—— 2016 ᠤᠨ ᠤ 1 ᠰᠠᠷ᠎ᠠ ᠶᠢᠨ 31 ᠤ ᠡᠳᠤᠷ ᠤᠳᠤᠭ ᠤᠨ ᠡᠮᠤᠨᠡᠳᠤ ᠬᠤᠰᠢᠭᠤᠨ ᠤ ᠶᠢᠰᠤᠳᠤᠬᠡᠷ | ᠬᠤᠭᠤᠴᠠᠭᠠᠨ ᠤ ᠠᠷᠠᠤᠨ ᠤᠨ ᠲᠦᠯᠦᠬᠡᠯᠡᠭᠴᠢᠤᠨ ᠤᠨ ᠶᠡᠭᠡ ᠬᠤᠷᠠᠯ ᠤᠨ ᠲᠠᠪᠣᠳᠦᠭᠠᠷ ᠬᠤᠷᠠᠯᠳᠤᠭᠠᠨ ᠳᠡᠬᠡᠷ᠎ᠠ | | | ᠤᠳᠤᠭ ᠤᠨ ᠡᠮᠤᠨᠡᠳᠤ ᠬᠤᠰᠢᠭᠤᠨ ᠤ ᠠᠷᠠᠤᠨ ᠤᠨ | ᠵᠠᠰᠠᠭ ᠤᠨ ᠤᠷᠳᠤᠨ ᠤ ᠬᠤᠰᠢᠭᠤ ᠳᠠᠷᠤᠭ᠎ᠠ | | ᠵᠢᠷᠭᠠᠯᠳᠤ | | ᠲᠦᠯᠦᠬᠡᠯᠡᠭᠴᠢᠤᠨ ᠡ᠄ | ᠡᠳᠤᠬᠡ ᠪᠢ ᠬᠤᠰᠢᠭᠤᠨ ᠤ ᠠᠷᠠᠤᠨ ᠤᠨ ᠵᠠᠰᠠᠭ ᠤᠨ ᠤᠷᠳᠤᠨ ᠢ ᠲᠦᠯᠤᠬᠡᠯᠡᠨ ᠠᠵᠢᠯ ᠤᠨ ᠢᠯᠡᠤᠨᠬᠡᠯ ᠬᠢᠶ᠎ᠠ᠂ | ᠲᠥᠯᠥᠭᠡᠯᠡᠭᠴᠢᠳ ︽ᠣᠳᠤᠭ ᠤᠨ ᠡᠮᠦᠨᠡᠳᠦ ᠬᠤᠰᠢᠭᠤᠨ ᠤ ᠣᠯᠣᠰ ᠠᠷᠠᠳ ᠤᠨ ᠠᠵᠣ ᠠᠬᠤᠢ ᠪᠣᠯᠣᠨ ᠨᠡᠶᠢᠭᠡᠮ | ᠤᠨ ᠬᠦᠭᠵᠢᠯᠳᠠ ᠶᠢᠨ ᠠᠷᠪᠠᠨ ᠭᠤᠷᠪᠠᠳᠦᠭᠠᠷ ᠲᠠᠪᠣᠨ ᠵᠢᠯ ᠤᠨ ᠲᠦᠯᠦᠪᠵᠢᠭᠦᠯᠭᠡ ᠶᠢᠨ ᠬᠦᠳᠦᠯᠡᠪᠦᠷᠢ ᠶᠢᠨ ᠲᠣᠪᠴᠢ | ︵ᠲᠦᠰᠦᠪ︶︾ ᠶᠢᠨ ᠬᠠᠮᠳᠦ ᠬᠢᠨᠠᠨ ᠵᠦᠪᠯᠡᠵᠤ᠂ ᠤᠯᠤᠰ ᠲᠦᠷᠤ ᠶᠢᠨ ᠵᠦᠪᠯᠡᠯᠬᠡᠨ ᠤ ᠬᠡᠰᠢᠬᠦᠤᠨ ᠪᠤᠯᠤᠨ ᠰᠤᠯᠠ | ᠤᠷᠤᠯᠴᠠᠭᠰᠠᠤᠨ ᠰᠠᠨᠠᠯ ᠢᠶᠠᠨ ᠳᠡᠪᠰᠢᠬᠦᠯᠬᠦ ᠪᠤᠯᠪᠠᠤ᠃ | ᠨᠢᠭᠡ᠂ 2015 ᠤᠨ ᠵᠢᠴᠢ ︽ᠠᠷᠪᠠᠨ ᠬᠤᠶᠠᠳᠦᠭᠠᠷ ᠲᠠᠪᠣᠨ ᠵᠢᠯ︾ ᠤᠨ ᠬᠤᠭᠤᠴᠠᠭᠠᠨ ᠤ ᠠᠵᠢᠯ ᠤᠨ | ᠡᠷᠬᠢᠴᠡᠬᠦᠯᠤᠯ | 2015 ᠣᠨ ᠪᠣᠯ ᠮᠠᠨ ᠤ ᠬᠤᠰᠢᠭᠤᠨ ᠤ ᠬᠦᠭᠵᠢᠯᠳᠠ ᠶᠢᠨ ᠠᠬᠢᠴᠠ ᠳᠠᠬᠢ ᠶᠡᠷᠦ ᠪᠣᠰᠣ ᠨᠢᠭᠡ ᠵᠢᠯ ᠪᠣᠯᠣᠨ᠎ᠠ | ᠃ ᠪᠣᠳᠣᠯᠢᠶᠠᠨᠳᠦ ᠪᠠᠶᠢᠳᠠᠯ ᠪᠣᠯᠣᠨ ᠬᠠᠳᠠᠭᠤ ᠦᠷᠢᠰᠦᠯᠳᠦᠭᠡᠨ ᠳᠤ ᠬᠠᠨᠳᠣᠵᠣ᠂ ᠬᠤᠰᠢᠭᠤ ᠠᠷᠠᠳ ᠤᠨ ᠵᠠᠰᠠᠭ ᠤᠨ | ᠣᠷᠳᠣᠨ ᠲᠡᠭᠡᠳᠦ ᠱᠠᠳᠣᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠪᠠ ᠬᠤᠰᠢᠭᠤᠨ ᠤ ᠨᠠᠮ ᠤᠨ ᠬᠤᠷᠢᠶᠠᠨ | ᠤ ᠰᠢᠢᠤᠨᠪᠤᠷᠢ ᠳᠤᠬᠢᠷᠠᠭᠤᠯᠭ᠎ᠠ ᠶᠢ ᠪᠦᠬᠦ ᠳᠠᠯ᠎ᠠ ᠪᠠᠷ ᠪᠤᠳᠠᠳᠠᠶᠢᠵᠢᠭᠤᠯᠵᠤ᠂ ᠬᠤᠰᠢᠭᠤᠨ ᠤ ᠠᠷᠠᠤᠨ ᠤᠨ | ᠲᠦᠯᠤᠬᠡᠯᠡᠭᠴᠢᠤᠨ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠶᠢᠨ ᠬᠠᠣᠯᠢ ᠶᠢᠨ ᠬᠢᠨᠠᠯᠳᠠ ᠪᠠ ᠤᠯᠤᠰ ᠲᠦᠷᠤ | ᠶᠢᠨ ᠵᠦᠪᠯᠡᠯᠬᠡᠨ ᠤ ᠠᠷᠠᠳᠴᠢᠯᠠᠯ ᠤᠨ ᠬᠢᠨᠠᠯᠳᠠ ᠲᠣᠣᠷ᠎ᠠ᠂ ᠠᠵᠣ ᠠᠬᠤᠢ ᠶᠢᠨ ᠬᠦᠭᠵᠢᠯᠳᠠ ᠶᠢᠨ ᠰᠢᠨ᠎ᠠ ᠬᠡᠪ | ᠪᠠᠶᠢᠳᠠᠯ ᠳᠤ ᠢᠳᠡᠪᠬᠢᠳᠠᠢ ᠵᠣᠬᠢᠴᠠᠨ ᠦᠭᠡᠷᠡᠴᠢᠯᠠᠯᠳᠠ ᠬᠦᠭᠵᠢᠯᠳᠠ ᠲᠣᠭᠳᠠᠭᠤᠨ ᠤ ᠡᠯ᠎ᠡ ᠲᠦᠷᠦᠯ ᠤᠨ ᠠᠵᠢᠯ ᠢ | ᠨᠢᠭᠡᠳᠦᠯᠳᠡᠢ ᠲᠦᠯᠦᠪᠵᠢᠭᠦᠯᠦᠨ ᠰᠠᠶᠢᠳᠦᠷ ᠠᠳᠬᠤᠵᠣ᠂ ᠶᠢᠰᠤᠳᠤᠬᠡᠷ ᠬᠤᠭᠤᠴᠠᠭᠠᠨ ᠤ ᠠᠷᠠᠤᠨ ᠤᠨ | ᠲᠦᠯᠤᠬᠡᠯᠡᠭᠴᠢᠤᠨ ᠤᠨ ᠶᠡᠭᠡ ᠬᠤᠷᠠᠯ ᠤᠨ ᠲᠦᠷᠪᠡᠳᠦᠭᠡᠷ ᠬᠤᠷᠠᠯᠳᠤᠭᠠᠨ ᠳᠡᠬᠡᠷ᠎ᠠ ᠳᠤᠭᠳᠠᠭᠠᠭᠰᠡᠨ ᠬᠠᠷᠠᠯᠳᠠ | ᠡᠬᠦᠷᠬᠡ ᠪᠠᠨ ᠠᠮᠵᠢᠯᠳᠠ ᠲᠠᠢ ᠪᠡᠶᠡᠯᠡᠭᠦᠯᠵᠣ᠂ ᠠᠵᠣ ᠠᠬᠤᠢ ᠨᠡᠶᠢᠭᠡᠮ ᠤᠨ ᠬᠦᠭᠵᠢᠯᠳᠠ ᠶᠢᠨ ᠰᠢᠨ᠎ᠡ ᠠᠮᠵᠢᠯᠳᠠ ᠶᠢ | ᠣᠯᠣᠭᠰᠠᠨ ᠪᠠᠶᠢᠨ᠎ᠠ᠃ | ︵ᠨᠢᠭᠡ︶ ᠠᠵᠣ ᠠᠬᠤᠢ ᠶᠢᠨ ᠲᠣᠭᠳᠠᠭᠤᠨ ᠨᠡᠮᠡᠭᠳᠡᠯ ᠢ ᠪᠡᠶᠡᠯᠡᠬᠦᠯᠪᠠ᠃ ᠭᠠᠵᠠᠷ ᠤᠷᠤᠨ ᠤ ᠥᠢᠯᠡᠳᠪᠥᠷᠢᠯᠡᠯ | ᠤᠨ ᠶᠡᠷᠥᠩᠭᠡᠢ ᠥᠷᠳᠡᠭ 129 ᠳ᠋ᠦᠩᠰᠢᠭᠤᠷ ᠲᠦᠬᠦᠷᠢᠭ ᠲᠤ ᠬᠦᠷᠴᠤ᠂ 9.7% ᠨᠡᠮᠡᠭᠳᠡᠪᠠ︔ ᠨᠠᠶᠢᠳᠠ ᠶᠢᠨ | ᠡᠳ᠋ ᠤᠨ ᠵᠠᠰᠠᠭ ᠤᠨ ᠲᠦᠰᠤᠪ ᠤᠨ ᠤᠷᠤᠯᠭ᠎ᠠ 16 ᠳ᠋ᠥᠩᠰᠢᠭᠤᠷ ᠲᠥᠭᠦᠷᠢᠭ ᠲᠤ ᠭᠥᠷᠥᠨ᠂ 8.9% ᠨᠡᠮᠡᠭᠳᠡᠪᠠ | ︔ ᠲᠤᠭᠳᠠᠮᠠᠯ ᠭᠥᠷᠥᠩᠭᠡ ᠶᠢᠨ ᠪᠡᠯᠡ ᠤᠷᠤᠭᠤᠯᠤᠯᠳᠠ 232 ᠳ᠋ᠦᠩᠰᠢᠭᠤᠷ ᠲᠦᠬᠦᠷᠢᠭ ᠲᠤ ᠬᠦᠷᠴᠤ᠂ 16% | ᠨᠡᠮᠡᠭᠳᠠᠪᠠ︔ ᠨᠠᠶᠢᠬᠡᠮ ᠤᠨ ᠬᠡᠷᠡᠭᠯᠡᠬᠡᠨ ᠤ ᠳᠠᠸᠠᠷ ᠤᠨ ᠵᠢᠵᠢᠭᠯᠡᠨ ᠪᠤᠷᠤᠯᠠᠭᠤᠯᠤᠭᠰᠡᠨ ᠶᠡᠷᠤᠩᠬᠡᠢ ᠦᠷᠳᠡᠭ 20.4 | ᠳ᠋ᠦᠩᠰᠢᠭᠤᠷ ᠲᠦᠬᠦᠷᠢᠭ ᠲᠤ ᠬᠦᠷᠤᠨ᠂ 8% ᠨᠡᠮᠡᠭᠳᠡᠪᠠ︔ ᠬᠤᠳᠠ ᠬᠦᠳᠡᠭᠡ ᠶᠢᠨ ᠰᠠᠭᠤᠭᠠᠯᠢ ᠠᠷᠠᠤᠨ ᠤᠨ | ᠤᠷᠤᠯᠭ᠎ᠠ ᠳᠤᠰᠪᠤᠷᠢ 35545 ᠲᠦᠬᠦᠷᠢᠭ ᠪᠠ 14501 ᠲᠦᠬᠦᠷᠢᠭ ᠲᠤ ᠬᠦᠷᠴᠤ᠂ 7.4% ᠪᠠ 7.6% | ᠨᠡᠮᠡᠭᠳᠡᠪᠠ᠃ ᠠᠵᠣ ᠠᠬᠤᠢ ᠶᠢᠨ ᠭᠤᠣᠯ ᠵᠢᠭᠠᠯᠳᠠ ᠵᠢᠱᠢᠯᠳᠠ ᠠᠴᠠ ᠦᠨᠳᠦᠷ ᠪᠣᠯᠵᠣ᠂ ᠡᠬᠦᠨ ᠳᠤ ᠭᠠᠵᠠᠷ ᠣᠷᠣᠨ | ᠤ ᠤᠶᠢᠯᠡᠤᠨᠪᠤᠷᠢᠯᠡᠯ ᠤᠨ ᠶᠡᠷᠦᠩᠭᠡᠢ ᠦᠷᠳᠡᠭ᠂ ᠲᠣᠭᠳᠠᠮᠠᠯ ᠬᠦᠷᠦᠩᠭᠡ ᠶᠢᠨ ᠪᠡᠯᠡ ᠤᠷᠤᠭᠤᠯᠤᠯᠳᠠ ᠪᠤᠯᠤᠨ ᠬᠤᠳᠠ | ᠪᠠᠯᠭᠠᠰᠤᠨ ᠤ ᠰᠠᠭᠤᠭᠠᠯᠢ ᠠᠷᠠᠤᠨ ᠤᠨ ᠤᠷᠤᠯᠭ᠎ᠠ ᠶᠢᠨ ᠨᠡᠮᠡᠭᠳᠡᠯ ᠤᠨ ᠬᠤᠷᠳᠤᠴᠠ ᠴᠦᠮ ᠪᠦᠬᠦ ᠬᠤᠳᠠ ᠳᠤ ᠪᠠᠨ | ᠲᠡᠷᠢᠭᠦᠯᠡᠨ᠂ ᠨᠠᠶᠢᠳᠠ ᠶᠢᠨ ᠡᠳ᠋ ᠤᠨ ᠵᠠᠰᠠᠭ ᠤᠨ ᠲᠦᠰᠤᠪ ᠤᠨ ᠤᠷᠤᠯᠭ᠎ᠠ ᠶᠢᠨ ᠨᠡᠮᠡᠭᠳᠡᠯ ᠤᠨ ᠬᠤᠷᠳᠣᠴᠠ ᠪᠦᠬᠦ | ᠬᠤᠳᠠ ᠳᠤ ᠪᠠᠨ ᠬᠤᠶᠠᠳᠦᠭᠠᠷ ᠲᠤ ᠤᠷᠤᠵᠤ᠂ ᠮᠠᠯᠴᠢᠨ ᠳᠠᠷᠢᠶᠠᠴᠢᠤᠨ ᠤᠨ ᠬᠦᠮᠤᠨ ᠳᠤᠮᠳᠠᠴᠢ ᠶᠢᠨ ᠣᠷᠣᠯᠭ᠎ᠠ | ᠶᠢᠨ ᠶᠡᠷᠦᠩᠬᠡᠢ ᠬᠡᠮᠵᠢᠶ᠎ᠠ ᠪᠣᠯᠣᠨ ᠨᠡᠮᠡᠭᠳᠡᠯ ᠤᠨ ᠬᠡᠮᠵᠢᠶ᠎ᠠ ︽ᠬᠤᠤᠰ ᠨᠢᠬᠡᠳᠤᠬᠡᠷ︾ ᠪᠠᠶᠢᠷᠢ ᠡᠵᠡᠯᠡᠪᠠ᠃ | ︵ᠬᠤᠶᠠᠷ︶ ᠬᠡᠯᠪᠡᠷᠢ ᠶᠢ ᠬᠤᠪᠢᠷᠠᠭᠤᠯᠬᠤ ᠲᠡᠰ ᠲᠡᠪᠰᠢᠯᠳᠠ ᠢᠡᠯᠡᠷᠬᠡᠢ ᠪᠦᠳᠦᠮᠵᠢᠳᠠᠢ ᠪᠣᠯᠪᠠ᠃ ᠨᠡᠬᠦᠷᠡᠰᠤ᠂ | ᠨᠡᠬᠦᠷᠡᠰᠤᠨ ᠬᠢᠮᠢ᠂ ᠰᠢᠳᠠᠮᠠᠬᠠᠢ ᠬᠡᠢ ᠶᠢᠨ ᠭᠠᠷᠤᠯᠳᠠ ᠳᠤᠰᠪᠤᠷᠢ 1000 ᠲᠦᠮᠡᠨ ᠳᠤᠨ᠂ 110 ᠲᠦᠮᠡᠨ ᠳᠤᠨ | ᠪᠠ 49 ᠳ᠋ᠦᠩᠰᠢᠭᠤᠷ ᠺᠦᠪ ᠮᠧᠲᠷ ᠬᠦᠷᠴᠤ᠂ ᠠᠵᠤ ᠤᠶᠢᠯᠡᠤᠨᠪᠤᠷᠢ ᠶᠢᠨ ᠣᠶᠢᠯᠠᠳᠪᠦᠷᠢᠯᠠᠯ ᠤᠨ ᠶᠡᠷᠦᠩᠬᠡᠢ | ᠦᠷᠳᠡᠭ 280 ᠳ᠋ᠦᠩᠰᠢᠭᠤᠷ ᠲᠦᠬᠦᠷᠢᠭ ᠲᠤ ᠬᠦᠷᠴᠦ᠂ 13.9% ᠨᠡᠮᠡᠭᠳᠡᠪᠡ᠃ ᠮᠠᠯ ᠤᠨ ᠶᠡᠷᠦᠩᠬᠡᠢ ᠲᠤᠭ᠎ᠠ | ᠪᠣᠯᠣᠨ ᠪᠤᠷᠤᠯᠠᠭᠤᠯᠤᠯᠳᠠ ᠲᠣᠰᠪᠦᠷᠢ 236 ᠲᠦᠮᠡ ᠪᠠ 143 ᠲᠦᠮᠡ ᠬᠦᠷᠴᠦ᠂ ᠲᠠᠷᠢᠮᠠᠯ ᠤᠨ ᠶᠡᠷᠦᠩᠬᠡᠢ | ᠲᠠᠯᠠᠪᠠᠢ 53 ᠲᠦᠮᠡᠨ ᠮᠣ᠋᠂ ᠣᠨᠴᠠᠯᠢᠭᠳᠦ ᠠᠵᠣ ᠠᠬᠤᠢ ᠶᠢᠨ ᠲᠠᠷᠢᠮᠠᠯ ᠤᠨ ᠲᠠᠯᠠᠪᠠᠢ 6 ᠲᠦᠮᠡᠨ ᠮᠣ᠋ ᠬᠦᠷᠴᠦ᠂ | ᠾᠧᠩ ᠺᠧ᠂ ᠮᠧᠩ ᠯᠢ᠂ ᠵᠦᠩ ᠴᠤᠸᠠᠨ ᠵᠡᠷᠬᠡ ᠲᠣᠯᠣᠭᠠᠶᠢᠯᠠᠭᠴᠢ ᠠᠵᠣ ᠠᠬᠤᠶᠢᠯᠠᠯ ᠤᠨ ᠲᠠᠶᠢᠴᠢᠯᠠᠬᠤ ᠦᠷ᠎ᠡ | ᠠᠰᠢᠭ ᠢᠯᠡᠷᠬᠡᠢ ᠪᠣᠯᠵᠣ᠂ ᠮᠠᠨ ᠤ ᠬᠤᠰᠢᠭᠤ ᠪᠦᠬᠦ ᠣᠷᠣᠨ ᠤ ᠮᠠᠯ ᠲᠠᠷᠢᠶᠠᠯᠠᠩ ᠤᠨ ᠪᠦᠳᠦᠭᠳᠡᠭᠦᠨ ᠤ ᠪᠦᠬᠦ ᠠᠵᠣ | ᠣᠶᠢᠯᠠᠰ ᠤᠨ ᠬᠡᠯᠬᠢᠶ᠎ᠡ ᠶᠢᠨ ᠭᠡᠳᠡᠷᠬᠦ ᠨᠡᠭᠡᠮᠵᠢᠯᠡᠬᠦ ᠰᠢᠰᠲ᠋ᠧᠮ ᠪᠣᠯᠣᠨ ᠮᠠᠯ ᠠᠵᠣ ᠠᠬᠤᠢ ᠶᠢᠨ ᠪᠦᠬᠦ ᠶᠠᠪᠣᠴᠠ ᠶᠢᠨ | ᠮᠠᠰᠢᠨᠴᠢᠯᠠᠯᠳᠠ ᠶᠢᠨ ᠲᠣᠷᠰᠢᠯᠳᠠ ᠶᠢᠨ ᠬᠤᠰᠢᠭᠤ ᠪᠠᠷ ᠲᠣᠭᠳᠠᠭᠠᠭᠳᠠᠪᠠ᠃ ᠰᠣᠶᠣᠯ ᠵᠢᠭᠤᠯᠴᠢᠯᠠᠯ᠂ ᠡᠯᠧᠺᠲᠷᠣᠨ | ᠠᠷᠠᠯᠵᠢᠶ᠎ᠠ᠂ ᠪᠣᠳᠠᠰ ᠤᠨ ᠭᠦᠢᠯᠭᠡᠭᠡ ᠲᠦᠷᠭᠡᠨ ᠲᠠᠮᠵᠢᠭᠤᠯᠭ᠎ᠠ᠂ ᠡᠷᠡᠭᠦᠯᠵᠢᠯ ᠰᠣᠪᠢᠯᠠᠯᠳᠠ ᠵᠡᠷᠬᠡ ᠠᠵᠣ ᠣᠶᠢᠯᠠᠰ | ᠲᠦᠷᠬᠡᠨ ᠬᠦᠭᠵᠢᠵᠣ᠂ ᠡᠮ ᠡᠮᠨᠡᠯᠭᠡ᠂ ᠨᠠᠰᠦᠵᠢᠯ᠂ ᠡᠷᠡᠭᠦᠯᠵᠢᠯ ᠰᠣᠪᠢᠯᠠᠯᠳᠠ ︽ᠭᠤᠷᠪᠠ ᠶᠢ ᠴᠣᠭᠴᠠᠵᠢᠭᠤᠯᠣᠭᠰᠠᠨ | ︾ ᠣᠯᠵᠠᠴᠢ ᠪᠠᠯᠭᠠᠰᠤᠨ ᠤ ᠶᠡᠷᠦᠩᠬᠡᠶᠢᠯᠡᠭᠰᠡᠨ ᠠᠰᠠᠷᠠᠮᠵᠢ ᠶᠢᠨ ᠬᠦᠷᠢᠶᠡᠯᠠᠩ ᠠᠰᠢᠭᠯᠠᠯᠳᠠ ᠳᠤ ᠣᠷᠣᠵᠣ᠂ 1.75 | ᠲᠦᠮᠡᠨ ᠬᠦᠮᠦᠨ ᠣᠳᠠᠭ᠎ᠠ ᠶᠢᠨ ᠰᠡᠳᠬᠢᠴᠠ ᠶᠢᠨ ᠵᠢᠯᠣᠭᠤᠳᠣᠯᠭ᠎ᠠ ᠬᠢᠪᠠ︔ ᠪᠦᠬᠦ ᠵᠢᠯ 67.3 ᠲᠦᠮᠡᠨ ᠬᠦᠮᠦᠨ | ᠣᠳᠠᠭ᠎ᠠ ᠶᠢᠨ ᠵᠢᠭᠤᠯᠴᠢᠯᠠᠭᠰᠠᠳ ᠢ ᠬᠦᠯᠢᠶᠡᠨ ᠵᠤᠴᠢᠯᠡᠵᠤ᠂ 19.2 ᠳ᠋ᠦᠩᠰᠢᠭᠤᠷ ᠲᠦᠬᠦᠷᠢᠭ ᠤᠨ ᠵᠢᠭᠤᠯᠴᠢᠯᠠᠯ | ᠤᠨ ᠣᠷᠣᠯᠭ᠎ᠠ ᠣᠯᠪᠠ︔ ᠮᠦᠩᠭᠦᠨ ᠭᠦᠢᠯᠭᠡᠭᠡᠨ ᠤ ᠬᠠᠳᠠᠭᠠᠯᠠᠮᠵᠢ ᠵᠢᠭᠡᠯᠡᠯᠭᠡ ᠶᠢᠨ ᠦᠯᠡᠳᠡᠪᠦᠷᠢ ᠲᠣᠰᠪᠦᠷᠢ 33.2 | ᠳ᠋ᠦᠩᠰᠢᠭᠤᠷ ᠲᠦᠬᠦᠷᠢᠭ ᠪᠠ 27 ᠳ᠋ᠦᠩᠰᠢᠭᠤᠷ ᠲᠦᠬᠦᠷᠢᠭ ᠬᠦᠷᠪᠠ᠃ | ︵ᠭᠤᠷᠪᠠ︶ ᠠᠵᠤ ᠤᠶᠢᠯᠡᠤᠨᠪᠤᠷᠢ ᠶᠢᠨ ᠲᠦᠷᠤᠯ ᠵᠦᠢᠯ ᠪᠦᠬᠦ ᠳᠠᠯ᠎ᠠ ᠪᠠᠷ ᠠᠬᠢᠪᠠ᠃ ᠱᠠᠩᠬᠠᠢ ᠶᠢᠨ ᠰᠦᠮ᠎ᠠ | ᠠᠴᠠ ᠱᠠᠨᠳᠦ᠋ᠩ ᠬᠦᠷᠬᠦ ᠣᠨᠴᠠ ᠦᠨᠳᠦᠷ ᠲᠠᠷᠣᠯᠳᠠᠳᠦ ᠴᠠᠬᠢᠯᠭᠠᠨ ᠬᠦᠷᠬᠡᠬᠦ ᠱᠤᠭᠤᠮ ᠣᠯᠣᠰ ᠤᠨ ᠦᠭᠡᠷᠡᠴᠢᠯᠠᠯᠳᠠ | ᠬᠦᠭᠵᠢᠭᠦᠯᠦᠯᠳᠠ ᠶᠢᠨ ᠵᠦᠪᠯᠠᠯ ᠤᠨ ᠵᠦᠪᠰᠢᠶᠠᠷᠠᠯ ᠢ ᠣᠯᠵᠣ ᠪᠠᠷᠢᠯᠭ᠎ᠠ ᠡᠬᠢᠯᠠᠨ᠂ ᠲᠠᠪᠣᠨ 2× 100 ᠲᠦᠮᠡᠨ | ᠺᠢᠯᠤᠸᠠᠲ ᠤᠨ ᠲᠦᠬᠦᠷ ᠴᠠᠬᠢᠯᠭᠠᠨ ᠣᠶᠢᠯᠠᠳᠪᠦᠷᠢ ᠶᠢ ᠢᠵᠢᠯ ᠠᠯᠬᠤᠮ ᠢᠶᠠᠷ ᠠᠬᠢᠭᠤᠯᠵᠣ᠂ ᠬᠤᠸᠠ ᠰᠢᠩ ᠤᠨ | ᠨᠡᠬᠦᠷᠡᠰᠤ ᠪᠠᠷ ᠰᠢᠳᠠᠮᠠᠬᠠᠢ ᠬᠡᠢ ᠤᠶᠢᠯᠡᠤᠨᠬᠦ ᠲᠦᠷᠦᠯ ᠵᠣᠶᠢᠯ ᠣᠷᠣᠭᠰᠢᠳᠠᠢ ᠶᠠᠪᠣᠭᠳᠠᠵᠣ᠂ ᠱᠠᠩᠬᠠᠢ ᠶᠢᠨ ᠰᠦᠮ᠎ᠠ | ᠡᠨᠧᠷᠬᠢ ᠬᠢᠮᠢ ᠶᠢᠨ ᠰᠠᠭᠤᠷᠢᠨ ᠤ ᠬᠦᠭᠵᠢᠯᠳᠠ ᠠᠮᠢᠳᠣᠯᠢᠭ ᠬᠦᠴᠦᠨ ᠪᠠᠳᠠᠷᠠᠵᠣ᠂ ᠣᠯᠣᠰ ᠤᠨ ᠠᠩᠬᠠᠳᠠᠭᠴᠢ ᠠᠮᠢ | ᠠᠬᠤᠶᠢᠴᠢ ᠠᠵᠣ ᠣᠶᠢᠯᠠᠳᠪᠦᠷᠢ ᠶᠢᠨ ᠲᠠᠭᠤᠷᠢᠶᠠᠯ ᠬᠦᠷᠢᠶᠡᠯᠡᠩ ᠢ ᠴᠣᠭᠴᠠᠯᠠᠵᠣ ᠪᠣᠢ᠃ ᠺᠧ ᠰᠧ᠂ ᠶᠠ ᠬᠠᠢ ᠶᠢᠨ | LNG ᠲᠦᠷᠦᠯ ᠵᠣᠶᠢᠯ ᠤᠨ ᠬᠡᠢ ᠬᠡᠷᠡᠭᠯᠡᠬᠦ ᠵᠢᠭᠠᠯᠳᠠ ᠵᠦᠪᠰᠢᠶᠠᠷᠠᠯ ᠣᠯᠵᠣ᠂ ᠱᠢ ᠳ᠋ᠠ ᠴᠡᠪᠡᠷ ᠡᠨᠧᠷᠬᠢ ᠶᠢᠨ | ᠨᠢᠭᠡᠳᠦᠭᠡᠷ ᠬᠤᠭᠤᠴᠠᠭᠠᠨ ᠤ 20 ᠲᠦᠮᠡᠨ ᠲᠣᠨ LNG ᠲᠦᠷᠦᠯ ᠵᠣᠶᠢᠯ ᠲᠣᠷᠰᠢᠨ ᠣᠶᠢᠯᠠᠳᠪᠦᠷᠢᠯᠠᠬᠦ ᠨᠦᠬᠦᠴᠡᠯ | ᠪᠦᠷᠢᠳᠴᠦ᠂ LNG ᠲᠦᠷᠦᠯ ᠵᠣᠶᠢᠯ ᠤᠨ ᠪᠠᠶᠢᠭᠤᠯᠵᠣ ᠪᠠᠶᠢᠭ᠎ᠠ ᠬᠡᠪᠴᠢᠶ᠎ᠡ 100 ᠲᠦᠮᠡᠨ ᠲᠣᠨ ᠢ ᠲᠠᠪᠠᠪᠠ︔ | ︽ᠰᠢᠨ᠎ᠠ ᠡᠨᠧᠷᠬᠢ ᠶᠢ ᠨᠡᠬᠡᠬᠡᠨ ᠠᠰᠢᠭᠯᠠᠬᠤ ᠲᠦᠯᠤᠪᠵᠢᠬᠦᠯᠬᠡ︾ ᠶᠢ ᠨᠠᠶᠢᠷᠠᠭᠤᠯᠵᠣ ᠲᠠᠭᠤᠰᠬᠠᠨ᠂ ᠰᠠᠯᠬᠢᠨ | ᠴᠠᠬᠢᠯᠭᠠᠨ ᠨᠠᠷᠠᠨ ᠡᠨᠧᠷᠬᠢ ᠶᠢᠨ ᠲᠦᠷᠦᠯ ᠵᠣᠶᠢᠯ ᠤᠨ ᠡᠮᠦᠨ᠎ᠡ ᠬᠤᠭᠤᠴᠠᠭᠠᠨ ᠤ ᠠᠵᠢᠯ ᠲᠦᠷᠬᠡᠨ ᠠᠬᠢᠵᠣ᠂ ᠷᠦᠨ | ᠪᠦᠸᠧ ᠶᠢᠨ 33 ᠰᠡᠶᠠ ᠸᠠᠲ ᠤᠨ ᠨᠠᠷᠠᠨ ᠴᠠᠬᠢᠯᠭᠠᠨ ᠤ ᠲᠦᠷᠤᠯ ᠵᠦᠢᠯ ᠴᠠᠬᠢᠯᠭᠠᠨ ᠭᠠᠷᠭᠠᠵᠣ ᠡᠬᠢᠯᠡᠨ᠂ ᠠᠵᠣ | ᠠᠬᠤᠢ ᠶᠢᠨ ᠬᠦᠭᠵᠢᠯᠳᠠ ᠶᠢᠨ ᠨᠦᠬᠡᠴᠠ ᠬᠦᠴᠦᠨ ᠢᠯᠡᠳᠳᠠ ᠴᠢᠩᠭᠠᠳᠪᠠ᠃ | ︵ᠲᠦᠷᠪᠠ︶ ᠨᠢᠭᠡᠳᠦᠯᠳᠡᠢ ᠲᠦᠯᠦᠪᠵᠢᠭᠦᠯᠦᠭᠰᠡᠨ ᠬᠦᠭᠵᠢᠯᠳᠠ ᠲᠦᠷᠬᠡᠳᠪᠡ᠃ ︽ᠠᠷᠪᠠ ᠶᠢ ᠨᠡᠶᠢᠳᠡᠮ | ᠪᠡᠶᠡᠯᠡᠭᠦᠯᠬᠦ︾ ᠪᠠ ᠣᠷᠴᠢᠨ ᠲᠣᠭᠤᠷᠢᠨ ᠤ ᠴᠡᠭᠴᠡᠯᠡᠯᠳᠠ ᠳᠤ 8.6 ᠳ᠋ᠦᠩᠰᠢᠭᠤᠷ ᠲᠦᠬᠦᠷᠢᠭ ᠪᠡᠯᠡ ᠣᠷᠣᠭᠤᠯᠵᠣ᠂ | 3700 ᠡᠷᠦᠬᠡ ᠶᠢᠨ ᠡᠨᠧᠷᠬᠢ ᠠᠷᠪᠢᠯᠠᠬᠤ ᠦᠭᠡᠷᠡᠴᠢᠯᠠᠯᠳᠠ᠂ 3000 ᠡᠷᠦᠬᠡ ᠨᠣᠷᠠᠬᠤ ᠠᠶᠣᠯ ᠲᠠᠢ ᠭᠡᠷ ᠤᠨ | ᠦᠭᠡᠷᠡᠴᠢᠯᠡᠯᠳᠠ ᠶᠢ ᠪᠡᠶᠡᠯᠭᠦᠯᠵᠣ᠂ 193 ᠺᠢᠯᠦᠮᠧᠲᠷ ᠵᠡᠭᠡᠯᠢ ᠭᠤᠳᠣᠮᠵᠢ ᠶᠢ ᠬᠠᠳᠠᠭᠤᠵᠢᠭᠤᠯᠵᠣ᠂ 2602 | ᠬᠦᠮᠦᠨ ᠤ ᠤᠰᠤ ᠣᠮᠳᠠ ᠶᠢᠨ ᠬᠦᠴᠢᠷᠳᠡᠯ ᠢ ᠰᠢᠢᠤᠨᠪᠤᠷᠢᠯᠡᠪᠠ︔ ︽ᠮᠠᠯᠵᠢᠬᠤ ᠲᠠᠷᠢᠶᠠᠯᠠᠬᠤ ᠣᠷᠣᠨ ᠳᠤ | ᠰᠢᠳᠠᠮᠠᠬᠠᠢ ᠬᠡᠢ ᠨᠡᠪᠳᠡᠷᠡᠬᠦᠯᠬᠦ︾ ᠢᠨᠵᠧᠨᠧᠷᠢᠩ ᠤᠨ ᠠᠷᠠᠳ ᠤᠨ ᠬᠡᠷᠡᠭᠯᠡᠭᠡᠨ ᠤ ᠵᠢᠭᠠᠯᠳᠠ ᠶᠢ 1 ᠳ᠋ᠥᠩᠰᠢᠭᠤᠷ | ᠺᠦᠪ ᠮᠧᠲᠷ ᠣᠯᠵᠣ᠂ ᠮᠠᠯᠠᠳ ᠨᠡᠶᠢᠭᠡᠮ ᠲᠣᠭᠤᠷᠢᠭ ᠤᠨ 90 ᠡᠷᠦᠬᠡ ᠳᠤ ᠰᠢᠳᠠᠮᠠᠬᠠᠢ ᠬᠡᠢ ᠨᠡᠪᠳᠡᠷᠡᠭᠦᠯᠪᠡ︔ | ᠣᠷᠴᠢᠨ ᠳᠤᠭᠤᠷᠢᠨ ᠤ ᠴᠡᠭᠴᠡᠯᠡᠯᠳᠠ ᠪᠦᠬᠦ ᠲᠠᠯ᠎ᠠ ᠪᠠᠷ ᠠᠬᠢᠵᠣ᠂ 9324 ᠬᠠᠭᠤᠴᠢᠨ ᠭᠡᠷ ᠢ ᠨᠣᠷᠠᠭᠠᠵᠣ᠂ | ᠮᠠᠯᠵᠢᠬᠤ ᠲᠠᠷᠢᠶᠠᠯᠠᠬᠤ ᠣᠷᠣᠨ ᠳᠤ 70 ᠬᠤᠭ ᠤᠨ ᠨᠦᠬᠡ ᠪᠠᠶᠢᠭᠤᠯᠵᠣ᠂ 2.87 ᠲᠦᠮᠡᠨ ᠮᠣ᠋ ᠠᠶᠢᠯ ᠲᠣᠰᠬᠤᠨ | ᠤ ᠣᠶᠢᠵᠢᠭᠤᠯᠣᠯᠳᠠ ᠬᠢᠵᠣ᠂ ᠦᠨᠳᠦᠰᠦᠨ ᠱᠠᠳᠣᠨ ᠤ 10 ᠨᠡᠶᠢᠭᠡᠮ ᠲᠣᠭᠤᠷᠢᠭ᠂ 68 ᠵᠠᠰᠠᠭ ᠵᠠᠬᠢᠷᠭᠠᠨ ᠤ | ᠭᠠᠴᠠᠭ᠎ᠠ ᠲᠣᠰᠬᠤᠨ᠂ 256 ᠪᠠᠭ ᠰᠠᠭᠤᠷᠢᠰᠢᠯ ᠢ ᠦᠨᠳᠦᠰᠦᠨ ᠳᠡᠭᠡᠨ ᠬᠠᠮᠣᠷᠠᠭᠤᠯᠪᠠ᠃ ᠡᠳ᠋ ᠤᠨ ᠬᠦᠴᠦᠨ ᠢᠶᠠᠨ | ᠲᠦᠪᠯᠡᠷᠡᠭᠦᠯᠦᠨ ᠬᠤᠳᠠ ᠪᠠᠯᠭᠠᠰᠣᠨ ᠤ ᠴᠢᠳᠠᠪᠬᠢ ᠶᠢ ᠲᠡᠭᠦᠯᠳᠡᠷᠵᠢᠭᠦᠯᠵᠣ᠂ ᠶᠢᠨ ᠰᠢᠦ ᠯᠢ ᠳ᠋ᠣᠣ᠂ ᠠᠵᠢᠯ ᠮᠡᠷᠭᠡᠵᠢᠯ | ᠤᠨ ᠰᠣᠷᠭᠠᠨ ᠬᠦᠮᠦᠵᠢᠯ ᠤᠨ ᠬᠦᠷᠢᠶᠡᠯᠡᠩ᠂ ᠰᠣᠶᠣᠯ ᠤᠨ ᠠᠵᠣ ᠣᠶᠢᠯᠠᠰ ᠤᠨ ᠬᠦᠷᠢᠶᠡᠯᠡᠩ ᠢ ᠠᠰᠢᠭᠯᠠᠯᠳᠠ ᠳᠤ | ᠣᠷᠣᠭᠤᠯᠵᠣ᠂ ᠬᠤᠳᠠ ᠶᠢᠨ ᠵᠠᠮ ᠵᠡᠭᠡᠯᠢ᠂ ᠲᠣᠣᠷ ᠬᠤᠭᠤᠯᠢ᠂ ᠣᠷᠴᠢᠨ ᠲᠣᠭᠤᠷᠢᠨ ᠤ ᠠᠷᠢᠭᠤᠨ ᠴᠡᠪᠡᠷ ᠵᠡᠷᠬᠡ | ᠰᠠᠭᠤᠷᠢ ᠲᠦᠬᠦᠭᠡᠷᠦᠮᠵᠢ ᠶᠢ ᠲᠠᠰᠣᠷᠠᠯᠳᠠ ᠦᠭᠡᠢ ᠰᠠᠶᠢᠵᠢᠷᠠᠭᠤᠯᠣᠨ᠂ ᠣᠶᠢᠵᠢᠭᠤᠯᠣᠯᠳᠠ᠂ ᠭᠡᠭᠡᠵᠢᠭᠦᠯᠦᠯᠳᠠ᠂ | ᠭᠤᠶᠣᠵᠢᠭᠤᠯᠣᠯᠳᠠ᠂ ᠴᠡᠪᠡᠷᠰᠢᠯᠡᠬᠦᠯᠦᠯᠳᠠ ᠶᠢ ᠪᠦᠬᠦ ᠲᠠᠯ᠎ᠠ ᠪᠠᠷ ᠳᠡᠬᠡᠭᠰᠢᠯᠡᠬᠦᠯᠵᠤ ᠂ ᠪᠦᠬᠦ ᠤᠯᠤᠰ ᠤᠨ ᠰᠢᠶᠠᠨ ᠤ | ᠳᠡᠰ ᠤᠨ ᠪᠣᠯᠪᠠᠰᠣᠨ ᠬᠤᠳᠠ ᠶᠢᠨ ᠴᠤᠭᠴᠠᠯᠠᠯᠳᠠ ᠢᠯᠡᠤᠨᠳᠠ ᠪᠦᠳᠤᠮᠵᠢ ᠤᠯᠵᠤ᠂ ᠵᠢᠯ ᠤᠨ ᠦᠨᠡᠯᠡᠯᠳᠠ ᠳᠤ | ᠦᠪᠡᠷᠳᠡᠭᠡᠨ ᠵᠠᠰᠠᠬᠤ ᠣᠷᠣᠨ ᠤ ᠬᠤᠶᠠᠳᠦᠭᠠᠷ ᠲᠤ ᠣᠷᠣᠪᠠ᠃ | ︵ᠲᠠᠪᠤ︶ ᠬᠦᠭᠵᠢᠯᠳᠠ ᠶᠢᠨ ᠣᠷᠴᠢᠨ ᠨᠡᠩ ᠰᠢᠯᠢᠳᠡᠭᠵᠢᠪᠡ᠃ ᠠᠩᠬᠠᠳᠠᠭᠴᠢ ᠦᠨᠳᠦᠷ ᠲᠡᠰ ᠤᠨ ᠵᠠᠰᠠᠮᠠᠯ | ᠵᠠᠮ S216 ᠱᠤᠭᠤᠮ ᠲᠡᠷᠬᠡ ᠨᠡᠪᠳᠡᠷᠠᠵᠣ᠂ ᠲᠣᠣ ᠱᠠᠩ ᠲᠠᠮᠦᠷ ᠵᠠᠮ ᠤᠨ ᠲᠣᠯᠢ ᠠᠴᠠ ᠣᠯᠵᠠᠴᠢ ᠬᠦᠷᠬᠦ ᠬᠡᠰᠡᠭ | ᠤᠨ ᠪᠠᠷᠢᠯᠭ᠎ᠠ ᠲᠠᠭᠤᠰᠪᠠ︔ ᠣᠯᠵᠠᠴᠢ ᠠᠴᠠ ᠳ᠋ᠦᠩ ᠳ᠋ᠣᠣ ᠯᠢᠶᠠᠩ ᠬᠦᠷᠬᠦ ᠲᠦᠷᠬᠡᠨ ᠵᠠᠮ᠂ ᠨᠡᠶᠢᠳᠡᠮ ᠬᠡᠷᠡᠭᠯᠡᠬᠡᠨ ᠤ | ᠨᠢᠰᠬᠡᠯ ᠤᠨ ᠪᠠᠭᠤᠳᠠᠯ ᠤᠨ ᠪᠠᠷᠢᠯᠭ᠎ᠠ ᠡᠬᠢᠯᠡᠬᠦ ᠨᠦᠭᠦᠴᠡᠯ ᠪᠦᠷᠢᠳᠦᠪᠡ᠃ 7 ᠲᠦᠷᠦᠯ ᠤᠨ ᠴᠠᠬᠢᠯᠭᠠᠨ ᠬᠤᠪᠢᠰᠬᠠᠨ | ᠲᠠᠮᠵᠢᠭᠤᠯᠬᠤ ᠢᠨᠵᠧᠨᠧᠷᠢᠩ ᠵᠦᠪᠰᠢᠶᠡᠷᠡᠯ ᠣᠯᠵᠣ᠂ ᠬᠡᠷᠡᠮ ᠤᠨ ᠭᠤᠣᠯ ᠤᠨ 110 ᠺᠢᠯᠦᠸ᠋ᠯᠲ ᠴᠠᠬᠢᠯᠭᠠᠨ | ᠬᠤᠪᠢᠰᠬᠠᠬᠤ ᠦᠷᠳᠡᠭᠡ ᠠᠰᠢᠭᠯᠠᠯᠳᠠ ᠳᠤ ᠣᠷᠣᠵᠣ᠂ ᠰᠢᠨ᠎ᠡ ᠪᠠᠷ 306 ᠬᠦᠴᠦᠳᠡᠯ ᠦᠭᠡᠷᠡᠴᠢᠯᠡᠭᠴᠢ ᠣᠭᠰᠠᠷᠠᠵᠣ | ᠂ 748 ᠺᠢᠯᠦᠮᠧᠲᠷ ᠲᠠᠷᠢᠶᠠᠯᠠᠩ ᠤᠨ ᠴᠠᠬᠢᠯᠭᠠᠨ ᠱᠣᠭᠤᠮ ᠢ ᠰᠢᠨᠡᠳᠭᠡᠨ ᠦᠭᠡᠷᠡᠴᠢᠯᠠᠵᠣ᠂ ᠮᠠᠯᠵᠢᠬᠤ ᠲᠠᠷᠢᠶᠠᠯᠠᠬᠤ | ᠣᠷᠣᠨ ᠤ ᠴᠠᠬᠢᠯᠭᠠᠨ ᠤ ᠪᠠᠳᠣᠯᠠᠭ᠎ᠠ ᠶᠢ ᠢᠯᠡᠳᠳᠠ ᠲᠡᠭᠡᠭᠰᠢᠯᠡᠬᠦᠯᠪᠡ᠃ ᠪᠦᠳᠦᠬᠡᠨ ᠪᠠᠶᠢᠭᠤᠯᠣᠯᠳᠠ ᠳᠤ ᠬᠡᠷᠡᠭᠯᠡᠬᠦ | ᠭᠠᠵᠠᠷ ᠢ 2.61 ᠲᠦᠮᠡᠨ ᠮᠤ᠋ ᠮᠡᠳᠡᠭᠦᠯᠦᠨ ᠵᠦᠪᠰᠢᠶᠡᠷᠡᠬᠦᠯᠵᠣ᠂ ᠡᠯ᠎ᠡ ᠲᠦᠷᠦᠯ ᠵᠣᠶᠢᠯ ᠤᠨ ᠭᠠᠵᠠᠷ ᠰᠢᠷᠣᠢ ᠶᠢᠨ | ᠬᠡᠷᠡᠭᠴᠡᠭᠡ ᠶᠢ ᠪᠠᠳᠣᠯᠠᠪᠠ᠃ ᠠᠮᠢ ᠠᠬᠤᠢ ᠶᠢᠨ ᠲᠣᠣᠷ᠎ᠠ ᠬᠢᠵᠠᠭᠠᠷᠯᠠᠯ ᠢ ᠪᠠᠳᠦ ᠰᠠᠬᠢᠵᠣ᠂ 17.7 ᠲᠦᠮᠡᠨ ᠮᠣ᠋ | ᠤᠶᠢᠵᠢᠭᠤᠯᠤᠯᠳᠠ ᠬᠢᠵᠣ᠂ 7.95 ᠲᠦᠮᠡᠨ ᠮᠣ᠋ ᠬᠦᠷᠦᠰᠦ ᠰᠢᠷᠣᠢ ᠶᠢᠨ ᠢᠳᠡᠭᠳᠡᠯ ᠢ ᠵᠠᠰᠠᠵᠣ᠂ ᠠᠮᠢ ᠠᠬᠤᠢ ᠶᠢᠨ | ᠣᠷᠴᠢᠨ ᠢ ᠦᠷᠬᠦᠯᠵᠢᠯᠡᠬᠦᠯᠦᠨ ᠪᠠᠬᠢᠵᠢᠭᠦᠯᠪᠡ᠃ | ︵ᠵᠢᠷᠭᠤᠭ᠎ᠠ︶ ᠠᠷᠠᠳ ᠤᠨ ᠠᠮᠢᠳᠣᠷᠠᠯ ᠤᠨ ᠪᠠᠳᠣᠯᠠᠭ᠎ᠠ ᠨᠡᠩ ᠴᠢᠩᠭᠠᠳᠪᠠ᠃ ᠠᠷᠠᠳ ᠤᠨ ᠠᠮᠢᠳᠣᠷᠠᠯ ᠤᠨ | ᠬᠠᠷᠠᠭᠠᠯᠵᠠᠯ ᠲᠤ 21.28 ᠳ᠋ᠦᠩᠰᠢᠭᠤᠷ ᠲᠦᠬᠦᠷᠢᠭ ᠣᠷᠣᠭᠤᠯᠵᠣ᠂ ᠨᠡᠶᠢᠳᠡ ᠶᠢᠨ ᠡᠳ᠋ ᠤᠨ ᠵᠠᠰᠠᠭ ᠤᠨ ᠲᠦᠰᠦᠪ | ᠤᠨ ᠣᠷᠣᠯᠭ᠎ᠠ ᠶᠢᠨ 75% ᠶᠢ ᠡᠵᠡᠯᠡᠪᠠ᠃ ᠬᠤᠰᠢᠭᠤ ᠱᠠᠳᠣᠨ ᠤ ᠠᠷᠠᠳ ᠢ ᠬᠠᠷᠭᠠᠯᠵᠠᠬᠤ 6 ᠪᠣᠳᠠᠳᠦ ᠣᠴᠢᠷ ᠢ | ᠪᠦᠬᠦ ᠲᠠᠯ᠎ᠠ ᠪᠠᠷ ᠨᠠᠶᠢᠳᠠᠪᠦᠷᠢᠵᠢᠭᠤᠯᠵᠣ᠂ 7 ᠵᠣᠷᠪᠣᠰ 184 ᠺᠢᠯᠦᠮᠧᠲᠷ ᠭᠠᠴᠠᠭ᠎ᠠ ᠲᠣᠰᠬᠤᠨ ᠤ ᠵᠠᠮ ᠵᠠᠰᠠᠵᠣ᠂ | ᠭᠠᠳᠠᠨ᠎ᠠ ᠲᠣᠳᠣᠨ᠎ᠠ ᠶᠢ ᠬᠤᠯᠪᠣᠭᠰᠠᠨ ᠳᠤᠭᠤᠷᠢᠯ ᠵᠠᠮ ᠤᠨ ᠲᠣᠣᠷ ᠢ ᠦᠨᠳᠦᠰᠦᠨ ᠳᠡᠭᠡᠨ ᠪᠦᠷᠢᠯᠳᠦᠭᠦᠯᠪᠠ︔ | ᠫᠢᠩᠫᠠᠩ ᠪᠦᠮᠪᠦᠭᠡ ᠦᠳᠦᠨ ᠪᠦᠮᠪᠦᠭᠡ ᠶᠢᠨ ᠣᠷᠳᠣᠨ᠂ ᠣᠮᠪᠠᠯᠳᠠ ᠶᠢᠨ ᠣᠷᠳᠣᠨ ᠤ ᠭᠤᠣᠯ ᠪᠠᠷᠢᠯᠭ᠎ᠠ ᠲᠠᠭᠤᠰᠴᠦ | ᠂ ᠠᠬᠠᠮᠠᠳ ᠺᠠᠳ᠋ᠷ ᠤᠨ ᠠᠵᠢᠯᠯᠠᠭᠠᠨ ᠤ ᠲᠦᠪ᠂ ᠭᠡᠷ ᠤᠨ ᠭᠠᠳᠠᠨᠠᠬᠢ ᠲᠠᠮᠢᠷ ᠤᠨ ᠲᠠᠯᠠᠪᠣᠷ ᠠᠰᠢᠭᠯᠠᠯᠳᠠ ᠳᠤ | ᠣᠷᠣᠪᠠ᠃ ᠣᠯᠵᠠᠴᠢ ᠪᠠᠯᠭᠠᠰᠣᠨ ᠳᠤ 4 ᠵᠠᠮ ᠤᠨ ᠨᠡᠶᠢᠳᠡ ᠶᠢᠨ ᠮᠠᠰᠢᠨ ᠨᠡᠪᠳᠡᠷᠡᠪᠡ︔ ᠪᠦᠬᠦ ᠴᠡᠪᠡᠷᠯᠡᠭᠡ ᠶᠢᠨ | ᠠᠵᠢᠯᠴᠢᠤᠨ᠂ ᠪᠠᠭᠰᠢ ᠠᠵᠢᠯᠳᠠᠤᠨ ᠪᠣᠯᠣᠨ ᠠᠵᠢᠯ ᠠᠴᠠ ᠠᠮᠠᠷᠠᠭᠰᠠᠨ ᠪᠠᠭᠰᠢ ᠨᠠᠷ ᠲᠤ ᠲᠦᠯᠦᠪᠦᠷᠢ ᠦᠭᠡᠢ ᠪᠡᠶ᠎ᠡ | ᠶᠢᠨ ᠪᠠᠶᠢᠴᠠᠭᠠᠯᠳᠠ ᠬᠢᠵᠣ᠂ ᠴᠡᠪᠡᠷᠯᠡᠭᠡ ᠶᠢᠨ ᠠᠵᠢᠯᠴᠢᠤᠨ ᠲᠤ ᠦᠷᠯᠦᠭᠡᠨ ᠤ ᠬᠤᠭᠤᠯᠠᠨ ᠤ ᠨᠦᠬᠦᠪᠦᠷᠢ ᠣᠯᠭᠤᠨ᠂ | ᠵᠠᠰᠠᠭ ᠤᠨ ᠣᠷᠳᠣᠨ ᠠᠴᠠ ᠬᠡᠨᠡᠳᠡᠯ ᠤᠨ ᠲᠠᠭᠠᠳᠬᠠᠯ ᠢ ᠨᠢ ᠤᠷᠤᠯᠠᠨ ᠲᠣᠰᠢᠶᠠᠪᠠ︔ ᠡᠷᠡᠬᠦᠯ ᠬᠠᠮᠠᠭᠠᠯᠠᠯ ᠤᠨ | ᠬᠤᠷᠢᠶᠠᠨ ᠠᠴᠠ 10 ᠺᠢᠯᠦᠮᠧᠲᠷ ᠵᠠᠶᠢᠳᠠᠢ ᠰᠠᠭᠤᠷᠢᠰᠢᠭᠰᠡᠨ 45 ᠨᠠᠰᠦᠨ ᠠᠴᠠ ᠲᠡᠭᠡᠭᠰᠢᠬᠢ ᠮᠠᠯᠴᠢᠨ ᠲᠠᠷᠢᠶᠠᠴᠢᠨ | ᠡᠷᠦᠬᠡ ᠳᠤ 7000 ᠪᠠᠴᠢᠮ ᠲᠣᠰᠠᠯᠠᠮᠵᠢ ᠶᠢᠨ ︽ᠡᠮ ᠤᠨ ᠬᠠᠶᠢᠷᠴᠠᠭ︾ ᠲᠠᠷᠬᠠᠭᠠᠪᠠ︔ ᠲᠣᠰᠣᠯᠭᠠᠨ ᠣᠰᠣᠯᠠᠬᠤ | ᠲᠠᠯᠠᠪᠡᠢ ᠶᠢ 25 ᠲᠦᠮᠡᠨ ᠮᠣ᠋ ᠬᠦᠷᠬᠡᠵᠣ᠂ ᠠᠷᠪᠢᠳᠠᠢ ᠣᠰᠣᠯᠠᠯᠳᠠ ᠶᠢᠨ ᠨᠣᠷᠮ᠎ᠠ ᠶᠢ 90% ᠠᠴᠠ ᠳᠠᠪᠠᠭᠤᠯᠤᠨ᠂ | ᠮᠠᠯ ᠳᠠᠷᠢᠶᠠᠯᠠᠩ ᠤᠨ ᠤᠶᠢᠯᠡᠤᠨᠪᠤᠷᠢᠯᠡᠯ ᠤᠨ ᠨᠡᠮᠡᠭᠳᠡᠯ᠂ ᠮᠠᠯᠴᠢᠨ ᠳᠠᠷᠢᠶᠠᠴᠢᠨ ᠤ ᠤᠷᠤᠯᠭ᠎ᠠ ᠶᠢᠨ ᠨᠡᠮᠡᠭᠳᠡᠯ ᠢ | ᠠᠬᠢᠭᠤᠯᠪᠠ᠃ ᠦᠪᠡᠷᠳᠡᠭᠡᠨ ᠵᠠᠰᠠᠬᠤ ᠣᠷᠣᠨ ᠤ ︽ᠭᠤᠷᠪᠠᠨ ᠨᠢᠭᠡ︾ ᠠᠷᠠᠳ ᠢ ᠬᠠᠷᠭᠠᠯᠵᠠᠬᠤ ᠢᠨᠵᠧᠨᠧᠷᠢᠩ ᠢ | ᠪᠦᠬᠦ ᠲᠠᠯ᠎ᠠ ᠪᠠᠷ ᠨᠠᠶᠢᠳᠡᠪᠦᠵᠢᠷᠢᠭᠤᠯᠵᠣ᠂ ᠠᠵᠢᠯ ᠦᠭᠡᠢ ᠭᠡᠷ ᠪᠦᠯᠢ ᠶᠢᠨ ᠬᠢᠨ ᠤ ᠠᠳᠠᠭ ᠲᠠᠭᠠᠨ 1 ᠬᠦᠮᠦᠨ ᠳᠤ | ᠨᠢ ᠲᠣᠭᠳᠠᠪᠦᠷᠢ ᠲᠠᠢ ᠠᠵᠢᠯ ᠣᠯᠭᠤᠵᠣ᠂ ᠬᠤᠳᠠ ᠬᠦᠳᠡᠭᠡ ᠶᠢᠨ ᠲᠣᠣᠷ᠎ᠠ ᠪᠠᠳᠣᠯᠠᠭᠠᠳᠦ ᠭᠡᠷ ᠪᠦᠯᠢ ᠶᠢᠨ 199 | ᠣᠶᠣᠳᠠᠳ ᠲᠤ 460.3 ᠲᠦᠮᠡᠨ ᠲᠦᠭᠦᠷᠢᠭ ᠤᠨ ᠰᠣᠷᠣᠯᠭ᠎ᠠ ᠶᠢᠨ ᠨᠦᠬᠦᠪᠦᠷᠢ ᠣᠯᠭᠤᠵᠣ᠂ 7822 ᠲᠣᠣᠷ᠎ᠠ | ᠣᠷᠣᠯᠭ᠎ᠠ ᠲᠠᠢ ᠮᠠᠯᠴᠢᠨ ᠲᠠᠷᠢᠶᠠᠴᠢᠨ ᠡᠷᠦᠬᠡ ᠲᠣᠳᠣᠮ ᠳᠤ 1 ᠲᠣᠨ ᠲᠣᠯᠠᠭᠠᠯᠭ᠎ᠠ ᠶᠢᠨ ᠨᠡᠭᠦᠷᠡᠰᠦ ᠬᠠᠩᠭᠠᠪᠠ᠃ | ᠨᠡᠶᠢᠭᠡᠮ ᠤᠨ ᠪᠠᠳᠣᠯᠠᠭ᠎ᠠ ᠶᠢᠨ ᠲᠦᠪᠰᠢᠨ ᠦᠷᠭᠦᠯᠵᠢᠯᠡᠨ ᠲᠡᠭᠡᠭᠰᠢᠯᠡᠵᠣ᠂ ᠠᠵᠤ ᠠᠬᠤᠶᠢᠯᠠᠯ ᠤᠨ ᠠᠵᠢᠯ ᠠᠴᠠ | ᠠᠮᠠᠷᠠᠭᠰᠠᠤᠨ ᠤᠨ ᠨᠠᠰᠤᠵᠢᠯ ᠤᠨ ᠮᠦᠩᠬᠦ᠂ ᠬᠤᠳᠠ ᠭᠦᠳᠡᠭᠡ ᠶᠢᠨ ᠰᠠᠭᠤᠭᠠᠯᠢ ᠠᠷᠠᠳ ᠤᠨ ᠨᠠᠰᠤᠵᠢᠯ ᠤᠨ ᠮᠦᠩᠬᠦ | ᠶᠢ ᠬᠦᠮᠤᠨ ᠳᠤᠳᠤᠮ ᠰᠠᠷ᠎ᠠ ᠪᠦᠷᠢ 194 ᠲᠦᠬᠦᠷᠢᠭ ᠪᠠ 25 ᠲᠦᠬᠦᠷᠢᠭ ᠳᠡᠬᠡᠭᠰᠢᠯᠡᠬᠦᠯᠵᠤ᠂ ᠬᠤᠳᠠ ᠬᠦᠳᠡᠭᠡ | ᠶᠢᠨ ᠳᠤᠤᠷ᠎ᠠ ᠪᠠᠳᠤᠯᠠᠭ᠎ᠠ ᠶᠢᠨ ᠪᠠᠷᠢᠮᠵᠢᠶ᠎ᠠ ᠶᠢ ᠬᠦᠮᠤᠨ ᠳᠤᠳᠤᠮ ᠰᠠᠷ᠎ᠠ ᠪᠦᠷᠢ 15 ᠲᠦᠬᠦᠷᠢᠭ ᠪᠠ 12 | ᠲᠦᠬᠦᠷᠢᠭ ᠳᠡᠬᠡᠭᠰᠢᠯᠡᠬᠦᠯᠵᠤ᠂ ᠲᠠᠪᠣᠨ ᠪᠠᠳᠣᠯᠠᠭᠠᠳᠦ ᠡᠳᠡᠭᠡᠳ ᠤᠨ ᠲᠠᠷᠬᠠᠢ ᠠᠰᠠᠷᠠᠬᠤ ᠪᠠᠷᠢᠮᠵᠢᠶ᠎ᠠ ᠶᠢ ᠪᠦᠬᠦ | ᠬᠤᠳᠠ ᠶᠢᠨ ᠬᠢᠨ ᠠᠴᠠ 1032 ᠲᠦᠬᠦᠷᠢᠭ ᠲᠠᠪᠠᠭᠤᠯᠪᠠ᠃ 1 ᠳ᠋ᠦᠩᠰᠢᠭᠤᠷ ᠲᠦᠬᠦᠷᠢᠭ ᠤᠨ ᠶᠠᠳᠠᠭᠤ ᠠᠴᠠ | ᠠᠩᠭᠢᠵᠢᠷᠠᠭᠤᠯᠬᠤ ᠵᠢᠭᠡᠯᠡᠯᠭᠡ ᠲᠠᠯᠪᠢᠵᠣ᠂ ᠡᠳ᠋ ᠤᠨ ᠵᠠᠰᠠᠭ ᠠᠴᠠ 1006 ᠲᠦᠮᠡᠨ ᠲᠦᠬᠦᠷᠢᠭ ᠤᠨ ᠪᠡᠯᠡ | ᠣᠷᠣᠭᠤᠯᠵᠣ᠂ 736 ᠡᠷᠦᠬᠡ ᠤᠨ 2456 ᠬᠦᠮᠦᠨ ᠢ ᠶᠠᠳᠠᠭᠤ ᠠᠴᠠ ᠠᠩᠭᠢᠵᠢᠷᠠᠭᠤᠯᠪᠠ᠃ ᠬᠤᠳᠠ ᠪᠠᠯᠭᠠᠰᠤᠨ | ᠤ 1160 ᠬᠦᠮᠦᠨ ᠳᠤ ᠰᠢᠨ᠎ᠡ ᠪᠠᠷ ᠠᠵᠢᠯ ᠣᠯᠭᠤᠵᠣ᠂ ᠬᠤᠳᠠ ᠪᠠᠯᠭᠠᠰᠤᠨ ᠤ ᠳᠡᠩᠰᠠᠯᠠᠭᠰᠡᠨ ᠠᠵᠢᠯ ᠠᠯᠳᠠᠯᠳᠠ | ᠶᠢᠨ ᠨᠤᠷᠮ᠎ᠠ 2.37% ᠪᠣᠯᠪᠠ᠃ 2516 ᠲᠦᠭᠦᠷ ᠪᠠᠳᠣᠯᠠᠭ᠎ᠠ ᠶᠢᠨ ᠴᠢᠨᠠᠷᠳᠢ ᠣᠷᠣᠨ ᠰᠠᠭᠤᠴᠠ ᠶᠢᠨ ᠪᠠᠷᠢᠯᠭ᠎ᠠ | ᠶᠢ ᠡᠬᠢᠯᠡᠬᠦᠯᠤᠨ᠂ 1357 ᠬᠠᠭᠤᠴᠢᠨ ᠬᠡᠷ ᠪᠠᠶᠢᠰᠢᠩ ᠢ ᠦᠬᠡᠷᠡᠴᠢᠯᠠᠪᠠ᠃ ᠨᠡᠶᠢᠭᠡᠮ ᠤᠨ ᠠᠵᠣ ᠣᠶᠢᠯᠠᠰ ᠪᠦᠬᠦ | ᠲᠠᠯ᠎ᠠ ᠪᠠᠷ ᠬᠦᠭᠵᠢᠵᠣ᠂ ᠰᠣᠷᠭᠠᠭᠤᠯᠢ ᠶᠢᠨ ᠵᠠᠬᠢᠷᠣᠯ ᠣᠷᠢᠨ ᠬᠡᠷᠡᠭᠯᠡᠬᠦ ᠰᠢᠨ᠎ᠠ ᠡᠭᠡᠯᠵᠢ ᠶᠢᠨ ᠦᠷᠢᠰᠤᠯᠳᠤᠬᠡᠨ ᠢ | ᠪᠡᠶᠡᠯᠡᠭᠦᠯᠵᠣ᠂ ᠬᠤᠰᠢᠭᠤ ᠲᠡᠰ ᠤᠨ ᠨᠡᠷᠡᠳᠦ ᠪᠠᠭᠰᠢ ᠶᠢᠨ ᠠᠵᠢᠯᠯᠠᠬᠤ ᠲᠠᠰᠤᠭ ᠢ ᠪᠠᠶᠢᠭᠤᠯᠣᠨ 2940 ᠲᠦᠮᠡᠨ | ᠲᠦᠬᠦᠷᠢᠭ ᠤᠨ ᠪᠡᠯᠡ ᠣᠷᠣᠭᠤᠯᠣᠨ ᠵᠢᠭᠠᠨ ᠰᠣᠷᠭᠠᠯᠳᠠ ᠶᠢᠨ ᠲᠦᠬᠦᠭᠡᠷᠦᠮᠵᠢ ᠶᠢ ᠰᠠᠶᠢᠵᠢᠷᠠᠭᠤᠯᠵᠣ᠂ ᠡᠯ᠎ᠡ | ᠲᠣᠰᠬᠠᠢ ᠮᠡᠷᠭᠡᠵᠢᠯ ᠤᠨ 101 ᠪᠠᠭᠰᠢ ᠶᠢ ᠡᠯᠰᠡᠨ ᠬᠡᠷᠡᠭᠯᠡᠵᠣ᠂ ᠠᠯᠪᠠᠨ ᠵᠢᠷᠣᠮ ᠤᠨ ᠰᠣᠷᠭᠠᠨ ᠬᠦᠮᠦᠵᠢᠯ ᠤᠨ | ᠲᠡᠩᠴᠡᠭᠦᠷᠢᠳᠦ ᠬᠦᠭᠵᠢᠯᠳᠠ ᠣᠯᠣᠰ ᠤᠨ ᠦᠨᠡᠯᠡᠯᠳᠠ ᠪᠠᠷ ᠮᠡᠳᠡᠷᠡᠭᠳᠡᠪᠡ᠃ ᠲᠠᠬᠢᠯᠳᠦ ᠶᠢᠨ ᠡᠷᠡᠬᠦᠯ ᠬᠠᠮᠠᠭᠠᠯᠠᠯ ᠤᠨ | ᠬᠤᠷᠢᠶ᠎ᠠ ᠠᠰᠢᠭᠯᠠᠯᠳᠠ ᠳᠤ ᠣᠷᠣᠵᠣ᠂ ᠪᠣᠷᠣᠪᠠᠯᠭᠠᠰᠣ ᠶᠢᠨ ᠡᠷᠡᠬᠦᠯ ᠬᠠᠮᠠᠯᠭᠠᠯᠠᠯ ᠤᠨ ᠬᠤᠷᠢᠶ᠎ᠠ ᠶᠢᠨ ᠭᠤᠣᠯ | ᠪᠠᠷᠢᠯᠭ᠎ᠠ ᠶᠢ ᠲᠠᠭᠤᠰᠬᠠᠨ᠂ ᠡᠷᠡᠬᠦᠯ ᠬᠠᠮᠠᠭᠠᠯᠠᠯ ᠤᠨ ᠨᠡᠭᠦᠳᠡᠯ ᠣᠶᠢᠯᠡᠴᠢᠯᠡᠭᠡᠨ ᠤ ᠲᠡᠷᠬᠡ ᠶᠢ 8 ᠲᠣᠬᠢᠷᠠᠭᠤᠯᠵᠣ᠂ | ᠬᠤᠳᠠ ᠬᠦᠳᠡᠭᠡ ᠶᠢᠨ ᠡᠮ ᠡᠮᠨᠡᠯᠭᠡ ᠶᠢᠨ ᠣᠶᠢᠯᠡᠴᠢᠯᠡᠭᠡ ᠶᠢ ᠰᠠᠶᠢᠵᠢᠷᠠᠭᠤᠯᠪᠠ᠃ ᠨᠣᠮ ᠤᠨ ᠰᠠᠩ᠂ ᠰᠣᠶᠣᠯ ᠤᠨ | ᠣᠷᠳᠣᠨ ᠠᠰᠢᠭᠯᠠᠯᠳᠠ ᠳᠤ ᠣᠷᠣᠵᠣ᠂ ᠭᠠᠴᠠᠭ᠎ᠠ ᠲᠤᠰᠬᠤᠨ ᠤ ᠰᠤᠶᠤᠯ ᠤᠨ ᠥᠷᠥᠭᠡ ᠪᠤᠯᠤᠨ ᠭᠠᠴᠠᠭ᠎ᠠ | ᠲᠤᠰᠬᠤᠨ ᠪᠤᠯᠭᠠᠨ ᠳᠤ ᠷᠠᠳᠢᠤ᠋ ᠬᠤᠯᠪᠤᠭ᠎ᠠ ᠨᠡᠪᠳᠡᠷᠭᠦᠯᠭᠦ ᠠᠵᠢᠯ ᠢ ᠪᠥᠷᠢᠨ ᠪᠡᠶᠡᠯᠡᠭᠦᠯᠵᠥ᠂ 14600 ᠡᠷᠥᠭᠡ ᠳᠤ | ᠲᠧᠯᠸᠢᠰ ᠲᠤᠬᠢᠶᠠᠨ ᠲᠥᠭᠦᠭᠡᠷᠤᠮᠵᠢ ᠤᠭᠰᠠᠷᠠᠨ᠂ ᠠᠷᠠᠳ ᠤᠯᠠᠨ ᠤ ᠰᠤᠶᠤᠯ ᠤᠨ ᠠᠮᠢᠳᠤᠷᠠᠯ ᠢ ᠲᠠᠰᠤᠷᠠᠯᠳᠠ | ᠥᠭᠡᠢ ᠲᠡᠭᠦᠯᠳᠡᠷᠵᠢᠭᠦᠯᠵᠥ᠂ ᠮᠠᠨ ᠤ ᠬᠤᠰᠢᠭᠤ ︽ᠲᠣᠮᠳᠠᠳᠦ ᠣᠯᠣᠰ ᠤᠨ ᠮᠣᠩᠭᠤᠯ ᠦᠨᠳᠦᠰᠦᠳᠡᠨ ᠤ ᠰᠠᠪᠬᠠᠨ | ᠪᠦᠵᠢᠭ ᠤᠨ ᠣᠷᠠᠯᠢᠭ ᠤᠨ ᠦᠯᠦᠭᠡᠢ︾ ᠪᠠ ︽ᠲᠣᠮᠳᠠᠳᠦ ᠣᠯᠣᠰ ᠤᠨ ᠮᠣᠩᠭᠤᠯ ᠦᠨᠳᠦᠰᠦᠳᠡᠨ ᠤ ᠱᠠᠨᠵᠠ | ᠬᠦᠭᠵᠢᠮ ᠤᠨ ᠰᠣᠶᠣᠯ ᠤᠨ ᠦᠯᠦᠭᠡᠢ︾ ᠪᠠᠷ ᠨᠡᠷᠡᠶᠢᠳᠦᠭᠳᠡᠪᠠ᠃ | ︵ᠲᠣᠯᠤᠭ᠎ᠠ︶ ᠦᠭᠡᠷᠡᠴᠢᠯᠡᠯᠳᠠ ᠰᠢᠨᠠᠴᠢᠯᠠᠯᠳᠠ ᠶᠢᠨ ᠡᠷᠴᠢᠮ ᠴᠢᠩᠭᠠᠷᠠᠪᠠ᠃ ᠪᠦᠬᠦ ᠬᠤᠳᠠ ᠳᠤ ᠪᠠᠨ | ᠲᠡᠷᠢᠭᠦᠯᠡᠨ ᠵᠠᠰᠠᠭ ᠵᠠᠬᠢᠷᠭᠠᠨ ᠤ ᠡᠷᠬᠡ ᠶᠢᠨ ᠲᠠᠩᠰᠠ ᠶᠢ ᠨᠡᠶᠢᠳᠡᠯᠡᠵᠣ᠂ ︽ᠭᠤᠷᠪᠠᠨ ᠦᠨᠡᠮᠡᠯᠡᠯ ᠢ ᠨᠢᠬᠡᠤᠨᠬᠡᠵᠤ᠂ | ᠨᠢᠭᠡ ᠦᠨᠡᠮᠯᠡᠯ ᠨᠢᠭᠡ ᠳ᠋ᠣᠭᠠᠷᠯᠠᠯ ᠪᠤᠯᠭᠠᠬᠤ︾ ᠲᠠᠩᠰᠠᠯᠠᠯᠳᠠ ᠶᠢᠨ ᠲᠦᠷᠢᠮ ᠢ ᠬᠡᠷᠡᠭᠵᠢᠭᠦᠯᠵᠣ᠂ ᠵᠠᠬ᠎ᠠ ᠲᠡᠯᠭᠡᠭᠦᠷ | ᠤᠨ ᠠᠮᠢᠳᠣᠯᠢᠭ ᠬᠦᠴᠦᠨ ᠢ ᠪᠦᠬᠦ ᠲᠠᠯ᠎ᠠ ᠪᠠᠷ ᠲᠠᠶᠢᠴᠢᠯᠠᠨ᠂ ᠵᠠᠬ᠎ᠠ ᠲᠡᠯᠭᠡᠭᠦᠷ ᠤᠨ ᠭᠤᠣᠯ ᠴᠣᠭᠴᠠ ᠶᠢ 1319 | ᠡᠷᠦᠬᠡ ᠨᠡᠮᠡᠭᠳᠡᠬᠦᠯᠵᠣ᠂ ᠲᠠᠩᠰᠠᠯᠠᠭᠰᠠᠨ ᠪᠡᠯᠡ ᠮᠥᠩᠭᠦ ᠶᠢ 12.1 ᠳ᠋ᠦᠩᠰᠢᠭᠤᠷ ᠲᠦᠬᠦᠷᠢᠭ ᠨᠡᠮᠡᠭᠳᠡᠬᠦᠯᠦᠨ᠂ ︽ | ᠲᠠᠶᠠᠭᠠᠷ ᠣᠯᠠᠨ ᠤ ᠣᠶᠢᠯᠠᠰ ᠪᠦᠳᠦᠭᠡᠯᠳᠠ᠂ ᠲᠦᠮᠡᠨ ᠣᠯᠠᠨ ᠤ ᠰᠢᠨ᠎ᠡ ᠶᠢ ᠡᠭᠦᠳᠦᠯᠳᠠ︾ ᠠᠩᠬ᠎ᠠ ᠠᠯᠬᠤᠮ | ᠠᠮᠵᠢᠯᠳᠠ ᠣᠯᠪᠠ᠃ ᠠᠮᠢ ᠠᠬᠤᠢ ᠶᠢᠨ ᠪᠣᠯᠪᠠᠰᠣᠨ ᠤ ᠲᠦᠷᠢᠮ ᠤᠨ ᠦᠬᠡᠷᠡᠴᠢᠯᠠᠯᠳᠠ ᠪᠣᠳᠠᠳᠠᠢ ᠠᠬᠢᠵᠣ᠂ | ᠪᠠᠷᠠᠭᠤᠨ ᠣᠷᠣᠨ ᠤ ᠰᠢᠶᠠᠨ ᠤ ᠳᠡᠰ ᠤᠨ ᠭᠠᠵᠠᠷ ᠤᠷᠤᠨ ᠳᠤ ᠣᠰᠣ᠂ ᠨᠣᠳᠤᠭ ᠪᠡᠯᠴᠢᠭᠡᠷ᠂ ᠣᠢ᠂ ᠠᠮᠢᠳᠤ | ᠪᠣᠳᠠᠰ ᠵᠡᠷᠭᠡ 6 ᠲᠦᠷᠦᠯ ᠤᠨ ᠪᠠᠶᠢᠭᠠᠯᠢ ᠶᠢᠨ ᠡᠬᠢ ᠰᠣᠷᠪᠣᠯᠵᠢ ᠶᠢᠨ ᠬᠤᠷᠤᠭᠳᠠᠯ ᠤᠨ ᠬᠢᠨᠠᠯᠳᠠ ᠶᠢᠨ ᠳᠤᠭᠳᠠᠴᠠ | ᠶᠢ ᠠᠩᠬᠠᠯᠠᠨ ᠪᠠᠶᠢᠭᠤᠯᠵᠤ᠂ ᠣᠰᠣᠨ ᠶᠠᠪᠣᠳᠠᠯ᠂ ᠣᠢ ᠰᠢᠭᠤᠢ᠂ ᠮᠠᠯ ᠲᠠᠷᠢᠶᠠᠯᠠᠩ ᠵᠡᠷᠬᠡ ᠰᠠᠯᠠᠭ᠎ᠠ ᠮᠦᠴᠢᠷ ᠤᠨ | ᠭᠤᠣᠯ ᠬᠠᠷᠢᠭᠤᠴᠠᠯᠭᠠᠳᠠᠨ ᠳᠤ ᠬᠢᠨᠠᠨ ᠪᠣᠳᠣᠬᠤ ᠲᠣᠷᠰᠢᠯᠳᠠ ᠬᠢᠪᠠ᠃ ᠠᠯᠪᠠᠨ ᠡᠮᠨᠡᠯᠭᠡ ᠶᠢᠨ ᠬᠤᠷᠢᠶᠠᠨ ᠲᠠᠷᠤᠭ᠎ᠠ | ᠰᠣᠩᠭᠤᠨ ᠣᠷᠢᠬᠤ᠂ ᠡᠮ ᠤᠨ ᠦᠨ᠎ᠡ ᠬᠠᠩᠰᠢ ᠶᠢᠨ ᠦᠭᠡᠷᠡᠴᠢᠯᠡᠯᠳᠠ ᠶᠢ ᠪᠦᠬᠦ ᠲᠠᠯ᠎ᠠ ᠪᠠᠷ ᠪᠡᠶᠡᠯᠡᠬᠦᠯᠵᠣ᠂ ᠠᠯᠪᠠᠨ | ᠡᠮᠨᠡᠯᠭᠡ ᠶᠢᠨ ᠦᠭᠡᠷᠡᠴᠢᠯᠡᠯᠳᠠ ᠶᠢᠨ ᠶᠡᠷᠦᠩᠬᠡᠶᠢᠯᠡᠭᠰᠡᠨ ᠦᠨᠡᠯᠡᠯᠳᠠ ᠳᠤ ᠦᠪᠡᠷᠳᠡᠭᠡᠨ ᠵᠠᠰᠠᠬᠤ ᠣᠷᠣᠨ ᠤ 25 | ᠲᠣᠷᠰᠢᠯᠳᠠ ᠶᠢᠨ ᠣᠷᠣᠨ ᠳᠤ ᠪᠠᠨ ᠬᠤᠶᠠᠳᠦᠭᠠᠷ ᠲᠤ ᠣᠷᠣᠪᠠ᠃ ᠮᠠᠯᠵᠢᠬᠤ ᠲᠠᠷᠢᠶᠠᠯᠠᠬᠤ ᠣᠷᠣᠨ ᠤ ᠣᠷᠣᠨ | ᠰᠠᠭᠤᠴᠠ ᠶᠢᠨ ᠦᠨᠡᠮᠯᠡᠯ ᠲᠠᠷᠬᠠᠭᠠᠬᠤ ᠠᠵᠢᠯ ᠢ ᠦᠨᠳᠦᠰᠦᠨ ᠳᠡᠭᠡᠨ ᠪᠡᠶᠡᠯᠡᠭᠦᠯᠵᠣ᠂ ᠠᠵᠢᠯ ᠤᠨ ᠲᠣᠷᠰᠢᠯᠭ᠎ᠠ ᠶᠢ | ᠪᠦᠬᠦ ᠣᠷᠣᠨ ᠳᠤ ᠲᠡᠯᠭᠡᠷᠡᠬᠦᠯᠪᠠ᠃ 98% ᠠᠴᠠ ᠲᠡᠭᠡᠭᠰᠢᠬᠢ ᠨᠣᠲᠤᠭ ᠪᠡᠯᠴᠢᠬᠡᠷ ᠤᠨ ᠡᠷᠬᠡ ᠶᠢ | ᠲᠣᠳᠣᠷᠬᠠᠶᠢᠯᠠᠵᠣ᠂ ᠨᠣᠲᠤᠭ ᠪᠡᠯᠴᠢᠬᠡᠷ ᠤᠨ ᠡᠷᠬᠡ ᠶᠢ ᠲᠣᠳᠣᠷᠬᠠᠶᠢᠯᠠᠬᠤ ᠠᠵᠢᠯ ᠪᠦᠬᠦ ᠣᠷᠣᠨ ᠤ ᠲᠡᠷᠢᠭᠦᠨ ᠤ | ᠡᠩᠨᠡᠭᠡᠨ ᠳᠤ ᠣᠷᠣᠪᠠ᠃ ᠣᠰᠣᠨ ᠡᠷᠬᠡ ᠶᠢᠨ ᠲᠦᠷᠢᠮ ᠤᠨ ᠦᠭᠡᠷᠡᠴᠢᠯᠡᠯᠳᠠ ᠰᠢᠪᠳᠣᠯᠣᠯᠳᠠ ᠲᠠᠢ ᠪᠣᠯᠵᠣ᠂ | ᠣᠰᠣᠨ ᠠᠰᠢᠭᠯᠠᠯᠳᠠ ᠶᠢᠨ ᠲᠦᠬᠦᠭᠡᠷᠦᠮᠵᠢ ᠶᠢᠨ ᠦᠮᠴᠢᠯᠡᠯ ᠤᠨ ᠦᠨᠡᠮᠯᠡᠯ ᠲᠠᠷᠬᠠᠭᠠᠬᠤ ᠪᠠ ᠲᠦᠷᠪᠠᠨ ᠱᠠᠳᠣ ᠪᠠᠷ | ᠬᠤᠪᠢᠶᠠᠨ ᠬᠠᠮᠢᠶᠠᠷᠬᠤ ᠠᠵᠢᠯ ᠢ ᠪᠦᠬᠦ ᠲᠠᠯ᠎ᠠ ᠪᠠᠷ ᠡᠬᠢᠯᠡᠬᠦᠯᠪᠡ᠃ ᠦᠯᠦ ᠬᠦᠳᠡᠯᠬᠦ ᠬᠦᠷᠦᠩᠭᠡᠲ᠋ᠠᠩᠰᠠᠯᠠᠬᠤ ᠠᠵᠢᠯ ᠢ | ᠪᠦᠬᠦ ᠲᠠᠯ᠎ᠠ ᠪᠠᠷ ᠦᠷᠨᠢᠭᠦᠯᠪᠡ᠃ ᠣᠷᠣᠨ ᠲᠣᠭᠤᠷᠢᠭ ᠤᠨ ᠬᠠᠮᠳᠣᠷᠠᠯᠴᠠᠭ᠎ᠠ ᠭᠦᠨᠵᠡᠭᠡᠶᠢᠷᠡᠵᠣ᠂ ᠬᠤᠰᠢᠭᠤ ᠡᠮᠨᠡᠯᠭᠡ | ᠶᠢᠨ ᠬᠤᠷᠢᠶ᠎ᠠ ᠶᠢ ᠨᠢᠩᠰᠢᠶ᠋ᠨ ᠶᠢᠨ ᠡᠮᠨᠡᠯᠭᠡ ᠶᠢᠨ ᠲᠡᠭᠡᠳᠦ ᠰᠣᠷᠭᠠᠭᠤᠯᠢ ᠶᠢᠨ ᠶᠡᠷᠦᠩᠬᠡᠢ ᠡᠮᠨᠡᠯᠭᠡ ᠶᠢᠨ ᠪᠦᠯᠦᠭᠯᠡᠯ ᠳᠤ | ᠠᠮᠵᠢᠯᠳᠠ ᠲᠠᠢ ᠣᠷᠣᠭᠤᠯᠵᠣ᠂ ᠦᠪᠡᠷᠳᠡᠭᠡᠨ ᠵᠠᠰᠠᠬᠤ ᠣᠷᠣᠨ ᠤ ᠠᠩᠬᠠᠳᠠᠭᠴᠢ ᠮᠤᠩᠭᠤᠯ ᠤᠨ ᠦᠨᠳᠦᠷᠯᠢᠭ ᠤᠨ | ᠨᠤᠤᠯᠤᠭᠤᠷ ᠤᠨ ᠢᠮᠠᠭ᠎ᠠ ᠶᠢ ᠠᠮᠢ ᠠᠬᠤᠶᠢᠴᠢ ᠠᠷᠠᠴᠢᠯᠠᠬᠤ ᠰᠤᠳᠤᠯᠭᠠᠨ ᠤ ᠤᠯᠤᠰ ᠠᠯᠤᠰᠯᠠᠭᠰᠡᠨ ᠠᠺᠠᠳᠧᠮᠢᠴᠢ | ᠴᠢᠳᠠᠪᠤᠷᠢᠳᠠᠨ ᠤ ᠠᠵᠢᠯ ᠤᠨ ᠦᠷᠳᠡᠭᠡ ᠪᠠᠶᠢᠭᠤᠯᠪᠠ᠃ ᠦᠪᠡᠷᠳᠡᠬᠡᠨ ᠵᠠᠰᠠᠬᠤ ᠤᠷᠤᠨ ᠤ ᠳᠤᠭᠤᠷᠢᠨ ᠪᠠᠶᠢᠴᠠᠭᠠᠬᠤ | ᠠᠵᠢᠯ ᠳᠤ ᠬᠠᠮᠵᠢᠯᠴᠠᠵᠤ᠂ ᠳᠤᠭᠤᠷᠢᠨ ᠪᠠᠶᠢᠴᠠᠭᠠᠯᠳᠠ ᠪᠠᠷ ᠢᠯᠡᠷᠡᠬᠦᠯᠦᠭᠰᠡᠨ ᠠᠰᠠᠭᠤᠳᠠᠯ ᠢ ᠰᠢᠢᠤᠨᠪᠤᠷᠢᠯᠡᠵᠤ᠂ | ᠠᠵᠢᠯ ᠢᠶᠠᠨ ᠠᠬᠢᠭᠤᠯᠤᠨ᠂ ᠴᠡᠭᠴᠡᠯᠡᠯᠳᠠ ᠶᠢᠨ ᠪᠦᠳᠤᠮᠵᠢ ᠦᠪᠡᠷᠳᠡᠬᠡᠨ ᠵᠠᠰᠠᠬᠤ ᠤᠷᠤᠨ᠂ ᠬᠤᠳᠠ ᠶᠢᠨ ᠨᠠᠮ ᠤᠨ | ᠬᠤᠷᠢᠶ᠎ᠠ ᠶᠢᠨ ᠨᠤᠳᠠᠯᠠᠯᠳᠠ ᠶᠢ ᠤᠯᠪᠠ᠃ | ︵ᠨᠠᠢᠮᠠ︶ ᠨᠡᠶᠢᠭᠡᠮ ᠤᠨ ᠪᠠᠶᠢᠭᠤᠯᠣᠯᠳᠠ ᠡᠶ᠎ᠡ ᠵᠣᠬᠢᠴᠠᠩᠭᠤᠢ ᠠᠬᠢᠪᠠ᠃ ︽ᠦᠭᠬᠢᠶᠡᠮᠦᠷ ᠨᠠᠶᠢᠷᠠᠮᠳᠠᠭᠤ ᠲᠠᠯ᠎ᠠ | ᠨᠣᠳᠤᠭ᠂ ᠦᠵᠡᠰᠭᠦᠯᠡᠩᠳᠦ ᠰᠠᠶᠢᠬᠠᠨ ᠡᠮᠦᠨᠡᠳᠦ ᠣᠳᠤᠭ︾ ᠨᠠᠶᠢᠭᠡᠮ ᠤᠨ ᠵᠠᠰᠠᠯᠳᠠ ᠶᠢᠨ ᠢᠨᠵᠧᠨᠧᠷᠢᠩ ᠢ | ᠬᠡᠷᠡᠭᠵᠢᠭᠦᠯᠵᠣ ᠬᠤᠰᠢᠭᠤ ᠪᠠᠯᠭᠠᠰᠦ ᠭᠠᠴᠠᠭ᠎ᠠ ᠲᠣᠰᠬᠤᠨ ᠨᠡᠶᠢᠭᠡᠮ ᠲᠣᠭᠤᠷᠢᠭ ᠤᠨ ︽ᠲᠦᠷᠪᠡᠨ ᠱᠠᠳᠣ | ᠬᠤᠯᠪᠣᠭᠠᠯᠠᠭᠰᠠᠨ︾ ᠲᠣᠣᠷᠵᠢᠯ ᠬᠠᠮᠢᠶᠠᠷᠤᠯᠳᠠ ᠶᠢᠨ ᠰᠢᠰᠲ᠋ᠧᠮ ᠢ ᠪᠦᠷᠢᠯᠳᠦᠬᠦᠯᠵᠣ᠂ ᠦᠨᠳᠦᠰᠦᠨ ᠱᠠᠳᠣᠨ ᠤ | ᠦᠪᠡᠷ ᠢ ᠪᠠᠨ ᠬᠠᠮᠢᠶᠠᠷᠬᠤ᠂ ᠬᠦᠮᠦᠵᠢᠬᠦᠯᠬᠦ᠂ ᠣᠶᠢᠯᠠᠴᠢᠯᠡᠭᠦ ᠲᠦᠪᠰᠢᠨ ᠢ ᠲᠡᠭᠡᠭᠰᠢᠯᠡᠬᠦᠯᠪᠠ᠃ ︽ᠪᠦᠬᠦ ᠣᠯᠣᠰ | ᠤᠨ ᠠᠷᠪᠠᠳᠦᠭᠠᠷ ᠬᠤᠭᠤᠴᠠᠭᠠᠨ ᠤ ᠴᠦᠭᠡᠨ ᠲᠣᠭᠠᠳᠦ ᠦᠨᠳᠦᠰᠦᠳᠡᠨ ᠤ ᠣᠯᠠᠮᠵᠢᠯᠠᠯᠳᠦ ᠲᠠᠮᠢᠷ ᠤᠨ ᠴᠣᠭᠯᠠᠭᠠᠨ ᠤ | ᠭᠠᠯ ᠤᠨ ᠴᠤᠭ ᠠᠪᠬᠤ ᠶᠣᠰᠣᠯᠠᠯ︾ ᠢ ᠠᠮᠵᠢᠯᠳᠠ ᠲᠠᠢ ᠡᠷᠬᠢᠯᠡᠵᠣ᠂ ᠮᠠᠨ ᠬᠤᠰᠢᠭᠤᠨ ᠤ ᠦᠨᠳᠦᠰᠦᠳᠡᠨ ᠨᠦᠭᠦᠳ | ᠪᠦᠯᠬᠦᠮᠳᠡᠯ ᠲᠠᠢ᠂ ᠵᠠᠰᠠᠭ ᠡᠶᠡᠪᠡᠷᠭᠦᠣ ᠬᠦᠮᠦᠨ ᠨᠠᠶᠢᠷᠠᠮᠳᠠᠭᠤ᠂ ᠠᠵᠣ ᠠᠬᠤᠢ ᠬᠦᠭᠵᠢᠯᠳᠠ ᠲᠠᠢ ᠡᠶ᠎ᠡ ᠵᠣᠬᠢᠴᠠᠩᠭᠤᠢ | ᠬᠡᠪ ᠪᠠᠶᠢᠳᠠᠯ ᠢ ᠢᠯᠡᠷᠡᠭᠦᠯᠪᠡ᠃ ᠨᠡᠶᠢᠭᠡᠮ ᠤᠨ ᠠᠮᠦᠷ ᠲᠣᠭᠳᠠᠭᠤᠨ ᠤ ᠪᠡᠶᠡᠳᠦ ᠡᠵᠡᠮᠰᠢᠯ ᠤᠨ ᠰᠢᠰᠲ᠋ᠧᠮ᠂ ᠢᠨᠲ᠋ᠧᠷ | ᠰᠦᠯᠵᠢᠶᠡᠨ ᠤ ᠬᠢᠨᠠᠯᠳᠠ ᠬᠠᠮᠢᠶᠠᠷᠣᠯᠳᠠ ᠶᠢᠨ ᠰᠢᠰᠲ᠋ᠧᠮ ᠤᠨ ᠪᠠᠶᠢᠭᠤᠯᠣᠯᠳᠠ ᠶᠢ ᠯᠠᠪᠳᠠᠭᠤᠨ ᠠᠬᠢᠭᠤᠯᠵᠣ᠂ ᠭᠡᠷᠡᠭ | ᠡᠪᠳᠡᠭᠰᠡᠨ ᠨᠣᠷᠮ᠎ᠠ ᠪᠦᠬᠦ ᠬᠤᠳᠠ ᠶᠢᠨ ᠲᠣᠮᠳᠠᠴᠢ ᠲᠦᠪᠰᠢᠨ ᠠᠴᠠ ᠦᠨᠳᠦᠷ ᠪᠣᠯᠵᠣ᠂ ᠪᠦᠯᠦᠭᠴᠢ ᠭᠡᠷᠡᠭ᠂ | ᠣᠷᠣᠯᠴᠠᠭᠰᠠᠳ ᠤᠨ ᠲᠤᠭ᠎ᠠ ᠪᠣᠯᠣᠨ ᠵᠥᠷᠢᠴᠡᠯ ᠵᠢᠭᠤᠷᠭᠠᠨ ᠤ ᠬᠡᠮᠵᠢᠶ᠎ᠠ ᠠᠳᠠᠯᠢ ᠬᠤᠭᠤᠴᠠᠭᠠᠨ ᠤ ᠬᠢ ᠠᠴᠠ 31. | 1%᠂ 40.2%᠂ 26.2% ᠪᠠᠭᠤᠷᠠᠪᠠ᠃ ᠦᠪᠡᠷᠳᠡᠬᠡᠨ ᠵᠠᠰᠠᠬᠤ ᠤᠷᠤᠨ ᠤ ᠳᠤᠭ᠎ᠠ ᠪᠦᠷᠢᠤᠨᠬᠡᠯ ᠤᠨ | ᠳᠤᠪᠴᠢᠶ᠎ᠠ ᠶᠢᠨ ᠠᠷᠠᠤᠨ ᠤᠨ ᠪᠠᠶᠢᠴᠠᠭᠠᠯᠳᠠ ᠶᠢᠨ ᠲᠦᠪ ᠤᠨ ᠪᠠᠶᠢᠴᠠᠭᠠᠯᠳᠠ ᠳᠤ ᠮᠠᠨ ᠤ ᠬᠤᠰᠢᠭᠤᠨ ᠤ ᠨᠠᠶᠢᠬᠡᠮ | ᠤᠨ ᠠᠮᠤᠷ ᠳᠤᠭᠳᠠᠭᠤᠨ ᠤ ᠬᠠᠨᠤᠮᠵᠢ ᠶᠢᠨ ᠪᠠᠶᠢᠳᠠᠯ 100% ᠪᠠᠷ ᠦᠨᠡᠯᠡᠭᠳᠡᠪᠠ᠃ ᠠᠶᠣᠯᠬᠦᠢ ᠣᠶᠢᠯᠠᠳᠪᠦᠷᠢᠯᠠᠯ᠂ | ᠣᠷᠴᠢᠨ ᠬᠠᠮᠠᠭᠠᠯᠠᠯᠳᠠ᠂ ᠢᠳᠡᠭᠡᠨ ᠤ ᠠᠮᠦᠷ ᠲᠦᠪᠰᠢᠨ᠂ ᠵᠠᠬᠢᠳᠠᠯ ᠰᠣᠷᠪᠣᠯᠵᠢᠯᠠᠭ᠎ᠠ᠂ ᠲᠣᠭᠳᠠᠭᠤᠨ ᠢ ᠬᠠᠮᠠᠭᠠᠯᠠᠬᠤ | ᠠᠵᠢᠯ ᠢᠯᠡᠷᠬᠡᠢ ᠪᠦᠳᠦᠮᠵᠢᠳᠠᠢ ᠪᠣᠯᠵᠣ᠂ ᠣᠷᠴᠢᠨ ᠲᠣᠭᠤᠷᠢᠨ ᠤ 18 ᠲᠦᠷᠦᠯ ᠤᠨ ᠲᠣᠪᠣᠶᠢᠮ᠎ᠠ ᠠᠰᠠᠭᠤᠳᠠᠯ ᠢ | ᠴᠡᠭᠴᠡᠯᠡᠵᠣ᠂ ᠵᠠᠬᠢᠳᠠᠯ ᠰᠣᠷᠪᠣᠯᠵᠢᠯᠠᠭ᠎ᠠ ᠶᠢᠨ ᠪᠦᠯᠦᠭ ᠣᠳᠠᠭ᠎ᠠ ᠪᠠ ᠬᠦᠮᠦᠨ ᠣᠳᠠᠭ᠎ᠠ 37.2% ᠪᠠ 39.9% | ᠪᠠᠭᠤᠷᠠᠵᠣ᠂ ᠨᠡᠶᠢᠭᠡᠮ ᠠᠮᠦᠷ ᠲᠣᠭᠳᠠᠭᠤᠨ ᠡᠶ᠎ᠡ ᠵᠣᠬᠢᠴᠠᠩᠭᠤᠢ ᠪᠣᠯᠪᠠ᠃ | ᠲᠥᠯᠥᠭᠡᠯᠡᠭᠴᠢᠳ ᠡ᠂ 2015 ᠤᠨᠳᠤ ᠪᠦᠬᠦ ᠬᠤᠰᠢᠭᠤᠨ ᠤ ᠠᠵᠤ ᠠᠬᠤᠢ ᠨᠡᠶᠢᠭᠡᠮ ᠦᠷᠬᠦᠯᠵᠢᠯᠡᠨ ᠡᠷᠡᠬᠦᠯ | ᠲᠣᠭᠳᠠᠭᠤᠨ ᠬᠦᠭᠵᠢᠵᠣ᠂ ︽ᠠᠷᠪᠠᠨ ᠬᠤᠶᠠᠳᠦᠭᠠᠷ ᠲᠠᠪᠣᠨ ᠵᠢᠯ︾ ᠤᠨ ᠲᠦᠯᠦᠪᠵᠢᠭᠦᠯᠭᠡ ᠪᠠᠨ ᠠᠮᠵᠢᠯᠳᠠ ᠲᠠᠢ | ᠪᠡᠶᠡᠯᠡᠭᠦᠯᠪᠡ᠃ ︽ᠠᠷᠪᠠᠨ ᠬᠤᠶᠠᠳᠦᠭᠠᠷ ᠲᠠᠪᠣᠨ ᠵᠢᠯ︾ ᠢᠶᠠᠨ ᠡᠷᠭᠡᠴᠡᠬᠦᠯᠪᠠᠯ᠂ ᠪᠢᠳᠠ ᠬᠠᠳᠠᠭᠤ ᠰᠢᠯᠭᠠᠯᠳᠠ ᠶᠢ | ᠬᠦᠯᠢᠶᠡᠵᠣ᠂ ᠬᠦᠴᠢᠷ ᠪᠡᠷᠬᠡ ᠶᠢ ᠢᠯᠠᠨ᠂ ᠴᠢᠬᠤᠯᠠ ᠶᠡᠭᠡ ᠠᠮᠵᠢᠯᠳᠠ ᠣᠯᠣᠭᠰᠠᠨ ᠪᠠᠶᠢᠨ᠎ᠠ᠃ ᠪᠦᠬᠦ ᠬᠤᠰᠢᠭᠤᠨ ᠤ | ᠡᠯ᠎ᠡ ᠥᠨᠳᠥᠰᠥᠳᠡᠨ ᠤ ᠣᠯᠠᠨ ᠲᠦᠮᠡᠨ ᠪᠦᠯᠬᠦᠮᠳᠠᠨ ᠲᠡᠮᠡᠴᠡᠵᠣ᠂ ᠠᠵᠣ ᠠᠬᠤᠢ ᠨᠡᠶᠢᠭᠡᠮ ᠤᠨ ᠬᠦᠭᠵᠢᠯᠳᠠ ᠶᠢ | ᠰᠢᠨ᠎ᠠ ᠲᠡᠭᠳᠡᠷ ᠲᠤ ᠭᠠᠷᠭᠠᠨ᠂ ᠪᠦᠬᠦ ᠣᠷᠣᠨ ᠳᠤ ᠪᠠᠨ ᠣᠷᠢᠳᠡᠪᠡᠷ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ | ᠪᠠᠶᠢᠭᠤᠯᠬᠤ ᠳᠤ ᠪᠠᠳᠤ ᠰᠠᠭᠤᠷᠢ ᠲᠠᠯᠪᠢᠭᠰᠠᠨ ᠪᠠᠶᠢᠨ᠎ᠠ᠃ | ᠲᠠᠪᠣᠨ ᠵᠢᠯ ᠤᠨ ᠲᠣᠷᠰᠢ᠂ ᠪᠢᠳᠠ ᠬᠦᠭᠵᠢᠯᠳᠠ ᠶᠢ ᠲᠡᠷᠢᠬᠦᠨ ᠴᠢᠬᠤᠯᠠ ᠪᠠᠶᠢᠷᠢᠨ ᠳᠤ ᠲᠠᠯᠪᠢᠵᠣ᠂ ᠠᠵᠣ ᠠᠬᠤᠢ | ᠶᠢᠨ ᠲᠣᠭᠳᠠᠭᠤᠨ ᠮᠦᠷᠳᠡᠬᠡᠨ ᠲᠦᠷᠬᠡᠨ ᠨᠡᠮᠡᠭᠳᠡᠯ ᠢ ᠪᠠᠶᠠᠯᠠᠭᠦᠯᠪᠠ᠃ ᠭᠠᠵᠠᠷ ᠤᠷᠤᠨ ᠤ ᠥᠢᠯᠡᠳᠪᠥᠷᠢᠯᠡᠯ ᠤᠨ | ᠶᠡᠷᠥᠩᠭᠡᠢ ᠥᠷᠳᠡᠭ ᠵᠢᠯ ᠲᠣᠳᠣᠮ 17.3% ᠨᠡᠮᠡᠭᠳᠡᠵᠣ᠂ ᠲᠠᠪᠣᠨ ᠵᠢᠯ ᠨᠡᠶᠢᠳᠡ 535 ᠳ᠋ᠦᠩᠰᠢᠭᠤᠷ ᠲᠦᠬᠦᠷᠢᠭ | ᠪᠡᠶᠡᠯᠡᠭᠦᠯᠪᠡ︔ ᠨᠠᠶᠢᠳᠠ ᠶᠢᠨ ᠡᠳ᠋ ᠤᠨ ᠵᠠᠰᠠᠭ ᠤᠨ ᠲᠦᠰᠤᠪ ᠤᠨ ᠤᠷᠤᠯᠭ᠎ᠠ ᠵᠢᠯ ᠲᠣᠳᠣᠮ 25.69% | ᠨᠡᠮᠡᠭᠳᠡᠵᠣ᠂ ᠲᠠᠪᠣᠨ ᠵᠢᠯ ᠨᠡᠶᠢᠳᠡ 62.74 ᠳ᠋ᠥᠩᠰᠢᠭᠤᠷ ᠲᠥᠭᠦᠷᠢᠭ ᠪᠡᠶᠡᠯᠡᠭᠦᠯᠵᠣ᠂ ᠪᠦᠬᠦ ᠣᠷᠣᠨ ᠤ 102 | ᠬᠤᠰᠢᠭᠤ ᠰᠢᠶᠠᠨ ᠤ 23 ᠳ᠋ᠤᠭᠠᠷ ᠲᠤ ᠵᠢᠭᠰᠠᠭᠠᠭᠳᠠᠪᠠ︔ ᠲᠤᠭᠳᠠᠮᠠᠯ ᠭᠥᠷᠥᠩᠭᠡ ᠶᠢᠨ ᠪᠡᠯᠡ ᠤᠷᠤᠭᠤᠯᠤᠯᠳᠠ ᠵᠢᠯ | ᠲᠣᠳᠣᠮ 10.5% ᠨᠡᠮᠡᠭᠳᠡᠵᠣ᠂ ᠲᠠᠪᠣᠨ ᠵᠢᠯ ᠤᠨ ᠨᠡᠶᠢᠳᠡ ᠪᠡᠯᠡ ᠤᠷᠤᠭᠤᠯᠤᠯᠳᠠ ᠨᠢ ︽ᠠᠷᠪᠠᠨ ᠨᠢᠭᠡᠳᠦᠭᠡᠷ | ᠲᠠᠪᠣᠨ ᠵᠢᠯ︾ ᠤᠨ 5 ᠲᠠᠬᠢᠨ ᠪᠣᠯᠪᠠ︔ ᠨᠠᠶᠢᠬᠡᠮ ᠤᠨ ᠬᠡᠷᠡᠭᠯᠡᠬᠡᠨ ᠤ ᠳᠠᠸᠠᠷ ᠤᠨ ᠵᠢᠵᠢᠭᠯᠡᠨ ᠪᠤᠷᠤᠯᠠᠭᠤᠯᠤᠭᠰᠡᠨ | ᠶᠡᠷᠤᠩᠬᠡᠢ ᠦᠷᠳᠡᠭ ᠵᠢᠯ ᠲᠣᠳᠣᠮ 14.3% ᠨᠡᠮᠡᠭᠳᠡᠵᠣ᠂ ᠲᠠᠪᠣᠨ ᠵᠢᠯ ᠳᠤ ᠨᠡᠶᠢᠳᠡ 81.52 ᠳ᠋ᠦᠩᠰᠢᠭᠤᠷ | ᠲᠦᠬᠦᠷᠢᠭ ᠪᠡᠶ᠋ᠯᠡᠭᠦᠯᠪᠡ᠃ | ᠲᠠᠪᠣᠨ ᠵᠢᠯ ᠤᠨ ᠲᠣᠷᠰᠢ ᠪᠢᠳᠠ ᠪᠦᠳᠦᠴᠠ ᠶᠢᠨ ᠲᠣᠬᠢᠷᠠᠭᠤᠯᠣᠯᠳᠠ ᠶᠢ ᠶᠡᠭᠡ ᠪᠠᠷ ᠠᠬᠢᠭᠤᠯᠵᠣ᠂ ᠠᠵᠣ ᠣᠶᠢᠯᠠᠰ | ᠤᠨ ᠬᠡᠯᠪᠡᠷᠢ ᠶᠢ ᠬᠤᠪᠢᠷᠠᠭᠤᠯᠣᠨ ᠲᠡᠰ ᠲᠠᠪᠰᠢᠭᠤᠯᠬᠤ ᠠᠬᠢᠴᠠ ᠶᠢ ᠲᠦᠷᠭᠡᠳᠬᠡᠪᠡ᠃ ᠳ᠋ᠦᠩᠰᠢᠭᠤᠷ ᠲᠦᠬᠦᠷᠢᠭ | ᠲᠠᠪᠠᠭᠰᠠᠨ ᠠᠵᠣ ᠣᠶᠢᠯᠠᠳᠪᠦᠷᠢ ᠶᠢᠨ 37 ᠴᠢᠬᠤᠯᠠ ᠶᠡᠭᠡ ᠲᠦᠷᠦᠯ ᠵᠣᠶᠢᠯ ᠤᠨ ᠪᠠᠷᠢᠯᠭ᠎ᠠ ᠡᠬᠢᠯᠡᠬᠦᠯᠵᠣ᠂ 16 ᠨᠢ | ᠪᠠᠶᠢᠭᠤᠯᠣᠭᠳᠠᠨ᠂ ︽ᠨᠡᠭᠦᠷᠡᠰᠦ ᠪᠠᠷ ᠰᠠᠭᠤᠷᠢᠯᠠᠬᠤ᠂ ᠴᠠᠬᠢᠯᠭᠠᠨ ᠬᠦᠴᠦ ᠪᠠᠷ ᠭᠤᠣᠯᠯᠠᠬᠤ᠂ ᠪᠣᠬᠢᠷᠳᠣᠯ ᠦᠬᠡᠢ | ᠡᠨᠧᠷᠬᠢ ᠪᠠᠷ ᠨᠦᠬᠦᠪᠦᠷᠢᠯᠡᠬᠦ︾ ᠰᠢᠨ᠎ᠠ ᠬᠡᠯᠪᠡᠷᠢ ᠶᠢᠨ ᠠᠵᠣ ᠤᠶᠢᠯᠡᠤᠨᠪᠤᠷᠢᠵᠢᠯᠳᠠ ᠶᠢᠨ ᠰᠢᠰᠲ᠋ᠧᠮ ᠡᠬᠢᠯᠡᠨ | ᠪᠦᠷᠢᠯᠳᠦᠵᠣ᠂ ᠨᠡᠭᠦᠷᠡᠰᠦ᠂ ᠨᠡᠭᠦᠷᠡᠰᠦ ᠬᠢᠮᠢ᠂ ᠰᠢᠳᠠᠮᠠᠬᠠᠢ ᠬᠡᠢ ᠶᠢᠨ ᠭᠠᠷᠣᠯᠳᠠ ᠨᠡᠶᠢᠳᠡ 5141 ᠲᠦᠮᠡᠨ ᠲᠣᠨ᠂ | 417 ᠲᠦᠮᠡᠨ ᠲᠣᠨ᠂ 220 ᠳ᠋ᠦᠩᠰᠢᠭᠤᠷ ᠺᠦᠪ ᠮᠧᠲᠷ ᠬᠦᠷᠴᠦ᠂ ᠠᠵᠣ ᠣᠶᠢᠯᠠᠳᠪᠦᠷᠢ ᠶᠢᠨ ᠭᠤᠣᠯᠯᠠᠬᠤ | ᠪᠠᠶᠢᠷᠢ ᠨᠡᠩ ᠲᠣᠪᠣᠶᠢᠪᠠ᠃ ᠲᠣᠯᠣᠭᠠᠶᠢᠯᠠᠭᠴᠢ ᠠᠵᠣ ᠠᠬᠤᠶᠢᠯᠠᠯ ᠢ 18 ᠪᠣᠶᠢᠵᠢᠭᠤᠯᠣᠨ᠂ ᠮᠠᠯ ᠲᠠᠷᠢᠶᠠᠯᠠᠩ ᠤᠨ | ᠪᠦᠳᠦᠭᠳᠡᠭᠦᠨ ᠤ ᠨᠡᠷᠡᠳᠦ ᠲᠡᠮᠳᠡᠭ ᠢ 17 ᠲᠠᠩᠰᠠᠯᠠᠭᠤᠯᠵᠣ᠂ ᠣᠳᠣ ᠦᠶ᠎ᠡ ᠶᠢᠨ ᠬᠡᠪᠴᠢᠶᠡᠵᠢᠭᠰᠡᠨ ᠲᠠᠷᠢᠶᠠᠯᠠᠩ ᠤᠨ | ᠰᠠᠭᠤᠷᠢᠨ ᠢ 24 ᠲᠦᠮᠡᠨ ᠮᠣ᠋ ᠪᠠᠶᠢᠭᠤᠯᠵᠣ᠂ ᠠᠯᠠᠰᠢᠨ ᠮᠠᠯ ᠤᠨ ᠲᠡᠵᠢᠭᠡᠪᠦᠷᠢ ᠶᠢᠨ ᠲᠣᠭᠤᠷᠢᠭ ᠢ 13 ᠪᠠᠶᠢᠭᠤᠯᠵᠣ | ᠂ ᠣᠳᠣ ᠦᠶ᠎ᠡ ᠶᠢᠨ ᠭᠡᠷ ᠪᠦᠯᠢ ᠶᠢᠨ ᠮᠠᠯᠵᠢᠯ ᠤᠨ ᠡᠷᠦᠬᠡ ᠶᠢ 630 ᠬᠦᠷᠭᠡᠨ᠂ ᠨᠡᠶᠢᠳᠡ 13035 ᠲᠦᠬᠦᠷ | ᠲᠠᠷᠢᠶᠠᠯᠠᠩ ᠤᠨ ᠮᠠᠰᠢᠨ ᠲᠠᠯᠪᠢᠵᠣ᠂ ᠶᠡᠷᠦᠩᠬᠡᠶᠢᠯᠡᠭᠰᠡᠨ ᠮᠠᠰᠢᠨᠴᠢᠯᠠᠯᠳᠠ ᠶᠢᠨ ᠨᠣᠷᠮ᠎ᠠ 80% ᠳᠤ ᠬᠦᠷᠴᠦ᠂ ᠮᠠᠯ | ᠲᠠᠷᠢᠶᠠᠯᠠᠩ ᠤᠨ ᠰᠠᠭᠤᠷᠢ ᠨᠡᠩ ᠪᠠᠬᠢᠵᠢᠪᠡ᠃ ᠣᠯᠣᠰ ᠤᠨ 4A ᠲᠡᠰ ᠤᠨ ᠦᠵᠡᠮᠵᠢ ᠶᠢᠨ ᠣᠷᠣᠨ ᠢ 3 | ᠪᠠᠶᠢᠭᠤᠯᠵᠣ᠂ ᠡᠯᠡᠰᠦ ᠮᠠᠩᠬᠠᠨ ᠤ ᠲᠣᠮᠣ ᠬᠠᠪᠴᠢᠯ ᠣᠯᠣᠰ ᠤᠨ ᠣᠰᠣᠨ ᠠᠰᠢᠭᠯᠠᠯᠳᠠ ᠶᠢᠨ ᠦᠵᠡᠮᠵᠢ ᠶᠢᠨ | ᠨᠡᠷᠡᠳᠦ ᠣᠷᠣᠨ ᠳᠤ ᠵᠢᠭᠰᠠᠭᠠᠭᠳᠠᠵᠣ᠂ ᠶᠡᠭᠡ ᠲᠣᠬᠤᠢ ᠲᠣᠰᠬᠤᠨ ᠰᠣᠶᠣᠯ ᠣᠯᠠᠮᠵᠢᠯᠠᠯᠳᠦ ᠭᠠᠴᠠᠭ᠎ᠠ ᠲᠣᠰᠬᠤᠨ ᠤ | ᠬᠠᠮᠠᠭᠠᠯᠠᠯᠳᠠ ᠶᠢᠨ ᠨᠡᠷᠡᠰ ᠴᠠᠳᠢᠭ ᠲᠤ ᠣᠷᠣᠵᠣ᠂ ᠶᠠᠨ ᠠᠨ ᠤ ᠦᠨᠳᠦᠰᠦᠳᠡᠨ ᠤ ᠲᠡᠭᠡᠳᠦ ᠰᠣᠷᠭᠠᠭᠤᠯᠢ ᠶᠢᠨ | ᠪᠣᠷᠣᠪᠠᠯᠭᠠᠰᠣᠨ ᠳᠠᠬᠢ ᠲᠣᠷᠠᠰᠬᠠᠯ ᠤᠨ ᠣᠷᠳᠣᠨ ᠠᠰᠢᠭᠯᠠᠯᠳᠠ ᠳᠤ ᠣᠷᠣᠵᠣ᠂ ᠲᠣᠮᠳᠠᠳᠦ ᠣᠯᠣᠰ ᠤᠨ ᠪᠡᠩᠬᠢ᠂ | ᠣᠷᠳᠣᠰ ᠪᠠᠩᠬᠢ᠂ ᠮᠧᠩ ᠶᠢᠨ ᠲᠣᠰᠬᠤᠨ ᠪᠠᠯᠭᠠᠰᠣᠨ ᠤ ᠪᠡᠩᠬᠢ ᠮᠠᠨ ᠤ ᠬᠤᠰᠢᠭᠤᠨ ᠳᠤ ᠰᠠᠭᠤᠷᠢᠰᠢᠵᠣ᠂ | ᠠᠮᠢᠳᠣᠷᠠᠯ ᠤᠨ ᠣᠶᠢᠯᠠᠴᠢᠯᠡᠭᠡᠨ ᠤ ᠣᠶᠢᠯᠠᠰ ᠲᠡᠰ ᠲᠠᠪᠰᠢᠵᠣ᠂ ᠲᠦᠷᠬᠡᠨ ᠲᠠᠮᠵᠢᠭᠤᠯᠭ᠎ᠠ ᠪᠣᠳᠠᠰ ᠤᠨ ᠭᠦᠢᠯᠭᠡᠭᠡᠨ ᠤ | ᠣᠶᠢᠯᠠᠰ ᠲᠦᠷᠬᠡᠨ ᠬᠦᠭᠵᠢᠵᠣ᠂ ᠣᠶᠢᠯᠡᠴᠢᠯᠡᠭᠡᠨ ᠤ ᠣᠶᠢᠯᠠᠰ ᠣᠯᠠᠨ ᠶᠠᠩᠵᠣ ᠲᠠᠢ ᠪᠣᠯᠪᠠ᠃ | ᠲᠠᠪᠣᠨ ᠵᠢᠯ ᠤᠨ ᠲᠣᠷᠰᠢ ᠪᠢᠳᠠ ᠰᠠᠭᠤᠷᠢ ᠨᠦᠬᠦᠴᠡᠯ ᠢᠶᠠᠨ ᠲᠠᠰᠣᠷᠠᠯᠳᠠ ᠦᠭᠡᠢ ᠲᠡᠭᠦᠯᠳᠡᠷᠵᠢᠭᠦᠯᠵᠣ᠂ | ᠣᠷᠣᠨ ᠨᠣᠳᠤᠭ ᠤᠨ ᠬᠦᠭᠵᠢᠯᠳᠠ ᠶᠢᠨ ᠣᠷᠴᠢᠨ ᠢ ᠦᠷᠭᠦᠯᠵᠢᠯᠡᠨ ᠰᠠᠶᠢᠵᠢᠷᠠᠭᠤᠯᠪᠠ᠃ ᠣᠶᠢᠵᠢᠭᠤᠯᠣᠯᠳᠠ ᠶᠢᠨ | ᠲᠠᠯᠠᠪᠠᠢ 330 ᠲᠦᠮᠡᠨ ᠺᠦᠸ᠋ᠳ᠋ ᠮᠧᠲᠷ ᠨᠡᠮᠡᠭᠳᠡᠵᠣ᠂ ᠬᠦᠮᠦᠨ ᠲᠣᠳᠣᠮ 35 ᠺᠦᠸ᠋ᠳ᠋ ᠮᠧᠲᠷ ᠨᠣᠭᠳᠠᠵᠣ᠂ | ᠪᠠᠶᠢᠩᠭᠤ ᠬᠦᠮᠦᠨ ᠠᠮᠠ ᠤᠨ ᠬᠤᠳᠠᠴᠢᠯᠠᠯᠳᠠ ᠶᠢᠨ ᠨᠣᠷᠮ᠎ᠠ 57.8% ᠲᠤ ᠬᠦᠷᠴᠦ᠂ ᠮᠠᠨ ᠤ ᠬᠤᠰᠢᠭᠤ ︽ | ᠣᠯᠣᠰ ᠤᠨ ᠡᠷᠡᠬᠦᠯ ᠬᠠᠮᠠᠭᠠᠯᠠᠯ ᠤᠨ ᠰᠢᠶᠠᠨ ᠤ ᠬᠤᠳᠠ︾ ᠪᠠᠷ ᠨᠡᠷᠡᠶᠢᠳᠦᠭᠳᠡᠨ᠂ ᠦᠪᠡᠷᠳᠡᠭᠡᠨ ᠵᠠᠰᠠᠬᠤ ᠣᠷᠣᠨ ᠤ | ᠴᠡᠴᠡᠷᠯᠢᠭᠵᠢᠬᠦᠯᠭᠡ ᠶᠢᠨ ᠬᠤᠰᠢᠭᠤ ᠶᠢ ᠠᠮᠵᠢᠯᠳᠠ ᠲᠠᠢ ᠴᠣᠭᠴᠠᠯᠠᠪᠠ᠃ ᠬᠤᠳᠠ ᠬᠦᠳᠡᠭᠡ ᠶᠢ ᠢᠵᠢᠯ ᠨᠢᠭᠡᠳᠦᠯᠳᠡᠢ | ᠬᠦᠭᠵᠢᠬᠦᠯᠵᠣ᠂ ᠨᠠᠩᠰᠦ᠂ ᠪᠣᠷᠣᠪᠠᠯᠭᠠᠰᠦ ᠶᠢᠨ ᠴᠣᠭᠯᠠᠭ᠎ᠠ ᠪᠠᠯᠭᠠᠰᠣ ᠶᠢᠨ ᠦᠩᠭᠡ ᠲᠦᠷᠰᠦ ᠰᠢᠨᠡᠳᠴᠦ᠂ ᠰᠢᠨ᠎ᠡ | ᠮᠠᠶ᠋ᠢᠭ ᠤᠨ ᠠᠶᠢᠯ ᠲᠣᠰᠬᠤᠨ 7᠂ ᠵᠣᠰᠠᠯᠠᠩ ᠰᠠᠭᠤᠴᠠ 1200 ᠲᠦᠬᠦᠷ ᠪᠠᠶᠢᠭᠤᠯᠵᠣ᠂ ᠰᠢᠯᠵᠢᠭᠰᠡᠨ ᠮᠠᠯᠴᠢᠨ | ᠲᠠᠷᠢᠶᠠᠴᠢᠨ ᠤ ᠣᠷᠣᠨ ᠰᠠᠭᠤᠴᠠ ᠶᠢ 5521 ᠲᠦᠬᠦᠷ ᠪᠠᠶᠢᠭᠤᠯᠵᠣ᠂ 3116 ᠡᠷᠦᠬᠡ ᠶᠢᠨ ᠮᠠᠯᠴᠢᠨ | ᠳᠠᠷᠢᠶᠠᠴᠢᠨ ᠢ ᠰᠢᠯᠵᠢᠭᠦᠯᠪᠡ᠃ ᠰᠠᠭᠤᠷᠢ ᠲᠦᠬᠦᠭᠡᠷᠦᠮᠵᠢ ᠶᠢᠨ ᠪᠠᠶᠢᠭᠤᠯᠣᠯᠳᠠ ᠳᠤ ᠨᠡᠶᠢᠳᠡ 10 ᠳ᠋ᠦᠩᠰᠢᠭᠤᠷ | ᠲᠦᠬᠦᠷᠢᠭ ᠤᠨ ᠪᠡᠯᠡ ᠣᠷᠣᠭᠤᠯᠵᠣ᠂ ᠲᠡᠭᠡᠳᠦ ᠲᠡᠰ ᠤᠨ ᠵᠠᠰᠠᠮᠠᠯ ᠵᠠᠮ ᠲᠠᠢ ᠪᠣᠯᠵᠣ᠂ ᠭᠠᠴᠠᠭ᠎ᠠ ᠲᠣᠰᠬᠤᠨ ᠤ | ᠴᠠᠷᠳᠠᠮᠠᠯ ᠵᠠᠮ ᠢ 446 ᠺᠢᠯᠦᠮᠧᠲᠷ ᠨᠡᠮᠡᠭᠳᠡᠬᠦᠯᠵᠣ᠂ ᠪᠦᠬᠦ ᠬᠤᠰᠢᠭᠤᠨ ᠤ ᠵᠠᠰᠠᠮᠠᠯ ᠵᠠᠮ ᠤᠨ ᠶᠡᠷᠦᠩᠬᠡᠢ ᠣᠷᠳᠦ | 2400 ᠺᠢᠯᠦᠮᠧᠲᠷ ᠬᠦᠷᠴᠦ᠂ ᠬᠤᠳᠠ ᠬᠦᠳᠡᠭᠡ ᠶᠢᠨ ᠵᠠᠮ ᠤᠨ ᠲᠣᠣᠷ ᠤᠨ ᠪᠦᠳᠦᠴᠠ ᠪᠦᠬᠦ ᠲᠠᠯ᠎ᠠ ᠪᠠᠷ | ᠰᠢᠯᠢᠳᠡᠭᠵᠢᠪᠡ᠃ ᠴᠠᠬᠢᠯᠭᠠᠨ ᠬᠦᠴᠦᠨ ᠤ ᠪᠡᠯᠡ ᠣᠷᠣᠭᠤᠯᠣᠯᠳᠠ ᠶᠢ 13.97 ᠳ᠋ᠦᠩᠰᠢᠭᠤᠷ ᠲᠦᠬᠦᠷᠢᠭ | ᠪᠡᠶᠡᠯᠡᠬᠦᠯᠵᠣ᠂ 110 ᠺᠢᠯᠤᠸᠤᠯᠲ ᠠᠴᠠ ᠲᠡᠭᠡᠭᠰᠢᠬᠢ ᠴᠠᠬᠢᠯᠭᠠᠨ ᠬᠤᠪᠢᠰᠬᠠᠨ ᠲᠠᠮᠵᠢᠭᠤᠯᠬᠤ ᠢᠨᠵᠧᠨᠧᠷᠢᠩ ᠢ 6᠂ | 35 ᠺᠢᠯᠤᠸᠤᠯᠲ ᠤᠨ ᠴᠠᠬᠢᠯᠭᠠᠨ ᠬᠤᠪᠢᠰᠬᠠᠨ ᠲᠠᠮᠵᠢᠭᠤᠯᠬᠤ ᠦᠷᠳᠡᠭᠡ 7 ᠪᠠᠶᠢᠭᠤᠯᠵᠣ᠂ 3939 ᠺᠢᠯᠦᠮᠧᠲᠷ | ᠴᠠᠬᠢᠯᠭᠠᠨ ᠱᠤᠭᠤᠮ ᠢ ᠦᠭᠡᠷᠡᠴᠢᠯᠡᠨ ᠰᠢᠨᠡᠳᠬᠡᠵᠣ᠂ ᠮᠠᠯᠵᠢᠬᠤ ᠲᠠᠷᠢᠶᠠᠯᠠᠬᠤ ᠣᠷᠣᠨ ᠤ ᠡᠷᠦᠬᠡ ᠳᠤ ᠴᠠᠬᠢᠯᠭᠠᠨ | ᠨᠡᠪᠳᠡᠷᠡᠬᠦ ᠨᠣᠷᠮ᠎ᠠ 98% ᠬᠦᠷᠪᠡ᠃ ᠠᠮᠢ ᠠᠬᠤᠢ ᠶᠢᠨ ᠪᠠᠶᠢᠭᠤᠯᠣᠯᠳᠠ ᠶᠢ 78 ᠲᠦᠮᠡᠨ ᠮᠣ᠋ ᠪᠡᠶᠡᠯᠡᠬᠦᠯᠵᠣ᠂ | ᠬᠦᠷᠦᠰᠦ ᠰᠢᠷᠣᠢ ᠶᠢᠨ ᠢᠳᠡᠭᠳᠡᠯ ᠢ 86 ᠲᠦᠮᠡᠨ ᠮᠣ᠋ ᠵᠠᠰᠠᠵᠣ᠂ ᠣᠢ ᠶᠢᠨ ᠪᠦᠷᠭᠦᠴᠡ ᠪᠣᠯᠣᠨ ᠣᠷᠭᠤᠮᠠᠯ ᠤᠨ | ᠪᠦᠷᠬᠦᠪᠴᠢ ᠶᠢ 23% ᠪᠠ 46% ᠳᠤ ᠲᠣᠭᠳᠠᠪᠦᠷᠢᠵᠢᠭᠤᠯᠪᠠ᠃ | ᠲᠠᠪᠣᠨ ᠵᠢᠯ ᠤᠨ ᠲᠣᠷᠰᠢ᠂ ᠪᠢᠳᠠ ᠨᠡᠶᠢᠬᠡᠮ ᠤᠨ ᠦᠢᠯᠡᠰ ᠢ ᠪᠦᠬᠦ ᠲᠠᠯ᠎ᠠ ᠪᠠᠷ ᠬᠦᠭᠵᠢᠬᠦᠯᠵᠣ᠂ ᠠᠷᠠᠳ | ᠣᠯᠠᠨ ᠳᠤ ᠨᠡᠩ ᠠᠷᠪᠢᠨ ᠠᠰᠢᠭ ᠬᠦᠷᠲᠡᠬᠡᠪᠡ᠃ ᠠᠷᠠᠳ ᠤᠨ ᠠᠮᠢᠳᠤᠷᠠᠯ ᠤᠨ ᠰᠠᠶᠢᠵᠢᠷᠠᠭᠤᠯᠣᠯᠳᠠ ᠳᠤ ᠨᠡᠶᠢᠳᠡ | 88.38 ᠳ᠋ᠦᠩᠰᠢᠭᠤᠷ ᠲᠦᠬᠦᠷᠢᠭ ᠣᠷᠣᠭᠤᠯᠵᠣ᠂ ᠡᠳ᠋ ᠤᠨ ᠵᠠᠰᠠᠭ ᠤᠨ ᠶᠡᠷᠦᠩᠭᠡᠢ ᠵᠠᠷᠣᠯᠭ᠎ᠠ ᠶᠢᠨ 71.64% | ᠶᠢ ᠡᠵᠡᠯᠡᠨ᠂ ᠮᠠᠯᠴᠢᠨ ᠲᠠᠷᠢᠶᠠᠴᠢᠨ ᠳᠤ 10.3 ᠳ᠋ᠦᠩᠰᠢᠭᠤᠷ ᠲᠦᠬᠦᠷᠢᠭ ᠲᠦᠷᠦ ᠶᠢᠨ ᠪᠣᠳᠣᠯᠭ᠎ᠠ ᠶᠢᠨ | ᠨᠦᠬᠦᠪᠦᠷᠢ ᠣᠯᠭᠤᠵᠣ᠂ 3603 ᠡᠷᠦᠬᠡ 11860 ᠬᠦᠮᠦᠨ ᠢ ᠶᠠᠳᠠᠭᠤ ᠠᠴᠠ ᠠᠩᠬᠢᠵᠢᠷᠠᠭᠤᠯᠵᠤ᠂ ᠮᠠᠯᠴᠢᠨ | ᠲᠠᠷᠢᠶᠠᠴᠢᠳ ᠤᠨ ᠬᠦᠮᠦᠨ ᠲᠣᠳᠣᠮ ᠤᠨ ᠴᠡᠪᠡᠷ ᠣᠷᠣᠯᠭ᠎ᠠ 11 ᠵᠢᠯ ᠲᠠᠷᠠᠭᠠᠯᠠᠨ ᠪᠦᠬᠦ ᠬᠤᠳᠠ ᠳᠤ ᠪᠠᠨ | ᠲᠡᠷᠢᠭᠦᠯᠪᠡ᠃ ᠬᠤᠳᠠ ᠪᠠᠯᠭᠠᠰᠣᠨ ᠤ 7374 ᠬᠦᠮᠦᠨ ᠳᠤ ᠠᠵᠢᠯ ᠣᠯᠭᠤᠨ᠂ ᠠᠵᠢᠯ ᠠᠯᠳᠠᠯᠳᠠ ᠶᠢᠨ ᠨᠣᠷᠮ᠎ᠠ ᠶᠢ | 3% ᠶᠢᠨ ᠲᠣᠳᠣᠷ᠎ᠠ ᠬᠢᠵᠠᠭᠠᠷᠯᠠᠪᠠ᠃ ᠪᠦᠬᠦ ᠬᠤᠳᠠ ᠳᠤ ᠪᠠᠨ ᠲᠡᠷᠢᠬᠦᠯᠡᠨ ︽ᠭᠤᠷᠪᠠᠨ ᠪᠠᠳᠤᠯᠠᠭ᠎ᠠ ᠶᠢ ᠨᠢᠭᠡᠳᠭᠡᠬᠦ | ︾᠂ ᠡᠮᠴᠢᠯᠡᠭᠡᠨ ᠠᠴᠠ ᠡᠮᠦᠨ᠎ᠡ ᠠᠪᠣᠷᠠᠨ ᠲᠣᠰᠠᠯᠠᠬᠤ ᠵᠠᠭᠪᠣᠷ ᠢ ᠬᠡᠷᠡᠭᠵᠢᠭᠦᠯᠵᠣ᠂ ᠪᠠᠳᠣᠯᠠᠭ᠎ᠠ ᠶᠢᠨ ᠵᠢᠭᠠᠯᠳᠠ ᠪᠦᠬᠦ | ᠣᠷᠣᠨ ᠤ ᠲᠡᠷᠢᠭᠦᠨ ᠤ ᠡᠩᠨᠡᠭᠡᠨ ᠳᠤ ᠣᠷᠣᠵᠣ᠂ ᠬᠤᠳᠠ ᠬᠦᠳᠡᠭᠡ ᠶᠢ ᠬᠠᠮᠣᠷᠠᠭᠰᠠᠨ ᠨᠡᠶᠢᠭᠡᠮ ᠤᠨ ᠪᠠᠳᠣᠯᠠᠭ᠎ᠠ ᠶᠢᠨ | ᠰᠢᠰᠲ᠋ᠧᠮ ᠢ ᠦᠨᠳᠦᠰᠦᠨ ᠳᠡᠭᠡᠨ ᠪᠦᠷᠢᠯᠳᠦᠭᠦᠯᠪᠠ᠃ ᠪᠠᠳᠣᠯᠠᠭ᠎ᠠ ᠶᠢᠨ ᠣᠷᠣᠨ ᠰᠠᠭᠤᠴᠠ ᠶᠢ 6957 ᠲᠦᠬᠦᠷ | ᠪᠠᠶᠢᠭᠤᠯᠵᠣ᠂ 2312 ᠲᠦᠬᠦᠷ ᠬᠠᠭᠤᠴᠢᠨ ᠣᠷᠣᠨ ᠰᠠᠭᠤᠴᠠ ᠶᠢ ᠰᠢᠨᠡᠳᠬᠡᠪᠡ᠃ 19 ᠲᠣᠮᠳᠡᠳᠦ ᠪᠠᠭ᠎ᠠ | ᠰᠣᠷᠭᠠᠭᠤᠯᠢ ᠪᠣᠯᠣᠨ ᠴᠡᠴᠡᠷᠯᠢᠭ ᠢ ᠰᠢᠨ᠎ᠡ ᠪᠠᠷ ᠪᠠ ᠦᠷᠭᠡᠳᠬᠡᠨ ᠪᠠᠶᠢᠭᠤᠯᠵᠣ᠂ 12 ᠵᠢᠯ ᠤᠨ ᠲᠦᠯᠦᠪᠦᠷᠢ ᠦᠭᠡᠢ | ᠬᠢᠳᠠᠳ ᠢᠶᠠᠷ ᠬᠡᠴᠢᠶᠡᠯᠡᠯᠬᠦ ᠰᠣᠷᠭᠠᠨ ᠬᠦᠮᠦᠵᠢᠯ ᠪᠣᠯᠣᠨ 15 ᠵᠢᠯ ᠤᠨ ᠲᠦᠯᠦᠪᠦᠷᠢ ᠦᠭᠡᠢ ᠦᠨᠳᠦᠰᠦᠳᠡᠨ ᠤ | ᠰᠣᠷᠭᠠᠨ ᠬᠦᠮᠦᠵᠢᠯ ᠢ ᠪᠦᠬᠦ ᠲᠠᠯ᠎ᠠ ᠪᠠᠷ ᠭᠡᠷᠡᠭᠵᠢᠭᠦᠯᠵᠣ᠂ ᠠᠩᠬ᠎ᠠ ᠲᠣᠮᠳᠡᠳᠦ ᠶᠢᠨ ᠬᠤᠳᠠ ᠶᠢᠨ ᠲᠡᠰ ᠠᠴᠠ | ᠲᠡᠭᠡᠭᠰᠢᠬᠢ ᠭᠤᠣᠯᠳᠠᠯᠭᠠᠳᠦ ᠲᠡᠭᠡᠳᠦ ᠲᠣᠮᠳᠠᠳᠦ ᠳᠤ ᠰᠢᠯᠭᠠᠭᠳᠠᠭᠰᠠᠳ ᠤᠨ ᠲᠤᠭ᠎ᠠ 5 ᠵᠢᠯ ᠲᠠᠷᠠᠭᠠᠯᠠᠨ ᠪᠦᠬᠦ | ᠬᠤᠳᠠ ᠶᠢᠨ ᠲᠡᠷᠢᠬᠦᠨ ᠤ ᠡᠩᠨᠡᠭᠡᠨ ᠳᠤ ᠣᠷᠣᠵᠣ᠂ ᠡᠩ ᠤᠨ ᠲᠡᠭᠡᠳᠦ ᠰᠣᠷᠭᠠᠭᠤᠯᠢ ᠶᠢᠨ ᠵᠢᠩᠬᠢᠨᠢ ᠠᠩᠬᠢ ᠳᠤ | ᠰᠢᠯᠭᠠᠭᠳᠠᠭᠰᠠᠳ ᠤᠨ ᠨᠣᠷᠮ᠎ᠠ 2010 ᠣᠨ ᠤ 45.96% ᠠᠴᠠ ᠲᠡᠭᠡᠭᠰᠢᠯᠡᠭᠡᠳ 52.98% ᠬᠦᠷᠪᠡ᠃ | ᠪᠦᠬᠦ ᠠᠷᠠᠤᠨ ᠤᠨ ᠪᠡᠶ᠎ᠡ ᠴᠢᠬᠢᠷᠠᠭᠵᠢᠭᠤᠯᠬᠤ ᠤᠶᠢᠯᠡᠰ ᠦᠤᠨᠳᠠᠷ ᠬᠦᠭᠵᠢᠵᠤ᠂ ᠪᠠᠯᠭᠠᠰᠤᠨ ᠳᠤᠭᠤᠷᠢᠭ ᠤᠨ | ᠴᠡᠴᠡᠷᠯᠢᠭ᠂ ᠰᠠᠭᠤᠭᠠᠯᠢ ᠠᠷᠠᠤᠨ ᠤᠨ ᠳᠤᠭᠤᠷᠢᠭ᠂ ᠳᠤᠮᠳᠠᠳᠤ ᠪᠠᠭ᠎ᠠ ᠰᠤᠷᠭᠠᠭᠤᠯᠢ ᠶᠢᠨ ᠳᠠᠮᠢᠷ ᠪᠤᠯᠪᠠᠰᠤᠷᠠᠯ ᠤᠨ | ᠲᠦᠬᠦᠬᠡᠷᠤᠮᠵᠢ ᠪᠦᠬᠦ ᠳᠠᠯ᠎ᠠ ᠪᠠᠷ ᠳᠡᠬᠦᠯᠳᠡᠷᠵᠢᠵᠤ᠂ ᠬᠤᠰᠢᠭᠤᠨ ᠤ ᠮᠤᠩᠭᠤᠯ ᠪᠠᠭ᠎ᠠ ᠰᠤᠷᠭᠠᠭᠤᠯᠢ ︽ᠤᠯᠤᠰ ᠤᠨ | ᠳᠡᠰ ᠤᠨ ᠬᠦᠯ ᠪᠦᠮᠪᠦᠭᠡ ᠶᠢᠨ ᠤᠨᠴᠠᠯᠢᠭᠳᠤ ᠰᠤᠷᠭᠠᠭᠤᠯᠢ︾ ᠪᠠᠷ ᠦᠨᠡᠯᠡᠭᠳᠡᠪᠠ᠃ ᠬᠤᠰᠢᠭᠤ ᠡᠮᠨᠡᠯᠭᠡ ᠶᠢ | ᠦᠷᠭᠡᠳᠬᠡᠨ ᠪᠠᠶᠢᠭᠤᠯᠵᠣ᠂ ᠦᠨᠳᠦᠰᠦᠨ ᠱᠠᠳᠣᠨ ᠤ ᠡᠷᠡᠭᠦᠯ ᠬᠠᠮᠠᠭᠠᠯᠠᠯ ᠤᠨ ᠬᠤᠷᠢᠶ᠎ᠠ ᠶᠢ 2᠂ ᠭᠠᠴᠠᠭ᠎ᠠ | ᠲᠣᠰᠬᠤᠨ ᠤ ᠡᠷᠡᠭᠦᠯ ᠬᠠᠮᠠᠭᠠᠯᠠᠯ ᠤᠨ ᠲᠠᠰᠤᠭ ᠢ 33 ᠪᠠᠶᠢᠭᠤᠯᠵᠣ᠂ ᠮᠢᠩᠭᠠᠨ ᠬᠦᠮᠦᠨ ᠲᠣᠳᠣᠮ ᠲᠤ 5.28 | ᠡᠪᠡᠳᠴᠢᠳᠡᠨ ᠤ ᠣᠷᠣ ᠪᠠ 6.2 ᠡᠮᠨᠡᠯᠭᠡ ᠶᠢᠨ ᠠᠵᠢᠯᠳᠠᠨ ᠨᠣᠭᠳᠠᠭᠤᠯᠵᠣ᠂ ᠲᠣᠰᠪᠦᠷᠢ 2010 ᠣᠨ ᠠᠴᠠ 39. | 7% ᠪᠠ 22.1% ᠨᠡᠮᠡᠭᠳᠡᠭᠦᠯᠦᠨ᠂ ᠬᠤᠰᠢᠭᠤ ᠮᠣᠩᠭᠤᠯ ᠡᠮᠨᠡᠯᠭᠡ ᠣᠯᠣᠰ ᠤᠨ ᠬᠤᠶᠠᠳᠦᠭᠠᠷ ᠵᠡᠷᠬᠡ ᠶᠢᠨ ᠬᠦᠭᠡ | ᠲᠡᠰ ᠤᠨ ᠶᠡᠷᠦᠩᠬᠡᠶᠢᠯᠡᠭᠰᠡᠨ ᠡᠮᠨᠡᠯᠭᠡ᠂ ᠬᠤᠰᠢᠭᠤ ᠠᠷᠠᠳ ᠤᠨ ᠡᠮᠨᠡᠯᠭᠡ ᠣᠯᠣᠰ ᠤᠨ ᠬᠤᠶᠠᠳᠦᠭᠠᠷ ᠵᠡᠷᠬᠡ ᠶᠢᠨ | ᠬᠦᠭᠡᠭᠴᠢᠨ ᠲᠡᠰ ᠤᠨ ᠶᠡᠷᠦᠩᠬᠡᠶᠢᠯᠡᠭᠰᠡᠨ ᠡᠮᠨᠡᠯᠭᠡ ᠪᠣᠯᠵᠣ᠂ ︽ᠮᠣᠩᠭᠤᠯ ᠬᠢᠳᠠᠳ ᠡᠮ ᠡᠮᠨᠡᠯᠭᠡ ᠶᠢᠨ ᠲᠡᠷᠢᠬᠦᠨ ᠤ | ᠬᠤᠰᠢᠭᠤ︾ ᠶᠢ ᠠᠮᠵᠢᠯᠳᠠ ᠲᠠᠢ ᠴᠣᠭᠴᠠᠯᠠᠪᠠ᠃ ︽ᠴᠠᠬᠢᠷᠮ᠎ᠠ ᠴᠢᠳᠠᠪᠦᠷᠢᠳᠡᠨ︾ ᠪᠠᠶᠢᠯᠳᠣᠬᠤ ᠪᠣᠳᠣᠯᠭ᠎ᠠ ᠶᠢ | ᠭᠦᠨᠵᠡᠭᠡᠢ ᠭᠡᠷᠡᠭᠵᠢᠬᠦᠯᠵᠣ᠂ ᠲᠣᠰᠬᠠᠢ ᠴᠢᠳᠠᠪᠦᠷᠢᠳᠠᠨ ᠢ 151 ᠣᠷᠣᠭᠤᠯᠵᠣ᠂ ᠣᠯᠣᠰ ᠤᠨ ᠲᠣᠰᠬᠠᠢ ᠠᠰᠢᠭ ᠢ | 52 ᠣᠯᠵᠣ᠂ ︽ᠪᠦᠬᠦ ᠣᠯᠣᠰ ᠤᠨ ᠰᠢᠨᠵᠢᠯᠡᠭᠡ ᠮᠡᠷᠭᠡᠵᠢᠯ ᠤᠨ ᠲᠠᠪᠰᠢᠯᠳᠠ ᠶᠢᠨ ᠲᠡᠷᠢᠭᠦᠨ ᠤ ᠰᠢᠶᠠᠨ︾ ᠢᠶᠠᠷ | ᠦᠨᠡᠯᠡᠭᠳᠡᠪᠡ᠃ ︽ᠬᠤᠶᠠᠷ ᠢ ᠬᠦᠷᠢᠶᠡᠯᠡᠬᠦ ᠵᠢᠱᠢᠶᠡᠴᠢ ᠬᠤᠳᠠ︾ ᠶᠢᠨ ᠴᠤᠭᠴᠠᠯᠠᠯᠳᠠ ᠦᠪᠡᠷᠳᠡᠭᠡᠨ ᠵᠠᠰᠠᠬᠤ | ᠣᠷᠣᠨ ᠤ ᠰᠢᠯᠭᠠᠯᠳᠠ ᠶᠢ ᠲᠣᠭᠤᠯᠪᠠ᠃ ᠠᠮᠦᠷ ᠠᠮᠣᠭᠤᠯᠠᠩ ᠡᠮᠦᠨᠡᠳᠦ ᠣᠳᠤᠭ᠂ ᠬᠠᠣᠯᠢ ᠪᠠᠷ ᠵᠠᠰᠠᠬᠤ ᠡᠮᠦᠨᠡᠳᠦ | ᠣᠳᠤᠭ ᠤᠨ ᠪᠠᠶᠢᠭᠤᠯᠣᠯᠳᠠ ᠶᠢ ᠬᠦᠨᠵᠡᠭᠡᠢ ᠦᠷᠨᠢᠭᠦᠯᠵᠣ᠂ ᠠᠶᠣᠯᠬᠦᠢ ᠣᠶᠢᠯᠠᠳᠪᠦᠷᠢᠯᠠᠯ ᠪᠣᠯᠣᠨ ᠵᠠᠬᠢᠳᠠᠯ | ᠰᠣᠷᠪᠣᠯᠵᠢᠯᠠᠭ᠎ᠠ ᠶᠢᠨ ᠠᠵᠢᠯ ᠶᠢ ᠪᠦᠬᠦ ᠲᠠᠯ᠎ᠠ ᠪᠠᠷ ᠴᠢᠩᠭᠠᠳᠬᠠᠵᠣ᠂ ︽ᠠᠩᠬᠠᠳᠠᠭᠴᠢ ᠪᠦᠯᠦᠭ ᠪᠦᠬᠦ ᠣᠯᠣᠰ ᠤᠨ | ᠨᠡᠶᠢᠭᠡᠮ ᠤᠨ ᠵᠠᠰᠠᠯᠳᠠ ᠶᠢᠨ ᠰᠢᠨᠡᠴᠢᠯᠡᠯ ᠤᠨ ᠰᠢᠯᠢᠳᠡᠭ ᠭᠠᠵᠠᠷ ᠣᠷᠣᠨ︾ ᠢᠶᠠᠷ ᠦᠨᠡᠯᠡᠭᠳᠡᠪᠡ᠃ | ᠲᠠᠪᠣᠨ ᠵᠢᠯ ᠤᠨ ᠲᠣᠷᠰᠢ᠂ ᠪᠢᠳᠠ ᠬᠠᠣᠯᠢ ᠪᠠᠷ ᠵᠠᠰᠠᠭ ᠶᠠᠪᠣᠭᠤᠯᠬᠤ ᠲᠦᠪᠰᠢᠨ ᠢᠶᠠᠨ ᠪᠦᠬᠦ ᠲᠠᠯ᠎ᠠ ᠪᠠᠷ | ᠲᠡᠭᠡᠭᠰᠢᠯᠡᠬᠦᠯᠵᠣ᠂ ᠵᠠᠰᠠᠭ ᠤᠨ ᠣᠷᠳᠣᠨ ᠤ ᠲᠣᠰ ᠪᠡᠶ᠎ᠡ ᠶᠢᠨ ᠪᠠᠶᠢᠭᠤᠯᠣᠯᠳᠠ ᠪᠠᠨ ᠲᠠᠰᠣᠷᠠᠯᠳᠠ ᠦᠭᠡᠢ | ᠴᠢᠩᠭᠠᠳᠬᠠᠪᠠ᠃ ᠨᠠᠮ ᠤᠨ ᠣᠯᠠᠨ ᠲᠦᠮᠡᠨᠴᠢ ᠱᠣᠭᠤᠮ ᠤᠨ ᠬᠦᠮᠦᠵᠢᠯ ᠣᠶᠢᠯᠠᠳᠦᠯᠭᠡ ᠶᠢᠨ ᠠᠵᠢᠯᠯᠠᠭ᠎ᠠ ᠪᠣᠯᠣᠨ ︽ | ᠭᠤᠷᠪᠠᠨ ᠴᠢᠩᠭ᠎ᠠ ᠭᠤᠷᠪᠠᠨ ᠪᠣᠳᠠᠳᠠᠢ︾ ᠲᠣᠰᠬᠠᠢ ᠬᠦᠮᠦᠵᠢᠯ ᠢ ᠬᠢᠨᠠᠮᠠᠭᠠᠢ ᠦᠷᠨᠢᠭᠦᠯᠵᠣ᠂ ᠠᠯᠪᠠᠨ ᠪᠠᠶᠢᠭᠤᠯᠭ᠎ᠠ | ᠪᠣᠯᠣᠨ ᠠᠯᠪᠠᠳᠠᠨ ᠤ ᠡᠩᠨᠨᠡᠭᠡ ᠶᠢᠨ ᠰᠣᠷᠳᠠᠯ ᠢ ᠢᠯᠡᠳᠳᠠ ᠰᠠᠶᠢᠵᠢᠷᠭᠤᠯᠪᠠ᠃ ᠵᠠᠰᠠᠭ ᠢ ᠴᠣᠮᠬᠠᠳᠬᠠᠨ ᠡᠷᠬᠡ ᠶᠢ | ᠲᠠᠯᠪᠢᠬᠤ ᠶᠢ ᠭᠦᠨᠵᠡᠭᠡᠶᠢᠷᠡᠬᠦᠯᠦᠨ᠂ ᠵᠠᠰᠠᠭ ᠤᠨ ᠣᠷᠳᠣᠨ ᠤ ᠪᠠᠶᠢᠭᠤᠯᠣᠮᠵᠢ ᠶᠢᠨ ᠦᠭᠡᠷᠡᠴᠢᠯᠠᠯᠳᠠ ᠶᠢ ᠦᠨᠳᠦᠰᠦᠨ | ᠳᠡᠭᠡᠨ ᠪᠡᠶᠡᠯᠡᠬᠦᠯᠵᠣ᠂ 3835 ᠵᠣᠶᠢᠯ ᠤᠨ ᠵᠠᠰᠠᠭ ᠵᠠᠬᠢᠷᠠᠭᠠᠨ ᠤ ᠡᠷᠬᠡ ᠶᠢ ᠴᠣᠮᠬᠠᠳᠵᠣ᠂ ᠵᠠᠰᠠᠭ ᠵᠠᠬᠢᠷᠭ᠎ᠠ ᠠᠵᠢᠯ | ᠣᠶᠢᠯᠠᠰ ᠤᠨ ᠴᠢᠨᠠᠷᠳᠠᠢ ᠵᠠᠷᠣᠳᠠᠯ ᠬᠤᠷᠢᠶᠠᠬᠤ ᠲᠦᠷᠦᠯ ᠵᠣᠶᠢᠯ ᠢ 40% ᠪᠠᠷ ᠪᠠᠭᠠᠰᠬᠠᠵᠣ᠂ ᠵᠠᠰᠠᠭ ᠤᠨ ᠶᠠᠪᠣᠳᠠᠯ | ᠤᠨ ᠲᠢᠩᠬᠢᠮ ᠲᠤ ︽ᠲᠦᠪᠯᠡᠷᠡᠭᠦᠯᠦᠨ ᠬᠦᠢᠴᠡᠳᠬᠡᠬᠦ︾ ᠶᠢ ᠪᠡᠶᠡᠯᠡᠬᠦᠯᠪᠡ᠃ ᠴᠢᠬᠤᠯᠠ ᠰᠢᠢᠳᠪᠦᠷᠢ ᠲᠣᠭᠳᠠᠭᠠᠯᠳᠠ | ᠳᠤ ᠬᠠᠣᠯᠢ ᠲᠦᠷᠢᠮ ᠢᠶᠠᠷ ᠬᠢᠨᠠᠬᠤ ᠪᠣᠯᠣᠨ ᠭᠡᠷᠡᠴᠢᠯᠭᠡ ᠰᠣᠨᠣᠰᠬᠤ ᠲᠦᠷᠢᠮ ᠢ ᠬᠡᠷᠡᠭᠵᠢᠭᠦᠯᠵᠣ᠂ ᠡᠯ᠎ᠡ ᠲᠦᠷᠦᠯ ᠤᠨ | ᠰᠢᠢᠳᠪᠦᠷᠢᠳᠦ ᠪᠣᠳᠣᠯᠭ᠎ᠠ ᠶᠢᠨ ᠰᠢᠨᠵᠢᠯᠡᠬᠦ ᠣᠬᠠᠭᠠᠨᠴᠢ ᠴᠢᠨᠠᠷ᠂ ᠬᠠᠣᠯᠢᠴᠢ ᠴᠢᠨᠠᠷ ᠢ ᠪᠠᠳᠣᠯᠠᠪᠠ᠃ ᠲᠦᠪ ᠤᠨ | ᠠᠷᠪᠢᠯᠠᠨ ᠭᠠᠮᠨᠠᠬᠤ ᠡᠯ᠎ᠡ ᠲᠦᠷᠦᠯ ᠤᠨ ᠲᠣᠭᠳᠠᠭᠠᠯ ᠢ ᠴᠢᠩᠭ᠎ᠠ ᠬᠡᠷᠡᠭᠵᠢᠭᠦᠯᠵᠣ᠂ ︽ᠭᠤᠷᠪᠠᠨ ᠠᠯᠪᠠᠨ ᠵᠠᠷᠣᠳᠠᠯ︾ | ᠢ ᠦᠷᠬᠦᠯᠵᠢᠯᠡᠨ ᠪᠠᠭᠠᠰᠬᠠᠵᠤ᠂ ᠵᠠᠰᠠᠭ ᠤᠨ ᠤᠷᠳᠤᠨ ᠤ ᠦᠷᠢ ᠦᠭᠴᠡᠭᠡ ᠶᠢ ᠵᠢᠯ ᠳᠠᠷᠠᠭᠠᠯᠠᠨ ᠪᠠᠭᠠᠰᠬᠠᠪᠠ᠃ | ᠨᠡᠶᠢᠳᠡ ᠶᠢᠨ ᠡᠬᠢ ᠰᠣᠷᠪᠣᠯᠵᠢ ᠶᠢᠨ ᠠᠷᠠᠯᠵᠢᠶᠠᠨ ᠤ ᠲᠦᠪ ᠢ ᠪᠠᠶᠢᠭᠤᠯᠵᠣ᠂ ᠪᠦᠬᠦ ᠬᠤᠳᠠ ᠳᠤ ᠪᠠᠨ ᠲᠡᠷᠢᠭᠦᠯᠡᠨ᠂ | ᠲᠠᠭᠠᠭᠠᠴᠢᠯᠠᠯᠳᠠ ᠵᠠᠷᠯᠠᠬᠤ ᠬᠢᠵᠠᠭᠠᠷᠯᠠᠯ ᠦᠨ᠎ᠡ ᠶᠢᠨ ᠬᠢᠨᠠᠨ ᠪᠣᠳᠣᠯᠳᠠ ᠶᠢᠨ ᠲᠦᠷᠢᠮ ᠢ ᠬᠡᠷᠡᠭᠵᠢᠬᠦᠯᠵᠣ᠂ ᠪᠡᠯᠡ | ᠮᠦᠩᠬᠦᠨ ᠤ ᠡᠷᠬᠢᠯᠳᠠ ᠪᠠ ᠬᠠᠮᠢᠶᠠᠷᠤᠯᠳᠠ ᠶᠢ ᠲᠦᠷᠢᠮᠵᠢᠬᠦᠯᠵᠤ᠂ ᠬᠤᠰᠢᠭᠤ ᠱᠠᠳᠤᠨ ᠤ ᠬᠡᠷᠡᠭᠯᠡᠵᠤ ᠪᠤᠯᠬᠤ ᠡᠳ᠋ | ᠤᠨ ᠵᠠᠰᠠᠭ ᠤᠨ ᠪᠡᠯᠡ ᠮᠦᠩᠬᠦ ᠶᠢ ᠠᠷᠪᠢᠯᠠᠪᠠ᠃ ᠨᠡᠶᠢᠭᠡᠮ ᠤᠨ ᠡᠯ᠎ᠡ ᠡᠳᠡᠭᠡᠳ ᠤᠨ ᠬᠢᠨ ᠯᠤᠭ᠎ᠠ ᠶᠢᠨ ᠬᠠᠷᠢᠯᠴᠠᠭ᠎ᠠ | ᠪᠠᠨ ᠴᠢᠩᠭᠠᠳᠬᠠᠵᠣ᠂ ᠠᠷᠠᠳ ᠤᠨ ᠲᠦᠯᠦᠭᠡᠯᠡᠭᠴᠢᠳ ᠤᠨ ᠵᠦᠪᠯᠡᠯᠭᠡ᠂ ᠣᠯᠣᠰ ᠲᠦᠷᠦ ᠶᠢᠨ ᠵᠦᠪᠯᠡᠯᠡᠭᠡᠨ ᠤ | ᠭᠡᠰᠢᠬᠦᠳ ᠤᠨ ᠲᠣᠷᠠᠳᠣᠯᠭ᠎ᠠ ᠶᠢ 100% ᠪᠠᠷ ᠭᠦᠢᠴᠡᠳᠬᠡᠪᠠ᠃ ᠨᠠᠮ ᠤᠨ ᠰᠣᠷᠳᠠᠯ ᠴᠢᠭᠡᠴᠢ ᠵᠠᠰᠠᠭ ᠤᠨ | ᠪᠠᠶᠢᠭᠤᠯᠣᠯᠳᠠ ᠶᠢᠨ ᠬᠠᠷᠢᠭᠤᠴᠠᠯᠭ᠎ᠠ ᠶᠢᠨ ᠲᠦᠷᠢᠮ ᠪᠣᠯᠣᠨ ᠬᠠᠷᠢᠭᠤᠴᠠᠯᠭ᠎ᠠ ᠨᠡᠭᠡᠮᠵᠢᠯᠡᠬᠦ ᠲᠦᠷᠢᠮ ᠢ | ᠨᠡᠶᠢᠳᠡᠪᠦᠷᠢᠵᠢᠭᠤᠯᠵᠣ᠂ ᠴᠢᠭᠡᠴᠢ ᠵᠠᠰᠠᠭ ᠤᠨ ᠪᠠᠶᠢᠭᠤᠯᠣᠯᠳᠠ ᠶᠢ ᠣᠯᠠᠮ ᠴᠢᠩᠭᠠᠳᠬᠠᠪᠠ᠃ ᠡᠬᠦᠨ ᠠᠴᠠ ᠭᠠᠳᠠᠨ᠎ᠠ | ᠂ ᠦᠨᠳᠤᠰᠤᠳᠠᠨ ᠱᠠᠰᠢᠨ ᠰᠤᠷᠳᠠᠬᠤᠨ᠂ ᠤᠯᠤᠰ ᠤᠨ ᠪᠠᠳᠤᠯᠠᠨ ᠬᠠᠮᠠᠭᠠᠯᠠᠯᠳᠠ ᠶᠢᠨ ᠬᠦᠮᠤᠵᠢᠯ᠂ ᠡᠮᠡᠭᠳᠡᠶᠢᠴᠣᠳ | ᠬᠡᠤᠬᠡᠤᠨ ᠪᠠᠭᠠᠴᠤᠤᠨ᠂ ᠵᠠᠯᠠᠭᠤᠴᠤᠤᠨ ᠤᠨ ᠡᠪᠯᠡᠯ᠂ ᠲᠠᠩᠰᠠ ᠡᠪᠬᠡᠮᠡᠯ᠂ ᠲᠤᠭ᠎ᠠ ᠪᠦᠷᠢᠳᠬᠡᠯ᠂ ᠴᠠᠭ ᠠᠭᠤᠷ ᠵᠡᠷᠬᠡ | ᠠᠵᠢᠯ ᠴᠦᠮ ᠰᠢᠨ᠎ᠠ ᠪᠦᠳᠦᠮᠵᠢ ᠣᠯᠪᠠ᠃ | ᠲᠦᠯᠦᠭᠡᠯᠡᠭᠴᠢᠳ ᠡ᠂ ᠦᠩᠭᠡᠷᠡᠭᠰᠡᠨ ᠲᠠᠪᠣᠨ ᠵᠢᠯ ᠳᠤ ᠬᠤᠰᠢᠭᠤ ᠲᠠᠶᠠᠭᠠᠷ ᠢᠶᠠᠨ ᠬᠦᠴᠦᠨ ᠵᠣᠷᠢᠭ ᠢᠶᠠᠨ | ᠡᠷᠴᠢᠯᠠᠨ ᠠᠷᠠᠳ ᠢᠶᠠᠨ ᠪᠠᠶᠠᠵᠢᠭᠤᠯᠣᠨ ᠬᠤᠰᠢᠭᠤ ᠪᠠᠨ ᠬᠦᠴᠦᠷᠬᠡᠭᠵᠢᠬᠦᠯᠬᠦ ᠬᠦᠭᠵᠢᠯᠳᠠ ᠶᠢ ᠪᠠᠷᠢᠮᠳᠠᠯᠠᠭᠠᠳ᠂ | ᠱᠠᠩᠬᠠᠢ ᠶᠢᠨ ᠰᠦᠮ᠎ᠡ ᠡᠨᠧᠷᠬᠢ ᠬᠢᠮᠢ ᠶᠢᠨ ᠰᠠᠭᠤᠷᠢᠨ ᠢᠶᠠᠷ ᠲᠣᠯᠣᠭᠠᠶᠢᠯᠠᠭᠴᠢ ᠪᠣᠯᠭᠠᠨ᠂ ᠲᠣᠮᠣ ᠲᠦᠷᠣᠯ ᠵᠣᠶᠢᠯ | ᠤᠨ ᠣᠷᠣᠨᠵᠢᠯᠳᠠ ᠶᠢ ᠬᠦᠴᠦᠳᠠᠢ ᠠᠬᠢᠭᠤᠯᠵᠣ᠂ ᠴᠠᠬᠢᠯᠭᠠᠨ ᠬᠦᠷᠬᠡᠬᠦ ᠱᠣᠭᠤᠮ ᠤᠨ ᠵᠦᠪᠰᠢᠶᠡᠷᠡᠯ ᠢᠶᠠᠷ ᠪᠡᠯᠭᠡ | ᠲᠡᠮᠳᠡᠭ ᠪᠣᠯᠭᠠᠵᠣ᠂ ᠮᠠᠨ ᠤ ᠬᠤᠰᠢᠭᠤᠨ ᠤ ᠬᠦᠭᠵᠢᠯᠳᠠ ᠶᠢᠨ ᠰᠢᠨ᠎ᠠ ᠴᠠᠭ ᠦᠶ᠎ᠡ ᠶᠢ ᠣᠭᠳᠣᠪᠠ᠃ ᠦᠩᠭᠡᠷᠡᠭᠰᠡᠨ | ᠲᠠᠪᠣᠨ ᠵᠢᠯ ᠳᠤ ᠪᠦᠬᠦ ᠬᠤᠰᠢᠭᠤ ᠪᠠᠷ ᠢᠶᠠᠨ ᠬᠤᠳᠠ ᠬᠦᠳᠡᠭᠡ ᠶᠢᠨ ᠨᠢᠭᠡᠳᠦᠯᠳᠡᠢ ᠲᠦᠯᠦᠪᠵᠢᠭᠦᠯᠦᠭᠰᠡᠨ ᠲᠣᠷᠰᠢᠯᠳᠠ | ᠶᠢᠨ ᠲᠡᠣᠬᠡᠴᠢ ᠲᠣᠬᠢᠶᠠᠯ ᠢ ᠡᠵᠡᠮᠳᠡᠵᠣ᠂ ᠬᠤᠳᠠ ᠬᠦᠳᠡᠭᠡ ᠶᠢᠨ ᠴᠣᠭᠴᠠᠵᠢᠭᠰᠠᠨ ᠬᠦᠭᠵᠢᠯᠳᠠ ᠶᠢ ᠠᠬᠢᠭᠤᠯᠣᠨ᠂ | ᠬᠤᠳᠠ ᠬᠦᠳᠡᠭᠡ ᠶᠢᠨ ᠲᠦᠷᠰᠦ ᠪᠠᠶᠢᠳᠠᠯ ᠲᠤ ᠯᠣᠳᠣ ᠶᠡᠭᠡ ᠬᠤᠪᠢᠷᠠᠯᠳᠠ ᠭᠠᠷᠭᠠᠪᠠ᠃ ᠦᠩᠭᠡᠷᠡᠭᠰᠡᠨ ᠲᠠᠪᠣᠨ ᠵᠢᠯ | ᠳᠤ ᠪᠦᠬᠦ ᠬᠤᠰᠢᠭᠤ ᠪᠠᠷ ᠢᠶᠠᠨ ︽ᠠᠷᠪᠠ ᠶᠢ ᠨᠡᠶᠢᠳᠡᠮ ᠪᠡᠶᠡᠯᠡᠬᠦᠯᠬᠦ︾ ᠢᠨᠵᠧᠨᠧᠷᠢᠩ ᠢ ᠬᠡᠷᠡᠭᠵᠢᠬᠦᠯᠵᠣ᠂ ︽ | ᠵᠢᠷᠭᠤᠭ᠎ᠠ ᠶᠢ ᠴᠣᠭᠴᠠᠵᠢᠭᠤᠯᠬᠤ︾᠂ ︽ᠭᠤᠷᠪᠠᠨ ᠲᠦᠷᠦᠯ ᠤᠨ ᠪᠠᠶᠢᠭᠤᠯᠣᠯᠳᠠ︾ ᠶᠢ ᠬᠠᠮᠳᠦ ᠳᠤ ᠨᠢ | ᠠᠬᠢᠭᠤᠯᠵᠣ᠂ ᠡᠨᠡᠬᠦ ᠠᠷᠠᠳ ᠤᠨ ᠠᠮᠢᠳᠣᠷᠠᠯ ᠤᠨ ᠢᠨᠵᠧᠨᠧᠷᠢᠩ᠂ ᠠᠷᠠᠳ ᠲᠤ ᠲᠠᠭᠠᠰᠢᠶᠠᠭᠳᠠᠬᠤ ᠢᠨᠵᠧᠨᠧᠷᠢᠩ᠂ | ᠬᠦᠭᠵᠢᠯᠳᠠ ᠶᠢᠨ ᠢᠨᠵᠧᠨᠧᠷᠢᠩ ᠢ ᠮᠠᠨ ᠤ ᠬᠤᠰᠢᠭᠤᠨ ᠳᠤ ᠪᠣᠳᠠᠳᠠᠢ ᠨᠡᠶᠢᠳᠡᠪᠦᠷᠢᠵᠢᠭᠤᠯᠪᠠ᠃ ᠦᠨᠦᠳᠦᠷ ᠤᠨ | ᠣᠳᠤᠭ ᠤᠨ ᠡᠮᠦᠨᠡᠳᠦ ᠬᠤᠰᠢᠭᠤᠨ ᠤ ᠠᠵᠣ ᠠᠬᠤᠢ ᠶᠢᠨ ᠪᠣᠳᠠᠳᠦ ᠬᠦᠴᠦᠨ ᠨᠡᠩ ᠴᠢᠩᠭᠠᠳᠴᠦ᠂ ᠰᠠᠭᠤᠷᠢ | ᠨᠦᠭᠦᠴᠡᠯ ᠨᠡᠩ ᠰᠠᠶᠢᠵᠢᠷᠠᠵᠣ᠂ ᠺᠠᠳ᠋ᠷ ᠣᠯᠠᠨ ᠲᠦᠮᠡᠨ ᠤ ᠦᠵᠡᠯ ᠰᠠᠨᠠᠭ᠎ᠠ ᠨᠡᠩ ᠴᠢᠯᠦᠭᠡᠯᠡᠭᠳᠡᠨ᠂ ᠣᠶᠢᠯᠠᠰ | ᠪᠦᠳᠦᠭᠡᠬᠦ ᠡᠷᠴᠢ ᠵᠣᠷᠢᠭ ᠨᠡᠩ ᠴᠢᠩᠭᠠᠷᠠᠵᠣ᠂ ᠮᠠᠨ ᠤ ᠬᠤᠰᠢᠭᠤᠨ ᠤ᠂ ᠭᠡᠭᠡᠨ ᠰᠠᠷᠠᠭᠤᠯ ᠢᠷᠡᠭᠡᠳᠦᠢ ᠶᠢᠨ | ᠴᠣᠭᠴᠠᠯᠠᠯᠳᠠ ᠳᠤ ᠨᠡᠩ ᠢᠳᠡᠷᠡᠭᠦᠨ ᠵᠢᠪᠬᠤᠭᠠᠯᠢᠭ ᠵᠦᠪ ᠡᠨᠧᠷᠬᠢ ᠬᠤᠷᠠᠮᠳᠣᠭᠤᠯᠣᠭᠰᠠᠨ ᠪᠠᠶᠢᠨ᠎ᠠ᠃ ᠲᠠᠪᠣᠨ ᠵᠢᠯ | ᠤᠨ ᠬᠦᠭᠵᠢᠯᠳᠠ ᠶᠢᠨ ᠠᠶᠠᠨ ᠬᠦᠴᠢᠷ ᠪᠡᠷᠬᠡ ᠶᠢ ᠰᠦᠷᠴᠦ᠂ ᠲᠠᠪᠣᠨ ᠵᠢᠯ ᠤᠨ ᠬᠦᠭᠵᠢᠯᠳᠠ ᠶᠢᠨ ᠦᠷ᠎ᠡ ᠪᠦᠳᠦᠭᠡᠯ | ᠣᠷᠮ᠎ᠠ ᠵᠣᠷᠢᠭ᠎ᠠ ᠢ ᠣᠯᠠᠮ ᠬᠦᠪᠴᠢᠯᠡᠭᠰᠡᠨ ᠪᠠᠶᠢᠨ᠎ᠠ᠃ ᠡᠨᠡ ᠪᠣᠯ ᠬᠤᠳᠠ ᠶᠢᠨ ᠨᠠᠮ ᠤᠨ ᠬᠤᠷᠢᠶ᠎ᠠ᠂ ᠵᠠᠰᠠᠭ ᠤᠨ | ᠣᠷᠳᠣᠨ ᠪᠣᠯᠣᠨ ᠬᠤᠰᠢᠭᠤ ᠨᠠᠮ ᠤᠨ ᠬᠤᠷᠢᠶᠠᠨ ᠤ ᠬᠦᠴᠦᠳᠦ ᠣᠳᠣᠷᠢᠳᠣᠯᠭ᠎ᠠ ᠶᠢᠨ ᠦᠷ᠎ᠡ ᠪᠦᠳᠦᠭᠡᠯ᠂ ᠪᠦᠬᠦ | ᠬᠤᠰᠢᠭᠤ ᠪᠠᠷ ᠢᠶᠠᠨ ᠪᠦᠯᠬᠦᠮᠳᠡᠨ ᠨᠢᠭ᠌ᠳᠡᠷᠡᠵᠣ᠂ ᠰᠢᠷᠭᠠᠭᠤ ᠲᠡᠮᠴᠡᠭᠰᠡᠨ ᠦᠷ᠎ᠡ ᠪᠦᠳᠦᠮᠵᠢ ᠪᠣᠯᠣᠨ᠎ᠠ᠃ ᠠᠳᠠ ᠪᠢ | ᠬᠤᠰᠢᠭᠤ ᠠᠷᠠᠳ ᠤᠨ ᠵᠠᠰᠠᠭ ᠤᠨ ᠣᠷᠳᠣᠨ ᠢ ᠲᠦᠯᠦᠭᠡᠯᠡᠨ᠂ ᠲᠦᠯᠦᠭᠡᠯᠡᠭᠴᠢᠳ ᠪᠣᠯᠣᠨ ᠣᠯᠣᠰ ᠲᠦᠷᠦ ᠶᠢᠨ | ᠵᠦᠪᠯᠡᠯᠭᠡᠨ ᠤ ᠭᠡᠰᠢᠭᠦᠳ᠂ ᠪᠦᠬᠦ ᠬᠤᠰᠢᠭᠤᠨ ᠤ ᠡᠯ᠎ᠡ ᠥᠨᠳᠤᠰᠤᠳᠠᠨ ᠤ ᠺᠠᠳ᠋ᠷ ᠤᠯᠠᠨ ᠲᠥᠮᠡᠨ ᠪᠠ ᠤᠲᠤᠭ ᠤᠨ | ᠡᠮᠤᠨᠡᠲᠤ ᠬᠤᠰᠢᠭᠤᠨ ᠤ ᠪᠠᠶᠢᠭᠤᠯᠤᠯᠳᠠ ᠬᠦᠭᠵᠢᠯᠲᠡ ᠶᠢ ᠬᠠᠯᠠᠮᠵᠢᠯᠠᠨ ᠲᠡᠮᠵᠢᠭᠰᠡᠭᠡᠷ ᠢᠷᠡᠭᠰᠡᠨ ᠨᠡᠶᠢᠬᠡᠮ ᠤᠨ ᠡᠯ᠎ᠡ | ᠡᠳᠡᠭᠡᠳ ᠤᠨ ᠬᠢᠨ ᠳᠤ ᠡᠷᠬᠢᠮ ᠳᠡᠭᠡᠲᠤ ᠮᠡᠨᠳᠤᠴᠢᠯᠠᠯ ᠪᠤᠯᠤᠨ ᠴᠢᠩ ᠰᠡᠳᠬᠢᠯ ᠤᠨ ᠲᠠᠯᠠᠷᠬᠠᠯ ᠢᠶᠠᠨ ᠳᠡᠪᠰᠢᠬᠦᠯᠵᠤ | ᠪᠠᠶᠢᠨ᠎ᠠ᠃ | ᠪᠢᠲᠡ ᠠᠮᠵᠢᠯᠲᠡ ᠪᠠᠨ ᠨᠤᠳᠠᠯᠠᠬᠤ ᠶᠢᠨ ᠬᠠᠮᠲᠤ ᠬᠦᠭᠵᠢᠯᠳᠠ ᠶᠢᠨ ᠲᠣᠮᠳᠠ ᠲᠣᠯᠭᠠᠷᠠᠵᠣ ᠪᠠᠶᠢᠭ᠎ᠠ ᠵᠦᠷᠢᠴᠡᠯ | ᠪᠣᠯᠣᠨ ᠠᠰᠠᠭᠤᠳᠠᠯ ᠲᠣᠪᠣᠶᠢᠮ᠎ᠠ ᠪᠠᠶᠢᠬᠤ ᠶᠢ ᠰᠡᠷᠭᠡᠭ ᠢᠶᠠᠷ ᠲᠠᠨᠢᠬᠤ ᠬᠡᠷᠡᠭᠲᠡᠢ᠄ ᠶᠡᠷᠦᠩᠭᠡᠢ ᠬᠡᠮᠵᠢᠶ᠎ᠡ ᠪᠠᠭ᠎ᠠ᠂ | ᠬᠦᠭᠵᠢᠯᠲᠡ ᠬᠦᠢᠴᠡᠳ ᠪᠣᠰᠣ᠂ ᠣᠯᠠᠮᠵᠢᠯᠠᠯᠳᠦ ᠠᠵᠣ ᠣᠶᠢᠯᠠᠰ ᠤᠨ ᠨᠡᠮᠡᠭᠳᠡᠯ ᠤᠨ ᠬᠦᠴᠦᠨ ᠲᠣᠳᠠᠮᠠᠭ᠂ ᠰᠢᠨ᠎ᠠ | ᠠᠵᠣ ᠣᠶᠢᠯᠠᠰ ᠣᠬᠤᠷᠬᠠᠨ ᠬᠤᠭᠤᠴᠠᠭᠠᠨ ᠤ ᠲᠣᠳᠣᠷ᠎ᠠ ᠪᠦᠳᠦᠮᠵᠢᠳᠠᠢ ᠲᠣᠯᠭᠠᠭᠤᠷᠢᠯᠠᠯ ᠪᠦᠷᠢᠯᠳᠦᠬᠦᠯᠬᠦ ᠳᠤ | ᠬᠦᠴᠢᠷ ᠪᠠᠶᠢᠭ᠎ᠠ ᠨᠢ ᠮᠦᠨ ᠯᠡ ᠬᠤᠰᠢᠭᠤᠨ ᠤ ᠪᠣᠳᠠᠳᠦ ᠪᠠᠶᠢᠳᠠᠯ ᠪᠠᠶᠢᠭᠰᠠᠭᠠᠷ︔ ᠬᠤᠳᠠ ᠬᠦᠳᠡᠭᠡ ᠣᠷᠣᠨ | ᠬᠡᠪᠴᠢᠶᠠᠨ ᠤ ᠬᠦᠭᠵᠢᠯᠳᠠ ᠵᠣᠬᠢᠴᠠᠩᠭᠤᠢ ᠪᠣᠰᠣ᠂ ᠭᠤᠷᠪᠠᠨ ᠠᠵᠣ ᠣᠶᠢᠯᠠᠰ ᠤᠨ ᠬᠦᠭᠵᠢᠯᠳᠠ ᠲᠡᠩᠴᠡᠭᠦᠷᠢ ᠦᠭᠡᠢ | ᠂ ᠰᠠᠭᠤᠷᠢ ᠲᠣᠯᠭᠠᠭᠤᠷᠢᠯᠠᠯ ᠲᠣᠳᠠᠮᠠᠭ ᠵᠡᠷᠭᠡ ᠠᠰᠠᠭᠤᠳᠠᠯ ᠲᠣᠪᠣᠶᠢᠮ᠎ᠠ ᠪᠣᠢ︔ ᠨᠡᠶᠢᠭᠡᠮ ᠤᠨ ᠵᠠᠰᠠᠯᠳᠠ ᠶᠢᠨ | ᠰᠢᠨᠡᠴᠢᠯᠠᠯ᠂ ᠠᠮᠦᠷ ᠲᠣᠭᠳᠠᠭᠤᠨ ᠤ ᠬᠠᠮᠠᠭᠠᠯᠠᠯᠳᠠ ᠳᠤ ᠴᠦᠬᠡᠨ ᠪᠣᠰᠣ ᠰᠢᠨ᠎ᠠ ᠠᠰᠠᠭᠤᠳᠠᠯ ᠲᠣᠯᠭᠠᠷᠠᠵᠣ ᠪᠣᠢ︔ | ᠵᠠᠰᠠᠭ ᠤᠨ ᠣᠷᠳᠣᠨ ᠤ ᠴᠢᠳᠠᠪᠬᠢ ᠶᠢᠨ ᠬᠤᠪᠢᠷᠠᠭᠤᠯᠣᠯᠳᠠ ᠪᠦᠷᠢᠮᠦᠰᠦᠨ ᠣᠷᠣᠨᠵᠢᠭᠠᠳᠦᠢ᠂ ᠴᠢᠩᠭ᠎ᠠ ᠪᠣᠳᠠᠳᠠᠢ | ᠪᠣᠰᠣ ᠠᠰᠠᠭᠤᠳᠠᠯ ᠠᠳᠠᠯᠢ ᠪᠣᠰᠣ ᠬᠡᠮᠵᠢᠶ᠎ᠡ ᠲᠠᠢ ᠣᠷᠣᠰᠢᠵᠣ ᠪᠣᠢ᠃ ᠡᠳᠡᠭᠡᠷ ᠠᠰᠠᠭᠤᠳᠠᠯ ᠢ ᠪᠢᠲᠠ ᠡᠷᠴᠢᠮᠲᠡᠢ | ᠠᠷᠭ᠎ᠠ ᠬᠡᠮᠵᠢᠶ᠎ᠡ ᠠᠪᠴᠤ᠂ ᠨᠠᠷᠢᠨ ᠬᠢᠨᠠᠮᠠᠭᠠᠢ ᠰᠢᠢᠳᠪᠤᠷᠢᠯᠡᠬᠦ ᠴᠢᠬᠤᠯᠠ ᠲᠠᠢ ᠪᠠᠶᠢᠨ᠎ᠠ᠃ | ᠲᠦᠯᠦᠭᠡᠯᠡᠭᠴᠢᠳ ᠡ᠂ ᠲᠠᠪᠣᠨ ᠵᠢᠯ ᠤᠨ ᠣᠶᠢᠯᠠᠳᠦᠯᠬᠡ ᠶᠢᠨ ᠪᠢᠳᠠᠨ ᠳᠤ ᠣᠯᠭᠤᠭᠰᠠᠨ ᠲᠦᠷᠦᠭᠳᠠᠯ ᠪᠣᠯ᠄ | ᠡᠷᠬᠡᠪᠰᠢ ᠬᠦᠭᠵᠢᠯᠳᠠ ᠶᠢ ᠲᠡᠷᠢᠬᠦᠨ ᠴᠢᠬᠤᠯᠠ ᠪᠠᠶᠢᠷᠢᠨ ᠳᠤ ᠲᠠᠯᠪᠢᠵᠣ᠂ ᠠᠵᠠ ᠲᠣᠬᠢᠶᠠᠯ ᠢ ᠡᠵᠡᠮᠳᠠᠨ | ᠬᠦᠭᠵᠢᠯᠳᠠ ᠶᠢᠨ ᠬᠡᠯᠪᠡᠷᠢ ᠪᠠᠨ ᠬᠤᠪᠢᠷᠠᠭᠤᠯᠵᠣ᠂ ᠪᠦᠳᠦᠭᠡᠯᠴᠢ ᠪᠠᠷ ᠠᠵᠢᠯᠯᠠᠪᠠᠯ ᠰᠠᠶ᠋ᠢ ᠲᠣᠬᠢᠶᠠᠯ ᠢ ᠰᠠᠶᠢᠳᠦᠷ | ᠠᠰᠢᠭᠯᠠᠨ ᠰᠠᠨᠠᠭᠠᠴᠢᠯᠠᠭᠠᠳᠠᠢ ᠪᠠᠷ ᠲᠠᠪᠠᠭᠤᠯᠢᠭ ᠨᠦᠬᠦᠴᠡᠯ ᠢ ᠡᠬᠦᠳᠴᠦ ᠴᠢᠳᠠᠨ᠎ᠠ︔ ᠡᠷᠬᠡᠪᠰᠢ ᠠᠷᠠᠳ ᠤᠨ | ᠠᠮᠢᠳᠣᠷᠠᠯ ᠢ ᠲᠡᠷᠢᠭᠦᠨ ᠪᠠᠶᠢᠷᠢᠨ ᠳᠤ ᠲᠠᠯᠪᠢᠵᠣ᠂ ᠠᠷᠠᠳ ᠤᠨ ᠲᠦᠯᠦᠭᠡ ᠡᠷᠬᠡ ᠪᠠᠨ ᠬᠡᠷᠡᠭᠯᠡᠨ ᠪᠣᠳᠠᠳᠦ ᠣᠴᠢᠷ | ᠪᠦᠳᠦᠭᠡᠪᠠᠯ ᠰᠠᠶ᠋ᠢ ᠠᠷᠠᠳ ᠤᠨ ᠰᠡᠳᠬᠢᠯ ᠢ ᠣᠯᠵᠣ᠂ ᠬᠦᠭᠵᠢᠯᠳᠠ ᠶᠢᠨ ᠨᠢᠭᠳᠠᠷᠠᠯ ᠬᠦᠴᠦᠨ ᠢ ᠪᠦᠷᠢᠯᠳᠦᠬᠦᠯᠵᠣ | ᠴᠢᠳᠠᠨ᠎ᠠ︔ ᠡᠷᠬᠡᠪᠰᠢ ᠦᠭᠡᠷᠡᠴᠢᠯᠡᠯᠡᠳᠠ ᠰᠢᠨᠡᠴᠢᠯᠡᠯᠳᠠ ᠶᠢ ᠪᠠᠷᠢᠮᠳᠠᠯᠠᠵᠣ᠂ ᠲᠦᠷᠢᠮ ᠪᠣᠯᠣᠨ ᠲᠦᠷᠦ ᠶᠢᠨ | ᠪᠣᠳᠣᠯᠭ᠎ᠠ ᠶᠢᠨ ᠰᠢᠨᠡᠴᠢᠯᠡᠯᠳᠠ ᠪᠠᠷ ᠬᠦᠭᠵᠢᠯᠳᠠ ᠶᠢᠨ ᠬᠦᠳᠡᠯᠬᠡᠬᠦ ᠬᠦᠴᠦᠨ ᠪᠣᠯᠭᠠᠵᠣ᠂ ᠵᠣᠷᠢᠭᠳᠠᠢ ᠰᠦᠪᠡᠭᠴᠢᠯᠡᠨ | ᠲᠡᠷᠢᠭᠦᠯᠡᠨ ᠲᠣᠷᠰᠢᠪᠠᠯ ᠰᠠᠶ᠋ᠢ ᠬᠦᠭᠵᠢᠯᠳᠠ ᠶᠢᠨ ᠠᠮᠢᠳᠣᠯᠢᠭ ᠬᠦᠴᠦᠨ ᠢ ᠦᠷᠬᠦᠯᠵᠢᠯᠡᠨ ᠨᠡᠮᠡᠭᠳᠡᠭᠦᠯᠵᠣ ᠴᠢᠳᠠᠨ᠎ᠠ︔ | ᠡᠷᠬᠡᠪᠰᠢ ︽ᠭᠤᠷᠪᠠᠨ ᠴᠢᠩᠭ᠎ᠠ ᠭᠤᠷᠪᠠᠨ ᠪᠣᠳᠠᠳᠠᠢ︾ ᠱᠠᠭᠠᠷᠳᠠᠯᠭ᠎ᠠ ᠶᠢ ᠪᠠᠷᠢᠮᠳᠠᠯᠠᠵᠣ᠂ ︽ᠲᠣᠭᠳᠠᠪᠠᠯ ᠬᠢᠵᠣ︾᠂ | ︽ᠲᠠᠷᠦᠶᠢᠬᠠᠨ ᠬᠦᠢᠴᠡᠳᠬᠡᠭᠦ︾ ᠦᠵᠡᠯᠳᠠ ᠶᠢ ᠪᠠᠳᠣᠰᠢᠭᠤᠯᠪᠠᠯ ᠰᠠᠶ᠋ᠢ ᠠᠵᠢᠯ ᠤᠨ ᠨᠡᠶᠢᠳᠡᠪᠦᠷᠢᠵᠢᠭᠤᠯᠣᠯᠳᠠ ᠶᠢ | ᠪᠦᠳᠦᠮᠵᠢᠳᠠᠢ ᠠᠬᠢᠭᠤᠯᠵᠣ ᠴᠢᠳᠠᠨ᠎ᠠ᠃ ᠪᠢᠳᠠ ᠡᠳᠡᠭᠡᠷ ᠳᠤᠷᠰᠢᠯᠭ᠎ᠠ ᠪᠠᠨ ᠪᠠᠳᠣ ᠡᠵᠡᠮᠳᠡᠵᠣ᠂ ᠰᠢᠨ᠎ᠠ | ᠣᠶᠢᠯᠠᠳᠦᠯᠭᠡ ᠲᠣᠮᠳᠠ ᠪᠠᠨ ᠲᠠᠰᠣᠷᠠᠯᠳᠠ ᠦᠭᠡᠢ ᠪᠠᠶᠠᠯᠢᠭᠵᠢᠭᠤᠯᠣᠨ᠎ᠠ᠃ | ᠬᠤᠶᠠᠷ᠂ ︽ᠠᠷᠪᠠᠨ ᠭᠤᠷᠪᠠᠳᠦᠭᠠᠷ ᠲᠠᠪᠣᠨ ᠵᠢᠯ︾ ᠤᠨ ᠬᠤᠭᠤᠴᠠᠭᠠᠨ ᠤ ᠦᠨᠳᠦᠰᠦᠨ ᠰᠡᠳᠬᠢᠴᠠ ᠪᠣᠯᠣᠨ | ᠭᠤᠣᠯ ᠡᠬᠦᠷᠭᠡ | ︽ᠠᠷᠪᠠᠨ ᠭᠤᠷᠪᠠᠳᠦᠭᠠᠷ ᠲᠠᠪᠣᠨ ᠵᠢᠯ ᠤᠨ ᠬᠤᠭᠤᠴᠠᠭ᠎ᠠ︾ ᠪᠣᠯ ᠮᠠᠨ ᠤ ᠬᠤᠰᠢᠭᠤᠨ ᠤ ᠠᠵᠣ ᠠᠬᠤᠢ | ᠨᠡᠶᠢᠭᠡᠮ ᠤᠨ ᠬᠡᠯᠪᠡᠷᠢ ᠶᠢ ᠬᠤᠪᠢᠷᠠᠭᠤᠯᠬᠤ ᠬᠦᠭᠵᠢᠯᠳᠠ ᠶᠢᠨ ᠵᠠᠩᠭᠢᠯᠠᠭ᠎ᠠ ᠶᠢᠨ ᠬᠤᠭᠤᠴᠠᠭ᠎ᠠ ᠪᠣᠯᠣᠨ᠎ᠠ᠂ ᠮᠦᠨ ᠴᠦ | ᠪᠦᠬᠦ ᠣᠷᠣᠨ ᠤ ᠬᠡᠪᠴᠢᠶᠠᠨ ᠳᠤ ᠴᠢᠨᠡᠭᠡᠯᠢᠭ ᠨᠡᠶᠢᠭᠡᠮ ᠢ ᠲᠦᠷᠦᠬᠦᠯᠡᠨ ᠪᠠᠶᠢᠭᠤᠯᠬᠤ ᠰᠢᠢᠳᠪᠦᠷᠢᠳᠦ ᠬᠤᠭᠤᠴᠠᠭ᠎ᠠ | ᠪᠣᠯᠣᠨ᠎ᠠ᠃ ᠬᠤᠰᠢᠭᠤ ᠨᠠᠮ ᠤᠨ ᠬᠤᠷᠢᠶᠠᠨ ᠤ ︽ᠠᠷᠪᠠᠨ ᠭᠤᠷᠪᠠᠳᠦᠭᠠᠷ ᠲᠠᠪᠣᠨ ᠵᠢᠯ︾ ᠤᠨ ᠲᠦᠯᠦᠪᠵᠢᠭᠦᠯᠭᠡ | ᠶᠢᠨ ᠰᠠᠨᠠᠭᠤᠯᠭ᠎ᠠ ᠶᠢ ᠦᠨᠳᠦᠰᠦᠯᠡᠪᠠᠯ᠂ ᠮᠠᠨ ᠤ ᠬᠤᠰᠢᠭᠤᠨ ᠤ ᠠᠵᠣ ᠠᠬᠤᠢ ᠨᠡᠶᠢᠭᠡᠮ ᠤᠨ ᠬᠦᠭᠵᠢᠯᠳᠠ ᠶᠢᠨ | ᠬᠤᠶᠢᠰᠢᠳᠠ ᠶᠢᠨ ᠲᠠᠪᠣᠨ ᠵᠢᠯ ᠤᠨ ᠵᠢᠯᠤᠭᠤᠤᠨᠬᠤ ᠦᠵᠠᠯ ᠰᠠᠨᠠᠭ᠎ᠠ ᠪᠣᠯ᠄ ᠨᠠᠮ ᠤᠨ ᠠᠷᠪᠠᠨ ᠨᠠᠢᠮᠠᠳᠤᠭᠠᠷ ᠶᠡᠭᠡ | ᠬᠤᠷᠠᠯ᠂ ᠠᠷᠪᠠᠨ ᠨᠠᠢᠮᠠᠳᠤᠭᠠᠷ ᠬᠤᠭᠤᠴᠠᠭᠠᠨ ᠤ ᠭᠤᠷᠪᠠ ᠲᠦᠷᠪᠠ ᠲᠠᠪᠣᠳᠦᠭᠠᠷ ᠪᠦᠬᠦᠳᠡ ᠬᠤᠷᠠᠯᠳᠤᠭᠠᠨ ᠤ ᠵᠤᠷᠢᠭ | ᠰᠠᠨᠠᠭ᠎ᠠ ᠪᠣᠯᠣᠨ ᠶᠡᠷᠦᠩᠭᠡᠢ ᠱᠦᠵᠢ ᠰᠢ ᠶᠢᠨ ᠫᠢᠩ ᠤᠨ ᠦᠪᠦᠷ ᠮᠣᠩᠭᠤᠯ ᠳᠤ ᠪᠠᠶᠢᠴᠠᠭᠠᠯᠳᠠ ᠬᠢᠬᠦ ᠦᠶ᠎ᠡ ᠶᠢᠨ | ᠴᠢᠬᠤᠯᠠ ᠶᠠᠷᠢᠶᠠᠨ ᠤ ᠵᠣᠷᠢᠭ ᠰᠠᠨᠠᠭ᠎ᠠ ᠵᠢᠴᠢ ᠦᠪᠡᠷᠳᠡᠭᠡᠨ ᠵᠠᠰᠠᠬᠤ ᠣᠷᠣᠨ ᠤ ︽8337︾ ᠬᠦᠭᠵᠢᠭᠦᠯᠦᠯᠳᠠ | ᠶᠢᠨ ᠰᠡᠳᠬᠢᠴᠡᠵᠢ ᠬᠦᠨᠵᠡᠬᠡᠢ ᠲᠣᠣᠱᠯᠠᠭᠤᠯᠵᠣ᠂ ᠦᠪᠡᠷᠳᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ | ᠶᠢᠰᠦᠳᠦᠭᠡᠷ ᠬᠤᠭᠤᠴᠠᠭᠠᠨ ᠤ ᠠᠷᠪᠠᠨ ᠲᠦᠷᠪᠡᠳᠦᠭᠡᠷ ᠪᠦᠬᠦᠳᠠ ᠬᠤᠷᠠᠯ᠂ ᠬᠤᠳᠠ ᠶᠢᠨ ᠨᠠᠮ ᠤᠨ ᠬᠤᠷᠢᠶᠠᠨ ᠤ | ᠭᠤᠷᠪᠠᠳᠦᠭᠠᠷ ᠬᠤᠭᠤᠴᠠᠭᠠᠨ ᠤ ᠲᠣᠯᠣᠳᠦᠭᠠᠷ ᠪᠦᠬᠦᠳᠠ ᠬᠤᠷᠠᠯ ᠪᠣᠯᠣᠨ ᠬᠤᠰᠢᠭᠤ ᠨᠠᠮ ᠤ ᠬᠤᠷᠢᠶᠠᠨ ᠤ | ᠨᠠᠢᠮᠠᠳᠤᠭᠠᠷ ᠬᠤᠭᠤᠴᠠᠭᠠᠨ ᠤ ᠶᠢᠰᠦᠳᠦᠭᠡᠷ ᠪᠦᠬᠦᠳᠠ ᠬᠤᠷᠠᠯ ᠤᠨ ᠵᠣᠷᠢᠭ ᠰᠠᠨᠠᠭ᠎ᠠ ᠶᠢ ᠪᠦᠬᠦ ᠲᠠᠯ᠎ᠠ ᠪᠠᠷ | ᠨᠠᠶᠢᠳᠡᠪᠦᠷᠢᠵᠢᠭᠤᠯᠵᠣ᠂ ︽ᠲᠦᠷᠪᠡᠨ ᠪᠦᠬᠦ ᠲᠠᠯ᠎ᠠ︾ ᠶᠢᠨ ᠪᠠᠶᠢᠯᠳᠣᠬᠤ ᠪᠣᠳᠣᠯᠭ᠎ᠠ ᠶᠢᠨ ᠪᠠᠶᠢᠷᠢᠯᠠᠭᠤᠯᠣᠯᠳᠠ ᠶᠢ | ᠪᠠᠷᠢᠮᠳᠠᠯᠠᠵᠣ᠂ ᠠᠵᠣ ᠠᠬᠤᠢ ᠶᠢᠨ ᠬᠦᠭᠵᠢᠯᠳᠠ ᠶᠢᠨ ᠰᠢᠨ᠎ᠡ ᠬᠡᠪ ᠪᠠᠶᠢᠳᠠᠯ ᠳᠤ ᠰᠠᠨᠠᠭᠠᠴᠢᠯᠭ᠎ᠠ ᠲᠠᠢ ᠵᠣᠬᠢᠴᠠᠵᠣ᠂ | ᠰᠢᠨᠡᠴᠢᠯᠡᠯᠳᠠ ᠲᠠᠢ᠂ ᠵᠣᠬᠢᠴᠠᠩᠭᠤᠢ᠂ ᠪᠣᠬᠢᠷᠳᠣᠯ ᠦᠭᠡᠢ᠂ ᠨᠡᠭᠡᠭᠡᠯᠳᠠ ᠲᠠᠢ᠂ ᠬᠠᠮᠳᠦ ᠡᠳ᠋ᠯᠡᠬᠦ ᠬᠦᠭᠵᠢᠯᠳᠠ ᠶᠢᠨ | ᠦᠵᠡᠯᠳᠠ ᠶᠢ ᠪᠠᠳᠣ ᠱᠣᠭᠤᠵᠣ᠂ ᠦᠭᠡᠷᠡᠴᠢᠯᠡᠯᠡᠳᠠ ᠰᠢᠨᠡᠴᠢᠯᠡᠯᠳᠠ ᠪᠠᠷ ᠬᠦᠳᠡᠯᠬᠡᠬᠦ ᠬᠦᠴᠦᠨ ᠪᠣᠯᠭᠠᠨ᠂ ᠬᠡᠯᠪᠡᠷᠢ | ᠶᠢ ᠬᠤᠪᠢᠷᠠᠭᠤᠯᠣᠨ ᠲᠡᠰ ᠲᠡᠪᠰᠢᠭᠦᠯᠬᠦ ᠪᠠᠷ ᠭᠤᠣᠯ ᠪᠣᠯᠭᠠᠵᠣ᠂ ᠬᠠᠣᠯᠢ ᠪᠠᠷ ᠬᠤᠰᠢᠭᠤ ᠪᠠᠨ ᠵᠠᠰᠠᠬᠤ ᠪᠠᠷ | ᠪᠠᠳᠣᠯᠠᠭ᠎ᠠ ᠪᠣᠯᠭᠠᠨ᠂ ᠠᠵᠣ ᠠᠬᠤᠢ᠂ ᠣᠯᠣᠰ ᠲᠦᠷᠦ᠂ ᠰᠣᠶᠣᠯ᠂ ᠨᠡᠶᠢᠭᠡᠮ᠂ ᠠᠮᠢ ᠠᠬᠤᠢ ᠶᠢᠨ ᠪᠣᠯᠪᠠᠰᠣᠨ ᠤ | ᠪᠠᠶᠢᠭᠤᠯᠣᠯᠳᠠ ᠶᠢ ᠨᠢᠭᠡᠳᠦᠯᠳᠡᠢ ᠲᠦᠯᠦᠪᠯᠡᠨ ᠠᠬᠢᠭᠤᠯᠵᠣ᠂ ᠪᠦᠬᠦ ᠬᠤᠰᠢᠭᠤᠨ ᠤ ᠡᠯ᠎ᠡ ᠲᠦᠷᠦᠯ ᠤᠨ ᠠᠵᠢᠯ ᠢ | ᠪᠦᠬᠦ ᠬᠤᠳᠠ ᠶᠢᠨ ᠲᠡᠷᠢᠭᠦᠨ ᠤ ᠡᠩᠨᠡᠭᠡᠨ ᠳᠤ ᠣᠷᠣᠭᠤᠯᠵᠣ᠂ ᠦᠭᠭᠢᠶᠡᠮᠦᠷ ᠨᠠᠶᠢᠷᠠᠮᠳᠠᠭᠤ ᠦᠵᠡᠰᠬᠦᠯᠡᠩᠳᠦ | ᠰᠠᠶᠢᠬᠠᠨ ᠡᠮᠦᠨᠡᠳᠦ ᠣᠳᠤᠭ ᠢ ᠴᠣᠭᠴᠠᠯᠠᠨ᠎ᠠ᠃ | ᠶᠡᠷᠦᠩᠭᠡᠢ ᠬᠠᠷᠠᠯᠳᠠ ᠪᠤᠯ᠄ ︽ᠭᠤᠷᠪᠠ ᠶᠢ ᠲᠦᠷᠪᠡ ᠲᠠᠬᠢᠨ ᠪᠣᠯᠭᠠᠬᠤ᠂ ᠬᠤᠶᠠᠷ ᠢ ᠬᠤᠶᠠᠷ ᠳᠠᠬᠢᠨ ᠪᠤᠯᠭᠠᠬᠤ | ᠂ ᠨᠢᠭᠡ ᠶᠢ ᠣᠷᠢᠳᠴᠢᠯᠠᠨ ᠪᠦᠬᠦ ᠲᠠᠯ᠎ᠠ ᠪᠠᠷ ᠪᠡᠶᠡᠯᠡᠬᠦᠯᠬᠦ︾᠃ ᠲᠠᠷᠣᠢ 2020 ᠣᠨ ᠪᠣᠯᠬᠤ ᠳᠤ᠂ ᠭᠠᠵᠠᠷ | ᠤᠷᠤᠨ ᠤ ᠥᠢᠯᠡᠳᠪᠤᠷᠢᠯᠡᠯ ᠤᠨ ᠶᠡᠷᠥᠩᠬᠡᠢ ᠥᠷᠳᠡᠭ᠂ ᠪᠦᠬᠦ ᠨᠡᠶᠢᠭᠡᠮ ᠤᠨ ᠲᠤᠭᠳᠠᠮᠠᠯ ᠬᠥᠷᠥᠩᠬᠡ ᠶᠢᠨ ᠪᠡᠯᠡ | ᠤᠷᠤᠭᠤᠯᠤᠯᠳᠠ ᠪᠣᠯᠣᠨ ᠨᠡᠶᠢᠲᠡ ᠶᠢᠨ ᠡᠳ᠋ ᠤᠨ ᠵᠠᠰᠠᠭ ᠤᠨ ᠲᠥᠰᠥᠪ ᠤᠨ ᠤᠷᠤᠯᠭ᠎ᠠ ᠶᠢ 2010 ᠣᠨ ᠤ | ᠲᠦᠷᠪᠡ ᠲᠠᠬᠢᠨ ᠪᠣᠯᠭᠠᠵᠣ᠂ ᠪᠦᠬᠦ ᠣᠷᠣᠨ ᠤ ᠬᠤᠰᠢᠭᠤ ᠰᠢᠶᠠᠨ ᠤ ᠨᠡᠷᠡᠰ ᠵᠢᠭᠰᠠᠭᠠᠯᠳᠠ ᠳᠤ ᠲᠡᠰ ᠲᠠᠪᠰᠢᠵᠣ᠂ | ᠶᠡᠷᠦᠩᠭᠡᠶᠢᠯᠡᠭᠰᠡᠨ ᠪᠣᠳᠠᠳᠦ ᠬᠦᠴᠦᠨ ᠪᠣᠯᠣᠨ ᠦᠷᠢᠰᠬᠦ ᠬᠦᠴᠦᠨ ᠢ ᠢᠯᠡᠷᠬᠡᠢ ᠴᠢᠩᠭᠠᠳᠬᠠᠨ᠎ᠠ᠃ ᠬᠤᠳᠠ ᠬᠦᠳᠡᠭᠡ | ᠶᠢᠨ ᠰᠠᠭᠤᠭᠠᠯᠢ ᠠᠷᠠᠳ ᠤᠨ ᠬᠦᠮᠦᠨ ᠲᠣᠳᠣᠮ ᠤᠨ ᠡᠵᠡᠮᠳᠡᠵᠣ ᠪᠣᠯᠬᠤ ᠣᠷᠣᠯᠭ᠎ᠠ ᠶᠢ 2010 ᠣᠨ ᠤ ᠬᠤᠶᠠᠷ | ᠲᠠᠬᠢᠨ ᠠᠴᠠ ᠲᠠᠪᠠᠭᠤᠯᠣᠨ ᠪᠦᠬᠦ ᠬᠤᠳᠠ᠂ ᠪᠦᠬᠦ ᠣᠷᠣᠨ ᠤ ᠲᠡᠷᠢᠭᠦᠨ ᠤ ᠡᠩᠨᠡᠭᠡᠨ ᠳᠤ ᠣᠷᠣᠭᠤᠯᠵᠣ᠂ | ᠦᠪᠡᠷᠳᠡᠭᠡᠨ ᠵᠠᠰᠠᠬᠤ ᠣᠷᠣᠨ ᠳᠤ ᠪᠠᠨ ᠣᠷᠢᠳᠴᠢᠯᠠᠨ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠠᠶᠢᠭᠤᠯᠣᠨ᠎ᠠ᠃ | ︵ᠨᠢᠭᠡ︶ ᠰᠢᠨᠡᠴᠢᠯᠡᠯ ᠲᠠᠢ ᠬᠦᠭᠵᠢᠯᠳᠠ ᠶᠢᠨ ᠦᠵᠡᠯᠳᠠ ᠶᠢ ᠪᠠᠷᠢᠮᠳᠠᠯᠠᠵᠣ᠂ ᠠᠵᠣ ᠣᠶᠢᠯᠠᠰ ᠤᠨ ᠬᠡᠯᠪᠡᠷᠢ | ᠶᠢ ᠬᠤᠪᠢᠷᠠᠭᠤᠯᠣᠨ ᠲᠡᠰ ᠲᠡᠪᠰᠢᠭᠦᠯᠬᠦ ᠶᠢ ᠠᠬᠢᠭᠤᠯᠣᠨ᠎ᠠ᠃ ᠠᠵᠣ ᠣᠶᠢᠯᠠᠰ ᠤᠨ ᠬᠡᠯᠪᠡᠷᠢ ᠶᠢ ᠬᠤᠪᠢᠷᠠᠭᠤᠯᠣᠨ | ᠭᠦᠨᠵᠡᠭᠡᠶᠢᠷᠡᠭᠦᠯᠵᠣ ᠰᠢᠨᠡᠴᠢᠯᠡᠬᠦ ᠪᠠᠷ ᠬᠦᠳᠡᠯᠭᠡᠭᠴᠢ ᠬᠦᠴᠦᠨ ᠪᠣᠯᠭᠠᠨ᠂ ᠡᠯ᠎ᠡ ᠲᠦᠷᠤᠯ ᠤᠨ ᠬᠦᠴᠤᠨ ᠵᠦᠢᠯ ᠤᠨ | ᠪᠠᠳᠤᠯᠠᠭ᠎ᠠ ᠶᠢ ᠴᠢᠩᠭᠠᠤᠨᠬᠠᠵᠤ᠂ ᠰᠢᠨ᠎ᠡ ᠮᠡᠷᠭᠡᠵᠢᠯ᠂ ᠰᠢᠨ᠎ᠠ ᠠᠵᠣ ᠣᠶᠢᠯᠠᠰ᠂ ᠰᠢᠨ᠎ᠡ ᠡᠵᠡᠩᠨᠡᠯᠳᠠ ᠶᠢᠨ ᠲᠦᠯᠦᠪ | ᠤᠨ ᠬᠦᠭᠵᠢᠯᠳᠠ ᠶᠢ ᠠᠬᠢᠭᠤᠯᠣᠨ᠎ᠠ᠃ ᠠᠵᠣ ᠣᠶᠢᠯᠠᠳᠪᠦᠷᠢ ᠶᠢᠨ ᠬᠡᠯᠪᠡᠷᠢ ᠶᠢᠨ ᠬᠤᠪᠢᠷᠠᠭᠤᠯᠣᠯᠳᠠ ᠶᠢᠨ ᠪᠣᠳᠣᠯᠭ᠎ᠠ | ᠬᠡᠷᠡᠭᠵᠢᠭᠦᠯᠵᠣ᠂ ᠨᠡᠬᠦᠷᠡᠰᠣᠨ ᠤ ᠶᠡᠷᠦᠩᠭᠡᠢ ᠬᠡᠮᠵᠢᠶ᠎ᠠ ᠶᠢ ᠪᠣᠵᠠᠭᠠᠶᠢᠷᠠᠭᠤᠯᠵᠣ ᠨᠡᠭᠦᠷᠡᠰᠦ ᠴᠠᠬᠢᠯᠭᠠᠨ ᠤ ᠠᠵᠣ | ᠣᠶᠢᠯᠠᠰ ᠤᠨ ᠬᠡᠯᠬᠢᠶ᠎ᠡ ᠶᠢ ᠣᠷᠳᠣᠰᠬᠠᠵᠣ᠂ ᠨᠡᠭᠦᠷᠡᠰᠦᠨ ᠤ ᠪᠣᠰᠣ ᠠᠵᠣ ᠣᠶᠢᠯᠠᠰ ᠤᠨ ᠬᠡᠪᠴᠢᠶᠡᠵᠢᠯ ᠢ | ᠦᠷᠭᠡᠳᠬᠡᠵᠣ᠂ ᠣᠯᠠᠨ ᠡᠰᠢᠳᠦ ᠬᠦᠭᠵᠢᠯᠳᠠ᠂ ᠣᠯᠠᠨ ᠲᠣᠶᠢᠯᠳᠦ ᠲᠣᠯᠭᠠᠭᠤᠷᠢᠯᠠᠯ ᠲᠠᠢ ᠠᠵᠣ ᠣᠶᠢᠯᠠᠰ ᠤᠨ | ᠰᠢᠰᠲ᠋ᠧᠮ ᠢ ᠪᠦᠷᠢᠯᠳᠦᠬᠦᠯᠦᠨ᠂ ᠣᠯᠣᠰ ᠤᠨ ᠲᠡᠰ ᠤᠨ ᠪᠣᠬᠢᠷᠳᠣᠯ ᠦᠭᠡᠢ ᠡᠨᠧᠷᠬᠢ ᠶᠢᠨ ᠴᠢᠬᠤᠯᠠ ᠰᠠᠭᠤᠷᠢᠨ᠂ | ᠨᠡᠭᠦᠷᠡᠰᠣ ᠴᠠᠬᠢᠯᠭᠠᠨ ᠢ ᠴᠣᠭᠴᠠᠵᠢᠭᠤᠯᠣᠭᠰᠠᠨ ᠡᠷᠬᠢᠯᠳᠡᠳᠦ ᠠᠵᠣ ᠣᠶᠢᠯᠠᠰ ᠤᠨ ᠲᠠᠭᠤᠷᠢᠶᠠᠯ ᠰᠠᠭᠤᠷᠢᠨ ᠢ | ᠪᠠᠶᠢᠭᠤᠯᠣᠨ᠎ᠠ᠃ 2020 ᠣᠨ ᠪᠣᠯᠬᠤ ᠳᠤ᠂ ᠨᠡᠭᠦᠷᠡᠰᠣᠨ ᠤ ᠣᠶᠢᠯᠠᠳᠪᠦᠷᠢᠯᠠᠯ ᠤᠨ ᠴᠢᠳᠡᠪᠬᠢ ᠶᠢ 6000 | ᠲᠦᠮᠡᠨ ᠲᠣᠨ᠂ ᠨᠡᠭᠦᠷᠡᠰᠣᠨ ᠴᠠᠬᠢᠯᠠᠭᠠᠨ ᠤ ᠮᠠᠰᠢᠨ ᠴᠣᠭᠴᠠᠯᠠᠪᠦᠷᠢ ᠶᠢᠨ ᠪᠠᠭᠳᠠᠭᠠᠮᠵᠢ ᠶᠢ 1000 ᠲᠦᠮᠡᠨ | ᠺᠢᠯᠤᠸᠠᠲ᠂ ᠨᠡᠬᠦᠷᠡᠰᠦ ᠬᠢᠮᠢ ᠶᠢᠨ ᠣᠶᠢᠯᠠᠳᠪᠦᠷᠢᠯᠠᠯ ᠤᠨ ᠴᠢᠳᠠᠪᠬᠢ ᠶᠢ 500 ᠲᠦᠮᠡᠨ ᠲᠣᠨ᠂ ᠰᠢᠳᠠᠮᠬᠠᠢ ᠬᠡᠢ | ᠰᠢᠩᠬᠡᠨᠵᠢᠬᠦᠯᠬᠦ ᠶᠡᠷᠦᠩᠭᠡᠢ ᠬᠡᠪᠴᠢᠶᠡᠵᠢᠯ ᠢ 200 ᠲᠦᠮᠡᠨ ᠲᠣᠨ᠂ ᠰᠢᠨ᠎ᠠ ᠡᠨᠧᠷᠬᠢ ᠶᠢᠨ ᠮᠠᠰᠢᠨ ᠴᠣᠭᠴᠠᠯᠠᠪᠦᠷᠢ | ᠶᠢᠨ ᠶᠡᠷᠦᠩᠭᠡᠢ ᠬᠡᠪᠴᠢᠶᠡᠵᠢᠯ ᠢ 200 ᠲᠦᠮᠡᠨ ᠺᠢᠯᠤᠸᠠᠲ ᠠᠴᠠ ᠲᠠᠪᠠᠭᠤᠯᠬᠤ ᠪᠠᠷ ᠴᠢᠷᠮᠠᠶᠢᠨ᠎ᠠ᠃ ᠮᠠᠯᠵᠢᠬᠤ | ᠲᠠᠷᠢᠶᠠᠯᠠᠬᠤ ᠣᠷᠣᠨ ᠤ ᠠᠵᠣ ᠣᠶᠢᠯᠠᠰ ᠤᠨ ᠪᠦᠳᠦᠴᠠ ᠶᠢᠨ ᠲᠣᠬᠢᠷᠠᠭᠤᠯᠭ᠎ᠠ ᠶᠢ ᠭᠦᠨᠵᠡᠭᠡᠶᠢᠷᠡᠭᠦᠯᠵᠣ᠂ ᠠᠮᠤ | ᠪᠤᠳᠠᠭ᠎ᠠ ᠠᠵᠤ ᠠᠬᠤᠢ ᠶᠢᠨ ᠳᠠᠷᠢᠮᠠᠯ ᠳᠡᠵᠢᠬᠡᠯ ᠡᠪᠡᠰᠤ ᠶᠢ ᠨᠢᠬᠡᠳᠤᠯᠳᠠᠢ ᠲᠦᠯᠤᠪᠵᠢᠬᠦᠯᠬᠦ᠂ ᠳᠠᠷᠢᠶᠠᠯᠠᠩ ᠤᠢ | ᠮᠠᠯᠵᠢᠯ ᠢ ᠤᠶᠠᠯᠳᠤᠭᠤᠯᠬᠤ᠂ ᠳᠠᠷᠢᠬᠤ ᠳᠡᠵᠢᠬᠡᠬᠦ ᠪᠤᠯᠪᠠᠰᠤᠷᠠᠭᠤᠯᠬᠤ ᠴᠤᠭᠴᠠᠵᠢᠯᠳᠠ ᠪᠠ ᠨᠢᠬᠡ᠂ ᠬᠤᠶᠠᠷ᠂ | ᠭᠤᠷᠪᠠᠳᠤᠭᠠᠷ ᠠᠵᠤ ᠤᠶᠢᠯᠡᠰ ᠤᠨ ᠤᠷᠭᠠᠨᠢᠭ ᠬᠦᠭᠵᠢᠯᠳᠠ ᠶᠢ ᠠᠬᠢᠭᠤᠯᠵᠤ᠂ ᠪᠦᠳᠤᠮᠵᠢᠳᠤ ᠭᠠᠷᠤᠯᠳᠠ᠂ ᠠᠶᠤᠯᠬᠦᠢ | ᠪᠦᠳᠤᠬᠡᠭᠳᠡᠬᠦᠨ ᠲᠠᠢ᠂ ᠡᠬᠢ ᠰᠤᠷᠪᠤᠯᠵᠢ ᠠᠷᠪᠢᠯᠠᠬᠤ᠂ ᠤᠷᠴᠢᠨ ᠬᠠᠮᠠᠭᠠᠯᠠᠬᠤ ᠤᠳᠤ ᠦᠶ᠎ᠡ ᠶᠢᠨ ᠮᠠᠯ ᠳᠠᠷᠢᠶᠠᠯᠠᠩ | ᠤᠨ ᠤᠶᠢᠯᠡᠰ ᠤᠨ ᠬᠦᠭᠵᠢᠯᠳᠠ ᠶᠢᠨ ᠵᠠᠮ ᠢᠶᠠᠷ ᠵᠠᠮᠨᠠᠵᠤ᠂ ᠣᠶᠢᠷ᠎ᠠ ᠬᠠᠪᠢ ᠶᠢ ᠲᠠᠶᠢᠴᠢᠯᠠᠨ ᠢᠷᠭᠠᠢ ᠳᠤ | ᠣᠶᠢᠯᠠᠴᠢᠯᠠᠵᠣ ᠪᠦᠬᠦ ᠣᠯᠣᠰ ᠲᠤ ᠬᠠᠨᠳᠣᠭᠤᠯᠣᠭᠰᠠᠨ ᠮᠠᠯ ᠲᠠᠷᠢᠶᠠᠯᠠᠩ ᠤᠨ ᠪᠣᠬᠢᠷᠳᠣᠯ ᠦᠭᠡᠢ ᠪᠦᠳᠦᠭᠳᠡᠭᠦᠨ ᠤ | ᠪᠣᠯᠪᠠᠰᠣᠷᠠᠭᠤᠯᠣᠯᠳᠠ ᠶᠢᠨ ᠰᠠᠭᠤᠷᠢᠨ ᠢ ᠴᠣᠭᠴᠠᠯᠠᠨ᠎ᠠ᠃ | ︵ᠬᠤᠶᠠᠷ︶ ᠵᠣᠬᠢᠴᠠᠩᠭᠤᠢ ᠬᠦᠭᠵᠢᠯᠳᠠ ᠶᠢᠨ ᠦᠵᠡᠯᠳᠠ ᠶᠢ ᠪᠠᠷᠢᠮᠳᠠᠯᠠᠵᠣ᠂ ᠲᠡᠩᠴᠡᠬᠦᠷᠢᠳᠠᠢ ᠬᠦᠭᠵᠢᠯᠳᠠ | ᠶᠢᠨ ᠪᠠᠶᠢᠳᠠᠯ ᠢ ᠬᠦᠴᠦᠯᠡᠨ ᠪᠦᠷᠢᠯᠳᠦᠭᠦᠯᠦᠨ᠎ᠠ᠃ ᠠᠵᠣ ᠣᠶᠢᠯᠠᠰ᠂ ᠬᠤᠳᠠ ᠬᠦᠳᠡᠭᠡ᠂ ᠰᠠᠭᠤᠷᠢ ᠲᠦᠬᠦᠭᠡᠷᠦᠮᠵᠢ | ᠪᠠ ᠨᠡᠶᠢᠳᠠ ᠶᠢᠨ ᠣᠶᠢᠯᠡᠴᠢᠯᠡᠭᠡ ᠶᠢᠨ ᠪᠠᠶᠢᠷᠢᠯᠠᠭᠤᠯᠣᠯᠳᠠ ᠶᠢ ᠨᠢᠭᠡᠳᠦᠯᠳᠡᠢ ᠲᠦᠯᠦᠪᠯᠡᠵᠣ᠂ ᠬᠤᠳᠠ ᠬᠦᠳᠡᠭᠡ | ᠣᠷᠣᠨ ᠲᠣᠭᠤᠷᠢᠭ᠂ ᠰᠠᠭᠤᠷᠢ ᠲᠦᠬᠦᠭᠡᠷᠦᠮᠵᠢ᠂ ᠣᠶᠣᠨ ᠤ ᠪᠣᠯᠪᠠᠰᠣᠨ ᠢ ᠵᠣᠬᠢᠴᠠᠩᠭᠤᠢ ᠬᠦᠭᠵᠢᠭᠦᠯᠦᠨ᠎ᠡ᠃ | ᠬᠤᠳᠠ ᠬᠦᠳᠡᠭᠡ ᠶᠢᠨ ᠴᠣᠭᠴᠠᠵᠢᠭᠰᠠᠨ ᠬᠦᠭᠵᠢᠯᠳᠠ ᠶᠢᠨ ᠲᠣᠭᠳᠠᠴᠠ ᠶᠢ ᠲᠡᠭᠦᠯᠳᠡᠷᠵᠢᠭᠦᠯᠵᠣ᠂ ᠵᠠᠰᠠᠭ ᠤᠨ | ᠣᠷᠳᠣᠨ ᠠᠴᠠ ᠨᠡᠶᠢᠳᠡ ᠶᠢᠨ ᠣᠶᠢᠯᠡᠴᠢᠯᠡᠭᠡ ᠬᠤᠳᠠᠯᠳᠣᠨ ᠠᠪᠬᠤ ᠬᠦᠴᠦᠯᠡᠴᠠ ᠶᠢ ᠴᠢᠩᠭᠠᠳᠬᠠᠵᠣ᠂ ᠬᠤᠳᠠ | ᠬᠦᠳᠡᠭᠡ ᠶᠢᠨ ᠬᠦᠴᠦᠨ ᠵᠣᠶᠢᠯ ᠤᠨ ᠵᠣᠬᠢᠰᠳᠠᠢ ᠲᠣᠭᠢᠷᠠᠭᠤᠯᠣᠯᠳᠠ ᠪᠣᠯᠣᠨ ᠦᠨᠳᠦᠰᠦᠨ ᠨᠡᠶᠢᠳᠠ ᠶᠢᠨ | ᠣᠶᠢᠯᠡᠴᠢᠯᠡᠭᠡ ᠶᠢᠨ ᠲᠡᠩᠴᠡᠭᠦᠷᠢᠰᠢᠯ ᠢ ᠠᠬᠢᠭᠤᠯᠵᠣ᠂ ᠪᠠᠶᠢᠷᠢ ᠲᠣᠭᠳᠠᠭᠠᠯᠳᠠ ᠲᠣᠳᠣᠷᠬᠠᠢ᠂ ᠦᠪᠡᠷᠮᠢᠴᠡ ᠣᠨᠴᠠᠯᠢᠭ | ᠢᠯᠡᠷᠬᠡᠢ᠂ ᠴᠢᠳᠡᠪᠬᠢ ᠪᠦᠷᠢᠨ ᠣᠳᠣ ᠦᠶ᠎ᠡ ᠶᠢᠨ ᠬᠤᠳᠠ ᠪᠠᠯᠭᠠᠰᠣᠨ ᠤ ᠰᠢᠰᠲ᠋ᠧᠮ ᠢ ᠪᠠᠶᠢᠭᠤᠯᠣᠨ᠎ᠠ᠃ ᠮᠠᠯᠵᠢᠬᠤ | ᠲᠠᠷᠢᠶᠠᠯᠠᠬᠤ ᠣᠷᠣᠨ ᠤ ︽ᠭᠤᠷᠪᠠᠨ ᠲᠦᠷᠦᠯ︾ ᠤᠨ ᠭᠤᠣᠯᠳᠠᠯᠭᠠᠳᠦ ᠠᠵᠢᠯ ᠢ ᠬᠢᠨᠡᠮᠡᠭᠠᠢ ᠠᠳᠬᠤᠵᠣ᠂ ᠣᠷᠴᠢᠨ | ᠲᠣᠭᠤᠷᠢᠨ ᠤ ᠶᠡᠷᠦᠩᠬᠡᠶᠢᠯᠡᠭᠰᠡᠨ ᠴᠡᠭᠴᠡᠯᠡᠯᠳᠠ᠂ ᠲᠠᠭᠠᠭᠠᠮᠠᠢ ᠬᠠᠮᠢᠶᠠᠷᠣᠯᠳᠠ ᠶᠢᠨ ᠲᠣᠭᠳᠠᠴᠠ ᠶᠢᠨ | ᠲᠡᠭᠦᠯᠳᠡᠷᠵᠢᠭᠦᠯᠦᠯᠳᠠ ᠶᠢ ᠠᠬᠢᠭᠤᠯᠵᠣ᠂ ᠣᠷᠴᠢᠨ ᠲᠣᠭᠤᠷᠢᠨ᠂ ᠠᠵᠣ ᠣᠶᠢᠯᠠᠰ᠂ ᠠᠮᠢ ᠠᠬᠤᠢ᠂ ᠰᠣᠶᠣᠯ | ᠢᠷᠭᠡᠨᠰᠢᠯ ᠣᠬᠢ ᠰᠠᠶᠢᠨ ᠰᠠᠭᠤᠷᠢᠰᠢᠬᠤ ᠳᠤ ᠲᠣᠬᠢᠷᠠᠮᠵᠢᠳᠠᠢ ᠬᠦᠳᠡᠭᠡ ᠨᠣᠳᠤᠭ ᠢ ᠴᠣᠭᠴᠠᠯᠠᠨ᠎ᠠ᠃ ᠣᠶᠣᠨ ᠤ | ᠪᠣᠯᠪᠠᠰᠣᠨ ᠤ ᠴᠣᠭᠴᠠᠯᠠᠯᠳᠠ ᠶᠢ ᠦᠷᠬᠡᠨ ᠲᠡᠯᠭᠡᠷᠡᠩᠭᠦᠢ ᠦᠷᠨᠢᠭᠦᠯᠵᠣ᠂ ᠪᠦᠬᠦ ᠣᠯᠣᠰ ᠤᠨ ᠰᠢᠶᠠᠨ ᠤ ᠲᠡᠰ ᠤᠨ | ᠪᠣᠯᠪᠠᠰᠣᠨ ᠬᠤᠳᠠ ᠶᠢ ᠴᠣᠭᠴᠠᠯᠠᠨ᠎ᠠ᠃ | ︵ᠭᠤᠷᠪᠠ︶ ᠪᠤᠬᠢᠷᠳᠤᠯ ᠦᠬᠡᠢ ᠬᠦᠭᠵᠢᠯᠳᠠ ᠶᠢᠨ ᠦᠵᠡᠯᠳᠠ ᠶᠢ ᠪᠠᠷᠢᠮᠳᠠᠯᠠᠵᠤ᠂ ᠠᠮᠢ ᠠᠬᠤᠢ ᠶᠢᠨ | ᠪᠤᠯᠪᠠᠰᠤᠨ ᠤ ᠪᠠᠶᠢᠭᠤᠯᠤᠯᠳᠠ ᠶᠢ ᠬᠦᠴᠤᠯᠡᠨ ᠲᠦᠷᠬᠡᠤᠨᠬᠡᠨ᠎ᠠ᠃ ᠠᠮᠢ ᠠᠬᠤᠢ ᠪᠠᠷ ᠬᠤᠰᠢᠭᠤ ᠪᠠᠨ ᠪᠠᠶᠢᠭᠤᠯᠬᠤ | ᠦᠨᠳᠤᠰᠤ ᠪᠤᠯᠭᠠᠵᠤ᠂ ᠪᠤᠬᠢᠷᠳᠤᠯ ᠦᠬᠡᠢ᠂ ᠳᠤᠤᠷ᠎ᠠ ᠨᠡᠬᠦᠷᠡᠰᠤᠳᠦ᠋ᠷᠦᠭᠴᠢᠳᠤ᠂ ᠡᠷᠬᠢᠯᠳᠠᠳᠤ ᠬᠦᠭᠵᠢᠯᠳᠠ ᠶᠢ | ᠪᠠᠷᠢᠮᠳᠠᠯᠠᠵᠤ᠂ ᠭᠤᠤᠯᠳᠠᠯᠭᠠᠳᠤ ᠠᠮᠢ ᠠᠬᠤᠢ ᠶᠢᠨ ᠢᠨᠵᠧᠨᠧᠷᠢᠩ ᠢ ᠦᠷᠬᠦᠯᠵᠢᠯᠡᠨ ᠬᠡᠷᠡᠭᠵᠢᠭᠦᠯᠵᠣ᠂ ᠠᠮᠢ ᠠᠬᠤᠢ | ᠶᠢᠨ ᠪᠦᠳᠤᠮᠵᠢ ᠶᠢ ᠪᠠᠳᠤᠤᠨᠬᠠᠨ᠂ ᠠᠮᠢ ᠠᠬᠤᠢ ᠶᠢᠨ ᠦᠷᠬᠦᠯᠵᠢᠬᠦᠶᠢᠴᠠ ᠬᠦᠭᠵᠢᠯᠳᠠ ᠶᠢ ᠠᠬᠢᠭᠤᠯᠤᠨ᠎ᠠ᠃ ᠤᠰᠤᠨ | ᠡᠬᠢ ᠰᠤᠷᠪᠤᠯᠵᠢ ᠶᠢᠨ ᠠᠰᠢᠭᠯᠠᠯᠳᠠ ᠪᠠ ᠬᠠᠮᠠᠭᠠᠯᠠᠯᠳᠠ ᠶᠢ ᠴᠢᠩᠭᠠᠤᠨᠬᠠᠵᠤ᠂ ᠤᠰᠤᠨ ᠡᠬᠢ ᠰᠤᠷᠪᠤᠯᠵᠢ ᠶᠢᠨ | ᠨᠡᠬᠡᠬᠡᠯᠳᠠ ᠠᠰᠢᠭᠯᠠᠯᠳᠠ ᠶᠢ ᠬᠢᠵᠠᠭᠠᠷᠯᠠᠵᠤ᠂ ᠤᠰᠤ ᠬᠡᠷᠡᠭᠯᠡᠯᠳᠠ ᠶᠢ ᠬᠢᠵᠠᠭᠠᠷᠯᠠᠬᠤ ᠪᠠ ᠤᠰᠤᠨ ᠴᠢᠳᠠᠪᠬᠢ ᠶᠢᠨ | ᠤᠷᠤᠨ ᠤ ᠪᠤᠬᠢᠷᠳᠤᠯ ᠢ ᠬᠤᠷᠢᠭᠯᠠᠬᠤ ︽ᠭᠤᠷᠪᠠᠨ ᠲᠦᠭᠰᠢᠬᠦᠷᠢᠳᠤ ᠱᠤᠭᠤᠮ︾ ᠤᠨ ᠲᠦᠷᠢᠮ ᠢ ᠴᠢᠩᠭ᠎ᠠ | ᠪᠤᠳᠠᠳᠠᠶᠢᠵᠢᠭᠤᠯᠵᠤ᠂ ᠤᠰᠤ ᠠᠷᠪᠢᠯᠠᠬᠤ ᠨᠠᠶᠢᠬᠡᠮ ᠤᠨ ᠪᠠᠶᠢᠭᠤᠯᠤᠯᠳᠠ ᠶᠢ ᠠᠬᠢᠭᠤᠯᠤᠨ᠎ᠠ᠃ ᠬᠠᠮᠤᠭ ᠴᠢᠩᠭ᠎ᠠ | ᠤᠷᠴᠢᠨ ᠳᠤᠭᠤᠷᠢᠨ ᠤ ᠬᠠᠮᠠᠭᠠᠯᠠᠯᠳᠠ ᠶᠢᠨ ᠲᠦᠷᠢᠮ ᠢ ᠬᠡᠷᠡᠭᠵᠢᠬᠦᠯᠵᠤ᠂ ᠤᠷᠴᠢᠨ ᠳᠤᠭᠤᠷᠢᠨ ᠤ ᠵᠦᠪᠰᠢᠶᠡᠷᠡᠯᠳᠠ | ᠶᠢᠨ ᠪᠠᠷᠢᠮᠵᠢᠶ᠎ᠡ ᠶᠢ ᠳᠡᠬᠡᠭᠰᠢᠯᠡᠬᠦᠯᠵᠤ᠂ ᠤᠷᠴᠢᠨ ᠳᠤᠭᠤᠷᠢᠨ ᠤ ᠪᠤᠬᠢᠷᠳᠤᠯ ᠪᠠ ᠠᠮᠢ ᠠᠬᠤᠢ ᠶᠢᠨ ᠡᠪᠳᠡᠭᠳᠡᠯ ᠢ | ᠰᠤᠷᠪᠤᠯᠵᠢ ᠠᠴᠠ ᠰᠡᠷᠬᠡᠶᠢᠯᠡᠨ᠎ᠠ᠃ ᠪᠤᠬᠢᠷᠳᠤᠯ ᠦᠬᠡᠢ ᠴᠡᠪᠡᠷ ᠤᠶᠢᠯᠡᠤᠨᠪᠤᠷᠢᠯᠡᠯ ᠢ ᠶᠡᠬᠡᠪᠡᠷ ᠠᠬᠢᠭᠤᠯᠵᠤ᠂ ᠳᠤᠤᠷ᠎ᠠ | ᠨᠡᠬᠦᠷᠡᠰᠤᠳᠦ᠋ᠷᠦᠭᠴᠢᠳᠤ ᠡᠷᠬᠢᠯᠳᠡᠳᠤ ᠬᠦᠭᠵᠢᠯᠳᠠ ᠶᠢᠨ ᠠᠵᠤ ᠤᠶᠢᠯᠡᠰ ᠤᠨ ᠰᠢᠰᠲ᠋ᠧᠮ ᠢ ᠪᠠᠶᠢᠭᠤᠯᠤᠨ᠂ ᠤᠯᠤᠰ | ᠤᠨ ᠠᠮᠢ ᠠᠬᠤᠶᠢᠴᠢ ᠠᠵᠣ ᠤᠶᠢᠯᠡᠤᠨᠪᠤᠷᠢ ᠶᠢᠨ ᠳᠠᠭᠤᠷᠢᠶᠠᠯ ᠬᠦᠷᠢᠶᠡᠯᠡᠩ ᠢ ᠪᠠᠶᠢᠭᠤᠯᠤᠨ᠎ᠠ᠃ 2020 ᠤᠨ | ᠪᠤᠯᠬᠤ ᠳᠤ᠂ ᠪᠦᠬᠦ ᠬᠤᠰᠢᠭᠤᠨ ᠤ ᠤᠢ ᠰᠢᠭᠤᠢ ᠶᠢᠨ ᠪᠦᠷᠬᠦᠴᠠ ᠶᠢᠨ ᠨᠤᠷᠮ᠎ᠠ ᠶᠢ 25% ᠬᠦᠷᠬᠡᠵᠤ᠂ | ᠠᠰᠢᠭᠯᠠᠵᠤ ᠪᠤᠯᠬᠤ ᠨᠤᠳᠤᠭ ᠪᠡᠯᠴᠢᠬᠡᠷ ᠤᠨ ᠤᠷᠭᠤᠮᠠᠯ ᠤᠨ ᠪᠦᠷᠬᠦᠪᠴᠢ ᠶᠢ 60% ᠠᠴᠠ ᠳᠡᠬᠡᠭᠰᠢ ᠪᠤᠯᠭᠠᠨ᠎ᠠ᠃ | ︵ᠲᠦᠷᠪᠠ︶ ᠴᠢᠯᠤᠬᠡᠳᠠᠢ ᠶᠠᠪᠤᠯᠴᠠᠬᠤ ᠬᠦᠭᠵᠢᠯᠳᠠ ᠶᠢᠨ ᠦᠵᠡᠯᠳᠠ ᠶᠢ ᠪᠠᠷᠢᠮᠳᠠᠯᠠᠵᠤ᠂ ᠤᠷᠤᠨ ᠬᠡᠪᠴᠢᠶ᠎ᠠ | ᠬᠤᠯᠪᠤᠭᠠᠯᠠᠨ ᠬᠦᠭᠵᠢᠬᠦ ᠶᠢ ᠬᠦᠴᠤᠯᠡᠨ ᠠᠬᠢᠭᠤᠯᠤᠨ᠎ᠠ᠃ ᠨᠢᠩᠰᠢᠶᠠ ᠯᠤᠭ᠎ᠠ ᠶᠢᠨ ᠤᠷᠤᠨ ᠬᠡᠪᠴᠢᠶᠠᠨ ᠤ | ᠬᠠᠮᠳᠤᠷᠠᠯᠴᠠᠭ᠎ᠠ ᠪᠠ ᠬᠤᠯᠪᠤᠭᠠᠯᠠᠭᠰᠡᠨ ᠬᠦᠭᠵᠢᠯᠳᠠ ᠶᠢ ᠬᠦᠨᠵᠡᠬᠡᠶᠢᠷᠡᠬᠦᠯᠵᠤ᠂ ᠰᠠᠭᠤᠷᠢ ᠪᠠᠶᠢᠭᠤᠯᠤᠯᠳᠠ᠂ ᠠᠵᠤ | ᠤᠶᠢᠯᠡᠰ ᠤᠨ ᠬᠠᠷᠢᠯᠴᠠᠨ ᠨᠦᠬᠦᠪᠤᠷᠢᠯᠡᠬᠦ᠂ ᠤᠷᠴᠢᠨ ᠳᠤᠭᠤᠷᠢᠨ ᠤ ᠬᠠᠮᠳᠤᠷᠠᠭᠰᠡᠨ ᠵᠠᠰᠠᠯᠳᠠ᠂ ᠨᠠᠶᠢᠬᠡᠮ ᠤᠨ ᠠᠵᠢᠯ | ᠤᠶᠢᠯᠡᠰ ᠤᠨ ᠬᠠᠮᠳᠤ ᠡᠳ᠋ᠯᠡᠭᠡ ᠵᠡᠷᠬᠡ ᠳᠠᠯ᠎ᠠ ᠶᠢᠨ ᠬᠠᠮᠳᠤᠷᠠᠯᠴᠠᠭ᠎ᠠ ᠪᠠᠨ ᠬᠦᠨᠵᠡᠬᠡᠶᠢᠷᠡᠬᠦᠯᠵᠤ᠂ ᠤᠷᠤᠨ ᠬᠡᠪᠴᠢᠶᠡᠨ | ᠤ ᠬᠦᠭᠵᠢᠯᠳᠠ ᠶᠢᠨ ᠠᠭᠤᠰᠤᠯᠴᠠᠯ ᠬᠦᠴᠤᠨ ᠪᠠ ᠦᠷᠢᠰᠬᠦ ᠬᠦᠴᠤ ᠶᠢ ᠴᠢᠩᠭᠠᠤᠨᠬᠠᠨ᠎ᠠ᠃ ᠤᠨᠴᠠᠭᠠᠢ ᠤᠷᠤᠨ | ᠪᠠᠶᠢᠷᠢ ᠶᠢᠨ ᠳᠠᠪᠠᠭᠤᠯᠢᠭ ᠲᠤ ᠪᠠᠨ ᠲᠦᠰᠢᠭᠯᠡᠨ᠂ ᠰᠤᠶᠤᠯ ᠵᠢᠭᠤᠯᠴᠢᠯᠠᠯ᠂ ᠮᠦᠩᠭᠦᠨ ᠭᠦᠢᠯᠭᠡᠭᠡ ᠪᠣᠳᠠᠰ ᠤᠨ | ᠭᠦᠢᠯᠭᠡᠭᠡ᠂ ᠡᠷᠡᠬᠦᠯᠵᠢᠯ ᠰᠤᠪᠢᠯᠠᠯ᠂ ︽ᠢᠨᠲ᠋ᠧᠷ ᠰᠦᠯᠵᠢᠶ᠎ᠡ+︾ ᠵᠡᠷᠬᠡ ᠠᠵᠤ ᠤᠶᠢᠯᠡᠰ ᠤᠨ ᠬᠦᠭᠵᠢᠯᠳᠠ ᠶᠢᠨ | ᠡᠰᠡ ᠬᠦᠷᠤᠯᠴᠠᠬᠦ ᠵᠦᠢᠯ ᠢᠶᠠᠨ ᠬᠠᠷᠢᠯᠴᠠᠨ ᠨᠦᠬᠦᠪᠤᠷᠢᠯᠡᠵᠤ᠂ ᠠᠵᠤ ᠤᠶᠢᠯᠡᠰ ᠤᠨ ᠳᠡᠰ ᠳᠡᠪᠰᠢᠯᠳᠠ ᠶᠢ | ᠳᠠᠶᠢᠴᠢᠯᠠᠨ᠎ᠠ᠃ 2020 ᠤᠨ ᠪᠤᠯᠬᠤ ᠳᠤ᠂ ᠤᠳᠤ ᠦᠶ᠎ᠡ ᠶᠢᠨ ᠤᠶᠢᠯᠡᠴᠢᠯᠡᠬᠡᠨ ᠤ ᠤᠶᠢᠯᠡᠰ ᠤᠨ ᠬᠤᠪᠢ ᠶᠢᠨ | ᠵᠢᠩ ᠢ 35% ᠪᠤᠯᠭᠠᠵᠤ᠂ ᠵᠢᠭᠤᠯᠴᠢᠯᠠᠭᠴᠢᠤᠨ ᠬᠦᠯᠢᠶᠡᠨ ᠠᠪᠬᠤ ᠬᠡᠮᠵᠢᠶ᠎ᠡ ᠶᠢ 150 ᠲᠦᠮᠡᠨ ᠬᠦᠮᠤᠨ ᠤᠳᠠᠭ᠎ᠠ | ᠳᠠᠪᠠᠭᠤᠯᠤᠨ᠂ ᠦᠪᠤᠷ ᠮᠤᠩᠭᠤᠯ ᠤᠨ ᠪᠠᠷᠠᠭᠤᠨ ᠤᠷᠤᠨ ᠤ ᠦᠪᠡᠷᠮᠢᠴᠠ ᠨᠦᠯᠤᠬᠡ ᠪᠦᠬᠦᠢ ᠪᠤᠳᠠᠰ ᠤᠨ ᠬᠦᠢᠯᠬᠡᠬᠡᠨ | ᠤ ᠲᠦᠷᠤᠬᠦᠴᠢ ᠦᠷᠳᠡᠭᠡ ᠪᠠ ᠦᠪᠡᠷᠳᠡᠬᠡᠨ ᠵᠠᠰᠠᠬᠤ ᠤᠷᠤᠨ ᠤ ᠰᠤᠶᠤᠯ ᠵᠢᠭᠤᠯᠴᠢᠯᠠᠯ ᠤᠨ ᠳᠠᠭᠤᠷᠢᠶᠠᠯ ᠰᠠᠭᠤᠷᠢᠨ | ᠢ ᠪᠠᠶᠢᠭᠤᠯᠵᠤ᠂ ᠪᠦᠬᠦ ᠤᠯᠤᠰ ᠤᠨ ᠰᠤᠶᠤᠯ ᠤᠨ ᠳᠡᠷᠢᠬᠦᠨ ᠤ ᠬᠤᠰᠢᠭᠤ ᠶᠢ ᠴᠤᠭᠴᠠᠯᠠᠨ᠎ᠠ᠃ ᠵᠠᠰᠠᠮᠠᠯ ᠵᠠᠮ᠂ | ᠳᠡᠮᠤᠷ ᠵᠠᠮ᠂ ᠠᠭᠠᠷ ᠠᠶᠠᠯᠠᠯ ᠵᠡᠷᠬᠡ ᠵᠠᠮ ᠬᠠᠷᠢᠯᠴᠠᠭᠠᠨ ᠤ ᠬᠦᠷᠢᠶ᠎ᠠ ᠴᠡᠷᠠᠭ᠎ᠠ ᠶᠢᠨ ᠬᠠᠮᠳᠤᠷᠠᠯᠴᠠᠭ᠎ᠠ ᠶᠢ | ᠴᠢᠩᠭᠠᠤᠨᠬᠠᠵᠤ᠂ ᠮᠤᠵᠢ ᠤᠷᠤᠨ ᠠᠯᠤᠰᠯᠠᠭᠰᠡᠨ ᠲᠦᠷᠬᠡᠨ ᠵᠠᠮᠳᠤ ᠵᠠᠮ ᠨᠡᠪᠳᠡᠷᠡᠯᠬᠡ ᠶᠢᠨ ᠪᠠᠶᠢᠭᠤᠯᠤᠯᠳᠠ ᠶᠢ | ᠠᠬᠢᠭᠤᠯᠤᠨ᠂ ᠵᠠᠮ ᠬᠠᠷᠢᠯᠴᠠᠭᠠᠨ ᠤ ᠪᠡᠶᠡᠳᠤ ᠳᠤᠤᠷᠵᠢᠯ ᠢ ᠪᠦᠷᠢᠳᠤᠬᠦᠯᠤᠨᠠ᠃ | ︵ᠳᠠᠪᠤ︶ ᠬᠠᠮᠳᠤ ᠡᠳ᠋ᠯᠡᠬᠦ ᠬᠦᠭᠵᠢᠯᠳᠠ ᠶᠢᠨ ᠦᠵᠡᠯᠳᠠ ᠶᠢ ᠪᠠᠷᠢᠮᠳᠠᠯᠠᠨ᠂ ᠠᠷᠠᠤᠨ ᠤᠯᠠᠨ ᠤ ᠠᠮᠢᠳᠤᠷᠠᠯ ᠤᠨ | ᠲᠦᠪᠰᠢᠨ ᠢ ᠬᠦᠴᠤᠯᠡᠨ ᠳᠡᠬᠡᠭᠰᠢᠯᠡᠬᠦᠯᠤᠨ᠎ᠠ᠃ᠬᠤᠳᠠ ᠬᠦᠳᠡᠭᠡ ᠶᠢᠨ ᠨᠠᠭᠠᠳᠤ ᠵᠠᠬ᠎ᠠ ᠶᠢᠨ ᠪᠠᠳᠤᠯᠠᠭ᠎ᠠ ᠶᠢᠨ ᠲᠦᠷᠢᠮ | ᠢ ᠲᠡᠭᠦᠯᠳᠡᠷᠵᠢᠭᠦᠯᠵᠣ᠂ ᠪᠦᠬᠦ ᠬᠤᠳᠠ ᠳᠤ ᠪᠠᠨ ᠳᠡᠷᠢᠬᠦᠯᠡᠨ ᠬᠤᠳᠠ ᠬᠦᠳᠡᠭᠡ ᠶᠢᠨ ᠰᠠᠭᠤᠭᠠᠯᠢ ᠠᠷᠠᠤᠨ ᠤᠨ | ᠨᠢᠬᠡᠳᠤᠯᠳᠠᠢ ᠦᠨᠳᠤᠰᠤᠨ ᠡᠮ ᠡᠮᠨᠡᠯᠬᠡ ᠶᠢᠨ ᠳᠠᠭᠠᠤᠨᠬᠠᠯ ᠤᠨ ᠲᠦᠷᠢᠮ ᠢ ᠪᠠᠶᠢᠭᠤᠯᠵᠣ᠂ ᠨᠠᠰᠤᠵᠢᠯ ᠪᠠ ᠡᠮ | ᠡᠮᠴᠢᠯᠡᠬᠡᠨ ᠤ ᠳᠠᠭᠠᠤᠨᠬᠠᠯ ᠤᠨ ᠪᠦᠬᠦ ᠪᠦᠷᠬᠦᠴᠠ ᠶᠢ ᠪᠡᠶᠡᠯᠡᠬᠦᠯᠤᠨ᠎ᠠ᠃ ᠠᠵᠤ ᠠᠬᠤᠢ ᠶᠢᠨ ᠬᠦᠭᠵᠢᠯᠳᠠ ᠬᠢᠬᠡᠤᠨ | ᠤᠶᠢᠯᠡᠰ ᠪᠦᠳᠤᠬᠡᠯᠳᠠ ᠶᠢᠨ ᠳᠡᠮᠵᠢᠯᠳᠠ᠂ ᠠᠵᠢᠯ ᠤᠯᠤᠯᠳᠠ ᠶᠢᠨ ᠦᠷᠬᠡᠤᠨᠬᠡᠯ ᠤᠨ ᠬᠤᠯᠪᠤᠭᠠᠯᠭᠰᠡᠨ ᠳᠤᠭᠳᠠᠴᠠ | ᠶᠢ ᠳᠡᠬᠦᠯᠳᠡᠷᠵᠢᠬᠦᠯᠤᠨ᠂ ᠠᠷᠠᠤᠨ ᠤᠯᠠᠨ ᠤ ᠰᠢᠨᠡᠴᠢᠯᠠᠯ ᠬᠠᠶᠢᠯᠳᠠ ᠪᠠ ᠤᠶᠢᠯᠡᠰ ᠪᠦᠳᠤᠬᠡᠯᠳᠠ ᠶᠢ ᠠᠬᠢᠭᠤᠯᠤᠨ᠎ᠠ᠃ | ︽ᠦᠭᠬᠢᠶᠡᠮᠤᠷ ᠨᠠᠶᠢᠷᠠᠮᠳᠠᠭᠤ ᠳᠠᠯ᠎ᠠ ᠨᠤᠳᠤᠭ᠂ ᠦᠵᠡᠰᠬᠦᠯᠡᠩᠳᠤ ᠰᠠᠶᠢᠬᠠᠨ ᠡᠮᠤᠨᠡᠳᠤ ᠤᠳᠤᠭ︾ ᠤᠨ ᠨᠠᠶᠢᠬᠡᠮ ᠤᠨ | ᠵᠠᠰᠠᠯᠳᠠ ᠶᠢᠨ ᠢᠨᠵᠧᠨᠧᠷᠢᠩ ᠢ ᠬᠦᠨᠵᠡᠬᠡᠶᠢᠷᠡᠬᠦᠯᠤᠨ ᠬᠡᠷᠡᠭᠵᠢᠬᠦᠯᠵᠤ᠂ ᠠᠮᠤᠷ ᠠᠮᠤᠭᠤᠯᠠᠩ ᠤᠳᠤᠭ ᠤᠨ ᠡᠮᠤᠨᠡᠳᠤ | ᠬᠤᠰᠢᠭᠤᠨ ᠤ ᠪᠠᠶᠢᠭᠤᠯᠤᠯᠳᠠ ᠶᠢ ᠪᠠᠬᠢᠵᠢᠬᠦᠯᠤᠨ ᠬᠦᠨᠵᠡᠬᠡᠶᠢᠷᠡᠬᠦᠯᠵᠤ᠂ ᠨᠠᠶᠢᠬᠡᠮ ᠤᠨ ᠵᠠᠰᠠᠯᠳᠠ ᠶᠢᠨ ᠬᠠᠮᠢᠶᠠᠷᠤᠯᠳᠠ | ᠣᠶᠢᠯᠠᠴᠢᠯᠡᠭᠡ ᠶᠢᠨ ᠲᠦᠪᠰᠢᠨ ᠢ ᠳᠡᠬᠡᠭᠰᠢᠯᠡᠬᠦᠯᠤᠨ᠎ᠠ᠃ ᠬᠤᠳᠠ ᠬᠦᠳᠡᠭᠡ ᠶᠢᠨ ᠰᠤᠷᠭᠠᠨ ᠬᠦᠮᠤᠵᠢᠯ᠂ ᠡᠷᠡᠬᠦᠯ | ᠬᠠᠮᠠᠭᠠᠯᠠᠯ᠂ ᠰᠤᠶᠤᠯ ᠵᠡᠷᠬᠡ ᠡᠬᠢ ᠰᠤᠷᠪᠤᠯᠵᠢ ᠶᠢ ᠨᠢᠬᠡᠳᠤᠯᠳᠠᠢ ᠲᠦᠯᠤᠪᠯᠡᠵᠤ ᠳᠤᠬᠢᠷᠠᠭᠤᠯᠤᠨ᠂ ᠬᠤᠳᠠ ᠭᠦᠳᠡᠭᠡ | ᠶᠢᠨ ᠤᠯᠠᠨ ᠨᠠᠶᠢᠳᠠ ᠶᠢᠨ ᠤᠶᠢᠯᠡᠴᠢᠯᠡᠬᠡᠨ ᠤ ᠲᠦᠬᠡᠮᠡᠯ ᠬᠠᠷᠠᠭᠠᠯᠵᠠᠯ ᠤᠨ ᠲᠡᠩᠴᠡᠭᠦᠷᠢᠳᠦ ᠰᠢᠰᠲ᠋ᠧᠮ ᠢ | ᠪᠠᠶᠢᠭᠤᠯᠤᠨ᠎ᠠ᠃ ᠦᠨᠳᠤᠰᠤᠳᠠᠨ ᠨᠦᠭᠦᠳ ᠤᠨ ᠨᠠᠶᠢᠷᠠᠮᠳᠠᠯᠳᠤ ᠬᠦᠭᠵᠢᠯᠳᠠ ᠶᠢ ᠠᠬᠢᠭᠤᠯᠤᠨ᠂ ︽ᠪᠦᠬᠦ ᠤᠯᠤᠰ | ᠤᠨ ᠦᠨᠳᠤᠰᠤᠳᠠᠨ ᠤ ᠪᠦᠯᠬᠦᠮᠳᠠᠯ ᠳᠠᠪᠰᠢᠯᠳᠠ ᠶᠢᠨ ᠪᠠᠶᠢᠭᠤᠯᠤᠯᠳᠠ ᠶᠢᠨ ᠠᠵᠢᠯ ᠤᠨ ᠳᠠᠭᠤᠷᠢᠶᠠᠯ ᠬᠤᠰᠢᠭᠤ︾ ᠶᠢ | ᠴᠤᠭᠴᠠᠯᠠᠨ᠎ᠠ᠃ ᠢᠳᠡᠬᠡᠨ ᠪᠠ ᠡᠮ ᠤᠨ ᠵᠦᠢᠯ ᠤᠨ ᠬᠢᠨᠠᠯᠳᠠ ᠬᠠᠮᠢᠶᠠᠷᠤᠯᠳᠠ ᠶᠢ ᠴᠢᠩᠭᠠᠤᠨᠬᠠᠨ᠂ ᠤᠯᠤᠰ ᠤᠨ | ᠢᠳᠡᠬᠡᠨ ᠪᠠ ᠡᠮ ᠤᠨ ᠵᠦᠢᠯ ᠤᠨ ᠠᠮᠤᠷ ᠲᠦᠪᠰᠢᠨ ᠬᠤᠰᠢᠭᠤ ᠶᠢ ᠪᠠᠶᠢᠭᠤᠯᠤᠨ᠎ᠠ᠃ | ᠲᠦᠯᠤᠬᠡᠯᠡᠭᠴᠢᠤᠨ ᠡ᠂ ᠪᠦᠬᠦ ᠬᠤᠰᠢᠭᠤᠨ ᠤ ᠠᠷᠠᠤᠨ ᠤᠯᠠᠨ ᠤ ᠰᠠᠶᠢᠨ ᠰᠠᠶᠢᠬᠠᠨ ᠠᠮᠢᠳᠤᠷᠠᠯ ᠤᠨ ᠬᠦᠰᠡᠯ | ᠮᠦᠷᠤᠬᠡᠳᠤᠯ ᠢ ᠪᠡᠶᠡᠯᠡᠬᠦᠯᠬᠦ ᠪᠤᠯ ᠵᠠᠰᠠᠭ ᠤᠨ ᠤᠷᠳᠤᠨ ᠤ ᠳᠠᠷᠬᠠᠨ ᠬᠠᠷᠢᠭᠤᠴᠠᠯᠭ᠎ᠠ ᠪᠠ ᠡᠷᠬᠡᠪᠰᠢ ᠪᠡᠶᠡᠯᠡᠬᠦᠯᠬᠦ | ᠡᠬᠦᠷᠬᠡ ᠶᠤᠮ᠃ ᠪᠦᠬᠦ ᠬᠤᠰᠢᠭᠤᠨ ᠤ ᠬᠠᠮᠳᠤ ᠶᠢᠨ ᠴᠢᠷᠮᠠᠶᠢᠯᠳᠠ ᠪᠠᠷ ᠳᠠᠮᠵᠢᠭᠠᠤᠨ ᠪᠢᠳᠠᠨ ᠤ ᠬᠦᠭᠵᠢᠯᠳᠠ ᠶᠢᠨ | ᠲᠦᠰᠦᠪ ᠪᠡᠶᠡᠯᠡᠭᠳᠡᠵᠣ᠂ ᠤᠳᠤᠭ ᠤᠨ ᠡᠮᠤᠨᠡᠳᠤ ᠬᠤᠰᠢᠭᠤᠨ ᠤ ᠮᠠᠷᠭᠠᠰᠢ ᠨᠡᠩ ᠭᠡᠭᠡᠨ ᠰᠠᠷᠠᠭᠤᠯ ᠪᠣᠯᠬᠤ ᠶᠢ ᠪᠠᠳᠤ | ᠢᠳᠡᠬᠡᠵᠤ ᠪᠠᠶᠢᠨ᠎ᠠ᠃ | ᠭᠤᠷᠪᠠ᠂ 2016 ᠤᠨ ᠤ ᠡᠯ᠎ᠡ ᠠᠵᠢᠯ ᠢ ᠯᠠᠪᠳᠠᠭᠤᠨ ᠠᠬᠢᠭᠤᠯᠣᠨ᠎ᠠ | ᠡᠨᠡ ᠵᠢᠯ ᠪᠤᠯ ︽ᠠᠷᠪᠠᠨ ᠭᠤᠷᠪᠠᠳᠤᠭᠠᠷ ᠳᠠᠪᠤᠨ ᠵᠢᠯ︾ ᠤᠨ ᠡᠬᠢᠯᠡᠯᠳᠠ ᠶᠢᠨ ᠤᠨ ᠶᠤᠮ᠃ ᠡᠨᠡ ᠵᠢᠯ ᠤᠨ | ᠠᠵᠢᠯ ᠢ ᠰᠠᠶᠢᠳᠤᠷ ᠬᠢᠬᠦ ᠨᠢ ᠴᠢᠬᠤᠯᠠ ᠶᠡᠭᠡ ᠠᠴᠢ ᠬᠤᠯᠪᠤᠭᠳᠠᠯ ᠲᠠᠢ ᠶᠤᠮ᠃ ᠪᠢᠳᠠ ᠳᠡᠬᠡᠳᠤ ᠱᠠᠳᠤᠨ ᠤ | ᠰᠢᠢᠤᠨᠪᠤᠷᠢ ᠳᠤᠬᠢᠷᠠᠭᠤᠯᠭ᠎ᠠ ᠶᠤᠰᠤᠭᠠᠷ᠂ ᠲᠦᠪ ᠬᠤᠷᠢᠶᠠᠨ ᠤ ︽ᠳᠠᠪᠤᠨ ᠶᠡᠭᠡ ᠲᠦᠷᠤ ᠶᠢᠨ ᠪᠤᠳᠤᠯᠭ᠎ᠠ ᠶᠢᠨ | ᠳᠤᠯᠭᠠᠭᠤᠷᠢᠯᠠᠯ︾ ᠪᠤᠯᠤᠨ ︽ᠳᠠᠪᠤᠨ ᠶᠡᠭᠡ ᠡᠬᠦᠷᠬᠡ︾ ᠶᠢᠨ ᠱᠠᠭᠠᠷᠳᠠᠯᠭ᠎ᠠ ᠶᠢ ᠰᠠᠶᠢᠳᠤᠷ ᠨᠠᠶᠢᠳᠠᠪᠤᠷᠢᠵᠢᠭᠤᠯᠵᠤ᠂ | ᠬᠠᠩᠭᠠᠯᠭ᠎ᠠ ᠶᠢᠨ ᠳᠠᠯ᠎ᠠ ᠶᠢᠨ ᠪᠦᠳᠤᠴᠠ ᠶᠢᠨ ᠴᠢᠨᠠᠷᠳᠤ ᠦᠬᠡᠷᠡᠴᠢᠯᠠᠯᠳᠠ ᠶᠢ ᠠᠬᠢᠭᠤᠯᠤᠨ᠂ ᠭᠠᠵᠠᠷ ᠤᠷᠤᠨ ᠤ | ᠬᠦᠭᠵᠢᠯᠳᠠ ᠶᠢᠨ ᠬᠦᠳᠡᠯᠬᠡᠭᠴᠢ ᠬᠦᠴᠤᠨ᠂ ᠠᠮᠢᠳᠤᠯᠢᠭ ᠬᠦᠴᠤᠨ ᠪᠠ ᠦᠷᠢᠰᠬᠦ ᠬᠦᠴᠤᠨ ᠢ ᠦᠷᠬᠦᠯᠵᠢᠯᠡᠨ | ᠴᠢᠩᠭᠠᠤᠨᠬᠠᠵᠤ᠂ ︽ᠠᠷᠪᠠᠨ ᠭᠤᠷᠪᠠᠳᠤᠭᠠᠷ ᠳᠠᠪᠤᠨ ᠵᠢᠯ︾ ᠤᠨ ᠬᠦᠭᠵᠢᠯᠳᠠ ᠳᠤ ᠤᠬᠢ ᠰᠠᠶᠢᠨ ᠡᠬᠢᠯᠡᠯᠳᠠ ᠶᠢ | ᠪᠤᠢ ᠪᠣᠯᠭᠠᠨ᠎ᠠ᠃ | ᠪᠦᠬᠦ ᠬᠤᠰᠢᠭᠤᠨ ᠤ ᠠᠵᠤ ᠠᠬᠤᠢ ᠨᠠᠶᠢᠬᠡᠮ ᠤᠨ ᠬᠦᠭᠵᠢᠯᠳᠠ ᠶᠢᠨ ᠭᠤᠤᠯ ᠪᠤᠯᠬᠤ ᠵᠢᠱᠢᠭᠰᠡᠨ ᠬᠠᠷᠠᠯᠳᠠ᠄ | ᠭᠠᠵᠠᠷ ᠤᠷᠤᠨ ᠤ ᠤᠶᠢᠯᠡᠤᠨᠪᠤᠷᠢᠯᠡᠯ ᠤᠨ ᠶᠡᠷᠤᠩᠬᠡᠢ ᠦᠷᠳᠡᠭ ᠢ 8% ᠦᠰᠬᠡᠵᠤ᠂ 139 ᠳ᠋ᠦᠩᠰᠢᠭᠤᠷ | ᠲᠦᠬᠦᠷᠢᠭ ᠬᠦᠷᠬᠡᠨ᠎ᠠ︔ ᠳᠤᠭᠳᠠᠮᠠᠯ ᠬᠦᠷᠤᠩᠬᠡ ᠶᠢᠨ ᠪᠡᠯᠡ ᠤᠷᠤᠭᠤᠯᠤᠯᠳᠠ ᠶᠢ 15% ᠦᠰᠬᠡᠵᠤ᠂ 267 | ᠳ᠋ᠦᠩᠰᠢᠭᠤᠷ ᠲᠦᠬᠦᠷᠢᠭ ᠬᠦᠷᠬᠡᠨ᠎ᠠ︔ ᠨᠠᠶᠢᠳᠠ ᠶᠢᠨ ᠡᠳ᠋ ᠤᠨ ᠵᠠᠰᠠᠭ ᠤᠨ ᠲᠦᠰᠦᠪ ᠤᠨ ᠤᠷᠤᠯᠭ᠎ᠠ ᠶᠢ 8% | ᠦᠰᠬᠡᠵᠤ᠂ 17.3 ᠳ᠋ᠦᠩᠰᠢᠭᠤᠷ ᠲᠦᠬᠦᠷᠢᠭ ᠪᠡᠶᠡᠯᠡᠬᠦᠯᠤᠨ᠎ᠠ︔ ᠨᠠᠶᠢᠬᠡᠮ ᠤᠨ ᠬᠡᠷᠡᠭᠯᠡᠬᠡᠨ ᠤ ᠳᠠᠸᠠᠷ ᠤᠨ | ᠵᠢᠵᠢᠭᠯᠡᠨ ᠪᠤᠷᠤᠯᠠᠭᠤᠯᠤᠭᠰᠡᠨ ᠶᠡᠷᠤᠩᠬᠡᠢ ᠦᠷᠳᠡᠭ ᠢ 9% ᠦᠰᠬᠡᠵᠤ᠂ 22.2 ᠳ᠋ᠦᠩᠰᠢᠭᠤᠷ ᠲᠦᠬᠦᠷᠢᠭ | ᠪᠡᠶᠡᠯᠡᠬᠦᠯᠤᠨ᠎ᠠ︔ ᠬᠤᠳᠠ ᠬᠦᠳᠡᠭᠡ ᠶᠢᠨ ᠪᠠᠶᠢᠩᠭᠤ ᠶᠢᠨ ᠰᠠᠭᠤᠭᠠᠯᠢ ᠠᠷᠠᠤᠨ ᠤᠨ ᠬᠦᠮᠤᠨ ᠳᠤᠮᠳᠠᠴᠢᠯᠠᠭᠰᠡᠨ | ᠡᠵᠡᠮᠳᠠᠵᠤ ᠪᠤᠯᠬᠤ ᠤᠷᠤᠯᠭ᠎ᠠ ᠶᠢ 9% ᠪᠠ 11% ᠦᠰᠬᠡᠵᠤ᠂ ᠳᠤᠰᠪᠤᠷᠢ 38744 ᠲᠦᠬᠦᠷᠢᠭ ᠪᠠ | 16096 ᠲᠦᠬᠦᠷᠢᠭ ᠲᠤ ᠬᠦᠷᠬᠡᠨ᠎ᠠ᠃ | ᠳᠡᠬᠡᠷ᠎ᠠ ᠳᠤᠷᠠᠳᠤᠭᠰᠡᠨ ᠬᠠᠷᠠᠯᠳᠠ ᠶᠢ ᠪᠡᠶᠡᠯᠡᠬᠦᠯᠬᠦ ᠳᠤ᠂ ᠳᠤᠤᠷᠠᠬᠢ ᠵᠢᠷᠭᠤᠭᠠᠨ ᠳᠠᠯ᠎ᠠ ᠶᠢᠨ ᠠᠵᠢᠯ ᠢ ᠪᠦᠬᠦ | ᠬᠦᠴᠤᠨ ᠢᠶᠠᠷ ᠠᠤᠨᠬᠤᠬᠤ ᠬᠡᠷᠡᠭᠳᠠᠢ᠃ | ︵ᠨᠢᠬᠡ︶ ᠠᠵᠤ ᠤᠶᠢᠯᠡᠤᠨᠪᠤᠷᠢ ᠶᠢᠨ ᠠᠵᠤ ᠠᠬᠤᠢ ᠶᠢ ᠠᠬᠢᠭᠤᠯᠤᠨ ᠴᠢᠨᠠᠷ ᠢ ᠳᠡᠬᠡᠭᠰᠢᠯᠡᠬᠦᠯᠵᠤ ᠪᠦᠳᠤᠮᠵᠢ | ᠶᠢ ᠨᠡᠮᠡᠭᠳᠡᠬᠦᠯᠤᠨ᠎ᠠ᠃ ᠨᠢᠬᠡ ᠳᠤ ᠨᠡᠬᠦᠷᠡᠰᠤ ᠴᠠᠬᠢᠯᠭᠠᠨ ᠬᠢᠮᠢ ᠶᠢᠨ ᠲᠦᠷᠤᠯ ᠵᠦᠢᠯ ᠤᠨ ᠤᠷᠤᠨᠵᠢᠨ ᠪᠠᠷᠢᠯᠭ᠎ᠠ | ᠡᠬᠢᠯᠡᠬᠦ ᠶᠢ ᠪᠦᠬᠦ ᠬᠦᠴᠤᠨ ᠢᠶᠠᠷ ᠠᠬᠢᠭᠤᠯᠤᠨ᠎ᠠ᠃ ᠴᠠᠬᠢᠯᠭᠠᠨ ᠬᠦᠴᠤᠨ ᠤ ᠱᠤᠭᠤᠮ ᠤᠨ ᠪᠠᠶᠢᠭᠤᠯᠤᠯᠳᠠ ᠶᠢ | ᠠᠬᠢᠭᠤᠯᠵᠤ᠂ 5 ᠶᠡᠭᠡ ᠴᠠᠬᠢᠯᠭᠠᠨ ᠰᠤᠷᠪᠤᠯᠵᠢ ᠶᠢᠨ ᠴᠡᠭ ᠢ ᠲᠦᠪᠯᠡᠷᠡᠩᠬᠦᠢ ᠴᠤᠬᠤᠯᠠᠪᠤᠷᠢᠯᠠᠭᠤᠯᠵᠤ᠂ ᠴᠠᠬᠢᠯᠭᠠᠨ | ᠬᠦᠷᠬᠡᠯᠳᠠ ᠶᠢᠨ ᠬᠠᠮᠤᠭ ᠶᠡᠭᠡ ᠬᠡᠮᠵᠢᠶ᠎ᠡ ᠶᠢ ᠪᠠᠳᠤᠯᠠᠨ᠂ ᠴᠤᠭ ᠪᠠᠶᠢᠭᠤᠯᠵᠤ ᠠᠬᠢᠭᠤᠯᠤᠨ ᠤᠶᠢᠯᠡᠤᠨᠪᠤᠷᠢᠯᠡᠬᠦ ᠪᠠᠷ | ᠴᠢᠷᠮᠠᠶᠢᠨ᠎ᠠ᠃ ᠴᠢᠬᠤᠯᠠ ᠡᠯᠧᠮᠧᠨ᠋ᠲ ᠤᠨ ᠪᠤᠭᠤᠮᠢ ᠬᠢᠵᠠᠭᠠᠷᠯᠠᠯ ᠢ ᠰᠢᠪᠳᠤᠯᠤᠨ᠂ ᠬᠤᠸᠠ ᠰᠢᠩ ᠤᠨ ᠨᠡᠬᠦᠷᠡᠰᠤ ᠪᠠᠷ | ᠰᠢᠳᠠᠮᠠᠬᠠᠢ ᠬᠡᠢ ᠤᠶᠢᠯᠡᠤᠨᠬᠦ ᠲᠦᠷᠤᠯ ᠵᠦᠢᠯ ᠤᠨ ᠴᠤᠬᠤᠯᠠᠪᠤᠷᠢᠯᠠᠯ ᠢ ᠠᠬᠢᠭᠤᠯᠵᠤ᠂ 8 ᠰᠠᠷ᠎ᠠ ᠶᠢᠨ ᠡᠴᠣᠰ ᠠᠴᠠ | ᠡᠮᠤᠨ᠎ᠠ ᠴᠤᠬᠤᠯᠠᠪᠤᠷᠢᠯᠠᠭᠤᠯᠤᠨ ᠠᠵᠢᠯ ᠡᠬᠢᠯᠡᠨ᠎ᠠ᠃ ︽ᠨᠡᠬᠦᠷᠡᠰᠤ ᠴᠠᠬᠢᠯᠭᠠᠨ ᠢ ᠬᠤᠯᠪᠤᠭᠠᠯᠠᠨ ᠡᠷᠬᠢᠯᠡᠬᠦ᠂ | ᠨᠡᠭᠦᠷᠡᠰᠦᠨ ᠠᠵᠤ ᠠᠬᠤᠶᠢᠯᠡᠯ ᠬᠤᠯᠪᠤᠭᠠᠯᠠᠨ ᠡᠵᠡᠩᠨᠡᠬᠦ︾ ᠠᠯᠬᠤᠮ ᠢᠶᠠᠨ ᠲᠦᠷᠬᠡᠤᠨᠬᠡᠨ᠂ ᠨᠡᠬᠦᠷᠡᠰᠤᠨ ᠠᠭᠤᠷᠬᠠᠢ | ᠶᠢᠨ ᠴᠤᠬᠤᠯᠠᠪᠤᠷᠢᠯᠠᠯ ᠤᠨ ᠬᠢᠵᠠᠭᠠᠷᠯᠠᠯ ᠢ ᠰᠢᠪᠳᠤᠯᠵᠤ᠂ ᠨᠡᠬᠦᠷᠡᠰᠤ᠂ ᠴᠠᠬᠢᠯᠭᠠᠨ᠂ ᠬᠢᠮᠢ ᠶᠢᠨ ᠲᠦᠷᠤᠯ ᠵᠦᠢᠯ ᠤᠨ | ᠠᠭᠤᠰᠤᠯᠴᠠᠯ ᠨᠦᠬᠦᠪᠤᠷᠢᠯᠡᠯ ᠬᠦᠭᠵᠢᠯᠳᠠ ᠶᠢ ᠪᠡᠶᠡᠯᠡᠬᠦᠯᠵᠤ᠂ ᠪᠠᠶᠢᠭᠤᠯᠵᠤ ᠪᠠᠶᠢᠭ᠎ᠠ ᠨᠡᠬᠦᠷᠡᠰᠤᠨ ᠠᠭᠤᠷᠬᠠᠢ ᠶᠢᠨ | ᠶᠡᠷᠤᠩᠬᠡᠢ ᠬᠡᠪᠴᠢᠶᠡᠵᠢᠯ ᠢ 3500 ᠲᠦᠮᠡᠨ ᠳᠤᠨ ᠬᠦᠷᠬᠡᠨ᠂ ᠨᠡᠬᠦᠷᠡᠰᠤᠨ ᠭᠠᠷᠤᠯᠳᠠ ᠶᠢ 1500 ᠲᠦᠮᠡᠨ ᠳᠤᠨ | ᠬᠦᠷᠬᠡᠬᠦ ᠪᠠᠷ ᠴᠢᠷᠮᠠᠶᠢᠨ᠎ᠠ᠃ ᠴᠠᠬᠢᠯᠭᠠᠨ ᠬᠦᠷᠬᠡᠯᠳᠠ ᠶᠢᠨ ᠱᠤᠭᠤᠮ ᠤᠨ ᠪᠠᠭᠳᠠᠭᠠᠮᠵᠢ ᠶᠢ ᠦᠨᠳᠤᠰᠤᠯᠡᠨ ᠨᠢᠬᠡ | ᠪᠦᠯᠦᠭ ᠰᠢᠨ᠎ᠠ ᠡᠨᠧᠷᠬᠢ ᠶᠢᠨ ᠲᠦᠷᠤᠯ ᠵᠦᠢᠯ ᠢ ᠤᠷᠤᠨᠵᠢᠭᠤᠯᠵᠤ᠂ ᠤᠯᠠᠨ ᠳᠠᠯᠠᠳᠤ ᠬᠦᠭᠵᠢᠯᠳᠠ ᠲᠠᠢ ᠠᠵᠤ | ᠤᠶᠢᠯᠡᠰ ᠤᠨ ᠳᠤᠭᠳᠠᠯᠴᠠᠭ᠎ᠠ ᠶᠢ ᠪᠦᠷᠢᠯᠳᠤᠬᠦᠯᠤᠨ᠎ᠠ᠃ ᠬᠤᠶᠠᠷ ᠲᠤ ᠴᠢᠯᠠᠭᠤᠨ ᠳᠤᠰᠤ ᠰᠢᠳᠠᠮᠠᠬᠠᠢ ᠬᠡᠢ ᠶᠢᠨ ᠡᠬᠢ | ᠰᠤᠷᠪᠤᠯᠵᠢ ᠶᠢᠨ ᠨᠡᠬᠡᠬᠡᠯᠳᠠ ᠠᠰᠢᠭᠯᠠᠯᠳᠠ ᠶᠢ ᠠᠬᠢᠭᠤᠯᠤᠨ᠎ᠠ᠃ ᠱᠢ ᠳ᠋ᠠ ᠪᠤᠬᠢᠷᠳᠤᠯ ᠦᠬᠡᠢ ᠡᠨᠧᠷᠬᠢ ᠶᠢᠨ | ᠨᠢᠬᠡᠳᠤᠬᠡᠷ ᠬᠤᠭᠤᠴᠠᠭᠠᠨ ᠤ 20 ᠲᠦᠮᠡᠨ ᠳᠤᠨ LNG ᠶᠢᠨ ᠲᠦᠷᠤᠯ ᠵᠦᠢᠯ ᠢ ᠬᠡᠷᠡᠭᠯᠡᠯᠳᠠ ᠳᠤ ᠤᠷᠤᠭᠤᠯᠵᠤ | ᠂ ᠺᠧ ᠰᠧ ᠤᠨ 40 ᠲᠦᠮᠡᠨ ᠳᠤᠨ᠂ ᠶᠠ ᠬᠠᠢ ᠶᠢᠨ ᠨᠢᠬᠡᠳᠤᠬᠡᠷ ᠬᠤᠭᠤᠴᠠᠭᠠᠨ ᠤ 30 ᠲᠦᠮᠡᠨ ᠳᠤᠨ LNG | ᠶᠢᠨ ᠲᠦᠷᠤᠯ ᠵᠦᠢᠯ ᠢ ᠳᠤᠷᠰᠢᠨ ᠤᠶᠢᠯᠡᠤᠨᠪᠤᠷᠢᠯᠡᠬᠦ ᠨᠦᠬᠦᠴᠡᠯ ᠳᠤ ᠬᠦᠷᠭᠡᠨ᠎ᠡ᠃ ᠵᠠᠨᠠᠷ ᠤᠨ ᠬᠡᠢ᠂ ᠨᠡᠬᠦᠷᠡᠰᠤᠨ | ᠳᠡᠪᠬᠤᠷᠭ᠎ᠠ ᠶᠢᠨ ᠬᠡᠢ ᠵᠡᠷᠬᠡ ᠪᠠᠶᠢᠩᠭᠤ ᠶᠢᠨ ᠪᠤᠰᠤ ᠳᠤᠰᠤ ᠬᠡᠢ ᠶᠢᠨ ᠡᠬᠢ ᠰᠤᠷᠪᠤᠯᠵᠢ ᠶᠢᠨ ᠬᠠᠶᠢᠯᠳᠠ ᠨᠡᠬᠡᠬᠡᠯᠳᠠ | ᠶᠢ ᠲᠦᠷᠬᠡᠤᠨᠬᠡᠨ᠂ ᠬᠠᠶᠠᠭᠳᠠᠮᠠᠯ ᠰᠢᠪᠠᠷ ᠢ ᠦᠯᠤ ᠰᠠᠳᠠᠷᠠᠭᠠᠬᠤ ᠲᠦᠷᠤᠯ ᠵᠦᠢᠯ ᠤᠨ ᠪᠠᠶᠢᠭᠤᠯᠤᠯᠳᠠ ᠶᠢ | ᠠᠬᠢᠭᠤᠯᠵᠤ᠂ ᠠᠵᠤ ᠠᠬᠤᠢ ᠶᠢᠨ ᠨᠡᠮᠡᠭᠳᠡᠯ ᠤᠨ ᠰᠢᠨ᠎ᠠ ᠦᠰᠤᠯᠳᠠ ᠶᠢᠨ ᠴᠡᠭ ᠢ ᠪᠦᠷᠢᠯᠳᠤᠬᠦᠯᠤᠨ᠎ᠠ᠃ ᠳᠤᠰ ᠵᠢᠯ | ᠳᠤ ᠰᠢᠳᠠᠮᠠᠬᠠᠢ ᠬᠡᠢ ᠶᠢᠨ ᠭᠠᠷᠤᠯᠳᠠ ᠶᠢᠨ ᠬᠡᠮᠵᠢᠶ᠎ᠡ ᠶᠢ 65 ᠳ᠋ᠦᠩᠰᠢᠭᠤᠷ ᠺᠦᠪ ᠮᠧᠲᠷ ᠬᠦᠷᠬᠡᠨ᠎ᠠ᠃ ᠴᠠᠩ ᠴᠢᠩ | ᠤᠨ ᠰᠢᠳᠠᠮᠠᠬᠠᠢ ᠬᠡᠢ ᠰᠢᠢᠤᠨᠪᠤᠷᠢᠯᠡᠬᠦ ᠲᠦᠷᠪᠡᠳᠤᠬᠡᠷ ᠣᠶᠢᠯᠠᠳᠪᠦᠷᠢ ᠠᠴᠠ ᠤᠯᠵᠠᠴᠢ ᠶᠢᠨ ᠶᠡᠷᠤᠩᠬᠡᠶᠢᠯᠡᠭᠰᠡᠨ ᠠᠵᠤ | ᠤᠶᠢᠯᠡᠰ ᠤᠨ ᠬᠦᠷᠢᠶᠡᠯᠡᠩ ᠲᠤ ᠬᠡᠢ ᠬᠦᠷᠬᠡᠬᠦ ᠬᠤᠭᠤᠯᠠᠢ ᠶᠢᠨ ᠪᠠᠶᠢᠭᠤᠯᠤᠯᠳᠠ ᠶᠢ ᠲᠦᠷᠬᠡᠤᠨᠬᠡᠨ᠂ ᠬᠦᠷᠢᠶᠡᠯᠡᠩ | ᠳᠤᠭᠤᠷᠢᠭ ᠤᠨ ᠰᠢᠳᠠᠮᠠᠬᠠᠢ ᠬᠡᠢ ᠶᠢᠨ ︽ᠬᠤᠤᠰ ᠱᠤᠭᠤᠮ︾ ᠤᠨ ᠠᠮᠤᠷ ᠲᠦᠪᠰᠢᠨ ᠬᠠᠩᠭᠠᠯᠭ᠎ᠠ ᠶᠢ | ᠪᠦᠷᠢᠯᠳᠤᠬᠦᠯᠤᠨ᠎ᠠ᠃ ᠭᠤᠷᠪᠠ ᠳᠤ ᠬᠦᠷᠢᠶᠠᠯᠠᠩ ᠳᠤᠭᠤᠷᠢᠭ ᠤᠨ ᠰᠠᠭᠤᠷᠢ ᠲᠦᠬᠦᠷ ᠲᠦᠬᠦᠬᠡᠷᠤᠮᠵᠢ ᠶᠢ | ᠳᠡᠬᠦᠯᠳᠡᠷᠵᠢᠬᠦᠯᠤᠨ᠎ᠠ᠃ ᠱᠠᠩᠬᠠᠢ ᠶᠢᠨ ᠰᠦᠮ᠎ᠠ ᠠᠮᠢᠳᠤᠷᠠᠯ ᠤᠨ ᠳᠤᠭᠤᠷᠢᠭ ᠠᠴᠠ ᠴᠠᠬᠢᠯᠭᠠᠨ ᠤᠶᠢᠯᠡᠤᠨᠪᠤᠷᠢ | ᠬᠦᠷᠳᠡᠯᠡᠬᠢ 8.2 ᠺᠢᠯᠤᠮᠧᠲᠷ ᠤᠨ ᠨᠢᠬᠡᠳᠤᠬᠡᠷ ᠵᠡᠷᠬᠡ ᠶᠢᠨ ᠬᠦᠨᠳᠤ ᠠᠴᠢᠶᠠᠯᠠᠬᠤ ᠵᠠᠰᠠᠮᠠᠯ ᠵᠠᠮ ᠤᠨ ᠦᠷᠤᠬᠡᠰᠤᠨ | ᠴᠢᠭᠯᠡᠯ ᠢ ᠨᠢ ᠳᠡᠷᠬᠡ ᠨᠡᠪᠳᠡᠷᠡᠬᠦᠯᠵᠤ᠂ ᠱᠠᠩᠬᠠᠢ ᠶᠢᠨ ᠰᠦᠮ᠎ᠠ ᠶᠢᠨ ᠬᠦᠷᠢᠶᠠᠯᠠᠩ ᠳᠤᠭᠤᠷᠢᠭ ᠠᠴᠠ ᠬᠡᠤᠷᠡᠰᠤᠨ | ᠰᠢᠭᠠᠷᠤ ᠶᠢᠨ ᠳᠠᠯᠠᠪᠠᠢ ᠬᠦᠷᠬᠦ ᠵᠠᠮ ᠪᠠ ᠠᠮᠢᠳᠤᠷᠠᠯ ᠤᠨ ᠳᠤᠭᠤᠷᠢᠭ ᠠᠴᠠ ᠬᠦᠶᠤᠳᠠᠯ ᠨᠡᠶᠢᠤᠨᠬᠡᠬᠦ ᠦᠷᠳᠡᠭᠡ ᠬᠦᠷᠬᠦ | 84 ᠺᠢᠯᠤᠮᠧᠲᠷ ᠤᠨ ᠵᠠᠮ ᠢ ᠪᠠᠶᠢᠭᠤᠯᠤᠨ᠂ ᠴᠠᠩ ᠴᠢᠩ ᠭᠤᠷᠪᠠᠳᠤᠭᠠᠷ ᠨᠤᠮᠧᠷᠳᠤ ᠠᠭᠤᠷᠬᠠᠢ ᠠᠴᠠ ᠨᠢᠩᠰᠢᠶᠠ ᠶᠢᠨ | S203 ᠱᠤᠭᠤᠮ ᠬᠦᠷᠬᠦ ᠵᠠᠮ᠂ ᠤᠯᠵᠠᠴᠢ ᠶᠢᠨ ᠶᠡᠷᠤᠩᠬᠡᠶᠢᠯᠡᠭᠰᠡᠨ ᠠᠵᠤ ᠤᠶᠢᠯᠡᠰ ᠤᠨ ᠬᠦᠷᠢᠶᠠᠯᠠᠩ ᠠᠴᠠ | ᠤᠯᠵᠠᠴᠢ ᠪᠠᠯᠭᠠᠰᠤᠨ ᠳᠤᠭᠤᠷᠢᠭ ᠬᠦᠷᠬᠦ 16 ᠺᠢᠯᠤᠮᠧᠲᠷ ᠤᠨ ᠵᠠᠮ ᠢ ᠨᠡᠪᠳᠡᠷᠡᠬᠦᠯᠵᠤ᠂ 5 ᠴᠠᠬᠢᠯᠭᠠᠨ | ᠤᠶᠢᠯᠡᠤᠨᠪᠤᠷᠢ᠂ ᠬᠡᠤᠷᠡᠰᠤᠨ ᠰᠢᠭᠠᠷᠤ ᠶᠢᠨ ᠳᠠᠯᠠᠪᠠᠢ ᠶᠢᠨ ᠲᠦᠷ ᠴᠠᠭ ᠤᠨ ᠤᠰᠤ ᠬᠠᠩᠭᠠᠯᠭ᠎ᠠ᠂ ᠴᠠᠬᠢᠯᠭᠠᠨ | ᠬᠠᠩᠭᠠᠯᠭ᠎ᠠ᠂ ᠳᠠᠯᠠᠪᠠᠢ ᠳᠤ ᠤᠷᠤᠬᠤ ᠵᠠᠮ᠂ ᠴᠢᠮᠡᠭᠡ ᠬᠠᠷᠢᠯᠴᠠᠭᠠᠨ ᠤ ᠦᠷᠳᠡᠭᠡ ᠵᠡᠷᠬᠡ ᠰᠠᠭᠤᠷᠢ ᠪᠠᠶᠢᠭᠤᠯᠤᠯᠳᠠ ᠶᠢ | ᠡᠬᠢᠯᠡᠬᠦᠯᠤᠨ᠂ ᠳᠤᠰᠤ ᠨᠡᠮᠡᠬᠦ ᠦᠷᠳᠡᠭᠡ᠂ ᠬᠡᠢ ᠨᠡᠮᠡᠬᠦ ᠦᠷᠳᠡᠭᠡ᠂ ᠬᠠᠶᠢᠷ ᠤᠨ ᠳᠠᠯᠠᠪᠠᠢ ᠵᠡᠷᠬᠡ ᠳᠠᠭᠠᠯᠳᠠ ᠠᠵᠤ | ᠤᠶᠢᠯᠡᠰ ᠢ ᠳᠤᠬᠢᠷᠠᠮᠵᠢᠳᠠᠢ ᠪᠠᠶᠢᠷᠢᠯᠠᠭᠤᠯᠤᠨ᠂ ᠲᠦᠷᠤᠯ ᠵᠦᠢᠯ ᠤᠨ ᠡᠬᠢᠯᠡᠯᠳᠠ ᠳᠤ ᠨᠦᠬᠦᠴᠡᠯ ᠪᠦᠷᠢᠯᠳᠤᠬᠦᠯᠤᠨ᠎ᠠ᠃ | ᠤᠯᠵᠠᠴᠢ ᠪᠠᠯᠭᠠᠰᠤᠨ ᠤ ᠶᠡᠷᠤᠩᠬᠡᠶᠢᠯᠡᠭᠰᠡᠨ ᠠᠵᠤ ᠤᠶᠢᠯᠡᠰ ᠤᠨ ᠬᠦᠷᠢᠶᠡᠯᠡᠩ ᠤᠨ ᠬᠠᠶᠠᠭᠳᠠᠮᠠᠯ ᠤᠰᠤ ᠶᠢ | ᠴᠡᠪᠡᠷᠰᠢᠬᠦᠯᠤᠨ ᠬᠡᠷᠡᠭᠯᠡᠬᠦ ᠢᠨᠵᠧᠨᠧᠷᠢᠩ ᠢ ᠠᠬᠢᠭᠤᠯᠵᠤ᠂ ᠬᠦᠷᠢᠶᠡᠯᠡᠩ ᠳᠤᠭᠤᠷᠢᠭ ᠤᠨ ᠠᠴᠢᠶᠠᠯᠠᠮᠵᠢ ᠶᠢ | ᠴᠢᠩᠭᠠᠤᠨᠬᠠᠨ᠎ᠠ᠃ ᠲᠦᠷᠪᠠ ᠳᠤ ᠠᠷᠠᠯᠵᠢᠶᠠᠴᠢᠨ ᠤᠷᠢᠵᠤ ᠪᠡᠯᠡ ᠳᠠᠳᠠᠬᠤ ᠬᠦᠴᠤᠯᠡᠴᠠ ᠪᠠᠨ ᠦᠨᠡᠨᠬᠦ | ᠨᠡᠮᠡᠭᠳᠡᠬᠦᠯᠤᠨ᠎ᠠ᠃ ᠬᠤᠷᠸ᠎ᠠ ᠪᠤᠳᠤᠯᠭ᠎ᠠ ᠶᠢᠨ ᠬᠠᠨᠳᠤᠰᠢ ᠳᠤ ᠨᠠᠶᠢᠴᠠᠬᠦᠯᠤᠨ᠂ ᠨᠢᠬᠡᠨ ᠰᠢᠷᠢᠰ ᠶᠡᠭᠡ ᠲᠦᠷᠤᠯ ᠵᠦᠢᠯ | ᠳᠤ ᠳᠠᠭᠠᠯᠳᠤᠭᠤᠯᠤᠨ ᠬᠦᠭᠵᠢᠬᠦᠯᠬᠦ ᠳᠤᠮᠳᠠ ᠪᠠᠭ᠎ᠠ ᠲᠦᠷᠤᠯ ᠵᠦᠢᠯ ᠢ ᠢᠳᠡᠪᠬᠢᠳᠠᠢ ᠰᠡᠳᠤᠵᠤ᠂ ᠮᠠᠯ ᠳᠠᠷᠢᠶᠠᠯᠠᠩ | ᠤᠨ ᠠᠰᠢᠭ ᠰᠢᠮ᠎ᠠ ᠶᠢᠨ ᠡᠳ᠋ᠰᠢᠬᠦᠯᠤᠯ᠂ ᠰᠤᠶᠤᠯ᠂ ᠵᠢᠭᠤᠯᠴᠢᠯᠠᠯ᠂ ᠡᠷᠡᠬᠦᠯᠵᠢᠯ᠂ ᠪᠤᠳᠠᠰ ᠤᠨ ᠬᠦᠢᠯᠬᠡᠬᠡ ᠵᠡᠷᠬᠡ | ᠤᠳᠤ ᠦᠶ᠎ᠡ ᠶᠢᠨ ᠤᠶᠢᠯᠡᠴᠢᠯᠡᠬᠡᠨ ᠤ ᠲᠦᠷᠤᠯ ᠵᠦᠢᠯ ᠢ ᠬᠦᠭᠵᠢᠬᠦᠯᠤᠨ᠂ ᠰᠠᠭᠤᠷᠢ ᠲᠦᠬᠦᠬᠡᠷᠤᠮᠵᠢ ᠶᠢᠨ | ᠪᠠᠶᠢᠭᠤᠯᠤᠯᠳᠠ ᠪᠤᠯᠤᠨ ᠨᠠᠶᠢᠬᠡᠮ ᠤᠨ ᠠᠵᠢᠯ ᠤᠶᠢᠯᠡᠰ ᠤᠨ ᠲᠦᠷᠤᠯ ᠵᠦᠢᠯ ᠢ ᠠᠬᠢᠭᠤᠯᠵᠤ᠂ ︽ᠳᠤᠮᠤ ᠲᠦᠷᠤᠯ | ᠵᠦᠢᠯ ᠪᠠ ᠳᠤᠮᠳᠠ ᠪᠠᠭ᠎ᠠ ᠲᠦᠷᠤᠯ ᠵᠦᠢᠯ ᠤᠨ ᠡᠩ ᠬᠦᠭᠵᠢᠯᠳᠠ︾ ᠶᠢᠨ ᠳᠤᠭᠳᠠᠯᠴᠠᠭ᠎ᠠ ᠶᠢ ᠪᠦᠷᠢᠯᠳᠤᠬᠦᠯᠤᠨ᠎ᠠ᠃ | ︵ᠬᠤᠶᠠᠷ︶ ᠠᠷᠠᠤᠨ ᠤᠨ ᠠᠮᠢᠳᠤᠷᠠᠯ ᠤᠨ ᠬᠠᠷᠠᠭᠠᠯᠵᠠᠯ ᠤᠨ ᠦᠷ᠎ᠠ ᠠᠰᠢᠭ ᠢ ᠦᠷᠬᠦᠯᠵᠢᠯᠡᠨ ᠦᠷᠬᠡᠤᠨᠬᠡᠨᠠ᠃ | ᠦᠨᠤ ᠵᠢᠯ ᠠᠷᠠᠤᠨ ᠢ ᠬᠠᠷᠠᠭᠠᠯᠵᠠᠬᠤ ᠵᠢᠷᠭᠤᠭᠠᠨ ᠪᠤᠳᠠᠳᠤ ᠤᠴᠢᠷ ᠪᠦᠳᠦᠭᠡᠨ᠎ᠡ᠃ ᠨᠢᠬᠡ ᠳᠤ᠂ 6.5 ᠳ᠋ᠦᠩᠰᠢᠭᠤᠷ | ᠲᠦᠬᠦᠷᠢᠭ ᠤᠨ ᠪᠡᠯᠡ ᠣᠷᠣᠭᠤᠯᠣᠨ ᠬᠦᠳᠡᠭᠡ ᠶᠢᠨ ᠵᠠᠰᠠᠮᠠᠯ ᠵᠠᠮ ᠢ 560 ᠺᠢᠯᠤᠮᠧᠲᠷ ᠨᠡᠮᠡᠵᠤ᠂ ᠬᠤᠳᠠ ᠬᠦᠳᠡᠭᠡ᠂ | ᠭᠠᠴᠠᠭ᠎ᠠ ᠲᠣᠰᠬᠤᠨ᠂ ᠪᠠᠭ ᠬᠤᠷᠰᠢᠶ᠎ᠠ ᠶᠢ ᠬᠤᠯᠪᠣᠭᠰᠠᠨ ᠵᠠᠮ ᠱᠣᠭᠤᠮ ᠢ ᠨᠡᠪᠳᠡᠷᠡᠭᠦᠯᠵᠣ᠂ ᠭᠠᠴᠠᠭ᠎ᠠ ᠳᠤᠰᠬᠤᠨ | ᠤᠳ ᠤᠨ ᠴᠠᠷᠳᠠᠮᠠᠯ ᠵᠠᠮ ᠤᠨ ᠪᠦᠬᠦ ᠪᠦᠷᠬᠦᠴᠠ ᠶᠢ ᠪᠡᠶᠡᠯᠡᠬᠦᠯᠵᠤ᠂ ᠮᠠᠯᠵᠢᠬᠤ ᠳᠠᠷᠢᠶᠠᠯᠠᠬᠤ ᠤᠷᠤᠨ ᠤ ᠰᠠᠭᠤᠷᠢ | ᠲᠦᠬᠦᠬᠡᠷᠤᠮᠵᠢ ᠶᠢᠨ ᠳᠤᠳᠠᠭᠳᠠᠯ ᠢ ᠪᠦᠬᠦ ᠳᠠᠯ᠎ᠠ ᠪᠠᠷ ᠨᠦᠬᠦᠪᠤᠷᠢᠯᠡᠵᠤ᠂ ᠮᠠᠯᠴᠢᠨ ᠳᠠᠷᠢᠶᠠᠴᠢᠤᠨ ᠤᠨ ᠭᠠᠳᠠᠭᠰᠢ | ᠭᠠᠷᠬᠤ ᠪᠠ ᠮᠠᠯ ᠳᠠᠷᠢᠶᠠᠯᠠᠩ ᠤᠨ ᠪᠦᠳᠤᠬᠡᠭᠳᠡᠬᠦᠨ ᠤ ᠵᠦᠬᠡᠬᠡᠪᠤᠷᠢᠯᠠᠯᠳᠠ ᠶᠢᠨ ᠬᠦᠴᠢᠷ ᠠᠰᠠᠭᠤᠳᠠᠯ ᠢ ᠪᠦᠷᠢᠮᠤᠰᠤᠨ | ᠰᠢᠢᠤᠨᠪᠤᠷᠢᠯᠡᠨᠠ︔ ᠬᠤᠶᠠᠷ ᠲᠤ᠂ 8.63 ᠳ᠋ᠦᠩᠰᠢᠭᠤᠷ ᠲᠦᠬᠦᠷᠢᠭ ᠪᠡᠯᠡ ᠣᠷᠣᠭᠤᠯᠣᠨ 35 ᠺᠢᠯᠤᠸᠤᠯᠲ ᠤᠨ | ᠴᠠᠬᠢᠯᠭᠠᠨ ᠬᠤᠪᠢᠰᠬᠠᠬᠤ ᠦᠷᠳᠡᠭᠡ 1 ᠶᠢ ᠦᠬᠡᠷᠡᠴᠢᠯᠡᠨ ᠪᠠᠶᠢᠭᠤᠯᠵᠤ᠂ 110 ᠺᠢᠯᠤᠸᠤᠯᠲ ᠤᠨ ᠴᠠᠬᠢᠯᠭᠠᠨ | ᠬᠤᠪᠢᠰᠬᠠᠬᠤ ᠦᠷᠳᠡᠭᠡ 3 ᠨᠡᠮᠡᠨ ᠪᠠᠶᠢᠭᠤᠯᠵᠤ᠂ ᠴᠠᠬᠢᠯᠭᠠᠨ ᠬᠦᠷᠬᠡᠯᠳᠠ ᠶᠢᠨ ᠱᠤᠭᠤᠮ 682 ᠺᠢᠯᠤᠮᠧᠲᠷ ᠪᠤᠰᠬᠠᠨ | ᠂ ᠮᠠᠯᠵᠢᠬᠤ ᠳᠠᠷᠢᠶᠠᠯᠠᠬᠤ ᠤᠷᠤᠨ ᠤ ᠴᠠᠬᠢᠯᠭᠠᠨ ᠬᠦᠴᠤᠨ ᠤ ᠪᠠᠭᠳᠠᠭᠠᠮᠵᠢ ᠬᠦᠷᠤᠯᠴᠠᠬᠦ ᠦᠬᠡᠢ ᠪᠤᠶᠤ ᠴᠠᠬᠢᠯᠭᠠᠨ | ᠤᠳᠠᠰᠤ ᠮᠠᠭᠤᠳᠠᠭᠰᠡᠨ ᠬᠠᠭᠤᠴᠢᠷᠠᠭᠰᠡᠨ ᠠᠰᠠᠭᠤᠳᠠᠯ ᠢ ᠰᠢᠢᠤᠨᠪᠤᠷᠢᠯᠡᠨᠠ︔ ᠭᠤᠷᠪᠠ ᠳᠤ᠂ ᠤᠨᠴᠠᠯᠢᠭᠳᠤ ᠳᠠᠷᠢᠮᠠᠯ | ᠤᠨ ᠤᠶᠢᠯᠡᠰ ᠤᠨ ᠤᠷᠤᠨ ᠢ ᠵᠤᠬᠢᠰᠳᠠᠢ ᠬᠦᠭᠵᠢᠬᠦᠯᠤᠨ᠂ ︽ᠵᠢᠵᠢᠭ ᠬᠦᠯᠡᠮᠵᠢ︾ ᠪᠤᠯᠭᠠᠨ ᠳᠤ 5000 | ᠲᠦᠬᠦᠷᠢᠭ ᠤᠨ ᠨᠦᠬᠦᠪᠤᠷᠢ ᠤᠯᠭᠤᠨ᠎ᠠ︔ ᠠᠮᠢ ᠠᠬᠤᠶᠢᠴᠢ ᠮᠠᠯᠵᠢᠯ ᠤᠨ ᠤᠶᠢᠯᠡᠰ ᠪᠠ ᠤᠨᠴᠠᠯᠢᠭᠳᠤ ᠳᠡᠵᠢᠬᠡᠨ | ᠦᠷᠡᠵᠢᠬᠦᠯᠬᠦ ᠤᠶᠢᠯᠡᠰ ᠤᠨ ᠤᠷᠤᠨ ᠢ ᠵᠤᠬᠢᠰᠳᠠᠢ ᠬᠦᠭᠵᠢᠬᠦᠯᠤᠨ᠂ ᠳᠡᠵᠢᠬᠡᠨ ᠦᠷᠡᠵᠢᠬᠦᠯᠬᠦ ᠬᠠᠰᠢᠶ᠎ᠠ ᠰᠠᠷᠠᠪᠴᠢ | ᠶᠢᠨ ᠪᠠᠶᠢᠭᠤᠯᠤᠯᠳᠠ ᠳᠤ 5000 ᠲᠦᠬᠦᠷᠢᠭ ᠤᠨ ᠨᠦᠬᠦᠪᠤᠷᠢ ᠣᠯᠭᠤᠵᠣ᠂ ᠮᠠᠯ ᠲᠠᠷᠢᠶᠠᠯᠠᠩ ᠤᠨ ᠠᠵᠣ ᠣᠶᠢᠯᠠᠰ | ᠤᠨ ᠪᠦᠳᠦᠴᠡ ᠶᠢᠨ ᠲᠣᠭᠢᠷᠠᠭᠤᠯᠣᠯᠳᠠ ᠶᠢ ᠠᠬᠢᠭᠤᠯᠵᠣ᠂ ᠮᠠᠯᠴᠢᠨ ᠲᠠᠷᠢᠶᠠᠴᠢᠳ ᠤᠨ ᠣᠷᠣᠯᠭ᠎ᠠ ᠶᠢᠨ ᠨᠡᠮᠡᠭᠳᠡᠯ ᠢ | ᠠᠬᠢᠭᠤᠯᠣᠨ᠎ᠠ︔ ᠲᠦᠷᠪᠡ ᠳᠤ᠂ 300 ᠲᠦᠮᠡᠨ ᠲᠦᠬᠦᠷᠢᠭ ᠤᠨ ᠬᠦᠨᠳᠤ ᠡᠪᠡᠤᠨᠴᠢᠨ ᠤ ᠠᠪᠤᠷᠠᠨ ᠳᠤᠰᠠᠯᠠᠯᠳᠠ | ᠶᠢᠨ ᠨᠦᠬᠦᠪᠤᠷᠢ ᠶᠢᠨ ᠰᠠᠭᠤᠷᠢ ᠮᠦᠩᠬᠦ ᠳᠤᠬᠢᠷᠠᠭᠤᠯᠵᠤ᠂ ᠡᠪᠡᠤᠨᠴᠢᠨ ᠠᠴᠠ ᠪᠤᠯᠵᠤ ᠶᠠᠳᠠᠭᠤᠷᠠᠭᠰᠡᠨ ᠪᠤᠶᠤ ᠳᠠᠬᠢᠨ | ᠶᠠᠳᠠᠭᠤᠷᠠᠭᠰᠡᠨ ᠬᠡᠷ ᠪᠦᠯᠢ ᠳᠤ ᠦᠨᠡᠨᠬᠦ ᠳᠤᠰᠠᠯᠠᠮᠵᠢ ᠦᠵᠡᠬᠦᠯᠤᠨ᠎ᠠ︔ ᠳᠠᠪᠤ ᠳᠤ᠂ ᠮᠠᠯᠵᠢᠬᠤ ᠳᠠᠷᠢᠶᠠᠯᠠᠬᠤ ᠤᠷᠤᠨ | ᠤ ᠰᠢᠳᠠᠮᠠᠬᠠᠢ ᠬᠡᠢ ᠨᠡᠪᠳᠡᠷᠡᠬᠦᠯᠬᠦ ᠢᠨᠵᠧᠨᠧᠷᠢᠩ ᠢ ᠬᠡᠷᠡᠭᠵᠢᠬᠦᠯᠤᠨ᠂ ᠬᠦᠳᠡᠭᠡ ᠤᠷᠤᠨ ᠤ ᠬᠦᠮᠤᠨ ᠠᠮᠠ | ᠬᠠᠷᠢᠴᠠᠩᠭᠤᠢ ᠲᠦᠪᠯᠡᠷᠡᠭᠰᠡᠨ ᠤᠷᠤᠨ ᠳᠤ ᠠᠶᠢᠯ ᠪᠤᠯᠭᠠᠨ ᠰᠢᠳᠠᠮᠠᠬᠠᠢ ᠬᠡᠢ ᠨᠡᠪᠳᠡᠷᠡᠬᠦᠯᠤᠨ᠎ᠠ᠃ ᠵᠢᠷᠭᠤᠭ᠎ᠠ ᠳᠤ᠂ ︽ | ᠳᠤᠭᠠᠴᠠᠯᠠᠯᠳᠠ ᠪᠠᠷ ᠠᠷᠠᠤᠨ ᠲᠤ ᠲᠦᠬᠦᠮ ᠦᠵᠡᠬᠦᠯᠬᠦ︾ ᠢᠨᠵᠧᠨᠧᠷᠢᠩ ᠢ ᠬᠡᠷᠡᠭᠵᠢᠬᠦᠯᠵᠤ᠂ ᠷᠠᠳᠢᠤ᠋ ᠲᠦᠬᠦᠬᠡᠷᠤᠮᠵᠢ | ᠂ ᠨᠡᠬᠦᠳᠡᠯ ᠬᠤᠯᠪᠤᠭ᠎ᠠ᠂ ᠳᠤᠭᠠᠴᠠᠯᠭᠭᠰᠡᠨ ᠬᠤᠯᠪᠤᠭᠠᠨ ᠤ ᠳᠤᠬᠢᠶᠠᠨ ᠦᠷᠳᠡᠭᠡ ᠶᠢ ᠵᠤᠬᠢᠰᠳᠠᠢ ᠪᠠᠶᠢᠷᠢᠯᠠᠭᠤᠯᠵᠤ᠂ | ᠤᠯᠵᠠᠴᠢ ᠪᠠᠯᠭᠠᠰᠤ ᠪᠠ ᠱᠠᠩᠬᠠᠢ ᠶᠢᠨ ᠰᠦᠮ᠎ᠠ ᠪᠠᠯᠭᠠᠰᠤᠨ ᠳᠤᠭᠤᠷᠢᠭ ᠤᠨ ᠲᠦᠯᠤᠪᠤᠷᠢ ᠦᠬᠡᠢ WIFI ᠶᠢᠨ | ᠪᠦᠷᠬᠦᠴᠠ ᠶᠢ ᠪᠡᠶᠡᠯᠡᠬᠦᠯᠵᠤ᠂ ᠬᠦᠳᠡᠭᠡ ᠶᠢᠨ ᠭᠠᠷ ᠤᠳᠠᠰᠤᠨ ᠤ ᠳᠤᠬᠢᠶᠠᠨ ᠳᠡᠮᠳᠡᠭ ᠪᠤᠯᠤᠨ ᠦᠷᠬᠡᠨ ᠪᠦᠰᠡᠳᠤ | ᠰᠦᠯᠵᠢᠶ᠎ᠡ᠂ ᠷᠠᠳᠢᠤ᠋ ᠲᠧᠯᠸᠢᠰ ᠤᠨ ᠳᠤᠬᠢᠶ᠎ᠠ ᠳᠡᠮᠳᠡᠭ ᠤᠨ ᠪᠦᠷᠬᠦᠴᠠ ᠶᠢ ᠪᠡᠶᠡᠯᠡᠬᠦᠯᠤᠨ᠎ᠠ᠃ | ᠵᠢᠷᠭᠤᠭᠠᠨ ᠶᠡᠭᠡ ᠠᠷᠠᠤᠨ ᠤᠨ ᠠᠮᠢᠳᠤᠷᠠᠯ ᠤᠨ ᠢᠨᠵᠧᠨᠧᠷᠢᠩ ᠢ ᠰᠠᠶᠢᠳᠤᠷ ᠬᠢᠨ᠎ᠠ᠃ ᠨᠢᠬᠡ ᠳᠤ᠂ ︽ᠠᠷᠪᠠ | ᠶᠢ ᠨᠠᠶᠢᠳᠠᠮ ᠪᠡᠶᠡᠯᠡᠬᠦᠯᠬᠦ︾ ᠢᠨᠵᠧᠨᠧᠷᠢᠩ ᠢ ᠴᠢᠨᠠᠷᠯᠢᠭ ᠪᠡᠶᠡᠯᠡᠬᠦᠯᠤᠨ᠎ᠠ᠃ 15 ᠳ᠋ᠦᠩᠰᠢᠭᠤᠷ ᠲᠦᠬᠦᠷᠢᠭ ᠪᠡᠯᠡ | ᠤᠷᠤᠭᠤᠯᠤᠨ ᠪᠦᠬᠦ ᠭᠠᠴᠠᠭ᠎ᠠ ᠳᠤᠰᠬᠤᠨ ᠪᠠ ᠠᠶᠢᠯ ᠡᠷᠤᠬᠡ ᠬᠦᠷᠳᠡᠯ᠎ᠡ ᠨᠠᠶᠢᠳᠠᠪᠤᠷᠢᠵᠢᠭᠤᠯᠵᠤ᠂ ᠵᠢᠷᠭᠤᠭ᠎ᠠ ᠶᠢ | ᠴᠤᠭᠴᠠᠵᠢᠭᠤᠯᠬᠤ᠂ ᠭᠤᠷᠪᠠᠨ ᠪᠠᠶᠢᠭᠤᠯᠤᠯᠳᠠ ᠶᠢ ᠨᠢᠬᠡᠳᠤᠯᠳᠠᠢ ᠠᠬᠢᠭᠤᠯᠤᠨ᠂ ᠮᠠᠯ ᠳᠠᠷᠢᠶᠠᠯᠠᠩ ᠢ | ᠬᠦᠴᠤᠷᠬᠡᠭᠵᠢᠬᠦᠯᠵᠤ᠂ ᠮᠠᠯᠴᠢᠨ ᠳᠠᠷᠢᠶᠠᠴᠢᠤᠨ ᠢ ᠪᠠᠶᠠᠵᠢᠭᠤᠯᠤᠨ᠂ ᠮᠠᠯᠵᠢᠬᠤ ᠳᠠᠷᠢᠶᠠᠯᠠᠬᠤ ᠤᠷᠤᠨ ᠢ | ᠭᠤᠶᠤᠵᠢᠭᠤᠯᠤᠨ᠎ᠠ᠃ ᠲᠤᠰ ᠵᠢᠯ ᠳᠤ 4763 ᠬᠠᠭᠤᠴᠢᠨ ᠭᠡᠷ ᠪᠠᠶᠢᠰᠢᠩ ᠢ ᠥᠭᠡᠷᠡᠴᠢᠯᠡᠵᠥ᠂ 757 ᠺᠢᠯᠤᠮᠧᠲᠷ | ᠵᠡᠭᠡᠯᠢ ᠭᠤᠳᠤᠮᠵᠢ ᠶᠢ ᠨᠢᠭᠳᠠᠰᠢᠭᠤᠯᠤᠨ᠂ 1.85 ᠲᠥᠮᠡᠨ ᠭᠥᠮᠥᠨ ᠠᠮᠠ ᠶᠢᠨ ᠠᠶᠤᠯᠭᠦᠢ ᠤᠰᠤ ᠤᠮᠳᠠ ᠶᠢᠨ | ᠠᠰᠠᠭᠤᠳᠠᠯ ᠢ ᠰᠢᠢᠳᠪᠥᠷᠢᠯᠡᠨ᠎ᠡ᠃ ᠡᠷᠡᠭᠦᠯ ᠬᠠᠮᠠᠭᠠᠯᠠᠯ ᠤᠨ ᠲᠠᠰᠤᠭ᠂ ᠰᠤᠶᠤᠯ ᠤᠨ ᠥᠷᠥᠭᠡ᠂ ᠠᠷᠠᠳ ᠲᠤ | ᠲᠥᠭᠦᠮ ᠥᠵᠡᠭᠦᠯᠭᠦ ᠲᠡᠯᠭᠡᠭᠦᠷ᠂ ᠨᠡᠶᠢᠭᠡᠮ ᠤᠨ ᠪᠠᠳᠤᠯᠠᠭ᠎ᠠ ᠶᠢᠨ ᠢᠨᠵᠧᠨᠧᠷᠢᠩ ᠢ ᠨᠢᠭᠡᠳᠥᠯᠳᠡᠢ ᠲᠥᠯᠥᠪᠵᠢᠭᠦᠯᠥᠨ | ᠰᠠᠶᠢᠳᠤᠷ ᠬᠢᠵᠥ᠂ ᠪᠠᠶᠢᠭᠤᠯᠤᠭᠰᠠᠨ ᠤ ᠲᠠᠷᠠᠭ᠎ᠠ ᠬᠠᠮᠠᠭᠠᠯᠠᠬᠤ ᠲᠠᠭᠠᠭᠠᠮᠠᠭᠠᠢ ᠲᠤᠭᠳᠠᠴᠠ ᠶᠢ ᠢᠳᠡᠪᠬᠢᠳᠡᠢ | ᠡᠷᠢᠯᠬᠢᠯᠡᠵᠥ᠂ ᠢᠨᠵᠧᠨᠧᠷᠢᠩ ᠪᠠᠶᠢᠭᠤᠯᠤᠭᠳᠠᠪᠠᠯ ᠤᠷᠳᠤ ᠬᠤᠭᠤᠴᠠᠭ᠎ᠠ ᠪᠠᠷ ᠠᠰᠢᠭ ᠭᠥᠷᠳᠡᠭᠦ ᠶᠢ ᠪᠠᠳᠤᠯᠠᠨ᠎ᠠ᠃ | ᠬᠤᠶᠠᠷ ᠲᠤ᠂ ᠶᠠᠳᠠᠭᠤ ᠠᠴᠠ ᠠᠩᠬᠢᠵᠢᠷᠠᠭᠤᠯᠬᠤ ᠠᠵᠢᠯ ᠢ ᠪᠡᠶᠡᠯᠡᠬᠦᠯᠤᠨ᠎ᠠ᠃ ᠰᠠᠭᠤᠷᠢ ᠨᠥᠭᠦᠴᠡᠯ ᠪᠠᠷᠤᠭᠳᠠᠢ ᠠᠵᠤ | ᠥᠢᠯᠡᠰ ᠭᠥᠭᠵᠢᠭᠦᠯᠭᠦ ᠳᠤ ᠲᠤᠬᠢᠷᠠᠮᠵᠢ ᠥᠭᠡᠢ ᠭᠠᠵᠠᠷ ᠤᠷᠤᠨ ᠤ 763 ᠭᠥᠮᠥᠨ ᠢ ᠰᠢᠯᠵᠢᠭᠦᠯᠵᠥ᠂ ᠭᠠᠵᠠᠷ | ᠰᠢᠯᠵᠢᠬᠦᠯᠤᠨ ᠨᠡᠭᠦᠯᠭᠡᠵᠥ ᠶᠠᠳᠠᠭᠤ ᠠᠴᠠ ᠠᠩᠬᠢᠵᠢᠷᠠᠭᠤᠯᠤᠨ᠎ᠠ︔ ᠭᠠᠵᠠᠷ ᠪᠠᠶᠢᠷᠢᠰᠢᠯ ᠤᠨ ᠨᠥᠭᠦᠴᠡᠯ ᠵᠥᠭᠡᠷ | ᠪᠥᠭᠡᠳ ᠭᠥᠭᠵᠢᠯᠳᠡ ᠶᠢᠨ ᠰᠠᠨᠠᠭᠠᠴᠢᠯᠠᠭ᠎ᠠ ᠲᠠᠢ ᠶᠠᠳᠠᠭᠤ ᠭᠥᠴᠢᠷᠳᠡᠯ ᠲᠠᠢ ᠡᠷᠥᠭᠡ ᠳᠤ ᠮᠥᠩᠭᠦᠨ ᠭᠥᠢᠯᠭᠡᠭᠡ | ᠲᠥᠷᠥᠯ ᠵᠥᠢᠯ ᠤᠨ ᠲᠡᠮᠵᠢᠯᠭᠡ ᠶᠢ ᠨᠡᠮᠡᠭᠳᠡᠭᠦᠯᠵᠥ᠂ ᠤᠨᠴᠠᠯᠢᠭᠳᠤ ᠠᠵᠤ ᠥᠢᠯᠡᠰ ᠢ ᠨᠢ ᠬᠠᠪᠰᠤᠷᠤᠨ ᠭᠥᠭᠵᠢᠭᠦᠯᠵᠥ | ᠂ ᠡᠷᠥᠭᠡ ᠪᠤᠯᠭᠠᠨ ᠳᠤ ᠤᠷᠤᠯᠭ᠎ᠠ ᠨᠡᠮᠡᠭᠦ ᠲᠥᠷᠥᠯ ᠵᠥᠢᠯ ᠲᠠᠢ ᠪᠤᠯᠭᠠᠵᠤ᠂ ᠠᠵᠤ ᠥᠢᠯᠡᠰ ᠤᠨ ᠭᠥᠭᠵᠢᠭᠦᠯᠥᠯᠳᠡ | ᠪᠠᠷ ᠶᠠᠳᠠᠭᠤ ᠠᠴᠠ ᠠᠩᠬᠢᠵᠢᠷᠠᠭᠤᠯᠤᠨ᠎ᠠ︔ ᠲᠤᠤᠷ᠎ᠠ ᠪᠠᠳᠤᠯᠠᠭ᠎ᠠ ᠶᠢᠨ ᠭᠥᠷᠢᠶ᠎ᠡ ᠬᠡᠪᠴᠢᠶᠡᠨ ᠳᠤ ᠥᠯᠥ ᠪᠠᠭᠳᠠᠬᠤ | ᠶᠠᠳᠠᠭᠤ ᠭᠥᠴᠢᠷᠳᠡᠯ ᠲᠠᠢ ᠡᠷᠥᠭᠡ ᠶᠢᠨ ᠬᠡᠥᠭᠡᠳ ᠲᠤᠮᠳᠠ ᠲᠡᠭᠡᠳᠤ ᠵᠡᠷᠭᠡ ᠶᠢᠨ ᠠᠵᠢᠯ ᠮᠡᠷᠭᠡᠵᠢᠯ ᠤᠨ ᠰᠤᠷᠭᠠᠨ | ᠭᠥᠮᠥᠵᠢᠯ ᠭᠥᠷᠳᠡᠪᠡᠯ ᠲᠡᠮᠵᠢᠵᠥ᠂ ᠰᠤᠷᠭᠠᠨ ᠭᠥᠮᠥᠵᠢᠯ ᠡᠮ ᠡᠮᠨᠡᠯᠭᠡ ᠪᠠᠷ ᠶᠠᠳᠠᠭᠤ ᠠᠴᠠ ᠠᠩᠬᠢᠵᠢᠷᠠᠭᠤᠯᠤᠨ᠎ᠠ᠃ | ᠤᠶᠤᠨ ᠤ ᠰᠠᠭᠠᠳ ᠲᠠᠢ ᠤᠨᠴᠠ ᠭᠥᠴᠢᠷᠳᠡᠯᠳᠤ ᠡᠳᠡᠭᠡᠳ ᠢ ᠲᠤᠤᠷ᠎ᠠ ᠪᠠᠳᠤᠯᠠᠭ᠎ᠠ ᠳᠤ ᠤᠷᠤᠭᠤᠯᠵᠥ᠂ ᠨᠡᠶᠢᠭᠡᠮ | ᠤᠨ ᠨᠠᠭᠠᠳᠤ ᠵᠠᠬ᠎ᠠ ᠶᠢᠨ ᠪᠠᠳᠤᠯᠠᠭ᠎ᠠ ᠶᠢ ᠭᠡᠷᠡᠭᠵᠢᠭᠦᠯᠥᠨ᠎ᠡ᠃ ︽ᠪᠥᠭᠦ ᠬᠤᠰᠢᠭᠤᠨ ᠤ ᠶᠠᠳᠠᠭᠤ ᠠᠴᠠ | ᠠᠩᠬᠢᠵᠢᠷᠠᠭᠤᠯᠬᠤ ᠰᠢᠪᠳᠤᠯᠤᠯᠳᠠ ᠶᠢᠨ ᠭᠡᠷᠡᠭᠵᠢᠭᠦᠯᠭᠦ ᠲᠥᠰᠥᠯ︾ ᠢ ᠲᠤᠭᠳᠠᠭᠠᠨ᠂ ᠨᠠᠷᠢᠯᠢᠭ ᠤᠨᠤᠪᠴᠢᠳᠠᠢ ᠪᠠᠷ | ᠰᠢᠯᠭᠠᠨ ᠲᠤᠭᠳᠠᠭᠠᠵᠤ ᠬᠠᠷᠠᠯᠳᠠ ᠲᠠᠢ ᠪᠠᠷ ᠲᠡᠳᠭᠦᠵᠥ᠂ ᠵᠢᠯ ᠲᠤᠳᠤᠷ᠎ᠠ 1122 ᠭᠥᠮᠥᠨ ᠢ ᠶᠠᠳᠠᠭᠤ ᠠᠴᠠ | ᠠᠩᠬᠢᠵᠢᠷᠠᠭᠤᠯᠤᠨ᠎ᠠ᠃ ᠭᠤᠷᠪᠠ ᠳᠤ ᠠᠵᠢᠯ ᠤᠯᠭᠤᠨ ᠠᠷᠠᠳ ᠢ ᠬᠠᠷᠠᠭᠠᠯᠵᠠᠬᠤ ᠢᠨᠵᠧᠨᠧᠷᠢᠩ ᠢ | ᠬᠦᠨᠵᠡᠬᠡᠶᠢᠷᠡᠬᠦᠯᠤᠨ᠎ᠠ᠃ ᠠᠵᠤ ᠠᠬᠤᠶᠢᠯᠠᠯ ᠢ ᠵᠤᠷᠢᠭᠵᠢᠭᠤᠯᠤᠨ ᠠᠵᠢᠯ ᠤᠯᠭᠤᠬᠤ ᠠᠷᠭ᠎ᠠ ᠲᠤᠭᠳᠠᠭᠠᠵᠤ᠂ | ᠲᠤᠭᠳᠠᠮᠠᠯ ᠨᠠᠶᠢᠳᠠᠨ ᠪᠤᠯᠪᠠᠰᠤᠷᠠᠭᠤᠯᠬᠤ ᠪᠠᠶᠢᠭᠤᠯᠤᠮᠵᠢ ᠶᠢ ᠡᠷᠢᠯᠬᠢᠯᠡᠨ ᠪᠠᠶᠢᠭᠤᠯᠵᠤ᠂ ᠤᠳᠤᠭ ᠤᠨ ᠡᠮᠥᠨᠡᠳᠥ | ᠬᠤᠰᠢᠭᠤᠨ ᠤ ᠡᠷᠥᠭᠡ ᠠᠮᠠ ᠲᠠᠢ ᠨᠠᠩ ᠤᠯᠠᠨ ᠲᠡᠭᠡᠳᠤ ᠲᠤᠮᠳᠠᠳᠤ ᠲᠤᠰᠬᠠᠢ ᠮᠡᠷᠭᠡᠵᠢᠯ ᠤᠨ ᠰᠤᠷᠭᠠᠭᠤᠯᠢ | ᠲᠡᠭᠦᠰᠥᠭᠰᠡᠳ ᠤᠨ ᠠᠵᠤ ᠠᠬᠤᠶᠢᠯᠠᠯ ᠠᠵᠤ ᠥᠢᠯᠡᠰ ᠲᠤ ᠵᠢᠳᠭᠦᠵᠥ ᠠᠵᠢᠯ ᠤᠯᠬᠤ ᠶᠢ ᠪᠠᠳᠤᠯᠠᠨ᠎ᠠ᠃ ᠰᠤᠶᠤᠯ | ᠤᠨ ᠠᠵᠤ ᠤᠶᠢᠯᠡᠰ ᠤᠨ ᠬᠦᠷᠢᠶᠡᠯᠡᠩ ᠢ ︽ᠬᠤᠤᠰ ᠪᠦᠳᠤᠬᠡᠯᠳᠠ︾ ᠶᠢᠨ ᠳᠠᠭᠤᠷᠢᠶᠠᠯ ᠰᠠᠭᠤᠷᠢᠨ ᠪᠤᠯᠭᠠᠵᠤ᠂ | 200 ᠠᠴᠠ ᠳᠡᠬᠡᠭᠰᠢ ᠬᠤᠳᠠᠯᠳᠤᠭᠠᠨ ᠤ ᠡᠷᠤᠬᠡ ᠤᠷᠤᠭᠤᠯᠬᠤ ᠪᠠᠷ ᠴᠢᠷᠮᠠᠶᠢᠵᠤ᠂ ᠠᠷᠠᠯᠵᠢᠶᠠᠴᠢᠨ ᠤᠷᠢᠵᠤ ᠪᠡᠯᠡ | ᠳᠠᠳᠠᠬᠤ ᠬᠡᠪᠴᠢᠶᠡᠵᠢᠯ ᠢ 1.5 ᠳ᠋ᠦᠩᠰᠢᠭᠤᠷ ᠲᠦᠬᠦᠷᠢᠭ ᠲᠤ ᠬᠦᠷᠬᠡᠨ᠂ 2000 ᠲᠥᠮᠡᠨ ᠲᠥᠭᠦᠷᠢᠭ ᠤᠨ ᠪᠠᠭ᠎ᠠ | ᠲᠤᠭᠠᠨ ᠤ ᠲᠠᠭᠠᠭᠠᠯᠳᠠᠳᠤ ᠵᠢᠭᠡᠯᠡᠯᠭᠡ ᠶᠢ ᠲᠠᠯᠪᠢᠵᠤ᠂ ᠡᠬᠡᠯ ᠠᠷᠠᠤᠨ ᠤᠶᠢᠯᠡᠰ ᠪᠦᠳᠤᠬᠡᠬᠦ᠂ ᠪᠠᠭ᠎ᠠ ᠰᠢᠨᠠᠴᠢᠯᠠᠯᠳᠠ | ᠪᠦᠳᠤᠬᠡᠯᠳᠠ ᠡᠬᠦᠤᠨᠬᠦ ᠶᠢ ᠳᠠᠮᠵᠢᠵᠤ᠂ ︽ᠪᠠᠭ᠎ᠠ ᠦᠮᠴᠢᠳᠠᠨ︾ ᠢ ᠬᠦᠮᠤᠵᠢᠬᠦᠯᠬᠦ᠂ ᠳᠤᠮᠳᠠ ᠪᠠᠭ᠎ᠠ ᠠᠵᠤ | ᠠᠬᠤᠶᠢᠯᠠᠯ ᠪᠦᠯᠬᠦᠮ ᠪᠠᠶᠢᠭᠤᠯᠬᠤ ᠢᠨᠵᠧᠨᠧᠷᠢᠩ ᠢ ᠬᠡᠷᠡᠭᠵᠢᠬᠦᠯᠵᠤ᠂ ᠳᠠᠶᠠᠭᠠᠷ ᠤᠯᠠᠨ ᠢᠶᠠᠷ ᠢᠶᠠᠨ ᠤᠶᠢᠯᠡᠰ | ᠪᠤᠰᠬᠠᠵᠤ ᠰᠢᠨᠡᠴᠢᠯᠠᠯᠳᠠ ᠬᠢᠬᠦ ᠦᠷᠨᠢᠯᠳᠠ ᠶᠢ ᠪᠤᠢ ᠪᠤᠯᠭᠠᠨ᠎ᠠ᠃ ᠤᠨᠴᠠᠭᠠᠢ ᠭᠥᠴᠢᠷᠳᠡᠯ ᠲᠠᠢ ᠭᠥᠮᠥᠰ ᠤᠨ ᠠᠵᠢᠯ | ᠤᠯᠭᠤᠯᠳᠠ ᠶᠢᠨ ᠪᠠᠳᠤᠯᠠᠭ᠎ᠠ ᠶᠢᠨ ᠠᠵᠢᠯ ᠢ ᠬᠢᠨᠠᠮᠠᠭᠠᠢ ᠬᠢᠵᠥ᠂ ᠠᠵᠢᠯ ᠲᠠᠢ ᠭᠥᠮᠥᠨ ᠥᠭᠡᠢ ᠭᠡᠷ ᠪᠥᠯᠢ ᠶᠢᠨ ᠠᠵᠢᠯ | ᠤᠯᠤᠯᠳᠠ ᠶᠢ ᠪᠠᠳᠤᠯᠠᠨ᠎ᠠ᠃ ᠳᠤᠰ ᠵᠢᠯ ᠳᠤ ᠬᠤᠳᠠ ᠪᠠᠯᠭᠠᠰᠤᠨ ᠳᠤ ᠰᠢᠨ᠎ᠠ ᠪᠠᠷ 1100 ᠬᠦᠮᠤᠨ ᠳᠤ ᠠᠵᠢᠯ | ᠤᠯᠭᠤᠨ᠂ ᠬᠤᠳᠠ ᠪᠠᠯᠭᠠᠰᠤᠨ ᠤ ᠳᠠᠩᠰᠠᠯᠠᠭᠰᠡᠨ ᠠᠵᠢᠯ ᠠᠯᠳᠠᠯᠳᠠ ᠶᠢᠨ ᠨᠤᠷᠮ᠎ᠠ ᠶᠢ 3.5% ᠳᠤᠳᠤᠷ᠎ᠠ | ᠬᠢᠵᠠᠭᠠᠷᠯᠠᠨ᠎ᠠ᠃ ᠲᠦᠷᠪᠡ ᠳᠤ᠂ ᠨᠠᠶᠢᠳᠠ ᠶᠢᠨ ᠤᠶᠢᠯᠡᠴᠢᠯᠡᠬᠡᠨ ᠤ ᠠᠷᠠᠤᠨ ᠲᠤ ᠲᠦᠬᠦᠮ ᠦᠵᠡᠬᠦᠯᠬᠦ ᠢᠨᠵᠧᠨᠧᠷᠢᠩ | ᠢ ᠡᠩ ᠳᠡᠷᠢᠬᠦᠨ ᠳᠤ ᠬᠡᠷᠡᠭᠵᠢᠬᠦᠯᠤᠨ᠎ᠠ᠃ ᠱᠠᠩᠬᠠᠢ ᠶᠢᠨ ᠰᠦᠮ᠎ᠠ ᠳᠠᠬᠢ ᠬᠤᠶᠠᠳᠤᠭᠠᠷ ᠬᠡᠤᠬᠡᠤᠨ ᠤᠨ ᠴᠡᠴᠡᠷᠯᠢᠭ | ᠪᠠᠬᠤᠯᠤᠰᠤᠨ ᠨᠠᠭᠤᠷ ᠤᠨ ᠬᠡᠤᠬᠡᠤᠨ ᠤᠨ ᠴᠡᠴᠡᠷᠯᠢᠭ ᠢ ᠰᠢᠨ᠎ᠠ ᠪᠠᠶᠢᠭᠤᠯᠵᠤ᠂ ᠪᠤᠷᠤᠪᠠᠯᠭᠠᠰᠤᠨ ᠤ ᠬᠡᠤᠬᠡᠤᠨ ᠤᠨ | ᠴᠡᠴᠡᠷᠯᠢᠭ᠂ ᠮᠤᠩᠭᠤᠯ ᠦᠨᠳᠤᠰᠤᠳᠠᠨ ᠤ ᠬᠤᠶᠠᠳᠤᠭᠠᠷ ᠬᠡᠤᠬᠡᠤᠨ ᠤᠨ ᠴᠡᠴᠡᠷᠯᠢᠭ ᠢ ᠦᠷᠬᠦᠯᠵᠢᠯᠡᠨ ᠪᠠᠶᠢᠭᠤᠯᠵᠤ᠂ | ᠠᠩᠬᠠᠨ ᠤ ᠬᠦᠮᠤᠵᠢᠯ ᠤᠨ ᠲᠦᠪ᠂ ᠵᠠᠯᠠᠭᠤᠴᠤᠤᠨ ᠪᠠᠭᠠᠴᠤᠤᠨ ᠤᠨ ᠬᠢᠴᠢᠶᠡᠯ ᠤᠨ ᠭᠠᠳᠠᠨᠠᠬᠢ ᠠᠵᠢᠯᠯᠠᠭᠠᠨ ᠤ | ᠲᠦᠪ ᠤᠨ ᠬᠡᠤᠬᠡᠤᠨ ᠤᠨ ᠴᠡᠴᠡᠷᠯᠢᠭ᠂ ᠶᠡᠭᠡ ᠳᠤᠬᠤᠢ ᠶᠢᠨ ᠬᠡᠤᠬᠡᠤᠨ ᠤᠨ ᠴᠡᠴᠡᠷᠯᠢᠭ ᠢ ᠪᠠᠶᠢᠭᠤᠯᠵᠤ ᠳᠡᠬᠦᠰᠬᠡᠨ᠂ | ᠰᠤᠷᠬᠤ ᠨᠠᠰᠤᠨ ᠤ ᠬᠡᠤᠬᠡᠤᠨ ᠪᠠᠭᠠᠴᠤᠤᠨ ᠤᠨ ᠬᠡᠷ ᠤᠨ ᠤᠶᠢᠷᠠᠯᠴᠠᠭ᠎ᠠ ᠪᠢᠴᠢᠭ ᠦᠵᠡᠬᠦ ᠠᠰᠠᠭᠤᠳᠠᠯ ᠢ ᠦᠨᠡᠨᠬᠦ | ᠰᠢᠢᠤᠨᠪᠤᠷᠢᠯᠡᠨᠠ᠃ ᠱᠠᠩᠬᠠᠢ ᠶᠢᠨ ᠰᠦᠮ᠎ᠠ ᠭᠤᠤᠯᠳᠠᠯᠭᠠᠳᠤ ᠡᠮᠨᠡᠯᠬᠡ ᠶᠢᠨ ᠡᠬᠦᠳᠠᠨ ᠡᠮᠨᠡᠯᠬᠡ ᠶᠢᠨ ᠠᠰᠠᠷ ᠪᠠ | ᠪᠤᠷᠤᠪᠠᠯᠭᠠᠰᠤ ᠭᠤᠤᠯᠳᠠᠯᠭᠠᠳᠤ ᠡᠷᠡᠬᠦᠯ ᠬᠠᠮᠠᠭᠠᠯᠠᠯ ᠤᠨ ᠬᠤᠷᠢᠶ᠎ᠠ ᠶᠢᠨ ᠪᠠᠶᠢᠭᠤᠯᠤᠯᠳᠠ ᠶᠢ ᠲᠦᠷᠬᠡᠤᠨᠬᠡᠵᠤ᠂ | 5000 ᠲᠦᠮᠡᠨ ᠲᠦᠬᠦᠷᠢᠭ ᠪᠡᠯᠡ ᠵᠠᠷᠤᠴᠠᠭᠤᠯᠤᠨ ᠬᠤᠰᠢᠭᠤ ᠮᠤᠩᠭᠤᠯ ᠶᠡᠷᠤᠩᠬᠡᠶᠢᠯᠡᠭᠰᠡᠨ ᠡᠮᠨᠡᠯᠬᠡ᠂ ᠪᠤᠯᠠᠭ | ᠡᠷᠡᠬᠦᠯ ᠬᠠᠮᠠᠭᠠᠯᠠᠯ ᠤᠨ ᠬᠤᠷᠢᠶ᠎ᠠ ᠶᠢ ᠰᠢᠨ᠎ᠠ ᠪᠠᠶᠢᠭᠤᠯᠵᠤ᠂ ᠬᠤᠳᠠ ᠬᠦᠳᠡᠭᠡ ᠶᠢᠨ ᠰᠠᠭᠤᠭᠠᠯᠢ ᠠᠷᠠᠤᠨ ᠤᠨ | ᠦᠨᠳᠤᠰᠤᠨ ᠡᠮ ᠡᠮᠴᠢᠯᠡᠬᠡᠨ ᠤ ᠱᠠᠭᠠᠷᠳᠠᠯᠭ᠎ᠠ ᠶᠢ ᠬᠠᠩᠭᠠᠨ᠎ᠠ᠃ ᠬᠦᠩᠬᠡᠵᠢᠬᠦ ᠨᠠᠰᠤᠨ ᠤ ᠡᠮᠡᠭᠳᠡᠶᠢᠴᠤᠤᠨ ᠤᠨ ︽ | ᠬᠤᠶᠠᠷ ᠦᠮᠡᠨ︾ ᠤ ᠪᠠᠶᠢᠴᠠᠭᠠᠯᠳᠠ ᠶᠢ ᠦᠷᠬᠦᠯᠵᠢᠯᠡᠨ ᠬᠡᠷᠡᠭᠵᠢᠬᠦᠯᠵᠤ᠂ ᠪᠠᠴᠢᠮ ᠳᠤᠰᠠᠯᠠᠮᠵᠢ ᠶᠢᠨ ᠡᠮ ᠤᠨ | ᠬᠠᠶᠢᠷᠴᠠᠭ ᠢ ᠲᠦᠬᠡᠮᠡᠯᠵᠢᠬᠦᠯᠤᠨᠠ᠃ ᠨᠢᠩᠰᠢᠶᠠ ᠶᠢᠨ ᠢᠷᠭᠠᠢ ᠯᠤᠭ᠎ᠠ ᠶᠢᠨ ᠰᠤᠷᠭᠠᠨ ᠬᠦᠮᠤᠵᠢᠯ ᠪᠠ ᠡᠮ | ᠡᠮᠴᠢᠯᠡᠬᠡᠨ ᠤ ᠳᠠᠯ᠎ᠠ ᠪᠠᠷ ᠬᠢ ᠬᠦᠨᠵᠡᠬᠡᠢ ᠬᠠᠮᠳᠤᠷᠠᠯᠴᠠᠭ᠎ᠠ ᠶᠢ ᠢᠳᠡᠪᠬᠢᠯᠡᠬᠦᠯᠤᠨ᠂ ᠰᠢᠯᠢᠳᠡᠭ ᠡᠬᠢ ᠰᠤᠷᠪᠤᠯᠵᠢ ᠶᠢᠨ | ᠬᠠᠮᠳᠤ ᠡᠳ᠋ᠯᠡᠯᠳᠠ ᠶᠢ ᠪᠡᠶᠡᠯᠡᠬᠦᠯᠤᠨ᠎ᠠ᠃ ᠪᠦᠬᠦ ᠠᠷᠠᠤᠨ ᠤᠨ ᠪᠡᠶ᠎ᠡ ᠴᠢᠬᠢᠷᠠᠭᠵᠢᠭᠤᠯᠬᠤ ᠤᠶᠢᠯᠡᠰ ᠢ ᠬᠦᠴᠤᠯᠡᠨ | ᠬᠦᠭᠵᠢᠬᠦᠯᠵᠤ᠂ ᠨᠠᠶᠢᠳᠠ ᠶᠢᠨ ᠳᠠᠮᠢᠷ ᠤᠨ ᠲᠦᠬᠦᠬᠡᠷᠤᠮᠵᠢ ᠶᠢ ᠪᠠᠶᠢᠭᠤᠯᠤᠨ ᠠᠰᠢᠭᠯᠠᠵᠤ᠂ ᠫᠢᠩᠫᠠᠩ ᠪᠦᠮᠪᠦᠭᠡ | ᠦᠳᠤᠨ ᠪᠦᠮᠪᠦᠭᠡ ᠶᠢᠨ ᠤᠷᠳᠤᠨ᠂ ᠤᠮᠪᠠᠯᠳᠠ ᠶᠢᠨ ᠤᠷᠳᠤᠨ᠂ ᠬᠡᠷ ᠤᠨ ᠭᠠᠳᠠᠨᠠᠬᠢ ᠳᠠᠮᠢᠷ ᠤᠨ ᠳᠠᠯᠠᠪᠤᠷ ᠢ | ᠨᠠᠶᠢᠬᠡᠮ ᠨᠠᠶᠢᠳᠠ ᠳᠤ ᠨᠡᠬᠡᠬᠡᠨ᠎ᠠ᠃ ᠬᠦᠯ ᠪᠦᠮᠪᠤᠬᠡᠨ ᠤ ᠤᠶᠢᠯᠡᠰ ᠤᠨ ᠦᠬᠡᠷᠡᠴᠢᠯᠠᠯᠳᠠ ᠬᠦᠭᠵᠢᠯᠳᠠ ᠶᠢ | ᠠᠬᠢᠭᠤᠯᠤᠨ᠎ᠠ᠃ ᠳᠠᠪᠤ ᠳᠤ᠂ ᠨᠠᠶᠢᠬᠡᠮ ᠤᠨ ᠨᠠᠭᠠᠳᠤ ᠵᠠᠬ᠎ᠠ ᠶᠢᠨ ᠪᠠᠳᠤᠯᠠᠭ᠎ᠠ ᠶᠢᠨ ᠢᠨᠵᠧᠨᠧᠷᠢᠩ ᠢ ᠰᠠᠶᠢᠳᠤᠷ | ᠠᠤᠨᠬᠤᠨ᠎ᠠ᠃ ᠨᠠᠶᠢᠬᠡᠮ ᠤᠨ ᠪᠠᠳᠤᠯᠠᠭ᠎ᠠ ᠶᠢᠨ ᠨᠦᠬᠦᠪᠤᠷᠢ ᠶᠢᠨ ᠪᠠᠷᠢᠮᠵᠢᠶ᠎ᠠ ᠶᠢ ᠤᠯᠠᠮ ᠨᠢᠬᠡ ᠠᠯᠬᠤᠮ | ᠳᠡᠬᠡᠭᠰᠢᠯᠡᠬᠦᠯᠵᠤ᠂ ᠶᠡᠭᠡ ᠰᠤᠷᠭᠠᠭᠤᠯᠢ ᠶᠢᠨ ᠬᠦᠴᠢᠷᠳᠠᠯ ᠲᠠᠢ ᠤᠶᠤᠳᠠᠤᠨ ᠤᠨ ᠰᠤᠷᠭᠠᠨ ᠬᠦᠮᠤᠵᠢᠯ ᠤᠨ ᠠᠪᠤᠷᠠᠨ | ᠳᠤᠰᠠᠯᠠᠯᠳᠠ ᠪᠠ ᠳᠤᠤᠷ᠎ᠠ ᠤᠷᠤᠯᠭᠠᠳᠤ ᠮᠠᠯᠴᠢᠨ ᠳᠠᠷᠢᠶᠠᠴᠢᠤᠨ ᠤᠨ ᠳᠤᠯᠠᠭᠠᠯᠭ᠎ᠠ ᠶᠢᠨ ᠨᠡᠬᠦᠷᠡᠰᠤᠨ ᠲᠦᠷᠤ ᠶᠢᠨ | ᠪᠤᠳᠤᠯᠭ᠎ᠠ ᠶᠢ ᠦᠷᠬᠦᠯᠵᠢᠯᠡᠨ ᠰᠠᠶᠢᠳᠤᠷ ᠬᠡᠷᠡᠭᠵᠢᠬᠦᠯᠤᠨ᠎ᠠ᠃ ᠨᠠᠶᠢᠳᠠ ᠶᠢᠨ ᠲᠦᠷᠢᠶᠡᠰᠤᠨ ᠬᠡᠷ ᠢ 1741᠂ | ᠰᠢᠯᠵᠢᠭᠰᠡᠨ ᠮᠠᠯᠴᠢᠨ ᠳᠠᠷᠢᠶᠠᠴᠢᠤᠨ ᠤᠨ ᠰᠠᠭᠤᠴᠠ ᠶᠢ 1375 ᠪᠠᠶᠢᠭᠤᠯᠵᠤ᠂ ᠳᠤᠰ ᠵᠢᠯ ᠳᠤ ᠬᠡᠷ᠎ᠠ ᠳᠤᠭᠳᠠᠵᠤ | ᠭᠠᠷ ᠤᠨ ᠦᠰᠦᠭ ᠵᠢᠷᠤᠭᠰᠡᠨ ᠰᠢᠯᠵᠢᠭᠰᠡᠨ ᠮᠠᠯᠴᠢᠨ ᠳᠠᠷᠢᠶᠠᠴᠢᠤᠨ ᠢ ᠴᠦᠮ ᠤᠷᠤᠨ ᠰᠠᠭᠤᠴᠠ ᠲᠠᠢ ᠪᠤᠯᠭᠠᠨ᠎ᠠ᠃ | ᠨᠠᠩᠰᠤ ᠪᠠᠯᠭᠠᠰᠤᠨ ᠤ ᠪᠠᠭᠰᠢ ᠠᠵᠢᠯᠳᠠᠤᠨ ᠤᠨ ᠰᠠᠭᠤᠴᠠ ᠶᠢ 72 ᠪᠠᠶᠢᠭᠤᠯᠵᠤ᠂ ᠦᠨᠳᠤᠰᠤᠨ ᠱᠠᠳᠤᠨ ᠤ | ᠰᠤᠷᠭᠠᠨ ᠬᠦᠮᠤᠵᠢᠯ ᠤᠨ ᠠᠵᠢᠯᠳᠠᠤᠨ ᠤᠨ ᠬᠦᠴᠢᠷᠳᠠᠯ ᠢ ᠰᠢᠢᠤᠨᠪᠤᠷᠢᠯᠡᠨᠠ᠃ ᠵᠢᠷᠭᠤᠭ᠎ᠠ ᠳᠤ᠂ ᠬᠡᠪ ᠴᠢᠨᠠᠷ ᠢ | ᠳᠡᠬᠡᠭᠰᠢᠯᠡᠬᠦᠯᠬᠦ ᠢᠨᠵᠧᠨᠧᠷᠢᠩ ᠢ ᠰᠢᠨᠠᠴᠢᠯᠡᠨ ᠬᠡᠷᠡᠭᠵᠢᠬᠦᠯᠤᠨ᠎ᠠ᠃ ︽ ᠦᠭᠬᠢᠶᠡᠮᠤᠷ ᠨᠠᠶᠢᠷᠠᠮᠳᠠᠭᠤ ᠳᠠᠯ᠎ᠠ ᠨᠤᠳᠤᠭ᠂ | ᠦᠵᠡᠰᠬᠦᠯᠡᠩᠳᠤ ᠰᠠᠶᠢᠬᠠᠨ ᠡᠮᠤᠨᠡᠳᠤ ᠤᠳᠤᠭ︾ ᠨᠠᠶᠢᠬᠡᠮ ᠤᠨ ᠵᠠᠰᠠᠯᠳᠠ ᠶᠢ ᠬᠦᠨᠵᠡᠬᠡᠢ ᠦᠷᠨᠢᠬᠦᠯᠵᠤ᠂ ᠬᠤᠰᠢᠭᠤᠨ | ᠤ ᠨᠠᠮ ᠤᠨ ᠬᠤᠷᠢᠶ᠎ᠠ ᠶᠢᠨ ︽ᠮᠠᠯᠴᠢᠨ ᠳᠠᠷᠢᠶᠠᠴᠢᠤᠨ ᠤᠨ ᠬᠡᠪ ᠴᠢᠨᠠᠷ ᠢ ᠳᠡᠬᠡᠭᠰᠢᠯᠡᠬᠦᠯᠬᠦ ᠢᠨᠵᠧᠨᠧᠷᠢᠩ ᠤᠨ | ᠬᠡᠷᠡᠭᠵᠢᠬᠦᠯᠬᠦ ᠲᠦᠰᠤᠯ︾ ᠢ ᠪᠤᠳᠠᠳᠠᠶᠢᠵᠢᠭᠤᠯᠵᠤ᠂ ︽ᠪᠡᠬᠡᠵᠢᠩ ᠠᠶᠢᠯ︾᠂ ︽ᠰᠠᠶᠢᠨ ᠪᠡᠷᠢ︾᠂ ︽ᠬᠡᠷ ᠤᠨ | ᠰᠤᠷᠳᠠᠯ ᠤᠨ ᠰᠢᠯᠭᠠᠷᠠᠭᠤᠯᠤᠯᠳᠠ︾ ᠵᠡᠷᠬᠡ ᠪᠤᠯᠪᠠᠰᠤᠨ ᠤ ᠠᠵᠢᠯᠯᠠᠭ᠎ᠠ ᠦᠷᠨᠢᠬᠦᠯᠵᠤ᠂ ᠨᠠᠶᠢᠬᠡᠮ ᠤᠨ ᠵᠠᠰᠠᠯᠳᠠ ᠶᠢᠨ | ᠠᠭᠤᠯᠬᠤᠨ ᠢ ᠨᠡᠮᠡᠭᠳᠡᠬᠦᠯᠤᠨ᠂ ᠠᠶᠢᠯ ᠠᠶᠢᠮᠠᠭ ᠨᠠᠶᠢᠷᠳᠠᠢ᠂ ᠨᠠᠶᠢᠬᠡᠮ ᠡᠶ᠎ᠡ ᠵᠤᠬᠢᠴᠠᠯ ᠲᠠᠢ᠂ ᠬᠦᠳᠡᠭᠡ ᠨᠤᠳᠤᠭ ᠤᠨ | ᠤᠬᠢ ᠰᠠᠶᠢᠨ ᠬᠡᠪ ᠰᠤᠷᠳᠠᠯ ᠢ ᠳᠠᠶᠢᠴᠢᠯᠠᠵᠤ᠂ ᠮᠠᠯᠴᠢᠨ ᠳᠠᠷᠢᠶᠠᠴᠢᠤᠨ ᠤᠨ ᠬᠡᠪ ᠴᠢᠨᠠᠷ ᠬᠢᠬᠡᠤᠨ ᠠᠵᠤ ᠤᠶᠢᠯᠡᠰ | ᠤᠨ ᠬᠦᠭᠵᠢᠯᠳᠠ᠂ ᠤᠷᠤᠰᠢᠨ ᠰᠠᠭᠤᠬᠤ ᠤᠷᠴᠢᠨ ᠤ ᠵᠤᠬᠢᠴᠠᠯ ᠢ ᠪᠡᠶᠡᠯᠡᠬᠦᠯᠤᠨ᠎ᠠ᠃ ᠮᠠᠯᠵᠢᠬᠤ ᠲᠠᠷᠢᠶᠠᠯᠠᠬᠤ ᠤᠷᠤᠨ | ᠤ ᠤᠷᠴᠢᠨ ᠲᠤᠭᠤᠷᠢᠨ ᠤ ᠶᠡᠷᠥᠩᠭᠡᠶᠢᠯᠡᠭᠰᠡᠨ ᠴᠡᠭᠴᠡᠯᠡᠯᠳᠡ ᠶᠢ ᠭᠥᠴᠥᠯᠡᠨ ᠠᠬᠢᠭᠤᠯᠵᠤ᠂ ︽ᠡᠷᠥᠭᠡ ᠴᠡᠪᠡᠷᠯᠡᠭᠦ᠂ | ᠭᠠᠴᠠᠭ᠎ᠠ ᠴᠤᠭᠯᠠᠭᠤᠯᠬᠤ᠂ ᠪᠠᠯᠭᠠᠰᠤ ᠵᠥᠭᠡᠭᠡᠪᠥᠷᠢᠯᠡᠭᠦ᠂ ᠬᠤᠰᠢᠭᠤ ᠰᠢᠢᠳᠪᠥᠷᠢᠯᠡᠭᠦ︾ ᠶᠢ ᠭᠡᠷᠡᠭᠵᠢᠭᠦᠯᠵᠥ᠂ | ᠥᠵᠡᠰᠭᠦᠯᠡᠩᠳᠤ ᠰᠠᠶᠢᠬᠠᠨ ᠭᠥᠳᠡᠭᠡ ᠨᠤᠳᠤᠭ ᠢ ᠴᠤᠭᠴᠠᠯᠠᠨ᠎ᠠ᠃ | ︵ᠭᠤᠷᠪᠠ︶ ᠮᠠᠯ ᠳᠠᠷᠢᠶᠠᠯᠠᠩ ᠤᠨ ᠤᠶᠢᠯᠡᠤᠨᠪᠤᠷᠢᠯᠡᠯ ᠤᠨ ᠠᠷᠭ᠎ᠠ ᠬᠡᠯᠪᠡᠷᠢ ᠶᠢᠨ ᠬᠤᠪᠢᠷᠠᠭᠤᠯᠤᠯᠳᠠ ᠶᠢ | ᠲᠦᠷᠬᠡᠤᠨᠬᠡᠨ᠎ᠠ᠃ ᠨᠢᠬᠡ ᠳᠤ᠂ ᠠᠵᠤ ᠤᠶᠢᠯᠡᠰ ᠤᠨ ᠬᠦᠭᠵᠢᠯᠳᠠ ᠶᠢ ᠨᠢᠬᠡᠳᠤᠯᠳᠠᠢ ᠲᠦᠯᠤᠪᠯᠡᠨᠠ᠃ ᠡᠮᠤᠨᠡᠳᠤ | ᠬᠡᠰᠡᠭ ᠲᠤ ᠭᠤᠤᠯᠳᠠᠭᠤ ᠤᠨᠴᠠᠯᠢᠭᠳᠤ ᠳᠠᠷᠢᠵᠤ ᠳᠡᠵᠢᠬᠡᠬᠦ ᠤᠶᠢᠯᠡᠰ ᠢ ᠬᠦᠭᠵᠢᠬᠦᠯᠵᠤ᠂ ᠨᠢᠩᠰᠢᠶᠠ ᠪᠠ ᠱᠠᠨᠰᠢ | ᠵᠡᠷᠬᠡ ᠤᠶᠢᠷ᠎ᠠ ᠬᠠᠪᠢ ᠶᠢᠨ ᠵᠠᠬ᠎ᠠ ᠳᠡᠯᠬᠡᠬᠦᠷ ᠯᠤᠭ᠎ᠠ ᠤᠶᠢᠯᠡᠤᠨᠪᠤᠷᠢᠯᠡᠯ ᠪᠤᠷᠤᠯᠠᠭᠤᠯᠭ᠎ᠠ ᠶᠢ ᠨᠢᠬᠡᠤᠨᠬᠡᠨᠠ︔ ᠤᠮᠠᠷᠠᠳᠤ | ᠬᠡᠰᠡᠭ ᠲᠤ ᠭᠤᠤᠯᠳᠠᠭᠤ ᠴᠢᠨᠠᠷ ᠰᠠᠶᠢᠳᠠᠢ ᠠᠯᠠᠰᠢᠨ ᠦᠬᠡᠷ᠂ ᠠᠯᠠᠰᠢᠨ ᠮᠠᠯ᠂ ᠨᠤᠤᠯᠤᠭᠤᠷ ᠤᠨ ᠢᠮᠠᠭ᠎ᠠ ᠶᠢ | ᠳᠡᠵᠢᠬᠡᠨ ᠦᠷᠡᠵᠢᠬᠦᠯᠬᠦ ᠤᠶᠢᠯᠡᠰ ᠢ ᠬᠦᠭᠵᠢᠬᠦᠯᠤᠨ᠂ ᠰᠠᠶᠢᠨ ᠡᠬᠦᠯᠳᠡᠷ ᠤᠨ ᠪᠠᠶᠢᠭᠤᠯᠤᠯᠳᠠ ᠶᠢ ᠠᠬᠢᠭᠤᠯᠵᠤ᠂ ᠠᠮᠢ | ᠠᠬᠤᠶᠢᠴᠢ ᠮᠠᠯ ᠠᠵᠤ ᠠᠬᠤᠢ ᠶᠢᠨ ᠬᠦᠭᠵᠢᠯᠳᠠ ᠶᠢᠨ ᠪᠦᠰᠠ ᠶᠢ ᠴᠤᠭᠴᠠᠯᠠᠨ᠎ᠠ︔ ᠭᠠᠩ ᠬᠠᠭᠤᠷᠠᠢ ᠰᠢᠯᠢᠷᠬᠡᠭ | ᠤᠷᠤᠨ ᠤ ᠬᠠᠰᠢᠶ᠎ᠠ ᠰᠠᠷᠠᠪᠴᠢ ᠬᠢᠬᠡᠤᠨ ᠴᠠᠬᠢᠯᠭᠠᠨ ᠬᠦᠴᠤ ᠵᠡᠷᠬᠡ ᠰᠠᠭᠤᠷᠢ ᠲᠦᠬᠦᠬᠡᠷᠤᠮᠵᠢ ᠶᠢ ᠨᠢ | ᠳᠡᠬᠦᠯᠳᠡᠷᠵᠢᠬᠦᠯᠵᠤ᠂ ᠪᠤᠷᠳᠤᠭ᠎ᠠ ᠡᠪᠡᠰᠤᠨ ᠬᠠᠩᠭᠠᠯᠭ᠎ᠠ ᠶᠢᠨ ᠰᠠᠭᠤᠷᠢᠨ ᠢ ᠵᠤᠬᠢᠰᠳᠠᠢ ᠨᠡᠬᠡᠬᠡᠵᠤ᠂ ᠤᠶᠢᠯᠡᠤᠨᠪᠤᠷᠢᠯᠡᠯ | ᠤᠨ ᠦᠪᠡᠷ ᠤᠨ ᠦᠷᠳᠡᠭ ᠢ ᠪᠠᠭᠤᠷᠠᠭᠤᠯᠤᠨ᠂ ᠮᠠᠯᠴᠢᠨ ᠳᠠᠷᠢᠶᠠᠴᠢᠤᠨ ᠤᠨ ᠤᠷᠤᠯᠭ᠎ᠠ ᠶᠢᠨ ᠦᠷᠬᠦᠯᠵᠢᠬᠦᠶᠢᠴᠠ | ᠨᠡᠮᠡᠭᠳᠡᠯ ᠤᠨ ᠴᠢᠳᠠᠪᠤᠷᠢ ᠶᠢ ᠳᠡᠬᠡᠭᠰᠢᠯᠡᠬᠦᠯᠤᠨ᠎ᠠ᠃ ᠬᠡᠪᠴᠢᠶᠡᠵᠢᠭᠰᠡᠨ ᠡᠷᠴᠢᠮᠵᠢᠭᠰᠡᠨ ᠡᠵᠡᠩᠨᠡᠯᠳᠠ ᠶᠢ ᠲᠦᠷᠬᠡᠤᠨᠬᠡᠨ᠂ | ︽ᠠᠮᠤ ᠲᠦᠮᠤᠰᠤ᠂ ᠠᠵᠤ ᠠᠬᠤᠢ ᠶᠢᠨ ᠳᠠᠷᠢᠮᠠᠯ᠂ ᠳᠡᠵᠢᠬᠡᠯ ᠡᠪᠡᠰᠤ︾ ᠶᠢᠨ ᠳᠠᠷᠢᠮᠠᠯ ᠤᠨ ᠬᠠᠷᠢᠴᠠᠯ ᠢ | ᠳᠤᠬᠢᠷᠠᠭᠤᠯᠵᠤ᠂ ᠮᠠᠯᠴᠢᠨ ᠳᠠᠷᠢᠶᠠᠴᠢᠤᠨ ᠤᠨ ᠡᠷᠤᠬᠡ ᠬᠤᠯᠪᠤᠭᠠᠯᠠᠨ ᠡᠵᠡᠩᠨᠡᠬᠦ ᠶᠢ ᠵᠤᠷᠢᠭᠵᠢᠭᠤᠯᠤᠨ᠂ ᠠᠮᠢ | ᠠᠬᠤᠶᠢᠴᠢ ᠬᠡᠷ ᠪᠦᠯᠢ ᠶᠢᠨ ᠮᠠᠯᠵᠢᠯ ᠤᠨ ᠳᠠᠯᠠᠪᠠᠢ ᠶᠢ 40᠂ ᠳᠡᠵᠢᠬᠡᠨ ᠦᠷᠡᠵᠢᠬᠦᠯᠬᠦ ᠡᠷᠤᠬᠡ ᠶᠢ 200 | ᠪᠠᠶᠢᠭᠤᠯᠵᠤ᠂ ᠠᠵᠤ ᠤᠶᠢᠯᠡᠰ ᠤᠨ ᠪᠦᠳᠤᠴᠠ ᠶᠢᠨ ᠳᠤᠬᠢᠷᠠᠭᠤᠯᠤᠯᠳᠠ ᠶᠢᠨ ᠳᠠᠭᠤᠷᠢᠶᠠᠯ ᠭᠠᠴᠠᠭ᠎ᠠ ᠳᠤᠰᠬᠤᠨ 11 | ᠪᠠ ᠠᠵᠤ ᠤᠶᠢᠯᠡᠰ ᠤᠨ ᠬᠦᠭᠵᠢᠬᠦᠯᠤᠯᠳᠠ ᠶᠢᠨ ᠭᠤᠤᠯᠳᠠᠯᠭᠠᠳᠤ ᠭᠠᠴᠠᠭ᠎ᠠ ᠳᠤᠰᠬᠤᠨ 16 ᠶᠢ ᠪᠠᠶᠢᠭᠤᠯᠤᠨ᠎ᠠ᠃ | ᠬᠤᠶᠠᠷ ᠲᠤ᠂ ᠮᠠᠯ ᠳᠠᠷᠢᠶᠠᠯᠠᠩ ᠤᠨ ᠰᠢᠨ᠎ᠠ ᠬᠡᠯᠪᠡᠷᠢ ᠶᠢᠨ ᠡᠵᠡᠩᠨᠡᠯᠳᠠ ᠶᠢᠨ ᠪᠡᠶᠡᠴᠢ ᠴᠤᠭᠴᠠ ᠶᠢ ᠪᠤᠶᠢᠵᠢᠭᠤᠯᠤᠨ᠂ | ᠬᠠᠮᠳᠤᠷᠠᠯ ᠵᠤᠬᠢᠶᠠᠨ ᠪᠠᠶᠢᠭᠤᠯᠤᠯᠳᠠ᠂ ᠦᠨ᠎ᠠ ᠵᠠᠰᠠᠭᠴᠢᠤᠨ ᠤᠨ ᠡᠩᠨᠡᠭᠡ ᠶᠢ ᠰᠢᠯᠢᠳᠡᠭᠵᠢᠬᠦᠯᠤᠨ ᠴᠡᠭᠴᠡᠯᠡᠵᠤ᠂ | ᠭᠤᠤᠯᠳᠠᠯᠭᠠᠳᠠᠢ ᠪᠠᠷ ᠪᠡᠯᠡ ᠮᠦᠩᠬᠦ ᠪᠠ ᠲᠦᠷᠤᠯ ᠵᠦᠢᠯ ᠤᠨ ᠬᠠᠷᠠᠭᠠᠯᠵᠠᠯ ᠬᠦᠷᠳᠡᠬᠡᠵᠤ᠂ ᠪᠦᠬᠦ ᠮᠠᠯᠴᠢᠨ | ᠳᠠᠷᠢᠶᠠᠴᠢᠨ ᠡᠷᠤᠬᠡ ᠶᠢᠨ 60% ᠠᠴᠠ ᠳᠡᠬᠡᠭᠰᠢᠬᠢ ᠶᠢ ᠳᠤᠰ ᠵᠢᠯ ᠬᠠᠮᠳᠤᠷᠠᠯ ᠵᠤᠬᠢᠶᠠᠨ ᠪᠠᠶᠢᠭᠤᠯᠤᠯᠳᠠ ᠳᠤ | ᠤᠷᠤᠭᠤᠯᠤᠨ᠎ᠠ᠃ 500 ᠲᠦᠮᠡᠨ ᠲᠦᠬᠦᠷᠢᠭ ᠪᠡᠯᠡ ᠵᠠᠷᠤᠴᠠᠭᠤᠯᠤᠨ ᠬᠤᠰᠢᠭᠤ ᠳᠡᠰ ᠤᠨ ᠮᠠᠯ ᠳᠠᠷᠢᠶᠠᠯᠠᠩ ᠤᠨ | ᠤᠨᠴᠠᠯᠢᠭᠳᠤ ᠠᠵᠤ ᠤᠶᠢᠯᠡᠰ ᠤᠨ ᠬᠦᠭᠵᠢᠯᠳᠠ ᠶᠢᠨ ᠰᠠᠭᠤᠷᠢ ᠮᠦᠩᠬᠦ ᠳᠤᠬᠢᠷᠠᠭᠤᠯᠵᠤ᠂ ᠮᠦᠩᠬᠦᠨ ᠬᠦᠢᠯᠬᠡᠬᠡᠨ ᠤ | ᠰᠠᠯᠠᠭ᠎ᠠ ᠮᠦᠴᠢᠷ ᠢᠶᠠᠷ ᠳᠠᠮᠵᠢᠭᠤᠯᠤᠨ᠂ ᠪᠡᠯᠡ ᠮᠦᠩᠬᠦᠨ ᠤ ᠠᠰᠢᠭᠯᠠᠮᠵᠢ ᠶᠢ ᠨᠡᠮᠡᠭᠳᠡᠬᠦᠯᠤᠨ᠂ ᠳᠠᠶᠢᠴᠢᠯᠠᠬᠤ | ᠤᠶᠢᠯᠡᠳᠤᠯ ᠢᠶᠠᠷ ᠦᠷᠬᠡᠨ᠂ ᠨᠦᠯᠤᠬᠡᠯᠡᠬᠦ ᠬᠦᠴᠤᠨ ᠴᠢᠩᠭ᠎ᠠ ᠳᠤᠯᠤᠭᠠᠶᠢᠯᠠᠭᠴᠢ ᠠᠵᠤ ᠠᠬᠤᠶᠢᠯᠠᠯ ᠪᠠ ᠳᠤᠰᠬᠠᠢ | ᠬᠠᠮᠳᠤᠷᠠᠯ ᠵᠤᠬᠢᠶᠠᠨ ᠪᠠᠶᠢᠭᠤᠯᠤᠯᠳᠠ ᠵᠢᠴᠢ ᠳᠠᠷᠢᠵᠤ ᠳᠡᠵᠢᠬᠡᠬᠦ ᠳᠤᠮᠤ ᠡᠷᠤᠬᠡ ᠶᠢ ᠭᠤᠤᠯᠳᠠᠯᠭᠠᠳᠠᠢ ᠳᠡᠮᠵᠢᠨ᠂ ᠮᠠᠯ | ᠳᠠᠷᠢᠶᠠᠯᠠᠩ ᠤᠨ ᠪᠦᠳᠤᠬᠡᠭᠳᠡᠬᠦᠨ ᠤ ᠨᠠᠷᠢᠯᠢᠭ ᠪᠤᠯᠪᠠᠰᠤᠷᠠᠭᠤᠯᠤᠯᠳᠠ ᠶᠢᠨ ᠳᠠᠶᠢᠴᠢᠯᠠᠭᠴᠢ ᠠᠵᠤ ᠠᠬᠤᠶᠢᠯᠠᠯ ᠢ | ᠪᠠᠶᠢᠭᠤᠯᠵᠤ᠂ ᠳᠤᠰ ᠵᠢᠯ ᠳᠤ ᠦᠪᠡᠷᠳᠡᠬᠡᠨ ᠵᠠᠰᠠᠬᠤ ᠤᠷᠤᠨ ᠤ ᠳᠡᠰ ᠤᠨ ᠳᠤᠯᠤᠭᠠᠶᠢᠯᠠᠬᠤ ᠠᠵᠤ ᠠᠬᠤᠶᠢᠯᠠᠯ ᠢ 2᠂ | ᠬᠤᠳᠠ ᠶᠢᠨ ᠳᠡᠰ ᠤᠨ ᠳᠤᠯᠤᠭᠠᠶᠢᠯᠠᠬᠤ ᠠᠵᠤ ᠠᠬᠤᠶᠢᠯᠠᠯ ᠢ 2 ᠪᠤᠶᠢᠵᠢᠭᠤᠯᠵᠤ᠂ 15 — 20 ᠬᠠᠮᠳᠤᠷᠠᠯ | ᠵᠤᠬᠢᠶᠠᠨ ᠪᠠᠶᠢᠭᠤᠯᠤᠯᠳᠠ ᠶᠢ ᠳᠡᠤᠨᠬᠦᠨ ᠪᠤᠵᠠᠭᠠᠶᠢᠷᠠᠭᠤᠯᠤᠨ᠎ᠠ᠃ ᠳᠠᠷᠢᠬᠤ ᠳᠡᠵᠢᠬᠡᠬᠦ ᠡᠳ᠋ᠰᠢᠬᠦᠯᠬᠦ ᠪᠤᠷᠤᠯᠠᠭᠤᠯᠬᠤ | ᠪᠦᠬᠦ ᠠᠵᠢᠯ ᠤᠶᠢᠯᠡᠰ ᠤᠨ ᠬᠡᠯᠬᠢᠶᠡᠨ ᠤ ᠳᠤᠭᠤᠷᠢᠨ ᠳᠤ ᠠᠷᠠᠯᠵᠢᠶᠠᠴᠢᠨ ᠤᠷᠢᠨ ᠪᠡᠯᠡ ᠳᠠᠳᠠᠬᠤ ᠬᠦᠴᠤᠯᠡᠴᠠ ᠪᠠᠨ | ᠨᠡᠮᠡᠭᠳᠡᠬᠦᠯᠵᠤ᠂ ᠨᠢᠬᠡ ᠪᠦᠯᠦᠭ ᠪᠤᠳᠠᠳᠤ ᠬᠦᠴᠤᠨ ᠪᠦᠬᠦᠢ ᠢᠳᠡᠬᠡᠯ ᠨᠠᠶᠢᠳᠠᠪᠤᠷᠢ ᠲᠠᠢ ᠤᠷᠤᠨ ᠤ ᠳᠤᠳᠤᠨ᠎ᠠ | ᠭᠠᠳᠠᠨᠠᠬᠢ ᠠᠵᠤ ᠠᠬᠤᠶᠢᠯᠡᠯ ᠢ ᠮᠠᠨ ᠤ ᠬᠤᠰᠢᠭᠤᠨ ᠳᠤ ᠤᠷᠤᠨᠵᠢᠭᠤᠯᠤᠨᠠ᠃ ᠾᠧᠩ ᠺᠧ᠂ ᠮᠧᠩ ᠯᠢ᠂ ᠵᠦᠩ | ᠴᠤᠸᠠᠨ ᠵᠡᠷᠬᠡ ᠳᠤᠯᠤᠭᠠᠶᠢᠯᠠᠭᠴᠢ ᠠᠵᠤ ᠠᠬᠤᠶᠢᠯᠠᠯ ᠤᠨ ᠠᠰᠢᠭ ᠳᠤᠰᠠ ᠶᠢᠨ ᠬᠠᠮᠳᠤᠷᠠᠯᠴᠠᠭ᠎ᠠ ᠶᠢ ᠴᠢᠩᠭᠠᠤᠨᠬᠠᠨ᠂ | ︽ᠺᠤᠮᠫᠠᠨᠢ+ ᠰᠠᠭᠤᠷᠢᠨ ᠭᠠᠵᠠᠷ+ ᠬᠠᠮᠳᠤᠷᠠᠯ ᠵᠤᠬᠢᠶᠠᠨ ᠪᠠᠶᠢᠭᠤᠯᠤᠯᠳᠠ+ ᠮᠠᠯᠴᠢᠨ ᠳᠠᠷᠢᠶᠠᠴᠢᠨ ᠡᠷᠤᠬᠡ︾᠂ | ︽ᠵᠠᠬᠢᠶᠠᠯᠠᠭ᠎ᠠ ᠶᠢᠨ ᠮᠠᠯ ᠳᠠᠷᠢᠶᠠᠯᠠᠩ ᠤᠨ ᠤᠶᠢᠯᠡᠰ︾ ᠵᠡᠷᠬᠡ ᠡᠵᠡᠩᠨᠡᠯᠳᠠ ᠶᠢᠨ ᠵᠠᠭᠪᠤᠷ ᠢ ᠲᠦᠬᠡᠮᠡᠯᠵᠢᠬᠦᠯᠤᠨ᠂ | ᠰᠢᠨ᠎ᠠ ᠬᠡᠯᠪᠡᠷᠢ ᠶᠢᠨ ᠡᠵᠡᠩᠨᠡᠯᠳᠠ ᠶᠢᠨ ᠪᠡᠶᠡᠴᠢ ᠴᠤᠭᠴᠠ ᠶᠢᠨ ᠳᠠᠶᠢᠴᠢᠯᠠᠨ ᠳᠠᠭᠠᠭᠤᠯᠬᠤ ᠤᠶᠢᠯᠡᠳᠤᠯ ᠢ | ᠪᠠᠳᠠᠷᠠᠭᠠᠨ᠎ᠠ᠃ ᠭᠤᠷᠪᠠ ᠳᠤ᠂ ᠨᠡᠷᠡᠳᠤ ᠳᠡᠮᠳᠡᠭ ᠤᠨ ᠠᠵᠢᠯ ᠢ ᠰᠠᠶᠢᠳᠤᠷ ᠬᠢᠨ᠎ᠠ᠃ ᠮᠠᠯ ᠳᠠᠷᠢᠶᠠᠯᠠᠩ ᠤᠨ | ᠪᠦᠳᠤᠬᠡᠭᠳᠡᠬᠦᠨ ᠤ ᠡᠬᠢ ᠶᠢ ᠬᠡᠳᠡᠷᠬᠦ ᠨᠡᠬᠡᠮᠵᠢᠯᠡᠬᠦ ᠰᠢᠰᠲ᠋ᠧᠮ ᠤᠨ ᠪᠠᠶᠢᠭᠤᠯᠤᠯᠳᠠ ᠶᠢ ᠬᠦᠴᠤᠯᠡᠨ ᠠᠬᠢᠭᠤᠯᠵᠤ᠂ ᠮᠠᠯ | ᠳᠠᠷᠢᠶᠠᠯᠠᠩ ᠤᠨ ᠬᠦᠨᠤᠬᠡᠯ ᠦᠬᠡᠢ ᠪᠦᠳᠤᠬᠡᠭᠳᠡᠬᠦᠨ᠂ ᠪᠤᠬᠢᠷᠳᠤᠯ ᠦᠬᠡᠢ ᠢᠳᠡᠬᠡᠨ᠂ ᠮᠠᠯ ᠳᠠᠷᠢᠶᠠᠯᠠᠩ ᠤᠨ ᠤᠷᠭᠠᠨᠢᠭ | ᠪᠦᠳᠤᠬᠡᠭᠳᠡᠬᠦᠨ ᠤ ᠬᠡᠷᠡᠴᠢᠯᠠᠯ ᠬᠢᠬᠡᠤᠨ ᠮᠠᠯ ᠳᠠᠷᠢᠶᠠᠨ ᠤ ᠠᠰᠢᠭ ᠰᠢᠮ᠎ᠠ ᠶᠢᠨ ᠭᠠᠵᠠᠷ ᠵᠦᠢ ᠶᠢᠨ ᠢᠯᠡᠤᠨᠬᠡᠯ | ᠳᠠᠩᠰᠠᠯᠠᠯᠳᠠ ᠶᠢ ᠰᠠᠶᠢᠳᠤᠷ ᠬᠢᠨ᠂ ᠤᠷᠭᠠᠨᠢᠭ ᠡᠪᠡᠰᠤ ᠪᠡᠯᠴᠢᠬᠡᠷ ᠤᠨ ᠬᠡᠷᠡᠴᠢᠯᠠᠯ ᠤᠨ ᠠᠬᠢᠯᠳᠠ ᠶᠢ ᠲᠦᠷᠬᠡᠤᠨᠬᠡᠵᠤ᠂ | 2 ᠲᠦᠮᠡᠨ ᠮᠠᠯ ᠤᠨ ᠮᠢᠬ᠎ᠠ ᠶᠢ ᠬᠡᠳᠡᠷᠬᠦ ᠨᠡᠬᠡᠮᠵᠢᠯᠡᠬᠦ ᠬᠡᠷᠡᠴᠢᠯᠠᠯᠬᠡ ᠬᠢᠵᠤ᠂ ᠤᠯᠤᠰ᠂ ᠦᠪᠡᠷᠳᠡᠬᠡᠨ ᠵᠠᠰᠠᠬᠤ | ᠤᠷᠤᠨ ᠤ ᠳᠡᠰ ᠤᠨ ᠮᠠᠯ ᠳᠠᠷᠢᠶᠠᠯᠠᠩ ᠤᠨ ᠤᠷᠭᠠᠨᠢᠭ ᠪᠦᠳᠤᠬᠡᠭᠳᠡᠬᠦᠨ ᠤ ᠨᠡᠷᠡᠳᠤ ᠳᠡᠮᠳᠡᠭ ᠢ 2— 3 | ᠪᠤᠶᠢᠵᠢᠭᠤᠯᠤᠨ᠎ᠠ᠃ ᠲᠦᠷᠪᠡ ᠳᠤ᠂ ᠵᠠᠬ᠎ᠠ ᠳᠡᠯᠬᠡᠬᠦᠷ ᠢ ᠬᠦᠴᠤᠯᠡᠨ ᠦᠷᠬᠡᠤᠨᠬᠡᠨᠠ᠃ ᠳᠤᠯᠤᠭᠠᠶᠢᠯᠠᠭᠴᠢ ᠠᠵᠤ | ᠠᠬᠤᠶᠢᠯᠡᠯ ᠤᠨ ᠨᠢᠬᠡ ᠬᠤᠶᠠᠷ ᠭᠤᠷᠪᠠᠳᠤᠭᠠᠷ ᠤᠳᠠᠰᠤᠨ ᠤ ᠬᠤᠳᠠ ᠤᠳ ᠲᠤ ᠬᠦᠷᠴᠤ ᠰᠢᠭᠤᠤᠨ ᠡᠵᠡᠩᠨᠡᠯᠳᠠ ᠶᠢᠨ | ᠳᠡᠯᠬᠡᠬᠦᠷ ᠨᠡᠬᠡᠬᠡᠬᠦ ᠶᠢ ᠵᠤᠷᠢᠭᠵᠢᠭᠤᠯᠤᠨ᠂ ᠪᠤᠷᠤᠯᠠᠭᠤᠯᠭ᠎ᠠ ᠶᠢᠨ ᠳᠤᠤᠷ ᠢᠶᠠᠨ ᠬᠤᠳᠠ ᠤᠷᠤᠨ ᠵᠦᠭ ᠦᠷᠬᠡᠤᠨᠬᠡᠵᠤ᠂ | ︽ᠳᠠᠷᠢᠶᠠᠴᠢᠤᠨ ᠴᠢᠯᠤᠬᠡᠳᠤ ᠳᠡᠯᠬᠡᠬᠦᠷ ᠤᠨ ᠬᠠᠮᠳᠤᠷᠠᠯᠴᠠᠭ᠎ᠠ᠂ ᠳᠠᠷᠢᠶᠠᠴᠢᠤᠨ ᠨᠠᠶᠢᠬᠡᠮ ᠳᠤᠭᠤᠷᠢᠭ ᠤᠨ | ᠬᠠᠮᠳᠤᠷᠠᠯᠴᠠᠭ᠎ᠠ︾ ᠶᠢ ᠪᠡᠶᠡᠯᠡᠬᠦᠯᠤᠨ᠎ᠠ᠃ ︽ᠢᠨᠲ᠋ᠧᠷ ᠰᠦᠯᠵᠢᠶ᠎ᠡ+︾ ᠰᠢᠨ᠎ᠠ ᠠᠵᠤ ᠤᠶᠢᠯᠡᠰ ᠤᠨ ᠬᠡᠯᠪᠡᠷᠢ ᠶᠢ | ᠬᠦᠢᠴᠡᠤᠨ ᠪᠠᠳᠠᠷᠠᠭᠤᠯᠵᠤ᠂ ᠡᠯᠧᠺᠲᠷᠤᠨ ᠠᠷᠠᠯᠵᠢᠶ᠎ᠠ ᠪᠤᠷᠤᠯᠠᠭᠤᠯᠭ᠎ᠠ ᠶᠢᠨ ᠳᠡᠪᠴᠠᠩ ᠢ ᠳᠡᠰ ᠳᠡᠪᠰᠢᠬᠦᠯᠤᠨ | ᠳᠡᠮᠵᠢᠵᠤ ᠵᠤᠷᠢᠭᠵᠢᠭᠤᠯᠤᠨ᠂ ᠮᠠᠯ ᠳᠠᠷᠢᠶᠠᠨ ᠠᠰᠢᠭ ᠰᠢᠮ᠎ᠠ ᠶᠢ ᠵᠠᠬ᠎ᠠ ᠳᠡᠯᠬᠡᠬᠦᠷ ᠲᠤ ᠭᠠᠷᠭᠠᠬᠤ ᠵᠠᠮ ᠮᠦᠷ ᠢ | ᠰᠢᠯᠤᠭᠤᠤᠨᠬᠠᠨᠠ᠃ ᠢᠳᠡᠰᠢᠨ ᠨᠤᠭᠤᠭᠠᠨ ᠤ ᠰᠢᠨ᠎ᠠ ᠰᠤᠷᠭᠤᠭ ᠢ ᠪᠠᠳᠤᠯᠠᠵᠤ᠂ ᠮᠠᠯ ᠤᠨ ᠠᠰᠢᠭ ᠰᠢᠮ᠎ᠠ ᠶᠢ | ᠬᠦᠮᠤᠷᠬᠡᠯᠡᠬᠦ ᠪᠠᠷ ᠭᠤᠤᠯᠯᠠᠭᠤᠯᠤᠭᠰᠡᠨ ᠨᠢᠬᠡ ᠪᠦᠯᠦᠭ ᠬᠦᠷᠤᠬᠡᠨ ᠳᠠᠮᠵᠢᠭᠤᠯᠭ᠎ᠠ ᠶᠢᠨ ᠰᠢᠰᠲ᠋ᠧᠮ ᠢ ᠪᠠᠶᠢᠭᠤᠯᠵᠤ᠂ | ᠵᠠᠬ᠎ᠠ ᠳᠡᠯᠬᠡᠬᠦᠷ ᠤᠨ ᠦᠵᠤᠬᠦᠷᠰᠢᠯ ᠤᠨ ᠰᠠᠭᠤᠷᠢ ᠶᠢ ᠪᠠᠬᠢᠵᠢᠬᠦᠯᠤᠨ᠂ ᠤᠨᠴᠠᠯᠢᠭᠳᠤ ᠮᠠᠯ ᠳᠠᠷᠢᠶᠠᠯᠠᠩ ᠤᠨ | ᠪᠦᠳᠤᠬᠡᠭᠳᠡᠬᠦᠨ ᠤ ᠵᠠᠬ᠎ᠠ ᠳᠡᠯᠬᠡᠬᠦᠷ ᠲᠤ ᠭᠠᠷᠬᠤ ᠦᠷᠢᠰᠬᠦ ᠬᠦᠴᠤᠨ ᠢ ᠨᠡᠮᠡᠭᠳᠡᠬᠦᠯᠤᠨ᠎ᠠ᠃ ᠦᠨᠤ ᠵᠢᠯ ᠨᠢᠬᠡᠳᠤᠬᠡᠷ | ᠠᠵᠤ ᠤᠶᠢᠯᠡᠰ ᠤᠨ ᠨᠡᠮᠡᠭᠳᠡᠯ ᠦᠷᠳᠡᠭ ᠢ 12.9 ᠳ᠋ᠦᠩᠰᠢᠭᠤᠷ ᠪᠡᠶᠡᠯᠡᠬᠦᠯᠵᠤ᠂ 7.5% ᠨᠡᠮᠡᠭᠳᠡᠬᠦᠯᠤᠨ᠎ᠠ᠃ | ︵ᠲᠦᠷᠪᠠ︶ ᠤᠳᠤ ᠦᠶ᠎ᠡ ᠶᠢᠨ ᠤᠶᠢᠯᠡᠴᠢᠯᠡᠬᠡᠨ ᠤ ᠤᠶᠢᠯᠡᠰ ᠢ ᠬᠦᠭᠵᠢᠬᠡᠨ᠎ᠠ᠃ ᠨᠢᠬᠡ ᠳᠤ᠂ ᠰᠤᠶᠤᠯ | ᠵᠢᠭᠤᠯᠴᠢᠯᠠᠯ ᠤᠨ ᠤᠶᠢᠯᠡᠰ ᠤᠨ ᠬᠦᠭᠵᠢᠯᠳᠠ ᠶᠢ ᠠᠮᠢᠳᠤᠯᠢᠭᠵᠢᠭᠤᠯᠤᠨ᠎ᠠ᠃ ᠶᠡᠭᠡ ᠳᠤᠬᠤᠢ᠂ ᠵᠢᠷᠠᠨ ᠬᠠᠶᠢᠯᠠᠰᠤ᠂ | ᠪᠠᠶᠠᠨᠰᠢᠪᠠᠷ ᠤᠨ ᠴᠠᠶᠢᠳᠠᠮ ᠵᠡᠷᠬᠡ ᠤᠨᠴᠠᠯᠢᠭᠳᠤ ᠦᠵᠡᠮᠵᠢ ᠶᠢᠨ ᠤᠷᠤᠨ ᠢ ᠨᠡᠬᠡᠬᠡᠯᠳᠠ ᠬᠢᠵᠤ᠂ ᠶᠠᠨ ᠠᠨ ᠤ | ᠦᠨᠳᠤᠰᠤᠳᠠᠨ ᠤ ᠳᠡᠬᠡᠳᠤ ᠰᠤᠷᠭᠠᠭᠤᠯᠢ ᠶᠢᠨ ᠪᠤᠯᠪᠠᠰᠤᠷᠠᠯ ᠤᠨ ᠲᠦᠪ ᠢ ᠪᠠᠶᠢᠭᠤᠯᠤᠨ᠂ ᠵᠡᠬᠦᠨᠰᠢ ᠳᠡᠯᠡᠭᠰᠡᠨ | ᠵᠢᠭᠤᠯᠴᠢᠯᠠᠯ ᠤᠨ ᠵᠠᠬ᠎ᠠ ᠳᠡᠯᠬᠡᠬᠦᠷ ᠢ ᠦᠷᠬᠡᠤᠨᠬᠡᠵᠤ᠂ ᠵᠡᠬᠦᠨ ᠪᠠᠷᠠᠭᠤᠨ ᠬᠤᠶᠠᠷ ᠳᠠᠯ᠎ᠠ ᠪᠠᠷ ᠵᠤᠬᠢᠴᠠᠩᠭᠤᠢ ᠬᠦᠭᠵᠢᠨ | ᠬᠠᠷᠢᠯᠴᠠᠨ ᠨᠦᠬᠦᠪᠤᠷᠢᠯᠡᠭᠰᠡᠨ ᠵᠢᠭᠤᠯᠴᠢᠯᠠᠯ ᠤᠨ ᠤᠶᠢᠯᠡᠰ ᠤᠨ ᠬᠦᠭᠵᠢᠯᠳᠠ ᠶᠢᠨ ᠳᠤᠭᠳᠠᠯᠴᠠᠭ᠎ᠠ ᠶᠢ | ᠪᠦᠷᠢᠯᠳᠤᠬᠦᠯᠤᠨ᠎ᠠ᠃ ᠤᠯᠵᠠᠴᠢ ᠶᠢᠨ ᠵᠢᠭᠤᠯᠴᠢᠤᠨ ᠤᠨ ᠲᠦᠪ ᠬᠢᠬᠡᠤᠨ ᠳᠤᠭᠯᠠᠯᠳᠠ ᠶᠢᠨ ᠲᠦᠪ ᠢ ᠡᠵᠡᠩᠨᠡᠨ᠂ | ᠭᠤᠤᠯ ᠵᠠᠮ ᠱᠤᠭᠤᠮ ᠳᠠᠭᠠᠤ ᠵᠢᠭᠤᠯᠴᠢᠯᠠᠯ ᠰᠡᠯᠡᠬᠦᠴᠡᠯ ᠤᠨ ᠦᠷᠳᠡᠭᠡ ᠪᠠᠶᠢᠭᠤᠯᠵᠤ᠂ ᠤᠶᠢᠷ᠎ᠠ ᠬᠠᠪᠢ ᠶᠢᠨ ᠮᠤᠵᠢ | ᠤᠷᠤᠨ ᠤ ᠭᠤᠤᠯᠳᠠᠯᠭᠠᠳᠤ ᠵᠢᠭᠤᠯᠴᠢᠯᠠᠯ ᠤᠨ ᠭᠠᠵᠠᠷ ᠵᠢᠭᠠᠭᠰᠡᠨ ᠫᠠᠶᠢᠰᠠ ᠢᠯᠡᠷᠬᠡᠶᠢᠯᠡᠯ ᠢ ᠳᠡᠬᠦᠯᠳᠡᠷᠵᠢᠬᠦᠯᠵᠤ᠂ | ᠵᠢᠭᠤᠯᠴᠢᠤᠨ ᠲᠤ ᠪᠦᠬᠦ ᠳᠠᠯ᠎ᠠ ᠶᠢᠨ ᠲᠦᠪᠯᠡᠷᠡᠩᠬᠦᠢ ᠤᠶᠢᠯᠡᠴᠢᠯᠡᠭᠡ ᠬᠠᠩᠭᠠᠨ᠎ᠠ᠃ ᠤᠯᠤᠰ ᠤᠨ ᠳᠡᠰ ᠤᠨ ᠠᠮᠢ | ᠠᠬᠤᠢ ᠶᠢᠨ ᠬᠠᠮᠠᠭᠠᠯᠠᠯᠳᠠ ᠶᠢᠨ ᠤᠷᠤᠨ ᠤ ᠲᠦᠷᠤᠯ ᠵᠦᠢᠯ ᠢ ᠳᠡᠮᠡᠴᠡᠨ ᠤᠯᠵᠤ᠂ ᠪᠠᠶᠠᠨᠰᠢᠪᠠᠷ ᠤᠨ ᠨᠤᠭᠤ ᠭᠠᠵᠠᠷ | ᠤᠨ ᠬᠦᠷᠢᠶᠡᠯᠡᠩ᠂ ᠵᠢᠷᠠᠨ ᠬᠠᠶᠢᠯᠠᠰᠤ ᠶᠢᠨ ᠠᠮᠢ ᠠᠬᠤᠢ ᠶᠢᠨ ᠴᠡᠴᠡᠷᠯᠢᠭ ᠬᠢᠬᠡᠤᠨ ᠳᠤᠯᠤᠨ ᠮᠠᠩᠬᠠᠨ ᠴᠡᠴᠡᠷᠯᠢᠭ ᠤᠨ | ᠪᠠᠶᠢᠭᠤᠯᠤᠯᠳᠠ ᠶᠢ ᠭᠤᠶᠤᠪᠴᠢᠯᠠᠵᠤ ᠮᠡᠳᠡᠬᠦᠯᠤᠨ᠂ ᠳᠡᠰ ᠲᠦᠪᠰᠢᠨ ᠢ ᠨᠢ ᠳᠡᠬᠡᠭᠰᠢᠯᠡᠬᠦᠯᠤᠨ᠎ᠠ᠃ ᠰᠤᠶᠤᠯ | ᠵᠢᠭᠤᠯᠴᠢᠯᠠᠯ ᠤᠨ ᠠᠭᠤᠰᠤᠯᠴᠠᠭᠰᠡᠨ ᠬᠦᠭᠵᠢᠯᠳᠠ ᠶᠢ ᠠᠬᠢᠭᠤᠯᠵᠤ᠂ ᠶᠢᠤᠵᠸᠤ ᠬᠤᠳᠠ ᠶᠢᠨ ᠪᠠᠭᠤᠷᠢ ᠶᠢ ᠬᠠᠮᠠᠭᠠᠯᠠᠨ | ᠰᠡᠯᠪᠢᠬᠦ ᠪᠠ ᠳᠠᠬᠢᠯᠳᠤ ᠶᠢᠨ ᠠᠵᠢᠯᠯᠠᠬᠤ ᠬᠤᠷᠢᠶ᠎ᠠ ᠶᠢ ᠦᠬᠡᠷᠡᠴᠢᠯᠡᠬᠦ ᠢᠨᠵᠧᠨᠧᠷᠢᠩ ᠢ ᠬᠡᠷᠡᠭᠵᠢᠬᠦᠯᠤᠨ᠂ ᠬᠠᠷᠢ | ᠵᠢᠷᠭᠤᠭᠠᠨ ᠵᠠᠬᠢᠷᠭ᠎ᠠ ᠶᠢᠨ ᠰᠤᠶᠤᠯ ᠢ ᠠᠭᠤᠳᠠᠯᠠᠵᠤ᠂ ᠬᠠᠷᠢ ᠵᠢᠷᠭᠤᠭᠠᠨ ᠵᠠᠬᠢᠷᠭ᠎ᠠ ᠶᠢᠨ ᠮᠦᠽᠸᠢ ᠪᠠᠶᠢᠭᠤᠯᠵᠤ᠂ ︽ | ᠡᠯᠡᠰᠤᠨ ᠴᠦᠯ ᠤᠨ ᠳᠡᠷᠬᠡᠨ ᠤᠷᠤᠯᠳᠤᠭᠠᠨ ᠤ ᠨᠠᠶᠢᠷ︾᠂ ︽ᠴᠠᠬᠢᠷᠮ᠎ᠠ ᠴᠡᠴᠡᠭ ᠰᠡᠬᠦᠳᠡᠷ ᠤᠷᠠᠯᠢᠭ ᠤᠨ ᠨᠠᠶᠢᠷ︾ | ᠂ ︽ᠭᠤᠯᠤᠮᠳᠠ ᠭᠠᠯ ᠳᠠᠬᠢᠯᠭ᠎ᠠ︾᠂ ︽ᠨᠠᠭᠠᠳᠤᠮ︾ ᠵᠡᠷᠬᠡ ᠪᠠᠶᠠᠷ ᠴᠡᠩᠬᠡᠯ ᠤᠨ ᠠᠵᠢᠯᠯᠠᠭ᠎ᠠ ᠡᠷᠬᠢᠯᠡᠨ᠂ | ᠵᠢᠭᠤᠯᠴᠢᠯᠠᠯ ᠤᠨ ᠤᠴᠢᠷ ᠤᠤᠠᠬ᠎ᠠ ᠶᠢ ᠪᠠᠶᠠᠯᠢᠭᠵᠢᠭᠤᠯᠤᠨ᠎ᠠ᠃ ᠵᠢᠭᠤᠯᠴᠢᠯᠠᠯ ᠤᠨ ᠴᠢᠮᠡᠭᠡ ᠵᠠᠩᠬᠢ ᠶᠢᠨ ᠳᠠᠪᠴᠠᠩ | ᠪᠠᠶᠢᠭᠤᠯᠤᠨ᠂ ᠨᠢᠩᠰᠢᠶᠠ ᠵᠡᠷᠬᠡ ᠬᠠᠪᠢ ᠭᠠᠵᠠᠷ ᠤᠷᠤᠨ ᠤ ᠵᠢᠭᠤᠯᠴᠢᠯᠠᠯ ᠤᠨ ᠺᠤᠮᠫᠠᠨᠢ ᠪᠠ ᠰᠢᠶᠧ ᠴᠧᠩ᠂ ᠲᠥᠩ | ᠴᠧᠩ ᠵᠡᠷᠬᠡ ᠳᠤᠮᠤ ᠠᠵᠤ ᠠᠬᠤᠶᠢᠯᠠᠯ᠂ ᠳᠤᠮᠤ ᠳᠠᠪᠴᠠᠩ ᠯᠤᠭ᠎ᠠ ᠶᠢᠨ ᠵᠢᠭᠤᠯᠴᠢᠯᠠᠯ ᠤᠨ ᠬᠠᠮᠳᠤᠷᠠᠯᠴᠠᠭ᠎ᠠ ᠶᠢ | ᠴᠢᠩᠭᠠᠤᠨᠬᠠᠵᠤ᠂ ᠤᠳᠤᠭ ᠤᠨ ᠡᠮᠤᠨᠡᠳᠤ ᠬᠤᠰᠢᠭᠤ ᠪᠠᠨ ᠰᠤᠷᠳᠠᠯᠴᠢᠯᠠᠨ᠂ ᠨᠠᠷᠠ ᠠᠯᠳᠠᠷᠰᠢᠯ ᠢ ᠨᠢ ᠮᠠᠨᠳᠤᠭᠤᠯᠵᠤ᠂ | ᠵᠢᠭᠤᠯᠴᠢᠯᠠᠯ ᠤᠨ ᠤᠬᠠᠭᠤᠯᠤᠯ ᠢ ᠰᠠᠶᠢᠳᠤᠷ ᠬᠢᠨ᠎ᠠ᠃ ᠬᠦᠳᠡᠭᠡ ᠨᠤᠳᠤᠭ ᠤᠨ ᠴᠡᠯᠮᠡᠭ ᠠᠭᠠᠷ᠂ ᠴᠡᠯᠡᠬᠡᠷ ᠳᠠᠯ᠎ᠠ᠂ | ᠴᠡᠩᠬᠡᠭ ᠠᠮᠢᠰᠬᠤᠯ ᠪᠤᠯᠤᠨ ᠦᠪᠡᠷᠮᠢᠴᠠ ᠭᠤᠴᠤ ᠰᠤᠶᠤᠯ ᠢᠷᠬᠡᠨᠰᠢᠯ ᠳᠤ ᠲᠦᠰᠢᠭᠯᠡᠨ᠂ ᠰᠡᠯᠡᠬᠦᠴᠡᠯ ᠵᠤᠭᠠᠴᠠᠯ᠂ | ᠵᠢᠭᠤᠯᠴᠢᠯᠠᠯ ᠰᠤᠨᠢᠭᠤᠴᠢᠯᠠᠯ᠂ ᠡᠷᠡᠬᠦᠯᠵᠢᠯ ᠰᠤᠪᠢᠯᠠᠯ ᠬᠢᠬᠡᠤᠨ ᠮᠠᠯ ᠳᠠᠷᠢᠶᠠᠨ ᠤᠶᠢᠯᠡ ᠶᠢᠨ ᠳᠠᠪᠳᠠᠯᠳᠠ ᠰᠤᠷᠢᠯᠳᠠ | ᠶᠢ ᠬᠦᠭᠵᠢᠬᠦᠯᠵᠤ᠂ ᠮᠠᠯᠵᠢᠬᠤ ᠳᠠᠷᠢᠶᠠᠯᠠᠬᠤ ᠤᠷᠤᠨ ᠢ ᠬᠦᠭᠵᠢᠬᠦᠯᠤᠨ᠂ ᠮᠠᠯᠴᠢᠨ ᠳᠠᠷᠢᠶᠠᠴᠢᠤᠨ ᠢ | ᠴᠢᠨᠡᠬᠡᠯᠢᠭᠵᠢᠬᠦᠯᠬᠦ ᠳᠤᠯᠭᠠᠭᠤᠷᠢᠯᠠᠯ ᠰᠢᠨ᠎ᠠ ᠠᠵᠤ ᠤᠶᠢᠯᠡᠰ ᠪᠤᠯᠭᠠᠨ᠎ᠠ᠃ ᠳᠤᠰ ᠵᠢᠯ ᠳᠤ ︽ᠮᠠᠯᠴᠢᠨ ᠠᠶᠢᠯ ᠤᠨ | ᠵᠤᠭᠠᠴᠠᠯ ᠳᠠᠷᠢᠶᠠᠴᠢᠨ ᠠᠶᠢᠯ ᠤᠨ ᠪᠠᠶᠠᠰᠤᠯ︾ ᠤᠨ ᠤᠳᠤᠨ ᠳᠡᠰᠳᠤ ᠬᠦᠯᠢᠶᠡᠨ ᠵᠤᠴᠢᠯᠠᠬᠤ ᠡᠷᠤᠬᠡ ᠶᠢ 100 | ᠠᠴᠠ ᠳᠡᠬᠡᠭᠰᠢ ᠬᠦᠭᠵᠢᠬᠦᠯᠵᠤ᠂ ᠬᠤᠰᠢᠭᠤ ᠬᠡᠪᠴᠢᠶᠠᠨ ᠳᠤ 90 ᠲᠦᠮᠡᠨ ᠬᠦᠮᠤᠨ ᠤᠳᠠᠭ᠎ᠠ ᠶᠢᠨ ᠵᠢᠭᠤᠯᠴᠢᠤᠨ | ᠬᠦᠯᠢᠶᠡᠵᠤ ᠵᠤᠴᠢᠯᠠᠨ᠂ ᠵᠢᠭᠤᠯᠴᠢᠯᠠᠯ ᠤᠨ ᠤᠷᠤᠯᠭ᠎ᠠ ᠶᠢ 25 ᠳ᠋ᠦᠩᠰᠢᠭᠤᠷ ᠲᠦᠬᠦᠷᠢᠭ ᠬᠦᠷᠬᠡᠨ᠎ᠠ᠃ ᠬᠤᠶᠠᠷ ᠲᠤ | ᠂ ᠡᠷᠡᠬᠦᠯᠵᠢᠯ ᠰᠤᠪᠢᠯᠠᠯ ᠤᠨ ᠠᠵᠤ ᠤᠶᠢᠯᠡᠰ ᠢ ᠲᠦᠷᠬᠡᠤᠨᠬᠡᠨ ᠬᠦᠭᠵᠢᠬᠦᠯᠤᠨ᠎ᠠ᠃ ᠨᠠᠶᠢᠬᠡᠮ ᠤᠨ ᠬᠦᠴᠤᠨ ᠤ | ᠡᠷᠡᠬᠦᠯᠵᠢᠯ ᠰᠤᠪᠢᠯᠠᠯ ᠨᠠᠰᠤᠵᠢᠯ ᠵᠡᠷᠬᠡ ᠶᠢᠨ ᠤᠶᠢᠯᠡᠴᠢᠯᠡᠬᠡᠨ ᠤ ᠭᠠᠵᠠᠷ ᠪᠠᠶᠢᠭᠤᠯᠬᠤ ᠶᠢ ᠳᠠᠮᠵᠢᠨ ᠵᠤᠷᠢᠭᠵᠢᠭᠤᠯᠤᠨ᠎ᠠ | ᠃ ᠵᠢᠯ ᠤᠨ ᠳᠤᠳᠤᠷ᠎ᠠ ᠠᠵᠠᠳᠠᠢ ᠡᠷᠡᠬᠦᠯᠵᠢᠯ ᠰᠤᠪᠢᠯᠠᠯ ᠤᠨ ᠬᠦᠷᠢᠶᠡᠯᠡᠩ ᠤᠨ ᠨᠢᠬᠡᠳᠤᠬᠡᠷ ᠬᠤᠭᠤᠴᠠᠭᠠᠨ ᠤ | ᠢᠨᠵᠧᠨᠧᠷᠢᠩ ᠢ ᠡᠬᠢᠯᠡᠬᠦᠯᠤᠨ ᠠᠰᠢᠭᠯᠠᠯᠳᠠ ᠳᠤ ᠤᠷᠤᠭᠤᠯᠵᠤ᠂ ᠤᠶᠢᠷ᠎ᠠ ᠬᠠᠪᠢ ᠶᠢ ᠳᠠᠶᠢᠴᠢᠯᠠᠵᠤ᠂ ᠬᠡᠷᠡᠭᠯᠡᠭᠡ ᠶᠢ | ᠬᠦᠭᠵᠢᠬᠡᠭᠰᠡᠨ ᠤᠨᠴᠠᠯᠢᠭᠳᠤ ᠠᠵᠤ ᠤᠶᠢᠯᠡᠰ ᠢ ᠪᠦᠳᠤᠬᠡᠨᠠ᠃ ᠡᠷᠡᠬᠦᠯᠵᠢᠯ ᠰᠤᠪᠢᠯᠠᠯ ᠨᠠᠰᠤᠵᠢᠯ ᠤᠨ ᠠᠵᠤ | ᠤᠶᠢᠯᠡᠰ ᠤᠨ ᠬᠦᠭᠵᠢᠯᠳᠠ ᠶᠢᠨ ᠳᠤᠬᠢᠶᠠᠯ ᠢ ᠡᠵᠡᠮᠳᠡᠨ᠂ ᠲᠦᠪᠡᠤᠨ ᠤᠨ ᠮᠠᠯᠴᠢᠤᠨ ᠤᠨ ᠰᠢᠨ᠎ᠠ ᠳᠤᠰᠬᠤᠨ ᠤ | ᠬᠦᠷᠤᠩᠬᠡ ᠶᠢ ᠠᠮᠢᠳᠤᠯᠢᠭᠵᠢᠭᠤᠯᠵᠤ ᠠᠰᠢᠭᠯᠠᠨ᠎ᠠ᠃ ᠭᠤᠷᠪᠠ ᠳᠤ᠂ ᠢᠨᠲ᠋ᠧᠷ ᠰᠦᠯᠵᠢᠶ᠎ᠡ ᠶᠢᠨ ᠠᠵᠤ ᠠᠬᠤᠢ ᠶᠢ | ᠲᠦᠷᠬᠡᠤᠨᠬᠡᠨ ᠬᠦᠭᠵᠢᠬᠦᠯᠤᠨ᠎ᠠ᠃ ᠡᠯᠧᠺᠲᠷᠤᠨ ᠠᠷᠠᠯᠵᠢᠶᠠᠨ ᠤ ᠤᠶᠢᠯᠡᠰ ᠤᠨ ᠲᠦᠷᠬᠡᠨ ᠬᠦᠭᠵᠢᠯᠳᠠ ᠶᠢᠨ ᠵᠠᠬ᠎ᠠ | ᠳᠡᠯᠬᠡᠬᠦᠷ ᠤᠨ ᠳᠠᠯᠳᠠ ᠬᠦᠴᠤᠨ ᠢ ᠠᠤᠨᠬᠤᠵᠤ᠂ ︽ᠢᠨᠲ᠋ᠧᠷ ᠰᠦᠯᠵᠢᠶ᠎ᠡ+︾ ᠲᠦᠯᠤᠪᠯᠡᠭᠡ ᠶᠢ ᠬᠡᠷᠡᠭᠵᠢᠬᠦᠯᠵᠤ᠂ | ᠮᠠᠯ ᠳᠠᠷᠢᠶᠠᠯᠠᠩ ᠤᠨ ᠪᠦᠳᠤᠬᠡᠭᠳᠡᠬᠦᠨ᠂ ᠤᠨᠴᠠᠯᠢᠭᠳᠤ ᠢᠳᠡᠬᠡᠨ ᠤᠮᠳᠠᠭᠠᠨ ᠢ ᠰᠦᠯᠵᠢᠶᠡᠨ ᠳᠡᠬᠡᠷ᠎ᠠ ᠪᠤᠷᠤᠯᠠᠭᠤᠯᠵᠤ᠂ | ᠢᠨᠲ᠋ᠧᠷ ᠰᠦᠯᠵᠢᠶ᠎ᠠ ᠪᠠ ᠠᠵᠤ ᠠᠬᠤᠢ ᠶᠢᠨ ᠠᠭᠤᠰᠤᠯᠴᠠᠯ ᠤᠨ ᠬᠦᠨᠴᠠ ᠪᠠ ᠦᠷᠬᠡᠴᠠ ᠶᠢ ᠦᠷᠬᠡᠤᠨᠬᠡᠨᠠ᠃ | ᠱᠦᠬᠦᠮᠠᠯ ᠳᠤᠰᠤ᠂ ᠬᠠᠭᠤᠷᠤᠭᠰᠡᠨ ᠠᠮᠤ᠂ ᠬᠠᠳᠠᠭᠠᠭᠰᠡᠨ ᠮᠢᠬ᠎ᠠ ᠵᠡᠷᠬᠡ ᠤᠨᠴᠠᠯᠢᠭᠳᠤ ᠢᠳᠡᠬᠡᠨ ᠳᠤ ︽ᠭᠠᠳᠠᠭᠰᠢ | ᠭᠠᠷᠭᠠᠬᠤ︾ ᠪᠠᠶᠢᠯᠳᠤᠬᠤ ᠪᠤᠳᠤᠯᠭ᠎ᠠ ᠬᠡᠷᠡᠭᠵᠢᠬᠦᠯᠵᠤ᠂ ᠨᠢᠬᠡ ᠪᠦᠯᠦᠭ ᠳᠤᠰ ᠭᠠᠵᠠᠷ ᠤᠨ ᠳᠤᠮᠳᠠ ᠵᠢᠵᠢᠭ ᠠᠵᠤ | ᠠᠬᠤᠶᠢᠯᠡᠯ ᠢ ᠬᠦᠮᠤᠵᠢᠬᠦᠯᠵᠤ᠂ ᠭᠠᠵᠠᠷ ᠤᠷᠤᠨ ᠤ ᠨᠡᠷᠡᠳᠤ ᠳᠡᠮᠳᠡᠭ ᠢ ᠪᠤᠢ ᠪᠤᠯᠭᠠᠨ᠂ ᠠᠷᠠᠤᠨ ᠲᠦᠮᠡᠨ ᠢ | ᠳᠠᠶᠢᠴᠢᠯᠠᠨ ᠤᠷᠤᠯᠭ᠎ᠠ ᠶᠢ ᠨᠢ ᠨᠡᠮᠡᠭᠳᠡᠬᠦᠯᠤᠨ ᠪᠠᠶᠠᠵᠢᠭᠤᠯᠤᠨ᠎ᠠ᠃ ᠲᠦᠷᠪᠠ ᠳᠤ᠂ ᠤᠶᠢᠯᠡᠤᠨᠪᠤᠷᠢᠯᠡᠯ ᠤᠨ ᠴᠢᠨᠠᠷᠳᠤ | ᠤᠶᠢᠯᠡᠴᠢᠯᠡᠬᠡᠨ ᠤ ᠤᠶᠢᠯᠡᠰ ᠢ ᠲᠦᠷᠬᠡᠤᠨᠬᠡᠨ᠎ᠠ᠃ ᠤᠯᠵᠠᠴᠢ ᠶᠢᠨ ᠶᠡᠷᠤᠩᠬᠡᠶᠢᠯᠡᠭᠰᠡᠨ ᠪᠤᠳᠠᠰ ᠤᠨ ᠬᠦᠢᠯᠬᠡᠬᠡᠨ ᠤ | ᠬᠦᠷᠢᠶᠡᠯᠡᠩ᠂ ᠱᠠᠩᠬᠠᠢ ᠶᠢᠨ ᠰᠦᠮ᠎ᠠ ᠶᠢᠨ ᠨᠡᠬᠦᠷᠡᠰᠤᠨ ᠬᠦᠢᠯᠬᠡᠬᠡᠨ ᠤ ᠬᠦᠷᠢᠶᠡᠯᠡᠩ ᠢ ᠡᠬᠢᠯᠡᠨ ᠪᠡᠶᠢᠭᠤᠯᠵᠤ᠂ | ᠭᠠᠵᠠᠷ ᠤᠷᠤᠨ ᠤ ᠴᠢᠨᠠᠷᠳᠤ ᠪᠤᠳᠠᠰ ᠤᠨ ᠬᠦᠢᠯᠬᠡᠬᠡᠨ ᠤ ᠲᠦᠪᠯᠡᠷᠡᠬᠦᠯᠬᠦ ᠳᠠᠷᠬᠠᠭᠠᠬᠤ ᠭᠠᠵᠠᠷ ᠢ ᠪᠠᠶᠢᠭᠤᠯᠤᠨ᠎ᠠ᠃ | ᠮᠦᠩᠬᠦᠨ ᠬᠦᠢᠯᠬᠡᠬᠡᠨ ᠤ ᠪᠠᠶᠢᠭᠤᠯᠤᠮᠵᠢ ᠶᠢᠨ ᠠᠵᠢᠯ ᠤᠶᠢᠯᠡᠰ ᠢᠶᠠᠨ ᠦᠷᠬᠡᠤᠨᠬᠡᠬᠦ ᠶᠢ ᠢᠳᠡᠪᠬᠢᠳᠠᠢ ᠵᠤᠷᠢᠭᠵᠢᠭᠤᠯᠵᠤ | ᠂ ᠮᠠᠯ ᠳᠠᠷᠢᠶᠠᠯᠠᠩ ᠳᠤ ᠬᠤᠯᠪᠤᠭᠳᠠᠬᠤ ᠵᠢᠬᠡᠯᠡᠯᠬᠡ᠂ ᠳᠤᠮᠳᠠ ᠵᠢᠵᠢᠭ ᠵᠢᠬᠡᠯᠡᠯᠬᠡ ᠶᠢ 30 ᠳ᠋ᠦᠩᠰᠢᠭᠤᠷ ᠲᠦᠬᠦᠷᠢᠭ | ᠠᠴᠠ ᠳᠡᠬᠡᠭᠰᠢ ᠳᠠᠯᠪᠢᠵᠤ᠂ ᠠᠳᠠᠯᠢ ᠬᠤᠭᠤᠴᠠᠭᠠᠨ ᠤ ᠬᠢ ᠠᠴᠠ 10% ᠨᠡᠮᠡᠭᠳᠡᠬᠦᠯᠤᠨ᠎ᠠ᠃ | ︵ᠳᠠᠪᠤ︶ ᠭᠠᠵᠠᠷ ᠤᠷᠤᠨ ᠤ ᠬᠦᠭᠵᠢᠯᠳᠠ ᠶᠢᠨ ᠤᠷᠴᠢᠨ ᠢ ᠬᠦᠴᠤᠯᠡᠨ ᠰᠢᠯᠢᠳᠡᠭᠵᠢᠬᠦᠯᠤᠨ᠎ᠠ᠃ ᠨᠢᠬᠡ ᠳᠤ᠂ | ᠬᠡᠪ ᠴᠢᠨᠰᠠᠭᠠᠳᠤ ᠬᠤᠳᠠ ᠪᠠᠯᠭᠠᠰᠤᠨ ᠤ ᠪᠠᠶᠢᠭᠤᠯᠤᠯᠳᠠ ᠶᠢ ᠲᠦᠷᠬᠡᠤᠨᠬᠡᠨ ᠠᠬᠢᠭᠤᠯᠤᠨ᠎ᠠ᠃ ︽ᠪᠦᠬᠦ ᠤᠯᠤᠰ ᠤᠨ | ᠰᠢᠶᠠᠨ ᠤ ᠳᠡᠰ ᠤᠨ ᠪᠤᠯᠪᠠᠰᠤᠨ ᠬᠤᠳᠠ︾ ᠶᠢᠨ ᠪᠠᠶᠢᠭᠤᠯᠤᠯᠳᠠ ᠶᠢ ᠬᠤᠳᠠ ᠪᠠᠯᠭᠠᠰᠤᠨ ᠤ ᠪᠠᠶᠢᠭᠤᠯᠤᠯᠳᠠ ᠶᠢᠨ | ᠪᠦᠬᠦ ᠭᠤᠭᠴᠤᠭᠠᠨ ᠳᠤ ᠳᠤᠤᠱᠯᠠᠭᠤᠯᠵᠤ᠂ ᠶᠡᠷᠤᠩᠬᠡᠢ ᠬᠡᠮᠵᠢᠶ᠎ᠡ ᠶᠢ ᠳᠤᠭᠳᠠᠭᠠᠨ᠂ ᠬᠦᠷᠤᠩᠬᠡ ᠶᠢ | ᠠᠮᠢᠳᠤᠯᠢᠭᠵᠢᠭᠤᠯᠵᠤ᠂ ᠳᠤᠳᠠᠭᠳᠠᠯ ᠢᠶᠠᠨ ᠨᠦᠬᠦᠪᠤᠷᠢᠯᠡᠨ᠂ ᠬᠤᠳᠠ ᠪᠠᠯᠭᠠᠰᠤᠵᠢᠯᠳᠠ ᠶᠢᠨ ᠲᠦᠪᠰᠢᠨ ᠢ ᠪᠦᠬᠦ | ᠳᠠᠯ᠎ᠠ ᠪᠠᠷ ᠳᠡᠬᠡᠭᠰᠢᠯᠡᠬᠦᠯᠤᠨ᠎ᠠ᠃ ᠤᠯᠵᠠᠴᠢ ᠪᠠᠯᠭᠠᠰᠤ ᠶᠡᠭᠡ ᠵᠠᠮ ᠤᠨ ᠠᠮᠠ ᠪᠤᠯᠤᠨ ᠬᠠᠭᠤᠴᠢᠨ ᠰᠠᠭᠤᠭᠠᠯᠢ | ᠳᠤᠭᠤᠷᠢᠭ ᠤᠨ ᠦᠬᠡᠷᠡᠴᠢᠯᠡᠯᠳᠠ ᠶᠢ ᠭᠤᠤᠯᠳᠠᠯᠭᠠᠳᠠᠢ ᠠᠤᠨᠬᠤᠵᠤ᠂ ᠳᠡᠬᠦᠷᠬᠡ ᠤᠷᠤᠨ ᠤ ᠰᠠᠭᠤᠭᠠᠯᠢ ᠳᠤᠭᠤᠷᠢᠭ | ᠤᠨ ᠪᠤᠬᠢᠷ ᠤᠰᠤ ᠪᠤᠯᠤᠨ ᠪᠠᠯᠭᠠᠰᠤᠨ ᠳᠤᠭᠤᠷᠢᠭ ᠤᠨ ᠬᠤᠭ ᠨᠤᠪᠰᠢ ᠶᠢ ᠬᠦᠨᠤᠬᠡᠯ ᠦᠬᠡᠢ ᠰᠢᠢᠤᠨᠪᠤᠷᠢᠯᠡᠬᠦ | ᠲᠦᠬᠦᠬᠡᠷᠤᠮᠵᠢ ᠶᠢ ᠬᠦᠴᠤᠯᠡᠨ ᠰᠠᠶᠢᠵᠢᠷᠠᠭᠤᠯᠵᠤ᠂ ᠨᠢᠬᠡ ᠪᠦᠯᠦᠭᠠᠵᠤ ᠠᠬᠤᠶᠢᠯᠡᠯ ᠤᠨ ᠠᠮᠢᠳᠤᠷᠠᠯ ᠤᠨ ᠰᠠᠭᠤᠷᠢᠨ | ᠢ ᠪᠠᠶᠢᠭᠤᠯᠤᠨ᠂ ᠬᠤᠰᠢᠭᠤᠨ ᠲᠦᠪ ᠢᠶᠠᠨ ᠳᠤᠬᠢᠯᠢᠭ ᠰᠠᠶᠢᠬᠠᠨ ᠠᠮᠢᠵᠢᠷᠠᠯ ᠪᠢᠯᠬᠠᠭᠰᠡᠨ ᠪᠠᠯᠭᠠᠰᠤ ᠪᠤᠯᠭᠠᠨ᠎ᠠ᠃ | ᠱᠠᠩᠬᠠᠢ ᠶᠢᠨ ᠰᠦᠮ᠎ᠠ ᠪᠠᠯᠭᠠᠰᠤ ᠰᠠᠨᠠᠭᠠᠴᠢᠯᠠᠭ᠎ᠠ ᠲᠠᠢ ᠪᠠᠷ ᠢᠷᠭᠠᠢ ᠲᠠᠢ ᠠᠭᠤᠰᠤᠯᠴᠠᠨ᠂ ᠬᠦᠩᠬᠡᠨ ᠳᠡᠮᠤᠷ ᠵᠠᠮ | ᠤᠨ ᠦᠷᠳᠡᠭᠡ ᠪᠠᠶᠢᠭᠤᠯᠬᠤ ᠪᠠᠷ ᠬᠦᠴᠤᠯᠡᠵᠤ᠂ ᠢᠷᠭᠠᠢ᠂ ᠨᠢᠩ ᠳ᠋ᠦᠩ᠂ ᠪᠢᠨ ᠾᠧ ᠰᠢᠨ᠎ᠠ ᠳᠤᠭᠤᠷᠢᠭ᠂ | ᠱᠠᠩᠬᠠᠢ ᠶᠢᠨ ᠰᠦᠮ᠎ᠠ ᠶᠢᠨ ᠬᠤᠳᠠ ᠶᠢᠨ ᠬᠤᠭᠤᠷᠤᠨᠳᠤᠬᠢ ᠵᠠᠮ ᠱᠤᠭᠤᠮ ᠢ ᠨᠡᠪᠳᠡᠷᠡᠬᠦᠯᠤᠨ᠎ᠠ᠃ ᠠᠮᠢᠳᠤᠷᠠᠯ | ᠤᠶᠢᠯᠡᠤᠨᠪᠤᠷᠢᠯᠡᠯ ᠤᠨ ᠴᠢᠨᠠᠷᠳᠠᠢ ᠤᠶᠢᠯᠡᠴᠢᠯᠡᠬᠡᠨ ᠤ ᠤᠶᠢᠯᠡᠰ ᠢ ᠬᠦᠭᠵᠢᠬᠦᠯᠵᠤ᠂ ᠠᠵᠤ ᠤᠶᠢᠯᠡᠰ ᠤᠨ ᠠᠵᠢᠯᠳᠠᠨ | ᠪᠤᠯᠤᠨ ᠰᠢᠯᠵᠢᠭᠰᠡᠨ ᠮᠠᠯᠴᠢᠨ ᠳᠠᠷᠢᠶᠠᠴᠢᠨ ᠳᠤ ᠭᠤᠤᠯᠳᠠᠯᠭ᠎ᠠ ᠲᠠᠢ ᠤᠶᠢᠯᠡᠴᠢᠯᠡᠨ᠂ ᠠᠮᠢᠳᠤᠷᠠᠯ ᠤᠶᠢᠯᠡᠤᠨᠪᠤᠷᠢᠯᠡᠯ | ᠤᠨ ᠤᠶᠢᠯᠡᠴᠢᠯᠡᠬᠡᠨ ᠤ ᠤᠶᠢᠯᠡᠳᠤᠯ ᠢ ᠬᠦᠭᠵᠢᠬᠦᠯᠤᠨ᠂ ᠬᠤᠳᠠ ᠪᠠᠯᠭᠠᠰᠤᠨ ᠤ ᠨᠡᠷ᠎ᠠ ᠠᠯᠳᠠᠷᠰᠢᠯ ᠢ ᠮᠠᠨᠳᠤᠭᠤᠯᠤᠨ᠂ | ᠠᠵᠢᠯ ᠤᠯᠤᠯᠳᠠ ᠪᠠ ᠤᠶᠢᠯᠡᠴᠢᠯᠡᠬᠡᠨ ᠤ ᠤᠶᠢᠯᠡᠰ ᠤᠨ ᠴᠢᠳᠠᠮᠵᠢ ᠶᠢ ᠳᠡᠬᠡᠭᠰᠢᠯᠡᠬᠦᠯᠤᠨ᠎ᠠ᠃ ᠪᠤᠷᠤᠪᠠᠯᠭᠠᠰᠤ᠂ | ᠨᠠᠩᠰᠤ ᠪᠠᠯᠭᠠᠰᠤ ᠴᠤᠭᠯᠠᠭ᠎ᠠ ᠪᠠᠯᠭᠠᠰᠤᠨ ᠤ ᠴᠢᠳᠠᠮᠵᠢ ᠶᠢ ᠳᠡᠬᠦᠯᠳᠡᠷᠵᠢᠬᠦᠯᠤᠨ᠂ ᠵᠠᠬ᠎ᠠ ᠳᠡᠯᠬᠡᠬᠦᠷ ᠤᠨ | ᠤᠶᠢᠯᠡᠴᠢᠯᠡᠭᠡ ᠪᠠᠨ ᠳᠡᠬᠦᠯᠳᠡᠷᠵᠢᠬᠦᠯᠵᠤ᠂ ᠬᠤᠳᠠ ᠪᠠᠯᠭᠠᠰᠤᠨ ᠤ ᠨᠠᠶᠢᠳᠠ ᠶᠢᠨ ᠤᠶᠢᠯᠡᠴᠢᠯᠡᠭᠡ ᠶᠢ ᠬᠦᠳᠡᠭᠡ ᠵᠦᠭ | ᠦᠷᠬᠡᠤᠨᠬᠡᠨ᠂ ᠮᠠᠯ ᠳᠠᠷᠢᠶᠠᠯᠠᠩ ᠤᠨ ᠤᠶᠢᠯᠡᠰ ᠲᠤ ᠤᠶᠢᠯᠡᠴᠢᠯᠡᠬᠦ ᠤᠶᠢᠯᠡᠳᠤᠯ ᠢᠶᠠᠨ ᠰᠠᠶᠢᠳᠤᠷ ᠪᠠᠳᠠᠷᠠᠭᠤᠯᠤᠨ᠎ᠠ᠃ | ᠬᠤᠳᠠ ᠪᠠᠯᠭᠠᠰᠤᠨ ᠤ ᠨᠠᠷᠢᠯᠢᠭ ᠤᠶᠢᠯᠡᠴᠢᠯᠡᠭᠡ ᠶᠢᠨ ᠲᠦᠷᠢᠮ ᠢ ᠨᠠᠶᠢᠳᠠᠪᠤᠷᠢᠵᠢᠭᠤᠯᠵᠤ ᠴᠢᠳᠠᠮᠵᠢ ᠶᠢ ᠨᠢ | ᠳᠡᠬᠡᠭᠰᠢᠯᠡᠬᠦᠯᠤᠨ᠂ ᠬᠤᠳᠠ ᠪᠠᠯᠭᠠᠰᠤᠨ ᠤ ᠨᠠᠶᠢᠬᠡᠮ ᠳᠤᠭᠤᠷᠢᠭ᠂ ᠰᠠᠭᠤᠭᠠᠯᠢ ᠳᠤᠭᠤᠷᠢᠭ ᠤᠨ ᠠᠳᠠᠯ ᠠᠬᠤᠢ ᠶᠢᠨ | ᠬᠠᠮᠢᠶᠠᠷᠤᠯᠳᠠ ᠶᠢᠨ ᠡᠰᠡ ᠬᠦᠷᠤᠯᠴᠠᠬᠦ ᠭᠠᠵᠠᠷ ᠪᠠ ᠠᠷᠠᠤᠨ ᠲᠤ ᠲᠦᠬᠦᠮ ᠦᠵᠡᠬᠦᠯᠬᠦ ᠤᠶᠢᠯᠡᠴᠢᠯᠡᠭᠡ ᠶᠢᠨ | ᠬᠤᠴᠤᠷᠤᠩᠭᠤᠢ ᠪᠠᠶᠢᠭ᠎ᠠ ᠵᠡᠷᠬᠡ ᠠᠰᠠᠭᠤᠳᠠᠯ ᠢ ᠦᠨᠡᠨᠬᠦ ᠰᠢᠢᠤᠨᠪᠤᠷᠢᠯᠡᠨᠠ᠃ ᠬᠤᠳᠠ ᠶᠢᠨ ᠬᠠᠮᠢᠶᠠᠷᠤᠯᠳᠠ᠂ | ᠤᠷᠴᠢᠨ ᠳᠤᠭᠤᠷᠢᠨ ᠤ ᠠᠷᠢᠭᠤᠨ ᠴᠡᠪᠡᠷ᠂ ᠴᠡᠴᠡᠷᠯᠢᠭᠵᠢᠬᠦᠯᠬᠡ ᠶᠢᠨ ᠬᠠᠮᠢᠶᠠᠷᠤᠯᠳᠠ ᠶᠢ ᠴᠢᠩᠭᠠᠤᠨᠬᠠᠨ᠂ | ᠤᠶᠢᠯᠡᠴᠢᠯᠡᠬᠡᠨ ᠤ ᠴᠢᠳᠠᠮᠵᠢ ᠪᠠᠨ ᠦᠷᠬᠡᠤᠨᠬᠡᠵᠤ᠂ ᠬᠤᠳᠠ ᠶᠢᠨ ᠤᠷᠴᠢᠨ ᠳᠤᠭᠤᠷᠢᠨ ᠠᠷᠢᠭᠤᠨ ᠴᠡᠪᠡᠷ ᠤᠨ | ᠶᠡᠷᠤᠩᠬᠡᠶᠢᠯᠡᠭᠰᠡᠨ ᠴᠡᠭᠴᠡᠯᠡᠯᠳᠠ ᠶᠢ ᠲᠦᠪᠯᠡᠷᠡᠩᠬᠦᠢ ᠦᠷᠨᠢᠬᠦᠯᠤᠨ᠂ ᠠᠵᠢᠯᠯᠠᠮᠵᠢ ᠦᠨᠳᠤᠷ ᠤᠶᠢᠯᠡᠴᠢᠯᠡᠭᠡ ᠪᠦᠷᠢᠨ | ᠬᠢᠨᠠᠯᠳᠠ ᠬᠠᠮᠢᠶᠠᠷᠤᠯᠳᠠ ᠡᠷᠴᠢᠮ ᠲᠠᠢ ᠤᠳᠤ ᠦᠶ᠎ᠡ ᠶᠢᠨ ᠬᠤᠳᠠ ᠪᠠᠯᠭᠠᠰᠤᠨ ᠤ ᠬᠠᠮᠢᠶᠠᠷᠤᠯᠳᠠ ᠶᠢᠨ ᠵᠠᠭᠪᠤᠷ ᠢ | ᠪᠠᠶᠢᠭᠤᠯᠤᠨ᠎ᠠ᠃ ᠡᠷᠤᠬᠡ ᠠᠮᠠ ᠶᠢᠨ ᠲᠦᠷᠢᠮ ᠤᠨ ᠦᠬᠡᠷᠡᠴᠢᠯᠡᠯᠳᠠ ᠶᠢ ᠬᠦᠨᠵᠡᠬᠡᠶᠢᠷᠡᠬᠦᠯᠵᠤ᠂ ᠬᠦᠯᠤᠰᠤᠨ | ᠠᠵᠢᠯᠳᠠᠤᠨ ᠪᠠ ᠰᠢᠯᠵᠢᠭᠰᠡᠨ ᠮᠠᠯᠴᠢᠨ ᠳᠠᠷᠢᠶᠠᠴᠢᠤᠨ ᠤᠨ ᠬᠤᠳᠠ ᠤᠷᠤᠬᠤ ᠵᠦᠪᠰᠢᠶᠡᠷᠡᠯ ᠤᠨ ᠬᠠᠮᠢᠶᠠᠷᠤᠯᠳᠠ | ᠦᠬᠡᠷᠡᠴᠢᠯᠡᠯᠳᠠ ᠶᠢ ᠲᠦᠷᠬᠡᠤᠨᠬᠡᠨ ᠵᠤᠬᠢᠰᠳᠠᠢ ᠱᠠᠭᠠᠷᠳᠠᠯᠭ᠎ᠠ ᠶᠢ ᠬᠦᠭᠵᠢᠬᠡᠨ᠂ ᠪᠦᠳᠤᠮᠵᠢᠳᠤ ᠬᠠᠩᠭᠠᠯᠭ᠎ᠠ ᠶᠢ | ᠠᠮᠢᠳᠤᠯᠢᠭᠵᠢᠭᠤᠯᠤᠨ᠎ᠠ᠃ ᠬᠤᠶᠠᠷ ᠲᠤ᠂ ᠴᠢᠬᠤᠯᠠ ᠰᠠᠭᠤᠷᠢ ᠲᠦᠬᠦᠬᠡᠷᠤᠮᠵᠢ ᠶᠢᠨ ᠳᠤᠳᠠᠭᠳᠠᠯ ᠢ ᠨᠦᠬᠦᠪᠤᠷᠢᠯᠡᠨ᠎ᠠ᠃ | ᠵᠠᠮ ᠨᠡᠪᠳᠡᠷᠡᠯᠬᠡ ᠶᠢᠨ ᠳᠠᠯ᠎ᠠ ᠪᠠᠷ᠂ ᠤᠯᠵᠠᠴᠢ ᠠᠴᠠ ᠳ᠋ᠦᠩ ᠳ᠋ᠤᠤ ᠯᠢᠶᠠᠩ ᠬᠦᠷᠬᠦ ᠲᠦᠷᠬᠡᠨ ᠵᠠᠮ ᠢ ᠡᠬᠢᠯᠡᠬᠦᠯᠤᠨ᠂ | ᠤᠯᠵᠠᠴᠢ ᠠᠴᠠ ᠳᠤᠯᠢ ᠬᠦᠷᠬᠦ ᠨᠢᠬᠡᠳᠤᠬᠡᠷ ᠵᠡᠷᠬᠡ ᠶᠢᠨ ᠵᠠᠰᠠᠮᠠᠯ ᠵᠠᠮ ᠪᠤᠯᠤᠨ S216 ᠱᠤᠭᠤᠮ ᠤᠨ ᠤᠯᠵᠠᠴᠢ | ᠠᠴᠠ ᠱᠠᠨᠰᠢ ᠶᠢᠨ ᠵᠠᠩᠭᠤᠳᠤ ᠬᠦᠷᠬᠦ ᠬᠤᠶᠠᠳᠤᠭᠠᠷ ᠵᠡᠷᠬᠡ ᠶᠢᠨ ᠵᠠᠰᠠᠮᠠᠯ ᠵᠠᠮ ᠤᠨ ᠢᠨᠵᠧᠨᠧᠷᠢᠩ ᠢ ᠲᠦᠰᠤᠪᠯᠡᠵᠤ᠂ | ᠲᠦᠷᠪᠡᠨ ᠵᠦᠭ ᠢ ᠬᠤᠯᠪᠤᠭᠰᠡᠨ ᠵᠠᠮ ᠬᠠᠷᠢᠯᠴᠠᠭᠠᠨ ᠤ ᠳᠤᠤᠷᠵᠢᠯ ᠢ ᠳᠠᠷᠤᠢ ᠲᠦᠷᠬᠡᠨ ᠪᠦᠷᠢᠯᠳᠤᠬᠦᠯᠤᠨ᠎ᠠ᠃ ᠳᠤᠯᠢ | ᠠᠴᠠ ᠱᠠᠩᠬᠠᠢ ᠶᠢᠨ ᠰᠦᠮ᠎ᠠ ᠬᠦᠷᠬᠦ ᠳᠡᠮᠤᠷ ᠵᠠᠮ ᠤᠨ ᠳᠤᠯᠢ ᠠᠴᠠ ᠤᠯᠵᠠᠴᠢ ᠬᠦᠷᠬᠦ ᠬᠡᠰᠡᠭ ᠢ ᠳᠤᠰ ᠵᠢᠯ ᠤᠨ | ᠡᠴᠤᠰ ᠢᠶᠠᠷ ᠳᠡᠷᠬᠡ ᠨᠡᠪᠳᠡᠷᠡᠬᠦᠯᠤᠨ᠎ᠠ᠃ ᠨᠠᠶᠢᠳᠠᠮ ᠬᠡᠷᠡᠭᠯᠡᠬᠡᠨ ᠤ ᠨᠢᠰᠬᠡᠯ ᠤᠨ ᠪᠠᠭᠤᠳᠠᠯ ᠢ ᠠᠵᠢᠯ ᠡᠬᠢᠯᠡᠬᠦᠯᠵᠤ᠂ | ᠵᠢᠯ ᠤᠨ ᠡᠴᠤᠰ ᠲᠤ ᠠᠶᠠᠯᠠᠯ ᠨᠡᠪᠳᠡᠷᠡᠬᠦ ᠨᠦᠬᠦᠴᠡᠯ ᠲᠠᠢ ᠪᠤᠯᠭᠠᠨ᠎ᠠ᠃ ᠠᠮᠢ ᠠᠬᠤᠢ ᠶᠢᠨ ᠪᠠᠶᠢᠭᠤᠯᠤᠯᠳᠠ ᠶᠢᠨ | ᠳᠠᠯ᠎ᠠ ᠪᠠᠷ᠂ ᠨᠤᠳᠤᠭ ᠪᠡᠯᠴᠢᠬᠡᠷ ᠤᠨ ᠠᠮᠢ ᠠᠬᠤᠢ ᠶᠢᠨ ᠨᠦᠬᠦᠪᠤᠷᠢ ᠵᠤᠷᠢᠭᠵᠢᠭᠤᠯᠤᠯ ᠤᠨ ᠲᠦᠷᠤ ᠶᠢᠨ ᠪᠤᠳᠤᠯᠭ᠎ᠠ | ᠶᠢ ᠬᠢᠨᠠᠮᠠᠭᠠᠢ ᠨᠠᠶᠢᠳᠠᠪᠤᠷᠢᠵᠢᠭᠤᠯᠤᠨ᠂ ᠪᠡᠯᠴᠢᠬᠡᠷᠯᠡᠬᠦᠯᠬᠦ ᠶᠢ ᠬᠤᠷᠢᠭᠯᠠᠬᠤ᠂ ᠰᠡᠯᠬᠦᠨ ᠮᠠᠯᠵᠢᠬᠤ᠂ ᠡᠪᠡᠰᠤ ᠪᠡᠯᠴᠢᠬᠡᠷ | ᠤᠨ ᠪᠠᠭᠳᠠᠭᠠᠮᠵᠢ ᠪᠠᠷ ᠮᠠᠯ ᠤᠨ ᠳᠤᠭ᠎ᠠ ᠳᠤᠯᠤᠭᠠᠢ ᠳᠤᠭᠳᠠᠭᠠᠬᠤ ᠪᠠ ︽3S︾ ᠨᠤᠳᠤᠭ ᠪᠡᠯᠴᠢᠬᠡᠷ ᠤᠨ | ᠬᠠᠮᠢᠶᠠᠷᠤᠯᠳᠠ ᠶᠢᠨ ᠠᠷᠭ᠎ᠠ ᠠᠪᠴᠠᠯ ᠢ ᠴᠢᠩᠭ᠎ᠠ ᠬᠡᠷᠡᠭᠵᠢᠬᠦᠯᠵᠤ᠂ ᠬᠠᠤᠯᠢ ᠪᠤᠰᠤ ᠪᠠᠷ ᠠᠳᠠᠷ ᠬᠠᠭᠠᠯᠪᠤᠷᠢᠯᠠᠨ | ᠤᠰᠤᠯᠠᠯᠳᠠ ᠬᠢᠬᠦ ᠶᠢ ᠡᠷᠡᠰ ᠴᠠᠭᠠᠵᠠᠯᠠᠵᠤ᠂ ᠠᠮᠢ ᠠᠬᠤᠢ ᠶᠢᠨ ᠲᠦᠭᠰᠢᠬᠦᠷᠢᠳᠤ ᠬᠢᠵᠠᠭᠠᠷ ᠢ ᠪᠠᠳᠤ ᠪᠠᠷᠢᠮᠳᠠᠯᠠᠨ᠎ᠠ᠃ | ᠤᠰᠤᠨ ᠡᠷᠭᠡ ᠶᠢᠨ ᠳᠤᠳᠤᠷᠬᠠᠶᠢᠯᠠᠯ ᠤᠨ ᠦᠬᠡᠷᠡᠴᠢᠯᠡᠯᠳᠠ ᠶᠢ ᠲᠦᠷᠬᠡᠤᠨᠬᠡᠨ᠂ ᠤᠰᠤ ᠬᠡᠷᠡᠭᠯᠡᠬᠦ ᠶᠡᠷᠤᠩᠬᠡᠢ ᠬᠡᠮᠵᠢᠶ᠎ᠠ | ᠪᠤᠯᠤᠨ ᠳᠤᠭ᠎ᠠ ᠬᠢᠵᠠᠭᠠᠷᠯᠠᠯ ᠢ ᠰᠢᠨᠵᠢᠯᠡᠬᠦ ᠤᠬᠠᠭᠠᠨᠴᠢ ᠪᠠᠷ ᠳᠤᠭᠳᠠᠭᠠᠵᠤ᠂ ᠤᠰᠤᠨ ᠤ ᠨᠦᠬᠦᠴᠡᠯ ᠢ ᠦᠨᠳᠤᠰᠤᠯᠡᠨ | ᠨᠡᠬᠡᠬᠡᠯᠳᠠ ᠬᠢᠬᠦ ᠶᠢ ᠪᠠᠷᠢᠮᠳᠠᠯᠠᠨ᠎ᠠ᠃ ᠪᠡᠬᠡᠵᠢᠩ ᠲᠢᠶᠠᠨᠵᠢᠨ ᠤ ᠰᠠᠯᠬᠢ ᠰᠢᠷᠤᠢ ᠶᠢᠨ ᠡᠬᠢ ᠶᠢᠨ ᠵᠠᠰᠠᠯᠳᠠ ᠶᠢᠨ | ᠬᠤᠶᠠᠳᠤᠭᠠᠷ ᠬᠤᠭᠤᠴᠠᠭᠠᠨ ᠤ ᠠᠵᠢᠯ ᠪᠠ ᠬᠦᠷᠤᠰᠤ ᠰᠢᠷᠤᠢ ᠶᠢᠨ ᠢᠳᠡᠭᠳᠡᠯ ᠢ ᠬᠠᠮᠠᠭᠠᠯᠠᠬᠤ ᠵᠡᠷᠬᠡ ᠭᠤᠤᠯᠳᠠᠯᠭᠠᠳᠤ | ᠠᠮᠢ ᠠᠬᠤᠢ ᠶᠢᠨ ᠪᠠᠶᠢᠭᠤᠯᠤᠯᠳᠠ ᠶᠢᠨ ᠢᠨᠵᠧᠨᠧᠷᠢᠩ ᠢ ᠦᠷᠬᠦᠯᠵᠢᠯᠡᠨ ᠬᠡᠷᠡᠭᠵᠢᠬᠦᠯᠵᠤ᠂ ᠠᠯᠪᠠᠨ ᠵᠢᠷᠤᠮ ᠤᠨ | ᠤᠶᠢᠵᠢᠭᠤᠯᠤᠯᠳᠠ᠂ ᠭᠠᠴᠠᠭ᠎ᠠ ᠳᠤᠰᠬᠤᠨ ᠤ ᠴᠡᠴᠡᠷᠯᠢᠭᠵᠢᠬᠦᠯᠬᠡ᠂ ︽ᠠᠶᠢᠯ ᠪᠤᠯᠭᠠᠨ ᠵᠠᠭᠤᠨ ᠮᠤᠳᠤ ᠳᠠᠷᠢᠬᠤ︾ | ᠢᠨᠵᠧᠨᠧᠷᠢᠩ ᠢ ᠦᠷᠨᠢᠬᠦᠯᠤᠨ᠂ ᠳᠤᠰ ᠵᠢᠯ 8 ᠲᠦᠮᠡᠨ ᠮᠤ᠋ ᠤᠶᠢᠵᠢᠭᠤᠯᠤᠯᠳᠠ ᠬᠢᠵᠤ᠂ ᠬᠦᠷᠤᠰᠤ ᠰᠢᠷᠤᠢ ᠶᠢᠨ | ᠢᠳᠡᠭᠳᠡᠯ ᠢ 5.25 ᠲᠦᠮᠡᠨ ᠮᠤ᠋ ᠵᠠᠰᠠᠨ᠎ᠠ᠃ | ︵ᠵᠢᠷᠭᠤᠭ᠎ᠠ︶ ᠨᠠᠶᠢᠬᠡᠮ ᠤᠨ ᠡᠶ᠎ᠡ ᠳᠤᠭᠳᠠᠭᠤᠨ ᠢ ᠦᠨᠡᠨᠬᠦ ᠠᠬᠢᠭᠤᠯᠤᠨ᠎ᠠ᠃ ᠨᠢᠬᠡ ᠳᠤ᠂ ᠠᠶᠤᠯᠬᠦᠢ | ᠤᠶᠢᠯᠡᠤᠨᠪᠤᠷᠢᠯᠡᠯ ᠤᠨ ᠬᠢᠨᠠᠯᠳᠠ ᠬᠠᠮᠢᠶᠠᠷᠣᠯᠳᠠ ᠶᠢ ᠴᠢᠩᠭᠠᠠᠤᠨᠬᠠᠨᠠ᠃ ᠨᠠᠮ ᠵᠠᠰᠠᠭ ᠬᠠᠮᠳᠤ ᠬᠠᠷᠢᠭᠤᠴᠠᠬᠤ᠂ ᠨᠢᠬᠡ | ᠪᠠᠶᠢᠷᠢ ᠬᠤᠤᠰ ᠬᠠᠷᠢᠭᠤᠴᠠᠯᠭ᠎ᠠ ᠪᠠ ᠬᠠᠷᠢᠭᠤᠴᠠᠯᠭ᠎ᠠ ᠠᠯᠳᠠᠪᠠᠯ ᠡᠷᠬᠡᠪᠰᠢ ᠨᠡᠬᠡᠮᠵᠢᠯᠡᠬᠦ ᠲᠦᠷᠢᠮ ᠢ ᠴᠢᠩᠭ᠎ᠠ | ᠨᠠᠶᠢᠳᠠᠪᠤᠷᠢᠵᠢᠭᠤᠯᠵᠤ᠂ ᠠᠶᠤᠯᠳᠤ ᠬᠢᠮᠢ ᠶᠢᠨ ᠪᠤᠳᠠᠰ ᠤᠨ ᠠᠵᠤ ᠠᠬᠤᠶᠢᠯᠡᠯ ᠤᠨ ︽ᠭᠤᠷᠪᠠ ᠲᠠᠢ ᠪᠤᠯᠭᠠᠬᠤ︾ | ᠱᠠᠭᠠᠷᠳᠠᠯᠭ᠎ᠠ ᠶᠢ ᠡᠷᠡᠰ ᠬᠡᠷᠡᠭᠵᠢᠬᠦᠯᠵᠤ᠂ ᠳᠤᠰᠬᠠᠢ ᠮᠡᠷᠬᠡᠵᠢᠯᠳᠠᠤᠨ ᠤᠨ ᠬᠠᠮᠳᠤᠷᠠᠨ ᠰᠤᠳᠤᠯᠬᠤ ᠲᠦᠷᠢᠮ ᠢ | ᠴᠢᠩᠭ᠎ᠠ ᠪᠠᠷᠢᠮᠳᠠᠯᠠᠨ᠂ ᠠᠶᠤᠯᠬᠦᠢ ᠤᠶᠢᠯᠡᠤᠨᠪᠤᠷᠢᠯᠡᠯ ᠤᠨ ᠬᠦᠨᠳᠤ ᠨᠤᠴᠢᠳᠠᠢ ᠠᠳᠡᠭᠳᠡᠯ ᠭᠠᠷᠬᠤ ᠶᠢ ᠰᠠᠶᠢᠳᠤᠷ | ᠰᠡᠷᠬᠡᠶᠢᠯᠡᠨ᠎ᠠ᠃ ᠢᠳᠡᠬᠡᠨ ᠤ ᠠᠶᠤᠯᠬᠦᠢ ᠶᠢᠨ ᠬᠢᠨᠠᠯᠳᠠ ᠬᠠᠮᠢᠶᠠᠷᠤᠯᠳᠠ ᠶᠢᠨ ᠰᠢᠰᠲ᠋ᠧᠮ ᠢ ᠴᠢᠩᠭᠠᠤᠨᠬᠠᠨ᠂ ᠤᠯᠵᠠᠴᠢ | ᠪᠠᠯᠭᠠᠰᠤᠨ ᠤ ᠢᠳᠡᠬᠡᠨ ᠪᠤᠯᠪᠠᠰᠤᠷᠠᠭᠤᠯᠬᠤ ᠬᠦᠷᠢᠶᠡᠯᠡᠩ ᠢ ᠡᠬᠢᠯᠡᠬᠦᠯᠤᠨ᠂ ᠪᠦᠳᠤᠬᠡᠭᠳᠡᠬᠦᠨ ᠤ ᠪᠠᠷᠢᠮᠵᠢᠶ᠎ᠠ ᠶᠢ | ᠨᠢᠬᠡᠤᠨᠬᠡᠨ᠂ ᠨᠢᠬᠡᠳᠤᠯᠳᠠᠢ ᠬᠢᠨᠠᠯᠳᠠ ᠰᠢᠯᠭᠠᠯᠳᠠ ᠪᠠ ᠨᠢᠬᠡᠳᠤᠯᠳᠠᠢ ᠬᠦᠷᠬᠡᠯᠳᠠ ᠶᠢ ᠬᠡᠷᠡᠭᠵᠢᠬᠦᠯᠤᠨ᠎ᠠ︔ ᠤᠯᠵᠠᠴᠢ | ᠪᠠᠯᠭᠠᠰᠤᠨ ᠤ ᠢᠳᠡᠰᠢᠨ ᠨᠤᠭᠤᠭ᠎ᠠ ᠰᠢᠭᠤᠤᠨ ᠪᠤᠷᠤᠯᠠᠭᠤᠯᠬᠤ ᠳᠤᠷᠰᠢᠯᠳᠠ ᠶᠢ ᠡᠬᠢᠯᠡᠬᠦᠯᠤᠨ᠂ ᠪᠠᠯᠭᠠᠰᠤᠨ | ᠳᠤᠭᠤᠷᠢᠭ ᠤᠨ ᠰᠠᠭᠤᠭᠠᠯᠢ ᠠᠷᠠᠤᠨ ᠲᠤ ᠳᠤᠭᠳᠠᠭᠰᠡᠨ ᠦᠨ᠎ᠠ ᠶᠢᠨ ᠠᠮᠤᠷ ᠲᠦᠪᠰᠢᠨ ᠨᠤᠭᠤᠭ᠎ᠠ ᠬᠠᠩᠭᠠᠨ᠎ᠠ︔ | ᠡᠯ᠎ᠡ ᠪᠠᠯᠭᠠᠰᠤ ᠪᠤᠯᠤᠨ ᠳᠤᠮᠤ ᠵᠠᠬ᠎ᠠ ᠳᠡᠯᠬᠡᠬᠦᠷ ᠤᠨ ᠪᠠᠷᠢᠮᠵᠢᠶᠠᠳᠤ ᠲᠦᠷᠬᠡᠨ ᠪᠠᠶᠢᠴᠠᠭᠠᠯᠳᠠ ᠶᠢᠨ ᠳᠠᠰᠤᠭ ᠢ | ᠪᠠᠶᠢᠭᠤᠯᠵᠤ᠂ ᠲᠦᠳᠠ ᠲᠦᠷᠬᠡᠨ ᠬᠢᠨᠠᠨ ᠰᠢᠯᠭᠠᠯᠳᠠ ᠪᠠ ᠠᠶᠤᠯᠬᠦᠢ ᠶᠢᠨ ᠵᠦᠪᠰᠢᠶᠡᠷᠡᠯ ᠢ ᠬᠡᠷᠡᠭᠵᠢᠬᠦᠯᠤᠨ᠂ ᠠᠷᠠᠤᠨ | ᠤᠯᠠᠨ ᠤ ᠢᠳᠡᠬᠡᠨ ᠤ ᠠᠮᠤᠷ ᠲᠦᠪᠰᠢᠨ ᠢ ᠪᠠᠳᠤᠯᠠᠨ᠎ᠠ᠃ ᠬᠤᠶᠠᠷ ᠲᠤ᠂ ᠤᠷᠴᠢᠨ ᠳᠤᠭᠤᠷᠢᠨ ᠤ ᠬᠡᠮ ᠰᠤᠭᠤᠭ | ᠤᠨ ᠪᠠᠶᠢᠴᠠᠭᠠᠯᠳᠠ ᠴᠡᠭᠴᠡᠯᠡᠯᠳᠠ ᠶᠢ ᠴᠢᠩᠭᠠᠤᠨᠬᠠᠨ᠎ᠠ᠃ ᠤᠯᠤᠰ ᠤᠨ ᠠᠮᠢ ᠠᠬᠤᠶᠢᠴᠢ ᠠᠵᠤ ᠤᠶᠢᠯᠡᠤᠨᠪᠤᠷᠢ ᠶᠢᠨ | ᠳᠠᠭᠤᠷᠢᠶᠠᠯ ᠬᠦᠷᠢᠶᠠᠯᠠᠩ ᠳᠤᠭᠤᠷᠢᠭ ᠤᠨ ᠴᠤᠭᠴᠠᠯᠠᠯᠳᠠ ᠶᠢᠨ ᠠᠵᠢᠯ ᠢ ᠯᠠᠪᠳᠠᠭᠤᠨ ᠠᠬᠢᠭᠤᠯᠵᠤ᠂ ᠠᠵᠤ | ᠠᠬᠤᠶᠢᠯᠠᠯ ᠤᠨ ᠤᠷᠴᠢᠨ ᠬᠠᠮᠠᠭᠠᠯᠠᠯ ᠤᠨ ᠬᠠᠤᠯᠢ ᠳᠤ ᠳᠤᠭᠳᠠᠭᠠᠭᠰᠡᠨ ᠡᠬᠦᠷᠬᠡ ᠪᠠᠨ ᠪᠡᠶᠡᠯᠡᠬᠦᠯᠬᠦ ᠶᠢ ᠰᠢᠪᠠᠳᠠᠨ | ᠱᠠᠭᠠᠷᠳᠠᠨ᠎ᠠ᠃ ᠬᠠᠤᠯᠢ ᠪᠤᠰᠤ ᠠᠵᠢᠯᠯᠠᠭ᠎ᠠ ᠶᠢ ᠡᠷᠡᠰ ᠪᠠᠶᠢᠴᠭᠠᠵᠤ ᠰᠢᠢᠤᠨᠪᠤᠷᠢᠯᠡᠨ᠂ ᠤᠷᠴᠢᠨ ᠳᠤᠭᠤᠷᠢᠨ ᠤ | ᠨᠤᠴᠢᠳᠠᠢ ᠬᠡᠷᠡᠭ ᠤᠴᠢᠷ ᠡᠬᠦᠰᠬᠦ ᠶᠢ ᠡᠷᠡᠰ ᠬᠤᠷᠢᠭᠯᠠᠨ᠎ᠠ᠃ ᠭᠤᠷᠪᠠ ᠳᠤ᠂ ᠨᠠᠶᠢᠬᠡᠮ ᠨᠠᠶᠢᠳᠠ ᠶᠢᠨ ᠠᠮᠤᠷ | ᠳᠤᠭᠳᠠᠭᠤᠨ ᠤ ᠡᠵᠡᠮᠰᠢᠯ ᠤᠨ ᠠᠵᠢᠯ ᠢ ᠰᠠᠶᠢᠳᠤᠷ ᠬᠢᠨ᠎ᠠ᠃ ᠤᠳᠤᠷᠢᠳᠤᠯᠭ᠎ᠠ ᠵᠠᠬᠢᠳᠠᠯ ᠰᠤᠷᠪᠤᠯᠵᠢᠯᠠᠭ᠎ᠠ ᠬᠦᠯᠢᠶᠡᠬᠦ᠂ | ᠦᠨᠳᠤᠰᠤᠨ ᠱᠠᠳᠤᠨ ᠳᠤ ᠬᠦᠨᠵᠡᠬᠡᠶᠢᠷᠡᠨ ᠰᠤᠷᠪᠤᠯᠵᠢᠯᠠᠬᠤ᠂ ᠭᠤᠷᠪᠠᠨ ᠱᠠᠳᠤ ᠪᠠᠷ ᠳᠡᠬᠦᠰᠬᠡᠬᠦ ᠲᠦᠷᠢᠮ ᠢ ᠡᠷᠡᠰ | ᠬᠡᠷᠡᠭᠵᠢᠬᠦᠯᠵᠤ᠂ ᠬᠦᠴᠢᠷ ᠶᠠᠷᠰᠢᠭ ᠲᠠᠢ ᠬᠡᠷᠡᠭ ᠢ ᠲᠦᠪᠯᠡᠷᠡᠩᠬᠦᠢ ᠵᠠᠳᠠᠯᠤᠨ᠂ ᠳᠤᠭᠳᠠᠮᠠᠯ ᠬᠤᠭᠤᠴᠠᠭ᠎ᠠ ᠲᠠᠢ ᠪᠠᠷ | ᠰᠤᠳᠤᠯᠤᠭ᠎ᠠ ᠵᠠᠳᠠᠯᠤᠯᠳᠠ ᠮᠠᠭᠠᠤᠨᠯᠠᠯᠳᠠ ᠬᠢᠵᠤ᠂ ᠠᠷᠠᠤᠨ ᠤᠯᠠᠨ ᠤ ᠵᠦᠢ ᠶᠤᠰᠤᠨ ᠤ ᠱᠠᠭᠠᠷᠳᠠᠯᠭ᠎ᠠ ᠶᠢ ᠬᠦᠴᠤᠯᠡᠨ | ᠰᠢᠢᠤᠨᠪᠤᠷᠢᠯᠡᠨᠠ᠃ ᠵᠠᠰᠠᠭ ᠤᠨ ᠤᠷᠳᠤᠨ ᠤ ᠠᠯᠪᠠᠨ ᠵᠢᠬᠡᠯᠯᠡᠭᠡ ᠤᠯᠬᠤ ᠡᠷᠴᠢᠮ ᠢ ᠴᠢᠩᠭᠠᠤᠨᠬᠠᠵᠤ᠂ ᠰᠤᠯᠠ | ᠪᠠᠶᠢᠬᠤ ᠬᠦᠷᠤᠩᠬᠡ ᠬᠤᠭᠰᠢᠯ ᠢ ᠠᠮᠢᠳᠤᠯᠢᠭᠵᠢᠭᠤᠯᠤᠨ᠂ ᠦᠷᠢ ᠦᠭᠴᠡᠭᠡ ᠶᠢ ᠪᠦᠳᠤᠮᠵᠢᠳᠠᠢ ᠰᠢᠢᠤᠨᠪᠤᠷᠢᠯᠡᠨᠠ᠃ | ᠰᠡᠷᠬᠡᠶᠢᠯᠡᠨ ᠡᠵᠡᠮᠰᠢᠬᠦ ᠪᠡᠶᠡᠳᠤ ᠰᠢᠰᠲ᠋ᠧᠮ ᠤᠨ ᠪᠠᠶᠢᠭᠤᠯᠤᠯᠳᠠ ᠶᠢ ᠴᠢᠩᠭᠠᠤᠨᠬᠠᠨ᠂ ᠪᠠᠯᠭᠠᠰᠤᠨ ᠳᠤᠭᠤᠷᠢᠭ ᠤᠨ | ᠵᠡᠬᠡᠯᠢ ᠭᠤᠳᠤᠮᠵᠢ᠂ ᠭᠠᠷᠬᠤ ᠵᠠᠮ ᠬᠤᠳᠠ ᠬᠦᠳᠡᠭᠡ ᠶᠢᠨ ᠲᠦᠪᠯᠡᠷᠡᠩᠬᠦᠢ ᠰᠠᠭᠤᠷᠢᠰᠢᠯ ᠤᠨ ᠳᠤᠭᠤᠷᠢᠭ ᠲᠤ | ᠬᠠᠷᠠᠭᠠᠨ ᠳᠠᠪᠳᠠᠮᠵᠢᠳᠤ ᠬᠢᠨᠠᠨ ᠡᠵᠡᠮᠰᠢᠯ ᠢ ᠲᠦᠬᠡᠮᠡᠯᠵᠢᠬᠦᠯᠤᠨᠠ᠃ ᠳᠤᠳᠤᠭᠠᠳᠤ ᠶᠢ ᠬᠠᠮᠠᠭᠠᠯᠠᠬᠤ ᠠᠵᠢᠯ ᠤᠨ | ᠦᠬᠡᠷᠡᠴᠢᠯᠡᠯᠳᠠ ᠪᠤᠯᠤᠨ ︽ᠲᠦᠷᠪᠡᠨ ᠲᠦᠷᠤᠯ ᠤᠨ ᠪᠠᠶᠢᠭᠤᠯᠤᠯᠳᠠ︾ ᠶᠢ ᠯᠠᠪᠳᠠᠭᠤᠨ ᠠᠬᠢᠭᠤᠯᠵᠤ᠂ ᠬᠠᠤᠯᠢ | ᠵᠦᠷᠢᠴᠡᠭᠰᠡᠨ ᠶᠠᠯᠠᠳᠤ ᠠᠵᠢᠯᠯᠠᠭ᠎ᠠ ᠳᠤ ᠴᠢᠩᠭ᠎ᠠ ᠴᠤᠬᠢᠯᠳᠠ ᠦᠭᠬᠦ ᠪᠠᠨ ᠦᠷᠬᠦᠯᠵᠢ ᠪᠠᠳᠤᠯᠠᠨ᠂ ᠨᠡᠬᠦᠳᠡᠯ ᠬᠦᠮᠤᠨ | ᠠᠮᠠ ᠶᠢᠨ ᠬᠠᠮᠢᠶᠠᠷᠤᠯᠳᠠ ᠡᠵᠡᠮᠰᠢᠯ ᠢ ᠴᠢᠩᠭᠠᠤᠨᠬᠠᠵᠤ᠂ ᠠᠷᠠᠤᠨ ᠤᠯᠠᠨ ᠤ ᠠᠮᠤᠷ ᠵᠢᠷᠭᠠᠯ ᠢ ᠪᠠᠳᠤᠯᠠᠨ᠎ᠠ᠃ | ᠲᠦᠷᠪᠠ ᠳᠤ᠂ ᠵᠠᠰᠠᠭ ᠤᠨ ᠤᠷᠳᠤᠨ ᠤ ᠬᠤᠪᠢ ᠪᠡᠶ᠎ᠡ ᠶᠢᠨ ᠪᠠᠶᠢᠭᠤᠯᠤᠯᠳᠠ ᠶᠢ ᠳᠠᠰᠤᠷᠠᠯᠳᠠ ᠦᠬᠡᠢ | ᠴᠢᠩᠭᠠᠤᠨᠬᠠᠨ᠎ᠠ᠃ | ᠦᠪᠡᠷᠳᠡᠬᠡᠨ ᠵᠠᠰᠠᠬᠤ ᠤᠷᠤᠨ ᠤ ᠬᠡᠪᠴᠢᠶᠡᠨ ᠳᠤ ᠴᠢᠨᠡᠬᠡᠯᠢᠭ ᠨᠠᠶᠢᠬᠡᠮ ᠢ ᠳᠡᠷᠢᠬᠦᠯᠡᠨ ᠪᠠᠶᠢᠭᠤᠯᠬᠤ ᠬᠠᠷᠠᠯᠳᠠ | ᠶᠢ ᠪᠡᠶᠡᠯᠡᠬᠦᠯᠬᠦ ᠳᠤ ᠵᠠᠰᠠᠭ ᠤᠨ ᠤᠷᠳᠤᠨ ᠤ ᠳᠤᠰ ᠪᠡᠶ᠎ᠡ ᠶᠢᠨ ᠪᠠᠶᠢᠭᠤᠯᠤᠯᠳᠠ ᠶᠢ ᠡᠷᠬᠡᠪᠰᠢ ᠳᠠᠰᠤᠷᠠᠯᠳᠠ ᠦᠬᠡᠢ | ᠴᠢᠩᠭᠠᠤᠨᠬᠠᠨ᠂ ᠰᠢᠨ᠎ᠠ ᠬᠡᠪ ᠤᠨ ᠪᠠᠶᠢᠳᠠᠯ ᠳᠤ ᠬᠦᠭᠵᠢᠯᠳᠠ ᠶᠢᠨ ᠴᠢᠳᠠᠪᠬᠢ ᠪᠠ ᠲᠦᠪᠰᠢᠨ ᠢ ᠳᠡᠬᠡᠭᠰᠢᠯᠡᠬᠦᠯᠬᠦ | ᠴᠢᠬᠤᠯᠠᠳᠠᠢ ᠶᠤᠮ᠃ | ᠳᠤᠭᠳᠠᠴᠠ ᠪᠠᠷ ᠨᠠᠶᠢᠳᠠᠪᠤᠷᠢᠵᠢᠭᠤᠯᠤᠯᠳᠠ ᠶᠢ ᠠᠬᠢᠭᠤᠯᠤᠨ᠎ᠠ᠃ ︽ᠭᠤᠷᠪᠠᠨ ᠴᠢᠩᠭ᠎ᠠ ᠭᠤᠷᠪᠠᠨ ᠪᠤᠳᠠᠳᠠᠢ︾ | ᠶᠢ ᠬᠢᠨᠠᠮᠠᠭᠠᠢ ᠤᠶᠢᠯᠡᠳᠤᠯᠬᠡᠵᠢᠬᠦᠯᠵᠤ᠂ ᠰᠢᠷᠭᠠᠭᠤ ᠠᠵᠢᠯᠯᠠᠨ ᠵᠤᠷᠢᠭᠳᠠᠢ ᠡᠬᠦᠷᠬᠡᠯᠡᠬᠦ ᠵᠤᠷᠢᠭ ᠰᠤᠷᠳᠠᠯ ᠢ | ᠪᠠᠳᠠᠷᠠᠭᠤᠯᠤᠨ᠂ ᠬᠦᠨᠳᠤ ᠶᠢ ᠡᠬᠦᠷᠬᠡᠯᠡᠨ ᠬᠦᠴᠢᠷ ᠢ ᠰᠢᠢᠤᠨᠪᠤᠷᠢᠯᠡᠵᠤ᠂ ᠠᠵᠢᠯ ᠤᠨ ᠪᠠᠶᠢᠷᠢᠯᠠᠭᠤᠯᠤᠯᠳᠠ | ᠤᠷᠤᠨᠵᠢᠭᠤᠯᠤᠯᠳᠠ ᠶᠢ ᠪᠠᠳᠤᠯᠠᠨ᠎ᠠ᠃ ᠡᠷᠬᠡ ᠶᠢᠨ ᠬᠡᠷᠡᠭᠯᠡᠯᠳᠠ ᠶᠢᠨ ᠳᠤᠳᠤᠷᠬᠠᠶᠢᠯᠠᠯ ᠪᠠ ᠨᠠᠵᠠᠭᠠᠢ ᠨᠦᠯᠤᠬᠡ | ᠪᠤᠯᠤᠯᠴᠠᠭ᠎ᠠ ᠶᠢᠨ ᠳᠤᠳᠤᠷᠬᠠᠶᠢᠯᠠᠯ ᠵᠢᠴᠢ ᠬᠠᠷᠢᠭᠤᠴᠠᠯᠭ᠎ᠠ ᠶᠢᠨ ᠳᠤᠳᠤᠷᠬᠠᠶᠢᠯᠠᠯ ᠤᠨ ᠲᠦᠷᠢᠮ ᠢ ᠬᠡᠷᠡᠭᠵᠢᠬᠦᠯᠵᠤ᠂ | ᠳᠤᠭᠳᠠᠮᠠᠯ ᠬᠤᠭᠤᠴᠠᠭ᠎ᠠ ᠲᠠᠢ ᠪᠠᠷ ᠬᠠᠷᠢᠭᠤ ᠳᠤᠰᠬᠠᠬᠤ ᠪᠠ ᠬᠢᠨᠠᠨ ᠰᠢᠯᠭᠠᠷᠠᠭᠤᠯᠤᠯᠳᠠ ᠶᠢᠨ ᠢᠯᠡᠰᠢᠯᠡᠬᠦᠯᠤᠯ ᠬᠢᠬᠦ | ᠳᠤᠭᠳᠠᠴᠠ ᠶᠢ ᠳᠡᠬᠦᠯᠳᠡᠷᠵᠢᠵᠬᠦᠯᠵᠤ᠂ ᠵᠠᠰᠠᠭ ᠵᠠᠬᠢᠷᠭᠠᠨ ᠤ ᠬᠠᠷᠢᠭᠤᠴᠠᠯᠭ᠎ᠠ ᠠᠰᠠᠭᠤᠬᠤ ᠬᠦᠴᠤᠯᠡᠴᠠ ᠶᠢ | ᠴᠢᠩᠭᠠᠤᠨᠬᠠᠨ᠂ ︽ᠡᠳᠤᠷ ᠦᠩᠬᠡᠷᠡᠬᠦᠯᠬᠦ︾᠂ ︽ᠠᠯᠪᠠ ᠬᠠᠰᠢᠬᠤ︾᠂ ︽ᠡᠬᠦᠷᠬᠡ ᠳᠤᠰᠢᠶᠠᠯ ᠢᠶᠠᠨ ᠬᠦᠢᠴᠡᠤᠨᠬᠡᠬᠦ | ᠦᠬᠡᠢ︾ ᠬᠤᠶᠢᠭᠤᠰᠢᠷᠠᠬᠤ ᠦᠵᠡᠭᠳᠡᠯ ᠪᠠ ᠰᠡᠯᠡᠩ ᠤᠳᠠᠭᠠᠨ᠂ ᠳᠤᠷ᠎ᠠ ᠳᠠᠪᠠ ᠪᠠᠷ ᠤᠶᠢᠯᠡᠤᠨᠬᠦ ᠶᠢ ᠡᠷᠡᠰ ᠴᠢᠩᠭ᠎ᠠ | ᠪᠠᠶᠢᠴᠠᠭᠠᠨ ᠰᠢᠢᠤᠨᠪᠤᠷᠢᠯᠡᠵᠤ᠂ ᠵᠠᠰᠠᠭ ᠨᠡᠪᠳᠡᠷᠬᠡᠢ᠂ ᠪᠦᠳᠤᠮᠵᠢ ᠰᠠᠶᠢᠳᠠᠢ ᠪᠠᠶᠢᠳᠠᠯ ᠢ ᠪᠤᠢ ᠪᠤᠯᠭᠠᠨ᠎ᠠ᠃ | ᠬᠠᠤᠯᠢ ᠲᠦᠷᠢᠮ ᠢᠶᠠᠷ ᠲᠦᠷᠢᠮᠵᠢᠯ ᠢ ᠠᠬᠢᠭᠤᠯᠤᠨ᠎ᠠ᠃ ᠠᠷᠠᠤᠨ ᠤᠨ ᠲᠦᠯᠤᠬᠡᠯᠡᠭᠴᠢᠤᠨ ᠤᠨ ᠶᠡᠭᠡ ᠬᠤᠷᠠᠯ | ᠤᠨ ᠬᠠᠤᠯᠢ ᠶᠢᠨ ᠬᠢᠨᠠᠯᠳᠠ ᠪᠠ ᠤᠯᠤᠰ ᠲᠦᠷᠤ ᠶᠢᠨ ᠵᠦᠪᠯᠡᠯᠬᠡᠨ ᠤ ᠠᠷᠠᠤᠨᠴᠢᠯᠠᠭᠰᠡᠨ ᠬᠢᠨᠠᠯᠳᠠ ᠶᠢ ᠤᠬᠠᠮᠰᠠᠷ | ᠠᠴᠠ ᠪᠠᠨ ᠬᠦᠯᠢᠶᠡᠵᠤ᠂ ᠠᠷᠠᠤᠨ ᠤᠨ ᠲᠦᠯᠤᠬᠡᠯᠡᠭᠴᠢ ᠪᠠ ᠤᠯᠤᠰ ᠲᠦᠷᠤ ᠶᠢᠨ ᠵᠦᠪᠯᠡᠯᠬᠡᠨ ᠤ ᠬᠡᠰᠢᠬᠦᠤᠨ᠂ ᠡᠯ᠎ᠡ | ᠠᠷᠠᠤᠨᠴᠢᠯᠠᠭᠰᠡᠨ ᠨᠠᠮ ᠪᠦᠯᠦᠭ᠂ ᠠᠵᠤ ᠤᠶᠢᠯᠡᠤᠨᠪᠤᠷᠢ ᠬᠤᠳᠠᠯᠳᠤᠭᠠᠨ ᠤ ᠬᠤᠯᠪᠤᠭ᠎ᠠ᠂ ᠨᠠᠮ ᠤᠨ ᠪᠤᠰᠤ ᠡᠳᠡᠬᠡᠤᠨ | ᠤᠨ ᠰᠠᠨᠠᠯ ᠰᠠᠨᠠᠭᠤᠯᠭ᠎ᠠ ᠶᠢ ᠬᠢᠨᠠᠮᠠᠭᠠᠢ ᠬᠦᠯᠢᠶᠡᠨ ᠰᠤᠨᠤᠰᠤᠨ᠎ᠠ᠃ ︽ᠭᠤᠷᠪᠠᠨ ᠴᠢᠬᠤᠯᠠ ᠨᠢᠬᠡ ᠶᠡᠭᠡ︾ ᠶᠢᠨ | ᠲᠦᠷᠢᠮ ᠢ ᠴᠢᠩᠭ᠎ᠠ ᠬᠡᠷᠡᠭᠵᠢᠬᠦᠯᠵᠤ᠂ ᠵᠠᠰᠠᠭ ᠤᠨ ᠤᠷᠳᠤᠨ ᠤ ᠬᠠᠤᠯᠢ ᠶᠤᠰᠤᠭᠠᠷ ᠰᠢᠢᠤᠨᠪᠤᠷᠢ ᠳᠤᠭᠳᠠᠭᠠᠬᠤ | ᠳᠠᠷᠠᠭᠠᠯᠠᠯ ᠢ ᠳᠡᠬᠦᠯᠳᠡᠷᠵᠢᠬᠦᠯᠤᠨ᠂ ᠵᠠᠰᠠᠭ ᠤᠨ ᠤᠷᠳᠤᠨ ᠤ ᠵᠠᠰᠠᠭ ᠵᠠᠬᠢᠷᠭᠠᠨ ᠤ ᠰᠢᠢᠤᠨᠪᠤᠷᠢᠳᠤ ᠪᠤᠳᠤᠯᠭ᠎ᠠ ᠶᠢᠨ | ᠰᠢᠨᠵᠢᠯᠡᠬᠦ ᠤᠬᠠᠭᠠᠨᠴᠢ ᠴᠢᠨᠠᠷ ᠪᠠ ᠠᠷᠠᠤᠨᠴᠢᠯᠠᠭᠰᠡᠨ ᠲᠦᠪᠰᠢᠨ ᠢ ᠳᠡᠬᠡᠭᠰᠢᠯᠡᠬᠦᠯᠤᠨ᠎ᠠ᠃ ᠵᠠᠰᠠᠭ ᠵᠠᠬᠢᠷᠭᠠᠨ ᠤ | ᠬᠠᠤᠯᠢ ᠬᠡᠷᠡᠭᠵᠢᠬᠦᠯᠤᠯᠳᠠ ᠶᠢᠨ ᠬᠠᠷᠢᠭᠤᠴᠠᠯᠭ᠎ᠠ ᠶᠢᠨ ᠲᠦᠷᠢᠮ ᠢ ᠪᠦᠬᠦ ᠳᠠᠯ᠎ᠠ ᠪᠠᠷ ᠨᠠᠶᠢᠳᠠᠪᠤᠷᠢᠵᠢᠭᠤᠯᠵᠤ᠂ ᠲᠦᠪ | ᠭᠤᠤᠯᠴᠢ ᠪᠤᠯᠪᠠᠰᠤᠨ ᠢᠶᠠᠷ ᠬᠠᠤᠯᠢ ᠬᠡᠷᠡᠭᠵᠢᠬᠦᠯᠬᠦ ᠶᠢ ᠴᠢᠩᠭ᠎ᠠ ᠲᠦᠷᠢᠮᠵᠢᠬᠦᠯᠤᠨ᠎ᠠ᠃ ᠬᠠᠤᠯᠢ ᠲᠦᠷᠢᠮ ᠤᠨ | ᠰᠤᠷᠳᠠᠯᠴᠢᠯᠠᠭ᠎ᠠ ᠬᠦᠮᠤᠵᠢᠯ ᠢ ᠴᠢᠩᠭᠠᠤᠨᠬᠠᠵᠤ᠂ ᠵᠠᠰᠠᠭ ᠤᠨ ᠤᠷᠳᠤᠨ ᠤ ᠬᠠᠤᠯᠢ ᠴᠠᠭᠠᠵᠠ ᠶᠢᠨ ᠳᠤᠰᠠᠯᠠᠮᠵᠢ ᠶᠢᠨ | ᠲᠦᠪ ᠢ ᠪᠠᠶᠢᠭᠤᠯᠤᠨ᠂ ᠠᠷᠠᠤᠨ ᠤᠯᠠᠨ ᠤ ᠬᠠᠤᠯᠢ ᠶᠤᠰᠤᠨ ᠤ ᠡᠷᠬᠡ ᠠᠰᠢᠭ ᠢ ᠦᠨᠡᠨᠬᠦ ᠬᠠᠮᠠᠭᠠᠯᠠᠨ᠎ᠠ᠃ | ᠦᠬᠡᠷᠡᠴᠢᠯᠠᠯᠳᠠ ᠪᠠᠷ ᠰᠢᠨᠠᠴᠢᠯᠠᠯᠳᠠ ᠶᠢ ᠠᠬᠢᠭᠤᠯᠤᠨ᠎ᠠ᠃ ᠲᠦᠪ ᠪᠠ ᠤᠷᠤᠨ᠂ ᠬᠤᠳᠠ ᠶᠢᠨ | ᠦᠬᠡᠷᠡᠴᠢᠯᠠᠯᠳᠠ ᠶᠢ ᠪᠦᠬᠦ ᠳᠠᠯ᠎ᠠ ᠪᠠᠷ ᠬᠦᠯᠢᠶᠡᠨ ᠠᠪᠴᠤ᠂ ᠳᠠᠭᠠᠭᠠᠮᠠᠭᠠᠢ ᠤᠨᠤᠪᠴᠢᠳᠠᠢ ᠪᠠᠷ ᠠᠵᠢᠯᠯᠠᠭ᠎ᠠ ᠠᠪᠤᠨ | ᠦᠬᠡᠷᠡᠴᠢᠯᠠᠯᠳᠠ ᠶᠢ ᠠᠬᠢᠭᠤᠯᠵᠤ᠂ ᠰᠢᠨ᠎ᠠ ᠪᠦᠳᠤᠮᠵᠢ ᠶᠢ ᠳᠠᠰᠤᠷᠠᠯᠳᠠ ᠦᠬᠡᠢ ᠪᠤᠢ ᠪᠤᠯᠭᠠᠨ᠎ᠠ᠃ ᠦᠨᠳᠤᠰᠤᠨ | ᠱᠠᠳᠤᠨ ᠤ ᠡᠵᠡᠨ ᠮᠡᠳᠡᠭᠰᠡᠨ ᠰᠢᠨᠡᠴᠢᠯᠠᠯᠳᠠ ᠶᠢ ᠲᠦᠷᠬᠡᠤᠨᠬᠡᠨ᠂ ᠠᠮᠢ ᠠᠬᠤᠢ ᠶᠢᠨ ᠪᠤᠯᠪᠠᠰᠤᠨ ᠤ ᠲᠦᠷᠢᠮ ᠤᠨ | ᠦᠬᠡᠷᠡᠴᠢᠯᠡᠯᠳᠠ ᠶᠢ ᠲᠦᠷᠬᠡᠤᠨᠬᠡᠨ᠂ ᠳᠤᠯᠤᠭᠠᠶᠢᠯᠠᠭᠴᠢ ᠠᠵᠤ ᠠᠬᠤᠶᠢᠯᠡᠯ ᠬᠢᠬᠡᠤᠨ ᠮᠠᠯᠴᠢᠨ ᠳᠠᠷᠢᠶᠠᠴᠢᠤᠨ ᠤᠨ | ᠡᠷᠬᠡ ᠠᠰᠢᠭ ᠤᠨ ᠬᠠᠮᠳᠤ ᠶᠢᠨ ᠳᠤᠰᠠ ᠵᠡᠷᠬᠡ ᠦᠬᠡᠷᠡᠴᠢᠯᠠᠯᠳᠠ ᠳᠤᠷᠰᠢᠯᠳᠠ ᠶᠢᠨ ᠳᠠᠯ᠎ᠠ ᠪᠠᠷ ᠪᠦᠳᠤᠮᠵᠢ ᠭᠠᠷᠭᠠᠨ | ᠳᠤᠷᠰᠢᠯᠭ᠎ᠠ ᠬᠤᠷᠢᠶᠠᠨ᠎ᠠ᠃ ᠵᠠᠰᠠᠭ ᠤᠨ ᠶᠠᠪᠤᠳᠠᠯ ᠤᠨ ᠰᠢᠨ᠎ᠠ ᠲᠢᠩᠬᠢᠮ ᠢ ᠠᠵᠢᠯᠯᠠᠭ᠎ᠠ ᠡᠬᠢᠯᠡᠬᠦᠯᠵᠤ᠂ ︽ᠭᠠᠭᠴᠠ | ᠴᠤᠩᠬᠤ ᠪᠠᠷ ᠲᠦᠪᠯᠡᠷᠡᠩᠬᠦᠢ ᠬᠦᠢᠴᠡᠤᠨᠬᠡᠬᠦ︾ ᠪᠠ ᠰᠦᠯᠵᠢᠶᠡᠨ ᠳᠡᠬᠡᠷ᠎ᠠ ᠬᠤᠯᠪᠤᠭᠠᠨᠯᠠᠨ ᠬᠢᠨᠠᠨ ᠴᠤᠬᠤᠯᠠᠪᠤᠷᠢᠯᠠᠬᠤ | ᠠᠷᠭ᠎ᠠ ᠬᠡᠯᠪᠡᠷᠢ ᠶᠢ ᠬᠦᠴᠤᠯᠡᠨ ᠬᠡᠷᠡᠭᠵᠢᠬᠦᠯᠵᠤ᠂ ᠠᠵᠢᠯ ᠤᠨ ᠳᠤᠮᠳᠠ ᠪᠠ ᠠᠵᠢᠯ ᠤᠨ ᠳᠠᠷᠠᠭ᠎ᠠ ᠬᠢᠨᠠᠨ ᠬᠠᠮᠢᠶᠠᠷᠬᠤ | ᠪᠠᠨ ᠴᠢᠩᠭᠠᠤᠨᠬᠠᠨ᠂ ᠡᠮᠤᠨᠡᠴᠢ ᠬᠢᠨᠠᠨ ᠴᠤᠬᠤᠯᠠᠪᠤᠷᠢᠯᠠᠯ ᠢ ᠬᠠᠰᠤᠨ ᠴᠤᠮᠬᠠᠤᠨᠬᠠᠵᠤ᠂ ᠬᠢᠨᠠᠨ ᠴᠤᠬᠤᠯᠠᠪᠤᠷᠢᠯᠠᠯ ᠤᠨ | ᠴᠠᠭ ᠤᠨ ᠬᠢᠵᠠᠭᠠᠷᠯᠠᠯ ᠢ ᠪᠦᠳᠤᠮᠵᠢᠳᠠᠢ ᠪᠠᠭᠠᠰᠬᠠᠵᠤ᠂ ᠳᠡᠷᠢᠬᠦᠨ ᠤ ᠵᠠᠰᠠᠭ ᠤᠨ ᠶᠠᠪᠤᠳᠠᠯ ᠤᠨ ᠤᠶᠢᠯᠡᠴᠢᠯᠡᠬᠡᠨ ᠤ | ᠲᠦᠪ ᠢ ᠴᠤᠭᠴᠠᠯᠠᠨ᠎ᠠ᠃ ᠰᠤᠷᠭᠠᠨ ᠬᠦᠮᠤᠵᠢᠯ᠂ ᠡᠷᠡᠬᠦᠯ ᠬᠠᠮᠠᠭᠠᠯᠠᠯ᠂ ᠮᠠᠯ ᠳᠠᠷᠢᠶᠠᠯᠠᠩ ᠤᠨ ᠤᠶᠢᠯᠡᠰ ᠵᠡᠷᠬᠡ ᠳᠤ | ᠳᠡᠬᠡᠳᠤ ᠳᠡᠰ ᠤᠨ ᠴᠢᠳᠠᠪᠤᠷᠢᠳᠠᠨ ᠤᠷᠢᠨ ᠬᠡᠷᠡᠭᠯᠡᠬᠦ ᠵᠠᠮ ᠮᠦᠷ ᠢ ᠰᠢᠯᠤᠭᠤᠤᠨᠬᠠᠨ᠂ ︽ᠰᠢᠨ᠎ᠠ ᠮᠠᠶ᠋ᠢᠭ ᠤᠨ ᠠᠵᠢᠯ | ᠮᠡᠷᠬᠡᠵᠢᠯ ᠤᠨ ᠮᠠᠯᠴᠢᠨ ᠳᠠᠷᠢᠶᠠᠴᠢᠨ︾ ᠬᠦᠮᠤᠵᠢᠬᠦᠯᠵᠤ᠂ ᠠᠵᠤ ᠠᠬᠤᠢ ᠶᠢᠨ ᠬᠦᠭᠵᠢᠯᠳᠠ ᠳᠤ ᠴᠢᠳᠠᠪᠤᠷᠢᠳᠠᠨ | ᠪᠠᠳᠤᠯᠠᠭ᠎ᠠ ᠬᠠᠩᠭᠠᠨ᠎ᠠ᠃ | ᠰᠠᠬᠢᠯᠭ᠎ᠠ ᠪᠠᠨ ᠴᠢᠩᠭᠠᠤᠨᠬᠠᠬᠤ ᠪᠠᠷ ᠴᠢᠬᠡᠴᠢ ᠵᠠᠰᠠᠭᠯᠠᠨᠠ᠃ ᠨᠠᠮ ᠤᠨ ᠰᠤᠷᠳᠠᠯ ᠴᠢᠬᠡᠴᠢ ᠵᠠᠰᠠᠭ ᠤᠨ | ᠪᠠᠶᠢᠭᠤᠯᠤᠯᠳᠠ ᠶᠢᠨ ᠬᠠᠷᠢᠭᠤᠴᠠᠯᠭ᠎ᠠ ᠶᠢᠨ ᠲᠦᠷᠢᠮ ᠢ ᠪᠦᠬᠦ ᠳᠠᠯ᠎ᠠ ᠪᠠᠷ ᠨᠠᠶᠢᠳᠠᠪᠤᠷᠢᠵᠢᠭᠤᠯᠵᠤ᠂ ᠴᠠᠭ ᠢᠮᠠᠭᠳᠠ | ᠰᠠᠬᠢᠯᠭ᠎ᠠ ᠪᠠ ᠲᠦᠷᠢᠮ ᠢ ᠳᠡᠷᠢᠬᠦᠨ ᠪᠠᠶᠢᠷᠢᠨ ᠳᠤ ᠭᠤᠤᠯᠴᠢᠯᠠᠨᠠ᠃ ᠤᠯᠠᠨ ᠨᠠᠶᠢᠳᠠ ᠶᠢᠨ ᠪᠡᠯᠡ ᠮᠦᠩᠬᠦ᠂ ᠤᠯᠤᠰ | ᠤᠨ ᠦᠮᠴᠢᠯᠠᠯᠳᠤ ᠬᠦᠷᠤᠩᠬᠡ᠂ ᠡᠬᠢ ᠰᠤᠷᠪᠤᠯᠵᠢ ᠪᠠ ᠤᠳᠤᠷᠢᠤᠨᠬᠤ ᠺᠠᠳ᠋ᠷ ᠤᠨ ᠠᠵᠤ ᠠᠬᠤᠢ ᠶᠢᠨ ᠬᠠᠷᠢᠭᠤᠴᠠᠯᠭ᠎ᠠ | ᠪᠡᠶᠡᠯᠡᠬᠦᠯᠦᠭᠰᠡᠨ ᠪᠠᠶᠢᠳᠠᠯ ᠤᠨ ᠬᠢᠨᠠᠨ ᠪᠤᠳᠤᠯᠳᠠ ᠶᠢᠨ ᠪᠦᠬᠦ ᠪᠦᠷᠬᠦᠴᠠ ᠶᠢ ᠠᠬᠢᠭᠤᠯᠵᠤ᠂ ᠬᠢᠨᠠᠨ ᠪᠤᠳᠤᠯᠳᠠ ᠶᠢᠨ | ᠬᠢᠨᠠᠯᠳᠠ ᠶᠢᠨ ᠤᠶᠢᠯᠡᠳᠤᠯ ᠢ ᠦᠨᠡᠨ ᠬᠦ ᠪᠠᠳᠠᠷᠠᠭᠠᠨ᠎ᠠ᠃ ︽ᠭᠤᠷᠪᠠᠨ ᠠᠯᠪᠠᠨ︾ ᠤ ᠵᠠᠷᠤᠳᠠᠯ ᠢ ᠴᠢᠩᠭ᠎ᠠ | ᠬᠢᠵᠠᠭᠠᠷᠯᠠᠨ᠂ ᠠᠯᠪᠠᠨ ᠳᠡᠷᠬᠡ ᠶᠢᠨ ᠲᠦᠷᠢᠮ ᠤᠨ ᠦᠬᠡᠷᠡᠴᠢᠯᠠᠯᠳᠠ ᠶᠢ ᠢᠳᠡᠪᠬᠢᠳᠠᠢ ᠠᠬᠢᠭᠤᠯᠤᠨ᠎ᠠ᠃ ᠵᠠᠰᠠᠭ ᠤᠨ | ᠶᠠᠪᠤᠳᠠᠯ ᠤᠨ ᠢᠯᠡᠰᠢᠬᠦᠯᠤᠯᠳᠠ ᠶᠢ ᠬᠦᠨᠵᠡᠬᠡᠶᠢᠷᠡᠬᠦᠯᠤᠨ᠂ ᠵᠠᠰᠠᠭ ᠤᠨ ᠤᠷᠳᠤᠨ ᠤ ᠴᠢᠮᠡᠭᠡ ᠵᠠᠩᠬᠢ ᠶᠢᠨ ᠨᠠᠶᠢᠳᠠᠯᠡᠯ | ᠪᠠ ᠰᠤᠨᠢᠨ ᠮᠡᠳᠡᠬᠡᠨ ᠤ ᠨᠠᠶᠢᠳᠡᠯᠡᠬᠦ ᠲᠦᠷᠢᠮ ᠢ ᠳᠡᠬᠦᠯᠳᠡᠷᠵᠢᠬᠦᠯᠵᠤ᠂ ︽ᠢᠯᠡ ᠳᠤᠳᠤ ᠵᠠᠰᠠᠭ ᠤᠨ ᠤᠷᠳᠤᠨ︾ ᠤ | ᠪᠠᠶᠢᠭᠤᠯᠤᠯᠳᠠ ᠶᠢ ᠠᠬᠢᠭᠤᠯᠵᠤ᠂ ᠵᠠᠰᠠᠭ ᠤᠨ ᠤᠷᠳᠤᠨ ᠤ ᠠᠵᠢᠯ ᠢ ᠤᠯᠠᠮ ᠢᠯᠡ ᠳᠤᠳᠤ᠂ ᠤᠯᠠᠮ ᠢᠳᠡᠬᠡᠮᠵᠢ | ᠳᠡᠬᠦᠯᠳᠡᠷ ᠪᠤᠯᠭᠠᠨ᠎ᠠ᠃ ᠲᠦᠷᠢᠮ ᠢᠶᠠᠷ ᠡᠷᠬᠡ᠂ ᠤᠴᠢᠷ ᠪᠠ ᠬᠦᠮᠤᠨ ᠬᠠᠮᠢᠶᠠᠷᠬᠤ ᠶᠢ ᠪᠠᠷᠢᠮᠳᠠᠯᠠᠨ᠂ ᠵᠠᠰᠠᠭ ᠤᠨ | ᠤᠷᠳᠤᠨ ᠤ ᠰᠢᠰᠲ᠋ᠧᠮ ᠤᠨ ᠰᠤᠷᠳᠠᠯ ᠤᠨ ᠪᠠᠶᠢᠭᠤᠯᠤᠯᠳᠠ ᠶᠢ ᠴᠢᠩᠭᠠᠤᠨᠬᠠᠵᠤ᠂ ᠠᠷᠠᠤᠨ ᠤᠯᠠᠨ ᠤ ᠬᠠᠵᠠᠭᠤ ᠳᠠᠬᠢ | ᠢᠯᠵᠠᠷᠠᠯ ᠤᠨ ᠠᠰᠠᠭᠤᠳᠠᠯ ᠢ ᠴᠢᠩᠭ᠎ᠠ ᠪᠠᠶᠢᠴᠠᠭᠠᠨ ᠰᠢᠢᠤᠨᠪᠤᠷᠢᠯᠡᠵᠤ᠂ ᠺᠠᠳ᠋ᠷ ᠴᠢᠬᠡᠴᠢ᠂ ᠵᠠᠰᠠᠭ ᠠᠷᠢᠭᠤᠨ᠂ | ᠰᠤᠷᠳᠠᠯ ᠬᠡᠬᠡᠨ ᠪᠠᠶᠢᠳᠠᠯ ᠢ ᠪᠠᠳᠤᠯᠠᠨ ᠰᠠᠶᠢᠵᠢᠷᠠᠭᠤᠯᠤᠨ᠎ᠠ᠃ | ᠲᠦᠯᠤᠬᠡᠯᠡᠭᠴᠢᠤᠨ ᠡ᠂ ᠰᠢᠨ᠎ᠠ ᠡᠬᠢᠯᠡᠯᠳᠠ ᠶᠢᠨ ᠴᠡᠭ ᠳᠡᠬᠡᠷᠡᠬᠢ ᠰᠢᠨ᠎ᠠ ᠳᠡᠤᠬᠡ ᠶᠢᠨ ᠠᠶᠠᠨ ᠢᠶᠠᠨ | ᠡᠬᠢᠯᠡᠬᠦᠯᠬᠦ ᠪᠤᠯ ᠴᠠᠭ ᠦᠶ᠎ᠡ ᠪᠠ ᠠᠷᠠᠤᠨ ᠤᠯᠠᠨ ᠤ ᠬᠦᠰᠡᠯ ᠨᠠᠶᠢᠳᠠᠯᠭ᠎ᠠ ᠶᠤᠮ᠂ ᠮᠦᠨᠴᠤ ᠪᠢᠳ᠋ᠨ ᠪᠦᠬᠦᠨ ᠤ | ᠴᠦᠬᠦᠷᠡᠰᠢ ᠦᠬᠡᠢ ᠤᠷᠤᠭᠰᠢᠯᠠᠨ ᠳᠠᠪᠰᠢᠬᠤ ᠶᠢᠨ ᠦᠨᠳᠤᠰᠤ ᠰᠢᠯᠳᠠᠭᠠᠨ ᠶᠤᠮ᠃ ᠪᠢᠳᠠ ᠬᠤᠰᠢᠭᠤ ᠨᠠᠮ ᠤᠨ | ᠬᠤᠷᠢᠶᠠᠨ ᠤ ᠬᠦᠴᠤᠳᠤ ᠤᠳᠤᠷᠢᠳᠤᠯᠭ᠎ᠠ ᠳᠤᠤᠷ᠎ᠠ ᠪᠦᠬᠦ ᠬᠤᠰᠢᠭᠤᠨ ᠤ ᠡᠯ᠎ᠡ ᠦᠨᠳᠤᠰᠤᠳᠠᠨ ᠤ ᠠᠷᠠᠤᠨ ᠲᠦᠮᠡᠨ | ᠲᠠᠢ ᠬᠠᠮᠳᠤ ᠪᠦᠯᠬᠦᠮᠳᠠᠨ ᠳᠡᠮᠡᠴᠡᠵᠤ᠂ ᠦᠵᠡᠯ ᠰᠠᠨᠠᠭ᠎ᠠ ᠪᠠᠨ ᠤᠯᠠᠮ ᠨᠢᠬᠡ ᠠᠯᠬᠤᠮ ᠴᠢᠯᠤᠬᠡᠯᠡᠨ᠂ ᠦᠨᠡᠨ ᠢ | ᠪᠠᠷᠢᠮᠳᠠᠯᠠᠨ ᠪᠤᠳᠠᠳᠠᠢ ᠠᠵᠢᠯᠯᠠᠵᠤ᠂ ᠵᠤᠷᠢᠭᠳᠠᠢ ᠡᠬᠦᠷᠬᠡᠯᠡᠨ ᠰᠠᠨᠠᠭᠠᠴᠢᠯᠠᠭ᠎ᠠ ᠲᠠᠢ ᠳᠠᠪᠰᠢᠨ᠂ ︽ᠠᠷᠪᠠᠨ | ᠭᠤᠷᠪᠠᠳᠤᠭᠠᠷ ᠳᠠᠪᠤᠨ ᠵᠢᠯ︾ ᠤᠨ ᠬᠦᠭᠵᠢᠯᠳᠠ ᠶᠢᠨ ᠬᠡᠷᠡᠯ ᠰᠠᠴᠤᠷᠠᠩᠭᠤᠢ ᠠᠮᠵᠢᠯᠳᠠ ᠶᠢ ᠴᠢᠷᠮᠠᠶᠢᠨ ᠪᠦᠳᠤᠬᠡᠰᠤᠬᠡᠢ | ︕ | | | | | | ᠨᠡᠷᠡᠰ ᠤᠨ ᠲᠠᠶᠢᠯᠪᠦᠷᠢ | 1. ᠮᠠᠯᠵᠢᠬᠤ ᠲᠠᠷᠢᠶᠠᠯᠠᠬᠤ ᠣᠷᠣᠨ ᠳᠤ ᠰᠢᠳᠠᠮᠠᠬᠠᠢ ᠭᠡᠢ ᠨᠡᠪᠳᠡᠷᠡᠭᠦᠯᠬᠦ ᠢᠨᠵᠧᠨᠧᠷᠢᠩ᠄ ᠬᠦᠳᠡᠭᠡ ᠣᠷᠣᠨ ᠳᠤ | ᠰᠢᠳᠠᠮᠠᠬᠠᠢ ᠭᠡᠢ ᠶᠢᠨ ᠲᠠᠷᠣᠯᠳᠠ ᠶᠢᠨ ᠬᠤᠳᠳᠤᠭ ᠪᠠᠶᠢᠭᠤᠯᠣᠨ ᠵᠦᠢ ᠵᠣᠬᠢᠰᠳᠡᠢ ᠪᠠᠶᠢᠷᠢᠯᠠᠭᠤᠯᠵᠣ᠂ ᠮᠠᠯᠵᠢᠬᠤ | ᠲᠠᠷᠢᠶᠠᠯᠠᠬᠤ ᠣᠷᠣᠨ ᠤ ᠠᠶᠢᠯ ᠡᠷᠦᠭᠡ ᠳᠤ ᠰᠢᠳᠠᠮᠠᠬᠠᠢ ᠭᠡᠢ ᠣᠷᠣᠭᠤᠯᠣᠨ᠂ ᠭᠡᠷᠡᠭᠯᠡᠯᠳᠠ ᠶᠢ ᠪᠦᠬᠦᠳᠠ ᠳᠤ | ᠡᠳ᠋ᠯᠡᠬᠦᠯᠬᠦ ᠠᠵᠢᠯ᠃ | 2. ᠣᠯᠣᠰ ᠤᠨ ᠪᠣᠯᠪᠠᠰᠦᠨ ᠬᠤᠰᠢᠭᠤ᠄ ᠣᠯᠣᠰ ᠤᠨ ᠲᠤᠳᠤᠭᠠᠳᠤ ᠶᠢᠨ ᠬᠤᠳᠠ ᠪᠠᠯᠭᠠᠰᠤ ᠶᠢᠨ | ᠶᠡᠷᠦᠩᠬᠡᠶᠢᠯᠡᠭᠰᠠᠨ ᠬᠠᠮᠤᠭ ᠴᠢᠨᠠᠷᠯᠢᠭ ᠥᠨᠡᠯᠡᠯᠳᠡ ᠶᠢᠨ ᠨᠢᠭᠡ᠂ ᠭᠤᠷᠪᠠᠨ ᠵᠢᠯ ᠳᠤ ᠨᠢᠭᠡ ᠰᠢᠯᠭᠠᠷᠠᠭᠤᠯᠳᠠᠭ᠃ | 3. ᠦᠪᠡᠷᠳᠡᠭᠡᠨ ᠵᠠᠰᠠᠬᠤ ᠣᠷᠣᠨ ᠤ ︽ᠭᠤᠷᠪᠠᠨ ᠨᠢᠭᠡ︾ ᠶᠢᠨ ᠠᠷᠠᠳ ᠤᠨ ᠠᠮᠢᠳᠣᠷᠠᠯ ᠤᠨ ᠢᠨᠵᠧᠨᠧᠷᠢᠩ᠄ | 2014 ᠣᠨ ᠳᠤ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ᠂ ᠵᠠᠰᠠᠭ ᠤᠨ | ᠣᠷᠳᠣᠨ ᠠᠴᠠ ᠮᠠᠯᠵᠢᠬᠤ ᠲᠠᠷᠢᠶᠠᠯᠠᠬᠤ ᠣᠷᠣᠨ ᠤ ᠲᠣᠣᠷ᠎ᠠ ᠣᠷᠣᠯᠭᠠᠳᠦ ᠠᠶᠢᠯ ᠡᠷᠦᠬᠡ ᠪᠦᠷᠢ ᠳᠤ 1 ᠲᠣᠨ | ᠲᠣᠯᠠᠭᠠᠯᠠᠮᠵᠢ ᠶᠢᠨ ᠨᠡᠭᠦᠷᠡᠰᠦ ᠬᠦᠷᠭᠡᠵᠣ᠂ ᠬᠤᠳᠠ ᠪᠠᠯᠭᠠᠰᠣᠨ ᠤ ᠲᠣᠣᠷ᠎ᠠ ᠪᠠᠳᠣᠯᠠᠭᠠᠳᠦ ᠡᠷᠦᠬᠡ ᠶᠢᠨ ᠣᠶᠣᠳᠠᠨ | ᠪᠦᠷᠢ ᠳᠤ ᠵᠢᠯ ᠲᠣᠳᠣᠮ ᠲᠦᠮᠡᠨ ᠲᠦᠬᠦᠷᠢᠭ ᠤᠨ ᠰᠣᠷᠣᠯᠭ᠎ᠠ ᠶᠢᠨ ᠲᠣᠰᠠᠯᠠᠮᠵᠢ ᠣᠯᠭᠤᠨ᠂ ᠠᠵᠢᠯ ᠲᠠᠢ ᠬᠦᠮᠦᠨ | ᠦᠭᠡᠢ ᠭᠡᠷ ᠪᠦᠯᠢ ᠪᠦᠷᠢ ᠳᠤ ᠠᠳᠠᠭ ᠲᠠᠭᠠᠨ ᠨᠢᠭᠡ ᠠᠵᠢᠯ ᠤᠨ ᠪᠠᠶᠢᠷᠢ ᠬᠠᠩᠭᠠᠬᠤ ︽ᠭᠤᠷᠪᠠᠨ ᠨᠢᠭᠡ︾ ᠶᠢᠨ | ᠠᠷᠠᠳ ᠤᠨ ᠠᠮᠢᠳᠣᠷᠠᠯ ᠢ ᠬᠠᠷᠠᠭᠠᠯᠵᠠᠬᠤ ᠪᠣᠳᠠᠳᠦ ᠣᠴᠢᠷ ᠲᠣᠷᠠᠳᠪᠠ᠃ | 4. ᠭᠤᠷᠪᠠᠨ ᠦᠨᠡᠮᠯᠡᠯ ᠢ ᠨᠢᠭᠡᠳᠬᠡᠬᠦ᠂ ᠨᠢᠭᠡ ᠦᠨᠡᠮᠯᠡᠯ ᠨᠢᠭᠡ ᠳ᠋ᠣᠭᠠᠷᠯᠠᠯ ᠪᠤᠯᠭᠠᠬᠤ ᠲᠠᠩᠰᠠᠯᠠᠯᠳᠠ ᠶᠢᠨ | ᠲᠦᠷᠢᠮ᠄ ︽ᠭᠤᠷᠪᠠᠨ ᠦᠨᠡᠮᠯᠡᠯ ᠢ ᠨᠢᠭᠡᠳᠬᠡᠬᠦ︾ ᠭᠡᠳᠡᠭ ᠪᠣᠯ᠄ ᠠᠵᠣ ᠠᠬᠤᠶᠢᠯᠠᠯ ᠤᠨ ᠲᠡᠰ ᠲᠠᠷᠠᠭᠠᠯᠠᠨ | ᠭᠤᠶᠣᠪᠴᠢᠯᠠᠭᠰᠠᠨ ᠣᠶᠢᠯᠠᠳᠪᠦᠷᠢ ᠬᠤᠳᠠᠯᠳᠣᠭᠠᠨ ᠤ ᠡᠵᠡᠩᠨᠡᠯᠳᠠ ᠶᠢᠨ ᠭᠡᠷᠡᠴᠢ᠂ ᠵᠣᠬᠢᠶᠠᠨ ᠪᠠᠶᠢᠭᠤᠯᠣᠯᠳᠠ ᠶᠢᠨ | ᠪᠠᠶᠢᠭᠤᠯᠣᠮᠵᠢ ᠶᠢᠨ ᠣᠷᠣᠯᠠᠬᠤ ᠳ᠋ᠣᠭᠠᠷ ᠤᠨ ᠦᠨᠡᠮᠯᠠᠯ ᠪᠠ ᠭᠠᠶᠢᠯᠢ ᠶᠢᠨ ᠶᠠᠪᠣᠳᠠᠯ ᠤᠨ ᠲᠠᠩᠰᠠᠯᠠᠯᠳᠠ ᠶᠢᠨ ᠦᠨᠡᠮᠯᠠᠯ | ᠵᠡᠷᠭᠡ ᠭᠤᠷᠪᠠᠨ ᠦᠨᠡᠮᠯᠠᠯ ᠢ ᠨᠢᠭᠡᠳᠬᠡᠵᠣ ᠵᠠᠬ᠎ᠠ ᠲᠡᠯᠭᠡᠭᠦᠷ ᠤᠨ ᠵᠦᠪᠰᠢᠶᠡᠷᠡᠯ ᠤᠨ ᠦᠷ᠎ᠡ ᠠᠰᠢᠭ ᠢ ᠲᠡᠭᠡᠭᠰᠢᠯᠡᠬᠦᠯᠬᠦ | ︔ ︽ᠨᠢᠭᠡ ᠥᠨᠡᠮᠯᠡᠯ ᠨᠢᠭᠡ ᠳ᠋ᠤᠭᠠᠷᠯᠠᠯ ᠪᠤᠯᠭᠠᠬᠤ︾ ᠭᠡᠳᠡᠭ ᠪᠤᠯ᠄ ᠭᠤᠷᠪᠠᠨ ᠥᠨᠡᠮᠯᠡᠯ ᠢ ᠨᠢᠭᠡᠳᠭᠡᠭᠰᠡᠨ ᠰᠠᠭᠤᠷᠢᠨ | ᠲᠡᠭᠡᠷ᠎ᠡ ᠨᠢᠭᠡ ᠰᠠᠯᠠᠭ᠎ᠠ ᠮᠥᠴᠢᠷ ᠤᠨ ᠬᠠᠷᠭᠤᠭᠤᠯᠤᠯᠳᠠ ᠬᠢᠨᠠᠯᠳᠠ ᠪᠠᠷ ᠨᠢᠭᠡᠳᠥᠯᠳᠡᠢ ᠳ᠋ᠤᠭᠠᠷᠯᠠᠯ ᠪᠥᠭᠦᠢ ᠡᠵᠡᠩᠨᠡᠯᠳᠡ | ᠶᠢᠨ ᠭᠡᠷᠡᠴᠢ ᠭᠠᠷᠭᠠᠵᠤ᠂ ᠭᠤᠶᠤᠪᠴᠢᠯᠠᠭᠴᠢ ᠡᠳᠡᠭᠡᠳ ᠲᠤᠰ ᠡᠵᠡᠩᠨᠡᠯᠳᠡ ᠶᠢᠨ ᠭᠡᠷᠡᠴᠢ ᠪᠠᠷ ᠬᠠᠮᠢᠶ᠎ᠠ ᠪᠥᠭᠦᠢ | ᠰᠠᠯᠠᠭ᠎ᠠ ᠮᠥᠴᠢᠷ ᠲᠤ ᠵᠥᠪᠰᠢᠶᠡᠷᠡᠯ ᠬᠢᠯᠭᠡᠵᠥ᠂ ᠡᠯ᠎ᠡ ᠲᠥᠷᠥᠯ ᠤᠨ ᠭᠠᠷᠳᠠᠮ ᠢᠶᠠᠨ ᠭᠥᠢᠴᠡᠳᠭᠡᠵᠥ ᠪᠤᠯᠬᠤ | ᠪᠤᠯᠤᠭᠰᠠᠨ ᠢ ᠭᠡᠯᠡᠵᠥ ᠪᠤᠢ᠃ | 5. ᠪᠠᠶᠢᠭᠠᠯᠢ ᠶᠢᠨ ᠡᠬᠢ ᠰᠤᠷᠪᠤᠯᠵᠢ ᠶᠢᠨ ᠬᠤᠷᠣᠭᠳᠠᠯ ᠤᠨ ᠬᠢᠨᠠᠯᠳᠠ ᠶᠢᠨ ᠲᠣᠭᠳᠠᠴᠠ᠄ ᠨᠢᠭᠡ ᠭᠠᠵᠠᠷ | ᠣᠷᠣᠨ ᠤ ᠬᠡᠰᠡᠭ ᠬᠤᠭᠤᠴᠠᠭᠠᠨ ᠳᠤ ᠡᠵᠡᠮᠰᠢᠨ ᠪᠦᠬᠦᠢ ᠪᠠᠶᠢᠭᠠᠯᠢ ᠶᠢᠨ ᠡᠬᠢ ᠰᠣᠷᠪᠣᠯᠵᠢ ᠶᠢᠨ ᠶᠡᠷᠦᠩᠬᠡᠢ ᠦᠷᠳᠡᠭ | ᠬᠡᠮᠵᠢᠶ᠎ᠠ ᠪᠠ ᠪᠠᠶᠢᠭᠠᠯᠢ ᠶᠢᠨ ᠡᠬᠢ ᠰᠣᠷᠪᠣᠯᠵᠢ ᠶᠢ ᠵᠣᠬᠢᠬᠤ ᠲᠣᠭᠳᠠᠭᠠᠯ ᠲᠦᠪᠰᠢᠨ ᠳᠤ ᠪᠠᠳᠣᠯᠠᠬᠤ ᠦᠷᠳᠡᠭ ︵ | ᠬᠤᠷᠣᠭᠳᠠᠯ︶ ᠤᠨ ᠮᠡᠳᠡᠭᠦᠯᠦᠯᠳᠠ᠃ 2015 ᠣᠨ ᠳᠤ ᠮᠠᠨ ᠤ ᠬᠤᠰᠢᠭᠤ ᠪᠦᠬᠦ ᠬᠤᠳᠠ ᠶᠢᠨ ᠠᠮᠢ ᠠᠬᠤᠢ ᠶᠢᠨ | ᠲᠦᠷᠢᠮ ᠤᠨ ᠪᠠᠶᠢᠭᠤᠯᠣᠯᠳᠠ ᠶᠢᠨ ᠦᠭᠡᠷᠡᠴᠢᠯᠡᠯᠳᠠ ᠶᠢᠨ ᠴᠡᠭ ᠢᠶᠠᠷ ᠲᠣᠭᠳᠠᠭᠠᠭᠳᠠᠪᠠ᠃ | 6. ᠦᠯᠦ ᠬᠦᠳᠡᠯᠬᠦ ᠬᠦᠷᠦᠩᠭᠡ ᠶᠢᠨ ᠲᠠᠩᠰᠠᠯᠠᠯᠳᠠ᠄ ᠡᠷᠬᠡ ᠮᠡᠳᠡᠭᠴᠢ ᠪᠣᠶᠣ ᠠᠰᠢᠭ ᠬᠤᠣᠷ ᠤᠨ ᠬᠠᠷᠢᠴᠠᠭᠠᠨ | ᠤ ᠬᠦᠮᠦᠨ ᠠᠴᠠ᠂ ᠣᠯᠣᠰ ᠤᠨ ᠲᠣᠰᠬᠠᠢ ᠲᠣᠰᠢᠶᠠᠯᠳᠦ ᠰᠠᠯᠠᠭ᠎ᠠ ᠮᠦᠴᠢᠷ ᠢᠶᠠᠷ ᠦᠯᠦ ᠬᠦᠳᠡᠯᠬᠦ ᠬᠦᠷᠦᠩᠭᠡ ᠶᠢᠨ | ᠪᠣᠳᠠᠰ ᠤᠨ ᠡᠷᠭᠡ ᠪᠣᠯᠣᠨ ᠬᠤᠯᠪᠣᠭᠳᠠᠯ ᠪᠦᠬᠦᠢ ᠬᠤᠪᠢᠷᠠᠭᠤᠯᠣᠯᠳᠠ ᠶᠢᠨ ᠵᠣᠶᠢᠯᠠᠰ ᠢ ᠦᠯᠦ ᠬᠦᠳᠡᠯᠬᠦ ᠬᠦᠷᠦᠩᠭᠡ | ᠶᠢᠨ ᠲᠠᠩᠰᠠᠯᠠᠯᠳᠠ ᠶᠢᠨ ᠲᠡᠪᠳᠡᠷ ᠲᠤ ᠪᠢᠴᠢᠭᠦᠯᠡᠨ ᠣᠷᠣᠭᠤᠯᠬᠤ ᠪᠠᠷ ᠭᠤᠶᠤᠪᠴᠢᠯᠠᠬᠤ ᠶᠢ ᠵᠢᠭᠠᠵᠣ ᠪᠣᠢ᠃ | 7. ᠦᠭᠭᠢᠶᠡᠮᠦᠷ ᠨᠠᠶᠢᠷᠠᠮᠳᠠᠭᠤ ᠲᠠᠯ᠎ᠠ ᠨᠣᠳᠤᠭ᠂ ᠦᠵᠡᠰᠭᠦᠯᠡᠩᠳᠦ ᠰᠠᠶᠢᠬᠠᠨ ᠡᠮᠦᠨᠡᠳᠦ ᠣᠳᠤᠭ᠄ ᠬᠤᠰᠢᠭᠤ | ᠨᠠᠮ ᠤᠨ ᠬᠤᠷᠢᠶᠠᠨ ᠠᠴᠠ ᠪᠥᠭᠦ ᠬᠤᠰᠢᠭᠤᠨ ᠤ ᠬᠡᠪᠴᠢᠶᠡᠨ ᠳᠤ ᠬᠡᠷᠡᠭᠵᠢᠭᠦᠯᠵᠣ ᠪᠠᠶᠢᠭ᠎ᠠ ᠨᠡᠶᠢᠭᠡᠮ ᠤᠨ | ᠶᠡᠷᠥᠩᠭᠡᠶᠢᠯᠡᠭᠰᠡᠨ ᠵᠠᠰᠠᠯᠳᠠ ᠶᠢᠨ ᠢᠨᠵᠧᠨᠧᠷᠢᠩ᠃ ︽ᠦᠭᠭᠢᠶᠡᠮᠦᠷ᠂ ᠨᠠᠶᠢᠷᠠᠮᠳᠠᠭᠤ᠂ ᠦᠵᠡᠰᠭᠦᠯᠡᠩᠳᠦ︾ ᠪᠠᠷ | ᠭᠤᠣᠯ ᠰᠡᠳᠦᠪ ᠪᠣᠯᠭᠠᠨ᠂ ︽ᠶᠣᠰᠣ ᠰᠣᠷᠳᠠᠬᠤᠨ ᠢᠶᠠᠷ ᠵᠠᠰᠠᠬᠤ᠂ ᠦᠪᠡᠷᠳᠡᠭᠡᠨ ᠵᠠᠰᠠᠬᠤ᠂ ᠬᠠᠮᠳᠦ ᠪᠠᠷ ᠵᠠᠰᠠᠬᠤ᠂ | ᠬᠠᠣᠯᠢ ᠪᠠᠷ ᠵᠠᠰᠠᠬᠤ︾ ᠲᠦᠷᠪᠡᠨ ᠲᠣᠭᠳᠠᠯᠴᠠᠭ᠎ᠠ ᠶᠢ ᠪᠦᠷᠢᠳᠦᠭᠦᠯᠦᠨ᠂ ᠪᠦᠬᠦ ᠬᠤᠰᠢᠭᠤᠨ ᠤ ᠦᠨᠳᠦᠰᠦᠳᠡᠨ | ᠨᠦᠭᠦᠳ ᠤᠨ ᠠᠷᠠᠳ ᠣᠯᠠᠨ ᠢ ᠵᠢᠯᠣᠭᠤᠳᠣᠨ ᠲᠠᠶᠢᠴᠢᠯᠠᠵᠣ ᠮᠤᠷᠠᠯ ᠪᠤᠯᠪᠠᠰᠤᠷᠠᠯ ᠲᠠᠢ᠂ ᠥᠨᠡᠨᠴᠢ ᠢᠳᠡᠭᠡᠮᠵᠢ ᠲᠠᠢ᠂ | ᠭᠥᠭᠵᠢᠯ ᠲᠠᠪᠰᠢᠯ ᠲᠠᠢ ᠰᠠᠶᠢᠬᠠᠨ ᠰᠤᠷᠳᠠᠯ ᠢ ᠰᠤᠷᠳᠠᠯᠴᠢᠯᠠᠨ ᠲᠡᠭᠡᠳᠥᠯᠡᠭᠦᠯᠵᠥ᠂ ᠣᠳᠤᠭ ᠤᠨ ᠡᠮᠦᠨᠡᠳᠦ ᠬᠤᠰᠢᠭᠤ | ᠪᠠᠨ ᠬᠦᠭᠵᠢᠯᠳᠠ ᠲᠠᠪᠰᠢᠯᠳᠠ ᠦᠷᠨᠢᠬᠦᠨ᠂ ᠣᠷᠴᠢᠨ ᠲᠣᠭᠤᠷᠢᠨ ᠵᠣᠬᠢᠴᠠᠭᠤᠨ᠂ ᠡᠮᠬᠢ ᠲᠢᠭᠯᠢᠮ ᠲᠣᠭᠳᠠᠭᠤᠨ᠂ | ᠰᠣᠶᠣᠯ ᠢᠷᠭᠡᠨᠰᠢᠯ ᠦᠪᠯᠡᠬᠦᠨ᠂ ᠰᠣᠷᠳᠠᠯ ᠬᠡᠪᠰᠢᠯ ᠲᠦᠪᠯᠡᠭᠦᠨ ᠦᠵᠡᠰᠭᠦᠯᠡᠩᠳᠦ ᠰᠠᠶᠢᠬᠠᠨ ᠨᠣᠳᠤᠭ ᠣᠷᠣᠨ | ᠪᠣᠯᠭᠠᠨ ᠴᠣᠭᠴᠠᠯᠠᠬᠤ ᠠᠵᠢᠯᠯᠠᠭ᠎ᠠ᠃ | 8. ᠭᠤᠷᠪᠠᠨ ᠲᠠᠭᠠᠳᠬᠠᠯ ᠢ ᠨᠢᠭᠡᠳᠭᠡᠭᠦ᠄ ᠬᠤᠳᠠ ᠪᠠᠯᠭᠠᠰᠤᠨ ᠤ ᠠᠵᠢᠯᠳᠠᠤᠨ ᠤᠨ ᠥᠨᠳᠥᠰᠥᠨ ᠡᠮ ᠡᠮᠨᠡᠯᠭᠡ | ᠶᠢᠨ ᠲᠠᠭᠠᠳᠬᠠᠯ᠂ ᠬᠤᠳᠠ ᠪᠠᠯᠭᠠᠰᠤᠨ ᠤ ᠰᠠᠭᠤᠭᠠᠯᠢ ᠠᠷᠠᠳ ᠤᠨ ᠥᠨᠳᠥᠰᠥᠨ ᠡᠮ ᠡᠮᠨᠡᠯᠭᠡ ᠶᠢᠨ ᠲᠠᠭᠠᠳᠬᠠᠯ | ᠪᠤᠯᠤᠨ ᠮᠠᠯᠵᠢᠬᠤ ᠲᠠᠷᠢᠶᠠᠯᠠᠬᠤ ᠤᠷᠤᠨ ᠤ ᠰᠢᠨ᠎ᠡ ᠮᠠᠶ᠋ᠢᠭ ᠤᠨ ᠬᠤᠷᠰᠢᠭᠰᠠᠨ ᠡᠮ ᠡᠮᠨᠡᠯᠭᠡ ᠶᠢᠨ ᠲᠠᠭᠠᠳᠬᠠᠯ ᠢ | ᠨᠢᠭᠡᠳᠥᠯᠳᠡᠢ ᠬᠦᠢᠴᠡᠤᠨᠬᠡᠬᠦ ᠬᠠᠮᠢᠶᠠᠷᠤᠯᠳᠠ ᠶᠢ ᠵᠢᠭᠠᠵᠤ ᠪᠤᠢ᠃ | 9.《 ᠭᠤᠷᠪᠠᠨ ᠠᠯᠪᠠᠨ 》 ᠵᠠᠷᠣᠳᠠᠯ᠄ ᠵᠠᠰᠠᠭ ᠤᠨ ᠣᠷᠳᠣᠨ ᠤ ᠰᠠᠯᠠᠭ᠎ᠠ ᠮᠦᠴᠢᠷ ᠤᠨ ᠠᠵᠢᠯᠳᠠᠳ ᠤᠨ | ᠠᠯᠪᠠᠨ ᠵᠠᠷᠣᠳᠠᠯ ᠢᠶᠠᠷ ᠭᠠᠳᠠᠭᠠᠳᠦ ᠳᠤ ᠭᠠᠷᠬᠤ᠂ ᠠᠯᠪᠠᠨ ᠲᠡᠷᠭᠡ ᠬᠤᠳᠠᠯᠳᠣᠨ ᠠᠪᠬᠤ ᠵᠢᠴᠢ ᠠᠷᠠᠴᠢᠯᠠᠬᠤ ᠵᠠᠷᠣᠳᠠᠯ | ᠂ ᠠᠯᠪᠠᠨ ᠤ ᠬᠦᠯᠢᠶᠠᠨ ᠵᠣᠴᠢᠯᠠᠭ᠎ᠠ ᠳᠤ ᠭᠡᠷᠡᠭᠯᠡᠭᠦ ᠵᠠᠷᠣᠳᠠᠯ ᠢ ᠵᠢᠭᠠᠨ᠎ᠠ᠃ | 10. ᠬᠠᠩᠭᠠᠯᠭ᠎ᠠ ᠶᠢᠨ ᠲᠠᠯ᠎ᠠ ᠶᠢᠨ ᠪᠦᠳᠦᠴᠡ ᠶᠢᠨ ᠴᠢᠨᠠᠷᠳᠠᠢ ᠦᠭᠡᠷᠡᠴᠢᠯᠡᠯᠳᠠ᠄ ᠬᠠᠩᠭᠠᠯᠭ᠎ᠠ ᠬᠢᠬᠡᠳ | ᠣᠶᠢᠯᠠᠳᠪᠦᠷᠢᠯᠠᠯ ᠤᠨ ᠭᠤᠭᠴᠤᠭ᠎ᠠ ᠠᠴᠠ ᠭᠠᠷᠳᠠᠵᠣ ᠬᠤᠴᠣᠷᠣᠩᠭᠤᠢ ᠣᠶᠢᠯᠠᠳᠪᠦᠷᠯᠠᠯ ᠤᠨ ᠴᠢᠳᠠᠮᠵᠢ ᠶᠢ ᠲᠠᠶᠠᠭᠳᠠᠨ | ᠂ ᠬᠦᠭᠵᠢᠯᠳᠠ ᠶᠢᠨ ᠴᠢᠭᠯᠡᠯ ᠢᠶᠠᠨ ᠰᠢᠨ᠎ᠠ ᠮᠠᠨᠳᠣᠭᠰᠠᠨ ᠬᠦᠷᠢᠶ᠎ᠠ ᠴᠠᠷᠠᠭ᠎ᠠ ᠣᠷᠣᠭᠤ ᠬᠠᠨᠳᠦᠭᠤᠯᠵᠣ᠂ ᠠᠵᠣ ᠠᠬᠤᠢ | ᠶᠢᠨ ᠰᠢᠨ᠎ᠡ ᠨᠡᠮᠡᠭᠳᠡᠯ ᠢ ᠪᠣᠢ ᠪᠣᠯᠭᠠᠨ᠂ ᠨᠡᠶᠢᠭᠡᠮ ᠤᠨ ᠬᠠᠩᠭᠠᠯᠭ᠎ᠠ ᠶᠢ ᠲᠡᠭᠡᠭᠰᠢᠯᠡᠬᠦᠯᠬᠦ ᠪᠠᠷ ᠲᠠᠮᠵᠢᠭᠤᠯᠣᠨ ᠠᠵᠣ | ᠠᠬᠤᠢ ᠪᠠᠨ ᠦᠭᠡᠳᠡᠯᠡᠬᠦᠯᠬᠦ ᠦᠭᠡᠷᠡᠴᠢᠯᠠᠯᠳᠠ ᠶᠢ ᠵᠢᠭᠠᠵᠣ ᠪᠣᠢ᠃ | 11. ︽ᠢᠨᠲ᠋ᠧᠷ ᠰᠦᠯᠵᠢᠶ᠎ᠠ +︾᠄ ︽ᠢᠨᠲ᠋ᠧᠷ ᠰᠦᠯᠵᠢᠶ᠎ᠠ + ᠣᠯᠠᠮᠵᠢᠯᠠᠯᠳᠦ ᠡᠯ᠎ᠡ ᠠᠵᠢᠯ ᠲᠦᠷᠦᠯ︾ | ᠤᠨ ᠬᠡᠯᠪᠡᠷᠢ ᠲᠦᠯᠦᠪ ᠢ ᠵᠢᠭᠠᠵᠣ ᠪᠣᠢ᠃ ᠴᠢᠮᠡᠭᠡ ᠨᠡᠪᠳᠠᠷᠡᠯᠴᠡᠭᠡᠨ ᠤ ᠮᠡᠷᠭᠡᠵᠢᠯ ᠪᠣᠯᠣᠨᠢᠨᠲ᠋ᠧᠷ ᠰᠦᠯᠵᠢᠶᠠᠨ | ᠳᠡᠪᠴᠠᠩ ᠢ ᠠᠰᠢᠭᠯᠠᠵᠣ ᠢᠨᠲ᠋ᠧᠷ ᠰᠦᠯᠵᠢᠶ᠎ᠠ ᠬᠢᠭᠡᠳ ᠣᠯᠠᠮᠵᠢᠯᠠᠯᠳᠦ ᠠᠵᠢᠯ ᠲᠦᠷᠦᠯ ᠢ ᠭᠦᠨᠵᠡᠭᠡᠢ | ᠠᠭᠤᠰᠣᠯᠴᠠᠭᠤᠯᠣᠨ ᠰᠢᠨ᠎ᠠ ᠬᠦᠭᠵᠢᠯᠳᠠ ᠶᠢᠨ ᠲᠣᠭᠳᠠᠴᠠ ᠪᠦᠷᠢᠳᠦᠬᠦᠯᠬᠦ᠃ | 12. ᠲᠠᠪᠣᠨ ᠶᠡᠭᠡ ᠲᠦᠷᠦ ᠶᠢᠨ ᠪᠣᠳᠣᠯᠭ᠎ᠠ ᠶᠢᠨ ᠲᠣᠯᠭᠠᠭᠤᠷᠢᠯᠠᠯ᠄ 2015 ᠣᠨ ᠤ 12 ᠰᠠᠷ᠎ᠠ ᠳᠤ ᠲᠦᠪ | ᠤᠨ ᠠᠵᠣ ᠠᠬᠤᠢ ᠶᠢᠨ ᠠᠵᠢᠯ ᠤᠨ ᠬᠤᠷᠠᠯᠳᠣᠭᠠᠨ ᠲᠡᠭᠡᠷ᠎ᠡ ᠲᠣᠷᠠᠳᠣᠨ ᠭᠠᠷᠭᠠᠭᠰᠠᠨ ᠬᠤᠷᠸ᠎ᠠ ᠲᠣᠬᠢᠷᠠᠭᠤᠯᠣᠯ ᠤᠨ | ᠲᠦᠷᠦ ᠶᠢᠨ ᠪᠣᠳᠣᠯᠭ᠎ᠠ ᠶᠢ ᠲᠣᠭᠳᠠᠭᠤᠨ᠂ ᠠᠵᠣ ᠣᠶᠢᠯᠠᠰ ᠤᠨ ᠲᠦᠷᠦ ᠶᠢᠨ ᠪᠣᠳᠣᠯᠭ᠎ᠠ ᠶᠢ ᠣᠨᠣᠪᠴᠢᠳᠠᠢ᠂ | ᠬᠤᠮᠠᠬᠢ ᠲᠣᠭᠢᠷᠠᠭᠤᠯᠣᠯ ᠤᠨ ᠲᠦᠷᠦ ᠶᠢᠨ ᠪᠣᠳᠣᠯᠭ᠎ᠠ ᠶᠢ ᠠᠮᠢᠳᠣᠯᠢᠭ᠂ ᠦᠭᠡᠷᠡᠴᠢᠯᠡᠯᠳᠠ ᠶᠢᠨ ᠲᠦᠷᠦ ᠶᠢᠨ | ᠪᠣᠳᠣᠯᠭ᠎ᠠ ᠶᠢ ᠪᠣᠳᠠᠳᠠᠢ᠂ ᠨᠡᠶᠢᠭᠡᠮ ᠤᠨ ᠲᠦᠷᠦ ᠶᠢᠨ ᠪᠣᠳᠣᠯᠭ᠎ᠠ ᠶᠢ ᠲᠦᠰᠢᠭᠳᠡᠢ ᠪᠠᠶᠢᠯᠭᠠᠬᠤ ᠲᠠᠪᠤᠨ ᠶᠡᠭᠡ | ᠲᠤᠯᠭᠠᠭᠤᠷᠢᠯᠠᠯ᠃ | 13. ᠲᠠᠪᠣᠨ ᠶᠡᠭᠡ ᠡᠭᠦᠷᠭᠡ᠄ 2015 ᠣᠨ ᠤ 12 ᠰᠠᠷ᠎ᠠ ᠳᠤ ᠲᠦᠪ ᠤᠨ ᠠᠵᠣ ᠠᠬᠤᠢ ᠶᠢᠨ ᠠᠵᠢᠯ ᠤᠨ | ᠬᠤᠷᠠᠯᠳᠣᠭᠠᠨ ᠲᠡᠭᠡᠷ᠎ᠡ ᠲᠣᠷᠠᠳᠣᠨ ᠭᠠᠷᠭᠠᠭᠰᠠᠨ ᠭᠠᠷᠣᠯᠳᠠ ᠶᠢ ᠴᠣᠮᠬᠠᠳᠬᠠᠬᠤ᠂ ᠬᠦᠷᠦᠩᠭᠡ ᠶᠢ ᠠᠰᠢᠭᠯᠠᠬᠤ᠂ | ᠪᠣᠭᠤᠮᠢ ᠶᠢ ᠴᠢᠯᠦᠭᠡᠵᠢᠬᠦᠯᠬᠦ᠂ ᠦᠪᠡᠷ ᠤᠨ ᠦᠷᠳᠡᠭ ᠢ ᠪᠠᠭᠤᠷᠠᠭᠤᠯᠬᠤ᠂ ᠲᠣᠳᠠᠭᠳᠠᠯ ᠢ ᠨᠦᠬᠦᠬᠦ ᠲᠠᠪᠣᠨ ᠶᠡᠭᠡ | ᠡᠭᠦᠷᠬᠡ᠃ | 14. ᠨᠡᠭᠦᠷᠡᠰᠦ ᠴᠠᠬᠢᠯᠭᠠᠨ ᠬᠤᠯᠪᠣᠭᠠᠯᠠᠨ ᠡᠷᠬᠢᠯᠡᠬᠦ᠂ ᠨᠡᠭᠦᠷᠡᠰᠣᠨ ᠠᠵᠣ ᠠᠬᠤᠶᠢᠯᠠᠯ ᠬᠤᠯᠪᠣᠭᠠᠯᠠᠨ ᠡᠵᠡᠩᠨᠡᠬᠦ | ᠄ ᠠᠭᠤᠷᠬᠠᠢ ᠶᠢᠨ ᠤᠷᠤᠨ ᠳᠤ ᠨᠡᠭᠦᠷᠡᠰᠥᠨ ᠠᠭᠤᠷᠬᠠᠢ ᠪᠤᠯᠤᠨ ᠴᠠᠬᠢᠯᠭᠠᠨ ᠥᠢᠯᠡᠳᠪᠥᠷᠢ ᠶᠢ ᠨᠢᠭᠡᠳᠥᠯᠳᠡᠢ | ᠲᠥᠯᠥᠪᠵᠢᠭᠦᠯᠥᠨ ᠴᠤᠭ ᠪᠠᠶᠢᠭᠤᠯᠬᠤ ᠪᠥᠭᠡᠳ ᠲᠤᠰ ᠬᠤᠶᠠᠷ ᠲᠥᠷᠥᠯ ᠤᠨ ᠠᠵᠤ ᠠᠬᠤᠶᠢᠯᠠᠯ ᠢ ᠬᠠᠮᠳᠤ | ᠡᠵᠡᠩᠨᠡᠵᠥ᠂ ᠶᠡᠷᠥᠩᠭᠡᠶᠢᠯᠡᠭᠰᠡᠨ ᠴᠢᠨᠠᠷᠳᠤ ᠬᠠᠮᠤᠭ ᠤᠬᠢ ᠠᠰᠢᠭ ᠤᠷᠤᠯᠭ᠎ᠠ ᠶᠢᠨ ᠬᠤᠯᠪᠤᠭᠠᠳᠤ ᠡᠵᠡᠩᠨᠡᠯᠳᠡ ᠬᠢᠭᠦ | ᠵᠠᠭᠪᠤᠷ ᠮᠠᠶ᠋ᠢᠭ᠃ | 15. ᠬᠤᠶᠠᠷ ᠥᠮᠡᠨ᠄ ᠭᠥᠭᠦᠨ ᠪᠤᠯᠴᠢᠷᠬᠠᠢ ᠶᠢᠨ ᠥᠮᠡᠨ ᠪᠤᠯᠤᠨ ᠰᠠᠪᠠᠨ ᠭᠥᠵᠥᠭᠦᠨ ᠥᠮᠡᠨ ᠃ | 16. ᠮᠠᠯ ᠲᠠᠷᠢᠶᠠᠯᠠᠩ ᠤᠨ ᠪᠦᠳᠦᠭᠳᠡᠭᠦᠨ ᠤ ᠡᠬᠢ ᠶᠢ ᠭᠡᠳᠡᠷᠬᠦ ᠨᠡᠭᠡᠮᠵᠢᠯᠡᠬᠦ ᠰᠢᠰᠲ᠋ᠧᠮ᠄ ᠮᠠᠯ ᠲᠠᠷᠢᠶᠠᠯᠠᠩ ᠤᠨ | ᠪᠦᠳᠤᠬᠡᠭᠳᠡᠬᠦᠨ ᠤ ᠲᠠᠷᠢᠵᠤ ᠲᠡᠵᠢᠭᠡᠬᠦ᠂ ᠪᠣᠯᠪᠠᠰᠣᠷᠠᠭᠤᠯᠬᠤ᠂ ᠭᠥᠢᠯᠭᠡᠭᠡᠯᠡᠭᠦ ᠪᠣᠯᠣᠨ ᠭᠡᠷᠡᠭᠯᠡᠭᠦ ᠡᠯ᠎ᠡ ᠭᠤᠭᠴᠤᠭ᠎ᠠ ᠶᠢ | ᠰᠢᠰᠲ᠋ᠧᠮᠵᠢᠭᠦᠯᠥᠨ ᠴᠤᠭᠴᠠᠵᠢᠭᠤᠯᠤᠭᠰᠠᠨ ︽ᠰᠠᠨᠠᠭ᠎ᠠ ᠠᠮᠤᠷ ᠭᠡᠷᠡᠭᠯᠡᠭᠡ︾ ᠳᠤ ᠥᠢᠯᠡᠴᠢᠯᠡᠭᠰᠡᠨ ᠮᠡᠳᠡᠭᠡ | ᠵᠠᠩᠬᠢᠴᠢᠯᠠᠯᠳᠠ ᠶᠢᠨ ᠬᠠᠮᠢᠶᠠᠷᠣᠯᠳᠠ ᠶᠢᠨ ᠰᠢᠰᠲ᠋ᠧᠮ᠃ | 17. ᠮᠠᠯ ᠲᠠᠷᠢᠶᠠᠨ ᠤ ᠠᠰᠢᠭ ᠰᠢᠮ᠎ᠡ ᠶᠢᠨ ᠭᠠᠵᠠᠷ ᠵᠦᠢ ᠶᠢᠨ ᠢᠯᠡᠳᠬᠡᠯ ᠲᠠᠩᠰᠠᠯᠠᠯᠳᠠ᠄ ᠮᠠᠨ ᠤ | ᠬᠤᠰᠢᠭᠤᠨ ᠤ ᠮᠠᠯ ᠲᠠᠷᠢᠶᠠᠯᠠᠩ ᠤᠨ ᠠᠰᠢᠭ ᠰᠢᠮ᠎ᠡ ᠶᠢᠨ ᠪᠦᠳᠦᠭᠡᠭᠳᠡᠬᠦᠨ ᠬᠤᠰᠢᠭᠤ ᠨᠣᠳᠤᠭ ᠤᠨ ᠬᠡᠪᠴᠢᠶᠠᠨ | ᠳᠠᠬᠢ ᠪᠠᠶᠢᠭᠠᠯᠢ ᠶᠢᠨ ᠠᠨᠢᠰᠦ ᠵᠡᠷᠭᠡ ᠪᠡᠶᠡᠳᠦ ᠰᠢᠯᠳᠠᠭᠠᠨ ᠠᠴᠠ ᠰᠢᠯᠳᠠᠭᠠᠯᠠᠵᠣ᠂ ᠠᠮᠳᠠ ᠰᠢᠮᠳᠠ ᠴᠢᠨᠠᠷ ᠴᠢᠨᠰᠠᠭ᠎ᠠ | ᠨᠡᠷ᠎ᠡ ᠠᠯᠳᠠᠷᠰᠢᠯ ᠣᠬᠢ ᠰᠠᠶᠢᠨ ᠪᠣᠯᠵᠣ ᠵᠠᠬ᠎ᠠ ᠲᠡᠯᠭᠡᠭᠦᠷ ᠤᠨ ᠬᠡᠷᠡᠭᠴᠡᠭᠡ ᠱᠠᠭᠠᠷᠳᠠᠯᠭ᠎ᠠ ᠳᠤ ᠦᠨᠳᠦᠷ | ᠦᠨᠡᠯᠡᠭᠳᠡᠳᠡᠭ ᠪᠣᠯᠣᠭᠰᠠᠨ ᠣᠨᠴᠠᠯᠢᠭ ᠰᠢᠨᠵᠢ᠃ | 18. ᠳᠠᠷᠢᠶᠠᠴᠢᠤᠨ ᠴᠢᠯᠤᠬᠡᠳᠤ ᠳᠡᠯᠬᠡᠬᠦᠷ ᠤᠨ ᠬᠠᠮᠳᠤᠷᠠᠯᠴᠠᠭ᠎ᠠ᠂ ᠳᠠᠷᠢᠶᠠᠴᠢᠤᠨ ᠨᠠᠶᠢᠬᠡᠮ ᠳᠤᠭᠤᠷᠢᠭ ᠤᠨ | ᠬᠠᠮᠳᠤᠷᠠᠯᠴᠠᠭ᠎ᠠ ᠄ ᠮᠠᠯᠴᠢᠨ ᠲᠠᠷᠢᠶᠠᠴᠢᠳ ᠴᠢᠯᠦᠭᠡᠳᠦ ᠲᠡᠯᠭᠡᠭᠦᠷ ᠪᠣᠯᠣᠨ ᠨᠠᠶᠢᠭᠡᠮ ᠲᠣᠭᠤᠷᠢᠭ ᠯᠤᠭ᠎ᠠ ᠵᠠᠬᠢᠶᠠᠯᠠᠭ᠎ᠠ | ᠶᠢᠨ ᠬᠡᠯᠪᠡᠷᠢ ᠪᠠᠷ ᠪᠣᠷᠣᠯᠠᠭᠤᠯᠭ᠎ᠠ ᠶᠢᠨ ᠠᠵᠢᠯ ᠢ ᠪᠦᠳᠦᠮᠵᠢᠳᠠᠢ ᠠᠵᠢᠯᠯᠠᠭᠠᠭᠤᠯᠬᠤ ᠣᠶᠢᠯᠠᠳᠪᠦᠷᠢᠯᠠᠯ ᠪᠣᠷᠣᠯᠠᠭᠤᠯᠭ᠎ᠠ | ᠶᠢᠨ ᠴᠣᠭᠴᠠᠵᠢᠭᠰᠠᠨ ᠠᠷᠭ᠎ᠠ ᠪᠠᠷᠢᠯ᠃ ᠡᠨᠡ ᠨᠢ ᠮᠠᠯ ᠲᠠᠷᠢᠶᠠᠯᠠᠩ ᠤᠨ ᠪᠦᠳᠦᠭᠡᠭᠳᠡᠭᠦᠨ ᠤ ᠰᠠᠶᠢᠨ ᠴᠢᠨᠠᠷ ᠦᠨᠳᠦᠷ | ᠦᠨ᠎ᠠ ᠶᠢ ᠪᠠᠳᠣᠯᠠᠳᠠᠭ᠃ | 19. ᠵᠢᠭᠤᠯᠴᠢᠯᠠᠯ ᠤᠨ ᠣᠶᠢᠯᠡᠴᠢᠯᠡᠯ ᠦᠷᠳᠡᠭᠡ᠄ ᠵᠢᠭᠤᠯᠴᠢᠳ ᠲᠤ ᠵᠢᠭᠤᠯᠴᠢᠯᠠᠯ ᠤᠨ ᠴᠢᠮᠡᠭᠡ ᠯᠠᠪᠯᠠᠯᠳᠠ᠂ | ᠰᠣᠷᠢᠯᠳᠠ ᠦᠵᠡᠭᠦᠯᠣᠯᠭᠡ ᠲᠠᠸᠠᠷ ᠪᠣᠷᠣᠯᠠᠭᠤᠯᠭ᠎ᠠ ᠪᠣᠯᠣᠨ ᠠᠮᠠᠷᠠᠯᠳᠠ ᠠᠮᠦᠰᠬᠢᠯ ᠵᠡᠷᠭᠡ ᠣᠶᠢᠯᠠᠴᠢᠯᠡᠭᠡ ᠶᠢ | ᠲᠦᠪᠯᠡᠷᠡᠩᠭᠦᠢ ᠬᠠᠩᠭᠠᠳᠠᠭ ᠣᠶᠢᠯᠡᠴᠢᠯᠡᠯ ᠦᠷᠳᠡᠭᠡ᠃ | 20. ︽ᠬᠤᠤᠰ ᠪᠥᠳᠥᠭᠡᠯᠳᠡ︾ ᠶᠢᠨ ᠰᠠᠭᠤᠷᠢᠨ᠄ ᠲᠥᠮᠡᠨ ᠤᠯᠠᠨ ᠥᠢᠯᠡᠰ ᠪᠥᠳᠥᠭᠡᠵᠥ᠂ ᠲᠠᠶᠠᠭᠠᠷ | ᠪᠥᠭᠦᠳᠡ ᠰᠢᠨᠡᠴᠢᠯᠡᠯᠳᠡ ᠬᠢᠭᠦ ᠳᠤ ᠵᠤᠷᠢᠭᠤᠯᠤᠭᠰᠠᠨ ᠠᠵᠢᠯ ᠤᠨ ᠲᠠᠪᠴᠠᠩ᠃ | 21. ︽3S︾ ᠮᠡᠷᠭᠡᠵᠢᠯ᠄ RS ︵ᠲᠠᠭᠠᠭᠤᠯᠢ ᠣᠳᠣᠨ ᠤ ᠠᠯᠣᠰ ᠰᠠᠷᠠᠯ ᠤᠨ ᠲᠠᠪᠴᠠᠩ︶᠂ GIS ︵ | ᠭᠠᠵᠠᠷ ᠤᠨ ᠭᠠᠳᠠᠷᠭᠤ ᠶᠢᠨ ᠴᠢᠮᠡᠭᠡ ᠵᠠᠩᠬᠢ ᠶᠢᠨ ᠰᠢᠰᠲ᠋ᠧᠮ︶ ᠪᠠ GPS ︵ᠪᠦᠬᠦ ᠪᠦᠮᠪᠦᠷᠴᠡᠭ ᠤᠨ ᠪᠠᠶᠢᠷᠢ | ᠲᠣᠭᠳᠠᠭᠠᠯᠳᠠ ᠶᠢᠨ ᠰᠢᠰᠲ᠋ᠧᠮ︶ ᠤᠨ ᠣᠶᠣᠨᠴᠢ ᠰᠢᠰᠲ᠋ᠧᠮ ᠢ ᠶᠡᠷᠦᠩᠬᠡᠶᠢᠯᠡᠨ ᠠᠰᠢᠭᠯᠠᠵᠣ᠂ ᠨᠣᠳᠤᠭ ᠪᠡᠯᠴᠢᠭᠡᠷ | ᠤᠨ ᠠᠮᠢ ᠠᠬᠤᠢ ᠪᠠ ᠣᠷᠭᠤᠮᠠᠯ ᠤᠨ ᠪᠦᠷᠬᠦᠪᠴᠢ ᠳᠤ ᠴᠠᠭ ᠲᠣᠳᠣᠮ ᠤᠨ ᠬᠢᠨᠠᠯᠳᠠ ᠡᠵᠡᠮᠰᠢᠯ ᠬᠢᠬᠦ ᠨᠣᠳᠤᠭ | ᠪᠡᠯᠴᠢᠭᠡᠷ ᠤᠨ ᠣᠶᠣᠨᠴᠢᠯᠠᠭᠰᠠᠨ ᠬᠠᠮᠢᠶᠠᠷᠣᠯᠳᠠ ᠶᠢᠨ ᠠᠷᠭ᠎ᠠ ᠮᠡᠷᠭᠡᠵᠢᠯ᠃ | |