ᠤᠳᠤᠭ ᠤᠨ ᠡᠮᠤᠨᠡᠳᠤ ᠬᠤᠰᠢᠭᠤᠨ ᠤ 2016 ᠤᠨ ᠤ ᠤᠯᠤᠰ ᠠᠷᠠᠤᠨ ᠤᠨ ᠠᠵᠤ ᠠᠬᠤᠢ | ᠪᠤᠯᠤᠨ ᠨᠠᠶᠢᠬᠡᠮ ᠤᠨ ᠬᠦᠭᠵᠢᠯᠳᠠ ᠶᠢᠨ ᠲᠦᠯᠤᠪᠯᠡᠭᠡ ᠶᠢ ᠬᠡᠷᠡᠭᠵᠢᠬᠦᠯᠦᠭᠰᠡᠨ ᠪᠠᠶᠢᠳᠠᠯ ᠬᠢᠬᠡᠤᠨ 2017 ᠤᠨ ᠤ | ᠤᠯᠤᠰ ᠠᠷᠠᠤᠨ ᠤᠨ ᠠᠵᠤ ᠠᠬᠤᠢ ᠪᠤᠯᠤᠨ ᠨᠠᠶᠢᠬᠡᠮ ᠤᠨ ᠬᠦᠭᠵᠢᠯᠳᠠ ᠶᠢᠨ ᠲᠦᠯᠤᠪᠯᠡᠭᠡ ᠶᠢᠨ ᠲᠦᠰᠤᠯ ᠤᠨ | ᠮᠡᠳᠡᠬᠦᠯᠤᠯᠳᠠ | | | — 2017 ᠤᠨ 2 ᠰᠠᠷ᠎ᠠ ᠶᠢᠨ 8 ᠤ ᠡᠳᠤᠷ ᠤᠳᠤᠭ ᠤᠨ ᠡᠮᠤᠨᠡᠳᠤ ᠬᠤᠰᠢᠭᠤᠨ ᠤ ᠶᠢᠰᠤᠳᠤᠬᠡᠷ | ᠬᠤᠭᠤᠴᠠᠭᠠᠨ ᠤ ᠠᠷᠠᠤᠨ ᠤᠨ ᠲᠦᠯᠤᠬᠡᠯᠡᠭᠴᠢᠤᠨ ᠤᠨ ᠶᠡᠭᠡ ᠬᠤᠷᠠᠯ ᠤᠨ ᠵᠢᠷᠭᠤᠳᠤᠭᠠᠷ ᠬᠤᠷᠠᠯᠳᠤᠭᠠᠨ ᠳᠡᠬᠡᠷ᠎ᠠ | ᠤᠳᠤᠭ ᠤᠨ ᠡᠮᠤᠨᠡᠳᠤ ᠬᠤᠰᠢᠭᠤᠨ ᠤ ᠬᠦᠭᠵᠢᠬᠦᠯᠤᠯᠳᠠ ᠪᠤᠯᠤᠨ ᠦᠬᠡᠷᠡᠴᠢᠯᠠᠯᠳᠠ ᠶᠢᠨ ᠳᠤᠪᠴᠢᠶ᠎ᠠ | | ᠲᠦᠯᠤᠬᠡᠯᠡᠭᠴᠢᠤᠨ ᠡ ᠄ | ᠬᠤᠰᠢᠭᠤ ᠵᠠᠰᠠᠭ ᠤᠨ ᠤᠷᠳᠤᠨ ᠤ ᠨᠠᠶᠢᠳᠠᠯᠭ᠎ᠠ ᠪᠠᠷ ᠶᠡᠭᠡ ᠬᠤᠷᠠᠯ ᠳᠤ ᠤᠳᠤᠭ ᠤᠨ ᠡᠮᠤᠨᠡᠳᠤ ᠬᠤᠰᠢᠭᠤᠨ ᠤ | 2016 ᠤᠨ ᠤ ᠤᠯᠤᠰ ᠠᠷᠠᠤᠨ ᠤᠨ ᠠᠵᠤ ᠠᠬᠤᠢ ᠪᠤᠯᠤᠨ ᠨᠠᠶᠢᠬᠡᠮ ᠤᠨ ᠬᠦᠭᠵᠢᠯᠳᠠ ᠶᠢᠨ ᠲᠦᠯᠤᠪᠯᠡᠭᠡ ᠶᠢ | ᠬᠡᠷᠡᠭᠵᠢᠬᠦᠯᠦᠭᠰᠡᠨ ᠪᠠᠶᠢᠳᠠᠯ ᠬᠢᠬᠡᠤᠨ 2017 ᠤᠨ ᠤ ᠤᠯᠤᠰ ᠠᠷᠠᠤᠨ ᠤᠨ ᠠᠵᠤ ᠠᠬᠤᠢ ᠪᠤᠯᠤᠨ ᠨᠠᠶᠢᠬᠡᠮ ᠤᠨ | ᠬᠦᠭᠵᠢᠯᠳᠠ ᠶᠢᠨ ᠲᠦᠯᠤᠪᠯᠡᠭᠡ ᠶᠢᠨ ᠳᠦᠰᠤᠯ ᠤᠨ ᠮᠡᠳᠡᠬᠦᠯᠤᠯᠳᠠ ᠬᠢᠶ᠎ᠠ᠃ ᠲᠥᠯᠥᠭᠡᠯᠡᠭᠴᠢᠳ ᠬᠢᠨᠠᠨ ᠵᠥᠪᠯᠡᠵᠥ᠂ | ᠬᠤᠰᠢᠭᠤᠨ ᠤ ᠤᠯᠤᠰ ᠲᠦᠷᠤ ᠶᠢᠨ ᠵᠦᠪᠯᠡᠯᠬᠡᠨ ᠤ ᠬᠡᠰᠢᠬᠦᠤᠨ ᠪᠤᠯᠤᠨ ᠰᠤᠯᠠ ᠤᠷᠤᠯᠴᠠᠭᠰᠠᠤᠨ ᠰᠠᠨᠠᠯ ᠢᠶᠠᠨ | ᠳᠡᠪᠰᠢᠬᠦᠯᠬᠦ ᠪᠤᠯᠪᠠᠤ᠃ | ᠨᠢᠬᠡ᠂ 2016 ᠤᠨ ᠤ ᠤᠯᠤᠰ ᠠᠷᠠᠤᠨ ᠤᠨ ᠠᠵᠤ ᠠᠬᠤᠢ ᠪᠤᠯᠤᠨ ᠨᠠᠶᠢᠬᠡᠮ ᠤᠨ ᠬᠦᠭᠵᠢᠯᠳᠠ ᠶᠢᠨ | ᠲᠦᠯᠦᠪᠯᠡᠭᠡ ᠶᠢ ᠬᠡᠷᠡᠭᠵᠢᠬᠦᠯᠦᠭᠰᠡᠨ ᠪᠠᠶᠢᠳᠠᠯ | 2016 ᠤᠨ ᠳᠤ ᠬᠤᠰᠢᠭᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠤ ᠵᠦᠪ ᠤᠳᠤᠷᠢᠳᠤᠯᠭ᠎ᠠ | ᠪᠤᠯᠤᠨ ᠬᠤᠰᠢᠭᠤᠨ ᠤ ᠠᠷᠠᠤᠨ ᠤᠨ ᠲᠦᠯᠦᠬᠡᠯᠡᠭᠴᠢᠤᠨ ᠤᠨ ᠪᠠᠶᠢᠩᠭᠤ ᠶᠢᠨ ᠬᠤᠷᠢᠶ᠎ᠠ᠂ ᠤᠯᠤᠰ ᠲᠦᠷᠤ ᠶᠢᠨ | ᠵᠦᠪᠯᠡᠯᠭᠡᠨ ᠤ ᠬᠢᠨᠠᠯᠳᠠ ᠳᠡᠮᠵᠢᠯᠬᠡ ᠳᠤᠤᠷ᠎ᠠ ᠪᠦᠬᠦ ᠬᠤᠰᠢᠭᠤ ᠪᠠᠷ ᠢᠶᠠᠨ ᠲᠦᠪ᠂ ᠦᠪᠡᠷᠳᠡᠭᠡᠨ ᠵᠠᠰᠠᠬᠤ ᠣᠷᠣᠨ᠂ | ᠪᠦᠬᠦ ᠬᠤᠳᠠ ᠶᠢᠨ ᠡᠯ᠎ᠡ ᠲᠦᠷᠦᠯ ᠤᠨ ᠰᠢᠢᠳᠪᠥᠷᠢ ᠪᠠᠶᠢᠷᠢᠰᠢᠯᠠᠭᠤᠯᠤᠯᠳᠠ ᠶᠢ ᠭᠥᠨᠵᠡᠭᠡᠢ ᠨᠠᠶᠢᠳᠠᠪᠤᠷᠢᠵᠢᠭᠤᠯᠤᠨ᠂ | ᠰᠡᠳᠬᠢᠯ ᠨᠢᠭᠡᠳᠥᠨ ᠬᠥᠴᠥᠨ ᠢᠶᠠᠨ ᠬᠠᠮᠳᠤᠳᠬᠠᠵᠤ᠂ ᠰᠢᠨ᠎ᠡ ᠶᠢ ᠡᠭᠦᠳᠥᠨ ᠥᠢᠯᠡᠰ ᠪᠤᠰᠬᠠᠵᠤ᠂ ᠬᠤᠰᠢᠭᠤ | ᠶᠢᠰᠥᠳᠥᠭᠡᠷ ᠬᠤᠭᠤᠴᠠᠭᠠᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠠᠪᠤᠳᠤᠭᠠᠷ ᠬᠤᠷᠠᠯᠳᠤᠭᠠᠨ | ᠢᠶᠠᠷ ᠲᠤᠭᠳᠠᠭᠠᠭᠰᠠᠨ ᠡᠯ᠎ᠡ ᠲᠥᠷᠥᠯ ᠤᠨ ᠬᠠᠷᠠᠯᠳᠠ ᠡᠭᠦᠷᠭᠡ ᠶᠢ ᠠᠮᠵᠢᠯᠳᠠ ᠲᠠᠢ ᠰᠠᠶᠢᠨ ᠪᠡᠶᠡᠯᠡᠭᠦᠯᠥᠭᠰᠡᠨ ᠪᠠᠶᠢᠨ᠎ᠠ᠃ | ᠭᠠᠵᠠᠷ ᠤᠷᠤᠨ ᠤ ᠥᠢᠯᠡᠳᠪᠥᠷᠢᠯᠡᠯ ᠤᠨ ᠶᠡᠷᠥᠩᠭᠡᠢ ᠥᠷᠳᠡᠭ ᠢ 136.4 ᠳ᠋ᠦᠩᠰᠢᠭᠤᠷ ᠲᠦᠬᠦᠷᠢᠭ ᠪᠡᠶᠡᠯᠡᠬᠦᠯᠵᠤ᠂ | 8.1% ᠨᠡᠮᠡᠭᠳᠡᠪᠠ︔ ᠲᠤᠭᠳᠠᠮᠠᠯ ᠭᠥᠷᠥᠩᠭᠡ ᠶᠢᠨ ᠪᠡᠯᠡ ᠤᠷᠤᠭᠤᠯᠤᠯᠳᠠ 267.3 ᠳ᠋ᠦᠩᠰᠢᠭᠤᠷ ᠲᠦᠬᠦᠷᠢᠭ | ᠬᠦᠷᠴᠤ᠂ 15.1% ᠨᠡᠮᠡᠭᠳᠡᠪᠠ︔ ᠨᠠᠶᠢᠬᠡᠮ ᠤᠨ ᠬᠡᠷᠡᠭᠯᠡᠬᠡᠨ ᠤ ᠳᠠᠸᠠᠷ ᠤᠨ ᠵᠢᠵᠢᠭᠯᠡᠨ ᠪᠤᠷᠤᠯᠠᠭᠤᠯᠤᠭᠰᠡᠨ | ᠶᠡᠷᠤᠩᠬᠡᠢ ᠦᠷᠳᠡᠭ 22.8 ᠳ᠋ᠦᠩᠰᠢᠭᠤᠷ ᠲᠦᠬᠦᠷᠢᠭ ᠲᠤ ᠬᠦᠷᠤᠨ᠂ 11.7% ᠨᠡᠮᠡᠭᠳᠡᠪᠠ︔ ᠬᠤᠳᠠ ᠬᠦᠳᠡᠭᠡ | ᠶᠢᠨ ᠰᠠᠭᠤᠭᠠᠯᠢ ᠠᠷᠠᠤᠨ ᠤᠨ ᠬᠦᠮᠦᠨ ᠲᠣᠳᠣᠮ ᠤᠨ ᠡᠵᠡᠮᠳᠡᠵᠣ ᠪᠣᠯᠬᠤ ᠤᠷᠤᠯᠭ᠎ᠠ ᠳᠤᠰᠪᠤᠷᠢ 38318 | ᠲᠦᠬᠦᠷᠢᠭ ᠪᠠ 15603 ᠲᠦᠬᠦᠷᠢᠭ ᠲᠤ ᠬᠦᠷᠴᠤ᠂ 7.8% ᠪᠠ 7.6% ᠨᠡᠮᠡᠭᠳᠡᠪᠠ᠃ ᠨᠠᠶᠢᠳᠠ ᠶᠢᠨ ᠡᠳ᠋ | ᠤᠨ ᠵᠠᠰᠠᠭ ᠤᠨ ᠲᠦᠰᠤᠪ ᠤᠨ ᠤᠷᠤᠯᠭ᠎ᠠ 18.1 ᠳ᠋ᠥᠩᠰᠢᠭᠤᠷ ᠲᠥᠭᠦᠷᠢᠭ ᠲᠤ ᠭᠥᠷᠥᠨ᠂ 13.1% ᠨᠡᠮᠡᠭᠳᠡᠪᠠ | ᠃ ᠠᠵᠣ ᠠᠬᠤᠢ ᠶᠢᠨ ᠭᠤᠣᠯ ᠵᠢᠭᠠᠯᠲᠠ ᠶᠢᠨ ᠨᠡᠮᠡᠭᠳᠡᠯ ᠪᠦᠬᠦ ᠬᠤᠲᠠ ᠶᠢᠨ ᠲᠡᠷᠢᠬᠦᠨ ᠤ ᠡᠩᠨᠡᠬᠡᠨ ᠳᠤ ᠣᠷᠣᠵᠣ᠂ | ︽ᠠᠷᠪᠠᠨ ᠭᠤᠷᠪᠠᠳᠣᠭᠠᠷ ᠲᠠᠪᠣᠨ ᠵᠢᠯ ︾ ᠤᠨ ᠣᠬᠢ ᠰᠠᠶᠢᠨ ᠡᠬᠢᠯᠡᠯᠲᠡ ᠶᠢ ᠪᠣᠢ ᠪᠣᠯᠭᠠᠭᠰᠠᠨ ᠪᠠᠶᠢᠨ᠎ᠠ᠃ | ︵ᠨᠢᠬᠡ︶ ᠠᠵᠤ ᠤᠶᠢᠯᠡᠰ ᠤᠨ ᠬᠡᠯᠪᠡᠷᠢ ᠶᠢ ᠬᠤᠪᠢᠷᠠᠭᠤᠯᠤᠨ ᠳᠡᠰ ᠳᠡᠪᠰᠢᠬᠦᠯᠬᠦ ᠬᠤᠷᠳᠤᠴᠠ ᠶᠢ | ᠲᠦᠷᠬᠡᠤᠨᠬᠡᠪᠠ᠃ ᠠᠵᠤ ᠠᠬᠤᠢ ᠶᠢᠨ ᠪᠦᠳᠤᠴᠠ ᠶᠢ ᠪᠦᠬᠦ ᠳᠠᠯ᠎ᠠ ᠪᠠᠷ ᠠᠬᠢᠭᠤᠯᠬᠤ ᠪᠠᠶᠢᠯᠳᠤᠬᠤ ᠪᠤᠳᠤᠯᠭ᠎ᠠ ᠶᠢᠨ | ᠳᠤᠬᠢᠷᠠᠭᠤᠯᠤᠯᠳᠠ ᠶᠢ ᠪᠠᠷᠢᠮᠳᠠᠯᠠᠨ᠂ ᠪᠦᠳᠤᠴᠠ ᠶᠢ ᠰᠢᠯᠢᠳᠡᠭᠵᠢᠬᠦᠯᠬᠦ ᠶᠢᠨ ᠬᠠᠮᠳᠤ ᠠᠵᠤ ᠤᠶᠢᠯᠡᠰ ᠤᠨ ᠬᠡᠯᠪᠡᠷᠢ ᠶᠢ | ᠬᠤᠪᠢᠷᠠᠭᠤᠯᠤᠨ ᠳᠡᠰ ᠳᠡᠪᠰᠢᠬᠦᠯᠪᠠ᠃ ᠨᠢᠬᠡᠳᠤᠬᠡᠷ᠂ ᠬᠤᠶᠠᠳᠤᠭᠠᠷ᠂ ᠭᠤᠷᠪᠠᠳᠤᠭᠠᠷ ᠠᠵᠤ ᠤᠶᠢᠯᠡᠰ ᠤᠨ ᠨᠡᠮᠡᠭᠳᠡᠯ | ᠦᠷᠳᠡᠭ ᠢ ᠳᠤᠰᠪᠤᠷᠢ 12.2 ᠳ᠋ᠦᠩᠰᠢᠭᠤᠷ ᠲᠦᠬᠦᠷᠢᠭ᠂ 81.99 ᠳ᠋ᠦᠩᠰᠢᠭᠤᠷ ᠲᠦᠬᠦᠷᠢᠭ ᠪᠤᠯᠤᠨ 42.2 | ᠳ᠋ᠦᠩᠰᠢᠭᠤᠷ ᠲᠦᠬᠦᠷᠢᠭ ᠪᠡᠶᠡᠯᠡᠬᠦᠯᠵᠤ᠂ ᠳᠤᠰ ᠳᠤᠰ 3.4%᠂ 8.6% ᠪᠤᠯᠤᠨ 9% ᠨᠡᠮᠡᠭᠳᠡᠬᠦᠯᠪᠠ᠃ ᠮᠠᠯ | ᠳᠠᠷᠢᠶᠠᠯᠠᠩ ᠤᠨ ᠤᠶᠢᠯᠡᠰ ᠤᠨ ᠬᠦᠭᠵᠢᠯᠳᠠ ᠶᠢ ᠯᠠᠪᠳᠠᠭᠤᠨ ᠠᠬᠢᠭᠤᠯᠪᠠ᠃ ᠮᠠᠯ ᠳᠠᠷᠢᠶᠠᠯᠠᠩ ᠤᠨ ᠠᠵᠤ | ᠤᠶᠢᠯᠡᠰᠵᠢᠯᠳᠠ ᠶᠢ ᠯᠠᠪᠳᠠᠭᠤᠨ ᠠᠬᠢᠭᠤᠯᠵᠤ᠂ ᠤᠳᠤ ᠦᠶ᠎ᠡ ᠶᠢᠨ ᠬᠡᠪᠴᠢᠶᠡᠵᠢᠭᠰᠡᠨ ᠮᠠᠯ ᠳᠠᠷᠢᠶᠠᠯᠠᠩ ᠤᠨ ᠰᠠᠭᠤᠷᠢᠨ | ᠭᠠᠵᠠᠷ ᠢ 24 ᠲᠦᠮᠡᠨ ᠮᠤ᠋ ᠪᠠᠶᠢᠭᠤᠯᠵᠤ᠂ ᠦᠨᠳᠤᠷ ᠤᠨᠠᠯᠳᠠᠳᠤ ᠠᠷᠪᠢᠳᠠᠢ ᠤᠰᠤᠯᠠᠯᠳᠠ ᠶᠢᠨ ᠳᠠᠷᠢᠶᠠᠯᠠᠩ ᠢ 48 | ᠲᠦᠮᠡᠨ ᠮᠤ᠋ ᠬᠦᠭᠵᠢᠬᠦᠯᠤᠨ᠂ ᠪᠠᠭ᠎ᠠ ᠬᠦᠯᠡᠮᠵᠢ ᠰᠢᠨ᠎ᠠ ᠪᠠᠷ 1479 ᠪᠠᠶᠢᠭᠤᠯᠵᠤ᠂ ᠪᠦᠬᠦ ᠬᠤᠰᠢᠭᠤᠨ ᠤ ᠳᠠᠷᠢᠮᠠᠯ | ᠤᠨ ᠶᠡᠷᠤᠩᠬᠡᠢ ᠳᠠᠯᠠᠪᠠᠢ ᠶᠢ 53 ᠲᠦᠮᠡᠨ ᠮᠤ᠋ ᠬᠦᠷᠬᠡᠵᠤ᠂ ᠡᠬᠦᠨ ᠳᠤ᠂ ᠠᠮᠤ ᠪᠤᠳᠠᠭᠠᠨ ᠤ ᠳᠠᠷᠢᠮᠠᠯ ᠤᠨ ᠳᠠᠯᠠᠪᠠᠢ | 22.5 ᠲᠦᠮᠡᠨ ᠮᠤ᠋ ᠡᠵᠡᠯᠡᠬᠦᠯᠤᠨ᠂ ᠠᠳᠠᠯᠢ ᠬᠤᠭᠤᠴᠠᠭᠠᠨ ᠤ ᠬᠢ ᠠᠴᠠ 18.2% ᠪᠠᠭᠤᠷᠠᠭᠤᠯᠪᠠ︔ ᠠᠵᠤ | ᠠᠬᠤᠢ ᠶᠢᠨ ᠳᠠᠷᠢᠮᠠᠯ ᠢ 19.5 ᠲᠦᠮᠡᠨ ᠮᠤ᠋ ᠳᠠᠷᠢᠵᠤ᠂ ᠠᠳᠠᠯᠢ ᠬᠤᠭᠤᠴᠠᠭᠠᠨ ᠤ ᠬᠢ ᠠᠴᠠ 12.5% | ᠨᠡᠮᠡᠭᠳᠡᠬᠦᠯᠪᠠ︔ ᠡᠪᠡᠰᠤ ᠪᠤᠷᠳᠤᠭ᠎ᠠ ᠶᠢ 11 ᠲᠦᠮᠡᠨ ᠮᠤ᠋ ᠳᠠᠷᠢᠵᠤ᠂ ᠠᠳᠠᠯᠢ ᠬᠤᠭᠤᠴᠠᠭᠠᠨ ᠤ ᠬᠢ ᠠᠴᠠ 38. | 8% ᠨᠡᠮᠡᠭᠳᠡᠬᠦᠯᠤᠨ᠂ ︽ᠠᠮᠤ ᠪᠤᠳᠠᠭ᠎ᠠ᠂ ᠠᠵᠤ ᠠᠬᠤᠢ ᠶᠢᠨ ᠳᠠᠷᠢᠮᠠᠯ᠂ ᠡᠪᠡᠰᠤ ᠪᠤᠷᠳᠤᠭ᠎ᠠ︾ ᠶᠢᠨ ᠬᠠᠷᠢᠴᠠᠯ ᠢ | 42 ᠄ 37 ᠄ 21 ᠪᠤᠯᠭᠠᠵᠤ ᠰᠢᠯᠢᠳᠡᠭᠵᠢᠬᠦᠯᠪᠠ᠃ ᠮᠠᠯ ᠠᠵᠤ ᠠᠬᠤᠢ ᠶᠢᠨ ᠬᠡᠪᠴᠢᠶᠠᠵᠢᠯ ᠡᠵᠡᠩᠨᠡᠯᠳᠠ ᠶᠢ ᠪᠦᠬᠦ | ᠳᠠᠯ᠎ᠠ ᠪᠠᠷ ᠳᠡᠬᠡᠭᠰᠢᠯᠡᠬᠦᠯᠵᠤ᠂ ᠶᠢᠨ ᠸᠧᠢ ᠹᠦ᠋ ᠷᠧᠨ ᠺᠤᠮᠫᠠᠨᠢ᠂ ᠢᠥᠢ ᠯᠢᠶᠠᠩ ᠮᠠᠯ ᠠᠵᠤ ᠠᠬᠤᠢ ᠶᠢᠨ ᠤᠶᠢᠯᠡᠰ ᠤᠨ | ᠺᠤᠮᠫᠠᠨᠢ᠂ ᠵᠦᠩ ᠴᠤᠸᠠᠨ ᠰᠠᠨ ᠾᠧ ᠳᠠᠷᠢᠶᠠᠯᠠᠩ ᠤᠢ ᠰᠢᠭᠤᠢ ᠶᠢᠨ ᠺᠤᠮᠫᠠᠨᠢ᠂ ᠢ ᠸᠧᠢ ᠮᠠᠯ ᠠᠵᠤ ᠠᠬᠤᠢ ᠶᠢᠨ | ᠺᠤᠮᠫᠠᠨᠢ ᠵᠡᠷᠬᠡ 4 ᠲᠤᠯᠤᠭᠠᠶᠢᠯᠠᠭᠴᠢ ᠠᠵᠤ ᠠᠬᠤᠶᠢᠯᠠᠯ ᠢ ᠤᠷᠢᠨ ᠠᠪᠴᠢᠷᠡᠵᠤ᠂ ᠾᠧᠩ ᠺᠧ᠂ ᠷᠧᠨ ᠷᠧᠨ ᠢ ᠶᠢᠨ | ᠠᠯᠠᠰᠢᠨ ᠦᠬᠡᠷ ᠮᠠᠯ ᠤᠨ 2 ᠲᠦᠷᠤᠯ ᠵᠦᠢᠯ ᠢ ᠠᠰᠢᠭᠯᠠᠯᠳᠠ ᠳᠤ ᠤᠷᠤᠭᠤᠯᠤᠨ᠂ ᠦᠬᠡᠷ ᠮᠠᠯ ᠤᠨ ᠵᠢᠯ ᠤᠨ | ᠪᠤᠷᠤᠯᠠᠭᠤᠯᠭ᠎ᠠ ᠶᠢᠨ ᠳᠤᠭ᠎ᠠ ᠳᠤᠯᠤᠭᠠᠢ ᠶᠢ 141 ᠲᠦᠮᠡ ᠬᠦᠷᠬᠡᠨ᠂ ᠠᠯᠠᠰᠢᠨ ᠦᠬᠡᠷ ᠳᠡᠵᠢᠬᠡᠨ ᠦᠷᠡᠵᠢᠬᠦᠯᠬᠦ | ᠬᠡᠪᠴᠢᠶᠡᠵᠢᠯ ᠢ 19% ᠦᠷᠬᠡᠤᠨᠬᠡᠪᠠ᠃ ᠬᠠᠮᠳᠤ ᠶᠢᠨ ᠠᠵᠤ ᠠᠬᠤᠢ ᠶᠢ ᠢᠳᠡᠪᠬᠢᠳᠠᠢ ᠪᠤᠶᠢᠵᠢᠭᠤᠯᠤᠨ᠂ ᠠᠵᠤ | ᠤᠶᠢᠯᠡᠰ ᠤᠨ ᠪᠦᠳᠤᠴᠠ ᠶᠢᠨ ᠳᠤᠬᠢᠷᠠᠭᠤᠯᠤᠯᠳᠠ ᠶᠢᠨ ᠳᠠᠭᠤᠷᠢᠶᠠᠯ ᠭᠠᠴᠠᠭ᠎ᠠ ᠳᠤᠰᠬᠤᠨ 11᠂ ᠭᠤᠤᠯᠳᠠᠯᠭᠠᠳᠤ | ᠭᠠᠴᠠᠭ᠎ᠠ ᠳᠤᠰᠬᠤᠨ 16 ᠴᠤᠭᠴᠠᠯᠠᠵᠤ᠂ ᠳᠡᠵᠢᠬᠡᠨ ᠦᠷᠡᠵᠢᠬᠦᠯᠬᠦ ᠬᠦᠷᠢᠶᠡᠯᠡᠩ ᠳᠤᠭᠤᠷᠢᠭ 13᠂ ᠳᠡᠵᠢᠬᠡᠨ | ᠦᠷᠡᠵᠢᠬᠦᠯᠬᠦ ᠳᠤᠮᠤ ᠡᠷᠤᠬᠡ 165᠂ ᠬᠡᠷ ᠪᠦᠯᠢ ᠶᠢᠨ ᠠᠮᠢ ᠠᠬᠤᠶᠢᠴᠢ ᠮᠠᠯ ᠳᠠᠷᠢᠶᠠᠯᠠᠩ ᠤᠨ ᠳᠠᠯᠠᠪᠠᠢ 73 | ᠡᠷᠤᠬᠡ ᠶᠢ ᠴᠤᠭᠴᠠᠯᠠᠨ᠂ 17 ᠬᠠᠮᠳᠤᠷᠠᠯ ᠬᠤᠷᠰᠢᠶ᠎ᠠ ᠶᠢ ᠳᠡᠮᠵᠢᠨ ᠳᠡᠤᠨᠬᠦᠵᠤ᠂ ᠦᠪᠡᠷᠳᠡᠬᠡᠨ ᠵᠠᠰᠠᠬᠤ ᠤᠷᠤᠨ ᠤ | ᠳᠡᠰ ᠤᠨ ᠳᠤᠯᠤᠭᠠᠶᠢᠯᠠᠭᠴᠢ ᠠᠵᠤ ᠠᠬᠤᠶᠢᠯᠠᠯ 1᠂ ᠬᠤᠳᠠ ᠶᠢᠨ ᠳᠡᠰ ᠤᠨ ᠳᠤᠯᠤᠭᠠᠶᠢᠯᠠᠭᠴᠢ ᠠᠵᠤ ᠠᠬᠤᠶᠢᠯᠠᠯ 3 | ᠶᠢ ᠳᠠᠩᠰᠠᠯᠠᠭᠤᠯᠤᠨ᠂ ᠮᠠᠯ ᠳᠠᠷᠢᠶᠠᠯᠠᠩ ᠤᠨ ᠳᠤᠯᠤᠭᠠᠶᠢᠯᠠᠭᠴᠢ ᠠᠵᠤ ᠠᠬᠤᠶᠢᠯᠠᠯ ᠤᠳ ᠢᠶᠠᠷ 3600 ᠡᠷᠤᠬᠡ ᠠᠴᠠ | ᠳᠡᠬᠡᠭᠰᠢᠬᠢ ᠮᠠᠯᠴᠢᠨ ᠳᠠᠷᠢᠶᠠᠴᠢᠨ ᠢ ᠳᠠᠶᠢᠴᠢᠯᠠᠨ᠂ ︽ᠳᠡᠭᠷᠢᠯᠢᠭ ᠬᠠᠶᠢᠷ᠎ᠠ︾᠂ ︽ᠬᠠᠭᠠᠨ ᠰᠦᠯᠳᠠ︾ ᠵᠡᠷᠬᠡᠮᠠᠯ | ᠲᠠᠷᠢᠶᠠᠯᠠᠩ ᠤᠨ 19 ᠨᠡᠷᠡᠲᠣ ᠲᠡᠮᠳᠡᠭᠲᠣ ᠪᠦᠲᠤᠬᠡᠭᠳᠡᠬᠦᠨ ᠣᠷᠣᠨ ᠤ ᠲᠣᠳᠣᠨ᠎ᠠ ᠭᠠᠳᠠᠨ᠎ᠠ ᠪᠣᠷᠣᠯᠠᠭᠤᠯᠭ᠎ᠠ ᠰᠠᠶᠢᠲᠠᠢ | ᠪᠣᠯᠪᠠ᠃ ᠠᠵᠤ ᠤᠶᠢᠯᠡᠤᠪᠤᠷᠢ ᠶᠢᠨ ᠬᠡᠯᠪᠡᠷᠢ ᠶᠢ ᠬᠤᠪᠢᠷᠠᠭᠤᠯᠤᠨ ᠲᠦᠷᠬᠡᠤᠨᠬᠡᠨ ᠬᠦᠭᠵᠢᠬᠦᠯᠪᠠ᠃ ᠪᠦᠬᠦ | ᠬᠤᠰᠢᠭᠤᠨ ᠤ ᠠᠵᠤ ᠤᠶᠢᠯᠡᠤᠪᠤᠷᠢ ᠶᠢᠨ ᠶᠡᠷᠤᠩᠬᠡᠢ ᠦᠷᠳᠡᠭ ᠢ 290 ᠳ᠋ᠦᠩᠰᠢᠭᠤᠷ ᠲᠦᠬᠦᠷᠢᠭ ᠪᠡᠶᠡᠯᠡᠬᠦᠯᠵᠤ᠂ | 13% ᠨᠡᠮᠡᠭᠳᠡᠬᠦᠯᠪᠠ︔ ᠠᠵᠤ ᠤᠶᠢᠯᠡᠤᠨᠪᠤᠷᠢ ᠶᠢᠨ ᠨᠡᠮᠡᠭᠳᠡᠯ ᠦᠷᠳᠡᠭ ᠢ 65.78 ᠳ᠋ᠦᠩᠰᠢᠭᠤᠷ ᠲᠦᠬᠦᠷᠢᠭ | ᠪᠡᠶᠡᠯᠡᠬᠦᠯᠵᠤ᠂ 9.7% ᠨᠡᠮᠡᠭᠳᠡᠬᠦᠯᠪᠠ︔ ᠬᠡᠪᠴᠢᠶᠠᠵᠢᠯ ᠠᠴᠠ ᠳᠠᠪᠠᠭᠰᠡᠨ ᠠᠵᠤ ᠤᠶᠢᠯᠡᠤᠨᠪᠤᠷᠢ ᠶᠢᠨ ᠶᠡᠷᠤᠩᠬᠡᠢ | ᠦᠷᠳᠡᠭ ᠢ 216 ᠳ᠋ᠦᠩᠰᠢᠭᠤᠷ ᠲᠦᠬᠦᠷᠢᠭ ᠬᠦᠷᠬᠡᠵᠤ᠂ 8% ᠨᠡᠮᠡᠭᠳᠡᠬᠦᠯᠪᠠ︔ ᠱᠠᠩᠬᠠᠢ ᠶᠢᠨ ᠰᠦᠮ᠎ᠠ ᠡᠨᠧᠷᠬᠢ | ᠬᠢᠮᠢ ᠶᠢᠨ ᠰᠠᠭᠤᠷᠢᠨ ᠭᠠᠵᠠᠷ ᠤᠨ ᠪᠤᠷᠤᠯᠠᠭᠤᠯᠭ᠎ᠠ ᠶᠢᠨ ᠤᠷᠤᠯᠭ᠎ᠠ 150 ᠳ᠋ᠦᠩᠰᠢᠭᠤᠷ ᠲᠦᠬᠦᠷᠢᠭ ᠬᠦᠷᠪᠠ᠃ | ᠬᠤᠳᠠ ᠶᠢᠨ ᠱᠠᠳᠤᠨ ᠠᠴᠠ ᠵᠤᠬᠢᠴᠠᠭᠤᠯᠤᠭᠰᠡᠨ ᠳ᠋ᠦᠩᠰᠢᠭᠤᠷ ᠲᠦᠬᠦᠷᠢᠭ ᠠᠴᠠ ᠳᠡᠬᠡᠭᠰᠢᠬᠢ 15 ᠭᠤᠤᠯᠳᠠᠯᠭᠠᠳᠤ | ᠲᠦᠷᠤᠯ ᠵᠦᠢᠯ ᠢ ᠪᠦᠬᠦ ᠳᠠᠯ᠎ᠠ ᠪᠠᠷ ᠠᠵᠢᠯ ᠰᠡᠷᠬᠦᠬᠡᠵᠤ᠂ ᠨᠠᠶᠢᠳᠠ 188 ᠳ᠋ᠦᠩᠰᠢᠭᠤᠷ ᠲᠦᠬᠦᠷᠢᠭ ᠪᠡᠯᠡ | ᠤᠷᠤᠭᠤᠯᠪᠠ᠃ ᠡᠬᠦᠨ ᠳᠤ ᠭᠤᠤᠯᠳᠠᠯᠭᠠᠳᠤ ᠠᠵᠤ ᠤᠶᠢᠯᠡᠤᠨᠪᠤᠷᠢ ᠶᠢᠨ ᠲᠦᠷᠤᠯ ᠵᠦᠢᠯ 6 ᠪᠠᠶᠢᠬᠤ ᠪᠦᠬᠡᠤᠨ | ᠨᠠᠶᠢᠳᠠ 155 ᠳ᠋ᠦᠩᠰᠢᠭᠤᠷ ᠲᠦᠬᠦᠷᠢᠭ ᠤᠨ ᠪᠡᠯᠡ ᠤᠷᠤᠭᠤᠯᠤᠭᠰᠡᠨ ᠪᠠᠶᠢᠨ᠎ᠠ᠃ ᠶᠡᠷᠤᠩᠬᠡᠢ ᠪᠡᠯᠡ ᠤᠷᠤᠭᠤᠯᠤᠯᠳᠠ | ᠨᠢ 211 ᠳ᠋ᠦᠩᠰᠢᠭᠤᠷ ᠲᠦᠬᠦᠷᠢᠭ ᠤᠨ ᠱᠠᠩᠬᠠᠢ ᠶᠢᠨ ᠰᠦᠮ᠎ᠠ ᠠᠴᠠ ᠱᠠᠨᠳᠦ᠋ᠩ ᠬᠦᠷᠬᠦ ᠴᠠᠬᠢᠯᠭᠠᠨ ᠬᠦᠷᠬᠡᠬᠦ | ᠱᠤᠭᠤᠮ ᠤᠨ ᠮᠤᠳᠤ ᠴᠢᠯᠠᠭᠤᠨ ᠪᠠᠷᠢᠯᠭ᠎ᠠ᠂ ᠰᠤᠪᠤᠷᠭᠠᠨ ᠰᠠᠭᠤᠷᠢ᠂ ᠳᠡᠮᠤᠷ ᠰᠤᠪᠤᠷᠭ᠎ᠠ ᠪᠠᠶᠢᠷᠢᠯᠠᠭᠤᠯᠬᠤ ᠠᠵᠢᠯ ᠢ | ᠴᠦᠮ ᠳᠡᠬᠦᠰᠬᠡᠵᠤ᠂ ᠤᠯᠤᠰ ᠤᠨ ᠴᠠᠬᠢᠯᠭᠠᠨ ᠪᠦᠯᠦᠭᠯᠡᠯ᠂ ᠱᠧᠩ ᠯᠤ᠋ ᠶᠢᠨ ᠬᠤᠶᠠᠷ 2×100 ᠲᠦᠮᠡᠨ | ᠺᠢᠯᠤᠸᠠᠲ ᠤᠨ ᠴᠠᠬᠢᠯᠭᠠᠨ ᠤᠶᠢᠯᠡᠤᠨᠪᠤᠷᠢ ᠶᠢᠨ ᠪᠠᠶᠢᠭᠤᠯᠤᠯᠳᠠ ᠡᠬᠢᠯᠡᠵᠤ᠂ ᠱᠧᠨ ᠬᠤᠸᠠ᠂ ᠪᠧᠢ ᠹᠠᠩ ᠤᠨ 2 | ᠴᠠᠬᠢᠯᠭᠠᠨ ᠤᠶᠢᠯᠡᠤᠨᠪᠤᠷᠢ ᠶᠢᠨ ᠲᠦᠷᠤᠯ ᠵᠦᠢᠯ ᠡᠳᠤᠬᠡ ᠶᠠᠭ ᠭᠠᠷᠳᠠᠮ ᠭᠦᠢᠴᠡᠤᠨᠬᠡᠵᠤ ᠪᠤᠢ᠃ ᠬᠤᠸᠠ ᠰᠢᠩ ᠤᠨ | 40 ᠳ᠋ᠦᠩᠰᠢᠭᠤᠷ ᠺᠦᠪ ᠮᠧᠲᠷ ᠨᠡᠬᠦᠷᠡᠰᠤ ᠪᠠᠷ ᠰᠢᠳᠠᠮᠠᠬᠠᠢ ᠬᠡᠢ ᠤᠶᠢᠯᠡᠤᠨᠬᠦ ᠲᠦᠷᠦᠯ ᠵᠣᠶᠢᠯ ᠤᠨ ᠨᠡᠬᠦᠷᠡᠰᠣᠨ ᠡᠬᠢ | ᠰᠣᠷᠪᠣᠯᠵᠢ ᠶᠢᠨ ᠣᠷᠢᠳᠠᠴᠢ ᠲᠦᠬᠦᠷᠵᠢᠬᠦᠯᠣᠯᠲᠡ ᠶᠢ ᠵᠦᠪᠰᠢᠶᠡᠷᠡᠬᠦᠯᠬᠦ ᠪᠠᠷ ᠮᠡᠳᠡᠬᠦᠯᠵᠣ᠂ 60 ᠲᠦᠮᠡᠨ ᠲᠣᠨ | ᠨᠡᠬᠦᠷᠡᠰᠤ ᠪᠠᠷ ᠠᠯᠺᠸᠠ ᠤᠶᠢᠯᠡᠤᠨᠬᠦ ᠲᠦᠷᠦᠯ ᠵᠣᠶᠢᠯ ︽ᠣᠯᠣᠰ ᠤᠨ ᠨᠡᠬᠦᠷᠡᠰᠣ ᠬᠢᠮᠢ ᠶᠢᠨ ᠠᠵᠣ ᠦᠢᠯᠡᠳᠪᠣᠷᠢ | ᠶᠢᠨ ᠰᠢᠨᠡᠴᠢᠯᠡᠯ ᠲᠠᠢ ᠬᠦᠭᠵᠢᠬᠦᠯᠦᠯᠲᠡ ᠶᠢᠨ ᠪᠠᠶᠢᠷᠢᠯᠠᠭᠤᠯᠣᠯᠲᠠ ᠶᠢᠨ ᠲᠦᠰᠣᠯ︾ ᠳᠤ ᠣᠷᠣᠪᠠ︔ ᠶᠡᠷᠣᠩᠬᠡᠢ | ᠬᠡᠪᠴᠢᠶᠡᠵᠢᠯ 120 ᠲᠦᠮᠡᠨ ᠲᠣᠨ ᠤ 4 LNG ᠲᠦᠷᠦᠯ ᠵᠣᠶᠢᠯ ᠯᠠᠪᠳᠠᠭᠤᠨ ᠠᠬᠢᠵᠤ᠂ ᠰᠧᠨ ᠲᠠᠢ᠂ ᠱᠢ ᠳ᠋ᠠ | ᠶᠢᠨ ᠬᠤᠶᠠᠷ 20 ᠲᠦᠮᠡᠨ ᠳᠤᠨ ᠤ LNG ᠲᠦᠷᠤᠯ ᠵᠦᠢᠯ ᠠᠰᠢᠭᠯᠠᠯᠳᠠ ᠳᠤ ᠤᠷᠤᠨ᠂ ᠰᠧ ᠺᠧ᠂ ᠶᠠ ᠬᠠᠢ | ᠬᠤᠶᠠᠷ LNG ᠲᠦᠷᠤᠯ ᠵᠦᠢᠯ ᠤᠨ ᠭᠤᠤᠯ ᠪᠠᠷᠢᠯᠭ᠎ᠠ ᠳᠠᠭᠤᠰᠪᠠ᠃ ︽ᠰᠢᠨᠡᠡᠨᠧᠷᠬᠢ ᠶᠢᠨ ᠠᠵᠣ ᠦᠢᠯᠡᠰ ᠤᠨ | ᠬᠦᠭᠵᠢᠯᠲᠡ ᠶᠢᠨ ᠲᠦᠯᠦᠪᠵᠢᠬᠦᠯᠬᠡ︾ ᠶᠢ ᠨᠠᠶᠢᠷᠠᠭᠤᠯᠵᠣ ᠲᠠᠭᠤᠰᠬᠠᠨ᠂ ᠡᠮᠣᠨ᠎ᠡ ᠬᠤᠭᠤᠴᠠᠭᠠᠨ ᠤ ᠠᠵᠢᠯ ᠢ | ᠶᠠᠪᠣᠭᠳᠠᠭᠤᠯᠵᠣ ᠪᠠᠶᠢᠭᠠᠰᠢᠨᠡᠡᠨᠧᠷᠬᠢ ᠶᠢᠨ ᠮᠠᠰᠢᠨ ᠴᠣᠭᠴᠠᠯᠠᠪᠣᠷᠢ 1000 ᠲᠦᠮᠡᠨ ᠺᠢᠯᠤᠸᠠᠲ ᠠᠴᠠ ᠲᠠᠪᠠᠪᠠ᠃ | ᠦᠢᠯᠡᠴᠢᠯᠡᠬᠡᠨ ᠤ ᠦᠢᠯᠡᠰ ᠤᠨ ᠠᠮᠢᠲᠣᠯᠢᠭ ᠬᠦᠴᠤᠨ ᠢ ᠢᠯᠡᠷᠬᠡᠢ ᠲᠡᠬᠡᠭᠰᠢᠯᠡᠬᠦᠯᠪᠡ᠃ ᠰᠤᠶᠤᠯ ᠵᠢᠭᠤᠯᠴᠢᠯᠠᠯ᠂ | ᠤᠳᠤ ᠦᠶ᠎ᠡ ᠶᠢᠨ ᠪᠤᠳᠠᠰ ᠤᠨ ᠬᠦᠢᠯᠬᠡᠬᠡ᠂ ᠡᠷᠡᠬᠦᠯᠵᠢᠯ ᠰᠤᠪᠢᠯᠠᠯ᠂ ᠮᠦᠩᠬᠦᠨ ᠬᠦᠢᠯᠬᠡᠬᠡ ᠵᠡᠷᠬᠡ ᠤᠳᠤ ᠦᠶ᠎ᠡ | ᠶᠢᠨ ᠤᠶᠢᠯᠡᠴᠢᠯᠡᠬᠡᠨ ᠤ ᠤᠶᠢᠯᠡᠰ ᠢ ᠲᠦᠷᠬᠡᠤᠨᠬᠡᠨ ᠬᠦᠭᠵᠢᠬᠦᠯᠪᠠ᠃ ᠶᠠᠨ ᠠᠨ ᠤ ᠦᠨᠳᠤᠰᠤᠳᠠᠨ ᠤ ᠳᠡᠬᠡᠳᠤ | ᠰᠤᠷᠭᠠᠭᠤᠯᠢ ᠶᠢᠨ ᠪᠤᠷᠤᠪᠠᠯᠭᠠᠰᠤᠨ ᠳᠠᠬᠢ ᠳᠤᠷᠠᠰᠬᠠᠯ ᠤᠨ ᠲᠢᠩᠬᠢᠮ ᠢᠶᠠᠷ ᠭᠤᠤᠯᠯᠠᠭᠤᠯᠤᠨ᠂ ᠳᠠᠬᠢᠯᠳᠤ ᠳᠠᠬᠢ | ᠠᠵᠢᠯᠯᠠᠬᠤ ᠬᠤᠷᠢᠶ᠎ᠠ ᠵᠡᠷᠬᠡ 6 ᠬᠦᠮᠤᠵᠢᠯ ᠤᠨ ᠴᠡᠭ ᠢᠶᠠᠷ ᠨᠦᠬᠦᠪᠤᠷᠢᠯᠡᠬᠦᠯᠦᠭᠰᠡᠨ ︽1 + 6︾ ᠬᠤᠪᠢᠰᠬᠠᠯᠳᠤ | ᠪᠤᠯᠪᠠᠰᠤᠷᠠᠯ ᠬᠦᠮᠤᠵᠢᠯ ᠤᠨ ᠰᠠᠭᠤᠷᠢᠨ ᠤ ᠭᠤᠤᠯ ᠴᠤᠭᠴᠠ ᠶᠢᠨ ᠠᠵᠢᠯ ᠢ ᠳᠡᠬᠦᠰᠬᠡᠵᠤ᠂ ᠵᠠᠰᠠᠯ ᠴᠢᠮᠡᠭᠯᠡᠯ ᠤᠨ | ᠠᠵᠢᠯ ᠢ ᠲᠦᠷᠬᠡᠤᠨᠬᠡᠨ᠂ ᠪᠦᠬᠦ ᠤᠯᠤᠰ ᠤᠨ ᠤᠯᠤᠰ ᠢᠶᠠᠨ ᠬᠠᠶᠢᠷᠠᠯᠬᠠᠤ ᠬᠦᠮᠤᠵᠢᠯ ᠤᠨ ᠰᠠᠭᠤᠷᠢᠨ ᠭᠠᠵᠠᠷ ᠢᠶᠠᠷ | ᠳᠠᠩᠰᠠᠯᠠᠭᠤᠯᠬᠤ ᠪᠠᠷ ᠮᠡᠳᠡᠬᠦᠯᠵᠤ ᠪᠤᠢ᠃ ᠪᠠᠶᠠᠨᠰᠢᠪᠠᠷ ᠤᠨ ᠴᠠᠶᠢᠳᠠᠮ ᠵᠡᠷᠬᠡ ᠵᠡᠬᠦᠨ ᠪᠡᠶ᠎ᠡ ᠶᠢᠨ ᠵᠢᠭᠤᠯᠴᠢᠯᠠᠯ ᠤᠨ | ᠱᠤᠭᠤᠮ ᠬᠢᠬᠡᠤᠨ ᠬᠡᠷᠡᠮ ᠤᠨ ᠭᠤᠤᠯ ︵ᠤᠮᠠᠷᠠᠳᠤ ᠬᠡᠰᠡᠭ︶ ᠵᠡᠷᠬᠡ ᠪᠠᠷᠠᠭᠤᠨ ᠪᠠᠶ᠎ᠠ ᠶᠢᠨ ᠵᠢᠭᠤᠯᠴᠢᠯᠠᠯ ᠤᠨ ᠡᠬᠢ | ᠰᠤᠷᠪᠤᠯᠵᠢ ᠶᠢᠨ ᠨᠡᠬᠡᠬᠡᠯᠳᠠ ᠶᠢ ᠵᠤᠬᠢᠴᠠᠯ ᠲᠠᠢ ᠠᠬᠢᠭᠤᠯᠵᠤ᠂ ᠮᠠᠯᠴᠢᠨ ᠳᠠᠷᠢᠶᠠᠴᠢᠨ ᠠᠶᠢᠯ ᠤᠨ ᠪᠠᠶᠠᠰᠤᠯ | ᠵᠤᠴᠢᠯᠠᠭ᠎ᠠ ᠶᠢᠨ ᠡᠷᠤᠬᠡ ᠶᠢ 75 ᠨᠡᠮᠡᠭᠳᠡᠬᠦᠯᠵᠤ᠂ ︽ᠮᠦᠩᠬᠦᠨ ᠡᠪᠤᠯ ᠤᠨ ᠨᠠᠭᠠᠳᠤᠮ︾᠂ ︽ᠭᠤᠯᠤᠮᠳᠠ ᠭᠠᠯ | ᠰᠤᠶᠤᠯ ᠤᠨ ᠨᠠᠶᠢᠷ︾ ᠵᠡᠷᠬᠡ ᠪᠠᠶᠠᠷ ᠳᠤᠷᠠᠰᠬᠠᠯ ᠤᠨ ᠠᠵᠢᠯ ᠢ ᠪᠦᠳᠤᠮᠵᠢᠳᠠᠢ ᠡᠷᠬᠢᠯᠡᠨ᠂ ᠪᠦᠬᠦ ᠵᠢᠯ ᠳᠤ | ᠵᠢᠭᠤᠯᠴᠢᠯᠠᠨ ᠵᠤᠷᠴᠢᠭᠰᠠᠤᠨ ᠢ ᠨᠠᠶᠢᠳᠠ 80 ᠲᠦᠮᠡᠨ ᠬᠦᠮᠤᠨ ᠤᠳᠠᠭ᠎ᠠ ᠬᠦᠯᠢᠶᠡᠵᠤ᠂ 16.2% ᠨᠡᠮᠡᠭᠳᠡᠬᠦᠯᠤᠨ᠂ | ᠵᠢᠭᠤᠯᠴᠢᠯᠠᠯ ᠤᠨ ᠶᠡᠷᠤᠩᠬᠡᠢ ᠤᠷᠤᠯᠭ᠎ᠠ 24.7 ᠳ᠋ᠦᠩᠰᠢᠭᠤᠷ ᠲᠦᠬᠦᠷᠢᠭ ᠬᠦᠷᠴᠤ᠂ 28.6% ᠨᠡᠮᠡᠭᠳᠡᠪᠠ᠃ | ᠡᠯᠧᠺᠲᠷᠣᠨ ᠠᠷᠠᠯᠵᠢᠶᠠᠨ ᠤ ᠶᠠᠪᠣᠳᠠᠯ ᠪᠣᠯᠣᠨ ᠣᠳᠦ ᠦᠶ᠎ᠡ ᠶᠢᠨ ᠪᠣᠳᠠᠰ ᠤᠨ ᠭᠦᠢᠯᠭᠡᠭᠡᠨ ᠤ ᠬᠦᠭᠵᠢᠯᠳᠠ ᠶᠢᠨ | ᠲᠦᠯᠦᠪᠵᠢᠭᠦᠯᠭᠡ ᠲᠣᠭᠳᠠᠭᠠᠨ᠂ ᠱᠠᠩᠬᠠᠢ ᠶᠢᠨ ᠰᠦᠮ᠎ᠡ ᠶᠡᠷᠦᠩᠬᠡᠶᠢᠯᠡᠭᠰᠡᠨ ᠪᠣᠳᠠᠰ ᠤᠨ ᠭᠦᠢᠯᠭᠡᠭᠡᠨ ᠤ ᠬᠦᠷᠢᠶᠡᠯᠡᠩ | ᠢ ᠡᠬᠢᠯᠡᠭᠦᠯᠵᠣ᠂ ᠡᠯᠧᠺᠲᠷᠣᠨ ᠠᠷᠠᠯᠵᠢᠶᠠᠨ ᠤ ᠶᠠᠪᠣᠳᠠᠯ ᠤᠨ ᠰᠠᠭᠤᠷᠢᠨ ᠢ ᠦᠪᠡᠷᠳᠡᠭᠡᠨ ᠵᠠᠰᠠᠬᠤ ᠣᠷᠣᠨ ᠤ | ᠡᠯᠧᠺᠲᠷᠣᠨ ᠠᠷᠠᠯᠵᠢᠶᠠᠨ ᠤ ᠣᠶᠢᠯᠠᠰ ᠤᠨ ᠲᠠᠭᠤᠷᠢᠶᠠᠯ ᠰᠠᠭᠤᠷᠢᠨ ᠢᠶᠠᠷ ᠪᠦᠳᠦᠮᠵᠢᠳᠡᠢ ᠲᠠᠩᠰᠠᠯᠠᠭᠤᠯᠪᠠ︔ ᠠᠵᠠᠳᠠᠢ | ᠰᠣᠪᠢᠯᠠᠯᠳᠡ ᠶᠢᠨ ᠬᠦᠷᠢᠶᠠᠯᠠᠩ ᠢ ᠠᠰᠢᠭᠯᠠᠯᠳᠡ ᠳᠤ ᠣᠷᠣᠭᠤᠯᠵᠣ᠂ ᠦᠪᠡᠷᠳᠡᠭᠡᠨ ᠵᠠᠰᠠᠬᠤ ᠣᠷᠣᠨ ᠤ ︽ᠡᠮᠨᠡᠬᠦ | ᠰᠣᠪᠢᠯᠠᠬᠤ ᠶᠢ ᠣᠶᠠᠯᠳᠣᠭᠤᠯᠣᠭᠰᠠᠨ ᠲᠣᠷᠰᠢᠯᠳᠠ ᠶᠢᠨ ᠴᠡᠭ︾ ᠪᠣᠯᠭᠠᠨ ᠴᠣᠭᠴᠠᠯᠠᠪᠠ︔ ᠰᠣᠶᠣᠯ ᠤᠨ ᠠᠵᠣ | ᠣᠶᠢᠯᠠᠰ ᠤᠨ ᠬᠦᠷᠢᠶᠡᠯᠠᠩ ᠦᠪᠡᠷᠳᠡᠭᠡᠨ ᠵᠠᠰᠠᠬᠤ ᠣᠷᠣᠨ ᠤ ᠲᠡᠰ ᠤᠨ ᠰᠣᠶᠣᠯ ᠤᠨ ᠪᠦᠳᠦᠭᠡᠯᠴᠢ ᠠᠵᠣ ᠣᠶᠢᠯᠠᠰ | ᠤᠨ ᠬᠦᠷᠢᠶᠡᠯᠡᠩ ᠪᠠ ᠦᠪᠡᠷᠳᠡᠭᠡᠨ ᠵᠠᠰᠠᠬᠤ ᠣᠷᠣᠨ ᠤ ᠣᠶᠢᠯᠡᠴᠢᠯᠡᠭᠡᠨ ᠤ ᠣᠶᠢᠯᠠᠰ ᠤᠨ ᠴᠣᠭᠯᠠᠭ᠎ᠠ ᠬᠦᠷᠢᠶᠡᠯᠡᠩ | ᠲᠣᠭᠤᠷᠢᠭ ᠢᠶᠠᠷ ᠦᠨᠡᠯᠡᠭᠳᠡᠵᠣ᠂ ᠡᠯᠧᠺᠲᠷᠣᠨ ᠠᠷᠠᠯᠵᠢᠶᠠᠨ ᠤ ᠶᠠᠪᠣᠳᠠᠯ ᠤᠨ ᠣᠷᠣᠯᠭ᠎ᠠ ᠳ᠋ᠦᠩᠰᠢᠭᠤᠷ ᠲᠦᠭᠦᠷᠢᠭ | ᠤᠨ ᠪᠣᠭᠤᠮᠳᠠ ᠲᠠᠪᠠᠪᠠ᠃ ᠪᠦᠬᠦ ᠬᠤᠰᠢᠭᠤᠨ ᠤ ᠪᠠᠩᠬᠢ ᠶᠢᠨ ᠣᠶᠢᠯᠠᠰ ᠮᠦᠩᠭᠦᠨ ᠭᠦᠢᠯᠭᠡᠭᠡᠨ ᠤ ᠰᠠᠯᠠᠭ᠎ᠠ ᠮᠦᠴᠢᠷ | ᠤᠨ ᠬᠠᠳᠠᠭᠠᠯᠠᠮᠵᠢ ᠶᠢᠨ ᠬᠡᠮᠵᠢᠶ᠎ᠡ ᠪᠣᠯᠣᠨ ᠵᠢᠭᠡᠯᠡᠯᠭᠡ ᠶᠢᠨ ᠦᠯᠡᠪᠦᠷᠢ ᠦᠷᠳᠡᠭ ᠲᠣᠰ ᠪᠦᠷᠢ 12.47% ᠪᠡ 7. | 47% ᠪᠠᠷ ᠦᠰᠪᠡ᠃ | ︵ᠬᠤᠶᠠᠷ︶ ᠵᠣᠬᠢᠴᠠᠩᠭᠤᠢ ᠬᠦᠭᠵᠢᠯᠳᠠ ᠶᠢᠨ ᠴᠢᠳᠠᠮᠵᠢ ᠴᠢᠩᠭᠠᠳᠪᠠ᠃ ᠬᠤᠳᠠ ᠬᠥᠳᠡᠭᠡ ᠶᠢᠨ ᠢᠵᠢ | ᠴᠤᠭᠴᠠᠵᠢᠭᠰᠠᠨ ᠭᠥᠭᠵᠢᠯᠳᠡ ᠶᠢ ᠪᠠᠷᠢᠮᠳᠠᠯᠠᠵᠤ᠂ ᠠᠵᠤ ᠥᠢᠯᠡᠰ ᠬᠢᠭᠡᠳ ᠬᠤᠳᠠ ᠪᠠᠯᠭᠠᠰᠤ ᠶᠢᠨ ᠵᠤᠬᠢᠴᠠᠯᠳᠤ | ᠭᠥᠭᠵᠢᠯᠳᠡ ᠵᠢᠴᠢ ᠬᠤᠳᠠ ᠪᠠᠯᠭᠠᠰᠤ ᠪᠠᠷ ᠬᠥᠳᠡᠭᠡ ᠨᠤᠳᠤᠭ ᠢ ᠲᠠᠶᠢᠴᠢᠯᠠᠬᠤ ᠠᠵᠢᠯ ᠢ ᠠᠬᠢᠭᠤᠯᠤᠨ᠂ ᠴᠢᠳᠠᠮᠵᠢ | ᠶᠢᠨ ᠲᠥᠭᠦᠷᠵᠢᠭᠦᠯᠭᠡ ᠪᠤᠯᠤᠨ ᠪᠥᠳᠥᠴᠠ ᠶᠢᠨ ᠰᠢᠯᠢᠳᠡᠭᠵᠢᠭᠦᠯᠥᠯᠳᠡ ᠶᠢ ᠲᠥᠷᠭᠡᠳᠭᠡᠵᠥ᠂ ᠬᠤᠳᠠ ᠬᠥᠳᠡᠭᠡ ᠶᠢᠨ | ᠰᠠᠭᠤᠷᠢ ᠪᠠᠶᠢᠭᠤᠯᠤᠯᠳᠠ ᠶᠢ ᠨᠢᠭᠡᠳᠥᠯᠳᠡᠢ ᠲᠥᠯᠥᠪᠯᠡᠨ᠂ ᠭᠥᠭᠵᠢᠯᠳᠡ ᠶᠢᠨ ᠤᠷᠤᠨ ᠵᠠᠢ ᠶᠢ ᠤᠯᠠᠮ ᠥᠷᠭᠡᠳᠭᠡᠪᠡ᠃ | ᠬᠤᠳᠠ ᠭᠥᠳᠡᠭᠡ ᠶᠢᠨ ᠲᠥᠷᠢ ᠲᠥᠷᠭᠦ ᠠᠳᠠᠯᠢ ᠠᠯᠬᠤᠮ ᠢᠶᠠᠷ ᠰᠢᠨᠡᠳᠪᠡ᠃ ᠨᠡᠶᠢᠳᠡ 14.6 ᠳ᠋ᠥᠩᠰᠢᠭᠤᠷ | ᠲᠥᠭᠦᠷᠢᠭ ᠪᠡᠯᠡ ᠵᠠᠷᠤᠴᠠᠭᠤᠯᠤᠨ ᠮᠠᠯᠵᠢᠬᠤ ᠲᠠᠷᠢᠶᠠᠯᠠᠬᠤ ᠤᠷᠤᠨ ᠤ ᠤᠰᠤ᠂ ᠴᠠᠬᠢᠯᠭᠠᠨ᠂ ᠵᠠᠮ᠂ ᠴᠢᠮᠡᠭᠡ | ᠨᠡᠪᠳᠡᠷᠡᠯᠭᠡ᠂ ᠤᠷᠤᠨ ᠰᠠᠭᠤᠴᠠ ᠵᠡᠷᠭᠡ ᠰᠠᠭᠤᠷᠢ ᠪᠠᠳᠤᠯᠠᠭ᠎ᠠ ᠶᠢᠨ ᠵᠥᠢᠯ ᠪᠠ ᠰᠤᠷᠭᠠᠨ ᠭᠥᠮᠥᠵᠢᠯ᠂ ᠡᠮ ᠡᠮᠨᠡᠯᠭᠡ | ᠵᠡᠷᠭᠡ ᠤᠯᠠᠨ ᠨᠡᠶᠢᠳᠡ ᠶᠢᠨ ᠥᠢᠯᠡᠴᠢᠯᠡᠭᠡᠨ ᠤ ᠨᠥᠭᠦᠴᠡᠯ ᠪᠤᠯᠤᠮᠵᠢ ᠶᠢ ᠪᠥᠭᠦ ᠲᠠᠯ᠎ᠠ ᠪᠠᠷ ᠰᠠᠶᠢᠵᠢᠷᠠᠭᠤᠯᠤᠨ᠂ | ᠤᠷᠴᠢᠨ ᠲᠤᠭᠤᠷᠢᠨ ᠤ ᠠᠷᠢᠭᠤᠨ ᠴᠡᠪᠡᠷ ᠤᠨ ᠬᠠᠮᠢᠶᠠᠷᠤᠯᠳᠠ ᠶᠢᠨ ᠲᠠᠭᠠᠭᠠᠮᠠᠭᠠᠢ ᠲᠤᠭᠳᠠᠴᠠ ᠪᠥᠷᠢᠳᠥᠭᠦᠯᠵᠤ᠂ | ᠥᠵᠡᠰᠭᠦᠯᠡᠩᠳᠤ ᠭᠥᠳᠡᠭᠡ ᠨᠤᠳᠤᠭ ᠤᠨ ᠪᠠᠶᠢᠭᠤᠯᠤᠯᠳᠠ ᠶᠢ ᠯᠠᠪᠳᠠᠭᠤᠨ ᠠᠬᠢᠭᠤᠯᠪᠠ᠃ ᠬᠤᠳᠠ ᠶᠢᠨ ᠲᠣᠭᠤᠷᠢᠭ | ᠤᠨ ᠵᠠᠮ ᠵᠠᠭᠡᠯᠢ ᠪᠣᠯᠣᠨ ᠪᠣᠬᠢᠷ ᠣᠰᠣ ᠲᠠᠮᠵᠢᠭᠤᠯᠬᠤ ᠬᠤᠭᠤᠯᠡᠢ ᠶᠢ ᠦᠭᠡᠷᠡᠴᠢᠯᠡᠨ ᠲᠡᠰ ᠲᠡᠪᠰᠢᠭᠦᠯᠵᠣ᠂ ᠣᠯᠵᠠᠴᠢ | ᠪᠠᠯᠭᠠᠰᠦ᠂ ᠱᠠᠩᠬᠠᠢ ᠶᠢᠨ ᠰᠦᠮ᠎ᠡ ᠶᠢᠨ ᠪᠠᠯᠭᠠᠰᠣᠨ ᠤ ᠲᠣᠭᠤᠷᠢᠭ ᠲᠤ WIFI ᠪᠦᠷᠬᠦᠪᠴᠢ ᠪᠡᠶᠡᠯᠡᠭᠦᠯᠵᠣ᠂ | ᠫᠢᠩᠫᠠᠩ ᠪᠦᠮᠪᠦᠭᠡ ᠦᠳᠦᠨ ᠪᠣᠮᠪᠦᠭᠡ ᠶᠢᠨ ᠣᠷᠳᠣᠨ᠂ ᠣᠮᠪᠠᠯᠳᠠ ᠶᠢᠨ ᠣᠷᠳᠣᠨ᠂ ᠳ᠋ᠠᠶᠢᠲᠨ ᠲᠦᠪ ᠵᠡᠷᠭᠡ ᠶᠢ | ᠠᠰᠢᠭᠯᠠᠯᠳᠡ ᠳᠤ ᠣᠷᠣᠭᠤᠯᠣᠨ᠂ ᠪᠦᠬᠦ ᠣᠯᠣᠰ ᠤᠨ ᠰᠢᠶᠠᠨ ᠤ ᠲᠡᠰ ᠤᠨ ᠪᠣᠯᠪᠠᠰᠣᠨ ᠬᠤᠳᠠ ᠶᠢᠨ ᠴᠣᠭᠴᠠᠯᠠᠯᠳᠡ | ᠤᠯᠤᠰ ᠤᠨ ᠵᠢᠯ ᠤᠨ ᠦᠨᠡᠯᠡᠯᠳᠠ ᠶᠢ ᠤᠷᠤᠭᠰᠢᠳᠠᠢ ᠳᠤᠭᠤᠯᠪᠠ᠃ ᠰᠠᠭᠤᠷᠢ ᠪᠠᠶᠢᠭᠤᠯᠣᠯᠳᠠ ᠯᠠᠪᠳᠠᠭᠤᠨ ᠠᠬᠢᠪᠠ᠃ | ᠮᠠᠯᠵᠢᠬᠤ ᠲᠠᠷᠢᠶᠠᠯᠠᠬᠤ ᠣᠷᠣᠨ ᠤ ᠬᠦᠳᠡᠯᠭᠡᠭᠴᠢ ᠴᠠᠬᠢᠯᠭᠠᠨ ᠤ ᠪᠦᠬᠦ ᠪᠦᠷᠬᠦᠴᠡ ᠶᠢ ᠪᠡᠶᠡᠯᠡᠭᠦᠯᠵᠣ᠂ 10 | ᠺᠢᠯᠣᠸᠣᠯᠲ ᠠᠴᠠ ᠲᠣᠷᠣᠭᠰᠢ ᠴᠠᠬᠢᠯᠭᠠᠨ ᠭᠦᠷᠭᠡᠯᠳᠡ ᠶᠢᠨ ᠱᠣᠭᠤᠮ 1317 ᠺᠢᠯᠣᠮᠧᠲᠷ ᠦᠭᠡᠷᠡᠴᠢᠯᠡᠬᠦ ᠪᠣᠶᠣ | ᠨᠡᠮᠡᠨ ᠵᠠᠰᠠᠵᠣ᠂ 35 ᠺᠢᠯᠣᠸᠣᠯᠲ ᠠᠴᠠ ᠲᠡᠭᠡᠭᠰᠢᠬᠢ ᠴᠠᠬᠢᠯᠭᠠᠨ ᠬᠤᠪᠢᠰᠬᠠᠨ ᠲᠠᠮᠵᠢᠭᠤᠯᠬᠤ ᠢᠨᠵᠧᠨᠧᠷᠢᠩ ᠢ 10 | ᠪᠠᠶᠢᠭᠤᠯᠪᠠ᠃ ᠣᠯᠵᠠᠴᠢ ᠠᠴᠠ ᠳ᠋ᠦᠩ ᠳ᠋ᠣᠣ ᠯᠢᠶᠠᠩ ᠬᠦᠷᠬᠦ ᠲᠦᠷᠬᠡᠨ ᠵᠠᠮ ᠤᠨ ᠵᠠᠮ ᠤᠨ ᠰᠠᠭᠤᠷᠢ ᠶᠢᠨ ᠪᠠᠷᠢᠯᠭ᠎ᠠ | ᠲᠠᠭᠤᠰᠴᠤ᠂ ᠱᠠᠩᠬᠠᠢ ᠶᠢᠨ ᠰᠦᠮ᠎ᠠ ᠠᠴᠠ ᠦᠵᠦᠭᠦᠷ ᠪᠠᠯᠭᠠᠰᠦ ᠬᠦᠷᠬᠦ ᠵᠠᠰᠠᠮᠠᠯ ᠵᠠᠮ ᠤᠨ ᠵᠠᠮ ᠤᠨ ᠭᠠᠳᠠᠷᠭᠤ ᠶᠢᠨ | ᠪᠠᠷᠢᠯᠭ᠎ᠠ ᠲᠠᠭᠤᠰᠴᠣ᠂ ᠮᠣᠵᠢ ᠶᠢᠨ ᠵᠠᠮ ᠤᠨ S216 ᠱᠤᠭᠤᠮ ᠤᠨ ᠤᠯᠵᠠᠴᠢ ᠠᠴᠠ ᠵᠠᠩᠭᠤᠳᠤ ᠬᠦᠷᠬᠦ ᠬᠡᠰᠡᠭ ᠢ | ᠦᠬᠡᠷᠡᠴᠢᠯᠡᠨ ᠵᠠᠰᠠᠬᠤ ᠲᠦᠷᠤᠯ ᠵᠦᠢᠯ ᠤᠨ ᠡᠬᠢᠯᠡᠭᠦᠯᠬᠦ ᠨᠦᠭᠦᠴᠡᠯ ᠪᠦᠷᠢᠤᠨᠴᠤ᠂ S317 ᠱᠤᠭᠤᠮ ᠤᠨ | ᠤᠯᠵᠠᠴᠢ ᠠᠴᠠ ᠳᠤᠯᠢ ᠬᠦᠷᠬᠦ ᠨᠢᠬᠡᠳᠤᠬᠡᠷ ᠲᠡᠰ ᠤᠨᠵᠠᠰᠠᠮᠠᠯ ᠵᠠᠮ ᠤᠨ ᠡᠮᠦᠨ᠎ᠡ ᠬᠤᠭᠤᠴᠠᠭᠠᠨ ᠤ ᠭᠠᠷᠳᠠᠮ | ᠣᠷᠣᠭᠰᠠᠳᠠᠢ ᠠᠬᠢᠵᠣ᠂ ᠭᠠᠴᠠᠭ᠎ᠠ ᠲᠣᠰᠬᠤᠨ ᠤ ᠵᠠᠰᠠᠮᠠᠯ ᠵᠠᠮ ᠪᠣᠯᠣᠨ ᠡᠷᠦᠬᠡ ᠳᠤ ᠨᠡᠪᠳᠡᠷᠡᠬᠦ ᠵᠠᠮ ᠢ 2100 | ᠭᠠᠷᠣᠢ ᠺᠢᠯᠣᠮᠧᠲᠷ ᠰᠢᠨ᠎ᠡ ᠳᠡᠪᠢᠰᠴᠤ᠂ ᠪᠦᠬᠦ ᠬᠤᠰᠢᠭᠤᠨ ᠤ ᠴᠠᠷᠳᠠᠮᠠᠯ ᠵᠠᠮ ᠤᠨ ᠶᠡᠷᠦᠩᠬᠡᠢ ᠣᠷᠳᠦ 2933 | ᠺᠢᠯᠣᠮᠧᠲᠷ ᠬᠦᠷᠪᠡ᠃ ᠲᠣᠣ ᠱᠠᠩ ᠲᠠᠮᠦᠷ ᠵᠠᠮ ᠤᠨ ᠲᠣᠯᠢ ᠠᠴᠠ ᠣᠯᠵᠠᠴᠢ ᠬᠦᠷᠬᠦ ᠬᠡᠰᠡᠭ ᠲᠡᠷᠭᠡ ᠨᠡᠪᠲᠡᠷᠡᠬᠦ | ᠨᠦᠬᠦᠴᠡᠯ ᠪᠦᠷᠢᠳᠪᠡ ︔ ᠣᠳᠤᠭ ᠤᠨ ᠡᠮᠦᠨᠡᠳᠦ ᠬᠤᠰᠢᠭᠤᠨ ᠤ ᠨᠡᠶᠢᠳᠡᠮ ᠬᠡᠷᠡᠭᠯᠡᠬᠡᠨ ᠤ ᠨᠢᠰᠬᠡᠯ ᠤᠨ ᠪᠠᠭᠤᠳᠠᠯ | ᠣᠯᠣᠰ ᠤᠨ ᠨᠡᠶᠢᠳᠡᠮ ᠬᠡᠷᠡᠭᠯᠡᠬᠡᠨ ᠤ ᠠᠭᠠᠷ ᠠᠶᠠᠯᠠᠯ ᠤᠨ ᠠᠩᠬᠠᠳᠠᠭᠴᠢ ᠪᠦᠯᠦᠭ ᠲᠠᠭᠤᠷᠢᠶᠠᠯ ᠢᠨᠵᠧᠨᠧᠷᠢᠩ ᠳᠤ | ᠵᠢᠭᠰᠠᠭᠳᠠᠨ᠂ ᠪᠣᠷᠣᠪᠠᠯᠭᠠᠰᠦᠨ ᠤ ᠨᠡᠶᠢᠳᠡᠮ ᠬᠡᠷᠡᠭᠯᠡᠬᠡᠨ ᠤ ᠨᠢᠰᠬᠡᠯ ᠤᠨ ᠪᠠᠭᠤᠳᠠᠯ ᠤᠨ ᠡᠯ᠎ᠡ ᠲᠦᠷᠦᠯ ᠤᠨ | ᠣᠷᠢᠳᠴᠢᠯᠠᠯ ᠭᠠᠷᠳᠠᠮ ᠣᠷᠣᠭᠰᠠᠳᠠᠢ ᠶᠠᠪᠣᠭᠳᠠᠵᠣ ᠪᠣᠢ᠃ ᠠᠮᠢ ᠠᠬᠤᠢ ᠶᠢᠨ ᠪᠠᠶᠢᠭᠤᠯᠣᠯᠳᠠ ᠣᠷᠣᠭᠰᠢᠳᠠᠢ ᠠᠬᠢᠪᠠ | ᠃ ᠬᠤᠲᠠ ᠪᠠᠯᠭᠠᠰᠣᠨ ᠤ ᠰᠢᠨ᠎ᠡ ᠨᠡᠮᠡᠭᠳᠡᠭᠰᠡᠨ ᠣᠶᠢᠵᠢᠭᠤᠯᠣᠯᠳᠠ ᠶᠢᠨ ᠲᠠᠯᠠᠪᠠᠢ 52 ᠲᠦᠮᠡᠨ ᠺᠦᠸᠠᠳ᠋ ᠮᠧᠲᠷ | ᠬᠦᠷᠴᠤ᠂ ︽ᠣᠯᠣᠰ ᠤᠨ ᠴᠡᠴᠡᠷᠯᠢᠭᠵᠢᠬᠦᠯᠬᠡ ᠶᠢᠨ ᠰᠢᠶᠠᠨ ᠤ ᠬᠤᠲᠠ︾ ᠪᠣᠯᠬᠤ ᠪᠠᠷ ᠣᠷᠣᠨ ᠰᠠᠭᠤᠴᠠ | ᠪᠦᠳᠦᠭᠡᠨ ᠪᠠᠶᠢᠭᠤᠯᠣᠯᠳᠠ ᠵᠢᠨᠶᠠᠮᠣᠨᠳᠤ ᠮᠡᠳᠡᠬᠦᠯᠣᠨ ᠬᠢᠨᠠᠨ ᠦᠨᠡᠯᠡᠬᠦᠯᠵᠣ ᠪᠤᠢ᠃ ᠪᠡᠯᠴᠢᠭᠡᠷᠯᠡᠭᠦᠯᠬᠦ ᠶᠢ ᠬᠤᠷᠢᠭᠯᠠᠨ | ᠰᠡᠯᠡᠭᠦᠨ ᠮᠠᠯᠵᠢᠬᠤ ᠪᠣᠯᠣᠨ ᠮᠠᠯ ᠪᠡᠯᠴᠢᠭᠡᠷ ᠢ ᠲᠡᠩᠴᠡᠭᠦᠷᠢᠰᠢᠭᠦᠯᠬᠦ ᠶᠢ ᠴᠢᠩᠭ᠎ᠠ ᠬᠡᠷᠡᠭᠵᠢᠭᠦᠯᠦᠨ᠂ ᠰᠦᠨᠢ ᠪᠠᠷ | ᠲᠡᠯᠳᠠᠭᠤᠷ ᠪᠡᠯᠴᠢᠭᠡᠷᠯᠡᠭᠦᠯᠬᠦ ᠪᠠ ᠬᠠᠤᠯᠢ ᠪᠣᠰᠣ ᠪᠠᠷ ᠠᠳᠠᠷ ᠬᠠᠭᠠᠯᠪᠤᠷᠢᠯᠠᠬᠤ ᠦᠵᠡᠭᠳᠡᠯ ᠳᠤ ᠴᠢᠩᠭ᠎ᠠ ᠴᠣᠬᠢᠯᠳᠠ | ᠦᠭᠴᠦ᠂ ︽ᠭᠤᠷᠪᠠᠨ ᠣᠮᠠᠷᠠᠳᠣ︾ ᠶᠢᠨ ᠮᠠᠭᠤᠳᠠᠭᠰᠠᠨ ᠣᠢ ᠶᠢᠨ ᠦᠬᠡᠷᠡᠴᠢᠯᠡᠯᠲᠡ᠂ ᠬᠦᠷᠦᠰᠦ ᠰᠢᠷᠣᠢ ᠶᠢᠨ | ᠢᠳᠡᠭᠳᠡᠯ ᠤᠨ ᠵᠠᠰᠠᠯᠲᠠ ᠵᠡᠷᠬᠡ ᠠᠮᠢ ᠠᠬᠤᠢ ᠶᠢᠨ ᠲᠦᠷᠦᠯ ᠵᠦᠢᠯ ᠢ 28.3 ᠲᠦᠮᠡᠨ ᠮᠣ᠋ ᠬᠡᠷᠡᠭᠵᠢᠬᠦᠯᠵᠣ᠂ | ᠨᠣᠲᠤᠭ ᠪᠡᠯᠴᠢᠬᠡᠷ ᠤᠨ ᠪᠠᠶᠢᠭᠤᠯᠣᠯᠲᠠ ᠶᠢ 61.9 ᠲᠦᠮᠡᠨ ᠮᠣ᠋ ᠪᠡᠶᠡᠯᠡᠬᠦᠯᠣᠨ᠂ ᠣᠯᠣᠰ ᠤᠨ ᠭᠠᠵᠠᠷ ᠰᠢᠷᠣᠢ ᠶᠢ | ᠤᠶᠢᠵᠢᠭᠤᠯᠬᠤ ᠠᠵᠢᠯᠯᠠᠭ᠎ᠠ ᠪᠠ ᠠᠯᠪᠠᠨ ᠵᠢᠷᠣᠮ ᠤᠨ ᠦᠢᠵᠢᠭᠤᠯᠣᠯᠲᠠ ᠶᠢ 9.1 ᠲᠦᠮᠡᠨ ᠮᠣ᠋ ᠪᠡᠶᠡᠯᠡᠬᠦᠯᠵᠣ᠂ ᠠᠮᠢ | ᠠᠬᠤᠢ ᠶᠢᠨ ᠣᠷᠴᠢᠨ ᠢ ᠢᠯᠡᠳᠲᠡ ᠰᠠᠶᠢᠵᠢᠷᠠᠭᠤᠯᠪᠠ᠃ | ︵ᠭᠤᠷᠪᠠ︶ ᠦᠭᠡᠷᠡᠴᠢᠯᠡᠯᠳᠡ ᠨᠡᠭᠡᠭᠡᠯᠳᠡ ᠶᠢ ᠪᠦᠬᠦ ᠲᠠᠯ᠎ᠠ ᠪᠠᠷ ᠭᠦᠨᠵᠡᠭᠡᠶᠢᠷᠡᠭᠦᠯᠪᠡ᠃ ᠦᠭᠡᠷᠡᠴᠢᠯᠡᠯᠳᠡ | ᠪᠦᠳᠦᠭᠡᠯᠳᠡ ᠨᠡᠭᠡᠭᠡᠯᠳᠡ ᠠᠴᠠ ᠦᠷ᠎ᠡ ᠠᠰᠢᠭ ᠬᠦᠳᠡᠯᠭᠡᠭᠴᠢ ᠬᠦᠴᠦᠨ ᠬᠦᠷᠳᠡᠵᠣ᠂ ᠲᠣᠭᠳᠠᠴᠠ ᠶᠢ ᠰᠢᠨᠡᠴᠢᠯᠡᠬᠦ | ᠶᠢᠨ ᠬᠠᠮᠳᠦ ᠠᠭᠤᠰᠤᠯᠴᠠᠯ ᠬᠠᠮᠳᠣᠷᠠᠯᠴᠠᠯ ᠢ ᠴᠢᠩᠭᠠᠳᠬᠠᠨ᠂ ᠡᠯ᠎ᠡ ᠬᠦᠷᠢᠶ᠎ᠡ ᠴᠠᠷᠠᠭ᠎ᠠ ᠶᠢᠨ ᠦᠭᠡᠷᠡᠴᠢᠯᠡᠯᠳᠡ ᠶᠢ | ᠵᠣᠬᠢᠴᠠᠩᠭᠤᠢ ᠠᠬᠢᠭᠤᠯᠪᠠ᠃ ᠭᠤᠣᠯᠳᠠᠯᠭᠠᠳᠦ ᠦᠭᠡᠷᠡᠴᠢᠯᠡᠯᠳᠡ ᠡᠮᠬᠢᠳᠠᠢ ᠠᠬᠢᠪᠠ᠃ ᠪᠠᠷᠠᠭᠤᠨ ᠬᠤᠶᠢᠳᠣ ᠣᠷᠣᠨ | ᠤ ᠠᠩᠬᠠᠳᠠᠭᠴᠢ ᠲᠦᠬᠦᠷ ᠰᠢᠶᠠᠨ ᠤ ᠳᠡᠰ ᠤᠨ ᠪᠠᠶᠢᠭᠠᠯᠢ ᠶᠢᠨ ᠡᠬᠢ ᠰᠣᠷᠪᠣᠯᠵᠢ ᠶᠢᠨ ᠬᠤᠷᠤᠭᠳᠠᠯ ᠤᠨ ᠬᠢᠨᠠᠯᠳᠠ | ᠶᠢᠨ ᠰᠢᠰᠲ᠋ᠧᠮ ᠪᠠ ᠦᠨ᠎ᠡ ᠬᠠᠩᠰᠢ ᠶᠢᠨ ᠰᠢᠰᠲ᠋ᠧᠮ ᠢ ᠰᠣᠳᠣᠯᠣᠨ ᠨᠡᠭᠡᠭᠡᠵᠣ ᠬᠡᠷᠡᠭᠯᠡᠨ᠂ ᠪᠠᠶᠢᠭᠠᠯᠢ ᠶᠢᠨ ᠡᠬᠢ | ᠰᠣᠷᠪᠣᠯᠵᠢ ᠶᠢᠨ ᠬᠢᠨᠠᠨ ᠪᠣᠳᠣᠯᠲᠠ ᠶᠢᠨ ᠦᠷ᠎ᠡ ᠪᠦᠲᠦᠬᠡᠯ ᠣᠯᠣᠰ ᠤᠨ ᠬᠢᠨᠠᠨ ᠪᠣᠳᠣᠬᠤ ᠵᠠᠬᠢᠷᠭ᠎ᠠ ᠳᠤ ᠮᠡᠳᠡᠷᠡᠭᠳᠡᠪᠡ | ᠃ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠬᠦ ᠲᠦᠷᠢᠮ ᠤᠨ ᠦᠬᠡᠷᠡᠴᠢᠯᠡᠯᠲᠡ ᠶᠢ ᠭᠦᠨᠵᠡᠭᠡᠶᠢᠷᠡᠭᠦᠯᠦᠨ᠂ ᠪᠦᠬᠦ | ᠬᠤᠲᠠ ᠳᠠᠭᠠᠨ ᠡᠩ ᠲᠡᠷᠢᠬᠦᠨ ᠳᠤ ︽ᠨᠢᠭᠡ ᠦᠷᠳᠡᠬᠡᠴᠢᠯᠡᠨ︾ ᠬᠦᠯᠢᠶᠡᠨ ᠬᠦᠢᠴᠡᠳᠬᠡᠬᠦ ᠪᠤᠯᠤᠨ ᠢᠨᠲ᠋ᠧᠷ | ᠰᠦᠯᠵᠢᠶ᠎ᠡ + ᠵᠠᠰᠠᠭ ᠤᠨ ᠶᠠᠪᠤᠳᠠᠯ ᠤᠨ ᠤᠶᠢᠯᠡᠴᠢᠯᠡᠬᠡᠨ ᠤ ᠵᠠᠭᠪᠣᠷ ᠢ ᠭᠡᠷᠡᠭᠵᠢᠬᠦᠯᠪᠡ᠃ ᠢᠷᠭᠠᠢ ᠬᠤᠲᠠ ᠯᠤᠭ᠎ᠠ | ᠶᠢᠨ ᠰᠣᠷᠭᠠᠨ ᠬᠦᠮᠦᠵᠢᠯ᠂ ᠡᠮ ᠡᠮᠨᠡᠯᠬᠡ᠂ ᠵᠢᠭᠤᠯᠴᠢᠯᠠᠯ᠂ ᠢᠨᠲ᠋ᠧᠷ ᠰᠦᠯᠵᠢᠶ᠎ᠡ+ ᠵᠡᠷᠬᠡ ᠲᠠᠯ᠎ᠠ ᠪᠠᠷ ᠬᠢ | ᠬᠠᠮᠲᠣᠷᠠᠯᠴᠭᠠ ᠪᠠᠨ ᠲᠠᠰᠣᠷᠠᠯᠲᠠ ᠦᠬᠡᠢ ᠬᠦᠨᠵᠡᠬᠡᠶᠢᠷᠡᠬᠦᠯᠵᠣ᠂ 7 ᠬᠦᠷᠢᠶ᠎ᠡ ᠴᠠᠷᠠᠭ᠎ᠠ ᠳᠠᠬᠢ ᠰᠣᠯᠢᠯᠴᠠᠭ᠎ᠠ | ᠬᠠᠮᠳᠣᠷᠠᠯᠴᠠᠭ᠎ᠠ ᠶᠢᠨ ᠬᠡᠯᠡᠯᠴᠡᠭᠡᠷ ᠲᠣᠭᠳᠠᠭᠠᠵᠣ᠂ ᠲᠠᠪᠠᠭᠤᠯᠢᠭ ᠡᠬᠢ ᠰᠣᠷᠪᠣᠯᠵᠢ ᠪᠠᠨ ᠬᠠᠮᠳᠦ ᠡᠳ᠋ᠯᠡᠨ᠂ ᠠᠵᠣ | ᠠᠬᠤᠢ ᠪᠠᠨ ᠵᠣᠬᠢᠴᠠᠭᠤᠯᠣᠨ ᠬᠦᠭᠵᠢᠭᠦᠯᠬᠦ ᠶᠢ ᠪᠡᠶᠡᠯᠡᠭᠦᠯᠪᠡ᠃ ᠠᠯᠠᠰᠢᠨ ᠮᠠᠯ ᠤᠨ ᠪᠦᠬᠦ ᠠᠵᠤ ᠦᠢᠯᠡᠰ ᠤᠨ | ᠬᠡᠯᠬᠢᠶᠡᠨ ᠤ ᠡᠬᠢ ᠶᠢ ᠬᠡᠳᠡᠷᠬᠦ ᠨᠡᠬᠡᠮᠵᠢᠯᠡᠬᠦ ᠰᠢᠰᠲ᠋ᠧᠮ᠂ ᠭᠠᠵᠠᠷ ᠲᠣᠣᠷᠠᠬᠢ ᠣᠰᠣᠨ ᠤ ︽ᠶᠡᠷᠣᠩᠬᠡᠢ ᠬᠡᠮᠵᠢᠶ᠎ᠡ ᠶᠢ | ᠬᠢᠵᠠᠭᠠᠷᠯᠠᠵᠤ᠂ ᠨᠣᠷᠮᠠᠴᠢᠯᠠᠨ ᠬᠠᠮᠢᠶᠠᠷᠬᠤ︾ ᠵᠡᠷᠬᠡᠦᠬᠡᠷᠡᠴᠢᠯᠡᠯᠲᠡ ᠪᠦᠬᠦ ᠬᠤᠲᠠ ᠶᠢᠨ ᠲᠡᠷᠢᠬᠦᠨ ᠤ ᠡᠩᠨᠡᠬᠡᠨ ᠳᠤ | ᠣᠷᠣᠵᠣ᠂ ᠮᠠᠯᠵᠢᠬᠤ ᠲᠠᠷᠢᠶᠠᠯᠠᠬᠤ ᠣᠷᠣᠨ ᠤ ᠨᠣᠲᠤᠭ ᠪᠡᠯᠴᠢᠬᠡᠷ ᠤᠨ ︽ᠭᠤᠷᠪᠠᠨ ᠡᠷᠬᠡ ᠶᠢᠨ ᠲᠣᠰᠭᠠᠷᠯᠠᠯ︾ | ᠣᠯᠣᠰ ᠤᠨ ᠲᠣᠳᠣᠭᠠᠳᠣ ᠶᠢᠨ ᠠᠳᠠᠯᠢ ᠲᠦᠷᠣᠯ ᠤᠨ ᠲᠡᠷᠢᠬᠦᠨ ᠤ ᠲᠦᠪᠰᠢᠨ ᠳᠤ ᠬᠦᠷᠪᠡ᠃ ᠰᠢᠨᠡᠴᠢᠯᠡᠯᠳᠡ ᠪᠠᠷ | ᠬᠦᠳᠡᠯᠭᠡᠭᠦᠷ ᠬᠢᠵᠣ ᠭᠠᠪᠰᠢᠭᠠᠶᠢᠯᠠᠨ ᠬᠡᠷᠡᠭᠵᠢᠭᠦᠯᠪᠡ᠃ ︽ᠲᠠᠶᠠᠭᠠᠷ ᠣᠯᠠᠨ ᠤ ᠣᠶᠢᠯᠠᠰ ᠪᠦᠳᠦᠭᠡᠯᠳᠠ᠂ ᠲᠦᠮᠡᠨ | ᠣᠯᠠᠨ ᠤ ᠰᠢᠨ᠎ᠡ ᠶᠢ ᠡᠭᠦᠳᠦᠯᠳᠠ︾ ᠬᠦᠨᠵᠡᠭᠡᠢ ᠠᠬᠢᠵᠣ᠂ ᠵᠠᠬ᠎ᠠ ᠲᠡᠯᠭᠡᠭᠦᠷ ᠤᠨ ᠬᠤᠪᠢ ᠡᠷᠦᠬᠡ 1285 ᠪᠤᠯᠪᠠ᠃ | ᠪᠦᠬᠦ ᠬᠤᠰᠢᠭᠤᠨ ᠤ ᠰᠢᠨᠵᠢᠯᠡᠭᠡ ᠮᠡᠷᠭᠡᠵᠢᠯ ᠤᠨ ᠰᠢᠨᠡᠴᠢᠯᠡᠯᠳᠡ ᠶᠢᠨ ᠶᠡᠭᠡ ᠬᠤᠷᠠᠯ ᠢ ᠬᠤᠷᠠᠯᠳᠣᠭᠤᠯᠵᠣ᠂ 5 | ᠨᠢᠬᠡᠴᠡ᠂ 47 ᠲᠡᠷᠢᠬᠦᠨ ᠤ ᠬᠤᠪᠢ ᠬᠦᠮᠣᠨ ᠢ ᠱᠠᠩᠨᠠᠨ ᠬᠦᠬᠢᠭᠦᠯᠪᠡ᠃ ᠰᠣᠶᠣᠯ ᠤᠨ ᠠᠵᠣ ᠣᠶᠢᠯᠠᠰ ᠤᠨ | ᠬᠦᠷᠢᠶᠡᠯᠡᠩ ᠤᠨ ︽ᠬᠤᠣᠰ ᠪᠦᠳᠦᠭᠡᠯᠳᠡ︾ ᠶᠢᠨ ᠲᠠᠭᠤᠷᠢᠶᠠᠯ ᠰᠠᠭᠤᠷᠢᠨ ᠢ ᠴᠣᠭᠴᠠᠯᠠᠵᠣ᠂ 116 ᠠᠵᠣ | ᠠᠬᠤᠶᠢᠯᠠᠯ ᠢ ᠣᠷᠢᠨ ᠠᠪᠴᠢᠷᠠᠵᠣ᠂ 700 ᠭᠠᠷᠣᠢ ᠬᠦᠮᠦᠨ ᠳᠤ ᠠᠵᠢᠯ ᠣᠯᠭᠤᠨ᠂ ᠤᠳᠤᠭ ᠤᠨ ᠡᠮᠤᠨᠡᠳᠤ | ᠬᠤᠰᠢᠭᠤᠨ ᠤ ᠵᠢᠸ᠎ᠠ ᠮᠠᠯᠴᠢᠨ ᠳᠠᠷᠢᠶᠠᠴᠢᠤᠨ ᠤᠨ ᠰᠤᠷᠠᠭ ᠵᠠᠩᠬᠢ ᠶᠢᠨ ᠳᠠᠪᠴᠠᠩ ᠦᠪᠡᠷᠳᠡᠬᠡᠨ ᠵᠠᠰᠠᠬᠤ ᠤᠷᠤᠨ ᠤ | ᠠᠩᠬᠠᠳᠠᠭᠴᠢ ᠪᠦᠯᠦᠭ ︽ᠲᠦᠮᠡᠨ ᠤ ᠪᠦᠳᠤᠬᠡᠯᠴᠢ ᠤᠷᠤᠨ ᠵᠠᠢ︾ ᠶᠢᠨ ᠳᠤᠷᠰᠢᠯᠳᠠ ᠶᠢᠨ ᠨᠢᠬᠡᠴᠠ ᠪᠠᠷ | ᠰᠤᠩᠭᠤᠭᠳᠠᠪᠠ᠃ 28 ᠲᠦᠷᠣᠯ ᠤᠨ ᠰᠢᠨ᠎ᠡᠡᠭᠦᠳᠦᠯᠳᠠ ᠣᠷᠳᠣᠰ ᠤᠨ ᠰᠢᠨ᠎ᠡ ᠶᠢ ᠡᠬᠦᠳᠣᠨ ᠦᠢᠯᠡᠰ ᠪᠣᠰᠬᠠᠭᠰᠠᠨ | ᠦᠷ᠎ᠡ ᠪᠦᠲᠣᠭᠡᠯ ᠤᠨ ᠦᠵᠡᠬᠦᠯᠣᠬᠡ ᠳᠤ ᠤᠷᠤᠯᠴᠠᠨ᠂ 58 ᠲᠦᠷᠤᠯ ᠤᠨ ᠮᠠᠯ ᠳᠠᠷᠢᠶᠠᠯᠠᠩ ᠤᠨ ᠮᠡᠷᠬᠡᠵᠢᠯ ᠤᠨ | ᠨᠡᠬᠡᠬᠡᠯᠳᠠ ᠤᠯᠤᠰ ᠤᠨ ᠳᠤᠰᠬᠠᠢ ᠠᠰᠢᠭ ᠤᠨ ᠡᠷᠬᠡ ᠶᠢ ᠬᠦᠷᠳᠡᠵᠤ᠂ ᠰᠢᠨᠵᠢᠯᠡᠭᠡ ᠮᠡᠷᠬᠡᠵᠢᠯ ᠤᠨ ᠮᠠᠯ ᠳᠠᠷᠢᠶᠠᠯᠠᠩ | ᠤᠨ ᠤᠶᠢᠯᠡᠰ ᠲᠠᠬᠢ ᠵᠢᠤᠨᠬᠦᠯ ᠤᠨ ᠨᠤᠷᠮ᠎ᠠ ᠶᠢ 70% ᠬᠦᠷᠬᠡᠨ᠂ ᠪᠦᠬᠦ ᠤᠯᠤᠰ ᠤᠨ ᠠᠩᠬᠠᠳᠠᠭᠴᠢ ᠪᠦᠯᠦᠭ | ᠰᠢᠨᠵᠢᠯᠡᠭᠡ ᠮᠡᠷᠬᠡᠵᠢᠯ ᠤᠨ ᠲᠦᠬᠡᠮᠡᠯᠵᠢᠬᠦᠯᠤᠯᠳᠠ ᠶᠢᠨ ᠳᠠᠭᠤᠷᠢᠶᠠᠯ ᠬᠤᠰᠢᠭᠤ ᠶᠢ ᠪᠦᠳᠤᠮᠵᠢᠳᠠᠢ ᠴᠤᠭᠴᠠᠯᠠᠪᠠ᠃ | ᠠᠷᠠᠯᠵᠢᠶᠠᠴᠢᠨ ᠤᠷᠢᠵᠤ ᠪᠡᠯᠡ ᠳᠠᠳᠠᠬᠤ ᠪᠦᠳᠤᠮᠵᠢ ᠢᠯᠡᠷᠬᠡᠢ ᠳᠡᠬᠡᠭᠰᠢᠯᠡᠪᠠ᠃ ᠠᠷᠠᠯᠵᠢᠶᠠᠴᠢᠨ ᠤᠷᠢᠵᠤ ᠪᠡᠯᠡ | ᠳᠠᠳᠠᠬᠤ ᠠᠵᠢᠯ ᠤᠨ ᠲᠦᠰᠤᠯ ᠳᠤᠭᠳᠠᠭᠠᠨ᠂ ᠬᠤᠰᠢᠭᠤ ᠳᠠᠶᠠᠭᠠᠷ ᠠᠷᠠᠯᠵᠢᠶᠠᠴᠢᠨ ᠤᠷᠢᠬᠤ ᠠᠵᠢᠯ ᠤᠨ ᠳᠤᠭᠳᠠᠴᠠ | ᠶᠢ ᠪᠦᠷᠢᠯᠳᠤᠬᠦᠯᠵᠤ᠂ ᠪᠦᠬᠦ ᠬᠤᠳᠠ ᠶᠢᠨ ᠠᠷᠠᠯᠵᠢᠶᠠᠴᠢᠨ ᠤᠷᠢᠵᠤ ᠪᠡᠯᠡ ᠳᠠᠳᠠᠬᠤ ᠶᠡᠭᠡ ᠬᠤᠷᠠᠯ ᠳᠡᠬᠡᠷ᠎ᠠ ᠶᠡᠷᠥᠩᠭᠡᠢ | ᠪᠡᠯᠡ ᠤᠷᠤᠭᠤᠯᠤᠯᠳᠠ ᠨᠢ 192 ᠳ᠋ᠦᠩᠰᠢᠭᠤᠷ ᠲᠦᠬᠦᠷᠢᠭ ᠤᠨ 8 ᠲᠦᠷᠤᠯ ᠵᠦᠢᠯ ᠢ ᠪᠦᠳᠤᠮᠵᠢᠳᠠᠢ ᠬᠡᠷ᠎ᠠ | ᠳᠤᠭᠳᠠᠭᠠᠵᠤ ᠪᠦᠬᠦᠳᠠ ᠶᠢ ᠠᠵᠢᠯ ᠡᠬᠢᠯᠡᠭᠦᠯᠥᠭᠡᠳ᠂ ᠡᠳᠥᠭᠡ ᠨᠢᠭᠡᠨᠳᠡ 12 ᠳ᠋ᠥᠩᠰᠢᠭᠤᠷ ᠲᠥᠭᠦᠷᠢᠭ ᠤᠨ ᠪᠡᠯᠡ | ᠤᠷᠤᠭᠤᠯᠤᠭᠠᠳ ᠪᠠᠶᠢᠨ᠎ᠠ᠃ | ︵ᠲᠦᠷᠪᠠ︶ ᠨᠠᠶᠢᠬᠡᠮ ᠠᠷᠠᠤᠨ ᠤᠨ ᠠᠮᠢᠳᠤᠷᠠᠯ ᠢ ᠦᠷᠬᠦᠯᠵᠢᠯᠡᠨ ᠰᠠᠶᠢᠵᠢᠷᠠᠭᠤᠯᠪᠠ᠃ ᠬᠦᠭᠵᠢᠯᠳᠠ | ᠶᠢᠨ ᠪᠦᠳᠤᠮᠵᠢ ᠶᠢ ᠬᠠᠮᠳᠤ ᠪᠠᠷ ᠡᠳ᠋ᠯᠡᠬᠦ ᠶᠢ ᠪᠠᠷᠢᠮᠳᠠᠯᠠᠵᠤ᠂ ᠠᠵᠤ ᠠᠬᠤᠢ ᠶᠢᠨ ᠶᠡᠷᠤᠩᠬᠡᠢ ᠬᠡᠮᠵᠢᠶ᠎ᠡ ᠶᠢ ᠶᠡᠬᠡᠤᠨᠬᠡᠬᠦ | ᠶᠢᠨ ᠬᠠᠮᠳᠤ ᠠᠷᠠᠤᠨ ᠲᠦᠮᠡᠨ ᠤ ᠵᠤᠯ ᠵᠢᠷᠭᠠᠯ ᠢ ᠨᠡᠮᠡᠭᠳᠡᠬᠦᠯᠤᠨ᠂ ᠪᠦᠬᠦ ᠵᠢᠯ ᠳᠤ ᠠᠷᠠᠤᠨ ᠤᠨ ᠠᠮᠢᠳᠤᠷᠠᠯ ᠤᠨ | ᠤᠶᠢᠯᠡᠰ ᠲᠤ 22.5 ᠳ᠋ᠦᠩᠰᠢᠭᠤᠷ ᠲᠦᠬᠦᠷᠢᠭ ᠵᠠᠷᠤᠴᠠᠭᠤᠯᠵᠤ᠂ ᠡᠳ᠋ ᠤᠨ ᠵᠠᠰᠠᠭ ᠤᠨ ᠲᠦᠰᠦᠪ ᠤᠨ ᠵᠠᠷᠣᠯᠭ᠎ᠠ | ᠶᠢᠨ 75% ᠠᠴᠠ ᠳᠠᠪᠠᠪᠠ᠃ ᠨᠠᠶᠢᠳᠠ ᠶᠢᠨ ᠤᠶᠢᠯᠡᠴᠢᠯᠡᠭᠡ ᠪᠦᠳᠤᠮᠵᠢᠳᠠᠢ ᠳᠡᠬᠡᠭᠰᠢᠯᠡᠪᠠ᠃ ᠬᠤᠳᠠ ᠪᠠᠯᠭᠠᠰᠤᠨ | ᠳᠤ ᠰᠢᠨ᠎ᠠ ᠪᠠᠷ 973 ᠬᠦᠮᠤᠨ ᠳᠤ ᠠᠵᠢᠯ ᠤᠯᠭᠤᠨ᠂ ᠬᠤᠳᠠ ᠪᠠᠯᠭᠠᠰᠤᠨ ᠤ ᠳᠠᠩᠰᠠᠯᠠᠭᠰᠡᠨ ᠠᠵᠢᠯ ᠠᠯᠳᠠᠯᠳᠠ | ᠶᠢᠨ ᠨᠤᠷᠮ᠎ᠠ ᠬᠤᠲᠠ ᠶᠢᠨ ᠲᠣᠭᠲᠠᠭᠠᠭᠰᠠᠨ ᠬᠠᠷᠠᠯᠲᠠ ᠠᠴᠠ 0.81 ᠵᠠᠭᠤᠨ ᠤ ᠬᠤᠪᠢ ᠪᠠᠭᠤᠷᠠᠪᠠ᠃ ᠶᠡᠭᠡ | ᠳᠤᠬᠤᠢ ᠵᠡᠷᠬᠡ ᠭᠤᠷᠪᠠᠨ ᠰᠠᠭᠤᠷᠢ ᠬᠡᠤᠬᠡᠤᠨ ᠤᠨ ᠴᠡᠴᠡᠷᠯᠢᠭ᠂ ᠪᠤᠷᠤᠪᠠᠯᠭᠠᠰᠤ ᠭᠤᠤᠯᠳᠠᠯᠭᠠᠳᠤ ᠡᠷᠡᠬᠦᠯ ᠬᠠᠮᠠᠭᠠᠯᠠᠯ | ᠤᠨ ᠬᠤᠷᠢᠶ᠎ᠠ ᠪᠠ 34 ᠭᠠᠴᠠᠭ᠎ᠠ ᠳᠤᠰᠬᠤᠨ ᠤ ᠰᠤᠶᠤᠯ ᠤᠨ ᠬᠡᠷ ᠬᠢᠬᠡᠤᠨ 200 ᠮᠠᠯᠴᠢᠨ ᠳᠠᠷᠢᠶᠠᠴᠢᠨ ᠡᠷᠤᠬᠡ | ᠶᠢᠨ ᠨᠤᠮ ᠤᠨ ᠦᠷᠤᠬᠡ ᠵᠡᠷᠬᠡ ᠨᠢᠬᠡ ᠪᠦᠯᠦᠭ ᠰᠠᠭᠤᠷᠢ ᠤᠶᠢᠯᠡᠴᠢᠯᠡᠬᠡᠨ ᠤ ᠲᠦᠬᠦᠬᠡᠷᠤᠮᠵᠢᠠᠰᠢᠭᠯᠠᠯᠲᠠ ᠳᠤ | ᠣᠷᠣᠵᠣ᠂ ᠮᠠᠯᠵᠢᠬᠤ ᠲᠠᠷᠢᠶᠠᠯᠠᠬᠤ ᠣᠷᠣᠨ ᠤ ᠡᠷᠡᠬᠦᠯ ᠮᠡᠨᠳᠣ ᠶᠢᠨ ︽ᠡᠮ ᠤᠨ ᠬᠠᠶᠢᠷᠴᠠᠭ︾ ᠤᠨ ᠪᠦᠬᠦ | ᠪᠦᠷᠬᠦᠴᠠ ᠶᠢ ᠪᠡᠶᠡᠯᠡᠬᠦᠯᠪᠡ︔ ᠠᠷᠠᠤᠨ ᠤᠨ ᠠᠮᠢᠳᠤᠷᠠᠯ ᠤᠨ ᠪᠠᠳᠤᠯᠠᠭ᠎ᠠ ᠶᠢ ᠦᠷᠬᠦᠯᠵᠢᠯᠡᠨ ᠶᠡᠬᠡᠤᠨᠬᠡᠪᠠ᠃ | ᠬᠤᠰᠢᠭᠤᠨ ᠤ ᠳᠡᠰ ᠤᠨ ᠠᠷᠠᠤᠨ ᠢ ᠬᠠᠷᠠᠭᠠᠯᠵᠠᠬᠤ 6 ᠪᠤᠳᠠᠳᠤ ᠤᠴᠢᠷ ᠢ ᠪᠦᠬᠦᠨ ᠢ ᠪᠤᠳᠠᠳᠠᠶᠢᠵᠢᠭᠤᠯᠪᠠ᠃ | ᠶᠠᠳᠠᠭᠤ ᠠᠴᠠ ᠠᠩᠬᠢᠵᠢᠷᠠᠭᠤᠯᠬᠤ ᠡᠬᠦᠷᠬᠡ ᠪᠠᠨ ᠪᠦᠬᠦ ᠬᠤᠲᠠ ᠳᠠᠭᠠᠨ ᠡᠩ ᠲᠡᠷᠢᠬᠦᠨ ᠳᠤ ᠪᠡᠶᠡᠯᠡᠬᠦᠯᠵᠣ᠂ ᠡᠯ᠎ᠡ | ᠲᠦᠷᠤᠯ ᠤᠨ ᠶᠠᠳᠠᠭᠤ ᠶᠢ ᠳᠡᠤᠨᠬᠦᠬᠦ ᠪᠡᠯᠡ ᠮᠦᠩᠬᠦ ᠶᠢ 1.08 ᠳ᠋ᠦᠩᠰᠢᠭᠤᠷ ᠲᠦᠬᠦᠷᠢᠭ ᠵᠠᠷᠤᠴᠠᠭᠤᠯᠵᠤ᠂ ᠶᠠᠳᠠᠭᠤ | ᠬᠦᠴᠢᠷᠳᠡᠯ ᠤᠨ ᠨᠣᠷᠮ᠎ᠠ ᠵᠢᠯ ᠤᠨ ᠡᠬᠢᠨ ᠤ 6.7% ᠠᠴᠠ ᠪᠠᠭᠤᠷᠠᠭᠠᠳ 0.25% ᠪᠣᠯᠪᠠ︔ ᠪᠦᠬᠦ ᠬᠤᠲᠠ | ᠳᠠᠭᠠᠨ ᠡᠩ ᠲᠡᠷᠢᠬᠦᠨ ᠳᠤ ᠬᠤᠲᠠ ᠬᠦᠳᠡᠭᠡ ᠶᠢᠨ ᠨᠢᠬᠡᠳᠣᠯᠲᠠᠢ ᠡᠮ ᠡᠮᠨᠡᠯᠬᠡ ᠶᠢᠨ ᠲᠠᠭᠠᠳᠬᠠᠯ ᠤᠨ ᠲᠦᠷᠢᠮ ᠢ | ᠬᠡᠷᠡᠭᠵᠢᠬᠦᠯᠵᠤ᠂ 1603.5 ᠲᠦᠮᠡᠨ ᠲᠦᠬᠦᠷᠢᠭ ᠬᠤᠳᠠ ᠬᠦᠳᠡᠭᠡ ᠶᠢᠨ ᠳᠤᠤᠷ᠎ᠠ ᠪᠠᠳᠤᠯᠠᠭ᠎ᠠ ᠶᠢᠨ ᠮᠦᠩᠬᠦ | ᠳᠠᠯᠪᠢᠪᠠ᠃ 2450 ᠲᠦᠬᠦᠷ ᠪᠠᠲᠣᠯᠠᠭ᠎ᠠ ᠶᠢᠨ ᠣᠷᠣᠨ ᠰᠠᠭᠤᠴᠠ ᠪᠠᠶᠢᠭᠤᠯᠵᠣ᠂ ᠮᠠᠯᠵᠢᠬᠤ ᠲᠠᠷᠢᠶᠠᠯᠠᠬᠤ ᠣᠷᠣᠨ | ᠤ 5300 ᠡᠷᠣᠬᠡ ᠶᠢᠨ ᠨᠣᠷᠠᠬᠤ ᠠᠶᠣᠯᠲᠠᠢ ᠭᠡᠷ ᠪᠠᠶᠢᠰᠢᠩ᠂ ᠬᠤᠲᠠ ᠪᠠᠯᠭᠠᠰᠣᠨ ᠤ 513 ᠡᠷᠣᠬᠡ ᠶᠢᠨ | ᠬᠠᠭᠤᠴᠢᠨ ᠭᠡᠷ ᠪᠠᠶᠢᠰᠢᠩ ᠢ ᠰᠢᠨᠡᠳᠬᠡᠪᠡ︔ ᠨᠠᠶᠢᠬᠡᠮ ᠤᠨ ᠵᠠᠰᠠᠯᠳᠠ ᠶᠢ ᠯᠠᠪᠳᠠᠭᠤᠨ ᠪᠠᠳᠤᠳᠠᠢ ᠠᠬᠢᠭᠤᠯᠪᠠ᠃ ᠮᠠᠨ | ᠤ ᠬᠤᠰᠢᠭᠤ ᠪᠦᠬᠦ ᠣᠯᠣᠰ ᠤᠨ ᠠᠩᠬᠠᠳᠠᠭᠴᠢ ᠪᠦᠯᠦᠭ ᠨᠠᠶᠢᠭᠡᠮ ᠤᠨ ᠵᠠᠰᠠᠯᠳᠠ ᠶᠢᠨ ᠰᠢᠨᠡᠴᠢᠯᠡᠯᠲᠡ ᠶᠢᠨ ᠰᠢᠯᠢᠳᠡᠭ | ᠭᠠᠵᠠᠷ ᠣᠷᠣᠨ ᠢᠶᠠᠷ ᠴᠣᠯᠠᠯᠠᠭᠳᠠᠵᠣ᠂ ᠪᠦᠬᠦ ᠬᠤᠲᠠ ᠶᠢᠨ ᠠᠶᠣᠯᠬᠦᠢ ᠦᠢᠯᠡᠳᠪᠣᠷᠢᠯᠡᠯ ᠤᠨ ᠲᠡᠷᠢᠬᠦᠨ ᠤ ᠬᠤᠰᠢᠭᠤ | ᠪᠠᠷ ᠦᠨᠡᠯᠡᠭᠳᠡᠨ᠂ ︽ᠢᠨᠲ᠋ᠧᠷ ᠰᠦᠯᠵᠢᠶ᠎ᠠ + ᠵᠠᠬᠢᠳᠠᠯ ᠰᠤᠷᠪᠤᠯᠵᠢᠯᠠᠭ᠎ᠠ︾ ᠶᠢ ᠪᠦᠬᠦ ᠤᠯᠤᠰ ᠤᠨ ᠰᠦᠯᠵᠢᠶᠡᠨ | ᠳᠡᠬᠡᠷᠠᠬᠢ ᠵᠠᠬᠢᠳᠠᠯ ᠰᠤᠷᠪᠤᠯᠵᠢᠯᠠᠭ᠎ᠠ ᠶᠢᠨ ᠦᠨᠳᠤᠰᠤᠨ ᠱᠠᠳᠤᠨ ᠳᠠᠬᠢ ᠵᠠᠬᠢᠳᠠᠯ ᠰᠤᠷᠪᠤᠯᠵᠢᠯᠠᠭ᠎ᠠ ᠶᠢᠨ ᠬᠡᠷᠡᠭᠯᠡᠬᠡᠨ ᠤ | ᠠᠵᠢᠯ ᠤᠨ ᠵᠢᠱᠢᠶᠠᠴᠢ ᠪᠤᠯᠭᠠᠵᠤ᠂ ︽ᠠᠮᠣᠷ ᠠᠮᠣᠭᠤᠯᠠᠩ ᠡᠮᠣᠨᠡᠲᠣ ᠣᠲᠤᠭ︾ ᠂ ︽ᠲᠡᠭᠷᠢ ᠶᠢᠨ ᠲᠣᠣᠷ︾ ᠤᠨ | ᠭᠤᠷᠪᠠᠳᠣᠭᠠᠷ ᠬᠤᠭᠤᠴᠠᠭᠠᠨ ᠤ ᠢᠨᠵᠧᠨᠧᠷᠢᠩ ᠢ ᠪᠠᠶᠢᠭᠤᠯᠵᠣ᠂ ᠦᠪᠡᠷᠳᠡᠬᠡᠨ ᠵᠠᠰᠠᠬᠤ ᠤᠷᠤᠨ ᠤ ᠳᠤᠭ᠎ᠠ | ᠪᠦᠷᠢᠤᠨᠬᠡᠯ ᠤᠨ ᠳᠤᠪᠴᠢᠶ᠎ᠠ ᠶᠢᠨ ᠠᠷᠠᠤᠨ ᠤᠨ ᠪᠠᠶᠢᠴᠠᠭᠠᠯᠳᠠ ᠶᠢᠨ ᠲᠦᠪ ᠤᠨ ᠪᠠᠶᠢᠴᠠᠭᠠᠯᠳᠠ ᠳᠤ ᠮᠠᠨ ᠤ | ᠬᠤᠰᠢᠭᠤᠨ ᠤ ᠨᠠᠶᠢᠬᠡᠮ ᠤᠨ ᠠᠮᠤᠷ ᠳᠤᠭᠳᠠᠭᠤᠨ ᠤ ᠬᠠᠨᠤᠮᠵᠢ ᠪᠠ ᠠᠮᠣᠷ ᠲᠦᠪᠰᠢᠨ ᠤ ᠪᠠᠶᠢᠳᠠᠯ 100% ᠪᠠᠷ | ᠦᠨᠡᠯᠡᠭᠳᠡᠪᠠ᠃ | 2016 ᠤᠨ ᠳᠤ᠂ ᠮᠠᠨ ᠤ ᠬᠤᠰᠢᠭᠤ ᠭᠤᠤᠯ ᠠᠵᠤ ᠠᠬᠤᠢ ᠶᠢᠨ ᠵᠢᠭᠠᠯᠳᠠ ᠳᠤᠭ᠎ᠠ ᠪᠠᠨ ᠴᠦᠮ | ᠳᠠᠪᠠᠭᠤᠯᠤᠨ ᠪᠡᠶᠡᠯᠡᠬᠦᠯᠵᠤ᠂ ᠤᠯᠤᠰ ᠠᠷᠠᠤᠨ ᠤᠨ ᠠᠵᠤ ᠠᠬᠤᠢ ᠪᠤᠯᠤᠨ ᠨᠠᠶᠢᠬᠡᠮ ᠤᠨ ᠬᠦᠭᠵᠢᠯᠳᠠ ᠶᠢᠨ | ᠲᠦᠯᠤᠪᠵᠢᠬᠦᠯᠬᠡ ᠶᠢᠨ ᠬᠡᠷᠡᠭᠵᠢᠬᠦᠯᠤᠯᠳᠠ ᠶᠢᠨ ᠪᠠᠶᠢᠳᠠᠯ ᠶᠡᠷᠤᠩᠬᠡᠢ ᠳᠡᠭᠡᠨ ᠰᠠᠶᠢᠨ ᠶᠠᠪᠤᠭᠳᠠᠪᠠ᠃ ᠭᠡᠪᠡᠴᠦ ᠠᠵᠣ | ᠠᠬᠤᠢ ᠶᠢᠨ ᠡᠷᠬᠢᠯᠳᠠ ᠳᠤ ᠮᠦᠨ ᠯᠡ ᠬᠦᠴᠢᠷ ᠪᠡᠷᠬᠡ ᠪᠣᠯᠣᠨ ᠦᠷᠢᠰᠦᠯᠳᠦᠭᠡᠨ ᠲᠣᠯᠭᠠᠷᠠᠵᠣ ᠪᠣᠢ᠃ ᠭᠤᠣᠯᠳᠠᠭᠤ᠄ | ᠠᠵᠣ ᠠᠬᠤᠢ ᠶᠢᠨ ᠶᠡᠷᠦᠩᠬᠡᠢ ᠬᠡᠮᠵᠢᠶ᠎ᠠ ᠪᠠᠭ᠎ᠠ᠂ ᠬᠦᠭᠵᠢᠯᠳᠠ ᠭᠦᠢᠴᠡᠳ ᠪᠣᠰᠣ᠂ ᠠᠵᠣ ᠣᠶᠢᠯᠠᠰ ᠤᠨ | ᠲᠣᠯᠭᠠᠭᠤᠷᠢᠯᠠᠯ ᠲᠣᠷᠣᠢ ᠵᠡᠷᠬᠡ ᠨᠢ ᠪᠠᠰᠠ ᠴᠤ ᠬᠠᠮᠤᠭ ᠪᠤᠳᠠᠳᠠᠢ ᠬᠠᠮᠤᠭ ᠦᠨᠳᠤᠰᠤᠨ ᠬᠤᠰᠢᠭᠤᠨ ᠤ ᠪᠠᠶᠢᠳᠠᠯ | ᠪᠤᠯᠤᠨ᠎ᠠ︔ ᠠᠵᠤ ᠤᠶᠢᠯᠡᠰ ᠤᠨ ᠲᠦᠷᠤᠯ ᠵᠦᠢᠯ ᠬᠤᠷᠸ᠎ᠠ ᠠᠵᠤ ᠠᠬᠤᠢ ᠶᠢᠨ ᠳᠤᠬᠢᠷᠠᠭᠤᠯᠤᠯᠳᠠ ᠶᠢᠨ ᠨᠦᠯᠤᠬᠡ | ᠬᠦᠷᠳᠡᠵᠤ᠂ ᠠᠵᠤ ᠠᠬᠤᠢ ᠶᠢ ᠳᠠᠶᠢᠴᠢᠯᠠᠨ ᠬᠦᠭᠵᠢᠬᠦᠯᠬᠦ ᠡᠷᠴᠢ ᠬᠦᠴᠤᠨ ᠮᠦᠨ ᠢᠯᠡᠷᠬᠡᠢ ᠪᠤᠰᠤ ᠪᠤᠢ᠃ | ᠬᠦᠬᠡᠬᠤᠲᠠ ᠪᠣᠭᠤᠲᠣ ᠣᠷᠳᠣᠰ ᠪᠣᠯᠣᠨ ᠢᠷᠭᠠᠢ ᠶᠢᠨ ᠠᠵᠣ ᠠᠬᠤᠢ ᠶᠢᠨ ᠲᠣᠭᠤᠷᠢᠭ ᠯᠤᠭ᠎ᠠ ᠶᠢᠨ ᠠᠭᠤᠰᠣᠯᠴᠠᠯ | ᠬᠠᠷᠬᠠᠨ ᠨᠡᠩ ᠣᠯᠠᠨ ᠪᠣᠳᠠᠲᠣ ᠦᠷ᠎ᠡ ᠪᠦᠲᠤᠮᠵᠢ ᠣᠯᠣᠭᠠᠳᠣᠢ ᠪᠣᠢ᠃ ᠡᠳᠡᠭᠡᠷ ᠬᠦᠴᠢᠷᠳᠠᠯ ᠪᠠ ᠠᠰᠠᠭᠤᠳᠠᠯ ᠳᠤ | ᠪᠢᠲᠠ ᠵᠦᠪ ᠬᠠᠨᠳᠣᠵᠣ᠂ ᠵᠣᠷᠢᠭᠲᠠᠢ ᠡᠬᠦᠷᠬᠡᠯᠡᠨ᠂ ᠬᠢᠨᠠᠮᠠᠭᠠᠢ ᠰᠢᠢᠳᠪᠣᠷᠢᠯᠡᠵᠣ᠂ ᠳᠠᠷᠬᠠᠨ ᠬᠠᠷᠢᠭᠤᠴᠠᠯᠭ᠎ᠠ ᠪᠠᠨ | ᠭᠤᠲᠣᠭᠠᠬᠤ ᠦᠬᠡᠢ᠂ ᠬᠦᠨᠳᠣ ᠨᠠᠶᠢᠳᠠᠯᠭ᠎ᠠ ᠶᠢ ᠬᠦᠰᠡᠷᠳᠡᠬᠦᠯᠬᠦ ᠦᠬᠡᠢ ᠮᠠᠷᠠᠶᠢᠪᠠᠯ ᠵᠤᠬᠢᠨ᠎ᠠ ᠃ | ᠬᠤᠶᠠᠷ᠂ 2017 ᠤᠨ ᠤ ᠠᠵᠤ ᠠᠬᠤᠢ ᠨᠠᠶᠢᠬᠡᠮ ᠤᠨ ᠬᠦᠭᠵᠢᠯᠳᠠ ᠶᠢᠨ ᠵᠢᠱᠢᠭᠰᠡᠨ ᠬᠠᠷᠠᠯᠳᠠ ᠪᠠ | ᠭᠤᠤᠯ ᠡᠬᠦᠷᠬᠡ | ᠬᠤᠷᠸ᠎ᠠ ᠤᠷᠴᠢᠨ ᠳᠤ ᠵᠤᠬᠢᠴᠠᠭᠤᠯᠤᠨ ᠶᠡᠷᠤᠩᠬᠡᠶᠢᠯᠡᠨ ᠪᠤᠳᠤᠯᠬᠢᠯᠠᠭᠠᠤᠨ᠂ 2017 ᠤᠨ ᠤ ᠪᠦᠬᠦ | ᠬᠤᠰᠢᠭᠤᠨ ᠤ ᠤᠯᠤᠰ ᠠᠷᠠᠤᠨ ᠤᠨ ᠠᠵᠤ ᠠᠬᠤᠢ ᠪᠠ ᠨᠠᠶᠢᠬᠡᠮ ᠤᠨ ᠬᠦᠭᠵᠢᠯᠳᠠ ᠶᠢᠨ ᠭᠤᠤᠯ ᠵᠢᠱᠢᠭᠰᠡᠨ | ᠬᠠᠷᠠᠯᠳᠠ ᠶᠢ ᠲᠣᠭᠳᠠᠭᠠᠪᠠ᠃ | —— ᠪᠦᠬᠦ ᠬᠤᠰᠢᠭᠤᠨ ᠤ ᠭᠠᠵᠠᠷ ᠤᠷᠤᠨ ᠤ ᠤᠶᠢᠯᠡᠤᠨᠪᠤᠷᠢᠯᠡᠯ ᠤᠨ ᠶᠡᠷᠤᠩᠬᠡᠢ ᠦᠷᠳᠡᠭ ᠢ 149 | ᠳ᠋ᠦᠩᠰᠢᠭᠤᠷ ᠲᠦᠬᠦᠷᠢᠭ ᠬᠦᠷᠬᠡᠵᠤ᠂ 9% ᠦᠰᠬᠡᠨ᠎ᠠ︔ | —— ᠪᠦᠬᠦ ᠨᠠᠶᠢᠬᠡᠮ ᠤᠨ ᠳᠤᠭᠳᠠᠮᠠᠯ ᠬᠦᠷᠤᠩᠬᠡ ᠶᠢᠨ ᠪᠡᠯᠡ ᠤᠷᠤᠭᠤᠯᠤᠯᠳᠠ ᠶᠢ 302 ᠳ᠋ᠦᠩᠰᠢᠭᠤᠷ | ᠲᠦᠬᠦᠷᠢᠭ ᠬᠦᠷᠬᠡᠵᠤ᠂ 13% ᠦᠰᠬᠡᠨ᠎ᠠ︔ | —— ᠨᠠᠶᠢᠳᠠ ᠶᠢᠨ ᠡᠳ᠋ ᠤᠨ ᠵᠠᠰᠠᠭ ᠤᠨ ᠲᠦᠰᠤᠪ ᠤᠨ ᠤᠷᠤᠯᠭ᠎ᠠ ᠶᠢ 19.5 ᠳ᠋ᠦᠩᠰᠢᠭᠤᠷ ᠲᠦᠬᠦᠷᠢᠭ | ᠬᠦᠷᠬᠡᠵᠤ᠂ 8% ᠦᠰᠬᠡᠨ᠎ᠠ︔ | —— ᠨᠡᠶᠢᠭᠡᠮ ᠤᠨ ᠭᠡᠷᠡᠭᠯᠡᠭᠡᠨ ᠤ ᠲᠠᠸᠠᠷ ᠤᠨ ᠵᠢᠵᠢᠭᠯᠡᠨ ᠪᠤᠷᠤᠯᠠᠭᠤᠯᠬᠤ ᠶᠡᠷᠥᠩᠭᠡᠢ ᠥᠷᠳᠡᠭ ᠢ 25 | ᠳ᠋ᠥᠩᠰᠢᠭᠤᠷ ᠲᠥᠭᠦᠷᠢᠭ ᠭᠥᠷᠭᠡᠵᠥ᠂ 10% ᠥᠰᠭᠡᠨ᠎ᠡ︔ | —— ᠬᠤᠳᠠ ᠪᠠᠯᠭᠠᠰᠣ ᠶᠢᠨ ᠪᠠᠶᠢᠩᠭᠤ ᠶᠢᠨ ᠰᠠᠭᠤᠭᠠᠯᠢ ᠠᠷᠠᠤᠨ ᠤᠨ ᠬᠦᠮᠤᠨ ᠳᠤᠮᠳᠠᠴᠢ ᠶᠢᠨ ᠡᠵᠡᠮᠳᠡᠵᠤ | ᠪᠤᠯᠬᠤ ᠤᠷᠤᠯᠭ᠎ᠠ ᠶᠢ 41575 ᠲᠦᠬᠦᠷᠢᠭ ᠭᠥᠷᠭᠡᠵᠥ᠂ 8.5% ᠦᠰᠬᠡᠨ᠎ᠠ︔ | —— ᠮᠠᠯᠵᠢᠬᠤ ᠳᠠᠷᠢᠶᠠᠯᠠᠬᠤ ᠤᠷᠤᠨ ᠤ ᠪᠠᠶᠢᠩᠭᠤ ᠶᠢᠨ ᠰᠠᠭᠤᠭᠠᠯᠢ ᠠᠷᠠᠤᠨ ᠤᠨ ᠬᠦᠮᠤᠨ ᠳᠤᠮᠳᠠᠴᠢ ᠶᠢᠨ | ᠡᠵᠡᠮᠳᠡᠵᠤ ᠪᠤᠯᠬᠤ ᠤᠷᠤᠯᠭ᠎ᠠ ᠶᠢ 17007 ᠲᠦᠬᠦᠷᠢᠭ ᠬᠦᠷᠬᠡᠵᠤ᠂ 9% ᠦᠰᠬᠡᠨ᠎ᠠ᠃ | 2017 ᠤᠨ ᠪᠤᠯ ︽ᠠᠷᠪᠠᠨ ᠭᠤᠷᠪᠠᠳᠤᠭᠠᠷ ᠳᠠᠪᠤᠨ ᠵᠢᠯ︾ ᠤᠨ ᠲᠦᠯᠦᠪᠵᠢᠭᠦᠯᠭᠡ ᠶᠢᠨ | ᠬᠡᠷᠡᠭᠵᠢᠭᠦᠯᠦᠯᠳᠡ ᠶᠢᠨ ᠴᠢᠬᠤᠯᠠ ᠨᠢᠭᠡᠨ ᠵᠢᠯ᠂ ᠬᠠᠩᠭᠠᠯᠭ᠎ᠠ ᠶᠢᠨ ᠳᠡᠯ᠎ᠠ ᠶᠢᠨ ᠪᠦᠳᠤᠴᠠ ᠶᠢᠨ ᠴᠢᠨᠠᠷᠳᠤ | ᠦᠬᠡᠷᠡᠴᠢᠯᠠᠯᠳᠠ ᠶᠢ ᠭᠦᠨᠵᠡᠭᠡᠶᠢᠷᠡᠭᠦᠯᠬᠦ ᠵᠢᠯ᠂ ᠨᠡᠮ ᠤᠨ ᠠᠷᠪᠠ ᠶᠢᠰᠦᠳᠦᠭᠡᠷ ᠶᠡᠭᠡ ᠬᠤᠷᠠᠯ ᠨᠡᠭᠡᠭᠡᠭᠳᠡᠬᠦ ᠵᠢᠯ᠂ ᠮᠦᠨ | ᠴᠣ᠋ ᠮᠠᠨ ᠤ ᠬᠤᠰᠢᠭᠤᠨ ᠤ ︽ᠦᠭᠭᠢᠶᠡᠮᠦᠷ ᠨᠠᠶᠢᠷᠠᠮᠳᠠᠭᠤ ᠲᠠᠯ᠎ᠠ ᠨᠣᠳᠤᠭ᠂ ᠦᠵᠡᠰᠭᠦᠯᠡᠩᠳᠦ ᠰᠠᠶᠢᠬᠠᠨ ᠡᠮᠦᠨᠡᠳᠦ | ᠣᠳᠤᠭ︾ ᠤᠨ ᠪᠠᠶᠢᠭᠤᠯᠣᠯᠳᠠ ᠶᠢᠨ ᠵᠠᠩᠭᠢᠯᠠᠭ᠎ᠠ ᠶᠢᠨ ᠵᠢᠯ ᠪᠣᠯᠬᠤ ᠶᠣᠮ᠃ ᠪᠢᠳᠡ ᠨᠠᠮ ᠤᠨ ᠠᠷᠪᠠᠨ ᠨᠠᠢᠮᠳᠣᠭᠠᠷ | ᠶᠡᠭᠡ ᠬᠤᠷᠠᠯ ᠪᠣᠯᠣᠨ ᠠᠷᠪᠠᠨ ᠨᠠᠢᠮᠳᠣᠭᠠᠷ ᠬᠤᠭᠤᠴᠠᠭᠠᠨ ᠤ ᠭᠤᠷᠪᠠ᠂ ᠲᠦᠷᠪᠡ᠂ ᠲᠠᠪᠤ᠂ ᠵᠢᠷᠭᠤᠳᠣᠭᠠᠷ ᠪᠦᠬᠦᠳᠡ | ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠢ ᠲᠣᠣᠱᠯᠠᠭᠤᠯᠣᠨ᠂ ᠦᠪᠡᠷᠳᠡᠭᠡᠨ ᠵᠠᠰᠠᠬᠤ ᠣᠷᠣᠨ ᠤ ᠠᠷᠪᠠᠳᠦᠭᠠᠷ | ᠣᠳᠠᠭᠠᠨ ᠤ ᠨᠠᠮ ᠤᠨ ᠲᠦᠯᠦᠭᠡᠯᠡᠭᠴᠢᠳ ᠤᠨ ᠶᠡᠭᠡ ᠬᠤᠷᠠᠯ᠂ ᠣᠷᠳᠣᠰ ᠬᠤᠳᠠ ᠶᠢᠨ ᠲᠦᠷᠪᠡᠳᠦᠭᠡᠷ ᠣᠳᠠᠭᠠᠨ ᠤ | ᠨᠠᠮ ᠤᠨ ᠲᠦᠯᠦᠭᠡᠯᠡᠭᠴᠢᠳ ᠤᠨ ᠶᠡᠭᠡ ᠬᠤᠷᠠᠯ᠂ ᠬᠤᠰᠢᠭᠤᠨ ᠤ ᠶᠢᠰᠦᠳᠦᠭᠡᠷ ᠣᠳᠠᠭᠠᠨ ᠤ ᠨᠡᠮ ᠤᠨ | ᠲᠦᠯᠦᠭᠡᠯᠡᠭᠴᠢᠳ ᠤᠨ ᠶᠡᠭᠡ ᠬᠤᠷᠠᠯ ᠵᠢᠴᠢ ᠦᠪᠡᠷᠳᠡᠭᠡᠨ ᠵᠠᠰᠠᠬᠤ ᠣᠷᠣᠨ ᠤ ᠠᠷᠪᠠᠳᠣᠭᠠᠷ ᠬᠤᠭᠤᠴᠠᠭᠠᠨ ᠤ | ᠬᠤᠶᠠᠳᠦᠭᠠᠷ ᠣᠳᠠᠭᠠᠨ ᠤ ᠪᠦᠬᠦᠳᠡ ᠬᠤᠷᠠᠯ᠂ ᠣᠷᠳᠣᠰ ᠬᠤᠳᠠ ᠶᠢᠨ ᠲᠦᠷᠪᠡᠳᠦᠭᠡᠷ ᠬᠤᠭᠤᠴᠠᠭᠠᠨ ᠤ | ᠭᠤᠷᠪᠠᠳᠣᠭᠠᠷ ᠪᠦᠬᠦᠳᠡ ᠬᠤᠷᠠᠯ᠂ ᠬᠤᠰᠢᠭᠤᠨ ᠤ ᠶᠢᠰᠦᠳᠦᠭᠡᠷ ᠬᠤᠭᠤᠴᠠᠭᠠᠨ ᠤ ᠭᠤᠷᠪᠠᠳᠦᠭᠠᠷ ᠪᠦᠬᠦᠳᠡ ᠬᠤᠷᠠᠯ | ᠤᠨ ᠵᠣᠷᠢᠭ ᠰᠠᠨᠠᠭ᠎ᠠ ᠶᠢ ᠪᠦᠬᠦ ᠲᠠᠯ᠎ᠠ ᠪᠠᠷ ᠨᠠᠶᠢᠳᠠᠪᠦᠷᠢᠵᠢᠭᠤᠯᠵᠣ᠂ ᠬᠦᠭᠵᠢᠯᠳᠠ ᠶᠢᠨ ᠶᠠᠰᠦ ᠴᠢᠨᠠᠷ ᠪᠣᠯᠣᠨ ᠦᠷ᠎ᠡ | ᠠᠰᠢᠭ ᠢ ᠲᠡᠭᠡᠭᠰᠢᠯᠡᠭᠦᠯᠬᠦ ᠪᠠᠷ ᠭᠤᠣᠯᠳᠠᠯᠭ᠎ᠠ ᠪᠣᠯᠭᠠᠨ᠂ ᠬᠠᠩᠭᠠᠯᠭ᠎ᠠ ᠶᠢᠨ ᠳᠡᠯ᠎ᠠ ᠶᠢᠨ ᠪᠦᠳᠤᠴᠠ ᠶᠢᠨ ᠴᠢᠨᠠᠷᠳᠤ | ᠦᠬᠡᠷᠡᠴᠢᠯᠠᠯᠳᠠ ᠪᠠᠷ ᠭᠤᠣᠯ ᠪᠣᠯᠭᠠᠵᠣ᠂ ᠬᠡᠯᠪᠡᠷᠢ ᠶᠢ ᠬᠤᠪᠢᠷᠠᠭᠤᠯᠣᠨ ᠲᠡᠰ ᠲᠡᠪᠰᠢᠭᠦᠯᠬᠦ᠂ ᠲᠣᠳᠠᠭᠤᠳᠠᠯ ᠢ | ᠨᠦᠬᠦᠪᠦᠷᠢᠯᠡᠬᠦ ᠪᠠᠷ ᠭᠤᠣᠯᠳᠠᠯᠭ᠎ᠠ ᠪᠣᠯᠭᠠᠵᠣ᠂ ᠠᠵᠣ ᠣᠶᠢᠯᠠᠰ ᠤᠨ ᠪᠠᠶᠢᠷᠢᠯᠠᠭᠤᠯᠣᠯᠳᠠ ᠶᠢ ᠰᠢᠯᠢᠳᠡᠭᠵᠢᠭᠦᠯᠵᠣ᠂ | ᠪᠣᠳᠠᠳᠦ ᠴᠣᠭᠴᠠ ᠶᠢᠨ ᠠᠵᠣ ᠠᠬᠤᠢ ᠶᠢ ᠪᠣᠶᠢᠵᠢᠭᠤᠯᠣᠨ ᠪᠣᠵᠠᠭᠠᠶᠢᠷᠠᠭᠤᠯᠵᠣ᠂ ᠲᠦᠷᠦᠯ ᠵᠣᠶᠢᠯ ᠤᠨ ᠣᠷᠣᠨᠵᠢᠯᠳᠠ | ᠶᠢ ᠡᠷᠴᠢᠮ ᠲᠠᠢ ᠠᠳᠬᠤᠨ᠂ ᠠᠷᠠᠳ ᠤᠨ ᠠᠰᠢᠭ ᠵᠢᠷᠭᠠᠯ ᠢ ᠨᠡᠮᠡᠭᠳᠡᠭᠦᠯᠵᠣ᠂ ᠠᠵᠤ ᠠᠬᠤᠢ ᠨᠡᠶᠢᠭᠡᠮ ᠤᠨ | ᠦᠷᠭᠦᠯᠵᠢᠬᠦᠶᠢᠴᠡ ᠲᠣᠭᠳᠠᠭᠤᠨ ᠬᠦᠭᠵᠢᠯᠳᠠ ᠶᠢ ᠠᠬᠢᠭᠤᠯᠣᠨ᠎ᠠ᠃ | ︵ᠨᠢᠬᠡ︶ ᠪᠦᠳᠦᠴᠡ ᠶᠢ ᠰᠢᠯᠢᠳᠡᠭᠵᠢᠭᠦᠯᠵᠣ ᠦᠷ᠎ᠡ ᠠᠰᠢᠭ ᠢ ᠨᠡᠮᠡᠭᠳᠡᠭᠦᠯᠦᠨ᠂ ᠬᠦᠭᠵᠢᠯᠳᠠ ᠶᠢᠨ | ᠨᠦᠭᠡᠴᠡ ᠬᠦᠴᠦᠨ ᠢ ᠲᠠᠰᠣᠷᠠᠯᠳᠠ ᠦᠭᠡᠢ ᠬᠤᠷᠠᠮᠳᠣᠭᠤᠯᠣᠨᠠ᠃ | —— ᠲᠦᠷᠤᠯ ᠵᠦᠢᠯ ᠤᠨ ᠪᠡᠷᠬᠡ ᠶᠢ ᠰᠢᠢᠳᠪᠦᠷᠢᠯᠡᠬᠦ ᠶᠢ ᠴᠢᠩᠭ᠎ᠠ ᠠᠳᠬᠤᠵᠣ᠂ ᠠᠵᠣ ᠣᠶᠢᠯᠠᠳᠪᠦᠷᠢ ᠶᠢᠨ | ᠠᠵᠣ ᠠᠬᠤᠢ ᠶᠢᠨ ᠬᠡᠮᠵᠢᠶᠠᠨ ᠤ ᠨᠡᠮᠡᠭᠳᠡᠯ ᠴᠢᠨᠠᠷ ᠤᠨ ᠲᠡᠭᠡᠭᠰᠢᠯᠡᠯᠳᠡ ᠶᠢ ᠠᠬᠢᠭᠤᠯᠣᠨ᠎ᠠ᠃ ᠣᠯᠣᠰ ᠤᠨ ᠰᠢᠨ᠎ᠠ | ᠨᠢᠭᠡᠨ ᠡᠭᠡᠯᠵᠢ ᠶᠢᠨ ᠲᠦᠷᠦ ᠶᠢᠨ ᠪᠣᠳᠣᠯᠭ᠎ᠠ ᠶᠢᠨ ᠴᠢᠬᠤᠯᠠ ᠠᠰᠢᠭ ᠢ ᠪᠠᠳᠦ ᠡᠵᠡᠮᠳᠡᠵᠣ᠂ ᠴᠢᠬᠤᠯᠠ ᠶᠡᠭᠡ | ᠲᠦᠷᠦᠯ ᠵᠣᠶᠢᠯ ᠢ ᠴᠣᠬᠤᠯᠠᠪᠦᠷᠢᠯᠠᠭᠤᠯᠣᠨ ᠣᠷᠣᠨᠵᠢᠭᠤᠯᠬᠤ ᠶᠢ ᠪᠦᠬᠦ ᠬᠦᠴᠤᠨ ᠢᠶᠠᠷ ᠠᠬᠢᠭᠤᠯᠵᠣ᠂ ᠲᠦᠷᠦᠯ ᠵᠣᠶᠢᠯ | ᠤᠨ ᠨᠦᠭᠡᠴᠡᠯᠡᠯ ᠢ ᠰᠠᠶᠢᠳᠦᠷ ᠠᠳᠬᠤᠵᠣ᠂ ᠲᠦᠷᠦᠯ ᠵᠣᠶᠢᠯ ᠤᠨ ᠣᠶᠢᠯᠡᠴᠢᠯᠡᠭᠡ ᠶᠢ ᠰᠢᠯᠢᠳᠡᠭᠵᠢᠭᠦᠯᠦᠨ᠂ ᠨᠢᠭᠡ | ᠪᠦᠯᠦᠭ ᠨᠦᠭᠡᠴᠡᠯᠡᠪᠡᠯ ᠨᠢᠭᠡ ᠪᠦᠯᠦᠭ ᠢ ᠣᠷᠣᠨᠵᠢᠭᠤᠯᠵᠣ ᠦᠷ᠎ᠡ ᠠᠰᠢᠭ ᠡᠭᠦᠳᠬᠦ ᠣᠬᠢ ᠡᠷᠬᠢᠯᠳᠡ ᠶᠢ ᠪᠣᠢ | ᠪᠣᠯᠭᠠᠨ᠎ᠠ᠃᠂ ᠤᠯᠤᠰ ᠤᠨ ᠴᠠᠬᠢᠯᠭᠠᠨ ᠤ ᠱᠣᠸᠠᠩ ᠸᠧᠢ᠂ ᠱᠠᠨᠳᠦ᠋ᠩ ᠤᠨ ᠱᠧᠩ ᠯᠤ᠋ 2 ᠴᠠᠬᠢᠯᠭᠠᠨ ᠣᠶᠢᠯᠠᠳᠪᠦᠷᠢ | ᠶᠢᠨ ᠲᠦᠷᠦᠯ ᠵᠣᠶᠢᠯ ᠤᠨ ᠪᠠᠷᠢᠯᠭ᠎ᠠ ᠡᠬᠢᠯᠡᠭᠦᠯᠵᠣ᠂ ᠺᠧ ᠰᠧ ᠤᠨ 20 ᠲᠦᠮᠡᠨ ᠳᠤᠨ᠂ ᠶᠠ ᠬᠠᠢ ᠶᠢᠨ 20 | ᠲᠦᠮᠡᠨ ᠳᠤᠨ LNG ᠤᠨ ᠲᠦᠷᠤᠯ ᠵᠦᠢᠯ ᠢ ᠲᠣᠰ ᠵᠢᠯ ᠳᠤ ᠳᠤᠷᠰᠢᠨ ᠤᠶᠢᠯᠡᠤᠨᠪᠤᠷᠢᠯᠡᠬᠦ ᠨᠦᠬᠦᠴᠡᠯ ᠳᠤ | ᠬᠦᠷᠬᠡᠵᠤ᠂ ᠵᠢᠯ ᠤᠨ ᠲᠣᠳᠣᠷ᠎ᠠ ᠬᠠᠶᠢᠯᠠᠰᠣᠨ ᠬᠤᠳᠳᠤᠭ ᠤᠨ ᠨᠠᠭᠦᠷᠡᠰᠣᠨ ᠠᠭᠤᠷᠬᠠᠢ ᠶᠢᠨ ᠣᠶᠢᠯᠠᠳᠪᠦᠷᠢᠯᠠᠯ ᠢ | ᠰᠡᠷᠭᠦᠭᠡᠵᠣ᠂ ᠴᠠᠩ ᠴᠧᠩ ᠭᠤᠷᠪᠠ ᠨᠣᠮᠧᠷᠳᠦ ᠨᠡᠭᠦᠷᠡᠰᠣᠨ ᠠᠭᠤᠷᠬᠠᠢ᠂᠂ ᠴᠠᠩ ᠴᠧᠩ ᠲᠠᠪᠦ ᠨᠣᠮᠧᠷᠳᠦ ᠨᠡᠭᠦᠷᠡᠰᠣᠨ | ᠠᠭᠤᠷᠬᠠᠢ᠂ ᠴᠠᠩ ᠴᠧᠩ ᠵᠢᠷᠭᠤᠭ᠎ᠠ ᠨᠣᠮᠧᠷᠳᠦ ᠨᠡᠭᠦᠷᠡᠰᠣᠨ ᠠᠭᠤᠷᠬᠠᠢ᠂ ᠬᠤᠸᠠ ᠰᠢᠩ ᠤᠨ 40 ᠳ᠋ᠦᠩᠰᠢᠭᠤᠷ | ᠺᠦᠪ ᠮᠧᠲᠷ ᠤᠨ ᠨᠡᠭᠦᠷᠰᠦ ᠪᠠᠷ ᠬᠡᠢ ᠣᠶᠢᠯᠡᠳᠬᠦ ᠲᠦᠷᠤᠯ ᠵᠦᠢᠯ ᠢ ᠦᠪᠡᠷᠳᠡᠭᠡᠨ ᠵᠠᠰᠠᠬᠤ ᠣᠷᠣᠨ ᠤ | ᠬᠦᠭᠵᠢᠭᠦᠯᠦᠯᠳᠡ ᠦᠭᠡᠷᠡᠴᠢᠯᠡᠯᠳᠡ ᠶᠢᠨ ᠵᠦᠪᠯᠡᠯ ᠢᠶᠠᠷ ᠬᠢᠨᠠᠨ ᠵᠦᠪᠰᠢᠶᠡᠷᠡᠭᠦᠯᠵᠣ᠂ ᠴᠠᠩ ᠴᠧᠩ ᠨᠢᠭᠡ ᠨᠣᠮᠧᠷᠳᠦ | ᠨᠡᠭᠦᠷᠡᠰᠣᠨ ᠠᠭᠤᠷᠬᠠᠢ ᠶᠢ ᠲᠡᠰ ᠲᠡᠪᠰᠢᠭᠦᠯᠬᠦ ᠦᠭᠡᠷᠡᠴᠢᠯᠡᠯᠳᠡ ᠶᠢ ᠪᠡᠶᠡᠯᠡᠭᠦᠯᠵᠣ᠂ 60 ᠲᠦᠮᠡᠨ ᠲᠣᠨ ᠠᠯᠺᠸᠠ ᠤ | ᠲᠦᠷᠦᠯ ᠵᠣᠶᠢᠯ ᠤᠨ ᠡᠮᠦᠨ᠎ᠡ ᠬᠤᠭᠤᠴᠠᠭᠠᠨ ᠤ ᠠᠵᠢᠯ ᠢ ᠢᠳᠡᠪᠬᠢᠳᠡᠢ ᠠᠬᠢᠭᠤᠯᠣᠨ᠎ᠠ᠃ ᠴᠢᠯᠠᠭᠤᠨ ᠲᠣᠰᠣ | ᠰᠢᠳᠠᠮᠠᠬᠠᠢ ᠬᠡᠢ ᠶᠢᠨ ᠡᠬᠢ ᠰᠣᠷᠪᠣᠯᠵᠢ ᠶᠢᠨ ᠨᠡᠭᠡᠭᠡᠯᠳᠡ ᠶᠢᠨ ᠲᠠᠯᠳᠠ ᠬᠦᠴᠦᠨ ᠢ ᠭᠦᠢᠴᠡᠳ ᠠᠭᠤᠳᠠᠯᠠᠵᠣ᠂ | ᠨᠡᠭᠦᠷᠡᠰᠣᠨ ᠲᠠᠪᠬᠤᠷᠭ᠎ᠠ ᠶᠢᠨ ᠬᠡᠢ᠂ ᠵᠠᠨᠠᠷ ᠤᠨ ᠬᠡᠢ ᠵᠡᠷᠬᠡ ᠪᠠᠶᠢᠩᠭᠤ ᠶᠢᠨ ᠪᠤᠰᠤ ᠳᠤᠰᠤ ᠬᠡᠢ ᠶᠢᠨ ᠡᠬᠢ | ᠰᠤᠷᠪᠤᠯᠵᠢ ᠶᠢᠨ ᠨᠡᠬᠡᠬᠡᠯᠳᠠ ᠶᠢ ᠲᠦᠷᠬᠡᠤᠨᠬᠡᠵᠤ᠂ ᠨᠢᠭᠡ ᠪᠦᠯᠦᠭ ᠰᠢᠨ᠎ᠠ ᠡᠨᠧᠷᠬᠢ ᠶᠢᠨ ᠲᠦᠷᠤᠯ ᠵᠦᠢᠯ ᠢ | ᠰᠦᠪᠡᠭᠴᠢᠯᠡᠨ ᠨᠦᠭᠡᠴᠡᠯᠡᠵᠣ᠂ ᠠᠵᠤ ᠤᠶᠢᠯᠡᠤᠨᠪᠤᠷᠢ ᠶᠢᠨ ᠠᠵᠤ ᠠᠬᠤᠢ ᠶᠢᠨ ᠤᠯᠠᠨ ᠡᠰᠢᠵᠢᠯ᠂ ᠦᠨᠳᠦᠷ ᠲᠡᠰᠵᠢᠯ | ᠢ ᠠᠬᠢᠭᠤᠯᠵᠣ᠂ ᠣᠯᠠᠨ ᠡᠰᠢᠳᠦ᠂ ᠣᠯᠠᠨ ᠲᠣᠶᠢᠯᠳᠦ ᠬᠦᠭᠵᠢᠯᠳᠠ ᠶᠢ ᠪᠡᠶᠡᠯᠡᠭᠦᠯᠦᠨ᠎ᠡ᠃ ᠪᠦᠬᠦ ᠵᠢᠯ ᠳᠤ | ᠨᠡᠬᠦᠷᠡᠰᠤᠨ ᠤ ᠭᠠᠷᠤᠯᠳᠠ ᠶᠢ 600 ᠲᠦᠮᠡᠨ ᠳᠤᠨ ᠬᠦᠷᠭᠡᠵᠣ᠂ ᠰᠢᠳᠠᠮᠠᠬᠠᠢ ᠬᠡᠢ ᠶᠢᠨ ᠭᠠᠷᠣᠯᠳᠠ ᠶᠢ 45 | ᠳ᠋ᠦᠩᠰᠢᠭᠤᠷ ᠺᠦᠪ ᠮᠧᠲᠷ ᠬᠦᠷᠭᠡᠨ᠎ᠡ︔ ᠠᠵᠣ ᠣᠶᠢᠯᠠᠳᠪᠦᠷᠢ ᠶᠢᠨ ᠨᠡᠮᠡᠭᠳᠡᠯ ᠦᠷᠳᠡᠭ ᠢ 72 ᠳ᠋ᠦᠩᠰᠢᠭᠤᠷ | ᠲᠦᠭᠦᠷᠢᠭ ᠪᠡᠶᠡᠯᠡᠭᠦᠯᠵᠣ᠂ 9% ᠪᠠᠷ ᠨᠡᠮᠡᠭᠳᠡᠭᠦᠯᠦᠨ᠎ᠡ᠃ | —— ᠪᠦᠳᠦᠴᠡ ᠶᠢᠨ ᠰᠢᠯᠢᠳᠡᠭᠵᠢᠭᠦᠯᠦᠯᠳᠡ ᠶᠢ ᠴᠢᠩᠭ᠎ᠠ ᠠᠳᠬᠤᠵᠣ᠂ ᠣᠳᠣ ᠦᠶ᠎ᠡ ᠶᠢᠨ ᠮᠠᠯ ᠲᠠᠷᠢᠶᠠᠯᠠᠩ | ᠤᠨ ᠬᠦᠭᠵᠢᠯᠳᠠ ᠶᠢ ᠲᠦᠷᠭᠡᠳᠬᠡᠨ᠎ᠡ᠃ ᠮᠠᠯ ᠲᠠᠷᠢᠶᠠᠯᠠᠩ᠂ ᠮᠠᠯᠵᠢᠬᠤ ᠲᠠᠷᠢᠶᠠᠯᠠᠬᠤ ᠣᠷᠣᠨ᠂ ᠮᠠᠯᠴᠢᠨ ᠲᠠᠷᠢᠶᠠᠴᠢᠨ | ᠤ ᠠᠭᠤᠯᠣᠭᠳᠠᠬᠤᠨ ᠲᠠᠢ ᠬᠦᠭᠵᠢᠯᠳᠠ ᠶᠢ ᠲᠦᠷᠭᠡᠳᠬᠡᠵᠣ᠂ ᠮᠠᠯ ᠲᠠᠷᠢᠶᠠᠯᠠᠩ ᠤᠨ ᠰᠢᠨᠡᠴᠢᠯᠡᠯ ᠲᠠᠢ ᠬᠦᠭᠵᠢᠯᠳᠠ | ᠶᠢᠨ ᠠᠮᠢᠳᠣᠯᠢᠭ ᠬᠦᠴᠦᠨ ᠢ ᠨᠡᠮᠡᠭᠳᠡᠭᠦᠯᠦᠨ᠂ ᠮᠠᠯᠵᠢᠬᠤ ᠲᠠᠷᠢᠶᠠᠯᠠᠬᠤ ᠣᠷᠣᠨ ᠤ ᠬᠦᠭᠵᠢᠯᠳᠠ ᠶᠢᠨ ᠣᠷᠣᠨ ᠵᠠᠢ ᠶᠢ | ᠰᠢᠯᠢᠳᠡᠭᠵᠢᠭᠦᠯᠵᠣ᠂ ᠮᠠᠯᠴᠢᠨ ᠲᠠᠷᠢᠶᠠᠴᠢᠨ ᠤ ᠠᠰᠢᠭ ᠵᠢᠷᠭᠠᠯ ᠢ ᠨᠡᠮᠡᠭᠳᠡᠭᠦᠯᠦᠨ᠂ ᠮᠠᠯ ᠲᠠᠷᠢᠶᠠᠯᠠᠩ ᠤᠨ ᠴᠢᠨᠠᠷ ᠤᠨ | ᠲᠡᠭᠡᠭᠰᠢᠯᠡᠯᠳᠡ ᠦᠷ᠎ᠡ ᠠᠰᠢᠭ ᠤᠨ ᠨᠡᠮᠡᠭᠳᠡᠯ᠂ ᠮᠠᠯᠵᠢᠬᠤ ᠲᠠᠷᠢᠶᠠᠯᠠᠬᠤ ᠣᠷᠣᠨ ᠤ ᠠᠵᠣ ᠣᠶᠢᠯᠠᠰ ᠭᠠᠴᠠᠭ᠎ᠠ | ᠲᠣᠰᠬᠤᠨ ᠤ ᠠᠵᠣ ᠠᠬᠤᠢ ᠶᠢᠨ ᠠᠭᠤᠰᠣᠯᠴᠠᠯ᠂ ᠮᠠᠯᠴᠢᠨ ᠲᠠᠷᠢᠶᠠᠴᠢᠳ ᠤᠨ ᠬᠡᠪ ᠴᠢᠨᠠᠷ ᠤᠨ ᠲᠡᠭᠡᠭᠰᠢᠯᠡᠯᠳᠡ ᠶᠢ | ᠪᠡᠶᠡᠯᠡᠭᠦᠯᠦᠨ᠎ᠡ᠃ ᠮᠠᠯ ᠲᠠᠷᠢᠶᠠᠯᠠᠩ ᠤᠨ ᠬᠡᠪᠴᠢᠶᠡᠵᠢᠭᠰᠡᠨ᠂ ᠣᠳᠣᠬᠢᠴᠢᠯᠠᠭᠰᠠᠨ᠂ ᠨᠡᠷᠡᠳᠦ ᠲᠡᠮᠳᠡᠭᠴᠢᠯᠡᠭᠰᠡᠨ᠂ | ᠵᠠᠬ᠎ᠠ ᠲᠡᠯᠭᠡᠭᠦᠷᠴᠢᠯᠡᠭᠰᠡᠨ ᠬᠦᠭᠵᠢᠯᠳᠠ ᠶᠢ ᠠᠬᠢᠭᠤᠯᠣᠨ᠂ ᠮᠠᠯ ᠳᠠᠷᠢᠶᠠᠯᠠᠩ ᠤᠨ ᠪᠦᠳᠤᠬᠡᠭᠳᠡᠬᠦᠨ ᠤ ᠴᠢᠨᠠᠷ | ᠴᠢᠨᠰᠠᠭ᠎ᠠ ᠶᠢᠨ ᠠᠮᠣᠷ ᠲᠦᠪᠰᠢᠨ ᠤ ᠪᠠᠷᠢᠮᠵᠢᠶ᠎ᠠ ᠰᠢᠰᠲ᠋ᠧᠮ ᠪᠣᠯᠣᠨ ᠬᠡᠳᠡᠷᠬᠦ ᠨᠡᠬᠡᠮᠵᠢᠯᠡᠬᠦ ᠰᠢᠰᠲ᠋ᠧᠮ ᠢ | ᠲᠡᠭᠦᠯᠳᠡᠷᠵᠢᠭᠦᠯᠵᠣ᠂ ᠮᠠᠯ ᠲᠠᠷᠢᠶᠠᠯᠠᠩ ᠤᠨ ᠪᠦᠳᠤᠬᠡᠭᠳᠡᠬᠦᠨ ᠤ ᠪᠣᠬᠢᠷᠳᠣᠯ ᠦᠭᠡᠢ ᠬᠠᠩᠭᠠᠯᠭ᠎ᠠ ᠶᠢ ᠪᠠᠳᠣᠯᠠᠵᠣ᠂ | ᠪᠦᠬᠦ ᠦᠪᠡᠷᠳᠡᠭᠡᠨ ᠵᠠᠰᠠᠬᠤ ᠣᠷᠣᠨ᠂ ᠪᠦᠬᠦ ᠣᠯᠣᠰ ᠲᠤ ᠠᠯᠳᠠᠷᠰᠢᠯ ᠲᠠᠢ ᠨᠢᠭᠡ ᠪᠦᠯᠦᠭ ᠮᠠᠯ ᠲᠠᠷᠢᠶᠠᠯᠠᠩ ᠤᠨ | ᠪᠦᠳᠤᠬᠡᠭᠳᠡᠬᠦᠨ ᠤ ᠨᠡᠷᠡᠳᠦ ᠲᠡᠮᠳᠡᠭ ᠢ ᠪᠤᠶᠢᠵᠢᠭᠤᠯᠤᠨ᠂ ᠣᠷᠭᠠᠨᠢᠭ ᠨᠣᠳᠤᠭ ᠪᠡᠯᠴᠢᠭᠡᠷ ᠤᠨ ᠭᠡᠷᠡᠴᠢᠯᠡᠯᠳᠡ᠂ | ᠠᠯᠠᠰᠢᠨ ᠮᠠᠯ ᠤᠨ ᠬᠡᠳᠡᠷᠬᠦ ᠨᠡᠬᠡᠮᠵᠢᠯᠡᠬᠦ ᠭᠡᠷᠡᠴᠢᠯᠡᠯᠳᠡ ᠶᠢ ᠰᠠᠶᠢᠳᠦᠷ ᠠᠳᠬᠤᠵᠣ᠂ ᠪᠦᠬᠦ ᠵᠢᠯ ᠳᠤ ᠠᠯᠠᠰᠢᠨ ᠦᠭᠡᠷ | ᠤᠨ ᠲᠤᠭ᠎ᠠ ᠲᠣᠯᠣᠭᠠᠢ ᠶᠢ 12 ᠲᠦᠮᠡ ᠳᠤ ᠬᠦᠷᠭᠡᠵᠣ᠂ ᠪᠣᠭ ᠮᠠᠯ ᠤᠨ ᠲᠤᠭ᠎ᠠ ᠲᠣᠯᠣᠭᠠᠢ ᠶᠢ 220 ᠲᠦᠮᠡ | ᠳᠤ ᠬᠦᠷᠭᠡᠨ᠎ᠡ᠃ ᠲᠠᠷᠢᠶᠠᠯᠠᠩ ᠤᠨ ᠲᠠᠷᠢᠮᠠᠯ ᠤᠨ ᠪᠦᠳᠦᠴᠡ ᠶᠢ ᠲᠣᠬᠢᠷᠠᠭᠤᠯᠵᠣ᠂ ᠴᠢᠨᠠᠷ ᠰᠠᠶᠢᠳᠠᠢ ᠲᠡᠵᠢᠭᠡᠯ ᠡᠪᠡᠰᠦ | 1 ᠲᠦᠮᠡᠨ ᠮᠣ᠋᠂ ᠣᠨᠴᠠᠯᠢᠭᠳᠦ ᠲᠠᠷᠢᠮᠡᠯ 1 ᠲᠦᠮᠡᠨ ᠮᠣ᠋᠂ ᠬᠦᠭᠡ ᠲᠠᠷᠣᠰᠢ ᠶᠢᠨ ᠡᠷᠳᠡᠨᠢ ᠰᠢᠰᠢ 2 ᠲᠦᠮᠡᠨ ᠮᠣ᠋ | ᠰᠢᠨ᠎ᠡ ᠨᠡᠮᠡᠭᠳᠡᠭᠦᠯᠵᠣ᠂ ︽ᠠᠮᠣ ᠪᠣᠳᠠᠭ᠎ᠠ ᠠᠵᠣ ᠠᠬᠤᠢ ᠶᠢᠨ ᠲᠠᠷᠢᠮᠠᠯ ᠲᠡᠵᠢᠭᠡᠯ ᠡᠪᠡᠰᠦ︾ ᠶᠢᠨ ᠬᠠᠷᠢᠴᠠᠯ ᠢ 35 | ᠄ 39᠄ 26 ᠪᠣᠯᠭᠠᠨ ᠰᠢᠯᠢᠳᠡᠭᠵᠢᠭᠦᠯᠦᠨ᠎ᠡ᠃ ᠮᠠᠯ ᠲᠠᠷᠢᠶᠠᠯᠠᠩ ᠢ ᠺᠣᠮᠫᠠᠨᠢᠴᠢᠯᠠᠨ ᠠᠵᠢᠯᠯᠠᠭᠤᠯᠬᠤ ᠵᠠᠭᠪᠣᠷ ᠢ | ᠳᠡᠯᠬᠡᠷᠡᠬᠦᠯᠵᠤ᠂ ᠠᠵᠣ ᠠᠬᠤᠢ ᠶᠢᠨ ᠪᠣᠳᠠᠳᠦ ᠬᠦᠴᠦᠨ ᠶᠡᠭᠡ᠂ ᠲᠠᠶᠢᠴᠢᠯᠠᠨ ᠲᠠᠭᠠᠭᠠᠭᠤᠯᠬᠤ ᠴᠢᠳᠠᠪᠦᠷᠢ ᠴᠢᠩᠭ᠎ᠠ | ᠨᠢᠭᠡ ᠪᠦᠯᠦᠭ ᠲᠣᠯᠣᠭᠠᠶᠢᠯᠠᠭᠴᠢ ᠠᠵᠣ ᠠᠬᠤᠶᠢᠯᠠᠯ ᠢ ᠪᠠᠶᠢᠭᠤᠯᠣᠨ᠂ ᠮᠠᠯ ᠲᠠᠷᠢᠶᠠᠯᠠᠩ ᠤᠨ ᠲᠠᠪᠠᠭᠤᠯᠢᠭ ᠡᠬᠢ | ᠰᠣᠷᠪᠣᠯᠵᠢ ᠶᠢᠨ ᠵᠣᠬᠢᠰᠳᠠᠢ ᠲᠦᠬᠦᠷᠵᠢᠭᠦᠯᠦᠯᠳᠡ ᠶᠢ ᠵᠢᠯᠣᠭᠤᠳᠣᠨ ᠲᠠᠶᠢᠴᠢᠯᠠᠨ᠎ᠠ᠃ ᠮᠠᠯ ᠲᠠᠷᠢᠶᠠᠯᠠᠩ ᠤᠨ | ᠪᠦᠳᠤᠬᠡᠭᠳᠡᠬᠦᠨ + ᠡᠯᠧᠺᠲᠷᠣᠨ ᠠᠷᠠᠯᠵᠢᠶᠠᠨ ᠤ ᠵᠠᠭᠪᠣᠷ ᠢ ᠬᠦᠴᠦᠯᠡᠨ ᠬᠦᠭᠵᠢᠭᠦᠯᠵᠣ᠂ ᠮᠠᠯ ᠲᠠᠷᠢᠶᠠᠯᠠᠩ ᠤᠨ | ᠪᠦᠳᠤᠬᠡᠭᠳᠡᠬᠦᠨ + ᠬᠡᠳᠦ ᠲᠡᠯᠭᠡᠭᠦᠷ᠂ ᠮᠠᠯ ᠲᠠᠷᠢᠶᠠᠯᠠᠩ ᠤᠨ ᠪᠦᠳᠤᠬᠡᠭᠳᠡᠬᠦᠨ + ᠪᠦᠭᠡᠮ ᠪᠤᠷᠤᠯᠠᠭᠤᠯᠭ᠎ᠠ᠂ ᠮᠠᠯ | ᠲᠠᠷᠢᠶᠠᠯᠠᠩ ᠤᠨ ᠪᠦᠳᠤᠬᠡᠭᠳᠡᠬᠦᠨ + ᠠᠷᠠᠯᠵᠢᠶᠠᠴᠢᠨ ᠡᠷᠦᠬᠡ᠂ ᠡᠯᠧᠺᠲᠷᠣᠨ ᠠᠷᠠᠯᠵᠢᠶᠠᠨ ᠲᠠᠪᠴᠠᠩ + | ᠠᠷᠠᠯᠵᠢᠶᠠᠴᠢᠨ ᠡᠷᠦᠬᠡ ᠵᠡᠷᠭᠡ ᠡᠵᠡᠩᠨᠡᠯᠳᠡ ᠪᠣᠷᠣᠯᠠᠭᠤᠯᠭ᠎ᠠ ᠶᠢᠨ ᠵᠠᠭᠪᠣᠷ ᠢ ᠪᠣᠶᠢᠵᠠᠭᠤᠯᠣᠨ᠂ ᠮᠠᠯ ᠲᠠᠷᠢᠶᠠᠯᠠᠩ ᠤᠨ | ᠪᠦᠳᠦᠭᠡᠭᠳᠡᠭᠦᠨ ᠤ ᠭᠦᠢᠯᠭᠡᠭᠡᠨ ᠤ ᠵᠠᠮ ᠮᠦᠷ ᠢ ᠰᠢᠯᠣᠭᠤᠳᠬᠠᠵᠣ᠂ ᠮᠠᠯ ᠲᠠᠷᠢᠶᠠᠯᠠᠩ ᠤᠨ ᠵᠠᠬ᠎ᠠ ᠲᠡᠯᠭᠡᠭᠦᠷᠴᠢᠯᠡᠭᠰᠡᠨ | ᠬᠦᠭᠵᠢᠯᠳᠠ ᠶᠢᠨ ᠦᠷ᠎ᠡ ᠠᠰᠢᠭ ᠢ ᠲᠡᠭᠡᠭᠰᠢᠯᠡᠭᠦᠯᠦᠨ᠎ᠡ᠃ ᠮᠠᠯᠴᠢᠨ ᠲᠠᠷᠢᠶᠠᠴᠢᠳ ᠤᠨ ᠬᠡᠪ ᠴᠢᠨᠠᠷ ᠢ ᠲᠡᠭᠡᠭᠰᠢᠯᠡᠬᠦᠯᠬᠦ | ᠢᠨᠵᠧᠨᠧᠷᠢᠩ ᠢ ᠭᠦᠨᠵᠡᠭᠡᠢ ᠬᠡᠷᠡᠭᠵᠢᠭᠦᠯᠵᠣ᠂ ᠣᠳᠣ ᠦᠶ᠎ᠡ ᠶᠢᠨ ᠰᠢᠨᠵᠢᠯᠡᠭᠡ ᠮᠡᠷᠭᠡᠵᠢᠯ ᠢᠶᠠᠷ ᠮᠠᠯᠴᠢᠨ ᠲᠠᠷᠢᠶᠠᠴᠢᠨ ᠢ | ᠵᠡᠪᠰᠡᠭᠯᠡᠵᠣ᠂ ᠮᠠᠯᠵᠢᠬᠤ ᠲᠠᠷᠢᠶᠠᠯᠠᠬᠤ ᠣᠷᠣᠨ ᠤ ᠰᠢᠨ᠎ᠡ ᠮᠠᠶ᠋ᠢᠭ ᠤᠨ ᠬᠡᠷᠡᠭᠯᠡᠭᠡᠨ ᠤ ᠴᠢᠳᠠᠪᠦᠷᠢᠳᠠᠳ ᠢ | ᠬᠦᠮᠦᠵᠢᠭᠦᠯᠦᠨ᠎ᠡ᠃ | —— ᠦᠷ᠎ᠡ ᠠᠰᠢᠭ ᠤᠨ ᠲᠡᠭᠡᠭᠰᠢᠯᠡᠭᠦᠯᠦᠯᠳᠡ ᠶᠢ ᠴᠢᠩᠭ᠎ᠠ ᠠᠳᠬᠤᠵᠣ᠂ ᠣᠶᠢᠯᠡᠴᠢᠯᠡᠭᠡᠨ ᠤ ᠣᠶᠢᠯᠠᠰ ᠤᠨ | ᠬᠦᠭᠵᠢᠯᠳᠠ ᠶᠢᠨ ᠠᠮᠢᠳᠣᠯᠢᠭ ᠬᠦᠴᠦᠨ ᠢ ᠬᠦᠭᠵᠢᠭᠡᠨ᠎ᠡ᠃ ᠪᠣᠳᠠᠳᠦ ᠴᠣᠭᠴᠠ ᠶᠢᠨ ᠠᠵᠣ ᠠᠬᠤᠢ ᠶᠢᠨ ᠬᠦᠭᠵᠢᠯᠳᠠ | ᠶᠢ ᠬᠦᠭᠵᠢᠯᠳᠡ ᠶᠢᠨ ᠬᠡᠯᠪᠡᠷᠢ ᠶᠢ ᠬᠤᠪᠢᠷᠠᠭᠤᠯᠬᠤ᠂ ᠠᠵᠣ ᠣᠶᠢᠯᠠᠰ ᠤᠨ ᠪᠦᠳᠦᠴᠡ ᠶᠢ ᠲᠣᠭᠢᠷᠠᠭᠤᠯᠬᠤ ᠴᠢᠬᠤᠯᠠ | ᠲᠣᠯᠬᠤ ᠴᠡᠭ ᠪᠣᠯᠭᠠᠵᠣ᠂ ᠣᠶᠢᠯᠡᠴᠢᠯᠡᠭᠡᠨ ᠤ ᠣᠶᠢᠯᠠᠰ ᠤᠨ ᠰᠢᠯᠢᠳᠡᠭᠵᠢᠯ ᠲᠡᠰ ᠲᠠᠪᠰᠢᠯᠳᠠ᠂ ᠡᠵᠡᠯᠡᠬᠦ ᠬᠠᠷᠢᠴᠠᠯ | ᠤᠨ ᠲᠡᠭᠡᠭᠰᠢᠯᠡᠯᠳᠡ᠂ ᠦᠷᠢᠰᠬᠦ ᠬᠦᠴᠦᠨ ᠤ ᠨᠡᠮᠡᠭᠳᠡᠯ ᠢ ᠠᠬᠢᠭᠤᠯᠣᠨ᠎ᠠ᠃ ᠣᠶᠢᠯᠡᠴᠢᠯᠡᠭᠡᠨ ᠤ ᠣᠶᠢᠯᠠᠰ ᠤᠨ ᠠᠵᠣ | ᠣᠶᠢᠯᠠᠰ ᠤᠨ ᠪᠠᠶᠢᠷᠢᠯᠠᠭᠤᠯᠣᠯᠳᠠ ᠪᠣᠯᠣᠨ ᠬᠡᠯᠬᠢᠶᠡᠨ ᠤ ᠣᠷᠳᠣᠳᠬᠠᠯ ᠳᠠᠬᠢ ᠵᠠᠯᠠᠭᠠᠯᠳᠠ ᠶᠢ ᠨᠡᠩ ᠴᠢᠬᠤᠯᠠᠴᠢᠯᠠᠵᠣ᠂ | ᠭᠤᠣᠯᠳᠠᠯᠭᠠᠳᠦ ᠦᠵᠡᠮᠵᠢ ᠶᠢᠨ ᠣᠷᠣᠨ ᠢᠶᠠᠷ ᠲᠣᠯᠭᠠᠭᠤᠷᠢᠯᠠᠯ ᠪᠣᠯᠭᠠᠵᠣ᠂ ᠬᠦᠳᠡᠭᠡ ᠲᠣᠰᠬᠤᠨ ᠤ ᠵᠢᠭᠤᠯᠴᠢᠯᠠᠯ | ᠢᠶᠠᠷ ᠨᠦᠬᠦᠪᠦᠷᠢ ᠪᠣᠯᠭᠠᠭᠰᠠᠨ ᠪᠦᠬᠦ ᠬᠡᠪᠴᠢᠶᠡᠨ ᠤ ᠵᠢᠭᠤᠯᠴᠢᠯᠠᠯ ᠢ ᠪᠦᠷᠢᠯᠳᠦᠭᠦᠯᠵᠣ᠂ ᠮᠠᠯ ᠲᠠᠷᠢᠶᠠᠯᠠᠩ ᠤᠨ | ᠵᠢᠭᠤᠯᠴᠢᠯᠠᠯ᠂ ᠠᠵᠣ ᠤᠶᠢᠯᠡᠤᠨᠪᠤᠷᠢ ᠶᠢᠨ ᠵᠢᠭᠤᠯᠴᠢᠯᠠᠯ᠂ ᠣᠨᠴᠠᠯᠢᠭᠳᠦ ᠪᠡᠶᠡᠴᠢᠯᠡᠨ ᠣᠶᠢᠯᠭᠠᠬᠤ ᠵᠢᠭᠤᠯᠴᠢᠯᠠᠯ᠂ | ᠡᠷᠡᠭᠦᠯᠵᠢᠯ ᠰᠣᠪᠢᠯᠠᠯᠳᠡ ᠶᠢᠨ ᠵᠢᠭᠤᠯᠴᠢᠯᠠᠯ᠂ ᠨᠡᠷᠡᠳᠦ ᠲᠡᠮᠳᠡᠭᠳᠦ ᠰᠣᠶᠣᠯ ᠨᠠᠶᠢᠷ ᠤᠨ ᠵᠢᠭᠤᠯᠴᠢᠯᠠᠯ ᠵᠡᠷᠭᠡ ᠣᠯᠠᠨ | ᠡᠰᠢᠵᠢᠯ ᠬᠤᠯᠪᠣᠭᠠᠯᠠᠭᠰᠠᠨ ᠰᠢᠨ᠎ᠡ ᠬᠡᠯᠪᠡᠷᠢ ᠶᠢᠨ ᠵᠢᠭᠤᠯᠴᠢᠯᠠᠯ ᠤᠨ ᠣᠶᠢᠠᠯᠰ ᠢ ᠬᠦᠭᠵᠢᠭᠦᠯᠵᠣ᠂ ᠠᠵᠣ ᠣᠶᠢᠯᠠᠰ | ᠬᠠᠷᠢᠯᠴᠠᠨ ᠠᠭᠤᠰᠣᠯᠴᠠᠨ ᠠᠬᠢᠭᠤᠯᠵᠣ᠂ ᠦᠵᠡᠮᠵᠢ ᠶᠢᠨ ᠣᠷᠣᠨ ᠬᠠᠷᠢᠯᠴᠠᠨ ᠬᠤᠯᠪᠣᠭᠠᠯᠠᠭᠰᠠᠨ᠂ ᠪᠦᠬᠦ ᠠᠷᠠᠳ | ᠣᠷᠣᠯᠴᠠᠭᠰᠠᠨ ᠣᠶᠢᠯᠡᠴᠢᠯᠡᠭᠡᠨ ᠤ ᠣᠶᠢᠯᠠᠰ ᠤᠨ ᠬᠦᠭᠵᠢᠯᠳᠠ ᠶᠢᠨ ᠰᠢᠨ᠎ᠡ ᠪᠠᠶᠢᠳᠠᠯ ᠢ ᠪᠦᠷᠢᠯᠳᠦᠭᠦᠯᠦᠨ᠎ᠡ᠃ | ᠰᠤᠶᠤᠯ ᠤᠨ ᠠᠵᠤ ᠤᠶᠢᠯᠡᠰ ᠤᠨ ᠬᠦᠷᠢᠶᠡᠯᠡᠩ᠂ ᠶᠡᠭᠡ ᠲᠣᠯᠣᠨ ᠠᠮᠢ ᠠᠬᠤᠢ ᠶᠢᠨ ᠰᠣᠶᠣᠯ ᠵᠢᠭᠤᠯᠴᠢᠯᠠᠯ ᠤᠨ | ᠣᠷᠣᠨ᠂ ᠭᠤᠯᠣᠮᠲᠠ ᠭᠠᠯ ᠴᠡᠴᠡᠷᠯᠢᠭ᠂ ᠠᠵᠢᠯ ᠮᠡᠷᠬᠡᠵᠢᠯ ᠤᠨ ᠰᠣᠷᠭᠠᠨ ᠬᠦᠮᠦᠵᠢᠯ ᠤᠨ ᠬᠦᠷᠢᠶᠡᠯᠡᠩ᠂ ᠠᠵᠠᠲᠠᠢ | ᠡᠷᠬᠦᠯᠵᠢᠯ ᠰᠣᠪᠢᠯᠠᠯ ᠤᠨ ᠬᠦᠷᠢᠶᠡᠯᠡᠩ ᠵᠡᠷᠬᠡ ᠰᠣᠶᠣᠯ ᠵᠢᠭᠤᠯᠴᠢᠯᠠᠯ ᠤᠨ ᠡᠬᠢ ᠰᠣᠷᠪᠣᠯᠵᠢ ᠶᠢᠨ ᠲᠠᠪᠠᠭᠤᠯᠢᠭ ᠢ | ᠨᠡᠶᠢᠳᠬᠡᠨ᠂ ᠰᠣᠶᠣᠯ ᠵᠢᠭᠤᠯᠴᠢᠯᠠᠯ ᠤᠨ ᠶᠡᠷᠣᠩᠬᠡᠶᠢᠯᠡᠭᠰᠡᠨ ᠴᠣᠭᠴᠠ ᠶᠢ ᠪᠦᠷᠢᠯᠳᠣᠬᠦᠯᠣᠨᠡ︔ ᠪᠠᠶᠠᠨᠰᠢᠪᠠᠷ ᠤᠨ | ᠴᠠᠶᠢᠳᠠᠮ᠂ ᠡᠯᠡᠰᠣ ᠮᠠᠩᠬᠠᠨ ᠤ ᠲᠣᠮᠣ ᠬᠠᠪᠴᠢᠯ᠂ ᠬᠡᠷᠡᠮ ᠤᠨ ᠭᠤᠣᠯ ᠦᠵᠡᠮᠵᠢ ᠶᠢᠨ ᠣᠷᠣᠨ᠂ ︽1+6︾ | ᠬᠤᠪᠢᠰᠬᠠᠯᠲᠣ ᠵᠢᠭᠤᠯᠴᠢᠯᠠᠯ ᠤᠨ ᠦᠵᠡᠮᠵᠢ ᠶᠢᠨ ᠣᠷᠣᠨ ᠵᠡᠷᠬᠡ ᠨᠢᠬᠡ ᠪᠦᠯᠦᠭ ᠦᠨᠳᠣᠰᠣᠲᠡᠨ ᠤ ᠣᠨᠴᠠᠯᠢᠭ ᠲᠠᠢ᠂ | ᠨᠣᠳᠤᠭ ᠣᠷᠣᠨ ᠤ ᠵᠠᠩ ᠣᠶᠢᠯᠠ ᠶᠢ ᠬᠠᠷᠠᠭᠤᠯᠤᠭᠰᠡᠨ ᠵᠢᠭᠤᠯᠴᠢᠯᠠᠯ ᠤᠨ ᠦᠵᠡᠮᠵᠢ ᠶᠢᠨ ᠴᠡᠭ ᠢ ᠪᠠᠶᠢᠭᠤᠯᠣᠨ᠎ᠠ︔ | ᠬᠤᠪᠢᠰᠬᠠᠯᠳᠦ ᠵᠢᠭᠤᠯᠴᠢᠯᠠᠯ ᠤᠨ ᠡᠬᠢ ᠰᠣᠷᠪᠣᠯᠵᠢ ᠶᠢᠨ ᠲᠠᠪᠠᠭᠤᠯᠢᠭ ᠢ ᠭᠦᠢᠴᠡᠳ ᠠᠭᠤᠳᠠᠯᠵᠣ᠂ ᠪᠣᠷᠣᠪᠠᠯᠭᠠᠰᠦ | ᠶᠢᠨ ᠣᠨᠴᠠᠯᠢᠭᠳᠦ ᠵᠢᠵᠢᠭ ᠪᠠᠯᠭᠠᠰᠣᠨ ᠤ ᠪᠠᠶᠢᠭᠤᠯᠣᠯᠳᠠ ᠶᠢ ᠲᠦᠷᠭᠡᠳᠬᠡᠵᠣ᠂ ᠬᠤᠳᠠ ᠪᠠᠯᠭᠠᠰᠣᠨ ᠤ | ᠪᠠᠶᠢᠭᠤᠯᠣᠯᠳᠠ ᠬᠢᠬᠡᠳ ᠵᠢᠭᠤᠯᠴᠢᠯᠠᠯ ᠤᠨ ᠡᠬᠢ ᠰᠣᠷᠪᠣᠯᠵᠢ ᠶᠢ ᠴᠣᠭᠴᠠᠵᠢᠭᠤᠯᠣᠨ ᠬᠤᠯᠪᠣᠭᠠᠯᠠᠵᠣ ᠬᠦᠭᠵᠢᠭᠦᠯᠦᠨ᠎ᠡ︔ | ᠲᠣᠰ ᠵᠢᠯ ᠳᠤ ᠣᠯᠣᠰ ᠤᠨ 5A ᠲᠡᠰ ᠤᠨ ᠦᠵᠡᠮᠵᠢ ᠶᠢᠨ ᠣᠷᠣᠨ ᠢ 1᠂ ᠵᠢᠭᠤᠯᠴᠢᠯᠠᠯ ᠤᠨ ᠲᠠᠭᠤᠷᠢᠶᠠᠯ | ᠭᠠᠴᠠᠭ᠎ᠠ ᠲᠣᠰᠬᠤᠨ ᠢ 10᠂ ᠮᠠᠯ ᠲᠠᠷᠢᠶᠠᠯᠠᠩ ᠤᠨ ᠦᠵᠡᠮᠵᠢ ᠶᠢᠨ ᠴᠡᠭ ᠢ 10᠂ ᠣᠨᠴᠠᠯᠢᠭᠳᠦ ᠪᠡᠶᠡᠴᠢᠯᠡᠨ | ᠣᠶᠢᠯᠠᠭᠠᠬᠤ ᠵᠢᠭᠤᠯᠴᠢᠯᠠᠯ ᠤᠨ ᠲᠠᠭᠤᠷᠢᠶᠠᠯ ᠡᠷᠦᠬᠡ ᠶᠢ 10 ᠪᠠᠶᠢᠭᠤᠯᠬᠤ ᠪᠠᠷ ᠴᠢᠷᠮᠠᠶᠢᠨ᠎ᠠ᠃ ᠣᠶᠢᠯᠡᠴᠢᠯᠡᠭᠡᠨ ᠤ | ᠣᠶᠢᠯᠠᠰ ᠤᠨ ᠬᠦᠭᠵᠢᠯᠳᠡ ᠶᠢᠨ ᠬᠦᠷᠢᠶ᠎ᠡ ᠴᠠᠷᠠᠭ᠎ᠠ ᠶᠢ ᠦᠷᠭᠡᠳᠬᠡᠵᠣ᠂ ᠣᠳᠣ ᠦᠶ᠎ᠡ ᠶᠢᠨ ᠪᠣᠳᠠᠰ ᠤᠨ ᠭᠦᠢᠯᠭᠡᠭᠡ᠂ | ᠡᠯᠧᠺᠲᠷᠣᠨ ᠠᠷᠠᠯᠵᠢᠶ᠎ᠠ᠂ ᠡᠷᠡᠭᠦᠯᠵᠢᠯ ᠰᠣᠪᠢᠯᠠᠯ᠂ ᠨᠠᠰᠣᠳᠠᠨ ᠢ ᠠᠰᠠᠷᠠᠬᠤ ᠣᠶᠢᠯᠡᠴᠢᠯᠡᠭᠡ ᠵᠡᠷᠭᠡ ᠰᠢᠨ᠎ᠡ ᠣᠶᠢᠯᠠᠰ ᠢ | ᠶᠡᠭᠡ ᠪᠠᠷ ᠬᠦᠭᠵᠢᠭᠦᠯᠦᠨ᠂ ᠭᠤᠷᠪᠠᠳᠦᠭᠠᠷ ᠠᠵᠣ ᠣᠶᠢᠯᠠᠰ ᠤᠨ ᠬᠦᠭᠵᠢᠯᠳᠠ ᠶᠢᠨ ᠨᠦᠭᠡᠴᠡ ᠬᠦᠴᠦᠨ ᠢ | ᠨᠡᠮᠡᠭᠳᠡᠭᠦᠯᠦᠨ᠎ᠡ︔ ᠶᠡᠷᠦᠩᠬᠡᠶᠢᠯᠡᠭᠰᠡᠨ ᠪᠣᠳᠠᠰ ᠤᠨ ᠭᠦᠢᠯᠭᠡᠭᠡᠨ ᠤ ᠬᠦᠷᠢᠶᠡᠯᠡᠩ ᠢ ᠰᠢᠨ᠎ᠡ ᠪᠠᠷ 1 ᠪᠠᠶᠢᠭᠤᠯᠵᠣ᠂ | ᠨᠣᠳᠤᠭ ᠤᠨ ᠭᠠᠷᠣᠯᠳᠠ ᠶᠢᠨ ᠠᠷᠠᠯᠵᠢᠶᠠᠨ ᠤ ᠲᠠᠪᠴᠠᠩ ᠪᠣᠯᠣᠨ ᠪᠦᠬᠦ ᠣᠯᠣᠰ ᠲᠤ ᠬᠠᠨᠳᠣᠭᠤᠯᠣᠭᠰᠠᠨ | ᠦᠨᠳᠦᠰᠦᠳᠡᠨ ᠤ ᠲᠠᠸᠠᠷ ᠤᠨ ᠠᠷᠠᠯᠵᠢᠶᠠᠨ ᠤ ᠲᠠᠪᠴᠠᠩ ᠵᠡᠷᠭᠡ ᠰᠦᠯᠵᠢᠶᠡᠨ ᠲᠡᠯᠭᠡᠭᠦᠷ ᠪᠣᠳᠠᠳᠦ ᠲᠡᠯᠭᠡᠭᠦᠷ | ᠠᠭᠤᠰᠤᠯᠴᠠᠨ ᠬᠤᠯᠪᠣᠭᠠᠯᠠᠭᠰᠠᠨ ᠬᠠᠮ ᠪᠣᠳᠠᠰ ᠤᠨ ᠭᠦᠢᠯᠭᠡᠭᠡᠨ ᠤ ᠲᠠᠪᠴᠠᠩ ᠢ ᠪᠠᠶᠢᠭᠤᠯᠣᠨ᠎ᠠ︔ ᠠᠵᠠᠳᠠᠢ | ᠡᠷᠡᠭᠦᠯᠵᠢᠯ ᠰᠣᠪᠢᠯᠠᠯ ᠤᠨ ᠬᠦᠷᠢᠶᠡᠯᠡᠩ ᠢ ᠪᠠᠶᠢᠭᠤᠯᠣᠨ᠂ ᠡᠷᠡᠭᠦᠯᠵᠢᠯ ᠰᠣᠪᠢᠯᠠᠯ ᠤᠨ ᠲᠠᠭᠤᠷᠢᠶᠠᠯ ᠲᠠᠶᠢᠴᠢᠯᠠᠯ ᠤᠨ | ᠦᠷ᠎ᠡ ᠠᠰᠢᠭ ᠢ ᠪᠣᠢ ᠪᠣᠯᠭᠠᠨ᠎ᠠ᠃ | ︵ᠬᠤᠶᠠᠷ︶ ᠰᠠᠭᠤᠷᠢ ᠶᠢ ᠪᠠᠬᠢᠵᠢᠭᠦᠯᠦᠨ ᠲᠣᠳᠠᠭᠤᠳᠠᠯ ᠢ ᠨᠦᠬᠦᠪᠦᠷᠢᠯᠡᠵᠣ᠂ ᠬᠦᠭᠵᠢᠯᠳᠡ ᠶᠢᠨ ᠣᠷᠴᠢᠨ | ᠢ ᠣᠯᠠᠮ ᠰᠢᠯᠢᠳᠡᠭᠵᠢᠭᠦᠯᠦᠨ᠎ᠡ᠃ ᠣᠯᠣᠰ᠂ ᠦᠪᠡᠷᠳᠡᠭᠡᠨ ᠵᠠᠰᠠᠬᠤ ᠣᠷᠣᠨ ᠤ ᠬᠤᠷᠸ᠎ᠠ ᠲᠦᠷᠦ ᠶᠢᠨ ᠪᠣᠳᠣᠯᠭ᠎ᠠ ᠶᠢᠨ | ᠲᠣᠬᠢᠷᠠᠭᠤᠯᠣᠯᠳᠡ᠂ ᠬᠦᠬᠡᠬᠤᠳᠠ ᠪᠣᠭᠤᠳᠦ ᠣᠷᠳᠣᠰ ᠤᠨ ᠬᠠᠮᠳᠣᠷᠠᠨ ᠬᠦᠭᠵᠢᠭᠦ ᠲᠣᠬᠢᠶᠠᠯ ᠢ ᠪᠠᠳᠦ ᠡᠵᠡᠮᠳᠡᠵᠣ᠂ | ᠲᠡᠭᠡᠳᠦ ᠱᠠᠳᠣᠨ ᠤ ᠪᠡᠯᠡ ᠣᠷᠣᠭᠤᠯᠣᠯᠳᠠ ᠶᠢᠨ ᠬᠠᠨᠳᠣᠰᠢ ᠶᠢ ᠡᠵᠡᠮᠰᠢᠨ᠂ ᠴᠢᠬᠤᠯᠠ ᠶᠡᠭᠡ ᠲᠦᠷᠦᠯ ᠵᠣᠶᠢᠯ ᠤᠨ | ᠪᠠᠶᠢᠭᠤᠯᠣᠯᠳᠠ ᠶᠢ ᠪᠦᠬᠦ ᠬᠦᠴᠦᠨ ᠢᠶᠠᠷ ᠠᠬᠢᠭᠤᠯᠵᠣ᠂ ᠰᠠᠭᠤᠷᠢ ᠲᠦᠭᠦᠭᠡᠷᠦᠮᠵᠢ ᠶᠢᠨ ᠪᠠᠶᠢᠭᠤᠯᠣᠯᠳᠠ ᠶᠢᠨ | ᠴᠢᠳᠠᠮᠵᠢ ᠶᠢ ᠪᠦᠬᠦ ᠲᠠᠯ᠎ᠠ ᠪᠠᠷ ᠲᠡᠭᠡᠭᠰᠢᠯᠡᠭᠦᠯᠦᠨ᠎ᠡ᠃ ᠠᠮᠢ ᠠᠬᠤᠢ ᠶᠢᠨ ᠪᠠᠶᠢᠭᠤᠯᠤᠯᠳᠠ ᠶᠢᠨ ᠳᠠᠯ᠎ᠠ ᠪᠠᠷ᠂ | ᠪᠡᠯᠴᠢᠭᠡᠷᠯᠡᠭᠦᠯᠬᠦ ᠶᠢ ᠬᠤᠷᠢᠭᠯᠠᠨ ᠰᠡᠯᠭᠦᠨ ᠮᠠᠯᠵᠢᠬᠤ᠂ ᠪᠡᠯᠴᠢᠭᠡᠷ ᠤᠨ ᠪᠠᠭᠳᠠᠭᠠᠮᠵᠢ ᠪᠠᠷ ᠮᠠᠯ ᠤᠨ ᠲᠤᠭ᠎ᠠ ᠲᠣᠯᠣᠭᠠᠢ | ᠲᠣᠭᠳᠠᠭᠠᠬᠤ᠂ ᠣᠰᠣᠨ ᠡᠬᠢ ᠰᠣᠷᠪᠣᠯᠵᠢ ᠪᠠᠷ ᠬᠦᠭᠵᠢᠯᠳᠡ ᠶᠢ ᠲᠣᠭᠳᠠᠭᠠᠬᠤ ᠲᠦᠷᠦ ᠶᠢᠨ ᠪᠣᠳᠣᠯᠭ᠎ᠠ ᠶᠢ ᠴᠢᠩᠭ᠎ᠠ | ᠬᠡᠷᠡᠭᠵᠢᠭᠦᠯᠵᠣ᠂ ᠪᠡᠬᠡᠵᠢᠩ ᠲᠢᠶᠠᠨᠵᠢᠨ ᠤ ᠰᠠᠯᠬᠢ ᠰᠢᠷᠤᠢ ᠶᠢᠨ ᠡᠬᠢ ᠶᠢᠨ ᠵᠠᠰᠠᠯᠳᠠ᠂ ᠪᠠᠶᠢᠭᠠᠯᠢ ᠶᠢᠨ ᠣᠢ ᠶᠢᠨ | ᠬᠠᠮᠠᠭᠠᠯᠠᠯᠳᠠ ᠵᠡᠷᠭᠡ ᠠᠮᠢ ᠠᠬᠤᠢ ᠶᠢᠨ ᠢᠨᠵᠧᠨᠧᠷᠢᠩ ᠢ ᠪᠦᠳᠦᠮᠵᠢᠳᠠᠢ ᠬᠡᠷᠡᠭᠵᠢᠬᠦᠯᠤᠨ᠂ ᠠᠮᠢ ᠠᠬᠤᠢ ᠶᠢᠨ | ᠪᠠᠶᠢᠭᠤᠯᠣᠯᠳᠠ ᠶᠢᠨ ᠦᠷ᠎ᠡ ᠪᠦᠳᠦᠭᠡᠯ ᠢ ᠦᠷᠭᠡᠳᠬᠡᠨ ᠪᠠᠬᠢᠵᠢᠭᠦᠯᠦᠨ᠎ᠡ᠃ ᠲᠣᠰ ᠵᠢᠯ ᠳᠤ 11.9 ᠲᠦᠮᠡᠨ ᠮᠤ᠋ | ᠤᠶᠢᠵᠢᠭᠤᠯᠵᠤ᠂ 85 ᠲᠦᠮᠡᠨ ᠮᠤ᠋ ᠨᠣᠳᠤᠭ ᠪᠡᠯᠴᠢᠭᠡᠷ ᠢ ᠪᠦᠳᠦᠭᠡᠨ ᠪᠠᠶᠢᠭᠤᠯᠣᠨ᠎ᠠ᠃ ᠴᠠᠬᠢᠯᠭᠠᠨ ᠬᠦᠴᠤᠨ ᠤ | ᠳᠠᠯ᠎ᠠ ᠪᠠᠷ᠂ 35 ᠺᠢᠯᠤᠸᠤᠯᠲ ᠤᠨ ᠴᠠᠬᠢᠯᠭᠠᠨ ᠬᠤᠪᠢᠰᠬᠠᠬᠤ ᠢᠨᠵᠧᠨᠧᠷᠢᠩ ᠢ 5 ᠪᠠᠶᠢᠭᠤᠯᠵᠤ᠂ ᠰᠢᠨ᠎ᠡ ᠴᠠᠬᠢᠯᠭᠠᠨ | ᠱᠣᠭᠤᠮ᠂ ᠴᠠᠬᠢᠯᠭᠠᠨ ᠲᠣᠬᠢᠷᠠᠭᠤᠯᠬᠤ ᠲᠣᠣᠷ ᠤᠨ ᠦᠭᠡᠷᠡᠴᠢᠯᠡᠯᠳᠡ᠂ ᠭᠤᠣᠯᠳᠠᠯᠭᠠᠳᠦ ᠭᠠᠴᠠᠭ᠎ᠠ ᠲᠣᠰᠬᠤᠨ ᠤ | ᠴᠠᠬᠢᠯᠭᠠᠨ ᠪᠠᠭᠳᠠᠭᠠᠮᠵᠢ ᠶᠢ ᠨᠡᠮᠡᠭᠳᠡᠭᠦᠯᠬᠦ ᠵᠡᠷᠭᠡ ᠢᠨᠵᠧᠨᠧᠷᠢᠩ ᠢ ᠰᠠᠶᠢᠳᠦᠷ ᠠᠳᠬᠤᠵᠣ᠂ ᠴᠠᠬᠢᠯᠭᠠᠨ ᠬᠠᠩᠭᠠᠬᠤ | ᠴᠢᠳᠠᠮᠵᠢ ᠶᠢ ᠲᠡᠭᠡᠭᠰᠢᠯᠡᠭᠦᠯᠦᠨ᠎ᠡ᠃ ᠵᠠᠮ ᠬᠠᠷᠢᠯᠴᠠᠭᠠᠨ ᠤ ᠳᠠᠯ᠎ᠠ ᠪᠠᠷ᠂ ᠣᠳᠤᠭ ᠤᠨ ᠡᠮᠦᠨᠡᠳᠦ ᠬᠤᠰᠢᠭᠤᠨ ᠤ | ᠨᠠᠶᠢᠳᠠᠮ ᠬᠡᠷᠡᠭᠯᠡᠬᠡᠨ ᠤ ᠨᠢᠰᠬᠡᠯ ᠤᠨ ᠪᠠᠭᠤᠳᠠᠯ᠂ ᠲᠣᠣ ᠱᠠᠩ ᠲᠡᠮᠣᠷ ᠵᠠᠮ ᠤᠨ ᠣᠯᠵᠠᠴᠢ ᠠᠴᠠ ᠱᠠᠩᠬᠠᠢ ᠶᠢᠨ | ᠰᠦᠮ᠎ᠠ ᠬᠦᠷᠬᠦ ᠬᠡᠰᠡᠭ᠂ ᠤᠯᠵᠠᠴᠢ ᠠᠴᠠ ᠳ᠋ᠦᠩ ᠳ᠋ᠤᠤ ᠯᠢᠶᠠᠩ ᠬᠦᠷᠬᠦ ᠲᠦᠷᠬᠡᠨ ᠵᠠᠮ ᠵᠡᠷᠭᠡ ᠵᠠᠮ ᠬᠠᠷᠢᠯᠴᠠᠭᠠᠨ ᠤ | ᠲᠦᠬᠦᠭᠡᠷᠦᠮᠵᠢ ᠶᠢᠨ ᠪᠠᠶᠢᠭᠤᠯᠣᠯᠳᠠ ᠶᠢ ᠲᠦᠷᠭᠡᠳᠬᠡᠨ᠂ ᠲᠣᠰ ᠵᠢᠯ ᠳᠤ ᠠᠰᠢᠭᠯᠠᠯᠳᠠ ᠳᠤ ᠣᠷᠣᠭᠤᠯᠬᠤ ᠶᠢ | ᠪᠠᠳᠣᠯᠠᠨ᠎ᠠ︔ ᠪᠤᠷᠤᠪᠠᠯᠭᠠᠰᠤ ᠶᠢᠨ ᠨᠠᠶᠢᠳᠠᠮ ᠬᠡᠷᠡᠭᠯᠡᠬᠡᠨ ᠤ ᠨᠢᠰᠬᠡᠯ ᠤᠨ ᠪᠠᠭᠤᠳᠠᠯ ᠢ ᠡᠬᠢᠯᠡᠨ ᠪᠠᠶᠢᠭᠤᠯᠤᠨ᠎ᠠ︔ | S317 ᠱᠤᠭᠤᠮ ᠤᠨ ᠨᠠᠩᠰᠦ ᠠᠴᠠ ᠲᠣᠯᠢ ᠬᠦᠷᠬᠦ ᠨᠢᠬᠡᠳᠤᠬᠡᠷ ᠲᠡᠰ ᠤᠨᠵᠠᠰᠠᠮᠠᠯ ᠵᠠᠮ᠂ S216 ᠱᠤᠭᠤᠮ ᠤᠨ | ᠤᠯᠵᠠᠴᠢ ᠠᠴᠠ ᠵᠠᠩᠭᠤᠳᠤ ᠬᠦᠷᠬᠦ ᠭᠤᠷᠪᠠᠳᠦᠭᠠᠷ ᠲᠡᠰ ᠤᠨ ᠵᠠᠰᠠᠮᠠᠯ ᠵᠠᠮ ᠢ ᠪᠠᠶᠢᠭᠤᠯᠣᠨ᠂ ᠬᠦᠳᠡᠭᠡ ᠶᠢᠨ ᠵᠠᠰᠠᠮᠠᠯ | ᠵᠠᠮ ᠤᠨ ᠪᠠᠶᠢᠭᠤᠯᠣᠯᠳᠠ ᠶᠢ ᠦᠷᠭᠦᠯᠵᠢᠯᠡᠨ ᠰᠠᠶᠢᠳᠦᠷ ᠠᠳᠬᠤᠨ᠎ᠠ᠃ ᠬᠤᠳᠠ ᠪᠠᠯᠭᠠᠰᠤᠨ ᠤ ᠪᠠᠶᠢᠭᠤᠯᠤᠯᠳᠠ ᠶᠢᠨ | ᠳᠠᠯ᠎ᠠ ᠪᠠᠷ᠂ ᠬᠤᠳᠠ ᠪᠠᠯᠭᠠᠰᠣᠨ ᠤ ᠪᠠᠶᠢᠭᠤᠯᠣᠯᠳᠠ ᠶᠢᠨ ᠴᠢᠨᠠᠷ ᠠᠭᠤᠯᠬᠤᠨ ᠢ ᠲᠡᠭᠡᠭᠰᠢᠯᠡᠭᠦᠯᠦᠨ᠂ ᠤᠯᠤᠰ ᠤᠨ | ᠴᠡᠴᠡᠷᠯᠢᠭᠵᠢᠬᠦᠯᠬᠡ ᠶᠢᠨ ᠬᠤᠳᠠ ᠪᠠᠯᠭᠠᠰᠤ ᠪᠠ ᠪᠦᠬᠦ ᠤᠯᠤᠰ ᠤᠨ ᠰᠢᠶᠠᠨ ᠤ ᠳᠡᠰ ᠤᠨ ᠪᠤᠯᠪᠠᠰᠤᠨ ᠬᠤᠳᠠ ᠶᠢ | ᠠᠮᠵᠢᠯᠳᠠ ᠲᠠᠢ ᠴᠣᠭᠴᠠᠯᠠᠨ᠎ᠠ᠃ ᠡᠭᠦᠯᠡᠨ ᠪᠣᠳᠣᠯᠳᠠ᠂ ᠪᠣᠳᠠᠰ ᠰᠦᠯᠵᠢᠶ᠎ᠡ᠂ ᠳ᠋ᠠᠶᠢᠲᠨ ᠵᠡᠷᠭᠡ ᠮᠡᠳᠡᠭᠡ | ᠵᠠᠩᠬᠢᠴᠢᠯᠡᠯᠳᠡ ᠶᠢᠨ ᠮᠡᠷᠭᠡᠵᠢᠯ ᠤᠨ ᠰᠢᠨᠡᠴᠢᠯᠡᠯ ᠬᠢᠭᠡᠳ ᠬᠡᠷᠡᠭᠯᠡᠭᠡ ᠶᠢᠨ ᠲᠦᠭᠡᠮᠡᠯᠵᠢᠭᠦᠯᠦᠯᠳᠡ ᠶᠢ ᠠᠬᠢᠭᠤᠯᠵᠣ᠂ | ᠣᠶᠣᠨᠴᠢᠯᠠᠭᠰᠠᠨ᠂ ᠲᠣᠭᠠᠴᠠᠯᠠᠭᠰᠠᠨ ᠬᠤᠳᠠ ᠪᠠᠯᠭᠠᠰᠦ ᠶᠢᠨ ᠣᠨᠣᠯᠵᠢᠭᠤᠨ ᠢ ᠬᠤᠳᠠ ᠪᠠᠯᠭᠠᠰᠣᠨ ᠤ ᠪᠠᠶᠢᠭᠤᠯᠣᠯᠳᠠ | ᠳᠤ ᠰᠢᠮᠡᠳᠬᠡᠵᠣ᠂ ᠬᠤᠳᠠ ᠪᠠᠯᠭᠠᠰᠦᠨ ᠤ ᠪᠠᠶᠢᠭᠤᠯᠣᠯᠳᠠ ᠶᠢ ᠵᠠᠩᠬᠢᠴᠢᠯᠠᠭᠰᠡᠨ ᠬᠠᠮᠢᠶᠠᠷᠣᠯᠳᠠ ᠳᠡᠰᠢ | ᠣᠷᠳᠣᠳᠬᠠᠵᠣ᠂ ᠬᠡᠪ ᠴᠢᠨᠰᠠᠭᠠᠳᠦ ᠬᠤᠳᠠ ᠪᠠᠯᠭᠠᠰᠦ ᠶᠢ ᠴᠣᠭᠴᠠᠯᠠᠨ᠎ᠠ᠃ ᠣᠯᠵᠠᠴᠢ ᠪᠠᠯᠭᠠᠰᠣᠨ ᠤ ᠬᠠᠭᠤᠴᠢᠨ ᠭᠡᠷ | ᠪᠠᠶᠢᠰᠢᠩ ᠤᠨ ᠦᠭᠡᠷᠡᠴᠢᠯᠡᠯᠳᠡ᠂ ᠬᠤᠳᠠ ᠶᠢᠨ ᠵᠠᠮ ᠵᠡᠭᠡᠯᠢ᠂ ᠪᠣᠬᠢᠷ ᠣᠰᠣ ᠰᠢᠢᠳᠪᠦᠷᠢᠯᠡᠬᠦ ᠤᠶᠢᠯᠡᠤᠪᠤᠷᠢ ᠶᠢᠨ | ᠪᠠᠷᠢᠮᠵᠢᠶ᠎ᠠ ᠶᠢ ᠳᠡᠬᠡᠭᠰᠢᠯᠡᠬᠦᠯᠬᠦ ᠦᠬᠡᠷᠡᠴᠢᠯᠠᠯᠳᠠ᠂ ᠭᠠᠵᠠᠷ ᠲᠣᠣᠷᠠᠬᠢ ᠲᠣᠣᠷ ᠬᠤᠭᠤᠯᠠᠢ ᠵᠢᠴᠢ ᠴᠡᠪᠡᠷᠰᠢᠬᠦᠯᠦᠭᠰᠡᠨ | ᠤᠰᠤ ᠶᠢ ᠪᠤᠴᠠᠭᠠᠨ ᠬᠡᠷᠡᠭᠯᠡᠬᠦ᠂ ᠣᠶᠢᠵᠢᠭᠤᠯᠣᠯᠳᠠ᠂ ᠣᠰᠣ ᠵᠠᠯᠠᠬᠤ ᠵᠡᠷᠭᠡ ᠢᠨᠵᠧᠨᠧᠷᠢᠩ ᠤᠨ ᠪᠠᠶᠢᠭᠤᠯᠣᠯᠳᠠ ᠶᠢ | ᠰᠠᠶᠢᠳᠦᠷ ᠠᠤᠨᠬᠤᠵᠤ᠂ ᠬᠤᠳᠠ ᠪᠠᠯᠭᠠᠰᠣᠨ ᠤ ᠠᠴᠢᠶᠠᠯᠠᠬᠤ ᠴᠢᠳᠠᠪᠬᠢ ᠶᠢ ᠲᠠᠰᠣᠷᠠᠯᠳᠠ ᠦᠭᠡᠢ ᠲᠡᠭᠡᠭᠰᠢᠯᠡᠭᠦᠯᠦᠨ᠎ᠡ᠃ | ᠰᠠᠭᠤᠷᠢᠨ ᠭᠠᠵᠠᠷ ᠤᠨ ᠪᠠᠶᠢᠭᠤᠯᠤᠯᠳᠠ ᠶᠢᠨ ᠳᠠᠯ᠎ᠠ ᠪᠠᠷ᠂ ᠱᠠᠩᠬᠠᠢ ᠶᠢᠨ ᠰᠦᠮ᠎ᠡ ᠡᠨᠧᠷᠬᠢ ᠬᠢᠮᠢ ᠶᠢᠨ ᠰᠠᠭᠤᠷᠢᠨ | ᠭᠠᠵᠠᠷ ᠤᠨ ᠴᠠᠬᠢᠯᠭᠠᠨ ᠣᠶᠢᠯᠠᠳᠪᠦᠷᠢ ᠶᠢᠨ ᠵᠠᠰᠠᠮᠠᠯ ᠵᠠᠮ ᠤᠨ ᠬᠤᠯᠪᠣᠬᠤ ᠵᠠᠮ᠂ ᠬᠡᠣᠷᠠᠰᠦᠨ ᠰᠢᠭᠠᠷᠣ ᠶᠢᠨ ᠲᠠᠯᠠᠪᠠᠢ | ᠂ ᠪᠣᠬᠢᠷ ᠣᠰᠣ ᠰᠢᠢᠳᠪᠦᠷᠢᠯᠡᠬᠦ ᠵᠡᠷᠭᠡ ᠲᠦᠭᠦᠷᠴᠢᠯᠡᠭᠰᠡᠨ ᠰᠠᠭᠤᠷᠢ ᠲᠦᠬᠦᠬᠡᠷᠤᠮᠵᠢ ᠶᠢᠨ ᠪᠠᠶᠢᠭᠤᠯᠤᠯᠳᠠ ᠶᠢ | ᠰᠠᠶᠢᠵᠢᠷᠠᠭᠤᠯᠤᠨ᠂ ᠣᠶᠢᠯᠡᠴᠢᠯᠡᠭᠡᠨ ᠤ ᠴᠢᠳᠠᠪᠦᠷᠢ ᠶᠢ ᠲᠡᠭᠡᠭᠰᠢᠯᠡᠭᠦᠯᠦᠨ᠂ ᠰᠠᠭᠤᠷᠢᠨ ᠭᠠᠵᠠᠷ ᠬᠢᠭᠡᠳ ᠬᠤᠳᠠ | ᠪᠠᠯᠭᠠᠰᠦ ᠶᠢ ᠠᠭᠤᠰᠤᠯᠴᠠᠭᠤᠯᠤᠨ ᠬᠦᠭᠵᠢᠭᠦᠯᠦᠨ᠎ᠡ᠃ | ︵ᠭᠤᠷᠪᠠ︶ ᠠᠮᠢᠳᠣᠯᠢᠭ ᠬᠦᠴᠦᠨ ᠬᠦᠳᠡᠯᠭᠡᠭᠴᠢ ᠬᠦᠴᠦᠨ ᠢ ᠨᠡᠮᠡᠭᠳᠡᠭᠦᠯᠵᠣ᠂ ᠦᠭᠡᠷᠡᠴᠢᠯᠡᠯᠳᠡ ᠬᠢᠵᠣ | ᠴᠢᠯᠦᠭᠡᠳᠡᠢ ᠶᠠᠪᠣᠯᠴᠠᠬᠤ ᠶᠢ ᠪᠦᠬᠦ ᠲᠠᠯ᠎ᠠ ᠪᠠᠷ ᠭᠦᠨᠵᠡᠭᠡᠶᠢᠷᠡᠭᠦᠯᠦᠨ᠎ᠡ᠃ ᠲᠡᠭᠡᠳᠦ ᠱᠠᠳᠣᠨ ᠤ ᠨᠢᠭᠡᠳᠦᠯᠳᠡᠢ | ᠪᠠᠶᠢᠷᠢᠯᠠᠭᠤᠯᠣᠯᠳᠠ ᠶᠣᠰᠣᠭᠠᠷ᠂ ᠭᠤᠣᠯᠳᠠᠯᠭᠠᠳᠠᠢ ᠬᠦᠴᠢᠷᠳᠠᠯᠳᠠᠢ ᠠᠰᠠᠭᠤᠳᠠᠯ ᠳᠤ ᠴᠢᠭᠯᠡᠬᠦᠯᠤᠨ ᠦᠭᠡᠷᠡᠴᠢᠯᠡᠯᠳᠡ | ᠶᠢᠨ ᠠᠬᠢᠴᠠ ᠶᠢ ᠲᠦᠷᠭᠡᠳᠬᠡᠵᠣ᠂ ᠴᠢᠬᠤᠯᠠ ᠬᠦᠷᠢᠶ᠎ᠡ ᠴᠠᠷᠠᠭ᠎ᠠ ᠪᠣᠯᠣᠨ ᠵᠠᠩᠬᠢᠯᠠᠭ᠎ᠠ ᠶᠢᠨ ᠭᠤᠭᠴᠣᠭᠠᠨ ᠤ | ᠦᠭᠡᠷᠡᠴᠢᠯᠡᠯᠳᠡ ᠲᠡᠭᠡᠷ᠎ᠡ ᠴᠢᠬᠤᠯᠠ ᠰᠢᠪᠳᠣᠯᠣᠯᠳᠠ ᠭᠠᠷᠭᠠᠬᠤ ᠪᠠᠷ ᠴᠢᠷᠮᠠᠶᠢᠨ᠎ᠠ᠃ ᠠᠮᠢ ᠠᠬᠤᠢ ᠶᠢᠨ ᠪᠣᠯᠪᠠᠰᠣᠨ ᠤ | ᠦᠭᠡᠷᠡᠴᠢᠯᠡᠯᠳᠡ ᠶᠢᠨ ᠲᠠᠯ᠎ᠠ ᠪᠠᠷ᠂ ᠪᠠᠶᠢᠭᠠᠯᠢ ᠶᠢᠨ ᠡᠬᠢ ᠰᠣᠷᠪᠣᠯᠵᠢ ᠶᠢᠨ ᠬᠦᠷᠦᠩᠭᠡ ᠶᠢᠨ ᠬᠠᠮᠢᠶᠠᠷᠣᠯᠳᠠ ᠶᠢᠨ | ᠲᠠᠪᠴᠠᠩ ᠤᠨ ᠣᠶᠢᠯᠡᠳᠦᠯᠭᠡ ᠲᠣᠮᠳᠠᠬᠢ ᠬᠡᠷᠡᠭᠯᠡᠯᠳᠡ ᠶᠢ ᠴᠢᠩᠭᠠᠳᠬᠠᠵᠣ᠂ ᠪᠠᠶᠢᠭᠠᠯᠢ ᠶᠢᠨ ᠡᠬᠢ ᠰᠣᠷᠪᠣᠯᠵᠢ ᠶᠢᠨ | ᠬᠦᠷᠦᠩᠭᠡ ᠶᠢᠨ ᠬᠠᠮᠢᠶᠠᠷᠣᠯᠳᠠ ᠶᠢᠨ ᠲᠦᠷᠢᠮᠵᠢᠭᠰᠡᠨ᠂ ᠵᠠᠩᠬᠢᠵᠢᠭᠰᠠᠨ ᠬᠠᠮᠢᠶᠠᠷᠣᠯᠳᠠ ᠳᠤ ᠲᠣᠯᠭᠠᠭᠤᠷᠢᠯᠠᠯ | ᠬᠠᠩᠭᠠᠨ᠎ᠠ︔ ᠪᠦᠬᠦ ᠬᠤᠳᠠ ᠳᠠᠭᠠᠨ ᠲᠡᠷᠢᠭᠦᠯᠡᠨ ᠪᠠᠶᠢᠭᠠᠯᠢ ᠶᠢᠨ ᠡᠬᠢ ᠰᠣᠷᠪᠣᠯᠵᠢ ᠶᠢᠨ ᠬᠦᠷᠦᠩᠭᠡ ᠶᠢᠨ ᠦᠨ᠎ᠡ | ᠬᠠᠩᠰᠢ ᠶᠢᠨ ᠬᠡᠮᠵᠢᠶ᠎ᠡ ᠶᠢᠨ ᠬᠢᠨᠠᠨ ᠪᠣᠳᠣᠬᠤ ᠲᠣᠷᠰᠢᠯᠳᠠ ᠶᠢ ᠪᠦᠬᠦ ᠲᠠᠯ᠎ᠠ ᠪᠠᠷ ᠦᠷᠨᠢᠭᠦᠯᠵᠣ᠂ ᠪᠠᠶᠢᠭᠠᠯᠢ ᠶᠢᠨ ᠡᠬᠢ | ᠰᠣᠷᠪᠣᠯᠵᠢ ᠶᠢᠨ ᠬᠦᠷᠦᠩᠭᠡ ᠶᠢ ᠬᠢᠨᠠᠨ ᠪᠣᠳᠣᠵᠣ ᠦᠨᠡᠯᠡᠬᠦ ᠰᠢᠰᠲ᠋ᠧᠮ ᠢ ᠣᠯᠠᠮ ᠲᠡᠭᠦᠯᠳᠡᠷᠵᠢᠭᠦᠯᠦᠨ᠂ ᠠᠮᠢ ᠠᠬᠤᠢ | ᠶᠢᠨ ᠪᠣᠯᠪᠠᠰᠣᠨ ᠤ ᠪᠠᠶᠢᠭᠤᠯᠣᠯᠳᠠ ᠶᠢ ᠠᠬᠢᠭᠤᠯᠣᠨ᠎ᠠ᠃ ᠮᠠᠯᠵᠢᠬᠤ ᠲᠠᠷᠢᠶᠠᠯᠠᠬᠤ ᠣᠷᠣᠨ ᠤ ᠦᠮᠴᠢᠯᠡᠯ ᠤᠨ ᠡᠷᠭᠡ | ᠶᠢᠨ ᠲᠦᠷᠢᠮ ᠤᠨ ᠦᠭᠡᠷᠡᠴᠢᠯᠡᠯᠳᠡ ᠶᠢᠨ ᠲᠠᠯ᠎ᠠ ᠪᠠᠷ᠂ ᠮᠠᠯᠵᠢᠬᠤ ᠲᠠᠷᠢᠶᠠᠯᠠᠬᠤ ᠣᠷᠣᠨ ᠤ ᠦᠮᠴᠢᠯᠡᠯ ᠤᠨ ᠡᠷᠭᠡ | ᠶᠢᠨ ᠲᠦᠷᠢᠮ ᠤᠨ ᠦᠭᠡᠷᠡᠴᠢᠯᠡᠯᠳᠡ ᠶᠢ ᠲᠦᠷᠭᠡᠳᠬᠡᠵᠣ᠂ ᠭᠠᠵᠠᠷ ᠰᠢᠷᠣᠢ᠂ ᠨᠣᠳᠤᠭ ᠪᠡᠯᠴᠢᠭᠡᠷ᠂ ᠬᠠᠮᠳᠦ ᠶᠢᠨ ᠣᠢ | ᠶᠢᠨ ᠲᠠᠭᠠᠭᠠᠴᠢᠯᠠᠨ ᠡᠵᠡᠩᠨᠡᠬᠦ ᠡᠷᠭᠡ ᠶᠢ ᠰᠢᠯᠵᠢᠭᠦᠯᠬᠦ ᠲᠦᠷᠢᠮ ᠢ ᠲᠡᠭᠦᠯᠳᠡᠷᠵᠢᠭᠦᠯᠦᠨ᠂ ᠲᠠᠭᠠᠭᠠᠴᠢᠯᠠᠨ ᠡᠵᠡᠩᠨᠡᠬᠦ | ᠡᠷᠭᠡ ᠶᠢᠨ ᠲᠣᠯᠣᠭᠠᠶᠢᠯᠠᠭᠴᠢ ᠠᠵᠣ ᠠᠬᠤᠶᠢᠯᠠᠯ᠂ ᠲᠠᠷᠢᠵᠣ ᠲᠡᠵᠢᠭᠡᠬᠦ ᠲᠣᠮᠣ ᠡᠷᠦᠭᠡ᠂ ᠭᠡᠷ ᠪᠦᠯᠢ ᠶᠢᠨ ᠮᠠᠯᠵᠢᠯ ᠤᠨ | ᠲᠠᠯᠠᠪᠠᠢ᠂ ᠮᠠᠯᠴᠢᠨ ᠲᠠᠷᠢᠶᠠᠴᠢᠨ ᠤ ᠲᠣᠰᠬᠠᠢ ᠬᠠᠮᠳᠣᠷᠠᠯ ᠬᠤᠷᠰᠢᠶ᠎ᠠ ᠳᠡᠰᠢ ᠰᠢᠯᠵᠢᠬᠦ ᠶᠢ ᠵᠣᠷᠢᠭᠵᠢᠭᠤᠯᠵᠣ᠂ ᠣᠯᠠᠨ | ᠬᠡᠯᠪᠡᠷᠢ ᠶᠢᠨ ᠵᠣᠬᠢᠬᠤ ᠬᠡᠪᠴᠢᠶᠡᠵᠢᠯ ᠪᠦᠬᠦᠢ ᠡᠵᠡᠩᠨᠡᠯᠳᠡ ᠶᠢ ᠬᠦᠭᠵᠢᠭᠦᠯᠦᠨ᠎ᠡ᠃ ᠮᠠᠯ ᠲᠠᠷᠢᠶᠠᠯᠠᠩ ᠤᠨ | ᠦᠵᠦᠭᠦᠷᠰᠢᠯ ᠨᠦᠬᠦᠪᠦᠷᠢ ᠶᠢᠨ ᠲᠣᠭᠳᠠᠴᠠ ᠪᠣᠯᠣᠨ ᠮᠠᠯᠴᠢᠨ ᠲᠠᠷᠢᠶᠠᠴᠢᠳ ᠠᠵᠣ ᠠᠬᠤᠶᠢᠯᠠᠯ ᠤᠨ ᠠᠰᠢᠭ ᠲᠣᠰᠠ | ᠶᠢᠨ ᠬᠤᠯᠪᠣᠭᠠᠯᠠᠯ ᠤᠨ ᠲᠣᠭᠳᠠᠴᠠ ᠶᠢ ᠲᠡᠭᠦᠯᠳᠡᠷᠵᠢᠭᠦᠯᠦᠨ᠂ ᠮᠠᠯᠵᠢᠬᠤ ᠲᠠᠷᠢᠶᠠᠯᠠᠬᠤ ᠣᠷᠣᠨ ᠤ ᠬᠦᠭᠵᠢᠯᠳᠠ ᠶᠢᠨ | ᠠᠮᠢᠳᠣᠯᠢᠭ ᠬᠦᠴᠦᠨ ᠢ ᠬᠦᠭᠵᠢᠭᠡᠨ᠎ᠡ᠃ ︽ᠲᠠᠯᠪᠢᠬᠤ ᠬᠠᠮᠢᠶᠠᠷᠬᠤ ᠣᠶᠢᠯᠡᠴᠢᠯᠡᠬᠦ︾ ᠦᠭᠡᠷᠡᠴᠢᠯᠡᠯᠳᠡ ᠶᠢᠨ ᠲᠠᠯ᠎ᠠ | ᠪᠠᠷ᠂ ᠵᠠᠰᠠᠭ ᠢ ᠴᠣᠮᠬᠠᠳᠬᠠᠨ ᠡᠷᠬᠡ ᠶᠢ ᠲᠠᠯᠪᠢᠬᠤ ᠶᠢ ᠭᠦᠨᠵᠡᠭᠡᠶᠢᠷᠡᠭᠦᠯᠵᠣ᠂ ︽ᠬᠤᠶᠠᠷ ᠲᠣᠭᠳᠠᠮᠠᠯ ᠪᠣᠰᠦ᠂ ᠨᠢᠭᠡ | ᠢᠯᠡ︾ ᠬᠢᠨᠠᠯᠳᠠ ᠬᠠᠮᠢᠶᠠᠷᠣᠯᠳᠠ ᠶᠢᠨ ᠲᠦᠷᠢᠮ ᠢ ᠪᠦᠬᠦ ᠲᠠᠯ᠎ᠠ ᠪᠠᠷ ᠬᠡᠷᠡᠭᠵᠢᠭᠦᠯᠵᠤ᠂ ᠬᠢᠨᠠᠨ ᠵᠦᠪᠰᠢᠶᠡᠷᠬᠦ | ᠲᠠᠩᠰᠠᠯᠠᠯᠳᠠ ᠶᠢᠨ ᠪᠦᠬᠦ ᠶᠠᠪᠣᠴᠠ ᠶᠢ ᠲᠦᠭᠦᠮᠴᠢᠯᠡᠨ᠎ᠡ᠃ ᠰᠢᠨᠵᠢᠯᠡᠭᠡ ᠮᠡᠷᠭᠡᠵᠢᠯ ᠤᠨ ᠰᠢᠨᠡᠴᠢᠯᠡᠯ ᠤᠨ | ᠦᠭᠡᠷᠡᠴᠢᠯᠡᠯᠳᠡ ᠶᠢᠨ ᠲᠠᠯ᠎ᠠ ᠪᠠᠷ᠂ ᠰᠢᠨᠵᠢᠯᠡᠭᠡ ᠮᠡᠷᠭᠡᠵᠢᠯ ᠤᠨ ᠵᠠᠩᠬᠢᠯᠠᠭ᠎ᠠ ᠶᠢᠨ ᠮᠡᠷᠭᠡᠵᠢᠯ ᠤᠨ ᠪᠡᠷᠭᠡ ᠶᠢ | ᠰᠢᠢᠳᠪᠦᠷᠢᠯᠡᠬᠦ᠂ ᠰᠢᠨᠵᠢᠯᠡᠭᠡ ᠮᠡᠷᠭᠡᠵᠢᠯ ᠤᠨ ᠦᠷ᠎ᠡ ᠪᠦᠳᠦᠭᠡᠯ ᠤᠨ ᠬᠤᠪᠢᠷᠠᠭᠠᠯᠳᠠ ᠵᠡᠷᠭᠡ ᠪᠠᠷ ᠰᠢᠪᠳᠣᠯᠣᠯᠳᠠ ᠶᠢᠨ | ᠴᠡᠭ ᠪᠣᠯᠭᠠᠵᠣ᠂ ᠣᠯᠣᠰ ᠠᠯᠣᠰᠯᠠᠭᠰᠠᠨ ᠠᠺᠠᠳᠧᠮᠢᠴᠢ ᠴᠢᠳᠠᠪᠦᠷᠢᠳᠠᠨ ᠤ ᠠᠵᠢᠯ ᠤᠨ ᠦᠷᠳᠡᠭᠡ᠂ ᠮᠠᠯ ᠲᠠᠷᠢᠶᠠᠯᠠᠩ | ᠤᠨ ᠰᠢᠨᠵᠢᠯᠡᠭᠡ ᠮᠡᠷᠭᠡᠵᠢᠯ ᠲᠦᠭᠡᠮᠡᠯᠵᠢᠭᠦᠯᠬᠦ ᠲᠠᠭᠤᠷᠢᠶᠠᠯ ᠬᠦᠷᠢᠶᠡᠯᠡᠩ᠂ ᠵᠠᠯᠠᠭᠤᠴᠣᠳ ᠤᠨ ᠣᠶᠢᠯᠠᠰ ᠪᠣᠰᠬᠠᠬᠤ | ᠬᠦᠷᠢᠶᠠᠯᠠᠩ᠂ ᠡᠯᠧᠺᠲᠷᠣᠨ ᠠᠷᠠᠯᠵᠢᠶᠠᠨ ᠤ ᠠᠵᠣ ᠣᠶᠢᠯᠠᠰ ᠤᠨ ᠬᠦᠷᠢᠶᠡᠯᠡᠩ ᠵᠡᠷᠭᠡ ᠣᠶᠢᠯᠠᠰ ᠪᠦᠳᠦᠭᠡᠬᠦ ᠲᠠᠪᠴᠠᠩ | ᠢᠶᠠᠷ ᠠᠴᠢᠶᠠᠯᠠᠭᠴᠢ ᠪᠣᠯᠭᠠᠵᠣ᠂ ᠰᠢᠨᠵᠢᠯᠡᠭᠡ ᠮᠡᠷᠭᠡᠵᠢᠯ ᠤᠨ ᠰᠢᠨᠡᠴᠢᠯᠡᠯ ᠤᠨ ᠬᠡᠯᠪᠡᠷᠢ ᠶᠢᠨ ᠴᠢᠳᠠᠪᠦᠷᠢᠳᠠᠨ ᠢ | ᠬᠦᠮᠦᠵᠢᠭᠦᠯᠬᠦ ᠪᠠᠷ ᠲᠣᠯᠭᠠᠭᠤᠷᠢᠯᠠᠯ ᠪᠣᠯᠭᠠᠨ᠂ ᠰᠢᠨᠵᠢᠯᠡᠭᠡ ᠮᠡᠷᠭᠡᠵᠢᠯ ᠤᠨ ᠲᠣᠭᠳᠠᠴᠠ ᠶᠢᠨ ᠦᠭᠡᠷᠡᠴᠢᠯᠡᠯᠳᠡ ᠶᠢ | ᠪᠦᠬᠦ ᠲᠠᠯ᠎ᠠ ᠪᠠᠷ ᠠᠬᠢᠭᠤᠯᠵᠣ᠂ ᠲᠠᠶᠠᠭᠠᠷ ᠣᠯᠠᠨ ᠤ ᠣᠶᠢᠯᠠᠰ ᠪᠦᠳᠦᠭᠡᠯᠳᠡ᠂ ᠲᠦᠮᠡᠨ ᠣᠯᠠᠨ ᠤ ᠰᠢᠨ᠎ᠠ ᠶᠢ | ᠡᠭᠦᠳᠦᠯᠳᠡ ᠳᠤ ᠣᠬᠢ ᠣᠷᠴᠢᠨ ᠪᠦᠷᠢᠯᠳᠦᠭᠦᠯᠦᠨ᠎ᠡ᠃ ᠭᠠᠳᠠᠭᠰᠢ ᠴᠢᠯᠦᠭᠡᠳᠡᠢ ᠶᠠᠪᠣᠯᠴᠠᠬᠤ ᠦᠭᠡᠷᠡᠴᠢᠯᠡᠯᠳᠡ ᠶᠢᠨ | ᠲᠠᠯ᠎ᠠ ᠪᠠᠷ᠂ ᠬᠦᠬᠡᠬᠤᠳᠠ ᠪᠣᠭᠤᠳᠦ ᠣᠷᠳᠣᠰ ᠤᠨ ᠬᠠᠮᠳᠣᠷᠠᠭᠰᠠᠨ ᠬᠦᠭᠵᠢᠯᠳᠠ ᠶᠢᠨ ᠲᠣᠬᠢᠶᠠᠯ ᠢ ᠡᠵᠡᠮᠳᠡᠵᠣ᠂ | ᠬᠦᠬᠡᠬᠤᠳᠠ ᠪᠣᠭᠤᠳᠦ ᠣᠷᠳᠣᠰ ᠯᠤᠭ᠎ᠠ ᠶᠢᠨ ᠬᠠᠷᠢᠯᠴᠠᠭ᠎ᠠ ᠪᠠᠨ ᠪᠦᠬᠦ ᠲᠠᠯ᠎ᠠ ᠪᠠᠷ ᠴᠢᠩᠭᠠᠳᠬᠠᠵᠣ᠂ ᠢᠷᠭᠠᠢ ᠯᠤᠭ᠎ᠠ | ᠶᠢᠨ ᠰᠢᠨᠵᠢᠯᠡᠭᠡ ᠮᠡᠷᠭᠡᠵᠢᠯ᠂ ᠰᠣᠷᠭᠠᠨ ᠬᠦᠮᠦᠵᠢᠯ᠂ ᠡᠮ ᠡᠮᠴᠢᠯᠡᠭᠡ ᠵᠡᠷᠭᠡ ᠬᠦᠷᠢᠶ᠎ᠡ ᠴᠠᠷᠠᠭ᠎ᠠ ᠳᠠᠬᠢ | ᠬᠠᠮᠳᠣᠷᠠᠯᠴᠠᠭ᠎ᠠ ᠪᠠᠨ ᠣᠯᠠᠮ ᠴᠢᠩᠭᠠᠳᠬᠠᠨ᠂ ᠠᠷᠠᠯᠵᠢᠶᠠᠴᠢᠨ ᠣᠷᠢᠵᠣ ᠪᠡᠯᠡ ᠲᠠᠳᠠᠬᠤ ᠠᠵᠢᠯ ᠢ ᠪᠦᠬᠦ ᠬᠦᠴᠦᠨ | ᠢᠶᠠᠷ ᠠᠬᠢᠭᠤᠯᠵᠣ᠂ ᠠᠵᠣ ᠣᠶᠢᠯᠠᠰ ᠤᠨ ᠬᠦᠭᠵᠢᠯᠳᠡ ᠶᠢᠨ ᠬᠠᠮᠳᠣᠷᠠᠯᠴᠠᠬᠤ ᠬᠦᠴᠦᠨ ᠪᠣᠯᠣᠨ ᠦᠷᠢᠰᠬᠦ ᠬᠦᠴᠣᠨ | ᠢᠶᠠᠨ ᠴᠢᠩᠭᠠᠳᠬᠠᠨ᠎ᠠ᠃ ᠪᠣᠳᠠᠳᠦ ᠴᠣᠭᠴᠠ ᠶᠢᠨ ᠠᠵᠣ ᠠᠬᠤᠢ ᠶᠢᠨ ᠦᠭᠡᠷᠡᠴᠢᠯᠡᠯᠳᠡ ᠶᠢᠨ ᠲᠠᠯ᠎ᠠ ᠪᠠᠷ᠂ ᠪᠣᠳᠠᠳᠦ | ᠴᠣᠭᠴᠠ ᠶᠢᠨ ᠠᠵᠣ ᠠᠬᠤᠢ ᠶᠢᠨ ᠭᠤᠣᠯ ᠴᠣᠭᠴᠠ ᠶᠢ ᠲᠡᠮᠵᠢᠨ ᠪᠣᠵᠠᠭᠠᠶᠢᠷᠠᠭᠤᠯᠵᠣ᠂ ᠲᠣᠮᠳᠠ ᠪᠠᠭ᠎ᠠ ᠵᠢᠵᠢᠭ | ᠠᠵᠣ ᠠᠬᠤᠶᠢᠯᠠᠯ ᠢ ᠲᠡᠮᠵᠢᠨ ᠬᠦᠭᠵᠢᠯᠳᠡ ᠶᠢ ᠨᠢ ᠲᠦᠷᠭᠡᠳᠬᠡᠨ᠎ᠡ︔ ᠨᠡᠶᠢᠳᠡ ᠶᠢᠨ ᠪᠣᠰᠣ ᠦᠮᠴᠢᠯᠡᠯᠳᠦ ᠠᠵᠣ | ᠠᠬᠤᠢ ᠶᠢ ᠰᠢᠯᠢᠳᠡᠭᠵᠢᠭᠦᠯᠵᠣ᠂ ᠪᠣᠳᠠᠳᠦ ᠴᠣᠭᠴᠠ ᠶᠢᠨ ᠠᠵᠣ ᠠᠬᠤᠢ ᠳᠤ ᠠᠷᠠᠳ ᠠᠴᠠ ᠪᠡᠯᠡ ᠣᠷᠣᠭᠤᠯᠬᠤ ᠶᠢ | ᠵᠣᠷᠢᠭᠵᠢᠭᠤᠯᠣᠨ᠂ ᠪᠣᠳᠠᠳᠦ ᠴᠣᠭᠴᠠ ᠶᠢᠨ ᠠᠵᠣ ᠠᠬᠤᠢ ᠶᠢᠨ ᠬᠡᠪᠴᠢᠶᠡᠵᠢᠯ ᠢ ᠦᠷᠭᠡᠳᠬᠡᠨ ᠬᠦᠭᠵᠢᠯᠳᠡ ᠶᠢ | ᠲᠦᠷᠭᠡᠳᠬᠡᠵᠣ᠂ ᠡᠵᠡᠯᠡᠬᠦ ᠬᠠᠷᠢᠴᠠᠯ᠂ ᠴᠢᠨᠠᠷ ᠴᠢᠨᠰᠠᠭ᠎ᠠ ᠶᠢ ᠲᠡᠭᠡᠭᠰᠢᠯᠡᠭᠦᠯᠦᠨ᠎ᠡ᠃ | ︵ᠲᠦᠷᠪᠠ︶ ᠪᠠᠳᠣᠯᠠᠭ᠎ᠠ ᠶᠢ ᠴᠢᠩᠭᠠᠳᠬᠠᠨ ᠠᠷᠠᠤᠨ ᠤᠨ ᠠᠮᠢᠳᠤᠷᠠᠯ ᠢ ᠬᠠᠷᠠᠭᠠᠯᠵᠠᠵᠣ᠂ ᠠᠷᠠᠤᠨ ᠤᠯᠠᠨ | ᠤ ᠠᠰᠢᠭ ᠵᠢᠷᠭᠠᠯ ᠢ ᠦᠷᠭᠦᠯᠵᠢᠯᠡᠨ ᠨᠡᠮᠡᠭᠳᠡᠬᠦᠯᠤᠨ᠎ᠠ᠃ ᠠᠷᠠᠤᠨ ᠢ ᠬᠠᠷᠠᠭᠠᠯᠵᠠᠬᠤ ᠡᠯ᠎ᠡ ᠲᠦᠷᠤᠯ ᠤᠨ ᠠᠷᠭ᠎ᠠ | ᠠᠪᠴᠠᠯ ᠢ ᠰᠠᠶᠢᠳᠤᠷ ᠨᠠᠶᠢᠳᠠᠪᠤᠷᠢᠵᠢᠭᠤᠯᠤᠨ᠂ ᠶᠠᠳᠠᠭᠤ ᠶᠢ ᠲᠡᠳᠬᠦᠬᠦ ᠪᠠᠷ ᠲᠦᠰᠢᠭ ᠪᠣᠯᠭᠠᠨ᠂ ᠣᠶᠢᠯᠠᠰ | ᠪᠦᠳᠦᠭᠡᠯᠭᠡᠨ ᠠᠵᠢᠯ ᠣᠯᠭᠤᠬᠤ ᠪᠠᠷ ᠲᠣᠯᠭᠠᠭᠤᠷᠢᠯᠠᠯ ᠪᠣᠯᠭᠠᠵᠣ᠂ ᠨᠠᠭᠠᠳᠦ ᠵᠠᠬ᠎ᠠ ᠪᠠᠷ ᠪᠠᠳᠣᠯᠠᠭ᠎ᠠ ᠪᠣᠯᠭᠠᠭᠰᠠᠨ | ᠨᠡᠶᠢᠭᠡᠮ ᠤᠨ ᠪᠠᠳᠣᠯᠠᠭ᠎ᠠ ᠶᠢᠨ ᠰᠢᠰᠲ᠋ᠧᠮ ᠢ ᠪᠠᠶᠢᠭᠤᠯᠵᠣ᠂ ᠠᠷᠠᠤᠨ ᠤᠯᠠᠨ ᠤ ᠠᠮᠢᠳᠤᠷᠠᠯ ᠳᠤ ᠡᠶ᠎ᠡ ᠵᠣᠬᠢᠴᠠᠯᠳᠦ | ᠪᠠᠳᠣᠯᠠᠭ᠎ᠠ ᠬᠠᠩᠭᠠᠨ᠎ᠠ᠃ ᠶᠠᠳᠠᠭᠤ ᠶᠢ ᠳᠡᠤᠨᠬᠦᠬᠦ ᠪᠠᠳᠣᠯᠠᠭ᠎ᠠ ᠶᠢ ᠰᠠᠶᠢᠳᠦᠷ ᠠᠳᠬᠤᠬᠤ ᠳᠠᠯ᠎ᠠ ᠪᠠᠷ᠂ ᠨᠠᠷᠢᠯᠢᠭ | ᠤᠨᠤᠪᠴᠢᠳᠠᠢ ᠪᠠᠷ ᠶᠠᠳᠠᠭᠤ ᠶᠢ ᠳᠡᠤᠨᠬᠦᠬᠦ᠂ ᠨᠠᠷᠢᠯᠢᠭ ᠤᠨᠤᠪᠴᠢᠳᠠᠢ ᠪᠠᠷ ᠶᠠᠳᠠᠭᠤ ᠠᠴᠠ ᠠᠩᠭᠢᠵᠢᠷᠠᠭᠤᠯᠬᠤ | ᠦᠨᠳᠦᠰᠦᠨ ᠠᠷᠭ᠎ᠠ ᠪᠣᠳᠣᠯᠭ᠎ᠠ ᠶᠢ ᠭᠦᠨᠵᠡᠭᠡᠢ ᠬᠡᠷᠡᠭᠵᠢᠭᠦᠯᠵᠣ᠂ ᠶᠠᠳᠠᠭᠤ ᠶᠢ ᠲᠡᠳᠬᠦᠬᠦ ᠲᠣᠭᠳᠠᠴᠠ ᠶᠢ ᠰᠢᠨᠡᠴᠢᠯᠡᠨ | ᠂ ︽ᠵᠢᠷᠭᠤᠭᠠᠨ ᠨᠠᠷᠢᠯᠢᠭ︾᠂ ︽ᠳᠠᠪᠤᠨ ᠪᠦᠯᠦᠭ ᠬᠤᠪᠢᠶᠠᠬᠤ︾ ᠪᠠ ︽ᠭᠤᠷᠪᠡ ᠶᠢ ᠭᠠᠴᠠᠭ᠎ᠠ ᠲᠣᠰᠬᠤᠨ ᠡᠷᠦᠬᠡ | ᠳᠤ ᠬᠦᠷᠭᠡᠬᠦ︾ ᠱᠠᠭᠠᠷᠳᠠᠯᠭ᠎ᠠ ᠶᠢ ᠨᠠᠶᠢᠳᠠᠪᠦᠷᠢᠵᠢᠭᠤᠯᠵᠣ᠂ ᠬᠤᠪᠢᠳᠠᠭᠤᠯᠣᠨ ᠲᠡᠳᠬᠦᠬᠦ᠂ ᠲᠣᠭᠳᠠᠮᠠᠯ ᠲᠡᠳᠬᠦᠬᠦ | ᠬᠦᠴᠦᠯᠡᠴᠡ ᠪᠠᠨ ᠨᠡᠮᠡᠭᠳᠡᠭᠦᠯᠵᠣ᠂ ᠡᠷᠦᠬᠡ ᠬᠦᠮᠦᠨ ᠳᠤ ᠨᠢ ᠲᠣᠬᠢᠷᠠᠭᠤᠯᠣᠨ ᠠᠷᠭ᠎ᠠ ᠪᠣᠳᠣᠯᠭ᠎ᠠ ᠠᠪᠴᠦ᠂ ᠶᠠᠳᠠᠭᠤ | ᠠᠴᠠ ᠠᠩᠭᠢᠵᠢᠷᠠᠭᠤᠯᠣᠭᠰᠠᠨ ᠦᠷ᠎ᠡ ᠪᠦᠳᠦᠭᠡᠯ ᠢᠶᠠᠨ ᠪᠠᠬᠢᠵᠢᠭᠦᠯᠦᠨ ᠲᠡᠭᠡᠭᠰᠢᠯᠡᠭᠦᠯᠦᠨ᠎ᠡ᠃ ᠬᠤᠳᠠ ᠬᠦᠳᠡᠭᠡ ᠶᠢᠨ | ᠰᠠᠭᠤᠭᠠᠯᠢ ᠠᠷᠠᠳ ᠤᠨ ᠨᠠᠰᠦᠵᠢᠯ ᠤᠨ ᠲᠠᠭᠠᠳᠬᠠᠯ ᠪᠣᠯᠣᠨ ᠪᠦᠬᠦ ᠠᠷᠠᠳ ᠤᠨ ᠡᠮ ᠡᠮᠴᠢᠯᠡᠭᠡᠨ ᠤ ᠲᠠᠭᠠᠳᠬᠠᠯ ᠢ | ᠦᠷᠭᠡᠳᠬᠡᠬᠦ ᠠᠵᠢᠯ ᠢ ᠴᠢᠩᠭᠠᠳᠬᠠᠵᠣ᠂ ᠠᠵᠣ ᠠᠬᠤᠶᠢᠯᠠᠯ ᠤᠨ ᠠᠵᠢᠯ ᠠᠴᠠ ᠠᠮᠠᠷᠠᠭᠰᠠᠳ ᠤᠨ ᠦᠨᠳᠦᠰᠦᠨ | ᠨᠠᠰᠣᠵᠢᠯ ᠤᠨ ᠮᠦᠩᠭᠦ᠂ ᠨᠡᠶᠢᠭᠡᠮ ᠤᠨ ᠪᠠᠳᠣᠯᠠᠭ᠎ᠠ᠂ ᠲᠣᠣᠷ᠎ᠠ ᠪᠠᠳᠣᠯᠠᠭ᠎ᠠ᠂ ᠡᠮ ᠡᠮᠴᠢᠯᠡᠭᠡᠨ ᠤ ᠲᠠᠭᠠᠳᠬᠠᠯ ᠤᠨ | ᠪᠡᠯᠡ ᠬᠤᠷᠠᠮᠳᠣᠭᠤᠯᠬᠤ ᠪᠠᠷᠢᠮᠵᠢᠶ᠎ᠠ ᠶᠢ ᠲᠡᠭᠡᠭᠰᠢᠯᠡᠭᠦᠯᠦᠨ᠎ᠡ᠃ ᠤᠶᠢᠯᠡᠰ ᠪᠦᠳᠤᠬᠡᠯᠳᠠ ᠠᠵᠢᠯ ᠤᠯᠭᠤᠯᠳᠠ ᠶᠢᠨ | ᠣᠷᠴᠢᠨ ᠢ ᠰᠠᠶᠢᠵᠢᠷᠠᠭᠤᠯᠬᠤ ᠳᠠᠯ᠎ᠠ ᠪᠠᠷ᠂ ᠣᠯᠵᠠᠴᠢ ᠪᠠᠯᠭᠠᠰᠦᠨ ᠤ ᠮᠠᠯᠴᠢᠨ ᠲᠠᠷᠢᠶᠠᠴᠢᠨ ᠤ ᠣᠶᠢᠯᠠᠰ ᠪᠤᠰᠬᠠᠬᠤ | ᠬᠦᠷᠢᠶᠡᠯᠡᠩ ᠢᠶᠠᠷ ᠭᠤᠣᠯ ᠴᠣᠭᠴᠠ ᠪᠣᠯᠭᠠᠭᠰᠠᠨ ᠣᠶᠢᠯᠠᠰ ᠪᠦᠳᠦᠭᠡᠨ ᠠᠵᠢᠯ ᠣᠯᠬᠤ ᠲᠠᠪᠴᠠᠩ ᠪᠠᠶᠢᠭᠤᠯᠵᠣ᠂ | ᠣᠶᠢᠯᠠᠰ ᠪᠣᠰᠬᠠᠬᠤ ᠪᠣᠯᠪᠠᠰᠣᠷᠠᠯ᠂ ᠣᠶᠢᠯᠠᠰ ᠪᠣᠰᠬᠠᠬᠤ ᠵᠢᠯᠣᠭᠤᠳᠣᠯᠭ᠎ᠠ᠂ ᠠᠵᠣ ᠠᠬᠤᠶᠢᠯᠠᠯ ᠤᠨ ᠲᠠᠩᠰᠠᠯᠠᠯᠳᠡ᠂ | ᠪᠠᠭ᠎ᠠ ᠲᠣᠭᠠᠨ ᠤ ᠲᠠᠭᠠᠭᠠᠯᠳᠠᠳᠦ ᠵᠢᠭᠡᠯᠡᠯᠭᠡ ᠶᠢ ᠴᠣᠭᠴᠠᠵᠢᠭᠤᠯᠣᠭᠰᠠᠨ ᠣᠶᠢᠯᠠᠰ ᠪᠣᠰᠬᠠᠨ ᠠᠵᠢᠯ ᠣᠯᠬᠤ | ᠣᠶᠢᠯᠡᠴᠢᠯᠡᠭᠡᠨ ᠤ ᠲᠣᠭᠳᠠᠴᠠ ᠶᠢ ᠪᠠᠶᠢᠭᠤᠯᠣᠨ᠂ ᠣᠶᠢᠯᠠᠰ ᠪᠣᠰᠬᠠᠨ ᠠᠵᠢᠯ ᠣᠯᠬᠤ ᠰᠠᠭᠤᠷᠢ ᠶᠢ ᠪᠠᠬᠢᠵᠢᠭᠦᠯᠦᠨ᠎ᠡ᠃ | ᠣᠶᠣᠳᠠᠳ ᠲᠤ ᠲᠣᠭᠳᠠᠪᠦᠷᠢᠳᠡᠢ ᠠᠵᠢᠯ ᠣᠯᠭᠤᠬᠤ ᠶᠢ ᠢᠳᠡᠪᠬᠢᠳᠡᠢ ᠠᠬᠢᠭᠤᠯᠣᠨ᠂ ᠬᠤᠳᠠ ᠪᠠᠯᠭᠠᠰᠣᠨ ᠤ ᠠᠵᠢᠯ | ᠣᠯᠣᠭᠰᠠᠨ ᠬᠦᠮᠦᠨ ᠠᠮᠠ ᠲᠣᠭᠳᠠᠭᠤᠨ ᠢᠶᠠᠷ ᠨᠡᠮᠡᠭᠳᠡᠬᠦ ᠶᠢ ᠪᠠᠳᠣᠯᠠᠵᠣ᠂ ᠪᠦᠬᠦ ᠵᠢᠯ ᠳᠤ ᠬᠤᠳᠠ ᠪᠠᠯᠭᠠᠰᠤᠨ ᠤ | ᠳᠠᠩᠰᠠᠯᠠᠯᠳᠠ ᠲᠠᠢ ᠠᠵᠢᠯ ᠠᠯᠳᠠᠯᠳᠠ ᠶᠢᠨ ᠨᠤᠷᠮ᠎ᠠ ᠶᠢ 3% ᠳᠤᠳᠤᠷ᠎ᠠ ᠬᠢᠵᠠᠭᠠᠷᠯᠠᠨ᠎ᠠ᠃ ᠰᠤᠷᠭᠠᠨ ᠬᠦᠮᠤᠵᠢᠯ ᠤᠨ | ᠰᠠᠭᠤᠷᠢ ᠲᠦᠬᠦᠭᠡᠷᠦᠮᠵᠢ ᠶᠢ ᠴᠢᠩᠭᠠᠳᠬᠠᠬᠤ ᠳᠠᠯ᠎ᠠ ᠪᠠᠷ᠂ ᠬᠡᠣᠬᠡᠳ ᠤᠨ ᠴᠡᠴᠡᠷᠯᠢᠭ ᠢ ᠰᠢᠨ᠎ᠡ ᠪᠠᠷ 2 ᠪᠠᠶᠢᠭᠤᠯᠵᠣ᠂ | ᠡᠯ᠎ᠡ ᠪᠠᠭ᠎ᠠ ᠰᠣᠷᠭᠠᠭᠤᠯᠢ᠂ ᠬᠡᠣᠬᠡᠳ ᠤᠨ ᠴᠡᠴᠡᠷᠯᠢᠭ ᠤᠨ ᠲᠦᠬᠦᠷᠴᠢᠯᠡᠭᠰᠡᠨ ᠲᠦᠬᠦᠭᠡᠷᠦᠮᠵᠢ ᠶᠢᠨ ᠪᠠᠶᠢᠭᠤᠯᠣᠯᠳᠠ | ᠶᠢ ᠲᠡᠭᠦᠯᠳᠡᠷᠵᠢᠭᠦᠯᠦᠨ᠎ᠡ︔ ᠪᠠᠭᠰᠢ ᠶᠢᠨ ᠡᠩᠨᠡᠭᠡᠨ ᠤ ᠪᠠᠶᠢᠭᠤᠯᠣᠯᠳᠠ ᠶᠢ ᠰᠢᠯᠢᠳᠡᠭᠵᠢᠭᠦᠯᠵᠣ᠂ ︽ᠨᠡᠷᠡᠳᠦ ᠵᠠᠬᠢᠷᠣᠯ︾ | ᠪᠣᠯᠣᠨ ᠰᠢᠯᠢᠳᠡᠭ ᠪᠠᠭᠰᠢ ᠣᠷᠢᠨ ᠬᠡᠷᠡᠭᠯᠡᠬᠦ ᠢᠨᠵᠧᠨᠧᠷᠢᠩ ᠢ ᠬᠡᠷᠡᠭᠵᠢᠭᠦᠯᠵᠣ᠂ ᠰᠤᠷᠭᠠᠨ ᠬᠦᠮᠤᠵᠢᠯ ᠵᠢᠭᠠᠨ | ᠰᠣᠷᠭᠠᠯᠳᠠ ᠶᠢᠨ ᠲᠦᠪᠰᠢᠨ ᠢ ᠲᠠᠰᠣᠷᠠᠯᠳᠠ ᠦᠭᠡᠢ ᠲᠡᠭᠡᠭᠰᠢᠯᠡᠭᠦᠯᠦᠨ᠎ᠡ᠃ ᠡᠮ ᠡᠮᠴᠢᠯᠡᠭᠡ ᠡᠷᠡᠬᠦᠯ ᠬᠠᠮᠠᠭᠠᠯᠠᠯ | ᠡᠷᠡᠭᠦᠯ ᠮᠡᠨᠳᠦ ᠶᠢᠨ ᠲᠦᠪᠰᠢᠨ ᠢ ᠲᠡᠭᠡᠭᠰᠢᠯᠡᠭᠦᠯᠬᠦ ᠳᠠᠯ᠎ᠠ ᠪᠠᠷ᠂ ︽ᠡᠮᠨᠡᠬᠦ ᠰᠣᠪᠢᠯᠠᠬᠤ ᠶᠢ ᠣᠶᠠᠯᠳᠣᠭᠤᠯᠣᠭᠰᠠᠨ︾ | ᠡᠷᠡᠭᠦᠯᠵᠢᠯ ᠰᠣᠪᠢᠯᠠᠯ ᠤᠨ ᠣᠶᠢᠯᠠᠰ ᠢ ᠶᠡᠭᠡ ᠪᠠᠷ ᠬᠦᠭᠵᠢᠭᠦᠯᠵᠣ᠂ ᠮᠤᠩᠭᠤᠯ ᠡᠮᠴᠢ ᠨᠠᠷ ᠤᠨ ᠱᠠᠪᠢ ᠲᠠᠭᠠᠭᠤᠯᠬᠤ | 10 ᠲᠣᠷᠰᠢᠯᠳᠡ ᠶᠢᠨ ᠴᠡᠭ ᠲᠣᠭᠳᠠᠭᠠᠵᠣ᠂ ᠮᠣᠩᠭᠤᠯ ᠡᠮ ᠡᠮᠨᠡᠯᠭᠡ ᠶᠢᠨ ᠲᠠᠩᠭᠢᠮ 6 ᠪᠠᠶᠢᠭᠤᠯᠣᠨ᠂ ᠬᠤᠰᠢᠭᠤ | ᠮᠣᠩᠭᠤᠯ ᠡᠮᠨᠡᠯᠭᠡ ᠶᠢᠨ ᠬᠤᠷᠢᠶ᠎ᠠ ᠪᠣᠯᠣᠨ ᠠᠵᠠᠳᠠᠢ ᠰᠣᠪᠢᠯᠠᠯ ᠤᠨ ᠬᠦᠷᠢᠶᠡᠯᠡᠩ ᠢ ᠪᠦᠬᠦ ᠣᠷᠣᠨ ᠤ ︽ᠡᠮᠨᠡᠬᠦ | ᠰᠣᠪᠢᠯᠠᠬᠤ ᠶᠢ ᠣᠶᠠᠯᠳᠣᠭᠤᠯᠣᠭᠰᠠᠨ︾ ᠡᠷᠡᠭᠦᠯᠵᠢᠯ ᠰᠣᠪᠢᠯᠠᠯ ᠤᠨ ᠣᠶᠢᠯᠠᠰ ᠤᠨ ᠲᠠᠭᠤᠷᠢᠶᠠᠯ ᠲᠣᠭᠤᠷᠢᠭ ᠪᠣᠯᠭᠠᠨ | ᠴᠣᠭᠴᠠᠯᠠᠨ᠎ᠠ᠃ ᠡᠷᠡᠭᠦᠯ ᠬᠠᠮᠠᠭᠠᠯᠠᠯ ᠤᠨ ᠬᠤᠷᠢᠶ᠎ᠡ ᠶᠢ ᠰᠢᠨ᠎ᠡ ᠪᠠᠷ 3 ᠪᠠᠶᠢᠭᠤᠯᠵᠣ᠂ ᠠᠯᠣᠰ ᠠᠴᠠ ᠣᠨᠣᠰᠢᠯᠠᠬᠤ᠂ | ᠲᠦᠯᠦᠪᠦᠷᠢ ᠦᠭᠡᠢ ᠪᠡᠶ᠎ᠡ ᠶᠢᠨ ᠪᠠᠶᠢᠴᠠᠭᠠᠯᠳᠠ᠂ ᠬᠦᠩᠭᠡᠵᠢᠬᠦ ᠨᠠᠰᠣᠨ ᠤ ᠡᠮᠡᠭᠳᠡᠶᠢᠴᠢᠳ ᠤᠨ ︽ᠬᠤᠶᠠᠷ ᠦᠮᠠᠨ︾ | ᠤ ᠵᠠᠷᠣᠳᠠᠯ ᠦᠯᠦ ᠬᠤᠷᠢᠶᠠᠬᠤ ᠰᠢᠭᠰᠢᠯ ᠪᠠᠶᠢᠴᠠᠭᠠᠯᠳᠠ᠂ ᠪᠠᠴᠢᠮ ᠠᠪᠣᠷᠠᠯᠳᠠ ᠶᠢᠨ ︽ᠡᠮ ᠤᠨ ᠬᠠᠶᠢᠷᠴᠠᠭ︾ | ᠲᠦᠭᠡᠭᠡᠬᠦ ᠵᠡᠷᠭᠡ ᠢᠨᠵᠧᠨᠧᠷᠢᠩ ᠢ ᠦᠷᠭᠦᠯᠵᠢᠯᠡᠨ ᠬᠡᠷᠡᠭᠵᠢᠭᠦᠯᠵᠣ᠂ ᠦᠨᠳᠦᠰᠦᠨ ᠡᠮ ᠡᠮᠴᠢᠯᠡᠭᠡᠨ ᠤ ᠣᠶᠢᠯᠡᠴᠢᠯᠡᠭᠡᠨ | ᠤ ᠨᠦᠬᠦᠴᠡᠯ ᠢ ᠰᠠᠶᠢᠵᠢᠷᠠᠭᠤᠯᠣᠨ᠎ᠠ᠃ ᠰᠤᠶᠤᠯ ᠢᠶᠠᠷ ᠠᠷᠠᠳ ᠢ ᠬᠠᠷᠠᠭᠠᠯᠵᠠᠬᠤ ᠢᠨᠵᠧᠨᠧᠷᠢᠩ ᠢ ᠭᠦᠨᠵᠡᠭᠡᠢ | ᠬᠡᠷᠡᠭᠵᠢᠭᠦᠯᠬᠦ ᠳᠠᠯ᠎ᠠ ᠪᠠᠷ᠂ ᠣᠷᠣᠨ ᠨᠣᠳᠤᠭ ᠤᠨ ᠰᠣᠶᠣᠯ ᠤᠨ ᠡᠬᠢ ᠰᠣᠷᠪᠣᠯᠵᠢ ᠶᠢᠨ ᠲᠠᠪᠠᠭᠤᠯᠢᠭ ᠢ ᠭᠦᠢᠴᠡᠳ | ᠠᠭᠤᠳᠠᠯᠠᠵᠣ᠂ ᠨᠢᠭᠡ ᠪᠦᠯᠦᠭ ᠰᠣᠶᠣᠯ ᠤᠨ ᠰᠣᠳᠣᠨ ᠪᠦᠳᠦᠭᠡᠯ ᠭᠠᠷᠭᠠᠵᠣ᠂ ︽ᠰᠣᠶᠣᠯ ᠣᠷᠠᠯᠢᠭ ᠢ ᠬᠦᠳᠡᠭᠡ | ᠪᠠᠭᠤᠯᠭᠠᠬᠤ︾ ᠠᠵᠢᠯᠯᠠᠭ᠎ᠠ ᠦᠷᠨᠢᠭᠦᠯᠵᠣ᠂ ᠠᠷᠠᠳ ᠤᠨ ᠣᠷᠠᠯᠢᠭ ᠤᠨ ᠠᠵᠣ ᠣᠶᠢᠯᠠᠰ ᠢ ᠲᠡᠮᠵᠢᠨ | ᠬᠦᠴᠦᠷᠭᠡᠭᠵᠢᠭᠦᠯᠵᠣ᠂ ᠪᠦᠬᠦ ᠠᠷᠠᠳ ᠢᠶᠠᠷ ᠢᠶᠠᠨ ᠪᠡᠶ᠎ᠡ ᠴᠢᠬᠢᠷᠠᠭᠵᠢᠭᠤᠯᠬᠤ ᠶᠢ ᠰᠣᠷᠳᠠᠯᠴᠢᠯᠠᠨ᠂ ᠲᠠᠮᠢᠷ ᠤᠨ | ᠣᠷᠣᠯᠳᠣᠭᠠᠨ ᠦᠷᠨᠢᠭᠦᠯᠵᠣ᠂ ᠣᠯᠠᠨ ᠲᠦᠮᠡᠨ ᠤ ᠰᠣᠶᠣᠯ ᠤᠨ ᠠᠮᠢᠳᠣᠷᠠᠯ ᠢ ᠪᠠᠶᠠᠯᠢᠭᠵᠢᠭᠤᠯᠣᠨ᠎ᠠ᠃ ᠠᠶᠣᠯᠬᠦᠢ | ᠣᠶᠢᠯᠠᠳᠪᠦᠷᠢᠯᠡᠯ᠂ ᠨᠡᠶᠢᠭᠡᠮ ᠤᠨ ᠵᠠᠰᠠᠯᠳᠠ᠂ ᠢᠳᠡᠭᠡᠨ ᠤ ᠠᠮᠣᠷ ᠲᠦᠪᠰᠢᠨ᠂ ᠠᠮᠣᠷ ᠠᠮᠣᠭᠤᠯᠠᠩ ᠡᠮᠦᠨᠡᠳᠦ | ᠣᠳᠤᠭ ᠤᠨ ᠪᠠᠶᠢᠭᠤᠯᠣᠯᠳᠠ ᠵᠡᠷᠭᠡ ᠡᠯ᠎ᠡ ᠲᠦᠷᠦᠯ ᠤᠨ ᠠᠵᠢᠯ ᠢ ᠰᠠᠶᠢᠳᠦᠷ ᠠᠳᠬᠤᠵᠣ᠂ ᠪᠦᠬᠦ ᠬᠤᠰᠢᠭᠤᠨ ᠤ | ᠠᠵᠣ ᠠᠬᠤᠢ ᠨᠡᠶᠢᠭᠡᠮ ᠤᠨ ᠬᠦᠭᠵᠢᠯᠳᠡ ᠳᠤ ᠣᠬᠢ ᠣᠷᠴᠢᠨ ᠪᠦᠷᠢᠯᠳᠦᠭᠦᠯᠦᠨ᠎ᠡ᠃ | ᠲᠦᠯᠤᠬᠡᠯᠡᠭᠴᠢᠤᠨ ᠡ᠂ 2017 ᠤᠨ ᠤ ᠠᠵᠤ ᠠᠬᠤᠢ ᠨᠠᠶᠢᠬᠡᠮ ᠤᠨ ᠬᠦᠭᠵᠢᠯᠳᠠ ᠶᠢᠨ ᠠᠵᠢᠯ ᠢ | ᠰᠠᠶᠢᠳᠤᠷ ᠬᠢᠬᠦ ᠳᠤ ᠡᠬᠦᠷᠬᠡ ᠬᠦᠨᠳᠤ ᠵᠠᠮ ᠬᠤᠯᠠ᠂ ᠤᠴᠢᠷ ᠤᠤᠠᠬ᠎ᠠ ᠬᠦᠨ ᠪᠤᠢ᠃ ᠪᠢᠳᠠ ᠬᠤᠰᠢᠭᠤ ᠨᠠᠮ ᠤᠨ | ᠬᠤᠷᠢᠶ᠎ᠠ᠂ ᠵᠠᠰᠠᠭ ᠤᠨ ᠤᠷᠳᠤᠨ ᠤ ᠭᠦᠴᠦᠳᠦ ᠤᠳᠤᠷᠢᠳᠤᠯᠭ᠎ᠠ ᠳᠤᠤᠷ᠎ᠠ ᠰᠢᠢᠤᠨᠮᠡᠭ ᠵᠤᠷᠢᠭ ᠢᠶᠠᠷ ᠪᠦᠯᠬᠦᠮᠳᠡᠨ | ᠲᠠᠮᠠᠴᠡᠵᠣ᠂ ᠰᠡᠳᠬᠢᠯ ᠨᠢᠭᠡᠳᠦᠨ ᠬᠦᠴᠦᠨ ᠬᠠᠮᠳᠣᠳᠬᠠᠵᠣ ᠬᠦᠴᠢᠷ ᠢ ᠢᠯᠡᠨ᠂ ᠠᠵᠣ ᠠᠬᠤᠢ ᠨᠡᠶᠢᠭᠡᠮ ᠤᠨ ᠡᠯ᠎ᠡ | ᠲᠦᠷᠦᠯ ᠤᠨ ᠬᠠᠷᠠᠯᠳᠡ ᠡᠬᠦᠷᠭᠡ ᠪᠠᠨ ᠪᠦᠬᠦ ᠲᠠᠯ᠎ᠠ ᠪᠠᠷ ᠪᠡᠶᠡᠯᠡᠭᠦᠯᠵᠣ᠂ ᠠᠵᠣ ᠠᠮᠢᠳᠣᠷᠠᠯ ᠴᠢᠨᠡᠭᠡᠯᠢᠭ᠂ ᠣᠶᠣᠨ | ᠰᠠᠨᠠᠭ᠎ᠠ ᠪᠣᠯᠪᠠᠰᠣᠨ᠂ ᠠᠮᠢ ᠠᠬᠤᠢ ᠵᠣᠬᠢᠴᠠᠯᠳᠠᠢ᠂ ᠡᠮᠬᠢ ᠵᠢᠷᠦᠮ ᠰᠠᠶᠢᠨ ᠦᠵᠡᠰᠭᠦᠯᠡᠩᠳᠦ ᠰᠠᠶᠢᠬᠠᠨ ᠡᠮᠦᠨᠡᠳᠦ | ᠣᠳᠤᠭ ᠢ ᠪᠠᠶᠢᠭᠤᠯᠬᠤ ᠪᠠᠷ ᠬᠦᠴᠦᠨ ᠴᠢᠳᠠᠯ ᠢᠶᠠᠨ ᠨᠡᠮᠡᠷᠢᠯᠡᠰᠦᠭᠡᠢ︕ | |