ᠰᠡᠳᠬᠢᠯ ᠵᠢᠷᠦᠬᠡᠨ ᠳᠤ ᠤᠶᠠᠩᠭᠠᠷᠠᠬᠰᠠᠨ ᠲᠡᠯ᠎ᠡ ᠨᠤᠳᠤᠭ ᠤᠨ ᠲᠠᠭᠤᠤ | | 2017 ᠣᠨ ᠤ 11 ᠳ᠋ᠦ᠋ᠭᠡᠷ ᠰᠠᠷ᠎ᠠ ᠶᠢᠨ 21 ᠤ ᠡᠳᠤᠷ᠂ ᠶᠡᠷᠤᠩᠬᠡᠢ ᠱᠦᠵᠢ ᠰᠢ ᠶᠢᠨ ᠫᠢᠩ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ | ᠰᠦᠨᠢᠳ ᠪᠠᠷᠠᠭᠤᠨ ᠬᠤᠰᠢᠭᠤᠨ ᠤ ᠤᠯᠠᠭᠠᠨᠮᠥ᠋ᠴᠢᠷ ᠤᠨ ᠬᠡᠰᠢᠬᠦᠳ ᠲᠤ ᠬᠠᠷᠢᠭᠤ ᠵᠠᠬᠢᠳᠠᠯ ᠢᠯᠡᠬᠡᠵᠥ᠂ ︽ᠤᠯᠠᠭᠠᠨᠮᠥ᠋ᠴᠢᠷ ᠪᠤᠯ ᠪᠦᠬᠦ ᠤᠯᠤᠰ ᠤᠨ ᠤᠳᠬ᠎ᠠ | ᠤᠷᠠᠯᠢᠭ ᠤᠨ ᠹᠷᠤᠨᠲ ᠤᠨ ᠲᠤᠭ ᠮᠥᠨ︾ ᠬᠡᠵᠥ ᠮᠠᠭᠳᠠᠨ ᠰᠠᠶᠢᠰᠢᠶᠠᠵᠥ᠂ ᠲᠡᠳᠡᠨ ᠢ ᠬᠡᠵᠢᠶᠡᠳᠠ ᠲᠠᠯ᠎ᠠ ᠨᠤᠳᠤᠭ ᠤᠨ ︽ ᠬᠤᠪᠢᠰᠬᠠᠯᠳᠤ ᠤᠳᠬ᠎ᠠ ᠤᠷᠠᠯᠢᠭ | ᠤᠨ ᠬᠦᠩᠬᠡᠨ ᠮᠤᠷᠢᠳᠤ ᠴᠡᠷᠢᠭ︾ ᠪᠤᠯᠤᠭᠠᠷᠠᠢ ᠬᠡᠵᠥ ᠵᠤᠷᠢᠬᠵᠢᠭᠤᠯᠪᠠ᠃ 60 ᠭᠠᠷᠤᠢ ᠵᠢᠯ ᠤᠨ ᠲᠡᠮᠡᠴᠡᠯ ᠤᠨ ᠶᠠᠪᠤᠴᠠ ᠳᠤ ᠪᠤᠢ ᠪᠤᠯᠭᠠᠭᠰᠠᠠ ᠤᠯᠠᠭᠠᠨᠮᠥ᠋ᠴᠢᠷ | ᠤᠨ ᠵᠤᠷᠢᠭ ᠰᠠᠨᠠᠭ᠎ᠠ ᠪᠤᠯ ᠪᠢᠳᠡᠨ ᠤ ᠰᠢᠨ᠎ᠡ ᠴᠠᠭ ᠦᠶ᠎ᠡ ᠶᠢ ᠤᠬᠳᠤᠵᠥ᠂ ᠰᠢᠨ᠎ᠡ ᠴᠠᠭ ᠦᠶ᠎ᠡ ᠳᠤ ᠡᠷᠡᠮᠡᠬᠡᠶᠢᠯᠡᠨ ᠤᠷᠤᠭᠰᠢᠯᠠᠬᠤ ᠶᠢᠨ ᠴᠢᠬᠤᠯᠠ ᠤᠶᠤᠨ ᠰᠠᠨᠠᠭᠠᠨ | ᠤ ᠬᠦᠳᠡᠯᠬᠡᠬᠦ ᠬᠦᠴᠦᠨ ᠮᠥᠨ᠃ ᠤᠯᠠᠭᠠᠨᠮᠥ᠋ᠴᠢᠷ ᠤᠨ ᠰᠢᠯᠢᠳᠡᠭ ᠤᠯᠠᠮᠵᠢᠯᠠᠯ ᠢ ᠪᠠᠳᠠᠷᠠᠭᠤᠯᠵᠥ᠂ ᠤᠯᠠᠭᠠᠨᠮᠥ᠋ᠴᠢᠷ ᠤᠨ ᠵᠤᠷᠢᠭ ᠰᠠᠨᠠᠭ᠎ᠠ ᠶᠢ ᠪᠠᠳᠠᠷᠠᠭᠤᠯᠬᠤ ᠪᠤᠯ | ᠪᠢᠳᠡᠨ ᠤ ᠤᠭ ᠰᠠᠨᠠᠭ᠎ᠠ ᠪᠠᠨ ᠦᠯᠥ ᠮᠠᠷᠳᠠᠨ ᠡᠬᠦᠷᠬᠡ ᠬᠠᠷᠢᠭᠤᠴᠠᠯᠭ᠎ᠠ ᠪᠠᠨ ᠪᠠᠳᠤ ᠴᠡᠭᠡᠵᠢᠯᠡᠵᠥ᠂ ᠦᠵᠡᠰᠬᠦᠯᠡᠩᠳᠤ ᠰᠠᠶᠢᠬᠠᠨ ᠦᠪᠤᠷ ᠮᠤᠩᠭᠤᠯ ᠢᠶᠠᠨ ᠪᠦᠳᠦᠬᠡᠨ | ᠪᠠᠶᠢᠭᠤᠯᠬᠤ᠂ ᠠᠭᠤᠤ ᠶᠡᠭᠡ ᠲᠤᠮᠳᠠᠳᠤ ᠶᠢᠨ ᠵᠡᠬᠦᠳᠤ ᠪᠠᠨ ᠬᠠᠮᠳᠤ ᠪᠠᠷ ᠲᠡᠷᠭᠡᠯᠰᠢᠬᠦᠯᠬᠦ ᠳᠤ ᠴᠢᠬᠤᠯᠠ ᠠᠴᠢ ᠬᠤᠯᠪᠤᠭᠳᠠᠯ ᠲᠠᠢ ᠶᠤᠮ᠃ | ᠨᠢᠬᠡ | ᠤᠯᠠᠭᠠᠨᠮᠥ᠋ᠴᠢᠷ ᠤᠨ ᠮᠡᠨᠳᠦᠯᠡᠭᠰᠡᠡ ᠨᠢ ᠨᠠᠮ ᠤᠨ ᠤᠳᠬ᠎ᠠ ᠤᠷᠠᠯᠢᠭ ᠤᠨ ᠱᠤᠭᠤᠮ ᠢ ᠴᠦᠬᠡᠨ ᠲᠤᠭᠠᠳᠤ ᠦᠨᠳᠦᠰᠦᠳᠡᠨ ᠤ ᠭᠠᠵᠠᠷ ᠤᠷᠤᠨ ᠳᠤ | ᠠᠮᠵᠢᠯᠳᠠ ᠲᠠᠢ ᠦᠢᠯᠡᠳᠦᠯᠬᠡᠵᠢᠬᠦᠯᠥᠭᠰᠡᠡ ᠶᠠᠪᠤᠳᠠᠯ ᠪᠤᠯᠬᠤ ᠪᠦᠭᠡᠳ ᠪᠠᠰᠠ ᠴᠦ ᠬᠤᠪᠢᠰᠬᠠᠯᠳᠤ ᠤᠯᠠᠮᠵᠢᠯᠠᠯ ᠢ ᠤᠯᠠᠮᠵᠢᠯᠠᠨ ᠵᠠᠯᠭᠠᠮᠵᠢᠯᠠᠭᠰᠠᠠ ᠴᠢᠬᠤᠯᠠ ᠦᠷ᠎ᠡ | ᠪᠦᠳᠦᠬᠡᠯ ᠪᠤᠯᠤᠨ᠎ᠠ᠃ ᠠᠯᠢ ᠡᠷᠳᠡ 1919 ᠣᠨ ᠤ ︽5 · 4︾ ᠤ ᠬᠦᠳᠡᠯᠬᠡᠬᠡᠨ ᠪᠤᠯᠤᠨ 1921 ᠣᠨ ᠳᠤ ᠲᠤᠮᠳᠠᠳᠤ ᠤᠯᠤᠰ ᠤᠨ ᠡᠪ ᠬᠠᠮᠳᠤ ᠨᠠᠮ | ᠮᠡᠨᠳᠦᠯᠡᠬᠦ ᠦᠶ᠎ᠡ ᠳᠤ᠂ ᠦᠪᠤᠷ ᠮᠤᠩᠭᠤᠯ ᠤᠨ ᠮᠤᠩᠭᠤᠯ ᠦᠨᠳᠦᠰᠦᠳᠡᠨ ᠤ ᠬᠡᠰᠡᠭ ᠲᠠᠪᠰᠢᠩᠭᠤᠢ ᠵᠠᠯᠠᠭᠤᠴᠤᠳ ᠮᠠᠷᠺᠰ ᠯᠧᠨᠢᠨ ᠤ ᠦᠵᠡᠯ ᠪᠤᠯᠤᠨ ᠰᠢᠨ᠎ᠡ | ᠰᠤᠶᠤᠯ ᠤᠨ ᠬᠤᠪᠢᠰᠬᠠᠯᠳᠤ ᠦᠵᠡᠯ ᠰᠠᠨᠠᠭ᠎ᠠ ᠶᠢ ᠡᠬᠢᠯᠡᠨ ᠬᠦᠯᠢᠶᠡᠨ ᠠᠪᠴᠦ᠂ ᠰᠦᠷ ᠲᠠᠯᠠᠶᠢᠴᠠᠳᠠᠢ ᠶᠡᠭᠡ ᠬᠤᠪᠢᠰᠬᠠᠯ ᠳᠤ ᠤᠷᠤᠯᠴᠠᠨ᠂ ᠬᠤᠪᠢᠰᠬᠠᠯ ᠤᠨ ᠦᠵᠡᠯ | ᠰᠠᠨᠠᠭ᠎ᠠ ᠪᠤᠯᠤᠨ ᠰᠢᠨ᠎ᠡ ᠰᠤᠶᠤᠯ ᠤᠨ ᠤᠯᠠᠮᠵᠢᠯᠠᠬᠴᠢ ᠪᠤᠯᠪᠠ᠃ 1939 ᠣᠨ ᠳᠤ᠂ ᠨᠠᠮ ᠤᠨ ᠶᠠᠫᠤᠨ ᠢ ᠡᠰᠡᠷᠬᠦᠴᠡᠬᠦ ᠵᠤᠷᠢᠯᠳᠡ ᠪᠤᠯᠤᠨ ᠲᠦᠷᠦ ᠶᠢᠨ | ᠪᠤᠳᠤᠯᠭ᠎ᠠ ᠶᠢ ᠤᠬᠠᠭᠤᠯᠬᠤ ᠶᠢᠨ ᠲᠦᠯᠥᠬᠡ᠂ ᠮᠤᠩᠭᠤᠯ ᠦᠨᠳᠦᠰᠦᠳᠡᠨ ᠤ ᠵᠠᠯᠠᠭᠤᠴᠤᠳ ᠪᠠᠭᠠᠴᠤᠳ ᠤᠨ ᠤᠷᠠᠨ ᠰᠠᠶᠢᠬᠠᠨ ᠤ ᠤᠬᠠᠭᠤᠯᠬᠤ ᠠᠩᠬᠢ ᠬᠤᠪᠢᠰᠬᠠᠯ | ᠤᠨ ᠰᠠᠭᠤᠷᠢᠨ ᠭᠠᠵᠠᠷ ᠶᠠᠨ ᠠᠨ ᠳᠤ ᠪᠠᠶᠢᠭᠤᠯᠤᠬᠳᠠᠵᠥ᠂ ᠨᠠᠮ ᠤᠨ ᠰᠤᠷᠲᠠᠯ ᠤᠬᠠᠭᠤᠯᠭ᠎ᠠ ᠶᠢᠨ ᠡᠩᠨᠡᠭᠡ ᠶᠢᠨ ᠲᠤᠳᠤᠷᠠᠬᠢ ᠦᠨᠳᠦᠰᠦᠳᠡᠨ ᠤ ᠤᠨᠴᠠᠯᠢᠭ ᠲᠠᠢ | ᠬᠦᠴᠦᠨ ᠪᠤᠯᠤᠭᠰᠠᠠ ᠪᠠᠶᠢᠨ᠎ᠠ᠃ ᠬᠤᠪᠢᠰᠬᠠᠯ ᠤᠨ ᠪᠠᠶᠢᠳᠠᠯ ᠤᠨ ᠬᠦᠭᠵᠢᠯᠳᠡ ᠶᠢ ᠲᠠᠭᠠᠯᠳᠤᠨ᠂ 1945 ᠣᠨ ᠳᠤ ᠲᠡᠳᠡ ᠬᠤᠪᠢᠰᠬᠠᠯᠳᠤ ᠤᠳᠬ᠎ᠠ ᠤᠷᠠᠯᠢᠭ ᠤᠨ | ᠤᠴᠢ ᠶᠢ ᠦᠪᠤᠷ ᠮᠤᠩᠭᠤᠯ ᠤᠨ ᠲᠠᠯ᠎ᠠ ᠨᠤᠳᠤᠭ ᠲᠤ ᠠᠪᠴᠢᠷᠠᠵᠥ᠂ 1946 ᠣᠨ ᠤ 4 ᠳ᠋ᠦ᠋ᠭᠡᠷ ᠰᠠᠷ᠎ᠠ ᠳᠤ ᠴᠦᠭᠡᠨ ᠲᠤᠭᠠᠳᠤ ᠦᠨᠳᠦᠰᠦᠳᠡᠨ ᠤ ᠭᠠᠵᠠᠷ | ᠤᠷᠤᠨ ᠤ ᠨᠢᠬᠡᠨ ᠰᠠᠯᠠᠭ᠎ᠠ ᠵᠢᠩᠬᠢᠨᠢ ᠤᠷᠠᠨ ᠰᠠᠶᠢᠬᠠᠨ ᠤ ᠪᠦᠯᠬᠦᠮ — ᠦᠪᠤᠷ ᠮᠤᠩᠭᠤᠯ ᠤᠨ ᠤᠷᠠᠨ ᠰᠠᠶᠢᠬᠠᠨ ᠤ ᠪᠦᠯᠬᠦᠮ ᠢ ᠪᠠᠶᠢᠭᠤᠯᠪᠠ᠃ ᠡᠨᠡ ᠬᠦ | ᠡᠩᠨᠡᠭᠡ ᠨᠢ ᠬᠦᠮᠦᠨ ᠴᠦᠬᠡᠨ ᠴᠤ ᠬᠦᠴᠦᠨ ᠲᠡᠬᠦᠯᠳᠡᠷ ᠪᠠᠶᠢᠵᠤ᠂ ᠲᠤᠭᠯᠠᠬᠴᠢᠳ ᠨᠢ ᠪᠢᠴᠢᠭ ᠴᠡᠷᠢᠭ ᠤᠨ ᠡᠷᠳᠡᠮ ᠢ ᠬᠤᠤᠰᠯᠠᠭᠤᠯᠤᠨ᠂ ᠨᠠᠮ ᠤᠨ ᠤᠳᠬ᠎ᠠ | ᠤᠷᠠᠯᠢᠭ ᠤᠨ ᠴᠢᠭᠯᠡᠯᠳᠡ ᠶᠢ ᠡᠷᠡᠰ ᠬᠡᠷᠡᠭᠵᠢᠬᠦᠯᠵᠥ᠂ ᠮᠠᠤ ᠽᠧ ᠳ᠋ᠦᠩ ᠨᠦᠬᠦᠷ ᠤᠨ ᠶᠠᠨ ᠠᠨ ᠤ ᠤᠳᠬ᠎ᠠ ᠤᠷᠠᠯᠢᠭ ᠤᠨ ᠶᠠᠷᠢᠯᠴᠠᠬᠤ ᠬᠤᠷᠡᠯ ᠳᠡᠭᠡᠷ᠎ᠡ ᠬᠡᠯᠡᠭᠰᠡᠨ | ᠦᠬᠡ ᠶᠢᠨ ᠵᠤᠷᠢᠭ ᠰᠠᠨᠠᠭ᠎ᠠ ᠶᠢ ᠡᠷᠡᠰ ᠲᠤᠭᠤᠰᠢᠯᠠᠭᠤᠯᠵᠥ᠂ ᠬᠤᠪᠢᠰᠬᠠᠯᠳᠤ ᠲᠡᠮᠡᠴᠡᠯ ᠢ ᠡᠷᠡᠰ ᠶᠠᠪᠤᠭᠤᠯᠵᠥ᠂ ᠨᠢᠬᠡ ᠲᠠᠯ᠎ᠠ ᠪᠠᠷ ᠲᠠᠶᠢᠰᠤᠨ ᠲᠠᠢ ᠴᠢᠰᠤᠨ | ᠪᠠᠶᠢᠯᠳᠤᠭᠠᠨ ᠬᠢᠵᠤ᠂ ᠨᠦᠬᠦᠬᠡ ᠲᠠᠯ᠎ᠠ ᠪᠠᠷ ᠪᠠᠶᠢᠯᠳᠤᠭᠴᠢᠳ ᠪᠤᠯᠤᠨ ᠮᠠᠯᠴᠢᠨ ᠲᠠᠷᠢᠶᠠᠴᠢᠨ ᠳᠤ ᠲᠤᠭᠯᠠᠯᠳᠡ ᠭᠠᠷᠭᠠᠨ ᠦᠭᠴᠤ᠂ ᠤᠳᠬ᠎ᠠ ᠤᠷᠠᠯᠢᠭ ᠤᠨ | ᠬᠡᠯᠪᠡᠷᠢ ᠪᠠᠷ ᠬᠤᠪᠢᠰᠬᠠᠯ ᠤᠨ ᠦᠵᠡᠯ ᠰᠠᠨᠠᠭ᠎ᠠ ᠶᠢ ᠤᠬᠠᠭᠤᠯᠵᠥ᠂ ᠤᠯᠠᠨ ᠲᠦᠮᠡᠨ ᠢ ᠬᠦᠮᠥᠵᠢᠬᠦᠯᠥᠨ ᠲᠠᠶᠢᠴᠢᠯᠠᠵᠥ᠂ ᠦᠪᠤᠷ ᠮᠤᠩᠭᠤᠯ ᠤᠨ ᠴᠢᠯᠥᠬᠡᠯᠡᠯᠳᠡ ᠶᠢᠨ | ᠦᠢᠯᠡᠰ ᠢ ᠬᠦᠴᠦᠳᠠᠢ ᠲᠡᠮᠵᠢᠭᠰᠡᠡ ᠪᠦᠭᠡᠳ ᠴᠦᠭᠡᠨ ᠲᠤᠭᠠᠳᠤ ᠦᠨᠳᠦᠰᠦᠳᠡᠨ ᠤ ᠨᠢᠬᠡ ᠪᠦᠯᠦᠭ ᠰᠤᠶᠤᠯ ᠤᠨ ᠭᠤᠤᠯ ᠬᠦᠴᠦᠨ ᠢ ᠬᠦᠮᠥᠵᠢᠬᠦᠯᠵᠥ | ᠪᠤᠯᠪᠠᠰᠤᠷᠠᠭᠤᠯᠤᠭᠰᠠᠠ ᠪᠠᠶᠢᠨ᠎ᠠ᠃ 1947 ᠣᠨ ᠳᠤ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠪᠠᠶᠢᠭᠤᠯᠤᠭᠳᠠᠭᠰᠠᠠ ᠤ ᠲᠠᠷᠠᠭ᠎ᠠ᠂ ᠬᠤᠪᠢᠰᠬᠠᠯ ᠤᠨ | ᠤᠳᠬ᠎ᠠ ᠤᠷᠠᠯᠢᠭ᠂ ᠨᠤᠮ ᠬᠡᠪᠯᠡᠯ᠂ ᠷᠠᠳᠢᠣ᠋ ᠺᠢᠨᠣ᠋ ᠵᠡᠷᠬᠡ ᠠᠵᠢᠯ ᠦᠢᠯᠡᠰ ᠦᠭᠡᠢ ᠠᠴᠠ ᠪᠠᠨ ᠪᠠᠶᠢᠬᠤ ᠪᠤᠯᠵᠥ᠂ ᠪᠠᠭ᠎ᠠ ᠠᠴᠠ ᠪᠠᠨ ᠶᠡᠭᠡ ᠪᠤᠯᠵᠥ᠂ ᠮᠠᠰᠢ ᠤᠯᠠᠨ | ᠤᠷᠠᠨ ᠵᠤᠬᠢᠶᠠᠯ᠂ ᠰᠢ ᠵᠦᠴᠦᠬᠡ᠂ ᠲᠠᠭᠤᠤ ᠬᠦᠭᠵᠢᠮ᠂ ᠪᠦᠵᠢᠭ᠂ ᠤᠷᠠᠨ ᠵᠢᠷᠤᠭ ᠤᠨ ᠰᠢᠯᠢᠳᠡᠭ ᠪᠦᠳᠦᠬᠡᠯ ᠢ ᠵᠤᠬᠢᠶᠠᠨ ᠪᠦᠳᠦᠬᠡᠪᠠ᠃ 1957 ᠣᠨ ᠤ 5 | ᠳ᠋ᠤᠭᠠᠷ ᠰᠠᠷ᠎ᠠ ᠳᠤ᠂ ᠨᠠᠮ ᠤᠨ ᠴᠢᠭᠯᠡᠯᠲᠡ ᠲᠦᠷᠦ ᠶᠢᠨ ᠪᠤᠲᠤᠯᠭ᠎ᠠ ᠶᠢ ᠴᠠᠭ ᠲᠤᠬᠠᠢ ᠳᠤ ᠨᠢ ᠤᠬᠠᠭᠤᠯᠤᠨ ᠲᠤᠭᠤᠰᠢᠯᠠᠭᠤᠯᠵᠦ᠂ ᠦᠷᠭᠡᠡ ᠤᠯᠠᠠ ᠮᠠᠯᠴᠢᠨ | ᠲᠠᠷᠢᠶᠠᠴᠢᠨ ᠳᠤ ᠰᠤᠶᠤᠯ ᠤᠨ ᠠᠮᠢᠲᠤᠷᠠᠯ ᠲᠤᠲᠠᠭᠲᠠᠵᠦ ᠪᠠᠶᠢᠭ᠎ᠠ ᠠᠰᠠᠭᠤᠲᠠᠯ ᠢ ᠰᠢᠢᠳᠪᠦᠷᠢᠯᠡᠬᠦ ᠶᠢᠨ ᠲᠦᠯᠦᠭᠡ᠂ ᠦᠪᠡᠷᠲᠡᠭᠡᠡ ᠵᠠᠰᠠᠬᠤ ᠤᠷᠤᠨ ᠤ ᠰᠤᠶᠤᠯ ᠤᠨ | ᠲᠤᠪᠴᠢᠶ᠎ᠠ ᠨᠢᠭᠡ ᠬᠤᠭᠤᠴᠠᠭ᠎ᠠ ᠬᠦᠨᠵᠡᠭᠡᠢ ᠪᠠᠶᠢᠴᠠᠭᠠᠠ ᠰᠤᠲᠤᠯᠤᠯᠲᠠ ᠬᠢᠬᠦ ᠪᠠᠷ ᠲᠠᠮᠵᠢᠨ ᠮᠠᠯᠵᠢᠬᠤ ᠤᠷᠤᠨ ᠪᠠ ᠬᠠᠭᠠᠰ ᠮᠠᠯᠵᠢᠬᠤ ᠬᠠᠭᠠᠰ ᠲᠠᠷᠢᠶᠠᠯᠠᠬᠤ ᠤᠷᠤᠨ | ᠤ ᠨᠤᠲᠤᠭ ᠲᠡᠪᠢᠰᠭᠡᠷ ᠦᠷᠭᠡᠡ ᠠᠭᠤᠲᠠᠮ᠂ ᠰᠠᠭᠤᠷᠢᠰᠢᠯ ᠲᠠᠷᠠᠬᠠᠢ ᠪᠤᠲᠠᠷᠬᠠᠢ᠂ ᠵᠠᠮ ᠬᠠᠷᠢᠯᠴᠠᠭ᠎ᠠ ᠲᠦᠭᠦᠮ ᠦᠭᠡᠢ ᠪᠤᠯᠬᠤᠷ ᠲᠤᠮᠤ ᠲᠤᠮᠲᠠ ᠬᠡᠯᠪᠡᠷᠢ ᠶᠢᠨ | ᠤᠳᠬ᠎ᠠ ᠤᠷᠠᠯᠢᠭ ᠤᠨ ᠪᠦᠯᠬᠦᠮ ᠤᠨ ᠲᠤᠭᠯᠠᠯᠲᠠ ᠭᠠᠷᠭᠠᠬᠤ ᠠᠵᠢᠯᠯᠠᠭ᠎ᠠ ᠦᠷᠨᠢᠬᠦᠯᠬᠦ ᠳᠤ ᠵᠤᠬᠢᠴᠠᠬᠤ ᠦᠭᠡᠢ ᠪᠦᠭᠡᠳ ᠬᠤᠰᠢᠭᠤ ᠰᠢᠶᠠᠠ ᠤ ᠰᠤᠶᠤᠯ ᠤᠨ | ᠤᠷᠲᠤᠨ ᠨᠢ ᠵᠢᠭᠰᠠᠭᠠᠯ ᠤᠨ ᠭᠠᠵᠠᠷ ᠤᠨ ᠰᠤᠶᠤᠯ ᠤᠨ ᠠᠵᠢᠯᠯᠠᠭ᠎ᠠ ᠪᠠᠷ ᠭᠤᠤᠯᠲᠠᠭᠤᠯᠵᠦ ᠪᠠᠶᠢᠭᠰᠠᠠ ᠪᠤᠯᠬᠤᠷ ᠮᠠᠯᠴᠢᠨ ᠲᠠᠷᠢᠶᠠᠴᠢᠨ ᠤ ᠭᠡᠷᠡᠭᠴᠡᠭᠡ ᠱᠠᠭᠠᠷᠲᠠᠯᠭ᠎ᠠ | ᠶᠢ ᠬᠤᠯᠠ ᠬᠠᠩᠭᠠᠵᠦ ᠲᠡᠶᠢᠯᠬᠦ ᠦᠭᠡᠢ ᠭᠡᠵᠦ ᠦᠵᠡᠭᠡᠳ᠂ ᠮᠠᠯᠵᠢᠬᠤ ᠤᠷᠤᠨ ᠰᠦᠨᠢᠳ ᠪᠠᠷᠠᠭᠤᠨ ᠬᠤᠰᠢᠭᠤ ᠪᠤᠯᠤᠨ ᠬᠠᠭᠠᠰ ᠮᠠᠯᠵᠢᠬᠤ ᠬᠠᠭᠠᠰ ᠲᠠᠷᠢᠶᠠᠯᠠᠬᠤ | ᠤᠷᠤᠨ ᠤᠩᠨᠢᠭᠤᠳ ᠬᠤᠰᠢᠭᠤᠠ ᠳᠤ ᠲᠤᠷᠰᠢᠯᠲᠠ ᠶᠢᠨ ᠴᠡᠭ ᠪᠠᠶᠢᠭᠤᠯᠵᠦ᠂ ᠨᠢᠭᠡᠡ ᠰᠠᠯᠠᠭ᠎ᠠ ᠨᠡᠭᠦᠲᠡᠯ ᠪᠠᠭ᠎ᠠ ᠬᠡᠯᠪᠡᠷᠢ ᠶᠢᠨ ᠰᠤᠶᠤᠯ ᠤᠨ ᠠᠵᠢᠯᠯᠠᠬᠤ ᠠᠩᠭᠢ ᠶᠢ | ᠪᠠᠶᠢᠭᠤᠯᠬᠤ ᠪᠠᠷ ᠲᠤᠭᠲᠠᠭᠰᠠᠠ ᠪᠠᠶᠢᠨ᠎ᠠ᠂ ᠲᠡᠷᠡᠴᠢᠯᠡᠨ ᠡᠨᠡ ᠰᠠᠯᠠᠭ᠎ᠠ ᠰᠤᠶᠤᠯ ᠤᠨ ᠠᠵᠢᠯᠯᠠᠬᠤ ᠠᠩᠭᠢ ᠳᠤ ᠭᠤᠤᠯ ᠵᠤᠷᠢᠯᠲᠠ ᠪᠠᠨ ᠢᠯᠡᠷᠡᠭᠦᠯᠵᠦ ᠲᠡᠶᠢᠯᠬᠦ | ᠪᠦᠭᠡᠳ ᠪᠠᠰᠠ ᠪᠠᠶᠠᠯᠢᠭ ᠰᠠᠶᠢᠬᠠᠨ ᠦᠨᠲᠦᠰᠦᠲᠡᠡ ᠤ ᠤᠨᠴᠠᠯᠢᠭ ᠲᠠᠢ᠂ ᠠᠮᠢᠵᠢᠷᠠᠯ ᠤᠨ ᠬᠦᠴᠤᠨ ᠪᠠ ᠬᠦᠰᠡᠯ ᠡᠷᠡᠮᠡᠯᠵᠡᠯ ᠪᠢᠯᠬᠠᠭᠰᠠᠠ ᠤᠯᠠᠭᠠᠠᠮᠥ᠋ᠴᠢᠷ ᠭᠡᠰᠡᠡ | ᠨᠡᠷ᠎ᠠ ᠦᠭᠴᠠᠢ᠃ ᠲᠤᠷᠰᠢᠯᠲᠠ ᠶᠢᠨ ᠴᠡᠭ ᠤᠨ ᠠᠵᠢᠯ ᠠᠮᠵᠢᠯᠲᠠ ᠤᠯᠤᠭᠰᠠᠠ ᠤ ᠲᠠᠷᠠᠭ᠎ᠠ᠂ ᠦᠪᠡᠷᠲᠡᠭᠡᠡ ᠵᠠᠰᠠᠬᠤ ᠤᠷᠤᠨ ︽ᠤᠯᠠᠭᠠᠠᠮᠥ᠋ᠴᠢᠷ ᠤᠨ ᠠᠵᠢᠯ ᠤᠨ | ᠲᠤᠷᠰᠢᠨ ᠭᠡᠷᠡᠭᠵᠢᠭᠦᠯᠬᠦ ᠲᠦᠷᠢᠮ︾ ᠢ ᠲᠤᠭᠲᠠᠭᠠᠵᠦ᠂ ᠮᠠᠯᠵᠢᠬᠤ ᠤᠷᠤᠨ ᠪᠤᠯᠤᠨ ᠬᠠᠭᠠᠰ ᠮᠠᠯᠵᠢᠬᠤ ᠬᠠᠭᠠᠰ ᠲᠠᠷᠢᠶᠠᠯᠠᠬᠤ ᠤᠷᠤᠨ ᠳᠤ ᠨᠡᠶᠢᠲᠡᠮ ᠳᠤ ᠨᠢ | ᠤᠯᠠᠭᠠᠠᠮᠥ᠋ᠴᠢᠷ ᠪᠠᠶᠢᠭᠤᠯᠪᠠ᠃ ᠦᠪᠡᠷᠲᠡᠭᠡᠡ ᠵᠠᠰᠠᠬᠤ ᠤᠷᠤᠨ ᠤ ᠨᠠᠮ ᠤᠨ ᠬᠤᠷᠢᠶ᠎ᠠ᠂ ᠵᠠᠰᠠᠭ ᠤᠨ ᠤᠷᠲᠤᠨ ᠠᠴᠠ ᠤᠯᠠᠭᠠᠠᠮᠥ᠋ᠴᠢᠷ ᠲᠤ ᠲᠤᠭᠯᠠᠯᠲᠠ ᠭᠠᠷᠭᠠᠬᠤ᠂ | ᠤᠬᠠᠭᠤᠯᠭ᠎ᠠ ᠬᠢᠬᠦ᠂ ᠬᠠᠪᠰᠤᠷᠤᠨ ᠵᠢᠯᠤᠭᠤᠳᠬᠤ᠂ ᠦᠢᠯᠡᠴᠢᠯᠡᠭᠡ ᠬᠢᠬᠦ ᠲᠦᠷᠪᠠᠠ ᠲᠠᠯ᠎ᠠ ᠶᠢᠨ ᠭᠤᠤᠯ ᠡᠬᠦᠷᠭᠡ ᠬᠠᠷᠢᠭᠤᠴᠠᠯᠭ᠎ᠠ ᠶᠢ ᠲᠤᠲᠤᠷᠬᠠᠶᠢᠯᠠᠭᠰᠠᠠ ᠪᠠᠶᠢᠨ᠎ᠠ᠃ | | ᠤᠯᠠᠭᠠᠠᠮᠥ᠋ᠴᠢᠷ ᠪᠠᠶᠢᠭᠤᠯᠤᠭᠲᠠᠭᠰᠠᠠ ᠨᠢ ᠨᠠᠮ ᠤᠨ ᠱᠠᠭᠠᠷᠲᠠᠯᠭ᠎ᠠ ᠪᠤᠯᠤᠨ ᠠᠷᠠᠳ ᠲᠦᠮᠡᠠ ᠤ ᠬᠦᠰᠡᠯ ᠵᠤᠷᠢᠯᠲᠠ ᠶᠢ ᠢᠯᠡᠷᠡᠭᠦᠯᠵᠦ᠂ ᠪᠠᠶᠢᠭᠤᠯᠤᠭᠲᠠᠭᠰᠠᠠ | ᠲᠡᠷᠡ ᠡᠲᠦᠷ ᠠᠴᠠ ᠪᠠᠨ ᠡᠬᠢᠯᠡᠨ ᠮᠠᠯᠴᠢᠨ ᠲᠠᠷᠢᠶᠠᠴᠢᠠ ᠤ ᠬᠦᠷᠢᠶᠡᠯᠡᠯ ᠪᠠᠭ᠋ᠠᠷᠬᠠᠯ ᠢ ᠤᠯᠵᠦ᠂ ᠦᠷᠭᠡᠡ ᠤᠯᠠᠠ ᠮᠠᠯᠴᠢᠨ ᠲᠠᠷᠢᠶᠠᠴᠢᠠ ᠡᠨᠡ ᠦᠶ᠎ᠠ ᠠᠴᠠ ᠡᠬᠢᠯᠡᠬᠡᠳ | ᠬᠤᠲᠠ ᠤᠰᠤ ᠠᠴᠠ ᠪᠠᠨ ᠭᠠᠷᠬᠤ ᠦᠭᠡᠢ ᠪᠠᠷ᠂ ᠮᠤᠩᠭᠤᠯ ᠭᠡᠷ ᠠᠴᠠ ᠪᠠᠨ ᠭᠠᠷᠬᠤ ᠦᠭᠡᠢ ᠪᠠᠷ ᠡᠬᠦᠲᠡᠡ ᠳᠤ ᠨᠢ ᠬᠦᠷᠭᠡᠵᠤ ᠢᠷᠡᠭᠰᠡᠨ ᠤᠳᠬ᠎ᠠ ᠤᠷᠠᠯᠢᠭ ᠤᠨ | ᠲᠤᠭᠯᠠᠯᠲᠠ ᠶᠢ ᠤᠯᠵᠦ ᠰᠤᠨᠢᠷᠬᠠᠬᠤ ᠪᠤᠯᠵᠦ᠂ ᠨᠠᠮ ᠤᠨ ᠴᠢᠭᠯᠡᠯᠲᠡ ᠲᠦᠷᠦ ᠶᠢᠨ ᠪᠤᠲᠤᠯᠭ᠎ᠠ ᠪᠤᠯᠤᠨ ᠤᠯᠤᠰ ᠤᠨ ᠲᠤᠲᠤᠭᠠᠲᠤ ᠭᠠᠲᠠᠭᠠᠲᠤ ᠶᠢᠨ ᠲᠤᠮᠤ ᠭᠡᠷᠡᠭ | ᠤᠴᠢᠷ ᠢ ᠮᠡᠲᠡᠵᠦ ᠲᠡᠶᠢᠯᠬᠦ ᠪᠤᠯᠵᠠᠢ᠃ ᠤᠯᠠᠭᠠᠠᠮᠥ᠋ᠴᠢᠷ ᠨᠢ ᠶᠠᠠ ᠠᠠ ᠤ ᠤᠳᠬ᠎ᠠ ᠤᠷᠠᠯᠢᠭ ᠤᠨ ᠤᠬᠠᠭᠤᠯᠬᠤ ᠠᠩᠭᠢ ᠪᠤᠯᠤᠨ ᠬᠤᠪᠢᠰᠬᠠᠯᠲᠦ ᠲᠡᠶᠢᠨ ᠤ ᠣᠨ ᠵᠢᠯ | ᠤᠳ ᠲᠠᠬᠢ ᠦᠪᠦᠷ ᠮᠤᠩᠭᠤᠯ ᠤᠨ ᠤᠷᠠᠠ ᠰᠠᠶᠢᠬᠠᠠ ᠤ ᠪᠦᠯᠬᠦᠮ ᠤᠨ ᠬᠦᠮᠦᠨ ᠴᠦᠬᠡᠨ ᠴᠤ ᠬᠦᠴᠦᠨ ᠲᠡᠬᠦᠯᠳᠡᠷ᠂ ᠲᠤᠭᠯᠠᠭᠴᠢᠳ ᠨᠢ ᠨᠢᠭᠡ ᠵᠦᠢᠯ ᠳᠤ | ᠮᠡᠷᠭᠡᠰᠢᠨ ᠤᠯᠠᠠ ᠲᠠᠯ᠎ᠠ ᠶᠢᠨ ᠠᠵᠢᠯ ᠢ ᠬᠢᠵᠤ ᠴᠢᠲᠠᠬᠤ ᠤᠨᠴᠠᠯᠢᠭ ᠢ ᠵᠠᠯᠭᠠᠮᠵᠢᠯᠠᠵᠦ᠂ ᠲᠤᠨᠤᠭᠯᠠᠯ ᠨᠢ ᠬᠦᠩᠭᠡᠡ ᠪᠦᠭᠡᠳ ᠤᠶᠠᠠ ᠬᠠᠲᠠᠠ᠂ ᠲᠤᠭᠯᠠᠯᠲᠠ ᠨᠢ | ᠵᠢᠵᠢᠭ ᠬᠡᠯᠪᠡᠷᠢ ᠶᠢᠨ ᠪᠦᠭᠡᠳ ᠤᠯᠠᠠ ᠶᠠᠩᠵᠦ ᠶᠢᠨ᠂ ᠠᠭᠤᠯᠭ᠎ᠠ ᠨᠢ ᠮᠠᠯᠴᠢᠨ ᠲᠠᠷᠢᠶᠠᠴᠢᠠ ᠤ ᠦᠢᠯᠡᠳᠪᠦᠷᠢᠯᠡᠯ ᠠᠮᠢᠲᠤᠷᠠᠯ ᠲᠠᠢ ᠤᠶᠢᠷᠠᠲᠤᠭᠰᠠᠠ ᠪᠠᠶᠢᠵᠤ᠂ | ᠨᠡᠶᠢᠭᠡᠮ ᠵᠢᠷᠤᠮ ᠤᠨ ᠰᠤᠶᠤᠯ ᠤᠨ ᠤᠬᠠᠭᠤᠯᠬᠤ ᠠᠩᠭᠢ᠂ ᠴᠡᠴᠡᠭᠯᠡᠬᠦᠯᠤᠨ ᠬᠦᠭᠵᠢᠬᠦᠯᠬᠦ ᠠᠩᠭᠢ ᠪᠤᠯᠤᠭᠰᠠᠠ ᠪᠦᠭᠡᠳ ᠮᠠᠯᠴᠢᠨ ᠲᠠᠷᠢᠶᠠᠴᠢᠠ ᠤ ᠦᠢᠯᠡᠳᠪᠦᠷᠢᠯᠡᠯ | ᠠᠮᠢᠲᠤᠷᠠᠯ ᠤᠨ ᠦᠢᠯᠡᠴᠢᠯᠡᠭᠡᠡ ᠤ ᠠᠩᠭᠢ ᠪᠤᠯᠪᠡ᠃ ᠮᠠᠯᠴᠢᠨ ᠲᠠᠷᠢᠶᠠᠴᠢᠳ ᠤᠯᠠᠭᠠᠠᠮᠥ᠋ᠴᠢᠷ ᠢ ︽ᠮᠠᠤ ᠲᠡᠷᠢᠭᠦᠯᠡᠭᠴᠢ ᠶᠢᠨ ᠲᠤᠮᠢᠯᠠᠵᠦ ᠢᠷᠡᠭᠦᠯᠦᠭᠰᠡᠡ | ᠲᠤᠬᠤᠨᠢᠭᠤᠯᠬᠤ ᠠᠩᠭᠢ︾ ᠭᠡᠵᠦ ᠲᠤᠲᠤᠨᠤᠰᠤᠭ ᠢᠶᠠᠷ ᠬᠡᠯᠡᠳᠡᠭ ᠪᠠᠶᠢᠪᠠ᠃ ᠮᠠᠤ ᠽᠧ ᠳ᠋ᠦᠩ᠂ ᠵᠸᠤ ᠡᠸᠠ ᠯᠠᠢ᠂ ᠳ᠋ᠧᠩ ᠰᠢᠶᠤᠤ ᠫᠢᠩ ᠵᠡᠷᠭᠡ ᠠᠬᠠᠮᠠᠳ ᠨᠢᠭᠡ | ᠦᠶ᠎ᠠ ᠶᠢᠨ ᠬᠤᠪᠢᠰᠬᠠᠯᠴᠢᠳ ᠤᠯᠠᠭᠠᠠᠮᠥ᠋ᠴᠢᠷ ᠤᠨ ᠲᠤᠭᠯᠠᠯᠲᠠ ᠶᠢ ᠤᠯᠠᠠ ᠤᠲᠠᠭ᠎ᠠ ᠰᠤᠨᠢᠷᠬᠠᠨ᠂ ᠤᠯᠠᠭᠠᠠᠮᠥ᠋ᠴᠢᠷ ᠤᠨ ᠭᠡᠰᠢᠭᠦᠳ ᠲᠠᠢ ᠠᠭᠤᠯᠵᠠᠵᠦ᠂ | ᠤᠯᠠᠭᠠᠠᠮᠥ᠋ᠴᠢᠷ ᠢ ︽ ᠰᠤᠷᠤᠯᠴᠠᠭᠤᠰᠢᠲᠠᠢ ᠨᠡᠶᠢᠭᠡᠮ ᠵᠢᠷᠤᠮ ᠤᠨ ᠤᠳᠬ᠎ᠠ ᠤᠷᠠᠯᠢᠭ ᠤᠨ ᠹᠷᠤᠨᠲ ᠤᠨ ᠨᠢᠭᠡᠨ ᠲᠤᠭ ᠮᠦᠨ︾ ᠭᠡᠵᠦ ᠮᠠᠭᠲᠠᠵᠤ᠂ ᠪᠦᠬᠦ ᠤᠯᠤᠰ | ᠤᠨ ᠤᠳᠬ᠎ᠠ ᠤᠷᠠᠯᠢᠭ ᠤᠨ ᠡᠲᠡᠭᠡᠳ ᠤᠨ ᠬᠢᠨ ᠢ ︽ᠦᠪᠦᠷ ᠮᠤᠩᠭᠤᠯ ᠤᠨ ᠤᠯᠠᠭᠠᠠᠮᠥ᠋ᠴᠢᠷ ᠠᠴᠠ ᠲᠠᠭᠠᠨ ᠰᠤᠷᠤᠯᠴᠠᠲᠤᠭᠠᠢ︾ ᠭᠡᠵᠦ ᠰᠠᠨᠠᠭᠠᠴᠢᠯᠠᠪᠠ᠃ | 1965 ᠣᠨ ᠳᠤ᠂ ᠶᠡᠷᠦᠩᠭᠡᠢ ᠰᠠᠶᠢᠳ ᠵᠸᠤ ᠡᠸᠠ ᠯᠠᠢ ᠶᠢᠨ ᠬᠤᠪᠢᠰᠬᠠᠯᠲᠦ ᠲᠠᠭᠤᠤ ᠬᠦᠭᠵᠢᠮ ᠪᠦᠵᠢᠭ ᠢ ᠪᠦᠬᠦ ᠤᠯᠤᠰ ᠲᠤ ᠲᠠᠭᠤᠷᠢᠰᠤᠭᠤᠯᠤᠨ᠂ ᠠᠷᠠᠳ | ᠲᠦᠮᠡᠡ ᠢ ᠵᠤᠷᠢᠠᠠᠵᠢᠭᠤᠯᠬᠤ ᠭᠡᠷᠡᠭᠲᠡᠢ ᠭᠡᠰᠡᠡ ᠱᠠᠭᠠᠷᠲᠠᠯᠭ᠎ᠠ ᠶᠤᠰᠤᠭᠠᠷ᠂ ᠤᠯᠠᠭᠠᠠᠮᠥ᠋ᠴᠢᠷ ᠪᠦᠬᠦ ᠤᠯᠤᠰ ᠤᠨ ᠡᠯ᠎ᠠ ᠭᠠᠵᠠᠷ ᠲᠤ ᠲᠤᠭᠤᠷᠢᠨ ᠲᠤᠭᠯᠠᠯᠲᠠ ᠭᠠᠷᠭᠠᠵᠦ᠂ | ᠦᠢᠯᠡᠳᠪᠦᠷᠢ᠂ ᠬᠦᠲᠡᠭᠡ ᠲᠤᠰᠬᠤᠨ᠂ ᠮᠠᠯᠵᠢᠬᠤ ᠤᠷᠤᠨ᠂ ᠴᠡᠷᠢᠭ ᠠᠩᠭᠢ ᠳᠤ ᠬᠦᠨᠵᠡᠭᠡᠶᠢᠷᠡᠵᠦ᠂ ᠪᠠᠰᠠ ᠵᠢᠩᠭᠠᠩᠱᠠᠠ᠂ ᠶᠠᠠ ᠠᠠ ᠵᠡᠷᠭᠡ ᠬᠤᠪᠢᠰᠬᠠᠯ ᠤᠨ | ᠭᠤᠯᠤᠮᠲᠠ ᠳᠤ ᠬᠦᠷᠦᠭᠰᠡᠡ ᠪᠠᠶᠢᠨ᠎ᠠ᠃ ᠵᠢᠩᠭᠠᠩᠱᠠᠨ ᠤ ᠤᠯᠠᠨ ᠲᠦᠮᠡᠨ ᠲᠤᠬᠠᠢ ᠶᠢᠨ ᠵᠢᠯ ᠳᠤ ᠤᠯᠠᠭᠠᠨ ᠴᠡᠷᠢᠭ ᠤᠨ ᠪᠠᠶᠢᠯᠳᠤᠵᠤ ᠦᠩᠬᠡᠷᠡᠭᠰᠡᠨ ᠭᠠᠵᠠᠷ ᠠᠴᠠ | ᠬᠤᠶᠠᠷ ᠬᠦᠬᠡ ᠬᠤᠯᠤᠰᠤ ᠤᠬᠳᠤᠯᠤᠨ ᠠᠪᠴᠢᠷᠠᠵᠤ ᠤᠯᠠᠭᠠᠨᠮᠥ᠋ᠴᠢᠷ ᠲᠤ ᠲᠤᠭ ᠤᠨ ᠡᠰᠢ ᠪᠤᠯᠭᠠᠬᠤ ᠪᠠᠷ ᠪᠡᠯᠡᠭᠯᠡᠨ ᠦᠭᠴᠤ᠂ ᠤᠯᠠᠭᠠᠨᠮᠥ᠋ᠴᠢᠷ ᠤᠨ ᠬᠢᠨ ᠢ | ᠤᠯᠠᠭᠠᠨ ᠲᠤᠬ ᠢᠶᠠᠨ ᠦᠨᠳᠤᠷ ᠮᠠᠨᠳᠤᠭᠤᠯᠵᠤ᠂ ᠡᠭᠦᠷᠢᠲᠡ ᠤᠷᠤᠬᠰᠢᠯᠠᠨ ᠲᠠᠪᠰᠢᠬᠤ ᠶᠢ ᠬᠦᠰᠡᠵᠠᠢ᠃ ᠪᠦᠬᠦ ᠤᠯᠤᠰ ᠤᠨ ᠮᠠᠯᠵᠢᠬᠤ ᠤᠷᠤᠨ ᠳᠤ ᠵᠠᠯᠭᠠᠭ᠎ᠠ ᠪᠠᠷ | ᠤᠯᠠᠭᠠᠨᠮᠥ᠋ᠴᠢᠷ ᠪᠤᠶᠤ ᠤᠷᠠᠨ ᠰᠠᠶᠢᠬᠠᠨ ᠤ ᠤᠬᠠᠭᠤᠯᠬᠤ ᠠᠩᠬᠢ ᠪᠠᠶᠢᠭᠤᠯᠤᠭᠳᠠᠵᠤ᠂ ᠡᠯ᠎ᠠ ᠠᠵᠢᠯ ᠲᠦᠷᠤᠯ ᠤᠨ ᠬᠢᠨ ᠤᠯᠠᠭᠠᠨᠮᠥ᠋ᠴᠢᠷ ᠤᠨ ᠵᠤᠷᠢᠬ ᠰᠠᠨᠠᠭ᠎ᠠ ᠶᠢ | ᠰᠤᠷᠤᠯᠴᠠᠪᠠ᠃ ᠵᠢᠶᠠᠩ ᠽᠧ ᠮᠢᠨ᠂ ᠬᠤ᠋ ᠶᠢᠨ ᠲᠤᠤ ᠨᠦᠬᠦᠷ ᠤᠯᠠᠭᠠᠨᠮᠥ᠋ᠴᠢᠷ ᠤᠨ ᠲᠤᠭᠯᠠᠯᠳᠠ ᠶᠢ ᠰᠤᠨᠢᠷᠬᠠᠨ ᠦᠵᠡᠭᠰᠡᠡ ᠪᠦᠭᠡᠳ ᠬᠦᠢᠴᠡᠳ ᠨᠤᠳᠠᠯᠠᠵᠤ᠂ | ᠬᠦᠰᠠᠯ ᠨᠠᠶᠢᠳᠠᠯᠭ᠎ᠠ ᠲᠠᠯᠪᠢᠪᠠ᠃ ᠰᠢᠨ᠎ᠠ ᠴᠠᠬ ᠦᠶ᠎ᠠ ᠳᠤ᠂ ᠶᠠᠷᠤᠩᠬᠡᠢ ᠱᠦᠵᠢ ᠰᠢ ᠶᠢᠨ ᠫᠢᠩ ᠰᠦᠨᠢᠳ ᠪᠠᠷᠠᠭᠤᠨ ᠬᠤᠰᠢᠭᠤᠨ ᠤ ᠤᠯᠠᠭᠠᠨᠮᠥ᠋ᠴᠢᠷ ᠤᠨ | ᠬᠡᠰᠢᠬᠦᠳ ᠲᠤ ᠬᠠᠷᠢᠭᠤ ᠵᠠᠬᠢᠳᠠᠯ ᠢᠯᠡᠬᠡᠵᠤ᠂ ᠤᠯᠠᠭᠠᠨᠮᠥ᠋ᠴᠢᠷ ᠲᠤ ᠰᠢᠨ᠎ᠠ ᠲᠡᠤᠬᠡᠨ ᠡᠬᠦᠷᠬᠡ ᠲᠤᠰᠢᠶᠠᠵᠤ᠂ ᠤᠯᠠᠭᠠᠨᠮᠥ᠋ᠴᠢᠷ ᠤᠨ ᠤᠶᠢᠯᠡᠰ ᠤᠨ ᠬᠦᠭᠵᠢᠯᠳᠠ ᠶᠢᠨ | ᠴᠢᠭᠯᠡᠯ ᠢ ᠵᠢᠭᠠᠵᠤ ᠥᠭᠭᠦᠭᠰᠡᠨ ᠪᠠᠶᠢᠨ᠎ᠠ᠃ | ᠬᠤᠶᠠᠷ | 60 ᠭᠠᠷᠤᠢ ᠵᠢᠯ ᠤᠨ ᠲᠤᠷᠰᠢ᠂ ᠨᠠᠮ ᠤᠨ ᠤᠳᠤᠷᠢᠳᠤᠯᠭ᠎ᠠ ᠲᠤᠤᠷ᠎ᠠ ᠦᠶ᠎ᠠ ᠦᠶ᠎ᠠ ᠶᠢᠨ ᠤᠯᠠᠭᠠᠨᠮᠥ᠋ᠴᠢᠷ ᠤᠨ ᠬᠡᠰᠢᠬᠦᠳ ᠤᠬ ᠰᠠᠨᠠᠭ᠎ᠠ ᠪᠠᠨ ᠦᠯᠤ | ᠮᠠᠷᠳᠠᠨ ᠡᠬᠦᠷᠬᠡ ᠬᠠᠷᠢᠭᠤᠴᠠᠯᠭ᠎ᠠ ᠪᠠᠨ ᠪᠠᠳᠤ ᠴᠡᠬᠡᠵᠢᠯᠠᠵᠤ᠂ ᠴᠠᠰᠤ ᠪᠤᠷᠤᠭᠠᠨ ᠤ ᠲᠤᠮᠳᠠᠭᠤᠷ᠂ ᠬᠠᠬᠢᠷ ᠡᠪᠤᠯ ᠤᠨ ᠬᠦᠢᠳᠡᠨ ᠳᠤ ᠤᠷᠳᠤ ᠬᠤᠭᠤᠴᠠᠭ᠎ᠠ ᠪᠠᠷ ᠲᠠᠯ᠎ᠠ | ᠨᠤᠳᠤᠬ ᠲᠤ ᠬᠦᠨᠵᠡᠬᠡᠶᠢᠷᠡᠵᠤ᠂ ᠤᠯᠠᠭᠠᠨᠮᠥ᠋ᠴᠢᠷ ᠤᠨ ᠰᠢᠯᠢᠳᠡᠭ ᠤᠯᠠᠮᠵᠢᠯᠠᠯ ᠢ ᠪᠠᠳᠠᠷᠠᠭᠤᠯᠤᠨ᠂ ᠤᠯᠠᠭᠠᠨᠮᠥ᠋ᠴᠢᠷ ᠤᠨ ᠵᠤᠷᠢᠬ ᠰᠠᠨᠠᠭ᠎ᠠ ᠶᠢ ᠪᠠᠳᠠᠷᠠᠭᠤᠯᠵᠤ᠂ | ᠢᠮᠠᠬᠳᠠ ᠦᠨᠳᠤᠰᠤᠨ ᠱᠠᠳᠤᠨ ᠳᠤ ᠦᠨᠳᠤᠰᠤᠯᠠᠵᠤ᠂ ᠠᠷᠠᠳ ᠲᠦᠮᠡᠨ ᠳᠤ ᠤᠶᠢᠯᠡᠴᠢᠯᠠᠵᠤ᠂ ᠤᠬ ᠲᠦᠷᠢ ᠪᠠᠨ ᠦᠨᠢᠳᠠ ᠬᠠᠳᠠᠭᠠᠯᠠᠨ ᠬᠠᠷᠠᠮ ᠦᠬᠡᠢ | ᠵᠤᠷᠢᠭᠤᠯᠵᠤ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠵᠤ᠂ ᠲᠡᠰᠪᠦᠷᠢ ᠬᠠᠳᠠᠭᠤᠵᠢᠯᠳᠠᠢ ᠲᠡᠮᠡᠴᠡᠵᠤ᠂ ᠦᠷᠬᠡᠨ ᠤᠯᠠᠨ ᠮᠠᠯᠴᠢᠨ ᠲᠦᠮᠡᠨ ᠳᠤ ᠪᠠᠶᠠᠷ | ᠪᠠᠶᠠᠰᠬᠤᠯᠠᠩ ᠪᠠ ᠪᠤᠯᠪᠠᠰᠤᠨ ᠢ ᠬᠦᠷᠬᠡᠨ ᠦᠭᠴᠤ᠂ ᠨᠠᠮ ᠤᠨ ᠲᠠᠭᠤᠨ ᠪᠤᠯᠤᠨ ᠬᠠᠯᠠᠮᠵᠢᠯᠠᠯ ᠢ ᠲᠠᠮᠵᠢᠭᠤᠯᠤᠭᠰᠠᠨ ᠪᠠᠶᠢᠨ᠎ᠠ᠃ | ᠦᠨᠳᠤᠰᠤᠨ ᠱᠠᠳᠤᠨ ᠳᠤ ᠦᠨᠳᠤᠰᠤᠯᠠᠵᠤ᠂ ᠠᠷᠠᠳ ᠲᠦᠮᠡᠨ ᠳᠤ ᠤᠶᠢᠯᠡᠴᠢᠯᠡᠪᠡ᠃ ᠤᠯᠠᠭᠠᠨᠮᠥ᠋ᠴᠢᠷ ᠪᠤᠯ ᠮᠠᠯᠴᠢᠨ ᠲᠠᠷᠢᠶᠠᠴᠢᠨ ᠳᠤ ᠤᠶᠢᠯᠡᠴᠢᠯᠡᠬᠦ | ᠶᠠᠪᠤᠴᠠ ᠳᠤ ᠦᠰᠤᠨ ᠪᠤᠶᠢᠵᠢᠬᠰᠠᠨ ᠶᠤᠮ᠃ ᠠᠷᠠᠳ ᠲᠦᠮᠡᠨ ᠢᠶᠠᠨ ᠬᠠᠶᠢᠷᠠᠯᠠᠨ ᠤᠷᠠᠯᠢᠬ ᠢ ᠬᠠᠶᠢᠷᠠᠯᠠᠵᠤ ᠤᠯᠠᠭᠠᠨᠮᠥ᠋ᠴᠢᠷ ᠤᠨ ᠤᠶᠢᠯᠡᠰ ᠢᠶᠠᠨ ᠬᠠᠶᠢᠷᠠᠯᠠᠬᠤ ᠪᠤᠯ | ᠡᠨᠡ ᠬᠦ ︽ ᠬᠤᠪᠢᠰᠬᠠᠯᠳᠤ ᠤᠳᠬ᠎ᠠ ᠤᠷᠠᠯᠢᠬ ᠤᠨ ᠬᠦᠩᠬᠡᠨ ᠮᠤᠷᠢᠳᠤ ᠴᠡᠷᠢᠭ︾ ᠤᠨ ᠬᠦᠴᠦᠷᠭᠡᠭ ᠶᠡᠭᠡ ᠠᠮᠢᠵᠢᠷᠠᠯ ᠤᠨ ᠬᠦᠴᠤᠨ ᠢᠶᠠᠨ ᠪᠠᠲᠤᠯᠠᠭᠰᠠᠨ | ᠦᠨᠳᠤᠰᠤ ᠪᠤᠯᠤᠨ᠎ᠠ᠃ 60 ᠭᠠᠷᠤᠢ ᠵᠢᠯ ᠤᠨ ᠲᠤᠷᠰᠢ᠂ ᠭᠠᠳᠠᠭᠠᠳᠤ ᠨᠦᠬᠦᠴᠡᠯ ᠬᠡᠷᠬᠢᠨ ᠬᠤᠪᠢᠷᠠᠬᠰᠠᠨ ᠴᠤ ᠤᠯᠠᠭᠠᠨᠮᠥ᠋ᠴᠢᠷ ᠤᠨ ᠴᠢᠭᠯᠡᠯ ᠬᠤᠪᠢᠷᠠᠬᠰᠠᠨ ᠦᠬᠡᠢ᠂ | ᠵᠤᠷᠢᠯᠳᠠ ᠬᠤᠪᠢᠷᠠᠬᠰᠠᠨ ᠦᠬᠡᠢ᠂ ᠵᠤᠷᠢᠬ ᠰᠠᠨᠠᠭ᠎ᠠ ᠨᠢ ᠬᠤᠪᠢᠷᠠᠬᠰᠠᠨ ᠦᠬᠡᠢ ᠪᠠᠶᠢᠵᠤ᠂ ᠢᠮᠠᠬᠳᠠ ᠲᠠᠯ᠎ᠠ ᠨᠤᠳᠤᠬ ᠲᠤ ᠦᠨᠳᠤᠰᠤᠯᠠᠵᠤ᠂ ᠦᠨᠳᠤᠰᠤᠨ | ᠱᠠᠳᠤᠨ ᠳᠤ ᠬᠠᠨᠳᠤᠵᠤ᠂ ᠠᠷᠠᠳ ᠲᠦᠮᠡᠨ ᠳᠤ ᠤᠶᠢᠯᠡᠴᠢᠯᠡᠬᠦ ᠶᠢ ᠦᠪᠡᠷ ᠤᠨ ᠲᠤᠬ ᠲᠡᠮᠳᠡᠭ ᠲᠡᠭᠡᠷ᠎ᠠ ᠪᠠᠨ ᠪᠢᠴᠢᠭᠯᠡᠵᠠᠢ᠃ ᠠᠷᠠᠳ ᠲᠦᠮᠡᠨ ᠬᠠᠮᠢᠭ᠎ᠠ ᠪᠠᠶᠢᠪᠠᠯ | ᠤᠷᠠᠯᠢᠭ ᠤᠨ ᠲᠠᠪᠴᠠᠩ ᠲᠡᠨᠲᠡ ᠪᠠᠶᠢᠨ᠎ᠠ᠂ ︽ᠨᠢᠬᠡ ᠮᠤᠩᠭᠤᠯ ᠭᠡᠷ ᠢ ᠴᠦ ᠦᠯᠦ ᠬᠡᠬᠡᠭᠳᠡᠬᠦᠯᠬᠦ᠂ ᠨᠢᠬᠡ ᠮᠠᠯᠴᠢᠨ ᠲᠠᠷᠢᠶᠠᠴᠢᠨ ᠢ ᠴᠦ ᠦᠯᠦ ᠬᠤᠴᠤᠷᠭᠠᠬᠤ︾ | ᠪᠤᠳᠠᠳᠤ ᠠᠵᠢᠯᠯᠠᠭ᠎ᠠ ᠪᠠᠷ ᠢᠶᠠᠨ ᠨᠡᠶᠢᠬᠡᠮ ᠵᠢᠷᠤᠮ ᠤᠨ ᠤᠳᠬ᠎ᠠ ᠤᠷᠠᠯᠢᠭ ᠪᠤᠯ ᠠᠷᠠᠳ ᠲᠦᠮᠡᠨ ᠤ ᠤᠳᠬ᠎ᠠ ᠤᠷᠠᠯᠢᠬ ᠪᠤᠯᠬᠤ ᠡᠨᠡ ᠬᠦ ᠮᠦᠨ ᠴᠢᠨᠠᠷ ᠢ ᠬᠦᠢᠴᠡᠳ | ᠲᠠᠶᠢᠯᠪᠤᠷᠢᠯᠠᠪᠠ᠃ ᠤᠯᠠᠭᠠᠨᠮᠥ᠋ᠴᠢᠷ ᠤᠨ ᠠᠩᠬᠢ ᠶᠢᠨ ᠬᠡᠰᠢᠬᠦᠳ ᠤᠨ ᠮᠠᠰᠢ ᠤᠯᠠᠨ ᠨᠢ ᠲᠠᠭᠤᠤ ᠪᠦᠵᠢᠭ ᠲᠤ ᠠᠪᠢᠶᠠᠰ ᠲᠠᠢ ᠮᠠᠯᠴᠢᠨ ᠲᠠᠷᠢᠶᠠᠴᠢᠨ᠂ ᠠᠵᠢᠯᠴᠢᠨ | ᠪᠤᠯᠤᠨ ᠪᠠᠶᠢᠭᠤᠯᠭ᠎ᠠ ᠶᠢᠨ ᠺᠠᠳ᠋ᠷ ᠤᠨ ᠲᠤᠮᠳᠠ ᠠᠴᠠ ᠢᠷᠡᠭᠰᠡᠨ ᠶᠤᠮ᠂ ᠲᠤᠭᠯᠠᠯᠳᠠ ᠭᠠᠷᠭᠠᠬᠤ ᠠᠴᠠ ᠭᠠᠳᠠᠨ᠎ᠠ᠂ ᠮᠠᠯᠴᠢᠳ ᠶᠠᠭᠤᠨ ᠳᠤ ᠶᠠᠭᠠᠷᠠᠪᠠᠯ ᠤᠯᠠᠭᠠᠨᠮᠥ᠋ᠴᠢᠷ | ᠤᠨ ᠠᠩᠬᠢ ᠶᠢᠨ ᠬᠡᠰᠢᠬᠦᠳ ᠲᠡᠷᠡ ᠠᠵᠢᠯ ᠢ ᠨᠢ ᠬᠠᠮᠵᠢᠨ ᠬᠢᠵᠤ᠂ ᠬᠤᠨᠢ ᠬᠠᠶᠢᠴᠢᠯᠠᠵᠤ᠂ ᠬᠤᠨᠢᠨ ᠤ ᠬᠠᠰᠢᠶ᠎ᠠ ᠰᠠᠷᠠᠪᠴᠢ ᠶᠢ ᠵᠠᠰᠠᠵᠤ᠂ ᠡᠪᠡᠰᠤ ᠬᠠᠳᠤᠵᠤ᠂ | ᠲᠦᠯ ᠲᠤᠰᠴᠤ᠂ ᠪᠠᠰᠠ ᠮᠠᠯᠴᠢᠳ ᠢ ᠬᠠᠪᠰᠤᠷᠤᠨ ᠴᠠᠬ᠂ ᠴᠠᠬᠢᠯᠭᠠᠨ ᠭᠡᠷᠡᠭᠰᠡᠯ᠂ ᠮᠤᠲ᠋ᠤᠷ ᠢ ᠨᠢ ᠰᠡᠯᠪᠢᠨ ᠵᠠᠰᠠᠬᠤ ᠪᠠ ᠦᠰᠤ ᠬᠡᠵᠢᠬᠡ ᠶᠢ ᠨᠢ ᠵᠠᠰᠠᠵᠤ᠂ ᠨᠠᠮ ᠤᠨ | ᠲᠠᠭᠤᠨ ᠢ ᠲᠠᠮᠵᠢᠭᠤᠯᠤᠭᠰᠠᠨ ᠢᠶᠠᠷ ᠪᠠᠷᠠᠬᠤ ᠦᠬᠡᠢ ᠮᠠᠯᠴᠢᠳ ᠲᠤ ᠪᠠᠶᠠᠷ ᠪᠠᠶᠠᠰᠬᠤᠯᠠᠩ ᠢ ᠠᠪᠴᠢᠷᠠᠵᠤ᠂ ᠦᠷᠬᠡᠨ ᠤᠯᠠᠨ ᠮᠠᠯᠴᠢᠨ ᠲᠠᠷᠢᠶᠠᠴᠢᠨ ᠳᠤ ᠰᠢᠨᠵᠢᠯᠡᠬᠦ | ᠤᠬᠠᠭᠠᠨ ᠰᠤᠶᠤᠯ᠂ ᠡᠮ ᠡᠮᠨᠡᠯᠬᠡ ᠶᠢᠨ ᠤᠶᠢᠯᠡᠴᠢᠯᠡᠭᠡ ᠪᠤᠯᠤᠨ ᠭᠡᠷᠡᠭᠯᠡᠬᠡᠨ ᠤ ᠮᠡᠷᠬᠡᠵᠢᠯ ᠢ ᠬᠦᠷᠬᠡᠵᠤ᠂ ᠮᠠᠯᠴᠢᠨ ᠲᠠᠷᠢᠶᠠᠴᠢᠨ ᠲᠠᠢ ᠬᠦᠨ ᠵᠤᠵᠠᠭᠠᠨ ᠬᠠᠶᠢᠷ᠎ᠠ | ᠰᠡᠳᠬᠢᠯᠬᠡ ᠲᠠᠢ ᠪᠤᠯᠵᠤ᠂ ᠤᠯᠠᠭᠠᠨᠮᠥ᠋ᠴᠢᠷ ᠤᠨ ᠲᠤᠭᠯᠠᠯᠳᠠ ᠪᠤᠯᠤᠨ ᠵᠢᠭᠠᠨ ᠵᠢᠯᠤᠭᠤᠳᠤᠯᠭ᠎ᠠ ᠪᠠᠷ ᠲᠠᠮᠵᠢᠨ ᠮᠠᠯᠵᠢᠬᠤ ᠤᠷᠤᠨ ᠳᠤ ᠤᠳᠬ᠎ᠠ ᠤᠷᠠᠯᠢᠬ ᠤᠨ ᠮᠡᠳᠡᠯᠬᠡ | ᠶᠢ ᠲᠦᠬᠡᠮᠡᠯᠵᠢᠬᠦᠯᠬᠦ ᠪᠠ ᠲᠡᠷᠢᠬᠦᠨ ᠤ ᠰᠤᠶᠤᠯ ᠢ ᠲᠠᠮᠵᠢᠭᠤᠯᠬᠤ ᠶᠢ ᠶᠡᠭᠡ ᠪᠠᠷ ᠠᠬᠢᠭᠤᠯᠪᠠ᠃ ᠤᠯᠠᠭᠠᠨᠮᠦ᠋ᠴᠢᠷ ᠤᠨ ᠭᠡᠰᠢᠬᠦᠳ ᠠᠷᠠᠳ ᠲᠦᠮᠡᠨ ᠳᠤ ᠦᠢᠯᠡᠴᠢᠯᠡᠬᠦ | ᠦᠢᠯᠡᠳᠦᠯᠭᠡ ᠶᠢᠨ ᠲᠤᠮᠳᠠ ᠪᠠᠨ ᠪᠤᠰᠤᠳ ᠢ ᠨᠦᠯᠦᠭᠡᠯᠡᠵᠤ᠂ ᠪᠠᠰᠠ ᠦᠪᠡᠷ ᠢ ᠪᠠᠨ ᠬᠦᠮᠦᠵᠢᠬᠦᠯᠵᠠᠢ᠃ ᠲᠡᠳᠡ ᠨᠢᠭᠡ ᠲᠠᠯ᠎ᠡ ᠪᠠᠷ ᠲᠤᠬᠯᠠᠯᠳᠠ ᠭᠠᠷᠭᠠᠨ ᠨᠦᠬᠦᠭᠡ | ᠲᠠᠯ᠎ᠡ ᠪᠠᠷ ᠠᠷᠠᠳ ᠤᠨ ᠲᠤᠮᠳᠠᠬᠢ ᠤᠷᠠᠯᠢᠭ ᠢ ᠴᠤᠬᠯᠠᠭᠤᠯᠤᠨ ᠡᠮᠬᠢᠳᠭᠡᠵᠤ᠂ ᠠᠮᠢᠳᠤᠷᠠᠯ ᠤᠨ ᠦᠢᠯᠡᠳᠦᠯᠭᠡ ᠲᠤᠮᠳᠠ ᠠᠴᠠ ᠤᠶᠤᠨ ᠤᠬᠠᠭᠠᠨ ᠰᠢᠩᠭᠡᠭᠡᠵᠤ᠂ | ᠡᠬᠦᠳᠤᠨ ᠪᠦᠳᠦᠭᠡᠬᠦ ᠠᠪᠢᠶᠠᠰ ᠪᠢᠯᠢᠭ ᠢᠶᠠᠨ ᠬᠦᠭᠵᠢᠭᠡᠵᠤ᠂ ᠮᠠᠰᠢ ᠤᠯᠠᠨ ᠰᠢᠯᠢᠳᠡᠭ ᠪᠦᠳᠦᠭᠡᠯ ᠢ ᠡᠬᠦᠳᠤᠨ ᠪᠦᠳᠦᠭᠡᠭᠰᠡᠨ ᠪᠠᠶᠢᠨ᠎ᠠ᠂ ᠵᠢᠱᠢᠶᠠᠯᠡᠪᠡᠯ ︽ᠠᠶᠠᠭᠠᠨ | ᠪᠦᠵᠢᠭ︾᠂ ︽ ᠤᠷᠳᠤᠰ ᠬᠤᠷᠢᠮ︾᠂ ︽ᠰᠠᠪᠬᠠᠨ ᠪᠦᠵᠢᠭ︾ ᠵᠡᠷᠭᠡ ᠨᠢ ᠴᠦᠮ ᠬᠦᠮᠦᠰ ᠤᠨ ᠰᠡᠳᠬᠢᠯ ᠳᠤ ᠰᠠᠶᠢᠨ ᠰᠠᠶᠢᠬᠠᠨ ᠰᠠᠭᠤᠬᠳᠠᠯ ᠦᠯᠡᠳᠡᠭᠡᠭᠰᠡᠨ | ᠪᠦᠭᠡᠳ ᠪᠠᠰᠠ ᠤᠯᠠᠭᠠᠨᠮᠦ᠋ᠴᠢᠷ ᠠᠴᠠ ᠴᠤᠯᠭᠤᠷᠠᠬᠰᠡᠨ ᠨᠢᠭᠡ ᠪᠦᠯᠦᠭ ᠤᠷᠠᠯᠢᠬᠴᠢᠨ ᠢ ᠬᠦᠮᠦᠰ ᠲᠤ ᠮᠡᠳᠡᠭᠦᠯᠪᠡ᠃ | ᠤᠭ ᠴᠢᠨᠠᠷ ᠢᠶᠠᠨ ᠡᠬᠦᠷᠢᠳᠠ ᠬᠠᠳᠠᠭᠠᠯᠠᠵᠤ᠂ ᠬᠠᠷᠠᠮ ᠦᠭᠡᠢ ᠵᠤᠷᠢᠭᠤᠯᠪᠠ᠃ ᠤᠯᠠᠭᠠᠨᠮᠦ᠋ᠴᠢᠷ ᠤᠨ ᠮᠠᠨᠳᠤᠯᠡᠭᠰᠡᠨ ᠶᠠᠪᠤᠳᠠᠯ ᠪᠤᠯ ᠨᠠᠮ ᠤᠨ ᠤᠳᠬ᠎ᠠ ᠤᠷᠠᠯᠢᠭ | ᠤᠨ ᠱᠤᠭᠤᠮ ᠤᠨ ᠴᠦᠭᠡᠨ ᠲᠤᠭᠠᠳᠤ ᠦᠨᠳᠦᠰᠦᠳᠡᠨ ᠤ ᠭᠠᠵᠠᠷ ᠤᠷᠤᠨ ᠳᠠᠬᠢ ᠠᠮᠵᠢᠯᠳᠠ ᠲᠠᠢ ᠦᠢᠯᠡᠳᠦᠯᠭᠡ ᠮᠦᠨ᠂ ᠮᠠᠨᠳᠤᠯᠡᠭᠰᠡᠨ ᠠᠴᠠ ᠪᠠᠨ ᠠᠪᠤᠭᠠᠳ | ᠲᠡᠷᠨ ᠨᠢ ᠢᠯᠭᠤᠮ ᠳᠤᠳᠤ ᠪᠦᠭᠡᠳ ᠬᠦᠨ ᠵᠤᠵᠠᠭᠠᠨ ᠬᠤᠪᠢᠰᠬᠠᠯᠳᠤ ᠤᠳᠤᠮᠰᠢᠯ ᠲᠠᠢ ᠪᠠᠶᠢᠵᠤ᠂ ᠨᠢᠭᠡᠨ ᠰᠠᠯᠠᠭ᠎ᠠ ᠬᠤᠪᠢᠰᠬᠠᠯᠵᠢᠬᠰᠡᠨ᠂ ᠦᠨᠳᠦᠰᠦᠳᠡᠨᠴᠢᠯᠡᠭᠰᠡᠡ | ᠂ ᠤᠯᠠᠨ ᠲᠦᠮᠡᠨᠴᠢᠯᠡᠭᠰᠡᠡ ᠤᠳᠬ᠎ᠠ ᠤᠷᠠᠯᠢᠭ ᠤᠨ ᠠᠵᠢᠯ ᠤᠨ ᠡᠩᠨᠡᠭᠡ ᠪᠤᠯᠪᠠ᠃ ᠤᠯᠠᠭᠠᠨᠮᠦ᠋ᠴᠢᠷ ᠤᠨ ᠤᠳᠠᠭ᠎ᠠ ᠪᠤᠯᠭᠠᠨ ᠤ ᠲᠤᠬᠯᠠᠯᠳᠠ ᠨᠢ ᠪᠦᠷ ᠡᠨᠡ ᠬᠦ | ᠬᠤᠭᠤᠴᠠᠭᠠᠨ ᠤ ᠨᠠᠮ ᠤᠨ ᠴᠢᠭᠯᠡᠯᠳᠠ ᠲᠦᠷᠦ ᠶᠢᠨ ᠪᠤᠳᠤᠯᠭ᠎ᠠ ᠶᠢ ᠦᠨᠳᠦᠰᠦᠨ ᠱᠠᠳᠤᠨ ᠳᠤ ᠲᠠᠮᠵᠢᠭᠤᠯᠵᠤ ᠪᠠᠶᠢᠪᠠ᠂ ᠬᠡᠳᠦᠶᠢᠪᠡᠷ ᠮᠠᠯᠵᠢᠬᠤ ᠤᠷᠤᠨ ᠠᠯᠤᠰ | ᠪᠤᠶᠢᠳᠠ᠂ ᠰᠠᠭᠤᠷᠢᠰᠢᠯ ᠲᠠᠷᠠᠬᠠᠢ ᠪᠤᠳᠠᠷᠬᠠᠢ᠂ ᠮᠡᠳᠡᠭᠡ ᠬᠤᠯᠪᠤᠭᠠᠨ ᠤ ᠨᠦᠬᠦᠴᠡᠯ ᠠᠨᠠᠢ ᠪᠤᠯᠪᠠᠴᠤ ᠮᠠᠯᠵᠢᠬᠤ ᠤᠷᠤᠨ ᠤ ᠮᠡᠳᠡᠭᠡ ᠵᠠᠩᠭᠢ ᠲᠦᠭᠵᠢᠮᠡᠯ ᠪᠢᠰᠢ | ᠪᠠᠶᠢᠵᠤ᠂ ᠮᠠᠯᠴᠢᠨ ᠤᠯᠠᠨ ᠲᠦᠮᠡᠨ ᠨᠠᠮ ᠳᠤ ᠪᠠᠨ ᠬᠦᠨ ᠵᠤᠵᠠᠭᠠᠨ ᠬᠠᠶᠢᠷ᠎ᠠ ᠰᠡᠳᠬᠢᠯᠭᠡ ᠲᠠᠢ ᠪᠠᠶᠢᠵᠤ᠂ ᠢᠮᠠᠬᠳᠠ ᠤᠬᠠᠮᠰᠠᠷ ᠲᠠᠢ᠂ ᠬᠠᠷᠢᠭᠤᠴᠠᠯᠭ᠎ᠠ ᠲᠠᠢ | ᠪᠠᠶᠢᠳᠠᠭ᠃ ᠲᠡᠭᠡᠷ᠎ᠡ ᠵᠠᠭᠤᠨ ᠤ ᠲᠠᠪᠢ ᠵᠢᠷᠠᠭᠠᠳ ᠣᠨ ᠳᠤ᠂ ᠲᠠᠯ᠎ᠡ ᠨᠤᠳᠤᠭ ᠤᠨ ᠡᠵᠢ ᠱᠠᠩᠬᠠᠢ ᠶᠢᠨ ᠦᠨᠦᠴᠢᠨ ᠭᠡᠤᠭᠡᠳ ᠢ ᠡᠷᠬᠦᠨ ᠲᠠᠵᠢᠭᠡᠵᠤ᠂ ᠲᠠᠯ᠎ᠡ | ᠨᠤᠳᠤᠭ ᠤᠨ ᠪᠢᠴᠢᠬᠠᠨ ᠪᠠᠭᠠᠳᠤᠷ ᠡᠭᠡᠴᠢ ᠦᠬᠢᠨ ᠲᠡᠬᠦᠤ᠂ ᠡᠵᠡᠨ᠎ᠡ ᠬᠤᠰᠢᠭᠤᠨ ᠤ ᠠᠷᠠᠳ ᠲᠦᠮᠡᠨ ᠤᠯᠤᠰ ᠤᠨ ᠪᠠᠳᠤᠯᠠᠨ ᠬᠠᠮᠠᠭᠠᠯᠠᠯᠳᠠ ᠶᠢᠨ ᠪᠠᠶᠢᠭᠤᠯᠤᠯᠳᠠ | ᠶᠢ ᠲᠠᠮᠵᠢᠭᠰᠡᠨ ᠵᠡᠷᠭᠡ ᠠᠮᠢᠳᠤᠯᠢᠭ ᠦᠢᠯᠡ ᠶᠠᠪᠤᠳᠠᠯ ᠨᠢ ᠲᠠᠯ᠎ᠡ ᠨᠤᠳᠤᠭ ᠤᠨ ᠬᠦᠪᠡᠬᠦᠳ ᠦᠬᠢᠳ ᠤᠨ ᠨᠠᠮ ᠢᠶᠠᠨ ᠪᠤᠲᠤᠬᠤ᠂ ᠨᠠᠮ ᠤᠨ ᠦᠭᠡ ᠶᠢ ᠰᠤᠨᠤᠰᠬᠤ᠂ | ᠨᠠᠮ ᠢᠶᠠᠨ ᠲᠠᠭᠠᠬᠤ ᠡᠷᠡᠰ ᠪᠠᠳᠤ ᠢᠳᠡᠭᠡᠯ ᠵᠤᠷᠢᠭ ᠢ ᠬᠦᠢᠴᠡᠳ ᠢᠯᠡᠷᠠᠬᠦᠯᠵᠤ᠂ ᠦᠨᠳᠦᠰᠦᠳᠡᠨ ᠨᠦᠭᠦᠳ ᠤᠨ ᠠᠷᠠᠳ ᠲᠦᠮᠡᠨ ᠤ ᠶᠡᠭᠡ ᠲᠠᠯ᠎ᠡ ᠶᠢᠨ ᠤᠬᠠᠮᠰᠠᠷ᠂ | ᠡᠭᠡ ᠤᠷᠤᠨᠴᠢ ᠰᠡᠳᠬᠢᠯᠭᠡ ᠶᠢ ᠢᠯᠡᠷᠠᠬᠦᠯᠪᠡ᠂ ᠡᠳᠡᠭᠡᠷ ᠨᠢ ᠪᠠᠰᠠ ᠤᠯᠠᠭᠠᠨᠮᠦ᠋ᠴᠢᠷ ᠤᠨ ᠬᠠᠷᠠᠮ ᠦᠭᠡᠢ ᠵᠢᠳᠬᠦᠨ ᠵᠤᠷᠢᠭᠤᠯᠤᠭᠰᠠᠠ ᠲᠠᠢ ᠰᠠᠯᠵᠤ ᠪᠤᠯᠤᠰᠢ ᠦᠭᠡᠢ | ᠶᠤᠮ᠃ ᠤᠯᠠᠭᠠᠨᠮᠦ᠋ᠴᠢᠷ ᠤᠨ ᠬᠢᠨ ᠦᠪᠡᠷ ᠤᠨ ᠪᠤᠳᠠᠳᠤ ᠠᠵᠢᠯᠯᠠᠭ᠎ᠠ ᠪᠠᠷ ᠢᠶᠠᠨ ᠦᠷᠭᠡᠨ ᠤᠯᠠᠨ ᠮᠠᠯᠴᠢᠨ ᠲᠦᠮᠡᠨ ᠤ ᠢᠳᠡᠭᠡᠯ ᠢ ᠤᠯᠵᠤ᠂ ᠮᠠᠯᠴᠢᠳ | ᠤᠯᠠᠭᠠᠨᠮᠦ᠋ᠴᠢᠷ ᠤᠨ ᠭᠡᠰᠢᠬᠦᠳ ᠢ ︽ᠮᠠᠨ ᠤ ᠭᠡᠤᠭᠡᠳ︾ ᠭᠡᠵᠤ ᠲᠠᠭᠤᠳᠠᠳᠠᠭ᠃ | ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠵᠤ᠂ ᠰᠢᠷᠭᠠᠭᠤ ᠲᠠᠮᠠᠴᠠᠪᠡ᠃ ᠤᠯᠠᠭᠠᠨᠮᠦ᠋ᠴᠢᠷ ᠤᠨ ᠭᠡᠰᠢᠬᠦᠳ ᠤᠨ ᠲᠤᠳᠤᠷ᠎ᠡ ᠮᠤᠩᠭᠤᠯ ᠦᠨᠳᠦᠰᠦᠳᠡᠨ᠂ | ᠬᠢᠳᠡᠳ ᠦᠨᠳᠦᠰᠦᠳᠡᠨ ᠪᠠᠶᠢᠬᠤ ᠪᠠᠷ ᠪᠠᠷᠠᠬᠤ ᠦᠭᠡᠢ ᠪᠠᠰᠠ ᠪᠤᠰᠤᠳ ᠴᠦᠭᠡᠨ ᠲᠤᠭᠠᠳᠤ ᠦᠨᠳᠦᠰᠦᠳᠡᠨ ᠪᠠᠶᠢᠳᠠᠭ᠂ ᠡᠶᠢᠨ ᠬᠦ ᠤᠯᠠᠭᠠᠨᠮᠦ᠋ᠴᠢᠷ ᠨᠢ ᠲᠠᠷᠤᠢ ᠨᠢᠭᠡᠨ | ᠤᠯᠠᠨ ᠦᠨᠳᠦᠰᠦᠳᠡᠨ ᠲᠠᠢ ᠶᠡᠭᠡ ᠬᠡᠷ ᠪᠦᠯᠢ ᠪᠠᠶᠢᠵᠤ᠂ ᠤᠯᠠᠨ ᠢᠶᠠᠷ ᠢᠶᠠᠨ ᠬᠠᠷᠢᠯᠴᠠᠨ ᠰᠤᠷᠤᠯᠴᠠᠵᠤ᠂ ᠬᠠᠷᠢᠯᠴᠠᠨ ᠪᠠᠭ᠋ᠠᠷᠬᠠᠵᠤ᠂ ᠡᠬᠦᠨ ᠤ ᠬᠠᠮᠳᠤ ᠦᠷᠭᠡᠨ | ᠤᠯᠠᠨ ᠮᠠᠯᠴᠢᠨ ᠲᠠᠷᠢᠶᠠᠴᠢᠨ ᠲᠠᠢ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠵᠤ᠂ ᠬᠠᠮᠳᠤ ᠪᠠᠷ ᠲᠠᠮᠠᠴᠡᠵᠤ᠂ ᠦᠨᠳᠦᠰᠦᠳᠡᠨ ᠨᠦᠭᠦᠳ ᠶᠠᠪᠤᠯᠴᠠᠵᠤ ᠰᠤᠯᠢᠯᠴᠠᠵᠤ | ᠨᠡᠶᠢᠯᠡᠯᠳᠤᠵᠤ ᠨᠢᠭᠡᠨ ᠬᠡᠷ ᠪᠦᠯᠢ ᠮᠠᠳᠤ ᠲᠤᠳᠤᠨᠤ ᠪᠠᠶᠢᠵᠤ᠂ ᠤᠯᠠᠭᠠᠨᠮᠦ᠋ᠴᠢᠷ ᠤᠨ ᠬᠢᠨ ᠶᠡᠷᠤ ᠨᠢ ᠦᠨᠳᠦᠰᠦᠳᠡᠨ ᠤ ᠪᠦᠯᠬᠦᠮᠳᠡᠯ ᠤᠨ ᠭᠡᠪ ᠲᠠᠭᠤᠷᠢᠶᠠᠯ | ᠪᠤᠯᠤᠭᠰᠠᠭᠠᠷ ᠢᠷᠡᠪᠡ᠃ ᠬᠦᠭᠡ ᠲᠡᠭᠷᠢ ᠪᠠᠷ ᠬᠦᠰᠢᠭᠡ ᠪᠠᠨ ᠪᠤᠯᠭᠠᠵᠤ ᠬᠦᠳᠡᠭᠡ ᠲᠠᠯ᠎ᠡ ᠪᠠᠷ ᠲᠠᠶᠢᠰᠠ ᠪᠠᠨ ᠪᠤᠯᠭᠠᠬᠤ ᠨᠢ ᠤᠯᠠᠭᠠᠨᠮᠦ᠋ᠴᠢᠷ ᠤᠨ ᠬᠢᠨ ᠤ ᠬᠦᠴᠢᠷ ᠢ | ᠪᠠᠶᠠᠰᠤᠯ ᠢᠶᠠᠷ ᠦᠵᠡᠵᠤ᠂ ᠰᠢᠷᠭᠠᠭᠤ ᠬᠠᠲᠠᠭᠤᠵᠢᠯᠲᠠᠢ ᠲᠠᠮᠠᠴᠡᠭᠰᠡᠡ ᠦᠨᠡᠨ ᠪᠤᠳᠠᠳᠠᠢ ᠵᠢᠷᠤᠬᠯᠡᠯ ᠪᠤᠯᠤᠨ᠎ᠠ᠂ ᠤᠯᠠᠭᠠᠨᠮᠦ᠋ᠴᠢᠷ ᠪᠠᠶᠢᠭᠤᠯᠤᠬᠳᠠᠬᠰᠠᠨ ᠡᠬᠢᠨ ᠤ | ᠬᠤᠭᠤᠴᠠᠭᠠᠨ ᠳᠤ᠂ ᠭᠡᠰᠢᠬᠦᠳ ᠦᠪᠡᠷ ᠤᠨ ᠬᠦᠴᠤ ᠪᠠᠷ ᠢᠶᠠᠨ ᠲᠡᠭᠵᠢᠷᠠᠵᠤ᠂ ᠦᠪᠡᠷᠳᠡᠭᠡᠨ ᠭᠠᠷ ᠬᠦᠳᠡᠯᠦᠨ ᠪᠠᠶᠢᠷᠢ ᠶᠢᠨ ᠭᠡᠷ᠂ ᠪᠤᠯᠪᠠᠰᠤᠷᠠᠯ ᠤᠨ ᠭᠡᠷ ᠢᠶᠠᠨ | ᠪᠠᠶᠢᠭᠤᠯᠵᠤ᠂ ᠦᠪᠡᠷᠳᠡᠭᠡᠨ ᠭᠠᠷ ᠬᠦᠳᠡᠯᠦᠨ ᠬᠤᠪᠴᠠᠰᠤ ᠬᠤᠨᠠᠷ ᠪᠠᠭᠠᠵᠢ ᠭᠡᠷᠡᠭᠰᠡᠯ ᠢᠶᠠᠨ ᠬᠢᠵᠤ ᠦᠢᠯᠡᠳᠤᠨ᠂ ᠲᠠᠪᠬᠤᠷ ᠲᠠᠪᠬᠤᠷ ᠬᠦᠴᠢᠷ ᠪᠡᠷᠭᠡᠰᠢᠶᠠᠯ ᠢ ᠢᠯᠡᠨ | ᠲᠠᠪᠠᠵᠤ᠂ ᠦᠷᠭᠡᠨ ᠠᠭᠤᠳᠠᠮ ᠲᠠᠯ᠎ᠡ ᠨᠤᠳᠤᠭ ᠢᠶᠠᠷ ᠲᠤᠭᠯᠠᠯᠲᠠ ᠭᠠᠷᠭᠠᠵᠤ ᠶᠠᠪᠤᠪᠠ᠃ ᠦᠭᠡᠷᠡᠴᠢᠯᠡᠯᠲᠡ ᠨᠡᠬᠡᠭᠡᠯᠲᠡ ᠬᠢᠭᠰᠡᠨ ᠤ ᠳᠠᠷᠠᠭ᠎ᠠ᠂ ᠤᠯᠠᠭᠠᠨᠮᠦ᠋ᠴᠢᠷ | ᠤᠨ ᠬᠢᠨ ᠦᠷᠭᠦᠯᠵᠢᠯᠡᠨ ᠰᠢᠷᠭᠠᠭᠤ ᠬᠠᠲᠠᠭᠤᠵᠢᠯᠲᠠᠢ ᠲᠡᠮᠡᠴᠡᠬᠦ ᠤᠯᠠᠮᠵᠢᠯᠠᠯ ᠢᠶᠠᠨ ᠬᠠᠳᠠᠭᠠᠯᠠᠵᠤ᠂ ᠠᠵᠤ ᠠᠬᠤᠢ ᠶᠢᠨ ᠶᠡᠭᠡ ᠤᠷᠤᠰᠬᠠᠯ ᠳᠤᠮᠳᠠᠬᠢ ᠡᠯ᠎ᠡ ᠵᠦᠢᠯ | ᠤᠨ ᠠᠰᠢᠭ ᠲᠤᠰᠠ ᠶᠢᠨ ᠦᠳᠦᠭᠡᠯᠭᠡ ᠶᠢ ᠲᠡᠪᠴᠢᠨ᠂ ᠢᠲᠡᠭᠡᠯ ᠪᠢᠰᠢᠷᠡᠯ ᠢᠶᠠᠨ ᠢᠮᠠᠭᠲᠠ ᠪᠠᠷᠢᠮᠲᠠᠯᠠᠵᠤ᠂ ᠦᠨᠳᠦᠰᠦᠨ ᠱᠠᠲᠤᠨ ᠳᠤ ᠬᠠᠨᠳᠤᠵᠤ᠂ ᠬᠦᠳᠡᠭᠡ | ᠲᠤᠰᠬᠤᠨ ᠮᠠᠯᠵᠢᠬᠤ ᠤᠷᠤᠨ ᠳᠤ ᠬᠠᠨᠳᠤᠵᠤ᠂ ᠠᠬᠠᠮᠠᠳ ᠭᠡᠰᠢᠭᠦᠳ ᠦᠪᠡᠷ ᠤᠨ ᠪᠡᠶ᠎ᠡ ᠪᠠᠷ ᠢᠶᠠᠨ ᠤᠯᠠᠮᠵᠢᠯᠠᠨ ᠵᠢᠭᠠᠵᠤ᠂ ᠤᠯᠠᠭᠠᠨᠮᠦ᠋ᠴᠢᠷ ᠤᠨ ᠰᠢᠯᠢᠳᠡᠭ | ᠤᠯᠠᠮᠵᠢᠯᠠᠯ᠂ ᠰᠠᠶᠢᠨ ᠰᠠᠶᠢᠬᠠᠨ ᠰᠤᠷᠲᠠᠯ ᠢ ᠤᠯᠠᠮᠵᠢᠯᠠᠵᠤ᠂ ᠤᠯᠠᠭᠠᠨᠮᠦ᠋ᠴᠢᠷ ᠤᠨ ᠦᠢᠯᠡᠰ ᠢ ᠦᠶ᠎ᠡ ᠶᠢᠨ ᠦᠶ᠎ᠡ ᠳᠤ ᠵᠠᠯᠭᠠᠮᠵᠢᠯᠠᠨ᠂ ︽ᠬᠤᠪᠢᠰᠬᠠᠯᠲᠦ ᠤᠳᠬ᠎ᠠ | ᠤᠷᠠᠯᠢᠭ ᠤᠨ ᠬᠦᠡᠭᠭᠡᠨ ᠮᠤᠷᠢᠲᠤ ᠴᠡᠷᠢᠭ︾ ᠬᠡᠭᠦ ᠡᠨᠡ ᠬᠦ ᠲᠤᠭ ᠢ ᠨᠡᠩ ᠭᠡᠷᠡᠯ ᠰᠠᠴᠤᠷᠠᠩᠭᠤᠢ ᠪᠤᠯᠭᠠᠪᠠ᠃ | ᠭᠤᠷᠪᠠ | ᠶᠡᠷᠦᠩᠬᠡᠢ ᠱᠦᠵᠢ ᠰᠢ ᠶᠢᠨ ᠫᠢᠩ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠢᠯᠡᠳᠭᠡᠯ ᠳᠤ᠄ ︽ ᠤᠳᠤ ᠦᠶ᠎ᠡ ᠶᠢᠨ ᠳᠤᠮᠳᠠᠳᠤ ᠤᠯᠤᠰ ᠤᠨ ᠡᠪ | ᠬᠠᠮᠲᠤᠴᠤᠳ ᠪᠤᠯᠤᠨ ᠳᠤᠮᠳᠠᠳᠤ ᠤᠯᠤᠰ ᠤᠨ ᠠᠷᠠᠳ ᠲᠦᠮᠡᠨ ᠰᠢᠨ᠎ᠡ ᠰᠤᠶᠤᠯ ᠤᠨ ᠡᠭᠦᠷᠭᠡ ᠶᠢ ᠡᠭᠦᠷᠭᠡᠯᠡᠬᠦ ᠶᠤᠰᠤᠲᠠᠢ ᠮᠦᠷᠲᠡᠭᠡᠨ ᠵᠠᠪᠠᠯ ᠡᠭᠦᠷᠭᠡᠯᠡᠬᠦ ᠬᠡᠷᠡᠭᠲᠡᠢ | ᠪᠠᠶᠢᠵᠤ᠂ ᠦᠢᠯᠡᠳᠦᠯᠭᠡ ᠶᠢᠨ ᠡᠭᠦᠳᠦᠨ ᠪᠦᠲᠦᠭᠡᠯᠲᠡ ᠳᠤᠮᠳᠠ ᠰᠤᠶᠤᠯ ᠤᠨ ᠡᠭᠦᠳᠦᠨ ᠪᠦᠲᠦᠭᠡᠯᠲᠡ ᠬᠢᠵᠦ᠂ ᠲᠡᠤᠬᠡ ᠶᠢᠨ ᠳᠠᠪᠰᠢᠯᠲᠠ ᠳᠤᠮᠳᠠ ᠰᠤᠶᠤᠯ ᠤᠨ | ᠳᠠᠪᠰᠢᠯᠲᠠ ᠶᠢ ᠪᠡᠶᠡᠯᠡᠭᠦᠯᠬᠦ ᠬᠡᠷᠡᠭᠲᠡᠢ︕︾ ᠭᠡᠵᠦ ᠵᠢᠭᠠᠵᠤ ᠭᠠᠷᠭᠠᠪᠠ᠃ ᠰᠢᠨ᠎ᠡ ᠴᠠᠭ ᠦᠶ᠎ᠡ ᠳᠤ ᠤᠯᠠᠭᠠᠨᠮᠦ᠋ᠴᠢᠷ ᠰᠢᠨ᠎ᠡ ᠲᠡᠤᠬᠡᠲᠦ ᠡᠭᠦᠷᠭᠡ ᠶᠢ ᠡᠭᠦᠷᠭᠡᠯᠡᠬᠦ ᠨᠢ | ᠵᠠᠶᠢᠯᠠᠰᠢ ᠦᠭᠡᠢ ᠶᠤᠮ᠃ | ᠨᠢᠭᠡᠳᠦᠭᠡᠷ ᠲᠤ᠂ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠶᠢ | ᠤᠬᠠᠭᠤᠯᠬᠤ ᠰᠢᠨ᠎ᠡ ᠡᠭᠦᠷᠭᠡ ᠬᠠᠷᠢᠭᠤᠴᠠᠯᠭ᠎ᠠ ᠶᠢ ᠡᠭᠦᠷᠭᠡᠯᠡᠬᠦ ᠬᠡᠷᠡᠭᠲᠡᠢ᠃ ᠤᠯᠠᠭᠠᠨᠮᠦ᠋ᠴᠢᠷ ᠦᠪᠡᠷ ᠤᠨ ᠦᠪᠡᠷᠮᠢᠴᠡ ᠳᠠᠪᠠᠭᠤᠯᠢᠭ ᠢᠶᠠᠨ ᠭᠦᠢᠴᠡᠳ ᠪᠠᠳᠠᠷᠠᠭᠤᠯᠵᠤ᠂ | ᠤᠷᠠᠯᠢᠭ ᠤᠨ ᠵᠤᠬᠢᠶᠠᠨ ᠪᠦᠲᠦᠭᠡᠬᠦ ᠲᠦᠪᠰᠢᠨ ᠢᠶᠠᠨ ᠲᠠᠰᠤᠷᠠᠯᠲᠠ ᠦᠭᠡᠢ ᠳᠡᠭᠡᠭᠰᠢᠯᠡᠭᠦᠯᠵᠦ᠂ ᠪᠠᠶᠠᠯᠢᠭ ᠰᠠᠶᠢᠬᠠᠨ ᠤᠳᠬ᠎ᠠ ᠤᠷᠠᠯᠢᠭ ᠤᠨ ᠬᠡᠯᠪᠡᠷᠢ ᠪᠠᠷ ︽ | ᠬᠤᠤᠰ ᠵᠠᠭᠤᠨ ᠵᠢᠯ︾ ᠤᠨ ᠲᠡᠮᠡᠴᠡᠬᠦ ᠬᠠᠷᠠᠯᠲᠠ ᠪᠤᠯᠤᠨ ᠳᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠦᠨᠳᠦᠰᠦᠨ ᠠᠷᠭ᠎ᠠ ᠪᠤᠳᠤᠯᠭ᠎ᠠ ᠶᠢ | ᠦᠷᠭᠡᠨ ᠢᠶᠠᠷ ᠤᠬᠠᠭᠤᠯᠵᠤ᠂ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠶᠢ | ᠤᠳᠬ᠎ᠠ ᠤᠷᠠᠯᠢᠭ ᠤᠨ ᠬᠡᠯᠪᠡᠷᠢ ᠪᠠᠷ ᠲᠠᠯ᠎ᠠ ᠨᠤᠲᠤᠭ ᠲᠤ ᠳᠡᠯᠭᠡᠷᠡᠭᠦᠯᠵᠦ᠂ ᠦᠷᠭᠡᠨ ᠤᠯᠠᠨ ᠺᠠᠳ᠋ᠷ ᠤᠯᠠᠨ ᠲᠦᠮᠡᠨ ᠤ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ | ᠪᠡᠶᠡᠯᠡᠭᠦᠯᠬᠦ ᠰᠢᠢᠳᠪᠦᠷᠢᠲᠦ ᠢᠯᠠᠯᠲᠠ ᠶᠢ ᠤᠯᠵᠤ᠂ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠠᠭᠤᠤ ᠶᠡᠭᠡ | ᠢᠯᠠᠯᠲᠠ ᠶᠢ ᠲᠡᠮᠡᠴᠡᠨ ᠤᠯᠬᠤ ᠪᠤᠲᠠᠲᠠᠢ ᠦᠢᠯᠡᠳᠦᠯᠭᠡ ᠪᠤᠯᠭᠠᠨ ᠬᠤᠪᠢᠷᠠᠭᠤᠯᠬᠤ ᠬᠡᠷᠡᠭᠲᠡᠢ᠃ | ᠬᠤᠶᠠᠳᠤᠭᠠᠷ ᠲᠤ᠂ ᠨᠡᠶᠢᠭᠡᠮ ᠵᠢᠷᠤᠮᠲᠤ ᠰᠤᠶᠤᠯ ᠤᠨ ᠴᠡᠴᠡᠭᠯᠡᠯ ᠪᠠᠳᠠᠷᠠᠯ ᠢ ᠠᠬᠢᠭᠤᠯᠬᠤ ᠰᠢᠨ᠎ᠡ ᠡᠭᠦᠷᠭᠡ ᠬᠠᠷᠢᠭᠤᠴᠠᠯᠭ᠎ᠠ ᠶᠢ ᠡᠭᠦᠷᠭᠡᠯᠡᠬᠦ ᠬᠡᠷᠡᠭᠲᠡᠢ᠃ | ᠶᠡᠷᠦᠩᠬᠡᠢ ᠱᠦᠵᠢ ᠰᠢ ᠶᠢᠨ ᠫᠢᠩ᠄ ︽ᠰᠤᠶᠤᠯ ᠪᠤᠯ ᠨᠢᠭᠡ ᠤᠯᠤᠰ᠂ ᠨᠢᠭᠡ ᠦᠨᠳᠦᠰᠦᠲᠡᠨ ᠤ ᠰᠦᠭ ᠰᠦᠨᠡᠰᠦ ᠮᠦᠨ᠃ ᠰᠤᠶᠤᠯ ᠮᠠᠨᠳᠤᠪᠠᠯ ᠤᠯᠤᠰ ᠮᠠᠨᠳᠤᠵᠤ᠂ | ᠰᠤᠶᠤᠯ ᠬᠦᠴᠦᠷᠬᠡᠭ ᠪᠤᠯ ᠦᠨᠳᠦᠰᠦᠲᠡᠨ ᠬᠦᠴᠦᠷᠭᠡᠭ ᠪᠤᠯᠤᠨ᠎ᠠ︾᠂ ︽ᠮᠠᠨ ᠤ ᠤᠯᠤᠰ ᠤᠨ ᠴᠦᠬᠡᠨ ᠲᠤᠭᠠᠲᠤ ᠦᠨᠳᠦᠰᠦᠲᠡᠨ ᠳᠠᠭᠤᠯᠠᠵᠤ | ᠪᠦᠵᠢᠭᠯᠡᠬᠦ ᠳᠡᠭᠡᠨ ᠠᠪᠢᠶᠠᠰ ᠲᠠᠢ ᠪᠠᠶᠢᠵᠤ᠂ ᠤᠷᠲᠤ ᠬᠤᠭᠤᠴᠠᠭᠠᠨ ᠤ ᠲᠤᠷᠰᠢᠳᠡ ᠡᠯᠪᠡᠭ ᠪᠠᠶᠠᠯᠢᠭ ᠢᠷᠠᠭᠤ ᠰᠠᠶᠢᠬᠠᠨ ᠤᠳᠬ᠎ᠠ ᠤᠷᠠᠯᠢᠭ ᠤᠨ ᠦᠷ᠎ᠡ | ᠪᠦᠲᠦᠭᠡᠯ ᠲᠠᠢ ᠪᠤᠯᠵᠠᠢ᠂ ᠡᠨᠡ ᠪᠤᠯ ᠮᠠᠨ ᠤ ᠤᠯᠤᠰ ᠤᠨ ᠤᠳᠬ᠎ᠠ ᠤᠷᠠᠯᠢᠭ ᠤᠨ ᠦᠨᠡᠲᠦ ᠡᠷᠳᠡᠨᠢ ᠮᠦᠨ᠂ ᠰᠠᠶᠢᠲᠤᠷ ᠬᠠᠮᠠᠭᠠᠯᠠᠨ᠂ ᠰᠠᠶᠢᠲᠤᠷ ᠬᠦᠭᠵᠢᠭᠦᠯᠵᠤ᠂ | ᠲᠡᠳᠡᠨ ᠢ ᠡᠬᠡ ᠤᠯᠤᠰ ᠤᠨ ᠤᠳᠬ᠎ᠠ ᠤᠷᠠᠯᠢᠭ ᠤᠨ ᠦᠨᠢᠷ ᠴᠡᠴᠡᠭ ᠤᠨ ᠬᠦᠷᠢᠶᠡᠯᠡᠩ ᠳᠤᠮᠳᠠ ᠨᠡᠩ ᠦᠡᠭᠭᠡ ᠢᠯᠭᠠᠷᠠᠮ᠎ᠠ ᠭᠡᠷᠡᠯ ᠭᠢᠯᠪᠠᠭ᠎ᠠ ᠰᠠᠴᠤᠷᠠᠭᠤᠯᠬᠤ | ᠬᠡᠷᠡᠭᠲᠡᠢ︾ ᠭᠡᠵᠦ ᠵᠢᠭᠠᠵᠤ ᠭᠠᠷᠭᠠᠪᠠ᠃ ᠤᠯᠠᠭᠠᠨᠮᠦ᠋ᠴᠢᠷ ᠪᠤᠯᠤᠨ ᠦᠷᠭᠡᠨ ᠤᠯᠠᠨ ᠤᠳᠬ᠎ᠠ ᠤᠷᠠᠯᠢᠭ ᠤᠨ ᠠᠵᠢᠯᠲᠠᠳ ᠤᠭ ᠤᠨ ᠬᠢ ᠪᠠᠨ ᠦᠯᠦ ᠮᠠᠷᠲᠠᠨ | ᠬᠠᠷᠢ ᠶᠢᠨ ᠬᠢ ᠶᠢ ᠰᠢᠩᠭᠡᠭᠡᠨ ᠠᠪᠴᠤ ᠢᠷᠡᠭᠡᠳᠦᠢ ᠳᠤ ᠬᠠᠨᠳᠤᠨ᠂ ᠪᠦᠲᠦᠭᠡᠯᠴᠢ ᠪᠠᠷ ᠬᠤᠪᠢᠷᠠᠭᠤᠯᠵᠤ᠂ ᠪᠦᠲᠦᠭᠡᠯᠴᠢ ᠪᠠᠷ ᠬᠦᠭᠵᠢᠭᠦᠯᠬᠦ ᠶᠢ ᠪᠠᠷᠢᠮᠲᠠᠯᠠᠵᠤ᠂ | ᠲᠠᠯ᠎ᠠ ᠨᠤᠲᠤᠭ ᠤᠨ ᠰᠤᠶᠤᠯ ᠳᠤ ᠰᠢᠨ᠎ᠡ ᠦᠷᠳᠡᠭ ᠤᠨ ᠠᠭᠤᠯᠤᠭᠳᠠᠬᠤᠨ ᠨᠡᠮᠡᠷᠢᠯᠡᠵᠦ᠂ ᠳᠡᠳᠡᠭᠡᠷ ᠮᠦᠽᠸᠢ ᠳᠤ ᠬᠠᠳᠠᠭᠠᠯᠠᠭᠳᠠᠵᠤ ᠪᠠᠶᠢᠭ᠎ᠠ᠂ ᠠᠷᠠᠳ ᠤᠨ ᠳᠤᠮᠳᠠ | ᠮᠤᠩᠭᠤᠯ ᠭᠡᠷ ᠲᠤ ᠲᠠᠷᠬᠠᠵᠤ ᠪᠠᠶᠢᠭ᠎ᠠ᠂ ᠲᠠᠯ᠎ᠠ ᠨᠤᠲᠤᠭ ᠤᠢ ᠰᠢᠭᠤᠢ ᠡᠯᠡᠰᠦ ᠮᠠᠩᠬ᠎ᠠ ᠭᠤᠪᠢ ᠨᠤᠳᠤᠭ ᠲᠤ ᠨᠤᠶᠢᠷᠰᠤᠵᠤ ᠪᠠᠶᠢᠭ᠎ᠠ ᠰᠢᠯᠢᠳᠡᠭ ᠤᠯᠠᠮᠵᠢᠯᠠᠯᠲᠤ | ᠰᠤᠶᠤᠯ ᠢ ᠲᠠᠶᠢᠰᠠᠨ ᠳᠤ ᠭᠠᠷᠭᠠᠵᠤ ᠰᠢᠨ᠎ᠡ ᠠᠮᠢᠵᠢᠷᠠᠯ ᠤᠨ ᠬᠦᠴᠦᠨ ᠢ ᠨᠢ ᠪᠠᠳᠠᠷᠠᠭᠤᠯᠬᠤ ᠬᠡᠷᠡᠭᠲᠡᠢ᠃ ᠦᠪᠦᠷ ᠮᠤᠩᠭᠤᠯ ᠳᠤ ᠢᠷᠠᠭᠤ ᠠᠯᠳᠠᠷᠲᠤ ᠬᠤᠪᠢᠰᠬᠠᠯ | ᠤᠨ ᠤᠯᠠᠮᠵᠢᠯᠠᠯ ᠲᠠᠢ ᠪᠠᠶᠢᠵᠤ᠂ ᠨᠠᠮ ᠤᠨ ᠤᠳᠤᠷᠢᠳᠤᠯᠭ᠎ᠠ ᠳᠤᠤᠷ᠎ᠠ᠂ ᠦᠨᠳᠦᠰᠦᠲᠡᠨᠨᠦᠭᠦᠳ ᠤᠨ ᠠᠷᠠᠳ ᠲᠦᠮᠡᠨ ᠡᠵᠡᠷᠬᠡᠭ ᠲᠦᠷᠢᠮᠡᠬᠡᠶᠢᠲᠡᠨ ᠢ ᠡᠰᠡᠷᠭᠦᠴᠡᠬᠦ | ᠹᠸᠦᠳᠠᠯ ᠢ ᠡᠰᠡᠷᠭᠦᠴᠡᠬᠦ ᠬᠤᠪᠢᠰᠬᠠᠯᠲᠤ ᠲᠡᠮᠡᠴᠡᠯ ᠳᠤᠮᠳᠠ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠢ ᠪᠠᠶᠢᠭᠤᠯᠬᠤ ᠠᠭᠤᠤ ᠶᠡᠭᠡ ᠦᠢᠯᠡᠳᠦᠯᠭᠡ | ᠳᠤᠮᠲᠠ ᠢᠷᠠᠭᠤ ᠭᠠᠶᠢᠬᠠᠮᠰᠢᠬᠲᠤ ᠲᠤᠤᠯᠢᠰ ᠢ ᠪᠢᠴᠢᠭᠯᠡᠵᠦ᠂ ᠦᠷᠭᠡᠨ ᠭᠦᠨᠵᠡᠭᠡᠢ ᠨᠦᠯᠦᠭᠡ ᠪᠦᠬᠦᠢ᠂ ᠮᠠᠬᠲᠠᠨ ᠳᠠᠭᠤᠯᠠᠭᠤᠰᠢᠲᠠᠢ ᠬᠤᠪᠢᠰᠬᠠᠯ ᠤᠨ ᠰᠤᠶᠤᠯ ᠢ | ᠪᠦᠷᠢᠯᠳᠦᠭᠦᠯᠪᠡ᠃ ᠪᠢᠳᠡ ᠭᠦᠨᠵᠡᠭᠡᠢ ᠠᠭᠤᠳᠠᠯᠵᠤ᠂ ᠨᠡᠩ ᠤᠯᠠᠨ ᠨᠠᠮ ᠢᠶᠠᠨ ᠮᠠᠬᠲᠠᠨ ᠳᠠᠭᠤᠯᠠᠬᠰᠠᠨ᠂ ᠡᠬᠡ ᠤᠯᠤᠰ ᠢᠶᠠᠨ ᠮᠠᠬᠲᠠᠨ ᠳᠠᠭᠤᠯᠠᠬᠰᠠᠨ᠂ ᠠᠷᠠᠳ | ᠲᠦᠮᠡᠨ ᠢᠶᠠᠨ ᠮᠠᠬᠲᠠᠨ ᠳᠠᠭᠤᠯᠠᠬᠰᠠᠨ᠂ ᠪᠠᠭᠠᠲᠤᠷᠴᠤᠳ ᠢ ᠮᠠᠬᠲᠠᠨ ᠳᠠᠭᠤᠯᠠᠬᠰᠠᠨ ᠰᠢᠯᠢᠳᠡᠭ ᠪᠦᠲᠦᠭᠡᠯ ᠢ ᠴᠢᠷᠮᠠᠶᠢᠨ ᠡᠭᠦᠳᠦᠨ ᠪᠦᠲᠦᠭᠡᠵᠦ᠂ ᠬᠤᠪᠢᠰᠬᠠᠯ ᠤᠨ | ᠰᠤᠶᠤᠯ ᠢ ᠰᠠᠶᠢᠲᠤᠷ ᠤᠯᠠᠮᠵᠢᠯᠠᠨ᠂ ᠰᠠᠶᠢᠲᠤᠷ ᠪᠠᠳᠠᠷᠠᠭᠤᠯᠵᠤ᠂ ᠬᠤᠪᠢᠰᠬᠠᠯᠲᠤ ᠤᠳᠤᠮᠰᠢᠯ ᠢ ᠦᠶ᠎ᠠ ᠳᠠᠮᠵᠢᠨ ᠤᠯᠠᠮᠵᠢᠯᠠᠬᠤ ᠬᠡᠷᠡᠭᠲᠡᠢ᠃ ᠨᠡᠶᠢᠭᠡᠮ ᠵᠢᠷᠦᠮ ᠤᠨ | ᠭᠤᠤᠯᠯᠠᠬᠴᠢ ᠦᠷᠲᠡᠭ ᠤᠨ ᠦᠵᠡᠯᠳᠠ ᠶᠢᠨ ᠤᠯᠤᠰ ᠠᠷᠠᠳ ᠤᠨ ᠰᠤᠷᠭᠠᠨ ᠬᠦᠮᠦᠵᠢᠯ᠂ ᠤᠶᠤᠨ ᠤ ᠪᠤᠯᠪᠠᠰᠤᠨ ᠤ ᠴᠤᠬᠴᠠᠯᠠᠯᠲᠠ᠂ ᠤᠶᠤᠨ ᠤ ᠰᠤᠶᠤᠯ ᠤᠨ | ᠪᠦᠲᠦᠭᠡᠭᠳᠡᠭᠦᠨ ᠤ ᠡᠭᠦᠳᠦᠯᠲᠡ ᠦᠢᠯᠡᠳᠪᠦᠷᠢᠯᠡᠯ ᠳᠠᠮᠵᠢᠭᠤᠯᠭ᠎ᠠ ᠳᠠᠬᠢ ᠳᠠᠭᠠᠭᠤᠯᠬᠤ ᠦᠢᠯᠡᠳᠦᠯ ᠢ ᠪᠠᠳᠠᠷᠠᠭᠤᠯᠵᠤ᠂ ᠨᠡᠶᠢᠭᠡᠮ ᠵᠢᠷᠦᠮ ᠤᠨ ᠭᠤᠤᠯᠯᠠᠬᠴᠢ ᠦᠷᠲᠡᠭ | ᠤᠨ ᠦᠵᠡᠯᠲᠡ ᠶᠢ ᠨᠡᠶᠢᠭᠡᠮ ᠠᠮᠢᠳᠤᠷᠠᠯ ᠤᠨ ᠡᠯ᠎ᠠ ᠲᠠᠯ᠎ᠠ ᠳᠤ ᠠᠭᠤᠰᠤᠯᠴᠠᠭᠤᠯᠵᠤ᠂ ᠬᠦᠮᠦᠰ ᠤᠨ ᠬᠠᠶᠢᠷ᠎ᠠ ᠰᠡᠳᠭᠢᠯᠭᠡ ᠶᠢᠨ ᠡᠭᠡᠨᠡᠭᠰᠢᠯ ᠪᠤᠯᠤᠨ ᠠᠵᠢᠯᠯᠠᠭᠠᠨ ᠤ | ᠳᠠᠳᠬᠠᠯ ᠪᠤᠯᠭᠠᠨ ᠬᠤᠪᠢᠷᠠᠭᠤᠯᠬᠤ ᠬᠡᠷᠡᠭᠲᠡᠢ᠃ | ᠭᠤᠷᠪᠠᠳᠤᠭᠠᠷ ᠲᠤ᠂ ᠠᠷᠠᠳ ᠤᠯᠠᠨ ᠤ ᠡᠳᠦᠷ ᠢᠷᠡᠭᠦᠶ᠎ᠠ ᠨᠡᠮᠡᠭᠳᠡᠵᠦ ᠪᠠᠶᠢᠭ᠎ᠠ ᠰᠠᠶᠢᠨ ᠰᠠᠶᠢᠬᠠᠨ ᠠᠮᠢᠳᠤᠷᠠᠯ ᠤᠨ ᠬᠡᠷᠡᠭᠴᠡᠭᠡ ᠶᠢ ᠬᠠᠨᠭ᠍ᠭᠠᠬᠤ ᠰᠢᠨ᠎ᠠ ᠡᠭᠦᠷᠭᠡ | ᠬᠠᠷᠢᠭᠤᠴᠠᠯᠭ᠎ᠠ ᠶᠢ ᠡᠭᠦᠷᠭᠡᠯᠡᠬᠦ ᠬᠡᠷᠡᠭᠲᠡᠢ᠃ ᠶᠡᠷᠦᠩᠬᠡᠢ ᠱᠦᠵᠢ ᠰᠢ ᠶᠢᠨ ᠫᠢᠩ᠂ ︽ᠠᠷᠠᠳ ᠲᠦᠮᠡᠨ ᠤᠷᠠᠯᠢᠭ ᠢ ᠱᠠᠭᠠᠷᠳᠠᠨ᠎ᠠ᠂ ᠤᠷᠠᠯᠢᠭ ᠪᠠᠰᠠ ᠠᠷᠠᠳ ᠲᠦᠮᠡᠨ | ᠢ ᠱᠠᠭᠠᠷᠳᠠᠨ᠎ᠠ︾᠂ ︽ᠠᠷᠠᠳ ᠲᠦᠮᠡᠨ ᠤ ᠰᠠᠶᠢᠨ ᠰᠠᠶᠢᠬᠠᠨ ᠠᠮᠢᠳᠤᠷᠠᠯ ᠢ ᠡᠳ᠋ᠯᠡᠬᠦ ᠰᠢᠨ᠎ᠠ ᠬᠦᠰᠡᠯ ᠡᠷᠡᠮᠡᠯᠵᠡᠯ ᠢ ᠬᠠᠨᠭ᠍ᠭᠠᠬᠤ ᠳᠤ ᠡᠷᠬᠡᠪᠰᠢ ᠡᠯᠪᠡᠭ ᠪᠠᠶᠠᠯᠢᠭ | ᠤᠶᠤᠨ ᠤ ᠬᠦᠨᠡᠰᠦ ᠬᠠᠨᠭ᠍ᠭᠠᠬᠤ ᠬᠡᠷᠡᠭᠲᠡᠢ︾᠃ ᠤᠯᠠᠭᠠᠨᠮᠦ᠋ᠴᠢᠷ ᠪᠤᠯᠤᠨ ᠦᠷᠭᠡᠨ ᠤᠯᠠᠨ ᠤᠳᠬ᠎ᠠ ᠤᠷᠠᠯᠢᠭ ᠤᠨ ᠠᠵᠢᠯᠲᠠᠨ ᠢᠮᠠᠬᠲᠠ ᠠᠷᠠᠳ ᠲᠦᠮᠡᠨ ᠢᠶᠠᠷ | ᠭᠤᠤᠯ ᠪᠤᠯᠭᠠᠬᠤ ᠡᠭᠦᠳᠦᠨ ᠪᠦᠲᠦᠭᠡᠯᠲᠡ ᠶᠢᠨ ᠤᠳᠤᠷᠢᠳᠤᠮᠵᠢ ᠶᠢ ᠪᠠᠷᠢᠮᠲᠠᠯᠠᠵᠤ᠂ ᠠᠷᠠᠳ ᠲᠦᠮᠡᠨ ᠤ ᠤᠶᠤᠨ ᠰᠠᠨᠠᠭ᠎ᠠ ᠰᠤᠶᠤᠯ ᠤᠨ ᠬᠡᠷᠡᠭᠴᠡᠭᠡ ᠶᠢ | ᠬᠠᠨᠭ᠍ᠭᠠᠬᠤ ᠪᠠᠷ ᠵᠤᠷᠢᠯᠲᠠ ᠪᠠ ᠲᠤᠰᠤᠯᠲᠠ ᠪᠠᠨ ᠪᠤᠯᠭᠠᠵᠤ᠂ ᠠᠷᠠᠳ ᠲᠦᠮᠡᠨ ᠢ ᠤᠷᠠᠯᠢᠭ ᠤᠨ ᠢᠯᠡᠷᠡᠭᠦᠯᠦᠯᠲᠡ ᠶᠢᠨ ᠭᠤᠤᠯ ᠴᠤᠬᠴᠠ ᠪᠠᠨ ᠪᠤᠯᠭᠠᠨ᠂ ᠠᠷᠠᠳ | ᠲᠦᠮᠡᠨ ᠢ ᠤᠷᠠᠯᠢᠭ ᠤᠨ ᠭᠤᠸ᠎ᠠ ᠰᠠᠶᠢᠬᠠᠨ ᠤ ᠰᠢᠡᠵᠢᠭᠴᠢ ᠪᠠ ᠰᠢᠭᠦᠮᠵᠢᠯᠡᠭᠴᠢ ᠪᠠᠨ ᠪᠤᠯᠭᠠᠵᠤ᠂ ᠦᠨᠳᠦᠰᠦᠲᠡᠨ ᠨᠦᠭᠦᠳ ᠤᠨ ᠠᠷᠠᠳ ᠲᠦᠮᠡᠨ ᠤ ᠰᠠᠬᠢᠨ | ᠪᠠᠷᠠᠯᠠᠵᠤ ᠬᠠᠷᠢᠯᠴᠠᠨ ᠬᠠᠪᠰᠤᠷᠤᠯᠴᠠᠬᠤ᠂ ᠪᠦᠯᠬᠦᠮᠳᠡᠨ ᠲᠡᠮᠡᠴᠡᠬᠦ ᠠᠤᠭ᠎ᠠ ᠶᠡᠭᠡ ᠦᠢᠯᠡᠳᠦᠯᠭᠡ ᠶᠢ ᠤᠷᠠᠯᠢᠭ ᠤᠨ ᠡᠭᠦᠳᠦᠨ ᠪᠦᠲᠦᠭᠡᠯᠲᠡ ᠶᠢᠨ ᠢᠶᠠᠨ ᠰᠢᠷᠭᠢᠰᠢ | ᠦᠭᠡᠢ ᠡᠬᠢ ᠪᠤᠯᠠᠭ ᠢᠶᠠᠨ ᠪᠤᠯᠭᠠᠵᠤ᠂ ᠰᠤᠳᠤᠨ ᠪᠦᠲᠦᠭᠡᠯ ᠤᠨ ᠤᠬᠠᠮᠰᠠᠷ ᠢ ᠪᠤᠢ ᠪᠤᠯᠭᠠᠨ᠂ ᠠᠷᠠᠳ ᠲᠦᠮᠡᠨ ᠤ ᠳᠤᠮᠳᠠ ᠦᠨᠳᠦᠰᠦᠯᠡᠵᠤ᠂ ᠠᠮᠢᠳᠤᠷᠠᠯ ᠳᠤ | ᠭᠦᠨᠵᠡᠭᠡᠶᠢᠷᠡᠵᠦ᠂ ᠨᠡᠩ ᠤᠯᠠᠨ ᠠᠷᠠᠳ ᠤᠨ ᠠᠮᠢᠳᠤᠷᠠᠯ ᠳᠤ ᠤᠶᠢᠷᠠᠲᠤᠬᠰᠠᠨ᠂ ᠳᠡᠯᠭᠡᠷᠡᠵᠦ ᠳᠡᠶᠢᠯᠬᠦ᠂ ᠦᠯᠡᠳᠡᠭᠡᠵᠦ ᠳᠡᠶᠢᠯᠬᠦ ᠰᠢᠯᠢᠳᠡᠭ ᠪᠦᠲᠦᠭᠡᠯ ᠢ ᠵᠤᠬᠢᠶᠠᠨ | ᠪᠦᠲᠦᠭᠡᠵᠦ᠂ ᠦᠪᠦᠷ ᠮᠤᠩᠭᠤᠯ ᠤᠨᠤᠳᠬᠠ ᠤᠷᠠᠯᠢᠭ ᠤᠨ ᠵᠤᠬᠢᠶᠠᠨ ᠪᠦᠲᠦᠭᠡᠯᠭᠡ ᠶᠢᠨ ︽ᠦᠨᠳᠦᠷᠯᠢᠭ︾ ᠠᠴᠠ ︽ᠤᠷᠭᠢᠯ︾ ᠲᠡᠶᠢᠰᠢ ᠳᠠᠪᠰᠢᠬᠤ ᠶᠢ | ᠪᠡᠶᠡᠯᠡᠭᠦᠯᠬᠦ ᠬᠡᠷᠡᠭᠲᠡᠢ᠃ | ᠳᠦᠷᠪᠠ | ᠠᠷᠠᠳ ᠲᠦᠮᠡᠨ ᠳᠤ ᠦᠢᠯᠡᠴᠢᠯᠡᠬᠦ᠂ ᠨᠡᠶᠢᠭᠡᠮ ᠵᠢᠷᠦᠮ ᠳᠤ ᠦᠢᠯᠡᠴᠢᠯᠡᠬᠦ ᠦᠢᠯᠡᠳᠦᠯᠭᠡ ᠳᠤᠮᠳᠠ ᠪᠦᠷᠢᠯᠳᠦᠭᠰᠡᠨ ᠤᠯᠠᠭᠠᠨᠮᠦ᠋ᠴᠢᠷ ᠤᠨ ᠵᠤᠷᠢᠭ ᠰᠠᠨᠠᠭ᠎ᠠ | ᠨᠢᠭᠡᠨᠲᠡ ᠦᠪᠦᠷ ᠮᠤᠩᠭᠤᠯ ᠤᠨ ᠦᠨᠳᠦᠰᠦᠲᠡᠨ ᠨᠦᠭᠦᠳ ᠤᠨ ᠠᠷᠠᠳ ᠲᠦᠮᠡᠨ ᠤ ᠨᠠᠨᠳᠢᠨ ᠦᠪ ᠬᠦᠷᠦᠩᠬᠡ ᠪᠤᠯᠪᠠ᠃ ᠲᠡᠷᠡ ᠨᠢ ᠦᠡᠭᠭᠡᠷᠡᠭᠰᠡᠨ ᠳᠤ ᠪᠢᠳᠡᠨ ᠤ | ᠪᠦᠬᠦ ᠤᠯᠤᠰ ᠤᠨ ᠠᠷᠠᠳᠲ᠋ᠦ᠋ᠮᠡᠨ ᠯᠦᠭᠡ ᠬᠠᠮᠲᠤ ᠪᠠᠷ ᠪᠤᠰᠴᠤ ᠵᠤᠬᠰᠤᠬᠤ ᠠᠴᠠ ᠪᠠᠶᠠᠵᠢᠨ ᠴᠢᠨᠡᠭᠡᠯᠢᠭᠵᠢᠬᠦ ᠶᠢ ᠤᠷᠮᠠᠰᠢᠭᠤᠯᠤᠨ ᠵᠤᠷᠢᠬᠵᠢᠭᠤᠯᠵᠤ᠂ ᠦᠨᠦᠳᠦᠷ ᠶᠠᠭ | ᠪᠢᠳᠡᠨ ᠤ ᠪᠠᠶᠠᠵᠢᠨ ᠴᠢᠨᠡᠭᠡᠯᠢᠭᠵᠢᠬᠦ ᠠᠴᠠ ᠬᠦᠴᠦᠷᠬᠡᠭᠵᠢᠵᠤ᠂ ᠰᠢᠨ᠎ᠠ ᠴᠠᠭ ᠦᠶ᠎ᠠ ᠶᠢᠨ ︽ᠵᠢᠱᠢᠶᠡᠴᠢ ᠦᠪᠡᠷᠲᠡᠭᠡᠨ ᠵᠠᠰᠠᠬᠤ ᠤᠷᠤᠨ︾ ᠢ ᠪᠦᠲᠦᠭᠡᠨ | ᠪᠠᠶᠢᠭᠤᠯᠬᠤ ᠶᠢ ᠤᠷᠮᠠᠰᠢᠭᠤᠯᠤᠨ ᠵᠤᠷᠢᠬᠵᠢᠭᠤᠯᠵᠤ ᠪᠠᠶᠢᠨ᠎ᠠ᠃ | ᠤᠯᠠᠭᠠᠨᠮᠦ᠋ᠴᠢᠷ ᠪᠢᠳᠡᠨ ᠳᠤ ᠰᠡᠩᠬᠡᠷᠡᠬᠦᠯᠦᠭᠰᠡᠨ ᠨᠢ᠂ ᠭᠠᠭᠴᠠ ᠬᠦ ᠢᠮᠠᠬᠲᠠ ᠨᠠᠮ ᠤᠨ ᠤᠳᠤᠷᠢᠳᠤᠯᠭ᠎ᠠ ᠶᠢ ᠪᠠᠷᠢᠮᠲᠠᠯᠠᠵᠤ᠂ ᠡᠭᠦᠷᠢᠲᠡ ᠨᠠᠮ ᠤᠨ ᠦᠭᠡ ᠶᠢ | ᠰᠤᠨᠤᠰᠴᠤ᠂ ᠨᠠᠮ ᠢᠶᠠᠨ ᠳᠠᠭᠠᠵᠤ ᠶᠠᠪᠤᠪᠠᠯ᠂ ᠮᠠᠨ ᠤ ᠦᠢᠯᠡᠰ ᠰᠠᠶ᠋ᠢ ᠴᠤᠴᠠᠯᠲᠠ ᠦᠭᠡᠢ ᠤᠷᠤᠬᠰᠢᠯᠠᠵᠤ᠂ ᠦᠷᠨᠢᠭᠦᠨ ᠭᠦᠭᠵᠢᠵᠦ ᠳᠡᠶᠢᠯᠦᠨ᠎ᠠ᠃ ᠳᠤᠮᠳᠠᠳᠤ | ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠪᠤᠯ ᠨᠢᠭᠡᠨ ᠠᠭᠤᠤ ᠶᠡᠭᠡ ᠦᠢᠯᠡᠰ ᠮᠥᠨ᠂ ᠪᠢᠳᠡ ᠡᠷᠬᠡᠪᠰᠢ ︽ᠳᠦᠷᠪᠡᠨ ᠤᠬᠠᠮᠰᠠᠷ︾ ᠢ ᠪᠠᠲᠤ ᠪᠤᠢ ᠪᠤᠯᠭᠠᠨ | ︽ᠳᠦᠷᠪᠡᠨ ᠢᠲᠡᠭᠡᠯ︾ ᠢᠶᠠᠨ ᠪᠠᠲᠤᠳᠬᠠᠵᠤ᠂ ᠶᠡᠷᠦᠩᠬᠡᠢ ᠱᠦᠵᠢ ᠰᠢ ᠶᠢᠨ ᠫᠢᠩ ᠤᠨ ᠭᠤᠤᠯᠯᠠᠬᠤ ᠪᠠᠶᠢᠷᠢ ᠰᠠᠭᠤᠷᠢ ᠶᠢ ᠡᠷᠡᠰ ᠬᠠᠮᠠᠭᠠᠯᠠᠵᠤ᠂ ᠨᠠᠮ ᠤᠨ ᠲᠦᠪ | ᠬᠤᠷᠢᠶᠠᠨ ᠤ ᠡᠷᠬᠡ ᠰᠦᠷ ᠪᠠ ᠲᠦᠪᠯᠡᠷᠡᠩᠭᠦᠢ ᠨᠢᠭᠡᠳᠦᠯᠲᠡᠢ ᠤᠳᠤᠷᠢᠳᠤᠯᠭ᠎ᠠ ᠶᠢ ᠡᠷᠡᠰ ᠬᠠᠮᠠᠭᠠᠯᠠᠵᠤ᠂ ᠵᠠᠷᠯᠢᠬ ᠴᠠᠭᠠᠵᠠ ᠶᠢ ᠡᠷᠡᠰ ᠳᠠᠭᠠᠬᠤ ᠶᠢ ᠪᠠᠲᠤᠯᠠᠬᠤ | ᠬᠡᠷᠡᠭᠲᠡᠢ ᠃ ᠭᠠᠭᠴᠠ ᠬᠦ ᠢᠩᠬᠢᠪᠡᠯ ᠰᠠᠶ᠋ᠢ ᠮᠠᠨ ᠤ ᠨᠢᠭᠡᠨᠲᠡ ᠡᠭᠦᠳᠦᠭᠰᠡᠨ ᠠᠵᠢᠯ ᠦᠢᠯᠡᠰ ᠢᠶᠠᠨ ᠲᠠᠰᠤᠷᠠᠯᠲᠠ ᠦᠭᠡᠢ ᠤᠷᠤᠬᠰᠢ ᠠᠬᠢᠭᠤᠯᠵᠤ ᠴᠢᠳᠠᠨ᠎ᠠ᠃ | ᠤᠯᠠᠭᠠᠨᠮᠦ᠋ᠴᠢᠷ ᠪᠢᠳᠠᠨ ᠳᠤ ᠰᠡᠩᠬᠡᠷᠡᠭᠦᠯᠦᠭᠰᠡᠨ ᠨᠢ᠂ ᠭᠠᠭᠴᠠ ᠬᠦ ᠵᠢᠩᠬᠢᠨᠢ ᠠᠷᠠᠳ ᠲᠦᠮᠡᠨ ᠢᠶᠠᠷ ᠭᠤᠤᠯ ᠪᠤᠯᠭᠠᠬᠤ ᠶᠢ ᠪᠡᠶᠡᠯᠡᠭᠦᠯᠵᠦ᠂ ︽ᠬᠡᠨ ᠤ | ᠲᠦᠯᠦᠭᠡ ᠪᠤᠢ᠂ ᠬᠡᠨ ᠢ ᠲᠦᠰᠢᠭᠯᠡᠬᠦ ᠪᠤᠢ᠂ ᠪᠢ ᠬᠡᠨ ᠪᠤᠢ︾ ᠭᠡᠬᠦ ᠠᠰᠠᠭᠤᠳᠠᠯ ᠢ ᠰᠠᠶᠢᠳᠤᠷ ᠰᠢᠢᠳᠪᠦᠷᠢᠯᠡᠪᠡᠯ ᠮᠠᠨ ᠤ ᠠᠵᠢᠯ ᠰᠠᠶ᠋ᠢ ᠵᠦᠪ ᠴᠢᠭᠯᠡᠯ ᠢᠶᠠᠨ | ᠡᠵᠡᠮᠳᠡᠵᠦ ᠴᠢᠳᠠᠨ᠎ᠠ᠃ ᠠᠷᠠᠳ ᠲᠦᠮᠡᠨ ᠢᠶᠠᠷ ᠭᠤᠤᠯ ᠪᠤᠯᠭᠠᠬᠤ ᠪᠤᠯ ᠰᠢ ᠶᠢᠨ ᠫᠢᠩ ᠤᠨ ᠰᠢᠨ᠎ᠡ ᠴᠠᠬ ᠦᠶ᠎ᠡ ᠶᠢᠨ ᠳᠤᠮᠳᠠᠳᠤ ᠤᠯᠤᠰ ᠤᠨ ᠤᠨᠴᠠᠯᠢᠬ ᠲᠠᠢ | ᠨᠡᠶᠢᠭᠡᠮ ᠵᠢᠷᠤᠮ ᠤᠨ ᠦᠵᠡᠯ ᠰᠠᠨᠠᠭᠠᠨ ᠤ ᠭᠤᠤᠯ ᠪᠤᠯᠬᠤ ᠴᠢᠬᠤᠯᠠ ᠠᠭᠤᠯᠭ᠎ᠠ ᠶᠢᠨ ᠨᠢᠭᠡ ᠮᠦᠨ᠂ ᠪᠠᠰᠠ ᠮᠠᠨ ᠤ ᠠᠯᠢᠪᠠ ᠠᠵᠢᠯ ᠤᠨ ᠵᠤᠷᠢᠯᠲᠠ ᠪᠠ ᠲᠤᠰᠤᠯᠲᠠ | ᠪᠤᠯᠤᠨ᠎ᠠ᠃ ᠪᠢᠳᠠ ᠭᠠᠭᠴᠠ ᠬᠦ ᠠᠷᠠᠳ ᠲᠦᠮᠡᠨ ᠲᠠᠢ ᠠᠮᠢᠰᠬᠤᠭ᠎ᠠ ᠪᠠᠨ ᠨᠢᠭᠡᠳᠬᠡᠨ᠂ ᠬᠤᠪᠢ ᠵᠠᠶᠠᠭ᠎ᠠ ᠪᠠᠨ ᠬᠠᠮᠲᠤᠳᠬᠠᠵᠤ᠂ ᠰᠡᠳᠬᠢᠯ ᠵᠢᠷᠤᠭᠡ ᠪᠠᠨ ᠬᠤᠯᠪᠤᠨ᠂ | ᠠᠷᠠᠳ ᠲᠦᠮᠡᠨ ᠤ ᠰᠠᠶᠢᠨ ᠰᠠᠶᠢᠬᠠᠨ ᠠᠮᠢᠳᠤᠷᠠᠯ ᠤᠨ ᠲᠤᠬᠠᠢ ᠬᠦᠰᠡᠯ ᠬᠦᠭᠡᠭᠡᠴᠡᠯᠳᠦᠯ ᠢᠶᠠᠷ ᠲᠡᠮᠡᠴᠡᠬᠦ ᠬᠠᠷᠠᠯᠳᠠ ᠪᠠᠨ ᠪᠤᠯᠭᠠᠵᠤ᠂ ᠢᠮᠠᠬᠲᠠ ᠤᠯᠠᠨ ᠲᠦᠮᠡᠨ ᠳᠤ | ᠬᠦᠨ ᠵᠤᠵᠠᠭᠠᠨ ᠬᠠᠶᠢᠷ᠎ᠠ ᠰᠡᠳᠬᠢᠯᠭᠡ ᠲᠠᠢ ᠪᠠᠷ ᠠᠵᠢᠯᠯᠠᠵᠤ᠂ ᠦᠨᠳᠦᠰᠦᠲᠡᠨ ᠨᠦᠬᠦᠳ ᠤᠨ ᠠᠷᠠᠳ ᠲᠦᠮᠡᠨ ᠳᠤ ᠨᠡᠩ ᠤᠯᠠᠨ ᠬᠦᠷᠲᠡᠮᠵᠢ ᠶᠢᠨ ᠲᠦᠷᠦᠭᠳᠡᠯ᠂ | ᠵᠢᠷᠭᠠᠯᠳᠤ ᠲᠦᠷᠦᠭᠳᠡᠯ᠂ ᠠᠮᠤᠷ ᠲᠦᠪᠰᠢᠨ ᠤ ᠲᠦᠷᠦᠭᠳᠡᠯ ᠤᠯᠭᠤᠪᠠᠯ ᠰᠠᠶ᠋ᠢ ᠠᠷᠠᠳ ᠲᠦᠮᠡᠨ ᠤ ᠢᠲᠡᠭᠡᠯ ᠪᠠ ᠬᠦᠷᠢᠶᠡᠯᠡᠯ ᠢ ᠤᠯᠵᠤ ᠴᠢᠳᠠᠨ᠎ᠠ᠃ | ᠤᠯᠠᠭᠠᠨᠮᠦ᠋ᠴᠢᠷ ᠪᠢᠳᠠᠨ ᠳᠤ ᠰᠡᠩᠬᠡᠷᠡᠭᠦᠯᠦᠭᠰᠡᠨ ᠨᠢ᠂ ᠭᠠᠭᠴᠠ ᠬᠦ ᠦᠨᠡᠨ ᠠᠴᠠ ᠵᠦᠪ ᠢ ᠡᠷᠢᠬᠦ ᠦᠵᠡᠯ ᠰᠠᠨᠠᠭᠠᠨ ᠤ ᠱᠤᠭᠤᠮ ᠢ ᠪᠠᠷᠢᠮᠲᠠᠯᠠᠵᠤ᠂ ᠠᠯᠢᠪᠠ | ᠠᠵᠢᠯ ᠳᠤ ᠪᠤᠲᠠᠲᠠᠢ ᠠᠴᠠ ᠡᠭᠦᠰᠬᠦ ᠶᠢ ᠪᠠᠷᠢᠮᠲᠠᠯᠠᠪᠠᠯ ᠮᠠᠨ ᠤ ᠡᠯ᠎ᠡ ᠲᠦᠷᠦᠯ ᠤᠨ ᠠᠵᠢᠯ ᠰᠠᠶ᠋ᠢ ᠲᠡᠤᠬᠡ ᠪᠠ ᠠᠷᠠᠳ ᠲᠦᠮᠡᠨ ᠤ ᠰᠢᠯᠭᠠᠯᠲᠠ ᠶᠢ ᠳᠠᠭᠠᠭᠠᠵᠤ | ᠳᠡᠶᠢᠯᠤᠨ᠎ᠠ᠃ ᠦᠪᠦᠷ ᠮᠤᠩᠭᠤᠯ ᠤᠨ ᠨᠤᠲᠤᠬ ᠳᠡᠪᠢᠰᠬᠡᠷ ᠦᠷᠭᠡᠨ ᠠᠭᠤᠳᠠᠮ ᠶᠤᠮ᠂ ᠬᠤᠲᠠ ᠪᠠᠶᠢᠨ᠎ᠠ᠂ ᠬᠦᠳᠡᠭᠡ ᠲᠤᠰᠬᠤᠨ ᠪᠠᠶᠢᠨ᠎ᠠ᠂ ᠮᠠᠯᠵᠢᠬᠤ ᠤᠷᠤᠨ | ᠪᠠᠶᠢᠨ᠎ᠠ᠂ ᠰᠢᠭᠤᠶᠢᠲᠤ ᠤᠷᠤᠨ ᠪᠠᠶᠢᠨ᠎ᠠ᠂ ᠠᠳᠠᠷ ᠬᠠᠭᠠᠯᠪᠤᠷᠢᠯᠠᠯᠳᠠ ᠶᠢᠨ ᠤᠷᠤᠨ ᠪᠠᠶᠢᠨ᠎ᠠ᠂ ᠡᠯ᠎ᠡ ᠭᠠᠵᠠᠷ ᠤᠨ ᠪᠠᠶᠢᠳᠠᠯ ᠮᠠᠰᠢ ᠶᠡᠭᠡ ᠵᠦᠷᠢᠶ᠎ᠡ ᠲᠠᠢ ᠪᠠᠶᠢᠵᠤ᠂ ᠡᠯ᠎ᠡ | ᠲᠦᠷᠦᠯ ᠤᠨ ᠠᠵᠢᠯ ᠳᠤ ᠡᠷᠬᠡᠪᠰᠢ ᠰᠢ ᠶᠢᠨ ᠫᠢᠩ ᠤᠨ ᠰᠢᠨ᠎ᠡ ᠴᠠᠬ ᠦᠶ᠎ᠡ ᠶᠢᠨ ᠳᠤᠮᠳᠠᠳᠤ ᠤᠯᠤᠰ ᠤᠨ ᠤᠨᠴᠠᠯᠢᠬ ᠲᠠᠢ ᠨᠡᠶᠢᠭᠡᠮ ᠵᠢᠷᠤᠮ ᠤᠨ ᠦᠵᠡᠯ | ᠰᠠᠨᠠᠭ᠎ᠠ ᠪᠠᠷ ᠵᠢᠯᠤᠭᠤᠳᠤᠯᠭ᠎ᠠ ᠪᠤᠯᠭᠠᠵᠤ᠂ ᠨᠠᠮ ᠤᠨ ᠲᠦᠪ ᠬᠤᠷᠢᠶᠠᠨ ᠤ ᠰᠢᠢᠳᠪᠦᠷᠢᠲᠤ ᠪᠤᠳᠤᠯᠭ᠎ᠠ ᠶᠢᠨ ᠪᠠᠶᠢᠷᠢᠯᠠᠭᠤᠯᠤᠯᠲᠠ ᠶᠢ ᠦᠪᠦᠷ ᠮᠤᠩᠭᠤᠯ ᠤᠨ | ᠪᠤᠲᠠᠲᠠᠢ ᠲᠠᠢ ᠨᠢᠬᠲᠠ ᠤᠶᠠᠯᠳᠤᠭᠤᠯᠵᠤ᠂ ᠰᠢᠨᠵᠢᠯᠡᠬᠦ ᠤᠬᠠᠭᠠᠨ ᠢ ᠳᠡᠭᠡᠳᠦᠯᠡᠨ᠂ ᠤᠨᠤᠯ ᠤᠨ ᠰᠢᠨᠡᠴᠢᠯᠡᠯᠲᠡ᠂ ᠦᠢᠯᠡᠳᠦᠯᠭᠡ ᠶᠢᠨ ᠰᠢᠨᠡᠴᠢᠯᠡᠯᠲᠡ ᠶᠢ ᠲᠠᠰᠤᠷᠠᠯᠲᠡ | ᠦᠭᠡᠢ ᠠᠬᠢᠭᠤᠯᠵᠤ᠂ ᠠᠵᠤ ᠠᠬᠤᠢ ᠨᠡᠶᠢᠭᠡᠮ ᠤᠨ ᠨᠡᠩ ᠦᠨᠳᠦᠷ ᠲᠦᠪᠰᠢᠨ᠂ ᠨᠡᠩ ᠴᠢᠨᠠᠷ ᠰᠠᠶᠢᠲᠠᠢ ᠬᠦᠭᠵᠢᠯᠲᠡ ᠶᠢ ᠠᠬᠢᠭᠤᠯᠬᠤ ᠬᠡᠷᠡᠭᠲᠡᠢ᠃ | ᠤᠯᠠᠭᠠᠨᠮᠦ᠋ᠴᠢᠷ ᠪᠢᠳᠠᠨ ᠳᠤ ᠰᠡᠩᠬᠡᠷᠡᠭᠦᠯᠦᠭᠰᠡᠨ ᠨᠢ᠂ ᠭᠠᠭᠴᠠ ᠬᠦ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ ᠣᠨᠣᠯᠵᠢᠬᠤᠨ ᠪᠤᠯᠤᠨ ︽ᠦᠨᠳᠦᠰᠦᠲᠡᠨ | ᠤ ᠪᠦᠯᠬᠦᠮᠳᠡᠯ ᠪᠤᠯ ᠦᠨᠳᠦᠰᠦᠲᠡᠨ ᠨᠦᠭᠦᠳ ᠤᠨ ᠠᠷᠠᠳ ᠲᠦᠮᠡᠨ ᠤ ᠠᠮᠢᠨ ᠰᠤᠳᠠᠰᠤ ᠮᠦᠨ︾ ᠬᠡᠬᠦ ᠤᠶᠢᠯᠠᠭᠠᠬᠳᠠᠬᠤᠨ ᠢ ᠦᠨᠳᠦᠰᠦᠲᠡᠨ ᠨᠦᠬᠦᠳ ᠤᠨ ᠺᠠᠳ᠋ᠷ | ᠤᠯᠠᠨ ᠲᠦᠮᠡᠨ ᠤ ᠦᠵᠡᠯ ᠰᠠᠨᠠᠭᠠᠨ ᠳᠤ ᠬᠦᠨ᠎ᠡ ᠦᠨᠳᠦᠰᠦᠯᠡᠭᠦᠯᠪᠡᠯ ᠰᠠᠶ᠋ᠢ ︽ᠦᠵᠡᠰᠬᠦᠯᠡᠩᠲᠤ ᠰᠠᠶᠢᠬᠠᠨ ᠦᠪᠦᠷ ᠮᠤᠩᠭᠤᠯ ᠢᠶᠠᠨ ᠪᠦᠲᠦᠭᠡᠨ ᠪᠠᠶᠢᠭᠤᠯᠵᠤ | ᠠᠭᠤᠤ ᠶᠡᠭᠡ ᠳᠤᠮᠳᠠᠳᠤ ᠶᠢᠨ ᠵᠡᠭᠦᠳᠦ ᠪᠠᠨ ᠬᠠᠮᠲᠤ ᠪᠠᠷ ᠲᠡᠷᠭᠡᠯᠰᠢᠭᠦᠯᠬᠦ︾ ᠠᠤᠭ᠎ᠠ ᠶᠡᠭᠡ ᠬᠦᠴᠦᠨ ᠢ ᠨᠢᠬᠲᠠᠷᠠᠭᠤᠯᠵᠤ ᠴᠢᠳᠠᠨ᠎ᠠ᠃ ᠶᠡᠷᠦᠩᠬᠡᠢ ᠱᠦᠵᠢ ᠰᠢ ᠶᠢᠨ | ᠫᠢᠩ ᠠᠷᠪᠠᠨ ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠠᠩᠬᠠᠳᠤᠭᠠᠷ ᠬᠤᠷᠠᠯ ᠤᠨ ᠦᠪᠦᠷ | ᠮᠤᠩᠭᠤᠯ ᠤᠨ ᠲᠦᠯᠦᠭᠡᠯᠡᠭᠴᠢᠳ ᠤᠨ ᠪᠦᠯᠬᠦᠮ ᠤᠨ ᠬᠢᠨᠠᠨ ᠵᠦᠪᠯᠡᠬᠦ ᠳᠤ ᠤᠷᠤᠯᠴᠠᠬᠤ ᠳᠤ ᠪᠠᠨ᠂ ᠦᠪᠦᠷ ᠮᠤᠩᠭᠤᠯ ᠤᠨ ᠦᠬᠡᠷᠡᠴᠢᠯᠡᠯᠳᠡ ᠬᠦᠭᠵᠢᠯᠳᠡ | ᠳᠤᠬᠳᠠᠭᠤᠨ ᠤ ᠠᠵᠢᠯ ᠢ ᠰᠠᠶᠢᠳᠤᠷ ᠬᠢᠬᠦ ᠨᠢ ᠪᠦᠬᠦ ᠤᠯᠤᠰ᠂ ᠳᠡᠯᠡᠬᠡᠢ ᠨᠡᠶᠢᠳᠡ ᠳᠤ ᠴᠤ ᠢᠳᠡᠪᠬᠢ ᠠᠴᠢ ᠬᠤᠯᠪᠤᠬᠳᠠᠯ ᠲᠠᠢ ᠶᠤᠮ ᠭᠡᠵᠦ ᠴᠢᠬᠤᠯᠠᠴᠢᠯᠠᠵᠤ᠂ | ᠪᠢᠳᠠᠨ ᠢ ᠡᠬᠡ ᠤᠯᠤᠰ ᠤᠨ ᠨᠢᠭᠡᠳᠦᠯ᠂ ᠦᠨᠳᠦᠰᠦᠲᠡᠨ ᠤ ᠪᠦᠯᠬᠦᠮᠳᠡᠯ ᠢ ᠬᠠᠮᠠᠭᠠᠯᠠᠬᠤ ᠳᠤ ᠨᠡᠩ ᠶᠡᠭᠡ ᠬᠠᠷᠢᠭᠤᠴᠠᠯᠭ᠎ᠠ ᠡᠭᠦᠷᠭᠡᠯᠡᠬᠦ ᠶᠢ ᠱᠠᠭᠠᠷᠳᠠᠪᠠ᠃ ᠪᠢᠳᠠ | ᠡᠷᠬᠡᠪᠰᠢ ᠶᠡᠷᠦᠩᠬᠡᠢ ᠱᠦᠵᠢ ᠰᠢ ᠶᠢᠨ ᠫᠢᠩ ᠤᠨ ᠬᠦᠰᠡᠯ ᠨᠡᠶᠢᠳᠠᠯᠭ᠎ᠠ ᠶᠢ ᠪᠠᠲᠤ ᠴᠡᠭᠡᠵᠢᠯᠡᠵᠦ᠂ ᠦᠨᠳᠦᠰᠦᠲᠡᠨ ᠨᠦᠭᠦᠳ ᠤᠨ ᠠᠷᠠᠳ ᠲᠦᠮᠡᠨ ᠤ ᠠᠨᠠᠷ ᠤᠨ | ᠦᠷ᠎ᠠ ᠰᠢᠭ ᠪᠦᠯᠬᠦᠮᠳᠡᠨ ᠨᠢᠬᠳᠠᠷᠠᠬᠤ ᠶᠢ ᠠᠬᠢᠭᠤᠯᠵᠤ᠂ ᠤᠬ ᠰᠠᠨᠠᠭ᠎ᠠ ᠪᠠᠨ ᠦᠯᠦ ᠮᠠᠷᠲᠠᠵᠤ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠵᠦ᠂ ᠰᠢᠨ᠎ᠡ | ᠴᠠᠭ ᠦᠶ᠎ᠡ ᠶᠢᠨ ︽ᠵᠢᠱᠢᠶᠡᠴᠢ ᠦᠪᠡᠷᠲᠡᠭᠡᠨ ᠵᠠᠰᠠᠬᠤ ᠤᠷᠤᠨ︾ ᠢ ᠪᠦᠲᠦᠭᠡᠨ ᠪᠠᠶᠢᠭᠤᠯᠬᠤ ᠬᠡᠷᠡᠭᠲᠡᠢ᠃ |