ᠤᠳᠤᠭ ᠤᠨ ᠡᠮᠤᠨᠡᠳᠤ ᠬᠤᠰᠢᠭᠤᠨ ᠤ 2017 ᠤᠨ ᠤ ᠲᠥᠷᠥᠭᠦᠥ ᠭᠤᠷᠪᠠᠨ ᠣᠯᠠᠷᠢᠯ ᠤᠨ ᠤᠯᠤᠰ ᠠᠷᠠᠤᠨ ᠤᠨ | ᠠᠵᠤ ᠠᠬᠤᠢ ᠪᠤᠯᠤᠨ ᠨᠠᠶᠢᠬᠡᠮ ᠤᠨ ᠬᠦᠭᠵᠢᠯᠳᠠ ᠶᠢᠨ ᠲᠦᠯᠤᠪᠯᠡᠭᠡ ᠶᠢ ᠬᠡᠷᠡᠭᠵᠢᠬᠦᠯᠦᠭᠰᠡᠨ ᠪᠠᠶᠢᠳᠠᠯ ᠬᠢᠬᠡᠤᠨ | ᠲᠦᠷᠪᠡᠳᠦᠭᠡᠷ ᠣᠯᠠᠷᠢᠯ ᠤᠨ ᠤᠯᠤᠰ ᠠᠷᠠᠤᠨ ᠤᠨ ᠠᠵᠤ ᠠᠬᠤᠢ ᠪᠤᠯᠤᠨ ᠨᠠᠶᠢᠬᠡᠮ ᠤᠨ ᠬᠦᠭᠵᠢᠯᠳᠠ ᠶᠢᠨ | ᠲᠦᠯᠤᠪᠯᠡᠭᠡ ᠶᠢᠨ ᠲᠦᠰᠤᠯ ᠤᠨ ᠮᠡᠳᠡᠬᠦᠯᠤᠯᠳᠠ | ᠲᠦᠯᠤᠪᠯᠡᠭᠡ ᠶᠢᠨ ᠲᠦᠰᠤᠯ ᠤᠨ ᠮᠡᠳᠡᠬᠦᠯᠤᠯᠳᠠ | — 2017 ᠤᠨ 12 ᠰᠠᠷ᠎ᠠ ᠶᠢᠨ 5 ᠤ ᠡᠳᠤᠷ ᠤᠳᠤᠭ ᠤᠨ ᠡᠮᠤᠨᠡᠳᠤ ᠬᠤᠰᠢᠭᠤᠨ ᠤ | ᠠᠷᠪᠠᠳᠦᠭᠠᠷ ᠬᠤᠭᠤᠴᠠᠭᠠᠨ ᠤ ᠠᠷᠠᠤᠨ ᠤᠨ ᠲᠦᠯᠤᠬᠡᠯᠡᠭᠴᠢᠤᠨ ᠤᠨ ᠶᠡᠭᠡ ᠬᠤᠷᠠᠯ ᠤᠨ ᠠᠩᠬᠠᠳᠣᠭᠠᠷ | ᠬᠤᠷᠠᠯᠳᠤᠭᠠᠨ ᠳᠡᠬᠡᠷ᠎ᠠ | ᠤᠳᠤᠭ ᠤᠨ ᠡᠮᠤᠨᠡᠳᠤ ᠬᠤᠰᠢᠭᠤᠨ ᠤ ᠬᠦᠭᠵᠢᠬᠦᠯᠤᠯᠳᠠ ᠪᠤᠯᠤᠨ ᠦᠬᠡᠷᠡᠴᠢᠯᠠᠯᠳᠠ ᠶᠢᠨ ᠳᠤᠪᠴᠢᠶ᠎ᠠ | ᠲᠦᠯᠤᠬᠡᠯᠡᠭᠴᠢᠤᠨ ᠡ ᠄ | ᠬᠤᠰᠢᠭᠤ ᠵᠠᠰᠠᠭ ᠤᠨ ᠤᠷᠳᠤᠨ ᠤ ᠨᠠᠶᠢᠳᠠᠯᠭ᠎ᠠ ᠪᠠᠷ ᠶᠡᠭᠡ ᠬᠤᠷᠠᠯ ᠳᠤ ᠤᠳᠤᠭ ᠤᠨ ᠡᠮᠤᠨᠡᠳᠤ ᠬᠤᠰᠢᠭᠤᠨ ᠤ | 2017 ᠤᠨ ᠤ ᠲᠥᠷᠥᠭᠦᠥ ᠭᠤᠷᠪᠠᠨ ᠣᠯᠠᠷᠢᠯ ᠤᠨ ᠤᠯᠤᠰ ᠠᠷᠠᠤᠨ ᠤᠨ ᠠᠵᠤ ᠠᠬᠤᠢ ᠪᠤᠯᠤᠨ ᠨᠠᠶᠢᠬᠡᠮ ᠤᠨ | ᠬᠦᠭᠵᠢᠯᠳᠠ ᠶᠢᠨ ᠲᠦᠯᠤᠪᠯᠡᠭᠡ ᠶᠢ ᠬᠡᠷᠡᠭᠵᠢᠬᠦᠯᠦᠭᠰᠡᠨ ᠪᠠᠶᠢᠳᠠᠯ ᠬᠢᠬᠡᠤᠨ ᠲᠦᠷᠪᠡᠳᠦᠭᠡᠷ ᠣᠯᠠᠷᠢᠯ ᠤᠨ ᠤᠯᠤᠰ | ᠠᠷᠠᠤᠨ ᠤᠨ ᠠᠵᠤ ᠠᠬᠤᠢ ᠪᠤᠯᠤᠨ ᠨᠠᠶᠢᠬᠡᠮ ᠤᠨ ᠬᠦᠭᠵᠢᠯᠳᠠ ᠶᠢᠨ ᠲᠦᠯᠤᠪᠯᠡᠭᠡ ᠶᠢᠨ ᠳᠦᠰᠤᠯ ᠤᠨ ᠮᠡᠳᠡᠬᠦᠯᠤᠯᠳᠠ | ᠬᠢᠶ᠎ᠠ᠃ ᠲᠥᠯᠥᠭᠡᠯᠡᠭᠴᠢᠳ ᠬᠢᠨᠠᠨ ᠵᠥᠪᠯᠡᠵᠥ᠂ ᠬᠤᠰᠢᠭᠤᠨ ᠤ ᠤᠯᠤᠰ ᠲᠦᠷᠤ ᠶᠢᠨ ᠵᠦᠪᠯᠡᠯᠬᠡᠨ ᠤ ᠬᠡᠰᠢᠬᠦᠤᠨ | ᠪᠤᠯᠤᠨ ᠰᠤᠯᠠ ᠤᠷᠤᠯᠴᠠᠭᠰᠠᠤᠨ ᠰᠠᠨᠠᠯ ᠢᠶᠠᠨ ᠳᠡᠪᠰᠢᠬᠦᠯᠬᠦ ᠪᠤᠯᠪᠠᠤ᠃ | ᠨᠢᠬᠡ᠂ 2017 ᠤᠨ ᠤ ᠲᠥᠷᠥᠭᠦᠥ ᠭᠤᠷᠪᠠᠨ ᠣᠯᠠᠷᠢᠯ ᠤᠨ ᠤᠯᠤᠰ ᠠᠷᠠᠤᠨ ᠤᠨ ᠠᠵᠤ ᠠᠬᠤᠢ | ᠪᠤᠯᠤᠨ ᠨᠠᠶᠢᠬᠡᠮ ᠤᠨ ᠬᠦᠭᠵᠢᠯᠳᠠ ᠶᠢᠨ ᠲᠦᠯᠦᠪᠯᠡᠭᠡ ᠶᠢ ᠬᠡᠷᠡᠭᠵᠢᠬᠦᠯᠦᠭᠰᠡᠨ ᠪᠠᠶᠢᠳᠠᠯ | ᠡᠨᠡ ᠵᠢᠯ᠂ ᠬᠤᠰᠢᠭᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠤ ᠵᠦᠪ ᠤᠳᠤᠷᠢᠳᠤᠯᠭ᠎ᠠ ᠪᠤᠯᠤᠨ ᠬᠤᠰᠢᠭᠤᠨ ᠤ | ᠠᠷᠠᠤᠨ ᠤᠨ ᠲᠦᠯᠦᠬᠡᠯᠡᠭᠴᠢᠤᠨ ᠤᠨ ᠪᠠᠶᠢᠩᠭᠤ ᠶᠢᠨ ᠬᠤᠷᠢᠶ᠎ᠠ᠂ ᠤᠯᠤᠰ ᠲᠦᠷᠤ ᠶᠢᠨ ᠵᠦᠪᠯᠡᠯᠭᠡᠨ ᠤ ᠬᠢᠨᠠᠯᠳᠠ | ᠳᠡᠮᠵᠢᠯᠬᠡ ᠳᠤᠤᠷ᠎ᠠ᠂ ᠪᠦᠬᠦ ᠬᠤᠰᠢᠭᠤ ᠪᠠᠷ ᠢᠶᠠᠨ ᠲᠦᠪ᠂ ᠦᠪᠡᠷᠳᠡᠭᠡᠨ ᠵᠠᠰᠠᠬᠤ ᠣᠷᠣᠨ᠂ ᠪᠦᠬᠦ ᠬᠤᠳᠠ ᠶᠢᠨ | ᠡᠯ᠎ᠡ ᠲᠦᠷᠦᠯ ᠤᠨ ᠰᠢᠢᠳᠪᠥᠷᠢ ᠪᠠᠶᠢᠷᠢᠰᠢᠭᠤᠯᠤᠯᠳᠠ ᠶᠢ ᠭᠥᠨᠵᠡᠭᠡᠢ ᠨᠠᠶᠢᠳᠠᠪᠤᠷᠢᠵᠢᠭᠤᠯᠤᠨ᠂ ᠠᠵᠣ ᠠᠬᠤᠢ ᠶᠢᠨ | ᠬᠦᠭᠵᠢᠯᠳᠡ ᠰᠢᠨ᠎ᠡ ᠬᠡᠯᠪᠡᠷᠢ ᠳᠤ ᠵᠣᠬᠢᠴᠠᠵᠣ᠂ ᠰᠢᠨ᠎ᠡ ᠶᠢ ᠡᠭᠦᠳᠬᠦ ᠪᠠᠷ ᠬᠦᠴᠦᠯᠡᠨ᠂ ᠬᠡᠯᠪᠡᠷᠢ ᠪᠠᠨ | ᠬᠤᠪᠢᠷᠠᠭᠤᠯᠣᠨ ᠬᠦᠭᠵᠢᠬᠦᠯᠬᠦ ᠪᠠᠷ ᠰᠢᠪᠳᠣᠯᠣᠯᠳᠠ ᠪᠣᠯᠭᠠᠵᠣ᠂ ᠲᠣᠭᠳᠠᠭᠤᠨ ᠨᠡᠮᠡᠭᠳᠡᠯ᠂ ᠲᠦᠷᠦᠯ ᠵᠣᠶᠢᠯ᠂ | ᠪᠦᠳᠦᠴᠡ ᠶᠢᠨ ᠲᠣᠬᠢᠷᠠᠭᠤᠯᠣᠯᠳᠠ᠂ ᠦᠭᠡᠷᠡᠴᠢᠯᠡᠯᠳᠡ ᠨᠡᠭᠡᠭᠡᠯᠳᠡ ᠶᠢᠨ ᠠᠬᠢᠴᠠ᠂ ᠠᠷᠠᠳ ᠤᠨ ᠠᠮᠢᠳᠣᠷᠠᠯ ᠤᠨ | ᠬᠠᠷᠠᠭᠠᠯᠵᠠᠯ᠂ ᠲᠣᠭᠳᠠᠭᠤᠨ ᠢ ᠪᠠᠳᠣᠯᠠᠬᠤ ᠳᠤ ᠬᠦᠴᠦᠨ ᠢᠶᠠᠨ ᠲᠠᠯᠪᠢᠵᠣ᠂ ᠬᠤᠰᠢᠭᠤᠨ ᠤ ᠶᠢᠰᠦᠳᠦᠭᠡᠷ | ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠵᠢᠷᠭᠤᠳᠦᠭᠠᠷ ᠬᠤᠷᠠᠯᠳᠣᠭᠠᠨ ᠠᠴᠠ | ᠲᠣᠭᠳᠠᠭᠠᠭᠰᠠᠨ ᠡᠯ᠎ᠡ ᠲᠦᠷᠦᠯ ᠵᠣᠶᠢᠯ ᠤᠨ ᠬᠠᠷᠠᠯᠳᠠ ᠡᠭᠦᠷᠭᠡ ᠪᠠᠨ ᠡᠮᠬᠢ ᠵᠢᠷᠣᠮ ᠲᠠᠢ ᠠᠬᠢᠭᠤᠯᠪᠠ᠃ | ︵ᠨᠢᠭᠡ︶ ᠲᠦᠷᠦᠯ ᠵᠣᠶᠢᠯ ᠤᠨ ᠪᠡᠯᠡ ᠣᠷᠣᠭᠤᠯᠣᠯᠳᠠ ᠶᠢ ᠪᠦᠬᠦ ᠬᠦᠴᠦᠨ ᠢᠶᠠᠷ ᠦᠷᠭᠡᠳᠬᠡᠵᠣ᠂ ᠠᠵᠣ | ᠠᠬᠤᠢ ᠶᠢᠨ ᠲᠣᠭᠳᠠᠭᠤᠨ ᠡᠷᠬᠢᠯᠳᠡ ᠶᠢ ᠪᠠᠳᠣᠯᠠᠪᠠ᠃ ᠠᠵᠣ ᠠᠬᠤᠢ ᠶᠢᠨ ᠡᠷᠬᠢᠯᠳᠡ ᠶᠢᠨ ᠲᠣᠬᠢᠷᠠᠭᠤᠯᠣᠯᠳᠠ | ᠵᠠᠳᠠᠯᠣᠯᠳᠠ ᠪᠠᠨ ᠴᠢᠩᠭᠠᠳᠬᠠᠨ᠂ ᠠᠵᠣ ᠠᠬᠤᠢ ᠶᠢᠨ ᠲᠣᠭᠳᠠᠭᠤᠨ ᠨᠡᠮᠡᠭᠳᠡᠯ ᠳᠤ ᠰᠢᠰᠲ᠋ᠧᠮ ᠲᠠᠢ ᠲᠦᠷᠦ | ᠪᠣᠳᠣᠯᠭ᠎ᠠ ᠶᠢᠨ ᠠᠷᠭ᠎ᠠ ᠬᠡᠮᠵᠢᠶ᠎ᠡ ᠠᠪᠣᠭᠰᠠᠨ ᠪᠠᠶᠢᠨ᠎ᠠ᠃ ᠲᠦᠷᠦᠯ ᠵᠣᠶᠢᠯ ᠤᠨ ᠪᠠᠶᠢᠭᠤᠯᠣᠯᠳᠠ ᠪᠠᠷ ᠪᠡᠯᠡ | ᠣᠷᠣᠭᠤᠯᠣᠯᠳᠠ ᠶᠢ ᠲᠠᠶᠢᠴᠢᠯᠠᠵᠤ᠂ ᠲᠣᠭᠳᠠᠭᠤᠨ ᠪᠡᠯᠡ ᠣᠷᠣᠭᠤᠯᠣᠯᠳᠠ ᠶᠢᠨ ᠨᠡᠮᠡᠭᠳᠡᠯ᠂ ᠲᠦᠷᠦᠯ ᠵᠣᠶᠢᠯ ᠤᠨ | ᠰᠢᠪᠳᠤᠯᠤᠯᠳᠠ ᠶᠢ ᠲᠦᠪᠯᠡᠷᠡᠭᠦᠯᠦᠨ ᠠᠳᠬᠤᠵᠣ᠂ 165 ᠲᠦᠷᠦᠯ ᠤᠨ 1015.04 ᠳ᠋ᠦᠩᠰᠢᠭᠤᠷ ᠲᠦᠬᠦᠷᠢᠭ | ᠤᠨ ᠶᠡᠷᠦᠩᠬᠡᠢ ᠪᠡᠯᠡ ᠣᠷᠣᠭᠤᠯᠣᠯᠳᠠ ᠶᠢᠨ ᠴᠢᠬᠤᠯᠠ ᠲᠦᠷᠦᠯ ᠵᠣᠶᠢᠯ ᠤᠨ ᠬᠡᠷᠡᠭᠵᠢᠭᠦᠯᠦᠯᠳᠡ ᠶᠢ ᠲᠦᠷᠬᠡᠳᠬᠡᠨ᠂ | 171.86 ᠳ᠋ᠦᠩᠰᠢᠭᠤᠷ ᠲᠦᠬᠦᠷᠢᠭ ᠤᠨ ᠪᠡᠯᠡ ᠣᠷᠣᠭᠤᠯᠣᠯᠳᠠ ᠶᠢ ᠪᠡᠶᠡᠯᠡᠭᠦᠯᠪᠡ᠃ ᠡᠭᠦᠨ ᠳᠤ᠂ ᠬᠤᠳᠠ ᠶᠢᠨ | ᠲᠡᠰ ᠤᠨ ᠳ᠋ᠦᠩᠰᠢᠭᠤᠷ ᠲᠦᠬᠦᠷᠢᠭ ᠠᠴᠠ ᠲᠡᠭᠡᠭᠰᠢᠬᠢ ᠴᠢᠬᠤᠯᠠ ᠲᠦᠷᠦᠯ ᠵᠣᠶᠢᠯ 17᠂ ᠠᠵᠢᠯ ᠰᠡᠷᠭᠦᠭᠡᠯᠳᠡ ᠶᠢᠨ | ᠨᠣᠷᠮ᠎ᠠ 100 % ᠳᠤ ᠬᠦᠷᠴᠦ᠂ ᠪᠡᠯᠡ ᠣᠷᠣᠭᠤᠯᠣᠯᠳᠠ 152.78 ᠳ᠋ᠦᠩᠰᠢᠭᠤᠷ ᠲᠦᠬᠦᠷᠢᠭ ᠢ ᠪᠡᠶᠡᠯᠡᠭᠦᠯᠪᠡ᠃ | ᠭᠤᠷᠪᠠᠳᠦᠭᠠᠷ ᠣᠯᠠᠷᠢᠯ ᠤᠨ ᠡᠴᠦᠰ ᠪᠣᠯᠳᠠᠯ᠎ᠠ᠂ ᠭᠠᠵᠠᠷ ᠤᠷᠤᠨ ᠤ ᠥᠢᠯᠡᠳᠪᠥᠷᠢᠯᠡᠯ ᠤᠨ ᠶᠡᠷᠥᠩᠭᠡᠢ ᠥᠷᠳᠡᠭ ᠢ | 101.8 ᠳ᠋ᠦᠩᠰᠢᠭᠤᠷ ᠲᠦᠬᠦᠷᠢᠭ ᠪᠡᠶᠡᠯᠡᠬᠦᠯᠵᠤ᠂ 6.6% ᠨᠡᠮᠡᠭᠳᠡᠪᠠ︔ ᠲᠤᠭᠳᠠᠮᠠᠯ ᠭᠥᠷᠥᠩᠭᠡ ᠶᠢᠨ ᠪᠡᠯᠡ | ᠤᠷᠤᠭᠤᠯᠤᠯᠳᠠ 273.8 ᠳ᠋ᠦᠩᠰᠢᠭᠤᠷ ᠲᠦᠬᠦᠷᠢᠭ ᠬᠦᠷᠴᠤ᠂ 10.4% ᠨᠡᠮᠡᠭᠳᠡᠪᠠ︔ ᠨᠡᠶᠢᠳᠡ ᠶᠢᠨ ᠡᠳ᠋ ᠤᠨ | ᠵᠠᠰᠠᠭ ᠤᠨ ᠲᠦᠰᠦᠪ ᠤᠨ ᠣᠷᠣᠯᠭ᠎ᠠ 6.78 ᠳ᠋ᠦᠩᠰᠢᠭᠤᠷ ᠲᠦᠬᠦᠷᠢᠭ᠂ ᠨᠢᠭᠡᠳᠥᠯᠳᠡᠢ ᠪᠠᠷᠢᠮᠵᠢᠶ᠎ᠠ ᠪᠠᠷ 7.45% | ᠨᠡᠮᠡᠭᠳᠡᠪᠡ︔ ᠨᠠᠶᠢᠬᠡᠮ ᠤᠨ ᠬᠡᠷᠡᠭᠯᠡᠬᠡᠨ ᠤ ᠳᠠᠸᠠᠷ ᠤᠨ ᠵᠢᠵᠢᠭᠯᠡᠨ ᠪᠤᠷᠤᠯᠠᠭᠤᠯᠤᠭᠰᠡᠨ ᠶᠡᠷᠤᠩᠬᠡᠢ ᠦᠷᠳᠡᠭ 19.5 | ᠳ᠋ᠦᠩᠰᠢᠭᠤᠷ ᠲᠦᠬᠦᠷᠢᠭ ᠲᠤ ᠬᠦᠷᠴᠦ᠂ 8.8% ᠨᠡᠮᠡᠭᠳᠡᠪᠠ︔ ᠪᠦᠬᠦ ᠰᠠᠭᠤᠭᠠᠯᠢ ᠠᠷᠠᠤᠨ ᠤᠨ ᠬᠦᠮᠦᠨ ᠲᠣᠳᠣᠮ | ᠤᠨ ᠡᠵᠡᠮᠳᠡᠵᠣ ᠪᠣᠯᠬᠤ ᠤᠷᠤᠯᠭ᠎ᠠ 22354 ᠲᠦᠬᠦᠷᠢᠭ ᠲᠤ ᠬᠦᠷᠴᠤ᠂ 8.7% ᠨᠡᠮᠡᠭᠳᠡᠪᠠ᠃ ᠭᠤᠣᠯ ᠵᠢᠭᠠᠯᠲᠠ | ᠶᠢᠨ ᠲᠦᠰᠦᠪ ᠳᠤ ᠨᠡᠶᠢᠴᠡᠭᠰᠡᠨ ᠨᠡᠮᠡᠭᠳᠡᠯ ᠬᠤᠷᠳᠣᠴᠠ ᠪᠦᠬᠦ ᠬᠤᠲᠠ ᠶᠢᠨ ᠲᠡᠷᠢᠬᠦᠨ ᠤ ᠡᠩᠨᠡᠬᠡᠨ ᠳᠤ ᠣᠷᠣᠪᠠ᠃ | ︵ᠬᠤᠶᠠᠷ︶ ᠬᠥᠭᠵᠢᠯᠳᠡ ᠶᠢᠨ ᠬᠡᠯᠪᠡᠷᠢ ᠶᠢᠨ ᠬᠤᠪᠢᠷᠠᠭᠤᠯᠤᠯᠳᠠ ᠶᠢ ᠲᠥᠷᠭᠡᠳᠭᠡᠨ᠂ ᠠᠵᠤ ᠤᠶᠢᠯᠡᠰ | ᠤᠨ ᠬᠡᠯᠪᠠᠷᠢ ᠶᠢ ᠬᠤᠪᠢᠷᠠᠭᠤᠯᠣᠨ ᠳᠡᠰ ᠲᠠᠪᠰᠢᠭᠤᠯᠬᠤ ᠬᠤᠷᠳᠤᠴᠠ ᠶᠢ ᠠᠬᠢᠭᠤᠯᠪᠠ᠃ ᠣᠯᠠᠮᠵᠢᠯᠠᠯᠳᠦ ᠠᠵᠣ | ᠣᠶᠢᠯᠠᠰ ᠤᠨ ᠲᠡᠭᠡᠭᠰᠢᠯᠡᠯᠳᠡ ᠶᠢ ᠰᠠᠶᠢᠵᠢᠷᠠᠭᠤᠯᠣᠨ᠂ ᠰᠢᠨ᠎ᠡ ᠪᠠᠷ ᠪᠣᠢ ᠪᠣᠯᠣᠭᠰᠠᠨ ᠠᠵᠣ ᠣᠶᠢᠯᠠᠰ ᠢ ᠬᠦᠭᠵᠢᠭᠦᠯᠦᠨ | ᠪᠣᠯᠪᠠᠰᠣᠷᠠᠭᠤᠯᠵᠣ᠂ ︽ᠲᠣᠯᠣᠭᠠᠨ ᠲᠣᠣᠷ︾ ᠤᠨ ᠪᠠᠶᠢᠭᠤᠯᠣᠯᠳᠠ ᠶᠢ ᠴᠢᠩᠭᠠᠳᠬᠠᠨ᠂ ︽ᠲᠣᠯᠣᠭᠠᠨ ᠣᠶᠢᠯᠠᠰ︾ | ᠢ ᠪᠤᠶᠢᠵᠢᠭᠤᠯᠵᠤ᠂ ᠣᠳᠣᠬᠢᠴᠢᠯᠠᠭᠰᠠᠨ ᠠᠵᠣ ᠣᠶᠢᠯᠠᠰ ᠤᠨ ᠲᠣᠭᠳᠠᠴᠠ ᠶᠢ ᠪᠠᠶᠢᠭᠤᠯᠣᠨ᠂ ᠠᠵᠣ ᠣᠶᠢᠯᠠᠰ ᠤᠨ | ᠪᠦᠳᠦᠴᠡ ᠶᠢ ᠢᠯᠡᠷᠬᠡᠢ ᠰᠢᠯᠢᠳᠡᠭᠵᠢᠭᠦᠯᠪᠡ᠃ | —— ᠠᠵᠣ ᠣᠶᠢᠯᠠᠳᠪᠦᠷᠢ ᠶᠢᠨ ᠠᠵᠣ ᠠᠬᠤᠢ ᠲᠣᠭᠳᠠᠭᠤᠨ ᠢᠶᠠᠷ ᠠᠬᠢᠪᠠ᠃ ᠲᠥᠷᠥᠭᠦᠥ ᠭᠤᠷᠪᠠᠨ | ᠣᠯᠠᠷᠢᠯ ᠳᠤ᠂ ᠪᠦᠬᠦ ᠬᠤᠰᠢᠭᠤᠨ ᠤ ᠠᠵᠣ ᠣᠶᠢᠯᠠᠳᠪᠦᠷᠢ ᠶᠢᠨ ᠨᠡᠮᠡᠭᠳᠡᠯ ᠦᠷᠳᠡᠭ ᠢ 54.19 ᠳ᠋ᠦᠩᠰᠢᠭᠤᠷ | ᠲᠦᠬᠦᠷᠢᠭ ᠪᠡᠶᠡᠯᠡᠭᠦᠯᠵᠣ᠂ 6.5% ᠨᠡᠮᠡᠭᠳᠡᠪᠡ᠃ ᠨᠡᠭᠦᠷᠡᠰᠣᠨ ᠭᠠᠷᠤᠯᠳᠠ 401.7 ᠲᠦᠮᠡᠨ ᠲᠣᠨ ᠳᠤ ᠬᠦᠷᠴᠦ᠂ | 67.7 ᠲᠦᠮᠡᠨ ᠲᠣᠨ ᠬᠡᠣᠷᠰᠢᠭᠦᠯᠪᠡ︔ ᠰᠢᠳᠠᠮᠠᠬᠠᠢ ᠬᠡᠢ ᠶᠢᠨ ᠭᠠᠷᠣᠯᠳᠠ 31.5 ᠳ᠋ᠦᠩᠰᠢᠭᠤᠷ ᠺᠦᠪ ᠮᠧᠲᠷ | ᠬᠦᠷᠪᠡ︔ ᠠᠵᠣ ᠣᠶᠢᠯᠠᠳᠪᠦᠷᠢ 4.73 ᠳ᠋ᠦᠩᠰᠢᠭᠤᠷ ᠭᠷᠡᠳᠦ᠋ᠰ ᠴᠠᠬᠢᠯᠭᠠᠨ ᠬᠡᠷᠡᠭᠯᠡᠨ᠂ 22.54% ᠨᠡᠮᠡᠭᠳᠡᠪᠡ᠃ | ᠱᠠᠩᠬᠠᠢ ᠶᠢᠨ ᠰᠦᠮ᠎ᠡ ᠡᠨᠧᠷᠬᠢ ᠬᠢᠮᠢ ᠶᠢᠨ ᠰᠠᠭᠤᠷᠢᠨ ᠭᠠᠵᠠᠷ ᠤᠨ ᠪᠣᠷᠣᠯᠠᠭᠤᠯᠭ᠎ᠠ ᠶᠢᠨ ᠣᠷᠣᠯᠭ᠎ᠠ ᠶᠢ 121.3 | ᠳ᠋ᠦᠩᠰᠢᠭᠤᠷ ᠲᠦᠬᠦᠷᠢᠭ ᠪᠡᠶᠡᠯᠡᠬᠦᠯᠵᠤ᠂ 11% ᠨᠡᠮᠡᠭᠳᠡᠪᠠ᠃ ᠱᠠᠩᠬᠠᠢ ᠶᠢᠨ ᠰᠦᠮ᠎ᠠ ᠠᠴᠠ ᠱᠠᠨᠳᠦ᠋ᠩ ᠬᠦᠷᠬᠦ | ᠴᠠᠬᠢᠯᠭᠠᠨ ᠬᠦᠷᠬᠡᠯᠳᠠ ᠶᠢᠨ ᠱᠤᠭᠤᠮ ᠤᠨ ᠢᠨᠵᠧᠨᠧᠷᠢᠩ ᠢ ᠪᠦᠬᠦᠨ ᠢ ᠲᠠᠭᠤᠰᠬᠠᠨ᠂ ᠵᠢᠯ ᠤᠨ ᠡᠴᠦᠰ ᠴᠠᠬᠢᠯᠭᠠᠨ | ᠬᠦᠷᠭᠡᠬᠦ ᠨᠥᠭᠦᠴᠡᠯ ᠪᠥᠷᠢᠳᠥᠭᠦᠯᠵᠥ᠂ 4 ᠲᠦᠬᠦᠷ 2×100 ᠲᠦᠮᠡᠨ ᠺᠢᠯᠤᠸᠠᠲ ᠴᠠᠬᠢᠯᠭᠠᠨ ᠣᠶᠢᠯᠠᠳᠪᠦᠷᠢ ᠶᠢᠨ | ᠲᠦᠷᠦᠯ ᠵᠣᠶᠢᠯ ᠤᠨ 3 ᠨᠢ ᠨᠢᠭᠡᠨᠳᠡ ᠬᠢᠨᠠᠨ ᠵᠦᠪᠰᠢᠶᠡᠷᠡᠭᠳᠡᠵᠣ᠂ ᠱᠧᠩ ᠯᠦ ᠴᠠᠬᠢᠯᠭᠠᠨ ᠣᠶᠢᠯᠠᠳᠪᠦᠷᠢ ᠠᠵᠢᠯ | ᠡᠬᠢᠯᠡᠵᠣ᠂ ᠣᠯᠣᠰ ᠤᠨ ᠴᠠᠬᠢᠯᠭᠠᠨ ᠭᠥᠴᠥ᠂ ᠣᠮᠠᠷᠠᠳᠦ ᠶᠢᠨ ᠴᠠᠬᠢᠯᠭᠠᠨ ᠭᠥᠴᠥ 2 ᠴᠠᠬᠢᠯᠭᠠᠨ ᠣᠶᠢᠯᠠᠳᠪᠦᠷᠢ | ᠡᠮᠥᠨ᠎ᠡ ᠬᠤᠭᠤᠴᠠᠭᠠᠨ ᠤ ᠠᠵᠢᠯ ᠳᠤ ᠪᠠᠨ ᠣᠷᠣᠪᠠ᠃ ᠱᠠᠩᠬᠠᠢ ᠶᠢᠨ ᠰᠦᠮ᠎ᠡ ᠡᠨᠧᠷᠬᠢ ᠬᠢᠮᠢ ᠶᠢᠨ ᠰᠠᠭᠤᠷᠢᠨ | ᠭᠠᠵᠠᠷ ᠤᠨ ᠬᠡᠣᠷᠠᠰᠦᠨ ᠰᠢᠭᠠᠷᠣ ᠶᠢᠨ ᠲᠠᠯᠠᠪᠠᠢ ᠶᠢᠨ ᠲᠦᠷᠦᠯ ᠵᠣᠶᠢᠯ ᠤᠨ ᠵᠢᠷᠤᠭ ᠲᠦᠰᠦᠪ ᠢ ᠵᠢᠯ ᠤᠨ ᠡᠴᠦᠰ | ᠠᠴᠠ ᠡᠮᠦᠨ᠎ᠡ ᠲᠦᠰᠦᠪᠯᠡᠵᠣ ᠭᠠᠷᠭᠠᠬᠤ ᠪᠠᠷ ᠵᠢᠱᠢᠵᠣ ᠪᠠᠶᠢᠨ᠎ᠠ᠃ ᠬᠤᠸᠠ ᠰᠢᠩ ᠤᠨ 40 ᠳ᠋ᠦᠩᠰᠢᠭᠤᠷ ᠺᠦᠪ | ᠮᠧᠲᠷ ᠨᠡᠬᠦᠷᠡᠰᠤ ᠪᠠᠷ ᠰᠢᠳᠠᠮᠠᠬᠠᠢ ᠬᠡᠢ ᠤᠶᠢᠯᠡᠤᠨᠬᠦ ᠲᠦᠷᠦᠯ ᠵᠣᠶᠢᠯ ᠣᠳᠣ ᠶᠠᠭ ᠣᠷᠴᠢᠨ ᠲᠣᠭᠤᠷᠢᠨ ᠤ | ᠨᠦᠯᠦᠭᠡᠯᠡᠯ ᠤᠨ ᠦᠨᠡᠯᠡᠯᠳᠡ ᠶᠢ ᠭᠦᠢᠴᠡᠳᠬᠡᠬᠦ ᠱᠠᠳᠣᠨ ᠳᠤ ᠪᠠᠨ ᠪᠠᠶᠢᠵᠣ᠂ ᠬᠤᠸᠠ ᠰᠢᠩ ᠤᠨ 60 ᠲᠦᠮᠡᠨ | ᠲᠣᠨ ᠨᠡᠬᠦᠷᠡᠰᠤ ᠪᠠᠷ ᠠᠯᠺᠸᠠ ᠤᠶᠢᠯᠡᠤᠨᠬᠦ ᠲᠦᠷᠦᠯ ᠵᠣᠶᠢᠯ ᠣᠷᠳᠣᠰ ᠤᠨ ᠨᠡᠬᠦᠷᠡᠰᠣ ᠬᠢᠮᠢ ᠶᠢᠨ ᠠᠵᠣ ᠣᠶᠢᠯᠠᠰ | ᠤᠨ ᠬᠦᠭᠵᠢᠯᠳᠡ ᠶᠢᠨ ᠲᠦᠯᠦᠪᠯᠡᠭᠡ ᠳᠤ ᠣᠷᠣᠪᠠ᠃ ᠴᠠᠩ ᠴᠧᠩ 3᠂ 5᠂ 6 ᠨᠣᠮᠧᠷᠳᠦ ᠨᠡᠭᠦᠷᠡᠰᠣᠨ ᠠᠭᠤᠷᠬᠠᠢ | ᠡᠮᠦᠨ᠎ᠡ ᠬᠤᠭᠤᠴᠠᠭᠠᠨ ᠤ ᠭᠠᠷ ᠭᠦᠢᠴᠡᠳᠬᠡᠯ ᠬᠢᠵᠣ ᠪᠠᠶᠢᠨ᠎ᠠ᠃ ᠶᠠ ᠬᠠᠢ ᠶᠢᠨ ᠵᠢᠯ ᠤᠨ 60 ᠲᠦᠮᠡᠨ ᠳᠤᠨ ᠤ | LNG ᠤᠨ ᠨᠢᠭᠡᠳᠦᠭᠡᠷ ᠬᠤᠭᠤᠴᠠᠭᠠᠨ ᠤ 30 ᠲᠦᠮᠡᠨ ᠲᠣᠨ ᠤ ᠲᠦᠷᠤᠯ ᠵᠦᠢᠯ ᠨᠢᠭᠡᠨᠳᠡ ᠠᠵᠢᠯ ᠡᠬᠢᠯᠡᠨ᠂ | ᠺᠧ ᠰᠧ ᠶᠢᠨ 40 ᠲᠦᠮᠡᠨ ᠳᠤᠨ LNG ᠤᠨ ᠨᠢᠭᠡᠳᠦᠭᠡᠷ ᠬᠤᠭᠤᠴᠠᠭᠠᠨ ᠤ 20 ᠲᠦᠮᠡᠨ ᠲᠣᠨ ᠤ ᠲᠦᠷᠤᠯ | ᠵᠦᠢᠯ ᠰᠠᠭᠤᠷᠢ ᠪᠠᠷᠢᠯᠭ᠎ᠠ ᠶᠢᠨ ᠬᠤᠭᠤᠴᠠᠭᠠᠨ ᠳᠤ ᠪᠠᠨ ᠣᠷᠣᠵᠣ᠂ ᠵᠢᠯ ᠤᠨ ᠲᠣᠳᠣᠷ᠎ᠠ ᠣᠭᠰᠠᠷᠠᠭᠤᠯᠣᠨᠠ᠃ ᠠᠵᠣ | ᠣᠶᠢᠯᠠᠳᠪᠦᠷᠢ ᠶᠢᠨ ᠬᠡᠯᠪᠡᠷᠢ ᠶᠢᠨ ᠬᠤᠪᠢᠷᠠᠯᠳᠠ ᠶᠢᠨ ᠬᠦᠭᠵᠢᠯᠳᠡ ᠶᠢᠨ ᠬᠤᠷᠳᠣᠴᠠ ᠶᠢ ᠲᠦᠷᠭᠡᠳᠬᠡᠪᠡ᠃ | —— ᠣᠳᠣ ᠦᠶ᠎ᠡ ᠶᠢᠨ ᠮᠠᠯ ᠲᠠᠷᠢᠶᠠᠯᠠᠩ ᠤᠨ ᠴᠢᠨᠠᠷ ᠢ ᠲᠡᠭᠡᠭᠰᠢᠯᠡᠭᠦᠯᠦᠨ ᠠᠰᠢᠭ ᠢ ᠨᠡᠮᠡᠭᠳᠡᠭᠦᠯᠪᠡ᠃ ︽ | ᠲᠡᠰ ᠴᠢᠨᠠᠷᠳᠦ ᠮᠡᠯ ᠲᠠᠷᠢᠶᠠᠯᠠᠩ᠂ ᠬᠡᠪ ᠴᠢᠨᠰᠠᠭᠠᠳᠦ ᠮᠠᠯᠵᠢᠬᠤ ᠲᠠᠷᠢᠶᠠᠯᠠᠬᠤ ᠣᠷᠣᠨ᠂ ᠪᠣᠯᠪᠠᠰᠣᠷᠠᠯ ᠰᠠᠶᠢᠳᠠᠢ | ᠮᠠᠯᠴᠢᠨ ᠲᠠᠷᠢᠶᠠᠴᠢᠨ︾ ᠤ ᠰᠢᠨ᠎ᠡ ᠶᠢ ᠡᠭᠦᠳᠬᠦ ᠪᠣᠯᠪᠠᠰᠣᠷᠠᠯ ᠬᠦᠮᠦᠵᠢᠯ ᠤᠨ ᠠᠵᠢᠯᠯᠠᠭ᠎ᠠ ᠦᠷᠨᠢᠭᠦᠯᠦᠨ᠂ ᠮᠠᠯᠵᠢᠬᠤ | ᠲᠠᠷᠢᠶᠠᠯᠠᠬᠤ ᠣᠷᠣᠨ ᠤ ᠴᠡᠴᠡᠭᠯᠡᠯᠳᠡ ᠬᠦᠭᠵᠢᠯᠳᠡ᠂ ᠮᠠᠯ ᠲᠠᠷᠢᠶᠠᠯᠠᠩ ᠤᠨ ᠣᠶᠢᠯᠠᠰ ᠤᠨ ᠴᠢᠨᠠᠷ ᠤᠨ ᠲᠡᠭᠡᠭᠰᠢᠯᠡᠯᠳᠡ | ᠂ ᠮᠠᠯᠴᠢᠨ ᠲᠠᠷᠢᠶᠠᠴᠢᠳ ᠤᠨ ᠤᠷᠤᠯᠭ᠎ᠠ ᠶᠢᠨ ᠨᠡᠮᠡᠭᠳᠡᠯ ᠢ ᠠᠬᠢᠭᠤᠯᠪᠠ᠃ ᠮᠠᠯᠵᠢᠬᠤ ᠲᠠᠷᠢᠶᠠᠯᠠᠬᠤ ᠣᠷᠣᠨ ᠤ ᠬᠡᠪ | ᠴᠢᠨᠰᠠᠭ᠎ᠠ ᠶᠢ ᠲᠡᠭᠡᠭᠰᠢᠯᠡᠭᠦᠯᠪᠡ᠃ ᠦᠵᠡᠰᠬᠦᠯᠡᠩᠳᠤ ᠬᠦᠳᠡᠭᠡ ᠨᠤᠳᠤᠭ ᠤᠨ ᠭᠤᠷᠪᠠᠨ ᠵᠢᠯ ᠤᠨ ᠠᠵᠢᠯᠯᠠᠭ᠎ᠠ ᠶᠢᠨ | ᠲᠦᠯᠤᠪᠯᠡᠭᠡ ᠶᠢ ᠬᠦᠨᠵᠡᠬᠡᠢ ᠦᠷᠨᠢᠬᠦᠯᠵᠤ᠂ ᠠᠵᠣ ᠣᠶᠢᠯᠠᠰ ᠤᠨ ᠡᠯᠪᠡᠭ ᠪᠠᠶᠠᠯᠢᠭ ᠢᠶᠠᠷ ᠠᠶᠢᠯ ᠲᠣᠰᠬᠤᠨ ᠤ | ᠪᠠᠶᠢᠭᠤᠯᠣᠯᠳᠠ ᠶᠢᠨ ᠠᠭᠤᠯᠬᠤᠨ᠂ ᠲᠡᠰ ᠵᠡᠷᠭᠡ ᠶᠢ ᠲᠡᠭᠡᠭᠰᠢᠯᠡᠭᠦᠯᠪᠡ᠃ ᠪᠦᠬᠦ ᠬᠤᠰᠢᠭᠤᠨ ᠤ ᠮᠠᠯᠵᠢᠬᠤ | ᠲᠠᠷᠢᠶᠠᠯᠠᠬᠤ ᠣᠷᠣᠨ ᠤ ᠣᠷᠣᠨ ᠬᠡᠪᠴᠢᠶᠡᠨ ᠤ ᠶᠡᠷᠦᠩᠬᠡᠢ ᠲᠦᠯᠦᠪᠵᠢᠭᠦᠯᠭᠡ ᠪᠣᠯᠣᠨ ᠦᠵᠡᠰᠭᠦᠯᠡᠩᠳᠦ ᠰᠠᠶᠢᠬᠠᠨ | ᠬᠦᠳᠡᠭᠡ ᠨᠣᠳᠤᠭ ᠤᠨ ᠪᠠᠶᠢᠭᠤᠯᠣᠯᠳᠠ ᠶᠢᠨ ᠲᠦᠯᠦᠪᠵᠢᠭᠦᠯᠭᠡ ᠢ ᠲᠣᠭᠳᠠᠭᠠᠨ᠂ ᠬᠦᠳᠡᠭᠡ ᠨᠤᠳᠤᠭ ᠢ ᠵᠢᠭᠤᠯᠴᠢᠯᠠᠯ | ᠢᠶᠠᠷ ᠲᠡᠮᠵᠢᠬᠦ ᠵᠣᠷᠢᠭᠵᠢᠭᠤᠯᠣᠯ ᠤᠨ ᠠᠷᠭ᠎ᠠ ᠶᠢ ᠲᠣᠭᠳᠠᠭᠠᠵᠣ᠂ ᠶᠡᠭᠡ ᠳᠤᠬᠤᠢ ᠵᠡᠷᠬᠡ 10 ᠭᠠᠴᠠᠭ᠎ᠠ ᠳᠤᠰᠬᠤᠨ ᠤ | ᠰᠤᠳᠤᠨ ᠵᠢᠭᠤᠯᠴᠢᠯᠠᠯ ᠤᠨ ᠳᠠᠭᠤᠷᠢᠶᠠᠯ ᠭᠠᠴᠠᠭ᠎ᠠ ᠲᠣᠰᠬᠤᠨ ᠪᠠ 100 ᠠᠶᠢᠯ ᠡᠷᠤᠬᠡ ᠶᠢᠨ ᠰᠤᠳᠤᠨ | ᠵᠢᠭᠤᠯᠴᠢᠯᠠᠯ ᠤᠨ ᠴᠡᠭ ᠢ ᠡᠬᠢᠯᠡᠨ ᠪᠠᠶᠢᠭᠤᠯᠪᠠ᠃ ᠬᠤᠳᠠ ᠬᠦᠳᠡᠭᠡ ᠶᠢᠨ ᠶᠡᠷᠥᠩᠭᠡᠶᠢᠯᠡᠭᠰᠡᠨ ᠬᠠᠮᠢᠶᠠᠷᠣᠯᠳᠠ ᠶᠢᠨ | ᠴᠢᠳᠠᠪᠬᠢ ᠶᠢ ᠣᠯᠠᠮ ᠲᠡᠭᠦᠯᠳᠡᠷᠵᠢᠭᠦᠯᠣᠨ᠂ ᠬᠤᠳᠠ ᠬᠦᠳᠡᠭᠡ ᠶᠢ ᠴᠣᠭᠴᠠᠵᠢᠭᠤᠯᠬᠤ ᠨᠡᠶᠢᠳᠡ ᠶᠢᠨ ᠣᠶᠢᠯᠡᠴᠢᠯᠡᠭᠡᠨ | ᠤ ᠲᠣᠭᠳᠠᠴᠠ ᠶᠢ ᠪᠠᠶᠢᠭᠤᠯᠵᠣ᠂ ᠵᠠᠬ᠎ᠠ ᠲᠡᠯᠭᠡᠭᠦᠷ ᠤᠨ ᠬᠠᠮᠢᠶᠠᠷᠣᠯᠳᠠ᠂ ᠣᠷᠴᠢᠨ ᠲᠣᠭᠤᠷᠢᠨ ᠤ ᠬᠠᠮᠠᠭᠠᠯᠠᠯᠳᠠ᠂ | ᠦᠪᠡᠷᠮᠢᠴᠡ ᠣᠨᠴᠠᠯᠢᠭ ᠲᠠᠢ ᠭᠠᠴᠠᠭ᠎ᠠ ᠲᠣᠰᠬᠤᠨ ᠵᠡᠷᠬᠡ ᠴᠢᠳᠠᠪᠬᠢ ᠶᠢ ᠲᠠᠰᠣᠷᠠᠯᠳᠠ ᠦᠭᠡᠢ ᠮᠠᠯᠵᠢᠬᠤ ᠲᠠᠷᠢᠶᠠᠯᠠᠬᠤ | ᠣᠷᠣᠨ ᠳᠤ ᠣᠷᠣᠭᠤᠯᠪᠠ᠃ ᠲᠡᠰ ᠴᠢᠨᠠᠷᠳᠤ ᠮᠠᠯ ᠲᠠᠷᠢᠶᠠᠯᠠᠩ ᠤᠨ ᠣᠶᠢᠯᠠᠰ ᠤᠨ ᠬᠦᠭᠵᠢᠯᠳᠡ ᠶᠢ ᠠᠬᠢᠭᠤᠯᠪᠠ᠃ ︽ | ᠪᠣᠭ ᠮᠠᠯ ᠤᠨ ᠲᠤᠭ᠎ᠠ ᠲᠣᠯᠣᠭᠠᠢ ᠶᠢ ᠲᠣᠭᠲᠠᠪᠣᠷᠢᠵᠢᠭᠤᠯᠣᠨ ᠦᠬᠡᠷ ᠢ ᠨᠡᠮᠡᠭᠳᠡᠬᠦᠯᠵᠣ᠂ ᠬᠤᠶᠢᠳᠣ ᠪᠡᠶ᠎ᠡ ᠳᠤ ᠮᠠᠯ | ᠮᠠᠯᠯᠠᠨ ᠡᠮᠣᠨᠡᠲᠣ ᠬᠡᠰᠡᠭ ᠲᠤ ᠠᠮᠣ ᠪᠣᠳᠠᠭ᠎ᠠ ᠲᠠᠷᠢᠬᠤ︾ ᠪᠠᠶᠢᠯᠳᠣᠬᠤ ᠪᠣᠳᠣᠯᠭ᠎ᠠ ᠶᠢ ᠪᠠᠷᠢᠮᠳᠠᠯᠠᠨ᠂ ᠮᠠᠯ ᠲᠠᠷᠢᠶᠠᠯᠠᠩ | ᠤᠨ ᠣᠶᠢᠯᠠᠰ ᠤᠨ ᠪᠦᠳᠦᠴᠡ ᠶᠢᠨ ᠲᠣᠬᠢᠷᠠᠭᠤᠯᠣᠯᠳᠠ ᠳᠤ ᠬᠦᠴᠦᠯᠡᠵᠣ᠂ ︽ᠠᠮᠤ ᠪᠤᠳᠠᠭ᠎ᠠ᠂ ᠠᠵᠤ ᠠᠬᠤᠢ ᠶᠢᠨ | ᠲᠠᠷᠢᠮᠠᠯ᠂ ᠡᠪᠡᠰᠥ ᠪᠣᠷᠳᠣᠭᠠᠨ︾ ᠤ ᠬᠠᠷᠢᠴᠠᠯ ᠢ 54᠄ 18᠄ 28 ᠪᠠᠷ ᠰᠢᠯᠢᠳᠡᠭᠵᠢᠭᠦᠯᠪᠡ᠃ ᠪᠠᠷᠠᠭᠤᠨ ᠣᠷᠣᠨ | ᠤ ᠴᠦᠯᠦᠷᠬᠡᠭ ᠲᠠᠯ᠎ᠠ ᠨᠣᠳᠤᠭ ᠤᠨ ᠨᠣᠣᠯᠣᠭᠤᠷ ᠤᠨ ᠢᠮᠠᠭ᠎ᠠ ᠶᠢ ᠠᠮᠢ ᠠᠬᠤᠶᠢᠴᠢ ᠠᠰᠢᠭ ᠰᠠᠶᠢᠳᠠᠢ ᠲᠡᠵᠢᠭᠡᠨ | ᠦᠷᠡᠵᠢᠭᠦᠯᠬᠦ ᠣᠶᠢᠯᠠᠰ ᠤᠨ ᠰᠠᠭᠤᠷᠢᠨ ᠭᠠᠵᠠᠷ ᠤᠨ ᠲᠦᠷᠦᠯ ᠵᠣᠶᠢᠯ ᠢ ᠲᠣᠭᠳᠠᠭᠤᠨ ᠠᠬᠢᠭᠤᠯᠣᠨ᠂ ᠢᠥᠢ ᠯᠢᠶᠠᠩ | ᠮᠠᠯ ᠠᠵᠤ ᠠᠬᠤᠢ ᠶᠢᠨ ᠤᠶᠢᠯᠡᠰ ᠤᠨ ᠺᠤᠮᠫᠠᠨᠢ᠂ ᠶᠢᠨ ᠸᠧᠢ ᠹᠦ᠋ ᠷᠧᠨ ᠺᠤᠮᠫᠠᠨᠢ 2500 ᠲᠣᠯᠣᠭᠠᠢ ᠠᠩᠭᠧᠰ | ᠠᠯᠠᠰᠢᠨ ᠦᠭᠡᠷ ᠣᠷᠣᠭᠤᠯᠪᠠ᠃ 140 ᠲᠡᠵᠢᠭᠡᠨ ᠦᠷᠡᠵᠢᠭᠦᠯᠭᠡ ᠶᠢᠨ ᠡᠷᠦᠬᠡ᠂ ᠠᠮᠢ ᠠᠬᠤᠶᠢᠴᠢ ᠬᠡᠷ ᠪᠦᠯᠢ ᠶᠢᠨ | ᠮᠠᠯᠵᠢᠯ ᠤᠨ ᠲᠠᠯᠠᠪᠠᠢ ᠶᠢ ᠰᠢᠨ᠎ᠡ ᠪᠠᠷ ᠪᠤᠶᠢᠵᠢᠭᠤᠯᠤᠨ᠂ ᠦᠨᠳᠦᠷ ᠠᠰᠢᠭᠳᠦ ᠠᠷᠪᠢᠳᠠᠢ ᠣᠰᠣᠯᠠᠯᠳᠠ ᠶᠢᠨ ᠣᠳᠣ | ᠦᠶ᠎ᠡ ᠶᠢᠨ ᠲᠠᠷᠢᠶᠠᠯᠠᠩ ᠤᠨ ᠣᠶᠢᠯᠠᠰ ᠤᠨ ᠰᠠᠭᠤᠷᠢᠨ ᠭᠠᠵᠠᠷ 73.8 ᠲᠦᠮᠡᠨ ᠮᠣ᠋ ᠬᠦᠷᠴᠦ᠂ ᠲᠣᠰᠬᠠᠢ | ᠬᠤᠷᠰᠢᠶᠠᠵᠢᠯ ᠤᠨ ᠨᠡᠶᠢᠭᠡᠮᠯᠢᠭ 21 ᠨᠡᠮᠡᠭᠳᠡᠨ ᠨᠡᠶᠢᠳᠡ 280 ᠡᠷᠦᠬᠡ ᠪᠣᠯᠵᠣ᠂ 2520 ᠡᠷᠥᠭᠡ ᠶᠢ ᠲᠠᠶᠢᠴᠢᠯᠠᠨ | ᠲᠠᠭᠠᠭᠤᠯᠪᠠ᠃ ᠨᠡᠷᠡᠳᠦ ᠲᠠᠮᠳᠡᠭᠴᠢᠯᠡᠯᠳᠡ ᠪᠠᠷ ᠤᠷᠤᠯᠭ᠎ᠠ ᠨᠡᠮᠡᠭᠳᠡᠭᠦᠯᠵᠥ᠂ ᠶᠢᠨ ᠷᠦᠨ ᠶᠤᠸᠠᠨ ᠪᠣᠯᠣᠨ ᠬᠤᠩ ᠶᠧ | 2 ᠠᠵᠣ ᠠᠬᠤᠶᠢᠯᠠᠯ ᠤᠨ 8 ᠲᠦᠷᠦᠯ ᠤᠨ ᠢᠳᠡᠰᠢᠨ ᠨᠣᠭᠤᠭ᠎ᠠ ᠪᠤᠬᠢᠷᠳᠤᠯ ᠦᠭᠡᠢ ᠪᠦᠳᠦᠭᠡᠭᠳᠡᠭᠦᠨ ᠤ ᠦᠨᠡᠯᠡᠯᠳᠠ | ᠶᠢ ᠣᠯᠵᠣ᠂ ᠣᠳᠣ ᠶᠠᠭ ︽ᠣᠳᠤᠭ ᠤᠨ ᠡᠮᠦᠨᠡᠳᠦ ᠬᠤᠰᠢᠭᠤᠨ ᠤ ᠮᠠᠯ ᠤᠨ ᠮᠢᠬ᠎ᠠ︾ ᠶᠢᠨ ᠭᠠᠵᠠᠷ ᠵᠦᠢ ᠶᠢᠨ | ᠢᠯᠡᠳᠭᠡᠯ ᠲᠠᠩᠰᠠᠯᠠᠯᠳᠠ ᠪᠣᠯᠣᠨ ᠯᠠᠯᠦ ᠢᠳᠡᠭᠡᠨ ᠤ ᠨᠡᠷᠡᠳᠦ ᠲᠡᠮᠳᠡᠭᠳᠦ ᠶᠢ ᠮᠡᠳᠡᠭᠦᠯᠦᠨ᠂ 560 ᠲᠦᠮᠡᠨ ᠮᠣ᠋ | ᠣᠷᠭᠠᠨᠢᠭ ᠪᠡᠯᠴᠢᠭᠡᠷ ᠤᠨ ᠥᠨᠡᠯᠡᠯᠳᠡ ᠶᠢᠨ ᠲᠣᠬᠠᠢ ᠶᠢᠨ ᠭᠠᠵᠠᠷ ᠤᠨ ᠪᠠᠶᠢᠴᠠᠭᠠᠯᠳᠠ ᠰᠢᠯᠭᠠᠯᠳᠠ ᠲᠠᠭᠤᠰᠪᠠ᠃ | ᠣᠳᠣ ᠪᠠᠶᠢᠭ᠎ᠠ ᠣᠯᠠᠮᠵᠢᠯᠠᠯᠳᠦ ᠮᠠᠯ ᠲᠠᠷᠢᠶᠠᠯᠠᠩ ᠤᠨ ᠪᠦᠳᠦᠭᠡᠭᠳᠡᠭᠦᠨ ᠤ ᠠᠷᠠᠯᠵᠢᠶ᠎ᠠ ᠬᠤᠳᠠᠯᠳᠣᠭᠠᠨ ᠤ ᠵᠠᠬ᠎ᠠ | ᠲᠡᠯᠭᠡᠭᠦᠷ ᠤᠨ ᠰᠢᠨᠡᠴᠢᠯᠡᠯᠳᠡ ᠶᠢ ᠲᠦᠷᠭᠡᠳᠬᠡᠨ᠂ ᠦᠬᠡᠷ ᠮᠠᠯ ᠤᠨ ᠵᠢᠯ ᠤᠨ ᠪᠤᠷᠤᠯᠠᠭᠤᠯᠭ᠎ᠠ ᠶᠢᠨ ᠳᠤᠭ᠎ᠠ ᠳᠤᠯᠤᠭᠠᠢ | ᠶᠢ 143 ᠲᠦᠮᠡ ᠭᠥᠷᠭᠡᠨ᠂ ᠪᠤᠷᠤᠯᠠᠭᠤᠯᠭ᠎ᠠ ᠶᠢᠨ ᠦᠷᠳᠡᠭ 12 ᠳ᠋ᠦᠩᠰᠢᠭᠤᠷ ᠲᠦᠬᠦᠷᠢᠭ ᠬᠦᠷᠪᠡ᠃ | ᠪᠣᠯᠪᠠᠰᠣᠷᠠᠯ ᠰᠠᠶᠢᠳᠠᠢ ᠮᠠᠯᠴᠢᠨ ᠲᠠᠷᠢᠶᠠᠴᠢᠨ ᠤ ᠬᠦᠮᠦᠵᠢᠯ ᠢ ᠠᠬᠢᠭᠤᠯᠪᠠ᠃ ᠮᠠᠯᠴᠢᠨ ᠲᠠᠷᠢᠶᠠᠴᠢᠳ ᠤᠨ ᠦᠵᠡᠯ | ᠰᠠᠨᠠᠭ᠎ᠠ ᠬᠡᠪ ᠴᠢᠨᠠᠷ᠂ ᠠᠵᠢᠯ ᠮᠡᠷᠭᠡᠵᠢᠯ ᠴᠢᠨᠡᠭᠡᠯᠢᠭᠵᠢᠯ ᠤᠨ ᠠᠷᠭ᠎ᠠ ᠣᠬᠠᠭᠠᠨ ᠢ ᠲᠡᠭᠡᠭᠰᠢᠯᠡᠬᠦᠯᠬᠦ ︽ᠭᠤᠷᠪᠠᠨ | ᠲᠦᠯᠦᠪᠯᠡᠭᠡ︾ ᠶᠢ ᠭᠦᠨᠵᠡᠭᠡᠢ ᠬᠡᠷᠡᠭᠵᠢᠭᠦᠯᠵᠣ᠂ ᠮᠠᠯᠴᠢᠨ ᠲᠠᠷᠢᠶᠠᠴᠢᠨ ᠢ ᠢᠳᠡᠪᠬᠢᠳᠠᠢ ᠬᠠᠪᠰᠣᠷᠣᠨ᠂ ᠵᠠᠬ᠎ᠠ | ᠲᠡᠯᠭᠡᠭᠦᠷ ᠤᠨ ᠪᠣᠷᠣᠯᠠᠭᠤᠯᠭ᠎ᠠ ᠶᠢᠨ ᠵᠠᠮ ᠮᠦᠷ ᠢ ᠦᠷᠭᠡᠳᠬᠡᠵᠣ᠂ ᠠᠵᠢᠯ ᠮᠡᠷᠭᠡᠵᠢᠯ ᠤᠨ ᠮᠠᠯᠴᠢᠨ ᠲᠠᠷᠢᠶᠠᠴᠢᠨ | ᠪᠣᠯᠣᠨ ᠲᠠᠷᠢᠵᠣ ᠲᠡᠵᠢᠭᠡᠬᠦ ᠲᠣᠮᠣ ᠡᠷᠦᠬᠡ ᠶᠢᠨ ᠪᠣᠯᠪᠠᠰᠣᠷᠠᠯ ᠢ ᠴᠢᠩᠭᠠᠳᠬᠠᠨ᠂ ᠨᠡᠶᠢᠳᠡ 600 ᠭᠠᠷᠣᠢ | ᠬᠤᠭᠤᠴᠠᠭᠠᠨ ᠤ ᠪᠣᠯᠪᠠᠰᠣᠷᠠᠯ ᠡᠷᠬᠢᠯᠡᠨ᠂ ᠮᠠᠯᠴᠢᠨ ᠲᠠᠷᠢᠶᠠᠴᠢᠳ ᠢ 3 ᠲᠥᠮᠡ ᠭᠠᠷᠣᠢ ᠭᠥᠮᠥᠨ ᠣᠳᠠᠭ᠎ᠠ | ᠪᠣᠯᠪᠠᠰᠣᠷᠠᠭᠤᠯᠵᠣ᠂ ᠮᠠᠯᠴᠢᠨ ᠲᠠᠷᠢᠶᠠᠴᠢᠳ ᠤᠨ ᠰᠢᠨ᠎ᠡ ᠣᠶᠢᠯᠠᠰ ᠡᠷᠬᠢᠯᠡᠬᠦ ᠴᠢᠳᠠᠪᠦᠷᠢ ᠶᠢ ᠪᠦᠬᠦ ᠲᠠᠯ᠎ᠠ ᠪᠠᠷ | ᠲᠡᠭᠡᠭᠰᠢᠯᠡᠭᠦᠯᠪᠡ᠃ ᠮᠠᠯ ᠲᠠᠷᠢᠶᠠᠯᠠᠩ ᠤᠨ ᠮᠡᠳᠡᠭᠡ ᠵᠡᠩᠬᠢ ᠰᠢᠨᠵᠢᠯᠡᠭᠡ ᠮᠡᠷᠭᠡᠵᠢᠯ ᠤᠨ ᠣᠶᠢᠯᠡᠴᠢᠯᠡᠭᠡᠨ ᠤ ᠪᠦᠯᠬᠦᠮ | ᠪᠠᠶᠢᠭᠤᠯᠣᠨ᠂ ᠣᠶᠢᠯᠠᠳᠪᠦᠷᠢᠯᠠᠯ ᠤᠨ ᠡᠮᠦᠨ᠎ᠡ ᠹᠷᠥᠨᠲ ᠲᠤ ᠭᠦᠨᠵᠡᠭᠡᠶᠢᠷᠡᠨ ᠲᠡᠷᠢᠭᠦᠨ ᠤ ᠬᠡᠷᠡᠭᠯᠡᠭᠡᠨ ᠤ ᠮᠡᠷᠭᠡᠵᠢᠯ ᠢ | ᠲᠦᠭᠡᠮᠡᠯᠵᠢᠭᠦᠯᠵᠣ᠂ ᠮᠠᠯᠴᠢᠨ ᠲᠠᠷᠢᠶᠠᠴᠢᠨ ᠢ ᠵᠢᠯᠣᠭᠤᠳᠣᠨ ᠰᠢᠨᠵᠢᠯᠡᠭᠦ ᠣᠬᠠᠭᠠᠨᠴᠢ ᠪᠠᠷ ᠲᠠᠷᠢᠵᠣ ᠲᠡᠵᠢᠭᠡᠨ᠂ | ᠰᠢᠨᠵᠢᠯᠡᠭᠡ ᠮᠡᠷᠭᠡᠵᠢᠯ ᠢᠶᠠᠷ ᠮᠠᠯᠴᠢᠨ ᠲᠠᠷᠢᠶᠠᠴᠢᠳ ᠤᠨ ᠣᠷᠣᠯᠭ᠎ᠠ ᠶᠢᠨ ᠨᠡᠮᠡᠭᠳᠡᠯ ᠢ ᠠᠬᠢᠭᠤᠯᠪᠠ᠃ | —— ᠣᠳᠣ ᠦᠶ᠎ᠡ ᠶᠢᠨ ᠣᠶᠢᠯᠡᠴᠢᠯᠡᠭᠡᠨ ᠤ ᠠᠮᠢᠳᠣᠯᠢᠭ ᠬᠦᠴᠦᠨ ᠲᠣᠪᠣᠶᠢᠪᠠ᠃ ᠣᠶᠢᠯᠠᠳᠪᠦᠷᠢᠯᠠᠯ ᠬᠢᠭᠡᠳ | ᠠᠮᠢᠳᠣᠷᠠᠯ ᠤᠨ ᠴᠢᠨᠠᠷᠳᠠᠢ ᠣᠶᠢᠯᠡᠴᠢᠯᠡᠭᠡᠨ ᠤ ᠣᠶᠢᠯᠠᠰ᠂ ᠣᠳᠣ ᠦᠶ᠎ᠡ ᠶᠢᠨ ᠪᠠ ᠣᠯᠠᠮᠵᠢᠯᠠᠯᠲᠣ ᠣᠶᠢᠯᠡᠴᠢᠯᠡᠭᠡᠨ ᠤ | ᠣᠶᠢᠯᠠᠰ ᠢ ᠬᠠᠮᠳᠦ ᠳᠤ ᠨᠢ ᠴᠢᠬᠤᠯᠠᠴᠢᠯᠠᠨ᠂ ᠣᠶᠢᠯᠡᠴᠢᠯᠡᠭᠡᠨ ᠤ ᠣᠶᠢᠯᠠᠰ ᠤᠨ ᠬᠦᠭᠵᠢᠯᠳᠡ ᠶᠢᠨ ᠬᠤᠷᠳᠣᠴᠠ᠂ | ᠬᠠᠷᠢᠴᠠᠯ ᠤᠨ ᠨᠡᠮᠡᠭᠳᠡᠯ᠂ ᠬᠢᠷᠢ ᠲᠦᠪᠰᠢᠨ ᠤ ᠲᠡᠭᠡᠭᠰᠢᠯᠡᠯᠳᠡ ᠶᠢ ᠠᠬᠢᠭᠤᠯᠪᠠ᠃ ᠪᠦᠬᠦ ᠴᠠᠷᠠᠭᠠᠨ ᠤ ᠵᠢᠭᠤᠯᠴᠢᠯᠠᠯ | ᠴᠡᠴᠡᠭᠯᠡᠨ ᠬᠦᠭᠵᠢᠪᠡ᠃ ᠣᠳᠦ ᠦᠶ᠎ᠡ ᠶᠢᠨ ᠣᠶᠢᠯᠡᠴᠢᠯᠡᠭᠡᠨ ᠤ ᠣᠶᠢᠯᠠᠰ ᠤᠨ ᠬᠦᠭᠵᠢᠯᠳᠡ ᠶᠢᠨ ᠲᠦᠯᠦᠪᠵᠢᠭᠦᠯᠭᠡ | ᠶᠢ ᠨᠠᠶᠢᠷᠠᠭᠤᠯᠣᠨ ᠲᠣᠭᠳᠠᠭᠠᠵᠣ᠂ ᠬᠤᠪᠢᠰᠬᠠᠯᠳᠦ ᠰᠣᠶᠣᠯ ᠤᠨ ᠡᠬᠢ ᠰᠣᠷᠪᠣᠯᠵᠢ ᠶᠢ ᠠᠭᠤᠳᠠᠯᠠᠨ ︽1 + 6︾ | ᠬᠤᠪᠢᠰᠬᠠᠯᠳᠦ ᠬᠦᠮᠦᠵᠢᠯ ᠪᠣᠯᠪᠠᠰᠣᠷᠠᠯ ᠤᠨ ᠰᠠᠭᠤᠷᠢᠨ ᠢ ᠪᠠᠶᠢᠭᠤᠯᠣᠨ᠂ ᠪᠡᠭᠡᠵᠢᠩ᠂ ᠱᠠᠩᠬᠠᠢ ᠵᠡᠷᠭᠡ 8 ᠮᠣᠵᠢ | ᠬᠤᠳᠠ ᠣᠷᠣᠨ ᠤ ᠡᠯ᠎ᠡ ᠲᠦᠷᠦᠯ ᠤᠨ ᠪᠣᠯᠪᠠᠰᠣᠷᠠᠯ ᠢ ᠨᠡᠶᠢᠳᠡ 61 ᠬᠤᠭᠤᠴᠠᠭ᠎ᠠ 371 ᠠᠩᠬᠢ ᠣᠳᠠᠭ᠎ᠠ | ᠡᠷᠬᠢᠯᠡᠵᠣ᠂ ᠡᠯ᠎ᠡ ᠱᠠᠳᠦ ᠲᠠᠪᠬᠤᠷᠭ᠎ᠠ ᠶᠢᠨ 3500 ᠭᠠᠷᠣᠢ ᠺᠠᠳ᠋ᠷ ᠢ ᠪᠣᠯᠪᠠᠰᠣᠷᠠᠭᠤᠯᠣᠨ᠂ ᠪᠣᠯᠪᠠᠰᠣᠷᠠᠯ | ᠬᠦᠷᠳᠡᠭᠰᠡᠳ 11 ᠲᠦᠮᠡᠨ ᠬᠦᠮᠦᠨ ᠣᠳᠠᠭ᠎ᠠ ᠳᠤ ᠬᠦᠷᠪᠡ᠃ ᠪᠠᠶᠠᠨ ᠰᠢᠪᠡᠷ ᠤᠨ ᠴᠠᠶᠢᠳᠠᠮ᠂ ᠡᠯᠡᠰᠦ ᠮᠠᠩᠬᠠᠨ ᠤ | ᠲᠣᠮᠣ ᠬᠠᠪᠴᠢᠯ᠂ ᠬᠡᠷᠡᠮ ᠤᠨ ᠭᠤᠣᠯ ᠵᠡᠷᠭᠡ ᠵᠡᠭᠦᠨ ᠪᠠᠷᠠᠭᠤᠨ ᠱᠣᠭᠤᠮ ᠤᠨ ᠵᠢᠭᠤᠯᠴᠢᠯᠠᠯ ᠤᠨ ᠡᠬᠢ ᠰᠣᠷᠪᠣᠯᠵᠢ | ᠬᠢᠬᠡᠳ ᠬᠤᠪᠢᠰᠬᠠᠯᠳᠦ ᠵᠢᠭᠤᠯᠴᠢᠯᠠᠯ ᠤᠨ ᠲᠦᠷᠦᠯ ᠵᠣᠶᠢᠯ ᠢ ᠢᠵᠢᠯ ᠠᠯᠬᠤᠮ ᠢᠶᠠᠷ ᠠᠭᠤᠰᠣᠯᠴᠠᠭᠤᠯᠣᠨ ᠭᠦᠨᠵᠡᠭᠡᠢ | ᠠᠬᠢᠭᠤᠯᠪᠠ᠃ ︽ᠴᠠᠬᠢᠷᠮ᠎ᠠ ᠴᠡᠴᠡᠭ ᠤᠨ ᠨᠠᠶᠢᠷ︾᠂ ︽ᠭᠤᠯᠣᠮᠲᠠ ᠭᠠᠯ ᠰᠣᠶᠣᠯ ᠤᠨ ᠨᠠᠶᠢᠷ︾ ᠵᠡᠷᠬᠡ ᠲᠣᠮᠣ | ᠬᠡᠯᠪᠡᠷᠢ ᠶᠢᠨ ᠪᠠᠶᠠᠷ ᠨᠠᠶᠢᠷ ᠤᠨ ᠠᠵᠢᠯᠯᠠᠭ᠎ᠠ ᠶᠢ ᠠᠮᠵᠢᠯᠲᠠ ᠲᠠᠢ ᠡᠷᠬᠢᠯᠡᠨ᠂ ᠭᠠᠵᠠᠷ ᠣᠷᠣᠨ ᠤ ᠠᠯᠳᠠᠷᠰᠢᠯ ᠪᠣᠯᠣᠨ | ᠨᠦᠯᠦᠬᠡᠯᠡᠬᠦ ᠬᠦᠴᠦᠨ ᠢᠯᠡᠳᠲᠡ ᠲᠡᠭᠡᠭᠰᠢᠯᠡᠪᠡ᠃ ᠭᠤᠷᠪᠠᠳᠣᠭᠠᠷ ᠣᠯᠠᠷᠢᠯ ᠤᠨ ᠰᠡᠬᠦᠯᠴᠢ ᠪᠣᠯᠲᠠᠯ᠎ᠠ | ᠵᠢᠭᠤᠯᠴᠢᠯᠠᠭᠰᠠᠳ ᠢ ᠨᠡᠶᠢᠲᠡ 85.4 ᠲᠦᠮᠡᠨ ᠬᠦᠮᠦᠨ ᠣᠳᠠᠭ᠎ᠠ ᠬᠦᠯᠢᠶᠡᠨ ᠵᠣᠴᠢᠯᠠᠵᠣ᠂ 26% ᠨᠡᠮᠡᠭᠳᠡᠪᠡ︔ | ᠵᠢᠭᠤᠯᠴᠢᠯᠠᠯ ᠤᠨ ᠶᠡᠷᠣᠩᠬᠡᠢ ᠣᠷᠣᠯᠭ᠎ᠠ 26.8 ᠳ᠋ᠦᠩᠰᠢᠭᠤᠷ ᠲᠦᠬᠦᠷᠢᠭ ᠬᠦᠷᠴᠣ᠂ 30% ᠨᠡᠮᠡᠭᠳᠡᠪᠡ᠃ ᠣᠳᠣ | ᠦᠶ᠎ᠡ ᠶᠢᠨ ᠪᠣᠳᠠᠰ ᠤᠨ ᠬᠦᠢᠯᠭᠡᠭᠡᠨ ᠤ ᠦᠢᠯᠡᠰ ᠤᠨ ᠬᠦᠭᠵᠢᠯᠲᠡ ᠶᠢ ᠲᠦᠷᠭᠡᠳᠭᠡᠪᠡ᠃ ︽ᠢᠨᠲ᠋ᠧᠷ ᠰᠦᠯᠵᠢᠶ᠎ᠡ + | ︾ ᠠᠵᠢᠯᠯᠠᠭ᠎ᠠ ᠶᠢ ᠬᠦᠨᠵᠡᠭᠡᠢ ᠬᠡᠷᠡᠭᠵᠢᠬᠦᠯᠵᠣ᠂ ᠲᠣᠮᠳᠠᠳᠣ ᠣᠯᠣᠰ ᠤᠨ ᠸᠠᠩ ᠺᠦ᠋᠂ ᠯᠧ ᠼᠦᠨ ᠲᠣᠣ ᠵᠡᠷᠬᠡ ᠪᠦᠬᠦ | ᠣᠯᠣᠰ ᠤᠨ ᠨᠡᠷᠡᠲᠣ ᠰᠦᠯᠵᠢᠶᠡᠨ ᠬᠤᠳᠠᠯᠳᠣᠭᠠᠨ ᠤ ᠲᠠᠪᠴᠠᠩ ᠢ ᠣᠷᠣᠭᠤᠯᠵᠣ᠂ ︽ ᠲᠣᠮᠳᠠᠳᠣ ᠣᠯᠣᠰ ᠤᠨ ᠮᠠᠯ | ᠤᠨ ᠮᠢᠬᠠᠨ ᠤ ᠠᠵᠣ ᠦᠢᠯᠡᠰ ᠤᠨ ᠰᠦᠯᠵᠢᠶᠡᠨ ᠬᠤᠳᠠᠯᠳᠣᠭᠠᠨ ᠤ ᠲᠦᠷᠦᠯ ᠵᠦᠢᠯ︾ ᠢ ᠪᠠᠶᠢᠭᠤᠯᠵᠣ᠂ ᠣᠳᠤᠭ | ᠤᠨ ᠡᠮᠣᠨᠡᠲᠣ ᠬᠤᠰᠢᠭᠤᠨ ᠤ ᠣᠷᠣᠨ ᠨᠣᠲᠤᠭ ᠤᠨ ᠣᠷᠳᠣᠨ᠂ ᠣᠨᠴᠠᠯᠢᠭᠲᠣ ᠣᠷᠳᠣᠨ ᠭᠠᠷᠭᠠᠨ᠂ ᠵᠢᠸ᠎ᠠ᠂ | ᠨᠠᠭᠠᠳᠣᠮ᠂ ᠬᠠᠨ ᠰᠦᠯᠳᠡ ᠵᠡᠷᠬᠡ ᠣᠷᠣᠨ ᠨᠣᠳᠤᠭ ᠤᠨ ᠰᠦᠯᠵᠢᠶᠡᠨ ᠪᠣᠷᠣᠯᠠᠭᠤᠯᠭ᠎ᠠ ᠶᠢᠨ ᠲᠠᠪᠴᠠᠩ ᠢ ᠲᠡᠰ | ᠲᠠᠪᠰᠢᠭᠤᠯᠵᠣ᠂ ᠮᠠᠨ ᠤ ᠬᠤᠰᠢᠭᠤᠨ ᠤ ᠣᠨᠴᠠᠯᠢᠭᠲᠣ ᠮᠠᠯ ᠲᠠᠷᠢᠶᠠᠯᠠᠩ ᠤᠨ ᠪᠦᠲᠦᠭᠡᠭᠳᠡᠬᠦᠨ ᠤ ᠪᠣᠷᠣᠯᠠᠭᠤᠯᠭ᠎ᠠ ᠢ | ᠰᠢᠯᠣᠭᠤᠳᠬᠠᠨ᠂ ᠰᠦᠯᠵᠢᠶᠡᠨ ᠪᠣᠷᠣᠯᠠᠭᠤᠯᠭ᠎ᠠ 1.8 ᠳ᠋ᠦᠩᠰᠢᠭᠤᠷ ᠲᠦᠬᠦᠷᠢᠭ ᠠᠴᠠ ᠲᠠᠪᠠᠪᠠ᠃ ᠣᠯᠵᠠᠴᠢ ᠶᠢᠨ | ᠶᠡᠷᠣᠩᠬᠡᠶᠢᠯᠡᠭᠰᠡᠨ ᠪᠣᠳᠠᠰ ᠤᠨ ᠬᠦᠢᠯᠬᠡᠬᠡᠨ ᠤ ᠬᠦᠷᠢᠶᠡᠯᠡᠩ ᠤᠨ ᠡᠮᠣᠨ᠎ᠡ ᠬᠤᠭᠤᠴᠠᠭᠠᠨ ᠤ ᠭᠠᠷᠳᠠᠮ ᠢ ᠦᠨᠳᠣᠰᠣᠨ | ᠳᠤ ᠪᠠᠨ ᠬᠦᠢᠴᠡᠳᠭᠡᠵᠣ᠂ 2 ᠰᠣᠷᠭᠤᠭ ᠢᠶᠠᠷ ᠬᠠᠳᠠᠭᠠᠯᠠᠬᠤ ᠬᠦᠢᠲᠡᠨ ᠬᠦᠮᠦᠷᠭᠡ᠂ 1 ᠬᠦᠢᠲᠡᠨ ᠬᠠᠳᠠᠭᠠᠯᠠᠬᠤ | ᠰᠠᠭᠤᠷᠢᠨ ᠤ ᠲᠦᠷᠦᠯ ᠵᠦᠢᠯ ᠡᠮᠬᠢᠲᠡᠢ ᠠᠬᠢᠵᠣ᠂ ᠪᠣᠳᠠᠰ ᠤᠨ ᠬᠦᠢᠯᠭᠡᠭᠡᠨ ᠤ ᠰᠠᠭᠤᠷᠢ ᠪᠠᠳᠣᠯᠠᠭ᠎ᠠ ᠢᠯᠡᠳᠲᠡ | ᠴᠢᠩᠭᠠᠳᠪᠠ᠃ ᠣᠳᠣ ᠦᠶ᠎ᠡ ᠶᠢᠨ ᠦᠢᠯᠡᠴᠢᠯᠡᠭᠡᠨ ᠤ ᠦᠢᠯᠡᠰ ᠤᠨ ᠬᠦᠭᠵᠢᠯᠲᠡ ᠶᠢᠨ ᠴᠠᠷᠠᠭ᠎ᠠ ᠶᠢ ᠲᠠᠰᠣᠷᠠᠯᠲᠠ | ᠦᠬᠡᠢ ᠦᠷᠭᠡᠳᠭᠡᠪᠡ᠃ ᠢᠨᠲ᠋ᠧᠷ ᠰᠦᠯᠵᠢᠶᠡᠨ ᠤ ᠰᠢᠨ᠎ᠡ ᠮᠦᠩᠬᠦᠨ ᠬᠦᠢᠯᠭᠡᠭᠡ ᠶᠢ ᠢᠳᠡᠪᠬᠢᠲᠡᠢ ᠬᠦᠭᠵᠢᠬᠦᠯᠵᠣ᠂ | ᠬᠦᠷᠦᠩᠭᠡ ᠶᠢᠨ ᠵᠠᠬ᠎ᠠ ᠲᠡᠯᠭᠡᠭᠦᠷ ᠤᠨ ᠬᠦᠭᠵᠢᠯᠲᠡ ᠶᠢ ᠲᠦᠷᠬᠡᠳᠭᠡᠨ᠂ ᠦᠪᠦᠷ ᠮᠣᠩᠭᠤᠯ ᠤᠨ ᠰᠲ᠋ᠣᠺ ᠤᠨ ᠡᠷᠬᠡ | ᠶᠢᠨ ᠠᠷᠠᠯᠵᠢᠶᠠᠨ ᠤ ᠲᠦᠪ ᠤᠨ ᠣᠳᠤᠭ ᠤᠨ ᠡᠮᠦᠨᠡᠳᠦ ᠬᠤᠰᠢᠭᠤᠨ ᠳᠠᠬᠢ ᠠᠵᠢᠯᠯᠠᠬᠤ ᠦᠷᠳᠡᠭᠡ ᠪᠠᠶᠢᠭᠤᠯᠣᠭᠳᠠᠨ᠂ | ᠬᠤᠰᠢᠭᠤᠨ ᠤ 18 ᠠᠵᠣ ᠠᠬᠤᠶᠢᠯᠠᠯ ᠳᠤ ᠫᠠᠶᠢᠰᠠ ᠡᠯᠭᠦᠨ ᠠᠵᠢᠯᠯᠠᠭᠤᠯᠪᠠ᠃ ᠭᠤᠷᠪᠠᠳᠦᠭᠠᠷ ᠣᠯᠠᠷᠢᠯ ᠤᠨ ᠡᠴᠦᠰ | ᠪᠣᠯᠳᠠᠯ᠎ᠠ᠂ ᠪᠦᠬᠦ ᠬᠤᠰᠢᠭᠤᠨ ᠤ ᠮᠦᠩᠭᠦᠨ ᠭᠦᠢᠯᠭᠡᠭᠡᠨ ᠤ ᠪᠠᠶᠢᠭᠤᠯᠣᠮᠵᠢ ᠶᠢᠨ ᠡᠯ᠎ᠡ ᠲᠦᠷᠦᠯ ᠤᠨ ᠬᠠᠳᠠᠭᠠᠯᠠᠮᠵᠢ | ᠶᠢᠨ ᠦᠯᠡᠳᠡᠪᠦᠷᠢ 66.43 ᠳ᠋ᠦᠩᠰᠢᠭᠤᠷ ᠲᠦᠬᠦᠷᠢᠭ ᠬᠦᠷᠴᠦ᠂ ᠠᠳᠠᠯᠢ ᠬᠤᠭᠤᠴᠠᠭᠠᠨ ᠠᠴᠠ 65.2% | ᠨᠡᠮᠡᠭᠳᠡᠪᠡ︔ ᠡᠯ᠎ᠡ ᠲᠦᠷᠦᠯ ᠤᠨ ᠵᠢᠭᠡᠯᠡᠯᠭᠡ 33.45 ᠳ᠋ᠦᠩᠰᠢᠭᠤᠷ ᠲᠦᠬᠦᠷᠢᠭ ᠬᠦᠷᠴᠦ᠂ ᠠᠳᠠᠯᠢ ᠬᠤᠭᠤᠴᠠᠭᠠᠨ | ᠠᠴᠠ 11.3% ᠨᠡᠮᠡᠭᠳᠡᠪᠡ᠃ ᠡᠷᠡᠭᠦᠯᠵᠢᠯ ᠰᠣᠪᠢᠯᠠᠯ ᠤᠨ ᠠᠵᠣ ᠣᠶᠢᠯᠠᠰ ᠢ ᠶᠡᠭᠡ ᠪᠠᠷ ᠬᠦᠭᠵᠢᠭᠦᠯᠦᠨ᠂ ᠠᠵᠠᠳᠠᠢ | ᠡᠷᠡᠭᠦᠯᠵᠢᠯ ᠰᠣᠪᠢᠯᠠᠯ ᠤᠨ ᠬᠦᠷᠢᠶᠠᠯᠠᠩ ᠢ ᠠᠰᠢᠭᠯᠠᠯᠳᠠ ᠳᠤ ᠣᠷᠣᠭᠤᠯᠵᠣ᠂ ᠮᠣᠩᠭᠤᠯ ᠣᠯᠣᠰ᠂ ᠬᠦᠬᠡᠨᠠᠭᠤᠷ᠂ | ᠰᠢᠨᠵᠢᠶᠠᠩ ᠵᠡᠷᠬᠡ ᠭᠠᠵᠠᠷ ᠤᠨ 1.3 ᠲᠦᠮᠡᠨ ᠬᠦᠮᠦᠨ ᠣᠳᠠᠭ᠎ᠠ ᠰᠣᠪᠢᠯᠠᠯ ᠳᠤ ᠰᠠᠭᠤᠨ᠂ ᠦᠪᠦᠷ ᠮᠣᠩᠭᠤᠯ ᠤᠨ | ᠠᠩᠬᠠᠳᠠᠭᠴᠢ ᠪᠦᠯᠦᠭ ᠡᠮᠨᠡᠵᠣ ᠰᠣᠪᠢᠯᠠᠬᠤ ᠶᠢ ᠤᠶᠠᠯᠳᠤᠭᠤᠯᠤᠭᠰᠠᠨ ᠲᠠᠭᠤᠷᠢᠶᠠᠯ ᠴᠡᠭ ᠢᠶᠠᠷ ᠲᠣᠭᠳᠠᠭᠠᠭᠳᠠᠪᠠ᠃ | ︵ᠭᠤᠷᠪᠠ︶ ᠰᠠᠭᠤᠷᠢ ᠲᠦᠬᠦᠭᠡᠷᠦᠮᠵᠢ ᠶᠢᠨ ᠪᠠᠶᠢᠭᠤᠯᠣᠯᠳᠠ ᠶᠢ ᠲᠦᠷᠭᠡᠳᠬᠡᠨ᠂ ᠬᠦᠭᠵᠢᠯᠳᠡ ᠶᠢᠨ | ᠡᠷᠴᠢᠮ ᠢ ᠲᠠᠰᠣᠷᠠᠯᠳᠠ ᠦᠭᠡᠢ ᠰᠢᠯᠢᠳᠡᠭᠵᠢᠭᠦᠯᠪᠡ᠃ ᠵᠠᠮ ᠬᠠᠷᠢᠯᠴᠠᠭᠠᠨ ᠤ ᠴᠢᠬᠤᠯᠨ ᠶᠡᠭᠡ ᠲᠦᠷᠦᠯ ᠵᠣᠶᠢᠯ ᠤᠨ | ᠬᠡᠷᠡᠭᠵᠢᠭᠦᠯᠦᠯᠳᠡ ᠪᠠᠷ ᠬᠤᠳᠠ ᠬᠦᠳᠡᠭᠡ ᠶᠢᠨ ᠰᠠᠭᠤᠷᠢ ᠲᠦᠬᠦᠭᠡᠷᠦᠮᠵᠢ ᠶᠢᠨ ᠪᠠᠶᠢᠭᠤᠯᠣᠯᠳᠠ ᠶᠢ ᠲᠦᠷᠬᠡᠳᠬᠡᠵᠣ᠂ | ᠬᠤᠳᠠ ᠪᠠᠯᠭᠠᠰᠣᠨ ᠤ ᠣᠶᠢᠯᠡᠴᠢᠯᠡᠭᠡᠨ ᠤ ᠴᠢᠳᠠᠪᠬᠢ ᠪᠣᠯᠣᠨ ᠠᠴᠢᠶᠠᠯᠠᠬᠤ ᠴᠢᠳᠠᠪᠬᠢ ᠶᠢ ᠲᠠᠰᠣᠷᠠᠯᠳᠠ ᠦᠭᠡᠢ | ᠲᠡᠭᠡᠭᠰᠢᠯᠡᠭᠦᠯᠪᠡ᠃ ᠬᠤᠳᠠ ᠪᠠᠯᠭᠠᠰᠣᠨ ᠤ ᠶᠡᠷᠦᠩᠬᠡᠶᠢᠯᠡᠭᠰᠡᠨ ᠴᠢᠳᠠᠪᠬᠢ ᠶᠡᠭᠡ ᠪᠠᠷ ᠲᠡᠭᠡᠭᠰᠢᠯᠡᠪᠡ᠃ ᠪᠦᠬᠦ ᠣᠯᠣᠰ | ᠤᠨ ᠰᠢᠶᠠᠨ ᠤ ᠲᠡᠰ ᠤᠨ ᠪᠣᠯᠪᠠᠰᠣᠨ ᠬᠤᠳᠠ ᠶᠢ ᠠᠮᠵᠢᠯᠳᠠ ᠲᠠᠢ ᠴᠣᠭᠴᠠᠯᠠᠵᠣ᠂ 2.2 ᠳ᠋ᠦᠩᠰᠢᠭᠤᠷ ᠲᠦᠬᠦᠷᠢᠭ | ᠵᠠᠷᠣᠴᠠᠭᠤᠯᠣᠨ᠂ ᠬᠤᠳᠠ ᠬᠦᠳᠡᠭᠡ ᠶᠢᠨ ᠨᠡᠶᠢᠳᠡ ᠶᠢᠨ ᠣᠶᠢᠯᠡᠴᠢᠯᠡᠭᠡᠨ ᠤ ᠰᠠᠭᠤᠷᠢ ᠲᠦᠬᠦᠭᠡᠷᠦᠮᠵᠢ ᠶᠢ ᠪᠦᠬᠦ ᠲᠠᠯ᠎ᠠ | ᠪᠠᠷ ᠰᠠᠶᠢᠵᠢᠷᠠᠭᠤᠯᠵᠣ᠂ ᠪᠠᠯᠭᠠᠰᠣᠨ ᠲᠣᠭᠤᠷᠢᠭ ᠤᠨ ᠭᠤᠣᠯ ᠵᠠᠮ ᠵᠡᠭᠡᠯᠢ ᠲᠠᠭᠠᠤ ᠭᠡᠷ ᠪᠠᠶᠢᠰᠢᠩ ᠤᠨ | ᠦᠭᠡᠷᠡᠴᠢᠯᠡᠯᠳᠡ᠂ ᠬᠠᠭᠤᠴᠢᠨ ᠰᠠᠭᠤᠭᠠᠯᠢ ᠲᠣᠭᠤᠷᠢᠭ ᠤᠨ ᠦᠭᠡᠷᠡᠴᠢᠯᠡᠯᠳᠡ ᠶᠢ ᠶᠠᠪᠣᠭᠳᠠᠭᠤᠯᠵᠣ᠂ ᠴᠠᠬᠢᠷᠮ᠎ᠠ | ᠠᠭᠤᠳᠠᠮ ᠲᠠᠯᠠᠪᠠᠢ ᠶᠢ ᠦᠭᠡᠷᠡᠴᠢᠯᠡᠨ ᠰᠢᠨᠡᠳᠬᠡᠪᠡ᠃ ᠵᠠᠮ ᠵᠠᠭᠡᠯᠢ ᠶᠢᠨ ᠬᠡᠷᠡᠯᠳᠦᠭᠦᠯᠭᠡ᠂ ᠭᠤᠣᠯ ᠣᠷᠣᠵᠣ ᠭᠠᠷᠬᠤ | ᠵᠠᠮ ᠤᠨ ᠣᠶᠢᠵᠢᠭᠤᠯᠣᠯᠳᠠ ᠭᠤᠶᠣᠵᠢᠯᠠᠯᠳᠠ ᠶᠢᠨ ᠢᠨᠵᠧᠨᠧᠷᠢᠩ ᠢ ᠬᠡᠷᠡᠭᠵᠢᠭᠦᠯᠵᠣ᠂ ᠰᠢᠨ᠎ᠡ ᠨᠡᠮᠡᠭᠳᠡᠭᠰᠡᠨ | ᠴᠡᠴᠡᠷᠯᠢᠭᠵᠢᠭᠦᠯᠭᠡ ᠨᠣᠭᠤᠭᠠᠵᠢᠭᠤᠯᠣᠯᠳᠠ ᠶᠢᠨ ᠲᠠᠯᠠᠪᠠᠢ 18.6 ᠲᠦᠮᠡᠨ ᠺᠦᠸ᠋ᠳ᠋ ᠮᠧᠲᠷ ᠬᠦᠷᠴᠦ᠂ ᠣᠯᠣᠰ ᠤᠨ | ᠴᠡᠴᠡᠷᠯᠢᠭᠵᠢᠭᠦᠯᠭᠡ ᠶᠢᠨ ᠰᠢᠶᠠᠨ ᠤ ᠬᠤᠳᠠ ᠪᠠᠷ ᠦᠨᠡᠯᠡᠭᠳᠡᠨ᠂ ᠣᠷᠣᠰᠢᠨ ᠰᠠᠭᠤᠬᠤ ᠨᠦᠭᠦᠴᠡᠯ ᠨᠡᠩ ᠲᠣᠬᠢᠯᠢᠭ | ᠪᠣᠯᠪᠠ᠃ ᠪᠣᠷᠣᠪᠠᠯᠭᠠᠰᠦ ᠶᠢᠨ ᠣᠨᠴᠠᠯᠢᠭᠳᠦ ᠪᠠᠯᠭᠠᠰᠣᠨ ᠤ ᠪᠠᠶᠢᠭᠤᠯᠣᠯᠳᠠ ᠶᠢ ᠡᠬᠢᠯᠡᠬᠦᠯᠵᠣ᠂ ᠶᠡᠷᠦᠩᠬᠡᠶᠢᠯᠡᠭᠰᠡᠨ | ᠣᠶᠢᠯᠡᠴᠢᠯᠡᠭᠡ᠂ ᠬᠤᠪᠢᠰᠬᠠᠯᠳᠦ ᠬᠦᠮᠦᠵᠢᠯ᠂ ᠪᠡᠶᠡᠴᠢᠯᠡᠨ ᠤᠶᠢᠯᠠᠭᠠᠬᠤ ᠠᠭᠤᠯᠬᠤᠨ ᠢ ᠪᠠᠶᠠᠯᠢᠭᠵᠢᠭᠤᠯᠣᠨ | ᠲᠡᠭᠦᠯᠳᠡᠷᠵᠢᠭᠦᠯᠵᠣ᠂ ᠣᠷᠳ ᠰᠠᠭᠤᠴᠠ ᠪᠦᠳᠦᠭᠡᠨ ᠪᠠᠶᠢᠭᠤᠯᠣᠯᠳᠠ ᠶᠢᠨ ᠶᠠᠮᠣᠨ ᠤ ᠬᠤᠶᠠᠳᠦᠭᠠᠷ ᠪᠦᠯᠦᠭ ᠪᠦᠬᠦ | ᠣᠯᠣᠰ ᠤᠨ ᠣᠨᠴᠠᠯᠢᠭᠳᠦ ᠪᠠᠯᠭᠠᠰᠣ ᠪᠠᠷ ᠦᠨᠡᠯᠡᠭᠳᠡᠪᠡ᠃ ︽ᠣᠶᠣᠨᠴᠢ ᠬᠤᠳᠠ︾ ᠶᠢᠨ ᠪᠠᠶᠢᠭᠤᠯᠣᠯᠳᠠ ᠶᠢ | ᠭᠦᠨᠵᠡᠭᠡᠶᠢᠷᠡᠭᠦᠯᠵᠣ᠂ ︽ᠣᠶᠣᠨᠴᠢ ᠡᠮᠦᠨᠡᠳᠦ ᠣᠳᠤᠭ︾ ᠤᠨ ᠳ᠋ᠠᠶᠢᠲᠨ ᠲᠦᠪ ᠢ ᠪᠠᠶᠢᠭᠤᠯᠵᠣ᠂ ᠲᠦᠷᠪᠡᠨ | ᠪᠠᠯᠭᠠᠰᠣᠨ ᠲᠣᠭᠤᠷᠢᠭ ᠲᠤ ᠵᠠᠷᠣᠳᠠᠯ ᠬᠤᠷᠢᠶᠠᠬᠤ ᠦᠭᠡᠢ WIFI ᠪᠦᠬᠦ ᠪᠦᠷᠬᠦᠴᠡ ᠶᠢ ᠪᠡᠶᠡᠯᠡᠭᠦᠯᠵᠣ᠂ ᠬᠤᠳᠠ | ᠪᠠᠯᠭᠠᠰᠣᠨ ᠤ ᠬᠡᠪ ᠴᠢᠨᠰᠠᠭ᠎ᠠ ᠪᠣᠯᠣᠨ ᠴᠢᠳᠠᠪᠬᠢ ᠢᠯᠡᠳᠳᠡ ᠲᠡᠭᠡᠭᠰᠢᠯᠡᠪᠡ᠃ ᠵᠠᠮ ᠬᠠᠷᠢᠯᠴᠠᠭᠠᠨ ᠤ ᠲᠣᠣᠷᠵᠢᠯ | ᠡᠳᠦᠷ ᠢᠷᠡᠭᠦᠶ᠎ᠡ ᠲᠡᠭᠦᠯᠳᠡᠷᠵᠢᠪᠡ᠃ ᠲᠡᠮᠣᠷ ᠵᠠᠮ᠂ ᠵᠠᠰᠠᠮᠠᠯ ᠵᠠᠮ᠂ ᠨᠢᠰᠬᠡᠯ ᠤᠨ ᠪᠠᠭᠤᠳᠠᠯ ᠵᠡᠷᠬᠡ ᠵᠠᠮ ᠬᠠᠷᠢᠯᠴᠠᠭᠠᠨ | ᠤ ᠴᠢᠬᠤᠯᠠ ᠶᠡᠭᠡ ᠰᠠᠭᠤᠷᠢ ᠲᠦᠬᠦᠭᠡᠷᠦᠮᠵᠢ ᠶᠢᠨ ᠪᠠᠶᠢᠭᠤᠯᠣᠯᠳᠠ ᠶᠢ ᠲᠦᠷᠭᠡᠳᠬᠡᠪᠡ᠃ ᠲᠤᠯᠢ ᠠᠴᠠ ᠱᠠᠩᠬᠠᠢ ᠶᠢᠨ | ᠰᠥᠮ᠎ᠡ ᠭᠥᠷᠭᠦ ᠲᠡᠮᠣᠷ ᠵᠠᠮ ᠤᠨ ᠲᠣᠯᠢ ᠠᠴᠠ ᠣᠯᠵᠠᠴᠢ ᠬᠦᠷᠬᠦ ᠬᠡᠰᠡᠭ ᠲᠡᠷᠬᠡ ᠨᠡᠪᠳᠡᠷᠡᠭᠦ ᠨᠦᠬᠦᠴᠡᠯ ᠪᠦᠷᠢᠳᠴᠦ᠂ | ᠣᠯᠵᠠᠴᠢ ᠠᠴᠠ ᠱᠠᠩᠬᠠᠢ ᠶᠢᠨ ᠰᠦᠮ᠎ᠡ ᠬᠦᠷᠬᠦ ᠬᠡᠰᠡᠭ ᠤᠨ ᠪᠦᠬᠦ ᠭᠠᠷᠳᠠᠮ ᠢ ᠭᠦᠢᠴᠡᠳᠬᠡᠵᠣ᠂ ᠤᠯᠵᠠᠴᠢ ᠠᠴᠠ | ᠰᠤᠬᠠᠢ ᠶᠢᠨ ᠪᠠᠶᠢᠰᠢᠩ ᠭᠥᠷᠭᠦ ᠲᠡᠮᠣᠷ ᠵᠠᠮ ︵ᠣᠯᠵᠠᠴᠢ ᠪᠠᠯᠭᠠᠰᠦ ᠠᠴᠠ ᠱᠠᠨᠰᠢ ᠮᠣᠵᠢ ᠶᠢᠨ ᠵᠢᠩᠪᠢᠶᠠᠨ ᠰᠢᠶᠠᠨ ᠤ | ᠰᠣᠬᠠᠢ ᠶᠢᠨ ᠪᠠᠶᠢᠰᠢᠩ ᠪᠠᠯᠭᠠᠰᠦ ᠬᠦᠷᠬᠦ︶ ᠤᠨ ᠪᠣᠯᠣᠮᠵᠢᠳᠦ ᠮᠡᠳᠡᠭᠦᠯᠦᠯᠳᠡ ᠶᠢ ᠡᠳᠦᠭᠡ ᠶᠠᠭ ᠨᠠᠶᠢᠷᠠᠭᠤᠯᠵᠣ ᠪᠣᠢ︔ | ᠣᠯᠵᠠᠴᠢ ᠠᠴᠠ ᠳ᠋ᠦᠩ ᠳ᠋ᠣᠣ ᠯᠢᠶᠠᠩ ᠭᠥᠷᠭᠦ ᠲᠦᠷᠬᠡᠨ ᠵᠠᠮ ︵ᠣᠯᠵᠠᠴᠢ ᠪᠠᠯᠭᠠᠰᠦ ᠠᠴᠠ ᠨᠢᠩᠰᠢᠶ᠋ᠨ ᠶᠢᠨ ᠳ᠋ᠦᠩ | ᠳ᠋ᠣᠣ ᠯᠢᠶᠠᠩ ᠬᠦᠷᠬᠦ︶᠂ S216 ᠵᠠᠮ ᠤᠨ ᠣᠯᠵᠠᠴᠢ ᠠᠴᠠ ᠵᠠᠩᠭᠤᠳᠦ ᠬᠦᠷᠬᠦ ᠵᠠᠰᠠᠮᠠᠯ ᠵᠠᠮ ᠤᠨ ᠦᠭᠡᠷᠡᠴᠢᠯᠡᠯᠳᠡ | ︵ᠭᠤᠷᠪᠠᠳᠦᠭᠠᠷ ᠲᠡᠰ ᠢ ᠬᠤᠶᠠᠳᠣᠭᠠᠷ ᠲᠡᠰ ᠪᠣᠯᠭᠠᠨ ᠦᠭᠡᠷᠡᠴᠢᠯᠡᠬᠦ︶ ᠪᠠ ᠦᠣᠰᠢᠨ ᠬᠤᠰᠢᠭᠤᠨ ᠤ ᠲᠦᠩᠽᠢ | ᠠᠴᠠ ᠪᠣᠷᠣᠪᠠᠯᠭᠠᠰᠦ ᠬᠦᠷᠬᠦ ᠬᠤᠶᠠᠳᠣᠭᠠᠷ ᠲᠡᠰ ᠤᠨ ᠵᠠᠰᠠᠮᠠᠯ ᠵᠠᠮ ᠤᠨ ᠭᠤᠣᠯ ᠪᠠᠷᠢᠯᠭ᠎ᠠ ᠲᠠᠭᠤᠰᠴᠦ᠂ ᠲᠡᠷᠬᠡ | ᠨᠡᠪᠳᠡᠷᠡᠭᠦ ᠨᠦᠬᠦᠴᠡᠯ ᠪᠦᠷᠢᠳᠦᠨ᠂ S317 ᠵᠠᠮ ᠤᠨ ᠨᠠᠩᠰᠦ ᠠᠴᠠ ᠲᠣᠯᠢ ᠬᠦᠷᠬᠦ ᠬᠡᠰᠡᠭ ᠤᠨ ᠡᠮᠦᠨ᠎ᠡ | ᠬᠤᠭᠤᠴᠠᠭᠠᠨ ᠤ ᠭᠠᠷᠳᠠᠮ ᠢ ᠡᠳᠥᠭᠡ ᠶᠠᠭ ᠭᠦᠢᠴᠡᠳᠬᠡᠵᠣ ᠪᠣᠢ︔ ᠣᠳᠤᠭ ᠤᠨ ᠡᠮᠦᠨᠡᠳᠦ ᠬᠤᠰᠢᠭᠤᠨ ᠤ ᠨᠡᠶᠢᠳᠡᠮ | ᠬᠡᠷᠡᠭᠯᠡᠭᠡᠨ ᠤ ᠨᠢᠰᠬᠡᠯ ᠤᠨ ᠪᠠᠭᠤᠳᠠᠯ ᠪᠠᠷᠢᠯᠭ᠎ᠠ ᠡᠬᠢᠯᠡᠵᠣ᠂ ᠣᠷᠳᠣᠰ ᠤᠨ ᠪᠣᠷᠣᠪᠠᠯᠭᠠᠰᠦ ᠨᠡᠶᠢᠳᠡᠮ ᠬᠡᠷᠡᠭᠯᠡᠭᠡᠨ ᠤ | ᠨᠢᠰᠬᠡᠯ ᠤᠨ ᠪᠠᠭᠤᠳᠠᠯ ᠤᠨ ᠪᠠᠶᠢᠷᠢ ᠰᠣᠩᠭᠤᠬᠤ ᠯᠠᠪᠯᠠᠭᠠᠨ ᠤ ᠮᠡᠳᠡᠭᠦᠯᠦᠯᠳᠡ ᠬᠤᠸᠠᠪᠸᠢ ᠶᠢᠨ ᠠᠷᠠᠳ ᠤᠨ ᠠᠭᠠᠷ | ᠠᠶᠠᠯᠠᠯ ᠤᠨ ᠲᠣᠪᠴᠢᠶ᠎ᠠ ᠶᠢᠨ ᠬᠢᠨᠠᠨ ᠪᠠᠶᠢᠴᠠᠭᠠᠯᠳᠠ ᠶᠢ ᠲᠣᠭᠤᠯᠵᠣ᠂ ᠵᠠᠮ ᠬᠠᠷᠢᠯᠴᠠᠭᠠᠨ ᠤ ᠪᠡᠶᠡᠳᠦ ᠲᠣᠣᠷ | ᠪᠦᠷᠢᠯᠳᠦᠵᠣ ᠡᠬᠢᠯᠡᠪᠡ᠃ ᠠᠮᠢ ᠠᠬᠤᠢ ᠶᠢᠨ ᠣᠷᠴᠢᠨ ᠦᠷᠭᠦᠯᠵᠢᠯᠡᠨ ᠰᠠᠶᠢᠵᠢᠷᠠᠪᠠ᠃ ᠠᠮᠢ ᠠᠬᠤᠢ ᠶᠢᠨ ᠬᠤᠷᠢᠭ᠎ᠠ | ᠱᠣᠭᠤᠮ ᠢ ᠴᠢᠩᠭ᠎ᠠ ᠰᠠᠬᠢᠵᠣ᠂ ᠮᠠᠯ ᠪᠡᠯᠴᠢᠭᠡᠷᠯᠡᠭᠦᠯᠬᠦ ᠶᠢ ᠬᠤᠷᠢᠭᠯᠠᠬᠤ᠂ ᠪᠡᠯᠴᠢᠭᠡᠷ ᠤᠨ ᠪᠠᠭᠳᠠᠭᠠᠮᠵᠢ ᠪᠠᠷ ᠮᠠᠯ ᠤᠨ | ᠲᠤᠭ᠎ᠠ ᠲᠣᠯᠣᠭᠠᠢ ᠲᠣᠭᠳᠠᠭᠠᠬᠤ ᠪᠣᠳᠣᠯᠭ᠎ᠠ ᠶᠢ ᠴᠢᠩᠭ᠎ᠠ ᠬᠡᠷᠡᠭᠵᠢᠭᠦᠯᠦᠨ᠂ ᠣᠢ ᠰᠢᠭᠤᠢ ᠨᠣᠳᠤᠭ ᠪᠡᠯᠴᠢᠭᠡᠷ ᠤᠨ | ᠬᠠᠣᠯᠢ ᠭᠡᠷᠡᠭᠵᠢᠭᠦᠯᠦᠯᠳᠡ ᠶᠢᠨ ᠡᠷᠴᠢᠮ ᠢ ᠴᠢᠩᠭᠠᠳᠬᠠᠵᠣ᠂ ᠪᠠᠶᠢᠭᠠᠯᠢ ᠶᠢᠨ ᠣᠢ ᠶᠢᠨ ᠬᠠᠮᠠᠭᠠᠯᠠᠯᠳᠠ᠂ ᠪᠡᠭᠡᠵᠢᠩ | ᠲᠢᠶᠠᠨᠵᠢᠨ ᠤ ᠰᠠᠯᠬᠢ ᠰᠢᠷᠣᠢ ᠶᠢᠨ ᠡᠬᠢ ᠶᠢᠨ ᠵᠠᠰᠠᠯᠳᠠ ᠪᠣᠯᠣᠨ ᠬᠦᠷᠦᠰᠦ ᠰᠢᠷᠣᠢ ᠶᠢᠨ ᠢᠳᠡᠭᠳᠡᠯ ᠢ ᠵᠠᠰᠠᠬᠤ ᠵᠡᠷᠬᠡ | ᠠᠮᠢ ᠠᠬᠤᠢ ᠶᠢᠨ ᠭᠤᠣᠯᠳᠠᠯᠭᠠᠳᠦ ᠢᠨᠵᠧᠨᠧᠷᠢᠩ ᠢ ᠬᠡᠷᠡᠭᠵᠢᠭᠦᠯᠣᠨ᠂ ᠠᠯᠪᠠᠨ ᠵᠢᠷᠣᠮ ᠤᠨ ᠣᠶᠢᠵᠢᠭᠤᠯᠣᠯᠳᠠ᠂ | ᠠᠶᠢᠯ ᠲᠣᠰᠬᠤᠨ ᠤ ᠣᠶᠢᠵᠢᠭᠤᠯᠣᠯᠳᠠ ᠶᠢ 2.9 ᠲᠦᠮᠡᠨ ᠮᠣ᠋ ᠪᠡᠶᠡᠯᠡᠭᠦᠯᠵᠣ᠂ ︽ᠡᠷᠦᠬᠡ ᠪᠣᠯᠭᠠᠨ 100 ᠮᠣᠳᠦ | ᠲᠠᠷᠢᠬᠤ︾ ᠠᠵᠢᠯᠯᠠᠭᠠᠨ ᠳᠤ 22 ᠲᠦᠮᠡᠨ ᠰᠣᠶᠤᠭ᠎ᠠ ᠬᠠᠩᠭᠠᠵᠣ᠂ ᠣᠯᠣᠰ ᠤᠨ ᠨᠣᠳᠤᠭ ᠲᠡᠪᠢᠰᠭᠡᠷ ᠤᠨ | ᠣᠶᠢᠵᠢᠭᠤᠯᠣᠯᠳᠠ ᠶᠢ 10 ᠲᠦᠮᠡᠨ ᠮᠣ᠋᠂ ᠬᠦᠷᠦᠰᠦ ᠰᠢᠷᠣᠢ ᠶᠢᠨ ᠢᠳᠡᠭᠳᠡᠯ ᠤᠨ ᠵᠠᠰᠠᠯᠳᠠ ᠶᠢ 27.5 ᠲᠦᠮᠡᠨ | ᠮᠣ᠋᠂ ᠨᠣᠳᠤᠭ ᠪᠡᠯᠴᠢᠭᠡᠷ ᠤᠨ ᠬᠠᠮᠠᠭᠠᠯᠠᠯᠳᠠ ᠶᠢ 85 ᠲᠦᠮᠡᠨ ᠮᠣ᠋ ᠪᠡᠶᠡᠯᠡᠭᠦᠯᠪᠡ᠃ ᠪᠦᠬᠦ ᠬᠤᠰᠢᠭᠤᠨ ᠤ ᠣᠢ | ᠰᠢᠭᠤᠢ ᠶᠢᠨ ᠪᠦᠷᠬᠦᠴᠡ ᠪᠣᠯᠣᠨ ᠣᠷᠭᠤᠮᠠᠯ ᠤᠨ ᠪᠦᠷᠬᠦᠪᠴᠢ ᠲᠤᠰᠪᠤᠷᠢ 23.6% ᠪᠠ 45% ᠳᠤ ᠬᠦᠷᠪᠡ᠃ | ︵ᠲᠦᠷᠪᠡ︶ ᠦᠭᠡᠷᠡᠴᠢᠯᠡᠯᠳᠡ ᠨᠡᠭᠡᠭᠡᠯᠳᠡ ᠶᠢᠨ ᠡᠷᠴᠢᠮ ᠢ ᠲᠠᠰᠣᠷᠠᠯᠳᠠ ᠦᠭᠡᠢ ᠭᠦᠨᠵᠡᠭᠡᠶᠢᠷᠡᠭᠦᠯᠵᠣ᠂ | ᠠᠵᠣ ᠠᠬᠤᠢ ᠶᠢᠨ ᠬᠦᠭᠵᠢᠯᠳᠡ ᠶᠢᠨ ᠬᠦᠳᠡᠯᠭᠡᠭᠴᠢ ᠬᠦᠴᠦᠨ ᠢ ᠨᠡᠮᠡᠭᠳᠡᠭᠦᠯᠪᠡ᠃ ᠦᠭᠡᠷᠡᠴᠢᠯᠡᠯᠳᠡ ᠶᠢᠨ ᠦᠷ᠎ᠡ | ᠪᠦᠳᠦᠭᠡᠯ ᠢ ᠲᠣᠪᠣᠶᠢᠯᠭᠠᠨ᠂ ᠲᠣᠳᠣᠭᠠᠳᠦ ᠬᠦᠳᠡᠯᠭᠡᠭᠴᠢ ᠬᠦᠴᠦᠨ ᠢ ᠠᠮᠢᠳᠣᠯᠢᠭᠵᠢᠭᠤᠯᠵᠣ᠂ ᠵᠢᠯ ᠤᠨ ᠡᠬᠢᠨ ᠳᠤ | ᠲᠣᠭᠳᠠᠭᠠᠭᠰᠠᠨ 140 ᠲᠦᠷᠦᠯ ᠤᠨ ᠦᠭᠡᠷᠡᠴᠢᠯᠡᠯᠳᠡ ᠶᠢᠨ ᠡᠭᠦᠷᠭᠡ ᠶᠢᠨ 107 ᠲᠦᠷᠦᠯ ᠢ ᠪᠡᠶᠡᠯᠡᠭᠦᠯᠵᠣ᠂ | ᠲᠡᠭᠡᠳᠦ ᠱᠠᠳᠣᠨ ᠤ ᠪᠣᠳᠣᠯᠭ᠎ᠠ ᠶᠢ ᠬᠦᠯᠢᠶᠡᠵᠣ ᠪᠠᠶᠢᠭ᠎ᠠ 17 ᠲᠦᠷᠦᠯ ᠢ ᠭᠠᠷᠭᠠᠪᠠᠯ 87% ᠶᠢ ᠨᠢ ᠪᠡᠶᠡᠯᠡᠭᠦᠯᠵᠣ᠂ | 52 ᠲᠦᠷᠦᠯ ᠤᠨ ᠦᠭᠡᠷᠡᠴᠢᠯᠡᠯᠳᠡ ᠶᠢᠨ ᠦᠷ᠎ᠡ ᠪᠦᠳᠦᠭᠡᠯ ᠣᠯᠵᠣ᠂ 45 ᠲᠦᠷᠦᠯ ᠤᠨ ᠦᠷ᠎ᠡ ᠪᠦᠳᠦᠮᠵᠢ ᠶᠢᠨ | ᠦᠨᠡᠯᠡᠯᠳᠡ ᠠᠴᠠ 37 ᠲᠦᠷᠦᠯ ᠢ ᠪᠡᠶᠡᠯᠡᠭᠦᠯᠵᠣ᠂ ᠠᠷᠠᠳ ᠲᠦᠮᠡᠨ ᠤ ᠦᠭᠡᠷᠡᠴᠢᠯᠡᠯᠳᠡ ᠳᠠᠬᠢ ᠣᠷᠣᠯᠴᠠᠯᠭ᠎ᠠ | ᠪᠣᠯᠣᠨ ᠬᠦᠷᠳᠡᠮᠵᠢ ᠶᠢ ᠣᠯᠠᠮ ᠨᠡᠮᠡᠭᠳᠡᠬᠦᠯᠪᠡ᠃ ᠦᠷᠭᠦᠯᠵᠢᠯᠡᠯ ᠦᠭᠡᠷᠡᠴᠢᠯᠡᠯᠳᠡ ᠲᠦᠷᠬᠡᠨ ᠠᠬᠢᠪᠠ᠃ ᠬᠡᠷᠡᠭ | ᠵᠦᠪᠯᠡᠭᠦ ᠦᠭᠡᠷᠡᠴᠢᠯᠡᠯᠳᠡ ᠶᠢ ᠭᠦᠨᠵᠡᠭᠡᠶᠢᠷᠡᠭᠦᠯᠵᠣ᠂ ᠠᠵᠣ ᠠᠬᠤᠶᠢᠯᠠᠯ ᠲᠠᠢ ᠬᠤᠯᠪᠣᠭᠳᠠᠬᠤ ᠭᠡᠷᠡᠴᠢ ᠦᠨᠡᠮᠯᠡᠯ ᠤᠨ | ᠣᠴᠢᠷ ᠶᠠᠪᠣᠳᠠᠯ ᠢ ᠬᠢᠨᠠᠮᠠᠭᠠᠢ ᠡᠮᠬᠢᠯᠡᠨ᠂ ᠪᠦᠬᠦ ᠬᠤᠳᠠ ᠳᠤ ᠪᠠᠨ ᠲᠡᠷᠢᠭᠦᠯᠡᠨ ︽ᠣᠯᠠᠨ ᠦᠨᠡᠮᠯᠡᠯ ᠢ ᠨᠢᠬᠡᠳᠬᠡᠬᠦ᠂ | ᠨᠢᠭᠡ ᠦᠨᠡᠮᠯᠡᠯ ᠨᠢᠭᠡ ᠳ᠋ᠣᠭᠠᠷᠯᠠᠯ︾ ᠢ ᠪᠡᠶᠡᠯᠡᠭᠦᠯᠪᠡ᠃ ᠰᠢᠶᠠᠨ ᠤ ᠬᠡᠪᠴᠢᠶᠡᠨ ᠤ ᠰᠠᠭᠤᠷᠢ ᠲᠦᠬᠦᠭᠡᠷᠦᠮᠵᠢ ᠶᠢᠨ | ᠪᠡᠯᠡ ᠬᠤᠷᠠᠮᠳᠣᠭᠤᠯᠬᠤ ᠲᠣᠭᠳᠠᠴᠠ ᠶᠢᠨ ᠦᠭᠡᠷᠡᠴᠢᠯᠡᠯᠳᠡ ᠶᠢ ᠭᠦᠨᠵᠡᠭᠡᠶᠢᠷᠡᠭᠦᠯᠦᠨ᠂ ᠵᠠᠰᠠᠭ ᠤᠨ ᠣᠷᠳᠣᠨ ᠤ | ᠴᠢᠨᠠᠷᠳᠠᠢ ᠪᠡᠯᠡ ᠣᠷᠣᠭᠤᠯᠬᠤ ᠰᠠᠭᠤᠷᠢ ᠮᠦᠩᠭᠦᠨ ᠤ ᠣᠷᠣᠭᠤᠯᠣᠯᠳᠠ ᠪᠣᠯᠣᠨ ᠡᠷᠬᠢᠯᠳᠡ ᠶᠢᠨ ᠬᠡᠯᠪᠡᠷᠢ ᠶᠢ | ᠰᠢᠨᠡᠴᠢᠯᠡᠵᠣ᠂ ᠶᠡᠷᠦᠩᠭᠡᠢ ᠪᠡᠯᠡ ᠣᠷᠣᠭᠤᠯᠣᠯᠳᠠ ᠪᠠᠷᠤᠭ 24 ᠳ᠋ᠦᠩᠰᠢᠭᠤᠷ ᠲᠦᠬᠦᠷᠢᠭ ᠤᠨ PPP ᠲᠦᠷᠦᠯ | ᠵᠣᠶᠢᠯ ᠢ 27 ᠨᠦᠭᠡᠴᠢᠯᠡᠨ᠂ ᠡᠬᠦᠨ ᠳᠤ᠂ ᠪᠣᠷᠣᠪᠠᠯᠭᠠᠰᠦ ᠶᠢᠨ ᠰᠠᠭᠤᠷᠢ ᠲᠦᠬᠦᠭᠡᠷᠦᠮᠵᠢ᠂ ᠣᠳᠤᠭ ᠤᠨ ᠡᠮᠦᠨᠡᠳᠦ | ᠬᠤᠰᠢᠭᠤᠨ ᠤ ᠨᠡᠶᠢᠳᠡᠮ ᠬᠡᠷᠡᠭᠯᠡᠭᠡᠨ ᠤ ᠨᠢᠰᠬᠡᠯ ᠤᠨ ᠪᠠᠭᠤᠳᠠᠯ ᠵᠡᠷᠬᠡ ᠨᠢᠭᠡ ᠪᠦᠯᠦᠭ ᠭᠤᠣᠯᠳᠠᠯᠭᠠᠳᠦ ᠲᠦᠷᠦᠯ | ᠵᠣᠶᠢᠯ ᠢ ᠦᠪᠡᠷᠳᠡᠭᠡᠨ ᠵᠠᠰᠠᠬᠤ ᠣᠷᠣᠨ ᠤ ᠲᠦᠷᠪᠡᠳᠦᠭᠡᠷ ᠪᠦᠯᠦᠭ PPP ᠲᠠᠭᠤᠷᠢᠶᠠᠯ ᠲᠦᠷᠦᠯ ᠵᠣᠶᠢᠯ ᠤᠨ | ᠬᠦᠮᠦᠷᠭᠡ ᠳᠤ ᠣᠷᠣᠭᠤᠯᠪᠠ᠃ ︽ᠲᠦᠪᠯᠡᠷᠡᠭᠦᠯᠦᠨ ᠭᠦᠢᠴᠡᠳᠬᠡᠬᠦ︾ ᠬᠠᠮᠢᠶᠠᠷᠣᠯᠳᠠ ᠶᠢᠨ ᠵᠠᠭᠪᠣᠷ ᠢ ᠪᠦᠬᠦ ᠲᠠᠯ᠎ᠠ | ᠪᠠᠷ ᠲᠦᠭᠡᠮᠡᠯᠵᠢᠭᠦᠯᠵᠣ᠂ ᠬᠢᠨᠠᠨ ᠵᠦᠪᠰᠢᠶᠡᠷᠡᠭᠦᠯᠬᠦ ᠭᠦᠢᠴᠡᠳᠬᠡᠯᠳᠡ ᠶᠢᠨ ᠴᠠᠭ ᠤᠨ ᠬᠢᠵᠠᠭᠠᠷᠯᠠᠯ ᠢ 1/3 ᠪᠠᠷ | ᠪᠣᠭᠤᠨᠢᠰᠬᠠᠵᠣ᠂ 47 ᠲᠦᠷᠦᠯ ᠤᠨ ᠭᠦᠢᠴᠡᠳᠭᠡᠯᠳᠡ ᠶᠢ ᠦᠭᠡᠶᠢᠰᠬᠡᠵᠣ᠂ 102 ᠬᠤᠪᠢ ᠮᠠᠲ᠋ᠧᠷᠢᠶᠠᠯ ᠢ | ᠴᠤᠮᠬᠠᠳᠬᠠᠨ ᠴᠠᠭ ᠲᠣᠬᠠᠢ ᠳᠤ ᠨᠢ ᠭᠦᠢᠴᠡᠳᠬᠡᠬᠦ ᠨᠣᠷᠮ᠎ᠠ ᠶᠢ 35.6% ᠬᠦᠷᠭᠡᠵᠣ᠂ ᠵᠠᠰᠠᠭ ᠤᠨ ᠶᠠᠪᠣᠳᠠᠯ ᠤᠨ | ᠣᠶᠢᠯᠡᠴᠢᠯᠡᠭᠡᠨ ᠤ ᠲᠦᠪ ᠲᠣᠮᠳᠠᠳᠦ ᠣᠯᠣᠰ ᠤᠨ ᠵᠠᠰᠠᠭ ᠤᠨ ᠶᠠᠪᠣᠳᠠᠯ ᠤᠨ ᠣᠶᠢᠯᠡᠴᠢᠯᠡᠭᠡ ᠵᠠᠰᠠᠭ ᠵᠠᠬᠢᠷᠭᠠᠨ ᠤ | ᠬᠢᠨᠠᠨ ᠵᠦᠪᠰᠢᠶᠡᠷᠡᠯ ᠤᠨ ᠦᠭᠡᠷᠡᠴᠢᠯᠡᠯᠳᠡ ᠰᠢᠨᠡᠴᠢᠯᠡᠯᠳᠡ ᠶᠢᠨ ᠱᠠᠩᠨᠠᠯ ᠬᠦᠷᠳᠡᠪᠡ᠃ ᠠᠮᠢ ᠠᠬᠤᠢ ᠶᠢᠨ ᠪᠣᠯᠪᠠᠰᠣᠨ | ᠤ ᠲᠦᠷᠢᠮ ᠤᠨ ᠪᠠᠶᠢᠭᠤᠯᠣᠯᠳᠠ ᠶᠢ ᠠᠬᠢᠭᠤᠯᠵᠣ᠂ ᠪᠠᠶᠢᠭᠠᠯᠢ ᠶᠢᠨ ᠡᠬᠢ ᠰᠣᠷᠪᠣᠯᠵᠢ ᠶᠢᠨ ᠬᠦᠷᠦᠩᠭᠡ ᠶᠢᠨ ᠬᠢᠨᠠᠨ | ᠰᠢᠯᠭᠠᠯᠳᠡ ᠶᠢ ᠠᠬᠢᠭᠤᠯᠣᠨ᠂ ᠪᠠᠶᠢᠭᠠᠯᠢ ᠶᠢᠨ ᠡᠬᠢ ᠰᠣᠷᠪᠣᠯᠵᠢ ᠶᠢᠨ ᠬᠦᠷᠦᠩᠭᠡ ᠶᠢᠨ ᠲᠤᠭᠠᠴᠠᠭᠠᠨ ᠤ ᠰᠢᠰᠲ᠋ᠧᠮ ᠢ | ᠪᠦᠷᠢᠯᠳᠦᠭᠦᠯᠵᠣ᠂ ᠲᠤᠭ᠎ᠠ ᠪᠠᠷᠢᠮᠳᠠ ᠶᠢᠨ ᠬᠦᠮᠦᠷᠭᠡ ᠶᠢᠨ ᠬᠠᠮᠢᠶᠠᠷᠣᠯᠳᠠ ᠶᠢᠨ ᠲᠠᠪᠴᠠᠩ ᠤᠨ ᠪᠠᠶᠢᠭᠤᠯᠣᠯᠳᠠ ᠶᠢ | ᠲᠡᠭᠦᠯᠳᠡᠷᠵᠢᠭᠦᠯᠣᠨ 2016 ᠣᠨ ᠤ 6 ᠲᠦᠷᠦᠯ ᠤᠨ ᠪᠠᠶᠢᠭᠠᠯᠢ ᠶᠢᠨ ᠡᠬᠢ ᠰᠣᠷᠪᠣᠯᠵᠢ ᠶᠢᠨ ᠪᠣᠳᠠᠳᠦ ᠲᠤᠭ᠎ᠠ | ᠪᠠᠷᠢᠮᠳᠠ ᠶᠢᠨ ᠪᠦᠷᠢᠳᠬᠡᠯ ᠬᠢᠨᠠᠨ ᠪᠠᠶᠢᠴᠠᠭᠠᠯᠳᠠ ᠪᠣᠯᠣᠨ ᠦᠷᠳᠡᠭ ᠤᠨ ᠲᠤᠭᠠᠴᠠᠭᠠᠨ ᠤ ᠠᠵᠢᠯ ᠢ ᠪᠡᠶᠡᠯᠡᠭᠦᠯᠪᠡ᠃ | ︽ᠬᠤᠶᠠᠷ ᠢ ᠮᠡᠳᠡᠭᠳᠡᠬᠦ︾᠂ ︽ᠬᠤᠶᠠᠷ ᠢ ᠢᠯᠡᠰᠢᠭᠦᠯᠬᠦ︾᠂ ︽ᠬᠤᠶᠠᠷ ᠢ ᠲᠣᠬᠢᠶᠠᠯᠳᠣᠯ ᠢᠶᠠᠷ᠂ ᠨᠢᠭᠡ ᠶᠢ | ᠢᠯᠡᠰᠢᠭᠦᠯᠬᠦ︾ ᠠᠵᠢᠯ ᠢ ᠪᠦᠬᠦ ᠲᠠᠯ᠎ᠠ ᠪᠠᠷ ᠲᠦᠭᠡᠮᠡᠯᠵᠢᠭᠦᠯᠪᠡ᠃ ᠮᠠᠯᠵᠢᠬᠤ ᠲᠠᠷᠢᠶᠠᠯᠠᠬᠤ ᠣᠷᠣᠨ ᠤ ᠭᠠᠵᠠᠷ ᠰᠢᠷᠣᠢ | ᠨᠣᠳᠤᠭ ᠪᠡᠯᠴᠢᠭᠡᠷ ᠤᠨ ᠡᠷᠬᠡ ᠶᠢ ᠲᠣᠳᠣᠳᠬᠠᠬᠤ᠂ ᠲᠠᠩᠰᠠᠯᠠᠬᠤ᠂ ᠦᠨᠡᠮᠯᠡᠯ ᠣᠯᠭᠤᠬᠤ ᠶᠢ ᠦᠨᠳᠦᠰᠦᠨ ᠳᠡᠭᠡᠨ | ᠪᠡᠶᠡᠯᠡᠬᠦᠯᠪᠡ᠃ ᠪᠡᠯᠡ ᠣᠷᠣᠭᠤᠯᠣᠯᠳᠠ ᠶᠢᠨ ᠲᠣᠭᠳᠠᠴᠠ᠂ ᠬᠠᠩᠭᠠᠯᠠᠭ᠎ᠠ ᠶᠢᠨ ᠲᠠᠯ᠎ᠠ ᠶᠢᠨ ᠪᠦᠳᠦᠴᠡ ᠶᠢᠨ ᠴᠢᠨᠠᠷᠳᠠᠢ | ᠦᠭᠡᠷᠡᠴᠢᠯᠡᠯᠳᠡ᠂ ᠨᠡᠶᠢᠭᠡᠮ ᠤᠨ ᠢᠳᠡᠭᠡᠮᠵᠢ ᠶᠢᠨ ᠰᠢᠰᠲ᠋ᠧᠮ ᠤᠨ ᠪᠠᠶᠢᠭᠤᠯᠣᠯᠳᠠ ᠵᠡᠷᠬᠡ ᠨᠢᠭᠡ ᠪᠦᠯᠦᠭ | ᠭᠤᠣᠯᠳᠠᠯᠭᠠᠳᠦ ᠦᠭᠡᠷᠡᠴᠢᠯᠡᠯᠳᠡ ᠶᠢᠨ ᠡᠭᠦᠷᠭᠡ ᠶᠢᠨ ᠨᠠᠶᠢᠳᠠᠪᠦᠷᠢᠵᠢᠭᠤᠯᠣᠯᠳᠠ ᠬᠡᠷᠡᠭᠵᠢᠭᠦᠯᠦᠯᠳᠡ ᠶᠢ ᠴᠢᠩᠭᠠᠳᠬᠠᠪᠠ | ᠃ ᠦᠪᠡᠷ ᠢᠶᠠᠨ ᠰᠣᠩᠭᠤᠭᠰᠠᠨ ᠦᠭᠡᠷᠡᠴᠢᠯᠡᠯᠳᠡ ᠶᠢᠨ ᠪᠦᠳᠦᠮᠵᠢ ᠠᠩᠬᠠᠯᠠᠨ ᠢᠯᠡᠷᠡᠪᠡ᠃ ᠬᠤᠰᠢᠭᠤᠨ ᠤ ᠪᠣᠳᠠᠳᠦ | ᠪᠠᠶᠢᠳᠠᠯ ᠳᠤ ᠰᠠᠭᠤᠷᠢᠯᠠᠨ ︽ᠣᠶᠣᠨᠴᠢ ᠡᠮᠦᠨᠡᠳᠦ ᠣᠳᠤᠭ︾᠂ ︽ᠲᠡᠰ ᠴᠢᠨᠠᠷᠳᠦ ᠮᠠᠯ ᠲᠠᠷᠢᠶᠠᠯᠠᠩ᠂ ᠬᠡᠪ | ᠴᠢᠨᠰᠠᠭᠠᠳᠦ ᠮᠠᠯᠵᠢᠬᠤ ᠲᠠᠷᠢᠶᠠᠯᠠᠬᠤ ᠣᠷᠣᠨ᠂ ᠪᠣᠯᠪᠠᠰᠣᠷᠠᠯ ᠰᠠᠶᠢᠳᠠᠢ ᠮᠠᠯᠴᠢᠨ ᠲᠠᠷᠢᠶᠠᠴᠢᠨ︾ ᠪᠣᠯᠣᠨ ᠵᠠᠰᠠᠭ ᠤᠨ | ᠣᠷᠳᠣᠨ ᠤ ᠬᠠᠣᠯᠢ ᠴᠠᠭᠠᠵᠠ ᠶᠢᠨ ᠶᠠᠪᠣᠳᠠᠯ ᠤᠨ ᠲᠦᠪ ᠤᠨ ᠪᠠᠶᠢᠭᠤᠯᠣᠯᠳᠠ ᠵᠡᠷᠭᠡ 11 ᠲᠦᠷᠦᠯ ᠤᠨ ᠣᠳᠤᠭ | ᠤᠨ ᠡᠮᠦᠨᠡᠳᠦ ᠬᠤᠰᠢᠭᠤᠨ ᠤ ᠣᠨᠴᠠᠯᠢᠭᠳᠦ ᠦᠭᠡᠷᠡᠴᠢᠯᠡᠯᠳᠡ ᠶᠢᠨ ᠡᠭᠦᠷᠬᠡ ᠶᠢ ᠪᠦᠳᠦᠭᠡᠯᠴᠢ ᠪᠠᠷ ᠪᠡᠶᠡᠯᠡᠭᠦᠯᠪᠡ᠃ | ᠬᠤᠰᠢᠭᠤ᠂ ᠪᠠᠯᠭᠠᠰᠦ᠂ ᠭᠠᠴᠠᠭ᠎ᠠ ᠭᠤᠷᠪᠠᠨ ᠱᠠᠳᠦ ᠬᠤᠯᠪᠣᠭᠠᠯᠠᠭᠰᠠᠨ ︽ᠣᠶᠣᠨᠴᠢ ᠵᠠᠰᠠᠭ ᠤᠨ ᠶᠠᠪᠣᠳᠠᠯ︾ ᠤᠨ | ᠲᠠᠪᠴᠠᠩ ᠤᠨ ᠪᠠᠶᠢᠭᠤᠯᠣᠯᠳᠠ ᠪᠦᠬᠦ ᠲᠠᠯ᠎ᠠ ᠪᠠᠷ ᠶᠠᠪᠣᠭᠳᠠᠵᠣ᠂ ᠡᠩ ᠲᠡᠷᠢᠭᠦᠨ ᠳᠤ ᠶᠡᠷᠦᠩᠬᠡᠶᠢᠯᠡᠭᠰᠡᠨ ᠵᠠᠰᠠᠭ | ᠵᠠᠬᠢᠷᠭᠠᠨ ᠤ ᠬᠠᠣᠯᠢ ᠬᠡᠷᠡᠭᠵᠢᠭᠦᠯᠦᠯᠳᠡ ᠶᠢᠨ ᠲᠣᠭᠳᠠᠴᠠ ᠶᠢᠨ ᠦᠭᠡᠷᠡᠴᠢᠯᠡᠯᠳᠡ ᠶᠢ ᠡᠬᠢᠯᠡᠭᠦᠯᠪᠡ᠃ | ᠦᠭᠡᠷᠡᠴᠢᠯᠡᠯᠳᠡ ᠶᠢᠨ ᠲᠣᠷᠰᠢᠯᠭ᠎ᠠ ᠶᠢ ᠳ᠋ᠦᠩᠨᠡᠨ ᠲᠦᠭᠡᠮᠡᠯᠵᠢᠭᠦᠯᠬᠦ ᠶᠢ ᠨᠡᠩ ᠴᠢᠬᠤᠯᠠᠴᠢᠯᠠᠵᠣ᠂ ᠬᠤᠰᠢᠭᠤᠨ ᠤ | ᠦᠨᠳᠦᠰᠦᠳᠡᠨ ᠤ ᠠᠵᠢᠯ ᠮᠡᠷᠭᠡᠵᠢᠯ ᠤᠨ ᠲᠣᠮᠳᠠᠳᠦ ᠰᠣᠷᠭᠠᠭᠤᠯᠢ ᠶᠢᠨ ᠲᠠᠳᠣᠯᠭ᠎ᠠ ᠪᠣᠯᠪᠠᠰᠣᠷᠠᠯ ᠤᠨ ᠰᠠᠭᠤᠷᠢᠨ | ᠭᠠᠵᠠᠷ ᠤᠨ ᠵᠠᠬ᠎ᠠ ᠲᠡᠯᠭᠡᠭᠦᠷᠴᠢᠯᠡᠭᠰᠡᠨ ᠠᠵᠢᠯᠯᠠᠮᠵᠢ ᠪᠣᠯᠣᠨ ᠲᠣᠳᠣᠭᠠᠳᠦ ᠶᠢ ᠬᠠᠮᠠᠭᠠᠯᠠᠬᠤ ︽ᠲᠣᠮᠣ ᠰᠠᠯᠠᠭ᠎ᠠ | ᠮᠦᠴᠢᠷ᠂ ᠲᠣᠮᠣ ᠴᠠᠭᠳᠠᠭᠠᠨ ᠲᠦᠷᠦᠯ︾ ᠤᠨ 2 ᠲᠦᠷᠦᠯ ᠤᠨ ᠦᠭᠡᠷᠡᠴᠢᠯᠡᠯᠳᠡ ᠶᠢᠨ ᠲᠣᠷᠰᠢᠯᠭ᠎ᠠ ᠣᠷᠳᠣᠰ | ᠬᠤᠳᠠ ᠳᠤ ᠲᠦᠭᠡᠮᠡᠯᠵᠢᠪᠡ᠃ ᠲᠣᠷᠰᠢᠯᠳᠠ ᠶᠢᠨ ᠦᠭᠡᠷᠡᠴᠢᠯᠡᠯᠳᠡ ᠯᠠᠪᠳᠠᠭᠤᠨ ᠠᠬᠢᠪᠠ᠃ ᠡᠮᠨᠡᠭᠦ ᠰᠣᠪᠢᠯᠠᠬᠤ ᠶᠢ | ᠣᠶᠠᠯᠳᠣᠭᠤᠯᠬᠤ ᠦᠭᠡᠷᠡᠴᠢᠯᠡᠯᠳᠡ ᠶᠢᠨ ᠲᠣᠷᠰᠢᠯᠳᠡ ᠶᠢ ᠢᠳᠡᠪᠬᠢᠳᠡᠢ ᠠᠬᠢᠭᠤᠯᠵᠣ᠂ ᠠᠵᠠᠳᠠᠢ ᠡᠷᠡᠭᠦᠯᠵᠢᠯ ᠰᠣᠪᠢᠯᠠᠯ | ᠤᠨ ᠬᠦᠷᠢᠶᠠᠯᠠᠩ ᠬᠢᠬᠡᠳ ᠬᠤᠰᠢᠭᠤ ᠮᠣᠩᠭᠤᠯ ᠡᠮᠨᠡᠯᠭᠡ ᠶᠢᠨ ᠬᠤᠷᠢᠶ᠎ᠠ᠂ ᠨᠠᠰᠣᠳᠠᠳ ᠢ ᠠᠰᠠᠷᠠᠬᠤ ᠬᠦᠷᠢᠶᠡᠯᠡᠩ | ᠰᠣᠪᠢᠯᠠᠬᠤ ᠶᠢ ᠣᠶᠠᠯᠳᠣᠭᠤᠯᠬᠤ ᠵᠦᠪᠯᠡᠯᠴᠡᠭᠡᠷ ᠲᠣᠭᠳᠠᠵᠣ᠂ ᠲᠥᠮᠡ ᠢᠯᠡᠭᠦᠣ ᠭᠥᠮᠥᠨ ᠣᠳᠠᠭ᠎ᠠ ᠶᠢᠨ ᠨᠠᠰᠣᠵᠢᠯ | ᠪᠣᠯᠣᠨ ᠡᠮᠨᠡᠯᠭᠡ ᠶᠢᠨ ᠣᠶᠢᠯᠡᠴᠢᠯᠡᠭᠡ ᠬᠠᠩᠭᠠᠪᠠ᠃ ᠠᠯᠪᠠᠨ ᠠᠴᠠ ᠡᠷᠬᠢᠯᠡᠭᠰᠡᠨ ᠡᠮᠨᠡᠯᠭᠡ ᠶᠢᠨ ᠶᠡᠷᠦᠩᠬᠡᠶᠢᠯᠡᠭᠰᠡᠨ | ᠦᠭᠡᠷᠡᠴᠢᠯᠡᠯᠳᠡ ᠶᠢᠨ ᠲᠣᠷᠰᠢᠯᠳᠠ ᠶᠢ ᠯᠠᠪᠳᠠᠭᠤᠨ ᠢᠶᠠᠷ ᠠᠬᠢᠭᠤᠯᠵᠣ᠂ 31 ᠵᠣᠶᠢᠯ ᠤᠨ ᠡᠪᠡᠳᠴᠢᠨ ᠤ ᠡᠮᠴᠢᠯᠡᠭᠡᠨ | ᠤ ᠲᠠᠷᠠᠭᠠᠯᠠᠯ ᠤᠨ ᠬᠠᠮᠢᠶᠠᠷᠣᠯᠳᠠ ᠶᠢ ᠪᠡᠶᠡᠯᠡᠭᠦᠯᠵᠣ᠂ ᠡᠮ ᠤᠨ ᠵᠣᠶᠢᠯ ᠤᠨ ᠬᠤᠳᠠᠯᠳᠣᠨ ᠠᠪᠣᠯᠳᠠ ᠶᠢᠨ ︽ᠬᠤᠶᠠᠷ | ᠫᠢᠶᠣᠣ ᠶᠢᠨ ᠲᠦᠷᠢᠮ︾ ᠤᠨ ᠪᠠᠷᠢᠮᠵᠢᠶᠠᠨ ᠳᠤ ᠬᠦᠷᠦᠭᠰᠡᠨ ᠨᠣᠷᠮ᠎ᠠ 71% ᠭᠥᠷᠴᠥ᠂ ᠨᠢᠩᠰᠢᠶ᠋ᠨ ᠶᠢᠨ ᠢᠷᠭᠠᠢ | ᠬᠤᠳᠠ ᠯᠤᠭ᠎ᠠ ᠣᠷᠣᠨ ᠠᠯᠣᠰᠯᠠᠭᠰᠠᠨ ᠡᠮ ᠡᠮᠨᠡᠯᠭᠡ ᠡᠷᠡᠭᠦᠯ ᠬᠠᠮᠠᠭᠠᠯᠠᠯ ᠤᠨ ᠬᠠᠮᠳᠣᠷᠠᠯᠴᠠᠭᠠᠨ ᠤ ᠲᠣᠭᠳᠠᠴᠠ | ᠪᠠᠶᠢᠭᠤᠯᠣᠨ᠂ ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠡᠮ ᠡᠮᠨᠡᠯᠭᠡ ᠶᠢᠨ ᠲᠠᠭᠠᠳᠬᠠᠯ ᠤᠨ ᠣᠷᠣᠨ | ᠠᠯᠣᠰᠯᠠᠨ ᠲᠠᠰᠤᠯᠠᠨ ᠪᠤᠳᠤᠯᠳᠠ ᠶᠢ ᠪᠡᠶᠡᠯᠡᠭᠦᠯᠪᠡ᠃ | ︵ᠲᠠᠪᠤ︶ ᠠᠷᠠᠳ ᠤᠨ ᠠᠮᠢᠳᠤᠷᠠᠯ ᠤᠨ ᠪᠠᠳᠤᠯᠠᠭ᠎ᠠ ᠶᠢᠨ ᠴᠢᠳᠠᠪᠤᠷᠢ ᠶᠢ ᠲᠡᠭᠡᠭᠰᠢᠯᠡᠭᠦᠯᠵᠥ᠂ ᠨᠠᠶᠢᠭᠡᠮ | ᠨᠡᠶᠢᠳᠡ ᠶᠢᠨ ᠠᠮᠤᠷ ᠵᠤᠬᠢᠴᠠᠯ ᠢ ᠠᠬᠢᠭᠤᠯᠪᠠ᠃ ᠠᠷᠠᠳ ᠲᠥᠮᠡᠨ ᠢᠶᠠᠷ ᠲᠥᠪᠯᠡᠭᠦᠯᠭᠦ ᠭᠥᠭᠵᠢᠭᠦᠯᠥᠯᠳᠡ ᠶᠢᠨ | ᠰᠡᠳᠬᠢᠮᠵᠢ ᠶᠢ ᠪᠠᠳᠤ ᠴᠢᠩᠭᠠᠳᠬᠠᠵᠣ᠂ ᠨᠡᠶᠢᠭᠡᠮ ᠤᠨ ᠲᠤᠤᠷ᠎ᠠ ᠪᠠᠳᠤᠯᠠᠭ᠎ᠠ ᠶᠢᠨ ᠲᠥᠷᠥ ᠶᠢᠨ ᠪᠤᠳᠤᠯᠭ᠎ᠠ ᠶᠢ | ᠲᠠᠰᠤᠷᠠᠯᠳᠠ ᠥᠭᠡᠢ ᠲᠡᠭᠦᠯᠳᠡᠷᠵᠢᠭᠦᠯᠥᠨ᠂ ᠠᠷᠠᠳ ᠤᠨ ᠠᠮᠢᠳᠤᠷᠠᠯ ᠤᠨ ᠨᠠᠭᠠᠳᠤ ᠵᠠᠬ᠎ᠠ ᠶᠢᠨ ᠪᠠᠳᠤᠯᠠᠭ᠎ᠠ ᠶᠢᠨ | ᠲᠥᠪᠰᠢᠨ ᠢ ᠴᠢᠩᠭ᠎ᠠ ᠰᠠᠬᠢᠵᠤ᠂ ᠠᠷᠠᠳ ᠤᠨ ᠠᠮᠢᠳᠤᠷᠠᠯ ᠢ ᠪᠠᠳᠤᠯᠠᠬᠤ ︽ᠵᠢᠷᠭᠤᠭᠠᠨ ᠲᠠᠪᠬᠤᠷ ᠲᠤᠤᠷ︾ ᠢ | ᠪᠠᠬᠢᠵᠢᠭᠦᠯᠪᠠ᠃ ᠶᠠᠳᠠᠭᠤ ᠠᠴᠠ ᠠᠩᠬᠢᠵᠢᠷᠠᠭᠤᠯᠬᠤ ᠠᠵᠢᠯ ᠤᠨ ᠪᠥᠳᠥᠮᠵᠢ ᠪᠠᠨ ᠪᠠᠳᠤᠳᠬᠠᠪᠠ᠃ ︽ᠲᠠᠪᠤᠨ | ᠪᠥᠯᠥᠭ ᠬᠤᠪᠢᠶᠠᠬᠤ︾ ᠲᠡᠳᠭᠦᠯᠳᠡ ᠶᠢᠨ ᠠᠷᠭ᠎ᠠ ᠠᠪᠴᠠᠯ ᠢ ᠢᠳᠡᠪᠬᠢᠳᠡᠢ ᠨᠠᠶᠢᠳᠠᠪᠤᠷᠢᠵᠢᠭᠤᠯᠤᠨ᠂ 2016 ᠤᠨ | ᠳᠤ ᠨᠢᠭᠡᠨᠳᠡ ᠶᠠᠳᠠᠭᠤ ᠠᠴᠠ ᠠᠩᠬᠢᠵᠢᠷᠭᠤᠯᠤᠭᠰᠠᠨ 1357 ᠡᠷᠥᠭᠡ ᠶᠢᠨ 3722 ᠨᠡᠷ᠎ᠡ ᠲᠤᠤᠷ᠎ᠠ ᠤᠷᠤᠯᠭᠠᠳᠤ | ᠮᠠᠯᠴᠢᠨ ᠲᠠᠷᠢᠶᠠᠴᠢᠨ ᠳᠤ ᠬᠥᠳᠡᠯᠥᠩᠭᠦᠢ ᠬᠠᠮᠢᠶᠠᠷᠤᠯᠳᠠ ᠬᠢᠵᠥ᠂ 431 ᠡᠷᠥᠭᠡ ᠶᠢᠨ 1061 ᠭᠥᠮᠥᠨ ᠳᠤ | ᠭᠥᠭᠵᠢᠯᠳᠡ ᠶᠢᠨ ᠲᠥᠯᠥᠪᠯᠡᠭᠡ ᠲᠤᠭᠳᠠᠭᠠᠬᠤ ᠪᠠ ᠮᠡᠷᠭᠡᠵᠢᠯ ᠰᠠᠶᠢᠵᠢᠷᠠᠭᠤᠯᠬᠤ ᠥᠯᠡᠴᠢᠯᠡᠭᠡ ᠬᠢᠵᠤ ᠥᠭᠭᠦᠨ᠂ | ᠨᠡᠶᠢᠳᠡ 1534.7 ᠲᠥᠮᠡᠨ ᠲᠥᠭᠦᠷᠢᠭ ᠤᠨ ᠪᠡᠯᠡ ᠤᠷᠤᠭᠤᠯᠵᠤ᠂ ᠴᠢᠨᠡᠭᠡᠯᠢᠭᠵᠢᠯ ᠤᠨ ᠲᠥᠷᠥᠯ ᠵᠥᠢᠯ ᠢ 219 | ᠲᠤᠬᠢᠷᠠᠯᠴᠠᠭᠤᠯᠤᠨ᠂ ᠲᠠᠷᠢᠵᠤ ᠲᠡᠵᠢᠭᠡᠭᠦ ᠲᠤᠮᠤ ᠭᠥᠯᠡᠮᠵᠢ ᠶᠢ 106 ᠲᠥᠭᠦᠷ ᠪᠠᠶᠢᠭᠤᠯᠵᠤ᠂ 13 ᠮᠠᠰᠢᠨ | ᠬᠤᠳᠳᠤᠭ ᠰᠢᠨ᠎ᠡ ᠥᠷᠥᠮᠳᠡᠡ᠂ 3328 ᠮᠤ᠋ ᠶᠢᠨ ᠲᠡᠵᠢᠭᠡᠯ ᠪᠤᠷᠳᠤᠭᠠᠨ ᠤ ᠠᠷᠪᠢᠳᠠᠢ ᠤᠰᠤᠯᠠᠯᠳᠠ ᠶᠢᠨ ᠭᠠᠵᠠᠷ | ᠪᠠᠶᠢᠭᠤᠯᠵᠤ᠂ 4180 ᠮᠠᠯ ᠬᠤᠪᠢᠳᠠᠭᠤᠯᠵᠤ ᠬᠤᠪᠢᠶᠠᠷᠢᠯᠠᠨ᠂ ᠠᠷᠠᠳ ᠤᠯᠠᠨ ᠤ ᠠᠰᠢᠭ ᠲᠤᠰᠠ ᠳᠤ ᠨᠢᠭᠳᠠ | ᠬᠤᠯᠪᠤᠭᠳᠠᠭᠰᠠᠨ 6721 ᠠᠰᠠᠭᠤᠳᠠᠯ ᠢ ᠬᠠᠪᠰᠤᠷᠤᠨ ᠰᠢᠢᠳᠪᠥᠷᠢᠯᠡᠵᠥ᠂ ᠭᠥᠴᠢᠷᠳᠡᠯᠳᠡᠢ ᠡᠷᠥᠭᠡ ᠶᠢᠨ ᠶᠠᠳᠠᠭᠤ | ᠠᠴᠠ ᠠᠩᠬᠢᠵᠢᠷᠠᠨ ᠴᠢᠨᠡᠭᠡᠯᠢᠭᠵᠢᠯ ᠳᠤ ᠲᠠᠪᠰᠢᠬᠤ ᠭᠥᠴᠥᠨ ᠢ ᠢᠯᠡᠳᠳᠡ ᠨᠡᠮᠡᠭᠳᠡᠭᠦᠯᠪᠡ᠃ ᠨᠡᠶᠢᠭᠡᠮ ᠤᠨ ᠪᠠᠳᠤᠯᠠᠭ᠎ᠠ | ᠶᠢᠨ ᠬᠠᠮᠤᠷᠬᠤ ᠬᠡᠪᠴᠢᠶᠡᠵᠢᠯ ᠢ ᠲᠠᠰᠤᠷᠠᠯᠳᠠ ᠥᠭᠡᠢ ᠥᠷᠭᠡᠳᠭᠡᠪᠡ᠃ ︽ᠥᠢᠯᠡᠰ ᠪᠥᠳᠥᠭᠡᠯᠳᠡ ᠲᠠᠢ ᠡᠮᠥᠨᠡᠳᠥ | ᠤᠳᠤᠭ︾ ᠤᠨ ᠠᠵᠢᠯᠯᠠᠭ᠎ᠠ ᠶᠢ ᠭᠥᠨᠵᠡᠭᠡᠢ ᠭᠡᠷᠡᠭᠵᠢᠭᠦᠯᠵᠥ᠂ ᠤᠷᠢᠳ ᠬᠤᠵᠢᠳ ᠨᠡᠶᠢᠳᠡ 878 ᠭᠥᠮᠥᠨ ᠤᠳᠠᠭᠠᠨ | ᠤ ᠮᠡᠷᠭᠡᠵᠢᠯ ᠴᠢᠳᠠᠪᠤᠷᠢ ᠶᠢᠨ ᠪᠤᠯᠪᠠᠰᠤᠷᠠᠯ ᠢ ᠡᠷᠬᠢᠯᠡᠨ᠂ ᠥᠢᠯᠡᠰ ᠪᠥᠳᠥᠭᠡᠯᠳᠡ ᠶᠢᠨ ᠨᠥᠭᠦᠴᠡᠯ ᠱᠠᠭᠠᠷᠳᠠᠯᠭ᠎ᠠ ᠶᠢ | ᠰᠤᠯᠠᠳᠬᠠᠬᠤ᠂ ᠭᠡᠷ ᠤᠨ ᠲᠥᠷᠢᠶᠡᠰᠤ ᠶᠢ ᠬᠢᠮᠳᠠᠷᠠᠭᠤᠯᠬᠤ ᠪᠠ ᠥᠭᠡᠶᠢᠰᠭᠡᠭᠦ᠂ ᠥᠢᠯᠡᠰ ᠪᠥᠳᠥᠭᠡᠯᠳᠡ ᠶᠢᠨ ᠭᠥᠥ | ᠮᠥᠩᠭᠦ ᠥᠭᠡᠢ ᠵᠢᠭᠡᠯᠡᠯᠭᠡ ᠲᠠᠯᠪᠢᠬᠤ ᠵᠡᠷᠭᠡ ᠠᠷᠭ᠎ᠠ ᠠᠪᠴᠠᠯ ᠢᠶᠠᠷ᠂ 958 ᠭᠥᠮᠥᠨ ᠳᠤ ᠰᠢᠨ᠎ᠡ ᠪᠠᠷ ᠠᠵᠢᠯ | ᠤᠯᠭᠤᠪᠠ᠃ ᠨᠡᠶᠢᠭᠡᠮ ᠤᠨ ᠪᠠᠳᠤᠯᠠᠭ᠎ᠠ ᠶᠢᠨ ᠬᠠᠮᠤᠷᠬᠤ ᠬᠡᠪᠴᠢᠶ᠎ᠡ ᠶᠢ ᠤᠯᠠᠮ ᠢᠶᠠᠷ ᠥᠷᠭᠡᠳᠭᠡᠵᠤ᠂ ᠡᠮᠴᠢᠯᠡᠭᠡᠨ ᠤ | ᠲᠠᠭᠠᠳᠬᠠᠯ ᠤᠨ ᠭᠠᠳᠠᠨ᠎ᠠ ᠭᠠᠵᠠᠷ ᠲᠤᠭᠠᠴᠠᠭ᠎ᠠ ᠬᠢᠭᠦ᠂ ᠬᠥᠨᠳᠥ ᠡᠪᠡᠳᠴᠢᠳᠡᠨ ᠢ ᠲᠤᠰᠠᠯᠠᠬᠤ᠂ ᠡᠮᠴᠢᠯᠡᠭᠡᠨ ᠤ | ᠤᠷᠢᠳᠡᠢ ᠠᠪᠤᠷᠠᠨ ᠲᠤᠰᠠᠯᠠᠬᠤ ᠵᠡᠷᠭᠡ ᠶᠢ ᠪᠥᠭᠦ ᠲᠠᠯ᠎ᠠ ᠪᠠᠷ ᠨᠠᠶᠢᠳᠠᠪᠤᠷᠢᠵᠢᠭᠤᠯᠤᠨ᠂ ᠤᠨᠴᠠ ᠭᠥᠴᠢᠷᠳᠡᠯᠳᠤ | ᠡᠳᠡᠭᠡᠳ ᠢ ᠲᠤᠰᠠᠯᠠᠨ ᠲᠡᠮᠵᠢᠭᠦ ᠠᠵᠢᠯ ᠢ ᠯᠠᠪᠳᠠᠭᠤᠨ ᠪᠠᠳᠤᠳᠠᠢ ᠬᠢᠵᠤ᠂ ᠪᠥᠭᠦ ᠬᠤᠰᠢᠭᠤᠨ ᠤ ᠮᠠᠯᠴᠢᠨ | ᠲᠠᠷᠢᠶᠠᠴᠢᠳ ᠤᠨ ᠨᠠᠰᠤᠵᠢᠯ ᠤᠨ ᠲᠠᠭᠠᠳᠬᠠᠯ ᠳᠤ ᠣᠷᠣᠯᠴᠠᠭᠰᠠᠨ ᠨᠣᠷᠮ᠎ᠠ 97% ᠠᠴᠠ ᠲᠠᠪᠠᠵᠣ᠂ ᠮᠠᠯᠵᠢᠬᠤ | ᠲᠠᠷᠢᠶᠠᠯᠠᠬᠤ ᠣᠷᠣᠨ ᠤ ᠬᠤᠷᠰᠢᠭᠰᠠᠨ ᠡᠮᠨᠡᠯᠭᠡ ᠶᠢᠨ ᠪᠦᠷᠬᠦᠴᠡ ᠶᠢ ᠦᠨᠳᠦᠰᠦᠨ ᠳᠤ ᠪᠠᠨ ᠪᠡᠶᠡᠯᠡᠭᠦᠯᠪᠡ᠃ ᠨᠡᠶᠢᠳᠡ | ᠶᠢᠨ ᠣᠶᠢᠯᠡᠴᠢᠯᠡᠭᠡᠨ ᠤ ᠲᠦᠪᠰᠢᠨ ᠢ ᠪᠦᠬᠦ ᠲᠠᠯ᠎ᠠ ᠪᠠᠷ ᠲᠡᠭᠡᠭᠰᠢᠯᠡᠭᠦᠯᠪᠠ᠃ ︽ᠣᠶᠣᠨᠴᠢ ᠰᠣᠷᠭᠠᠨ ᠬᠦᠮᠦᠵᠢᠯ︾ | ᠤᠨ ᠢᠨᠵᠧᠨᠧᠷᠢᠩ ᠢ ᠰᠦᠪᠡᠭᠴᠢᠯᠡᠨ ᠬᠡᠷᠡᠭᠵᠢᠭᠦᠯᠵᠣ᠂ ᠨᠡᠷᠡᠳᠦ ᠵᠠᠬᠢᠷᠣᠯ᠂ ᠰᠢᠯᠢᠳᠡᠭ ᠪᠠᠭᠰᠢ ᠶᠢ ᠣᠷᠣᠭᠤᠯᠵᠣ᠂ | ᠬᠤᠳᠠ ᠬᠦᠳᠡᠭᠡ ᠶᠢᠨ ᠰᠣᠷᠭᠠᠨ ᠬᠦᠮᠦᠵᠢᠯ ᠢ ᠣᠯᠠᠮ ᠲᠡᠩᠴᠡᠭᠦᠷᠢᠰᠢᠭᠦᠯᠪᠡ᠃ ︽ᠡᠷᠡᠭᠦᠯ ᠡᠩᠬᠡ ᠡᠮᠦᠨᠡᠳᠦ ᠣᠳᠤᠭ | ︾ ᠢᠨᠵᠧᠨᠧᠷᠢᠩ ᠢ ᠦᠷᠭᠦᠯᠵᠢᠯᠡᠨ ᠠᠬᠢᠭᠤᠯᠵᠣ᠂ 28 ᠲᠦᠷᠦᠯ ᠤᠨ ᠠᠭᠤᠯᠠᠭ᠎ᠠ ᠲᠠᠢ ᠪᠦᠬᠦ ᠬᠤᠰᠢᠭᠤᠨ ᠤ | ᠬᠦᠮᠦᠨ ᠠᠮᠠ ᠶᠢᠨ ᠡᠷᠡᠭᠦᠯ ᠮᠡᠨᠳᠦ ᠶᠢᠨ ᠮᠡᠳᠡᠭᠡ ᠵᠡᠩᠬᠢ ᠶᠢᠨ ᠬᠦᠮᠦᠷᠭᠡ ᠶᠢ ᠪᠠᠶᠢᠭᠤᠯᠣᠨ᠂ ᠬᠤᠰᠢᠭᠤ ᠮᠣᠩᠭᠤᠯ | ᠡᠮᠨᠡᠯᠭᠡ ᠶᠢᠨ ᠬᠤᠷᠢᠶᠠᠨ ᠤ ᠰᠢᠨ᠎ᠡ ᠪᠠᠶᠢᠭᠤᠯᠣᠯᠳᠠ ᠶᠢᠨ ᠲᠦᠷᠦᠯ ᠵᠣᠶᠢᠯ ᠢ ᠬᠡᠷᠡᠭᠵᠢᠭᠦᠯᠵᠣ᠂ ᠦᠨᠳᠦᠰᠦᠨ ᠱᠠᠳᠣᠨ | ᠤ ᠲᠦᠷᠪᠡᠨ ᠡᠷᠡᠭᠦᠯ ᠬᠠᠮᠠᠭᠠᠯᠠᠯ ᠤᠨ ᠬᠤᠷᠢᠶ᠎ᠠ ᠶᠢᠨ ᠪᠠᠷᠢᠮᠵᠢᠶᠠᠵᠢᠭᠰᠠᠨ ᠪᠠᠶᠢᠭᠤᠯᠣᠯᠳᠠ ᠶᠢ ᠪᠡᠶᠡᠯᠡᠭᠦᠯᠦᠨ᠂ ᠡᠮ | ᠡᠮᠨᠡᠯᠭᠡ ᠶᠢᠨ ᠣᠶᠢᠯᠡᠴᠢᠯᠡᠭᠡᠨ ᠤ ᠣᠷᠴᠢᠨ ᠢ ᠣᠯᠠᠮ ᠰᠠᠶᠢᠵᠢᠷᠠᠭᠤᠯᠪᠠ᠃ ᠣᠯᠠᠨ ᠶᠠᠩᠵᠣᠳᠦ ᠠᠷᠭ᠎ᠠ ᠬᠡᠯᠪᠡᠷᠢ ᠪᠠᠷ | ᠰᠤᠶᠤᠯ ᠢ ᠬᠦᠳᠡᠭᠡ ᠪᠠᠭᠤᠯᠭᠠᠵᠣ᠂ ᠲᠣᠭᠯᠠᠯᠳᠠ ᠭᠠᠷᠭᠠᠬᠤ᠂ ᠨᠣᠮ ᠪᠡᠯᠡᠭᠯᠡᠬᠦ᠂ ᠺᠢᠨᠤ᠋ ᠭᠠᠷᠭᠠᠬᠤ ᠵᠡᠷᠭᠡ ᠠᠵᠢᠯᠯᠠᠭ᠎ᠠ | ᠶᠢ 1500 ᠲᠠᠯᠠᠪᠠᠢ ᠣᠳᠠᠭ᠎ᠠ ᠦᠷᠨᠢᠭᠦᠯᠵᠣ᠂ ︽ᠪᠣᠬᠢᠷᠳᠣᠯ ᠦᠭᠡᠢ ᠠᠶᠠᠯᠠᠯ᠂ ᠡᠷᠡᠭᠦᠯ ᠡᠩᠬᠡ ᠠᠮᠢᠳᠣᠷᠠᠯ︾ | ᠶᠠᠪᠠᠭᠠᠯᠠᠨ ᠠᠯᠬᠤᠬᠤ ᠠᠵᠢᠯᠯᠠᠭ᠎ᠠ᠂ ᠺᠠᠳ᠋ᠷ ᠠᠵᠢᠯᠳᠠᠨ ᠤ ᠲᠠᠮᠢᠷ ᠤᠨ ᠣᠷᠣᠯᠳᠣᠭᠠᠨ ᠵᠡᠷᠭᠡ ᠣᠯᠠᠨ ᠲᠦᠮᠡᠨᠴᠢ | ᠠᠵᠢᠯᠯᠠᠭ᠎ᠠ ᠡᠷᠬᠢᠯᠡᠵᠣ᠂ ᠣᠯᠠᠨ ᠲᠦᠮᠡᠨ ᠤ ᠰᠣᠶᠣᠯ ᠤᠨ ᠠᠮᠢᠳᠣᠷᠠᠯ ᠢ ᠪᠠᠶᠠᠯᠢᠭᠵᠢᠭᠤᠯᠪᠠ᠃ ᠣᠶᠣᠨ ᠤ | ᠪᠣᠯᠪᠠᠰᠣᠨ ᠤ ᠴᠣᠭᠴᠠᠯᠠᠯᠳᠠ᠂ ᠣᠷᠴᠢᠨ ᠤ ᠲᠣᠭᠤᠷᠢᠨ ᠤ ᠬᠠᠮᠠᠭᠠᠯᠠᠯᠳᠠ᠂ ᠦᠨᠳᠦᠰᠦᠳᠡᠨ ᠱᠠᠰᠢᠨ ᠰᠣᠷᠳᠠᠬᠤᠨ᠂ | ᠵᠠᠬᠢᠳᠠᠯ ᠰᠣᠷᠪᠣᠯᠵᠢᠯᠠᠭ᠎ᠠ ᠠᠮᠣᠷ ᠲᠣᠭᠳᠠᠭᠤᠨ᠂ ᠨᠡᠶᠢᠭᠡᠮ ᠤᠨ ᠠᠮᠣᠷ ᠢ ᠬᠠᠮᠠᠭᠠᠯᠠᠬᠤ᠂ ᠠᠶᠣᠯ ᠦᠭᠡᠢ | ᠣᠶᠢᠯᠠᠳᠪᠦᠷᠢᠯᠠᠯ᠂ ᠬᠠᠣᠯᠢ ᠲᠦᠭᠡᠮᠡᠯᠵᠢᠭᠦᠯᠦᠨ ᠬᠠᠣᠯᠢ ᠵᠢᠷᠣᠮᠯᠠᠬᠤ᠂ ᠢᠳᠡᠭᠡᠨ ᠤ ᠠᠮᠣᠷ ᠲᠦᠪᠰᠢᠨ᠂ | ᠴᠢᠳᠠᠪᠦᠷᠢᠳᠠᠨ ᠤ ᠠᠵᠢᠯ᠂ ᠡᠷᠡᠭᠦᠯ ᠬᠠᠮᠠᠭᠠᠯᠠᠯ ᠲᠦᠯᠦᠪᠯᠡᠭᠡᠳᠦ ᠦᠷᠡᠵᠢᠯ᠂ ᠡᠮᠡᠭᠳᠡᠶᠢᠴᠣᠳ ᠬᠡᠣᠬᠡᠳ ᠪᠠᠭᠠᠴᠣᠳ | ᠵᠡᠷᠭᠡ ᠡᠯ᠎ᠡ ᠲᠠᠯ᠎ᠠ ᠶᠢᠨ ᠠᠵᠢᠯ ᠯᠠᠪᠳᠠᠭᠤᠨ ᠠᠬᠢᠵᠣ᠂ ᠨᠡᠶᠢᠭᠡᠮ ᠤᠨ ᠣᠷᠴᠢᠨ ᠡᠶ᠎ᠡ ᠵᠣᠬᠢᠴᠠᠩᠭᠤᠢ ᠲᠣᠭᠳᠠᠭᠤᠨ | ᠪᠣᠯᠪᠠ᠃ | ᠪᠦᠬᠦᠶᠢᠯᠡ ᠴᠣᠭᠴᠠ ᠠᠴᠠ ᠦᠵᠡᠪᠡᠯ᠂ ᠲᠥᠷᠥᠭᠦᠥ ᠭᠤᠷᠪᠠᠨ ᠣᠯᠠᠷᠢᠯ ᠤᠨ ᠲᠦᠯᠦᠪᠯᠡᠭᠡᠨ ᠤ | ᠬᠡᠷᠡᠭᠵᠢᠭᠦᠯᠦᠯᠳᠡ ᠶᠢᠨ ᠪᠠᠶᠢᠳᠠᠯ ᠨᠡᠯᠢᠶᠡᠳ ᠰᠠᠶᠢᠨ ᠪᠠᠶᠢᠵᠣ᠂ ᠪᠦᠬᠦ ᠬᠤᠰᠢᠭᠤᠨ ᠤ ᠠᠵᠣ ᠠᠬᠤᠢ ᠶᠢᠨ ᠡᠷᠬᠢᠯᠳᠡ | ᠶᠡᠷᠦᠩᠬᠡᠢ ᠳᠤ ᠪᠠᠨ ᠲᠣᠭᠳᠠᠪᠦᠷᠢᠳᠠᠢ ᠶᠠᠪᠣᠭᠳᠠᠪᠠ᠂ ᠭᠡᠪᠡᠴᠦ ᠪᠢᠳᠠ ᠠᠵᠣ ᠠᠬᠤᠢ ᠶᠢᠨ ᠡᠷᠬᠢᠯᠳᠡ ᠲᠣᠮᠳᠠ ᠮᠦᠨ | ᠯᠡ ᠬᠦᠴᠢᠷᠳᠡᠯ ᠪᠠ ᠠᠰᠠᠭᠤᠳᠠᠯ ᠣᠷᠣᠰᠢᠵᠣ ᠪᠠᠶᠢᠬᠤ ᠶᠢ ᠰᠡᠷᠭᠡᠭ ᠢᠶᠠᠷ ᠲᠠᠨᠢᠬᠤ ᠬᠡᠷᠡᠭᠳᠡᠢ᠃ ᠭᠤᠣᠯᠳᠠᠭᠤ᠄ ᠨᠢᠭᠡ | ᠳᠤ ᠠᠵᠣ ᠠᠬᠤᠢ ᠶᠢᠨ ᠦᠷᠭᠦᠯᠵᠢᠬᠦᠶᠢᠴᠡ ᠨᠡᠮᠡᠭᠳᠡᠯ ᠤᠨ ᠨᠦᠭᠡᠴᠡ ᠬᠦᠴᠦᠨ ᠲᠣᠳᠠᠮᠠᠭ ᠪᠣᠢ᠃ ᠪᠦᠬᠦ ᠨᠡᠶᠢᠭᠡᠮ ᠤᠨ | ᠲᠣᠭᠳᠠᠮᠠᠯ ᠬᠦᠷᠦᠩᠭᠡ ᠶᠢᠨ ᠪᠡᠯᠡ ᠣᠷᠣᠭᠤᠯᠣᠯᠳᠠ ᠶᠢᠨ ᠠᠵᠣ ᠠᠬᠤᠢ ᠶᠢᠨ ᠦᠷᠭᠦᠯᠵᠢᠬᠦᠶᠢᠴᠡ ᠨᠡᠮᠡᠭᠳᠡᠯ ᠢ | ᠲᠠᠶᠢᠴᠢᠯᠬᠤ ᠲᠣᠯᠠᠭᠠᠭᠤᠷᠢᠯᠠᠯ ᠴᠦᠭᠡᠨ᠂ ᠣᠨᠴᠠᠭᠠᠶᠢᠯᠠᠨ ᠰᠠᠭᠤᠷᠢ ᠲᠦᠭᠦᠭᠡᠷᠦᠮᠵᠢ ᠶᠢᠨ ᠴᠢᠬᠤᠯᠠ ᠲᠦᠷᠦᠯ ᠵᠣᠶᠢᠯ | ᠤᠨ ᠪᠡᠯᠡ ᠣᠷᠣᠭᠤᠯᠣᠯᠳᠠ ᠶᠢᠨ ᠨᠡᠮᠡᠭᠳᠡᠯ ᠤᠨ ᠬᠤᠷᠳᠣᠴᠠ ᠣᠳᠠᠭᠠᠨ ᠪᠠᠶᠢᠵᠣ᠂ ᠠᠵᠣ ᠠᠬᠤᠢ ᠶᠢᠨ ᠨᠡᠮᠡᠭᠳᠡᠯ᠂ | ᠡᠳ᠋ ᠤᠨ ᠵᠠᠰᠠᠭ ᠭᠠᠶᠢᠯᠢ ᠶᠢᠨ ᠣᠷᠣᠯᠭ᠎ᠠ ᠶᠢᠨ ᠨᠡᠮᠡᠭᠳᠡᠯ ᠢ ᠲᠠᠶᠢᠴᠢᠯᠠᠬᠤ ᠣᠶᠢᠯᠠᠳᠣᠯ ᠢᠯᠡᠷᠬᠡᠢ ᠪᠣᠰᠣ ᠪᠣᠢ᠃ | ᠬᠤᠶᠠᠷ ᠲᠤ ᠬᠡᠰᠡᠭ ᠭᠤᠣᠯᠳᠠᠯᠭᠠᠳᠦ ᠲᠦᠷᠦᠯ ᠵᠣᠶᠢᠯ ᠤᠨ ᠠᠬᠢᠯᠳᠡ ᠣᠳᠠᠭᠠᠨ ᠪᠣᠢ᠃ ︽ᠣᠷᠳᠣᠰ ᠤᠨ ᠱᠠᠩᠬᠠᠢ | ᠶᠢᠨ ᠰᠦᠮ᠎ᠡ ᠨᠡᠭᠦᠷᠡᠰᠣᠨ ᠠᠭᠤᠷᠬᠠᠢ ᠶᠢᠨ ᠠᠭᠤᠷᠬᠠᠢ ᠶᠢᠨ ᠡᠷᠬᠡ ᠶᠢᠨ ᠴᠡᠭᠴᠡᠵᠢᠭᠦᠯᠦᠯᠳᠡ ᠶᠢᠨ ᠲᠦᠰᠦᠯ︾ | ᠬᠠᠷᠬᠠᠨ ᠴᠣᠬᠤᠯᠠᠪᠦᠷᠢᠯᠠᠭᠳᠠᠭᠰᠠᠨ ᠦᠭᠡᠢ ᠠᠴᠠ ᠪᠣᠯᠵᠣ ᠱᠠᠩᠬᠠᠢ ᠶᠢᠨ ᠰᠦᠮ᠎ᠡ ᠶᠢᠨ ᠭᠠᠳᠠᠭᠰᠢ ᠴᠠᠬᠢᠯᠭᠠᠨ ᠬᠦᠷᠭᠡᠬᠦ | ᠱᠣᠭᠤᠮ ᠤᠨ ᠴᠠᠬᠢᠯᠭᠠᠨ ᠥᠢᠯᠡᠳᠪᠥᠷᠢ ᠶᠢᠨ ᠲᠦᠬᠦᠷᠴᠢᠯᠡᠭᠰᠡᠨ 8 ᠨᠡᠭᠦᠷᠡᠰᠣᠨ ᠠᠭᠤᠷᠬᠠᠢ ᠶᠢᠨ ᠬᠤᠯᠪᠣᠭᠳᠠᠯ | ᠪᠦᠬᠦᠢ ᠭᠠᠷᠳᠠᠮ ᠤᠨ ᠭᠦᠢᠴᠡᠳᠬᠡᠯ ᠣᠳᠠᠭᠠᠰᠢᠷᠠᠵᠣ᠂ ᠭᠡᠰᠡᠭ ᠨᠢᠭᠡᠨᠳᠡ ᠪᠠᠶᠢᠭᠤᠯᠣᠭᠳᠠᠭᠰᠠᠨ ᠨᠡᠭᠦᠷᠡᠰᠦᠨ ᠠᠭᠤᠷᠬᠠᠢ | ᠪᠦᠬᠦ ᠲᠠᠯ᠎ᠠ ᠪᠠᠷ ᠠᠰᠢᠭᠯᠠᠯᠳᠠ ᠳᠤ ᠣᠷᠣᠵᠣ ᠲᠡᠶᠢᠯᠦᠭᠡᠳᠦᠢ ᠪᠣᠢ᠃ ᠱᠠᠨᠳᠦ᠋ᠩ ᠤᠨ ᠱᠧᠩ ᠯᠦ᠂ ᠣᠯᠣᠰ ᠤᠨ | ᠴᠠᠬᠢᠯᠭᠠᠨ ᠤ ᠱᠤᠸᠠᠩ ᠸᠧᠢ᠂ ᠤᠮᠠᠷᠠᠳᠤ ᠶᠢᠨ ᠴᠠᠬᠢᠯᠭᠠᠨ ᠭᠥᠴᠥ᠂ ᠱᠧᠨ ᠬᠤᠸᠠ ᠶᠢᠨ ᠲᠦᠷᠪᠡᠨ ᠶᠡᠭᠡ ᠴᠠᠬᠢᠯᠭᠠᠨ | ᠣᠶᠢᠯᠠᠳᠪᠦᠷᠢ ᠪᠣᠯᠣᠨ ᠬᠤᠸᠠ ᠰᠢᠩ ᠤᠨ ᠨᠡᠭᠦᠷᠡᠰᠣ ᠪᠠᠷ ᠬᠡᠢ ᠣᠶᠢᠯᠠᠳᠬᠦ ᠵᠡᠷᠬᠡ ᠲᠦᠷᠦᠯ ᠵᠣᠶᠢᠯ ᠤᠨ ᠡᠬᠢ | ᠰᠣᠷᠪᠣᠯᠵᠢ ᠶᠢᠨ ᠲᠦᠬᠦᠷᠴᠢᠯᠡᠯᠳᠡ ᠶᠢ ᠬᠠᠷᠬᠠᠨ ᠨᠠᠶᠢᠳᠠᠪᠦᠷᠢᠵᠢᠭᠤᠯᠣᠭᠠᠳᠦᠢ᠂ ᠨᠡᠭᠦᠷᠡᠰᠦ ᠴᠠᠬᠢᠯᠭᠠᠨ ᠤ ᠬᠤᠯᠪᠣᠭᠠᠯᠠᠯ | ᠴᠣᠭᠴᠠ ᠶᠢᠨ ᠠᠬᠢᠴᠠ ᠣᠳᠠᠭᠠᠨ ᠪᠣᠢ᠃ ᠭᠤᠷᠪᠠ ᠳᠤ ᠡᠳ᠋ ᠤᠨ ᠵᠠᠰᠠᠭ ᠤᠨ ᠣᠷᠣᠯᠭ᠎ᠠ ᠶᠢᠨ ᠨᠡᠮᠡᠭᠳᠡᠯ ᠤᠨ | ᠲᠠᠷᠣᠯᠳᠠ ᠮᠦᠨ ᠯᠡ ᠶᠡᠭᠡ ᠪᠣᠢ᠃ ᠵᠢᠭᠤᠯᠴᠢᠯᠠᠯ᠂ ᠣᠶᠢᠯᠡᠴᠢᠯᠡᠭᠡ᠂ ᠵᠦᠭᠡᠭᠡᠪᠦᠷᠢ ᠵᠡᠷᠬᠡ ᠬᠦᠷᠢᠶ᠎ᠡ ᠬᠡᠪᠴᠢᠶᠠᠨ ᠤ | ᠭᠤᠣᠯ ᠴᠣᠭᠴᠠ ᠶᠢᠨ ᠭᠠᠶᠢᠯᠢ ᠶᠢᠨ ᠢᠷᠡᠯᠳᠡ ᠶᠢᠨ ᠡᠳ᠋ ᠤᠨ ᠵᠠᠰᠠᠭ ᠲᠤ ᠬᠢ ᠬᠤᠪᠢ ᠨᠡᠮᠡᠷᠢ ᠬᠢᠵᠠᠭᠠᠷ ᠲᠠᠢ᠂ | ᠣᠷᠣᠯᠭ᠎ᠠ ᠶᠢᠨ ᠨᠡᠮᠡᠭᠳᠡᠯ ᠮᠦᠨ ᠯᠡ ᠬᠦᠴᠢᠷᠳᠡᠯ ᠲᠠᠢ ᠪᠣᠢ᠃ ᠴᠢᠬᠤᠯᠠ ᠶᠡᠭᠡ ᠲᠦᠷᠦᠯ ᠵᠣᠶᠢᠯ ᠤᠨ ᠪᠠᠶᠢᠭᠤᠯᠣᠯᠳᠠ | ᠶᠢᠨ ᠪᠡᠯᠡ ᠮᠦᠩᠭᠦᠨ ᠤ ᠬᠡᠷᠡᠭᠴᠡᠭᠡ ᠶᠢᠨ ᠨᠡᠮᠡᠭᠳᠡᠯ ᠪᠣᠯᠣᠨ ︽ᠡᠵᠡᠩᠨᠡᠯᠳᠡ ᠶᠢᠨ ᠭᠠᠶᠢᠯᠢ ᠶᠢ ᠨᠡᠮᠡᠭᠳᠡᠯ ᠤᠨ ᠭᠠᠶᠢᠯᠢ | ᠪᠣᠯᠭᠠᠬᠤ ᠦᠭᠡᠷᠡᠴᠢᠯᠡᠯᠳᠡ︾ ᠶᠢᠨ ᠭᠥᠨᠵᠡᠭᠡᠶᠢᠷᠡᠯᠳᠡ ᠶᠢ ᠲᠠᠭᠠᠯᠳᠣᠨ ᠲᠦᠷᠦ ᠶᠢᠨ ᠪᠣᠳᠣᠯᠭ᠎ᠠ ᠶᠢᠨ ᠴᠢᠨᠠᠷᠳᠠᠢ | ᠭᠠᠶᠢᠯᠢ ᠪᠠᠭᠠᠰᠬᠠᠯᠳᠠ ᠶᠢᠨ ᠨᠦᠯᠦᠭᠡᠯᠡᠯ ᠣᠯᠠᠮ ᠶᠡᠬᠡᠰᠴᠦ᠂ ᠣᠷᠣᠯᠭ᠎ᠠ ᠢᠯᠡᠷᠬᠡᠢ ᠪᠠᠭᠠᠰᠣᠨ᠂ ᠡᠳ᠋ ᠤᠨ ᠵᠠᠰᠠᠭ ᠤᠨ | ᠣᠷᠣᠯᠭ᠎ᠠ ᠵᠠᠷᠣᠯᠭ᠎ᠠ ᠶᠢᠨ ᠵᠦᠷᠢᠴᠡᠯ ᠲᠣᠪᠣᠶᠢᠪᠠ᠃ ᠪᠢᠳᠡ ᠡᠳᠡᠭᠡᠷ ᠠᠰᠠᠭᠤᠳᠠᠯ ᠢ ᠲᠡᠭᠡᠳᠦ ᠬᠡᠮᠵᠢᠶ᠎ᠡ ᠪᠠᠷ | ᠴᠢᠬᠤᠯᠠᠴᠢᠯᠠᠵᠣ᠂ ᠡᠷᠴᠢᠮ ᠪᠦᠳᠦᠮᠵᠢᠳᠠᠢ ᠠᠷᠭ᠎ᠠ ᠬᠡᠮᠵᠢᠶ᠎ᠡ ᠠᠪᠴᠦ᠂ ᠬᠦᠴᠢᠷ ᠢ ᠰᠦᠷᠦᠨ ᠣᠷᠣᠭᠰᠢᠯᠠᠵᠣ᠂ ᠪᠦᠬᠦ | ᠵᠢᠯ ᠤᠨ ᠬᠠᠷᠠᠯᠳᠠ ᠡᠭᠦᠷᠭᠡ ᠪᠠᠨ ᠬᠤᠭᠤᠴᠠᠭ᠎ᠠ ᠶᠣᠰᠣᠭᠠᠷ ᠪᠡᠶᠡᠯᠡᠭᠦᠯᠬᠦ ᠶᠢ ᠪᠠᠳᠣᠯᠠᠨ᠎ᠠ᠃ | ᠬᠤᠶᠠᠷ᠂ ᠲᠦᠷᠪᠡᠳᠦᠭᠡᠷ ᠣᠯᠠᠷᠢᠯ ᠤᠨ ᠤᠯᠤᠰ ᠠᠷᠠᠤᠨ ᠤᠨ ᠠᠵᠤ ᠠᠬᠤᠢ ᠪᠤᠯᠤᠨ ᠨᠠᠶᠢᠬᠡᠮ ᠤᠨ | ᠬᠦᠭᠵᠢᠯᠳᠠ ᠶᠢᠨ ᠲᠦᠯᠤᠪᠯᠡᠭᠡ | ᠲᠦᠷᠪᠡᠳᠦᠭᠡᠷ ᠣᠯᠠᠷᠢᠯ ᠳᠤ ᠪᠢᠳᠡ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠵᠣᠷᠢᠭ ᠰᠠᠨᠠᠭ᠎ᠠ ᠶᠢ | ᠭᠦᠨᠵᠡᠭᠡᠢ ᠰᠣᠷᠣᠯᠴᠠᠨ ᠲᠣᠣᠱᠯᠠᠭᠤᠯᠵᠣ᠂ ᠬᠤᠰᠢᠭᠤᠨ ᠤ ᠶᠢᠰᠦᠳᠦᠭᠡᠷ ᠬᠤᠭᠤᠴᠠᠭᠠᠨ ᠤ ᠠᠷᠠᠳ ᠤᠨ | ᠲᠦᠯᠦᠭᠡᠯᠡᠭᠴᠢᠳ ᠤᠨ ᠶᠡᠭᠡ ᠬᠤᠷᠠᠯ ᠤᠨ ᠵᠢᠷᠭᠤᠳᠦᠭᠠᠷ ᠣᠳᠠᠭᠠᠨ ᠤ ᠬᠤᠷᠠᠯᠳᠣᠭᠠᠨ ᠢᠶᠠᠷ ᠲᠣᠭᠳᠠᠭᠠᠭᠰᠠᠨ ᠡᠭᠦᠷᠭᠡ | ᠬᠠᠷᠠᠯᠳᠠ ᠪᠣᠯᠣᠨ ᠬᠤᠰᠢᠭᠤᠨ ᠤ ᠠᠷᠪᠠᠳᠣᠭᠠᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ | ᠤᠨ ᠠᠩᠬᠠᠳᠣᠭᠠᠷ ᠣᠳᠠᠭᠠᠨ ᠤ ᠬᠤᠷᠠᠯᠳᠣᠭᠠᠨ ᠤ ᠲᠣᠬᠢᠷᠠᠭᠤᠯᠣᠯᠳᠠ ᠪᠠᠶᠢᠷᠢᠯᠠᠭᠤᠯᠣᠯᠳᠠ ᠶᠣᠰᠣᠭᠠᠷ ᠬᠠᠷᠠᠯᠳᠠ | ᠪᠣᠯᠣᠨ ᠠᠰᠠᠭᠤᠳᠠᠯ ᠢᠶᠠᠷ ᠣᠳᠣᠷᠢᠳᠣᠮᠵᠢ ᠪᠣᠯᠭᠠᠨ ᠭᠤᠣᠯᠳᠠᠯᠭ᠎ᠠ ᠶᠢ ᠲᠣᠪᠣᠶᠢᠯᠭᠠᠨ᠂ ᠠᠷᠭ᠎ᠠ ᠠᠪᠴᠠᠯ ᠢ | ᠴᠢᠩᠭᠠᠳᠬᠠᠵᠣ᠂ ᠣᠬᠢ ᠪᠠᠶᠢᠳᠠᠯ ᠢᠶᠠᠨ ᠪᠠᠬᠢᠵᠢᠭᠦᠯᠦᠨ᠂ ᠨᠡᠩ ᠨᠠᠷᠢᠯᠢᠭ ᠪᠣᠳᠠᠳᠠᠢ ᠠᠵᠢᠯ ᠤᠨ ᠰᠣᠷᠳᠠᠯ᠂ ᠨᠡᠩ | ᠯᠠᠪᠳᠠᠭᠤᠨ ᠪᠦᠳᠦᠮᠵᠢᠳᠠᠢ ᠰᠢᠨᠡᠴᠢᠯᠡᠯ ᠤᠨ ᠠᠷᠭ᠎ᠠ ᠪᠠᠷ ᠠᠵᠣ ᠣᠶᠢᠯᠠᠰ ᠤᠨ ᠪᠠᠶᠢᠷᠢᠰᠢᠭᠤᠯᠣᠯᠳᠠ ᠶᠢ ᠣᠯᠠᠮ | ᠰᠢᠯᠢᠳᠡᠭᠵᠢᠭᠦᠯᠵᠣ᠂ ᠪᠣᠳᠠᠳᠦ ᠴᠣᠭᠴᠠ ᠶᠢᠨ ᠠᠵᠣ ᠠᠬᠤᠢ ᠶᠢ ᠪᠣᠵᠠᠭᠠᠶᠢᠷᠠᠭᠤᠯᠣᠨ᠂ ᠲᠦᠷᠦᠯ ᠵᠣᠶᠢᠯ ᠤᠨ | ᠣᠷᠣᠨᠵᠢᠭᠤᠯᠣᠯᠳᠠ ᠶᠢ ᠡᠷᠴᠢᠮ ᠲᠠᠢ ᠠᠳᠬᠤᠨ᠂ ᠠᠷᠠᠳ ᠤᠨ ᠠᠮᠢᠳᠣᠷᠠᠯ ᠤᠨ ᠠᠰᠢᠭ ᠵᠢᠷᠭᠠᠯ ᠢ ᠨᠡᠮᠡᠭᠳᠡᠭᠦᠯᠵᠣ᠂ | ᠠᠵᠣ ᠠᠬᠤᠢ ᠶᠢᠨ ᠨᠡᠩ ᠴᠢᠨᠠᠷᠨᠯᠢᠭ ᠨᠡᠩ ᠦᠷ᠎ᠡ ᠠᠰᠢᠭᠳᠠᠢ ᠨᠡᠩ ᠦᠷᠭᠦᠯᠵᠢᠭᠦᠶᠢᠴᠡ ᠬᠦᠭᠵᠢᠯᠳᠡ ᠶᠢ | ᠠᠬᠢᠭᠤᠯᠣᠨ᠎ᠠ᠃ | ︵ᠨᠢᠭᠡ︶ ᠲᠦᠷᠦᠯ ᠵᠣᠶᠢᠯ ᠢ ᠠᠳᠬᠤᠨ ᠠᠮᠢᠳᠣᠯᠢᠭ ᠬᠦᠴᠦᠨ ᠢ ᠨᠡᠮᠡᠭᠳᠡᠭᠦᠯᠵᠣ᠂ ᠠᠵᠣ ᠠᠬᠤᠢ ᠶᠢᠨ | ᠬᠦᠭᠵᠢᠯᠳᠡ ᠶᠢᠨ ᠰᠢᠨ᠎ᠡ ᠬᠦᠳᠡᠯᠭᠡᠭᠴᠢ ᠬᠦᠴᠦᠨ ᠢ ᠪᠣᠢ ᠪᠣᠯᠭᠠᠨ᠎ᠠ᠃ ᠲᠣᠭᠳᠠᠭᠠᠭᠰᠠᠨ ᠴᠢᠬᠤᠯᠠ ᠶᠡᠭᠡ ᠲᠦᠷᠦᠯ | ᠵᠣᠶᠢᠯ ᠤᠨ ᠪᠠᠶᠢᠭᠤᠯᠣᠯᠳᠠ ᠶᠢ ᠲᠦᠷᠭᠡᠳᠬᠡᠵᠣ᠂ ᠲᠦᠷᠦᠯ ᠵᠣᠶᠢᠯ ᠤᠨ ᠠᠬᠢᠴᠠ ᠶᠢᠨ ᠲᠣᠭᠳᠠᠴᠠ ᠶᠢ ᠰᠢᠨᠡᠴᠢᠯᠡᠨ᠂ | ᠴᠢᠬᠤᠯᠠ ᠵᠣᠶᠢᠯ ᠤᠨ ᠬᠢᠵᠠᠭᠠᠷᠯᠡᠯ ᠬᠦᠴᠦᠨ ᠢ ᠡᠪᠳᠡᠵᠣ᠂ ᠲᠦᠷᠦᠯ ᠵᠣᠶᠢᠯ ᠤᠨ ᠬᠤᠭᠤᠴᠠᠭ᠎ᠠ ᠶᠣᠰᠣᠭᠠᠷ ᠠᠬᠢᠬᠤ᠂ | ᠡᠷᠳᠡ ᠦᠷ᠎ᠡ ᠠᠰᠢᠭ ᠣᠯᠬᠤ ᠶᠢ ᠪᠠᠳᠣᠯᠠᠨ᠂ ᠪᠡᠯᠡ ᠣᠷᠣᠭᠤᠯᠣᠯᠳᠠ ᠶᠢᠨ ᠰᠢᠨ᠎ᠡ ᠨᠡᠮᠡᠭᠳᠡᠯ ᠤᠨ ᠴᠡᠭ ᠢ ᠪᠣᠢ | ᠪᠣᠯᠭᠠᠨ᠎ᠠ᠃ ᠱᠠᠨᠳᠦ᠋ᠩ ᠤᠨ ᠱᠧᠩ ᠯᠦ ᠴᠠᠬᠢᠯᠭᠠᠨ ᠣᠶᠢᠯᠠᠳᠪᠦᠷᠢ᠂ ᠢᠦᠢ ᠯᠢᠶᠠᠩ ᠮᠠᠯ ᠠᠵᠤ ᠠᠬᠤᠢ ᠶᠢᠨ ᠥᠢᠯᠡᠰ | ᠂ ᠶᠢᠨ ᠸᠧᠢ ᠹᠦ᠋ ᠷᠧᠨ᠂ ᠣᠳᠤᠭ ᠤᠨ ᠡᠮᠦᠨᠡᠳᠦ ᠬᠤᠰᠢᠭᠤᠨ ᠤ ᠨᠡᠶᠢᠳᠡᠮ ᠬᠡᠷᠡᠭᠯᠡᠭᠡᠨ ᠤ ᠨᠢᠰᠭᠡᠯ ᠤᠨ ᠪᠠᠭᠤᠳᠠᠯ | ᠵᠡᠷᠭᠡ ᠪᠠᠶᠢᠭᠤᠯᠵᠣ ᠪᠠᠶᠢᠭ᠎ᠠ ᠲᠦᠷᠦᠯ ᠵᠣᠶᠢᠯ ᠢ ᠬᠦᠴᠦᠳᠠᠢ ᠠᠬᠢᠭᠤᠯᠵᠣ᠂ ᠪᠠᠷᠢᠯᠭ᠎ᠠ ᠶᠢᠨ ᠠᠬᠢᠴᠠ ᠶᠢ ᠲᠦᠷᠭᠡᠳᠬᠡᠨ | ᠂ ᠵᠢᠯ ᠤᠨ ᠲᠣᠳᠣᠷ᠎ᠠ ᠨᠡᠩ ᠶᠡᠭᠡ ᠪᠡᠯᠡ ᠣᠷᠣᠭᠤᠯᠣᠯᠳᠠ ᠶᠢ ᠪᠣᠢ ᠪᠣᠯᠭᠠᠬᠤ ᠶᠢ ᠪᠠᠳᠣᠯᠠᠨ᠎ᠠ᠃ ᠬᠤᠸᠠ ᠰᠢᠩ ᠤᠨ | 40 ᠳ᠋ᠦᠩᠰᠢᠭᠤᠷ ᠺᠦᠪ ᠮᠧᠲᠷ ᠨᠡᠭᠦᠷᠡᠰᠦ ᠪᠠᠷ ᠬᠡᠢ ᠣᠶᠢᠯᠠᠳᠬᠦᠤ᠋ ᠪᠡ 60 ᠲᠦᠮᠡᠨ ᠲᠣᠨ ᠨᠡᠭᠦᠷᠡᠰᠦ ᠪᠠᠷ ᠠᠯᠺᠧᠨ | ᠣᠶᠢᠯᠠᠳᠬᠦᠤ᠋ ᠲᠦᠷᠦᠯ ᠵᠣᠶᠢᠯ᠂ ᠴᠠᠬᠢᠯᠭᠠᠨ ᠣᠶᠢᠯᠠᠳᠪᠦᠷᠢ ᠶᠢᠨ ᠲᠦᠬᠦᠷᠴᠢᠯᠡᠭᠰᠡᠨ ᠨᠡᠭᠦᠷᠡᠰᠣᠨ ᠠᠭᠤᠷᠬᠠᠢ᠂ ᠱᠧᠨ | ᠬᠤᠸᠠ ᠣᠯᠣᠰ ᠤᠨ ᠡᠨᠧᠷᠬᠢ ᠶᠢᠨ ᠴᠠᠬᠢᠯᠭᠠᠨ ᠣᠶᠢᠯᠠᠳᠪᠦᠷᠢ᠂ ᠤᠯᠵᠠᠴᠢ ᠠᠴᠠ ᠰᠤᠬᠠᠢ ᠶᠢᠨ ᠪᠠᠶᠢᠰᠢᠩ ᠭᠥᠷᠭᠦ | ᠲᠠᠮᠣᠷ ᠵᠠᠮ᠂ ᠪᠣᠷᠣᠪᠠᠯᠭᠠᠰᠦ ᠶᠢᠨ ᠨᠡᠶᠢᠳᠡᠮ ᠬᠡᠷᠡᠭᠯᠡᠭᠡᠨ ᠤ ᠨᠢᠰᠭᠡᠯ ᠤᠨ ᠪᠠᠭᠤᠳᠠᠯ ᠵᠡᠷᠬᠡ ᠭᠤᠣᠯᠳᠠᠯᠭᠠᠳᠦ ᠲᠦᠷᠦᠯ | ᠵᠣᠶᠢᠯ ᠢ ᠬᠢᠨᠠᠨ ᠵᠦᠪᠰᠢᠶᠡᠷᠡᠭᠦᠯᠬᠦ ᠠᠬᠢᠴᠠ ᠶᠢ ᠲᠦᠷᠬᠡᠳᠬᠡᠨ᠎ᠡ᠃ ᠲᠦᠷᠦᠯ ᠵᠣᠶᠢᠯ ᠤᠨ ᠣᠶᠢᠯᠡᠴᠢᠯᠡᠭᠡ ᠪᠠᠳᠣᠯᠠᠭ᠎ᠠ | ᠶᠢᠨ ᠠᠵᠢᠯ ᠢ ᠯᠠᠪᠳᠠᠭᠤᠨ ᠪᠠᠳᠣᠳᠠᠢ ᠬᠢᠵᠣ᠂ ᠨᠢᠭᠡ ᠪᠦᠯᠦᠭ ᠴᠢᠬᠤᠯᠠ ᠶᠡᠭᠡ ᠰᠠᠭᠤᠷᠢ ᠲᠦᠭᠦᠭᠡᠷᠦᠮᠵᠢ᠂ | ᠣᠨᠴᠠᠯᠢᠭᠳᠦ ᠲᠠᠪᠠᠭᠤᠯᠢᠭ ᠠᠵᠣ ᠣᠶᠢᠯᠠᠰ᠂ ᠪᠠᠶᠢᠯᠳᠣᠬᠤ ᠪᠣᠳᠣᠯᠭ᠎ᠠ ᠶᠢᠨ ᠴᠢᠨᠠᠷᠳᠠᠢ ᠰᠢᠨ᠎ᠡ ᠠᠵᠣ ᠣᠶᠢᠯᠠᠰ᠂ | ᠠᠷᠠᠳ ᠤᠨ ᠠᠮᠢᠳᠣᠷᠠᠯ ᠤᠨ ᠪᠠᠳᠣᠯᠠᠭ᠎ᠠ ᠵᠡᠷᠭᠡ ᠲᠦᠷᠦᠯ ᠵᠣᠶᠢᠯ ᠢ ᠨᠦᠭᠡᠴᠡᠯᠡᠵᠣ᠂ ᠴᠢᠬᠤᠯᠠ ᠶᠡᠭᠡ ᠲᠦᠷᠦᠯ ᠵᠣᠶᠢᠯ | ᠳᠤ ᠪᠡᠯᠡ ᠬᠤᠷᠠᠮᠳᠣᠭᠤᠯᠬᠤ ᠰᠠᠭᠠᠳ ᠦᠭᠡᠢ ᠵᠡᠮ ᠭᠠᠷᠭᠠᠵᠣ᠂ PPP ᠪᠡᠯᠡ ᠬᠤᠷᠠᠮᠳᠣᠭᠤᠯᠬᠤ ᠵᠠᠭᠪᠣᠷ ᠢ | ᠲᠦᠭᠡᠮᠡᠯᠵᠢᠭᠦᠯᠦᠨ ᠠᠷᠠᠳ ᠤᠨ ᠪᠡᠯᠡ ᠣᠷᠣᠭᠤᠯᠣᠯᠳᠠ ᠶᠢᠨ ᠠᠮᠢᠳᠣᠯᠢᠭ ᠬᠦᠴᠦᠨ ᠢ ᠣᠷᠮᠠᠰᠢᠭᠤᠯᠣᠨ᠎ᠠ᠃ | ︵ᠬᠤᠶᠠᠷ︶ ᠠᠵᠣ ᠣᠶᠢᠯᠠᠰ ᠢ ᠲᠡᠳᠬᠦᠨ ᠬᠡᠯᠪᠡᠷᠢ ᠶᠢ ᠬᠤᠪᠢᠷᠠᠭᠤᠯᠵᠣ᠂ ᠬᠦᠭᠵᠢᠯᠳᠡ ᠶᠢᠨ ᠴᠢᠨᠠᠷᠵᠢᠯ ᠢ | ᠪᠦᠬᠦ ᠲᠠᠯ᠎ᠠ ᠪᠠᠷ ᠲᠡᠭᠡᠭᠰᠢᠯᠡᠭᠦᠯᠦᠨ᠎ᠡ᠃ ᠶᠷᠦᠩᠬᠡᠢ ᠬᠡᠪᠴᠢᠶ᠎ᠡ ᠶᠢ ᠲᠣᠬᠢᠷᠠᠮᠵᠢᠳᠠᠢ ᠦᠷᠭᠡᠳᠬᠡᠨ᠂ ᠡᠬᠢ ᠰᠣᠷᠪᠣᠯᠵᠢ | ᠶᠢᠨ ᠲᠣᠬᠢᠷᠠᠭᠤᠯᠣᠯᠳᠠ ᠶᠢ ᠰᠢᠯᠢᠳᠡᠭᠵᠢᠭᠦᠯᠵᠣ᠂ ᠬᠠᠩᠭᠠᠯᠠᠭ᠎ᠠ ᠶᠢᠨ ᠪᠦᠳᠦᠮᠵᠢᠳᠦ ᠴᠢᠨᠠᠷ ᠢ ᠬᠦᠴᠦᠯᠠᠨ | ᠲᠡᠭᠡᠭᠰᠢᠯᠡᠭᠦᠯᠦᠨ᠎ᠡ᠃ ᠮᠠᠯ ᠲᠠᠷᠢᠶᠠᠯᠠᠩ ᠤᠨ ᠬᠦᠭᠵᠢᠯᠳᠡ ᠶᠢᠨ ᠠᠵᠣ ᠣᠶᠢᠯᠠᠰᠵᠢᠯᠳᠠ ᠶᠢ ᠪᠠᠷᠢᠮᠳᠠᠯᠠᠨ᠎ᠠ᠃ ︽ᠲᠡᠰ | ᠴᠢᠨᠠᠷᠳᠦ ᠮᠡᠯ ᠲᠠᠷᠢᠶᠠᠯᠠᠩ᠂ ᠬᠡᠪ ᠴᠢᠨᠰᠠᠭᠠᠳᠦ ᠮᠠᠯᠵᠢᠬᠤ ᠲᠠᠷᠢᠶᠠᠯᠠᠬᠤ ᠣᠷᠣᠨ᠂ ᠪᠣᠯᠪᠠᠰᠣᠷᠠᠯ ᠰᠠᠶᠢᠳᠠᠢ ᠮᠠᠯᠴᠢᠨ | ᠲᠠᠷᠢᠶᠠᠴᠢᠨ︾ ᠤ ᠪᠤᠳᠤᠯᠭ᠎ᠠ ᠶᠢ ᠬᠦᠭᠵᠢᠭᠦᠯᠦᠨ ᠮᠡᠯ ᠲᠠᠷᠢᠶᠠᠯᠠᠩ ᠤᠨ ᠲᠣᠳᠣᠭᠠᠳᠦ ᠠᠮᠢᠳᠣᠯᠢᠭ ᠬᠦᠴᠦᠨ ᠢ | ᠪᠠᠳᠠᠷᠠᠭᠤᠯᠵᠣ᠂ ᠾᠧᠩ ᠺᠧ᠂ ᠮᠧᠩ ᠯᠢ᠂ ᠬᠤᠩ ᠶᠧ ᠵᠡᠷᠭᠡ ᠲᠣᠯᠣᠭᠠᠶᠢᠯᠠᠭᠴᠢ ᠠᠵᠣ ᠠᠬᠤᠶᠢᠯᠠᠯ ᠤᠨ | ᠬᠦᠭᠵᠢᠯᠳᠡ ᠶᠢ ᠲᠡᠮᠵᠢᠨ ᠪᠣᠵᠠᠭᠠᠶᠢᠷᠠᠭᠤᠯᠵᠣ᠂ ᠪᠣᠬᠢᠷᠳᠣᠯ ᠦᠭᠡᠢ ᠴᠢᠨᠠᠷ ᠰᠠᠶᠢᠳᠠᠢ ᠮᠠᠯ ᠲᠠᠷᠢᠶᠠᠯᠠᠩ ᠤᠨ | ᠪᠦᠳᠦᠭᠡᠭᠳᠡᠭᠦᠨ ᠤ ᠬᠠᠩᠭᠠᠯᠠᠭ᠎ᠠ ᠶᠢᠨ ᠴᠢᠳᠠᠪᠦᠷᠢ ᠶᠢ ᠲᠡᠭᠡᠭᠰᠢᠯᠡᠭᠦᠯᠦᠨ᠂ ᠠᠯᠠᠰᠢᠨ ᠦᠭᠡᠷ ᠠᠯᠠᠰᠢᠨ ᠮᠠᠯ᠂ ᠭᠤᠸ᠎ᠠ | ᠵᠢᠮᠢᠰ ᠢᠳᠡᠰᠢᠨ ᠨᠣᠭᠤᠭ᠎ᠠ ᠵᠡᠷᠭᠡ ᠣᠨᠴᠠᠯᠢᠭᠳᠦ ᠠᠵᠣ ᠣᠶᠢᠯᠠᠰ ᠢ ᠲᠣᠪᠣᠶᠢᠯᠭᠠᠨ ᠠᠳᠬᠤᠵᠣ᠂ ᠨᠢᠭᠡᠳᠦᠭᠡᠷ ᠠᠵᠣ | ᠣᠶᠢᠯᠠᠰ ᠤᠨ ᠠᠵᠣ ᠠᠬᠤᠢ ᠶᠢᠨ ᠨᠡᠮᠡᠭᠳᠡᠯ ᠳᠠᠬᠢ ᠬᠤᠪᠢ ᠨᠡᠮᠡᠷᠢ ᠶᠢ ᠲᠡᠭᠡᠭᠰᠢᠯᠡᠭᠦᠯᠦᠨ᠎ᠡ᠃ ᠠᠵᠣ ᠣᠶᠢᠯᠠᠳᠪᠦᠷᠢ | ᠶᠢᠨ ᠬᠦᠭᠵᠢᠯᠳᠡ ᠶᠢᠨ ᠰᠢᠨ᠎ᠡ ᠬᠡᠯᠪᠡᠷᠢᠴᠢᠯᠡᠯᠳᠡ ᠶᠢ ᠪᠠᠷᠢᠮᠳᠠᠯᠠᠨ᠎ᠠ᠃ ᠠᠵᠣ ᠣᠶᠢᠯᠠᠳᠪᠦᠷᠢ ᠶᠢ ᠬᠦᠷᠢᠶᠡᠯᠡᠩ | ᠲᠣᠭᠤᠷᠢᠭ ᠲᠤ ᠲᠥᠪᠯᠡᠷᠡᠭᠦᠯᠭᠦ ᠪᠠᠷ ᠬᠦᠭᠵᠢᠯᠳᠡ ᠶᠢᠨ ᠴᠢᠭᠯᠡᠯ ᠪᠣᠯᠭᠠᠨ᠂ ᠠᠵᠣ ᠣᠶᠢᠯᠠᠳᠪᠦᠷᠢ ᠶᠢᠨ ᠲᠣᠮᠣ | ᠲᠦᠷᠦᠯ ᠵᠣᠶᠢᠯ ᠤᠨ ᠪᠠᠶᠢᠭᠤᠯᠣᠯᠳᠠ ᠶᠢ ᠪᠦᠬᠦ ᠬᠦᠴᠦᠨ ᠢᠶᠠᠷ ᠠᠳᠬᠤᠨ᠎ᠠ᠃ ᠣᠯᠠᠨ ᠡᠰᠢᠳᠦ ᠬᠦᠭᠵᠢᠯᠳᠡ ᠶᠢ | ᠪᠠᠷᠢᠮᠳᠠᠯᠠᠵᠣ᠂ ᠨᠡᠭᠦᠷᠡᠰᠦ᠂ ᠨᠡᠭᠦᠷᠡᠰᠣᠨ ᠴᠠᠬᠢᠯᠭᠠᠨ᠂ ᠨᠡᠭᠦᠷᠡᠰᠦᠨ ᠬᠢᠮᠢ᠂ ᠲᠣᠰᠣ ᠬᠡᠢ᠂ ᠰᠢᠨ᠎ᠡ ᠡᠨᠧᠷᠬᠢ ᠵᠡᠷᠭᠡ | ᠠᠵᠣ ᠣᠶᠢᠯᠠᠰ ᠤᠨ ᠬᠦᠭᠵᠢᠯᠳᠡ ᠶᠢ ᠦᠷᠭᠦᠯᠵᠢᠯᠡᠨ ᠠᠬᠢᠭᠤᠯᠵᠣ᠂ ᠣᠯᠠᠨ ᠲᠦᠢᠯᠳᠦ ᠲᠣᠯᠠᠭᠠᠭᠤᠷᠢᠯᠠᠯ ᠣᠯᠠᠨ | ᠡᠰᠢᠳᠦ ᠬᠦᠭᠵᠢᠯᠳᠡ ᠲᠠᠢ ᠰᠢᠨ᠎ᠡ ᠬᠡᠯᠪᠡᠷᠢ ᠶᠢᠨ ᠠᠵᠣ ᠣᠶᠢᠯᠠᠳᠪᠦᠷᠢ ᠶᠢᠨ ᠬᠦᠭᠵᠢᠯᠳᠡ ᠶᠢᠨ ᠬᠡᠪ ᠪᠠᠶᠢᠳᠠᠯ ᠢ | ᠪᠦᠷᠢᠯᠳᠦᠭᠦᠯᠦᠨ᠎ᠡ᠃ ᠵᠢᠯ ᠤᠨ ᠲᠣᠳᠣᠷ᠎ᠠ᠂ 72 ᠳ᠋ᠦᠩᠰᠢᠭᠤᠷ ᠲᠦᠭᠦᠷᠢᠭ ᠤᠨ ᠠᠵᠣ ᠣᠶᠢᠯᠠᠳᠪᠦᠷᠢ ᠶᠢᠨ ᠨᠡᠮᠡᠭᠳᠡᠯ | ᠦᠷᠳᠡᠭ ᠢ ᠪᠡᠶᠡᠯᠡᠭᠦᠯᠦᠨ᠎ᠡ᠃ ᠣᠶᠢᠯᠡᠴᠢᠯᠡᠭᠡᠨ ᠤ ᠣᠶᠢᠯᠠᠰ ᠤᠨ ᠬᠦᠭᠵᠢᠯᠳᠡ ᠶᠢᠨ ᠣᠳᠣᠬᠢᠴᠢᠯᠠᠯᠳᠡ ᠶᠢ | ᠪᠠᠷᠢᠮᠳᠠᠯᠠᠨ᠎ᠠ᠃ ︽1 + 6︾ ᠬᠤᠪᠢᠰᠬᠠᠯᠳᠦ ᠬᠦᠮᠦᠵᠢᠯ ᠪᠣᠯᠪᠠᠰᠣᠷᠠᠯ ᠤᠨ ᠰᠠᠭᠤᠷᠢᠨ ᠳᠤ ᠲᠦᠰᠢᠭᠯᠡᠨ᠂ ᠲᠠᠯ᠎ᠠ | ᠨᠣᠳᠤᠭ ᠤᠨ ᠰᠣᠶᠣᠯ ᠪᠣᠯᠣᠨ ᠬᠤᠪᠢᠰᠬᠠᠯᠳᠦ ᠰᠣᠶᠦᠯ ᠢᠶᠠᠷ ᠭᠤᠣᠯ ᠪᠣᠯᠭᠠᠨ ᠪᠦᠬᠦ ᠴᠠᠷᠠᠭᠠᠨ ᠤ ᠵᠢᠭᠤᠯᠴᠢᠯᠠᠯ ᠢ | ᠶᠡᠭᠡ ᠪᠠᠷ ᠬᠦᠭᠵᠢᠭᠦᠯᠦᠨ᠎ᠡ᠃ ᠬᠡᠷᠡᠭᠯᠡᠭᠡᠨ ᠤ ᠲᠡᠰ ᠲᠠᠪᠰᠢᠯᠳᠡ ᠶᠢᠨ ᠬᠤᠪᠢᠷᠠᠯᠳᠠ ᠳᠤ ᠵᠣᠬᠢᠴᠠᠭᠤᠯᠣᠨ᠂ ᠰᠡᠯᠡᠭᠦᠴᠡᠯ | ᠵᠢᠭᠤᠯᠴᠢᠯᠠᠯ᠂ ᠡᠷᠡᠭᠦᠯᠵᠢᠯ ᠨᠠᠰᠣᠵᠢᠯ᠂ ᠰᠣᠶᠣᠯ ᠲᠨᠮᠢᠷ᠂ ᠰᠦᠯᠵᠢᠶᠡᠨ ᠬᠤᠳᠠᠯᠳᠤᠭ᠎ᠠ ᠵᠡᠷᠭᠡ ᠣᠳᠣ ᠦᠶ᠎ᠡ ᠶᠢᠨ | ᠣᠶᠢᠯᠡᠴᠢᠯᠡᠭᠡᠨ ᠤ ᠣᠶᠢᠯᠠᠰ ᠢ ᠪᠣᠵᠠᠭᠠᠶᠢᠷᠠᠭᠤᠯᠵᠣ᠂ ᠰᠢᠨ᠎ᠡ ᠬᠠᠩᠭᠠᠯᠠᠭ᠎ᠠ ᠰᠢᠨ᠎ᠡ ᠬᠡᠷᠡᠭᠴᠡᠭᠡ ᠶᠢ ᠨᠡᠭᠡᠭᠡᠵᠣ᠂ | ᠣᠶᠢᠯᠡᠴᠢᠯᠡᠭᠡᠨ ᠤ ᠣᠶᠢᠯᠠᠰ ᠤᠨ ᠬᠦᠭᠵᠢᠯᠳᠡ ᠶᠢᠨ ᠲᠦᠪᠰᠢᠨ ᠢ ᠲᠠᠰᠣᠷᠠᠯᠳᠠ ᠦᠭᠡᠢ ᠲᠡᠭᠡᠭᠰᠢᠯᠡᠭᠦᠯᠦᠨ᠎ᠡ᠃ | ︵ᠭᠤᠷᠪᠠ︶ ᠬᠦᠴᠢᠷ ᠢ ᠰᠢᠪᠳᠣᠯᠣᠨ ᠠᠮᠢᠳᠣᠯᠢᠭ ᠬᠦᠴᠦᠨ ᠢ ᠣᠷᠮᠠᠰᠢᠭᠤᠯᠵᠣ᠂ ᠦᠭᠡᠷᠡᠴᠢᠯᠡᠯᠳᠡ | ᠨᠡᠭᠡᠭᠡᠯᠳᠡ ᠶᠢ ᠦᠷᠭᠦᠯᠵᠢᠯᠡᠨ ᠭᠦᠨᠵᠡᠭᠡᠶᠢᠷᠡᠭᠦᠯᠦᠨ᠎ᠡ᠃ ᠭᠤᠣᠯᠳᠠᠭᠠᠯᠳᠦ ᠬᠦᠷᠢᠶ᠎ᠡ ᠬᠡᠪᠴᠢᠶᠠᠨ ᠤ ᠦᠭᠡᠷᠡᠴᠢᠯᠡᠯᠳᠡ | ᠶᠢ ᠭᠦᠨᠵᠡᠭᠡᠶᠢᠷᠡᠭᠦᠯᠦᠨ᠂ ᠵᠠᠰᠠᠭ ᠢ ᠴᠣᠮᠬᠠᠳᠬᠠᠵᠣ ᠡᠷᠬᠡ ᠶᠢ ᠪᠠᠭᠤᠯᠭᠠᠬᠤ᠂ ᠲᠠᠯᠪᠢᠬᠤ ᠬᠠᠮᠢᠶᠠᠷᠬᠤ ᠶᠢ | ᠣᠶᠠᠯᠳᠣᠭᠤᠯᠬᠤ ᠣᠶᠢᠯᠡᠴᠢᠯᠡᠭᠡ ᠶᠢ ᠰᠢᠯᠢᠳᠡᠭᠵᠢᠭᠦᠯᠭᠦ ᠦᠭᠡᠷᠡᠴᠢᠯᠡᠯᠳᠡ ᠶᠢ ᠦᠷᠭᠦᠯᠵᠢᠯᠡᠨ ᠠᠬᠢᠭᠤᠯᠵᠣ᠂ ︽ | ᠲᠦᠪᠯᠡᠷᠡᠭᠦᠯᠦᠨ ᠭᠦᠢᠴᠡᠳᠬᠡᠬᠦ︾ ᠵᠠᠭᠪᠣᠷ ᠢ ᠢᠳᠡᠪᠬᠢᠳᠡᠢ ᠰᠦᠪᠡᠭᠴᠢᠯᠡᠨ ᠠᠬᠢᠭᠤᠯᠵᠣ᠂ ᠡᠷᠬᠡ ᠶᠢᠨ ᠲᠠᠩᠰᠠ᠂ | ᠬᠠᠷᠢᠭᠤᠴᠠᠯᠭ᠎ᠠ ᠶᠢᠨ ᠲᠠᠩᠰᠠ ᠶᠢ ᠰᠠᠶᠢᠳᠦᠷ ᠨᠠᠶᠢᠳᠠᠪᠦᠷᠢᠵᠢᠭᠤᠯᠵᠣ᠂ ᠪᠦᠬᠦ ᠶᠠᠪᠣᠴᠠ ᠶᠢᠨ ᠬᠠᠮᠢᠶᠠᠷᠣᠯᠳᠠ ᠶᠢ | ᠴᠢᠩᠭᠠᠳᠬᠠᠨ᠂ ᠣᠬᠢ ᠰᠠᠶᠢᠨ ᠵᠠᠰᠠᠭ ᠤᠨ ᠶᠠᠪᠣᠳᠠᠯ ᠤᠨ ᠣᠷᠴᠢᠨ ᠢ ᠪᠦᠷᠢᠯᠳᠦᠭᠦᠯᠵᠣ᠂ ᠵᠠᠰᠠᠭ ᠤᠨ ᠶᠠᠪᠣᠳᠠᠯ ᠤᠨ | ᠣᠶᠢᠯᠡᠴᠢᠯᠡᠭᠡᠨ ᠤ ᠲᠦᠪ ᠢ ᠪᠦᠬᠦ ᠬᠤᠳᠠ ᠶᠢᠨ ᠦᠭᠡᠷᠡᠴᠢᠯᠡᠯᠳᠡ ᠶᠢᠨ ᠪᠦᠬᠦ ᠲᠠᠯ᠎ᠠ ᠶᠢᠨ ᠭᠥᠨᠵᠡᠭᠡᠶᠢᠷᠡᠯᠳᠡ ᠶᠢᠨ | ᠰᠢᠨ᠎ᠡ ᠲᠠᠭᠤᠷᠢᠶᠠᠯ ᠪᠣᠯᠭᠠᠬᠤ ᠪᠠᠷ ᠴᠢᠷᠮᠠᠶᠢᠨ᠎ᠠ᠃ ᠮᠦᠩᠭᠦᠨ ᠭᠦᠢᠯᠭᠡᠭᠡ᠂ ᠡᠳ᠋ ᠤᠨ ᠵᠠᠰᠠᠭ᠂ ᠭᠠᠶᠢᠯᠢ ᠶᠢᠨ | ᠪᠠᠶᠢᠭᠤᠯᠣᠮᠵᠢ ᠶᠢᠨ ᠦᠭᠡᠷᠡᠴᠢᠯᠡᠯᠳᠡ ᠶᠢ ᠲᠦᠷᠬᠡᠳᠬᠡᠵᠣ᠂ ᠡᠳ᠋ ᠤᠨ ᠵᠠᠰᠠᠭ ᠤᠨ ᠣᠷᠣᠯᠭ᠎ᠠ ᠵᠠᠷᠣᠯᠭ᠎ᠠ ᠶᠢᠨ | ᠯᠠᠪᠳᠠᠭᠤᠨ ᠪᠠᠳᠣᠳᠠᠢ ᠡᠷᠬᠢᠯᠳᠡ ᠶᠢ ᠪᠠᠳᠣᠯᠠᠨ᠎ᠠ᠃ ᠣᠷᠣᠨ ᠬᠡᠪᠴᠢᠶᠠᠨ ᠤ ᠬᠠᠮᠳᠣᠷᠠᠯᠴᠠᠭ᠎ᠠ ᠶᠢ ᠭᠦᠨᠵᠡᠭᠡᠶᠢᠷᠡᠭᠦᠯᠦᠨ᠂ | ᠴᠢᠯᠦᠭᠡᠳᠡᠢ ᠶᠠᠪᠣᠯᠴᠠᠬᠤ ᠴᠢᠳᠠᠪᠦᠷᠢ ᠲᠦᠪᠰᠢᠨ ᠢ ᠲᠡᠭᠡᠭᠰᠢᠯᠡᠭᠦᠯᠦᠨ᠎ᠡ᠃ ᠨᠢᠭᠡ ᠪᠦᠯᠦᠭ ᠪᠡᠯᠭᠡ ᠲᠡᠮᠳᠡᠭ ᠤᠨ | ᠴᠢᠨᠠᠷᠳᠠᠢ ᠲᠠᠶᠢᠴᠢᠯᠠᠨ ᠲᠠᠭᠠᠭᠤᠯᠬᠤ ᠦᠭᠡᠷᠡᠴᠢᠯᠡᠯᠳᠡ ᠶᠢᠨ ᠡᠭᠦᠷᠭᠡ ᠶᠢ ᠢᠳᠡᠪᠬᠢᠳᠡᠢ ᠰᠦᠪᠡᠭᠴᠢᠯᠡᠵᠣ᠂ ᠨᠡᠶᠢᠳᠬᠡᠯ | ᠲᠤᠭ᠎ᠠ ᠪᠠᠷᠢᠮᠳᠠ᠂ ᠠᠮᠢ ᠠᠬᠤᠢ ᠶᠢᠨ ᠪᠣᠯᠪᠠᠰᠣᠨ ᠤ ᠲᠦᠷᠢᠮ᠂ ᠨᠣᠳᠤᠭ ᠪᠡᠯᠴᠢᠭᠡᠷ ᠤᠨ ︽ᠭᠤᠷᠪᠠᠨ ᠡᠷᠬᠡ ᠶᠢᠨ | ᠲᠣᠰᠠᠭᠠᠷᠯᠠᠯ︾᠂ ᠨᠣᠳᠤᠭ ᠪᠡᠯᠴᠢᠭᠡᠷ ᠤᠨ ᠵᠠᠩᠬᠢᠴᠢᠯᠠᠭᠰᠠᠨ ᠬᠠᠮᠢᠶᠠᠷᠣᠯᠳᠠ᠂ ᠭᠠᠵᠠᠷ ᠲᠣᠣᠷᠠᠬᠢ ᠣᠰᠣᠨ ᠤ ︽ | ᠶᠡᠷᠦᠩᠬᠡᠢ ᠬᠡᠮᠵᠢᠶ᠎ᠡ ᠶᠢ ᠬᠢᠵᠠᠭᠠᠷᠯᠠᠨ ᠨᠣᠷᠮᠠᠴᠢᠯᠠᠨ ᠬᠠᠮᠢᠶᠠᠷᠬᠤ︾ ᠵᠡᠷᠬᠡ ᠦᠭᠡᠷᠡᠴᠢᠯᠡᠯᠳᠡ ᠶᠢᠨ ᠪᠦᠳᠦᠮᠵᠢ ᠪᠠᠨ | ᠦᠷᠭᠡᠳᠬᠡᠵᠣ᠂ ᠦᠭᠡᠷᠴᠢᠯᠡᠯᠳᠡ ᠶᠢᠨ ᠰᠢᠰᠲ᠋ᠧᠮᠳᠦ ᠴᠢᠨᠠᠷ ᠢ ᠲᠡᠭᠡᠭᠰᠢᠯᠡᠭᠦᠯᠵᠣ᠂ ᠦᠭᠡᠷᠡᠴᠢᠯᠡᠯᠳᠡ ᠶᠢᠨ ᠪᠦᠬᠦᠶᠢᠯᠡ | ᠴᠣᠭᠴᠠ ᠶᠢᠨ ᠦᠷ᠎ᠡ ᠠᠰᠢᠭ ᠢ ᠣᠯᠠᠮ ᠨᠡᠮᠡᠭᠳᠡᠭᠦᠯᠦᠨ᠎ᠡ᠃ | ︵ᠲᠦᠷᠪᠠ︶ ᠠᠷᠠᠳ ᠤᠨ ᠠᠮᠢᠳᠣᠷᠠᠯ ᠢ ᠠᠳᠬᠤᠨ ᠡᠶ᠎ᠡ ᠵᠣᠬᠢᠴᠠᠯ ᠢ ᠠᠬᠢᠭᠤᠯᠵᠣ᠂ ᠠᠷᠠᠳ ᠤᠨ | ᠠᠮᠢᠳᠣᠷᠠᠯ ᠤᠨ ᠲᠦᠪᠰᠢᠨ ᠢ ᠲᠠᠰᠣᠷᠠᠯᠳᠠ ᠦᠭᠡᠢ ᠲᠡᠭᠡᠭᠰᠢᠯᠡᠭᠦᠯᠦᠨ᠎ᠡ᠃ ᠠᠷᠠᠳ ᠤᠨ ᠠᠮᠢᠳᠣᠷᠠᠯ ᠤᠨ ᠢᠨᠵᠧᠨᠧᠷᠢᠩ | ᠤᠨ ᠪᠠᠶᠢᠭᠤᠯᠣᠯᠳᠠ ᠶᠢ ᠦᠷᠭᠦᠯᠵᠢᠯᠡᠨ ᠠᠬᠢᠭᠤᠯᠵᠣ᠂ ᠠᠷᠠᠳ ᠤᠨ ᠠᠮᠢᠳᠣᠷᠠᠯ ᠤᠨ ᠪᠠᠳᠣᠯᠠᠭ᠎ᠠ ᠶᠢᠨ ᠵᠢᠷᠭᠤᠭᠠᠨ | ᠲᠠᠪᠬᠤᠷ ᠲᠣᠣᠷ ᠢ ᠪᠠᠬᠢᠵᠢᠭᠦᠯᠦᠨ᠂ ᠣᠷᠣᠭᠤᠯᠣᠯᠳᠠ ᠪᠠᠨ ᠲᠠᠰᠣᠷᠠᠯᠳᠠ ᠦᠭᠡᠢ ᠨᠡᠮᠡᠭᠳᠡᠭᠦᠯᠵᠣ᠂ ᠡᠯ᠎ᠡ ᠲᠦᠷᠦᠯ ᠤᠨ | ᠨᠡᠶᠢᠭᠡᠮ ᠤᠨ ᠣᠶᠢᠯᠠᠰ ᠢ ᠪᠦᠬᠦ ᠲᠠᠯ᠎ᠠ ᠪᠠᠷ ᠬᠦᠭᠵᠢᠭᠦᠯᠦᠨ᠂ ᠨᠡᠶᠢᠭᠡᠮ ᠤᠨ ᠪᠠᠳᠣᠯᠠᠭ᠎ᠠ ᠶᠢᠨ ᠲᠦᠪᠰᠢᠨ ᠢ | ᠯᠠᠪᠳᠠᠭᠤᠨ ᠢᠶᠠᠷ ᠲᠡᠭᠡᠭᠰᠢᠯᠡᠭᠦᠯᠦᠨ᠎ᠡ᠃ ᠨᠠᠷᠢᠯᠢᠭ ᠣᠨᠣᠪᠴᠢᠳᠠᠢ ᠪᠠᠷ ᠶᠠᠳᠠᠭᠤ ᠶᠢ ᠲᠡᠳᠭᠦᠬᠦ ᠠᠵᠢᠯ ᠢ ᠲᠣᠪᠣᠶᠢᠮ᠎ᠠ | ᠰᠠᠶᠢᠨ ᠠᠳᠬᠤᠵᠣ᠂ ᠠᠵᠣ ᠣᠶᠢᠯᠠᠰ ᠤᠨ ᠲᠦᠯᠦᠪᠵᠢᠭᠦᠯᠭᠡ ᠲᠦᠷᠦ ᠶᠢᠨ ᠪᠣᠳᠣᠯᠭ᠎ᠠ ᠶᠢᠨ ᠨᠠᠶᠢᠳᠠᠪᠦᠷᠢᠵᠢᠭᠤᠯᠣᠯᠳᠠ | ᠶᠢ ᠣᠯᠠᠮ ᠲᠡᠭᠦᠯᠳᠡᠷᠵᠢᠭᠦᠯᠦᠨ᠂ ᠣᠷᠣᠯᠭ᠎ᠠ ᠶᠢᠨ ᠨᠡᠮᠡᠭᠳᠡᠯ ᠤᠨ ᠵᠠᠮ ᠮᠦᠷ ᠢ ᠦᠷᠭᠡᠳᠬᠡᠨ᠂ ᠶᠠᠳᠠᠭᠤ ᠠᠴᠠ | ᠠᠩᠬᠢᠵᠢᠷᠠᠭᠤᠯᠬᠤ ᠰᠢᠪᠳᠣᠯᠣᠯᠳᠠ ᠶᠢ ᠬᠦᠴᠦᠯᠡᠨ ᠪᠡᠶᠡᠯᠡᠭᠦᠯᠦᠨ᠎ᠡ᠃ ᠠᠵᠢᠯ ᠣᠯᠭᠤᠬᠤ ᠪᠠ ᠪᠠᠳᠣᠯᠠᠭ᠎ᠠ ᠶᠢᠨ | ᠲᠦᠪᠰᠢᠨ ᠢ ᠲᠡᠭᠡᠭᠰᠢᠯᠡᠭᠦᠯᠵᠣ᠂ ᠲᠠᠶᠠᠭᠠᠷ ᠣᠯᠠᠨ ᠢᠶᠠᠷ ᠢᠶᠠᠨ ᠣᠶᠢᠯᠠᠰ ᠪᠦᠳᠦᠭᠡᠨ ᠰᠢᠨᠡᠴᠢᠯᠡᠯᠳᠡ ᠬᠢᠬᠦ ᠢ | ᠭᠦᠨᠵᠡᠭᠡᠶᠢᠷᠡᠭᠦᠯᠵᠣ᠂ ᠣᠶᠢᠯᠠᠰ ᠪᠦᠳᠦᠬᠡᠭᠦ ᠠᠵᠢᠯ ᠣᠯᠬᠤ ᠴᠢᠳᠠᠪᠦᠷᠢ ᠶᠢᠨ ᠪᠣᠯᠪᠠᠰᠣᠷᠠᠯ ᠢ ᠴᠢᠩᠭᠠᠳᠬᠠᠨ᠂ ᠪᠦᠬᠦ | ᠵᠢᠯ ᠳᠤ᠂ ᠰᠢᠨ᠎ᠡ ᠪᠠᠷ ᠬᠤᠳᠠ ᠪᠠᠯᠭᠠᠰᠣᠨ ᠤ 950 ᠬᠦᠮᠦᠨ ᠳᠤ ᠠᠵᠢᠯ ᠣᠯᠭᠤᠵᠣ᠂ ᠬᠤᠳᠠ ᠪᠠᠯᠭᠠᠰᠣᠨ ᠤ | ᠠᠵᠢᠯ ᠠᠯᠳᠠᠭᠰᠠᠳ ᠤᠨ ᠲᠠᠩᠰᠠᠯᠠᠯᠳᠠ ᠶᠢᠨ ᠨᠣᠷᠮ᠎ᠠ ᠶᠢ 3% ᠲᠣᠳᠣᠷ᠎ᠠ ᠬᠢᠵᠠᠭᠠᠷᠯᠠᠨ᠎ᠠ᠃ ᠨᠡᠶᠢᠭᠡᠮ ᠤᠨ ᠣᠶᠢᠯᠠᠰ | ᠤᠨ ᠬᠦᠭᠵᠢᠯᠳᠡ ᠶᠢ ᠲᠦᠷᠭᠡᠳᠬᠡᠨ᠎ᠡ᠃ ᠰᠢᠨᠵᠢᠯᠡᠭᠡ ᠮᠡᠷᠭᠡᠵᠢᠯ᠂ ᠰᠣᠷᠭᠠᠨ ᠬᠦᠮᠦᠵᠢᠯ᠂ ᠰᠣᠶᠣᠯ᠂ ᠡᠷᠡᠭᠦᠯ | ᠬᠠᠮᠠᠭᠠᠯᠠᠯ᠂ ᠲᠦᠯᠦᠪᠯᠡᠭᠡᠳᠦ ᠦᠷᠡᠵᠢᠯ ᠵᠡᠷᠭᠡ ᠨᠡᠶᠢᠭᠡᠮ ᠤᠨ ᠣᠶᠢᠯᠠᠰ ᠢ ᠨᠢᠭᠡᠳᠦᠯᠳᠡᠢ ᠬᠦᠭᠵᠢᠭᠦᠯᠵᠣ᠂ ᠨᠡᠶᠢᠭᠡᠮ ᠤᠨ | ᠪᠠᠳᠣᠯᠠᠭ᠎ᠠ ᠶᠢᠨ ᠰᠢᠰᠲ᠋ᠧᠮ ᠤᠨ ᠪᠠᠶᠢᠭᠤᠯᠣᠯᠳᠠ ᠶᠢ ᠲᠡᠭᠦᠯᠳᠡᠷᠵᠢᠭᠦᠯᠣᠨ᠂ ᠣᠯᠠᠨ ᠲᠦᠮᠡᠨ ᠤ ᠬᠠᠨᠣᠮᠵᠢ ᠪᠠ | ᠬᠦᠷᠳᠡᠮᠵᠢ ᠶᠢ ᠲᠡᠭᠡᠭᠰᠢᠯᠡᠭᠦᠯᠥᠨ᠎ᠡ᠃ ︽ᠠᠮᠣᠷ ᠠᠮᠣᠭᠤᠯᠠᠩ ᠡᠮᠦᠨᠡᠳᠦ ᠣᠳᠤᠭ︾ ᠤᠨ ᠪᠠᠶᠢᠭᠤᠯᠣᠯᠳᠠ ᠶᠢ | ᠭᠦᠨᠵᠡᠭᠡᠶᠢᠷᠡᠭᠦᠯᠦᠨ᠂ ᠠᠶᠣᠯ ᠦᠭᠡᠢ ᠣᠶᠢᠯᠠᠳᠪᠦᠷᠢᠯᠠᠯ᠂ ᠣᠷᠴᠢᠨ ᠬᠠᠮᠠᠭᠠᠯᠠᠯᠳᠠ᠂ ᠵᠠᠬᠢᠳᠠᠯ ᠰᠣᠷᠪᠣᠯᠵᠢᠯᠠᠭ᠎ᠠ᠂ | ᠠᠮᠣᠷ ᠲᠣᠭᠳᠠᠭᠤᠨ᠂ ᠣᠶᠣᠨ ᠤ ᠪᠣᠯᠪᠠᠰᠣᠨ ᠤ ᠴᠣᠭᠴᠠᠯᠠᠯᠳᠠ᠂ ᠨᠡᠶᠢᠭᠡᠮ ᠤᠨ ᠠᠮᠣᠷ ᠲᠣᠭᠳᠠᠭᠤᠨ ᠤ | ᠶᠡᠷᠦᠩᠬᠡᠶᠢᠯᠡᠭᠰᠡᠨ ᠵᠠᠰᠠᠯᠳᠠ᠂ ᠬᠠᠣᠯᠢ ᠵᠢᠷᠣᠮᠯᠡᠨ ᠬᠠᠣᠯᠢ ᠲᠦᠭᠡᠮᠡᠯᠵᠢᠭᠦᠯᠬᠦ ᠵᠡᠷᠬᠡ ᠡᠯ᠎ᠡ ᠲᠦᠷᠦᠯ ᠤᠨ ᠠᠵᠢᠯ ᠢ | ᠰᠠᠶᠢᠳᠦᠷ ᠠᠳᠬᠤᠨ᠎ᠠ᠃ | ᠲᠦᠯᠦᠭᠡᠯᠡᠭᠴᠢᠳ ᠡ᠂ 2017 ᠣᠨ ᠤ ᠲᠦᠷᠪᠡᠳᠦᠭᠡᠷ ᠣᠯᠠᠷᠢᠯ ᠤᠨ ᠠᠵᠣ ᠠᠬᠤᠢ ᠨᠡᠶᠢᠭᠡᠮ ᠤᠨ | ᠬᠦᠭᠵᠢᠯᠳᠡ ᠶᠢᠨ ᠠᠵᠢᠯ ᠢ ᠰᠠᠶᠢᠳᠦᠷ ᠬᠢᠬᠦ ᠳᠤ ᠴᠠᠭ ᠲᠠᠪᠴᠢᠭᠤ ᠡᠭᠦᠷᠭᠡ ᠬᠦᠨᠳᠦ ᠪᠣᠢ᠃ ᠪᠢᠳᠡ ᠬᠤᠰᠢᠭᠤ ᠨᠠᠮ | ᠤᠨ ᠬᠤᠷᠢᠶ᠎ᠠ ᠵᠠᠰᠠᠭ ᠤᠨ ᠣᠷᠳᠣᠨ ᠤ ᠡᠷᠴᠢᠳᠦ ᠣᠳᠣᠷᠢᠳᠣᠯᠭ᠎ᠠ ᠲᠣᠣᠷ᠎ᠠ᠂ ᠬᠤᠰᠢᠭᠤ ᠠᠷᠠᠳ ᠤᠨ | ᠲᠦᠯᠦᠭᠡᠯᠡᠭᠴᠢᠳ ᠤᠨ ᠶᠡᠭᠡ ᠬᠤᠷᠠᠯ᠂ ᠣᠯᠣᠰ ᠲᠦᠷᠦ ᠶᠢᠨ ᠵᠦᠪᠯᠡᠯᠭᠡᠨ ᠤ ᠵᠢᠯᠣᠭᠤᠳᠣᠯᠭ᠎ᠠ ᠶᠢ ᠣᠬᠠᠮᠰᠠᠷ ᠠᠴᠠ | ᠪᠠᠨ ᠬᠦᠯᠢᠶᠡᠵᠣ᠂ ᠢᠳᠡᠭᠡᠯ ᠵᠣᠷᠢᠭ ᠢᠶᠠᠨ ᠬᠦᠪᠴᠢᠯᠡᠨ ᠡᠭᠦᠷᠭᠡᠯᠡᠯ ᠬᠠᠷᠢᠭᠤᠴᠠᠯᠭ᠎ᠠ ᠪᠠᠨ ᠴᠢᠩᠭᠠᠳᠬᠠᠨ᠂ ᠦᠨᠡᠨ ᠬᠦ | ᠠᠳᠬᠤᠵᠣ ᠪᠣᠳᠠᠳᠠᠢ ᠠᠵᠢᠯᠯᠠᠨ᠂ ᠠᠵᠣ ᠠᠬᠤᠢ ᠨᠡᠶᠢᠭᠡᠮ ᠤᠨ ᠡᠯ᠎ᠡ ᠲᠦᠷᠦᠯ ᠤᠨ ᠬᠠᠷᠠᠯᠳᠠ ᠡᠭᠦᠷᠭᠡ ᠪᠠᠨ ᠪᠦᠬᠦ | ᠲᠠᠯ᠎ᠠ ᠪᠠᠷ ᠪᠡᠶᠡᠯᠡᠭᠦᠯᠵᠣ᠂ ᠠᠵᠣ ᠠᠮᠢᠳᠣᠷᠠᠯ ᠴᠢᠨᠡᠭᠡᠯᠢᠭ᠂ ᠣᠶᠣᠨ ᠰᠠᠨᠠᠭ᠎ᠠ ᠪᠣᠯᠪᠠᠰᠣᠨ᠂ ᠠᠮᠢ ᠠᠬᠤᠢ | ᠵᠣᠬᠢᠴᠠᠯᠳᠠᠢ᠂ ᠡᠮᠬᠢ ᠵᠢᠷᠣᠮ ᠰᠠᠶᠢᠨ᠂ ᠬᠡᠪ ᠰᠣᠷᠳᠠᠯ ᠲᠦᠪ ᠦᠵᠡᠰᠭᠦᠯᠡᠩᠳᠦ ᠰᠠᠶᠢᠬᠠᠨ ᠡᠮᠦᠨᠡᠳᠦ ᠣᠳᠤᠭ ᠤᠨ | ᠴᠣᠭᠴᠠᠯᠠᠯᠳᠠ ᠳᠤ ᠬᠦᠴᠦᠨ ᠵᠢᠳᠬᠦᠯ ᠨᠡᠮᠡᠷᠢᠯᠡᠰᠦᠭᠡᠢ︕ |