠤᠶᠠᠷ ︵ᠶᠤ᠋︶ ᠨᠢᠳᠤᠨ ᠠᠴᠠ ᠮᠢᠨᠢ ᠨᠢᠯᠪᠤᠰᠤ ᠮᠡᠯᠮᠡᠷᠡᠨ᠎ᠡ ᠳ᠋ᠤᠤ᠃ | ᠵᠡᠭᠦᠨ ︵ᠴᠤ︶ ᠰᠢᠯᠢ ᠲᠡᠭᠡᠷ᠎ᠡ ᠪᠠᠨ ᠭᠠᠷᠤᠨ ᠬᠠᠷᠠᠬᠤᠯ᠎ᠠ᠂ | ᠵᠢᠷᠤᠬᠡ ᠶᠢᠨ ᠤᠪᠤᠭ᠎ᠠ ᠠᠪᠠ ᠬᠠᠨ ᠰᠢᠯᠢ ᠤᠶᠢᠷᠠᠬᠠᠨ ᠬᠠᠷᠬᠠᠳᠠᠨ᠎ᠠ᠃ | ᠵᠢᠷᠤᠬᠡᠨ ᠠᠯᠠᠭ ᠢᠶᠠᠨ ᠪᠤᠳᠤᠬᠤᠯᠠᠷᠠᠨ᠂ | ᠵᠢᠷᠤᠬᠡ ᠴᠡᠭᠡᠵᠢᠨ ᠳᠤᠳᠤᠷ᠎ᠠ ᠮᠢᠨᠢ ᠰᠢᠮᠰᠢᠷᠠᠨ᠎ᠠ ᠳ᠋ᠤᠤ᠃ | ᠠᠷᠪᠠᠨ ︵ᠶᠤ᠋︶ ᠨᠡᠢᠮᠠᠲᠡᠢ ᠳᠤᠯᠭᠠᠷ ᠪᠦᠰᠡᠭᠦᠢ ᠨᠢ᠂ | ᠠᠳᠤᠭᠤᠨ ᠤ ᠪᠠᠨ ᠬᠤᠶᠢᠨ᠎ᠠ ᠠᠴᠠ ᠭᠤᠨᠵᠢᠷ ᠭᠤᠶᠢᠭᠤᠰ ᠭᠡᠨ᠎ᠡ᠃ | ᠬᠤᠷᠢᠨ ︵ᠶᠤ᠋︶ ᠳᠠᠪᠤᠲᠡᠢ ᠳᠤᠯᠭᠠᠷ ᠪᠦᠰᠡᠭᠦᠢ ᠨᠢ᠂ | ᠬᠤᠨᠢᠨ ᠤ ᠪᠠᠨ ᠬᠤᠶᠢᠨ᠎ᠠ ᠠᠴᠠ ᠭᠤᠨᠵᠢᠷ ᠭᠤᠶᠢᠭᠤᠰ ᠭᠡᠨ᠎ᠡ᠃ | ᠡᠮᠡᠭᠡᠯᠳᠤ ᠮᠤᠷᠢ ᠨᠢ ᠢᠠᠴᠠᠭᠠᠵᠤ ᠪᠡᠶᠢᠨ᠎ᠡ᠂ | ᠡᠩᠭᠦᠷᠡᠢ ᠨᠦᠬᠦᠷ ᠨᠢ ᠬᠠᠷᠢᠬᠤ ᠶᠤᠮ ᠪᠡᠶᠢᠨ᠎ᠡ᠃ | ᠬᠠᠵᠠᠭᠠᠷᠳᠤ ᠮᠤᠷᠢ ᠨᠢ ᠬᠠᠩᠭᠢᠨᠠᠵᠤ ᠪᠡᠶᠢᠨ᠎ᠡ᠂ | ᠬᠠᠭᠤᠴᠢᠨ ᠬᠤᠩᠭᠤᠷ ᠨᠢ ᠪᠤᠴᠠᠬᠤ ᠶᠤᠮ ᠪᠡᠶᠢᠨ᠎ᠡ᠃ | ᠤᠷᠳᠤᠰ ᠪᠤᠷᠤ ᠳᠤᠬᠤᠢ ᠳᠤ ᠮᠤᠷᠳᠠᠯ᠎ᠠ ᠳ᠋ᠤᠤ᠂ | ᠤᠷᠤᠭᠤ ᠴᠢᠷᠡᠶᠢᠲᠡᠢ ᠲᠡᠶᠢᠰᠤᠨ ᠯᠤᠭ᠎ᠠ ᠤᠴᠠᠷᠠᠯ᠎ᠠ ᠳ᠋ᠤᠤ᠃ | ᠤᠷᠳᠤᠰ ᠪᠤᠷᠤ ᠳᠤᠬᠤᠢ ᠳᠤ ᠬᠦᠴᠤ ᠪᠠᠨ ᠡᠷᠭᠦᠯ᠎ᠡ ᠳ᠋ᠤᠤ᠂ | ᠭᠤᠷᠪᠡᠨ ᠬᠤᠰᠢᠭᠤᠨ ᠳᠤ ᠲᠡᠮᠵᠢᠵᠤ ᠶᠢᠩᠨᠡᠯᠡ ᠳ᠋ᠤᠤ᠃ | ᠭᠤᠷᠪᠡ ᠬᠤᠨᠤᠭ ᠲᠡᠶᠢᠯᠡᠯᠡ ᠳ᠋ᠤᠤ᠂ | ᠭᠤᠷᠪᠡᠨ ᠰᠠᠷ᠎ᠠ ᠶᠢᠨ ᠭᠠᠵᠠᠷ ᠵᠡᠶᠢᠯᠠᠭᠤᠯᠤᠯᠠ ᠳ᠋ᠤᠤ᠃ | ᠭᠤᠷᠪᠡᠨ ᠵᠢᠯ ︵ᠴᠤ︶ ᠪᠤᠯᠤᠠᠠᠰᠠᠨ ᠦᠭᠡᠢ᠂ | ᠡᠷᠭᠢᠵᠤ ᠪᠤᠴᠠᠵᠤ ᠬᠠᠷᠢᠨ᠎ᠠ ᠤᠤ ᠳ᠋ᠤᠤ᠃ | | ① ᠲᠤᠰ ᠲᠠᠭᠤᠤ ᠶᠢᠨ ᠦᠭᠡᠷ᠎ᠠ ᠨᠠᠷᠠ ᠨᠢ ︽ᠠᠷᠤ ᠰᠢᠯᠢ︾Ⅱ ᠭᠡᠳᠡᠭ᠃ | ︽ᠲᠡᠬᠦᠳᠡᠭᠡᠷ ᠮᠤᠳᠤ︾ ᠪᠤᠯᠤᠨ ᠲᠡᠬᠦᠨ ᠤ ᠵᠤᠬᠢᠶᠠᠭᠴᠢ ᠶᠢᠨ ᠲᠤᠬᠠᠢ | ᠵᠤᠬᠢᠶᠠᠭᠴᠢ᠄ ᠰᠠᠷᠠᠩᠨᠤᠷᠪᠤ᠂ ᠲᠢᠸ᠋ᠨ | ᠵᠤᠬᠢᠶᠠᠭᠳᠠᠭᠰᠠᠨ ᠴᠠᠭ᠄ ᠲᠡᠭᠡᠷ᠎ᠠ ᠵᠠᠭᠤᠨ ᠤ ᠲᠦᠴᠢᠭᠡᠳ ᠤᠨ | ᠵᠤᠬᠢᠶᠠᠭᠳᠠᠭᠰᠠᠨ ᠭᠠᠵᠠᠷ᠄ ᠤᠳᠤᠭ ᠤᠨ ᠡᠮᠦᠨᠡᠳᠤ ᠬᠤᠰᠢᠭᠤᠨ ᠤ ᠵᠤᠤᠬ᠎ᠠ ᠰᠤᠮᠤᠨ ᠤ ᠪᠠᠶᠠᠠᠰᠢᠪᠠᠷ ᠭᠠᠴᠠᠭᠠᠨ ᠤ ᠪᠤᠷᠤ① ᠶᠢᠨ ᠭᠡᠷ ᠲᠡᠭᠡᠷ᠎ᠠ᠃ | ᠵᠤᠬᠢᠶᠠᠭᠳᠠᠭᠰᠠᠨ ᠤᠷᠴᠢᠨ ᠠᠬᠤᠢ ᠪᠠᠶᠢᠳᠠᠯ᠄ ᠲᠤᠬᠠᠢ ᠶᠢᠨ ᠴᠠᠭ ᠲᠤ ᠵᠤᠤᠬ᠎ᠠ ᠶᠢᠨ ᠰᠠᠷᠠᠩᠨᠤᠷᠪᠤ ᠪᠤᠯᠤᠨ ᠵᠢᠷᠨ ᠶᠢᠨ ᠲᠢᠸ᠋ᠨ ᠬᠤᠶᠠᠷ ᠪᠤᠯ ᠠᠷᠠᠯ ᠤᠨ ᠯᠠᠮᠨ | ᠵᠠᠮᠶᠠᠩᠰᠢᠷᠠᠪ — ᠬᠢᠳᠠᠳ ᠨᠠᠷᠠ ᠵᠠᠩ ᠸᠧᠨ ᠰᠢᠤᠸᠠᠨ ︵章文轩︶ ᠤ ᠰᠢᠳᠠᠷ ᠲᠠᠭᠠᠯ ᠪᠠᠶᠢᠵᠠᠢ᠃ ᠭᠡᠨᠡᠳᠳᠠ ᠨᠢᠭᠡᠨ ᠡᠳᠤᠷ ᠠᠷᠠᠯ ᠤᠨ ᠯᠠᠮᠨ ᠶᠢᠨ ᠱᠠᠩ | ᠳᠤ ᠪᠠᠶᠢᠭᠰᠠᠨ ᠨᠢᠭᠡ ᠪᠦᠯᠦᠭ ᠮᠦᠩᠭᠦ ᠨᠢ ᠬᠤᠯᠠᠭᠠᠶᠢᠯᠠᠭᠳᠠᠵᠠᠢ᠃ ᠢᠩᠬᠢᠭᠡᠳ ᠵᠢᠩᠬᠢᠨᠢ ᠬᠤᠯᠠᠭᠠᠶᠢᠴᠢ ᠨᠢ ᠪᠠᠷᠢᠭᠳᠠᠭᠰᠠᠨ ᠦᠭᠡᠢ ᠲᠤᠯᠨ ᠲᠤᠰ ᠬᠤᠶᠠᠷ ᠬᠦᠮᠦᠨ ᠢ | ᠰᠡᠵᠢᠭᠯᠡᠨ ᠬᠦᠵᠢᠷ ᠬᠢᠯᠢᠰ ᠢᠶᠠᠷ ︽ᠨᠠᠶᠠᠨ ᠵᠢᠩ︾② ᠳᠤ ᠬᠠᠳᠠᠭᠠᠳ ᠬᠠᠷᠢᠶ᠎ᠠ ᠰᠤᠮᠤᠨ ᠤ ᠠᠶᠢᠯ ᠡᠷᠦᠭᠡ ᠲᠤᠭᠤᠷᠢᠭᠤᠯᠤᠨ ᠭᠡᠷᠡᠬᠦᠯᠬᠦ ᠰᠢᠢᠳᠭᠡᠯ ᠦᠭᠴᠤ ᠭᠡᠨ᠎ᠠ᠂ | ᠲᠡᠭᠡᠭᠡᠳ ᠡᠨᠡ ᠬᠤᠶᠠᠷ ᠬᠦᠮᠦᠨ ᠨᠠᠶᠠᠨ ᠵᠢᠩ ᠢᠶᠠᠨ ᠡᠬᠦᠷᠦᠭᠡᠳ ᠪᠤᠷᠤ ᠶᠢᠨ ᠭᠡᠷ ᠲᠤ ᠰᠠᠭᠤᠵᠦ ᠪᠠᠶᠢᠬᠤ ᠳᠤ ᠪᠠᠨ ᠰᠠᠨᠠᠭ᠎ᠠ ᠵᠤᠪᠠᠵᠦ ᠰᠠᠳᠬᠢᠯ ᠡᠮᠭᠡᠨᠢᠬᠦ ᠳᠤ ᠪᠠᠨ | ᠰᠠᠷᠠᠩᠨᠤᠷᠪᠤ ᠨᠢ ᠵᠤᠬᠢᠶᠠᠵᠦ ᠬᠤᠶᠠᠭᠤᠯᠨ ᠪᠠᠨ ᠲᠠᠭᠤᠯᠠᠵᠠᠢ᠃ | ᠲᠠᠭᠤᠤ ᠶᠢᠨ ᠨᠠᠷᠠ ᠨᠢ ︽ᠲᠡᠬᠦᠳᠡᠭᠡᠷ ᠮᠤᠳᠤ︾᠃ | ᠲᠠᠭᠤᠤ ᠶᠢᠨ ᠤᠤᠯ ᠰᠢᠯᠦᠭ ᠨᠢ | ᠲᠡᠬᠦᠳᠡᠭᠡᠷ ᠮᠤᠳᠤᠨ ᠲᠡᠭᠡᠷ᠎ᠠ ᠲᠦᠬᠦᠷᠠᠩ ᠰᠢᠪᠠᠭᠤᠬᠠᠢ᠂ | ᠲᠡᠬᠦᠦ ᠨᠢ ︵ᠶᠤ᠋︶ ᠭᠡᠤᠭᠡᠳ ᠲᠤ ᠪᠠᠨ ᠭᠡᠯᠡᠵᠦ ᠦᠭᠬᠦᠶ᠎ᠠ︕ | ᠰᠠᠭᠯᠠᠭᠠᠷ ᠮᠤᠳᠤᠨ ᠲᠡᠭᠡᠷ᠎ᠠ ᠱᠠᠭᠠᠵᠠᠭᠠᠢ ᠰᠢᠪᠠᠭᠤᠬᠠᠢ᠂ | ᠰᠠᠳᠤᠨ ︵ᠶᠤ᠋︶ ᠲᠦᠷᠦᠯ ᠳᠤ ᠪᠠᠨ ᠭᠡᠯᠡᠵᠦ ᠦᠭᠬᠦᠶ᠎ᠠ ᠳ᠋ᠤᠤ︕ | ᠲᠦᠷᠦ ᠶᠢᠨ ᠲᠡᠭᠡᠳᠤ ᠠᠯᠳᠠᠨ ᠶᠠᠮᠤ ᠪᠠᠶᠢᠨ᠎ᠠ᠂ | ᠲᠦᠷᠦ ᠶᠢᠨ ᠵᠠᠩᠬᠢᠶ᠎ᠠ ᠲᠡᠮᠤᠷ ᠬᠢᠨᠵᠢ ᠱᠠᠩᠨᠠᠨ ᠬᠠᠶᠢᠷᠠᠯᠠᠯ᠎ᠠ︕ | ᠲᠦᠬᠦᠭᠡᠢ ︵ᠶᠤ᠋︶ ᠶᠠᠪᠤᠭᠰᠠᠨ ᠪᠢᠳᠠ ᠬᠤᠶᠠᠭᠤᠯᠨ ᠪᠠᠷ ᠢᠶᠠᠨ᠂ | ᠲᠡᠷᠢᠬᠦᠨ ᠵᠡᠷᠭᠡ ᠪᠠᠷ ᠬᠢᠯᠢᠰᠳᠡᠭᠰᠡᠨ ᠤᠴᠢᠷ ᠰᠢᠤ᠃ | ᠪᠠᠷᠠᠭᠤᠨ ᠲᠡᠭᠡᠷ᠎ᠠ ᠪᠠᠨ ᠭᠠᠷᠤᠨ ᠬᠠᠷᠠᠬᠤᠯ᠎ᠠ᠂ | ᠪᠠᠯᠠᠷ ᠮᠠᠩᠬ᠎ᠠ ᠪᠠᠯᠭᠠᠰᠤᠨ ᠴᠠᠶᠢᠳᠠᠮ ᠤᠶᠢᠷᠠᠬᠠᠨ ᠪᠠᠶᠢᠨ᠎ᠠ ᠰᠢᠤ ᠳ᠋ᠤᠤ︕ | ᠪᠠᠭ᠎ᠠ ᠶᠢᠨ ᠢᠶᠠᠨ ᠶᠠᠪᠤᠭᠰᠠᠨ ᠢᠶᠠᠨ ᠪᠤᠳᠤᠨ ᠰᠠᠨᠠᠬᠤᠯ᠎ᠠ᠂ | ᠪᠠᠭ᠎ᠠ ᠶᠢᠨ ᠮᠢᠨᠢ ᠴᠡᠭᠡᠵᠢᠨ ᠲᠤᠳᠤᠷ᠎ᠠ ᠰᠢᠮᠰᠢᠷᠠᠨ᠎ᠠ ᠳ᠋ᠤᠤ᠃ | ᠬᠤᠶᠢᠳᠤ ᠲᠡᠭᠡᠷ᠎ᠠ ᠪᠠᠨ ᠭᠠᠷᠤᠨ ᠬᠠᠷᠠᠬᠤᠯ᠎ᠠ᠂ | ᠬᠤᠷᠠᠬᠤ ᠶᠢᠨ ᠤᠪᠤᠭ᠎ᠠ ᠬᠤᠨᠢᠨ ᠪᠡᠯᠴᠢᠭᠡᠷ ᠤᠶᠢᠷᠠᠬᠠᠨ ᠪᠠᠶᠢᠨ᠎ᠠ ᠰᠢᠤ ᠳ᠋ᠤᠤ︕ | ᠬᠤᠶᠠᠭᠤᠯᠨ ᠶᠢᠨ ᠶᠠᠪᠤᠭᠰᠠᠨ ᠢᠶᠠᠨ ᠪᠤᠳᠤᠨ ᠰᠠᠨᠠᠬᠤᠯ᠎ᠠ᠂ | ᠬᠤᠶᠠᠷ ︵ᠶᠤ᠋︶ ᠨᠢᠳᠤᠨ ᠠᠴᠠ ᠮᠢᠨᠢ ᠨᠢᠯᠪᠤᠰᠤ ᠮᠠᠯᠮᠠᠷᠠᠨ᠎ᠠ᠃ | ᠵᠡᠬᠦᠨ ︵ᠴᠦ︶ ᠲᠡᠭᠡᠷ᠎ᠠ ᠪᠠᠨ ᠭᠠᠷᠤᠨ ᠬᠠᠷᠠᠬᠤᠯ᠎ᠠ᠂ | ᠵᠢᠷᠦᠭᠡ ᠶᠢᠨ ᠤᠪᠤᠭ᠎ᠠ ᠵᠦᠯᠭᠡᠨ ᠴᠠᠶᠢᠳᠠᠮ ᠤᠶᠢᠷᠠᠬᠠᠨ ᠪᠠᠶᠢᠨ᠎ᠠ ᠰᠢᠤ ᠳ᠋ᠤᠤ︕ | ᠵᠢᠷᠦᠭᠡᠨ ᠠᠯᠠᠭ ᠢᠶᠠᠨ ᠪᠤᠳᠤᠨ ᠰᠠᠨᠠᠬᠤᠯ᠎ᠠ᠂ | ᠵᠢᠷᠦᠭᠡ ︵ᠶᠤ᠋︶ ᠴᠡᠭᠡᠵᠢᠨ ᠠᠴᠠ ᠮᠢᠨᠢ ᠰᠢᠮᠰᠢᠷᠠᠨ᠎ᠠ ᠳ᠋ᠤᠤ᠃ | ᠤᠷᠳᠤ ᠲᠡᠭᠡᠷ᠎ᠠ ᠪᠠᠨ ᠭᠠᠷᠤᠨ ᠬᠠᠷᠠᠬᠤᠯ᠎ᠠ᠂ | ᠦᠦᠰᠢᠨ ᠪᠠᠯᠠᠷ ᠦᠠᠳᠤᠷ ᠮᠠᠩᠬ᠎ᠠ ᠤᠶᠢᠷᠠᠬᠠᠨ ᠪᠠᠶᠢᠨ᠎ᠠ ᠰᠢᠤ ᠳ᠋ᠤᠤ︕ | ᠦᠪᠡᠷ ᠤᠨ ᠢᠶᠠᠨ ᠶᠠᠪᠤᠭᠰᠠᠨ ᠢᠶᠠᠨ ᠪᠤᠳᠤᠬᠤᠯᠠᠷ᠂ | ᠦᠷᠦ ︵ᠶᠤ᠋︶ ᠵᠢᠷᠦᠭᠡᠨ ᠠᠴᠠ ᠮᠢᠨᠢ ᠤᠶᠠᠷᠠᠨ᠎ᠠ ᠳ᠋ᠤᠤ︕ | ᠠᠯᠢ ︵ᠶᠤ᠋︶ ᠴᠢᠬᠢ ᠮᠢᠨᠢ ᠬᠠᠩᠬᠢᠨᠠᠭᠰᠠᠨ ᠶᠤᠮ ᠳ᠋ᠤᠤ᠂ | ᠠᠬᠢ ᠪᠤᠭᠤᠷᠤᠯ ᠡᠵᠢ ᠮᠢᠨᠢ ᠲᠤᠷᠠᠰᠴᠦ ᠪᠠᠶᠢᠬᠤ ᠶᠠ︕ | ᠠᠪᠤᠭᠰᠠᠨ ᠡᠮ᠎ᠠ ᠮᠢᠨᠢ ᠡᠷᠡᠰ ᠵᠠᠩᠳᠠᠢ ᠶᠤᠮ᠂ | ᠠᠶᠢᠮᠠᠭ ᠬᠠᠵᠠᠭᠤ ᠤᠯᠠᠨ ᠲᠠᠶᠠᠭᠠᠷ ᠴᠤᠭ ᠢᠶᠠᠷ ᠮᠠᠳᠠᠨ᠎ᠠ᠃ | ᠪᠢ ︵ᠴᠤ︶ ᠴᠢᠮ᠎ᠠ ᠶᠢ ᠪᠠᠨ ᠰᠦᠷᠡᠭᠡᠢ ᠰᠠᠨᠠᠯ᠎ᠠ ᠳ᠋ᠤᠤ᠂ | ᠪᠠᠶ᠎ᠠ ᠶᠢᠨ ᠲᠡᠮᠢᠷ ᠠᠯᠳᠠᠷᠠᠵᠦ ᠰᠢᠮᠰᠢᠷᠠᠯᠠ ᠳ᠋ᠤᠤ︕ | ᠴᠢ ︵ᠶᠤ᠋︶ ᠨᠠᠮ᠎ᠠ ᠶᠢ ᠪᠠᠨ ᠵᠢᠭᠳᠡᠢ ᠰᠠᠨᠠᠪᠠ ᠤᠤ ᠳ᠋ᠤᠤ︕ | ᠴᠢᠩᠬᠢᠪᠠᠴᠤ ᠪᠠᠰᠠ ᠴᠠᠭᠠᠳᠠᠢ ᠨᠢ ᠭᠡᠳᠤ ᠪᠠᠢ ᠯᠠ ᠦᠭᠡᠢ ᠳ᠋ᠤᠤ᠃ | ᠬᠤᠵᠢᠮ ᠤᠨ ᠬᠦᠮᠦᠰ ᠤᠨ ᠨᠠᠮᠠᠵᠦ ᠲᠠᠭᠤᠯᠠᠭᠰᠠᠨ ᠰᠢᠯᠦᠭ ᠤᠳ᠄ | ᠬᠤᠶᠠᠷ ᠵᠠᠭᠤ ᠭᠤᠷᠪᠠᠨ ᠵᠠᠭᠤ ᠬᠤᠨᠢ ᠢᠮᠠᠭ᠎ᠠ ᠨᠢ᠂ | ᠬᠤᠶᠢᠳᠤ ︵ᠶᠤ᠋︶ ᠰᠢᠯᠢ ᠪᠠᠷ ᠢᠶᠠᠨ ᠲᠦᠬᠦᠷᠠᠩ ᠪᠠᠯᠴᠢᠨᠠ᠃ | ᠬᠤᠷᠢᠨ ︵ᠶᠤ᠋︶ ᠲᠡᠪᠤᠳᠠᠢ ᠲᠤᠯᠭᠠᠷ ᠪᠦᠰᠡᠬᠦᠢ᠂ | ᠬᠤᠨᠢᠨ ᠤ ᠬᠤᠶᠢᠨ᠎ᠠ ᠠᠴᠠ ᠨᠢ ᠭᠤᠨᠵᠢᠷ ᠭᠤᠶᠢᠭᠤᠷ ᠭᠡᠨ᠎ᠠ᠃ | ᠠᠯᠠᠭ ︵ᠶᠤ᠋︶ ᠰᠢᠷᠭ᠎ᠠ ᠲᠠᠢ ᠠᠳᠤᠭᠤ ᠪᠠᠶᠢᠨ᠎ᠠ ᠰᠢᠤ ᠳ᠋ᠤᠤ᠂ | ᠠᠷᠤ ᠶᠢᠨ ︵ᠶᠤ᠋︶ ᠬᠠᠶᠢᠰᠠᠩ ᠢᠶᠠᠷ ᠲᠦᠬᠦᠷᠠᠩ ᠪᠠᠯᠴᠢᠨᠠ᠃ | ᠠᠷᠪᠠᠨ ︵ᠶᠤ᠋︶ ᠨᠠᠢᠮᠠᠳᠠᠢ ᠲᠤᠯᠭᠠᠷ ᠪᠦᠰᠠᠬᠦᠢ᠂ | ᠠᠳᠤᠭᠤᠨ ᠤ ᠬᠤᠶᠢᠨ᠎ᠠ ᠠᠴᠠ ᠭᠤᠨᠵᠢᠰ ᠭᠤᠶᠢᠭᠤᠰ ᠭᠡᠨ᠎ᠠ᠃ | ᠦᠠᠳᠤᠷ ᠬᠤᠯᠤᠰᠤᠨ ᠤ ᠦᠶ᠎ᠠ ᠨᠢ ᠤᠯᠠᠨ ᠪᠠᠶᠢᠨ᠎ᠠ᠂ | ᠦᠢᠯᠠᠷ ᠲᠠᠢ ᠬᠤᠶᠠᠭᠤᠯᠨ ᠶᠢᠨ ᠦᠭᠡ ᠨᠢ ᠤᠯᠠᠨ ᠪᠠᠶᠢᠨ᠎ᠠ᠃ | ᠤᠷᠢᠳᠤ ᠶᠢᠨ ᠬᠠᠨᠢᠯᠠᠭᠰᠠᠨ ᠢᠶᠠᠨ ᠪᠤᠳᠤᠨ ᠰᠠᠨᠠᠬᠤᠯ᠎ᠠ᠂ | ᠠᠭᠤᠰᠬᠢ ᠵᠢᠷᠦᠭᠡᠨ ᠲᠤᠳᠤᠷ᠎ᠠ ᠠᠴᠠ ᠰᠢᠮᠰᠢᠷᠠᠨ᠎ᠠ ᠳ᠋ᠤᠤ᠃ | ᠨᠠᠭᠤᠷ ᠤᠨ ᠵᠠᠬ᠎ᠠ ᠳᠤ ᠨᠤᠭᠤᠰᠤ ᠬᠦᠭᠡᠷᠦᠬᠦᠢ᠂ | ᠨᠤᠳᠤᠭ ᠠᠴᠠ ᠪᠠᠨ ᠰᠠᠯᠤᠭᠰᠠᠨ ᠪᠢᠳᠠ ᠬᠦᠭᠡᠷᠦᠬᠦᠢ᠃ | ᠡᠷᠬᠢᠨ ᠤ ᠵᠠᠪᠰᠠᠷ ᠲᠤ ᠡᠯᠢᠶ᠎ᠠ ᠬᠦᠭᠡᠷᠦᠬᠦᠢ᠂ | ᠡᠵᠢ ᠠᠴᠠ ᠪᠠᠨ ᠰᠠᠯᠤᠭᠰᠠᠨ ᠪᠢᠳᠠ ᠬᠦᠭᠡᠷᠦᠬᠦᠢ᠃ | ᠬᠠᠳᠤᠨ ᠤ ᠬᠦᠪᠡᠭᠡᠨ ᠳᠤ ᠭᠠᠯᠠᠭᠤ ᠬᠦᠭᠡᠷᠦᠬᠦᠢ᠂ | ᠬᠠᠭᠠᠴᠠᠵᠦ ᠰᠠᠯᠤᠭᠰᠠᠨ ᠪᠢᠳᠠ ᠬᠦᠭᠡᠷᠦᠬᠦᠢ᠃ | ᠬᠠᠳᠠᠨ ᠠᠴᠠ ᠰᠠᠯᠤᠭᠰᠠᠨ ᠬᠠᠷᠴᠠᠭᠠᠢ ᠬᠦᠭᠡᠷᠦᠬᠦᠢ᠂ | ᠬᠠᠶᠢᠷᠠᠳᠤ ᠠᠴᠠ ᠪᠠᠨ ᠰᠠᠯᠤᠭᠰᠠᠨ ᠪᠢᠳᠠ ᠬᠦᠭᠡᠷᠦᠬᠦᠢ᠃ | ᠬᠤᠨᠢᠨ ᠠᠴᠠ ᠪᠠᠨ ᠰᠠᠯᠤᠭᠰᠠᠨ ᠬᠤᠷᠠᠭ᠎ᠠ ᠬᠦᠭᠡᠷᠦᠬᠦᠢ᠂ | ᠬᠤᠩᠭᠤᠷ ᠠᠴᠠ ᠪᠠᠨ ᠰᠠᠯᠤᠭᠰᠠᠨ ᠪᠢᠳᠠ ᠬᠦᠭᠡᠷᠦᠬᠦᠢ᠃ | ᠮᠤᠷᠢᠨ ᠠᠴᠠ ᠰᠠᠯᠤᠭᠰᠠᠨ ᠤᠨᠠᠭ᠎ᠠ ᠬᠦᠭᠡᠷᠦᠬᠦᠢ᠂ | ᠮᠤᠩᠭᠤᠯ ᠤᠨ ᠲᠤᠳᠤᠷ᠎ᠠ ᠪᠢᠳᠠ ᠬᠦᠭᠡᠷᠦᠬᠦᠢ᠃ | ᠲᠡᠮᠡᠭᠡᠨ ᠤ ᠲᠤᠳᠤᠷ᠎ᠠ ᠠᠴᠠ ᠪᠤᠳᠤᠭᠤ ᠬᠦᠭᠡᠷᠦᠬᠦᠢ᠂ | ᠲᠦᠮᠠᠨ ᠤ ᠲᠤᠳᠤᠷ᠎ᠠ ᠠᠴᠠ ᠪᠢᠳᠠ ᠬᠦᠭᠡᠷᠦᠬᠦᠢ᠃ | ᠦᠭᠡᠷ ᠤᠨ ᠲᠤᠳᠤᠷ᠎ᠠ ᠠᠴᠠ ᠲᠤᠭᠤᠯ ᠬᠦᠭᠡᠷᠦᠬᠦᠢ᠂ | ᠦᠶᠠᠷᠭᠡᠵᠦ ᠰᠠᠭᠤᠭᠰᠠᠨ ᠠᠴᠠ ᠪᠢᠳᠠ ᠬᠦᠭᠡᠷᠦᠬᠦᠢ᠃ | ᠡᠮᠡᠭᠡᠯᠳᠤ ᠮᠤᠷᠢ ᠮᠢᠨᠢ ᠢᠠᠴᠠᠭᠠᠬᠤ ᠶᠤᠮ ᠳ᠋ᠤᠤ᠂ | ᠡᠩᠬᠦᠷᠠᠢ ︵ᠶᠤ᠋︶ ᠬᠦᠮᠦᠨ ᠮᠢᠨᠢ ᠰᠠᠨᠠᠭᠳᠠᠬᠤ ᠶᠤᠮ ᠳ᠋ᠤᠤ᠃ | ᠬᠠᠵᠠᠭᠠᠷᠳᠠᠢ ᠮᠤᠷᠢ ᠮᠢᠨᠢ ᠬᠠᠩᠬᠢᠨᠠᠬᠤ ᠶᠤᠮ ᠳ᠋ᠤᠤ᠂ | ᠬᠠᠶᠢᠷᠠᠳᠤ ︵ᠶᠤ᠋︶ ᠬᠦᠮᠦᠨ ᠮᠢᠨᠢ ᠪᠤᠳᠤᠭᠳᠠᠬᠤ ᠶᠤᠮ ᠳ᠋ᠤᠤ᠃ | ᠬᠤᠮᠨ ︵ᠶᠤ᠋︶ ᠬᠤᠸᠠᠩᠵᠠᠢ ᠶᠢᠨ ᠨᠠᠪᠴᠢ ᠨᠢ ᠰᠢᠷᠠᠯᠠᠵᠦ ᠪᠠᠶᠢᠨ᠎ᠠ᠂ | ᠬᠠᠭᠤᠴᠢᠨ ︵ᠶᠤ᠋︶ ᠨᠦᠬᠦᠷ ᠤᠨ ᠡᠯᠢᠭᠡ ᠨᠢ ᠰᠢᠷᠠᠯᠠᠵᠦ ᠪᠠᠶᠢᠨ᠎ᠠ᠃ | ᠲᠠᠷᠠ ᠠᠴᠠ ᠲᠡᠭᠡᠬᠦᠷ ᠲᠠᠷᠠᠰᠤ ᠬᠤᠯᠤᠰᠤ ᠪᠠᠶᠢᠨ᠎ᠠ᠂ | ᠲᠡᠯᠡᠭᠡᠢ ᠪᠠᠷ ᠲᠦᠬᠦᠷᠠᠩ ᠨᠦᠬᠦᠷ ᠰᠠᠳᠤᠨ ᠪᠠᠶᠢᠨ᠎ᠠ᠃ | ᠬᠠᠨᠢᠯᠠᠭᠰᠠᠨ ᠨᠦᠬᠦᠷ ᠮᠢᠨᠢ ᠠᠭᠠᠰᠢ ᠮᠠᠭᠤᠳᠠᠢ ᠶᠤᠮ ᠳ᠋ᠤᠤ᠂ | ᠬᠠᠷᠢᠨ ᠶᠠᠷᠤ ᠳᠤ ᠪᠠᠨ ᠲᠡᠬᠦᠨ ᠠᠴᠠ ᠪᠠᠨ ᠰᠠᠯᠤᠶ᠎ᠠ ᠭᠡᠰᠠᠨ ᠶᠤᠮ ᠳ᠋ᠤᠤ᠃ | ᠰᠠᠭᠤᠭᠰᠠᠨ ᠡᠭᠡᠨᠡᠷ ᠮᠢᠨᠢ ᠰᠦᠷᠡᠭᠡᠢ ᠵᠠᠩᠳᠠᠢ ᠶᠤᠮ ᠳ᠋ᠤᠤ᠂ | ᠰᠠᠬᠦᠯᠠᠷ ᠶᠠᠷᠦ ᠳᠤ ᠪᠠᠨ ᠲᠡᠬᠦᠨ ᠠᠴᠠ ᠪᠠᠨ ᠰᠠᠯᠤᠶ᠎ᠠ ᠭᠡᠰᠠᠨ ᠶᠤᠮ ᠳ᠋ᠤᠤ᠃ | ᠬᠠᠷᠢ ᠬᠤᠰᠢᠭᠤᠨ ᠤ ᠮᠧᠩ ᠵᠧᠩ ᠬᠤᠢ ᠲᠡᠭᠡᠷ᠎ᠠ᠂ | ᠬᠠᠶᠢᠷᠠᠨ ᠰᠠᠶᠢᠬᠠᠨ ᠬᠤᠶᠠᠷ ᠰᠢᠪᠡᠭ ᠢᠶᠠᠨ ᠠᠯᠳᠠᠴᠢᠬᠠᠯ᠎ᠠ᠃ | ᠬᠠᠨᠢᠯᠠᠭᠰᠠᠨ ᠨᠦᠬᠦᠷ ᠮᠢᠨᠢ ᠬᠠᠪᠢᠷᠭ᠎ᠠ ᠮᠠᠭᠤᠳᠠᠢ ᠶᠤᠮ ᠳ᠋ᠤᠤ᠂ | ᠬᠠᠷᠢᠵᠦ ᠡᠴᠢᠭᠡᠳ ᠲᠡᠬᠦᠨ ᠲᠠᠢ ᠪᠠᠨ ᠬᠠᠪᠢᠬᠤ ᠪᠠᠨ ᠪᠠᠶᠢᠶ᠎ᠠ ᠳ᠋ᠤᠤ᠃ | ᠬᠤᠶᠠᠷ ᠠᠯᠳᠠᠨ ᠰᠢᠳᠤ ᠪᠠᠶᠢᠨ᠎ᠠ ᠰᠢᠤ ᠳ᠋ᠤᠤ᠂ | ᠬᠤᠷᠢᠨ ᠴᠠᠭᠠᠨ ᠰᠢᠳᠤᠨ ᠤ ᠴᠢᠨᠢ ᠵᠢᠮᠰᠡᠭ ᠪᠠᠶᠢᠨ᠎ᠠ ᠰᠢᠤ ᠳ᠋ᠤᠤ᠃ | ᠬᠤᠷᠢ ᠭᠠᠷᠤᠭᠰᠠᠨ ᠬᠠᠷᠠᠯᠠᠭ ᠰᠤᠳᠨᠠᠮ ᠨᠢ | ᠬᠤᠷᠢᠨ ᠴᠡᠷᠢᠭ ᠸᠧ ᠽᠢ ᠲᠠᠢ ᠶᠢᠨ ᠦᠵᠦᠬᠦᠷ ᠭᠡᠨ᠎ᠠ ᠤᠤ ᠳ᠋ᠤᠤ︕ | ᠪᠠᠷᠠᠭᠤᠨ ︵ᠴᠦ︶ ᠪᠠᠷᠠᠭᠤᠨ ᠬᠤᠶᠢᠨ᠎ᠠ ᠠᠴᠠ ᠡᠬᠦᠯᠨ ᠭᠠᠷᠤᠯ᠎ᠠ ᠳ᠋ᠤᠤ᠂ | ᠪᠠᠷᠠᠭᠤᠨ ᠵᠦᠭ ᠤᠨ ᠪᠤᠷᠤᠪᠠᠭᠠᠳᠤᠷ ᠲᠤᠭᠳᠤᠯᠭᠠᠵᠦ ᠪᠠᠶᠢᠨ᠎ᠠ᠃ | ᠵᠡᠬᠦᠨ ︵ᠴᠦ︶ ᠵᠡᠬᠦᠨ ᠬᠤᠶᠢᠨ᠎ᠠ ᠠᠴᠠ ᠡᠬᠦᠯᠨ ᠭᠠᠷᠤᠯ᠎ᠠ ᠳ᠋ᠤᠤ᠂ | ᠵᠢᠷᠦᠭᠡᠨ ᠠᠯᠠᠭ ᠤᠳᠤᠠᠴᠡᠴᠡᠭ ᠲᠤᠷᠠᠰᠴᠦ ᠪᠠᠶᠢᠨ᠎ᠠ ᠪᠠ᠃ | ᠴᠢᠮ᠎ᠠ ᠳᠤ ᠪᠠᠨ ᠦᠭᠬᠦᠶ᠎ᠠ ᠭᠡᠰᠠᠨ ᠬᠤᠶᠠᠷ ᠠᠯᠢᠮ᠎ᠠ ᠶᠢ | ᠵᠠᠪᠰᠠᠷ ᠤᠨ ᠵᠤᠯᠪᠢᠩ ᠬᠦᠮᠦᠨ ᠭᠤᠳᠤᠷᠴᠢᠬᠠᠯᠠ ᠪᠠ︖ | ᠴᠢᠮ᠎ᠠ ᠳᠤ ᠪᠠᠨ ᠭᠡᠯᠡᠶᠠ ᠭᠡᠰᠠᠨ ᠬᠤᠶᠠᠷ ᠦᠭᠡ ᠶᠢ | ᠵᠠᠪᠰᠠᠷ ᠤᠨ ᠵᠤᠯᠪᠢᠩ ᠬᠦᠮᠦᠨ ᠰᠤᠨᠤᠰᠴᠢᠬᠠᠯᠠ ᠪᠠ︖ | ᠡᠨᠡ ᠮᠠᠳᠤ ᠪᠠᠷ ᠭᠠᠵᠠᠷ ᠭᠠᠵᠠᠷ ᠤᠨ ᠬᠢᠨ ᠨᠠᠮᠠᠵᠦ ᠵᠤᠬᠢᠶᠠᠨ ᠲᠠᠭᠤᠯᠠᠭᠰᠠᠭᠠᠷ ᠬᠤᠵᠢᠮ ᠪᠤᠯᠬᠤ ᠳᠤ ᠰᠢᠯᠦᠭ ᠤᠨ ᠠᠭᠤᠯᠭ᠎ᠠ ᠪᠠᠷ ᠨᠢ ᠲᠠᠭᠤᠤ ᠶᠢᠨ ᠨᠠᠷᠠ ᠴᠦ ︽ | ᠴᠢᠮ᠎ᠠ ᠳᠤ ᠪᠠᠨ ᠦᠭᠬᠦᠶ᠎ᠠ ᠭᠡᠰᠠᠨ︾᠂ ︽ᠪᠠᠯᠳᠠᠠᠳᠤᠷᠵᠢ︾ ᠁ ᠭᠡᠬᠦ ᠮᠠᠳᠤ ᠪᠠᠷ ᠤᠯᠠᠨ ᠬᠤᠪᠢᠷᠠᠭᠰᠠᠨ ᠢ ᠠᠳᠠ ᠴᠤᠬᠤᠰ ᠲᠤᠷᠠᠳᠤᠶ᠎ᠠ᠃ | ① ᠪᠤᠷᠤ — ᠤᠳᠤᠭ ᠬᠤᠰᠢᠭᠤᠨ ᠤ ᠠᠷᠠᠳ ᠤᠨ ᠰᠢᠬᠦᠬᠦ ᠬᠤᠷᠢᠶᠠᠨ ᠤ ᠲᠠᠷᠤᠭ᠎ᠠ ᠪᠠᠶᠢᠭᠠᠳ ᠠᠵᠢᠯ ᠠᠴᠠ ᠪᠠᠨ ᠠᠮᠠᠷᠠᠭᠠᠳ ᠤᠳᠤ ᠤᠯᠠᠭᠠᠠᠪᠠᠯᠭᠠᠰᠤᠨ ᠳᠤ | ᠭᠡᠷᠯᠠᠨ ᠰᠠᠭᠤᠵᠦ ᠪᠤᠢ᠃ | ② ᠨᠠᠶᠠᠨ ᠵᠢᠩ — ᠬᠠᠭᠤᠴᠢᠨ ᠤ ᠶᠠᠯᠠᠳᠠᠨ ᠳᠤ ᠬᠠᠳᠠᠵᠦ ᠵᠠᠬᠦᠯᠭᠡᠬᠦ ᠲᠦᠩᠭᠡ ᠬᠢᠨᠵᠢ᠃ ᠨᠢᠭᠡ ᠨᠢᠭᠡ ᠵᠢᠩ ᠤᠨ ᠬᠦᠠᠳᠤ ᠪᠠᠷ ᠬᠢᠭᠰᠡᠨ ᠨᠠᠶᠠᠨ ᠭᠡᠰᠡᠭ ᠲᠠᠮᠤᠷ | ᠭᠠᠷᠠᠬ᠎ᠠ ᠶᠢ ᠭᠡᠯᠬᠢᠵᠦ ᠬᠢᠭᠰᠡᠨ ᠢᠶᠠᠷ ᠢᠶᠠᠨ ᠡᠶᠢᠨ ᠨᠠᠷᠠᠶᠢᠳᠴᠠᠢ᠃ ᠲᠤᠰ ᠲᠠᠭᠤᠤ ᠶᠢᠨ ᠵᠤᠬᠢᠶᠠᠭᠴᠢ ᠶᠢᠨ ᠠᠴᠢ ᠬᠦᠪᠡᠬᠦᠨ ᠭᠡᠨᠳᠤᠠᠵᠠᠪ᠂ ᠲᠦᠷᠦᠭᠰᠡᠨ ᠭᠡᠤᠭᠡᠨ | ᠰᠤᠶᠤᠯᠬᠤᠸᠠᠷ ᠤᠨ ᠡᠷᠬᠢᠴᠠᠬᠦᠯᠦᠨ ᠭᠡᠯᠡᠭᠰᠡᠨ ᠢ ᠮᠦᠷᠳᠠᠨ ᠰᠤᠨᠤᠮ ᠨᠠᠮᠠᠨ ᠡᠮᠬᠢᠳᠭᠡᠨ ᠨᠠᠶᠢᠷᠠᠭᠤᠯᠪᠠ᠃ | ︵ᠲᠠᠭᠤᠯᠠᠭᠴᠢ᠄ | ᠰᠢᠩᠭᠡᠭᠡᠭᠴᠢ᠄ ᠠᠷᠴᠠ︶ | |