ᠤᠳᠤᠭ ᠤᠨ ᠡᠮᠤᠨᠡᠳᠤ ᠬᠤᠰᠢᠭᠤᠨ ᠤ 2017 ᠤᠨ ᠤ ᠲᠥᠷᠥᠭᠦᠥ ᠭᠤᠷᠪᠠᠨ ᠣᠯᠠᠷᠢᠯ ᠤᠨ ᠤᠯᠤᠰ ᠠᠷᠠᠤᠨ ᠤᠨ ᠠᠵᠤ ᠠᠬᠤᠢ ᠪᠤᠯᠤᠨ ᠨᠠᠶᠢᠬᠡᠮ ᠤᠨ | ᠬᠦᠭᠵᠢᠯᠳᠠ ᠶᠢᠨ ᠲᠦᠯᠤᠪᠯᠡᠭᠡ ᠶᠢ ᠬᠡᠷᠡᠭᠵᠢᠬᠦᠯᠦᠭᠰᠡᠨ ᠪᠠᠶᠢᠳᠠᠯ ᠬᠢᠬᠡᠤᠨ ᠲᠦᠷᠪᠡᠳᠦᠭᠡᠷ ᠣᠯᠠᠷᠢᠯ ᠤᠨ ᠤᠯᠤᠰ ᠠᠷᠠᠤᠨ ᠤᠨ ᠠᠵᠤ ᠠᠬᠤᠢ ᠪᠤᠯᠤᠨ | ᠨᠠᠶᠢᠬᠡᠮ ᠤᠨ ᠬᠦᠭᠵᠢᠯᠳᠠ ᠶᠢᠨ ᠲᠦᠯᠤᠪᠯᠡᠭᠡ ᠶᠢᠨ ᠲᠦᠰᠤᠯ ᠤᠨ ᠮᠡᠳᠡᠬᠦᠯᠤᠯᠳᠠ | ᠲᠦᠯᠤᠪᠯᠡᠭᠡ ᠶᠢᠨ ᠲᠦᠰᠤᠯ ᠤᠨ ᠮᠡᠳᠡᠬᠦᠯᠤᠯᠳᠠ | — 2017 ᠤᠨ 12 ᠰᠠᠷ᠎ᠠ ᠶᠢᠨ 5 ᠤ ᠡᠳᠤᠷ ᠤᠳᠤᠭ ᠤᠨ ᠡᠮᠤᠨᠡᠳᠤ ᠬᠤᠰᠢᠭᠤᠨ ᠤ ᠠᠷᠪᠠᠳᠦᠭᠠᠷ ᠬᠤᠭᠤᠴᠠᠭᠠᠨ ᠤ ᠠᠷᠠᠤᠨ ᠤᠨ | ᠲᠦᠯᠤᠬᠡᠯᠡᠭᠴᠢᠤᠨ ᠤᠨ ᠶᠡᠭᠡ ᠬᠤᠷᠠᠯ ᠤᠨ ᠠᠩᠬᠠᠳᠣᠭᠠᠷ ᠬᠤᠷᠠᠯᠳᠤᠭᠠᠨ ᠳᠡᠬᠡᠷ᠎ᠠ | ᠤᠳᠤᠭ ᠤᠨ ᠡᠮᠤᠨᠡᠳᠤ ᠬᠤᠰᠢᠭᠤᠨ ᠤ ᠬᠦᠭᠵᠢᠬᠦᠯᠤᠯᠳᠠ ᠪᠤᠯᠤᠨ ᠦᠬᠡᠷᠡᠴᠢᠯᠠᠯᠳᠠ ᠶᠢᠨ ᠳᠤᠪᠴᠢᠶ᠎ᠠ | ᠲᠦᠯᠤᠬᠡᠯᠡᠭᠴᠢᠤᠨ ᠡ ᠄ | ᠬᠤᠰᠢᠭᠤ ᠵᠠᠰᠠᠭ ᠤᠨ ᠤᠷᠳᠤᠨ ᠤ ᠨᠠᠶᠢᠳᠠᠯᠭ᠎ᠠ ᠪᠠᠷ ᠶᠡᠭᠡ ᠬᠤᠷᠠᠯ ᠳᠤ ᠤᠳᠤᠭ ᠤᠨ ᠡᠮᠤᠨᠡᠳᠤ ᠬᠤᠰᠢᠭᠤᠨ ᠤ 2017 ᠤᠨ ᠤ ᠲᠥᠷᠥᠭᠦᠥ ᠭᠤᠷᠪᠠᠨ ᠣᠯᠠᠷᠢᠯ ᠤᠨ | ᠤᠯᠤᠰ ᠠᠷᠠᠤᠨ ᠤᠨ ᠠᠵᠤ ᠠᠬᠤᠢ ᠪᠤᠯᠤᠨ ᠨᠠᠶᠢᠬᠡᠮ ᠤᠨ ᠬᠦᠭᠵᠢᠯᠳᠠ ᠶᠢᠨ ᠲᠦᠯᠤᠪᠯᠡᠭᠡ ᠶᠢ ᠬᠡᠷᠡᠭᠵᠢᠬᠦᠯᠦᠭᠰᠡᠨ ᠪᠠᠶᠢᠳᠠᠯ ᠬᠢᠬᠡᠤᠨ ᠲᠦᠷᠪᠡᠳᠦᠭᠡᠷ ᠣᠯᠠᠷᠢᠯ ᠤᠨ | ᠤᠯᠤᠰ ᠠᠷᠠᠤᠨ ᠤᠨ ᠠᠵᠤ ᠠᠬᠤᠢ ᠪᠤᠯᠤᠨ ᠨᠠᠶᠢᠬᠡᠮ ᠤᠨ ᠬᠦᠭᠵᠢᠯᠳᠠ ᠶᠢᠨ ᠲᠦᠯᠤᠪᠯᠡᠭᠡ ᠶᠢᠨ ᠳᠦᠰᠤᠯ ᠤᠨ ᠮᠡᠳᠡᠬᠦᠯᠤᠯᠳᠠ ᠬᠢᠶ᠎ᠠ᠃ ᠲᠥᠯᠥᠭᠡᠯᠡᠭᠴᠢᠳ ᠬᠢᠨᠠᠨ | ᠵᠥᠪᠯᠡᠵᠥ᠂ ᠬᠤᠰᠢᠭᠤᠨ ᠤ ᠤᠯᠤᠰ ᠲᠦᠷᠤ ᠶᠢᠨ ᠵᠦᠪᠯᠡᠯᠬᠡᠨ ᠤ ᠬᠡᠰᠢᠬᠦᠤᠨ ᠪᠤᠯᠤᠨ ᠰᠤᠯᠠ ᠤᠷᠤᠯᠴᠠᠭᠰᠠᠤᠨ ᠰᠠᠨᠠᠯ ᠢᠶᠠᠨ ᠳᠡᠪᠰᠢᠬᠦᠯᠬᠦ ᠪᠤᠯᠪᠠᠤ᠃ | ᠨᠢᠬᠡ᠂ 2017 ᠤᠨ ᠤ ᠲᠥᠷᠥᠭᠦᠥ ᠭᠤᠷᠪᠠᠨ ᠣᠯᠠᠷᠢᠯ ᠤᠨ ᠤᠯᠤᠰ ᠠᠷᠠᠤᠨ ᠤᠨ ᠠᠵᠤ ᠠᠬᠤᠢ ᠪᠤᠯᠤᠨ ᠨᠠᠶᠢᠬᠡᠮ ᠤᠨ ᠬᠦᠭᠵᠢᠯᠳᠠ ᠶᠢᠨ | ᠲᠦᠯᠦᠪᠯᠡᠭᠡ ᠶᠢ ᠬᠡᠷᠡᠭᠵᠢᠬᠦᠯᠦᠭᠰᠡᠨ ᠪᠠᠶᠢᠳᠠᠯ | ᠡᠨᠡ ᠵᠢᠯ᠂ ᠬᠤᠰᠢᠭᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠤ ᠵᠦᠪ ᠤᠳᠤᠷᠢᠳᠤᠯᠭ᠎ᠠ ᠪᠤᠯᠤᠨ ᠬᠤᠰᠢᠭᠤᠨ ᠤ ᠠᠷᠠᠤᠨ ᠤᠨ ᠲᠦᠯᠦᠬᠡᠯᠡᠭᠴᠢᠤᠨ ᠤᠨ | ᠪᠠᠶᠢᠩᠭᠤ ᠶᠢᠨ ᠬᠤᠷᠢᠶ᠎ᠠ᠂ ᠤᠯᠤᠰ ᠲᠦᠷᠤ ᠶᠢᠨ ᠵᠦᠪᠯᠡᠯᠭᠡᠨ ᠤ ᠬᠢᠨᠠᠯᠳᠠ ᠳᠡᠮᠵᠢᠯᠬᠡ ᠳᠤᠤᠷ᠎ᠠ᠂ ᠪᠦᠬᠦ ᠬᠤᠰᠢᠭᠤ ᠪᠠᠷ ᠢᠶᠠᠨ ᠲᠦᠪ᠂ ᠦᠪᠡᠷᠳᠡᠭᠡᠨ ᠵᠠᠰᠠᠬᠤ ᠣᠷᠣᠨ | ᠂ ᠪᠦᠬᠦ ᠬᠤᠳᠠ ᠶᠢᠨ ᠡᠯ᠎ᠡ ᠲᠦᠷᠦᠯ ᠤᠨ ᠰᠢᠢᠳᠪᠥᠷᠢ ᠪᠠᠶᠢᠷᠢᠰᠢᠭᠤᠯᠤᠯᠳᠠ ᠶᠢ ᠭᠥᠨᠵᠡᠭᠡᠢ ᠨᠠᠶᠢᠳᠠᠪᠤᠷᠢᠵᠢᠭᠤᠯᠤᠨ᠂ ᠠᠵᠣ ᠠᠬᠤᠢ ᠶᠢᠨ ᠬᠦᠭᠵᠢᠯᠳᠡ ᠰᠢᠨ᠎ᠡ ᠬᠡᠯᠪᠡᠷᠢ | ᠳᠤ ᠵᠣᠬᠢᠴᠠᠵᠣ᠂ ᠰᠢᠨ᠎ᠡ ᠶᠢ ᠡᠭᠦᠳᠬᠦ ᠪᠠᠷ ᠬᠦᠴᠦᠯᠡᠨ᠂ ᠬᠡᠯᠪᠡᠷᠢ ᠪᠠᠨ ᠬᠤᠪᠢᠷᠠᠭᠤᠯᠣᠨ ᠬᠦᠭᠵᠢᠬᠦᠯᠬᠦ ᠪᠠᠷ ᠰᠢᠪᠳᠣᠯᠣᠯᠳᠠ ᠪᠣᠯᠭᠠᠵᠣ᠂ ᠲᠣᠭᠳᠠᠭᠤᠨ ᠨᠡᠮᠡᠭᠳᠡᠯ᠂ | ᠲᠦᠷᠦᠯ ᠵᠣᠶᠢᠯ᠂ ᠪᠦᠳᠦᠴᠡ ᠶᠢᠨ ᠲᠣᠬᠢᠷᠠᠭᠤᠯᠣᠯᠳᠠ᠂ ᠦᠭᠡᠷᠡᠴᠢᠯᠡᠯᠳᠡ ᠨᠡᠭᠡᠭᠡᠯᠳᠡ ᠶᠢᠨ ᠠᠬᠢᠴᠠ᠂ ᠠᠷᠠᠳ ᠤᠨ ᠠᠮᠢᠳᠣᠷᠠᠯ ᠤᠨ ᠬᠠᠷᠠᠭᠠᠯᠵᠠᠯ᠂ ᠲᠣᠭᠳᠠᠭᠤᠨ ᠢ | ᠪᠠᠳᠣᠯᠠᠬᠤ ᠳᠤ ᠬᠦᠴᠦᠨ ᠢᠶᠠᠨ ᠲᠠᠯᠪᠢᠵᠣ᠂ ᠬᠤᠰᠢᠭᠤᠨ ᠤ ᠶᠢᠰᠦᠳᠦᠭᠡᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠵᠢᠷᠭᠤᠳᠦᠭᠠᠷ | ᠬᠤᠷᠠᠯᠳᠣᠭᠠᠨ ᠠᠴᠠ ᠲᠣᠭᠳᠠᠭᠠᠭᠰᠠᠨ ᠡᠯ᠎ᠡ ᠲᠦᠷᠦᠯ ᠵᠣᠶᠢᠯ ᠤᠨ ᠬᠠᠷᠠᠯᠳᠠ ᠡᠭᠦᠷᠭᠡ ᠪᠠᠨ ᠡᠮᠬᠢ ᠵᠢᠷᠣᠮ ᠲᠠᠢ ᠠᠬᠢᠭᠤᠯᠪᠠ᠃ | ︵ᠨᠢᠭᠡ︶ ᠲᠦᠷᠦᠯ ᠵᠣᠶᠢᠯ ᠤᠨ ᠪᠡᠯᠡ ᠣᠷᠣᠭᠤᠯᠣᠯᠳᠠ ᠶᠢ ᠪᠦᠬᠦ ᠬᠦᠴᠦᠨ ᠢᠶᠠᠷ ᠦᠷᠭᠡᠳᠬᠡᠵᠣ᠂ ᠠᠵᠣ ᠠᠬᠤᠢ ᠶᠢᠨ ᠲᠣᠭᠳᠠᠭᠤᠨ ᠡᠷᠬᠢᠯᠳᠡ ᠶᠢ | ᠪᠠᠳᠣᠯᠠᠪᠠ᠃ ᠠᠵᠣ ᠠᠬᠤᠢ ᠶᠢᠨ ᠡᠷᠬᠢᠯᠳᠡ ᠶᠢᠨ ᠲᠣᠬᠢᠷᠠᠭᠤᠯᠣᠯᠳᠠ ᠵᠠᠳᠠᠯᠣᠯᠳᠠ ᠪᠠᠨ ᠴᠢᠩᠭᠠᠳᠬᠠᠨ᠂ ᠠᠵᠣ ᠠᠬᠤᠢ ᠶᠢᠨ ᠲᠣᠭᠳᠠᠭᠤᠨ ᠨᠡᠮᠡᠭᠳᠡᠯ ᠳᠤ ᠰᠢᠰᠲ᠋ᠧᠮ | ᠲᠠᠢ ᠲᠦᠷᠦ ᠪᠣᠳᠣᠯᠭ᠎ᠠ ᠶᠢᠨ ᠠᠷᠭ᠎ᠠ ᠬᠡᠮᠵᠢᠶ᠎ᠡ ᠠᠪᠣᠭᠰᠠᠨ ᠪᠠᠶᠢᠨ᠎ᠠ᠃ ᠲᠦᠷᠦᠯ ᠵᠣᠶᠢᠯ ᠤᠨ ᠪᠠᠶᠢᠭᠤᠯᠣᠯᠳᠠ ᠪᠠᠷ ᠪᠡᠯᠡ ᠣᠷᠣᠭᠤᠯᠣᠯᠳᠠ ᠶᠢ ᠲᠠᠶᠢᠴᠢᠯᠠᠵᠤ᠂ | ᠲᠣᠭᠳᠠᠭᠤᠨ ᠪᠡᠯᠡ ᠣᠷᠣᠭᠤᠯᠣᠯᠳᠠ ᠶᠢᠨ ᠨᠡᠮᠡᠭᠳᠡᠯ᠂ ᠲᠦᠷᠦᠯ ᠵᠣᠶᠢᠯ ᠤᠨ ᠰᠢᠪᠳᠤᠯᠤᠯᠳᠠ ᠶᠢ ᠲᠦᠪᠯᠡᠷᠡᠭᠦᠯᠦᠨ ᠠᠳᠬᠤᠵᠣ᠂ 165 ᠲᠦᠷᠦᠯ ᠤᠨ 1015.04 | ᠳ᠋ᠦᠩᠰᠢᠭᠤᠷ ᠲᠦᠬᠦᠷᠢᠭ ᠤᠨ ᠶᠡᠷᠦᠩᠬᠡᠢ ᠪᠡᠯᠡ ᠣᠷᠣᠭᠤᠯᠣᠯᠳᠠ ᠶᠢᠨ ᠴᠢᠬᠤᠯᠠ ᠲᠦᠷᠦᠯ ᠵᠣᠶᠢᠯ ᠤᠨ ᠬᠡᠷᠡᠭᠵᠢᠭᠦᠯᠦᠯᠳᠡ ᠶᠢ ᠲᠦᠷᠬᠡᠳᠬᠡᠨ᠂ 171.86 | ᠳ᠋ᠦᠩᠰᠢᠭᠤᠷ ᠲᠦᠬᠦᠷᠢᠭ ᠤᠨ ᠪᠡᠯᠡ ᠣᠷᠣᠭᠤᠯᠣᠯᠳᠠ ᠶᠢ ᠪᠡᠶᠡᠯᠡᠭᠦᠯᠪᠡ᠃ ᠡᠭᠦᠨ ᠳᠤ᠂ ᠬᠤᠳᠠ ᠶᠢᠨ ᠲᠡᠰ ᠤᠨ ᠳ᠋ᠦᠩᠰᠢᠭᠤᠷ ᠲᠦᠬᠦᠷᠢᠭ ᠠᠴᠠ ᠲᠡᠭᠡᠭᠰᠢᠬᠢ | ᠴᠢᠬᠤᠯᠠ ᠲᠦᠷᠦᠯ ᠵᠣᠶᠢᠯ 17᠂ ᠠᠵᠢᠯ ᠰᠡᠷᠭᠦᠭᠡᠯᠳᠡ ᠶᠢᠨ ᠨᠣᠷᠮ᠎ᠠ 100 % ᠳᠤ ᠬᠦᠷᠴᠦ᠂ ᠪᠡᠯᠡ ᠣᠷᠣᠭᠤᠯᠣᠯᠳᠠ 152.78 ᠳ᠋ᠦᠩᠰᠢᠭᠤᠷ ᠲᠦᠬᠦᠷᠢᠭ ᠢ | ᠪᠡᠶᠡᠯᠡᠭᠦᠯᠪᠡ᠃ ᠭᠤᠷᠪᠠᠳᠦᠭᠠᠷ ᠣᠯᠠᠷᠢᠯ ᠤᠨ ᠡᠴᠦᠰ ᠪᠣᠯᠳᠠᠯ᠎ᠠ᠂ ᠭᠠᠵᠠᠷ ᠤᠷᠤᠨ ᠤ ᠥᠢᠯᠡᠳᠪᠥᠷᠢᠯᠡᠯ ᠤᠨ ᠶᠡᠷᠥᠩᠭᠡᠢ ᠥᠷᠳᠡᠭ ᠢ 101.8 ᠳ᠋ᠦᠩᠰᠢᠭᠤᠷ | ᠲᠦᠬᠦᠷᠢᠭ ᠪᠡᠶᠡᠯᠡᠬᠦᠯᠵᠤ᠂ 6.6% ᠨᠡᠮᠡᠭᠳᠡᠪᠠ︔ ᠲᠤᠭᠳᠠᠮᠠᠯ ᠭᠥᠷᠥᠩᠭᠡ ᠶᠢᠨ ᠪᠡᠯᠡ ᠤᠷᠤᠭᠤᠯᠤᠯᠳᠠ 273.8 ᠳ᠋ᠦᠩᠰᠢᠭᠤᠷ ᠲᠦᠬᠦᠷᠢᠭ ᠬᠦᠷᠴᠤ᠂ 10.4% | ᠨᠡᠮᠡᠭᠳᠡᠪᠠ︔ ᠨᠡᠶᠢᠳᠡ ᠶᠢᠨ ᠡᠳ᠋ ᠤᠨ ᠵᠠᠰᠠᠭ ᠤᠨ ᠲᠦᠰᠦᠪ ᠤᠨ ᠣᠷᠣᠯᠭ᠎ᠠ 6.78 ᠳ᠋ᠦᠩᠰᠢᠭᠤᠷ ᠲᠦᠬᠦᠷᠢᠭ᠂ ᠨᠢᠭᠡᠳᠥᠯᠳᠡᠢ ᠪᠠᠷᠢᠮᠵᠢᠶ᠎ᠠ ᠪᠠᠷ 7.45% | ᠨᠡᠮᠡᠭᠳᠡᠪᠡ︔ ᠨᠠᠶᠢᠬᠡᠮ ᠤᠨ ᠬᠡᠷᠡᠭᠯᠡᠬᠡᠨ ᠤ ᠳᠠᠸᠠᠷ ᠤᠨ ᠵᠢᠵᠢᠭᠯᠡᠨ ᠪᠤᠷᠤᠯᠠᠭᠤᠯᠤᠭᠰᠡᠨ ᠶᠡᠷᠤᠩᠬᠡᠢ ᠦᠷᠳᠡᠭ 19.5 ᠳ᠋ᠦᠩᠰᠢᠭᠤᠷ ᠲᠦᠬᠦᠷᠢᠭ ᠲᠤ ᠬᠦᠷᠴᠦ᠂ 8. | 8% ᠨᠡᠮᠡᠭᠳᠡᠪᠠ︔ ᠪᠦᠬᠦ ᠰᠠᠭᠤᠭᠠᠯᠢ ᠠᠷᠠᠤᠨ ᠤᠨ ᠬᠦᠮᠦᠨ ᠲᠣᠳᠣᠮ ᠤᠨ ᠡᠵᠡᠮᠳᠡᠵᠣ ᠪᠣᠯᠬᠤ ᠤᠷᠤᠯᠭ᠎ᠠ 22354 ᠲᠦᠬᠦᠷᠢᠭ ᠲᠤ ᠬᠦᠷᠴᠤ᠂ 8.7% | ᠨᠡᠮᠡᠭᠳᠡᠪᠠ᠃ ᠭᠤᠣᠯ ᠵᠢᠭᠠᠯᠲᠠ ᠶᠢᠨ ᠲᠦᠰᠦᠪ ᠳᠤ ᠨᠡᠶᠢᠴᠡᠭᠰᠡᠨ ᠨᠡᠮᠡᠭᠳᠡᠯ ᠬᠤᠷᠳᠣᠴᠠ ᠪᠦᠬᠦ ᠬᠤᠲᠠ ᠶᠢᠨ ᠲᠡᠷᠢᠬᠦᠨ ᠤ ᠡᠩᠨᠡᠬᠡᠨ ᠳᠤ ᠣᠷᠣᠪᠠ᠃ | ︵ᠬᠤᠶᠠᠷ︶ ᠬᠥᠭᠵᠢᠯᠳᠡ ᠶᠢᠨ ᠬᠡᠯᠪᠡᠷᠢ ᠶᠢᠨ ᠬᠤᠪᠢᠷᠠᠭᠤᠯᠤᠯᠳᠠ ᠶᠢ ᠲᠥᠷᠭᠡᠳᠭᠡᠨ᠂ ᠠᠵᠤ ᠤᠶᠢᠯᠡᠰ ᠤᠨ ᠬᠡᠯᠪᠠᠷᠢ ᠶᠢ ᠬᠤᠪᠢᠷᠠᠭᠤᠯᠣᠨ ᠳᠡᠰ | ᠲᠠᠪᠰᠢᠭᠤᠯᠬᠤ ᠬᠤᠷᠳᠤᠴᠠ ᠶᠢ ᠠᠬᠢᠭᠤᠯᠪᠠ᠃ ᠣᠯᠠᠮᠵᠢᠯᠠᠯᠳᠦ ᠠᠵᠣ ᠣᠶᠢᠯᠠᠰ ᠤᠨ ᠲᠡᠭᠡᠭᠰᠢᠯᠡᠯᠳᠡ ᠶᠢ ᠰᠠᠶᠢᠵᠢᠷᠠᠭᠤᠯᠣᠨ᠂ ᠰᠢᠨ᠎ᠡ ᠪᠠᠷ ᠪᠣᠢ ᠪᠣᠯᠣᠭᠰᠠᠨ ᠠᠵᠣ | ᠣᠶᠢᠯᠠᠰ ᠢ ᠬᠦᠭᠵᠢᠭᠦᠯᠦᠨ ᠪᠣᠯᠪᠠᠰᠣᠷᠠᠭᠤᠯᠵᠣ᠂ ︽ᠲᠣᠯᠣᠭᠠᠨ ᠲᠣᠣᠷ︾ ᠤᠨ ᠪᠠᠶᠢᠭᠤᠯᠣᠯᠳᠠ ᠶᠢ ᠴᠢᠩᠭᠠᠳᠬᠠᠨ᠂ ︽ᠲᠣᠯᠣᠭᠠᠨ ᠣᠶᠢᠯᠠᠰ︾ ᠢ ᠪᠤᠶᠢᠵᠢᠭᠤᠯᠵᠤ᠂ | ᠣᠳᠣᠬᠢᠴᠢᠯᠠᠭᠰᠠᠨ ᠠᠵᠣ ᠣᠶᠢᠯᠠᠰ ᠤᠨ ᠲᠣᠭᠳᠠᠴᠠ ᠶᠢ ᠪᠠᠶᠢᠭᠤᠯᠣᠨ᠂ ᠠᠵᠣ ᠣᠶᠢᠯᠠᠰ ᠤᠨ ᠪᠦᠳᠦᠴᠡ ᠶᠢ ᠢᠯᠡᠷᠬᠡᠢ ᠰᠢᠯᠢᠳᠡᠭᠵᠢᠭᠦᠯᠪᠡ᠃ | —— ᠠᠵᠣ ᠣᠶᠢᠯᠠᠳᠪᠦᠷᠢ ᠶᠢᠨ ᠠᠵᠣ ᠠᠬᠤᠢ ᠲᠣᠭᠳᠠᠭᠤᠨ ᠢᠶᠠᠷ ᠠᠬᠢᠪᠠ᠃ ᠲᠥᠷᠥᠭᠦᠥ ᠭᠤᠷᠪᠠᠨ ᠣᠯᠠᠷᠢᠯ ᠳᠤ᠂ ᠪᠦᠬᠦ ᠬᠤᠰᠢᠭᠤᠨ ᠤ ᠠᠵᠣ | ᠣᠶᠢᠯᠠᠳᠪᠦᠷᠢ ᠶᠢᠨ ᠨᠡᠮᠡᠭᠳᠡᠯ ᠦᠷᠳᠡᠭ ᠢ 54.19 ᠳ᠋ᠦᠩᠰᠢᠭᠤᠷ ᠲᠦᠬᠦᠷᠢᠭ ᠪᠡᠶᠡᠯᠡᠭᠦᠯᠵᠣ᠂ 6.5% ᠨᠡᠮᠡᠭᠳᠡᠪᠡ᠃ ᠨᠡᠭᠦᠷᠡᠰᠣᠨ ᠭᠠᠷᠤᠯᠳᠠ 401.7 ᠲᠦᠮᠡᠨ | ᠲᠣᠨ ᠳᠤ ᠬᠦᠷᠴᠦ᠂ 67.7 ᠲᠦᠮᠡᠨ ᠲᠣᠨ ᠬᠡᠣᠷᠰᠢᠭᠦᠯᠪᠡ︔ ᠰᠢᠳᠠᠮᠠᠬᠠᠢ ᠬᠡᠢ ᠶᠢᠨ ᠭᠠᠷᠣᠯᠳᠠ 31.5 ᠳ᠋ᠦᠩᠰᠢᠭᠤᠷ ᠺᠦᠪ ᠮᠧᠲᠷ ᠬᠦᠷᠪᠡ︔ ᠠᠵᠣ | ᠣᠶᠢᠯᠠᠳᠪᠦᠷᠢ 4.73 ᠳ᠋ᠦᠩᠰᠢᠭᠤᠷ ᠭᠷᠡᠳᠦ᠋ᠰ ᠴᠠᠬᠢᠯᠭᠠᠨ ᠬᠡᠷᠡᠭᠯᠡᠨ᠂ 22.54% ᠨᠡᠮᠡᠭᠳᠡᠪᠡ᠃ ᠱᠠᠩᠬᠠᠢ ᠶᠢᠨ ᠰᠦᠮ᠎ᠡ ᠡᠨᠧᠷᠬᠢ ᠬᠢᠮᠢ ᠶᠢᠨ ᠰᠠᠭᠤᠷᠢᠨ ᠭᠠᠵᠠᠷ | ᠤᠨ ᠪᠣᠷᠣᠯᠠᠭᠤᠯᠭ᠎ᠠ ᠶᠢᠨ ᠣᠷᠣᠯᠭ᠎ᠠ ᠶᠢ 121.3 ᠳ᠋ᠦᠩᠰᠢᠭᠤᠷ ᠲᠦᠬᠦᠷᠢᠭ ᠪᠡᠶᠡᠯᠡᠬᠦᠯᠵᠤ᠂ 11% ᠨᠡᠮᠡᠭᠳᠡᠪᠠ᠃ ᠱᠠᠩᠬᠠᠢ ᠶᠢᠨ ᠰᠦᠮ᠎ᠠ ᠠᠴᠠ ᠱᠠᠨᠳᠦ᠋ᠩ | ᠬᠦᠷᠬᠦ ᠴᠠᠬᠢᠯᠭᠠᠨ ᠬᠦᠷᠬᠡᠯᠳᠠ ᠶᠢᠨ ᠱᠤᠭᠤᠮ ᠤᠨ ᠢᠨᠵᠧᠨᠧᠷᠢᠩ ᠢ ᠪᠦᠬᠦᠨ ᠢ ᠲᠠᠭᠤᠰᠬᠠᠨ᠂ ᠵᠢᠯ ᠤᠨ ᠡᠴᠦᠰ ᠴᠠᠬᠢᠯᠭᠠᠨ ᠬᠦᠷᠭᠡᠬᠦ ᠨᠥᠭᠦᠴᠡᠯ ᠪᠥᠷᠢᠳᠥᠭᠦᠯᠵᠥ᠂ | 4 ᠲᠦᠬᠦᠷ 2×100 ᠲᠦᠮᠡᠨ ᠺᠢᠯᠤᠸᠠᠲ ᠴᠠᠬᠢᠯᠭᠠᠨ ᠣᠶᠢᠯᠠᠳᠪᠦᠷᠢ ᠶᠢᠨ ᠲᠦᠷᠦᠯ ᠵᠣᠶᠢᠯ ᠤᠨ 3 ᠨᠢ ᠨᠢᠭᠡᠨᠳᠡ ᠬᠢᠨᠠᠨ ᠵᠦᠪᠰᠢᠶᠡᠷᠡᠭᠳᠡᠵᠣ᠂ ᠱᠧᠩ ᠯᠦ | ᠴᠠᠬᠢᠯᠭᠠᠨ ᠣᠶᠢᠯᠠᠳᠪᠦᠷᠢ ᠠᠵᠢᠯ ᠡᠬᠢᠯᠡᠵᠣ᠂ ᠣᠯᠣᠰ ᠤᠨ ᠴᠠᠬᠢᠯᠭᠠᠨ ᠭᠥᠴᠥ᠂ ᠣᠮᠠᠷᠠᠳᠦ ᠶᠢᠨ ᠴᠠᠬᠢᠯᠭᠠᠨ ᠭᠥᠴᠥ 2 ᠴᠠᠬᠢᠯᠭᠠᠨ ᠣᠶᠢᠯᠠᠳᠪᠦᠷᠢ ᠡᠮᠥᠨ᠎ᠡ | ᠬᠤᠭᠤᠴᠠᠭᠠᠨ ᠤ ᠠᠵᠢᠯ ᠳᠤ ᠪᠠᠨ ᠣᠷᠣᠪᠠ᠃ ᠱᠠᠩᠬᠠᠢ ᠶᠢᠨ ᠰᠦᠮ᠎ᠡ ᠡᠨᠧᠷᠬᠢ ᠬᠢᠮᠢ ᠶᠢᠨ ᠰᠠᠭᠤᠷᠢᠨ ᠭᠠᠵᠠᠷ ᠤᠨ ᠬᠡᠣᠷᠠᠰᠦᠨ ᠰᠢᠭᠠᠷᠣ ᠶᠢᠨ ᠲᠠᠯᠠᠪᠠᠢ ᠶᠢᠨ | ᠲᠦᠷᠦᠯ ᠵᠣᠶᠢᠯ ᠤᠨ ᠵᠢᠷᠤᠭ ᠲᠦᠰᠦᠪ ᠢ ᠵᠢᠯ ᠤᠨ ᠡᠴᠦᠰ ᠠᠴᠠ ᠡᠮᠦᠨ᠎ᠡ ᠲᠦᠰᠦᠪᠯᠡᠵᠣ ᠭᠠᠷᠭᠠᠬᠤ ᠪᠠᠷ ᠵᠢᠱᠢᠵᠣ ᠪᠠᠶᠢᠨ᠎ᠠ᠃ ᠬᠤᠸᠠ ᠰᠢᠩ ᠤᠨ 40 | ᠳ᠋ᠦᠩᠰᠢᠭᠤᠷ ᠺᠦᠪ ᠮᠧᠲᠷ ᠨᠡᠬᠦᠷᠡᠰᠤ ᠪᠠᠷ ᠰᠢᠳᠠᠮᠠᠬᠠᠢ ᠬᠡᠢ ᠤᠶᠢᠯᠡᠤᠨᠬᠦ ᠲᠦᠷᠦᠯ ᠵᠣᠶᠢᠯ ᠣᠳᠣ ᠶᠠᠭ ᠣᠷᠴᠢᠨ ᠲᠣᠭᠤᠷᠢᠨ ᠤ ᠨᠦᠯᠦᠭᠡᠯᠡᠯ ᠤᠨ ᠦᠨᠡᠯᠡᠯᠳᠡ ᠶᠢ | ᠭᠦᠢᠴᠡᠳᠬᠡᠬᠦ ᠱᠠᠳᠣᠨ ᠳᠤ ᠪᠠᠨ ᠪᠠᠶᠢᠵᠣ᠂ ᠬᠤᠸᠠ ᠰᠢᠩ ᠤᠨ 60 ᠲᠦᠮᠡᠨ ᠲᠣᠨ ᠨᠡᠬᠦᠷᠡᠰᠤ ᠪᠠᠷ ᠠᠯᠺᠸᠠ ᠤᠶᠢᠯᠡᠤᠨᠬᠦ ᠲᠦᠷᠦᠯ ᠵᠣᠶᠢᠯ ᠣᠷᠳᠣᠰ ᠤᠨ ᠨᠡᠬᠦᠷᠡᠰᠣ | ᠬᠢᠮᠢ ᠶᠢᠨ ᠠᠵᠣ ᠣᠶᠢᠯᠠᠰ ᠤᠨ ᠬᠦᠭᠵᠢᠯᠳᠡ ᠶᠢᠨ ᠲᠦᠯᠦᠪᠯᠡᠭᠡ ᠳᠤ ᠣᠷᠣᠪᠠ᠃ ᠴᠠᠩ ᠴᠧᠩ 3᠂ 5᠂ 6 ᠨᠣᠮᠧᠷᠳᠦ ᠨᠡᠭᠦᠷᠡᠰᠣᠨ ᠠᠭᠤᠷᠬᠠᠢ ᠡᠮᠦᠨ᠎ᠡ | ᠬᠤᠭᠤᠴᠠᠭᠠᠨ ᠤ ᠭᠠᠷ ᠭᠦᠢᠴᠡᠳᠬᠡᠯ ᠬᠢᠵᠣ ᠪᠠᠶᠢᠨ᠎ᠠ᠃ ᠶᠠ ᠬᠠᠢ ᠶᠢᠨ ᠵᠢᠯ ᠤᠨ 60 ᠲᠦᠮᠡᠨ ᠳᠤᠨ ᠤ LNG ᠤᠨ ᠨᠢᠭᠡᠳᠦᠭᠡᠷ ᠬᠤᠭᠤᠴᠠᠭᠠᠨ ᠤ 30 | ᠲᠦᠮᠡᠨ ᠲᠣᠨ ᠤ ᠲᠦᠷᠤᠯ ᠵᠦᠢᠯ ᠨᠢᠭᠡᠨᠳᠡ ᠠᠵᠢᠯ ᠡᠬᠢᠯᠡᠨ᠂ ᠺᠧ ᠰᠧ ᠶᠢᠨ 40 ᠲᠦᠮᠡᠨ ᠳᠤᠨ LNG ᠤᠨ ᠨᠢᠭᠡᠳᠦᠭᠡᠷ ᠬᠤᠭᠤᠴᠠᠭᠠᠨ ᠤ 20 ᠲᠦᠮᠡᠨ ᠲᠣᠨ | ᠤ ᠲᠦᠷᠤᠯ ᠵᠦᠢᠯ ᠰᠠᠭᠤᠷᠢ ᠪᠠᠷᠢᠯᠭ᠎ᠠ ᠶᠢᠨ ᠬᠤᠭᠤᠴᠠᠭᠠᠨ ᠳᠤ ᠪᠠᠨ ᠣᠷᠣᠵᠣ᠂ ᠵᠢᠯ ᠤᠨ ᠲᠣᠳᠣᠷ᠎ᠠ ᠣᠭᠰᠠᠷᠠᠭᠤᠯᠣᠨᠠ᠃ ᠠᠵᠣ ᠣᠶᠢᠯᠠᠳᠪᠦᠷᠢ ᠶᠢᠨ ᠬᠡᠯᠪᠡᠷᠢ ᠶᠢᠨ | ᠬᠤᠪᠢᠷᠠᠯᠳᠠ ᠶᠢᠨ ᠬᠦᠭᠵᠢᠯᠳᠡ ᠶᠢᠨ ᠬᠤᠷᠳᠣᠴᠠ ᠶᠢ ᠲᠦᠷᠭᠡᠳᠬᠡᠪᠡ᠃ | —— ᠣᠳᠣ ᠦᠶ᠎ᠡ ᠶᠢᠨ ᠮᠠᠯ ᠲᠠᠷᠢᠶᠠᠯᠠᠩ ᠤᠨ ᠴᠢᠨᠠᠷ ᠢ ᠲᠡᠭᠡᠭᠰᠢᠯᠡᠭᠦᠯᠦᠨ ᠠᠰᠢᠭ ᠢ ᠨᠡᠮᠡᠭᠳᠡᠭᠦᠯᠪᠡ᠃ ︽ᠲᠡᠰ ᠴᠢᠨᠠᠷᠳᠦ ᠮᠡᠯ ᠲᠠᠷᠢᠶᠠᠯᠠᠩ᠂ ᠬᠡᠪ | ᠴᠢᠨᠰᠠᠭᠠᠳᠦ ᠮᠠᠯᠵᠢᠬᠤ ᠲᠠᠷᠢᠶᠠᠯᠠᠬᠤ ᠣᠷᠣᠨ᠂ ᠪᠣᠯᠪᠠᠰᠣᠷᠠᠯ ᠰᠠᠶᠢᠳᠠᠢ ᠮᠠᠯᠴᠢᠨ ᠲᠠᠷᠢᠶᠠᠴᠢᠨ︾ ᠤ ᠰᠢᠨ᠎ᠡ ᠶᠢ ᠡᠭᠦᠳᠬᠦ ᠪᠣᠯᠪᠠᠰᠣᠷᠠᠯ ᠬᠦᠮᠦᠵᠢᠯ ᠤᠨ ᠠᠵᠢᠯᠯᠠᠭ᠎ᠠ | ᠦᠷᠨᠢᠭᠦᠯᠦᠨ᠂ ᠮᠠᠯᠵᠢᠬᠤ ᠲᠠᠷᠢᠶᠠᠯᠠᠬᠤ ᠣᠷᠣᠨ ᠤ ᠴᠡᠴᠡᠭᠯᠡᠯᠳᠡ ᠬᠦᠭᠵᠢᠯᠳᠡ᠂ ᠮᠠᠯ ᠲᠠᠷᠢᠶᠠᠯᠠᠩ ᠤᠨ ᠣᠶᠢᠯᠠᠰ ᠤᠨ ᠴᠢᠨᠠᠷ ᠤᠨ ᠲᠡᠭᠡᠭᠰᠢᠯᠡᠯᠳᠡ᠂ ᠮᠠᠯᠴᠢᠨ | ᠲᠠᠷᠢᠶᠠᠴᠢᠳ ᠤᠨ ᠤᠷᠤᠯᠭ᠎ᠠ ᠶᠢᠨ ᠨᠡᠮᠡᠭᠳᠡᠯ ᠢ ᠠᠬᠢᠭᠤᠯᠪᠠ᠃ ᠮᠠᠯᠵᠢᠬᠤ ᠲᠠᠷᠢᠶᠠᠯᠠᠬᠤ ᠣᠷᠣᠨ ᠤ ᠬᠡᠪ ᠴᠢᠨᠰᠠᠭ᠎ᠠ ᠶᠢ ᠲᠡᠭᠡᠭᠰᠢᠯᠡᠭᠦᠯᠪᠡ᠃ ᠦᠵᠡᠰᠬᠦᠯᠡᠩᠳᠤ ᠬᠦᠳᠡᠭᠡ | ᠨᠤᠳᠤᠭ ᠤᠨ ᠭᠤᠷᠪᠠᠨ ᠵᠢᠯ ᠤᠨ ᠠᠵᠢᠯᠯᠠᠭ᠎ᠠ ᠶᠢᠨ ᠲᠦᠯᠤᠪᠯᠡᠭᠡ ᠶᠢ ᠬᠦᠨᠵᠡᠬᠡᠢ ᠦᠷᠨᠢᠬᠦᠯᠵᠤ᠂ ᠠᠵᠣ ᠣᠶᠢᠯᠠᠰ ᠤᠨ ᠡᠯᠪᠡᠭ ᠪᠠᠶᠠᠯᠢᠭ ᠢᠶᠠᠷ ᠠᠶᠢᠯ ᠲᠣᠰᠬᠤᠨ ᠤ | ᠪᠠᠶᠢᠭᠤᠯᠣᠯᠳᠠ ᠶᠢᠨ ᠠᠭᠤᠯᠬᠤᠨ᠂ ᠲᠡᠰ ᠵᠡᠷᠭᠡ ᠶᠢ ᠲᠡᠭᠡᠭᠰᠢᠯᠡᠭᠦᠯᠪᠡ᠃ ᠪᠦᠬᠦ ᠬᠤᠰᠢᠭᠤᠨ ᠤ ᠮᠠᠯᠵᠢᠬᠤ ᠲᠠᠷᠢᠶᠠᠯᠠᠬᠤ ᠣᠷᠣᠨ ᠤ ᠣᠷᠣᠨ ᠬᠡᠪᠴᠢᠶᠡᠨ ᠤ | ᠶᠡᠷᠦᠩᠬᠡᠢ ᠲᠦᠯᠦᠪᠵᠢᠭᠦᠯᠭᠡ ᠪᠣᠯᠣᠨ ᠦᠵᠡᠰᠭᠦᠯᠡᠩᠳᠦ ᠰᠠᠶᠢᠬᠠᠨ ᠬᠦᠳᠡᠭᠡ ᠨᠣᠳᠤᠭ ᠤᠨ ᠪᠠᠶᠢᠭᠤᠯᠣᠯᠳᠠ ᠶᠢᠨ ᠲᠦᠯᠦᠪᠵᠢᠭᠦᠯᠭᠡ ᠢ ᠲᠣᠭᠳᠠᠭᠠᠨ᠂ ᠬᠦᠳᠡᠭᠡ | ᠨᠤᠳᠤᠭ ᠢ ᠵᠢᠭᠤᠯᠴᠢᠯᠠᠯ ᠢᠶᠠᠷ ᠲᠡᠮᠵᠢᠬᠦ ᠵᠣᠷᠢᠭᠵᠢᠭᠤᠯᠣᠯ ᠤᠨ ᠠᠷᠭ᠎ᠠ ᠶᠢ ᠲᠣᠭᠳᠠᠭᠠᠵᠣ᠂ ᠶᠡᠭᠡ ᠳᠤᠬᠤᠢ ᠵᠡᠷᠬᠡ 10 ᠭᠠᠴᠠᠭ᠎ᠠ ᠳᠤᠰᠬᠤᠨ ᠤ ᠰᠤᠳᠤᠨ | ᠵᠢᠭᠤᠯᠴᠢᠯᠠᠯ ᠤᠨ ᠳᠠᠭᠤᠷᠢᠶᠠᠯ ᠭᠠᠴᠠᠭ᠎ᠠ ᠲᠣᠰᠬᠤᠨ ᠪᠠ 100 ᠠᠶᠢᠯ ᠡᠷᠤᠬᠡ ᠶᠢᠨ ᠰᠤᠳᠤᠨ ᠵᠢᠭᠤᠯᠴᠢᠯᠠᠯ ᠤᠨ ᠴᠡᠭ ᠢ ᠡᠬᠢᠯᠡᠨ ᠪᠠᠶᠢᠭᠤᠯᠪᠠ᠃ ᠬᠤᠳᠠ ᠬᠦᠳᠡᠭᠡ | ᠶᠢᠨ ᠶᠡᠷᠥᠩᠭᠡᠶᠢᠯᠡᠭᠰᠡᠨ ᠬᠠᠮᠢᠶᠠᠷᠣᠯᠳᠠ ᠶᠢᠨ ᠴᠢᠳᠠᠪᠬᠢ ᠶᠢ ᠣᠯᠠᠮ ᠲᠡᠭᠦᠯᠳᠡᠷᠵᠢᠭᠦᠯᠣᠨ᠂ ᠬᠤᠳᠠ ᠬᠦᠳᠡᠭᠡ ᠶᠢ ᠴᠣᠭᠴᠠᠵᠢᠭᠤᠯᠬᠤ ᠨᠡᠶᠢᠳᠡ ᠶᠢᠨ ᠣᠶᠢᠯᠡᠴᠢᠯᠡᠭᠡᠨ ᠤ | ᠲᠣᠭᠳᠠᠴᠠ ᠶᠢ ᠪᠠᠶᠢᠭᠤᠯᠵᠣ᠂ ᠵᠠᠬ᠎ᠠ ᠲᠡᠯᠭᠡᠭᠦᠷ ᠤᠨ ᠬᠠᠮᠢᠶᠠᠷᠣᠯᠳᠠ᠂ ᠣᠷᠴᠢᠨ ᠲᠣᠭᠤᠷᠢᠨ ᠤ ᠬᠠᠮᠠᠭᠠᠯᠠᠯᠳᠠ᠂ ᠦᠪᠡᠷᠮᠢᠴᠡ ᠣᠨᠴᠠᠯᠢᠭ ᠲᠠᠢ ᠭᠠᠴᠠᠭ᠎ᠠ ᠲᠣᠰᠬᠤᠨ | ᠵᠡᠷᠬᠡ ᠴᠢᠳᠠᠪᠬᠢ ᠶᠢ ᠲᠠᠰᠣᠷᠠᠯᠳᠠ ᠦᠭᠡᠢ ᠮᠠᠯᠵᠢᠬᠤ ᠲᠠᠷᠢᠶᠠᠯᠠᠬᠤ ᠣᠷᠣᠨ ᠳᠤ ᠣᠷᠣᠭᠤᠯᠪᠠ᠃ ᠲᠡᠰ ᠴᠢᠨᠠᠷᠳᠤ ᠮᠠᠯ ᠲᠠᠷᠢᠶᠠᠯᠠᠩ ᠤᠨ ᠣᠶᠢᠯᠠᠰ ᠤᠨ ᠬᠦᠭᠵᠢᠯᠳᠡ ᠶᠢ | ᠠᠬᠢᠭᠤᠯᠪᠠ᠃ ︽ᠪᠣᠭ ᠮᠠᠯ ᠤᠨ ᠲᠤᠭ᠎ᠠ ᠲᠣᠯᠣᠭᠠᠢ ᠶᠢ ᠲᠣᠭᠲᠠᠪᠣᠷᠢᠵᠢᠭᠤᠯᠣᠨ ᠦᠬᠡᠷ ᠢ ᠨᠡᠮᠡᠭᠳᠡᠬᠦᠯᠵᠣ᠂ ᠬᠤᠶᠢᠳᠣ ᠪᠡᠶ᠎ᠡ ᠳᠤ ᠮᠠᠯ ᠮᠠᠯᠯᠠᠨ ᠡᠮᠣᠨᠡᠲᠣ ᠬᠡᠰᠡᠭ ᠲᠤ | ᠠᠮᠣ ᠪᠣᠳᠠᠭ᠎ᠠ ᠲᠠᠷᠢᠬᠤ︾ ᠪᠠᠶᠢᠯᠳᠣᠬᠤ ᠪᠣᠳᠣᠯᠭ᠎ᠠ ᠶᠢ ᠪᠠᠷᠢᠮᠳᠠᠯᠠᠨ᠂ ᠮᠠᠯ ᠲᠠᠷᠢᠶᠠᠯᠠᠩ ᠤᠨ ᠣᠶᠢᠯᠠᠰ ᠤᠨ ᠪᠦᠳᠦᠴᠡ ᠶᠢᠨ ᠲᠣᠬᠢᠷᠠᠭᠤᠯᠣᠯᠳᠠ ᠳᠤ ᠬᠦᠴᠦᠯᠡᠵᠣ᠂ | ︽ᠠᠮᠤ ᠪᠤᠳᠠᠭ᠎ᠠ᠂ ᠠᠵᠤ ᠠᠬᠤᠢ ᠶᠢᠨ ᠲᠠᠷᠢᠮᠠᠯ᠂ ᠡᠪᠡᠰᠥ ᠪᠣᠷᠳᠣᠭᠠᠨ︾ ᠤ ᠬᠠᠷᠢᠴᠠᠯ ᠢ 54᠄ 18᠄ 28 ᠪᠠᠷ ᠰᠢᠯᠢᠳᠡᠭᠵᠢᠭᠦᠯᠪᠡ᠃ ᠪᠠᠷᠠᠭᠤᠨ ᠣᠷᠣᠨ ᠤ | ᠴᠦᠯᠦᠷᠬᠡᠭ ᠲᠠᠯ᠎ᠠ ᠨᠣᠳᠤᠭ ᠤᠨ ᠨᠣᠣᠯᠣᠭᠤᠷ ᠤᠨ ᠢᠮᠠᠭ᠎ᠠ ᠶᠢ ᠠᠮᠢ ᠠᠬᠤᠶᠢᠴᠢ ᠠᠰᠢᠭ ᠰᠠᠶᠢᠳᠠᠢ ᠲᠡᠵᠢᠭᠡᠨ ᠦᠷᠡᠵᠢᠭᠦᠯᠬᠦ ᠣᠶᠢᠯᠠᠰ ᠤᠨ ᠰᠠᠭᠤᠷᠢᠨ ᠭᠠᠵᠠᠷ ᠤᠨ | ᠲᠦᠷᠦᠯ ᠵᠣᠶᠢᠯ ᠢ ᠲᠣᠭᠳᠠᠭᠤᠨ ᠠᠬᠢᠭᠤᠯᠣᠨ᠂ ᠢᠥᠢ ᠯᠢᠶᠠᠩ ᠮᠠᠯ ᠠᠵᠤ ᠠᠬᠤᠢ ᠶᠢᠨ ᠤᠶᠢᠯᠡᠰ ᠤᠨ ᠺᠤᠮᠫᠠᠨᠢ᠂ ᠶᠢᠨ ᠸᠧᠢ ᠹᠦ᠋ ᠷᠧᠨ ᠺᠤᠮᠫᠠᠨᠢ 2500 ᠲᠣᠯᠣᠭᠠᠢ | ᠠᠩᠭᠧᠰ ᠠᠯᠠᠰᠢᠨ ᠦᠭᠡᠷ ᠣᠷᠣᠭᠤᠯᠪᠠ᠃ 140 ᠲᠡᠵᠢᠭᠡᠨ ᠦᠷᠡᠵᠢᠭᠦᠯᠭᠡ ᠶᠢᠨ ᠡᠷᠦᠬᠡ᠂ ᠠᠮᠢ ᠠᠬᠤᠶᠢᠴᠢ ᠬᠡᠷ ᠪᠦᠯᠢ ᠶᠢᠨ ᠮᠠᠯᠵᠢᠯ ᠤᠨ ᠲᠠᠯᠠᠪᠠᠢ ᠶᠢ ᠰᠢᠨ᠎ᠡ | ᠪᠠᠷ ᠪᠤᠶᠢᠵᠢᠭᠤᠯᠤᠨ᠂ ᠦᠨᠳᠦᠷ ᠠᠰᠢᠭᠳᠦ ᠠᠷᠪᠢᠳᠠᠢ ᠣᠰᠣᠯᠠᠯᠳᠠ ᠶᠢᠨ ᠣᠳᠣ ᠦᠶ᠎ᠡ ᠶᠢᠨ ᠲᠠᠷᠢᠶᠠᠯᠠᠩ ᠤᠨ ᠣᠶᠢᠯᠠᠰ ᠤᠨ ᠰᠠᠭᠤᠷᠢᠨ ᠭᠠᠵᠠᠷ 73.8 ᠲᠦᠮᠡᠨ ᠮᠣ᠋ | ᠬᠦᠷᠴᠦ᠂ ᠲᠣᠰᠬᠠᠢ ᠬᠤᠷᠰᠢᠶᠠᠵᠢᠯ ᠤᠨ ᠨᠡᠶᠢᠭᠡᠮᠯᠢᠭ 21 ᠨᠡᠮᠡᠭᠳᠡᠨ ᠨᠡᠶᠢᠳᠡ 280 ᠡᠷᠦᠬᠡ ᠪᠣᠯᠵᠣ᠂ 2520 ᠡᠷᠥᠭᠡ ᠶᠢ ᠲᠠᠶᠢᠴᠢᠯᠠᠨ ᠲᠠᠭᠠᠭᠤᠯᠪᠠ᠃ ᠨᠡᠷᠡᠳᠦ | ᠲᠠᠮᠳᠡᠭᠴᠢᠯᠡᠯᠳᠡ ᠪᠠᠷ ᠤᠷᠤᠯᠭ᠎ᠠ ᠨᠡᠮᠡᠭᠳᠡᠭᠦᠯᠵᠥ᠂ ᠶᠢᠨ ᠷᠦᠨ ᠶᠤᠸᠠᠨ ᠪᠣᠯᠣᠨ ᠬᠤᠩ ᠶᠧ 2 ᠠᠵᠣ ᠠᠬᠤᠶᠢᠯᠠᠯ ᠤᠨ 8 ᠲᠦᠷᠦᠯ ᠤᠨ ᠢᠳᠡᠰᠢᠨ ᠨᠣᠭᠤᠭ᠎ᠠ | ᠪᠤᠬᠢᠷᠳᠤᠯ ᠦᠭᠡᠢ ᠪᠦᠳᠦᠭᠡᠭᠳᠡᠭᠦᠨ ᠤ ᠦᠨᠡᠯᠡᠯᠳᠠ ᠶᠢ ᠣᠯᠵᠣ᠂ ᠣᠳᠣ ᠶᠠᠭ ︽ᠣᠳᠤᠭ ᠤᠨ ᠡᠮᠦᠨᠡᠳᠦ ᠬᠤᠰᠢᠭᠤᠨ ᠤ ᠮᠠᠯ ᠤᠨ ᠮᠢᠬ᠎ᠠ︾ ᠶᠢᠨ ᠭᠠᠵᠠᠷ ᠵᠦᠢ ᠶᠢᠨ | ᠢᠯᠡᠳᠭᠡᠯ ᠲᠠᠩᠰᠠᠯᠠᠯᠳᠠ ᠪᠣᠯᠣᠨ ᠯᠠᠯᠦ ᠢᠳᠡᠭᠡᠨ ᠤ ᠨᠡᠷᠡᠳᠦ ᠲᠡᠮᠳᠡᠭᠳᠦ ᠶᠢ ᠮᠡᠳᠡᠭᠦᠯᠦᠨ᠂ 560 ᠲᠦᠮᠡᠨ ᠮᠣ᠋ ᠣᠷᠭᠠᠨᠢᠭ ᠪᠡᠯᠴᠢᠭᠡᠷ ᠤᠨ ᠥᠨᠡᠯᠡᠯᠳᠡ ᠶᠢᠨ ᠲᠣᠬᠠᠢ | ᠶᠢᠨ ᠭᠠᠵᠠᠷ ᠤᠨ ᠪᠠᠶᠢᠴᠠᠭᠠᠯᠳᠠ ᠰᠢᠯᠭᠠᠯᠳᠠ ᠲᠠᠭᠤᠰᠪᠠ᠃ ᠣᠳᠣ ᠪᠠᠶᠢᠭ᠎ᠠ ᠣᠯᠠᠮᠵᠢᠯᠠᠯᠳᠦ ᠮᠠᠯ ᠲᠠᠷᠢᠶᠠᠯᠠᠩ ᠤᠨ ᠪᠦᠳᠦᠭᠡᠭᠳᠡᠭᠦᠨ ᠤ ᠠᠷᠠᠯᠵᠢᠶ᠎ᠠ ᠬᠤᠳᠠᠯᠳᠣᠭᠠᠨ ᠤ | ᠵᠠᠬ᠎ᠠ ᠲᠡᠯᠭᠡᠭᠦᠷ ᠤᠨ ᠰᠢᠨᠡᠴᠢᠯᠡᠯᠳᠡ ᠶᠢ ᠲᠦᠷᠭᠡᠳᠬᠡᠨ᠂ ᠦᠬᠡᠷ ᠮᠠᠯ ᠤᠨ ᠵᠢᠯ ᠤᠨ ᠪᠤᠷᠤᠯᠠᠭᠤᠯᠭ᠎ᠠ ᠶᠢᠨ ᠳᠤᠭ᠎ᠠ ᠳᠤᠯᠤᠭᠠᠢ ᠶᠢ 143 ᠲᠦᠮᠡ ᠭᠥᠷᠭᠡᠨ᠂ | ᠪᠤᠷᠤᠯᠠᠭᠤᠯᠭ᠎ᠠ ᠶᠢᠨ ᠦᠷᠳᠡᠭ 12 ᠳ᠋ᠦᠩᠰᠢᠭᠤᠷ ᠲᠦᠬᠦᠷᠢᠭ ᠬᠦᠷᠪᠡ᠃ ᠪᠣᠯᠪᠠᠰᠣᠷᠠᠯ ᠰᠠᠶᠢᠳᠠᠢ ᠮᠠᠯᠴᠢᠨ ᠲᠠᠷᠢᠶᠠᠴᠢᠨ ᠤ ᠬᠦᠮᠦᠵᠢᠯ ᠢ ᠠᠬᠢᠭᠤᠯᠪᠠ᠃ ᠮᠠᠯᠴᠢᠨ | ᠲᠠᠷᠢᠶᠠᠴᠢᠳ ᠤᠨ ᠦᠵᠡᠯ ᠰᠠᠨᠠᠭ᠎ᠠ ᠬᠡᠪ ᠴᠢᠨᠠᠷ᠂ ᠠᠵᠢᠯ ᠮᠡᠷᠭᠡᠵᠢᠯ ᠴᠢᠨᠡᠭᠡᠯᠢᠭᠵᠢᠯ ᠤᠨ ᠠᠷᠭ᠎ᠠ ᠣᠬᠠᠭᠠᠨ ᠢ ᠲᠡᠭᠡᠭᠰᠢᠯᠡᠬᠦᠯᠬᠦ ︽ᠭᠤᠷᠪᠠᠨ ᠲᠦᠯᠦᠪᠯᠡᠭᠡ︾ ᠶᠢ | ᠭᠦᠨᠵᠡᠭᠡᠢ ᠬᠡᠷᠡᠭᠵᠢᠭᠦᠯᠵᠣ᠂ ᠮᠠᠯᠴᠢᠨ ᠲᠠᠷᠢᠶᠠᠴᠢᠨ ᠢ ᠢᠳᠡᠪᠬᠢᠳᠠᠢ ᠬᠠᠪᠰᠣᠷᠣᠨ᠂ ᠵᠠᠬ᠎ᠠ ᠲᠡᠯᠭᠡᠭᠦᠷ ᠤᠨ ᠪᠣᠷᠣᠯᠠᠭᠤᠯᠭ᠎ᠠ ᠶᠢᠨ ᠵᠠᠮ ᠮᠦᠷ ᠢ ᠦᠷᠭᠡᠳᠬᠡᠵᠣ᠂ ᠠᠵᠢᠯ | ᠮᠡᠷᠭᠡᠵᠢᠯ ᠤᠨ ᠮᠠᠯᠴᠢᠨ ᠲᠠᠷᠢᠶᠠᠴᠢᠨ ᠪᠣᠯᠣᠨ ᠲᠠᠷᠢᠵᠣ ᠲᠡᠵᠢᠭᠡᠬᠦ ᠲᠣᠮᠣ ᠡᠷᠦᠬᠡ ᠶᠢᠨ ᠪᠣᠯᠪᠠᠰᠣᠷᠠᠯ ᠢ ᠴᠢᠩᠭᠠᠳᠬᠠᠨ᠂ ᠨᠡᠶᠢᠳᠡ 600 ᠭᠠᠷᠣᠢ ᠬᠤᠭᠤᠴᠠᠭᠠᠨ ᠤ | ᠪᠣᠯᠪᠠᠰᠣᠷᠠᠯ ᠡᠷᠬᠢᠯᠡᠨ᠂ ᠮᠠᠯᠴᠢᠨ ᠲᠠᠷᠢᠶᠠᠴᠢᠳ ᠢ 3 ᠲᠥᠮᠡ ᠭᠠᠷᠣᠢ ᠭᠥᠮᠥᠨ ᠣᠳᠠᠭ᠎ᠠ ᠪᠣᠯᠪᠠᠰᠣᠷᠠᠭᠤᠯᠵᠣ᠂ ᠮᠠᠯᠴᠢᠨ ᠲᠠᠷᠢᠶᠠᠴᠢᠳ ᠤᠨ ᠰᠢᠨ᠎ᠡ ᠣᠶᠢᠯᠠᠰ | ᠡᠷᠬᠢᠯᠡᠬᠦ ᠴᠢᠳᠠᠪᠦᠷᠢ ᠶᠢ ᠪᠦᠬᠦ ᠲᠠᠯ᠎ᠠ ᠪᠠᠷ ᠲᠡᠭᠡᠭᠰᠢᠯᠡᠭᠦᠯᠪᠡ᠃ ᠮᠠᠯ ᠲᠠᠷᠢᠶᠠᠯᠠᠩ ᠤᠨ ᠮᠡᠳᠡᠭᠡ ᠵᠡᠩᠬᠢ ᠰᠢᠨᠵᠢᠯᠡᠭᠡ ᠮᠡᠷᠭᠡᠵᠢᠯ ᠤᠨ ᠣᠶᠢᠯᠡᠴᠢᠯᠡᠭᠡᠨ ᠤ ᠪᠦᠯᠬᠦᠮ | ᠪᠠᠶᠢᠭᠤᠯᠣᠨ᠂ ᠣᠶᠢᠯᠠᠳᠪᠦᠷᠢᠯᠠᠯ ᠤᠨ ᠡᠮᠦᠨ᠎ᠡ ᠹᠷᠥᠨᠲ ᠲᠤ ᠭᠦᠨᠵᠡᠭᠡᠶᠢᠷᠡᠨ ᠲᠡᠷᠢᠭᠦᠨ ᠤ ᠬᠡᠷᠡᠭᠯᠡᠭᠡᠨ ᠤ ᠮᠡᠷᠭᠡᠵᠢᠯ ᠢ ᠲᠦᠭᠡᠮᠡᠯᠵᠢᠭᠦᠯᠵᠣ᠂ ᠮᠠᠯᠴᠢᠨ ᠲᠠᠷᠢᠶᠠᠴᠢᠨ ᠢ | ᠵᠢᠯᠣᠭᠤᠳᠣᠨ ᠰᠢᠨᠵᠢᠯᠡᠭᠦ ᠣᠬᠠᠭᠠᠨᠴᠢ ᠪᠠᠷ ᠲᠠᠷᠢᠵᠣ ᠲᠡᠵᠢᠭᠡᠨ᠂ ᠰᠢᠨᠵᠢᠯᠡᠭᠡ ᠮᠡᠷᠭᠡᠵᠢᠯ ᠢᠶᠠᠷ ᠮᠠᠯᠴᠢᠨ ᠲᠠᠷᠢᠶᠠᠴᠢᠳ ᠤᠨ ᠣᠷᠣᠯᠭ᠎ᠠ ᠶᠢᠨ ᠨᠡᠮᠡᠭᠳᠡᠯ ᠢ ᠠᠬᠢᠭᠤᠯᠪᠠ᠃ | —— ᠣᠳᠣ ᠦᠶ᠎ᠡ ᠶᠢᠨ ᠣᠶᠢᠯᠡᠴᠢᠯᠡᠭᠡᠨ ᠤ ᠠᠮᠢᠳᠣᠯᠢᠭ ᠬᠦᠴᠦᠨ ᠲᠣᠪᠣᠶᠢᠪᠠ᠃ ᠣᠶᠢᠯᠠᠳᠪᠦᠷᠢᠯᠠᠯ ᠬᠢᠭᠡᠳ ᠠᠮᠢᠳᠣᠷᠠᠯ ᠤᠨ ᠴᠢᠨᠠᠷᠳᠠᠢ ᠣᠶᠢᠯᠡᠴᠢᠯᠡᠭᠡᠨ ᠤ | ᠣᠶᠢᠯᠠᠰ᠂ ᠣᠳᠣ ᠦᠶ᠎ᠡ ᠶᠢᠨ ᠪᠠ ᠣᠯᠠᠮᠵᠢᠯᠠᠯᠲᠣ ᠣᠶᠢᠯᠡᠴᠢᠯᠡᠭᠡᠨ ᠤ ᠣᠶᠢᠯᠠᠰ ᠢ ᠬᠠᠮᠳᠦ ᠳᠤ ᠨᠢ ᠴᠢᠬᠤᠯᠠᠴᠢᠯᠠᠨ᠂ ᠣᠶᠢᠯᠡᠴᠢᠯᠡᠭᠡᠨ ᠤ ᠣᠶᠢᠯᠠᠰ ᠤᠨ ᠬᠦᠭᠵᠢᠯᠳᠡ | ᠶᠢᠨ ᠬᠤᠷᠳᠣᠴᠠ᠂ ᠬᠠᠷᠢᠴᠠᠯ ᠤᠨ ᠨᠡᠮᠡᠭᠳᠡᠯ᠂ ᠬᠢᠷᠢ ᠲᠦᠪᠰᠢᠨ ᠤ ᠲᠡᠭᠡᠭᠰᠢᠯᠡᠯᠳᠡ ᠶᠢ ᠠᠬᠢᠭᠤᠯᠪᠠ᠃ ᠪᠦᠬᠦ ᠴᠠᠷᠠᠭᠠᠨ ᠤ ᠵᠢᠭᠤᠯᠴᠢᠯᠠᠯ ᠴᠡᠴᠡᠭᠯᠡᠨ ᠬᠦᠭᠵᠢᠪᠡ᠃ | ᠣᠳᠦ ᠦᠶ᠎ᠡ ᠶᠢᠨ ᠣᠶᠢᠯᠡᠴᠢᠯᠡᠭᠡᠨ ᠤ ᠣᠶᠢᠯᠠᠰ ᠤᠨ ᠬᠦᠭᠵᠢᠯᠳᠡ ᠶᠢᠨ ᠲᠦᠯᠦᠪᠵᠢᠭᠦᠯᠭᠡ ᠶᠢ ᠨᠠᠶᠢᠷᠠᠭᠤᠯᠣᠨ ᠲᠣᠭᠳᠠᠭᠠᠵᠣ᠂ ᠬᠤᠪᠢᠰᠬᠠᠯᠳᠦ ᠰᠣᠶᠣᠯ ᠤᠨ ᠡᠬᠢ | ᠰᠣᠷᠪᠣᠯᠵᠢ ᠶᠢ ᠠᠭᠤᠳᠠᠯᠠᠨ ︽1 + 6︾ ᠬᠤᠪᠢᠰᠬᠠᠯᠳᠦ ᠬᠦᠮᠦᠵᠢᠯ ᠪᠣᠯᠪᠠᠰᠣᠷᠠᠯ ᠤᠨ ᠰᠠᠭᠤᠷᠢᠨ ᠢ ᠪᠠᠶᠢᠭᠤᠯᠣᠨ᠂ ᠪᠡᠭᠡᠵᠢᠩ᠂ ᠱᠠᠩᠬᠠᠢ ᠵᠡᠷᠭᠡ 8 ᠮᠣᠵᠢ | ᠬᠤᠳᠠ ᠣᠷᠣᠨ ᠤ ᠡᠯ᠎ᠡ ᠲᠦᠷᠦᠯ ᠤᠨ ᠪᠣᠯᠪᠠᠰᠣᠷᠠᠯ ᠢ ᠨᠡᠶᠢᠳᠡ 61 ᠬᠤᠭᠤᠴᠠᠭ᠎ᠠ 371 ᠠᠩᠬᠢ ᠣᠳᠠᠭ᠎ᠠ ᠡᠷᠬᠢᠯᠡᠵᠣ᠂ ᠡᠯ᠎ᠡ ᠱᠠᠳᠦ ᠲᠠᠪᠬᠤᠷᠭ᠎ᠠ ᠶᠢᠨ 3500 | ᠭᠠᠷᠣᠢ ᠺᠠᠳ᠋ᠷ ᠢ ᠪᠣᠯᠪᠠᠰᠣᠷᠠᠭᠤᠯᠣᠨ᠂ ᠪᠣᠯᠪᠠᠰᠣᠷᠠᠯ ᠬᠦᠷᠳᠡᠭᠰᠡᠳ 11 ᠲᠦᠮᠡᠨ ᠬᠦᠮᠦᠨ ᠣᠳᠠᠭ᠎ᠠ ᠳᠤ ᠬᠦᠷᠪᠡ᠃ ᠪᠠᠶᠠᠨ ᠰᠢᠪᠡᠷ ᠤᠨ ᠴᠠᠶᠢᠳᠠᠮ᠂ ᠡᠯᠡᠰᠦ ᠮᠠᠩᠬᠠᠨ | ᠤ ᠲᠣᠮᠣ ᠬᠠᠪᠴᠢᠯ᠂ ᠬᠡᠷᠡᠮ ᠤᠨ ᠭᠤᠣᠯ ᠵᠡᠷᠭᠡ ᠵᠡᠭᠦᠨ ᠪᠠᠷᠠᠭᠤᠨ ᠱᠣᠭᠤᠮ ᠤᠨ ᠵᠢᠭᠤᠯᠴᠢᠯᠠᠯ ᠤᠨ ᠡᠬᠢ ᠰᠣᠷᠪᠣᠯᠵᠢ ᠬᠢᠬᠡᠳ ᠬᠤᠪᠢᠰᠬᠠᠯᠳᠦ ᠵᠢᠭᠤᠯᠴᠢᠯᠠᠯ ᠤᠨ | ᠲᠦᠷᠦᠯ ᠵᠣᠶᠢᠯ ᠢ ᠢᠵᠢᠯ ᠠᠯᠬᠤᠮ ᠢᠶᠠᠷ ᠠᠭᠤᠰᠣᠯᠴᠠᠭᠤᠯᠣᠨ ᠭᠦᠨᠵᠡᠭᠡᠢ ᠠᠬᠢᠭᠤᠯᠪᠠ᠃ ︽ᠴᠠᠬᠢᠷᠮ᠎ᠠ ᠴᠡᠴᠡᠭ ᠤᠨ ᠨᠠᠶᠢᠷ︾᠂ ︽ᠭᠤᠯᠣᠮᠲᠠ ᠭᠠᠯ ᠰᠣᠶᠣᠯ ᠤᠨ | ᠨᠠᠶᠢᠷ︾ ᠵᠡᠷᠬᠡ ᠲᠣᠮᠣ ᠬᠡᠯᠪᠡᠷᠢ ᠶᠢᠨ ᠪᠠᠶᠠᠷ ᠨᠠᠶᠢᠷ ᠤᠨ ᠠᠵᠢᠯᠯᠠᠭ᠎ᠠ ᠶᠢ ᠠᠮᠵᠢᠯᠲᠠ ᠲᠠᠢ ᠡᠷᠬᠢᠯᠡᠨ᠂ ᠭᠠᠵᠠᠷ ᠣᠷᠣᠨ ᠤ ᠠᠯᠳᠠᠷᠰᠢᠯ ᠪᠣᠯᠣᠨ ᠨᠦᠯᠦᠬᠡᠯᠡᠬᠦ ᠬᠦᠴᠦᠨ | ᠢᠯᠡᠳᠲᠡ ᠲᠡᠭᠡᠭᠰᠢᠯᠡᠪᠡ᠃ ᠭᠤᠷᠪᠠᠳᠣᠭᠠᠷ ᠣᠯᠠᠷᠢᠯ ᠤᠨ ᠰᠡᠬᠦᠯᠴᠢ ᠪᠣᠯᠲᠠᠯ᠎ᠠ ᠵᠢᠭᠤᠯᠴᠢᠯᠠᠭᠰᠠᠳ ᠢ ᠨᠡᠶᠢᠲᠡ 85.4 ᠲᠦᠮᠡᠨ ᠬᠦᠮᠦᠨ ᠣᠳᠠᠭ᠎ᠠ ᠬᠦᠯᠢᠶᠡᠨ | ᠵᠣᠴᠢᠯᠠᠵᠣ᠂ 26% ᠨᠡᠮᠡᠭᠳᠡᠪᠡ︔ ᠵᠢᠭᠤᠯᠴᠢᠯᠠᠯ ᠤᠨ ᠶᠡᠷᠣᠩᠬᠡᠢ ᠣᠷᠣᠯᠭ᠎ᠠ 26.8 ᠳ᠋ᠦᠩᠰᠢᠭᠤᠷ ᠲᠦᠬᠦᠷᠢᠭ ᠬᠦᠷᠴᠣ᠂ 30% ᠨᠡᠮᠡᠭᠳᠡᠪᠡ᠃ ᠣᠳᠣ ᠦᠶ᠎ᠡ | ᠶᠢᠨ ᠪᠣᠳᠠᠰ ᠤᠨ ᠬᠦᠢᠯᠭᠡᠭᠡᠨ ᠤ ᠦᠢᠯᠡᠰ ᠤᠨ ᠬᠦᠭᠵᠢᠯᠲᠡ ᠶᠢ ᠲᠦᠷᠭᠡᠳᠭᠡᠪᠡ᠃ ︽ᠢᠨᠲ᠋ᠧᠷ ᠰᠦᠯᠵᠢᠶ᠎ᠡ +︾ ᠠᠵᠢᠯᠯᠠᠭ᠎ᠠ ᠶᠢ ᠬᠦᠨᠵᠡᠭᠡᠢ ᠬᠡᠷᠡᠭᠵᠢᠬᠦᠯᠵᠣ᠂ | ᠲᠣᠮᠳᠠᠳᠣ ᠣᠯᠣᠰ ᠤᠨ ᠸᠠᠩ ᠺᠦ᠋᠂ ᠯᠧ ᠼᠦᠨ ᠲᠣᠣ ᠵᠡᠷᠬᠡ ᠪᠦᠬᠦ ᠣᠯᠣᠰ ᠤᠨ ᠨᠡᠷᠡᠲᠣ ᠰᠦᠯᠵᠢᠶᠡᠨ ᠬᠤᠳᠠᠯᠳᠣᠭᠠᠨ ᠤ ᠲᠠᠪᠴᠠᠩ ᠢ ᠣᠷᠣᠭᠤᠯᠵᠣ᠂ ︽ | ᠲᠣᠮᠳᠠᠳᠣ ᠣᠯᠣᠰ ᠤᠨ ᠮᠠᠯ ᠤᠨ ᠮᠢᠬᠠᠨ ᠤ ᠠᠵᠣ ᠦᠢᠯᠡᠰ ᠤᠨ ᠰᠦᠯᠵᠢᠶᠡᠨ ᠬᠤᠳᠠᠯᠳᠣᠭᠠᠨ ᠤ ᠲᠦᠷᠦᠯ ᠵᠦᠢᠯ︾ ᠢ ᠪᠠᠶᠢᠭᠤᠯᠵᠣ᠂ ᠣᠳᠤᠭ ᠤᠨ ᠡᠮᠣᠨᠡᠲᠣ | ᠬᠤᠰᠢᠭᠤᠨ ᠤ ᠣᠷᠣᠨ ᠨᠣᠲᠤᠭ ᠤᠨ ᠣᠷᠳᠣᠨ᠂ ᠣᠨᠴᠠᠯᠢᠭᠲᠣ ᠣᠷᠳᠣᠨ ᠭᠠᠷᠭᠠᠨ᠂ ᠵᠢᠸ᠎ᠠ᠂ ᠨᠠᠭᠠᠳᠣᠮ᠂ ᠬᠠᠨ ᠰᠦᠯᠳᠡ ᠵᠡᠷᠬᠡ ᠣᠷᠣᠨ ᠨᠣᠳᠤᠭ ᠤᠨ | ᠰᠦᠯᠵᠢᠶᠡᠨ ᠪᠣᠷᠣᠯᠠᠭᠤᠯᠭ᠎ᠠ ᠶᠢᠨ ᠲᠠᠪᠴᠠᠩ ᠢ ᠲᠡᠰ ᠲᠠᠪᠰᠢᠭᠤᠯᠵᠣ᠂ ᠮᠠᠨ ᠤ ᠬᠤᠰᠢᠭᠤᠨ ᠤ ᠣᠨᠴᠠᠯᠢᠭᠲᠣ ᠮᠠᠯ ᠲᠠᠷᠢᠶᠠᠯᠠᠩ ᠤᠨ ᠪᠦᠲᠦᠭᠡᠭᠳᠡᠬᠦᠨ ᠤ | ᠪᠣᠷᠣᠯᠠᠭᠤᠯᠭ᠎ᠠ ᠢ ᠰᠢᠯᠣᠭᠤᠳᠬᠠᠨ᠂ ᠰᠦᠯᠵᠢᠶᠡᠨ ᠪᠣᠷᠣᠯᠠᠭᠤᠯᠭ᠎ᠠ 1.8 ᠳ᠋ᠦᠩᠰᠢᠭᠤᠷ ᠲᠦᠬᠦᠷᠢᠭ ᠠᠴᠠ ᠲᠠᠪᠠᠪᠠ᠃ ᠣᠯᠵᠠᠴᠢ ᠶᠢᠨ ᠶᠡᠷᠣᠩᠬᠡᠶᠢᠯᠡᠭᠰᠡᠨ ᠪᠣᠳᠠᠰ ᠤᠨ | ᠬᠦᠢᠯᠬᠡᠬᠡᠨ ᠤ ᠬᠦᠷᠢᠶᠡᠯᠡᠩ ᠤᠨ ᠡᠮᠣᠨ᠎ᠡ ᠬᠤᠭᠤᠴᠠᠭᠠᠨ ᠤ ᠭᠠᠷᠳᠠᠮ ᠢ ᠦᠨᠳᠣᠰᠣᠨ ᠳᠤ ᠪᠠᠨ ᠬᠦᠢᠴᠡᠳᠭᠡᠵᠣ᠂ 2 ᠰᠣᠷᠭᠤᠭ ᠢᠶᠠᠷ ᠬᠠᠳᠠᠭᠠᠯᠠᠬᠤ ᠬᠦᠢᠲᠡᠨ | ᠬᠦᠮᠦᠷᠭᠡ᠂ 1 ᠬᠦᠢᠲᠡᠨ ᠬᠠᠳᠠᠭᠠᠯᠠᠬᠤ ᠰᠠᠭᠤᠷᠢᠨ ᠤ ᠲᠦᠷᠦᠯ ᠵᠦᠢᠯ ᠡᠮᠬᠢᠲᠡᠢ ᠠᠬᠢᠵᠣ᠂ ᠪᠣᠳᠠᠰ ᠤᠨ ᠬᠦᠢᠯᠭᠡᠭᠡᠨ ᠤ ᠰᠠᠭᠤᠷᠢ ᠪᠠᠳᠣᠯᠠᠭ᠎ᠠ ᠢᠯᠡᠳᠲᠡ | ᠴᠢᠩᠭᠠᠳᠪᠠ᠃ ᠣᠳᠣ ᠦᠶ᠎ᠡ ᠶᠢᠨ ᠦᠢᠯᠡᠴᠢᠯᠡᠭᠡᠨ ᠤ ᠦᠢᠯᠡᠰ ᠤᠨ ᠬᠦᠭᠵᠢᠯᠲᠡ ᠶᠢᠨ ᠴᠠᠷᠠᠭ᠎ᠠ ᠶᠢ ᠲᠠᠰᠣᠷᠠᠯᠲᠠ ᠦᠬᠡᠢ ᠦᠷᠭᠡᠳᠭᠡᠪᠡ᠃ ᠢᠨᠲ᠋ᠧᠷ ᠰᠦᠯᠵᠢᠶᠡᠨ ᠤ | ᠰᠢᠨ᠎ᠡ ᠮᠦᠩᠬᠦᠨ ᠬᠦᠢᠯᠭᠡᠭᠡ ᠶᠢ ᠢᠳᠡᠪᠬᠢᠲᠡᠢ ᠬᠦᠭᠵᠢᠬᠦᠯᠵᠣ᠂ ᠬᠦᠷᠦᠩᠭᠡ ᠶᠢᠨ ᠵᠠᠬ᠎ᠠ ᠲᠡᠯᠭᠡᠭᠦᠷ ᠤᠨ ᠬᠦᠭᠵᠢᠯᠲᠡ ᠶᠢ ᠲᠦᠷᠬᠡᠳᠭᠡᠨ᠂ ᠦᠪᠦᠷ ᠮᠣᠩᠭᠤᠯ ᠤᠨ | ᠰᠲ᠋ᠣᠺ ᠤᠨ ᠡᠷᠬᠡ ᠶᠢᠨ ᠠᠷᠠᠯᠵᠢᠶᠠᠨ ᠤ ᠲᠦᠪ ᠤᠨ ᠣᠳᠤᠭ ᠤᠨ ᠡᠮᠦᠨᠡᠳᠦ ᠬᠤᠰᠢᠭᠤᠨ ᠳᠠᠬᠢ ᠠᠵᠢᠯᠯᠠᠬᠤ ᠦᠷᠳᠡᠭᠡ ᠪᠠᠶᠢᠭᠤᠯᠣᠭᠳᠠᠨ᠂ ᠬᠤᠰᠢᠭᠤᠨ ᠤ 18 | ᠠᠵᠣ ᠠᠬᠤᠶᠢᠯᠠᠯ ᠳᠤ ᠫᠠᠶᠢᠰᠠ ᠡᠯᠭᠦᠨ ᠠᠵᠢᠯᠯᠠᠭᠤᠯᠪᠠ᠃ ᠭᠤᠷᠪᠠᠳᠦᠭᠠᠷ ᠣᠯᠠᠷᠢᠯ ᠤᠨ ᠡᠴᠦᠰ ᠪᠣᠯᠳᠠᠯ᠎ᠠ᠂ ᠪᠦᠬᠦ ᠬᠤᠰᠢᠭᠤᠨ ᠤ ᠮᠦᠩᠭᠦᠨ ᠭᠦᠢᠯᠭᠡᠭᠡᠨ ᠤ | ᠪᠠᠶᠢᠭᠤᠯᠣᠮᠵᠢ ᠶᠢᠨ ᠡᠯ᠎ᠡ ᠲᠦᠷᠦᠯ ᠤᠨ ᠬᠠᠳᠠᠭᠠᠯᠠᠮᠵᠢ ᠶᠢᠨ ᠦᠯᠡᠳᠡᠪᠦᠷᠢ 66.43 ᠳ᠋ᠦᠩᠰᠢᠭᠤᠷ ᠲᠦᠬᠦᠷᠢᠭ ᠬᠦᠷᠴᠦ᠂ ᠠᠳᠠᠯᠢ ᠬᠤᠭᠤᠴᠠᠭᠠᠨ ᠠᠴᠠ 65.2% | ᠨᠡᠮᠡᠭᠳᠡᠪᠡ︔ ᠡᠯ᠎ᠡ ᠲᠦᠷᠦᠯ ᠤᠨ ᠵᠢᠭᠡᠯᠡᠯᠭᠡ 33.45 ᠳ᠋ᠦᠩᠰᠢᠭᠤᠷ ᠲᠦᠬᠦᠷᠢᠭ ᠬᠦᠷᠴᠦ᠂ ᠠᠳᠠᠯᠢ ᠬᠤᠭᠤᠴᠠᠭᠠᠨ ᠠᠴᠠ 11.3% ᠨᠡᠮᠡᠭᠳᠡᠪᠡ᠃ ᠡᠷᠡᠭᠦᠯᠵᠢᠯ | ᠰᠣᠪᠢᠯᠠᠯ ᠤᠨ ᠠᠵᠣ ᠣᠶᠢᠯᠠᠰ ᠢ ᠶᠡᠭᠡ ᠪᠠᠷ ᠬᠦᠭᠵᠢᠭᠦᠯᠦᠨ᠂ ᠠᠵᠠᠳᠠᠢ ᠡᠷᠡᠭᠦᠯᠵᠢᠯ ᠰᠣᠪᠢᠯᠠᠯ ᠤᠨ ᠬᠦᠷᠢᠶᠠᠯᠠᠩ ᠢ ᠠᠰᠢᠭᠯᠠᠯᠳᠠ ᠳᠤ ᠣᠷᠣᠭᠤᠯᠵᠣ᠂ ᠮᠣᠩᠭᠤᠯ | ᠣᠯᠣᠰ᠂ ᠬᠦᠬᠡᠨᠠᠭᠤᠷ᠂ ᠰᠢᠨᠵᠢᠶᠠᠩ ᠵᠡᠷᠬᠡ ᠭᠠᠵᠠᠷ ᠤᠨ 1.3 ᠲᠦᠮᠡᠨ ᠬᠦᠮᠦᠨ ᠣᠳᠠᠭ᠎ᠠ ᠰᠣᠪᠢᠯᠠᠯ ᠳᠤ ᠰᠠᠭᠤᠨ᠂ ᠦᠪᠦᠷ ᠮᠣᠩᠭᠤᠯ ᠤᠨ ᠠᠩᠬᠠᠳᠠᠭᠴᠢ ᠪᠦᠯᠦᠭ | ᠡᠮᠨᠡᠵᠣ ᠰᠣᠪᠢᠯᠠᠬᠤ ᠶᠢ ᠤᠶᠠᠯᠳᠤᠭᠤᠯᠤᠭᠰᠠᠨ ᠲᠠᠭᠤᠷᠢᠶᠠᠯ ᠴᠡᠭ ᠢᠶᠠᠷ ᠲᠣᠭᠳᠠᠭᠠᠭᠳᠠᠪᠠ᠃ | ︵ᠭᠤᠷᠪᠠ︶ ᠰᠠᠭᠤᠷᠢ ᠲᠦᠬᠦᠭᠡᠷᠦᠮᠵᠢ ᠶᠢᠨ ᠪᠠᠶᠢᠭᠤᠯᠣᠯᠳᠠ ᠶᠢ ᠲᠦᠷᠭᠡᠳᠬᠡᠨ᠂ ᠬᠦᠭᠵᠢᠯᠳᠡ ᠶᠢᠨ ᠡᠷᠴᠢᠮ ᠢ ᠲᠠᠰᠣᠷᠠᠯᠳᠠ ᠦᠭᠡᠢ ᠰᠢᠯᠢᠳᠡᠭᠵᠢᠭᠦᠯᠪᠡ᠃ | ᠵᠠᠮ ᠬᠠᠷᠢᠯᠴᠠᠭᠠᠨ ᠤ ᠴᠢᠬᠤᠯᠨ ᠶᠡᠭᠡ ᠲᠦᠷᠦᠯ ᠵᠣᠶᠢᠯ ᠤᠨ ᠬᠡᠷᠡᠭᠵᠢᠭᠦᠯᠦᠯᠳᠡ ᠪᠠᠷ ᠬᠤᠳᠠ ᠬᠦᠳᠡᠭᠡ ᠶᠢᠨ ᠰᠠᠭᠤᠷᠢ ᠲᠦᠬᠦᠭᠡᠷᠦᠮᠵᠢ ᠶᠢᠨ ᠪᠠᠶᠢᠭᠤᠯᠣᠯᠳᠠ ᠶᠢ | ᠲᠦᠷᠬᠡᠳᠬᠡᠵᠣ᠂ ᠬᠤᠳᠠ ᠪᠠᠯᠭᠠᠰᠣᠨ ᠤ ᠣᠶᠢᠯᠡᠴᠢᠯᠡᠭᠡᠨ ᠤ ᠴᠢᠳᠠᠪᠬᠢ ᠪᠣᠯᠣᠨ ᠠᠴᠢᠶᠠᠯᠠᠬᠤ ᠴᠢᠳᠠᠪᠬᠢ ᠶᠢ ᠲᠠᠰᠣᠷᠠᠯᠳᠠ ᠦᠭᠡᠢ ᠲᠡᠭᠡᠭᠰᠢᠯᠡᠭᠦᠯᠪᠡ᠃ ᠬᠤᠳᠠ | ᠪᠠᠯᠭᠠᠰᠣᠨ ᠤ ᠶᠡᠷᠦᠩᠬᠡᠶᠢᠯᠡᠭᠰᠡᠨ ᠴᠢᠳᠠᠪᠬᠢ ᠶᠡᠭᠡ ᠪᠠᠷ ᠲᠡᠭᠡᠭᠰᠢᠯᠡᠪᠡ᠃ ᠪᠦᠬᠦ ᠣᠯᠣᠰ ᠤᠨ ᠰᠢᠶᠠᠨ ᠤ ᠲᠡᠰ ᠤᠨ ᠪᠣᠯᠪᠠᠰᠣᠨ ᠬᠤᠳᠠ ᠶᠢ ᠠᠮᠵᠢᠯᠳᠠ ᠲᠠᠢ | ᠴᠣᠭᠴᠠᠯᠠᠵᠣ᠂ 2.2 ᠳ᠋ᠦᠩᠰᠢᠭᠤᠷ ᠲᠦᠬᠦᠷᠢᠭ ᠵᠠᠷᠣᠴᠠᠭᠤᠯᠣᠨ᠂ ᠬᠤᠳᠠ ᠬᠦᠳᠡᠭᠡ ᠶᠢᠨ ᠨᠡᠶᠢᠳᠡ ᠶᠢᠨ ᠣᠶᠢᠯᠡᠴᠢᠯᠡᠭᠡᠨ ᠤ ᠰᠠᠭᠤᠷᠢ ᠲᠦᠬᠦᠭᠡᠷᠦᠮᠵᠢ ᠶᠢ ᠪᠦᠬᠦ | ᠲᠠᠯ᠎ᠠ ᠪᠠᠷ ᠰᠠᠶᠢᠵᠢᠷᠠᠭᠤᠯᠵᠣ᠂ ᠪᠠᠯᠭᠠᠰᠣᠨ ᠲᠣᠭᠤᠷᠢᠭ ᠤᠨ ᠭᠤᠣᠯ ᠵᠠᠮ ᠵᠡᠭᠡᠯᠢ ᠲᠠᠭᠠᠤ ᠭᠡᠷ ᠪᠠᠶᠢᠰᠢᠩ ᠤᠨ ᠦᠭᠡᠷᠡᠴᠢᠯᠡᠯᠳᠡ᠂ ᠬᠠᠭᠤᠴᠢᠨ ᠰᠠᠭᠤᠭᠠᠯᠢ ᠲᠣᠭᠤᠷᠢᠭ | ᠤᠨ ᠦᠭᠡᠷᠡᠴᠢᠯᠡᠯᠳᠡ ᠶᠢ ᠶᠠᠪᠣᠭᠳᠠᠭᠤᠯᠵᠣ᠂ ᠴᠠᠬᠢᠷᠮ᠎ᠠ ᠠᠭᠤᠳᠠᠮ ᠲᠠᠯᠠᠪᠠᠢ ᠶᠢ ᠦᠭᠡᠷᠡᠴᠢᠯᠡᠨ ᠰᠢᠨᠡᠳᠬᠡᠪᠡ᠃ ᠵᠠᠮ ᠵᠠᠭᠡᠯᠢ ᠶᠢᠨ ᠬᠡᠷᠡᠯᠳᠦᠭᠦᠯᠭᠡ᠂ ᠭᠤᠣᠯ ᠣᠷᠣᠵᠣ | ᠭᠠᠷᠬᠤ ᠵᠠᠮ ᠤᠨ ᠣᠶᠢᠵᠢᠭᠤᠯᠣᠯᠳᠠ ᠭᠤᠶᠣᠵᠢᠯᠠᠯᠳᠠ ᠶᠢᠨ ᠢᠨᠵᠧᠨᠧᠷᠢᠩ ᠢ ᠬᠡᠷᠡᠭᠵᠢᠭᠦᠯᠵᠣ᠂ ᠰᠢᠨ᠎ᠡ ᠨᠡᠮᠡᠭᠳᠡᠭᠰᠡᠨ ᠴᠡᠴᠡᠷᠯᠢᠭᠵᠢᠭᠦᠯᠭᠡ ᠨᠣᠭᠤᠭᠠᠵᠢᠭᠤᠯᠣᠯᠳᠠ ᠶᠢᠨ | ᠲᠠᠯᠠᠪᠠᠢ 18.6 ᠲᠦᠮᠡᠨ ᠺᠦᠸ᠋ᠳ᠋ ᠮᠧᠲᠷ ᠬᠦᠷᠴᠦ᠂ ᠣᠯᠣᠰ ᠤᠨ ᠴᠡᠴᠡᠷᠯᠢᠭᠵᠢᠭᠦᠯᠭᠡ ᠶᠢᠨ ᠰᠢᠶᠠᠨ ᠤ ᠬᠤᠳᠠ ᠪᠠᠷ ᠦᠨᠡᠯᠡᠭᠳᠡᠨ᠂ ᠣᠷᠣᠰᠢᠨ ᠰᠠᠭᠤᠬᠤ ᠨᠦᠭᠦᠴᠡᠯ | ᠨᠡᠩ ᠲᠣᠬᠢᠯᠢᠭ ᠪᠣᠯᠪᠠ᠃ ᠪᠣᠷᠣᠪᠠᠯᠭᠠᠰᠦ ᠶᠢᠨ ᠣᠨᠴᠠᠯᠢᠭᠳᠦ ᠪᠠᠯᠭᠠᠰᠣᠨ ᠤ ᠪᠠᠶᠢᠭᠤᠯᠣᠯᠳᠠ ᠶᠢ ᠡᠬᠢᠯᠡᠬᠦᠯᠵᠣ᠂ ᠶᠡᠷᠦᠩᠬᠡᠶᠢᠯᠡᠭᠰᠡᠨ ᠣᠶᠢᠯᠡᠴᠢᠯᠡᠭᠡ᠂ ᠬᠤᠪᠢᠰᠬᠠᠯᠳᠦ | ᠬᠦᠮᠦᠵᠢᠯ᠂ ᠪᠡᠶᠡᠴᠢᠯᠡᠨ ᠤᠶᠢᠯᠠᠭᠠᠬᠤ ᠠᠭᠤᠯᠬᠤᠨ ᠢ ᠪᠠᠶᠠᠯᠢᠭᠵᠢᠭᠤᠯᠣᠨ ᠲᠡᠭᠦᠯᠳᠡᠷᠵᠢᠭᠦᠯᠵᠣ᠂ ᠣᠷᠳ ᠰᠠᠭᠤᠴᠠ ᠪᠦᠳᠦᠭᠡᠨ ᠪᠠᠶᠢᠭᠤᠯᠣᠯᠳᠠ ᠶᠢᠨ ᠶᠠᠮᠣᠨ ᠤ | ᠬᠤᠶᠠᠳᠦᠭᠠᠷ ᠪᠦᠯᠦᠭ ᠪᠦᠬᠦ ᠣᠯᠣᠰ ᠤᠨ ᠣᠨᠴᠠᠯᠢᠭᠳᠦ ᠪᠠᠯᠭᠠᠰᠣ ᠪᠠᠷ ᠦᠨᠡᠯᠡᠭᠳᠡᠪᠡ᠃ ︽ᠣᠶᠣᠨᠴᠢ ᠬᠤᠳᠠ︾ ᠶᠢᠨ ᠪᠠᠶᠢᠭᠤᠯᠣᠯᠳᠠ ᠶᠢ ᠭᠦᠨᠵᠡᠭᠡᠶᠢᠷᠡᠭᠦᠯᠵᠣ᠂ ︽ | ᠣᠶᠣᠨᠴᠢ ᠡᠮᠦᠨᠡᠳᠦ ᠣᠳᠤᠭ︾ ᠤᠨ ᠳ᠋ᠠᠶᠢᠲᠨ ᠲᠦᠪ ᠢ ᠪᠠᠶᠢᠭᠤᠯᠵᠣ᠂ ᠲᠦᠷᠪᠡᠨ ᠪᠠᠯᠭᠠᠰᠣᠨ ᠲᠣᠭᠤᠷᠢᠭ ᠲᠤ ᠵᠠᠷᠣᠳᠠᠯ ᠬᠤᠷᠢᠶᠠᠬᠤ ᠦᠭᠡᠢ WIFI ᠪᠦᠬᠦ | ᠪᠦᠷᠬᠦᠴᠡ ᠶᠢ ᠪᠡᠶᠡᠯᠡᠭᠦᠯᠵᠣ᠂ ᠬᠤᠳᠠ ᠪᠠᠯᠭᠠᠰᠣᠨ ᠤ ᠬᠡᠪ ᠴᠢᠨᠰᠠᠭ᠎ᠠ ᠪᠣᠯᠣᠨ ᠴᠢᠳᠠᠪᠬᠢ ᠢᠯᠡᠳᠳᠡ ᠲᠡᠭᠡᠭᠰᠢᠯᠡᠪᠡ᠃ ᠵᠠᠮ ᠬᠠᠷᠢᠯᠴᠠᠭᠠᠨ ᠤ ᠲᠣᠣᠷᠵᠢᠯ ᠡᠳᠦᠷ | ᠢᠷᠡᠭᠦᠶ᠎ᠡ ᠲᠡᠭᠦᠯᠳᠡᠷᠵᠢᠪᠡ᠃ ᠲᠡᠮᠣᠷ ᠵᠠᠮ᠂ ᠵᠠᠰᠠᠮᠠᠯ ᠵᠠᠮ᠂ ᠨᠢᠰᠬᠡᠯ ᠤᠨ ᠪᠠᠭᠤᠳᠠᠯ ᠵᠡᠷᠬᠡ ᠵᠠᠮ ᠬᠠᠷᠢᠯᠴᠠᠭᠠᠨ ᠤ ᠴᠢᠬᠤᠯᠠ ᠶᠡᠭᠡ ᠰᠠᠭᠤᠷᠢ ᠲᠦᠬᠦᠭᠡᠷᠦᠮᠵᠢ ᠶᠢᠨ | ᠪᠠᠶᠢᠭᠤᠯᠣᠯᠳᠠ ᠶᠢ ᠲᠦᠷᠭᠡᠳᠬᠡᠪᠡ᠃ ᠲᠤᠯᠢ ᠠᠴᠠ ᠱᠠᠩᠬᠠᠢ ᠶᠢᠨ ᠰᠥᠮ᠎ᠡ ᠭᠥᠷᠭᠦ ᠲᠡᠮᠣᠷ ᠵᠠᠮ ᠤᠨ ᠲᠣᠯᠢ ᠠᠴᠠ ᠣᠯᠵᠠᠴᠢ ᠬᠦᠷᠬᠦ ᠬᠡᠰᠡᠭ ᠲᠡᠷᠬᠡ ᠨᠡᠪᠳᠡᠷᠡᠭᠦ | ᠨᠦᠬᠦᠴᠡᠯ ᠪᠦᠷᠢᠳᠴᠦ᠂ ᠣᠯᠵᠠᠴᠢ ᠠᠴᠠ ᠱᠠᠩᠬᠠᠢ ᠶᠢᠨ ᠰᠦᠮ᠎ᠡ ᠬᠦᠷᠬᠦ ᠬᠡᠰᠡᠭ ᠤᠨ ᠪᠦᠬᠦ ᠭᠠᠷᠳᠠᠮ ᠢ ᠭᠦᠢᠴᠡᠳᠬᠡᠵᠣ᠂ ᠤᠯᠵᠠᠴᠢ ᠠᠴᠠ ᠰᠤᠬᠠᠢ ᠶᠢᠨ ᠪᠠᠶᠢᠰᠢᠩ | ᠭᠥᠷᠭᠦ ᠲᠡᠮᠣᠷ ᠵᠠᠮ ︵ᠣᠯᠵᠠᠴᠢ ᠪᠠᠯᠭᠠᠰᠦ ᠠᠴᠠ ᠱᠠᠨᠰᠢ ᠮᠣᠵᠢ ᠶᠢᠨ ᠵᠢᠩᠪᠢᠶᠠᠨ ᠰᠢᠶᠠᠨ ᠤ ᠰᠣᠬᠠᠢ ᠶᠢᠨ ᠪᠠᠶᠢᠰᠢᠩ ᠪᠠᠯᠭᠠᠰᠦ ᠬᠦᠷᠬᠦ︶ ᠤᠨ ᠪᠣᠯᠣᠮᠵᠢᠳᠦ | ᠮᠡᠳᠡᠭᠦᠯᠦᠯᠳᠡ ᠶᠢ ᠡᠳᠦᠭᠡ ᠶᠠᠭ ᠨᠠᠶᠢᠷᠠᠭᠤᠯᠵᠣ ᠪᠣᠢ︔ ᠣᠯᠵᠠᠴᠢ ᠠᠴᠠ ᠳ᠋ᠦᠩ ᠳ᠋ᠣᠣ ᠯᠢᠶᠠᠩ ᠭᠥᠷᠭᠦ ᠲᠦᠷᠬᠡᠨ ᠵᠠᠮ ︵ᠣᠯᠵᠠᠴᠢ ᠪᠠᠯᠭᠠᠰᠦ ᠠᠴᠠ ᠨᠢᠩᠰᠢᠶ᠋ᠨ ᠶᠢᠨ | ᠳ᠋ᠦᠩ ᠳ᠋ᠣᠣ ᠯᠢᠶᠠᠩ ᠬᠦᠷᠬᠦ︶᠂ S216 ᠵᠠᠮ ᠤᠨ ᠣᠯᠵᠠᠴᠢ ᠠᠴᠠ ᠵᠠᠩᠭᠤᠳᠦ ᠬᠦᠷᠬᠦ ᠵᠠᠰᠠᠮᠠᠯ ᠵᠠᠮ ᠤᠨ ᠦᠭᠡᠷᠡᠴᠢᠯᠡᠯᠳᠡ ︵ᠭᠤᠷᠪᠠᠳᠦᠭᠠᠷ ᠲᠡᠰ ᠢ | ᠬᠤᠶᠠᠳᠣᠭᠠᠷ ᠲᠡᠰ ᠪᠣᠯᠭᠠᠨ ᠦᠭᠡᠷᠡᠴᠢᠯᠡᠬᠦ︶ ᠪᠠ ᠦᠣᠰᠢᠨ ᠬᠤᠰᠢᠭᠤᠨ ᠤ ᠲᠦᠩᠽᠢ ᠠᠴᠠ ᠪᠣᠷᠣᠪᠠᠯᠭᠠᠰᠦ ᠬᠦᠷᠬᠦ ᠬᠤᠶᠠᠳᠣᠭᠠᠷ ᠲᠡᠰ ᠤᠨ ᠵᠠᠰᠠᠮᠠᠯ ᠵᠠᠮ ᠤᠨ | ᠭᠤᠣᠯ ᠪᠠᠷᠢᠯᠭ᠎ᠠ ᠲᠠᠭᠤᠰᠴᠦ᠂ ᠲᠡᠷᠬᠡ ᠨᠡᠪᠳᠡᠷᠡᠭᠦ ᠨᠦᠬᠦᠴᠡᠯ ᠪᠦᠷᠢᠳᠦᠨ᠂ S317 ᠵᠠᠮ ᠤᠨ ᠨᠠᠩᠰᠦ ᠠᠴᠠ ᠲᠣᠯᠢ ᠬᠦᠷᠬᠦ ᠬᠡᠰᠡᠭ ᠤᠨ ᠡᠮᠦᠨ᠎ᠡ ᠬᠤᠭᠤᠴᠠᠭᠠᠨ ᠤ | ᠭᠠᠷᠳᠠᠮ ᠢ ᠡᠳᠥᠭᠡ ᠶᠠᠭ ᠭᠦᠢᠴᠡᠳᠬᠡᠵᠣ ᠪᠣᠢ︔ ᠣᠳᠤᠭ ᠤᠨ ᠡᠮᠦᠨᠡᠳᠦ ᠬᠤᠰᠢᠭᠤᠨ ᠤ ᠨᠡᠶᠢᠳᠡᠮ ᠬᠡᠷᠡᠭᠯᠡᠭᠡᠨ ᠤ ᠨᠢᠰᠬᠡᠯ ᠤᠨ ᠪᠠᠭᠤᠳᠠᠯ ᠪᠠᠷᠢᠯᠭ᠎ᠠ ᠡᠬᠢᠯᠡᠵᠣ᠂ | ᠣᠷᠳᠣᠰ ᠤᠨ ᠪᠣᠷᠣᠪᠠᠯᠭᠠᠰᠦ ᠨᠡᠶᠢᠳᠡᠮ ᠬᠡᠷᠡᠭᠯᠡᠭᠡᠨ ᠤ ᠨᠢᠰᠬᠡᠯ ᠤᠨ ᠪᠠᠭᠤᠳᠠᠯ ᠤᠨ ᠪᠠᠶᠢᠷᠢ ᠰᠣᠩᠭᠤᠬᠤ ᠯᠠᠪᠯᠠᠭᠠᠨ ᠤ ᠮᠡᠳᠡᠭᠦᠯᠦᠯᠳᠡ ᠬᠤᠸᠠᠪᠸᠢ ᠶᠢᠨ ᠠᠷᠠᠳ ᠤᠨ | ᠠᠭᠠᠷ ᠠᠶᠠᠯᠠᠯ ᠤᠨ ᠲᠣᠪᠴᠢᠶ᠎ᠠ ᠶᠢᠨ ᠬᠢᠨᠠᠨ ᠪᠠᠶᠢᠴᠠᠭᠠᠯᠳᠠ ᠶᠢ ᠲᠣᠭᠤᠯᠵᠣ᠂ ᠵᠠᠮ ᠬᠠᠷᠢᠯᠴᠠᠭᠠᠨ ᠤ ᠪᠡᠶᠡᠳᠦ ᠲᠣᠣᠷ ᠪᠦᠷᠢᠯᠳᠦᠵᠣ ᠡᠬᠢᠯᠡᠪᠡ᠃ ᠠᠮᠢ ᠠᠬᠤᠢ ᠶᠢᠨ | ᠣᠷᠴᠢᠨ ᠦᠷᠭᠦᠯᠵᠢᠯᠡᠨ ᠰᠠᠶᠢᠵᠢᠷᠠᠪᠠ᠃ ᠠᠮᠢ ᠠᠬᠤᠢ ᠶᠢᠨ ᠬᠤᠷᠢᠭ᠎ᠠ ᠱᠣᠭᠤᠮ ᠢ ᠴᠢᠩᠭ᠎ᠠ ᠰᠠᠬᠢᠵᠣ᠂ ᠮᠠᠯ ᠪᠡᠯᠴᠢᠭᠡᠷᠯᠡᠭᠦᠯᠬᠦ ᠶᠢ ᠬᠤᠷᠢᠭᠯᠠᠬᠤ᠂ ᠪᠡᠯᠴᠢᠭᠡᠷ ᠤᠨ | ᠪᠠᠭᠳᠠᠭᠠᠮᠵᠢ ᠪᠠᠷ ᠮᠠᠯ ᠤᠨ ᠲᠤᠭ᠎ᠠ ᠲᠣᠯᠣᠭᠠᠢ ᠲᠣᠭᠳᠠᠭᠠᠬᠤ ᠪᠣᠳᠣᠯᠭ᠎ᠠ ᠶᠢ ᠴᠢᠩᠭ᠎ᠠ ᠬᠡᠷᠡᠭᠵᠢᠭᠦᠯᠦᠨ᠂ ᠣᠢ ᠰᠢᠭᠤᠢ ᠨᠣᠳᠤᠭ ᠪᠡᠯᠴᠢᠭᠡᠷ ᠤᠨ ᠬᠠᠣᠯᠢ | ᠭᠡᠷᠡᠭᠵᠢᠭᠦᠯᠦᠯᠳᠡ ᠶᠢᠨ ᠡᠷᠴᠢᠮ ᠢ ᠴᠢᠩᠭᠠᠳᠬᠠᠵᠣ᠂ ᠪᠠᠶᠢᠭᠠᠯᠢ ᠶᠢᠨ ᠣᠢ ᠶᠢᠨ ᠬᠠᠮᠠᠭᠠᠯᠠᠯᠳᠠ᠂ ᠪᠡᠭᠡᠵᠢᠩ ᠲᠢᠶᠠᠨᠵᠢᠨ ᠤ ᠰᠠᠯᠬᠢ ᠰᠢᠷᠣᠢ ᠶᠢᠨ ᠡᠬᠢ ᠶᠢᠨ ᠵᠠᠰᠠᠯᠳᠠ | ᠪᠣᠯᠣᠨ ᠬᠦᠷᠦᠰᠦ ᠰᠢᠷᠣᠢ ᠶᠢᠨ ᠢᠳᠡᠭᠳᠡᠯ ᠢ ᠵᠠᠰᠠᠬᠤ ᠵᠡᠷᠬᠡ ᠠᠮᠢ ᠠᠬᠤᠢ ᠶᠢᠨ ᠭᠤᠣᠯᠳᠠᠯᠭᠠᠳᠦ ᠢᠨᠵᠧᠨᠧᠷᠢᠩ ᠢ ᠬᠡᠷᠡᠭᠵᠢᠭᠦᠯᠣᠨ᠂ ᠠᠯᠪᠠᠨ ᠵᠢᠷᠣᠮ ᠤᠨ | ᠣᠶᠢᠵᠢᠭᠤᠯᠣᠯᠳᠠ᠂ ᠠᠶᠢᠯ ᠲᠣᠰᠬᠤᠨ ᠤ ᠣᠶᠢᠵᠢᠭᠤᠯᠣᠯᠳᠠ ᠶᠢ 2.9 ᠲᠦᠮᠡᠨ ᠮᠣ᠋ ᠪᠡᠶᠡᠯᠡᠭᠦᠯᠵᠣ᠂ ︽ᠡᠷᠦᠬᠡ ᠪᠣᠯᠭᠠᠨ 100 ᠮᠣᠳᠦ ᠲᠠᠷᠢᠬᠤ︾ ᠠᠵᠢᠯᠯᠠᠭᠠᠨ | ᠳᠤ 22 ᠲᠦᠮᠡᠨ ᠰᠣᠶᠤᠭ᠎ᠠ ᠬᠠᠩᠭᠠᠵᠣ᠂ ᠣᠯᠣᠰ ᠤᠨ ᠨᠣᠳᠤᠭ ᠲᠡᠪᠢᠰᠭᠡᠷ ᠤᠨ ᠣᠶᠢᠵᠢᠭᠤᠯᠣᠯᠳᠠ ᠶᠢ 10 ᠲᠦᠮᠡᠨ ᠮᠣ᠋᠂ ᠬᠦᠷᠦᠰᠦ ᠰᠢᠷᠣᠢ ᠶᠢᠨ ᠢᠳᠡᠭᠳᠡᠯ ᠤᠨ | ᠵᠠᠰᠠᠯᠳᠠ ᠶᠢ 27.5 ᠲᠦᠮᠡᠨ ᠮᠣ᠋᠂ ᠨᠣᠳᠤᠭ ᠪᠡᠯᠴᠢᠭᠡᠷ ᠤᠨ ᠬᠠᠮᠠᠭᠠᠯᠠᠯᠳᠠ ᠶᠢ 85 ᠲᠦᠮᠡᠨ ᠮᠣ᠋ ᠪᠡᠶᠡᠯᠡᠭᠦᠯᠪᠡ᠃ ᠪᠦᠬᠦ ᠬᠤᠰᠢᠭᠤᠨ ᠤ ᠣᠢ ᠰᠢᠭᠤᠢ ᠶᠢᠨ | ᠪᠦᠷᠬᠦᠴᠡ ᠪᠣᠯᠣᠨ ᠣᠷᠭᠤᠮᠠᠯ ᠤᠨ ᠪᠦᠷᠬᠦᠪᠴᠢ ᠲᠤᠰᠪᠤᠷᠢ 23.6% ᠪᠠ 45% ᠳᠤ ᠬᠦᠷᠪᠡ᠃ | ︵ᠲᠦᠷᠪᠡ︶ ᠦᠭᠡᠷᠡᠴᠢᠯᠡᠯᠳᠡ ᠨᠡᠭᠡᠭᠡᠯᠳᠡ ᠶᠢᠨ ᠡᠷᠴᠢᠮ ᠢ ᠲᠠᠰᠣᠷᠠᠯᠳᠠ ᠦᠭᠡᠢ ᠭᠦᠨᠵᠡᠭᠡᠶᠢᠷᠡᠭᠦᠯᠵᠣ᠂ ᠠᠵᠣ ᠠᠬᠤᠢ ᠶᠢᠨ ᠬᠦᠭᠵᠢᠯᠳᠡ ᠶᠢᠨ | ᠬᠦᠳᠡᠯᠭᠡᠭᠴᠢ ᠬᠦᠴᠦᠨ ᠢ ᠨᠡᠮᠡᠭᠳᠡᠭᠦᠯᠪᠡ᠃ ᠦᠭᠡᠷᠡᠴᠢᠯᠡᠯᠳᠡ ᠶᠢᠨ ᠦᠷ᠎ᠡ ᠪᠦᠳᠦᠭᠡᠯ ᠢ ᠲᠣᠪᠣᠶᠢᠯᠭᠠᠨ᠂ ᠲᠣᠳᠣᠭᠠᠳᠦ ᠬᠦᠳᠡᠯᠭᠡᠭᠴᠢ ᠬᠦᠴᠦᠨ ᠢ | ᠠᠮᠢᠳᠣᠯᠢᠭᠵᠢᠭᠤᠯᠵᠣ᠂ ᠵᠢᠯ ᠤᠨ ᠡᠬᠢᠨ ᠳᠤ ᠲᠣᠭᠳᠠᠭᠠᠭᠰᠠᠨ 140 ᠲᠦᠷᠦᠯ ᠤᠨ ᠦᠭᠡᠷᠡᠴᠢᠯᠡᠯᠳᠡ ᠶᠢᠨ ᠡᠭᠦᠷᠭᠡ ᠶᠢᠨ 107 ᠲᠦᠷᠦᠯ ᠢ ᠪᠡᠶᠡᠯᠡᠭᠦᠯᠵᠣ᠂ | ᠲᠡᠭᠡᠳᠦ ᠱᠠᠳᠣᠨ ᠤ ᠪᠣᠳᠣᠯᠭ᠎ᠠ ᠶᠢ ᠬᠦᠯᠢᠶᠡᠵᠣ ᠪᠠᠶᠢᠭ᠎ᠠ 17 ᠲᠦᠷᠦᠯ ᠢ ᠭᠠᠷᠭᠠᠪᠠᠯ 87% ᠶᠢ ᠨᠢ ᠪᠡᠶᠡᠯᠡᠭᠦᠯᠵᠣ᠂ 52 ᠲᠦᠷᠦᠯ ᠤᠨ ᠦᠭᠡᠷᠡᠴᠢᠯᠡᠯᠳᠡ ᠶᠢᠨ | ᠦᠷ᠎ᠡ ᠪᠦᠳᠦᠭᠡᠯ ᠣᠯᠵᠣ᠂ 45 ᠲᠦᠷᠦᠯ ᠤᠨ ᠦᠷ᠎ᠡ ᠪᠦᠳᠦᠮᠵᠢ ᠶᠢᠨ ᠦᠨᠡᠯᠡᠯᠳᠡ ᠠᠴᠠ 37 ᠲᠦᠷᠦᠯ ᠢ ᠪᠡᠶᠡᠯᠡᠭᠦᠯᠵᠣ᠂ ᠠᠷᠠᠳ ᠲᠦᠮᠡᠨ ᠤ ᠦᠭᠡᠷᠡᠴᠢᠯᠡᠯᠳᠡ | ᠳᠠᠬᠢ ᠣᠷᠣᠯᠴᠠᠯᠭ᠎ᠠ ᠪᠣᠯᠣᠨ ᠬᠦᠷᠳᠡᠮᠵᠢ ᠶᠢ ᠣᠯᠠᠮ ᠨᠡᠮᠡᠭᠳᠡᠬᠦᠯᠪᠡ᠃ ᠦᠷᠭᠦᠯᠵᠢᠯᠡᠯ ᠦᠭᠡᠷᠡᠴᠢᠯᠡᠯᠳᠡ ᠲᠦᠷᠬᠡᠨ ᠠᠬᠢᠪᠠ᠃ ᠬᠡᠷᠡᠭ ᠵᠦᠪᠯᠡᠭᠦ ᠦᠭᠡᠷᠡᠴᠢᠯᠡᠯᠳᠡ ᠶᠢ | ᠭᠦᠨᠵᠡᠭᠡᠶᠢᠷᠡᠭᠦᠯᠵᠣ᠂ ᠠᠵᠣ ᠠᠬᠤᠶᠢᠯᠠᠯ ᠲᠠᠢ ᠬᠤᠯᠪᠣᠭᠳᠠᠬᠤ ᠭᠡᠷᠡᠴᠢ ᠦᠨᠡᠮᠯᠡᠯ ᠤᠨ ᠣᠴᠢᠷ ᠶᠠᠪᠣᠳᠠᠯ ᠢ ᠬᠢᠨᠠᠮᠠᠭᠠᠢ ᠡᠮᠬᠢᠯᠡᠨ᠂ ᠪᠦᠬᠦ ᠬᠤᠳᠠ ᠳᠤ ᠪᠠᠨ ᠲᠡᠷᠢᠭᠦᠯᠡᠨ | ︽ᠣᠯᠠᠨ ᠦᠨᠡᠮᠯᠡᠯ ᠢ ᠨᠢᠬᠡᠳᠬᠡᠬᠦ᠂ ᠨᠢᠭᠡ ᠦᠨᠡᠮᠯᠡᠯ ᠨᠢᠭᠡ ᠳ᠋ᠣᠭᠠᠷᠯᠠᠯ︾ ᠢ ᠪᠡᠶᠡᠯᠡᠭᠦᠯᠪᠡ᠃ ᠰᠢᠶᠠᠨ ᠤ ᠬᠡᠪᠴᠢᠶᠡᠨ ᠤ ᠰᠠᠭᠤᠷᠢ ᠲᠦᠬᠦᠭᠡᠷᠦᠮᠵᠢ ᠶᠢᠨ ᠪᠡᠯᠡ | ᠬᠤᠷᠠᠮᠳᠣᠭᠤᠯᠬᠤ ᠲᠣᠭᠳᠠᠴᠠ ᠶᠢᠨ ᠦᠭᠡᠷᠡᠴᠢᠯᠡᠯᠳᠡ ᠶᠢ ᠭᠦᠨᠵᠡᠭᠡᠶᠢᠷᠡᠭᠦᠯᠦᠨ᠂ ᠵᠠᠰᠠᠭ ᠤᠨ ᠣᠷᠳᠣᠨ ᠤ ᠴᠢᠨᠠᠷᠳᠠᠢ ᠪᠡᠯᠡ ᠣᠷᠣᠭᠤᠯᠬᠤ ᠰᠠᠭᠤᠷᠢ ᠮᠦᠩᠭᠦᠨ ᠤ | ᠣᠷᠣᠭᠤᠯᠣᠯᠳᠠ ᠪᠣᠯᠣᠨ ᠡᠷᠬᠢᠯᠳᠡ ᠶᠢᠨ ᠬᠡᠯᠪᠡᠷᠢ ᠶᠢ ᠰᠢᠨᠡᠴᠢᠯᠡᠵᠣ᠂ ᠶᠡᠷᠦᠩᠭᠡᠢ ᠪᠡᠯᠡ ᠣᠷᠣᠭᠤᠯᠣᠯᠳᠠ ᠪᠠᠷᠤᠭ 24 ᠳ᠋ᠦᠩᠰᠢᠭᠤᠷ ᠲᠦᠬᠦᠷᠢᠭ ᠤᠨ PPP | ᠲᠦᠷᠦᠯ ᠵᠣᠶᠢᠯ ᠢ 27 ᠨᠦᠭᠡᠴᠢᠯᠡᠨ᠂ ᠡᠬᠦᠨ ᠳᠤ᠂ ᠪᠣᠷᠣᠪᠠᠯᠭᠠᠰᠦ ᠶᠢᠨ ᠰᠠᠭᠤᠷᠢ ᠲᠦᠬᠦᠭᠡᠷᠦᠮᠵᠢ᠂ ᠣᠳᠤᠭ ᠤᠨ ᠡᠮᠦᠨᠡᠳᠦ ᠬᠤᠰᠢᠭᠤᠨ ᠤ ᠨᠡᠶᠢᠳᠡᠮ ᠬᠡᠷᠡᠭᠯᠡᠭᠡᠨ | ᠤ ᠨᠢᠰᠬᠡᠯ ᠤᠨ ᠪᠠᠭᠤᠳᠠᠯ ᠵᠡᠷᠬᠡ ᠨᠢᠭᠡ ᠪᠦᠯᠦᠭ ᠭᠤᠣᠯᠳᠠᠯᠭᠠᠳᠦ ᠲᠦᠷᠦᠯ ᠵᠣᠶᠢᠯ ᠢ ᠦᠪᠡᠷᠳᠡᠭᠡᠨ ᠵᠠᠰᠠᠬᠤ ᠣᠷᠣᠨ ᠤ ᠲᠦᠷᠪᠡᠳᠦᠭᠡᠷ ᠪᠦᠯᠦᠭ PPP ᠲᠠᠭᠤᠷᠢᠶᠠᠯ | ᠲᠦᠷᠦᠯ ᠵᠣᠶᠢᠯ ᠤᠨ ᠬᠦᠮᠦᠷᠭᠡ ᠳᠤ ᠣᠷᠣᠭᠤᠯᠪᠠ᠃ ︽ᠲᠦᠪᠯᠡᠷᠡᠭᠦᠯᠦᠨ ᠭᠦᠢᠴᠡᠳᠬᠡᠬᠦ︾ ᠬᠠᠮᠢᠶᠠᠷᠣᠯᠳᠠ ᠶᠢᠨ ᠵᠠᠭᠪᠣᠷ ᠢ ᠪᠦᠬᠦ ᠲᠠᠯ᠎ᠠ ᠪᠠᠷ ᠲᠦᠭᠡᠮᠡᠯᠵᠢᠭᠦᠯᠵᠣ᠂ | ᠬᠢᠨᠠᠨ ᠵᠦᠪᠰᠢᠶᠡᠷᠡᠭᠦᠯᠬᠦ ᠭᠦᠢᠴᠡᠳᠬᠡᠯᠳᠡ ᠶᠢᠨ ᠴᠠᠭ ᠤᠨ ᠬᠢᠵᠠᠭᠠᠷᠯᠠᠯ ᠢ 1/3 ᠪᠠᠷ ᠪᠣᠭᠤᠨᠢᠰᠬᠠᠵᠣ᠂ 47 ᠲᠦᠷᠦᠯ ᠤᠨ ᠭᠦᠢᠴᠡᠳᠭᠡᠯᠳᠡ ᠶᠢ ᠦᠭᠡᠶᠢᠰᠬᠡᠵᠣ᠂ | 102 ᠬᠤᠪᠢ ᠮᠠᠲ᠋ᠧᠷᠢᠶᠠᠯ ᠢ ᠴᠤᠮᠬᠠᠳᠬᠠᠨ ᠴᠠᠭ ᠲᠣᠬᠠᠢ ᠳᠤ ᠨᠢ ᠭᠦᠢᠴᠡᠳᠬᠡᠬᠦ ᠨᠣᠷᠮ᠎ᠠ ᠶᠢ 35.6% ᠬᠦᠷᠭᠡᠵᠣ᠂ ᠵᠠᠰᠠᠭ ᠤᠨ ᠶᠠᠪᠣᠳᠠᠯ ᠤᠨ ᠣᠶᠢᠯᠡᠴᠢᠯᠡᠭᠡᠨ | ᠤ ᠲᠦᠪ ᠲᠣᠮᠳᠠᠳᠦ ᠣᠯᠣᠰ ᠤᠨ ᠵᠠᠰᠠᠭ ᠤᠨ ᠶᠠᠪᠣᠳᠠᠯ ᠤᠨ ᠣᠶᠢᠯᠡᠴᠢᠯᠡᠭᠡ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠯ ᠤᠨ ᠦᠭᠡᠷᠡᠴᠢᠯᠡᠯᠳᠡ ᠰᠢᠨᠡᠴᠢᠯᠡᠯᠳᠡ ᠶᠢᠨ | ᠱᠠᠩᠨᠠᠯ ᠬᠦᠷᠳᠡᠪᠡ᠃ ᠠᠮᠢ ᠠᠬᠤᠢ ᠶᠢᠨ ᠪᠣᠯᠪᠠᠰᠣᠨ ᠤ ᠲᠦᠷᠢᠮ ᠤᠨ ᠪᠠᠶᠢᠭᠤᠯᠣᠯᠳᠠ ᠶᠢ ᠠᠬᠢᠭᠤᠯᠵᠣ᠂ ᠪᠠᠶᠢᠭᠠᠯᠢ ᠶᠢᠨ ᠡᠬᠢ ᠰᠣᠷᠪᠣᠯᠵᠢ ᠶᠢᠨ ᠬᠦᠷᠦᠩᠭᠡ ᠶᠢᠨ | ᠬᠢᠨᠠᠨ ᠰᠢᠯᠭᠠᠯᠳᠡ ᠶᠢ ᠠᠬᠢᠭᠤᠯᠣᠨ᠂ ᠪᠠᠶᠢᠭᠠᠯᠢ ᠶᠢᠨ ᠡᠬᠢ ᠰᠣᠷᠪᠣᠯᠵᠢ ᠶᠢᠨ ᠬᠦᠷᠦᠩᠭᠡ ᠶᠢᠨ ᠲᠤᠭᠠᠴᠠᠭᠠᠨ ᠤ ᠰᠢᠰᠲ᠋ᠧᠮ ᠢ ᠪᠦᠷᠢᠯᠳᠦᠭᠦᠯᠵᠣ᠂ ᠲᠤᠭ᠎ᠠ ᠪᠠᠷᠢᠮᠳᠠ | ᠶᠢᠨ ᠬᠦᠮᠦᠷᠭᠡ ᠶᠢᠨ ᠬᠠᠮᠢᠶᠠᠷᠣᠯᠳᠠ ᠶᠢᠨ ᠲᠠᠪᠴᠠᠩ ᠤᠨ ᠪᠠᠶᠢᠭᠤᠯᠣᠯᠳᠠ ᠶᠢ ᠲᠡᠭᠦᠯᠳᠡᠷᠵᠢᠭᠦᠯᠣᠨ 2016 ᠣᠨ ᠤ 6 ᠲᠦᠷᠦᠯ ᠤᠨ ᠪᠠᠶᠢᠭᠠᠯᠢ ᠶᠢᠨ ᠡᠬᠢ | ᠰᠣᠷᠪᠣᠯᠵᠢ ᠶᠢᠨ ᠪᠣᠳᠠᠳᠦ ᠲᠤᠭ᠎ᠠ ᠪᠠᠷᠢᠮᠳᠠ ᠶᠢᠨ ᠪᠦᠷᠢᠳᠬᠡᠯ ᠬᠢᠨᠠᠨ ᠪᠠᠶᠢᠴᠠᠭᠠᠯᠳᠠ ᠪᠣᠯᠣᠨ ᠦᠷᠳᠡᠭ ᠤᠨ ᠲᠤᠭᠠᠴᠠᠭᠠᠨ ᠤ ᠠᠵᠢᠯ ᠢ ᠪᠡᠶᠡᠯᠡᠭᠦᠯᠪᠡ᠃ ︽ᠬᠤᠶᠠᠷ ᠢ | ᠮᠡᠳᠡᠭᠳᠡᠬᠦ︾᠂ ︽ᠬᠤᠶᠠᠷ ᠢ ᠢᠯᠡᠰᠢᠭᠦᠯᠬᠦ︾᠂ ︽ᠬᠤᠶᠠᠷ ᠢ ᠲᠣᠬᠢᠶᠠᠯᠳᠣᠯ ᠢᠶᠠᠷ᠂ ᠨᠢᠭᠡ ᠶᠢ ᠢᠯᠡᠰᠢᠭᠦᠯᠬᠦ︾ ᠠᠵᠢᠯ ᠢ ᠪᠦᠬᠦ ᠲᠠᠯ᠎ᠠ ᠪᠠᠷ ᠲᠦᠭᠡᠮᠡᠯᠵᠢᠭᠦᠯᠪᠡ᠃ | ᠮᠠᠯᠵᠢᠬᠤ ᠲᠠᠷᠢᠶᠠᠯᠠᠬᠤ ᠣᠷᠣᠨ ᠤ ᠭᠠᠵᠠᠷ ᠰᠢᠷᠣᠢ ᠨᠣᠳᠤᠭ ᠪᠡᠯᠴᠢᠭᠡᠷ ᠤᠨ ᠡᠷᠬᠡ ᠶᠢ ᠲᠣᠳᠣᠳᠬᠠᠬᠤ᠂ ᠲᠠᠩᠰᠠᠯᠠᠬᠤ᠂ ᠦᠨᠡᠮᠯᠡᠯ ᠣᠯᠭᠤᠬᠤ ᠶᠢ ᠦᠨᠳᠦᠰᠦᠨ ᠳᠡᠭᠡᠨ | ᠪᠡᠶᠡᠯᠡᠬᠦᠯᠪᠡ᠃ ᠪᠡᠯᠡ ᠣᠷᠣᠭᠤᠯᠣᠯᠳᠠ ᠶᠢᠨ ᠲᠣᠭᠳᠠᠴᠠ᠂ ᠬᠠᠩᠭᠠᠯᠠᠭ᠎ᠠ ᠶᠢᠨ ᠲᠠᠯ᠎ᠠ ᠶᠢᠨ ᠪᠦᠳᠦᠴᠡ ᠶᠢᠨ ᠴᠢᠨᠠᠷᠳᠠᠢ ᠦᠭᠡᠷᠡᠴᠢᠯᠡᠯᠳᠡ᠂ ᠨᠡᠶᠢᠭᠡᠮ ᠤᠨ ᠢᠳᠡᠭᠡᠮᠵᠢ | ᠶᠢᠨ ᠰᠢᠰᠲ᠋ᠧᠮ ᠤᠨ ᠪᠠᠶᠢᠭᠤᠯᠣᠯᠳᠠ ᠵᠡᠷᠬᠡ ᠨᠢᠭᠡ ᠪᠦᠯᠦᠭ ᠭᠤᠣᠯᠳᠠᠯᠭᠠᠳᠦ ᠦᠭᠡᠷᠡᠴᠢᠯᠡᠯᠳᠡ ᠶᠢᠨ ᠡᠭᠦᠷᠭᠡ ᠶᠢᠨ ᠨᠠᠶᠢᠳᠠᠪᠦᠷᠢᠵᠢᠭᠤᠯᠣᠯᠳᠠ ᠬᠡᠷᠡᠭᠵᠢᠭᠦᠯᠦᠯᠳᠡ ᠶᠢ | ᠴᠢᠩᠭᠠᠳᠬᠠᠪᠠ᠃ ᠦᠪᠡᠷ ᠢᠶᠠᠨ ᠰᠣᠩᠭᠤᠭᠰᠠᠨ ᠦᠭᠡᠷᠡᠴᠢᠯᠡᠯᠳᠡ ᠶᠢᠨ ᠪᠦᠳᠦᠮᠵᠢ ᠠᠩᠬᠠᠯᠠᠨ ᠢᠯᠡᠷᠡᠪᠡ᠃ ᠬᠤᠰᠢᠭᠤᠨ ᠤ ᠪᠣᠳᠠᠳᠦ ᠪᠠᠶᠢᠳᠠᠯ ᠳᠤ ᠰᠠᠭᠤᠷᠢᠯᠠᠨ ︽ | ᠣᠶᠣᠨᠴᠢ ᠡᠮᠦᠨᠡᠳᠦ ᠣᠳᠤᠭ︾᠂ ︽ᠲᠡᠰ ᠴᠢᠨᠠᠷᠳᠦ ᠮᠠᠯ ᠲᠠᠷᠢᠶᠠᠯᠠᠩ᠂ ᠬᠡᠪ ᠴᠢᠨᠰᠠᠭᠠᠳᠦ ᠮᠠᠯᠵᠢᠬᠤ ᠲᠠᠷᠢᠶᠠᠯᠠᠬᠤ ᠣᠷᠣᠨ᠂ ᠪᠣᠯᠪᠠᠰᠣᠷᠠᠯ ᠰᠠᠶᠢᠳᠠᠢ ᠮᠠᠯᠴᠢᠨ | ᠲᠠᠷᠢᠶᠠᠴᠢᠨ︾ ᠪᠣᠯᠣᠨ ᠵᠠᠰᠠᠭ ᠤᠨ ᠣᠷᠳᠣᠨ ᠤ ᠬᠠᠣᠯᠢ ᠴᠠᠭᠠᠵᠠ ᠶᠢᠨ ᠶᠠᠪᠣᠳᠠᠯ ᠤᠨ ᠲᠦᠪ ᠤᠨ ᠪᠠᠶᠢᠭᠤᠯᠣᠯᠳᠠ ᠵᠡᠷᠭᠡ 11 ᠲᠦᠷᠦᠯ ᠤᠨ ᠣᠳᠤᠭ ᠤᠨ ᠡᠮᠦᠨᠡᠳᠦ | ᠬᠤᠰᠢᠭᠤᠨ ᠤ ᠣᠨᠴᠠᠯᠢᠭᠳᠦ ᠦᠭᠡᠷᠡᠴᠢᠯᠡᠯᠳᠡ ᠶᠢᠨ ᠡᠭᠦᠷᠬᠡ ᠶᠢ ᠪᠦᠳᠦᠭᠡᠯᠴᠢ ᠪᠠᠷ ᠪᠡᠶᠡᠯᠡᠭᠦᠯᠪᠡ᠃ ᠬᠤᠰᠢᠭᠤ᠂ ᠪᠠᠯᠭᠠᠰᠦ᠂ ᠭᠠᠴᠠᠭ᠎ᠠ ᠭᠤᠷᠪᠠᠨ ᠱᠠᠳᠦ | ᠬᠤᠯᠪᠣᠭᠠᠯᠠᠭᠰᠠᠨ ︽ᠣᠶᠣᠨᠴᠢ ᠵᠠᠰᠠᠭ ᠤᠨ ᠶᠠᠪᠣᠳᠠᠯ︾ ᠤᠨ ᠲᠠᠪᠴᠠᠩ ᠤᠨ ᠪᠠᠶᠢᠭᠤᠯᠣᠯᠳᠠ ᠪᠦᠬᠦ ᠲᠠᠯ᠎ᠠ ᠪᠠᠷ ᠶᠠᠪᠣᠭᠳᠠᠵᠣ᠂ ᠡᠩ ᠲᠡᠷᠢᠭᠦᠨ ᠳᠤ ᠶᠡᠷᠦᠩᠬᠡᠶᠢᠯᠡᠭᠰᠡᠨ | ᠵᠠᠰᠠᠭ ᠵᠠᠬᠢᠷᠭᠠᠨ ᠤ ᠬᠠᠣᠯᠢ ᠬᠡᠷᠡᠭᠵᠢᠭᠦᠯᠦᠯᠳᠡ ᠶᠢᠨ ᠲᠣᠭᠳᠠᠴᠠ ᠶᠢᠨ ᠦᠭᠡᠷᠡᠴᠢᠯᠡᠯᠳᠡ ᠶᠢ ᠡᠬᠢᠯᠡᠭᠦᠯᠪᠡ᠃ ᠦᠭᠡᠷᠡᠴᠢᠯᠡᠯᠳᠡ ᠶᠢᠨ ᠲᠣᠷᠰᠢᠯᠭ᠎ᠠ ᠶᠢ ᠳ᠋ᠦᠩᠨᠡᠨ | ᠲᠦᠭᠡᠮᠡᠯᠵᠢᠭᠦᠯᠬᠦ ᠶᠢ ᠨᠡᠩ ᠴᠢᠬᠤᠯᠠᠴᠢᠯᠠᠵᠣ᠂ ᠬᠤᠰᠢᠭᠤᠨ ᠤ ᠦᠨᠳᠦᠰᠦᠳᠡᠨ ᠤ ᠠᠵᠢᠯ ᠮᠡᠷᠭᠡᠵᠢᠯ ᠤᠨ ᠲᠣᠮᠳᠠᠳᠦ ᠰᠣᠷᠭᠠᠭᠤᠯᠢ ᠶᠢᠨ ᠲᠠᠳᠣᠯᠭ᠎ᠠ ᠪᠣᠯᠪᠠᠰᠣᠷᠠᠯ ᠤᠨ | ᠰᠠᠭᠤᠷᠢᠨ ᠭᠠᠵᠠᠷ ᠤᠨ ᠵᠠᠬ᠎ᠠ ᠲᠡᠯᠭᠡᠭᠦᠷᠴᠢᠯᠡᠭᠰᠡᠨ ᠠᠵᠢᠯᠯᠠᠮᠵᠢ ᠪᠣᠯᠣᠨ ᠲᠣᠳᠣᠭᠠᠳᠦ ᠶᠢ ᠬᠠᠮᠠᠭᠠᠯᠠᠬᠤ ︽ᠲᠣᠮᠣ ᠰᠠᠯᠠᠭ᠎ᠠ ᠮᠦᠴᠢᠷ᠂ ᠲᠣᠮᠣ ᠴᠠᠭᠳᠠᠭᠠᠨ ᠲᠦᠷᠦᠯ︾ | ᠤᠨ 2 ᠲᠦᠷᠦᠯ ᠤᠨ ᠦᠭᠡᠷᠡᠴᠢᠯᠡᠯᠳᠡ ᠶᠢᠨ ᠲᠣᠷᠰᠢᠯᠭ᠎ᠠ ᠣᠷᠳᠣᠰ ᠬᠤᠳᠠ ᠳᠤ ᠲᠦᠭᠡᠮᠡᠯᠵᠢᠪᠡ᠃ ᠲᠣᠷᠰᠢᠯᠳᠠ ᠶᠢᠨ ᠦᠭᠡᠷᠡᠴᠢᠯᠡᠯᠳᠡ ᠯᠠᠪᠳᠠᠭᠤᠨ ᠠᠬᠢᠪᠠ᠃ | ᠡᠮᠨᠡᠭᠦ ᠰᠣᠪᠢᠯᠠᠬᠤ ᠶᠢ ᠣᠶᠠᠯᠳᠣᠭᠤᠯᠬᠤ ᠦᠭᠡᠷᠡᠴᠢᠯᠡᠯᠳᠡ ᠶᠢᠨ ᠲᠣᠷᠰᠢᠯᠳᠡ ᠶᠢ ᠢᠳᠡᠪᠬᠢᠳᠡᠢ ᠠᠬᠢᠭᠤᠯᠵᠣ᠂ ᠠᠵᠠᠳᠠᠢ ᠡᠷᠡᠭᠦᠯᠵᠢᠯ ᠰᠣᠪᠢᠯᠠᠯ ᠤᠨ ᠬᠦᠷᠢᠶᠠᠯᠠᠩ | ᠬᠢᠬᠡᠳ ᠬᠤᠰᠢᠭᠤ ᠮᠣᠩᠭᠤᠯ ᠡᠮᠨᠡᠯᠭᠡ ᠶᠢᠨ ᠬᠤᠷᠢᠶ᠎ᠠ᠂ ᠨᠠᠰᠣᠳᠠᠳ ᠢ ᠠᠰᠠᠷᠠᠬᠤ ᠬᠦᠷᠢᠶᠡᠯᠡᠩ ᠰᠣᠪᠢᠯᠠᠬᠤ ᠶᠢ ᠣᠶᠠᠯᠳᠣᠭᠤᠯᠬᠤ ᠵᠦᠪᠯᠡᠯᠴᠡᠭᠡᠷ ᠲᠣᠭᠳᠠᠵᠣ᠂ | ᠲᠥᠮᠡ ᠢᠯᠡᠭᠦᠣ ᠭᠥᠮᠥᠨ ᠣᠳᠠᠭ᠎ᠠ ᠶᠢᠨ ᠨᠠᠰᠣᠵᠢᠯ ᠪᠣᠯᠣᠨ ᠡᠮᠨᠡᠯᠭᠡ ᠶᠢᠨ ᠣᠶᠢᠯᠡᠴᠢᠯᠡᠭᠡ ᠬᠠᠩᠭᠠᠪᠠ᠃ ᠠᠯᠪᠠᠨ ᠠᠴᠠ ᠡᠷᠬᠢᠯᠡᠭᠰᠡᠨ ᠡᠮᠨᠡᠯᠭᠡ ᠶᠢᠨ ᠶᠡᠷᠦᠩᠬᠡᠶᠢᠯᠡᠭᠰᠡᠨ | ᠦᠭᠡᠷᠡᠴᠢᠯᠡᠯᠳᠡ ᠶᠢᠨ ᠲᠣᠷᠰᠢᠯᠳᠠ ᠶᠢ ᠯᠠᠪᠳᠠᠭᠤᠨ ᠢᠶᠠᠷ ᠠᠬᠢᠭᠤᠯᠵᠣ᠂ 31 ᠵᠣᠶᠢᠯ ᠤᠨ ᠡᠪᠡᠳᠴᠢᠨ ᠤ ᠡᠮᠴᠢᠯᠡᠭᠡᠨ ᠤ ᠲᠠᠷᠠᠭᠠᠯᠠᠯ ᠤᠨ ᠬᠠᠮᠢᠶᠠᠷᠣᠯᠳᠠ ᠶᠢ | ᠪᠡᠶᠡᠯᠡᠭᠦᠯᠵᠣ᠂ ᠡᠮ ᠤᠨ ᠵᠣᠶᠢᠯ ᠤᠨ ᠬᠤᠳᠠᠯᠳᠣᠨ ᠠᠪᠣᠯᠳᠠ ᠶᠢᠨ ︽ᠬᠤᠶᠠᠷ ᠫᠢᠶᠣᠣ ᠶᠢᠨ ᠲᠦᠷᠢᠮ︾ ᠤᠨ ᠪᠠᠷᠢᠮᠵᠢᠶᠠᠨ ᠳᠤ ᠬᠦᠷᠦᠭᠰᠡᠨ ᠨᠣᠷᠮ᠎ᠠ 71% | ᠭᠥᠷᠴᠥ᠂ ᠨᠢᠩᠰᠢᠶ᠋ᠨ ᠶᠢᠨ ᠢᠷᠭᠠᠢ ᠬᠤᠳᠠ ᠯᠤᠭ᠎ᠠ ᠣᠷᠣᠨ ᠠᠯᠣᠰᠯᠠᠭᠰᠠᠨ ᠡᠮ ᠡᠮᠨᠡᠯᠭᠡ ᠡᠷᠡᠭᠦᠯ ᠬᠠᠮᠠᠭᠠᠯᠠᠯ ᠤᠨ ᠬᠠᠮᠳᠣᠷᠠᠯᠴᠠᠭᠠᠨ ᠤ ᠲᠣᠭᠳᠠᠴᠠ ᠪᠠᠶᠢᠭᠤᠯᠣᠨ᠂ | ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠡᠮ ᠡᠮᠨᠡᠯᠭᠡ ᠶᠢᠨ ᠲᠠᠭᠠᠳᠬᠠᠯ ᠤᠨ ᠣᠷᠣᠨ ᠠᠯᠣᠰᠯᠠᠨ ᠲᠠᠰᠤᠯᠠᠨ ᠪᠤᠳᠤᠯᠳᠠ ᠶᠢ ᠪᠡᠶᠡᠯᠡᠭᠦᠯᠪᠡ᠃ | ︵ᠲᠠᠪᠤ︶ ᠠᠷᠠᠳ ᠤᠨ ᠠᠮᠢᠳᠤᠷᠠᠯ ᠤᠨ ᠪᠠᠳᠤᠯᠠᠭ᠎ᠠ ᠶᠢᠨ ᠴᠢᠳᠠᠪᠤᠷᠢ ᠶᠢ ᠲᠡᠭᠡᠭᠰᠢᠯᠡᠭᠦᠯᠵᠥ᠂ ᠨᠠᠶᠢᠭᠡᠮ ᠨᠡᠶᠢᠳᠡ ᠶᠢᠨ ᠠᠮᠤᠷ ᠵᠤᠬᠢᠴᠠᠯ ᠢ ᠠᠬᠢᠭᠤᠯᠪᠠ᠃ | ᠠᠷᠠᠳ ᠲᠥᠮᠡᠨ ᠢᠶᠠᠷ ᠲᠥᠪᠯᠡᠭᠦᠯᠭᠦ ᠭᠥᠭᠵᠢᠭᠦᠯᠥᠯᠳᠡ ᠶᠢᠨ ᠰᠡᠳᠬᠢᠮᠵᠢ ᠶᠢ ᠪᠠᠳᠤ ᠴᠢᠩᠭᠠᠳᠬᠠᠵᠣ᠂ ᠨᠡᠶᠢᠭᠡᠮ ᠤᠨ ᠲᠤᠤᠷ᠎ᠠ ᠪᠠᠳᠤᠯᠠᠭ᠎ᠠ ᠶᠢᠨ ᠲᠥᠷᠥ ᠶᠢᠨ | ᠪᠤᠳᠤᠯᠭ᠎ᠠ ᠶᠢ ᠲᠠᠰᠤᠷᠠᠯᠳᠠ ᠥᠭᠡᠢ ᠲᠡᠭᠦᠯᠳᠡᠷᠵᠢᠭᠦᠯᠥᠨ᠂ ᠠᠷᠠᠳ ᠤᠨ ᠠᠮᠢᠳᠤᠷᠠᠯ ᠤᠨ ᠨᠠᠭᠠᠳᠤ ᠵᠠᠬ᠎ᠠ ᠶᠢᠨ ᠪᠠᠳᠤᠯᠠᠭ᠎ᠠ ᠶᠢᠨ ᠲᠥᠪᠰᠢᠨ ᠢ ᠴᠢᠩᠭ᠎ᠠ ᠰᠠᠬᠢᠵᠤ᠂ | ᠠᠷᠠᠳ ᠤᠨ ᠠᠮᠢᠳᠤᠷᠠᠯ ᠢ ᠪᠠᠳᠤᠯᠠᠬᠤ ︽ᠵᠢᠷᠭᠤᠭᠠᠨ ᠲᠠᠪᠬᠤᠷ ᠲᠤᠤᠷ︾ ᠢ ᠪᠠᠬᠢᠵᠢᠭᠦᠯᠪᠠ᠃ ᠶᠠᠳᠠᠭᠤ ᠠᠴᠠ ᠠᠩᠬᠢᠵᠢᠷᠠᠭᠤᠯᠬᠤ ᠠᠵᠢᠯ ᠤᠨ ᠪᠥᠳᠥᠮᠵᠢ ᠪᠠᠨ | ᠪᠠᠳᠤᠳᠬᠠᠪᠠ᠃ ︽ᠲᠠᠪᠤᠨ ᠪᠥᠯᠥᠭ ᠬᠤᠪᠢᠶᠠᠬᠤ︾ ᠲᠡᠳᠭᠦᠯᠳᠡ ᠶᠢᠨ ᠠᠷᠭ᠎ᠠ ᠠᠪᠴᠠᠯ ᠢ ᠢᠳᠡᠪᠬᠢᠳᠡᠢ ᠨᠠᠶᠢᠳᠠᠪᠤᠷᠢᠵᠢᠭᠤᠯᠤᠨ᠂ 2016 ᠤᠨ ᠳᠤ ᠨᠢᠭᠡᠨᠳᠡ | ᠶᠠᠳᠠᠭᠤ ᠠᠴᠠ ᠠᠩᠬᠢᠵᠢᠷᠭᠤᠯᠤᠭᠰᠠᠨ 1357 ᠡᠷᠥᠭᠡ ᠶᠢᠨ 3722 ᠨᠡᠷ᠎ᠡ ᠲᠤᠤᠷ᠎ᠠ ᠤᠷᠤᠯᠭᠠᠳᠤ ᠮᠠᠯᠴᠢᠨ ᠲᠠᠷᠢᠶᠠᠴᠢᠨ ᠳᠤ ᠬᠥᠳᠡᠯᠥᠩᠭᠦᠢ ᠬᠠᠮᠢᠶᠠᠷᠤᠯᠳᠠ ᠬᠢᠵᠥ᠂ | 431 ᠡᠷᠥᠭᠡ ᠶᠢᠨ 1061 ᠭᠥᠮᠥᠨ ᠳᠤ ᠭᠥᠭᠵᠢᠯᠳᠡ ᠶᠢᠨ ᠲᠥᠯᠥᠪᠯᠡᠭᠡ ᠲᠤᠭᠳᠠᠭᠠᠬᠤ ᠪᠠ ᠮᠡᠷᠭᠡᠵᠢᠯ ᠰᠠᠶᠢᠵᠢᠷᠠᠭᠤᠯᠬᠤ ᠥᠯᠡᠴᠢᠯᠡᠭᠡ ᠬᠢᠵᠤ ᠥᠭᠭᠦᠨ᠂ | ᠨᠡᠶᠢᠳᠡ 1534.7 ᠲᠥᠮᠡᠨ ᠲᠥᠭᠦᠷᠢᠭ ᠤᠨ ᠪᠡᠯᠡ ᠤᠷᠤᠭᠤᠯᠵᠤ᠂ ᠴᠢᠨᠡᠭᠡᠯᠢᠭᠵᠢᠯ ᠤᠨ ᠲᠥᠷᠥᠯ ᠵᠥᠢᠯ ᠢ 219 ᠲᠤᠬᠢᠷᠠᠯᠴᠠᠭᠤᠯᠤᠨ᠂ ᠲᠠᠷᠢᠵᠤ ᠲᠡᠵᠢᠭᠡᠭᠦ | ᠲᠤᠮᠤ ᠭᠥᠯᠡᠮᠵᠢ ᠶᠢ 106 ᠲᠥᠭᠦᠷ ᠪᠠᠶᠢᠭᠤᠯᠵᠤ᠂ 13 ᠮᠠᠰᠢᠨ ᠬᠤᠳᠳᠤᠭ ᠰᠢᠨ᠎ᠡ ᠥᠷᠥᠮᠳᠡᠡ᠂ 3328 ᠮᠤ᠋ ᠶᠢᠨ ᠲᠡᠵᠢᠭᠡᠯ ᠪᠤᠷᠳᠤᠭᠠᠨ ᠤ ᠠᠷᠪᠢᠳᠠᠢ | ᠤᠰᠤᠯᠠᠯᠳᠠ ᠶᠢᠨ ᠭᠠᠵᠠᠷ ᠪᠠᠶᠢᠭᠤᠯᠵᠤ᠂ 4180 ᠮᠠᠯ ᠬᠤᠪᠢᠳᠠᠭᠤᠯᠵᠤ ᠬᠤᠪᠢᠶᠠᠷᠢᠯᠠᠨ᠂ ᠠᠷᠠᠳ ᠤᠯᠠᠨ ᠤ ᠠᠰᠢᠭ ᠲᠤᠰᠠ ᠳᠤ ᠨᠢᠭᠳᠠ ᠬᠤᠯᠪᠤᠭᠳᠠᠭᠰᠠᠨ | 6721 ᠠᠰᠠᠭᠤᠳᠠᠯ ᠢ ᠬᠠᠪᠰᠤᠷᠤᠨ ᠰᠢᠢᠳᠪᠥᠷᠢᠯᠡᠵᠥ᠂ ᠭᠥᠴᠢᠷᠳᠡᠯᠳᠡᠢ ᠡᠷᠥᠭᠡ ᠶᠢᠨ ᠶᠠᠳᠠᠭᠤ ᠠᠴᠠ ᠠᠩᠬᠢᠵᠢᠷᠠᠨ ᠴᠢᠨᠡᠭᠡᠯᠢᠭᠵᠢᠯ ᠳᠤ ᠲᠠᠪᠰᠢᠬᠤ ᠭᠥᠴᠥᠨ ᠢ | ᠢᠯᠡᠳᠳᠡ ᠨᠡᠮᠡᠭᠳᠡᠭᠦᠯᠪᠡ᠃ ᠨᠡᠶᠢᠭᠡᠮ ᠤᠨ ᠪᠠᠳᠤᠯᠠᠭ᠎ᠠ ᠶᠢᠨ ᠬᠠᠮᠤᠷᠬᠤ ᠬᠡᠪᠴᠢᠶᠡᠵᠢᠯ ᠢ ᠲᠠᠰᠤᠷᠠᠯᠳᠠ ᠥᠭᠡᠢ ᠥᠷᠭᠡᠳᠭᠡᠪᠡ᠃ ︽ᠥᠢᠯᠡᠰ ᠪᠥᠳᠥᠭᠡᠯᠳᠡ ᠲᠠᠢ | ᠡᠮᠥᠨᠡᠳᠥ ᠤᠳᠤᠭ︾ ᠤᠨ ᠠᠵᠢᠯᠯᠠᠭ᠎ᠠ ᠶᠢ ᠭᠥᠨᠵᠡᠭᠡᠢ ᠭᠡᠷᠡᠭᠵᠢᠭᠦᠯᠵᠥ᠂ ᠤᠷᠢᠳ ᠬᠤᠵᠢᠳ ᠨᠡᠶᠢᠳᠡ 878 ᠭᠥᠮᠥᠨ ᠤᠳᠠᠭᠠᠨ ᠤ ᠮᠡᠷᠭᠡᠵᠢᠯ ᠴᠢᠳᠠᠪᠤᠷᠢ ᠶᠢᠨ | ᠪᠤᠯᠪᠠᠰᠤᠷᠠᠯ ᠢ ᠡᠷᠬᠢᠯᠡᠨ᠂ ᠥᠢᠯᠡᠰ ᠪᠥᠳᠥᠭᠡᠯᠳᠡ ᠶᠢᠨ ᠨᠥᠭᠦᠴᠡᠯ ᠱᠠᠭᠠᠷᠳᠠᠯᠭ᠎ᠠ ᠶᠢ ᠰᠤᠯᠠᠳᠬᠠᠬᠤ᠂ ᠭᠡᠷ ᠤᠨ ᠲᠥᠷᠢᠶᠡᠰᠤ ᠶᠢ ᠬᠢᠮᠳᠠᠷᠠᠭᠤᠯᠬᠤ ᠪᠠ ᠥᠭᠡᠶᠢᠰᠭᠡᠭᠦ᠂ | ᠥᠢᠯᠡᠰ ᠪᠥᠳᠥᠭᠡᠯᠳᠡ ᠶᠢᠨ ᠭᠥᠥ ᠮᠥᠩᠭᠦ ᠥᠭᠡᠢ ᠵᠢᠭᠡᠯᠡᠯᠭᠡ ᠲᠠᠯᠪᠢᠬᠤ ᠵᠡᠷᠭᠡ ᠠᠷᠭ᠎ᠠ ᠠᠪᠴᠠᠯ ᠢᠶᠠᠷ᠂ 958 ᠭᠥᠮᠥᠨ ᠳᠤ ᠰᠢᠨ᠎ᠡ ᠪᠠᠷ ᠠᠵᠢᠯ ᠤᠯᠭᠤᠪᠠ᠃ | ᠨᠡᠶᠢᠭᠡᠮ ᠤᠨ ᠪᠠᠳᠤᠯᠠᠭ᠎ᠠ ᠶᠢᠨ ᠬᠠᠮᠤᠷᠬᠤ ᠬᠡᠪᠴᠢᠶ᠎ᠡ ᠶᠢ ᠤᠯᠠᠮ ᠢᠶᠠᠷ ᠥᠷᠭᠡᠳᠭᠡᠵᠤ᠂ ᠡᠮᠴᠢᠯᠡᠭᠡᠨ ᠤ ᠲᠠᠭᠠᠳᠬᠠᠯ ᠤᠨ ᠭᠠᠳᠠᠨ᠎ᠠ ᠭᠠᠵᠠᠷ ᠲᠤᠭᠠᠴᠠᠭ᠎ᠠ ᠬᠢᠭᠦ᠂ | ᠬᠥᠨᠳᠥ ᠡᠪᠡᠳᠴᠢᠳᠡᠨ ᠢ ᠲᠤᠰᠠᠯᠠᠬᠤ᠂ ᠡᠮᠴᠢᠯᠡᠭᠡᠨ ᠤ ᠤᠷᠢᠳᠡᠢ ᠠᠪᠤᠷᠠᠨ ᠲᠤᠰᠠᠯᠠᠬᠤ ᠵᠡᠷᠭᠡ ᠶᠢ ᠪᠥᠭᠦ ᠲᠠᠯ᠎ᠠ ᠪᠠᠷ ᠨᠠᠶᠢᠳᠠᠪᠤᠷᠢᠵᠢᠭᠤᠯᠤᠨ᠂ ᠤᠨᠴᠠ ᠭᠥᠴᠢᠷᠳᠡᠯᠳᠤ | ᠡᠳᠡᠭᠡᠳ ᠢ ᠲᠤᠰᠠᠯᠠᠨ ᠲᠡᠮᠵᠢᠭᠦ ᠠᠵᠢᠯ ᠢ ᠯᠠᠪᠳᠠᠭᠤᠨ ᠪᠠᠳᠤᠳᠠᠢ ᠬᠢᠵᠤ᠂ ᠪᠥᠭᠦ ᠬᠤᠰᠢᠭᠤᠨ ᠤ ᠮᠠᠯᠴᠢᠨ ᠲᠠᠷᠢᠶᠠᠴᠢᠳ ᠤᠨ ᠨᠠᠰᠤᠵᠢᠯ ᠤᠨ ᠲᠠᠭᠠᠳᠬᠠᠯ ᠳᠤ | ᠣᠷᠣᠯᠴᠠᠭᠰᠠᠨ ᠨᠣᠷᠮ᠎ᠠ 97% ᠠᠴᠠ ᠲᠠᠪᠠᠵᠣ᠂ ᠮᠠᠯᠵᠢᠬᠤ ᠲᠠᠷᠢᠶᠠᠯᠠᠬᠤ ᠣᠷᠣᠨ ᠤ ᠬᠤᠷᠰᠢᠭᠰᠠᠨ ᠡᠮᠨᠡᠯᠭᠡ ᠶᠢᠨ ᠪᠦᠷᠬᠦᠴᠡ ᠶᠢ ᠦᠨᠳᠦᠰᠦᠨ ᠳᠤ ᠪᠠᠨ | ᠪᠡᠶᠡᠯᠡᠭᠦᠯᠪᠡ᠃ ᠨᠡᠶᠢᠳᠡ ᠶᠢᠨ ᠣᠶᠢᠯᠡᠴᠢᠯᠡᠭᠡᠨ ᠤ ᠲᠦᠪᠰᠢᠨ ᠢ ᠪᠦᠬᠦ ᠲᠠᠯ᠎ᠠ ᠪᠠᠷ ᠲᠡᠭᠡᠭᠰᠢᠯᠡᠭᠦᠯᠪᠠ᠃ ︽ᠣᠶᠣᠨᠴᠢ ᠰᠣᠷᠭᠠᠨ ᠬᠦᠮᠦᠵᠢᠯ︾ ᠤᠨ ᠢᠨᠵᠧᠨᠧᠷᠢᠩ ᠢ | ᠰᠦᠪᠡᠭᠴᠢᠯᠡᠨ ᠬᠡᠷᠡᠭᠵᠢᠭᠦᠯᠵᠣ᠂ ᠨᠡᠷᠡᠳᠦ ᠵᠠᠬᠢᠷᠣᠯ᠂ ᠰᠢᠯᠢᠳᠡᠭ ᠪᠠᠭᠰᠢ ᠶᠢ ᠣᠷᠣᠭᠤᠯᠵᠣ᠂ ᠬᠤᠳᠠ ᠬᠦᠳᠡᠭᠡ ᠶᠢᠨ ᠰᠣᠷᠭᠠᠨ ᠬᠦᠮᠦᠵᠢᠯ ᠢ ᠣᠯᠠᠮ | ᠲᠡᠩᠴᠡᠭᠦᠷᠢᠰᠢᠭᠦᠯᠪᠡ᠃ ︽ᠡᠷᠡᠭᠦᠯ ᠡᠩᠬᠡ ᠡᠮᠦᠨᠡᠳᠦ ᠣᠳᠤᠭ︾ ᠢᠨᠵᠧᠨᠧᠷᠢᠩ ᠢ ᠦᠷᠭᠦᠯᠵᠢᠯᠡᠨ ᠠᠬᠢᠭᠤᠯᠵᠣ᠂ 28 ᠲᠦᠷᠦᠯ ᠤᠨ ᠠᠭᠤᠯᠠᠭ᠎ᠠ ᠲᠠᠢ ᠪᠦᠬᠦ | ᠬᠤᠰᠢᠭᠤᠨ ᠤ ᠬᠦᠮᠦᠨ ᠠᠮᠠ ᠶᠢᠨ ᠡᠷᠡᠭᠦᠯ ᠮᠡᠨᠳᠦ ᠶᠢᠨ ᠮᠡᠳᠡᠭᠡ ᠵᠡᠩᠬᠢ ᠶᠢᠨ ᠬᠦᠮᠦᠷᠭᠡ ᠶᠢ ᠪᠠᠶᠢᠭᠤᠯᠣᠨ᠂ ᠬᠤᠰᠢᠭᠤ ᠮᠣᠩᠭᠤᠯ ᠡᠮᠨᠡᠯᠭᠡ ᠶᠢᠨ ᠬᠤᠷᠢᠶᠠᠨ ᠤ | ᠰᠢᠨ᠎ᠡ ᠪᠠᠶᠢᠭᠤᠯᠣᠯᠳᠠ ᠶᠢᠨ ᠲᠦᠷᠦᠯ ᠵᠣᠶᠢᠯ ᠢ ᠬᠡᠷᠡᠭᠵᠢᠭᠦᠯᠵᠣ᠂ ᠦᠨᠳᠦᠰᠦᠨ ᠱᠠᠳᠣᠨ ᠤ ᠲᠦᠷᠪᠡᠨ ᠡᠷᠡᠭᠦᠯ ᠬᠠᠮᠠᠭᠠᠯᠠᠯ ᠤᠨ ᠬᠤᠷᠢᠶ᠎ᠠ ᠶᠢᠨ ᠪᠠᠷᠢᠮᠵᠢᠶᠠᠵᠢᠭᠰᠠᠨ | ᠪᠠᠶᠢᠭᠤᠯᠣᠯᠳᠠ ᠶᠢ ᠪᠡᠶᠡᠯᠡᠭᠦᠯᠦᠨ᠂ ᠡᠮ ᠡᠮᠨᠡᠯᠭᠡ ᠶᠢᠨ ᠣᠶᠢᠯᠡᠴᠢᠯᠡᠭᠡᠨ ᠤ ᠣᠷᠴᠢᠨ ᠢ ᠣᠯᠠᠮ ᠰᠠᠶᠢᠵᠢᠷᠠᠭᠤᠯᠪᠠ᠃ ᠣᠯᠠᠨ ᠶᠠᠩᠵᠣᠳᠦ ᠠᠷᠭ᠎ᠠ ᠬᠡᠯᠪᠡᠷᠢ ᠪᠠᠷ ᠰᠤᠶᠤᠯ | ᠢ ᠬᠦᠳᠡᠭᠡ ᠪᠠᠭᠤᠯᠭᠠᠵᠣ᠂ ᠲᠣᠭᠯᠠᠯᠳᠠ ᠭᠠᠷᠭᠠᠬᠤ᠂ ᠨᠣᠮ ᠪᠡᠯᠡᠭᠯᠡᠬᠦ᠂ ᠺᠢᠨᠤ᠋ ᠭᠠᠷᠭᠠᠬᠤ ᠵᠡᠷᠭᠡ ᠠᠵᠢᠯᠯᠠᠭ᠎ᠠ ᠶᠢ 1500 ᠲᠠᠯᠠᠪᠠᠢ ᠣᠳᠠᠭ᠎ᠠ ᠦᠷᠨᠢᠭᠦᠯᠵᠣ᠂ ︽ | ᠪᠣᠬᠢᠷᠳᠣᠯ ᠦᠭᠡᠢ ᠠᠶᠠᠯᠠᠯ᠂ ᠡᠷᠡᠭᠦᠯ ᠡᠩᠬᠡ ᠠᠮᠢᠳᠣᠷᠠᠯ︾ ᠶᠠᠪᠠᠭᠠᠯᠠᠨ ᠠᠯᠬᠤᠬᠤ ᠠᠵᠢᠯᠯᠠᠭ᠎ᠠ᠂ ᠺᠠᠳ᠋ᠷ ᠠᠵᠢᠯᠳᠠᠨ ᠤ ᠲᠠᠮᠢᠷ ᠤᠨ ᠣᠷᠣᠯᠳᠣᠭᠠᠨ ᠵᠡᠷᠭᠡ ᠣᠯᠠᠨ | ᠲᠦᠮᠡᠨᠴᠢ ᠠᠵᠢᠯᠯᠠᠭ᠎ᠠ ᠡᠷᠬᠢᠯᠡᠵᠣ᠂ ᠣᠯᠠᠨ ᠲᠦᠮᠡᠨ ᠤ ᠰᠣᠶᠣᠯ ᠤᠨ ᠠᠮᠢᠳᠣᠷᠠᠯ ᠢ ᠪᠠᠶᠠᠯᠢᠭᠵᠢᠭᠤᠯᠪᠠ᠃ ᠣᠶᠣᠨ ᠤ ᠪᠣᠯᠪᠠᠰᠣᠨ ᠤ ᠴᠣᠭᠴᠠᠯᠠᠯᠳᠠ᠂ ᠣᠷᠴᠢᠨ ᠤ | ᠲᠣᠭᠤᠷᠢᠨ ᠤ ᠬᠠᠮᠠᠭᠠᠯᠠᠯᠳᠠ᠂ ᠦᠨᠳᠦᠰᠦᠳᠡᠨ ᠱᠠᠰᠢᠨ ᠰᠣᠷᠳᠠᠬᠤᠨ᠂ ᠵᠠᠬᠢᠳᠠᠯ ᠰᠣᠷᠪᠣᠯᠵᠢᠯᠠᠭ᠎ᠠ ᠠᠮᠣᠷ ᠲᠣᠭᠳᠠᠭᠤᠨ᠂ ᠨᠡᠶᠢᠭᠡᠮ ᠤᠨ ᠠᠮᠣᠷ ᠢ ᠬᠠᠮᠠᠭᠠᠯᠠᠬᠤ᠂ | ᠠᠶᠣᠯ ᠦᠭᠡᠢ ᠣᠶᠢᠯᠠᠳᠪᠦᠷᠢᠯᠠᠯ᠂ ᠬᠠᠣᠯᠢ ᠲᠦᠭᠡᠮᠡᠯᠵᠢᠭᠦᠯᠦᠨ ᠬᠠᠣᠯᠢ ᠵᠢᠷᠣᠮᠯᠠᠬᠤ᠂ ᠢᠳᠡᠭᠡᠨ ᠤ ᠠᠮᠣᠷ ᠲᠦᠪᠰᠢᠨ᠂ ᠴᠢᠳᠠᠪᠦᠷᠢᠳᠠᠨ ᠤ ᠠᠵᠢᠯ᠂ ᠡᠷᠡᠭᠦᠯ | ᠬᠠᠮᠠᠭᠠᠯᠠᠯ ᠲᠦᠯᠦᠪᠯᠡᠭᠡᠳᠦ ᠦᠷᠡᠵᠢᠯ᠂ ᠡᠮᠡᠭᠳᠡᠶᠢᠴᠣᠳ ᠬᠡᠣᠬᠡᠳ ᠪᠠᠭᠠᠴᠣᠳ ᠵᠡᠷᠭᠡ ᠡᠯ᠎ᠡ ᠲᠠᠯ᠎ᠠ ᠶᠢᠨ ᠠᠵᠢᠯ ᠯᠠᠪᠳᠠᠭᠤᠨ ᠠᠬᠢᠵᠣ᠂ ᠨᠡᠶᠢᠭᠡᠮ ᠤᠨ ᠣᠷᠴᠢᠨ ᠡᠶ᠎ᠡ | ᠵᠣᠬᠢᠴᠠᠩᠭᠤᠢ ᠲᠣᠭᠳᠠᠭᠤᠨ ᠪᠣᠯᠪᠠ᠃ | ᠪᠦᠬᠦᠶᠢᠯᠡ ᠴᠣᠭᠴᠠ ᠠᠴᠠ ᠦᠵᠡᠪᠡᠯ᠂ ᠲᠥᠷᠥᠭᠦᠥ ᠭᠤᠷᠪᠠᠨ ᠣᠯᠠᠷᠢᠯ ᠤᠨ ᠲᠦᠯᠦᠪᠯᠡᠭᠡᠨ ᠤ ᠬᠡᠷᠡᠭᠵᠢᠭᠦᠯᠦᠯᠳᠡ ᠶᠢᠨ ᠪᠠᠶᠢᠳᠠᠯ ᠨᠡᠯᠢᠶᠡᠳ ᠰᠠᠶᠢᠨ | ᠪᠠᠶᠢᠵᠣ᠂ ᠪᠦᠬᠦ ᠬᠤᠰᠢᠭᠤᠨ ᠤ ᠠᠵᠣ ᠠᠬᠤᠢ ᠶᠢᠨ ᠡᠷᠬᠢᠯᠳᠡ ᠶᠡᠷᠦᠩᠬᠡᠢ ᠳᠤ ᠪᠠᠨ ᠲᠣᠭᠳᠠᠪᠦᠷᠢᠳᠠᠢ ᠶᠠᠪᠣᠭᠳᠠᠪᠠ᠂ ᠭᠡᠪᠡᠴᠦ ᠪᠢᠳᠠ ᠠᠵᠣ ᠠᠬᠤᠢ ᠶᠢᠨ ᠡᠷᠬᠢᠯᠳᠡ | ᠲᠣᠮᠳᠠ ᠮᠦᠨ ᠯᠡ ᠬᠦᠴᠢᠷᠳᠡᠯ ᠪᠠ ᠠᠰᠠᠭᠤᠳᠠᠯ ᠣᠷᠣᠰᠢᠵᠣ ᠪᠠᠶᠢᠬᠤ ᠶᠢ ᠰᠡᠷᠭᠡᠭ ᠢᠶᠠᠷ ᠲᠠᠨᠢᠬᠤ ᠬᠡᠷᠡᠭᠳᠡᠢ᠃ ᠭᠤᠣᠯᠳᠠᠭᠤ᠄ ᠨᠢᠭᠡ ᠳᠤ ᠠᠵᠣ ᠠᠬᠤᠢ ᠶᠢᠨ | ᠦᠷᠭᠦᠯᠵᠢᠬᠦᠶᠢᠴᠡ ᠨᠡᠮᠡᠭᠳᠡᠯ ᠤᠨ ᠨᠦᠭᠡᠴᠡ ᠬᠦᠴᠦᠨ ᠲᠣᠳᠠᠮᠠᠭ ᠪᠣᠢ᠃ ᠪᠦᠬᠦ ᠨᠡᠶᠢᠭᠡᠮ ᠤᠨ ᠲᠣᠭᠳᠠᠮᠠᠯ ᠬᠦᠷᠦᠩᠭᠡ ᠶᠢᠨ ᠪᠡᠯᠡ ᠣᠷᠣᠭᠤᠯᠣᠯᠳᠠ ᠶᠢᠨ ᠠᠵᠣ | ᠠᠬᠤᠢ ᠶᠢᠨ ᠦᠷᠭᠦᠯᠵᠢᠬᠦᠶᠢᠴᠡ ᠨᠡᠮᠡᠭᠳᠡᠯ ᠢ ᠲᠠᠶᠢᠴᠢᠯᠬᠤ ᠲᠣᠯᠠᠭᠠᠭᠤᠷᠢᠯᠠᠯ ᠴᠦᠭᠡᠨ᠂ ᠣᠨᠴᠠᠭᠠᠶᠢᠯᠠᠨ ᠰᠠᠭᠤᠷᠢ ᠲᠦᠭᠦᠭᠡᠷᠦᠮᠵᠢ ᠶᠢᠨ ᠴᠢᠬᠤᠯᠠ ᠲᠦᠷᠦᠯ ᠵᠣᠶᠢᠯ | ᠤᠨ ᠪᠡᠯᠡ ᠣᠷᠣᠭᠤᠯᠣᠯᠳᠠ ᠶᠢᠨ ᠨᠡᠮᠡᠭᠳᠡᠯ ᠤᠨ ᠬᠤᠷᠳᠣᠴᠠ ᠣᠳᠠᠭᠠᠨ ᠪᠠᠶᠢᠵᠣ᠂ ᠠᠵᠣ ᠠᠬᠤᠢ ᠶᠢᠨ ᠨᠡᠮᠡᠭᠳᠡᠯ᠂ ᠡᠳ᠋ ᠤᠨ ᠵᠠᠰᠠᠭ ᠭᠠᠶᠢᠯᠢ ᠶᠢᠨ ᠣᠷᠣᠯᠭ᠎ᠠ ᠶᠢᠨ | ᠨᠡᠮᠡᠭᠳᠡᠯ ᠢ ᠲᠠᠶᠢᠴᠢᠯᠠᠬᠤ ᠣᠶᠢᠯᠠᠳᠣᠯ ᠢᠯᠡᠷᠬᠡᠢ ᠪᠣᠰᠣ ᠪᠣᠢ᠃ ᠬᠤᠶᠠᠷ ᠲᠤ ᠬᠡᠰᠡᠭ ᠭᠤᠣᠯᠳᠠᠯᠭᠠᠳᠦ ᠲᠦᠷᠦᠯ ᠵᠣᠶᠢᠯ ᠤᠨ ᠠᠬᠢᠯᠳᠡ ᠣᠳᠠᠭᠠᠨ ᠪᠣᠢ᠃ ︽ᠣᠷᠳᠣᠰ | ᠤᠨ ᠱᠠᠩᠬᠠᠢ ᠶᠢᠨ ᠰᠦᠮ᠎ᠡ ᠨᠡᠭᠦᠷᠡᠰᠣᠨ ᠠᠭᠤᠷᠬᠠᠢ ᠶᠢᠨ ᠠᠭᠤᠷᠬᠠᠢ ᠶᠢᠨ ᠡᠷᠬᠡ ᠶᠢᠨ ᠴᠡᠭᠴᠡᠵᠢᠭᠦᠯᠦᠯᠳᠡ ᠶᠢᠨ ᠲᠦᠰᠦᠯ︾ ᠬᠠᠷᠬᠠᠨ ᠴᠣᠬᠤᠯᠠᠪᠦᠷᠢᠯᠠᠭᠳᠠᠭᠰᠠᠨ | ᠦᠭᠡᠢ ᠠᠴᠠ ᠪᠣᠯᠵᠣ ᠱᠠᠩᠬᠠᠢ ᠶᠢᠨ ᠰᠦᠮ᠎ᠡ ᠶᠢᠨ ᠭᠠᠳᠠᠭᠰᠢ ᠴᠠᠬᠢᠯᠭᠠᠨ ᠬᠦᠷᠭᠡᠬᠦ ᠱᠣᠭᠤᠮ ᠤᠨ ᠴᠠᠬᠢᠯᠭᠠᠨ ᠥᠢᠯᠡᠳᠪᠥᠷᠢ ᠶᠢᠨ ᠲᠦᠬᠦᠷᠴᠢᠯᠡᠭᠰᠡᠨ 8 ᠨᠡᠭᠦᠷᠡᠰᠣᠨ | ᠠᠭᠤᠷᠬᠠᠢ ᠶᠢᠨ ᠬᠤᠯᠪᠣᠭᠳᠠᠯ ᠪᠦᠬᠦᠢ ᠭᠠᠷᠳᠠᠮ ᠤᠨ ᠭᠦᠢᠴᠡᠳᠬᠡᠯ ᠣᠳᠠᠭᠠᠰᠢᠷᠠᠵᠣ᠂ ᠭᠡᠰᠡᠭ ᠨᠢᠭᠡᠨᠳᠡ ᠪᠠᠶᠢᠭᠤᠯᠣᠭᠳᠠᠭᠰᠠᠨ ᠨᠡᠭᠦᠷᠡᠰᠦᠨ ᠠᠭᠤᠷᠬᠠᠢ ᠪᠦᠬᠦ ᠲᠠᠯ᠎ᠠ | ᠪᠠᠷ ᠠᠰᠢᠭᠯᠠᠯᠳᠠ ᠳᠤ ᠣᠷᠣᠵᠣ ᠲᠡᠶᠢᠯᠦᠭᠡᠳᠦᠢ ᠪᠣᠢ᠃ ᠱᠠᠨᠳᠦ᠋ᠩ ᠤᠨ ᠱᠧᠩ ᠯᠦ᠂ ᠣᠯᠣᠰ ᠤᠨ ᠴᠠᠬᠢᠯᠭᠠᠨ ᠤ ᠱᠤᠸᠠᠩ ᠸᠧᠢ᠂ ᠤᠮᠠᠷᠠᠳᠤ ᠶᠢᠨ ᠴᠠᠬᠢᠯᠭᠠᠨ | ᠭᠥᠴᠥ᠂ ᠱᠧᠨ ᠬᠤᠸᠠ ᠶᠢᠨ ᠲᠦᠷᠪᠡᠨ ᠶᠡᠭᠡ ᠴᠠᠬᠢᠯᠭᠠᠨ ᠣᠶᠢᠯᠠᠳᠪᠦᠷᠢ ᠪᠣᠯᠣᠨ ᠬᠤᠸᠠ ᠰᠢᠩ ᠤᠨ ᠨᠡᠭᠦᠷᠡᠰᠣ ᠪᠠᠷ ᠬᠡᠢ ᠣᠶᠢᠯᠠᠳᠬᠦ ᠵᠡᠷᠬᠡ ᠲᠦᠷᠦᠯ ᠵᠣᠶᠢᠯ ᠤᠨ | ᠡᠬᠢ ᠰᠣᠷᠪᠣᠯᠵᠢ ᠶᠢᠨ ᠲᠦᠬᠦᠷᠴᠢᠯᠡᠯᠳᠡ ᠶᠢ ᠬᠠᠷᠬᠠᠨ ᠨᠠᠶᠢᠳᠠᠪᠦᠷᠢᠵᠢᠭᠤᠯᠣᠭᠠᠳᠦᠢ᠂ ᠨᠡᠭᠦᠷᠡᠰᠦ ᠴᠠᠬᠢᠯᠭᠠᠨ ᠤ ᠬᠤᠯᠪᠣᠭᠠᠯᠠᠯ ᠴᠣᠭᠴᠠ ᠶᠢᠨ ᠠᠬᠢᠴᠠ ᠣᠳᠠᠭᠠᠨ ᠪᠣᠢ᠃ | ᠭᠤᠷᠪᠠ ᠳᠤ ᠡᠳ᠋ ᠤᠨ ᠵᠠᠰᠠᠭ ᠤᠨ ᠣᠷᠣᠯᠭ᠎ᠠ ᠶᠢᠨ ᠨᠡᠮᠡᠭᠳᠡᠯ ᠤᠨ ᠲᠠᠷᠣᠯᠳᠠ ᠮᠦᠨ ᠯᠡ ᠶᠡᠭᠡ ᠪᠣᠢ᠃ ᠵᠢᠭᠤᠯᠴᠢᠯᠠᠯ᠂ ᠣᠶᠢᠯᠡᠴᠢᠯᠡᠭᠡ᠂ ᠵᠦᠭᠡᠭᠡᠪᠦᠷᠢ ᠵᠡᠷᠬᠡ | ᠬᠦᠷᠢᠶ᠎ᠡ ᠬᠡᠪᠴᠢᠶᠠᠨ ᠤ ᠭᠤᠣᠯ ᠴᠣᠭᠴᠠ ᠶᠢᠨ ᠭᠠᠶᠢᠯᠢ ᠶᠢᠨ ᠢᠷᠡᠯᠳᠡ ᠶᠢᠨ ᠡᠳ᠋ ᠤᠨ ᠵᠠᠰᠠᠭ ᠲᠤ ᠬᠢ ᠬᠤᠪᠢ ᠨᠡᠮᠡᠷᠢ ᠬᠢᠵᠠᠭᠠᠷ ᠲᠠᠢ᠂ ᠣᠷᠣᠯᠭ᠎ᠠ ᠶᠢᠨ ᠨᠡᠮᠡᠭᠳᠡᠯ | ᠮᠦᠨ ᠯᠡ ᠬᠦᠴᠢᠷᠳᠡᠯ ᠲᠠᠢ ᠪᠣᠢ᠃ ᠴᠢᠬᠤᠯᠠ ᠶᠡᠭᠡ ᠲᠦᠷᠦᠯ ᠵᠣᠶᠢᠯ ᠤᠨ ᠪᠠᠶᠢᠭᠤᠯᠣᠯᠳᠠ ᠶᠢᠨ ᠪᠡᠯᠡ ᠮᠦᠩᠭᠦᠨ ᠤ ᠬᠡᠷᠡᠭᠴᠡᠭᠡ ᠶᠢᠨ ᠨᠡᠮᠡᠭᠳᠡᠯ ᠪᠣᠯᠣᠨ ︽ | ᠡᠵᠡᠩᠨᠡᠯᠳᠡ ᠶᠢᠨ ᠭᠠᠶᠢᠯᠢ ᠶᠢ ᠨᠡᠮᠡᠭᠳᠡᠯ ᠤᠨ ᠭᠠᠶᠢᠯᠢ ᠪᠣᠯᠭᠠᠬᠤ ᠦᠭᠡᠷᠡᠴᠢᠯᠡᠯᠳᠡ︾ ᠶᠢᠨ ᠭᠥᠨᠵᠡᠭᠡᠶᠢᠷᠡᠯᠳᠡ ᠶᠢ ᠲᠠᠭᠠᠯᠳᠣᠨ ᠲᠦᠷᠦ ᠶᠢᠨ ᠪᠣᠳᠣᠯᠭ᠎ᠠ ᠶᠢᠨ ᠴᠢᠨᠠᠷᠳᠠᠢ | ᠭᠠᠶᠢᠯᠢ ᠪᠠᠭᠠᠰᠬᠠᠯᠳᠠ ᠶᠢᠨ ᠨᠦᠯᠦᠭᠡᠯᠡᠯ ᠣᠯᠠᠮ ᠶᠡᠬᠡᠰᠴᠦ᠂ ᠣᠷᠣᠯᠭ᠎ᠠ ᠢᠯᠡᠷᠬᠡᠢ ᠪᠠᠭᠠᠰᠣᠨ᠂ ᠡᠳ᠋ ᠤᠨ ᠵᠠᠰᠠᠭ ᠤᠨ ᠣᠷᠣᠯᠭ᠎ᠠ ᠵᠠᠷᠣᠯᠭ᠎ᠠ ᠶᠢᠨ ᠵᠦᠷᠢᠴᠡᠯ | ᠲᠣᠪᠣᠶᠢᠪᠠ᠃ ᠪᠢᠳᠡ ᠡᠳᠡᠭᠡᠷ ᠠᠰᠠᠭᠤᠳᠠᠯ ᠢ ᠲᠡᠭᠡᠳᠦ ᠬᠡᠮᠵᠢᠶ᠎ᠡ ᠪᠠᠷ ᠴᠢᠬᠤᠯᠠᠴᠢᠯᠠᠵᠣ᠂ ᠡᠷᠴᠢᠮ ᠪᠦᠳᠦᠮᠵᠢᠳᠠᠢ ᠠᠷᠭ᠎ᠠ ᠬᠡᠮᠵᠢᠶ᠎ᠡ ᠠᠪᠴᠦ᠂ ᠬᠦᠴᠢᠷ ᠢ ᠰᠦᠷᠦᠨ | ᠣᠷᠣᠭᠰᠢᠯᠠᠵᠣ᠂ ᠪᠦᠬᠦ ᠵᠢᠯ ᠤᠨ ᠬᠠᠷᠠᠯᠳᠠ ᠡᠭᠦᠷᠭᠡ ᠪᠠᠨ ᠬᠤᠭᠤᠴᠠᠭ᠎ᠠ ᠶᠣᠰᠣᠭᠠᠷ ᠪᠡᠶᠡᠯᠡᠭᠦᠯᠬᠦ ᠶᠢ ᠪᠠᠳᠣᠯᠠᠨ᠎ᠠ᠃ | ᠬᠤᠶᠠᠷ᠂ ᠲᠦᠷᠪᠡᠳᠦᠭᠡᠷ ᠣᠯᠠᠷᠢᠯ ᠤᠨ ᠤᠯᠤᠰ ᠠᠷᠠᠤᠨ ᠤᠨ ᠠᠵᠤ ᠠᠬᠤᠢ ᠪᠤᠯᠤᠨ ᠨᠠᠶᠢᠬᠡᠮ ᠤᠨ ᠬᠦᠭᠵᠢᠯᠳᠠ ᠶᠢᠨ ᠲᠦᠯᠤᠪᠯᠡᠭᠡ | ᠲᠦᠷᠪᠡᠳᠦᠭᠡᠷ ᠣᠯᠠᠷᠢᠯ ᠳᠤ ᠪᠢᠳᠡ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠢ ᠰᠣᠷᠣᠯᠴᠠᠨ ᠲᠣᠣᠱᠯᠠᠭᠤᠯᠵᠣ᠂ | ᠬᠤᠰᠢᠭᠤᠨ ᠤ ᠶᠢᠰᠦᠳᠦᠭᠡᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠵᠢᠷᠭᠤᠳᠦᠭᠠᠷ ᠣᠳᠠᠭᠠᠨ ᠤ ᠬᠤᠷᠠᠯᠳᠣᠭᠠᠨ ᠢᠶᠠᠷ | ᠲᠣᠭᠳᠠᠭᠠᠭᠰᠠᠨ ᠡᠭᠦᠷᠭᠡ ᠬᠠᠷᠠᠯᠳᠠ ᠪᠣᠯᠣᠨ ᠬᠤᠰᠢᠭᠤᠨ ᠤ ᠠᠷᠪᠠᠳᠣᠭᠠᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠠᠩᠬᠠᠳᠣᠭᠠᠷ | ᠣᠳᠠᠭᠠᠨ ᠤ ᠬᠤᠷᠠᠯᠳᠣᠭᠠᠨ ᠤ ᠲᠣᠬᠢᠷᠠᠭᠤᠯᠣᠯᠳᠠ ᠪᠠᠶᠢᠷᠢᠯᠠᠭᠤᠯᠣᠯᠳᠠ ᠶᠣᠰᠣᠭᠠᠷ ᠬᠠᠷᠠᠯᠳᠠ ᠪᠣᠯᠣᠨ ᠠᠰᠠᠭᠤᠳᠠᠯ ᠢᠶᠠᠷ ᠣᠳᠣᠷᠢᠳᠣᠮᠵᠢ ᠪᠣᠯᠭᠠᠨ ᠭᠤᠣᠯᠳᠠᠯᠭ᠎ᠠ ᠶᠢ | ᠲᠣᠪᠣᠶᠢᠯᠭᠠᠨ᠂ ᠠᠷᠭ᠎ᠠ ᠠᠪᠴᠠᠯ ᠢ ᠴᠢᠩᠭᠠᠳᠬᠠᠵᠣ᠂ ᠣᠬᠢ ᠪᠠᠶᠢᠳᠠᠯ ᠢᠶᠠᠨ ᠪᠠᠬᠢᠵᠢᠭᠦᠯᠦᠨ᠂ ᠨᠡᠩ ᠨᠠᠷᠢᠯᠢᠭ ᠪᠣᠳᠠᠳᠠᠢ ᠠᠵᠢᠯ ᠤᠨ ᠰᠣᠷᠳᠠᠯ᠂ ᠨᠡᠩ ᠯᠠᠪᠳᠠᠭᠤᠨ | ᠪᠦᠳᠦᠮᠵᠢᠳᠠᠢ ᠰᠢᠨᠡᠴᠢᠯᠡᠯ ᠤᠨ ᠠᠷᠭ᠎ᠠ ᠪᠠᠷ ᠠᠵᠣ ᠣᠶᠢᠯᠠᠰ ᠤᠨ ᠪᠠᠶᠢᠷᠢᠰᠢᠭᠤᠯᠣᠯᠳᠠ ᠶᠢ ᠣᠯᠠᠮ ᠰᠢᠯᠢᠳᠡᠭᠵᠢᠭᠦᠯᠵᠣ᠂ ᠪᠣᠳᠠᠳᠦ ᠴᠣᠭᠴᠠ ᠶᠢᠨ ᠠᠵᠣ ᠠᠬᠤᠢ ᠶᠢ | ᠪᠣᠵᠠᠭᠠᠶᠢᠷᠠᠭᠤᠯᠣᠨ᠂ ᠲᠦᠷᠦᠯ ᠵᠣᠶᠢᠯ ᠤᠨ ᠣᠷᠣᠨᠵᠢᠭᠤᠯᠣᠯᠳᠠ ᠶᠢ ᠡᠷᠴᠢᠮ ᠲᠠᠢ ᠠᠳᠬᠤᠨ᠂ ᠠᠷᠠᠳ ᠤᠨ ᠠᠮᠢᠳᠣᠷᠠᠯ ᠤᠨ ᠠᠰᠢᠭ ᠵᠢᠷᠭᠠᠯ ᠢ ᠨᠡᠮᠡᠭᠳᠡᠭᠦᠯᠵᠣ᠂ | ᠠᠵᠣ ᠠᠬᠤᠢ ᠶᠢᠨ ᠨᠡᠩ ᠴᠢᠨᠠᠷᠨᠯᠢᠭ ᠨᠡᠩ ᠦᠷ᠎ᠡ ᠠᠰᠢᠭᠳᠠᠢ ᠨᠡᠩ ᠦᠷᠭᠦᠯᠵᠢᠭᠦᠶᠢᠴᠡ ᠬᠦᠭᠵᠢᠯᠳᠡ ᠶᠢ ᠠᠬᠢᠭᠤᠯᠣᠨ᠎ᠠ᠃ | ︵ᠨᠢᠭᠡ︶ ᠲᠦᠷᠦᠯ ᠵᠣᠶᠢᠯ ᠢ ᠠᠳᠬᠤᠨ ᠠᠮᠢᠳᠣᠯᠢᠭ ᠬᠦᠴᠦᠨ ᠢ ᠨᠡᠮᠡᠭᠳᠡᠭᠦᠯᠵᠣ᠂ ᠠᠵᠣ ᠠᠬᠤᠢ ᠶᠢᠨ ᠬᠦᠭᠵᠢᠯᠳᠡ ᠶᠢᠨ ᠰᠢᠨ᠎ᠡ ᠬᠦᠳᠡᠯᠭᠡᠭᠴᠢ | ᠬᠦᠴᠦᠨ ᠢ ᠪᠣᠢ ᠪᠣᠯᠭᠠᠨ᠎ᠠ᠃ ᠲᠣᠭᠳᠠᠭᠠᠭᠰᠠᠨ ᠴᠢᠬᠤᠯᠠ ᠶᠡᠭᠡ ᠲᠦᠷᠦᠯ ᠵᠣᠶᠢᠯ ᠤᠨ ᠪᠠᠶᠢᠭᠤᠯᠣᠯᠳᠠ ᠶᠢ ᠲᠦᠷᠭᠡᠳᠬᠡᠵᠣ᠂ ᠲᠦᠷᠦᠯ ᠵᠣᠶᠢᠯ ᠤᠨ ᠠᠬᠢᠴᠠ ᠶᠢᠨ | ᠲᠣᠭᠳᠠᠴᠠ ᠶᠢ ᠰᠢᠨᠡᠴᠢᠯᠡᠨ᠂ ᠴᠢᠬᠤᠯᠠ ᠵᠣᠶᠢᠯ ᠤᠨ ᠬᠢᠵᠠᠭᠠᠷᠯᠡᠯ ᠬᠦᠴᠦᠨ ᠢ ᠡᠪᠳᠡᠵᠣ᠂ ᠲᠦᠷᠦᠯ ᠵᠣᠶᠢᠯ ᠤᠨ ᠬᠤᠭᠤᠴᠠᠭ᠎ᠠ ᠶᠣᠰᠣᠭᠠᠷ ᠠᠬᠢᠬᠤ᠂ ᠡᠷᠳᠡ ᠦᠷ᠎ᠡ | ᠠᠰᠢᠭ ᠣᠯᠬᠤ ᠶᠢ ᠪᠠᠳᠣᠯᠠᠨ᠂ ᠪᠡᠯᠡ ᠣᠷᠣᠭᠤᠯᠣᠯᠳᠠ ᠶᠢᠨ ᠰᠢᠨ᠎ᠡ ᠨᠡᠮᠡᠭᠳᠡᠯ ᠤᠨ ᠴᠡᠭ ᠢ ᠪᠣᠢ ᠪᠣᠯᠭᠠᠨ᠎ᠠ᠃ ᠱᠠᠨᠳᠦ᠋ᠩ ᠤᠨ ᠱᠧᠩ ᠯᠦ ᠴᠠᠬᠢᠯᠭᠠᠨ ᠣᠶᠢᠯᠠᠳᠪᠦᠷᠢ᠂ | ᠢᠦᠢ ᠯᠢᠶᠠᠩ ᠮᠠᠯ ᠠᠵᠤ ᠠᠬᠤᠢ ᠶᠢᠨ ᠥᠢᠯᠡᠰ᠂ ᠶᠢᠨ ᠸᠧᠢ ᠹᠦ᠋ ᠷᠧᠨ᠂ ᠣᠳᠤᠭ ᠤᠨ ᠡᠮᠦᠨᠡᠳᠦ ᠬᠤᠰᠢᠭᠤᠨ ᠤ ᠨᠡᠶᠢᠳᠡᠮ ᠬᠡᠷᠡᠭᠯᠡᠭᠡᠨ ᠤ ᠨᠢᠰᠭᠡᠯ ᠤᠨ ᠪᠠᠭᠤᠳᠠᠯ | ᠵᠡᠷᠭᠡ ᠪᠠᠶᠢᠭᠤᠯᠵᠣ ᠪᠠᠶᠢᠭ᠎ᠠ ᠲᠦᠷᠦᠯ ᠵᠣᠶᠢᠯ ᠢ ᠬᠦᠴᠦᠳᠠᠢ ᠠᠬᠢᠭᠤᠯᠵᠣ᠂ ᠪᠠᠷᠢᠯᠭ᠎ᠠ ᠶᠢᠨ ᠠᠬᠢᠴᠠ ᠶᠢ ᠲᠦᠷᠭᠡᠳᠬᠡᠨ᠂ ᠵᠢᠯ ᠤᠨ ᠲᠣᠳᠣᠷ᠎ᠠ ᠨᠡᠩ ᠶᠡᠭᠡ ᠪᠡᠯᠡ | ᠣᠷᠣᠭᠤᠯᠣᠯᠳᠠ ᠶᠢ ᠪᠣᠢ ᠪᠣᠯᠭᠠᠬᠤ ᠶᠢ ᠪᠠᠳᠣᠯᠠᠨ᠎ᠠ᠃ ᠬᠤᠸᠠ ᠰᠢᠩ ᠤᠨ 40 ᠳ᠋ᠦᠩᠰᠢᠭᠤᠷ ᠺᠦᠪ ᠮᠧᠲᠷ ᠨᠡᠭᠦᠷᠡᠰᠦ ᠪᠠᠷ ᠬᠡᠢ ᠣᠶᠢᠯᠠᠳᠬᠦᠤ᠋ ᠪᠡ 60 ᠲᠦᠮᠡᠨ | ᠲᠣᠨ ᠨᠡᠭᠦᠷᠡᠰᠦ ᠪᠠᠷ ᠠᠯᠺᠧᠨ ᠣᠶᠢᠯᠠᠳᠬᠦᠤ᠋ ᠲᠦᠷᠦᠯ ᠵᠣᠶᠢᠯ᠂ ᠴᠠᠬᠢᠯᠭᠠᠨ ᠣᠶᠢᠯᠠᠳᠪᠦᠷᠢ ᠶᠢᠨ ᠲᠦᠬᠦᠷᠴᠢᠯᠡᠭᠰᠡᠨ ᠨᠡᠭᠦᠷᠡᠰᠣᠨ ᠠᠭᠤᠷᠬᠠᠢ᠂ ᠱᠧᠨ ᠬᠤᠸᠠ ᠣᠯᠣᠰ | ᠤᠨ ᠡᠨᠧᠷᠬᠢ ᠶᠢᠨ ᠴᠠᠬᠢᠯᠭᠠᠨ ᠣᠶᠢᠯᠠᠳᠪᠦᠷᠢ᠂ ᠤᠯᠵᠠᠴᠢ ᠠᠴᠠ ᠰᠤᠬᠠᠢ ᠶᠢᠨ ᠪᠠᠶᠢᠰᠢᠩ ᠭᠥᠷᠭᠦ ᠲᠠᠮᠣᠷ ᠵᠠᠮ᠂ ᠪᠣᠷᠣᠪᠠᠯᠭᠠᠰᠦ ᠶᠢᠨ ᠨᠡᠶᠢᠳᠡᠮ ᠬᠡᠷᠡᠭᠯᠡᠭᠡᠨ ᠤ ᠨᠢᠰᠭᠡᠯ | ᠤᠨ ᠪᠠᠭᠤᠳᠠᠯ ᠵᠡᠷᠬᠡ ᠭᠤᠣᠯᠳᠠᠯᠭᠠᠳᠦ ᠲᠦᠷᠦᠯ ᠵᠣᠶᠢᠯ ᠢ ᠬᠢᠨᠠᠨ ᠵᠦᠪᠰᠢᠶᠡᠷᠡᠭᠦᠯᠬᠦ ᠠᠬᠢᠴᠠ ᠶᠢ ᠲᠦᠷᠬᠡᠳᠬᠡᠨ᠎ᠡ᠃ ᠲᠦᠷᠦᠯ ᠵᠣᠶᠢᠯ ᠤᠨ ᠣᠶᠢᠯᠡᠴᠢᠯᠡᠭᠡ ᠪᠠᠳᠣᠯᠠᠭ᠎ᠠ | ᠶᠢᠨ ᠠᠵᠢᠯ ᠢ ᠯᠠᠪᠳᠠᠭᠤᠨ ᠪᠠᠳᠣᠳᠠᠢ ᠬᠢᠵᠣ᠂ ᠨᠢᠭᠡ ᠪᠦᠯᠦᠭ ᠴᠢᠬᠤᠯᠠ ᠶᠡᠭᠡ ᠰᠠᠭᠤᠷᠢ ᠲᠦᠭᠦᠭᠡᠷᠦᠮᠵᠢ᠂ ᠣᠨᠴᠠᠯᠢᠭᠳᠦ ᠲᠠᠪᠠᠭᠤᠯᠢᠭ ᠠᠵᠣ ᠣᠶᠢᠯᠠᠰ᠂ ᠪᠠᠶᠢᠯᠳᠣᠬᠤ | ᠪᠣᠳᠣᠯᠭ᠎ᠠ ᠶᠢᠨ ᠴᠢᠨᠠᠷᠳᠠᠢ ᠰᠢᠨ᠎ᠡ ᠠᠵᠣ ᠣᠶᠢᠯᠠᠰ᠂ ᠠᠷᠠᠳ ᠤᠨ ᠠᠮᠢᠳᠣᠷᠠᠯ ᠤᠨ ᠪᠠᠳᠣᠯᠠᠭ᠎ᠠ ᠵᠡᠷᠭᠡ ᠲᠦᠷᠦᠯ ᠵᠣᠶᠢᠯ ᠢ ᠨᠦᠭᠡᠴᠡᠯᠡᠵᠣ᠂ ᠴᠢᠬᠤᠯᠠ ᠶᠡᠭᠡ ᠲᠦᠷᠦᠯ | ᠵᠣᠶᠢᠯ ᠳᠤ ᠪᠡᠯᠡ ᠬᠤᠷᠠᠮᠳᠣᠭᠤᠯᠬᠤ ᠰᠠᠭᠠᠳ ᠦᠭᠡᠢ ᠵᠡᠮ ᠭᠠᠷᠭᠠᠵᠣ᠂ PPP ᠪᠡᠯᠡ ᠬᠤᠷᠠᠮᠳᠣᠭᠤᠯᠬᠤ ᠵᠠᠭᠪᠣᠷ ᠢ ᠲᠦᠭᠡᠮᠡᠯᠵᠢᠭᠦᠯᠦᠨ ᠠᠷᠠᠳ ᠤᠨ ᠪᠡᠯᠡ | ᠣᠷᠣᠭᠤᠯᠣᠯᠳᠠ ᠶᠢᠨ ᠠᠮᠢᠳᠣᠯᠢᠭ ᠬᠦᠴᠦᠨ ᠢ ᠣᠷᠮᠠᠰᠢᠭᠤᠯᠣᠨ᠎ᠠ᠃ | ︵ᠬᠤᠶᠠᠷ︶ ᠠᠵᠣ ᠣᠶᠢᠯᠠᠰ ᠢ ᠲᠡᠳᠬᠦᠨ ᠬᠡᠯᠪᠡᠷᠢ ᠶᠢ ᠬᠤᠪᠢᠷᠠᠭᠤᠯᠵᠣ᠂ ᠬᠦᠭᠵᠢᠯᠳᠡ ᠶᠢᠨ ᠴᠢᠨᠠᠷᠵᠢᠯ ᠢ ᠪᠦᠬᠦ ᠲᠠᠯ᠎ᠠ ᠪᠠᠷ ᠲᠡᠭᠡᠭᠰᠢᠯᠡᠭᠦᠯᠦᠨ᠎ᠡ᠃ | ᠶᠷᠦᠩᠬᠡᠢ ᠬᠡᠪᠴᠢᠶ᠎ᠡ ᠶᠢ ᠲᠣᠬᠢᠷᠠᠮᠵᠢᠳᠠᠢ ᠦᠷᠭᠡᠳᠬᠡᠨ᠂ ᠡᠬᠢ ᠰᠣᠷᠪᠣᠯᠵᠢ ᠶᠢᠨ ᠲᠣᠬᠢᠷᠠᠭᠤᠯᠣᠯᠳᠠ ᠶᠢ ᠰᠢᠯᠢᠳᠡᠭᠵᠢᠭᠦᠯᠵᠣ᠂ ᠬᠠᠩᠭᠠᠯᠠᠭ᠎ᠠ ᠶᠢᠨ ᠪᠦᠳᠦᠮᠵᠢᠳᠦ ᠴᠢᠨᠠᠷ | ᠢ ᠬᠦᠴᠦᠯᠠᠨ ᠲᠡᠭᠡᠭᠰᠢᠯᠡᠭᠦᠯᠦᠨ᠎ᠡ᠃ ᠮᠠᠯ ᠲᠠᠷᠢᠶᠠᠯᠠᠩ ᠤᠨ ᠬᠦᠭᠵᠢᠯᠳᠡ ᠶᠢᠨ ᠠᠵᠣ ᠣᠶᠢᠯᠠᠰᠵᠢᠯᠳᠠ ᠶᠢ ᠪᠠᠷᠢᠮᠳᠠᠯᠠᠨ᠎ᠠ᠃ ︽ᠲᠡᠰ ᠴᠢᠨᠠᠷᠳᠦ ᠮᠡᠯ ᠲᠠᠷᠢᠶᠠᠯᠠᠩ᠂ ᠬᠡᠪ | ᠴᠢᠨᠰᠠᠭᠠᠳᠦ ᠮᠠᠯᠵᠢᠬᠤ ᠲᠠᠷᠢᠶᠠᠯᠠᠬᠤ ᠣᠷᠣᠨ᠂ ᠪᠣᠯᠪᠠᠰᠣᠷᠠᠯ ᠰᠠᠶᠢᠳᠠᠢ ᠮᠠᠯᠴᠢᠨ ᠲᠠᠷᠢᠶᠠᠴᠢᠨ︾ ᠤ ᠪᠤᠳᠤᠯᠭ᠎ᠠ ᠶᠢ ᠬᠦᠭᠵᠢᠭᠦᠯᠦᠨ ᠮᠡᠯ ᠲᠠᠷᠢᠶᠠᠯᠠᠩ ᠤᠨ ᠲᠣᠳᠣᠭᠠᠳᠦ | ᠠᠮᠢᠳᠣᠯᠢᠭ ᠬᠦᠴᠦᠨ ᠢ ᠪᠠᠳᠠᠷᠠᠭᠤᠯᠵᠣ᠂ ᠾᠧᠩ ᠺᠧ᠂ ᠮᠧᠩ ᠯᠢ᠂ ᠬᠤᠩ ᠶᠧ ᠵᠡᠷᠭᠡ ᠲᠣᠯᠣᠭᠠᠶᠢᠯᠠᠭᠴᠢ ᠠᠵᠣ ᠠᠬᠤᠶᠢᠯᠠᠯ ᠤᠨ ᠬᠦᠭᠵᠢᠯᠳᠡ ᠶᠢ ᠲᠡᠮᠵᠢᠨ | ᠪᠣᠵᠠᠭᠠᠶᠢᠷᠠᠭᠤᠯᠵᠣ᠂ ᠪᠣᠬᠢᠷᠳᠣᠯ ᠦᠭᠡᠢ ᠴᠢᠨᠠᠷ ᠰᠠᠶᠢᠳᠠᠢ ᠮᠠᠯ ᠲᠠᠷᠢᠶᠠᠯᠠᠩ ᠤᠨ ᠪᠦᠳᠦᠭᠡᠭᠳᠡᠭᠦᠨ ᠤ ᠬᠠᠩᠭᠠᠯᠠᠭ᠎ᠠ ᠶᠢᠨ ᠴᠢᠳᠠᠪᠦᠷᠢ ᠶᠢ ᠲᠡᠭᠡᠭᠰᠢᠯᠡᠭᠦᠯᠦᠨ᠂ ᠠᠯᠠᠰᠢᠨ | ᠦᠭᠡᠷ ᠠᠯᠠᠰᠢᠨ ᠮᠠᠯ᠂ ᠭᠤᠸ᠎ᠠ ᠵᠢᠮᠢᠰ ᠢᠳᠡᠰᠢᠨ ᠨᠣᠭᠤᠭ᠎ᠠ ᠵᠡᠷᠭᠡ ᠣᠨᠴᠠᠯᠢᠭᠳᠦ ᠠᠵᠣ ᠣᠶᠢᠯᠠᠰ ᠢ ᠲᠣᠪᠣᠶᠢᠯᠭᠠᠨ ᠠᠳᠬᠤᠵᠣ᠂ ᠨᠢᠭᠡᠳᠦᠭᠡᠷ ᠠᠵᠣ ᠣᠶᠢᠯᠠᠰ ᠤᠨ | ᠠᠵᠣ ᠠᠬᠤᠢ ᠶᠢᠨ ᠨᠡᠮᠡᠭᠳᠡᠯ ᠳᠠᠬᠢ ᠬᠤᠪᠢ ᠨᠡᠮᠡᠷᠢ ᠶᠢ ᠲᠡᠭᠡᠭᠰᠢᠯᠡᠭᠦᠯᠦᠨ᠎ᠡ᠃ ᠠᠵᠣ ᠣᠶᠢᠯᠠᠳᠪᠦᠷᠢ ᠶᠢᠨ ᠬᠦᠭᠵᠢᠯᠳᠡ ᠶᠢᠨ ᠰᠢᠨ᠎ᠡ ᠬᠡᠯᠪᠡᠷᠢᠴᠢᠯᠡᠯᠳᠡ ᠶᠢ | ᠪᠠᠷᠢᠮᠳᠠᠯᠠᠨ᠎ᠠ᠃ ᠠᠵᠣ ᠣᠶᠢᠯᠠᠳᠪᠦᠷᠢ ᠶᠢ ᠬᠦᠷᠢᠶᠡᠯᠡᠩ ᠲᠣᠭᠤᠷᠢᠭ ᠲᠤ ᠲᠥᠪᠯᠡᠷᠡᠭᠦᠯᠭᠦ ᠪᠠᠷ ᠬᠦᠭᠵᠢᠯᠳᠡ ᠶᠢᠨ ᠴᠢᠭᠯᠡᠯ ᠪᠣᠯᠭᠠᠨ᠂ ᠠᠵᠣ ᠣᠶᠢᠯᠠᠳᠪᠦᠷᠢ ᠶᠢᠨ ᠲᠣᠮᠣ | ᠲᠦᠷᠦᠯ ᠵᠣᠶᠢᠯ ᠤᠨ ᠪᠠᠶᠢᠭᠤᠯᠣᠯᠳᠠ ᠶᠢ ᠪᠦᠬᠦ ᠬᠦᠴᠦᠨ ᠢᠶᠠᠷ ᠠᠳᠬᠤᠨ᠎ᠠ᠃ ᠣᠯᠠᠨ ᠡᠰᠢᠳᠦ ᠬᠦᠭᠵᠢᠯᠳᠡ ᠶᠢ ᠪᠠᠷᠢᠮᠳᠠᠯᠠᠵᠣ᠂ ᠨᠡᠭᠦᠷᠡᠰᠦ᠂ ᠨᠡᠭᠦᠷᠡᠰᠣᠨ ᠴᠠᠬᠢᠯᠭᠠᠨ | ᠂ ᠨᠡᠭᠦᠷᠡᠰᠦᠨ ᠬᠢᠮᠢ᠂ ᠲᠣᠰᠣ ᠬᠡᠢ᠂ ᠰᠢᠨ᠎ᠡ ᠡᠨᠧᠷᠬᠢ ᠵᠡᠷᠭᠡ ᠠᠵᠣ ᠣᠶᠢᠯᠠᠰ ᠤᠨ ᠬᠦᠭᠵᠢᠯᠳᠡ ᠶᠢ ᠦᠷᠭᠦᠯᠵᠢᠯᠡᠨ ᠠᠬᠢᠭᠤᠯᠵᠣ᠂ ᠣᠯᠠᠨ ᠲᠦᠢᠯᠳᠦ | ᠲᠣᠯᠠᠭᠠᠭᠤᠷᠢᠯᠠᠯ ᠣᠯᠠᠨ ᠡᠰᠢᠳᠦ ᠬᠦᠭᠵᠢᠯᠳᠡ ᠲᠠᠢ ᠰᠢᠨ᠎ᠡ ᠬᠡᠯᠪᠡᠷᠢ ᠶᠢᠨ ᠠᠵᠣ ᠣᠶᠢᠯᠠᠳᠪᠦᠷᠢ ᠶᠢᠨ ᠬᠦᠭᠵᠢᠯᠳᠡ ᠶᠢᠨ ᠬᠡᠪ ᠪᠠᠶᠢᠳᠠᠯ ᠢ ᠪᠦᠷᠢᠯᠳᠦᠭᠦᠯᠦᠨ᠎ᠡ᠃ ᠵᠢᠯ | ᠤᠨ ᠲᠣᠳᠣᠷ᠎ᠠ᠂ 72 ᠳ᠋ᠦᠩᠰᠢᠭᠤᠷ ᠲᠦᠭᠦᠷᠢᠭ ᠤᠨ ᠠᠵᠣ ᠣᠶᠢᠯᠠᠳᠪᠦᠷᠢ ᠶᠢᠨ ᠨᠡᠮᠡᠭᠳᠡᠯ ᠦᠷᠳᠡᠭ ᠢ ᠪᠡᠶᠡᠯᠡᠭᠦᠯᠦᠨ᠎ᠡ᠃ ᠣᠶᠢᠯᠡᠴᠢᠯᠡᠭᠡᠨ ᠤ ᠣᠶᠢᠯᠠᠰ ᠤᠨ | ᠬᠦᠭᠵᠢᠯᠳᠡ ᠶᠢᠨ ᠣᠳᠣᠬᠢᠴᠢᠯᠠᠯᠳᠡ ᠶᠢ ᠪᠠᠷᠢᠮᠳᠠᠯᠠᠨ᠎ᠠ᠃ ︽1 + 6︾ ᠬᠤᠪᠢᠰᠬᠠᠯᠳᠦ ᠬᠦᠮᠦᠵᠢᠯ ᠪᠣᠯᠪᠠᠰᠣᠷᠠᠯ ᠤᠨ ᠰᠠᠭᠤᠷᠢᠨ ᠳᠤ ᠲᠦᠰᠢᠭᠯᠡᠨ᠂ ᠲᠠᠯ᠎ᠠ | ᠨᠣᠳᠤᠭ ᠤᠨ ᠰᠣᠶᠣᠯ ᠪᠣᠯᠣᠨ ᠬᠤᠪᠢᠰᠬᠠᠯᠳᠦ ᠰᠣᠶᠦᠯ ᠢᠶᠠᠷ ᠭᠤᠣᠯ ᠪᠣᠯᠭᠠᠨ ᠪᠦᠬᠦ ᠴᠠᠷᠠᠭᠠᠨ ᠤ ᠵᠢᠭᠤᠯᠴᠢᠯᠠᠯ ᠢ ᠶᠡᠭᠡ ᠪᠠᠷ ᠬᠦᠭᠵᠢᠭᠦᠯᠦᠨ᠎ᠡ᠃ ᠬᠡᠷᠡᠭᠯᠡᠭᠡᠨ ᠤ ᠲᠡᠰ | ᠲᠠᠪᠰᠢᠯᠳᠡ ᠶᠢᠨ ᠬᠤᠪᠢᠷᠠᠯᠳᠠ ᠳᠤ ᠵᠣᠬᠢᠴᠠᠭᠤᠯᠣᠨ᠂ ᠰᠡᠯᠡᠭᠦᠴᠡᠯ ᠵᠢᠭᠤᠯᠴᠢᠯᠠᠯ᠂ ᠡᠷᠡᠭᠦᠯᠵᠢᠯ ᠨᠠᠰᠣᠵᠢᠯ᠂ ᠰᠣᠶᠣᠯ ᠲᠨᠮᠢᠷ᠂ ᠰᠦᠯᠵᠢᠶᠡᠨ ᠬᠤᠳᠠᠯᠳᠤᠭ᠎ᠠ ᠵᠡᠷᠭᠡ | ᠣᠳᠣ ᠦᠶ᠎ᠡ ᠶᠢᠨ ᠣᠶᠢᠯᠡᠴᠢᠯᠡᠭᠡᠨ ᠤ ᠣᠶᠢᠯᠠᠰ ᠢ ᠪᠣᠵᠠᠭᠠᠶᠢᠷᠠᠭᠤᠯᠵᠣ᠂ ᠰᠢᠨ᠎ᠡ ᠬᠠᠩᠭᠠᠯᠠᠭ᠎ᠠ ᠰᠢᠨ᠎ᠡ ᠬᠡᠷᠡᠭᠴᠡᠭᠡ ᠶᠢ ᠨᠡᠭᠡᠭᠡᠵᠣ᠂ ᠣᠶᠢᠯᠡᠴᠢᠯᠡᠭᠡᠨ ᠤ ᠣᠶᠢᠯᠠᠰ ᠤᠨ | ᠬᠦᠭᠵᠢᠯᠳᠡ ᠶᠢᠨ ᠲᠦᠪᠰᠢᠨ ᠢ ᠲᠠᠰᠣᠷᠠᠯᠳᠠ ᠦᠭᠡᠢ ᠲᠡᠭᠡᠭᠰᠢᠯᠡᠭᠦᠯᠦᠨ᠎ᠡ᠃ | ︵ᠭᠤᠷᠪᠠ︶ ᠬᠦᠴᠢᠷ ᠢ ᠰᠢᠪᠳᠣᠯᠣᠨ ᠠᠮᠢᠳᠣᠯᠢᠭ ᠬᠦᠴᠦᠨ ᠢ ᠣᠷᠮᠠᠰᠢᠭᠤᠯᠵᠣ᠂ ᠦᠭᠡᠷᠡᠴᠢᠯᠡᠯᠳᠡ ᠨᠡᠭᠡᠭᠡᠯᠳᠡ ᠶᠢ ᠦᠷᠭᠦᠯᠵᠢᠯᠡᠨ ᠭᠦᠨᠵᠡᠭᠡᠶᠢᠷᠡᠭᠦᠯᠦᠨ᠎ᠡ | ᠃ ᠭᠤᠣᠯᠳᠠᠭᠠᠯᠳᠦ ᠬᠦᠷᠢᠶ᠎ᠡ ᠬᠡᠪᠴᠢᠶᠠᠨ ᠤ ᠦᠭᠡᠷᠡᠴᠢᠯᠡᠯᠳᠡ ᠶᠢ ᠭᠦᠨᠵᠡᠭᠡᠶᠢᠷᠡᠭᠦᠯᠦᠨ᠂ ᠵᠠᠰᠠᠭ ᠢ ᠴᠣᠮᠬᠠᠳᠬᠠᠵᠣ ᠡᠷᠬᠡ ᠶᠢ ᠪᠠᠭᠤᠯᠭᠠᠬᠤ᠂ ᠲᠠᠯᠪᠢᠬᠤ ᠬᠠᠮᠢᠶᠠᠷᠬᠤ | ᠶᠢ ᠣᠶᠠᠯᠳᠣᠭᠤᠯᠬᠤ ᠣᠶᠢᠯᠡᠴᠢᠯᠡᠭᠡ ᠶᠢ ᠰᠢᠯᠢᠳᠡᠭᠵᠢᠭᠦᠯᠭᠦ ᠦᠭᠡᠷᠡᠴᠢᠯᠡᠯᠳᠡ ᠶᠢ ᠦᠷᠭᠦᠯᠵᠢᠯᠡᠨ ᠠᠬᠢᠭᠤᠯᠵᠣ᠂ ︽ᠲᠦᠪᠯᠡᠷᠡᠭᠦᠯᠦᠨ ᠭᠦᠢᠴᠡᠳᠬᠡᠬᠦ︾ ᠵᠠᠭᠪᠣᠷ ᠢ | ᠢᠳᠡᠪᠬᠢᠳᠡᠢ ᠰᠦᠪᠡᠭᠴᠢᠯᠡᠨ ᠠᠬᠢᠭᠤᠯᠵᠣ᠂ ᠡᠷᠬᠡ ᠶᠢᠨ ᠲᠠᠩᠰᠠ᠂ ᠬᠠᠷᠢᠭᠤᠴᠠᠯᠭ᠎ᠠ ᠶᠢᠨ ᠲᠠᠩᠰᠠ ᠶᠢ ᠰᠠᠶᠢᠳᠦᠷ ᠨᠠᠶᠢᠳᠠᠪᠦᠷᠢᠵᠢᠭᠤᠯᠵᠣ᠂ ᠪᠦᠬᠦ ᠶᠠᠪᠣᠴᠠ ᠶᠢᠨ | ᠬᠠᠮᠢᠶᠠᠷᠣᠯᠳᠠ ᠶᠢ ᠴᠢᠩᠭᠠᠳᠬᠠᠨ᠂ ᠣᠬᠢ ᠰᠠᠶᠢᠨ ᠵᠠᠰᠠᠭ ᠤᠨ ᠶᠠᠪᠣᠳᠠᠯ ᠤᠨ ᠣᠷᠴᠢᠨ ᠢ ᠪᠦᠷᠢᠯᠳᠦᠭᠦᠯᠵᠣ᠂ ᠵᠠᠰᠠᠭ ᠤᠨ ᠶᠠᠪᠣᠳᠠᠯ ᠤᠨ ᠣᠶᠢᠯᠡᠴᠢᠯᠡᠭᠡᠨ ᠤ ᠲᠦᠪ ᠢ | ᠪᠦᠬᠦ ᠬᠤᠳᠠ ᠶᠢᠨ ᠦᠭᠡᠷᠡᠴᠢᠯᠡᠯᠳᠡ ᠶᠢᠨ ᠪᠦᠬᠦ ᠲᠠᠯ᠎ᠠ ᠶᠢᠨ ᠭᠥᠨᠵᠡᠭᠡᠶᠢᠷᠡᠯᠳᠡ ᠶᠢᠨ ᠰᠢᠨ᠎ᠡ ᠲᠠᠭᠤᠷᠢᠶᠠᠯ ᠪᠣᠯᠭᠠᠬᠤ ᠪᠠᠷ ᠴᠢᠷᠮᠠᠶᠢᠨ᠎ᠠ᠃ ᠮᠦᠩᠭᠦᠨ ᠭᠦᠢᠯᠭᠡᠭᠡ᠂ | ᠡᠳ᠋ ᠤᠨ ᠵᠠᠰᠠᠭ᠂ ᠭᠠᠶᠢᠯᠢ ᠶᠢᠨ ᠪᠠᠶᠢᠭᠤᠯᠣᠮᠵᠢ ᠶᠢᠨ ᠦᠭᠡᠷᠡᠴᠢᠯᠡᠯᠳᠡ ᠶᠢ ᠲᠦᠷᠬᠡᠳᠬᠡᠵᠣ᠂ ᠡᠳ᠋ ᠤᠨ ᠵᠠᠰᠠᠭ ᠤᠨ ᠣᠷᠣᠯᠭ᠎ᠠ ᠵᠠᠷᠣᠯᠭ᠎ᠠ ᠶᠢᠨ ᠯᠠᠪᠳᠠᠭᠤᠨ ᠪᠠᠳᠣᠳᠠᠢ | ᠡᠷᠬᠢᠯᠳᠡ ᠶᠢ ᠪᠠᠳᠣᠯᠠᠨ᠎ᠠ᠃ ᠣᠷᠣᠨ ᠬᠡᠪᠴᠢᠶᠠᠨ ᠤ ᠬᠠᠮᠳᠣᠷᠠᠯᠴᠠᠭ᠎ᠠ ᠶᠢ ᠭᠦᠨᠵᠡᠭᠡᠶᠢᠷᠡᠭᠦᠯᠦᠨ᠂ ᠴᠢᠯᠦᠭᠡᠳᠡᠢ ᠶᠠᠪᠣᠯᠴᠠᠬᠤ ᠴᠢᠳᠠᠪᠦᠷᠢ ᠲᠦᠪᠰᠢᠨ ᠢ | ᠲᠡᠭᠡᠭᠰᠢᠯᠡᠭᠦᠯᠦᠨ᠎ᠡ᠃ ᠨᠢᠭᠡ ᠪᠦᠯᠦᠭ ᠪᠡᠯᠭᠡ ᠲᠡᠮᠳᠡᠭ ᠤᠨ ᠴᠢᠨᠠᠷᠳᠠᠢ ᠲᠠᠶᠢᠴᠢᠯᠠᠨ ᠲᠠᠭᠠᠭᠤᠯᠬᠤ ᠦᠭᠡᠷᠡᠴᠢᠯᠡᠯᠳᠡ ᠶᠢᠨ ᠡᠭᠦᠷᠭᠡ ᠶᠢ ᠢᠳᠡᠪᠬᠢᠳᠡᠢ ᠰᠦᠪᠡᠭᠴᠢᠯᠡᠵᠣ᠂ | ᠨᠡᠶᠢᠳᠬᠡᠯ ᠲᠤᠭ᠎ᠠ ᠪᠠᠷᠢᠮᠳᠠ᠂ ᠠᠮᠢ ᠠᠬᠤᠢ ᠶᠢᠨ ᠪᠣᠯᠪᠠᠰᠣᠨ ᠤ ᠲᠦᠷᠢᠮ᠂ ᠨᠣᠳᠤᠭ ᠪᠡᠯᠴᠢᠭᠡᠷ ᠤᠨ ︽ᠭᠤᠷᠪᠠᠨ ᠡᠷᠬᠡ ᠶᠢᠨ ᠲᠣᠰᠠᠭᠠᠷᠯᠠᠯ︾᠂ ᠨᠣᠳᠤᠭ ᠪᠡᠯᠴᠢᠭᠡᠷ | ᠤᠨ ᠵᠠᠩᠬᠢᠴᠢᠯᠠᠭᠰᠠᠨ ᠬᠠᠮᠢᠶᠠᠷᠣᠯᠳᠠ᠂ ᠭᠠᠵᠠᠷ ᠲᠣᠣᠷᠠᠬᠢ ᠣᠰᠣᠨ ᠤ ︽ᠶᠡᠷᠦᠩᠬᠡᠢ ᠬᠡᠮᠵᠢᠶ᠎ᠡ ᠶᠢ ᠬᠢᠵᠠᠭᠠᠷᠯᠠᠨ ᠨᠣᠷᠮᠠᠴᠢᠯᠠᠨ ᠬᠠᠮᠢᠶᠠᠷᠬᠤ︾ ᠵᠡᠷᠬᠡ ᠦᠭᠡᠷᠡᠴᠢᠯᠡᠯᠳᠡ | ᠶᠢᠨ ᠪᠦᠳᠦᠮᠵᠢ ᠪᠠᠨ ᠦᠷᠭᠡᠳᠬᠡᠵᠣ᠂ ᠦᠭᠡᠷᠴᠢᠯᠡᠯᠳᠡ ᠶᠢᠨ ᠰᠢᠰᠲ᠋ᠧᠮᠳᠦ ᠴᠢᠨᠠᠷ ᠢ ᠲᠡᠭᠡᠭᠰᠢᠯᠡᠭᠦᠯᠵᠣ᠂ ᠦᠭᠡᠷᠡᠴᠢᠯᠡᠯᠳᠡ ᠶᠢᠨ ᠪᠦᠬᠦᠶᠢᠯᠡ ᠴᠣᠭᠴᠠ ᠶᠢᠨ ᠦᠷ᠎ᠡ | ᠠᠰᠢᠭ ᠢ ᠣᠯᠠᠮ ᠨᠡᠮᠡᠭᠳᠡᠭᠦᠯᠦᠨ᠎ᠡ᠃ | ︵ᠲᠦᠷᠪᠠ︶ ᠠᠷᠠᠳ ᠤᠨ ᠠᠮᠢᠳᠣᠷᠠᠯ ᠢ ᠠᠳᠬᠤᠨ ᠡᠶ᠎ᠡ ᠵᠣᠬᠢᠴᠠᠯ ᠢ ᠠᠬᠢᠭᠤᠯᠵᠣ᠂ ᠠᠷᠠᠳ ᠤᠨ ᠠᠮᠢᠳᠣᠷᠠᠯ ᠤᠨ ᠲᠦᠪᠰᠢᠨ ᠢ ᠲᠠᠰᠣᠷᠠᠯᠳᠠ ᠦᠭᠡᠢ | ᠲᠡᠭᠡᠭᠰᠢᠯᠡᠭᠦᠯᠦᠨ᠎ᠡ᠃ ᠠᠷᠠᠳ ᠤᠨ ᠠᠮᠢᠳᠣᠷᠠᠯ ᠤᠨ ᠢᠨᠵᠧᠨᠧᠷᠢᠩ ᠤᠨ ᠪᠠᠶᠢᠭᠤᠯᠣᠯᠳᠠ ᠶᠢ ᠦᠷᠭᠦᠯᠵᠢᠯᠡᠨ ᠠᠬᠢᠭᠤᠯᠵᠣ᠂ ᠠᠷᠠᠳ ᠤᠨ ᠠᠮᠢᠳᠣᠷᠠᠯ ᠤᠨ ᠪᠠᠳᠣᠯᠠᠭ᠎ᠠ | ᠶᠢᠨ ᠵᠢᠷᠭᠤᠭᠠᠨ ᠲᠠᠪᠬᠤᠷ ᠲᠣᠣᠷ ᠢ ᠪᠠᠬᠢᠵᠢᠭᠦᠯᠦᠨ᠂ ᠣᠷᠣᠭᠤᠯᠣᠯᠳᠠ ᠪᠠᠨ ᠲᠠᠰᠣᠷᠠᠯᠳᠠ ᠦᠭᠡᠢ ᠨᠡᠮᠡᠭᠳᠡᠭᠦᠯᠵᠣ᠂ ᠡᠯ᠎ᠡ ᠲᠦᠷᠦᠯ ᠤᠨ ᠨᠡᠶᠢᠭᠡᠮ ᠤᠨ ᠣᠶᠢᠯᠠᠰ ᠢ | ᠪᠦᠬᠦ ᠲᠠᠯ᠎ᠠ ᠪᠠᠷ ᠬᠦᠭᠵᠢᠭᠦᠯᠦᠨ᠂ ᠨᠡᠶᠢᠭᠡᠮ ᠤᠨ ᠪᠠᠳᠣᠯᠠᠭ᠎ᠠ ᠶᠢᠨ ᠲᠦᠪᠰᠢᠨ ᠢ ᠯᠠᠪᠳᠠᠭᠤᠨ ᠢᠶᠠᠷ ᠲᠡᠭᠡᠭᠰᠢᠯᠡᠭᠦᠯᠦᠨ᠎ᠡ᠃ ᠨᠠᠷᠢᠯᠢᠭ ᠣᠨᠣᠪᠴᠢᠳᠠᠢ ᠪᠠᠷ ᠶᠠᠳᠠᠭᠤ ᠶᠢ | ᠲᠡᠳᠭᠦᠬᠦ ᠠᠵᠢᠯ ᠢ ᠲᠣᠪᠣᠶᠢᠮ᠎ᠠ ᠰᠠᠶᠢᠨ ᠠᠳᠬᠤᠵᠣ᠂ ᠠᠵᠣ ᠣᠶᠢᠯᠠᠰ ᠤᠨ ᠲᠦᠯᠦᠪᠵᠢᠭᠦᠯᠭᠡ ᠲᠦᠷᠦ ᠶᠢᠨ ᠪᠣᠳᠣᠯᠭ᠎ᠠ ᠶᠢᠨ ᠨᠠᠶᠢᠳᠠᠪᠦᠷᠢᠵᠢᠭᠤᠯᠣᠯᠳᠠ ᠶᠢ ᠣᠯᠠᠮ | ᠲᠡᠭᠦᠯᠳᠡᠷᠵᠢᠭᠦᠯᠦᠨ᠂ ᠣᠷᠣᠯᠭ᠎ᠠ ᠶᠢᠨ ᠨᠡᠮᠡᠭᠳᠡᠯ ᠤᠨ ᠵᠠᠮ ᠮᠦᠷ ᠢ ᠦᠷᠭᠡᠳᠬᠡᠨ᠂ ᠶᠠᠳᠠᠭᠤ ᠠᠴᠠ ᠠᠩᠬᠢᠵᠢᠷᠠᠭᠤᠯᠬᠤ ᠰᠢᠪᠳᠣᠯᠣᠯᠳᠠ ᠶᠢ ᠬᠦᠴᠦᠯᠡᠨ ᠪᠡᠶᠡᠯᠡᠭᠦᠯᠦᠨ᠎ᠡ | ᠃ ᠠᠵᠢᠯ ᠣᠯᠭᠤᠬᠤ ᠪᠠ ᠪᠠᠳᠣᠯᠠᠭ᠎ᠠ ᠶᠢᠨ ᠲᠦᠪᠰᠢᠨ ᠢ ᠲᠡᠭᠡᠭᠰᠢᠯᠡᠭᠦᠯᠵᠣ᠂ ᠲᠠᠶᠠᠭᠠᠷ ᠣᠯᠠᠨ ᠢᠶᠠᠷ ᠢᠶᠠᠨ ᠣᠶᠢᠯᠠᠰ ᠪᠦᠳᠦᠭᠡᠨ ᠰᠢᠨᠡᠴᠢᠯᠡᠯᠳᠡ ᠬᠢᠬᠦ ᠢ | ᠭᠦᠨᠵᠡᠭᠡᠶᠢᠷᠡᠭᠦᠯᠵᠣ᠂ ᠣᠶᠢᠯᠠᠰ ᠪᠦᠳᠦᠬᠡᠭᠦ ᠠᠵᠢᠯ ᠣᠯᠬᠤ ᠴᠢᠳᠠᠪᠦᠷᠢ ᠶᠢᠨ ᠪᠣᠯᠪᠠᠰᠣᠷᠠᠯ ᠢ ᠴᠢᠩᠭᠠᠳᠬᠠᠨ᠂ ᠪᠦᠬᠦ ᠵᠢᠯ ᠳᠤ᠂ ᠰᠢᠨ᠎ᠡ ᠪᠠᠷ ᠬᠤᠳᠠ ᠪᠠᠯᠭᠠᠰᠣᠨ ᠤ | 950 ᠬᠦᠮᠦᠨ ᠳᠤ ᠠᠵᠢᠯ ᠣᠯᠭᠤᠵᠣ᠂ ᠬᠤᠳᠠ ᠪᠠᠯᠭᠠᠰᠣᠨ ᠤ ᠠᠵᠢᠯ ᠠᠯᠳᠠᠭᠰᠠᠳ ᠤᠨ ᠲᠠᠩᠰᠠᠯᠠᠯᠳᠠ ᠶᠢᠨ ᠨᠣᠷᠮ᠎ᠠ ᠶᠢ 3% ᠲᠣᠳᠣᠷ᠎ᠠ ᠬᠢᠵᠠᠭᠠᠷᠯᠠᠨ᠎ᠠ᠃ | ᠨᠡᠶᠢᠭᠡᠮ ᠤᠨ ᠣᠶᠢᠯᠠᠰ ᠤᠨ ᠬᠦᠭᠵᠢᠯᠳᠡ ᠶᠢ ᠲᠦᠷᠭᠡᠳᠬᠡᠨ᠎ᠡ᠃ ᠰᠢᠨᠵᠢᠯᠡᠭᠡ ᠮᠡᠷᠭᠡᠵᠢᠯ᠂ ᠰᠣᠷᠭᠠᠨ ᠬᠦᠮᠦᠵᠢᠯ᠂ ᠰᠣᠶᠣᠯ᠂ ᠡᠷᠡᠭᠦᠯ ᠬᠠᠮᠠᠭᠠᠯᠠᠯ᠂ ᠲᠦᠯᠦᠪᠯᠡᠭᠡᠳᠦ | ᠦᠷᠡᠵᠢᠯ ᠵᠡᠷᠭᠡ ᠨᠡᠶᠢᠭᠡᠮ ᠤᠨ ᠣᠶᠢᠯᠠᠰ ᠢ ᠨᠢᠭᠡᠳᠦᠯᠳᠡᠢ ᠬᠦᠭᠵᠢᠭᠦᠯᠵᠣ᠂ ᠨᠡᠶᠢᠭᠡᠮ ᠤᠨ ᠪᠠᠳᠣᠯᠠᠭ᠎ᠠ ᠶᠢᠨ ᠰᠢᠰᠲ᠋ᠧᠮ ᠤᠨ ᠪᠠᠶᠢᠭᠤᠯᠣᠯᠳᠠ ᠶᠢ ᠲᠡᠭᠦᠯᠳᠡᠷᠵᠢᠭᠦᠯᠣᠨ᠂ | ᠣᠯᠠᠨ ᠲᠦᠮᠡᠨ ᠤ ᠬᠠᠨᠣᠮᠵᠢ ᠪᠠ ᠬᠦᠷᠳᠡᠮᠵᠢ ᠶᠢ ᠲᠡᠭᠡᠭᠰᠢᠯᠡᠭᠦᠯᠥᠨ᠎ᠡ᠃ ︽ᠠᠮᠣᠷ ᠠᠮᠣᠭᠤᠯᠠᠩ ᠡᠮᠦᠨᠡᠳᠦ ᠣᠳᠤᠭ︾ ᠤᠨ ᠪᠠᠶᠢᠭᠤᠯᠣᠯᠳᠠ ᠶᠢ ᠭᠦᠨᠵᠡᠭᠡᠶᠢᠷᠡᠭᠦᠯᠦᠨ᠂ | ᠠᠶᠣᠯ ᠦᠭᠡᠢ ᠣᠶᠢᠯᠠᠳᠪᠦᠷᠢᠯᠠᠯ᠂ ᠣᠷᠴᠢᠨ ᠬᠠᠮᠠᠭᠠᠯᠠᠯᠳᠠ᠂ ᠵᠠᠬᠢᠳᠠᠯ ᠰᠣᠷᠪᠣᠯᠵᠢᠯᠠᠭ᠎ᠠ᠂ ᠠᠮᠣᠷ ᠲᠣᠭᠳᠠᠭᠤᠨ᠂ ᠣᠶᠣᠨ ᠤ ᠪᠣᠯᠪᠠᠰᠣᠨ ᠤ ᠴᠣᠭᠴᠠᠯᠠᠯᠳᠠ᠂ | ᠨᠡᠶᠢᠭᠡᠮ ᠤᠨ ᠠᠮᠣᠷ ᠲᠣᠭᠳᠠᠭᠤᠨ ᠤ ᠶᠡᠷᠦᠩᠬᠡᠶᠢᠯᠡᠭᠰᠡᠨ ᠵᠠᠰᠠᠯᠳᠠ᠂ ᠬᠠᠣᠯᠢ ᠵᠢᠷᠣᠮᠯᠡᠨ ᠬᠠᠣᠯᠢ ᠲᠦᠭᠡᠮᠡᠯᠵᠢᠭᠦᠯᠬᠦ ᠵᠡᠷᠬᠡ ᠡᠯ᠎ᠡ ᠲᠦᠷᠦᠯ ᠤᠨ ᠠᠵᠢᠯ ᠢ ᠰᠠᠶᠢᠳᠦᠷ | ᠠᠳᠬᠤᠨ᠎ᠠ᠃ | ᠲᠦᠯᠦᠭᠡᠯᠡᠭᠴᠢᠳ ᠡ᠂ 2017 ᠣᠨ ᠤ ᠲᠦᠷᠪᠡᠳᠦᠭᠡᠷ ᠣᠯᠠᠷᠢᠯ ᠤᠨ ᠠᠵᠣ ᠠᠬᠤᠢ ᠨᠡᠶᠢᠭᠡᠮ ᠤᠨ ᠬᠦᠭᠵᠢᠯᠳᠡ ᠶᠢᠨ ᠠᠵᠢᠯ ᠢ ᠰᠠᠶᠢᠳᠦᠷ ᠬᠢᠬᠦ ᠳᠤ | ᠴᠠᠭ ᠲᠠᠪᠴᠢᠭᠤ ᠡᠭᠦᠷᠭᠡ ᠬᠦᠨᠳᠦ ᠪᠣᠢ᠃ ᠪᠢᠳᠡ ᠬᠤᠰᠢᠭᠤ ᠨᠠᠮ ᠤᠨ ᠬᠤᠷᠢᠶ᠎ᠠ ᠵᠠᠰᠠᠭ ᠤᠨ ᠣᠷᠳᠣᠨ ᠤ ᠡᠷᠴᠢᠳᠦ ᠣᠳᠣᠷᠢᠳᠣᠯᠭ᠎ᠠ ᠲᠣᠣᠷ᠎ᠠ᠂ ᠬᠤᠰᠢᠭᠤ ᠠᠷᠠᠳ | ᠤᠨ ᠲᠦᠯᠦᠭᠡᠯᠡᠭᠴᠢᠳ ᠤᠨ ᠶᠡᠭᠡ ᠬᠤᠷᠠᠯ᠂ ᠣᠯᠣᠰ ᠲᠦᠷᠦ ᠶᠢᠨ ᠵᠦᠪᠯᠡᠯᠭᠡᠨ ᠤ ᠵᠢᠯᠣᠭᠤᠳᠣᠯᠭ᠎ᠠ ᠶᠢ ᠣᠬᠠᠮᠰᠠᠷ ᠠᠴᠠ ᠪᠠᠨ ᠬᠦᠯᠢᠶᠡᠵᠣ᠂ ᠢᠳᠡᠭᠡᠯ ᠵᠣᠷᠢᠭ ᠢᠶᠠᠨ | ᠬᠦᠪᠴᠢᠯᠡᠨ ᠡᠭᠦᠷᠭᠡᠯᠡᠯ ᠬᠠᠷᠢᠭᠤᠴᠠᠯᠭ᠎ᠠ ᠪᠠᠨ ᠴᠢᠩᠭᠠᠳᠬᠠᠨ᠂ ᠦᠨᠡᠨ ᠬᠦ ᠠᠳᠬᠤᠵᠣ ᠪᠣᠳᠠᠳᠠᠢ ᠠᠵᠢᠯᠯᠠᠨ᠂ ᠠᠵᠣ ᠠᠬᠤᠢ ᠨᠡᠶᠢᠭᠡᠮ ᠤᠨ ᠡᠯ᠎ᠡ ᠲᠦᠷᠦᠯ ᠤᠨ | ᠬᠠᠷᠠᠯᠳᠠ ᠡᠭᠦᠷᠭᠡ ᠪᠠᠨ ᠪᠦᠬᠦ ᠲᠠᠯ᠎ᠠ ᠪᠠᠷ ᠪᠡᠶᠡᠯᠡᠭᠦᠯᠵᠣ᠂ ᠠᠵᠣ ᠠᠮᠢᠳᠣᠷᠠᠯ ᠴᠢᠨᠡᠭᠡᠯᠢᠭ᠂ ᠣᠶᠣᠨ ᠰᠠᠨᠠᠭ᠎ᠠ ᠪᠣᠯᠪᠠᠰᠣᠨ᠂ ᠠᠮᠢ ᠠᠬᠤᠢ ᠵᠣᠬᠢᠴᠠᠯᠳᠠᠢ᠂ ᠡᠮᠬᠢ | ᠵᠢᠷᠣᠮ ᠰᠠᠶᠢᠨ᠂ ᠬᠡᠪ ᠰᠣᠷᠳᠠᠯ ᠲᠦᠪ ᠦᠵᠡᠰᠭᠦᠯᠡᠩᠳᠦ ᠰᠠᠶᠢᠬᠠᠨ ᠡᠮᠦᠨᠡᠳᠦ ᠣᠳᠤᠭ ᠤᠨ ᠴᠣᠭᠴᠠᠯᠠᠯᠳᠠ ᠳᠤ ᠬᠦᠴᠦᠨ ᠵᠢᠳᠬᠦᠯ ᠨᠡᠮᠡᠷᠢᠯᠡᠰᠦᠭᠡᠢ︕ |