ᠬᠤᠰᠢᠭᠤ  ᠶᠢᠰᠤᠳᠤᠬᠡᠷ  ᠬᠤᠭᠤᠴᠠᠭᠠᠨ  ᠤ ᠠᠷᠠᠤᠨ  ᠤᠨ ᠲᠦᠯᠤᠬᠡᠯᠡᠭᠴᠢᠤᠨ ᠤᠨ  ᠶᠡᠭᠡ ᠬᠤᠷᠠᠯ ᠤᠨ  ᠵᠢᠷᠭᠤᠳᠣᠭᠠᠷ ᠬᠤᠷᠠᠯᠳᠤᠭᠠᠨ ᠤ ᠪᠢᠴᠢᠭ ᠮᠠᠲ᠋ᠧᠷᠢᠶᠠᠯ ︵ᠠᠷᠪᠠᠨ ᠨᠢᠬᠡ︶
ᠨᠡᠶᠢᠲᠡᠯᠡᠭᠰᠡᠨ ᠴᠠᠭ᠄
2018/6/19
—— 2017 ᠤᠨ ᠤ 2 ᠰᠠᠷ᠎ᠠ ᠶᠢᠨ 8 ᠤ ᠡᠳᠤᠷ ᠤᠳᠤᠭ ᠤᠨ ᠡᠮᠤᠨᠡᠳᠤ ᠬᠤᠰᠢᠭᠤᠨ ᠤ ᠶᠢᠰᠤᠳᠤᠬᠡᠷ ᠬᠤᠭᠤᠴᠠᠭᠠᠨ   ᠤ ᠠᠷᠠᠤᠨ ᠤᠨ ᠲᠦᠯᠦᠬᠡᠯᠡᠭᠴᠢᠤᠨ ᠤᠨ ᠶᠡᠭᠡ ᠬᠤᠷᠠᠯ ᠤᠨ ᠵᠢᠷᠭᠤᠳᠣᠭᠠᠷ ᠬᠤᠷᠠᠯᠳᠤᠭᠠᠨ ᠳᠡᠬᠡᠷ᠎ᠠ        ᠤᠳᠤᠭ   ᠤᠨ  ᠡᠮᠤᠨᠡᠳᠤ  ᠬᠤᠰᠢᠭᠤᠨ   ᠤ  ᠠᠷᠠᠤᠨ   ᠤᠨ        ᠵᠠᠰᠠᠭ ᠤᠨ ᠤᠷᠳᠤᠨ ᠤ ᠣᠷᠣᠯᠠᠭᠴᠢ ᠬᠤᠰᠢᠭᠤ ᠳᠠᠷᠤᠭ᠎ᠠ                                                                                                                              ᠪᠦᠷᠢᠨᠴᠢᠮᠡᠭ ᠲᠦᠯᠦᠬᠡᠯᠡᠭᠴᠢᠤᠨ ᠡ᠄ᠡᠳᠤᠬᠡ ᠪᠢ ᠬᠤᠰᠢᠭᠤᠨ ᠤ ᠠᠷᠠᠤᠨ ᠤᠨ ᠵᠠᠰᠠᠭ ᠤᠨ ᠤᠷᠳᠤᠨ ᠢ ᠲᠦᠯᠤᠬᠡᠯᠡᠨ ᠠᠵᠢᠯ ᠤᠨ ᠢᠯᠡᠤᠨᠬᠡᠯ ᠬᠢᠶ᠎ᠠ᠂ ᠲᠥᠯᠥᠭᠡᠯᠡᠭᠴᠢᠳ ᠬᠢᠨᠠᠨ ᠵᠦᠪᠯᠡᠵᠤ᠂ ᠤᠯᠤᠰ ᠲᠦᠷᠤ ᠶᠢᠨ ᠵᠦᠪᠯᠡᠯᠬᠡᠨ ᠤ ᠬᠡᠰᠢᠬᠦᠤᠨ ᠪᠤᠯᠤᠨ ᠰᠤᠯᠠ ᠤᠷᠤᠯᠴᠠᠭᠰᠠᠤᠨ ᠰᠠᠨᠠᠯ ᠢᠶᠠᠨ ᠳᠡᠪᠰᠢᠬᠦᠯᠬᠦ ᠪᠤᠯᠪᠠᠤ᠃    ᠨᠢᠭᠡ᠂ 2016 ᠤᠨ   ᠤ ᠠᠵᠢᠯ ᠤᠨ ᠡᠷᠬᠢᠴᠡᠬᠦᠯᠤᠯ    ᠰᠠᠶ᠋ᠢᠬᠠᠨ ᠦᠩᠬᠡᠷᠡᠭᠰᠡᠨ2016 ᠣᠨ ᠳᠤ᠂ ᠬᠤᠰᠢᠭᠤ ᠠᠷᠠᠳ ᠤᠨ ᠵᠠᠰᠠᠭ ᠤᠨ ᠣᠷᠳᠣᠨ ᠲᠡᠭᠡᠳᠦ ᠱᠠᠳᠣᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠪᠠ ᠨᠠᠮ ᠤᠨ ᠬᠤᠷᠢᠶᠠᠨ ᠤ ᠰᠢᠢᠤᠨᠪᠤᠷᠢ ᠳᠤᠬᠢᠷᠠᠭᠤᠯᠭ᠎ᠠ ᠶᠢ ᠡᠷᠡᠰ ᠰᠢᠭᠤᠷᠬᠠᠢ ᠪᠤᠳᠠᠳᠠᠶᠢᠵᠢᠭᠤᠯᠵᠤ᠂ ᠬᠤᠰᠢᠭᠤᠨ ᠤ ᠠᠷᠠᠤᠨ ᠤᠨ ᠲᠦᠯᠤᠬᠡᠯᠡᠭᠴᠢᠤᠨ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠬᠠᠣᠯᠢ ᠶᠢᠨ ᠬᠢᠨᠠᠯᠳᠠ ᠪᠠ ᠤᠯᠤᠰ ᠲᠦᠷᠤ ᠶᠢᠨ ᠵᠦᠪᠯᠡᠯᠬᠡᠨ ᠤ ᠠᠷᠠᠳᠴᠢᠯᠠᠯ ᠤᠨ ᠬᠢᠨᠠᠯᠳᠠ ᠲᠣᠣᠷ᠎ᠠ᠂ ᠰᠡᠳᠬᠢᠯ ᠨᠢᠬᠡᠳᠣᠨ ᠬᠦᠴᠤ ᠬᠠᠮᠲᠣᠳᠬᠠᠵᠣ᠂ ᠰᠢᠨ᠎ᠡ ᠶᠢ ᠡᠬᠦᠳᠣᠨ ᠦᠢᠯᠡᠰ ᠪᠣᠰᠬᠠᠵᠣ᠂ ᠨᠡᠮᠡᠭᠳᠡᠯ ᠢ ᠲᠣᠭᠲᠠᠭᠤᠨᠵᠢᠭᠤᠯᠬᠤ᠂ ᠦᠬᠡᠷᠡᠴᠢᠯᠡᠯᠲᠡ ᠶᠢ ᠠᠬᠢᠭᠤᠯᠬᠤ᠂ ᠪᠦᠲᠦᠴᠡ  ᠶᠢ ᠲᠣᠬᠢᠷᠠᠭᠤᠯᠬᠤ᠂ ᠠᠷᠠᠳ ᠢ ᠬᠠᠷᠠᠭᠠᠯᠵᠠᠬᠤ᠂ ᠲᠦᠭᠰᠢᠬᠦᠷᠢ ᠶᠢ ᠰᠡᠷᠬᠡᠶᠢᠯᠡᠬᠦ ᠵᠡᠷᠬᠡ ᠡᠯ᠎ᠡ ᠲᠦᠷᠦᠯ ᠤᠨ ᠠᠵᠢᠯ ᠢ ᠨᠢᠬᠡᠳᠣᠯᠲᠠᠢ ᠲᠦᠯᠦᠪᠵᠢᠬᠦᠯᠣᠨ ᠠᠬᠢᠭᠤᠯᠵᠣ᠂ ᠳᠤᠭᠳᠠᠭᠠᠭᠰᠡᠨ ᠬᠠᠷᠠᠯᠳᠠ ᠡᠬᠦᠷᠬᠡ ᠪᠠᠨ ᠠᠮᠵᠢᠯᠳᠠ ᠲᠠᠢ ᠪᠡᠶᠡᠯᠡᠭᠦᠯᠪᠡ᠃ ᠭᠠᠵᠠᠷ ᠤᠷᠤᠨ ᠤ ᠥᠢᠯᠡᠳᠪᠥᠷᠢᠯᠡᠯ ᠤᠨ ᠶᠡᠷᠥᠩᠭᠡᠢ ᠥᠷᠳᠡᠭ 136.4 ᠳ᠋ᠦᠩᠰᠢᠭᠤᠷ ᠲᠦᠬᠦᠷᠢᠭ ᠲᠤ ᠬᠦᠷᠴᠤ᠂ 8.1% ᠨᠡᠮᠡᠭᠳᠡᠪᠠ︔  ᠲᠤᠭᠳᠠᠮᠠᠯ ᠭᠥᠷᠥᠩᠭᠡ ᠶᠢᠨ ᠪᠡᠯᠡ ᠤᠷᠤᠭᠤᠯᠤᠯᠳᠠ 267.3 ᠳ᠋ᠦᠩᠰᠢᠭᠤᠷ ᠲᠦᠬᠦᠷᠢᠭ ᠲᠤ ᠬᠦᠷᠴᠤ᠂ 15.1% ᠨᠡᠮᠡᠭᠳᠠᠪᠠ︔ ᠨᠠᠶᠢᠬᠡᠮ ᠤᠨ ᠬᠡᠷᠡᠭᠯᠡᠬᠡᠨ ᠤ ᠳᠠᠸᠠᠷ ᠤᠨ ᠵᠢᠵᠢᠭᠯᠡᠨ ᠪᠤᠷᠤᠯᠠᠭᠤᠯᠤᠭᠰᠡᠨ ᠶᠡᠷᠤᠩᠬᠡᠢ ᠦᠷᠳᠡᠭ 22.8 ᠳ᠋ᠦᠩᠰᠢᠭᠤᠷ ᠲᠦᠬᠦᠷᠢᠭ ᠲᠤ ᠬᠦᠷᠤᠨ᠂ 11.7% ᠨᠡᠮᠡᠭᠳᠡᠪᠠ︔ ᠬᠤᠳᠠ ᠬᠦᠳᠡᠭᠡ ᠶᠢᠨ ᠰᠠᠭᠤᠭᠠᠯᠢ ᠠᠷᠠᠤᠨ ᠤᠨ ᠬᠦᠮᠦᠨ ᠲᠣᠳᠣᠮ ᠤᠨ ᠡᠵᠡᠮᠳᠡᠵᠣ ᠪᠣᠯᠬᠤ ᠤᠷᠤᠯᠭ᠎ᠠ ᠳᠤᠰᠪᠤᠷᠢ 38318 ᠲᠦᠬᠦᠷᠢᠭ ᠪᠠ 15603 ᠲᠦᠬᠦᠷᠢᠭ ᠲᠤ ᠬᠦᠷᠴᠤ᠂ 7.8% ᠪᠠ 7.6% ᠨᠡᠮᠡᠭᠳᠡᠪᠠ᠃ ᠨᠠᠶᠢᠳᠠ ᠶᠢᠨ ᠡᠳ᠋ ᠤᠨ ᠵᠠᠰᠠᠭ ᠤᠨ ᠲᠦᠰᠤᠪ ᠤᠨ ᠤᠷᠤᠯᠭ᠎ᠠ 18.1 ᠳ᠋ᠥᠩᠰᠢᠭᠤᠷ ᠲᠥᠭᠦᠷᠢᠭ ᠲᠤ ᠭᠥᠷᠥᠨ᠂ 13.1% ᠨᠡᠮᠡᠭᠳᠡᠪᠠ᠃ ᠳᠤᠭᠳᠠᠮᠠᠯ ᠬᠦᠷᠤᠩᠬᠡ ᠶᠢᠨ ᠪᠡᠯᠡ ᠤᠷᠤᠭᠤᠯᠤᠯᠳᠠ᠂ ᠨᠠᠶᠢᠬᠡᠮ ᠤᠨ ᠬᠡᠷᠡᠭᠯᠡᠬᠡᠨ ᠤ ᠳᠠᠸᠠᠷ ᠤᠨ ᠵᠢᠵᠢᠭᠯᠡᠨ ᠪᠤᠷᠤᠯᠠᠭᠤᠯᠤᠭᠰᠡᠨ ᠶᠡᠷᠤᠩᠬᠡᠢ ᠦᠷᠳᠡᠭ᠂ ᠪᠦᠬᠦ ᠰᠠᠭᠤᠭᠠᠯᠢ ᠠᠷᠠᠤᠨ ᠤᠨ ᠬᠦᠮᠤᠨ ᠳᠤᠳᠤᠮ ᠤᠨ ᠡᠵᠡᠮᠳᠡᠵᠤ ᠪᠤᠯᠬᠤ ᠤᠷᠤᠯᠭ᠎ᠠ ᠶᠢᠨ ᠨᠡᠮᠡᠭᠳᠡᠯ ᠪᠦᠬᠦ ᠬᠤᠳᠠ ᠶᠢᠨ ᠳᠡᠷᠢᠬᠦᠨ ᠤ ᠡᠩᠨᠡᠬᠡᠨ ᠳᠤ ᠤᠷᠤᠵᠤ᠂ ᠮᠠᠯᠴᠢᠨ ᠳᠠᠷᠢᠶᠠᠴᠢᠤᠨ ᠤᠨ ᠬᠦᠮᠤᠨ ᠳᠤᠮᠳᠠᠴᠢ ᠶᠢᠨ ᠡᠵᠡᠮᠳᠡᠵᠤ ᠪᠤᠯᠬᠤ ᠤᠷᠤᠯᠭ᠎ᠠ ᠦᠷᠬᠦᠯᠵᠢᠯᠡᠨ 12 ᠵᠢᠯ ᠪᠦᠬᠦ ᠬᠤᠳᠠ ᠳᠤ ᠪᠠᠨ ᠳᠠᠷᠢᠬᠦᠯᠡᠵᠤ᠂ ᠨᠠᠶᠢᠳᠠ ᠶᠢᠨ ᠡᠳ᠋ ᠤᠨ ᠵᠠᠰᠠᠭ ᠤᠨ ᠲᠦᠰᠤᠪ ᠤᠨ ᠤᠷᠤᠯᠭ᠎ᠠ ᠶᠢᠨ ᠨᠡᠮᠡᠭᠳᠡᠯ ᠪᠦᠬᠦ ᠬᠤᠳᠠ ᠶᠢᠨ ᠬᠤᠶᠠᠳᠤᠭᠠᠷ ᠲᠤ ᠤᠷᠤᠪᠠ᠃ ᠡᠬᠦᠷᠬᠡ ᠬᠠᠷᠢᠭᠤᠴᠠᠯᠭ᠎ᠠ ᠪᠠᠨ ᠬᠦᠢᠴᠡᠳᠬᠡᠵᠣ ᠵᠣᠷᠢᠭᠲᠠᠢ ᠰᠢᠨᠡᠴᠢᠯᠡᠨ᠂ ᠪᠦᠯᠬᠦᠮᠳᠡᠨ ᠨᠢᠭᠲᠠᠷᠠᠵᠣ ᠪᠣᠳᠠᠲᠠᠢ ᠠᠵᠢᠯᠯᠠᠭᠰᠠᠨ ᠪᠦᠳᠣᠮᠵᠢ ᠪᠠᠷ ᠢᠶᠠᠨ ︽ᠠᠷᠪᠠᠨ ᠭᠤᠷᠪᠠᠳᠣᠭᠠᠷ ᠲᠠᠪᠣᠨ ᠵᠢᠯ  ︾ ᠤᠨ ᠣᠬᠢ ᠰᠠᠶᠢᠨ ᠡᠬᠢᠯᠡᠯᠲᠡ ᠶᠢ ᠪᠣᠢ ᠪᠣᠯᠭᠠᠭᠰᠠᠨ ᠪᠠᠶᠢᠨ᠎ᠠ᠃     ᠨᠢᠭᠡ ᠵᠢᠯ ᠤᠨ ᠲᠣᠷᠰᠢ᠂  ᠪᠢᠳᠠ ᠪᠦᠬᠦ ᠬᠦᠴᠦᠨ ᠢᠶᠠᠷ ᠬᠢᠨᠡᠨ ᠴᠣᠬᠤᠯᠠᠪᠣᠷᠢᠯᠠᠭᠤᠯᠬᠤ ᠶᠢ ᠠᠤᠨᠬᠤᠨ᠂  ᠣᠷᠣᠨᠵᠢᠭᠤᠯᠣᠯᠲᠠ ᠶᠢ ᠠᠬᠢᠭᠤᠯᠵᠤ᠂ ᠠᠵᠤ ᠤᠶᠢᠯᠡᠤᠨᠪᠤᠷᠢ ᠶᠢᠨ ᠬᠦᠭᠵᠢᠯᠳᠠ ᠶᠢᠨ ᠨᠦᠬᠡᠴᠡ ᠬᠦᠴᠤᠨ ᠢ ᠬᠤᠷᠠᠮᠳᠤᠭᠤᠯᠤᠨ ᠳᠡᠬᠡᠭᠰᠢᠯᠡᠬᠦᠯᠪᠠ᠃ ᠠᠵᠣ ᠦᠢᠯᠡᠳᠪᠣᠷᠢ ᠶᠢ ᠠᠷᠠᠳ ᠢᠶᠠᠨ ᠪᠠᠶᠠᠵᠢᠭᠤᠯᠣᠨ ᠬᠤᠰᠢᠭᠤ ᠪᠠᠨ ᠬᠦᠴᠦᠷᠬᠡᠭᠵᠢᠬᠦᠯᠬᠦ ᠲᠣᠯᠣᠭᠠᠶᠢᠯᠭᠴᠢ ᠠᠵᠣ ᠦᠢᠯᠡᠰ ᠪᠣᠯᠭᠠᠨ ᠪᠠᠷᠢᠮᠲᠠᠯᠠᠵᠣ᠂ ᠲᠦᠷᠦᠯ ᠵᠦᠢᠯ ᠤᠨ ᠴᠣᠬᠤᠯᠠᠪᠣᠷᠢᠯᠠᠭᠤᠯᠣᠯᠲᠠ ᠪᠠ ᠪᠠᠶᠢᠭᠤᠯᠣᠯᠲᠠ  ᠶᠢ ᠪᠦᠬᠦ ᠬᠦᠴᠣᠨ ᠢᠶᠠᠷ ᠠᠬᠢᠭᠤᠯᠵᠣ᠂ ᠭᠠᠳᠠᠭᠰᠢ ᠴᠠᠬᠢᠯᠭᠠᠨ ᠬᠦᠷᠬᠡᠬᠦ ᠱᠤᠭᠤᠮ ᠤᠨ ᠪᠠᠷᠢᠯᠭ᠎ᠠ ᠶᠢᠨ ᠰᠠᠭᠤᠷᠢ ᠠᠵᠢᠯ ᠢ ᠪᠦᠬᠦᠨ ᠢ ᠲᠠᠭᠤᠰᠬᠠᠵᠣ᠂  ᠴᠠᠬᠢᠯᠭᠠᠨ ᠭᠠᠷᠭᠠᠬᠤ ᠲᠦᠬᠦᠷ ᠲᠦᠷᠦᠯ ᠵᠦᠢᠯ ᠢ ᠡᠮᠬᠢᠲᠠᠢ ᠠᠬᠢᠭᠤᠯᠣᠨ᠂ ᠬᠤᠶᠠᠷ 2× 100 ᠲᠦᠮᠡᠨ ᠺᠢᠯᠤᠸᠠᠲ ᠤᠨ ᠨᠡᠭᠦᠷᠡᠰᠣᠨ ᠴᠠᠬᠢᠯᠭᠠᠨ ᠣᠶᠢᠯᠠᠳᠪᠦᠷᠢ ᠶᠢᠨ ᠴᠣᠬᠤᠯᠠᠪᠣᠷᠢᠯᠠᠯ ᠢ ᠣᠯᠵᠣ ᠡᠬᠢᠯᠡᠨ ᠪᠠᠶᠢᠭᠤᠯᠵᠣ᠂ ᠬᠤᠸᠠ ᠰᠢᠩ ᠤᠨ40 ᠳ᠋ᠦᠩᠰᠢᠭᠤᠷ ᠺᠦᠪ ᠮᠧᠲᠷ ᠨᠡᠬᠦᠷᠡᠰᠤ ᠪᠠᠷ ᠰᠢᠳᠠᠮᠠᠬᠠᠢ ᠬᠡᠢ ᠤᠶᠢᠯᠡᠤᠨᠬᠦ ᠲᠦᠷᠦᠯ ᠵᠣᠶᠢᠯ  ᠤᠨ ᠨᠡᠬᠦᠷᠡᠰᠣᠨ ᠡᠬᠢ ᠰᠣᠷᠪᠣᠯᠵᠢ ᠶᠢᠨ ᠣᠷᠢᠳᠠᠴᠢ ᠲᠦᠬᠦᠷᠵᠢᠬᠦᠯᠣᠯᠲᠡ ᠶᠢ ᠵᠦᠪᠰᠢᠶᠡᠷᠡᠬᠦᠯᠬᠦ ᠪᠠᠷ ᠮᠡᠳᠡᠬᠦᠯᠵᠣ᠂ 60 ᠲᠦᠮᠡᠨ ᠲᠣᠨ ᠨᠡᠬᠦᠷᠡᠰᠤ ᠪᠠᠷ ᠠᠯᠺᠸᠠ ᠤᠶᠢᠯᠡᠤᠨᠬᠦ ᠲᠦᠷᠦᠯ ᠵᠣᠶᠢᠯ ︽ᠣᠯᠣᠰ ᠤᠨ ᠨᠡᠬᠦᠷᠡᠰᠣ ᠬᠢᠮᠢ ᠶᠢᠨ ᠠᠵᠣ ᠦᠢᠯᠡᠳᠪᠣᠷᠢ ᠶᠢᠨ ᠰᠢᠨᠡᠴᠢᠯᠡᠯ ᠲᠠᠢ ᠬᠦᠭᠵᠢᠬᠦᠯᠦᠯᠲᠡ ᠶᠢᠨ ᠪᠠᠶᠢᠷᠢᠯᠠᠭᠤᠯᠣᠯᠲᠠ ᠶᠢᠨ ᠲᠦᠰᠣᠯ︾ ᠳᠤ ᠣᠷᠣᠪᠠ︔ ᠴᠠᠩᠴᠧᠩ 2 ᠨᠣᠮᠧᠷᠳᠣ᠂ ᠰᠢᠨ᠎ᠡ ᠱᠠᠩᠬᠠᠢ ᠶᠢᠨ ᠰᠦᠮ᠎ᠡ1 ᠨᠣᠮᠧᠷᠲᠣ ᠨᠡᠬᠦᠷᠡᠰᠣᠨ ᠠᠭᠤᠷᠬᠠᠢ ᠬᠤᠯᠪᠣᠭᠠᠯᠠᠨ ᠲᠣᠷᠰᠢᠨ ᠦᠢᠯᠡᠳᠪᠣᠷᠢᠯᠡᠵᠣ᠂ ᠱᠠᠨᠳᠦ᠋ᠩ ᠮᠣᠵᠢ ᠠᠴᠠ 766 ᠲᠦᠮᠡᠨ ᠲᠣᠨ ᠨᠡᠬᠦᠷᠡᠰᠣᠨ ᠤ ᠦᠢᠯᠡᠳᠪᠣᠷᠢᠯᠡᠯ ᠤᠨ ᠴᠢᠳᠠᠪᠬᠢ  ᠰᠤᠯᠢᠵᠤ᠂ ᠨᠡᠬᠦᠷᠡᠰᠤᠨ ᠠᠭᠤᠷᠬᠠᠢ ᠶᠢᠨ ᠬᠢᠨᠠᠨ ᠴᠤᠬᠤᠯᠠᠪᠤᠷᠢᠯᠠᠯᠳᠠ ᠳᠤ ᠪᠦᠳᠤᠮᠵᠢᠳᠠᠢ ᠤᠷᠤᠨ ᠵᠠᠢ ᠬᠠᠩᠭᠠᠪᠠ᠃ ︽ᠰᠢᠨ᠎ᠡ‌ᠡᠨᠧᠷᠬᠢ ᠶᠢᠨ ᠠᠵᠣ ᠦᠢᠯᠡᠰ ᠤᠨ ᠬᠦᠭᠵᠢᠯᠲᠡ ᠶᠢᠨ ᠲᠦᠯᠦᠪᠵᠢᠬᠦᠯᠬᠡ︾ ᠶᠢ ᠡᠩ ᠲᠡᠷᠢᠬᠦᠨ ᠳᠤ ᠨᠠᠶᠢᠷᠠᠭᠤᠯᠵᠣ ᠲᠠᠭᠤᠰᠬᠠᠨ᠂ ᠡᠮᠣᠨ᠎ᠡ ᠬᠤᠭᠤᠴᠠᠭᠠᠨ ᠤ ᠠᠵᠢᠯ ᠢ ᠶᠠᠪᠣᠭᠳᠠᠭᠤᠯᠵᠣ ᠪᠠᠶᠢᠭ᠎ᠠ‌‍ᠰᠢᠨ᠎ᠡ‌ᠡᠨᠧᠷᠬᠢ ᠶᠢᠨ ᠮᠠᠰᠢᠨ ᠴᠣᠭᠴᠠᠯᠠᠪᠣᠷᠢ 1000 ᠲᠦᠮᠡᠨ ᠺᠢᠯᠤᠸᠠᠲ ᠠᠴᠠ ᠲᠠᠪᠠᠪᠠ︔ ᠶᠡᠷᠣᠩᠬᠡᠢ ᠬᠡᠪᠴᠢᠶᠡᠵᠢᠯ 120 ᠲᠦᠮᠡᠨ ᠲᠣᠨLNG ᠲᠦᠷᠦᠯ ᠵᠣᠶᠢᠯ ᠢ ᠡᠬᠢᠯᠡᠨ ᠪᠠᠶᠢᠭᠤᠯᠵᠣ᠂ ᠰᠢᠨ᠎ᠡ ᠪᠠᠷ 20 ᠲᠦᠮᠡᠨ ᠲᠣᠨ  ᠦᠢᠯᠡᠳᠪᠣᠷᠢᠯᠡᠯ ᠤᠨ ᠴᠢᠳᠠᠪᠬᠢ ᠨᠡᠮᠡᠭᠳᠡᠪᠡ᠃ ᠣᠯᠠᠨ ᠲᠦᠢᠯᠲᠣ ᠲᠣᠯᠭᠠᠭᠤᠷᠢᠯᠠᠯ ᠲᠠᠢ᠂ ᠣᠯᠠᠨ ᠡᠰᠢᠲᠣ ᠬᠦᠭᠵᠢᠯᠲᠡ ᠲᠠᠢ ᠠᠵᠣ ᠦᠢᠯᠡᠰ  ᠤᠨ ᠪᠠᠶᠢᠳᠠᠯ ᠡᠬᠢᠯᠡᠨ ᠪᠦᠷᠢᠯᠳᠣᠵᠣ᠂ ᠠᠵᠣ ᠦᠢᠯᠡᠳᠪᠣᠷᠢ ᠶᠢᠨ ᠦᠢᠯᠡᠳᠪᠣᠷᠢᠯᠡᠯ ᠤᠨ ᠶᠡᠷᠣᠩᠬᠡᠢ ᠦᠷᠲᠡᠭ 290 ᠳ᠋ᠦᠩᠰᠢᠭᠤᠷ ᠲᠦᠬᠦᠷᠢᠭ ᠲᠤ ᠭᠦᠷᠴᠣ᠂ 13% ᠪᠠᠷ ᠨᠡᠮᠡᠭᠳᠡᠨ᠂ ᠠᠵᠣ ᠦᠢᠯᠡᠳᠪᠣᠷᠢ ᠶᠢᠨ ᠨᠡᠮᠡᠭᠳᠡᠯ ᠦᠷᠲᠡᠭ 65.78 ᠳ᠋ᠦᠩᠰᠢᠭᠤᠷ ᠲᠦᠬᠦᠷᠢᠭ ᠲᠤ ᠭᠦᠷᠴᠣ᠂ 9.7% ᠪᠠᠷ ᠨᠡᠮᠡᠭᠳᠡᠨ᠂ ᠬᠡᠪᠴᠢᠶᠡᠵᠢᠯ ᠠᠴᠠ ᠲᠡᠬᠡᠭᠰᠢᠬᠢ ᠠᠵᠣ ᠠᠬᠤᠶᠢᠯᠠᠯ ᠤᠨ ᠦᠢᠯᠡᠳᠪᠣᠷᠢᠯᠡᠯ ᠤᠨ ᠶᠡᠷᠣᠩᠬᠡᠢ ᠦᠷᠲᠡᠭ 216 ᠳ᠋ᠦᠩᠰᠢᠭᠤᠷ ᠲᠦᠬᠦᠷᠢᠭ ᠲᠤ ᠭᠦᠷᠴᠣ᠂ 8% ᠪᠠᠷ ᠨᠡᠮᠡᠭᠳᠡᠨ᠂ ᠱᠠᠩᠬᠠᠢ ᠶᠢᠨ ᠰᠦᠮ᠎ᠠ ᠡᠨᠧᠷᠬᠢ ᠬᠢᠮᠢ ᠶᠢᠨ ᠰᠠᠭᠤᠷᠢᠨ ᠤ  ᠪᠣᠷᠣᠯᠠᠭᠤᠯᠣᠯᠲᠠ ᠶᠢᠨ ᠣᠷᠣᠯᠭ᠎ᠠ 150 ᠳ᠋ᠦᠩᠰᠢᠭᠤᠷ ᠲᠦᠬᠦᠷᠢᠭ ᠲᠤ ᠬᠦᠷᠪᠡ᠃ ᠡᠳᠡᠬᠡᠷ ᠴᠢᠬᠤᠯᠠ ᠶᠡᠭᠡ ᠲᠦᠷᠦᠯ ᠵᠦᠢᠯ ᠤᠨ ᠣᠷᠣᠭᠰᠢᠲᠠᠢ ᠬᠡᠷᠡᠭᠵᠢᠬᠦᠯᠣᠯᠲᠡ ᠨᠢ ᠨᠦᠬᠡᠴᠡ ᠬᠦᠴᠣᠨ ᠬᠤᠷᠠᠮᠳᠣᠭᠤᠯᠣᠨ ᠬᠦᠭᠵᠢᠯᠲᠡ ᠶᠢᠨ ᠬᠦᠳᠡᠯᠭᠡᠭᠴᠢ ᠬᠦᠴᠤᠨ ᠢ ᠨᠡᠮᠡᠭᠳᠡᠬᠦᠯᠣᠭ᠍ᠰᠡᠨ ᠪᠠᠶᠢᠨ᠎ᠠ᠃    ᠨᠢᠭᠡ ᠵᠢᠯ ᠤᠨ ᠲᠣᠷᠰᠢ᠂  ᠪᠢᠳᠠ ᠪᠦᠬᠦ ᠰᠡᠳᠬᠢᠯ ᠢᠶᠠᠷ ᠢᠶᠠᠨ ᠠᠷᠠᠳ ᠲᠤ ᠠᠰᠢᠭ ᠵᠢᠷᠭᠠᠯ ᠰᠦᠪᠡᠭᠴᠢᠯᠡᠨ᠂ ᠠᠮᠣᠷ ᠲᠣᠭᠲᠠᠭᠤᠨ ᠢ ᠪᠠᠲᠣᠯᠠᠵᠣ᠂  ᠠᠷᠠᠳ  ᠤᠨ  ᠬᠠᠨᠣᠮᠵᠢ ᠪᠣᠯᠣᠨ ᠠᠮᠣᠷ ᠲᠦᠪᠰᠢᠨ ᠢ ᠢᠯᠡᠳᠲᠡ ᠲᠡᠬᠡᠭᠰᠢᠯᠡᠬᠦᠯᠪᠡ᠃  ᠠᠷᠠᠳ ᠤᠨ ᠠᠮᠢᠳᠣᠷᠠᠯ ᠢ ᠰᠠᠶᠢᠵᠢᠷᠠᠭᠤᠯᠬᠤ ᠶᠢ ᠵᠠᠰᠠᠭ ᠤᠨ ᠣᠷᠳᠣᠨ ᠤ ᠠᠵᠢᠯ ᠤᠨ ᠭᠠᠷᠳᠠᠴᠠ ᠪᠠ ᠵᠤᠭᠰᠤᠴᠠ ᠪᠣᠯᠭᠠᠨ ᠪᠠᠷᠢᠮᠲᠠᠯᠠᠵᠣ᠂ ᠨᠡᠶᠢᠳᠡ ᠶᠢᠨ ᠡᠳ᠋ ᠤᠨ ᠵᠠᠰᠠᠭ ᠤᠨ ᠲᠦᠰᠦᠪ ᠤᠨ ᠵᠠᠷᠣᠯᠭ᠎ᠠ ᠶᠢᠨ 75%   ᠠᠴᠠ ᠲᠡᠭᠡᠭᠰᠢᠬᠢ ᠶᠢ ᠠᠷᠠᠳ  ᠤᠨ ᠠᠮᠢᠳᠣᠷᠠᠯ ᠤᠨ ᠦᠢᠯᠡᠰ ᠲᠤ ᠵᠠᠷᠣᠴᠠᠭᠤᠯᠵᠣ᠂ ᠠᠷᠠᠳ ᠲᠤ ᠠᠮᠠᠯᠠᠭᠰᠠᠨ 6 ᠪᠣᠳᠠᠲᠣ ᠣᠴᠢᠷ ᠢ ᠪᠦᠬᠦᠨ ᠢ ᠪᠡᠶᠡᠯᠡᠬᠦᠯᠵᠣ᠂ ᠰᠢᠨ᠎ᠡ ᠵᠠᠰᠠᠭᠰᠠᠨ ᠬᠦᠳᠡᠭᠡ ᠲᠣᠰᠬᠤᠨ ᠤ ᠵᠠᠰᠠᠮᠠᠯ ᠵᠠᠮ ᠪᠠ ᠡᠷᠣᠬᠡ ᠶᠢᠨ ᠵᠠᠮ 2100 ᠭᠠᠷᠣᠢ ᠺᠢᠯᠦᠮᠧᠲᠷ ᠬᠦᠷᠴᠣ᠂ ᠰᠢᠨ᠎ᠡ ᠪᠠᠶᠢᠭᠤᠯᠣᠭᠰᠠᠨ ᠪᠠ ᠦᠬᠡᠷᠡᠴᠢᠯᠡᠭᠰᠡᠨ 10 ᠺᠢᠯᠤᠸᠥᠯᠲ ᠠᠴᠠ ᠲᠣᠷᠣᠭᠰᠢᠬᠢ ᠲᠦᠬᠦᠷᠴᠢᠯᠡᠭᠰᠡᠨ ᠲᠣᠣᠷ ᠱᠣᠭᠤᠮ 1317 ᠺᠢᠯᠦᠮᠧᠲᠷ ᠬᠦᠷᠣᠨ  ᠂ ᠰᠢᠨ᠎ᠡ ᠪᠠᠶᠢᠭᠤᠯᠣᠭᠰᠠᠨ 35 ᠺᠢᠯᠤᠸᠥᠯᠲ ᠠᠴᠠ ᠲᠡᠬᠡᠭᠰᠢᠬᠢ ᠴᠠᠬᠢᠯᠭᠠᠨ ᠬᠤᠪᠢᠰᠬᠠᠨ ᠲᠠᠮᠵᠢᠭᠤᠯᠬᠤ ᠢᠨᠵᠧᠨᠧᠷᠢᠩ10 ᠬᠦᠷᠴᠣ᠂ ᠮᠠᠯᠵᠢᠬᠤ ᠲᠠᠷᠢᠶᠠᠯᠠᠬᠤ ᠣᠷᠣᠨ ᠤ ᠵᠠᠮ ᠤᠨ ᠲᠣᠣᠷ ᠪᠦᠬᠦ ᠲᠠᠯ᠎ᠠ ᠪᠠᠷ ᠰᠢᠯᠢᠳᠡᠭᠵᠢᠨ᠂ ᠬᠦᠳᠡᠯᠬᠡᠭᠴᠢ ᠴᠠᠬᠢᠯᠭᠠᠨ ᠤ ᠪᠦᠬᠦ ᠪᠦᠷᠬᠦᠴᠡ ᠶᠢ ᠪᠡᠶᠡᠯᠡᠬᠦᠯᠪᠡ︔ ᠰᠢᠨ᠎ᠡ ᠪᠠᠷ 1479 ᠪᠠᠭ᠎ᠠ ᠬᠦᠯᠡᠮᠵᠢ ᠪᠠᠶᠢᠭᠤᠯᠵᠣ᠂ ᠰᠢᠨ᠎ᠡ ᠨᠡᠮᠡᠭᠳᠡᠭᠰᠡᠨ ᠬᠡᠢ ᠲᠣᠬᠢᠷᠠᠭᠤᠯᠭ᠎ᠠ ᠪᠠᠷ ᠰᠣᠷᠭᠤᠭ ᠬᠠᠳᠠᠭᠠᠯᠠᠬᠤ ᠬᠦᠮᠣᠷᠬᠡ ᠶᠢᠨ ᠪᠠᠭᠲᠠᠭᠠᠮᠵᠢ 1.5 ᠲᠦᠮᠡᠨ ᠺᠦᠪ ᠮᠧᠲᠷ ᠬᠦᠷᠴᠤ᠂ ᠣᠨᠴᠠᠯᠢᠭᠲᠣ ᠲᠠᠷᠢᠮᠠᠯ ᠤᠨ ᠦᠢᠯᠡᠰ ᠤᠨ ᠣᠨᠠᠯᠲᠠ ᠦᠷ᠎ᠡ ᠠᠰᠢᠭ ᠤᠨ ᠨᠡᠮᠡᠭᠳᠡᠯ ᠢ ᠠᠬᠢᠭᠤᠯᠪᠠ︔ ᠬᠦᠨᠳᠤ ᠡᠪᠡᠤᠨᠴᠢᠨ ᠤ ᠠᠪᠤᠷᠠᠨ ᠳᠤᠰᠠᠯᠠᠯᠳᠠ ᠶᠢᠨ ᠨᠦᠬᠦᠪᠤᠷᠢ ᠮᠦᠩᠬᠦ ᠶᠢ 174.6 ᠲᠦᠮᠡᠨ ᠲᠦᠬᠦᠷᠢᠭ ᠣᠯᠭᠤᠵᠣ᠂ ᠬᠦᠨᠳᠣ ᠡᠪᠡᠤᠨᠴᠢᠨ ᠲᠠᠢ 108 ᠶᠠᠳᠠᠭᠤ ᠬᠦᠴᠢᠷᠳᠡᠯᠲᠠᠢ ᠬᠦᠮᠦᠨ ᠢ ᠲᠣᠰᠠᠯᠠᠪᠠ︔ ᠤᠯᠵᠠᠴᠢ ᠪᠠᠯᠭᠠᠰᠤ ᠪᠠ ᠱᠠᠩᠬᠠᠢ ᠶᠢᠨ ᠰᠦᠮ᠎ᠠ ᠪᠠᠯᠭᠠᠰᠤᠨ   ᠤ ᠣᠯᠠᠨ ᠨᠡᠶᠢᠲᠡ ᠶᠢᠨ ᠳᠤᠭᠤᠷᠢᠭ ᠲᠤ ᠲᠦᠯᠤᠪᠤᠷᠢ ᠦᠬᠡᠢ WIFI ᠶᠢᠨ ᠪᠦᠬᠦ ᠪᠦᠷᠬᠦᠴᠠ ᠶᠢ ᠪᠡᠶᠡᠯᠡᠬᠦᠯᠵᠤ᠂ ᠰᠢᠳᠠᠮᠠᠬᠠᠢ ᠬᠡᠢ ᠶᠢ ᠡᠷᠣᠬᠡ ᠳᠤ ᠨᠡᠪᠳᠡᠷᠡᠬᠦᠯᠬᠦ  ᠬᠡᠪᠴᠢᠶ᠎ᠡ ᠶᠢ ᠦᠷᠬᠡᠳᠬᠡᠨ ᠮᠠᠯᠠᠳ᠂ ᠬᠡᠴᠡᠬᠦᠦ ᠶᠢᠨ ᠡᠷᠢᠶᠡᠨ᠂ ᠶᠡᠭᠡ ᠲᠣᠬᠤᠢ ᠵᠡᠷᠬᠡ 12 ᠲᠦᠪᠯᠡᠷᠡᠩᠬᠦᠢ ᠰᠠᠭᠤᠷᠢᠰᠢᠯ ᠤᠨ ᠴᠡᠭ ᠳᠤ ᠬᠡᠢ ᠨᠡᠪᠲᠡᠷᠡᠬᠦᠯᠪᠡ᠃ ᠶᠠᠳᠠᠭᠤ ᠬᠦᠴᠢᠷᠳᠡᠯᠲᠠᠢ ᠣᠯᠠᠨ ᠲᠦᠮᠡᠨ ᠤ ᠦᠢᠯᠡᠳᠪᠣᠷᠢᠯᠡᠯ ᠠᠮᠢᠳᠣᠷᠠᠯ ᠢ ᠴᠢᠬᠤᠯᠠᠴᠢᠯᠠᠨ ᠬᠠᠯᠠᠮᠵᠢᠯᠠᠵᠣ᠂ 1.08 ᠳ᠋ᠦᠩᠰᠢᠭᠤᠷ ᠲᠦᠬᠦᠷᠢᠭ ᠪᠡᠯᠡ ᠣᠷᠣᠭᠤᠯᠣᠨ᠂ ᠶᠠᠳᠠᠭᠤ ᠠᠴᠠ ᠠᠩᠬᠢᠵᠢᠷᠠᠭᠤᠯᠬᠤ ᠡᠬᠦᠷᠬᠡ ᠪᠠᠨ ᠪᠦᠬᠦ ᠬᠤᠲᠠ ᠳᠠᠭᠠᠨ ᠡᠩ ᠲᠡᠷᠢᠬᠦᠨ ᠳᠤ ᠪᠡᠶᠡᠯᠡᠬᠦᠯᠵᠣ᠂ ᠶᠠᠳᠠᠭᠤ ᠬᠦᠴᠢᠷᠳᠡᠯ ᠤᠨ ᠨᠣᠷᠮ᠎ᠠ ᠵᠢᠯ ᠤᠨ ᠡᠬᠢᠨ ᠤ 6.7% ᠠᠴᠠ ᠪᠠᠭᠤᠷᠠᠭᠠᠳ 0.25% ᠪᠣᠯᠪᠠ︔ 2450 ᠲᠦᠬᠦᠷ ᠪᠠᠲᠣᠯᠠᠭ᠎ᠠ ᠶᠢᠨ ᠣᠷᠣᠨ ᠰᠠᠭᠤᠴᠠ ᠪᠠᠶᠢᠭᠤᠯᠵᠣ᠂ ᠮᠠᠯᠵᠢᠬᠤ ᠲᠠᠷᠢᠶᠠᠯᠠᠬᠤ ᠣᠷᠣᠨ ᠤ 5300 ᠡᠷᠣᠬᠡ ᠶᠢᠨ ᠨᠣᠷᠠᠬᠤ ᠠᠶᠣᠯᠲᠠᠢ ᠭᠡᠷ ᠪᠠᠶᠢᠰᠢᠩ᠂ ᠬᠤᠲᠠ ᠪᠠᠯᠭᠠᠰᠣᠨ ᠤ 513 ᠡᠷᠣᠬᠡ ᠶᠢᠨ ᠬᠠᠭᠤᠴᠢᠨ ᠭᠡᠷ ᠪᠠᠶᠢᠰᠢᠩ ᠢ ᠰᠢᠨᠡᠳᠬᠡᠪᠡ︔ 1603.5 ᠲᠦᠮᠡᠨ ᠲᠦᠬᠦᠷᠢᠭ ᠬᠤᠳᠠ ᠬᠦᠳᠡᠭᠡ ᠶᠢᠨ ᠳᠤᠤᠷ᠎ᠠ ᠪᠠᠳᠤᠯᠠᠭ᠎ᠠ ᠶᠢᠨ ᠮᠦᠩᠬᠦ ᠲᠠᠯᠪᠢᠵᠣ᠂ ᠪᠦᠬᠦ ᠬᠤᠲᠠ ᠳᠠᠭᠠᠨ ᠡᠩ ᠲᠡᠷᠢᠬᠦᠨ ᠳᠤ ᠬᠤᠲᠠ ᠬᠦᠳᠡᠭᠡ ᠶᠢᠨ ᠨᠢᠬᠡᠳᠣᠯᠲᠠᠢ ᠡᠮ ᠡᠮᠨᠡᠯᠬᠡ ᠶᠢᠨ ᠲᠠᠭᠠᠳᠬᠠᠯ ᠤᠨ ᠲᠦᠷᠢᠮ ᠢ ᠬᠡᠷᠡᠭᠵᠢᠬᠦᠯᠪᠡ︔ ᠪᠦᠬᠦ ᠵᠢᠯ ᠳᠤ ᠬᠤᠳᠠ ᠪᠠᠯᠭᠠᠰᠤᠨ ᠳᠤ ᠰᠢᠨ᠎ᠠ ᠪᠠᠷ 973 ᠬᠦᠮᠤᠨ ᠳᠤ ᠠᠵᠢᠯ ᠤᠯᠭᠤᠨ᠂ ᠬᠤᠳᠠ ᠪᠠᠯᠭᠠᠰᠤᠨ ᠤ ᠳᠠᠩᠰᠠᠯᠠᠭᠰᠡᠨ ᠠᠵᠢᠯ ᠠᠯᠳᠠᠯᠳᠠ ᠶᠢᠨ ᠨᠤᠷᠮ᠎ᠠ ᠬᠤᠲᠠ ᠶᠢᠨ ᠲᠣᠭᠲᠠᠭᠠᠭᠰᠠᠨ ᠬᠠᠷᠠᠯᠲᠠ ᠠᠴᠠ 0.81 ᠵᠠᠭᠤᠨ ᠤ ᠬᠤᠪᠢ ᠪᠠᠭᠤᠷᠠᠪᠠ᠃ ᠨᠠᠶᠢᠬᠡᠮ ᠤᠨ ᠤᠶᠢᠯᠡᠰ ᠦᠷᠨᠢᠩᠬᠦᠢ ᠬᠦᠭᠵᠢᠵᠤ᠂ ᠶᠡᠭᠡ ᠳᠤᠬᠤᠢ ᠶᠢᠨ ᠬᠡᠤᠬᠡᠤᠨ ᠤᠨ ᠴᠡᠴᠡᠷᠯᠢᠭ ᠵᠡᠷᠬᠡ ᠭᠤᠷᠪᠠᠨ ᠴᠡᠴᠡᠷᠯᠢᠭ ᠠᠰᠢᠭᠯᠠᠯᠲᠠ ᠳᠤ ᠣᠷᠣᠵᠣ᠂ ᠬᠤᠰᠢᠭᠤ ᠲᠣᠮᠳᠠᠲᠣ ᠰᠣᠷᠭᠠᠭᠤᠯᠢ ᠶᠢᠨ ᠶᠡᠭᠡ ᠰᠣᠷᠭᠠᠭᠤᠯᠢ ᠶᠢᠨ ᠵᠢᠩᠬᠢᠨᠢ ᠠᠩᠬᠢ ᠳᠤ ᠰᠢᠯᠭᠠᠭᠳᠠᠭᠰᠠᠳ ᠤᠨ ᠨᠣᠷᠮ᠎ᠠ 58% ᠬᠦᠷᠴᠣ᠂ ᠰᠣᠷᠭᠠᠭᠤᠯᠢ ᠪᠠᠶᠢᠭᠤᠯᠣᠭᠳᠠᠭᠰᠠᠨ ᠠᠴᠠ ᠨᠠᠭᠠᠰᠢᠬᠢ ᠬᠠᠮᠤᠭ ᠰᠠᠶᠢᠨ ᠬᠢᠷᠢ ᠪᠦᠳᠣᠮᠵᠢ ᠶᠢ ᠡᠬᠦᠳᠪᠡ︔  ᠪᠤᠷᠤᠪᠠᠯᠭᠠᠰᠤ ᠭᠤᠤᠯᠳᠠᠯᠭᠠᠳᠤ ᠡᠷᠡᠬᠦᠯ ᠬᠠᠮᠠᠭᠠᠯᠠᠯ ᠤᠨ ᠬᠤᠷᠢᠶ᠎ᠠ‌ᠠᠰᠢᠭᠯᠠᠯᠲᠠ ᠳᠤ ᠣᠷᠣᠵᠣ᠂ ᠮᠠᠯᠵᠢᠬᠤ ᠲᠠᠷᠢᠶᠠᠯᠠᠬᠤ ᠣᠷᠣᠨ ᠤ ᠡᠷᠡᠬᠦᠯ ᠮᠡᠨᠳᠣ ᠶᠢᠨ ︽ᠡᠮ ᠤᠨ ᠬᠠᠶᠢᠷᠴᠠᠭ︾ ᠤᠨ ᠪᠦᠬᠦ ᠪᠦᠷᠬᠦᠴᠠ ᠶᠢ ᠪᠡᠶᠡᠯᠡᠬᠦᠯᠵᠤ᠂ ᠠᠵᠠᠳᠠᠢ ᠡᠷᠡᠬᠦᠯᠵᠢᠯ ᠰᠤᠪᠢᠯᠠᠯ ᠤᠨ ᠬᠦᠷᠢᠶᠠᠯᠠᠩ ᠪᠠ ᠬᠤᠰᠢᠭᠤᠨ ᠤ ᠮᠤᠩᠭᠤᠯ ᠡᠮᠨᠡᠯᠬᠡ ᠶᠢᠨ ᠬᠤᠷᠢᠶ᠎ᠠ ᠨᠢ ᠤᠷᠳᠤᠰ ᠤᠨ ︽ᠡᠮ ᠡᠮᠨᠡᠯᠬᠡ ᠡᠷᠡᠬᠦᠯᠵᠢᠯ ᠰᠤᠪᠢᠯᠠᠯ ᠢ ᠤᠶᠠᠯᠳᠤᠭᠤᠯᠤᠭᠰᠡᠨ︾ ᠳᠤᠷᠰᠢᠯᠳᠠ ᠶᠢᠨ ᠴᠡᠭ ᠪᠤᠯᠵᠤ᠂ ᠡᠮ ᠡᠮᠴᠢᠯᠡᠭᠡ ᠡᠷᠡᠬᠦᠯ ᠬᠠᠮᠠᠭᠠᠯᠠᠯ ᠤᠨ ᠤᠷᠴᠢᠨ ᠬᠤᠰᠢᠭᠤ ᠪᠠᠶᠢᠭᠤᠯᠤᠭᠳᠠᠭᠰᠡᠨ ᠠᠴᠠ ᠨᠠᠭᠠᠰᠢ ᠬᠠᠮᠤᠭ ᠦᠨᠳᠤᠷ ᠲᠦᠪᠰᠢᠨ ᠳᠤ ᠬᠦᠷᠪᠠ᠃ ︽ᠪᠦᠬᠦ ᠠᠷᠠᠳ ᠢᠶᠠᠷ ᠢᠶᠠᠨ ᠨᠣᠮ ᠣᠩᠰᠢᠬᠤ ᠣᠨ︾ ᠤ ᠠᠵᠢᠯᠯᠠᠭ᠎ᠠ ᠦᠷᠨᠢᠬᠦᠯᠵᠣ᠂ ᠭᠠᠴᠠᠭ᠎ᠠ ᠱᠠᠲᠣᠨ ᠤ ᠰᠣᠶᠣᠯ ᠤᠨ ᠭᠡᠷ 34᠂ ᠮᠠᠯᠴᠢᠨ ᠲᠠᠷᠢᠶᠠᠴᠢᠨ ᠠᠶᠢᠯ ᠤᠨ ᠨᠣᠮ ᠤᠨ ᠦᠷᠦᠬᠡ 200 ᠪᠠᠶᠢᠭᠤᠯᠣᠨ᠂ ︽ᠰᠣᠶᠣᠯ ᠢ ᠲᠣᠭᠠᠴᠠᠯᠠᠨ ᠮᠠᠯᠴᠢᠳ ᠲᠤ ᠡᠳ᠋ᠯᠡᠬᠦᠯᠬᠦ︾ ᠲᠦᠷᠦᠯ ᠵᠦᠢᠯ  ᠢ 30 ᠬᠡᠷᠡᠭᠵᠢᠬᠦᠯᠵᠣ᠂ ᠬᠤᠲᠠ ᠬᠦᠳᠡᠭᠡ ᠶᠢᠨ ᠣᠯᠠᠨ ᠲᠦᠮᠡᠨ ᠤ ᠨᠡᠮ ᠣᠩᠰᠢᠬᠤ ᠢᠳᠡᠪᠬᠢᠵᠢᠯ ᠢ ᠨᠡᠮᠡᠭᠳᠡᠬᠦᠯᠪᠡ᠃ ︽ᠦᠭᠬᠢᠶᠡᠮᠦᠷ ᠨᠠᠶᠢᠷᠠᠮᠳᠠᠭᠤ ᠲᠠᠯ᠎ᠠ ᠨᠣᠳᠤᠭ᠂ ᠦᠵᠡᠰᠭᠦᠯᠡᠩᠳᠦ ᠰᠠᠶᠢᠬᠠᠨ ᠡᠮᠦᠨᠡᠳᠦ ᠣᠳᠤᠭ︾ ᠨᠠᠶᠢᠭᠡᠮ ᠤᠨ ᠵᠠᠰᠠᠯᠳᠠ ᠶᠢᠨ ᠢᠨᠵᠧᠨᠧᠷᠢᠩ ᠢ  ᠯᠠᠪᠳᠠᠭᠤᠨ ᠪᠠᠲᠣᠲᠠᠢ ᠠᠬᠢᠭᠤᠯᠵᠣ᠂ ︽ᠮᠤᠷᠠᠯ ᠢᠶᠠᠷ ᠵᠠᠰᠠᠬᠤ᠂ ᠦᠪᠡᠷᠳᠡᠬᠡᠨ ᠵᠠᠰᠠᠬᠤ᠂ ᠬᠠᠮᠳᠤ ᠪᠠᠷ ᠵᠠᠰᠠᠬᠤ᠂ ᠬᠠᠤᠯᠢ ᠪᠠᠷ ᠵᠠᠰᠠᠬᠤ︾ ᠲᠦᠷᠪᠠ ᠶᠢ ᠨᠢᠬᠡ ᠴᠤᠭᠴᠠᠵᠢᠭᠤᠯᠤᠭᠰᠡᠨ ᠨᠠᠶᠢᠬᠡᠮ ᠤᠨ ᠵᠠᠰᠠᠯᠳᠠ ᠶᠢᠨ ᠵᠠᠭᠪᠤᠷ  ᠢ ᠪᠦᠬᠦ ᠬᠤᠳᠠ ᠳᠤ ᠳᠡᠯᠬᠡᠷᠡᠬᠦᠯᠤᠨ ᠬᠡᠷᠡᠭᠯᠡᠵᠤ᠂ ᠪᠦᠬᠦ ᠬᠤᠲᠠ ᠶᠢᠨ ᠠᠶᠣᠯᠬᠦᠢ ᠦᠢᠯᠡᠳᠪᠣᠷᠢᠯᠡᠯ ᠤᠨ ᠲᠡᠷᠢᠬᠦᠨ ᠤ ᠬᠤᠰᠢᠭᠤ ᠪᠠᠷ ᠦᠨᠡᠯᠡᠭᠳᠡᠨ᠂ ᠰᠦᠯᠵᠢᠶᠡᠨ ᠲᠡᠬᠡᠷᠡᠬᠢ ᠵᠠᠬᠢᠳᠠᠯ ᠰᠣᠷᠪᠣᠯᠵᠢᠯᠠᠭ᠎ᠠ ᠶᠢᠨ ᠦᠨᠳᠣᠰᠣᠨ ᠱᠠᠲᠣᠨ ᠳᠠᠬᠢ ᠬᠡᠷᠡᠭᠯᠡᠬᠡᠨ ᠤ ᠠᠵᠢᠯ ᠤᠨ ᠲᠣᠷᠰᠢᠯᠭ᠎ᠠ ᠪᠦᠬᠦ ᠣᠯᠣᠰ ᠲᠤ ᠲᠦᠬᠡᠮᠡᠯᠵᠢᠵᠣ᠂ ᠣᠯᠠᠨ ᠲᠦᠮᠡᠨ  ᠤ ᠵᠠᠬᠢᠳᠠᠯ ᠰᠣᠷᠪᠣᠯᠵᠢᠯᠠᠭ᠎ᠠ ᠶᠢᠨ ᠬᠦᠮᠦᠨ ᠣᠳᠠᠭ᠎ᠠ᠂ ᠪᠦᠯᠦᠭ ᠣᠳᠠᠭ᠎ᠠ ᠲᠣᠰᠪᠣᠷᠢ ᠪᠠᠭᠤᠷᠠᠭᠠᠳ 35.3% ᠪᠠ 14.5% ᠪᠣᠯᠪᠠ᠃ ︽ᠠᠮᠣᠷ ᠠᠮᠣᠭᠤᠯᠠᠩ ᠡᠮᠣᠨᠡᠲᠣ ᠣᠲᠤᠭ︾ ᠤᠨ ᠪᠠᠶᠢᠭᠤᠯᠣᠯᠲᠠ ᠪᠦᠲᠤᠮᠵᠢᠲᠠᠢ ᠶᠠᠪᠣᠭᠳᠠᠵᠣ  ᠂ 5500 ᠲᠦᠮᠡᠨ ᠲᠦᠬᠦᠷᠢᠭ ᠪᠡᠯᠡ ᠣᠷᠣᠭᠤᠯᠣᠨ ︽ᠲᠡᠭᠷᠢ ᠶᠢᠨ ᠲᠣᠣᠷ︾ ᠤᠨ ᠭᠤᠷᠪᠠᠳᠣᠭᠠᠷ ᠬᠤᠭᠤᠴᠠᠭᠠᠨ ᠤ ᠢᠨᠵᠧᠨᠧᠷᠢᠩ ᠢ ᠪᠠᠶᠢᠭᠤᠯᠵᠣ᠂ ᠦᠪᠡᠷᠳᠡᠬᠡᠨ ᠵᠠᠰᠠᠬᠤ ᠤᠷᠤᠨ ᠤ ᠳᠤᠭ᠎ᠠ ᠪᠦᠷᠢᠤᠨᠬᠡᠯ ᠤᠨ ᠳᠤᠪᠴᠢᠶ᠎ᠠ ᠶᠢᠨ ᠠᠷᠠᠤᠨ ᠤᠨ ᠪᠠᠶᠢᠴᠠᠭᠠᠯᠳᠠ ᠶᠢᠨ ᠲᠦᠪ ᠤᠨ ᠪᠠᠶᠢᠴᠠᠭᠠᠯᠳᠠ ᠳᠤ ᠨᠠᠶᠢᠬᠡᠮ ᠤᠨ ᠠᠮᠤᠷ ᠳᠤᠭᠳᠠᠭᠤᠨ ᠤ ᠬᠠᠨᠤᠮᠵᠢ ᠪᠠ ᠠᠮᠣᠷ ᠲᠦᠪᠰᠢᠨ ᠤ ᠪᠠᠶᠢᠳᠠᠯ 100% ᠪᠠᠷ ᠦᠨᠡᠯᠡᠭᠳᠡᠪᠠ ᠃ ᠡᠳᠡᠬᠡᠷ ᠪᠣᠳᠠᠲᠣ ᠣᠴᠢᠷ ᠤᠨ ᠦᠷ᠎ᠡ ᠪᠦᠲᠦᠮᠵᠢ ᠨᠢ ᠬᠦᠭᠵᠢᠯᠲᠡ ᠶᠢᠨ ᠦᠷ᠎ᠡ ᠪᠦᠲᠦᠬᠡᠯ ᠢ ᠠᠷᠠᠳ ᠲᠦᠮᠡᠨ‌‍ᠳᠤ ᠲᠦᠬᠡᠮᠡᠯ ᠬᠦᠷᠲᠡᠬᠡᠭᠰᠡᠨ ᠪᠠᠶᠢᠨ᠎ᠠ᠃     ᠨᠢᠭᠡ ᠵᠢᠯ ᠤᠨ ᠲᠣᠷᠰᠢ᠂  ᠪᠢᠳᠠ ᠬᠦᠴᠦᠨ ᠢᠶᠠᠨ ᠲᠦᠪᠯᠡᠷᠡᠬᠦᠯᠣᠨ ᠪᠠᠶᠢᠷᠢᠯᠠᠭᠤᠯᠣᠯᠲᠠ ᠶᠢ ᠰᠢᠯᠢᠳᠡᠭᠵᠢᠬᠦᠯᠣᠨ᠂ ᠪᠦᠲᠦᠴᠡ ᠶᠢ ᠲᠣᠬᠢᠷᠠᠭᠤᠯᠵᠣ᠂ ᠮᠠᠯ ᠲᠠᠷᠢᠶᠠᠯᠠᠩ ᠤᠨ ᠠᠵᠣ ᠦᠢᠯᠡᠰ ᠤᠨ ᠲᠡᠰ ᠲᠠᠪᠬᠤᠷᠭ᠎ᠠ ᠶᠢ ᠪᠦᠬᠦ ᠲᠠᠯ᠎ᠠ ᠪᠠᠷ ᠲᠡᠬᠡᠭᠰᠢᠯᠡᠬᠦᠯᠪᠡ᠃ ᠠᠵᠣ ᠦᠢᠯᠡᠰ ᠤᠨ ᠪᠦᠲᠦᠴᠡ ᠶᠢ ᠲᠣᠬᠢᠷᠠᠭᠤᠯᠣᠨ ᠬᠠᠩᠭᠠᠯᠭ᠎ᠠ  ᠶᠢ  ᠰᠢᠯᠢᠳᠡᠭᠵᠢᠬᠦᠯᠬᠦ᠂ ᠮᠠᠯᠴᠢᠨ ᠲᠠᠷᠢᠶᠠᠴᠢᠨ ᠤ ᠣᠷᠣᠯᠭ᠎ᠠ ᠶᠢᠨ ᠲᠣᠭᠲᠠᠭᠤᠨ ᠨᠡᠮᠡᠭᠳᠡᠯ ᠢ ᠠᠬᠢᠭᠤᠯᠬᠤ ᠶᠢ ᠭᠤᠣᠯ ᠡᠬᠦᠷᠭᠡ ᠪᠣᠯᠭᠠᠨ ᠪᠠᠷᠢᠮᠲᠠᠯᠠᠵᠣ᠂ ︽ᠪᠣᠭ ᠮᠠᠯ  ᠤᠨ ᠲᠤᠭ᠎ᠠ ᠲᠣᠯᠣᠭᠠᠢ ᠶᠢ ᠲᠣᠭᠲᠠᠪᠣᠷᠢᠵᠢᠭᠤᠯᠣᠨ ᠦᠬᠡᠷ ᠢ ᠨᠡᠮᠡᠭᠳᠡᠬᠦᠯᠵᠣ᠂ ᠬᠤᠶᠢᠳᠣ ᠪᠡᠶ᠎ᠡ ᠳᠤ  ᠮᠠᠯ ᠮᠠᠯᠯᠠᠨ ᠡᠮᠣᠨᠡᠲᠣ ᠬᠡᠰᠡᠭ ᠲᠤ ᠠᠮᠣ ᠪᠣᠳᠠᠭ᠎ᠠ ᠲᠠᠷᠢᠬᠤ︾ ᠪᠠᠶᠢᠯᠳᠣᠬᠤ ᠪᠣᠳᠣᠯᠭ᠎ᠠ ᠶᠢ ᠬᠡᠷᠡᠭᠵᠢᠬᠦᠯᠣᠨ᠂ ᠬᠤᠶᠢᠳᠣ ᠪᠡᠶ᠎ᠡ ᠶᠢᠨ ᠠᠮᠢ ᠠᠬᠤᠶᠢᠴᠢ ᠮᠠᠯ ᠠᠵᠣ ᠠᠬᠤᠢ ᠪᠣᠯᠣᠨ ᠡᠮᠣᠨᠡᠲᠣ ᠬᠡᠰᠡᠭ ᠤᠨ ᠦᠨᠳᠣᠷ ᠦᠷ᠎ᠡ ᠠᠰᠢᠭᠲᠣ ᠮᠠᠯ ᠲᠠᠷᠢᠶᠠᠯᠠᠩ ᠤᠨ ᠠᠵᠣ ᠦᠢᠯᠡᠰ ᠤᠨ ᠲᠠᠭᠤᠷᠢᠶᠠᠯ ᠪᠦᠰᠡ ᠶᠢᠨ ᠪᠠᠶᠢᠭᠤᠯᠣᠯᠲᠠ ᠶᠢ ᠠᠬᠢᠭᠤᠯᠵᠣ᠂ 24 ᠲᠦᠮᠡᠨ ᠮᠣ᠋ ᠬᠡᠪᠴᠢᠶᠡᠵᠢᠭᠰᠡᠨ ᠣᠳᠣ ᠦᠶ᠎ᠡ ᠶᠢᠨ ᠮᠠᠯ ᠲᠠᠷᠢᠶᠠᠯᠠᠩ ᠤᠨ ᠰᠠᠭᠤᠷᠢᠨ ᠪᠠᠶᠢᠭᠤᠯᠵᠣ᠂ ᠦᠨᠳᠣᠷ ᠪᠦᠲᠣᠮᠵᠢᠲᠣ ᠣᠰᠣ ᠠᠷᠪᠢᠯᠠᠬᠤ ᠲᠠᠷᠢᠶᠠᠯᠠᠩ ᠢ 48 ᠲᠦᠮᠡᠨ ᠮᠣ᠋ ᠦᠷᠬᠡᠳᠬᠡᠵᠣ᠂ ᠰᠢᠨ᠎ᠡ ᠪᠠᠷ ᠴᠢᠨᠠᠷ ᠰᠠᠶᠢᠲᠠᠢ ᠲᠡᠵᠢᠬᠡᠯ ᠡᠪᠡᠰᠣ ᠪᠣᠷᠳᠤᠭ᠎ᠠ ᠶᠢ 6 ᠲᠦᠮᠡᠨ ᠮᠣ᠋  ᠂ ᠣᠨᠴᠠᠯᠢᠭᠲᠣ ᠠᠵᠣ ᠠᠬᠤᠢ ᠶᠢᠨ ᠲᠠᠷᠢᠮᠠᠯ ᠢ 4 ᠲᠦᠮᠡᠨ ᠮᠣ᠋ ᠨᠡᠮᠡᠭᠳᠡᠬᠦᠯᠣᠨ᠂ ︽ᠠᠮᠣ ᠪᠣᠳᠠᠭ᠎ᠠ ᠠᠵᠣ ᠠᠬᠤᠢ ᠶᠢᠨ ᠲᠠᠷᠢᠮᠠᠯ ᠲᠡᠵᠢᠬᠡᠯ ᠡᠪᠡᠰᠣ ᠪᠣᠷᠳᠤᠭ᠎ᠠ︾ ᠶᠢᠨ ᠬᠠᠷᠢᠴᠠᠯ ᠢ 2015 ᠤᠨ ᠤ 54᠄ 32᠄ 14 ᠠᠴᠠ ᠰᠢᠯᠢᠳᠡᠭᠵᠢᠬᠦᠯᠣᠨ42᠄ 37᠄ 21 ᠪᠣᠯᠭᠠᠪᠠ︔ ᠲᠡᠵᠢᠬᠡᠪᠣᠷᠢ ᠶᠢᠨ ᠲᠣᠯᠣᠭᠠᠶᠢᠯᠠᠭᠴᠢ ᠠᠵᠣ ᠠᠬᠤᠶᠢᠯᠠᠯ ᠢ 4 ᠣᠷᠣᠭᠤᠯᠣᠨ ᠲᠠᠷᠢᠵᠣ ᠲᠡᠵᠢᠬᠡᠬᠦ ᠪᠦᠲᠣᠴᠡ ᠶᠢᠨ ᠲᠣᠬᠢᠷᠠᠭᠤᠯᠣᠯᠲᠠ ᠶᠢ ᠠᠬᠢᠭᠤᠯᠵᠣ᠂ ᠪᠣᠯᠪᠠᠰᠣᠷᠠᠭᠤᠯᠬᠤ ᠬᠡᠯᠪᠡᠷᠢ ᠶᠢᠨ ᠬᠤᠶᠠᠷ ᠲᠣᠯᠣᠭᠠᠶᠢᠯᠠᠭᠴᠢ ᠠᠵᠣ ᠠᠬᠤᠶᠢᠯᠠᠯ ᠤᠨ ᠠᠯᠠᠰᠢᠨ ᠪᠣᠭ ᠮᠠᠯ᠂ ᠠᠯᠠᠰᠢᠨ ᠦᠬᠡᠷ ᠡᠳ᠋ᠰᠢᠬᠦᠯᠬᠦ ᠴᠢᠳᠠᠪᠣᠷᠢ 40 ᠲᠦᠮᠡ ᠪᠠ 1 ᠲᠦᠮᠡᠨ ᠲᠣᠯᠣᠭᠠᠢ ᠳᠤ ᠬᠦᠷᠴᠤ᠂ ᠪᠦᠬᠦ ᠬᠤᠰᠢᠭᠤᠨ ᠤ ᠮᠠᠯᠵᠢᠯ ᠤᠨ ᠣᠨ ᠤ ᠮᠠᠯ ᠰᠢᠢᠳᠪᠣᠷᠢᠯᠡᠯᠲᠡ ᠶᠢ 141 ᠲᠦᠮᠡᠨ ᠲᠣᠯᠣᠭᠠᠢ ᠳᠤ ᠲᠣᠭᠲᠠᠪᠣᠷᠢᠵᠢᠭᠤᠯᠣᠨ᠂ ᠠᠯᠠᠰᠢᠨ ᠦᠬᠡᠷ ᠲᠡᠵᠢᠬᠡᠬᠦ ᠬᠡᠪᠴᠢᠶᠡᠵᠢᠯ ᠢ 19% ᠨᠡᠮᠡᠭᠳᠡᠬᠦᠯᠪᠡ᠃ ︽ᠲᠡᠭᠷᠢᠯᠢᠭ ᠬᠠᠶᠢᠷ᠎ᠠ︾᠂ ︽ᠬᠠᠭᠠᠨ ᠰᠦᠯᠳᠡ︾ ᠵᠡᠷᠬᠡ‌ᠮᠠᠯ ᠲᠠᠷᠢᠶᠠᠯᠠᠩ ᠤᠨ 19 ᠨᠡᠷᠡᠲᠣ ᠲᠡᠮᠳᠡᠭᠲᠣ ᠪᠦᠲᠤᠬᠡᠭᠳᠡᠬᠦᠨ ᠣᠷᠣᠨ ᠤ ᠲᠣᠳᠣᠨ᠎ᠠ ᠭᠠᠳᠠᠨ᠎ᠠ ᠪᠣᠷᠣᠯᠠᠭᠤᠯᠭ᠎ᠠ ᠰᠠᠶᠢᠲᠠᠢ ᠪᠣᠯᠪᠠ᠃ ᠠᠵᠣ ᠦᠢᠯᠡᠰ ᠤᠨ ᠪᠦᠲᠣᠴᠡ  ᠶᠢᠨ ᠲᠣᠬᠢᠷᠠᠭᠤᠯᠣᠯᠲᠠ ᠶᠢᠨ ᠲᠠᠭᠤᠷᠢᠶᠠᠯ ᠭᠠᠴᠠᠭ᠎ᠠ ᠲᠣᠰᠬᠤᠨ ᠢ 11᠂ ᠭᠤᠣᠯᠳᠠᠯᠭᠠᠲᠣ ᠭᠠᠴᠠᠭ᠎ᠠ ᠲᠣᠰᠬᠤᠨ ᠢ 16 ᠪᠣᠶᠢᠵᠢᠭᠤᠯᠵᠣ᠂ ᠲᠡᠵᠢᠬᠡᠪᠣᠷᠢ ᠶᠢᠨ  ᠬᠦᠷᠢᠶᠡᠯᠡᠩ ᠢ 13᠂ ᠲᠡᠵᠢᠬᠡᠪᠣᠷᠢ ᠶᠢᠨ ᠲᠣᠮᠣ ᠡᠷᠣᠬᠡ ᠶᠢ 165᠂ ᠠᠮᠢ ᠠᠬᠤᠶᠢᠴᠢ ᠭᠡᠷ ᠪᠦᠯᠢ ᠶᠢᠨ ᠮᠠᠯᠵᠢᠯ ᠤᠨ ᠲᠠᠯᠠᠪᠠᠢ ᠶᠢ 73 ᠪᠠᠶᠢᠭᠤᠯᠣᠨ᠂ 17 ᠬᠠᠮᠲᠣᠷᠠᠯ ᠬᠤᠷᠰᠢᠶ᠎ᠠ ᠶᠢ ᠲᠡᠮᠵᠢᠨ ᠲᠡᠳᠬᠦᠪᠡ᠃ ᠰᠢᠨ᠎ᠡ ᠮᠠᠶ᠋ᠢᠭ ᠤᠨ ᠠᠵᠢᠯ ᠮᠡᠷᠬᠡᠵᠢᠯ ᠤᠨ ᠮᠠᠯᠴᠢᠨ ᠲᠠᠷᠢᠶᠠᠴᠢᠨ ᠢ ᠪᠣᠯᠪᠠᠰᠣᠷᠠᠭᠤᠯᠬᠤ ᠢᠨᠵᠧᠨᠧᠷᠢᠩ ᠢ ᠬᠡᠷᠡᠭᠵᠢᠬᠦᠯᠵᠣ᠂ ᠮᠠᠯ ᠲᠠᠷᠢᠶᠠᠯᠠᠩ ᠤᠨ 58 ᠲᠦᠷᠦᠯ ᠤᠨ ᠮᠡᠷᠬᠡᠵᠢᠯ ᠤᠨ ᠡᠬᠦᠳᠣᠯᠲᠡ ᠣᠯᠣᠰ ᠤᠨ ᠲᠣᠰᠬᠠᠢ ᠠᠰᠢᠭ ᠣᠯᠵᠣ᠂ ᠰᠢᠨᠵᠢᠯᠡᠭᠡ ᠮᠡᠷᠬᠡᠵᠢᠯ ᠤᠨ ᠮᠠᠯ ᠲᠠᠷᠢᠶᠠᠯᠠᠩ ᠳᠠᠬᠢ ᠬᠤᠪᠢ ᠨᠡᠮᠡᠷᠢ 70% ᠳᠤ ᠬᠦᠷᠴᠤ᠂ ᠪᠦᠬᠦ ᠣᠯᠣᠰ ᠤᠨ ᠠᠩᠬᠠᠳᠠᠭᠴᠢ ᠪᠦᠯᠦᠭ‌‍ᠰᠢᠨᠵᠢᠯᠡᠭᠡ ᠮᠡᠷᠬᠡᠵᠢᠯ ᠤᠨ ᠲᠦᠬᠡᠮᠡᠯᠵᠢᠬᠦᠯᠣᠯᠲᠡ ᠶᠢᠨ ᠲᠠᠭᠤᠷᠢᠶᠠᠯ  ᠬᠤᠰᠢᠭᠤ ᠶᠢ ᠠᠮᠵᠢᠯᠲᠠ ᠲᠠᠢ ᠴᠣᠭᠴᠠᠯᠠᠪᠠ᠃ ᠡᠳᠡᠭᠡᠷ ᠰᠢᠷᠢᠰ ᠪᠦᠲᠣᠴᠡ ᠶᠢᠨ ᠲᠣᠬᠢᠷᠠᠭᠤᠯᠣᠯᠲᠠ ᠶᠢᠨ ᠡᠯᠪᠡᠭ ᠪᠦᠲᠣᠭᠡᠯ ᠨᠢ ᠣᠷᠣᠯᠭ᠎ᠠ ᠶᠢᠨ ᠨᠡᠮᠡᠭᠳᠡᠯ ᠤᠨ ᠲᠠᠯᠳᠠ ᠬᠦᠴᠣᠨ ᠢ ᠠᠭᠤᠲᠠᠯᠠᠵᠣ᠂ ᠣᠷᠣᠯᠭ᠎ᠠ ᠶᠢᠨ ᠨᠡᠮᠡᠭᠳᠡᠯ ᠤᠨ ᠰᠠᠭᠤᠷᠢ ᠶᠢ ᠪᠠᠬᠢᠵᠢᠬᠦᠯᠣᠭ᠍ᠰᠡᠨ ᠪᠠᠶᠢᠨ᠎ᠠ᠃     ᠨᠢᠭᠡ ᠵᠢᠯ ᠤᠨ ᠲᠣᠷᠰᠢ᠂  ᠪᠢᠳᠠ ᠣᠯᠠᠨ ᠠᠷᠭ᠎ᠠ ᠪᠠᠷᠢᠯ ᠢ ᠬᠠᠮᠲᠣᠳᠬᠠᠨ ᠨᠡᠷᠡᠲᠣ ᠲᠡᠮᠲᠡᠭ ᠢ ᠱᠣᠭᠤᠨ᠂ ᠲᠡᠰ ᠲᠠᠪᠰᠢᠯᠲᠠ ᠶᠢ ᠠᠳᠬᠤᠵᠣ᠂ ᠣᠳᠣ ᠦᠶ᠎ᠡ  ᠶᠢᠨ ᠦᠢᠯᠡᠴᠢᠯᠡᠬᠡᠨ ᠤ ᠦᠢᠯᠡᠰ ᠤᠨ ᠠᠮᠢᠲᠣᠯᠢᠭ ᠬᠦᠴᠤᠨ ᠢ ᠢᠯᠡᠷᠬᠡᠢ ᠲᠡᠬᠡᠭᠰᠢᠯᠡᠬᠦᠯᠪᠡ᠃ ᠦᠪᠡᠷᠮᠢᠴᠡ ᠣᠨᠴᠠᠯᠢᠭ ᠢ ᠲᠣᠪᠣᠶᠢᠯᠭᠠᠬᠤ᠂ ᠰᠢᠨ᠎ᠡ ᠪᠦᠲᠣᠮᠵᠢ ᠡᠬᠦᠳᠬᠦ᠂ ᠲᠣᠲᠠᠭᠤᠳᠠᠯ ᠢᠶᠠᠨ ᠨᠦᠬᠦᠪᠣᠷᠢᠯᠡᠬᠦ ᠶᠢ ᠪᠠᠷᠢᠮᠲᠠᠯᠠᠵᠣ᠂ ᠦᠢᠯᠡᠴᠢᠯᠡᠬᠡᠨ ᠤ ᠦᠢᠯᠡᠰ ᠤᠨ ᠬᠡᠯᠪᠡᠷᠢ ᠶᠢ ᠬᠤᠪᠢᠷᠠᠭᠤᠯᠬᠤ ᠬᠦᠭᠵᠢᠬᠦᠯᠣᠯᠲᠡ ᠶᠢ ᠪᠦᠬᠦ ᠬᠦᠴᠦᠨ ᠢᠶᠠᠷ ᠠᠬᠢᠭᠤᠯᠪᠠ᠃  ︽1+6︾ ᠬᠤᠪᠢᠰᠬᠠᠯᠲᠣ ᠬᠦᠮᠦᠵᠢᠯ ᠪᠣᠯᠪᠠᠰᠣᠷᠠᠯ ᠤᠨ ᠰᠠᠭᠤᠷᠢᠨ ᠭᠠᠵᠠᠷ ᠢ ᠦᠪᠡᠷᠲᠡᠬᠡᠨ ᠵᠠᠰᠠᠬᠤ ᠣᠷᠣᠨ ᠪᠠᠶᠢᠭᠤᠯᠣᠭᠳᠠᠭᠰᠠᠨ 70 ᠵᠢᠯ ᠤᠨ ᠣᠢ ᠳᠤ ᠲᠡᠪᠰᠢᠬᠦᠯᠬᠦ ᠪᠡᠯᠡᠭ ᠤᠨ ᠲᠦᠷᠦᠯ ᠵᠦᠢᠯ ᠪᠣᠯᠭᠠᠵᠣ᠂ ᠭᠤᠣᠯ ᠪᠠᠷᠢᠯᠭ᠎ᠠ ᠶᠢ ᠲᠠᠭᠤᠰᠬᠠᠨ᠂ ᠲᠡᠯᠬᠡᠨ ᠦᠵᠡᠬᠦᠯᠣᠬᠡ ᠶᠢᠨ ᠬᠦᠳᠣᠯᠪᠣᠷᠢ ᠪᠣᠯᠣᠨ ᠲᠡᠣᠬᠡᠨ ᠲᠣᠷᠠᠰᠬᠠᠯᠲᠣ ᠵᠦᠢᠯᠡᠰ ᠴᠣᠭᠯᠠᠭᠤᠯᠬᠤ ᠠᠵᠢᠯ ᠢ ᠢᠵᠢᠯ ᠠᠯᠬᠤᠮ ᠢᠶᠠᠷ ᠠᠬᠢᠭᠤᠯᠵᠣ᠂ ᠡᠳᠣᠬᠡ‌‍ᠶᠠᠭ ᠪᠦᠬᠦ ᠣᠯᠣᠰ ᠤᠨ ᠡᠬᠡ ᠣᠷᠣᠨᠴᠢ ᠬᠦᠮᠦᠵᠢᠯ  ᠤᠨ ᠰᠠᠭᠤᠷᠢᠨ ᠢᠶᠠᠷ ᠮᠡᠳᠡᠬᠦᠯᠣᠨ ᠵᠦᠪᠰᠢᠶᠡᠷᠡᠬᠦᠯᠵᠣ ᠪᠣᠢ︔ ᠵᠡᠬᠦᠨ ᠪᠠᠷᠠᠭᠤᠨ ᠬᠤᠶᠠᠷ ᠱᠣᠭᠤᠮ ᠤᠨ ᠵᠢᠭᠤᠯᠴᠢᠯᠠᠯ ᠤᠨ ᠡᠬᠢ ᠰᠣᠷᠪᠣᠯᠵᠢ ᠶᠢ ᠬᠠᠮᠳᠣᠷᠠᠭᠤᠯᠣᠨ ᠨᠡᠬᠡᠬᠡᠵᠣ᠂ ᠮᠠᠯᠴᠢᠨ ᠠᠶᠢᠯ ᠤᠨ ᠵᠤᠭᠠᠴᠠᠯ᠂ ᠳᠠᠷᠢᠶᠠᠴᠢᠨ ᠠᠶᠢᠯ ᠤᠨ ᠪᠠᠶᠠᠰᠤᠯ᠂ ᠡᠷᠡᠬᠦᠯᠵᠢᠯ ᠰᠣᠪᠢᠯᠠᠯ ᠤᠨ ᠵᠢᠭᠤᠯᠴᠢᠯᠠᠯ ᠵᠡᠷᠬᠡ ᠵᠢᠭᠤᠯᠴᠢᠯᠠᠯ ᠤᠨ ᠤᠶᠢᠯᠡᠰ ᠤᠨ ᠬᠦᠭᠵᠢᠯᠳᠠ ᠶᠢ ᠠᠬᠢᠭᠤᠯᠣᠨ᠂ ︽ᠮᠠᠯᠴᠢᠨ ᠳᠠᠷᠢᠶᠠᠴᠢᠨ ᠠᠶᠢᠯ ᠤᠨ ᠪᠠᠶᠠᠰᠤᠯ︾ ᠵᠤᠴᠢᠯᠠᠭ᠎ᠠ ᠶᠢᠨ ᠡᠷᠤᠬᠡ ᠶᠢ 75 ᠨᠡᠮᠡᠭᠳᠡᠬᠦᠯᠪᠠ᠃ ︽ᠮᠦᠩᠬᠦᠨ ᠡᠪᠤᠯ ᠤᠨ ᠨᠠᠭᠠᠳᠤᠮ︾᠂ ︽ᠭᠤᠯᠤᠮᠳᠠ ᠭᠠᠯ ᠰᠣᠶᠣᠯ ᠤᠨ ᠨᠠᠶᠢᠷ︾᠂ ︽ᠴᠠᠬᠢᠷᠮ᠎ᠠ ᠴᠡᠴᠡᠭ‌‍ᠤᠨ ᠨᠠᠶᠢᠷ︾ ᠵᠡᠷᠬᠡ ᠪᠠᠶᠠᠷ ᠴᠡᠩᠬᠡᠯ ᠤᠨ ᠠᠵᠢᠯᠯᠠᠭ᠎ᠠ ᠶᠢ ᠠᠮᠵᠢᠯᠲᠠ ᠲᠠᠢ ᠡᠷᠬᠢᠯᠡᠨ᠂ ᠭᠠᠵᠠᠷ ᠣᠷᠣᠨ ᠤ ᠨᠦᠯᠦᠬᠡᠯᠡᠬᠦ ᠬᠦᠴᠦᠨ ᠢ ᠣᠯᠠᠮ ᠲᠡᠬᠡᠭᠰᠢᠯᠡᠬᠦᠯᠵᠣ᠂  ᠪᠦᠬᠦ ᠵᠢᠯ 80 ᠲᠦᠮᠡᠨ ᠬᠦᠮᠦᠨ ᠣᠳᠠᠭ᠎ᠠ ᠶᠢᠨ ᠵᠢᠭᠤᠯᠴᠢᠯᠠᠭᠰᠠᠳ ᠢ ᠬᠦᠯᠢᠶᠡᠨ ᠵᠤᠴᠢᠯᠡᠵᠤ᠂ 16.2% ᠨᠡᠮᠡᠭᠳᠡᠨ᠂ 24.7 ᠳ᠋ᠦᠩᠰᠢᠭᠤᠷ ᠲᠦᠬᠦᠷᠢᠭ ᠤᠨ ᠵᠢᠭᠤᠯᠴᠢᠯᠠᠯ ᠤᠨ ᠣᠷᠣᠯᠭ᠎ᠠ ᠣᠯᠵᠣ᠂ 28.6% ᠨᠡᠮᠡᠭᠳᠡᠪᠡ᠃ ᠡᠯᠧᠺᠲᠷᠣᠨ ᠠᠷᠠᠯᠵᠢᠶ᠎ᠠ᠂ ᠣᠲᠣ ᠦᠶ᠎ᠡ ᠶᠢᠨ ᠪᠣᠳᠠᠰ ᠤᠨ ᠬᠦᠢᠯᠬᠡᠬᠡᠨ ᠤ ᠠᠵᠣ ᠦᠢᠯᠡᠰ ᠤᠨ ᠬᠦᠭᠵᠢᠯᠲᠡ ᠶᠢᠨ ᠲᠦᠯᠦᠪᠵᠢᠬᠦᠯᠬᠡ ᠶᠢ ᠨᠠᠶᠢᠷᠠᠭᠤᠯᠵᠣ ᠲᠠᠭᠤᠰᠬᠠᠨ ᠂ ᠱᠠᠩᠬᠠᠢ ᠶᠢᠨ ᠰᠦᠮ᠎ᠠ ᠶᠢᠨ ᠶᠡᠷᠤᠩᠬᠡᠶᠢᠯᠡᠭᠰᠡᠨ ᠪᠤᠳᠠᠰ ᠤᠨ ᠬᠦᠢᠯᠬᠡᠬᠡᠨ ᠤ ᠬᠦᠷᠢᠶᠡᠯᠡᠩ ᠢ ᠡᠬᠢᠯᠡᠨ ᠪᠠᠶᠢᠭᠤᠯᠵᠣ᠂ ᠡᠯᠧᠺᠲᠷᠣᠨ  ᠠᠷᠠᠯᠵᠢᠶᠠᠨ ᠤ ᠰᠠᠭᠤᠷᠢᠨ ᠳᠤ 7 ᠠᠵᠣ ᠠᠬᠤᠶᠢᠯᠠᠯ ᠰᠠᠭᠤᠷᠢᠰᠢᠵᠣ᠂ ᠦᠪᠡᠷᠳᠡᠬᠡᠨ ᠵᠠᠰᠠᠬᠤ ᠤᠷᠤᠨ ᠤ ᠡᠯᠧᠺᠲᠷᠣᠨ  ᠠᠷᠠᠯᠵᠢᠶᠠᠨ ᠤ  ᠲᠠᠭᠤᠷᠢᠶᠠᠯ ᠰᠠᠭᠤᠷᠢᠨ ᠢᠶᠠᠷ ᠵᠦᠪᠰᠢᠶᠡᠷᠡᠭᠳᠡᠪᠡ︔ ᠡᠯᠧᠺᠲᠷᠣᠨ ᠠᠷᠠᠯᠵᠢᠶᠠᠨ ᠤ  ᠲᠠᠪᠴᠠᠩ ᠤᠨ ᠪᠣᠷᠣᠯᠠᠭᠤᠯᠭ᠎ᠠ ᠶᠢᠨ ᠣᠷᠣᠯᠭ᠎ᠠ 1 ᠳ᠋ᠦᠩᠰᠢᠭᠤᠷ ᠲᠦᠬᠦᠷᠢᠭ ᠢ ᠳᠠᠪᠠᠵᠤ᠂ ᠰᠣᠶᠣᠯ ᠤᠨ ᠠᠵᠤ ᠦᠢᠯᠡᠰ ᠤᠨ ᠬᠦᠷᠢᠶᠡᠯᠡᠩ‌ᠦᠪᠡᠷᠳᠡᠬᠡᠨ ᠵᠠᠰᠠᠬᠤ ᠤᠷᠤᠨ ᠤ ᠪᠦᠲᠦᠬᠡᠯᠴᠢ ᠰᠣᠶᠣᠯ ᠤᠨ ᠠᠵᠤ ᠦᠢᠯᠡᠰ ᠤᠨ ᠬᠦᠷᠢᠶᠡᠯᠡᠩ ᠢᠶᠠᠷ ᠦᠨᠡᠯᠡᠭᠳᠡᠪᠠ᠃ ᠡᠳᠡᠬᠡᠷ ᠬᠠᠩᠭᠠᠯᠭ᠎ᠠ ᠶᠢᠨ ᠲᠠᠯ᠎ᠠ  ᠶᠢᠨ ᠪᠦᠲᠦᠴᠡ ᠶᠢᠨ ᠴᠢᠨᠠᠷᠲᠠᠢ ᠦᠬᠡᠷᠡᠴᠢᠯᠡᠯᠲᠡ ᠶᠢᠨ ᠦᠷ᠎ᠡ ᠪᠦᠲᠦᠬᠡᠯ ᠨᠢ ᠠᠵᠣ ᠦᠢᠯᠡᠰ ᠤᠨ ᠲᠡᠰ ᠲᠠᠪᠰᠢᠯᠲᠠ ᠶᠢ ᠠᠬᠢᠭᠤᠯᠵᠣ᠂ ᠬᠦᠭᠵᠢᠯᠲᠡ ᠶᠢᠨ ᠠᠮᠢᠲᠣᠯᠢᠭ ᠬᠦᠴᠦᠨ ᠢ ᠲᠡᠬᠡᠭᠰᠢᠯᠡᠬᠦᠯᠣᠭ᠍ᠰᠡᠨ ᠪᠠᠶᠢᠨ᠎ᠠ᠃     ᠨᠢᠭᠡ ᠵᠢᠯ ᠤᠨ ᠲᠣᠷᠰᠢ᠂ ᠪᠢᠳᠠ ᠦᠷᠬᠦᠯᠵᠢ ᠬᠦᠴᠦᠯᠡᠨ ᠲᠣᠲᠠᠭᠤᠳᠠᠯ ᠢ ᠨᠦᠬᠦᠪᠣᠷᠢᠯᠡᠨ᠂ ᠰᠠᠭᠤᠷᠢ ᠶᠢ ᠪᠠᠬᠢᠵᠢᠬᠦᠯᠵᠣ᠂ ᠬᠤᠲᠠ ᠬᠦᠳᠡᠭᠡ ᠶᠢᠨ ᠶᠡᠷᠣᠩᠬᠡᠶᠢᠯᠡᠭᠰᠡᠨ ᠠᠴᠢᠶᠠᠯᠠᠬᠤ ᠴᠢᠳᠠᠪᠣᠷᠢ ᠶᠢ ᠪᠦᠳᠦᠮᠵᠢᠲᠠᠢ ᠲᠡᠬᠡᠭᠰᠢᠯᠡᠬᠦᠯᠪᠡ᠃ ᠲᠣᠲᠠᠭᠤᠳᠠᠯ ᠢ ᠨᠦᠬᠦᠪᠣᠷᠢᠯᠡᠬᠦ ᠶᠢ ᠬᠤᠲᠠ ᠬᠦᠳᠡᠭᠡ ᠶᠢᠨ ᠨᠢᠬᠡᠳᠣᠯᠲᠠᠢ ᠲᠦᠯᠦᠪᠵᠢᠬᠦᠯᠣᠭ᠍ᠰᠡᠨ ᠬᠦᠭᠵᠢᠯᠲᠡ ᠶᠢ ᠠᠬᠢᠭᠤᠯᠬᠤ ᠵᠠᠩᠬᠢᠯᠠᠭ᠎ᠠ ᠪᠣᠯᠭᠠᠨ ᠪᠠᠷᠢᠮᠲᠠᠯᠠᠵᠣ᠂ 14.6 ᠳ᠋ᠦᠩᠰᠢᠭᠤᠷ ᠲᠦᠬᠦᠷᠢᠭ ᠪᠡᠯᠡ ᠣᠷᠣᠭᠤᠯᠣᠨ᠂ ᠦᠵᠡᠰᠬᠦᠯᠡᠩᠲᠣ ᠰᠠᠶᠢᠬᠠᠨ ᠬᠦᠳᠡᠭᠡ ᠲᠣᠰᠬᠤᠨ ᠤ ᠪᠠᠶᠢᠭᠤᠯᠣᠯᠲᠠ ᠶᠢ ᠡᠷᠴᠢᠮᠵᠢᠬᠦᠯᠵᠣ᠂  ᠪᠦᠬᠦ ᠬᠤᠲᠠ ᠳᠠᠭᠠᠨ ᠡᠩ ᠲᠡᠷᠢᠬᠦᠨ ᠳᠤ ᠮᠠᠯᠵᠢᠬᠤ ᠲᠠᠷᠢᠶᠠᠯᠠᠬᠤ ᠣᠷᠣᠨ ᠤ  ᠦᠨᠳᠣᠰᠣᠨ ᠪᠠᠳᠣᠯᠠᠭ᠎ᠠ ᠪᠣᠯᠣᠨ ᠨᠡᠶᠢᠲᠡ ᠶᠢᠨ ᠦᠢᠯᠡᠴᠢᠯᠡᠬᠡᠨ ᠤ ︽ᠠᠷᠪᠠ ᠶᠢ ᠨᠡᠶᠢᠳᠡᠮ ᠪᠡᠶᠡᠯᠡᠬᠦᠯᠪᠡ︾᠃ ᠠᠵᠢᠯᠯᠠᠵᠣ ᠠᠮᠢᠳᠣᠷᠠᠬᠤ ᠳᠤ ᠲᠣᠬᠢᠷᠠᠮᠵᠢᠲᠠᠢ ᠬᠤᠲᠠ ᠪᠠᠯᠭᠠᠰᠣᠨ ᠤ ᠴᠢᠳᠠᠪᠬᠢ ᠡᠳᠣᠷ ᠢᠷᠡᠬᠦᠶ᠎ᠠ ᠲᠡᠬᠦᠯᠳᠡᠷᠵᠢᠵᠣ᠂ ᠫᠢᠩᠫᠠᠩ ᠪᠦᠮᠪᠦᠭᠡ ᠦᠳᠦᠨ ᠪᠦᠮᠪᠦᠭᠡ ᠶᠢᠨ ᠣᠷᠳᠣᠨ᠂ ᠣᠮᠪᠠᠯᠳᠠ ᠶᠢᠨ ᠣᠷᠳᠣᠨ᠂ ᠭᠡᠷ ᠤᠨ ᠭᠠᠳᠠᠨᠠᠬᠢ ᠲᠠᠮᠢᠷ ᠤᠨ ᠲᠠᠯᠠᠪᠣᠷ ᠠᠰᠢᠭᠯᠠᠯᠳᠠ ᠳᠤ ᠣᠷᠣᠵᠣ᠂ ᠬᠤᠲᠠ ᠪᠠᠯᠭᠠᠰᠣᠨ ᠤ ᠰᠢᠨ᠎ᠡ ᠨᠡᠮᠡᠭᠳᠡᠭᠰᠡᠨ ᠣᠶᠢᠵᠢᠭᠤᠯᠣᠯᠳᠠ ᠶᠢᠨ ᠲᠠᠯᠠᠪᠠᠢ 52 ᠲᠦᠮᠡᠨ ᠺᠦᠸᠠᠳ᠋ ᠮᠧᠲᠷ ᠬᠦᠷᠴᠤ᠂ ︽ᠣᠯᠣᠰ ᠤᠨ ᠴᠡᠴᠡᠷᠯᠢᠭᠵᠢᠬᠦᠯᠬᠡ ᠶᠢᠨ ᠰᠢᠶᠠᠨ ᠤ ᠬᠤᠲᠠ︾ ᠶᠢ ᠣᠷᠣᠨ ᠰᠠᠭᠤᠴᠠ ᠪᠦᠲᠦᠬᠡᠨ ᠪᠠᠶᠢᠭᠤᠯᠣᠯᠲᠠ ᠶᠢᠨ ᠶᠠᠮᠣᠨ‌‍ᠳᠤ ᠮᠡᠳᠡᠬᠦᠯᠣᠨ ᠬᠢᠨᠠᠨ ᠦᠨᠡᠯᠡᠬᠦᠯᠵᠣ᠂  ᠪᠦᠬᠦ ᠤᠯᠤᠰ ᠤᠨ ᠰᠢᠶᠠᠨ ᠤ ᠳᠡᠰ ᠤᠨ ᠪᠣᠯᠪᠠᠰᠣᠨ ᠬᠤᠳᠠ ᠶᠢᠨ ᠴᠤᠭᠴᠠᠯᠠᠯᠳᠠ ᠤᠯᠤᠰ ᠤᠨ ᠵᠢᠯ ᠤᠨ ᠬᠢᠨᠠᠨ ᠰᠢᠯᠭᠠᠯᠳᠠ ᠶᠢ ᠠᠮᠵᠢᠯᠳᠠ  ᠲᠠᠢ ᠳᠤᠭᠤᠯᠪᠠ᠃ ᠴᠢᠬᠤᠯᠠ ᠶᠡᠭᠡ ᠰᠠᠭᠤᠷᠢ ᠲᠦᠬᠦᠬᠡᠷᠣᠮᠵᠢ ᠶᠢᠨ ᠪᠠᠶᠢᠭᠤᠯᠣᠯᠲᠠ ᠲᠦᠷᠬᠡᠨ ᠠᠬᠢᠵᠣ᠂ ᠣᠯᠵᠠᠴᠢ ᠠᠴᠠ ᠳ᠋ᠦᠩ ᠳ᠋ᠣᠣ ᠯᠢᠶᠠᠩ ᠬᠦᠷᠬᠦ ᠲᠦᠷᠬᠡᠨ ᠵᠠᠮ ᠤᠨ ᠵᠠᠮ ᠤᠨ ᠰᠠᠭᠤᠷᠢ ᠶᠢᠨ ᠪᠠᠷᠢᠯᠭ᠎ᠠ ᠲᠠᠭᠤᠰᠴᠤ᠂  ᠲᠣᠣ ᠱᠠᠩ ᠲᠠᠮᠦᠷ ᠵᠠᠮ ᠤᠨ ᠲᠣᠯᠢ ᠠᠴᠠ ᠣᠯᠵᠠᠴᠢ ᠬᠦᠷᠬᠦ ᠬᠡᠰᠡᠭ ᠲᠡᠷᠭᠡ ᠨᠡᠪᠲᠡᠷᠡᠬᠦ ᠨᠦᠬᠦᠴᠡᠯ ᠪᠦᠷᠢᠳᠴᠤ᠂ ᠱᠠᠩᠬᠠᠢ ᠶᠢᠨ ᠰᠦᠮ᠎ᠠ ᠠᠴᠠ ᠦᠵᠦᠭᠦᠷ ᠪᠠᠯᠭᠠᠰᠦ ᠬᠦᠷᠬᠦ ᠵᠠᠰᠠᠮᠠᠯ ᠵᠠᠮ ᠤᠨ ᠵᠠᠮ ᠤᠨ ᠭᠠᠳᠠᠷᠭᠤ ᠶᠢᠨ ᠪᠠᠷᠢᠯᠭ᠎ᠠ ᠲᠠᠭᠤᠰᠴᠣ᠂ ᠨᠡᠶᠢᠳᠡᠮ ᠬᠡᠷᠡᠭᠯᠡᠬᠡᠨ  ᠤ ᠨᠢᠰᠬᠡᠯ ᠤᠨ ᠪᠠᠭᠤᠳᠠᠯ ᠣᠯᠣᠰ ᠤᠨ ᠨᠡᠶᠢᠳᠡᠮ ᠬᠡᠷᠡᠭᠯᠡᠬᠡᠨ ᠤ ᠠᠭᠠᠷ ᠠᠶᠠᠯᠠᠯ ᠤᠨ ᠠᠩᠬᠠᠳᠠᠭᠴᠢ ᠪᠦᠯᠦᠭ‌‍ᠲ᠋ᠠᠭᠤᠷᠢᠶᠠᠯ ᠢᠨᠵᠧᠨᠧᠷᠢᠩ ᠳᠤ ᠵᠢᠭᠰᠠᠭᠠᠭᠳᠠᠪᠠ᠃ ᠠᠮᠢ ᠠᠬᠤᠢ ᠶᠢᠨ ᠪᠣᠯᠪᠠᠰᠣᠨ ᠤ  ᠪᠠᠶᠢᠭᠤᠯᠣᠯᠲᠠ ᠯᠠᠪᠳᠠᠭᠤᠨ ᠠᠬᠢᠵᠣ᠂ ︽ᠭᠤᠷᠪᠠᠨ ᠣᠮᠠᠷᠠᠳᠣ︾ ᠶᠢᠨ ᠮᠠᠭᠤᠳᠠᠭᠰᠠᠨ ᠣᠢ ᠶᠢᠨ ᠦᠬᠡᠷᠡᠴᠢᠯᠡᠯᠲᠡ᠂ ᠬᠦᠷᠦᠰᠦ ᠰᠢᠷᠣᠢ  ᠶᠢᠨ ᠢᠳᠡᠭᠳᠡᠯ ᠤᠨ ᠵᠠᠰᠠᠯᠲᠠ ᠵᠡᠷᠬᠡ ᠠᠮᠢ ᠠᠬᠤᠢ ᠶᠢᠨ ᠲᠦᠷᠦᠯ ᠵᠦᠢᠯ ᠢ 28.3 ᠲᠦᠮᠡᠨ ᠮᠣ᠋ ᠬᠡᠷᠡᠭᠵᠢᠬᠦᠯᠵᠣ᠂ ᠨᠣᠲᠤᠭ ᠪᠡᠯᠴᠢᠬᠡᠷ ᠤᠨ ᠪᠠᠶᠢᠭᠤᠯᠣᠯᠲᠠ ᠶᠢ 61.9 ᠲᠦᠮᠡᠨ ᠮᠣ᠋ ᠪᠡᠶᠡᠯᠡᠬᠦᠯᠣᠨ᠂ ᠣᠯᠣᠰ ᠤᠨ ᠭᠠᠵᠠᠷ ᠰᠢᠷᠣᠢ ᠶᠢ ᠣᠶᠢᠵᠢᠭᠤᠯᠬᠤ ᠠᠵᠢᠯᠯᠠᠭ᠎ᠠ ᠪᠠ ᠠᠯᠪᠠᠨ ᠵᠢᠷᠣᠮ ᠤᠨ ᠦᠢᠵᠢᠭᠤᠯᠣᠯᠲᠠ ᠶᠢ 9.1 ᠲᠦᠮᠡᠨ ᠮᠣ᠋ ᠪᠡᠶᠡᠯᠡᠬᠦᠯᠵᠣ᠂ ᠠᠮᠢ ᠠᠬᠤᠢ ᠶᠢᠨ ᠣᠷᠴᠢᠨ ᠢ ᠢᠯᠡᠳᠲᠡ ᠰᠠᠶᠢᠵᠢᠷᠠᠭᠤᠯᠪᠠ᠃ ᠡᠳᠡᠬᠡᠷ ᠲᠣᠲᠠᠭᠤᠳᠠᠯ ᠢ ᠨᠦᠬᠦᠪᠣᠷᠢᠯᠡᠬᠦ ᠬᠠᠲᠠᠭᠤ ᠲᠣᠨᠤᠭ ᠤᠨ ᠪᠠᠶᠢᠭᠤᠯᠣᠯᠲᠠ ᠶᠢᠨ ᠦᠷ᠎ᠡ ᠪᠦᠲᠦᠬᠡᠯ ᠨᠢ ᠬᠦᠭᠵᠢᠯᠲᠡ ᠶᠢᠨ ᠣᠷᠴᠢᠨ ᠢ ᠰᠠᠶᠢᠵᠢᠷᠠᠭᠤᠯᠵᠣ᠂ ᠬᠦᠭᠵᠢᠯᠲᠠ ᠶᠢᠨ ᠰᠠᠭᠤᠷᠢ ᠶᠢ ᠪᠠᠬᠢᠵᠢᠬᠦᠯᠣᠭ᠍ᠰᠡᠨ ᠪᠠᠶᠢᠨ᠎ᠠ᠃ᠨᠢᠭᠡ ᠵᠢᠯ ᠤᠨ ᠲᠣᠷᠰᠢ᠂ ᠪᠢᠳᠠ ᠭᠤᠶᠢᠪᠠᠰᠢ ᠦᠬᠡᠢ ᠪᠠᠷ ᠦᠬᠡᠷᠡᠴᠢᠯᠡᠯᠲᠡ ᠶᠢ ᠠᠳᠬᠤᠨ᠂ ᠰᠢᠨᠡᠴᠢᠯᠡᠯᠲᠡ ᠶᠢ ᠠᠬᠢᠭᠤᠯᠵᠣ᠂  ᠪᠦᠬᠦ ᠲᠠᠯ᠎ᠠ ᠪᠠᠷ ᠦᠬᠡᠷᠡᠴᠢᠯᠡᠯᠲᠡ  ᠶᠢ ᠬᠦᠨᠵᠡᠬᠡᠶᠢᠷᠡᠬᠦᠯᠣᠨ ᠦᠯᠡᠮᠵᠢ ᠪᠦᠲᠦᠮᠵᠢ ᠣᠯᠪᠠ᠃ ᠰᠢᠨᠡᠴᠢᠯᠡᠯᠲᠡ ᠪᠠᠷ ᠵᠢᠯᠣᠭᠤᠳᠬᠤ᠂ ᠦᠬᠡᠷᠡᠴᠢᠯᠡᠯᠲᠡ ᠪᠠᠷ ᠲᠠᠶᠢᠴᠢᠯᠠᠬᠤ ᠶᠢ ᠪᠠᠷᠢᠮᠲᠠᠯᠠᠵᠣ᠂ ᠭᠤᠣᠯᠳᠠᠯᠭᠠᠲᠣ ᠬᠦᠷᠢᠶ᠎ᠡ ᠴᠠᠷᠠᠭ᠎ᠠ ᠪᠠ ᠵᠠᠩᠬᠢᠯᠠᠭ᠎ᠠ ᠶᠢᠨ ᠭᠤᠭᠴᠣᠭᠠᠨ ᠤ ᠦᠬᠡᠷᠡᠴᠢᠯᠡᠯᠲᠡ ᠲᠡᠬᠡᠷ᠎ᠡ ᠲᠦᠪᠯᠡᠷᠡᠩᠬᠦᠢ ᠰᠢᠪᠲᠣᠯᠣᠯᠲᠠ ᠬᠢᠵᠣ᠂ ᠪᠠᠷᠠᠭᠤᠨ ᠬᠤᠶᠢᠳᠣ ᠣᠷᠣᠨ ᠤ ᠠᠩᠬᠠᠳᠠᠭᠴᠢ ᠲᠦᠬᠦᠷ ᠰᠢᠶᠠᠨ ᠤ ᠳᠡᠰ ᠤᠨ ᠪᠠᠶᠢᠭᠠᠯᠢ ᠶᠢᠨ ᠡᠬᠢ ᠰᠣᠷᠪᠣᠯᠵᠢ ᠶᠢᠨ ᠬᠤᠷᠤᠭᠳᠠᠯ ᠤᠨ ᠬᠢᠨᠠᠯᠳᠠ ᠶᠢᠨ ᠰᠢᠰᠲ᠋ᠧᠮ ᠪᠠ ᠦᠨ᠎ᠡ ᠬᠠᠩᠰᠢ  ᠶᠢᠨ ᠰᠢᠰᠲ᠋ᠧᠮ ᠢ ᠰᠣᠳᠣᠯᠣᠨ ᠨᠡᠭᠡᠭᠡᠵᠣ ᠬᠡᠷᠡᠭᠯᠡᠨ᠂ ᠪᠠᠶᠢᠭᠠᠯᠢ ᠶᠢᠨ ᠡᠬᠢ ᠰᠣᠷᠪᠣᠯᠵᠢ ᠶᠢᠨ ᠬᠦᠷᠤᠩᠬᠡ ᠶᠢᠨ ᠬᠠᠷᠢᠭᠤᠴᠠᠯᠭ᠎ᠠ ᠶᠢᠨ ᠬᠢᠨᠠᠨ ᠪᠣᠳᠣᠯᠲᠠ ᠨᠢ ᠣᠯᠣᠰ  ᠤᠨ ᠬᠢᠨᠠᠨ ᠪᠣᠳᠣᠬᠤ ᠵᠠᠬᠢᠷᠭ᠎ᠠ ᠶᠢᠨ ᠬᠠᠷᠢᠯᠴᠠᠬᠤ ᠴᠡᠭ ᠪᠤᠯᠪᠠ︔ ᠳ᠋ᠠᠶᠢᠲ᠋ᠠ ᠲᠦᠪ‌ᠠᠰᠢᠭᠯᠠᠯᠳᠠ ᠳᠤ ᠣᠷᠣᠵᠣ᠂ ᠪᠠᠷᠢᠮᠵᠢᠶ᠎ᠠ ᠲᠦᠷᠢᠮᠵᠢᠯ ᠲᠠᠢ᠂ ᠠᠮᠣᠷ ᠲᠦᠪᠰᠢᠨ ᠨᠠᠶᠢᠳᠠᠪᠣᠷᠢᠲᠠᠢ᠂ ᠡᠬᠢ ᠰᠣᠷᠪᠣᠯᠵᠢ ᠶᠢ ᠬᠠᠮᠲᠣ ᠡᠳ᠋ᠯᠡᠭᠰᠡᠨ᠂ ᠶᠡᠪᠣᠴᠠ ᠴᠣᠪᠣᠷᠠᠯ ᠰᠢᠯᠢᠳᠡᠭᠵᠢᠭᠰᠡᠨ᠂ ᠲᠡᠷᠢᠬᠦᠨ ᠤ ᠮᠡᠷᠬᠡᠵᠢᠯ ᠤᠨ ᠮᠡᠳᠡᠭᠡ ᠵᠠᠩᠭᠢ ᠶᠢᠨ ᠲᠣᠯᠭᠠᠭᠤᠷᠢᠯᠠᠯ ᠰᠢᠰᠲ᠋ᠧᠮ ᠢ ᠪᠦᠷᠢᠯᠳᠣᠬᠦᠯᠪᠡ︔   ᠠᠯᠠᠰᠢᠨ ᠮᠠᠯ ᠤᠨ ᠪᠦᠬᠦ ᠠᠵᠤ ᠦᠢᠯᠡᠰ ᠤᠨ ᠬᠡᠯᠬᠢᠶᠡᠨ ᠤ ᠡᠬᠢ ᠶᠢ ᠬᠡᠳᠡᠷᠬᠦ ᠨᠡᠬᠡᠮᠵᠢᠯᠡᠬᠦ ᠰᠢᠰᠲ᠋ᠧᠮ᠂ ᠭᠠᠵᠠᠷ ᠲᠣᠣᠷᠠᠬᠢ ᠣᠰᠣᠨ ᠤ ︽ᠶᠡᠷᠣᠩᠬᠡᠢ ᠬᠡᠮᠵᠢᠶ᠎ᠡ ᠶᠢ ᠬᠢᠵᠠᠭᠠᠷᠯᠠᠵᠤ᠂ ᠨᠣᠷᠮᠠᠴᠢᠯᠠᠨ ᠬᠠᠮᠢᠶᠠᠷᠬᠤ︾ ᠵᠡᠷᠬᠡ‌ᠦᠬᠡᠷᠡᠴᠢᠯᠡᠯᠲᠡ ᠪᠦᠬᠦ ᠬᠤᠲᠠ ᠶᠢᠨ ᠲᠡᠷᠢᠬᠦᠨ ᠤ ᠡᠩᠨᠡᠬᠡᠨ  ᠳᠤ ᠣᠷᠣᠵᠣ᠂ ᠮᠠᠯᠵᠢᠬᠤ ᠲᠠᠷᠢᠶᠠᠯᠠᠬᠤ ᠣᠷᠣᠨ ᠤ ᠨᠣᠲᠤᠭ ᠪᠡᠯᠴᠢᠬᠡᠷ ᠤᠨ ︽ᠭᠤᠷᠪᠠᠨ ᠡᠷᠬᠡ ᠶᠢᠨ ᠲᠤᠰᠠᠭᠠᠷᠯᠠᠯ︾ ᠣᠯᠣᠰ ᠤᠨ ᠲᠣᠳᠣᠭᠠᠳᠣ ᠶᠢᠨ ᠠᠳᠠᠯᠢ ᠲᠦᠷᠣᠯ ᠤᠨ ᠲᠡᠷᠢᠬᠦᠨ ᠤ ᠲᠦᠪᠰᠢᠨ ᠳᠤ ᠬᠦᠷᠪᠡ᠃ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠬᠦ ᠲᠦᠷᠢᠮ ᠤᠨ ᠦᠬᠡᠷᠡᠴᠢᠯᠡᠯᠲᠡ ᠢᠯᠡᠷᠬᠡᠢ ᠪᠦᠲᠣᠮᠵᠢ ᠣᠯᠵᠣ᠂ ᠪᠣᠳᠠᠲᠣ ᠲᠢᠩᠬᠢᠮ ᠪᠣᠯᠣᠨ ᠰᠦᠯᠵᠢᠶᠡᠨ ᠲᠢᠩᠬᠢᠮ ᠤᠨ ᠲᠣᠬᠠᠶᠢᠯᠠᠭᠰᠠᠨ ᠠᠵᠢᠯ ᠤᠨ  ᠬᠠᠮᠲᠣᠷᠠᠭᠰᠠᠨ ᠬᠦᠢᠴᠡᠳᠬᠡᠯᠲᠡ ᠶᠢ ᠪᠦᠬᠦ ᠲᠠᠯ᠎ᠠ ᠪᠠᠷ ᠡᠬᠢᠯᠡᠬᠦᠯᠵᠣ᠂ ᠪᠦᠬᠦ ᠬᠤᠲᠠ ᠳᠠᠭᠠᠨ ᠡᠩ ᠲᠡᠷᠢᠬᠦᠨ ᠳᠤ ︽ᠨᠢᠭᠡ ᠦᠷᠳᠡᠬᠡᠴᠢᠯᠡᠨ︾ ᠬᠦᠯᠢᠶᠡᠨ ᠬᠦᠢᠴᠡᠳᠬᠡᠬᠦ ᠪᠠ ᠢᠨᠲ᠋ᠧᠷ ᠰᠦᠯᠵᠢᠶ᠎ᠠ + ᠵᠠᠰᠠᠭ ᠤᠨ ᠶᠠᠪᠤᠳᠠᠯ ᠤᠨ ᠣᠶᠢᠯᠡᠴᠢᠯᠡᠭᠡᠨ  ᠤ ᠵᠠᠭᠪᠣᠷ ᠢ ᠭᠡᠷᠡᠭᠵᠢᠬᠦᠯᠪᠡ︔ 25 ᠭᠠᠴᠠᠭ᠎ᠠ ᠲᠣᠰᠬᠤᠨ ᠳᠤ ᠰᠦᠯᠵᠢᠶ᠎ᠡ ᠪᠠᠷ ᠭᠡᠷᠡᠭ ᠣᠴᠢᠷ ᠬᠦᠢᠴᠡᠳᠬᠡᠬᠦ ᠲᠢᠩᠬᠢᠮ ᠪᠠᠶᠢᠭᠤᠯᠵᠣ᠂ ᠣᠯᠠᠨ ᠲᠦᠮᠡᠨ ᠭᠡᠷᠡᠭ ᠣᠴᠢᠷ ᠪᠦᠲᠣᠬᠡᠬᠦ ᠳᠤ ᠨᠡᠩ ᠲᠦᠳᠡ ᠲᠦᠷᠬᠡᠨ ᠪᠣᠯᠪᠠ᠃  ᠲᠠᠶᠠᠭᠠᠷ ᠣᠯᠠᠨ ᠤ ᠣᠶᠢᠯᠠᠰ ᠪᠦᠳᠦᠭᠡᠯᠳᠠ᠂ ᠲᠦᠮᠡᠨ ᠣᠯᠠᠨ ᠤ ᠰᠢᠨ᠎ᠡ ᠶᠢ ᠡᠭᠦᠳᠦᠯᠳᠠ ᠬᠦᠨᠵᠡᠭᠡᠢ ᠠᠬᠢᠵᠣ᠂ 28 ᠲᠦᠷᠣᠯ ᠤᠨ ᠰᠢᠨ᠎ᠡ‌ᠡᠭᠦᠳᠦᠯᠳᠠ ᠣᠷᠳᠣᠰ ᠤᠨ ᠰᠢᠨ᠎ᠡ ᠶᠢ ᠡᠬᠦᠳᠣᠨ ᠦᠢᠯᠡᠰ ᠪᠣᠰᠬᠠᠭᠰᠠᠨ ᠦᠷ᠎ᠡ ᠪᠦᠲᠣᠭᠡᠯ ᠤᠨ ᠦᠵᠡᠬᠦᠯᠣᠬᠡ ᠳᠤ ᠣᠷᠣᠯᠴᠠᠪᠠ ︔ ᠬᠤᠰᠢᠭᠤ ᠪᠠᠶᠢᠭᠤᠯᠣᠭᠳᠠᠭᠰᠠᠨ ᠠᠴᠠ ᠨᠠᠭᠠᠰᠢᠬᠢ ᠬᠠᠮᠤᠭ ᠶᠡᠭᠡ ᠬᠡᠪᠴᠢᠶ᠎ᠡ ᠪᠠ ᠦᠨᠳᠣᠷ ᠲᠦᠪᠰᠢᠨ ᠪᠦᠬᠦᠢ ᠰᠢᠨᠵᠢᠯᠡᠭᠡ ᠮᠡᠷᠬᠡᠵᠢᠯ ᠤᠨ ᠰᠢᠨ᠎ᠡ ᠶᠢ ᠡᠬᠦᠳᠣᠭ᠍ᠴᠢᠳ ᠢ ᠱᠠᠩᠨᠠᠨ ᠬᠦᠬᠢᠬᠦᠯᠬᠦ ᠬᠤᠷᠠᠯ ᠬᠤᠷᠠᠯᠳᠣᠭᠤᠯᠵᠣ᠂ 5 ᠨᠢᠬᠡᠴᠡ᠂ 47 ᠲᠡᠷᠢᠬᠦᠨ ᠤ ᠬᠤᠪᠢ ᠬᠦᠮᠣᠨ ᠢ ᠱᠠᠩᠨᠠᠨ ᠬᠦᠬᠢᠬᠦᠯᠵᠣ᠂ ᠰᠢᠨ᠎ᠡ‌ᠡᠭᠦᠳᠦᠯᠳᠠ  ᠶᠢ ᠵᠣᠷᠢᠭᠵᠢᠭᠤᠯᠣᠨ ᠬᠦᠭᠵᠢᠬᠦᠯᠬᠦ ᠣᠷᠮᠠᠰᠢᠭᠤᠯᠣᠯ ᠤᠨ ᠣᠷᠴᠢᠨ ᠠᠬᠤᠢ ᠶᠢ ᠪᠣᠢ ᠪᠣᠯᠭᠠᠪᠠ᠃ ᠴᠢᠯᠣᠭᠡᠲᠠᠢ ᠶᠠᠪᠣᠯᠴᠠᠨ ᠬᠠᠮᠲᠣᠷᠠᠯᠴᠠᠬᠤ ᠶᠢ ᠴᠢᠩᠭᠠᠳᠬᠠᠵᠣ᠂ ᠢᠷᠭᠠᠢ ᠬᠤᠲᠠ ᠯᠤᠭ᠎ᠠ ᠶᠢᠨ ᠰᠣᠷᠭᠠᠨ ᠬᠦᠮᠦᠵᠢᠯ᠂ ᠡᠮ ᠡᠮᠨᠡᠯᠬᠡ᠂ ᠵᠢᠭᠤᠯᠴᠢᠯᠠᠯ᠂  ᠢᠨᠲ᠋ᠧᠷ ᠰᠦᠯᠵᠢᠶ᠎ᠡ+ ᠵᠡᠷᠬᠡ ᠲᠠᠯ᠎ᠠ ᠪᠠᠷ ᠬᠢ ᠬᠠᠮᠲᠣᠷᠠᠯᠴᠭ᠎ᠠ ᠪᠠᠨ ᠲᠠᠰᠣᠷᠠᠯᠲᠠ ᠦᠬᠡᠢ ᠬᠦᠨᠵᠡᠬᠡᠶᠢᠷᠡᠬᠦᠯᠵᠣ᠂ ᠬᠤᠰᠢᠭᠤᠨ ᠤ 2 ᠡᠮᠨᠡᠯᠬᠡ ᠶᠢᠨ ᠬᠤᠷᠢᠶ᠎ᠠ‌ᠢᠷᠭᠠᠢ ᠶᠢᠨ ᠬᠤᠶᠠᠷ ᠲᠤᠮᠤ ᠪᠣᠳᠠᠲᠣ ᠬᠦᠴᠤᠨ ᠪᠦᠬᠦᠢ ᠡᠮᠨᠡᠯᠬᠡ ᠶᠢᠨ ᠬᠤᠷᠢᠶ᠎ᠠ ᠲᠠᠢ ᠬᠠᠮᠲᠣᠷᠠᠨ ︽ᠡᠮ ᠡᠮᠨᠡᠯᠬᠡ ᠶᠢᠨ ᠬᠠᠮᠵᠢᠯᠴᠠᠭᠠᠨ ᠤ ᠴᠣᠭᠴᠠ︾  ᠪᠠᠶᠢᠭᠤᠯᠵᠣ᠂ ᠡᠮ ᠡᠮᠨᠡᠯᠬᠡ ᠶᠢᠨ ᠴᠢᠨᠠᠷᠯᠢᠭ ᠡᠬᠢ ᠰᠣᠷᠪᠣᠯᠵᠢ ᠶᠢᠨ ᠣᠷᠣᠨ ᠠᠯᠣᠰᠯᠠᠭᠰᠠᠨ ᠬᠠᠮᠲᠣ ᠡᠳ᠋ᠯᠡᠬᠦ ᠬᠠᠮᠲᠣᠷᠠᠯᠴᠠᠭ᠎ᠠ ᠶᠢ ᠪᠡᠶᠡᠯᠡᠬᠦᠯᠪᠡ᠃ ᠡᠳᠡᠬᠡᠷ ᠦᠬᠡᠷᠡᠴᠢᠯᠡᠯᠲᠡ ᠰᠢᠨᠡᠴᠢᠯᠡᠯᠲᠡ ᠶᠢᠨ ᠦᠷ᠎ᠡ ᠪᠦᠲᠦᠬᠡᠯ ᠨᠢ ᠬᠦᠭᠵᠢᠯᠲᠡ ᠶᠢᠨ ᠲᠣᠲᠣᠭᠠᠳᠣ ᠬᠦᠴᠣᠨ ᠢ ᠰᠢᠯᠢᠳᠡᠭᠵᠢᠬᠦᠯᠵᠣ᠂ ᠬᠦᠭᠵᠢᠯᠲᠡ ᠶᠢᠨ ᠦᠷᠢᠰᠬᠦ ᠬᠦᠴᠤᠨ ᠢ ᠨᠡᠮᠡᠭᠳᠡᠬᠦᠯᠣᠭ᠍ᠰᠡᠨ ᠪᠠᠶᠢᠨ᠎ᠠ᠃    ᠨᠢᠭᠡ ᠵᠢᠯ ᠤᠨ ᠲᠣᠷᠰᠢ᠂ ᠪᠢᠳᠠ ᠴᠦᠬᠦᠷᠡᠰᠢ ᠦᠬᠡᠢ ᠪᠠᠷ ᠰᠣᠷᠲᠠᠯ ᠢᠶᠠᠨ ᠬᠤᠪᠢᠷᠠᠭᠤᠯᠣᠨ᠂ ᠪᠦᠲᠤᠮᠵᠢ ᠪᠠᠨ ᠲᠡᠭᠡᠭᠰᠢᠯᠡᠬᠦᠯᠵᠣ᠂ ᠵᠠᠰᠠᠭ ᠤᠨ ᠣᠷᠳᠣᠨ ᠤ  ᠬᠤᠪᠢ ᠪᠡᠶ᠎ᠡ ᠶᠢᠨ ᠪᠠᠶᠢᠭᠤᠯᠣᠯᠲᠠ ᠪᠠᠨ ᠲᠠᠰᠣᠷᠠᠯᠲᠠ ᠦᠬᠡᠢ ᠴᠢᠩᠭᠠᠳᠬᠠᠪᠠ᠃ ᠦᠨᠳᠣᠷ ᠪᠦᠲᠦᠮᠵᠢᠲᠠᠢ ᠪᠠᠷ ᠵᠠᠰᠠᠭ ᠶᠠᠪᠣᠭᠤᠯᠬᠤ᠂ ᠬᠠᠣᠯᠢ ᠶᠣᠰᠣᠭᠠᠷ ᠲᠣᠰᠢᠶᠠᠯ  ᠢᠶᠠᠨ ᠬᠦᠢᠴᠡᠳᠬᠡᠬᠦ ᠶᠢ ᠪᠠᠷᠢᠮᠲᠠᠯᠠᠵᠣ᠂ ᠬᠤᠰᠢᠭᠤ ᠨᠡᠮ ᠤᠨ ᠬᠤᠷᠢᠶᠠᠨ ᠤ ᠣᠳᠣᠷᠢᠳᠣᠯᠭ᠎ᠠ ᠶᠢ ᠰᠢᠭᠤᠷᠬᠠᠢ ᠬᠦᠯᠢᠶᠡᠨ᠂ ᠠᠷᠠᠤᠨ ᠤᠨ ᠲᠦᠯᠤᠬᠡᠯᠡᠭᠴᠢᠤᠨ ᠤᠨ ᠶᠡᠭᠡ ᠬᠤᠷᠠᠯ᠂ ᠤᠯᠤᠰ ᠲᠦᠷᠤ ᠶᠢᠨ ᠵᠦᠪᠯᠡᠯᠬᠡᠨ ᠪᠠ ᠣᠯᠠᠨ ᠲᠦᠮᠡᠨ ᠤ ᠬᠢᠨᠠᠯᠳᠠ ᠶᠢ ᠤᠬᠠᠮᠰᠠᠷ ᠠᠴᠠ ᠪᠠᠨ ᠬᠦᠯᠢᠶᠡᠪᠡ᠃ ᠵᠠᠰᠠᠭ ᠤᠨ ᠣᠷᠳᠣᠨ ᠤ ᠠᠵᠢᠯᠯᠠᠮᠵᠢ ᠶᠢᠨ ᠲᠦᠷᠢᠮᠵᠢᠬᠦᠯᠣᠯᠲᠡ ᠲᠡᠬᠡᠷ᠎ᠡ ᠬᠦᠴᠦ ᠲᠠᠯᠪᠢᠵᠣ᠂ ᠬᠤᠷᠠᠯ ᠤᠨ ᠲᠦᠷᠢᠮ᠂ AB ᠪᠠᠶᠢᠷᠢ ᠶᠢᠨ ᠠᠵᠢᠯ ᠤᠨ ᠬᠤᠪᠢᠶᠠᠷᠯᠠᠯ᠂ ᠵᠠᠰᠠᠭ ᠤᠨ ᠣᠷᠳᠣᠨ ᠤ ᠠᠵᠢᠯ ᠤᠨ ᠲᠦᠷᠢᠮ  ᠵᠡᠷᠬᠡ ᠲᠦᠷᠢᠮ ᠲᠣᠭᠲᠠᠴᠠ ᠶᠢ ᠲᠣᠭᠲᠠᠭᠠᠨ ᠲᠡᠬᠦᠯᠳᠡᠷᠵᠢᠬᠦᠯᠵᠣ᠂ ᠨᠠᠶᠢᠲᠠᠪᠣᠷᠢᠵᠢᠭᠤᠯᠣᠯᠲᠠ ᠶᠢ ᠠᠳᠬᠤᠬᠤ ᠲᠦᠷᠢᠮ ᠤᠨ ᠲᠣᠲᠠᠭᠤᠳᠠᠯ ᠢ ᠨᠦᠬᠦᠪᠣᠷᠢᠯᠡᠵᠣ᠂ ᠵᠠᠰᠠᠭ ᠤᠨ ᠣᠷᠳᠣᠨ ᠤ ᠬᠡᠷᠡᠭᠵᠢᠬᠦᠯᠬᠦ ᠬᠦᠴᠦᠨ ᠢ ᠢᠯᠡᠳᠲᠡ ᠲᠡᠭᠡᠭᠰᠢᠯᠡᠬᠦᠯᠪᠡ᠃ ᠰᠠᠨᠠᠭᠤᠯᠭ᠎ᠠ ᠲᠣᠷᠠᠳᠣᠯᠭ᠎ᠠ ᠶᠢ ᠬᠦᠢᠴᠡᠳᠬᠡᠬᠦ ᠠᠵᠢᠯ ᠢ ᠬᠢᠨᠠᠮᠠᠭᠠᠢ ᠬᠢᠵᠣ᠂ ᠠᠷᠠᠳ ᠤᠨ ᠲᠦᠯᠦᠬᠡᠯᠡᠭᠴᠢᠳ ᠤᠨ ᠰᠠᠨᠠᠯ ᠰᠠᠨᠠᠭᠤᠯᠭ᠎ᠠ ᠶᠢ 48᠂ ᠤᠯᠤᠰ ᠲᠦᠷᠤ ᠶᠢᠨ ᠵᠦᠪᠯᠡᠯᠬᠡᠨ ᠤ ᠬᠡᠰᠢᠬᠦᠳ ᠤᠨ ᠲᠣᠷᠠᠳᠣᠯᠭ᠎ᠠ ᠶᠢ 36 ᠬᠦᠢᠴᠡᠳᠬᠡᠵᠣ᠂ ᠬᠦᠢᠴᠡᠳᠬᠡᠯᠲᠡ 100% ᠳᠤ ᠬᠦᠷᠪᠡ︔ ︽ᠨᠠᠮ ᠠᠷᠠᠳ ᠤᠨ ᠲᠦᠯᠦᠬᠡᠯᠡᠭᠴᠢ ᠤᠯᠤᠰ ᠲᠦᠷᠤ ᠶᠢᠨ ᠵᠦᠪᠯᠡᠯᠬᠡᠨ ᠤ ᠬᠡᠰᠢᠬᠦᠳ︾ ᠤᠨ ᠪᠠᠶᠢᠴᠠᠭᠠᠨ ᠰᠣᠳᠣᠯᠣᠯᠲᠠ ᠶᠢᠨ ᠠᠵᠢᠯ ᠢ ᠴᠢᠬᠤᠯᠠᠴᠢᠯᠠᠨ᠂ ᠰᠠᠶᠢᠨ ᠰᠠᠨᠠᠭᠤᠯᠭ᠎ᠠ ᠰᠠᠶᠢᠨ ᠠᠷᠭ᠎ᠠ ᠬᠡᠮᠵᠢᠶ᠎ᠡ ᠶᠢ ᠴᠠᠭ ᠲᠣᠬᠠᠢ ᠳᠤ ᠨᠢ ᠬᠦᠯᠢᠶᠡᠨ ᠠᠪᠴᠣ᠂ ᠠᠵᠢᠯ ᠢ ᠵᠢᠯᠣᠭᠤᠳᠣᠨ ᠠᠬᠢᠭᠤᠯᠬᠤ ᠳᠤ ᠬᠡᠷᠡᠭᠯᠡᠪᠡ᠃ ᠵᠠᠰᠠᠭ ᠤᠨ ᠶᠠᠪᠣᠳᠠᠯ ᠤᠨ ᠢᠯᠡᠰᠢᠬᠦᠯᠣᠯᠲᠠ ᠶᠢ ᠲᠠᠰᠣᠷᠠᠯᠲᠠ ᠦᠬᠡᠢ ᠬᠦᠨᠵᠡᠬᠡᠶᠢᠷᠡᠬᠦᠯᠵᠣ᠂ ᠪᠦᠬᠦ ᠵᠢᠯ ᠳᠤ 15000 ᠭᠠᠷᠣᠢ ᠬᠤᠪᠢ ᠵᠠᠰᠠᠭ ᠤᠨ ᠣᠷᠳᠣᠨ ᠤ ᠮᠡᠳᠡᠭᠡ ᠵᠠᠩᠬᠢ ᠶᠢ ᠢᠯᠡᠰᠢᠬᠦᠯᠵᠣ᠂ ᠵᠠᠬᠢᠳᠠᠯ ᠰᠣᠷᠪᠣᠯᠵᠢᠯᠠᠭ᠎ᠠ᠂ ᠰᠦᠯᠵᠢᠶᠡᠨ ᠤ ᠢᠷᠭᠡᠳ ᠤᠨ ᠦᠯᠡᠳᠡᠬᠡᠭᠰᠡᠨ ᠦᠬᠡ ᠪᠣᠯᠣᠨ ᠰᠦᠯᠵᠢᠶᠡᠨ ᠲᠡᠬᠡᠷᠡᠬᠢ ᠡᠯ᠎ᠡ ᠲᠦᠷᠦᠯ ᠤᠨ ᠭᠤᠶᠣᠴᠢᠯᠠᠯ ᠢ 715 ᠬᠦᠢᠴᠡᠳᠬᠡᠵᠣ᠂ ᠬᠦᠢᠴᠡᠳᠬᠡᠯᠲᠡ 100% ᠳᠤ ᠬᠦᠷᠴᠣ᠂ ᠣᠯᠠᠨ ᠲᠦᠮᠡᠨ ᠤ ᠮᠡᠳᠡᠬᠦ᠂ ᠣᠷᠣᠯᠴᠠᠬᠤ ᠪᠠ ᠬᠢᠨᠠᠯᠲᠠ ᠲᠠᠯᠪᠢᠬᠤ ᠡᠷᠬᠡ ᠪᠦᠲᠦᠮᠵᠢᠲᠠᠢ ᠪᠠᠲᠣᠯᠠᠭᠳᠠᠪᠠ᠃ ︽ᠬᠤᠶᠠᠷ ᠢ ᠰᠣᠷᠣᠯᠴᠠᠵᠣ ᠬᠢᠷᠢ ᠲᠠᠩᠴᠡᠭᠰᠡᠨ ᠨᠠᠮ ᠤᠨ ᠬᠡᠰᠢᠬᠦᠨ ᠪᠣᠯᠬᠤ ︾ ᠰᠣᠷᠣᠯᠴᠠᠯᠭ᠎ᠠ ᠬᠦᠮᠦᠵᠢᠯ ᠢ ᠬᠦᠨᠵᠡᠬᠡᠢ ᠦᠷᠨᠢᠬᠦᠯᠵᠣ᠂ ᠰᠣᠷᠲᠠᠯ ᠤᠨ ᠪᠠᠶᠢᠭᠤᠯᠣᠯᠲᠠ ᠶᠢᠨ ᠬᠤᠯᠪᠣᠭᠳᠠᠯ ᠪᠦᠬᠦᠢ ᠲᠣᠭᠲᠠᠭᠠᠯ ᠢ ᠴᠢᠩᠭ᠎ᠠ ᠬᠡᠷᠡᠭᠵᠢᠬᠦᠯᠵᠣ᠂ ᠡᠷᠬᠡ ᠶᠢᠨ ᠠᠵᠢᠯᠯᠠᠮᠵᠢ ᠶᠢᠨ ᠬᠢᠨᠠᠯᠲᠠ ᠪᠣᠯᠣᠨ ᠰᠠᠯᠠᠭᠠᠨ ᠲᠠᠰ ᠤᠨ ᠣᠳᠣᠷᠢᠳᠬᠤ ᠺᠠᠳ᠋ᠷ ᠤᠨ ᠠᠵᠣ ᠠᠬᠤᠢ ᠶᠢᠨ ᠬᠠᠷᠢᠭᠤᠴᠠᠯᠭ᠎ᠠ᠂ ᠠᠮᠢ ᠠᠬᠤᠢ ᠵᠢᠨ‌ᠬᠠᠷᠢᠭᠤᠴᠠᠯᠭ᠎ᠠ ᠶᠢᠨ ᠬᠢᠨᠠᠨ ᠪᠣᠳᠣᠯᠲᠠ ᠶᠢ ᠴᠢᠩᠭᠠᠳᠬᠠᠵᠣ᠂ ᠠᠯᠪᠠᠲᠠᠳ ᠤᠨ ᠡᠩᠨᠡᠬᠡᠨ ᠤ ᠣᠯᠣᠰ ᠲᠦᠷᠦ ᠶᠢᠨ ᠣᠬᠠᠮᠰᠠᠷ᠂ ᠪᠦᠬᠦ ᠲᠠᠯ᠎ᠠ ᠶᠢᠨ ᠣᠬᠠᠮᠰᠠᠷ᠂  ᠭᠤᠣᠯᠯᠠᠭᠴᠢ ᠶᠢᠨ ᠣᠬᠠᠮᠰᠠᠷ᠂ ᠨᠢᠬᠡᠳᠣᠯᠲᠠᠢ ᠪᠠᠶᠢᠬᠤ ᠣᠬᠠᠮᠰᠠᠷ ᠪᠦᠬᠦ ᠲᠠᠯ᠎ᠠ ᠪᠠᠷ ᠲᠡᠬᠡᠭᠰᠢᠯᠡᠪᠡ᠃ ᠡᠳᠡᠬᠡᠷ ᠪᠣᠳᠠᠲᠠᠢ ᠪᠦᠲᠦᠮᠵᠢᠲᠠᠢ᠂ ᠦᠪᠡᠷ ᠢ ᠪᠠᠨ ᠲᠡᠬᠡᠭᠰᠢᠯᠡᠬᠦᠯᠬᠦ ᠠᠷᠭ᠎ᠠ ᠠᠪᠴᠠᠯ ᠨᠢ ᠬᠦᠭᠵᠢᠯᠲᠡ ᠶᠢᠨ ᠢᠳᠡᠬᠡᠯ ᠢ ᠬᠦᠪᠴᠢᠯᠡᠵᠣ᠂ ᠵᠠᠰᠠᠭ ᠤᠨ ᠣᠷᠳᠣᠨ ᠤ ᠢᠲᠡᠬᠡᠬᠦᠯᠬᠦ ᠬᠦᠴᠦᠨ ᠢ ᠨᠡᠮᠡᠭᠳᠡᠬᠦᠯᠣᠭ᠍ᠰᠡᠨ ᠪᠠᠶᠢᠨ᠎ᠠ᠃    ᠡᠬᠦᠨ ᠠᠴᠠ ᠭᠠᠳᠠᠨ᠎ᠠ᠂ ᠣᠯᠣᠰ ᠤᠨ ᠪᠠᠲᠣᠯᠠᠨ ᠬᠠᠮᠠᠭᠠᠯᠠᠯᠲᠠ ᠶᠢᠨ ᠲᠠᠶᠢᠴᠢᠯᠠᠯᠲᠠ᠂ ᠠᠷᠳᠴᠢᠯᠠᠯ ᠬᠠᠣᠯᠢ ᠲᠦᠷᠢᠮ᠂ ᠦᠨᠳᠣᠰᠣᠲᠡᠨ ᠱᠠᠰᠢᠨ ᠰᠣᠷᠲᠠᠬᠤᠨ᠂ ᠲᠤᠭ᠎ᠠ ᠪᠦᠷᠢᠳᠭᠡᠯ᠂ ᠲᠠᠩᠰᠠ ᠡᠪᠬᠡᠮᠡᠯ᠂ ᠠᠷᠠᠳ ᠤᠨ ᠠᠭᠠᠷ ᠰᠡᠷᠬᠡᠶᠢᠯᠡᠯᠲᠡ᠂ ᠴᠠᠭ ᠠᠭᠤᠷ᠂ ᠡᠮᠡᠭᠲᠡᠶᠢᠴᠣᠳ ᠬᠡᠣᠬᠡᠳ᠂ ᠨᠠᠰᠣᠲᠠᠶᠢᠴᠣᠳ ᠤᠨ ᠦᠢᠯᠡᠰ ᠵᠡᠷᠬᠡ ᠠᠵᠢᠯ ᠴᠦᠮ ᠢᠯᠡᠷᠬᠡᠢ ᠲᠠᠪᠰᠢᠯᠲᠠ ᠲᠠᠢ ᠪᠣᠯᠪᠠ᠃    ᠲᠥᠯᠥᠭᠡᠯᠡᠭᠴᠢᠳ ᠡ᠂ 2016 ᠤᠨ ᠬᠦᠭᠵᠢᠨ ᠪᠤᠵᠠᠭᠠᠶᠢᠷᠠᠭᠰᠡᠨ ᠤᠳᠤᠭ ᠤᠨ ᠡᠮᠤᠨᠡᠳᠤ ᠬᠤᠰᠢᠭᠤᠨ ᠳᠤ ᠠᠪᠴᠤ ᠬᠡᠯᠡᠪᠡᠯ ᠶᠡᠷᠤ ᠶᠢᠨ ᠪᠤᠰᠤ ᠨᠢᠬᠡ ᠵᠢᠯ ᠪᠤᠯᠤᠨ᠎ᠠ᠂ ᠪᠢᠳᠠ ᠪᠦᠳᠤᠴᠠ ᠶᠢ ᠳᠤᠬᠢᠷᠠᠭᠤᠯᠬᠤ᠂ ᠳᠤᠳᠠᠭᠤᠳᠠᠯ ᠢ ᠨᠦᠬᠦᠪᠤᠷᠢᠯᠡᠬᠦ᠂ ᠬᠡᠯᠪᠡᠷᠢ ᠶᠢᠨ ᠬᠤᠪᠢᠷᠠᠭᠤᠯᠤᠯᠳᠠ ᠶᠢ ᠠᠬᠢᠭᠤᠯᠬᠤ ᠳᠤ ᠪᠠᠨ ᠠᠷᠠᠤᠨ ᠤᠨ ᠠᠮᠢᠳᠤᠷᠠᠯ ᠢ ᠡᠷᠴᠢᠮ ᠲᠠᠢ ᠰᠠᠶᠢᠵᠢᠷᠠᠭᠤᠯᠵᠤ᠂ ᠬᠦᠭᠵᠢᠯᠳᠠ ᠶᠢᠨ ᠳᠡᠰ ᠳᠡᠪᠬᠤᠷᠭ᠎ᠠ ᠶᠢ ᠳᠡᠬᠡᠭᠰᠢᠯᠡᠬᠦᠯᠤᠨ᠂ ᠭᠠᠵᠠᠷ ᠤᠷᠤᠨ ᠤ ᠬᠡᠪ ᠲᠦᠷᠬᠦ ᠶᠢ ᠢᠯᠡᠷᠡᠬᠦᠯᠦᠭᠰᠡᠨ ᠨᠢᠬᠡ ᠵᠢᠯ ᠪᠤᠯᠤᠨ᠎ᠠ᠃ ᠡᠨᠡ ᠵᠢᠯ ᠳᠤ ᠪᠢᠳᠠ ᠤᠷᠢᠤᠨᠴᠢᠯᠠᠨ ᠰᠦᠪᠡᠭᠴᠢᠯᠡᠵᠤ ᠨᠠᠷᠢᠯᠢᠭ ᠲᠦᠯᠤᠪᠯᠡᠨ᠂ ᠨᠢᠬᠡ ᠪᠦᠯᠦᠭ ᠤᠳᠤᠬᠠᠨ ᠳᠤ ᠳᠤᠰᠠᠳᠠᠢ ᠠᠯᠤᠰ ᠲᠤ ᠠᠰᠢᠭᠳᠠᠢ ᠴᠢᠬᠤᠯᠠ ᠤᠴᠢᠷ ᠢ ᠪᠦᠳᠤᠬᠡᠪᠠ︔ ᠡᠨᠡ ᠵᠢᠯ ᠪᠢᠳᠠ  ᠭᠠᠪᠰᠢᠭᠠᠶᠢᠯᠠᠨ ᠤᠷᠤᠭᠰᠢᠯᠠᠵᠤ ᠭᠠᠷᠮᠠᠭᠠᠶᠢᠯᠠᠨ ᠵᠢᠤᠨᠬᠦᠵᠤ᠂ ᠨᠢᠬᠡ ᠪᠦᠯᠦᠭ ᠨᠦᠯᠤᠬᠡ ᠶᠡᠭᠡ ᠳᠠᠪᠬᠤᠷᠭ᠎ᠠ ᠬᠦᠨ ᠠᠰᠠᠭᠤᠳᠠᠯ ᠢ ᠰᠢᠢᠤᠨᠪᠤᠷᠢᠯᠡᠪᠠ︔ ᠡᠨᠡ ᠵᠢᠯ ᠪᠢᠳᠠ ᠠᠷᠭ᠎ᠠ ᠠᠪᠴᠠᠯ ᠢᠶᠠᠨ ᠰᠢᠨᠡᠴᠢᠯᠠᠨ ᠰᠢᠷᠭᠠᠭᠤ ᠬᠠᠳᠠᠭᠤᠵᠢᠯᠳᠠᠢ ᠠᠵᠢᠯᠯᠠᠨ᠂ ᠨᠢᠬᠡ ᠪᠦᠯᠦᠭ ᠲᠦᠮᠡᠨ ᠤ ᠰᠠᠨᠠᠭᠠᠨ ᠳᠤ ᠨᠠᠶᠢᠴᠡᠵᠤ᠂ ᠠᠷᠠᠤᠨ ᠤᠨ ᠰᠡᠤᠨᠬᠢᠯ ᠢ ᠤᠯᠤᠭᠰᠡᠨ ᠪᠤᠳᠠᠳᠤ ᠤᠴᠢᠷ ᠪᠦᠳᠤᠬᠡᠵᠤ᠂ ᠬᠦᠭᠵᠢᠯᠳᠠ ᠶᠢᠨ ᠬᠠᠮ ᠬᠦᠴᠤᠨ ᠤᠷᠢᠤᠨ ᠦᠬᠡᠢ ᠨᠢᠭᠳᠠᠷᠠᠵᠤ᠂ ᠬᠦᠭᠵᠢᠯᠳᠠ ᠶᠢᠨ  ᠬᠦᠴᠤᠨ ᠨᠠᠩ ᠴᠢᠩᠭᠠᠷᠠᠪᠠ᠃ ᠪᠡᠷᠬᠡ ᠶᠢ ᠢᠯᠠᠭᠰᠠᠨ ᠬᠠᠳᠠᠭᠤᠵᠢᠯ᠂ ᠴᠢᠷᠮᠠᠶᠢᠯᠭ᠎ᠠ ᠨᠢ ᠬᠤᠰᠢᠭᠤ ᠨᠠᠮ ᠤᠨ ᠬᠤᠷᠢᠶ᠎ᠠ ᠶᠢᠨ ᠰᠢᠨᠵᠢᠯᠡᠬᠦ ᠣᠬᠠᠭᠠᠨᠴᠢ ᠰᠢᠢᠳᠪᠣᠷᠢ ᠪᠣᠯᠣᠨ ᠬᠦᠴᠦᠳᠦ ᠣᠳᠣᠷᠢᠳᠣᠯᠭ᠎ᠠ᠂ ᠬᠤᠰᠢᠭᠤ ᠠᠷᠠᠤᠨ ᠤᠨ ᠲᠦᠯᠤᠬᠡᠯᠡᠭᠴᠢᠤᠨ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ᠂ ᠤᠯᠤᠰ ᠲᠦᠷᠤ ᠶᠢᠨ ᠵᠦᠪᠯᠡᠯᠬᠡᠨ ᠪᠣᠯᠣᠨ ᠨᠡᠶᠢᠬᠡᠮ ᠤᠨ ᠡᠯ᠎ᠡ ᠡᠲᠡᠭᠡᠳ ᠤᠨ ᠬᠢᠨ ᠤ ᠪᠦᠬᠦ ᠲᠠᠯ᠎ᠠ ᠶᠢᠨ ᠬᠢᠨᠠᠯᠲᠠ ᠪᠠ ᠬᠦᠴᠣᠲᠣ ᠲᠡᠮᠵᠢᠯᠭᠡ᠂ ᠪᠦᠬᠦ ᠬᠤᠰᠢᠭᠤᠨ ᠤ  ᠺᠠᠳ᠋ᠷ ᠣᠯᠠᠨ ᠲᠦᠮᠡᠨ ᠤ ᠪᠦᠯᠬᠦᠮᠳᠡᠯ ᠬᠠᠮᠵᠢᠯᠴᠠᠭ᠎ᠠ ᠪᠣᠯᠣᠨ ᠰᠢᠷᠭᠠᠭᠤ ᠲᠡᠮᠡᠴᠡᠯ ᠠᠴᠠ ᠰᠠᠯᠣᠰᠢ ᠦᠬᠡᠢ ᠶᠣᠮ᠃ ᠠᠳᠠ ᠪᠢ ᠬᠤᠰᠢᠭᠤ ᠠᠷᠠᠳ  ᠤᠨ ᠵᠠᠰᠠᠭ ᠤᠨ ᠣᠷᠳᠣᠨ ᠢ ᠲᠦᠯᠦᠭᠡᠯᠡᠨ᠂ ᠪᠦᠬᠦ ᠬᠤᠰᠢᠭᠤᠨ ᠤ ᠠᠷᠠᠳ ᠲᠦᠮᠡᠨ᠂ ᠠᠷᠠᠳ ᠤᠨ ᠲᠦᠯᠦᠭᠡᠯᠡᠭᠴᠢᠳ᠂ ᠣᠯᠣᠰ ᠲᠦᠷᠦ ᠶᠢᠨ ᠵᠦᠪᠯᠡᠯᠭᠡᠨ ᠤ ᠭᠡᠰᠢᠭᠦᠳ᠂ ᠤᠲᠤᠭ ᠤᠨ ᠡᠮᠤᠨᠡᠲᠤ ᠬᠤᠰᠢᠭᠤᠨ ᠤ ᠬᠦᠭᠵᠢᠯᠲᠡ ᠶᠢ ᠬᠠᠯᠠᠮᠵᠢᠯᠠᠨ ᠲᠡᠮᠵᠢᠭᠰᠡᠭᠡᠷ ᠢᠷᠡᠭᠰᠡᠨ ᠨᠠᠶᠢᠵᠠ ᠨᠦᠬᠦᠳ ᠲᠤ ᠡᠷᠬᠢᠮ ᠳᠡᠭᠡᠲᠤ ᠮᠡᠨᠳᠤᠴᠢᠯᠠᠯ ᠪᠤᠯᠤᠨ ᠴᠢᠩ ᠰᠡᠳᠬᠢᠯ ᠤᠨ ᠲᠠᠯᠠᠷᠬᠠᠯ ᠢᠶᠠᠨ ᠳᠡᠪᠰᠢᠬᠦᠯᠵᠤ ᠪᠠᠶᠢᠨ᠎ᠠ᠃     ᠨᠢᠬᠡ ᠵᠢᠯ ᠤᠨ ᠠᠵᠢᠯ ᠢᠶᠠᠨ ᠡᠷᠬᠢᠴᠡᠬᠦᠯᠬᠦ ᠳᠤ  ᠂ ᠪᠢᠲᠡ ᠵᠠᠰᠠᠭ ᠤᠨ ᠣᠷᠳᠣᠨ ᠤ ᠠᠵᠢᠯ ᠪᠣᠯᠣᠨ ᠠᠵᠣ ᠠᠬᠤᠢ ᠨᠡᠶᠢᠬᠡᠮ ᠤᠨ ᠬᠦᠭᠵᠢᠯᠳᠠ ᠶᠢᠨ ᠲᠣᠮᠳᠠ ᠲᠣᠯᠭᠠᠷᠠᠵᠣ ᠪᠠᠶᠢᠭ᠎ᠠ‌ᠣᠮᠳᠣᠭᠠᠶᠢᠯᠠᠵᠣ ᠪᠣᠯᠣᠰᠢ ᠦᠬᠡᠢ ᠠᠰᠠᠭᠤᠳᠠᠯ ᠢ ᠰᠡᠷᠭᠡᠭ ᠢᠶᠠᠷ ᠲᠠᠨᠢᠬᠤ ᠬᠡᠷᠡᠭᠲᠡᠢ᠃ ᠭᠤᠣᠯᠳᠠᠭᠤ᠄ ᠨᠡᠬᠦᠷᠡᠰᠣ ᠵᠡᠷᠬᠡ ᠡᠬᠢ ᠪᠠᠶᠠᠯᠢᠭ ᠤᠨ ᠬᠡᠯᠪᠡᠷᠢ ᠶᠢᠨ ᠠᠵᠣ ᠦᠢᠯᠡᠰ ᠤᠨ ᠲᠦᠷᠦᠯ ᠵᠦᠢᠯ ᠬᠤᠷᠸ᠎ᠠ ᠠᠵᠣ ᠠᠬᠤᠢ ᠶᠢᠨ ᠨᠦᠯᠦᠬᠡᠯᠡᠯ ᠢᠶᠠᠷ ᠬᠡᠰᠡᠭ ᠦᠢᠯᠡᠳᠪᠣᠷᠢᠯᠡᠯ ᠪᠠᠶᠢᠭᠤᠯᠣᠯᠲᠠ ᠵᠣᠭᠰᠣᠵᠣ᠂ ᠰᠢᠨ᠎ᠠ ᠲᠦᠷᠤᠯ ᠵᠦᠢᠯ ᠬᠠᠷᠢᠴᠠᠩᠭᠤᠢ ᠴᠦᠬᠡᠷᠡᠵᠤ᠂ ᠠᠵᠣ ᠠᠬᠤᠢ ᠳᠤ ᠦᠵᠡᠬᠦᠯᠬᠦ ᠲᠣᠯᠭᠠᠭᠤᠷᠢᠯᠠᠬᠤ ᠬᠦᠴᠦᠨ᠂ ᠬᠤᠪᠢ ᠨᠡᠮᠡᠷᠢ ᠢᠯᠡᠷᠬᠡᠢ ᠪᠠᠭᠤᠷᠠᠪᠠ︔ ᠮᠠᠯ ᠲᠠᠷᠢᠶᠠᠯᠠᠩ ᠤᠨ ᠪᠦᠲᠦᠴᠡ ᠶᠢᠨ ᠲᠣᠬᠢᠷᠠᠭᠤᠯᠣᠯᠲᠠ ᠰᠢᠯᠢᠳᠡᠭᠵᠢᠭᠰᠡᠨ ᠪᠣᠯᠪᠠᠴᠣ ᠲᠣᠯᠣᠭᠠᠶᠢᠯᠠᠭᠴᠢ ᠠᠵᠣ ᠠᠬᠤᠶᠢᠯᠠᠯ ᠤᠨ ᠲᠠᠶᠢᠴᠢᠯᠠᠬᠤ ᠬᠦᠴᠦᠨ ᠪᠠᠭᠤᠷᠡᠢ᠂ ᠨᠡᠷᠡᠲᠣ ᠲᠡᠮᠲᠡᠭ ᠤᠨ ᠠᠯᠳᠠᠷᠰᠢᠯ ᠠᠨᠠᠢ᠂ ᠵᠠᠬ᠎ᠠ ᠲᠡᠯᠬᠡᠬᠦᠷ ᠡᠵᠡᠯᠡᠬᠦ ᠨᠣᠷᠮ᠎ᠠ ᠲᠣᠣᠷ᠎ᠠ ᠪᠠᠶᠢᠭ᠎ᠠ ᠪᠠᠶᠢᠳᠠᠯ ᠦᠨᠳᠣᠰᠣᠨ ᠠᠴᠠ ᠪᠠᠨ ᠬᠤᠪᠢᠷᠠᠭᠠᠳᠣᠢ᠂ ᠮᠠᠯᠴᠢᠨ ᠲᠠᠷᠢᠶᠠᠴᠢᠨ ᠤ ᠣᠷᠣᠯᠭ᠎ᠠ ᠶᠢᠨ ᠲᠣᠭᠲᠠᠭᠤᠨ ᠨᠡᠮᠡᠭᠳᠡᠯ ᠤᠨ ᠲᠣᠭᠲᠠᠴᠠ ᠬᠠᠷᠬᠠᠨ ᠪᠦᠷᠢᠯᠳᠣᠬᠡᠳᠣᠢ ᠪᠣᠢ︔ ᠣᠳᠣ ᠦᠶ᠎ᠡ ᠶᠢᠨ ᠦᠢᠯᠡᠴᠢᠯᠡᠬᠡᠨ ᠤ ᠦᠢᠯᠡᠰ ᠪᠣᠯᠣᠨ ᠰᠢᠨ᠎ᠡ ᠬᠦᠭᠵᠢᠭᠰᠡᠨ ᠠᠵᠣ ᠦᠢᠯᠡᠰ ᠤᠨ ᠬᠡᠪᠴᠢᠶᠡᠵᠢᠯ ᠪᠠᠭ᠎ᠠ᠂ ᠲᠡᠰ ᠲᠣᠣᠷ᠎ᠠ ᠪᠠᠶᠢᠵᠣ᠂ ᠣᠬᠤᠷᠬᠠᠨ ᠬᠤᠭᠤᠴᠠᠭᠠᠨ ᠲᠣᠲᠣᠷ᠎ᠠ ᠦᠷᠢᠰᠬᠦ ᠬᠦᠴᠦᠨ ᠪᠦᠷᠢᠯᠳᠣᠵᠣ ᠲᠡᠶᠢᠯᠬᠦ ᠦᠬᠡᠢ ᠪᠣᠢ︔ ᠣᠷᠣᠨ ᠬᠡᠪᠴᠢᠶᠡᠨ ᠤ ᠬᠠᠮᠲᠣᠷᠠᠯᠴᠠᠭ᠎ᠠ ᠶᠢᠨ ᠬᠦᠭᠵᠢᠯᠲᠡ ᠶᠢ ᠠᠬᠢᠭᠤᠯᠬᠤ ᠴᠢᠳᠠᠪᠣᠷᠢ ᠲᠣᠳᠠᠮᠠᠭ᠂ ᠬᠦᠬᠡᠬᠤᠲᠠ ᠪᠣᠭᠤᠲᠣ ᠣᠷᠳᠣᠰ ᠪᠣᠯᠣᠨ ᠢᠷᠭᠠᠢ ᠶᠢᠨ ᠠᠵᠣ ᠠᠬᠤᠢ ᠶᠢᠨ ᠲᠣᠭᠤᠷᠢᠭ ᠯᠤᠭ᠎ᠠ ᠶᠢᠨ ᠠᠭᠤᠰᠣᠯᠴᠠᠯ ᠬᠠᠷᠬᠠᠨ ᠨᠡᠩ ᠣᠯᠠᠨ ᠪᠣᠳᠠᠲᠣ ᠦᠷ᠎ᠡ ᠪᠦᠲᠤᠮᠵᠢ ᠣᠯᠣᠭᠠᠳᠣᠢ ᠪᠣᠢ︔ ᠡᠳᠡᠭᠡᠷ ᠠᠰᠠᠭᠤᠳᠠᠯ ᠳᠤ  ᠪᠢᠲᠠ ᠵᠦᠪ ᠬᠠᠨᠳᠣᠵᠣ᠂ ᠵᠣᠷᠢᠭᠲᠠᠢ ᠡᠬᠦᠷᠬᠡᠯᠡᠨ᠂ ᠬᠢᠨᠠᠮᠠᠭᠠᠢ ᠰᠢᠢᠳᠪᠣᠷᠢᠯᠡᠵᠣ᠂ ᠳᠠᠷᠬᠠᠨ ᠬᠠᠷᠢᠭᠤᠴᠠᠯᠭ᠎ᠠ ᠪᠠᠨ ᠭᠤᠲᠣᠭᠠᠬᠤ ᠦᠬᠡᠢ᠂ ᠬᠦᠨᠳᠣ ᠨᠠᠶᠢᠳᠠᠯᠭ᠎ᠠ ᠶᠢ ᠬᠦᠰᠡᠷᠳᠡᠬᠦᠯᠬᠦ ᠦᠬᠡᠢ  ᠃    ᠬᠤᠶᠠᠷ᠂ 2017 ᠤᠨ ᠤ ᠠᠵᠢᠯ ᠤᠨ ᠪᠠᠶᠢᠷᠢᠯᠠᠭᠤᠯᠤᠯᠳᠠ     ᠥᠨᠥ ᠵᠢᠯ ᠪᠤᠯ ᠲᠤᠰ ᠡᠭᠡᠯᠵᠢ ᠶᠢᠨ ᠵᠠᠰᠠᠭ ᠤᠨ ᠤᠷᠳᠤᠨ ᠤ ᠳᠤᠰᠢᠶᠠᠯ ᠤᠨ ᠬᠤᠭᠤᠴᠠᠭ᠎ᠠ ᠬᠦᠢᠴᠡᠬᠦ ᠤᠨ ᠮᠥᠷᠳᠡᠭᠡᠨ ᠬᠠᠩᠭᠠᠯᠭ᠎ᠠ ᠶᠢᠨ ᠳᠠᠯ᠎ᠠ ᠶᠢᠨ ᠪᠦᠳᠤᠴᠠ ᠶᠢᠨ ᠴᠢᠨᠠᠷᠳᠠᠢ ᠦᠬᠡᠷᠡᠴᠢᠯᠠᠯᠳᠠ ᠶᠢ ᠬᠦᠨᠵᠡᠬᠡᠶᠢᠷᠡᠬᠦᠯᠬᠦ ᠵᠢᠯ᠂ ᠨᠠᠩ ᠴᠤ ︽ᠥᠭᠬᠢᠶᠡᠮᠥᠷ ᠨᠠᠶᠢᠷᠠᠮᠳᠠᠭᠤ ᠲᠠᠯ᠎ᠠ ᠨᠤᠳᠤᠭ᠂ ᠥᠵᠡᠰᠭᠦᠯᠡᠩᠲᠦ ᠰᠠᠶᠢᠬᠠᠨ ᠡᠮᠥᠨᠡᠳᠥ ᠤᠳᠤᠭ︾ ᠤᠨ ᠴᠤᠭᠴᠠᠯᠠᠯᠳᠠ ᠶᠢ ᠴᠢᠩᠭᠠᠳᠬᠠᠬᠤ ᠵᠠᠩᠬᠢᠯᠠᠭ᠎ᠠ ᠶᠢᠨ ᠵᠢᠯ ᠶᠤᠮ᠂ 2017 ᠤᠨ ᠤ ᠡᠯ᠎ᠡ ᠠᠵᠢᠯ ᠢᠶᠠᠨ ᠰᠠᠶᠢᠳᠤᠷ ᠪᠡᠶᠡᠯᠡᠭᠦᠯᠭᠦ ᠨᠢ ᠤᠳᠬ᠎ᠠ ᠴᠢᠬᠤᠯᠠ ᠨᠥᠯᠥᠭᠡ ᠭᠥᠨ ᠪᠤᠢ᠃ ᠤᠳᠤᠬᠠᠨ ᠳᠤ᠂ ᠬᠤᠷᠸ᠎ᠠ ᠠᠵᠤ ᠠᠬᠤᠢ ᠶᠢᠨ ᠬᠠᠨᠳᠤᠰᠢ ᠶᠢᠨ ᠴᠢᠨᠠᠷᠳᠠᠢ ᠲᠥᠭᠰᠢᠭᠦᠷᠢ ᠨᠥᠯᠥᠭᠡ ᠶᠡᠬᠡᠬᠡᠨ ᠪᠠᠶᠢᠭ᠎ᠠ ᠮᠥᠷᠳᠡᠭᠡᠨ ᠪᠢᠳᠠᠨ ᠳᠤ ᠳᠤᠯᠭᠠᠷᠠᠵᠤ ᠪᠠᠶᠢᠭ᠎ᠠ ᠭᠥᠭᠵᠢᠭᠦᠯᠥᠯᠳᠡ ᠶᠢᠨ ᠪᠠᠶᠢᠳᠠᠯ ᠮᠥᠨ ᠪᠤᠳᠤᠯᠢᠶᠠᠨ ᠶᠡᠭᠡᠳᠡᠢ ᠬᠡᠪ ᠲᠡᠭᠡᠨ ᠪᠠᠶᠢᠵᠤ᠂ ᠠᠰᠢᠭᠳᠠᠢ ᠠᠰᠢᠭ ᠥᠭᠡᠢ ᠨᠥᠭᠦᠴᠡᠯ ᠬᠢᠭᠡᠳ ᠠᠬᠢᠭᠤᠯᠬᠤ ᠰᠠᠭᠠᠳᠠᠭᠤᠯᠬᠤ ᠭᠥᠴᠥᠨ ᠵᠡᠷᠭᠡᠳᠡ ᠤᠷᠤᠰᠢᠵᠤ ᠪᠠᠶᠢᠭ᠎ᠠ ᠤᠴᠢᠷ ᠠᠴᠠ ᠯᠠᠪᠳᠠᠭᠤᠨ ᠤᠷᠤᠭᠰᠢᠯᠠᠵᠤ ᠭᠥᠭᠵᠢᠯᠳᠡ ᠶᠢ ᠡᠷᠢᠯᠬᠢᠯᠡᠭᠦ ᠨᠢ ᠤᠯᠤᠰ ᠤᠨ ᠬᠤᠷᠸ᠎ᠠ ᠲᠤᠬᠢᠷᠠᠭᠤᠯᠤᠯᠳᠠ ᠶᠢᠨ ᠲᠥᠷᠥ ᠶᠢᠨ ᠪᠤᠳᠤᠯᠭ᠎ᠠ ᠪᠠ ᠬᠤᠰᠢᠭᠤᠨ ᠤ ᠠᠵᠢᠯ ᠢ ᠰᠥᠪᠡᠭᠴᠢᠯᠡᠨ ᠠᠬᠢᠭᠤᠯᠬᠤ ᠳᠤ ᠴᠥᠮ ᠨᠡᠶᠢᠴᠡᠬᠦ ᠲᠤᠬᠢᠳᠠᠢ ᠰᠤᠩᠭᠤᠯᠳᠠ ᠶᠤᠮ᠃ ᠡᠭᠦᠨ ᠤ ᠬᠠᠮᠳᠤ᠂ ᠬᠠᠩᠭᠠᠯᠭ᠎ᠠ ᠶᠢᠨ ᠲᠠᠯ᠎ᠠ ᠶᠢᠨ ᠪᠥᠳᠥᠴᠡ ᠶᠢᠨ ᠴᠢᠨᠠᠷᠳᠠᠢ ᠦᠬᠡᠷᠡᠴᠢᠯᠠᠯᠳᠠ ᠶᠢ ᠭᠥᠨᠵᠡᠭᠡᠶᠢᠷᠡᠭᠦᠯᠭᠦ ᠪᠠ ᠬᠥᠬᠡᠬᠤᠳᠠ ᠪᠤᠭᠤᠲᠤ ᠤᠷᠳᠤᠰ ᠤᠷᠤᠨ ᠤ ᠵᠤᠬᠢᠴᠠᠯᠳᠠᠢ ᠪᠠᠷ ᠬᠠᠮᠳᠤᠷᠠᠨ ᠭᠥᠭᠵᠢᠭᠦ ᠪᠠᠶᠢᠯᠳᠤᠬᠤ ᠪᠤᠳᠤᠯᠭ᠎ᠠ ᠶᠢ ᠬᠡᠷᠡᠭᠵᠢᠭᠦᠯᠭᠦ ᠨᠢ ᠮᠠᠨ ᠤ ᠠᠵᠤ ᠠᠬᠤᠢ ᠶᠢᠨ ᠭᠥᠭᠵᠢᠯᠳᠡ ᠳᠤ ᠲᠥᠯᠬᠢᠴᠡ ᠬᠥᠴᠥᠨ ᠠᠪᠴᠢᠷᠠᠬᠤ ᠪᠠᠷ ᠪᠠᠷᠠᠬᠤ ᠥᠭᠡᠢ ᠭᠥᠭᠵᠢᠭᠦᠯᠭᠦ ᠠᠷᠭ᠎ᠠ ᠬᠡᠯᠪᠡᠷᠢ ᠪᠠ ᠪᠥᠳᠥᠴᠡ ᠪᠥᠷᠢᠯᠳᠥᠴᠡ ᠳᠤ ᠴᠤ ᠬᠤᠪᠢᠷᠠᠯᠳᠠ ᠭᠠᠷᠭᠠᠨ᠂ ᠪᠥᠳᠥᠴᠡ  ᠳᠤ ᠲᠤᠬᠢᠷᠠᠭᠤᠯᠤᠯ ᠬᠢᠭᠦ᠂ ᠲᠤᠳᠠᠭᠤᠳᠠᠯ ᠢ ᠨᠥᠭᠦᠪᠥᠷᠢᠯᠡᠭᠦ᠂ ᠠᠷᠠᠳ ᠢ ᠬᠠᠷᠠᠭᠠᠯᠵᠠᠬᠤ ᠵᠡᠷᠭᠡ ᠳᠤ ᠲᠥᠷᠥ ᠶᠢᠨ ᠪᠤᠳᠤᠯᠭ᠎ᠠ ᠶᠢᠨ ᠬᠠᠷᠠᠭᠠᠯᠵᠠᠯ ᠠᠪᠴᠢᠷᠠᠬᠤ ᠲᠤᠯᠠ᠂ ᠪᠢᠳᠠᠨ ᠤ ᠲᠤᠬᠢᠶᠠᠯ ᠢ ᠡᠵᠡᠮᠳᠡᠨ ᠭᠥᠭᠵᠢᠯᠳᠡ ᠶᠢ ᠠᠬᠢᠭᠤᠯᠵᠤ᠂ ᠯᠠᠪᠳᠠᠭᠤᠨ ᠢ ᠡᠷᠬᠢᠮᠯᠡᠨ ᠴᠢᠨᠠᠷᠳᠠᠢ ᠤᠷᠤᠭᠰᠢᠯᠠᠬᠤ ᠳᠤ ᠠᠰᠤᠷᠤ ᠶᠡᠭᠡ ᠤᠷᠤᠨ ᠵᠠᠢ ᠬᠠᠩᠭᠠᠭᠰᠠᠨ ᠪᠠᠶᠢᠨ᠎ᠠ᠃ ᠮᠠᠨ ᠤ ᠬᠤᠰᠢᠭᠤ ᠡᠬᠢ ᠪᠠᠶᠠᠯᠢᠭ ᠤᠨ ᠴᠢᠨᠠᠷᠳᠤ ᠭᠥᠭᠵᠢᠵᠥ ᠪᠠᠶᠢᠭ᠎ᠠ ᠤᠷᠤᠨ ᠳᠤ ᠬᠠᠮᠤᠷᠤᠭᠳᠠᠬᠤ ᠪᠥᠭᠡᠳ ᠠᠵᠤ ᠠᠬᠤᠢ ᠥᠰᠥᠨ ᠪᠤᠵᠠᠭᠠᠶᠢᠷᠠᠬᠤ ᠬᠤᠭᠤᠴᠠᠭᠠᠨ ᠳᠤ ᠪᠠᠶᠢᠬᠤ ᠪᠤᠯᠬᠤᠷ ᠠᠵᠤ ᠠᠬᠤᠢ ᠶᠢᠨ ᠪᠤᠳᠠᠳᠤ ᠬᠥᠴᠥᠨ᠂ ᠭᠥᠭᠵᠢᠯᠳᠡ ᠶᠢᠨ ᠨᠥᠭᠡᠴᠡ ᠬᠥᠴᠥᠨ ᠪᠠ ᠶᠡᠷᠥᠩᠭᠡᠶᠢᠯᠡᠭᠰᠡᠨ ᠥᠷᠢᠰᠭᠦ ᠭᠥᠴᠥᠨ ᠡᠳᠥᠷ ᠢᠷᠡᠭᠦᠶ᠎ᠡ ᠴᠢᠩᠭᠠᠳᠴᠤ᠂ ᠭᠥᠭᠵᠢᠯᠳᠡ ᠶᠢᠨ ᠲᠠᠯᠳᠠ ᠭᠥᠴᠥᠨ ᠢᠶᠠᠨ ᠢᠯᠡᠷᠡᠭᠦᠯᠥᠨ᠂ ᠯᠠᠪᠳᠠᠭᠤᠨ ᠴᠢᠨᠠᠷᠳᠠᠢ ᠥᠷ᠎ᠡ ᠠᠰᠢᠭᠳᠠᠢ ᠭᠥᠭᠵᠢᠭᠦ ᠶᠢᠨ ᠰᠠᠭᠤᠷᠢ ᠭᠥᠴᠥᠨ ᠨᠡᠩ ᠪᠠᠳᠤᠳᠴᠤ᠂ ᠢᠷᠡᠭᠡᠳᠥᠢ ᠤᠯᠠᠮ ᠰᠠᠷᠠᠭᠤᠯ ᠪᠤᠯᠬᠤ ᠨᠢ ᠲᠠᠮᠵᠢᠭ ᠥᠭᠡᠢ᠃ ᠪᠢᠳᠠ ᠡᠷᠭᠡᠪᠰᠢ ᠪᠤᠳᠠᠳᠤ ᠪᠠᠶᠢᠳᠠᠯ ᠳᠤ ᠰᠠᠭᠤᠷᠢᠯᠠᠨ ᠠᠯᠤᠰ ᠤᠨ ᠬᠠᠷᠠᠭ᠎ᠠ ᠲᠠᠢ ᠪᠠᠷ ᠬᠥᠴᠥᠯᠡᠨ ᠤᠷᠤᠭᠰᠢᠯᠠᠵᠤ᠂ ᠨᠠᠩ ᠭᠥᠭᠵᠢᠭᠦᠨ ᠪᠠᠳᠠᠷᠠᠩᠭᠤᠢ ᠵᠤᠷᠢᠭ᠂ ᠨᠠᠩ ᠪᠤᠳᠠᠳᠠᠢ ᠲᠠᠢ ᠤᠶᠠᠯᠳᠤᠭᠤᠯᠤᠭᠰᠠᠨ ᠠᠷᠭ᠎ᠠ ᠲᠥᠰᠥᠯ ᠢᠶᠠᠷ ᠭᠥᠭᠵᠢᠯᠳᠡ ᠶᠢᠨ ᠤᠬᠢ ᠰᠠᠶᠢᠨ ᠪᠠᠶᠢᠳᠠᠯ ᠢ ᠥᠷᠭᠦᠯᠵᠢᠯᠡᠭᠦᠯᠥᠨ᠂ ᠥᠢᠯᠡᠰ ᠤᠨ ᠰᠠᠴᠤᠷᠠᠩᠭᠤᠢ ᠠᠮᠵᠢᠯᠳᠠ ᠶᠢ ᠴᠤᠭᠴᠠᠯᠠᠰᠤᠭᠠᠢ᠃     ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠪᠤᠯᠤᠨ ᠠᠷᠪᠠᠨ ᠨᠠᠢᠮᠠᠳᠤᠭᠠᠷ ᠬᠤᠭᠤᠴᠠᠭᠠᠨ ᠤ ᠭᠤᠷᠪᠠᠳᠤᠭᠠᠷ᠂ ᠲᠥᠷᠪᠡᠳᠥᠭᠡᠷ᠂ ᠲᠠᠪᠤᠳᠤᠭᠠᠷ᠂ ᠵᠢᠷᠭᠤᠳᠤᠭᠠᠷ ᠪᠥᠭᠦᠳᠡ ᠬᠤᠷᠠᠯᠳᠤᠭᠠᠨ ᠤ ᠵᠤᠷᠢᠭ ᠰᠠᠨᠠᠭ᠎ᠠ ᠬᠢᠭᠡᠳ ᠥᠪᠡᠷᠳᠡᠭᠡᠨ ᠵᠠᠰᠠᠬᠤ ᠤᠷᠤᠨ᠂ ᠬᠤᠳᠠ᠂ ᠬᠤᠰᠢᠭᠤᠨ ᠤ ᠪᠥᠭᠦᠳᠡ ᠬᠤᠷᠠᠯ ᠤᠳ ᠤᠨ ᠵᠤᠷᠢᠭ ᠰᠠᠨᠠᠭ᠎ᠠ ᠢ ᠭᠥᠨᠵᠡᠭᠡᠢ ᠲᠤᠤᠱᠯᠠᠭᠤᠯᠤᠨ ᠨᠠᠶᠢᠳᠠᠪᠤᠷᠢᠵᠢᠭᠤᠯᠤᠨ᠎ᠠ᠃ ᠥᠨᠥ ᠵᠢᠯ ᠤᠨ ᠵᠠᠰᠠᠭ ᠤᠨ ᠤᠷᠳᠤᠨ ᠤ ᠠᠵᠢᠯ ᠤᠨ ᠶᠡᠷᠥᠩᠭᠡᠢ ᠱᠠᠭᠠᠷᠳᠠᠯᠭ᠎ᠠ ᠪᠤᠯ᠄ ᠯᠠᠪᠳᠠᠭᠤᠨ ᠢᠶᠠᠷ ᠤᠷᠤᠭᠰᠢᠯᠠᠬᠤ ᠪᠠᠨ ᠴᠢᠩᠭ᠎ᠠ ᠪᠠᠷᠢᠮᠳᠠᠯᠠᠨ᠂ ᠴᠢᠨᠠᠷ ᠴᠢᠨᠰᠠᠭ᠎ᠠ ᠪᠤᠯᠤᠨ ᠥᠷ᠎ᠡ ᠠᠰᠢᠭ ᠢ ᠲᠡᠭᠡᠭᠰᠢᠯᠡᠭᠦᠯᠭᠦ ᠪᠠᠷ ᠭᠤᠤᠯᠯᠠᠭᠤᠯᠵᠤ᠂ ᠲᠥᠷᠥᠯ ᠵᠥᠢᠯ ᠢᠶᠠᠷ ᠭᠥᠭᠵᠢᠯᠳᠡ  ᠶᠢ ᠲᠥᠷᠭᠡᠳᠭᠡᠨ᠂ ᠬᠤᠳᠠ ᠬᠥᠳᠡᠭᠡ ᠶᠢ ᠨᠢᠭᠡᠳᠥᠯᠳᠡᠢ ᠲᠥᠯᠥᠪᠵᠢᠭᠦᠯᠥᠨ ᠡᠶ᠎ᠡ ᠵᠤᠬᠢᠴᠠᠯ ᠢ ᠠᠬᠢᠭᠤᠯᠵᠤ᠂ ᠤᠷᠤᠨᠵᠢᠭᠤᠯᠤᠯᠳᠠ ᠨᠠᠶᠢᠳᠠᠪᠤᠷᠢᠵᠢᠭᠤᠯᠤᠯᠳᠠ ᠳᠤ ᠭᠥᠴᠥᠯᠡᠨ᠂ ᠪᠤᠳᠠᠳᠤ ᠴᠤᠭᠴᠠ ᠶᠢᠨ ᠠᠵᠤ ᠠᠬᠤᠢ ᠶᠢ ᠪᠤᠵᠠᠭᠠᠶᠢᠷᠠᠭᠤᠯᠤᠨ᠎ᠠ︔ ᠨᠡᠷᠡᠲᠦ ᠲᠡᠮᠳᠡᠭ ᠪᠤᠯᠤᠨ ᠴᠢᠨᠠᠷ ᠴᠢᠨᠰᠠᠭ᠎ᠠ ᠶᠢ ᠴᠢᠬᠤᠯᠠᠴᠢᠯᠠᠵᠤ᠂ ᠠᠷᠠᠳ ᠤᠨ ᠠᠰᠢᠭ ᠵᠢᠷᠭᠠᠯ ᠢ ᠨᠡᠮᠡᠭᠳᠡᠭᠦᠯᠥᠨ᠎ᠡ︔ ᠥᠭᠡᠷᠡᠴᠢᠯᠠᠯᠳᠡ ᠰᠢᠨᠡᠴᠢᠯᠡᠯᠳᠡ ᠶᠢ ᠴᠢᠬᠤᠯᠠᠴᠢᠯᠠᠨ ᠭᠥᠭᠵᠢᠯᠳᠡ ᠶᠢᠨ ᠭᠥᠳᠡᠯᠭᠡᠭᠴᠢ ᠭᠥᠴᠥᠨ ᠢ ᠴᠢᠩᠭᠠᠳᠬᠠᠨ᠎ᠠ︔ ᠲᠤᠳᠠᠭᠤᠳᠠᠯ ᠢ ᠨᠥᠭᠦᠪᠥᠷᠢᠯᠡᠨ ᠰᠠᠭᠤᠷᠢ ᠶᠢ ᠪᠠᠳᠤᠳᠬᠠᠵᠤ ᠭᠥᠭᠵᠢᠯᠳᠡ ᠶᠢᠨ ᠤᠷᠴᠢᠨ ᠠᠬᠤᠢ ᠶᠢ ᠰᠢᠯᠢᠳᠡᠭᠵᠢᠭᠦᠯᠥᠨ᠎ᠡ︔ ᠠᠮᠢ ᠠᠬᠤᠢ ᠤᠷᠴᠢᠨ ᠲᠤᠭᠤᠷᠢᠨ ᠤ ᠬᠠᠮᠠᠭᠠᠯᠠᠯᠳᠠ ᠶᠢᠨ ᠤᠬᠢ ᠰᠠᠶᠢᠨ ᠭᠥᠭᠵᠢᠯᠳᠡ ᠶᠢᠨ ᠰᠢᠨ᠎ᠡ ᠵᠠᠮ ᠢ ᠡᠷᠢᠯᠬᠢᠯᠡᠵᠥ᠂ ᠪᠥᠭᠦ ᠤᠷᠤᠨ ᠳᠤ ᠲᠥᠷᠥᠭᠦᠯᠡᠨ ᠴᠢᠨᠡᠭᠡᠯᠢᠭ ᠨᠡᠶᠢᠭᠡᠮ ᠳᠤ ᠤᠷᠤᠬᠤ ᠰᠠᠭᠤᠷᠢ  ᠶᠢ ᠴᠢᠨᠠᠷᠯᠢᠭ ᠪᠠᠳᠤᠳᠬᠠᠨ᠎ᠠ᠃ ᠠᠵᠤ ᠠᠬᠤᠢ ᠶᠢᠨ ᠭᠥᠭᠵᠢᠯᠳᠡ ᠶᠢ ᠨᠥᠯᠥᠭᠡᠯᠡᠭᠦ ᠡᠯᠧᠮᠧᠨ᠋ᠲ ᠨᠦᠭᠦᠳ ᠪᠤᠯᠤᠨ ᠨᠠᠶᠢᠭᠡᠮ ᠤᠨ ᠪᠠᠶᠢᠭᠤᠯᠤᠯᠳᠠ ᠶᠢᠨ ᠪᠤᠳᠠᠳᠤ ᠱᠠᠭᠠᠷᠳᠠᠯᠭ᠎ᠠ ᠠᠴᠠ ᠶᠡᠷᠥᠩᠭᠡᠶᠢᠯᠡᠨ  ᠪᠤᠳᠤᠯᠬᠢᠯᠠᠵᠤ᠂ ᠥᠨᠥ ᠵᠢᠯ ᠤᠨ ᠭᠤᠤᠯ ᠪᠤᠯᠬᠤ ᠵᠢᠱᠢᠭᠰᠡᠨ ᠬᠠᠷᠠᠯᠳᠠ ᠶᠢ ᠲᠤᠭᠳᠠᠭᠠᠪᠠᠯ᠄ ᠪᠥᠭᠦ ᠬᠤᠰᠢᠭᠤᠨ ᠤ ᠭᠠᠵᠠᠷ ᠤᠷᠤᠨ ᠤ ᠥᠢᠯᠡᠳᠪᠥᠷᠢᠯᠡᠯ ᠤᠨ ᠶᠡᠷᠥᠩᠬᠡᠢ ᠥᠷᠳᠡᠭ ᠢ 9% ᠥᠰᠭᠡᠵᠥ᠂ 149 ᠳ᠋ᠥᠩᠰᠢᠭᠤᠷ ᠲᠥᠭᠦᠷᠢᠭ ᠭᠥᠷᠭᠡᠨ᠎ᠡ︔ ᠲᠤᠭᠳᠠᠮᠠᠯ ᠬᠥᠷᠥᠩᠭᠡ ᠶᠢᠨ ᠪᠡᠯᠡ ᠤᠷᠤᠭᠤᠯᠤᠯᠳᠠ ᠶᠢ 13% ᠥᠰᠭᠡᠵᠥ᠂ 302 ᠳ᠋ᠥᠩᠰᠢᠭᠤᠷ ᠲᠥᠭᠦᠷᠢᠭ ᠭᠥᠷᠭᠡᠨ᠎ᠡ︔ ᠨᠡᠶᠢᠳᠡ ᠶᠢᠨ ᠡᠳ᠋ ᠤᠨ ᠵᠠᠰᠠᠭ ᠤᠨ ᠤᠷᠤᠯᠭ᠎ᠠ ᠶᠢᠨ ᠲᠥᠰᠥᠪ ᠢ 8% ᠥᠰᠭᠡᠵᠥ᠂ 19.5 ᠳ᠋ᠥᠩᠰᠢᠭᠤᠷ ᠲᠥᠭᠦᠷᠢᠭ ᠭᠥᠷᠭᠡᠨ᠎ᠡ︔ ᠨᠡᠶᠢᠭᠡᠮ ᠤᠨ ᠭᠡᠷᠡᠭᠯᠡᠭᠡᠨ ᠤ ᠳᠠᠸᠠᠷ ᠤᠨ ᠵᠢᠵᠢᠭᠯᠡᠨ ᠪᠤᠷᠤᠯᠠᠭᠤᠯᠬᠤ ᠶᠡᠷᠥᠩᠭᠡᠢ ᠥᠷᠳᠡᠭ ᠢ 10% ᠥᠰᠭᠡᠵᠥ᠂ 25 ᠳ᠋ᠥᠩᠰᠢᠭᠤᠷ ᠲᠥᠭᠦᠷᠢᠭ ᠭᠥᠷᠭᠡᠨ᠎ᠡ︔ ᠬᠤᠳᠠ ᠬᠥᠳᠡᠭᠡ ᠶᠢᠨ ᠰᠠᠭᠤᠭᠠᠯᠢ ᠠᠷᠠᠳ ᠤᠨ ᠭᠥᠮᠥᠨ ᠲᠤᠳᠤᠮ ᠤᠨ ᠡᠵᠡᠮᠳᠡᠵᠥ ᠪᠤᠯᠬᠤ ᠤᠷᠤᠯᠭ᠎ᠠ  ᠶᠢ 8.5% ᠪᠤᠯᠤᠨ 9% ᠥᠰᠭᠡᠵᠥ᠂ 41575 ᠲᠥᠭᠦᠷᠢᠭ ᠪᠠ 17007 ᠲᠥᠭᠦᠷᠢᠭ ᠭᠥᠷᠭᠡᠨ᠎ᠡ᠃     ᠲᠥᠯᠥᠭᠡᠯᠡᠭᠴᠢᠳ ᠡ᠂ ᠤᠳᠤᠭ ᠤᠨ ᠡᠮᠥᠨᠡᠳᠥ ᠬᠤᠰᠢᠭᠤᠨ ᠤ ᠭᠥᠭᠵᠢᠯᠳᠡ ᠰᠢᠨ᠎ᠡ ᠡᠬᠢᠯᠡᠯᠳᠡ ᠶᠢᠨ ᠴᠡᠭ ᠲᠡᠭᠡᠷ᠎ᠡ ᠭᠥᠷᠴᠥ ᠢᠷᠡᠭᠰᠡᠨ ᠪᠤᠯᠬᠤᠷ ᠪᠢᠳᠠ ᠭᠥᠭᠵᠢᠯᠳᠡ ᠶᠢᠨ ᠵᠠᠮ ᠢᠶᠠᠨ ᠠᠬᠢᠨ ᠡᠷᠬᠢᠴᠡᠭᠦᠯᠵᠥ ᠲᠠᠬᠢᠨ ᠲᠤᠩᠭᠠᠬᠤ ᠴᠢᠬᠤᠯᠠ ᠲᠠᠢ ᠪᠠᠶᠢᠨ᠎ᠠ᠃ ᠮᠠᠨ ᠤ ᠥᠢᠯᠡᠰ ᠠᠵᠠ ᠲᠤᠬᠢᠶᠠᠯ ᠢ ᠪᠠᠳᠤ ᠡᠵᠡᠮᠳᠡᠨ ᠵᠤᠷᠢᠭᠳᠠᠢ ᠡᠷᠢᠯᠬᠢᠯᠡᠵᠥ ᠬᠠᠶᠢᠨ ᠰᠥᠪᠡᠭᠴᠢᠯᠡᠭᠦ ᠪᠠᠷ ᠲᠠᠮᠵᠢᠨ ᠢᠮᠠᠭᠳᠠ ᠤᠷᠤᠭᠰᠢᠯᠠᠭᠰᠠᠭᠠᠷ ᠢᠷᠡᠭᠰᠡᠨ᠂ ᠮᠠᠨ ᠤ ᠪᠥᠳᠥᠮᠵᠢ ᠪᠤᠯ ᠨᠢᠭᠳᠠᠷᠠᠨ ᠪᠥᠯᠭᠦᠮᠳᠡᠵᠥ ᠭᠥᠴᠥᠯᠡᠨ ᠲᠡᠮᠡᠴᠡᠭᠰᠡᠨ ᠤ ᠥᠷ᠎ᠡ ᠪᠥᠳᠥᠭᠡᠯ ᠶᠤᠮ᠂ ᠪᠠᠳᠤ ᠪᠥᠯᠭᠦᠮᠳᠠᠯ ᠪᠤᠯ ᠴᠢ ᠪᠢᠳᠠᠠ ᠤ ᠡᠷᠴᠢ ᠭᠥᠴᠥᠨ ᠤ ᠡᠬᠢ ᠥᠨᠳᠥᠰᠥ ᠪᠥᠭᠡᠳ ᠲᠠᠪᠬᠤᠷ ᠲᠠᠪᠬᠤᠷ ᠪᠡᠷᠭᠡ ᠰᠠᠭᠠᠳ  ᠢ ᠲᠠᠪᠠᠨ ᠲᠤᠭᠤᠯᠤᠭᠰᠠᠨ ᠤᠭ ᠰᠢᠯᠳᠠᠭᠠᠨ ᠶᠤᠮ᠃ ᠥᠨᠥᠳᠥᠷ ᠪᠢᠳᠠ ᠥᠭᠡᠷ᠎ᠡ ᠨᠢᠭᠡᠨ ᠬᠠᠷᠠᠯᠳᠠ ᠵᠤᠷᠢᠯᠳᠠ ᠶᠢᠨ ᠵᠥᠭ ᠲᠠᠬᠢᠨᠳᠠ ᠭᠠᠷᠮᠠᠭᠠᠶᠢᠯᠠᠨ ᠲᠡᠮᠡᠴᠡᠬᠦ ᠪᠤᠯᠤᠭᠰᠠᠨ ᠲᠤᠯᠠ ᠪᠥᠯᠭᠦᠮᠳᠡᠯ ᠨᠡᠩ ᠴᠤ ᠡᠷᠬᠢᠮ ᠴᠢᠬᠤᠯᠠ ᠪᠠᠶᠢᠨ᠎ᠠ᠂ ᠪᠢᠳᠠ ᠬᠠᠷᠢᠭᠤᠴᠠᠯᠭ᠎ᠠ ᠪᠠᠨ ᠴᠢᠩᠭᠠᠳᠬᠠᠨ ᠭᠥᠴᠥᠯᠡᠨ ᠲᠡᠮᠡᠴᠡᠵᠥ᠂ ᠪᠤᠳᠠᠳᠤ ᠠᠵᠢᠯ ᠢ ᠴᠢᠬᠤᠯᠠᠴᠢᠯᠠᠨ᠂ ᠪᠥᠯᠭᠦᠮᠳᠠᠯ ᠨᠢᠭᠳᠠᠷᠠᠯ ᠲᠠᠢ ᠪᠠᠷ ︽ᠥᠭᠬᠢᠶᠡᠮᠥᠷ ᠨᠠᠶᠢᠷᠠᠮᠳᠠᠭᠤ ᠲᠠᠯ᠎ᠠ ᠨᠤᠳᠤᠭ ᠥᠵᠡᠰᠭᠦᠯᠡᠩᠳᠤ ᠰᠠᠶᠢᠬᠠᠨ ᠡᠮᠥᠨᠡᠳᠥ ᠤᠳᠤᠭ︾ ᠤᠨ ᠴᠤᠭᠴᠠᠯᠠᠯᠳᠠ ᠶᠢᠨ ᠰᠢᠨ᠎ᠡ ᠬᠠᠭᠤᠳᠠᠰᠤ ᠶᠢ ᠪᠢᠴᠢᠭᠯᠡᠰᠥᠭᠡᠢ᠃     ︵ᠨᠢᠭᠡ︶ ᠲᠥᠷᠥᠯ ᠵᠥᠢᠯ ᠢᠶᠠᠷ ᠬᠥᠳᠡᠯᠭᠡᠭᠦᠷ ᠬᠢᠵᠥ᠂ ᠪᠤᠳᠠᠳᠤ ᠴᠤᠭᠴᠠ ᠶᠢᠨ ᠠᠵᠤ ᠠᠬᠤᠢ ᠶᠢ ᠭᠥᠭᠵᠢᠭᠦᠯᠥᠨ᠂ ᠠᠵᠤ ᠥᠢᠯᠡᠳᠪᠥᠷᠢ ᠶᠢᠨ ᠠᠵᠤ ᠠᠬᠤᠢ  ᠶᠢᠨ ᠭᠡᠪᠴᠢᠶ᠎ᠡ ᠶᠢ ᠥᠷᠭᠡᠳᠭᠡᠨ ᠥᠷ᠎ᠡ ᠠᠰᠢᠭ ᠢ ᠨᠡᠮᠡᠭᠳᠡᠭᠦᠯᠥᠨ᠎ᠡ᠃ ︽ᠲᠥᠷᠥᠯ ᠵᠥᠢᠯ ᠤᠨ ᠰᠢᠪᠳᠤᠯᠤᠯᠳᠠ ᠶᠢᠨ ᠤᠨ︾ ᠤ ᠭᠥᠴᠥᠯᠡᠴᠡ ᠶᠢ ᠭᠥᠨᠵᠡᠭᠡᠶᠢᠷᠡᠭᠦᠯᠥᠨ᠂ ᠪᠤᠳᠠᠳᠤ ᠴᠤᠭᠴᠠ ᠶᠢᠨ ᠠᠵᠤ ᠠᠬᠤᠢ ᠶᠢᠨ ᠲᠤᠯᠭᠠᠭᠤᠷᠢᠯᠠᠯ ᠢ ᠴᠢᠩᠭᠠᠳᠬᠠᠵᠤ᠂ ᠭᠥᠴᠥᠨ ᠢᠶᠠᠨ ᠲᠥᠪᠯᠡᠷᠡᠭᠦᠯᠥᠨ ᠠᠵᠤ ᠥᠢᠯᠡᠳᠪᠥᠷᠢ ᠶᠢᠨ ᠭᠤᠤᠯᠳᠠᠯᠭᠠᠳᠠᠢ 17 ᠲᠥᠷᠥᠯ ᠵᠥᠢᠯ ᠢ ᠠᠬᠢᠭᠤᠯᠤᠨ᠂ ᠠᠵᠤ ᠥᠢᠯᠡᠳᠪᠥᠷᠢ ᠶᠢᠨ ᠨᠡᠮᠡᠭᠳᠡᠯ ᠥᠷᠳᠡᠭ ᠢ 72 ᠳ᠋ᠥᠩᠰᠢᠭᠤᠷ ᠲᠥᠭᠦᠷᠢᠭ ᠬᠥᠷᠭᠡᠵᠥ᠂ 9% ᠥᠰᠭᠡᠭᠡᠨ᠎ᠡ᠃ ᠠᠵᠤ ᠥᠢᠯᠡᠰ ᠤᠨ ᠲᠡᠰ ᠲᠡᠪᠰᠢᠯᠳᠠ ᠶᠢ ᠴᠢᠬᠤᠯᠠᠴᠢᠯᠠᠨ᠂ ᠲᠥᠷᠥᠯ ᠵᠥᠢᠯ ᠤᠨ ᠬᠢᠨᠠᠯᠳᠠ ᠴᠤᠬᠤᠯᠠᠪᠤᠷᠢᠯᠠᠯ ᠢ ᠱᠠᠯᠠᠪᠳᠠᠭᠤᠯᠤᠨ᠎ᠠ᠃ ᠴᠤᠬᠤᠯᠠᠪᠤᠷᠢᠯᠠᠯ ᠤᠨ ᠭᠤᠷᠢᠮ ᠳᠤ ᠡᠬᠢᠯᠡᠨ ᠤᠷᠤᠭᠰᠠᠨ ᠭᠤᠤᠯᠳᠠᠯᠭᠠᠳᠤ ᠲᠥᠷᠥᠯ ᠵᠥᠢᠯ ᠤᠳ ᠢ ᠰᠠᠶᠢᠳᠤᠷ ᠠᠩᠬᠠᠷᠴᠤ᠂ ᠡᠶ᠎ᠡ ᠡᠪᠳᠡᠢ ᠪᠠᠷ ᠪᠤᠭᠤᠮᠢ ᠬᠢᠵᠠᠭᠠᠷᠯᠠᠯ ᠢ ᠰᠢᠪᠳᠤᠯᠤᠨ᠂ ᠲᠥᠷᠥᠯ ᠵᠥᠢᠯ ᠪᠥᠷᠢ ᠳᠤ ᠭᠥᠭᠵᠢᠭᠦᠯᠥᠯᠳᠡ ᠶᠢᠨ ᠠᠷᠭ᠎ᠠ ᠲᠥᠰᠥᠯ ᠲᠤᠭᠳᠠᠭᠠᠵᠤ᠂ ᠤᠳᠤᠷᠢᠳᠤᠯᠭ᠎ᠠ ᠪᠡᠶᠡᠴᠢᠯᠡᠵᠥ ᠬᠠᠮᠢᠶᠠᠷᠤᠨ᠂ ᠤᠳᠤᠷᠢᠳᠬᠤ ᠪᠠᠭ ᠲᠠᠶᠠᠭᠠᠷ ᠭᠥᠴᠥᠯᠡᠨ ᠴᠢᠷᠮᠠᠶᠢᠵᠤ᠂ ᠬᠤᠸᠠ ᠰᠢᠩ ᠤᠨ 40 ᠳ᠋ᠥᠩᠰᠢᠭᠤᠷ ᠺᠥᠪ ᠮᠧᠲᠷ ᠤᠨ ᠨᠡᠭᠦᠷᠡᠰᠥ ᠪᠠᠷ ᠬᠡᠢ ᠥᠢᠯᠡᠳᠭᠦ ᠲᠥᠷᠥᠯ ᠵᠥᠢᠯ ᠤᠨ ᠪᠠᠷᠢᠯᠭ᠎ᠠ ᠡᠬᠢᠯᠡᠬᠦ ᠨᠦᠬᠦᠴᠡᠯ ᠢ ᠪᠦᠷᠢᠳᠤᠬᠦᠯᠵᠤ᠂ 1 ᠴᠠᠬᠢᠯᠭᠠᠨ ᠤᠶᠢᠯᠡᠤᠨᠪᠤᠷᠢ ᠪᠤᠯᠤᠨ ᠬᠤᠸᠠ ᠰᠢᠩ ᠤᠨ 60 ᠲᠥᠮᠡᠨ ᠲᠤᠨ ᠤ ᠠᠯᠺᠧᠨ ᠤ ᠲᠥᠷᠥᠯ ᠵᠥᠢᠯ ᠢ ᠴᠤᠬᠤᠯᠠᠪᠤᠷᠢᠯᠠᠭᠤᠯᠵᠤ᠂ ᠬᠠᠶᠢᠯᠠᠰᠤᠨ ᠬᠤᠳᠳᠤᠭ ᠤᠨ ᠨᠡᠭᠦᠷᠡᠰᠥᠨ ᠠᠭᠤᠷᠬᠠᠢ ᠶᠢᠨ ᠥᠢᠯᠡᠳᠪᠥᠷᠢᠯᠡᠯ ᠢ ᠨᠢ ᠰᠡᠷᠭᠦᠭᠡᠨ᠂ ᠴᠠᠩ ᠴᠧᠩ 3᠂ 5᠂ 6 ᠳ᠋ᠤᠭᠠᠷ ᠨᠤᠮᠧᠷᠳᠤ ᠨᠡᠭᠦᠷᠡᠰᠥᠨ ᠠᠭᠤᠷᠬᠠᠢ ᠶᠢ ᠴᠤᠬᠤᠯᠠᠪᠤᠷᠢᠯᠠᠯ ᠤᠯᠭᠤᠵᠤ᠂ ᠴᠠᠩ ᠴᠧᠩ 1 ᠳ᠋ᠥ᠋ᠭᠡᠷ ᠨᠤᠮᠧᠷᠳᠤ ᠨᠡᠭᠦᠷᠡᠰᠥᠨ ᠠᠭᠤᠷᠬᠠᠢ ᠶᠢ ᠲᠡᠰ ᠲᠡᠪᠰᠢᠭᠦᠯᠵᠥ ᠥᠭᠡᠷᠡᠴᠢᠯᠡᠨ᠂ ᠨᠡᠭᠦᠷᠡᠰᠥᠨ ᠤ ᠶᠡᠷᠥᠩᠭᠡᠢ ᠭᠠᠷᠤᠯᠳᠠ ᠶᠢ 600 ᠲᠥᠮᠡᠨ ᠲᠤᠨ ᠭᠥᠷᠭᠡᠨ᠎ᠡ︔ ᠪᠤᠳᠠᠳᠤ ᠴᠤᠭᠴᠠ ᠶᠢᠨ ᠠᠵᠤ ᠠᠬᠤᠢ ᠶᠢ ᠴᠢᠬᠤᠯᠠᠴᠢᠯᠠᠨ᠂ ᠲᠥᠷᠥᠯ ᠵᠥᠢᠯ ᠤᠨ ᠤᠷᠤᠨᠵᠢᠭᠤᠯᠤᠯᠳᠠ ᠶᠢ ᠰᠠᠶᠢᠳᠤᠷ ᠴᠢᠩᠭᠠᠳᠬᠠᠨ᠎ᠠ᠃ ᠪᠠᠷᠢᠯᠭ᠎ᠠ ᠡᠬᠢᠯᠡᠭᠦᠯᠭᠦ ᠨᠥᠭᠦᠴᠡᠯ ᠪᠥᠷᠢᠳᠥᠭᠰᠡᠨ ᠭᠤᠤᠯᠳᠠᠯᠭᠠᠳᠤ ᠲᠥᠷᠥᠯ ᠵᠥᠢᠯ ᠤᠨ ᠠᠵᠢᠯ ᠢ ᠲᠥᠷᠭᠡᠳᠭᠡᠵᠥ᠂ ᠲᠡᠭᠡᠳᠥ ᠱᠠᠳᠤᠨ ᠳᠤ ᠮᠡᠳᠡᠭᠦᠯᠥᠨ ᠱᠠᠯᠠᠪᠳᠠᠭᠤᠯᠬᠤ ᠠᠵᠢᠯ ᠢ ᠬᠢᠨᠠᠨ ᠵᠢᠯᠤᠭᠤᠳᠬᠤ ᠪᠠᠨ ᠴᠢᠩᠭᠠᠳᠬᠠᠨ᠂ ᠤᠯᠤᠰ ᠤᠨ ᠴᠠᠬᠢᠯᠭᠠᠨ ᠤ ᠱᠤᠸᠠᠩ ᠸᠧᠢ ᠪᠤᠯᠤᠨ ᠱᠠᠨᠳᠥ᠋ᠩ ᠤᠨ ᠱᠧᠩ ᠯᠤ᠋ ᠶᠢᠨ ᠬᠤᠶᠠᠷ 2× 100 ᠲᠥᠮᠡᠨ ᠺᠢᠯᠤᠸᠠᠲ ᠤᠨ ᠨᠡᠭᠦᠷᠡᠰᠥᠨ ᠴᠠᠬᠢᠯᠭᠠᠨ ᠤ ᠥᠢᠯᠡᠳᠪᠥᠷᠢ ᠶᠢᠨ ᠪᠠᠶᠢᠭᠤᠯᠤᠯᠳᠠ ᠶᠢ ᠠᠬᠢᠭᠤᠯᠵᠤ᠂ ᠺᠧ ᠰᠧ ᠪᠤᠯᠤᠨ ᠶᠠ ᠬᠠᠢ ᠶᠢᠨ ᠬᠤᠶᠠᠷ LNG ᠤᠨ ᠲᠥᠷᠥᠯ ᠵᠥᠢᠯ ᠤᠨ ᠲᠥᠭᠦᠭᠡᠷᠥᠮᠵᠢ ᠶᠢ ᠤᠭᠰᠠᠷᠠᠨ᠂ ᠳᠤᠷᠰᠢᠨ ᠤᠶᠢᠯᠡᠤᠨᠪᠤᠷᠢᠯᠡᠬᠦ ᠪᠠᠷ ᠴᠢᠷᠮᠠᠶᠢᠨ᠎ᠠ᠃ ᠰᠢᠳᠠᠮᠠᠬᠠᠢ ᠬᠡᠢ ᠶᠢᠨ ᠬᠡᠪᠴᠢᠶᠡᠵᠢᠭᠰᠡᠨ ᠪᠤᠬᠢᠷᠳᠤᠯ ᠦᠬᠡᠢ ᠨᠡᠬᠡᠬᠡᠯᠳᠠ ᠶᠢ ᠠᠬᠢᠭᠤᠯᠵᠤ᠂ ᠳᠤᠰ ᠵᠢᠯ ᠳᠤ ᠰᠢᠳᠠᠮᠠᠬᠠᠢ ᠬᠡᠢ  ᠶᠢᠨ ᠬᠤᠤᠨᠳᠤᠭ ᠢ ᠰᠢᠨ᠎ᠠ ᠪᠠᠷ 230 ᠠᠴᠠ ᠳᠡᠬᠡᠭᠰᠢ ᠦᠷᠤᠮᠳᠡᠵᠤ᠂ ᠬᠡᠢ ᠳᠠᠮᠵᠢᠭᠤᠯᠬᠤ ᠬᠤᠭᠤᠯᠠᠢ ᠶᠢᠨ ᠪᠠᠶᠢᠭᠤᠯᠤᠯᠳᠠ ᠶᠢ 150 ᠺᠢᠯᠤᠮᠧᠲᠷ ᠠᠴᠠ ᠳᠠᠪᠠᠭᠤᠯᠤᠨ᠂ ᠰᠢᠳᠠᠮᠠᠬᠠᠢ ᠬᠡᠢ ᠶᠢᠨ ᠭᠠᠷᠤᠯᠳᠠ ᠶᠢ 45 ᠳ᠋ᠦᠩᠰᠢᠭᠤᠷ ᠺᠦᠪ ᠮᠧᠲᠷ ᠲᠤ ᠬᠦᠷᠬᠡᠨ᠎ᠠ᠃ ᠬᠦᠭᠵᠢᠯᠳᠠ ᠶᠢᠨ ᠨᠦᠬᠡᠴᠠ ᠬᠦᠴᠤᠨ ᠬᠤᠷᠠᠮᠳᠤᠭᠤᠯᠬᠤ  ᠶᠢ ᠴᠢᠬᠤᠯᠠᠴᠢᠯᠠᠨ᠂ ᠲᠦᠷᠤᠯ ᠵᠦᠢᠯ ᠤᠨ ᠨᠦᠬᠡᠴᠡᠯᠡᠯ ᠢ ᠰᠠᠶᠢᠳᠤᠷ ᠠᠤᠨᠬᠤᠨ᠎ᠠ᠃ ᠤᠯᠤᠰ ᠤᠨ ᠠᠵᠤ ᠤᠶᠢᠯᠡᠰ ᠤᠨ ᠲᠦᠷᠤ ᠶᠢᠨ ᠪᠤᠳᠤᠯᠭ᠎ᠠ ᠶᠢᠨ ᠬᠠᠨᠳᠤᠰᠢ ᠴᠢᠭᠯᠡᠯ ᠢ ᠡᠵᠡᠮᠳᠡᠵᠤ᠂ ᠨᠡᠬᠦᠷᠡᠰᠤᠨ ᠤ ᠨᠠᠷᠢᠯᠢᠭ ᠪᠤᠯᠪᠠᠰᠤᠷᠠᠯᠳᠠ ᠪᠠ ᠨᠡᠬᠦᠷᠡᠰᠤᠨ ᠬᠢᠮᠢ ᠶᠢᠨ ᠳᠤᠤᠷᠠᠳᠤ ᠦᠵᠤᠬᠦᠷᠰᠢᠯ ᠤᠨ ᠠᠵᠤ ᠤᠶᠢᠯᠡᠰ ᠢᠶᠠᠷ ᠭᠤᠤᠯ ᠪᠤᠯᠭᠠᠨ᠂ ᠨᠢᠬᠡ ᠪᠦᠯᠦᠭ ᠳᠡᠰᠵᠢᠭᠰᠡᠨ ᠦᠵᠤᠬᠦᠷᠰᠢᠭᠰᠡᠨ ᠬᠡᠯᠬᠢᠶ᠎ᠡ ᠶᠢ ᠤᠷᠳᠤᠰᠬᠠᠨ ᠨᠦᠬᠦᠪᠤᠷᠢᠯᠡᠬᠦ ᠲᠦᠷᠤᠯ ᠵᠦᠢᠯ ᠢ ᠨᠦᠬᠡᠴᠡᠯᠡᠵᠤ᠂ ᠡᠮᠤᠨ᠎ᠡ ᠬᠤᠭᠤᠴᠠᠭᠠᠨ ᠤ ᠠᠵᠢᠯ ᠢ ᠠᠬᠢᠭᠤᠯᠵᠤ᠂ ᠲᠦᠰᠤᠪᠯᠡᠨ ᠲᠦᠯᠤᠪᠵᠢᠬᠦᠯᠬᠦ ᠪᠠ ᠳᠠᠸᠠᠷᠴᠢᠯᠠᠨ ᠳᠠᠨᠢᠯᠴᠠᠭᠤᠯᠬᠤ ᠠᠵᠢᠯ ᠢ ᠰᠠᠶᠢᠳᠤᠷ ᠬᠢᠵᠤ᠂ ᠪᠡᠯᠡ ᠳᠠᠳᠠᠭᠰᠡᠨ ᠲᠦᠷᠤᠯ ᠵᠦᠢᠯ ᠤᠨ ᠲᠦᠬᠦᠮᠴᠢᠯᠡᠵᠤ ᠲᠦᠳᠡᠴᠢᠯᠡᠭᠰᠡᠨ ᠦᠪᠡᠷ ᠤᠨ ᠦᠷᠳᠡᠭ ᠳᠤᠤᠷ᠎ᠠ ᠡᠷᠬᠢᠯᠳᠠ ᠶᠢᠨ ᠳᠠᠪᠴᠠᠩ ᠢ ᠬᠦᠴᠤᠯᠡᠨ ᠪᠠᠶᠢᠭᠤᠯᠤᠨ᠎ᠠ᠃ ᠵᠠᠰᠠᠭ ᠤᠨ ᠤᠷᠳᠤᠨ ᠬᠤᠪᠢ ᠤᠷᠣᠬᠤ ᠵᠠᠭᠪᠤᠷ ᠢ ᠢᠳᠡᠪᠬᠢᠳᠠᠢ ᠰᠦᠪᠡᠭᠴᠢᠯᠡᠨ᠂ ᠨᠡᠬᠦᠷᠡᠰᠤᠨ ᠳᠠᠪᠬᠤᠷᠭ᠎ᠠ ᠶᠢᠨ ᠬᠡᠢ᠂ ᠵᠠᠨᠠᠷ ᠤᠨ ᠬᠡᠢ ᠵᠡᠷᠬᠡ ᠪᠠᠶᠢᠩᠭᠤ ᠶᠢᠨ ᠪᠤᠰᠤ ᠳᠤᠰᠤ ᠬᠡᠢ ᠶᠢᠨ ᠡᠬᠢ ᠰᠤᠷᠪᠤᠯᠵᠢ  ᠶᠢᠨ ᠡᠮᠬᠢᠳᠠᠢ ᠨᠡᠬᠡᠬᠡᠯᠳᠠ ᠶᠢ ᠠᠬᠢᠭᠤᠯᠵᠤ᠂ ᠨᠢᠬᠡ ᠪᠦᠯᠦᠭ ᠰᠢᠨ᠎ᠠ ᠡᠨᠧᠷᠬᠢ ᠶᠢᠨ ᠲᠦᠷᠤᠯ ᠵᠦᠢᠯ ᠢ ᠨᠦᠬᠡᠴᠡᠯᠡᠬᠦ ᠪᠠ ᠬᠡᠷᠡᠭᠵᠢᠬᠦᠯᠵᠤ᠂ ᠤᠯᠠᠨ ᠡᠰᠢᠵᠢᠯ ᠢᠶᠠᠷ ᠬᠦᠳᠡᠯᠬᠡᠬᠦᠷ ᠪᠤᠯᠭᠠᠭᠰᠡᠨ᠂ ᠤᠯᠠᠨ ᠳᠦᠢᠯ ᠢᠶᠠᠷ ᠨᠡᠮᠡᠭᠳᠡᠯ ᠪᠤᠯᠭᠠᠭᠰᠡᠨ ᠡᠨᠧᠷᠬᠢ ᠶᠢᠨ ᠠᠵᠤ ᠤᠶᠢᠯᠡᠰ ᠤᠨ ᠬᠦᠭᠵᠢᠯᠳᠠ ᠶᠢᠨ ᠵᠠᠮ ᠢᠶᠠᠷ ᠵᠠᠮᠨᠠᠨ᠎ᠠ᠃     ︵ᠬᠤᠶᠠᠷ︶ ᠭᠥᠮᠥᠨ ᠢᠶᠠᠷ ᠲᠥᠪᠯᠡᠭᠦᠯᠭᠦ ᠥᠵᠡᠯᠳᠡ ᠶᠢ ᠴᠢᠩᠭᠠᠳᠬᠠᠨ᠂ ᠠᠷᠠᠳ ᠤᠨ ᠠᠮᠢᠳᠤᠷᠠᠯ ᠰᠠᠶᠢᠵᠢᠷᠠᠭᠤᠯᠬᠤ ᠠᠵᠢᠯ ᠳᠤ ᠭᠥᠴᠥᠯᠡᠨ᠂ ᠠᠷᠠᠳ ᠤᠯᠠᠨ  ᠤ ᠵᠤᠯ ᠵᠢᠷᠭᠠᠯ ᠤᠨ ᠬᠠᠨᠤᠮᠵᠢ ᠶᠢ ᠲᠡᠭᠡᠭᠰᠢᠯᠡᠭᠦᠯᠥᠨ᠎ᠡ᠃ ᠲᠥᠮᠡᠨ ᠤ ᠭᠥᠰᠡᠯ ᠪᠤᠯ ᠲᠥᠷᠥ ᠶᠢᠨ ᠴᠢᠭᠯᠡᠯ᠃ ᠪᠢᠳᠠ ᠠᠷᠠᠳ ᠤᠨ ᠠᠮᠢᠳᠤᠷᠠᠯ ᠤᠨ ᠬᠡᠪᠴᠢᠶᠡᠨ ᠳᠤ  ᠬᠢ ᠭᠥᠴᠥᠯᠡᠴᠡ ᠪᠠᠨ ᠥᠷᠭᠦᠯᠵᠢᠯᠡᠨ ᠴᠢᠩᠭᠠᠳᠬᠠᠵᠤ᠂ ᠲᠤᠮᠤ ᠤᠴᠢᠷ ᠪᠤᠳᠠᠳᠤ ᠤᠴᠢᠷ ᠪᠥᠳᠥᠭᠡᠨ᠂ ︽ᠵᠢᠷᠭᠤᠭᠠᠨ ᠲᠠᠪᠬᠤᠷ ᠲᠤᠤᠷ︾ ᠢ ᠥᠷᠭᠦᠯᠵᠢᠯᠡᠨ ᠴᠢᠩᠭᠠᠳᠬᠠᠵᠤ᠂ ᠠᠷᠠᠳ ᠤᠯᠠᠨ ᠤ ᠠᠮᠢᠳᠤᠷᠠᠯ ᠢ ᠨᠡᠩ ᠡᠯᠪᠡᠭ ᠲᠡᠯᠪᠡᠭ᠂ ᠨᠡᠩ ᠡᠩᠭᠡ ᠵᠢᠷᠭᠠᠯ ᠲᠠᠢ ᠪᠤᠯᠭᠠᠨ᠎ᠠ᠃ ︽ᠶᠠᠳᠠᠭᠤ ᠶᠢ ᠲᠡᠳᠭᠦᠨ ᠪᠠᠳᠤᠯᠠᠭ᠎ᠠ ᠬᠢᠭᠦ ᠲᠤᠤᠷ︾ ᠢ ᠴᠢᠩᠭᠠᠳᠬᠠᠨ᠂ ᠶᠠᠳᠠᠭᠤ ᠶᠢ ᠲᠡᠳᠭᠦᠭᠦ ᠭᠥᠴᠥᠯᠡᠴᠡ ᠪᠠ ᠠᠷᠭ᠎ᠠ ᠭᠡᠯᠪᠡᠷᠢ ᠶᠢ ᠥᠷᠭᠦᠯᠵᠢᠯᠡᠭᠦᠯᠥᠨ ᠠᠳᠬᠤᠵᠤ᠂ ᠤᠷᠤᠭᠤᠯᠤᠯᠳᠠ ᠪᠠᠨ ᠬᠤᠷᠤᠭᠳᠠᠭᠤᠯᠤᠯ ᠥᠭᠡᠢ ᠪᠠᠷ ︽ᠵᠢᠷᠭᠤᠭᠠᠨ ᠨᠠᠷᠢᠯᠢᠭ ᠤᠨᠤᠪᠴᠢᠳᠠᠢ︾  ᠂ ︽ᠳᠠᠪᠤᠨ ᠪᠦᠯᠦᠭ ᠬᠤᠪᠢᠶᠠᠬᠤ︾ ᠪᠠ ︽ᠭᠤᠷᠪᠠ ᠶᠢ ᠭᠠᠴᠠᠭ᠎ᠠ ᠲᠤᠰᠬᠤᠨ ᠠᠶᠢᠯ ᠡᠷᠥᠭᠡ ᠳᠤ ᠭᠥᠷᠭᠡᠭᠦ︾ ᠱᠠᠭᠠᠷᠳᠠᠯᠭ᠎ᠠ ᠶᠢ ᠦᠷᠬᠦᠯᠵᠢᠯᠡᠨ ᠨᠠᠶᠢᠳᠠᠪᠤᠷᠢᠳᠠᠢ ᠤᠷᠤᠨᠵᠢᠭᠤᠯᠤᠨ᠂ ᠶᠠᠳᠠᠭᠤ ᠠᠴᠠ ᠠᠩᠬᠢᠵᠢᠷᠠᠭᠰᠠᠳ ᠢ ᠮᠦᠷᠳᠠᠨ ᠰᠤᠷᠪᠤᠯᠵᠢᠯᠠᠵᠤ ︽ᠲᠡᠩᠭᠡᠷᠡᠯ ᠤᠨ ᠲᠥᠷᠥᠭᠡᠨ︾ ᠲᠡᠭᠡᠷ᠎ᠡ ᠬᠢᠰᠬᠢᠭᠦᠯᠥᠭᠡᠳ᠂ ᠪᠠᠶᠠᠵᠢᠯ ᠤᠨ ᠢᠳᠡᠭᠡᠯ ᠤᠯᠭᠤᠨ᠎ᠠ᠃ ᠰᠢᠨ᠎ᠠ ᠪᠠᠷ ᠪᠤᠢ ᠪᠤᠯᠤᠭᠰᠡᠨ 47 ᠡᠷᠤᠬᠡ ᠶᠢᠨ 140 ᠬᠤᠳᠠ  ᠶᠢᠨ ᠳᠡᠰ ᠤᠨ ᠳᠤᠤᠷ᠎ᠠ ᠪᠠᠳᠤᠯᠠᠭᠠᠳᠤ ᠮᠠᠯᠴᠢᠠ ᠳᠠᠷᠢᠶᠠᠴᠢᠤᠨ ᠲᠤ ᠠᠶᠢᠯ ᠪᠦᠷᠢ ᠶᠢᠨ ᠬᠦᠮᠤᠨ ᠪᠤᠯᠭᠠᠨ ᠳᠤ ᠨᠢ ᠳᠤᠬᠢᠷᠠᠭᠤᠯᠤᠨ ᠳᠡᠤᠨᠬᠦᠬᠦ ᠲᠦᠯᠤᠪᠯᠡᠭᠡ ᠳᠤᠭᠳᠠᠭᠠᠵᠤ᠂ ᠳᠤᠰ ᠵᠢᠯ ᠳᠤ ᠬᠦᠴᠢᠷᠳᠠᠯ ᠲᠠᠢ ᠤᠯᠠᠨ ᠲᠦᠮᠡᠨ ᠤ ᠬᠦᠮᠤᠨ ᠳᠤᠳᠤᠮ ᠤᠨ ᠤᠷᠤᠯᠭ᠎ᠠ ᠶᠢ 2015 ᠤᠨ ᠤ ᠰᠠᠭᠤᠷᠢᠨ ᠳᠡᠬᠡᠷ᠎ᠠ ᠨᠢᠬᠡ ᠳᠠᠬᠢᠨᠳᠠᠭᠤᠯᠤᠨ᠎ᠠ᠃ ᠡᠬᠦᠨ ᠤ ᠬᠠᠮᠳᠤ ᠬᠤᠳᠠ ᠪᠠᠯᠭᠠᠰᠤᠨ ᠤ ᠶᠠᠳᠠᠭᠤ ᠬᠦᠴᠢᠷᠳᠠᠯᠳᠠᠢ ᠰᠠᠭᠤᠭᠠᠯᠢ ᠠᠷᠠᠤᠨ ᠤᠨ ᠶᠠᠳᠠᠭᠤ ᠶᠢ ᠳᠡᠤᠨᠬᠦᠬᠦ ᠠᠵᠢᠯ ᠢ ᠰᠠᠶᠢᠳᠤᠷ ᠬᠢᠵᠤ᠂ ᠬᠤᠳᠠ ᠬᠦᠳᠡᠭᠡ ᠢ ᠢᠵᠢ ᠴᠤᠭᠴᠠᠵᠢᠭᠤᠯᠤᠭᠰᠡᠨ ᠶᠠᠳᠠᠭᠤ ᠶᠢ ᠳᠡᠤᠨᠬᠦᠬᠦ ᠪᠠᠳᠤᠯᠠᠭ᠎ᠠ ᠶᠢᠨ ᠳᠤᠭᠳᠠᠴᠠ ᠶᠢ ᠪᠦᠷᠢᠯᠳᠤᠬᠦᠯᠤᠨ᠎ᠠ᠃ ︽ᠥᠢᠯᠡᠰ ᠪᠥᠳᠥᠭᠡᠨ ᠠᠵᠢᠯ ᠤᠯᠭᠤᠭᠤᠯᠬᠤ ᠥᠢᠯᠡᠴᠢᠯᠡᠭᠡ ᠶᠢᠨ ᠲᠤᠤᠷ︾ ᠢ ᠪᠠᠬᠢᠵᠢᠭᠦᠯᠥᠨ᠂ ︽ᠥᠢᠯᠡᠰ ᠪᠥᠳᠥᠭᠡᠯᠳᠠ ᠶᠢᠨ ᠤᠳᠤᠭ ᠤᠨ ᠡᠮᠥᠨᠡᠳᠥ ᠬᠤᠰᠢᠭᠤ︾ ᠶᠢᠨ ᠠᠵᠢᠯᠯᠠᠭ᠎ᠠ ᠶᠢ ᠭᠥᠨᠵᠡᠭᠡᠢ ᠭᠡᠷᠡᠭᠵᠢᠭᠦᠯᠵᠥ᠂ ᠥᠢᠯᠡᠰ ᠪᠥᠳᠥᠭᠡᠭᠦ ᠶᠢᠨ ᠪᠤᠯᠪᠠᠰᠤᠷᠠᠯ᠂ ᠵᠢᠯᠤᠭᠤᠳᠤᠯᠭ᠎ᠠ᠂ ᠪᠥᠷᠢᠳᠭᠡᠯ ᠪᠤᠯᠤᠨ ᠪᠠᠭ᠎ᠠ ᠲᠤᠭᠠᠳᠤ ᠵᠢᠭᠡᠯᠡᠯᠭᠡ ᠲᠠᠯᠪᠢᠬᠤ ᠵᠡᠷᠭᠡ ᠶᠢ ︽ᠢᠵᠢ ᠬᠡᠯᠬᠢᠶᠡᠵᠢᠭᠦᠯᠥᠨ ᠥᠢᠯᠡᠴᠢᠯᠡᠭᠦ ᠲᠤᠭᠳᠠᠴᠠ︾ ᠲᠤᠭᠳᠠᠭᠠᠨ ᠭᠡᠷᠡᠭᠵᠢᠭᠦᠯᠵᠥ᠂ ᠪᠥᠭᠦ ᠵᠢᠯ ᠳᠤ ᠬᠤᠳᠠ ᠬᠥᠳᠡᠭᠡ ᠶᠢᠨ ᠭᠥᠳᠡᠯᠮᠥᠷᠢ ᠭᠥᠴᠥᠨ 1600 ᠭᠥᠮᠥᠨ ᠢ ᠪᠤᠯᠪᠠᠰᠤᠷᠠᠯ ᠳᠤ ᠤᠷᠤᠯᠴᠠᠭᠤᠯᠵᠤ᠂ 2000 ᠲᠥᠮᠡᠨ ᠲᠥᠭᠦᠷᠢᠭ ᠤᠨ ᠪᠠᠭ᠎ᠠ ᠲᠤᠭᠠᠳᠤ ᠵᠢᠭᠡᠯᠡᠯᠭᠡ ᠲᠠᠯᠪᠢᠨ᠂ ᠠᠵᠢᠯ ᠲᠠᠢ ᠭᠥᠮᠥᠨ ᠥᠭᠡᠢ ᠠᠶᠢᠯ ᠡᠷᠥᠭᠡ ᠢ ᠥᠨᠳᠥᠰᠥᠨ ᠳᠤ ᠪᠠᠨ ᠥᠭᠡᠢ ᠪᠤᠯᠭᠠᠨ᠎ᠠ᠃ ᠤᠯᠵᠠᠴᠢ ᠶᠢᠨ ᠮᠠᠯᠴᠢᠨ ᠲᠠᠷᠢᠶᠠᠴᠢᠳ ᠤᠨ ᠥᠢᠯᠡᠰ ᠪᠤᠰᠬᠠᠬᠤ ᠭᠥᠷᠢᠶᠡᠯᠡᠩ ᠢᠶᠠᠷ ᠰᠠᠭᠤᠷᠢᠯᠠᠭᠤᠯᠤᠨ᠂ ᠮᠠᠯᠵᠢᠬᠤ ᠲᠠᠷᠢᠶᠠᠯᠠᠬᠤ ᠤᠷᠤᠨ ᠤ ᠵᠠᠯᠠᠭᠤᠴᠤᠳ ᠤᠨ ᠠᠳᠠᠯ ᠥᠢᠯᠡᠰ ᠪᠤᠰᠬᠠᠵᠤ ᠪᠠᠶᠠᠵᠢᠨ ᠴᠢᠨᠡᠭᠡᠯᠢᠭᠵᠢᠭᠦ ᠠᠵᠢᠯ ᠢ ᠠᠬᠢᠭᠤᠯᠵᠤ᠂ ᠬᠤᠰᠢᠭᠤᠨ ᠳᠤ ᠰᠠᠭᠤᠷᠢᠰᠢᠭ᠎ᠠ ᠡᠯ᠎ᠡ ᠠᠵᠤ ᠠᠬᠤᠶᠢᠯᠠᠯ ᠤᠳ ᠲᠠᠢ ᠬᠤᠯᠪᠤᠭᠠᠯᠠᠨ ᠲᠤᠭᠳᠠᠮᠠᠯ ᠴᠢᠭᠯᠡᠯᠳᠤ ᠡᠯᠰᠡᠯᠳᠡ ᠪᠤᠯᠪᠠᠰᠤᠷᠠᠯ ᠤᠨ ᠲᠤᠭᠳᠠᠴᠠ ᠲᠤᠭᠳᠠᠭᠠᠨ᠂ ᠰᠤᠷᠤᠯᠭ᠎ᠠ ᠲᠡᠭᠦᠰᠥᠭᠰᠡᠨ ᠤᠶᠤᠳᠠᠳ ᠲᠤ ᠪᠠᠨ ᠠᠵᠢᠯ ᠤᠨ ᠪᠠᠶᠢᠷᠢ ᠤᠯᠭᠤᠨ᠎ᠠ᠃ ᠪᠥᠭᠦ ᠵᠢᠯ ᠳᠤ ᠬᠤᠳᠠ ᠪᠠᠯᠭᠠᠰᠤᠨ ᠤ 950 ᠰᠠᠭᠤᠭᠠᠯᠢ ᠠᠷᠠᠳ ᠲᠤ ᠠᠵᠢᠯ ᠤᠯᠭᠤᠨ᠂ ᠬᠤᠳᠠ ᠪᠠᠯᠭᠠᠰᠤᠨ ᠤ ᠠᠵᠢᠯ ᠠᠯᠳᠠᠯᠳᠠ ᠶᠢᠨ ᠳᠠᠩᠰᠠᠯᠠᠯᠳᠠ ᠶᠢᠨ ᠨᠤᠷᠮ᠎ᠠ ᠶᠢ 3% ᠲᠤᠳᠤᠷ᠎ᠠ ᠬᠢᠵᠠᠭᠠᠷᠯᠠᠨ᠎ᠠ᠃ ︽ᠨᠡᠶᠢᠭᠡᠮ ᠤᠨ ᠪᠠᠳᠤᠯᠠᠭ᠎ᠠ ᠨᠠᠭᠠᠳᠤ ᠵᠠᠬ᠎ᠠ ᠶᠢ ᠪᠠᠳᠤᠯᠠᠬᠤ ᠲᠤᠤᠷ︾ ᠢ ᠪᠠᠬᠢᠵᠢᠭᠦᠯᠥᠨ᠂ ᠤᠷᠤᠯᠭ᠎ᠠ ᠶᠢᠨ ᠬᠤᠪᠢᠶᠠᠷᠢᠯᠠᠯᠳᠠ ᠶᠢᠨ ᠲᠤᠭᠳᠠᠴᠠ ᠶᠢᠨ ᠥᠭᠡᠷᠡᠴᠢᠯᠡᠯᠳᠡ ᠶᠢ ᠭᠥᠨᠵᠡᠭᠡᠶᠢᠷᠡᠭᠦᠯᠵᠥ᠂ ᠠᠯᠪᠠᠨ ᠪᠠᠶᠢᠭᠤᠯᠭ᠎ᠠ ᠠᠵᠢᠯ ᠥᠢᠯᠡᠰ ᠤᠨ ᠨᠢᠭᠡᠴᠡ ᠶᠢᠨ ᠥᠨᠳᠥᠰᠥᠨ ᠴᠠᠯᠢᠩ ᠤᠨ ᠬᠡᠪ ᠤᠨ ᠥᠰᠥᠯᠳᠡ ᠶᠢ ᠪᠠᠳᠤᠯᠠᠬᠤ ᠲᠤᠭᠳᠠᠴᠠ ᠲᠤᠭᠳᠠᠭᠠᠨ᠂ ᠬᠠᠮᠤᠭ ᠲᠤᠤᠷ᠎ᠠ ᠴᠠᠯᠢᠩ ᠤᠨ ᠪᠠᠷᠢᠮᠵᠢᠶ᠎ᠠ ᠶᠢ ᠪᠥᠭᠦ ᠲᠠᠯ᠎ᠠ ᠪᠠᠷ ᠨᠠᠶᠢᠳᠠᠪᠤᠷᠢᠵᠢᠭᠤᠯᠵᠤ᠂ ᠮᠠᠯᠴᠢᠨ ᠲᠠᠷᠢᠶᠠᠴᠢᠳ ᠤᠨ ᠡᠵᠡᠩᠨᠡᠯᠳᠡ᠂ ᠴᠠᠯᠢᠩ ᠪᠠ ᠭᠥᠷᠥᠩᠭᠡ ᠶᠢᠨ ᠴᠢᠨᠠᠷᠳᠤ ᠤᠷᠤᠯᠭ᠎ᠠ ᠶᠢ ᠤᠯᠠᠨ ᠴᠢᠳᠠᠪᠬᠢ ᠪᠠᠷ ᠲᠡᠭᠡᠭᠰᠢᠯᠡᠭᠦᠯᠥᠨ᠎ᠡ᠃ ᠪᠥᠭᠦ ᠠᠷᠠᠳ ᠢᠶᠠᠷ ᠲᠠᠭᠠᠳᠬᠠᠯ ᠠᠪᠬᠤ ᠲᠥᠯᠥᠪᠯᠡᠭᠡ ᠭᠡᠷᠡᠭᠵᠢᠭᠦᠯᠥᠨ᠂ ᠨᠡᠶᠢᠭᠡᠮ ᠤᠨ ᠲᠠᠭᠠᠳᠬᠠᠯ ᠤᠨ ᠬᠠᠮᠤᠷᠬᠤ ᠭᠡᠪᠴᠢᠶ᠎ᠡ  ᠶᠢ ᠤᠯᠠᠮ ᠥᠷᠭᠡᠳᠭᠡᠨ᠎ᠡ᠃ ᠬᠤᠳᠠ ᠬᠥᠳᠡᠭᠡ ᠶᠢᠨ ᠨᠢᠭᠡᠳᠥᠯᠳᠡᠢ ᠥᠨᠳᠥᠰᠥᠨ ᠡᠮ ᠡᠮᠨᠡᠯᠭᠡ ᠶᠢᠨ ᠲᠠᠭᠠᠳᠬᠠᠯ ᠤᠨ ᠲᠥᠷᠢᠮ ᠢ ᠲᠡᠭᠦᠯᠳᠡᠷᠵᠢᠭᠦᠯᠵᠥ᠂ ᠡᠮ ᠡᠮᠨᠡᠯᠭᠡ  ᠶᠢᠨ ᠲᠠᠭᠠᠳᠬᠠᠯ ᠤᠨ ᠤᠯᠭᠤᠮᠵᠢ ᠪᠤᠯᠤᠨ ᠪᠠᠳᠤᠯᠠᠬᠤ ᠬᠥᠷᠢᠶ᠎ᠡ ᠬᠡᠪᠴᠢᠶ᠎ᠡ ᠶᠢ ᠥᠷᠭᠡᠳᠭᠡᠨ᠎ᠡ᠃ ᠨᠡᠶᠢᠭᠡᠮ ᠤᠨ ᠠᠪᠤᠷᠠᠨ ᠲᠤᠰᠠᠯᠠᠯᠳᠠ ᠶᠢᠨ ᠪᠠᠷᠢᠮᠵᠢᠶ᠎ᠠ ᠶᠢ ᠪᠠᠷᠠᠭᠠᠨ  ᠤ ᠬᠠᠩᠰᠢ ᠲᠠᠢ ᠤᠶᠠᠯᠳᠤᠭᠤᠯᠤᠭᠰᠠᠨ ᠲᠤᠭᠳᠠᠴᠠ ᠲᠤᠭᠳᠠᠭᠠᠨ᠂ ᠠᠵᠤ ᠠᠬᠤᠶᠢᠯᠠᠯ ᠤᠨ ᠠᠵᠢᠯ ᠤᠨ ᠠᠮᠠᠷᠠᠯᠳᠠ ᠪᠠᠨ ᠠᠪᠤᠭᠰᠠᠳ ᠤᠨ ᠥᠨᠳᠥᠰᠥᠨ ᠨᠠᠰᠤᠵᠢᠯ ᠤᠨ ᠲᠡᠳᠭᠦᠯᠭᠡ ᠮᠥᠩᠭᠦ᠂ ᠬᠤᠳᠠ ᠬᠥᠳᠡᠭᠡ ᠶᠢᠨ ᠰᠠᠭᠤᠭᠠᠯᠢ ᠠᠷᠠᠳ ᠤᠨ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ᠂ ᠡᠮ ᠡᠮᠴᠢᠯᠡᠭᠡ ᠶᠢᠨ ᠲᠠᠭᠠᠳᠬᠠᠯ ᠤᠨ ᠬᠤᠷᠠᠮᠳᠤᠭᠤᠯᠤᠯ ᠮᠥᠩᠭᠦ ᠪᠠ ᠨᠠᠰᠤᠵᠢᠯ ᠤᠨ ᠤᠯᠭᠤᠮᠵᠢ ᠶᠢᠨ ᠪᠠᠷᠢᠮᠵᠢᠶ᠎ᠠ ᠶᠢ ᠤᠯᠠᠮ ᠲᠡᠭᠡᠭᠰᠢᠯᠡᠭᠦᠯᠥᠨ᠎ᠡ᠃ ︽ᠰᠤᠷᠭᠠᠨ ᠭᠥᠮᠥᠵᠢᠯ ᠢᠶᠠᠷ ᠠᠷᠠᠳ ᠢ ᠬᠠᠷᠠᠭᠠᠯᠵᠠᠬᠤ ᠲᠤᠤᠷ︾ ᠢ ᠪᠠᠬᠢᠵᠢᠭᠦᠯᠥᠨ᠂ ᠰᠤᠷᠭᠠᠨ ᠭᠥᠮᠥᠵᠢᠯ ᠢ ᠲᠡᠷᠢᠭᠦᠨ ᠳᠤ ᠨᠢ ᠭᠥᠭᠵᠢᠭᠦᠯᠭᠦ ᠪᠠ ᠲᠡᠩᠴᠡᠭᠦᠷᠢᠰᠢᠭᠦᠯᠥᠨ ᠭᠥᠭᠵᠢᠭᠦᠯᠭᠦ ᠶᠢ ᠪᠠᠷᠢᠮᠳᠠᠯᠠᠨ᠂ ︽ᠰᠤᠷᠭᠠᠨ ᠭᠥᠮᠥᠵᠢᠯ ᠤᠨ ᠥᠢᠯᠡᠰ ᠤᠨ ᠭᠥᠭᠵᠢᠯᠳᠡ ᠶᠢ ᠲᠥᠷᠭᠡᠳᠭᠡᠭᠦ ᠰᠠᠨᠠᠯ︾ ᠢ ᠲᠤᠭᠳᠠᠭᠠᠨ ᠭᠡᠷᠡᠭᠵᠢᠭᠦᠯᠵᠥ᠂ ᠨᠡᠷᠡᠳᠥ ᠵᠠᠬᠢᠷᠤᠯ ᠰᠢᠯᠢᠳᠡᠭ ᠪᠠᠭᠰᠢ ᠤᠷᠢᠬᠤ ᠭᠥᠴᠥᠯᠡᠴᠡ  ᠪᠠᠨ ᠴᠢᠩᠭᠠᠳᠬᠠᠨ᠂ ᠢᠮᠠᠭᠠᠯᠠᠢ ᠶᠢᠨ ᠭᠡᠥᠭᠡᠳ ᠤᠨ ᠴᠡᠴᠡᠷᠯᠢᠭ ᠪᠤᠯᠤᠨ ᠮᠠᠯᠠᠳ ᠤᠨ ᠥᠨᠳᠥᠰᠥᠳᠡᠨ ᠤ ᠭᠡᠥᠭᠡᠳ ᠤᠨ ᠴᠡᠴᠡᠷᠯᠢᠭ ᠢ ᠰᠢᠨ᠎ᠡ ᠪᠠᠷ ᠪᠠᠶᠢᠭᠤᠯᠵᠤ᠂ ᠡᠯ᠎ᠡ ᠪᠠᠭ᠎ᠠ ᠰᠤᠷᠭᠠᠭᠤᠯᠢ ᠪᠤᠯᠤᠨ ᠭᠡᠥᠭᠡᠳ ᠤᠨ ᠴᠡᠴᠡᠷᠯᠢᠭ ᠤᠳ ᠤᠨ ᠲᠤᠨᠤᠭ ᠲᠥᠭᠦᠭᠡᠷᠤᠮᠵᠢ ᠶᠢ ᠰᠠᠶᠢᠵᠢᠷᠠᠭᠤᠯᠤᠨ᠂ ᠰᠤᠷᠭᠠᠨ ᠬᠥᠮᠥᠵᠢᠯ ᠤᠨ ᠬᠠᠳᠠᠭᠤ ᠲᠤᠨᠤᠭᠯᠠᠯ ᠪᠤᠯᠤᠨ ᠵᠢᠭᠠᠨ ᠰᠤᠷᠭᠠᠯᠳᠠ ᠶᠢᠨ ᠬᠢᠷᠢ ᠲᠥᠪᠰᠢᠨ ᠢ ᠪᠥᠭᠦ ᠲᠠᠯ᠎ᠠ ᠪᠠᠷ ᠲᠡᠭᠡᠭᠰᠢᠯᠡᠭᠦᠯᠥᠨ᠎ᠡ᠃ ︽ᠡᠷᠡᠭᠦᠯ ᠬᠠᠮᠠᠭᠠᠯᠠᠯ ᠡᠩᠭᠡ ᠮᠡᠨᠳᠥ ᠶᠢᠨ ᠲᠤᠤᠷ︾ ᠢ ᠪᠠᠬᠢᠵᠢᠭᠦᠯᠥᠨ᠂ ᠡᠮ ᠡᠮᠨᠡᠯᠬᠡ ᠡᠷᠡᠬᠦᠯ ᠬᠠᠮᠠᠭᠠᠯᠠᠯ ᠤᠨ ᠳᠤᠭᠳᠠᠴᠠ ᠶᠢᠨ ᠥᠭᠡᠷᠡᠴᠢᠯᠡᠯᠳᠡ ᠶᠢ ᠥᠷᠭᠦᠯᠵᠢᠯᠡᠨ ᠭᠥᠨᠵᠡᠭᠡᠶᠢᠷᠡᠭᠦᠯᠵᠥ᠂ ᠮᠤᠩᠭᠤᠯ ᠬᠢᠳᠠᠤᠨ ᠡᠮ ᠡᠮᠨᠡᠯᠬᠡ ᠶᠢᠨ ᠬᠦᠭᠵᠢᠯᠳᠠ ᠶᠢᠨ ᠲᠦᠪᠰᠢᠨ ᠢ ᠪᠦᠬᠦ ᠳᠠᠯ᠎ᠠ ᠪᠠᠷ ᠳᠡᠬᠡᠭᠰᠢᠯᠡᠬᠦᠯᠵᠤ᠂ ᠮᠤᠩᠭᠤᠯ ᠡᠮᠴᠢ ᠨᠠᠷ ᠤᠨ ᠱᠠᠪᠢ ᠲᠠᠭᠠᠭᠤᠯᠬᠤ ᠲᠤᠷᠰᠢᠯᠳᠠ ᠶᠢᠨ ᠴᠡᠭ ᠢ 10 ᠲᠤᠭᠳᠠᠭᠠᠵᠤ᠂ ᠮᠤᠩᠭᠤᠯ ᠡᠮ ᠡᠮᠨᠡᠯᠭᠡ ᠶᠢᠨ ᠳᠠᠩᠬᠢᠮ ᠢ 6 ᠪᠠᠶᠢᠭᠤᠯᠤᠨ᠂ ᠢᠮᠠᠭᠠᠯᠠᠢ᠂ ᠵᠤᠤᠬ᠎ᠠ᠂ ᠮᠤᠭᠠᠶᠢᠳᠤ ᠶᠢᠨ ᠡᠷᠡᠭᠦᠯ ᠬᠠᠮᠠᠭᠠᠯᠠᠯ ᠤᠨ ᠬᠤᠷᠢᠶ᠎ᠠ ᠶᠢ ᠰᠢᠨ᠎ᠡ ᠪᠠᠶᠢᠭᠤᠯᠤᠨ᠎ᠠ᠃ 25 ᠨᠠᠰᠤ ᠭᠡᠳᠥᠷᠡᠭᠰᠡᠳ ᠢ ᠵᠠᠷᠤᠳᠠᠯ ᠬᠤᠷᠢᠶᠠᠬᠤ ᠥᠭᠡᠢ ᠪᠠᠷ ᠪᠡᠶ᠎ᠡ ᠶᠢᠨ ᠪᠠᠶᠢᠴᠠᠭᠠᠯᠳᠠ ᠬᠢᠭᠦ ᠠᠵᠢᠯᠯᠠᠭ᠎ᠠ ᠥᠷᠨᠢᠭᠦᠯᠵᠥ᠂ ᠨᠢᠭᠡᠳᠥᠯᠳᠡᠢ ᠪᠠᠷ ᠡᠷᠡᠭᠦᠯ ᠮᠡᠨᠳᠥ ᠶᠢᠨ ᠲᠠᠩᠰᠠ ᠭᠥᠮᠥᠷᠭᠡ ᠪᠠᠶᠢᠭᠤᠯᠤᠨ᠎ᠠ᠃ ᠢᠨᠲ᠋ᠧᠷ ᠰᠦᠯᠵᠢᠶ᠎ᠡ ᠪᠤᠯᠤᠨ ᠡᠷᠡᠬᠦᠯ ᠮᠠᠨᠳᠤ ᠶᠢᠨ ᠤᠶᠢᠯᠡᠰ ᠢ ᠠᠭᠤᠰᠤᠯᠴᠠᠭᠤᠯᠵᠤ᠂ ᠠᠯᠤᠰ ᠡᠵᠡᠮᠰᠢᠯ  ᠢᠶᠠᠷ ᠤᠶᠢᠯᠡᠴᠢᠯᠡᠬᠦ ᠤᠶᠢᠯᠡᠴᠢᠯᠡᠭᠡ ᠶᠢ ᠮᠠᠯᠵᠢᠬᠤ ᠳᠠᠷᠢᠶᠠᠯᠠᠬᠤ ᠤᠷᠤᠨ ᠳᠤ ᠤᠷᠤᠭᠤᠯᠵᠤ᠂ ᠡᠮᠨᠡᠯᠬᠡ ᠶᠢᠨ ᠠᠵᠢᠯᠳᠠᠨ ᠪᠤᠯᠤᠨ ᠠᠷᠠᠤᠨ ᠤᠯᠠᠨ ᠤ ᠰᠦᠯᠵᠢᠶ᠎ᠡ ᠪᠠᠷ ᠬᠠᠷᠢᠯᠴᠠᠬᠤ ᠳᠠᠪᠴᠠᠩ ᠪᠠᠶᠢᠭᠤᠯᠤᠨ᠂ ᠠᠯᠤᠰ ᠠᠴᠠ ᠬᠠᠮᠳᠤᠷᠠᠨ ᠤᠨᠤᠰᠢᠯᠠᠬᠤ ᠶᠢ ᠬᠡᠪ ᠤᠨ ᠪᠠᠶᠢᠳᠠᠯ ᠪᠤᠯᠭᠠᠵᠤ᠂ ᠤᠷᠢᠤᠨᠴᠢᠯᠠᠨ ᠳ᠋ᠤᠭᠠᠷ ᠠᠪᠬᠤ ᠶᠢ ᠴᠢᠮᠡᠭᠡ ᠵᠠᠩᠬᠢᠴᠢᠯᠠᠯᠳᠠ ᠪᠠᠷ ᠪᠡᠶᠡᠯᠡᠬᠦᠯᠬᠦ ᠪᠤᠯᠭᠠᠨ᠎ᠠ᠃ ᠭᠥᠩᠭᠡᠵᠢᠭᠦ ᠨᠠᠰᠤᠨ ᠤ ᠡᠮᠡᠭᠳᠡᠶᠢᠴᠥᠳ ᠲᠤ ᠥᠷᠭᠦᠯᠵᠢᠯᠡᠨ ︽ᠬᠤᠶᠠᠷ ᠥᠮᠡᠨ︾ ᠤ ᠵᠠᠷᠤᠳᠠᠯ ᠥᠯᠥ ᠬᠤᠷᠢᠶᠠᠬᠤ ᠰᠢᠭᠰᠢᠯ ᠪᠠᠶᠢᠴᠠᠭᠠᠯᠳᠠ ᠬᠢᠨ᠂ ᠪᠠᠴᠢᠮ ᠠᠪᠤᠷᠠᠯᠳᠠ ᠶᠢᠨ ︽ᠡᠮ ᠤᠨ ᠬᠠᠶᠢᠷᠴᠠᠭ︾ ᠤᠨ ᠲᠥᠭᠡᠭᠡᠭᠦ ᠭᠥᠷᠢᠶ᠎ᠡ ᠬᠡᠪᠴᠢᠶ᠎ᠡ ᠶᠢ ᠥᠷᠭᠡᠳᠭᠡᠵᠥ᠂ ᠬᠤᠳᠠ ᠬᠥᠳᠡᠭᠡ  ᠶᠢᠨ ᠰᠠᠭᠤᠭᠠᠯᠢ ᠠᠷᠠᠳ ᠤᠨ ᠥᠨᠳᠥᠰᠥᠨ ᠡᠮ ᠡᠮᠨᠡᠯᠭᠡ ᠶᠢᠨ ᠱᠠᠭᠠᠷᠳᠠᠯᠭ᠎ᠠ ᠶᠢ ᠬᠠᠩᠭᠠᠨ᠂ ᠡᠷᠡᠭᠦᠯ ᠡᠩᠭᠡ ᠤᠳᠤᠭ ᠤᠨ ᠡᠮᠥᠨᠡᠳᠥ ᠬᠤᠰᠢᠭᠤ ᠶᠢ ᠪᠠᠶᠢᠭᠤᠯᠤᠨ᠎ᠠ᠃  ︽ᠰᠤᠶᠤᠯ ᠢᠶᠠᠷ ᠠᠷᠠᠳ ᠢ ᠪᠠᠶᠠᠰᠬᠠᠬᠤ ᠲᠤᠤᠷ︾ ᠢ ᠪᠠᠬᠢᠵᠢᠭᠦᠯᠥᠨ᠂ ᠨᠡᠶᠢᠭᠡᠮ ᠵᠢᠷᠤᠮ ᠤᠨ ᠭᠤᠤᠯᠯᠠᠭᠴᠢ ᠥᠷᠳᠡᠭ ᠤᠨ ᠥᠵᠡᠯᠳᠡ ᠪᠠ ᠥᠨᠳᠥᠰᠥᠳᠡᠨ ᠤ ᠤᠯᠠᠮᠵᠢᠯᠠᠯᠳᠤ ᠰᠤᠶᠤᠯ ᠤᠨ ᠲᠠᠪᠠᠭᠤᠯᠢᠭ ᠢ ᠪᠠᠳᠠᠷᠠᠭᠤᠯᠤᠨ᠂ ᠨᠤᠳᠤᠭ ᠰᠤᠶᠤᠯ ᠵᠠᠩ ᠥᠢᠯᠡ ᠶᠢ ᠬᠠᠷᠠᠭᠤᠯᠤᠨ᠂ ᠭᠥᠭᠵᠢᠯᠳᠡ ᠲᠠᠪᠰᠢᠯᠳᠠ ᠪᠠ ᠬᠤᠰᠢᠭᠤ ᠨᠤᠳᠤᠭ  ᠢᠶᠠᠷ ᠢᠶᠠᠨ ᠪᠠᠭ᠋ᠠᠳᠤᠭᠰᠠᠨ ᠰᠤᠳᠤᠨ ᠪᠥᠳᠥᠭᠡᠯ ᠤᠳ ᠢ ᠭᠠᠷᠭᠠᠨ᠎ᠠ᠃ ᠰᠤᠶᠤᠯ ᠢᠶᠠᠷ ᠠᠷᠠᠳ ᠢ ᠬᠠᠷᠠᠭᠠᠯᠵᠠᠬᠤ ᠠᠵᠢᠯ ᠢ ᠭᠥᠨᠵᠡᠭᠡᠢ ᠥᠷᠨᠢᠭᠦᠯᠵᠥ᠂ ︽ᠰᠤᠩᠭᠤᠯᠳᠠ  ᠲᠠᠢ᠂ ᠪᠤᠯᠵᠤᠯ ᠲᠠᠢ︾ ᠥᠢᠯᠡᠴᠢᠯᠡᠭᠡᠨ ᠤ ᠲᠤᠭᠳᠠᠴᠠ ᠶᠢ ᠡᠷᠢᠯᠬᠢᠯᠡᠨ᠂ ᠪᠥᠭᠦ ᠵᠢᠯ ᠳᠤ ᠭᠠᠴᠠᠭ᠎ᠠ ᠲᠤᠰᠬᠤᠨ ᠤᠳ ᠢᠶᠠᠷ 300 ᠢᠯᠡᠭᠦᠥ ᠤᠳᠠᠭᠠᠨ ᠤ ᠺᠢᠨᠣ᠋ ᠹᠢᠯᠢᠮ ᠨᠡᠪᠳᠡᠷᠡᠭᠦᠯᠥᠨ᠎ᠡ᠃ ᠠᠷᠠᠳ ᠤᠨ ᠲᠤᠮᠳᠠᠬᠢ ᠬᠤᠨᠵᠢᠪᠤᠷᠢᠳᠤ ᠡᠵᠡᠩᠨᠡᠯᠳᠡ ᠶᠢᠨ ᠪᠤᠰᠤ ᠰᠤᠶᠤᠯ ᠤᠷᠠᠯᠢᠭ ᠤᠨ ᠪᠥᠯᠭᠦᠮ ᠤᠳ ᠢ ᠲᠡᠮᠵᠢᠨ ᠵᠤᠷᠢᠭᠵᠢᠭᠤᠯᠬᠤ  ᠪᠠᠨ ᠴᠢᠩᠭᠠᠳᠬᠠᠨ᠂ ᠠᠷᠠᠳ ᠤᠨ ᠲᠤᠮᠳᠠᠬᠢ ᠰᠤᠶᠤᠯ ᠤᠷᠠᠯᠢᠭ ᠤᠨ ᠭᠥᠭᠵᠢᠯᠳᠡ ᠶᠢ ᠠᠬᠢᠭᠤᠯᠤᠨ᠎ᠠ᠃ ᠪᠥᠭᠦ ᠠᠷᠠᠳ ᠤᠨ ᠪᠡᠶ᠎ᠡ ᠴᠢᠬᠢᠷᠠᠭᠵᠢᠯ ᠤᠨ ᠥᠢᠯᠡᠰ ᠢ ᠭᠥᠴᠥᠯᠡᠨ ᠰᠠᠶᠢᠵᠢᠷᠠᠭᠤᠯᠵᠤ᠂ ᠪᠥᠷᠢᠨ ᠲᠥᠭᠦᠷ ᠲᠠᠮᠢᠷ ᠤᠨ ᠭᠡᠷᠡᠭᠰᠡᠯ ᠲᠤᠨᠤᠭᠯᠠᠯ ᠢ ᠠᠰᠢᠭᠯᠠᠨ ᠥᠷᠭᠦᠯᠵᠢ ᠶᠢᠨ ᠴᠢᠨᠠᠷᠳᠠᠢ ᠪᠠᠷ ᠡᠯ᠎ᠡ ᠵᠥᠢᠯ ᠤᠨ ᠲᠠᠮᠢᠷ ᠤᠨ ᠭᠥᠳᠡᠯᠭᠡᠭᠡᠨ ᠢ ᠵᠤᠬᠢᠶᠠᠨ ᠪᠠᠶᠢᠭᠤᠯᠤᠨ᠂ ᠺᠠᠳ᠋ᠷ ᠤᠯᠠᠨ ᠲᠥᠮᠡᠨ ᠤ ᠪᠡᠶ᠎ᠡ ᠮᠠᠬᠠᠨᠪᠤᠳ ᠤᠨ ᠡᠷᠡᠭᠦᠯ ᠴᠢᠬᠢᠷᠠᠭ ᠤᠨ ᠲᠥᠪᠰᠢᠨ ᠢ ᠥᠨᠡᠨ ᠬᠦ ᠲᠡᠭᠡᠭᠰᠢᠯᠡᠭᠦᠯᠥᠨ᠎ᠡ᠃     ︵ᠭᠤᠷᠪᠠ︶ ᠪᠥᠳᠥᠴᠡ ᠶᠢᠨ ᠲᠤᠬᠢᠷᠠᠭᠤᠯᠤᠯᠳᠠ ᠶᠢ ᠭᠥᠨᠵᠡᠭᠡᠶᠢᠷᠡᠭᠦᠯᠥᠨ᠂ ᠮᠠᠯ ᠲᠠᠷᠢᠶᠠᠯᠠᠩ ᠮᠠᠯᠴᠢᠨ ᠲᠠᠷᠢᠶᠠᠴᠢᠨ ᠮᠠᠯᠵᠢᠬᠤ ᠲᠠᠷᠢᠶᠠᠯᠠᠬᠤ ᠤᠷᠤᠨ ᠤ ᠬᠡᠪ ᠴᠢᠨᠰᠠᠭ᠎ᠠ ᠶᠢ ᠤᠯᠠᠮ ᠰᠢᠯᠢᠳᠡᠭᠵᠢᠭᠦᠯᠥᠨ᠂ ᠮᠠᠯ ᠲᠠᠷᠢᠶᠠᠯᠠᠩ ᠤᠨ ᠥᠢᠯᠡᠰ ᠤᠨ ᠠᠮᠢᠵᠢᠷᠠᠯ ᠤᠨ ᠭᠥᠴᠥᠨ ᠢ ᠭᠥᠭᠵᠢᠭᠡᠨ᠎ᠡ᠃ ᠠᠵᠤ ᠥᠢᠯᠡᠳᠪᠥᠷᠢᠵᠢᠭᠦᠯᠥᠯᠳᠡ ᠶᠢᠨ ᠥᠵᠡᠯᠳᠡ ᠪᠠᠷ ᠮᠠᠯ ᠲᠠᠷᠢᠶᠠᠯᠠᠩ ᠤᠨ ᠥᠢᠯᠡᠰ ᠢ ᠭᠥᠭᠵᠢᠭᠦᠯᠥᠨ᠂ ᠬᠤᠳᠠᠴᠢᠯᠠᠯᠳᠠ ᠶᠢᠨ ᠰᠡᠳᠬᠢᠮᠵᠢ ᠪᠠᠷ ᠮᠠᠯᠵᠢᠬᠤ ᠲᠠᠷᠢᠶᠠᠯᠠᠬᠤ ᠤᠷᠤᠨ ᠢ ᠪᠥᠳᠥᠭᠡᠨ ᠪᠠᠶᠢᠭᠤᠯᠵᠤ ᠂ ᠰᠤᠶᠤᠯ ᠤᠯᠠᠮᠵᠢᠯᠠᠯ ᠪᠠ ᠰᠢᠨᠵᠢᠯᠡᠭᠡ ᠮᠡᠷᠭᠡᠵᠢᠯ ᠢ ᠮᠠᠯᠴᠢᠨ ᠲᠠᠷᠢᠶᠠᠴᠢᠳ ᠲᠤ ᠴᠤᠭ ᠡᠵᠡᠮᠰᠢᠭᠦᠯᠥᠨ᠂ ᠮᠠᠯ ᠲᠠᠷᠢᠶᠠᠯᠠᠩ ᠤᠨ ᠥᠢᠯᠡᠰ ᠬᠢᠭᠡᠳ ᠮᠠᠯᠵᠢᠬᠤ ᠲᠠᠷᠢᠶᠠᠯᠠᠬᠤ ᠤᠷᠤᠨ ᠢ ᠮᠠᠯᠴᠢᠨ ᠲᠠᠷᠢᠶᠠᠴᠢᠳ ᠤᠨ ᠴᠢᠳᠠᠪᠤᠷᠢ ᠪᠠᠨ ᠪᠠᠳᠠᠷᠠᠭᠤᠯᠤᠨ ᠪᠠᠶᠠᠵᠢᠯ ᠴᠢᠨᠡᠭᠡᠯᠢᠭᠵᠢᠯ ᠵᠥᠭ ᠤᠷᠤᠭᠰᠢᠯᠠᠬᠤ ᠲᠠᠷᠳᠠᠩ ᠬᠠᠷᠭᠤᠢ ᠪᠤᠯᠭᠠᠵᠤ᠂ ᠲᠡᠳᠡ ᠪᠥᠭᠦᠳᠡ ᠶᠢᠨ ᠵᠢᠩᠬᠢᠨᠢ ᠥᠢᠯᠡᠰᠴᠢ ᠰᠡᠳᠬᠢᠯᠭᠡ ᠶᠢ ᠬᠥᠭᠵᠢᠭᠡᠨ᠎ᠡ᠃ᠲᠠᠰ ᠴᠢᠨᠠᠷᠳᠤ ᠮᠠᠯ ᠲᠠᠷᠢᠶᠠᠯᠠᠩ ᠤᠨ ᠥᠢᠯᠡᠰ ᠢ ᠴᠤᠭᠴᠠᠯᠠᠨ᠎ᠠ᠃ ᠬᠠᠩᠭᠠᠯᠭ᠎ᠠ ᠶᠢᠨ ᠲᠠᠯ᠎ᠠ ᠶᠢᠨ ᠰᠢᠯᠢᠳᠡᠭᠵᠢᠭᠦᠯᠥᠯᠳᠡ ᠲᠤᠬᠢᠷᠠᠭᠤᠯᠤᠯᠳᠠ ᠳᠤ ᠬᠠᠨᠳᠤᠭᠤᠯᠤᠨ᠂ ᠨᠡᠷᠡᠳᠤ ᠲᠡᠮᠳᠡᠭ ᠢ ᠪᠥᠳᠥᠭᠡᠭᠦ ᠪᠠ ᠴᠢᠨᠠᠷ ᠪᠥᠳᠥᠮᠵᠢ ᠶᠢ ᠲᠡᠭᠡᠭᠰᠢᠯᠡᠭᠦᠯᠭᠦ ᠪᠠᠷ ᠭᠠᠷᠳᠠᠴᠠ ᠪᠤᠯᠭᠠᠵᠤ᠂ ᠮᠠᠯ ᠲᠠᠷᠢᠶᠠᠯᠠᠩ ᠤᠨ ᠥᠢᠯᠡᠳᠪᠥᠷᠢᠯᠡᠯ ᠢ ᠪᠠᠷᠢᠮᠵᠢᠶᠠᠴᠢᠯᠠᠵᠤ ᠬᠠᠮᠢᠶᠠᠷᠤᠯᠳᠠ ᠶᠢ ᠨᠢ ᠨᠠᠷᠢᠯᠢᠭᠵᠢᠭᠤᠯᠤᠨ᠎ᠠ᠃ ᠮᠠᠯ ᠤᠨ ᠠᠰᠢᠭ ᠰᠢᠮ᠎ᠡ ᠪᠤᠯᠤᠨ ᠲᠠᠷᠢᠶᠠᠯᠠᠩ ᠤᠨ ᠪᠥᠳᠥᠭᠡᠭᠳᠡᠭᠦᠨ ᠤ ᠴᠢᠨᠠᠷ ᠴᠢᠨᠰᠠᠭ᠎ᠠ ᠶᠢ ᠪᠠᠳᠤᠯᠠᠬᠤ ᠰᠢᠰᠲ᠋ᠧᠮ ᠬᠢᠭᠡᠳ ᠭᠡᠳᠡᠷᠭᠦ ᠨᠡᠭᠡᠮᠵᠢᠯᠡᠭᠦ ᠰᠢᠰᠲ᠋ᠧᠮ ᠢ ᠲᠠᠭᠦᠯᠳᠡᠷᠵᠢᠭᠦᠯᠥᠨ᠂ ᠮᠠᠯ ᠲᠠᠷᠢᠶᠠᠨ ᠤ ᠰᠢᠮᠡᠳᠤ ᠰᠠᠶᠢᠨ ᠪᠥᠳᠥᠭᠡᠭᠳᠡᠭᠦᠨ ᠬᠠᠩᠭᠠᠬᠤ ᠴᠢᠳᠠᠪᠤᠷᠢ ᠶᠢ ᠲᠡᠭᠡᠭᠰᠢᠯᠡᠭᠦᠯᠵᠥ᠂ ᠪᠥᠭᠦ ᠵᠢᠯ ᠳᠤ ᠰᠢᠨ᠎ᠠ ᠪᠠᠷ ︽ᠭᠤᠷᠪᠠᠨ ᠪᠦᠳᠤᠬᠡᠭᠳᠡᠬᠦᠨ ᠨᠢᠬᠡ ᠢᠯᠡᠤᠨᠬᠡᠯ ᠳᠠᠩᠰᠠᠯᠠᠯᠳᠠ︾ ᠲᠠᠢ ᠮᠠᠯ ᠳᠠᠷᠢᠶᠠᠯᠠᠩ ᠤᠨ ᠪᠦᠳᠤᠬᠡᠭᠳᠡᠬᠦᠨ ᠢ 3 ᠠᠴᠠ ᠳᠡᠬᠡᠭᠰᠢ ᠪᠤᠶᠢᠵᠢᠭᠤᠯᠵᠤ᠂ ᠤᠷᠭᠠᠨᠢᠭ ᠪᠡᠯᠴᠢᠬᠡᠷ ᠢ 560 ᠲᠦᠮᠡᠨ ᠮᠤ᠋ ᠬᠡᠷᠡᠴᠢᠯᠡᠬᠦᠯᠤᠨ᠂ 2 ᠲᠦᠮᠡᠨ ᠠᠯᠠᠰᠢᠨ ᠮᠠᠯ ᠪᠠ 1000 ᠠᠯᠠᠰᠢᠨ ᠦᠬᠡᠷ ᠤᠨ ᠮᠢᠬ᠎ᠠ ᠶᠢ ᠬᠡᠳᠡᠷᠬᠦ ᠨᠡᠬᠡᠮᠵᠢᠯᠡᠨ᠎ᠠ᠃ ᠳᠤᠬᠢᠷᠠᠮᠵᠢᠳᠠᠢ ᠪᠠᠷ ᠬᠡᠪᠴᠢᠶᠠᠵᠢᠯ ᠡᠵᠡᠩᠨᠡᠯᠳᠠ ᠶᠢ ᠠᠬᠢᠭᠤᠯᠵᠤ ᠂ ᠰᠢᠨ᠎ᠠ ᠬᠡᠯᠪᠡᠷᠢ ᠶᠢᠨ ᠡᠵᠡᠩᠨᠡᠯᠳᠠ ᠡᠷᠬᠢᠯᠡᠭᠴᠢᠤᠨ ᠤᠨ ᠭᠠᠵᠠᠷ ᠰᠢᠷᠤᠢ ᠰᠢᠯᠵᠢᠬᠦᠯᠬᠦ᠂ ᠭᠠᠵᠠᠷ ᠰᠢᠷᠤᠢ ᠪᠠᠷ ᠬᠤᠪᠢ ᠤᠷᠤᠬᠤ᠂ ᠤᠷᠤᠯᠠᠨ ᠬᠠᠭᠠᠯᠪᠤᠷᠢᠯᠠᠵᠤ ᠤᠷᠤᠯᠠᠨ ᠳᠠᠷᠢᠬᠤ᠂ ᠬᠤᠯᠪᠤᠭᠠᠯᠠᠨ ᠬᠠᠭᠠᠯᠪᠤᠷᠢᠯᠠᠵᠤ ᠬᠤᠯᠪᠤᠭᠠᠯᠠᠨ ᠳᠠᠷᠢᠬᠤ ᠵᠡᠷᠬᠡ ᠤᠯᠠᠨ ᠠᠷᠭ᠎ᠠ ᠠᠪᠴᠠᠯ ᠢᠶᠠᠷ ᠡᠵᠡᠩᠨᠡᠯᠳᠠ ᠶᠢᠨ ᠬᠦᠷᠢᠶ᠎ᠡ ᠬᠡᠪᠴᠢᠶ᠎ᠡ ᠪᠠᠨ ᠦᠷᠬᠡᠤᠨᠬᠡᠬᠦ ᠶᠢ ᠵᠤᠷᠢᠭᠵᠢᠭᠤᠯᠤᠨ᠂ ᠰᠢᠨ᠎ᠠ ᠪᠠᠷ ᠠᠮᠢ ᠠᠬᠤᠶᠢᠴᠢ ᠬᠡᠷ ᠪᠦᠯᠢ ᠶᠢᠨ ᠮᠠᠯ ᠳᠠᠷᠢᠶᠠᠯᠠᠩ ᠤᠨ ᠳᠠᠯᠠᠪᠠᠢ 40 ᠡᠷᠤᠬᠡ ᠪᠠ ᠳᠡᠵᠢᠬᠡᠨ ᠦᠷᠡᠵᠢᠬᠦᠯᠬᠦ ᠳᠤᠮᠤ ᠡᠷᠤᠬᠡ ᠶᠢ 100 ᠪᠤᠶᠢᠵᠢᠭᠤᠯᠵᠤ᠂ ᠠᠯᠠᠰᠢᠨ ᠦᠬᠡᠷ ᠳᠡᠵᠢᠬᠡᠬᠦ ᠳᠤᠮᠤ ᠡᠷᠤᠬᠡ ᠶᠢ 40 ᠪᠤᠶᠢᠵᠢᠭᠤᠯᠵᠤ᠂ ᠪᠦᠬᠦ ᠬᠤᠰᠢᠭᠤᠨ ᠤ ᠠᠯᠠᠰᠢᠨ ᠦᠬᠡᠷ ᠳᠡᠵᠢᠬᠡᠬᠦ ᠬᠡᠪᠴᠢᠶᠡᠵᠢᠯ ᠢ 12 ᠲᠦᠮᠡ ᠬᠦᠷᠬᠡᠨ᠂ ᠪᠤᠭ ᠮᠠᠯ ᠤᠨ ᠳᠤᠭ᠎ᠠ ᠳᠤᠯᠤᠭᠠᠢ ᠶᠢ 220 ᠲᠦᠮᠡ ᠳᠤ ᠳᠤᠭᠳᠠᠪᠤᠷᠢᠳᠠᠢ ᠪᠤᠯᠭᠠᠨ᠎ᠠ᠃ ᠵᠢᠵᠢᠭ ᠬᠦᠯᠡᠮᠵᠢ ᠪᠠᠷ ᠠᠷᠠᠤᠨ ᠢ ᠪᠠᠶᠠᠯᠵᠢᠭᠤᠯᠬᠤ ᠢᠨᠵᠧᠨᠧᠷᠢᠩ ᠢ ᠦᠷᠬᠦᠯᠵᠢᠯᠡᠨ ᠬᠡᠷᠡᠭᠵᠢᠬᠦᠯᠵᠤ᠂ ᠤᠨᠴᠠᠯᠢᠭᠳᠤ ᠳᠠᠷᠢᠮᠠᠯ ᠤᠨ ᠳᠠᠯᠠᠪᠠᠢ ᠶᠢ 8 ᠲᠦᠮᠡᠨ ᠮᠤ᠋ ᠬᠦᠷᠬᠡᠨ᠂ 1 ᠲᠦᠮᠡᠨ ᠮᠤ᠋ ᠴᠢᠨᠠᠷ ᠰᠠᠶᠢᠳᠤ ᠪᠤᠷᠳᠤᠭᠠᠨ ᠡᠪᠡᠰᠤ ᠪᠠ 2 ᠲᠦᠮᠡᠨ ᠮᠤ᠋ ᠬᠦᠬᠡ ᠳᠠᠷᠤᠰᠢ ᠶᠢᠨ ᠡᠷᠳᠡᠨᠢ ᠰᠢᠰᠢ ᠨᠡᠮᠡᠵᠤ ᠳᠠᠷᠢᠨ᠎ᠠ᠃᠂ ᠳᠤᠯᠤᠭᠠᠶᠢᠯᠠᠭᠴᠢ ᠠᠵᠤ ᠠᠬᠤᠶᠢᠯᠠᠯ ᠤᠨ ᠳᠠᠶᠢᠴᠢᠯᠠᠨ ᠳᠠᠭᠠᠭᠤᠯᠬᠤ ᠤᠶᠢᠯᠡᠳᠤᠯ ᠢ ᠴᠢᠩᠭᠠᠤᠨᠬᠠᠵᠤ᠂ ᠮᠠᠯ ᠳᠠᠷᠢᠶᠠᠯᠠᠩ ᠤᠨ ᠵᠤᠬᠢᠶᠠᠨ ᠪᠠᠶᠢᠭᠤᠯᠤᠯᠳᠠ ᠬᠢᠬᠦ ᠲᠦᠪᠰᠢᠨ ᠢ ᠳᠡᠬᠡᠭᠰᠢᠯᠡᠬᠦᠯᠤᠨ᠂ ᠪᠦᠬᠦ ᠵᠢᠯ ᠳᠤ ᠤᠷᠤᠨ ᠤ ᠳᠡᠰ ᠤᠨ ᠮᠠᠯ ᠠᠵᠤ ᠠᠬᠤᠢ ᠶᠢᠨ ᠳᠤᠯᠤᠭᠠᠶᠢᠯᠠᠭᠴᠢ ᠠᠵᠤ ᠠᠬᠤᠶᠢᠯᠠᠯ 1᠂ ᠬᠤᠳᠠ ᠶᠢᠨ ᠳᠡᠰ ᠤᠨ ᠮᠠᠯ  ᠳᠠᠷᠢᠶᠠᠯᠠᠩ ᠤᠨ ᠳᠤᠯᠤᠭᠠᠶᠢᠯᠠᠭᠴᠢ ᠠᠵᠤ ᠠᠬᠤᠶᠢᠯᠠᠯ 3 ᠪᠤᠶᠢᠵᠢᠭᠤᠯᠵᠤ᠂ ᠠᠰᠢᠭ ᠰᠠᠶᠢᠳᠠᠢ ᠬᠡᠪ ᠤᠨ ᠠᠵᠢᠯᠯᠠᠭ᠎ᠠ ᠲᠠᠢ ᠮᠠᠯᠴᠢᠨ ᠳᠠᠷᠢᠶᠠᠴᠢᠤᠨ ᠤᠨ ᠳᠤᠰᠬᠠᠢ ᠬᠠᠮᠳᠤᠷᠠᠯ ᠬᠤᠷᠰᠢᠶ᠎ᠠ ᠶᠢ 15 ᠪᠠᠶᠢᠭᠤᠯᠬᠤ ᠶᠢᠨ ᠬᠠᠮᠳᠤ ᠮᠠᠯ ᠳᠠᠷᠢᠶᠠᠯᠠᠩ ᠤᠨ ᠪᠤᠬᠢᠷᠳᠤᠯ ᠦᠬᠡᠢ ᠪᠦᠳᠤᠬᠡᠭᠳᠡᠬᠦᠨ ᠠᠷᠠᠯᠵᠢᠶᠠᠯᠠᠬᠤ ᠡᠯᠧᠺᠲᠷᠤᠨ ᠠᠷᠠᠯᠵᠢᠶᠠᠨ ᠤ ᠳᠠᠪᠴᠠᠩ ᠴᠤᠭᠴᠠᠯᠠᠨ᠂ ᠮᠠᠯᠴᠢᠨ ᠳᠠᠷᠢᠶᠠᠴᠢᠨ ᠪᠤᠯᠤᠨ ᠴᠢᠯᠤᠬᠡᠳᠤ ᠳᠡᠯᠬᠡᠬᠦᠷ ᠬᠤᠯᠪᠤᠭᠠᠯᠠᠬᠤ᠂ ᠮᠠᠯᠴᠢᠨ ᠳᠠᠷᠢᠶᠠᠴᠢᠤᠨ ᠪᠤᠯᠤᠨ ᠪᠦᠬᠡᠮ ᠪᠤᠷᠤᠯᠠᠭᠤᠯᠬᠤ ᠳᠡᠯᠬᠡᠬᠦᠷ ᠬᠤᠯᠪᠤᠭᠠᠯᠠᠬᠤ᠂ ᠰᠢᠭᠤᠤᠨ ᠪᠤᠷᠤᠯᠠᠭᠤᠯᠵᠤ ᠰᠢᠭᠤᠤᠨ ᠡᠵᠡᠩᠨᠡᠬᠦ᠂ ᠳᠤᠰ ᠭᠠᠵᠠᠷ ᠤᠨ ᠬᠡᠪᠴᠢᠶᠡᠨ ᠳᠤ ᠪᠠᠷᠠᠭ᠎ᠠ ᠬᠦᠷᠬᠡᠬᠦ ᠵᠡᠷᠬᠡ ᠰᠢᠨᠡᠷᠬᠦᠤ ᠠᠷᠠᠯᠵᠢᠶ᠎ᠠ ᠬᠦᠢᠯᠬᠡᠬᠡ ᠶᠢᠨ ᠠᠷᠭ᠎ᠠ ᠬᠡᠯᠪᠡᠷᠢ ᠶᠢ ᠪᠤᠶᠢᠵᠢᠭᠤᠯᠵᠤ᠂ ᠮᠠᠯ ᠤᠨ ᠠᠰᠢᠭ ᠰᠢᠮ᠎ᠠ᠂ ᠳᠠᠷᠢᠶᠠᠯᠠᠩ ᠤᠨ ᠪᠦᠳᠤᠬᠡᠭᠳᠡᠬᠦᠨ ᠤ ᠤᠶᠢᠯᠡᠤᠨᠪᠤᠷᠢᠯᠡᠬᠦ ᠪᠤᠷᠤᠯᠠᠭᠤᠯᠬᠤ ᠠᠷᠭ᠎ᠠ ᠲᠦᠪᠰᠢᠨ ᠢ ᠳᠡᠬᠡᠭᠰᠢᠯᠡᠬᠦᠯᠤᠨ᠂ ᠮᠠᠯ ᠳᠠᠷᠢᠶᠠᠯᠠᠩ ᠤᠨ ᠤᠶᠢᠯᠡᠰ  ᠤᠨ ᠵᠠᠬ᠎ᠠ ᠳᠡᠯᠬᠡᠬᠦᠷ ᠤᠨ ᠦᠷ᠎ᠠ ᠠᠰᠢᠭ ᠢ ᠦᠷᠬᠡᠤᠨᠬᠡᠨ᠎ᠠ᠃ ᠬᠡᠪ ᠴᠢᠨᠰᠠᠭᠠᠳᠤ ᠮᠠᠯᠵᠢᠬᠤ ᠳᠠᠷᠢᠶᠠᠯᠠᠬᠤ ᠤᠷᠤᠨ ᠢ ᠴᠤᠭᠴᠠᠯᠠᠨ᠎ᠠ᠃ ᠬᠡᠪ ᠴᠢᠨᠰᠠᠭ᠎ᠠ ᠶᠢ ᠳᠡᠬᠡᠭᠰᠢᠯᠡᠬᠦᠯᠤᠨ᠂ ᠠᠵᠤ ᠤᠶᠢᠯᠡᠰ ᠪᠤᠯᠤᠨ ᠭᠠᠴᠠᠭ᠎ᠠ ᠳᠤᠰᠬᠤᠨ ᠤ ᠪᠠᠶᠢᠭᠤᠯᠤᠯᠳᠠ ᠶᠢ ᠠᠭᠤᠰᠤᠯᠴᠠᠭᠤᠯᠬᠤ ᠪᠠᠷ ᠭᠠᠷᠳᠠᠴᠠ ᠪᠤᠯᠭᠠᠵᠤ᠂ ᠠᠵᠤ ᠤᠶᠢᠯᠡᠰ ᠳᠤᠯᠭᠠᠭᠤᠷᠢᠯᠠᠯ ᠲᠠᠢ᠂ ᠤᠷᠤᠯᠭ᠎ᠠ ᠶᠢᠨ ᠨᠠᠮᠡᠭᠳᠡᠯ ᠪᠠᠳᠤᠯᠠᠭ᠎ᠠ ᠲᠠᠢ᠂ ᠠᠬᠤᠢ ᠤᠷᠴᠢᠨ ᠳᠤᠬᠢᠳᠠᠢ᠂ ᠬᠦᠭᠵᠢᠯᠳᠠ ᠴᠢᠨᠠᠷ ᠲᠠᠢ ᠪᠠᠶᠢᠬᠤ ᠪᠠᠷ ᠬᠠᠷᠠᠯᠳᠠ ᠪᠤᠯᠭᠠᠵᠤ᠂ ᠦᠵᠡᠰᠬᠦᠯᠡᠩᠳᠤ ᠬᠦᠳᠡᠭᠡ ᠨᠤᠳᠤᠭ ᠤᠨ ᠭᠤᠷᠪᠠᠨ ᠵᠢᠯ ᠤᠨ ᠠᠵᠢᠯᠯᠠᠭ᠎ᠠ ᠶᠢᠨ ᠲᠦᠯᠤᠪᠯᠡᠭᠡ ᠶᠢ ᠬᠦᠨᠵᠡᠬᠡᠢ ᠦᠷᠨᠢᠬᠦᠯᠵᠤ᠂ ᠪᠦᠬᠦ ᠵᠢᠯ ᠳᠤ ᠦᠵᠡᠰᠬᠦᠯᠡᠩᠳᠤ ᠬᠦᠳᠡᠭᠡ ᠨᠤᠳᠤᠭ ᠤᠨ ᠦᠵᠡᠮᠵᠢ ᠶᠢᠨ ᠱᠤᠭᠤᠮ ᠢ 10᠂ ᠠᠵᠤ ᠤᠶᠢᠯᠡᠰ ᠭᠠᠴᠠᠭ᠎ᠠ ᠳᠤᠰᠬᠤᠨ ᠢ ᠠᠭᠤᠰᠤᠯᠴᠠᠭᠤᠯᠤᠨ ᠬᠦᠭᠵᠢᠬᠦᠯᠦᠭᠰᠡᠨ ᠳᠠᠭᠤᠷᠢᠶᠠᠯ ᠴᠡᠭ ᠢ 14᠂ ᠦᠵᠡᠰᠬᠦᠯᠡᠩᠳᠤ ᠬᠦᠳᠡᠭᠡ ᠨᠤᠳᠤᠭ ᠤᠨ ᠰᠤᠳᠤᠨ ᠭᠠᠴᠠᠭ᠎ᠠ ᠳᠤᠰᠬᠤᠨ ᠢ 10 ᠴᠤᠭᠴᠠᠯᠠᠨ᠎ᠠ᠃ ᠥᠮᠴᠢᠯᠡᠯ ᠤᠨ ᠡᠷᠭᠡ ᠶᠢᠨ ᠲᠥᠷᠢᠮ ᠤᠨ ᠥᠭᠡᠷᠡᠴᠢᠯᠡᠯᠳᠡ ᠶᠢ ᠭᠥᠨᠵᠡᠭᠡᠶᠢᠷᠡᠭᠦᠯᠥᠨ᠂ ᠭᠠᠵᠠᠷ ᠰᠢᠷᠥᠢ ᠨᠤᠳᠤᠭ ᠪᠡᠯᠴᠢᠭᠡᠷ ᠤᠨ ︽ᠭᠤᠷᠪᠠᠨ ᠡᠷᠭᠡ ᠶᠢᠨ ᠲᠤᠰᠠᠭᠠᠷᠯᠠᠯ︾ ᠤᠨ ᠠᠷᠭ᠎ᠠ ᠶᠢ ᠲᠡᠭᠦᠯᠳᠡᠷᠵᠢᠭᠦᠯᠵᠥ᠂ ᠬᠠᠮᠳᠤ ᠶᠢᠨ ᠡᠵᠡᠩᠨᠡᠯᠳᠡ ᠶᠢᠨ ᠴᠢᠨᠠᠷᠳᠤ ᠪᠠᠷᠢᠯᠭ᠎ᠠ ᠶᠢᠨ ᠭᠠᠵᠠᠷ ᠢ ᠬᠤᠳᠠᠯᠳᠤᠭᠠᠯᠠᠬᠤ ᠪᠠ ᠤᠷᠤᠨ ᠰᠠᠭᠤᠴᠨ ᠶᠢᠨ ᠰᠠᠭᠤᠷᠢ ᠭᠠᠵᠠᠷ ᠤᠨ ᠲᠥᠷᠢᠮ ᠤᠨ ᠥᠭᠡᠷᠡᠴᠢᠯᠡᠯᠳᠡ ᠶᠢ ᠰᠦᠪᠡᠭᠴᠢᠯᠡᠨ᠎ᠠ︔ ᠮᠠᠯᠵᠢᠬᠤ ᠲᠠᠷᠢᠶᠠᠯᠠᠬᠤ ᠤᠷᠤᠨ ᠤ ᠮᠥᠩᠭᠦᠨ ᠭᠥᠢᠯᠭᠡᠭᠡᠨ ᠤ ᠲᠤᠭᠳᠠᠴᠠ ᠶᠢᠨ ᠥᠭᠡᠷᠡᠴᠢᠯᠡᠯᠳᠡ ᠶᠢ ᠠᠬᠢᠭᠤᠯᠵᠤ᠂ ᠭᠠᠵᠠᠷ ᠰᠢᠷᠥᠢ ᠨᠤᠳᠤᠭ ᠪᠡᠯᠴᠢᠭᠡᠷ ᠤᠨ ᠡᠵᠡᠩᠨᠡᠯᠳᠡ ᠶᠢᠨ ᠡᠷᠭᠡ ᠪᠠᠷ ᠪᠠᠷᠢᠴᠠᠭᠠᠳᠤ  ᠵᠢᠬᠡᠯᠡᠯᠬᠡ ᠠᠪᠬᠤ ᠠᠵᠢᠯ ᠢ ᠠᠭᠠᠵᠢᠮ ᠢᠶᠠᠷ ᠡᠬᠢᠯᠡᠬᠦᠯᠤᠨ᠎ᠠ︔ ᠮᠠᠯ ᠳᠠᠷᠢᠶᠠᠯᠠᠩ ᠤᠨ ᠤᠶᠢᠯᠡᠰ ᠤᠨ ᠦᠵᠤᠬᠦᠷᠰᠢᠯ ᠨᠦᠬᠦᠪᠤᠷᠢᠯᠡᠯ ᠤᠨ ᠳᠤᠭᠳᠠᠴᠠ ᠶᠢ ᠳᠡᠬᠦᠯᠳᠡᠷᠵᠢᠬᠦᠯᠵᠤ᠂ ᠮᠠᠯᠴᠢᠨ ᠳᠠᠷᠢᠶᠠᠴᠢᠨ ᠪᠤᠯᠤᠨ ᠠᠵᠤ ᠠᠬᠤᠶᠢᠯᠠᠯ ᠤᠨ ᠠᠰᠢᠭ ᠳᠤᠰᠠ ᠶᠢᠨ ᠬᠤᠯᠪᠤᠭᠠᠳᠤ ᠳᠤᠭᠳᠠᠴᠠ ᠶᠢ ᠲᠦᠷᠬᠡᠤᠨᠬᠡᠨ ᠪᠠᠶᠢᠭᠤᠯᠵᠤ᠂ ᠮᠠᠯ ᠳᠠᠷᠢᠶᠠᠯᠠᠩ ᠤᠨ ᠤᠶᠢᠯᠡᠰ ᠤᠨ ᠳᠤᠯᠤᠭᠠᠶᠢᠯᠠᠭᠴᠢ ᠠᠵᠤ ᠠᠬᠤᠶᠢᠯᠠᠯ ᠤᠳ ᠢ ᠠᠵᠤ ᠤᠶᠢᠯᠡᠰ ᠤᠨ ᠬᠦᠨᠵᠡᠬᠡᠢ ᠳᠤᠬᠢᠷᠠᠭᠤᠯᠤᠯᠳᠠ ᠬᠢᠬᠦ ᠲᠦᠯᠬᠢᠴᠠ ᠬᠦᠴᠤᠨ ᠪᠠ ᠮᠠᠯᠴᠢᠨ ᠳᠠᠷᠢᠶᠠᠴᠢᠤᠨ ᠤᠨ ᠤᠷᠤᠯᠭ᠎ᠠ ᠪᠠᠨ ᠦᠷᠬᠦᠯᠵᠢᠯᠡᠨ ᠨᠡᠮᠡᠭᠳᠡᠬᠦᠯᠬᠦ ᠬᠠᠮᠳᠤ ᠶᠢᠨ ᠴᠤᠭᠴᠠ ᠪᠤᠯᠭᠠᠨ᠎ᠠ᠃ ᠮᠠᠯᠴᠢᠨ ᠲᠠᠷᠢᠶᠠᠴᠢᠳ ᠤᠨ ᠬᠡᠪ ᠴᠢᠨᠠᠷ ᠢ ᠳᠡᠬᠡᠭᠰᠢᠯᠡᠬᠦᠯᠤᠨ᠎ᠠ᠃ ᠶᠤᠰᠤ ᠰᠤᠷᠳᠠᠬᠤᠨ ᠢ ᠳᠡᠬᠡᠳᠤᠯᠡᠨ᠂ ᠶᠡᠷᠣᠩᠬᠡᠶᠢᠯᠡᠭᠰᠡᠨ ᠬᠡᠪ ᠴᠢᠨᠠᠷ ᠢ ᠳᠡᠬᠡᠭᠰᠢᠯᠡᠬᠦᠯᠬᠦ ᠪᠠᠷ ᠭᠠᠷᠳᠠᠴᠠ ᠪᠤᠯᠭᠠᠨ᠂ ᠮᠠᠯᠴᠢᠨ ᠳᠠᠷᠢᠶᠠᠴᠢᠤᠨ ᠤᠨ ᠬᠡᠪ ᠴᠢᠨᠠᠷ ᠢ ᠳᠡᠬᠡᠭᠰᠢᠯᠡᠬᠦᠯᠬᠦ ᠠᠵᠢᠯ ᠢ ᠬᠦᠨᠵᠡᠬᠡᠶᠢᠷᠡᠬᠦᠯᠵᠤ᠂ ᠠᠷᠪᠠᠨ ᠤᠳᠤᠨ ᠳᠡᠰ ᠤᠨ ᠪᠤᠯᠪᠠᠰᠤᠨ ᠡᠷᠤᠬᠡ᠂ ᠪᠡᠬᠡᠵᠢᠩ ᠠᠶᠢᠯ᠂ ᠬᠡᠷ ᠤᠨ ᠰᠤᠷᠳᠠᠯ ᠰᠠᠶᠢᠨ ᠬᠡᠷ ᠤᠨ ᠰᠤᠷᠭᠠᠯ ᠤᠬᠢ ᠵᠡᠷᠬᠡ ᠭᠤᠤᠯ ᠰᠡᠳᠤᠪᠳᠤ ᠠᠵᠢᠯᠯᠠᠭ᠎ᠠ ᠶᠢ ᠦᠷᠬᠦᠯᠵᠢᠯᠡᠨ ᠵᠤᠬᠢᠶᠠᠨ ᠪᠠᠶᠢᠭᠤᠯᠤᠨ ᠦᠷᠨᠢᠬᠦᠯᠵᠤ᠂ ᠪᠠᠭ᠎ᠠ ᠪᠠᠷ ᠶᠡᠭᠡ ᠶᠢ ᠳᠠᠶᠢᠴᠢᠯᠠᠨ᠂ ᠶᠤᠰᠤ ᠰᠤᠷᠳᠠᠬᠤᠨ ᠲᠠᠢ ᠤᠬᠢ ᠰᠠᠶᠢᠨ ᠤᠷᠴᠢᠨ ᠢ ᠪᠦᠷᠢᠯᠳᠤᠬᠦᠯᠤᠨ᠎ᠠ︔ ᠠᠵᠢᠯ ᠮᠡᠷᠬᠡᠵᠢᠯ ᠤᠨ ᠮᠠᠯᠴᠢᠨ ᠳᠠᠷᠢᠶᠠᠴᠢᠨ ᠢ ᠬᠦᠮᠤᠵᠢᠬᠦᠯᠬᠦ ᠬᠦᠴᠤᠯᠡᠴᠠ ᠪᠠᠨ ᠶᠡᠬᠡᠤᠨᠬᠡᠨ᠂ ᠮᠠᠯᠴᠢᠨ ᠳᠠᠷᠢᠶᠠᠴᠢᠤᠨ ᠤᠨ ᠰᠢᠨ᠎ᠠ ᠬᠡᠯᠪᠡᠷᠢ ᠶᠢᠨ ᠠᠵᠤ ᠤᠶᠢᠯᠡᠰ ᠬᠦᠭᠵᠢᠬᠦᠯᠬᠦ ᠴᠢᠳᠠᠪᠤᠷᠢ  ᠶᠢ ᠳᠡᠬᠡᠭᠰᠢᠯᠡᠬᠦᠯᠵᠤ᠂ ᠨᠢᠬᠡ ᠪᠦᠯᠦᠭ ᠬᠡᠷᠡᠭᠯᠡᠵᠤ ᠳᠠᠶᠢᠯᠬᠦ᠂ ᠦᠯᠡᠳᠡᠬᠡᠵᠤ ᠴᠢᠳᠠᠬᠤ ᠴᠢᠳᠠᠪᠤᠷᠢᠳᠠᠨ ᠢ ᠬᠦᠮᠤᠵᠢᠬᠦᠯᠤᠨ᠎ᠠ︔ ᠡᠷᠳᠠᠮ ᠨᠤᠮ ᠤᠨ ᠰᠤᠶᠤᠯ ᠢ ᠰᠤᠷᠳᠠᠯᠴᠢᠯᠠᠨ᠂ ᠬᠢᠴᠢᠶᠡᠯᠡᠯᠬᠡ ᠶᠢᠨ ᠲᠢᠩᠬᠢᠮ᠂ ᠰᠤᠶᠤᠯ ᠤᠨ ᠬᠠᠨ᠎ᠠ᠂ ᠭᠠᠴᠠᠭ᠎ᠠ ᠳᠤᠰᠬᠤᠨ ᠤ ᠨᠡᠪᠳᠡᠷᠡᠬᠦᠯᠬᠡ ᠪᠤᠯᠤᠨ ᠭᠠᠷ ᠤᠳᠠᠰᠤᠨ ᠤᠬᠤᠷ ᠵᠠᠩᠬᠢ᠂ ᠪᠢᠴᠢᠯ ᠪᠦᠷᠬᠡ᠂ ᠸᠢᠴᠠᠲ ᠵᠡᠷᠬᠡ ᠰᠢᠨ᠎ᠠ ᠵᠠᠭᠤᠴᠢᠯᠠᠭᠤᠷ ᠤᠳ ᠢᠶᠠᠷ ᠪᠦᠬᠦ ᠠᠷᠠᠤᠨ ᠢᠶᠠᠷ ᠨᠤᠮ ᠤᠩᠰᠢᠬᠤ ᠠᠵᠢᠯᠯᠠᠭ᠎ᠠ ᠦᠷᠨᠢᠬᠦᠯᠵᠤ᠂ ᠮᠤᠷᠠᠯ ᠲᠠᠢ᠂ ᠢᠳᠡᠬᠡᠯ ᠲᠠᠢ᠂ ᠰᠤᠶᠤᠯ ᠲᠠᠢ᠂ ᠴᠢᠳᠠᠪᠤᠷᠢ ᠲᠠᠢ᠂ ᠡᠵᠡᠩᠨᠠᠯᠳᠠ ᠬᠢᠵᠤ ᠴᠢᠳᠠᠬᠤ ᠮᠦᠷᠳᠡᠬᠡᠨ ᠬᠠᠤᠯᠢ ᠲᠦᠷᠢᠮ ᠢ ᠵᠢᠷᠤᠮᠯᠠᠳᠠᠭ ᠰᠢᠨ᠎ᠠ ᠴᠠᠭ ᠤᠨ ᠮᠠᠯᠴᠢᠨ ᠳᠠᠷᠢᠶᠠᠴᠢᠨ ᠢ ᠬᠦᠮᠤᠵᠢᠬᠦᠯᠤᠨ᠎ᠠ᠃     ︵ᠲᠦᠷᠪᠠ︶ ᠠᠵᠤ ᠤᠶᠢᠯᠡᠰ ᠤᠨ ᠪᠣᠶᠢᠵᠢᠭᠤᠯᠣᠯᠳᠠ ᠶᠢ ᠴᠢᠩᠭᠠᠤᠨᠬᠠᠵᠤ᠂ ᠬᠦᠭᠵᠢᠯᠳᠠ ᠶᠢᠨ ᠳᠠᠯᠳᠠ ᠬᠦᠴᠤᠨ ᠢ ᠢᠯᠡᠷᠡᠬᠦᠯᠤᠨ᠂ ᠤᠶᠢᠯᠡᠴᠢᠯᠡᠬᠡᠨ ᠤ ᠤᠶᠢᠯᠡᠰ ᠤᠨ ᠳᠡᠰ ᠳᠠᠪᠰᠢᠯᠳᠠ ᠶᠢ ᠠᠬᠢᠭᠤᠯᠤᠨ᠎ᠠ᠃ ᠤᠶᠢᠯᠡᠴᠢᠯᠡᠬᠡᠨ ᠤ ᠤᠶᠢᠯᠡᠰ ᠪᠤᠯ ᠮᠠᠨ ᠤ ᠬᠤᠰᠢᠭᠤᠨ ᠤ ᠬᠦᠭᠵᠢᠯᠳᠠ ᠶᠢᠨ ᠳᠤᠳᠠᠭᠤᠳᠠᠯ ᠵᠦᠢᠯ ᠪᠦᠬᠡᠤᠨ ᠠᠰᠤᠷᠤ ᠶᠡᠭᠡ ᠬᠦᠭᠵᠢᠯᠳᠠ ᠶᠢᠨ ᠨᠦᠬᠡᠴᠠ ᠬᠦᠴᠤᠨ ᠲᠠᠢ ᠶᠤᠮ᠃ ᠦᠨᠤ ᠵᠢᠯ ᠪᠢᠳᠠ ᠬᠦᠴᠤᠨ ᠢᠶᠠᠨ ᠲᠦᠪᠯᠡᠷᠡᠬᠦᠯᠤᠨ ᠤᠶᠢᠯᠡᠴᠢᠯᠡᠬᠡᠨ ᠤ ᠤᠶᠢᠯᠡᠰ ᠤᠨ ᠪᠤᠳᠠᠳᠤ ᠴᠤᠭᠴᠠ ᠶᠢᠨ ᠠᠵᠤ ᠠᠬᠤᠢ ᠶᠢ ᠬᠦᠭᠵᠢᠬᠡᠵᠤ᠂ ᠳᠡᠰ ᠳᠡᠪᠰᠢᠬᠦᠯᠤᠨ ᠬᠦᠭᠵᠢᠬᠦᠯᠬᠦ ᠳᠡᠬᠡᠷ᠎ᠠ ᠰᠢᠪᠳᠤᠯᠤᠯᠳᠠ ᠭᠠᠷᠭᠠᠨ᠎ᠠ᠃ ᠪᠦᠬᠦ ᠬᠡᠪᠴᠢᠶᠠᠨ ᠤ ᠵᠢᠭᠤᠯᠴᠢᠯᠠᠯ ᠢ ᠬᠦᠴᠤᠯᠡᠨ ᠬᠦᠭᠵᠢᠬᠦᠯᠤᠨ᠎ᠠ᠃ ᠪᠠᠶᠢᠷᠢᠯᠠᠭᠤᠯᠤᠯᠳᠠ ᠪᠤᠯᠤᠨ ᠠᠬᠢᠭᠤᠯᠤᠯ ᠨᠦᠬᠦᠪᠤᠷᠢᠯᠠᠯ ᠳᠡᠬᠡᠷ᠎ᠠ ︽ᠪᠦᠷᠢᠨ ᠪᠦᠳᠤᠨ︾ ᠢ ᠴᠢᠬᠤᠯᠠᠴᠢᠯᠠᠨ᠂ ᠪᠦᠬᠦ ᠠᠷᠠᠤᠨ ᠤᠷᠤᠯᠴᠠᠭᠰᠡᠨ᠂ ᠪᠦᠬᠦ ᠬᠤᠰᠢᠭᠤ ᠪᠦᠷᠬᠦᠭᠰᠡᠨ᠂ ᠪᠦᠬᠦ ᠤᠶᠢᠯᠡᠰ ᠲᠤ ᠬᠤᠯᠪᠤᠭᠳᠠᠭᠰᠡᠨ᠂ ᠪᠦᠬᠦ ᠵᠢᠯ ᠢᠶᠠᠷ ᠨᠡᠬᠡᠬᠡᠯᠳᠠ ᠲᠠᠢ ᠵᠢᠭᠤᠯᠴᠢᠯᠠᠯ ᠤᠨ ᠰᠢᠨ᠎ᠠ ᠵᠠᠮ ᠱᠤᠭᠤᠮ ᠢ ᠴᠤᠭᠴᠠᠯᠠᠨ᠎ᠠ᠃ ︽ᠡᠷᠤᠬᠡ ᠪᠤᠯᠭᠠᠨ ᠵᠢᠭᠤᠯᠴᠢᠯᠠᠯ ᠤᠨ ᠴᠡᠭ ᠪᠤᠯᠵᠤ᠂ ᠬᠦᠮᠤᠨ ᠪᠤᠯᠭᠠᠨ ᠵᠢᠭᠤᠯᠴᠢᠯᠠᠯ ᠤᠨ ᠡᠯᠴᠢ ᠪᠤᠯᠤᠭᠰᠡᠨ︾ ᠪᠦᠬᠦ ᠬᠦᠷᠢᠶ᠎ᠡ ᠬᠡᠪᠴᠢᠶᠡᠨ ᠤ ᠵᠢᠭᠤᠯᠴᠢᠯᠠᠯ ᠤᠨ ᠰᠡᠤᠨᠬᠢᠮᠵᠢ ᠶᠤᠰᠤᠭᠠᠷ ᠪᠦᠬᠦ ᠠᠷᠠᠤᠨ ᠢ ᠤᠷᠤᠯᠴᠠᠭᠤᠯᠤᠨ᠂ ᠪᠦᠬᠦ ᠠᠷᠠᠤᠨ ᠲᠤ ᠠᠰᠢᠭ ᠬᠦᠷᠳᠡᠬᠡᠵᠤ᠂ ᠳᠠᠷᠢᠶᠠᠴᠢᠨ ᠠᠶᠢᠯ ᠤᠨ ᠪᠠᠶᠠᠰᠤᠯ ᠮᠠᠯᠴᠢᠨ ᠠᠶᠢᠯ ᠤᠨ ᠪᠠᠶᠠᠰᠤᠯ᠂ ᠵᠢᠭᠠᠰᠤᠴᠢᠨ ᠠᠶᠢᠯ ᠤᠨ ᠪᠠᠶᠠᠰᠤᠯ ᠤᠨ ᠬᠦᠯᠢᠶᠡᠨ ᠵᠤᠴᠢᠯᠠᠬᠤ ᠡᠷᠤᠬᠡ ᠶᠢ ᠬᠡᠯᠪᠡᠷᠢ ᠶᠢ ᠨᠢ ᠬᠤᠪᠢᠷᠠᠭᠤᠯᠤᠨ ᠳᠡᠰ ᠳᠠᠪᠰᠢᠬᠦᠯᠵᠤ᠂ ᠠᠶᠢᠯ ᠡᠷᠤᠬᠡ ᠶᠢᠨ ᠰᠤᠳᠤᠨ ᠵᠢᠭᠤᠯᠴᠢᠯᠠᠯ ᠤᠨ ᠴᠡᠭ ᠢ 100 ᠴᠤᠭᠴᠠᠯᠠᠨ᠎ᠠ᠃ ᠭᠤᠤᠯᠳᠠᠯᠭᠠᠳᠤ ᠦᠵᠡᠮᠵᠢ ᠶᠢᠨ ᠤᠷᠤᠨ ᠪᠠ ᠬᠦᠳᠡᠭᠡ ᠳᠤᠰᠬᠤᠨ  ᠤ ᠦᠵᠡᠮᠵᠢ ᠶᠢᠨ ᠴᠡᠭ ᠢ ᠬᠠᠷᠢᠯᠴᠠᠨ ᠤᠶᠠᠯᠳᠤᠭᠤᠯᠵᠤ᠂ ᠪᠦᠬᠦ ᠬᠤᠰᠢᠭᠤᠨ ᠳᠤ ᠦᠵᠡᠮᠵᠢ ᠶᠢᠨ ᠴᠡᠭ ᠪᠦᠷᠬᠦᠬᠦᠯᠤᠨ᠂ ᠰᠤᠶᠤᠯ ᠤᠨ ᠠᠵᠤ ᠤᠶᠢᠯᠡᠰ ᠤᠨ ᠬᠦᠷᠢᠶᠡᠯᠠᠩ᠂ ᠶᠡᠭᠡ ᠳᠤᠯᠤᠨ ᠠᠮᠢ ᠠᠬᠤᠶᠢᠴᠢ ᠰᠤᠶᠤᠯ ᠵᠢᠭᠤᠯᠴᠢᠯᠠᠯ ᠤᠨ ᠤᠷᠤᠨ᠂ ᠭᠤᠯᠤᠮᠳᠠ ᠭᠠᠯ ᠴᠡᠴᠡᠷᠯᠢᠭ᠂ ᠠᠵᠢᠯ ᠮᠡᠷᠬᠡᠵᠢᠯ ᠤᠨ ᠬᠦᠷᠢᠶᠡᠯᠡᠩ ᠳᠤᠭᠤᠷᠢᠭ ᠂ ᠠᠵᠠᠳᠠᠢ ᠰᠤᠪᠢᠯᠠᠯᠳᠠ ᠶᠢᠨ ᠬᠦᠷᠢᠶᠡᠯᠡᠩ ᠵᠡᠷᠬᠡ 5 ᠶᠢ ᠢᠵᠢ ᠴᠤᠭᠴᠠᠵᠢᠭᠤᠯᠤᠭᠰᠡᠨ ᠰᠤᠶᠤᠯ ᠵᠢᠭᠤᠯᠴᠢᠯᠠᠯ ᠤᠨ ᠬᠠᠮ ᠴᠤᠭᠴᠠ ᠶᠢ ᠪᠠᠶᠢᠭᠤᠯᠤᠨ ᠤᠯᠤᠰ ᠤᠨ 5A ᠳᠡᠰ ᠤᠨ ᠵᠢᠭᠤᠯᠴᠢᠯᠠᠯ ᠤᠨ ᠤᠷᠤᠨ ᠪᠤᠯᠭᠠᠬᠤ ᠪᠠᠷ ᠴᠢᠷᠮᠠᠶᠢᠨ᠎ᠠ︔ ᠪᠠᠶᠠᠨᠰᠢᠪᠠᠷ ᠤᠨ ᠴᠠᠶᠢᠳᠠᠮ᠂ ᠡᠯᠡᠰᠤ ᠮᠠᠩᠬᠠᠨ ᠳᠤᠮᠤ ᠬᠠᠪᠴᠢᠯ᠂ ᠬᠡᠷᠡᠮ ᠤᠨ ᠭᠤᠤᠯ ᠤᠨ ᠦᠵᠡᠮᠵᠢ ᠶᠢᠨ ᠤᠷᠤᠨ ᠢ ᠵᠢᠯ ᠤᠨ ᠳᠤᠳᠤᠷ᠎ᠠ ᠪᠦᠳᠤᠬᠡᠨ ᠪᠠᠶᠢᠭᠤᠯᠤᠨ ᠠᠰᠢᠭᠯᠠᠵᠤ᠂ ︽1 + 6︾ ᠶᠢᠨ ᠬᠤᠪᠢᠰᠬᠠᠯᠳᠤ ᠵᠢᠭᠤᠯᠴᠢᠯᠠᠯ ᠤᠨ ᠴᠡᠭ ᠢ 6 ᠰᠠᠷ᠎ᠠ  ᠶᠢᠨ ᠡᠮᠤᠨ᠎ᠡ ᠪᠠᠶᠢᠭᠤᠯᠵᠤ ᠠᠰᠢᠭᠯᠠᠨ᠂ ᠪᠦᠬᠦ ᠤᠯᠤᠰ ᠲᠤ ᠬᠠᠨᠳᠤᠭᠤᠯᠤᠭᠰᠡᠨ ᠦᠨᠳᠤᠰᠤᠳᠠᠨ ᠤ ᠺᠠᠳ᠋ᠷ ᠤᠳ ᠢ ᠪᠤᠯᠪᠠᠰᠤᠷᠠᠭᠤᠯᠤᠨ ᠬᠦᠮᠤᠵᠢᠬᠦᠯᠬᠦ ᠰᠠᠭᠤᠷᠢᠨ ᠪᠤᠯᠭᠠᠨ ᠪᠠᠶᠢᠭᠤᠯᠵᠤ᠂ ᠦᠪᠡᠷᠳᠡᠬᠡᠨ ᠵᠠᠰᠠᠬᠤ ᠤᠷᠤᠨ ᠪᠠᠶᠢᠭᠤᠯᠤᠭᠳᠠᠭᠰᠡᠨ 70 ᠵᠢᠯ ᠤᠨ ᠤᠢ ᠳᠤ ᠪᠡᠯᠡᠭ ᠳᠡᠪᠰᠢᠬᠦᠯᠤᠨ᠎ᠠ᠃ ︽ᠰᠤᠳᠤᠨ᠂ ᠵᠦᠷᠢᠶᠠᠨ ᠲᠠᠢ᠂ ᠲᠦᠷᠢᠮᠵᠢᠬᠦᠨ︾ ᠱᠠᠭᠠᠷᠳᠠᠯᠭ᠎ᠠ ᠶᠤᠰᠤᠭᠠᠷ ᠦᠵᠡᠰᠬᠦᠯᠡᠩᠳᠤ ᠬᠦᠳᠡᠭᠡ ᠨᠤᠳᠤᠭ ᠤᠨ ᠵᠢᠭᠤᠯᠴᠢᠯᠠᠯ ᠢ ᠯᠠᠪᠳᠠᠭᠤᠨ ᠠᠬᠢᠭᠤᠯᠵᠤ᠂ ᠲᠦᠪᠡᠤᠨ᠂ ᠶᠡᠭᠡ ᠳᠤᠬᠤᠢ ᠵᠡᠷᠬᠡ 10 ᠰᠢᠨ᠎ᠠ ᠭᠠᠴᠠᠭ᠎ᠠ ᠳᠤᠰᠬᠤᠨ ᠢ ᠭᠠᠴᠠᠭ᠎ᠠ ᠳᠤᠰᠬᠤᠨ ᠤ ᠰᠤᠳᠤᠨ ᠵᠢᠭᠤᠯᠴᠢᠯᠠᠯ ᠤᠨ ᠳᠠᠭᠤᠷᠢᠶᠠᠯ ᠪᠠ ᠦᠪᠡᠰᠤᠪᠠᠨ ᠳᠡᠷᠬᠡ ᠪᠠᠷᠢᠵᠤ ᠵᠢᠭᠤᠯᠴᠢᠯᠠᠬᠤ ᠬᠢᠬᠡᠤᠨ ᠬᠡᠷ ᠳᠡᠷᠬᠡ ᠪᠠᠷ ᠵᠢᠭᠤᠯᠴᠢᠯᠠᠬᠤ ᠪᠠᠭᠤᠴᠠ ᠪᠤᠯᠭᠠᠨ᠎ᠠ᠃ ᠤᠳᠤ ᠦᠶ᠎ᠡ ᠶᠢᠨ ᠪᠤᠳᠠᠰ ᠤᠨ ᠬᠦᠢᠯᠬᠡᠬᠡᠨ ᠤ ᠤᠶᠢᠯᠡᠰ ᠤᠨ ᠬᠦᠭᠵᠢᠯᠳᠠ ᠶᠢ ᠲᠦᠷᠬᠡᠤᠨᠬᠡᠨ᠎ᠠ᠃ ᠪᠦᠬᠦ ᠬᠤᠰᠢᠭᠤᠨ ᠤ ᠪᠤᠳᠠᠰ ᠤᠨ ᠬᠦᠢᠯᠬᠡᠬᠡᠨ ᠤ ᠤᠶᠢᠯᠡᠰ ᠤᠨ ᠬᠦᠭᠵᠢᠬᠦᠯᠤᠯᠳᠠ ᠶᠢᠨ ᠲᠦᠯᠤᠪᠯᠡᠭᠡ ᠳᠤᠭᠳᠠᠭᠠᠨ᠂ ᠬᠦᠮᠤᠷᠬᠡᠯᠠᠯᠳᠠ᠂ ᠬᠦᠷᠬᠡᠯᠳᠠ᠂ ᠬᠦᠷᠤᠬᠡᠨ ᠳᠠᠮᠵᠢᠭᠤᠯᠭ᠎ᠠ ᠵᠡᠷᠬᠡ ᠪᠤᠳᠠᠰ ᠤᠨ ᠬᠦᠢᠯᠬᠡᠬᠡᠨ ᠤ ᠠᠵᠢᠯ ᠤᠶᠢᠯᠡ ᠶᠢ ᠬᠦᠴᠤᠯᠡᠨ ᠬᠦᠭᠵᠢᠬᠡᠵᠤ᠂ ᠰᠤᠷᠭᠤᠭ ᠢᠶᠠᠷ ᠬᠠᠳᠠᠭᠠᠯᠠᠬᠤ ᠬᠦᠷᠤᠬᠡᠭᠴᠢ ᠬᠦᠮᠤᠷᠬᠡ ᠶᠢ 2᠂ ᠬᠦᠷᠤᠬᠡᠨ ᠬᠦᠮᠤᠷᠬᠡᠯᠡᠬᠦ ᠰᠠᠭᠤᠷᠢᠨ 1 ᠶᠢ ᠰᠢᠨ᠎ᠠ ᠪᠠᠷ ᠪᠠᠶᠢᠭᠤᠯᠵᠤ᠂ ᠤᠯᠵᠠᠴᠢ ᠪᠠᠯᠭᠠᠰᠤᠨ ᠤ ᠶᠡᠷᠤᠩᠬᠡᠶᠢᠯᠡᠭᠰᠡᠨ ᠪᠤᠳᠠᠰ ᠤᠨ ᠬᠦᠢᠯᠬᠡᠬᠡᠨ ᠤ ᠬᠦᠷᠢᠶᠡᠯᠡᠩ ᠢ ᠡᠬᠢᠯᠡᠨ ᠪᠠᠶᠢᠭᠤᠯᠤᠨ᠎ᠠ᠃ ︽ᠢᠨᠲ᠋ᠧᠷ ᠰᠦᠯᠵᠢᠶ᠎ᠠ +︾ ᠪᠠᠶᠢᠯᠳᠤᠬᠤ ᠪᠤᠳᠤᠯᠭ᠎ᠠ ᠶᠢ ᠬᠦᠨᠵᠡᠬᠡᠢ ᠠᠬᠢᠭᠤᠯᠤᠨ᠂ ᠬᠤᠰᠢᠭᠤᠨ ᠤ ᠡᠯᠧᠺᠲᠷᠤᠨ ᠠᠵᠤ ᠤᠶᠢᠯᠡᠰ ᠤᠨ ᠬᠦᠷᠢᠶᠡᠯᠡᠩ ᠢᠶᠠᠷ ᠰᠠᠭᠤᠷᠢᠯᠠᠭᠤᠯᠵᠤ᠂ ᠨᠤᠳᠤᠭ ᠲᠤ ᠪᠠᠨ ᠬᠦᠮᠤᠵᠢᠬᠦᠯᠬᠦ ᠪᠠ ᠭᠠᠳᠠᠨ᠎ᠠ ᠠᠴᠠ ᠤᠷᠢᠬᠤ ᠶᠢ ᠤᠶᠠᠯᠳᠤᠭᠤᠯᠤᠨ᠂ ᠲᠦᠷᠤ ᠶᠢᠨ ᠪᠤᠳᠤᠯᠭ᠎ᠠ ᠶᠢᠨ ᠳᠡᠮᠵᠢᠬᠦ ᠬᠦᠴᠤᠯᠡᠴᠠ ᠶᠢ ᠴᠢᠩᠭᠠᠤᠨᠬᠠᠵᠤ᠂ ᠳᠤᠤ ᠪᠤᠤ᠂ ᠳ᠋ᠦᠩ ᠵᠢᠩ᠂ ᠰᠤ᠋ ᠨᠢᠩ ᠢ ᠭᠧᠦ ᠵᠡᠷᠬᠡ ᠡᠯᠧᠺᠲᠷᠤᠨ ᠠᠷᠠᠯᠵᠢᠶᠠᠨ ᠤ ᠳᠠᠪᠴᠠᠩ ᠢ ᠮᠠᠯᠵᠢᠬᠤ ᠳᠠᠷᠢᠶᠠᠯᠠᠬᠤ ᠤᠷᠤᠨ ᠲᠠᠢ ᠬᠠᠷᠢᠯᠴᠠᠭᠤᠯᠵᠤ᠂ ᠤᠳᠤᠭ ᠤᠨ ᠡᠮᠤᠨᠡᠳᠤ ᠬᠤᠰᠢᠭᠤᠨ ᠤ ᠤᠷᠤᠨ ᠨᠤᠳᠤᠭ ᠤᠨ ᠳᠡᠯᠬᠡᠬᠦᠷ ᠬᠢᠬᠡᠤᠨ ᠤᠨᠴᠠᠯᠢᠭᠳᠤ ᠳᠡᠯᠬᠡᠬᠦᠷ ᠵᠡᠷᠬᠡ ᠡᠯᠧᠺᠲᠷᠤᠨ ᠠᠷᠠᠯᠵᠢᠶᠠᠨ ᠤ ᠶᠠᠪᠤᠳᠠᠯ ᠤᠨ ᠬᠤᠰᠢᠭᠤᠴᠢ ᠳᠡᠯᠬᠡᠬᠦᠷ ᠪᠠᠶᠢᠭᠤᠯᠬᠤ ᠪᠠᠷ ᠳᠠᠮᠵᠢᠭᠤᠯᠤᠨ᠂ ᠴᠢᠨᠠᠷ ᠰᠠᠶᠢᠳᠤ ᠦᠬᠡᠷ ᠮᠠᠯ ᠤᠨ ᠮᠢᠬ᠎ᠠ ᠴᠠᠭᠠᠨ ᠢᠳᠡᠬᠡᠨ ᠵᠡᠷᠬᠡ ᠮᠠᠯ ᠳᠠᠷᠢᠶᠠᠯᠠᠩ ᠤᠨ ᠰᠢᠯᠢᠳᠡᠭ ᠪᠦᠳᠤᠬᠡᠭᠳᠡᠬᠦᠨ ᠢᠶᠠᠨ ᠪᠤᠷᠤᠯᠠᠭᠤᠯᠬᠤ ᠵᠠᠮ ᠮᠦᠷ ᠢ ᠳᠠᠰᠤᠷᠠᠯᠳᠠ ᠦᠬᠡᠢ ᠦᠷᠬᠡᠤᠨᠬᠡᠵᠤ᠂ ᠳᠤᠰ ᠵᠢᠯ ᠳᠤ ᠢᠨᠲ᠋ᠧᠷ ᠰᠦᠯᠵᠢᠶᠠᠨ ᠳᠡᠬᠡᠷᠡᠬᠢ ᠪᠤᠷᠤᠯᠠᠭᠤᠯᠭ᠎ᠠ ᠶᠢᠨ ᠦᠷᠳᠡᠭ ᠢ 2.5 ᠳ᠋ᠦᠩᠰᠢᠭᠤᠷ ᠲᠦᠭᠦᠷᠢᠭ ᠬᠦᠷᠬᠡᠨ᠎ᠠ᠃ ᠡᠷᠡᠬᠦᠯᠵᠢᠯ ᠰᠤᠪᠢᠯᠠᠯ ᠤᠨ ᠤᠶᠢᠯᠡᠰ ᠢ ᠳᠡᠮᠵᠢᠨ ᠪᠤᠵᠠᠭᠠᠶᠢᠷᠠᠭᠤᠯᠤᠨ᠎ᠠ᠃ ᠨᠠᠶᠢᠬᠡᠮ ᠤᠨ ᠬᠦᠴᠤᠨ ᠤ ᠡᠷᠡᠬᠦᠯᠵᠢᠯ ᠰᠤᠪᠢᠯᠠᠯ ᠤᠨ ᠤᠶᠢᠯᠡᠴᠢᠯᠡᠬᠡᠨ ᠤ ᠪᠠᠶᠢᠭᠤᠯᠤᠮᠵᠢ ᠪᠠᠶᠢᠭᠤᠯᠬᠤ ᠶᠢ ᠳᠠᠮᠵᠢᠨ ᠵᠤᠷᠢᠭᠵᠢᠭᠤᠯᠵᠤ᠂ ᠨᠠᠰᠤᠵᠢᠯ᠂ ᠡᠷᠡᠬᠦᠯᠵᠢᠯ᠂ ᠰᠤᠪᠢᠯᠠᠯ᠂ ᠵᠢᠭᠤᠯᠴᠢᠯᠠᠯ ᠢ ᠢᠵᠢ ᠴᠤᠭᠴᠠᠵᠢᠭᠤᠯᠤᠭᠰᠡᠨ ᠨᠠᠰᠤᠵᠢᠯ ᠤᠨ ᠤᠶᠢᠯᠡᠴᠢᠯᠡᠬᠡᠨ ᠤ ᠤᠶᠢᠯᠡᠰ ᠢ ᠲᠦᠷᠬᠡᠤᠨᠬᠡᠨ ᠬᠦᠭᠵᠢᠬᠦᠯᠵᠤ᠂ ᠠᠵᠠᠳᠠᠢ ᠡᠷᠡᠬᠦᠯᠵᠢᠯ ᠰᠤᠪᠢᠯᠠᠯ ᠤᠨ ᠬᠦᠷᠢᠶᠡᠯᠡᠩ ᠤᠨ ᠬᠤᠶᠠᠳᠤᠭᠠᠷ ᠬᠤᠭᠤᠴᠠᠭᠠᠨ ᠤ ᠪᠠᠷᠢᠯᠭ᠎ᠠ ᠶᠢ ᠵᠢᠯ ᠤᠨ ᠳᠤᠳᠤᠷ᠎ᠠ ᠳᠡᠬᠦᠰᠬᠡᠨ᠂ ᠬᠤᠰᠢᠭᠤ ᠮᠤᠩᠭᠤᠯ ᠡᠮᠨᠡᠯᠬᠡ  ᠶᠢᠨ ᠬᠤᠷᠢᠶ᠎ᠠ ᠪᠤᠯᠤᠨ ᠠᠵᠠᠳᠠᠢ ᠡᠷᠡᠬᠦᠯᠵᠢᠯ ᠰᠤᠪᠢᠯᠠᠯ ᠤᠨ ᠬᠦᠷᠢᠶᠡᠯᠡᠩ ᠤᠨ ᠬᠦᠨᠵᠡᠬᠡᠢ ᠬᠠᠮᠳᠤᠷᠠᠯᠴᠠᠭ᠎ᠠ ᠶᠢ ᠢᠳᠡᠪᠬᠢᠳᠠᠢ ᠠᠬᠢᠭᠤᠯᠵᠤ᠂ ᠦᠪᠡᠷᠳᠡᠭᠡᠨ ᠵᠠᠰᠠᠬᠤ ᠤᠷᠤᠨ ᠤ ᠳᠡᠰ ᠤᠨ ᠡᠮᠨᠡᠬᠦ ᠰᠤᠪᠢᠯᠠᠬᠤ ᠶᠢ ᠤᠶᠠᠯᠳᠤᠭᠤᠯᠤᠭᠰᠡᠨ ᠠᠵᠤ ᠤᠶᠢᠯᠡᠰ ᠤᠨ ᠳᠠᠭᠤᠷᠢᠶᠠᠯ ᠬᠦᠷᠢᠶᠡᠯᠡᠩ ᠳᠤᠭᠤᠷᠢᠭ ᠢ ᠴᠤᠭᠴᠠᠯᠠᠨ᠎ᠠ᠃       ︵ᠳᠠᠪᠤ︶ ᠰᠠᠭᠤᠷᠢ ᠪᠠᠳᠤᠯᠠᠭ᠎ᠠ ᠶᠢ ᠴᠢᠩᠭᠠᠤᠨᠬᠠᠵᠤ᠂ ᠬᠦᠭᠵᠢᠯᠳᠠ ᠶᠢᠨ ᠲᠣᠲᠠᠭᠤᠳᠠᠯ ᠢᠶᠠᠨ ᠨᠦᠬᠦᠪᠤᠷᠢᠯᠡᠨ᠂ ᠠᠵᠤ ᠠᠬᠤᠢ ᠨᠠᠶᠢᠬᠡᠮ ᠤᠨ ᠵᠤᠬᠢᠴᠠᠩᠭᠤᠢ ᠬᠦᠭᠵᠢᠯᠳᠠ ᠶᠢ ᠠᠬᠢᠭᠤᠯᠤᠨ᠎ᠠ᠃ ᠳᠤᠯᠢ ᠠᠴᠠ ᠱᠠᠩᠬᠠᠢ ᠶᠢᠨ ᠰᠦᠮ᠎ᠠ ᠬᠦᠷᠬᠦ ᠳᠡᠮᠤᠷ ᠵᠠᠮ ᠤᠨ ᠤᠯᠵᠠᠴᠢ ᠠᠴᠠ ᠱᠠᠩᠬᠠᠢ ᠶᠢᠨ ᠰᠦᠮ᠎ᠠ ᠬᠦᠷᠬᠦ ᠬᠡᠰᠡᠭ᠂ ᠤᠯᠵᠠᠴᠢ ᠠᠴᠠ ᠳ᠋ᠦᠩ ᠳ᠋ᠤᠤ ᠯᠢᠶᠠᠩ ᠬᠦᠷᠬᠦ ᠲᠦᠷᠬᠡᠨ ᠵᠠᠮ ᠤᠨ ᠪᠠᠶᠢᠭᠤᠯᠣᠯᠳᠠ ᠶᠢᠨ ᠠᠬᠢᠴᠠ ᠶᠢ ᠲᠦᠷᠬᠡᠳᠭᠡᠨ᠂ ᠵᠢᠯ ᠤᠨ ᠳᠤᠳᠤᠷ᠎ᠠ ᠲᠡᠷᠭᠡ ᠨᠡᠪᠳᠡᠷᠡᠬᠦ ᠨᠦᠬᠦᠴᠡᠯ ᠪᠦᠷᠢᠳᠦᠭᠦᠯᠦᠨ᠎ᠡ᠃ 4 ᠰᠠᠷ᠎ᠠ ᠠᠴᠠ ᠡᠮᠦᠨ᠎ᠡ S216 ᠱᠤᠭᠤᠮ ᠤᠨ ᠤᠯᠵᠠᠴᠢ ᠠᠴᠠ ᠵᠠᠩᠭᠤᠳᠤ ᠬᠦᠷᠬᠦ ᠬᠡᠰᠡᠭ ᠤᠨ ᠦᠬᠡᠷᠡᠴᠢᠯᠡᠨ ᠵᠠᠰᠠᠬᠤ ᠲᠦᠷᠤᠯ ᠵᠦᠢᠯ ᠢ ᠡᠬᠢᠯᠡᠨ ᠪᠠᠶᠢᠭᠤᠯᠵᠣ᠂ ᠲᠣᠰ ᠵᠢᠯ ᠳᠤ S317 ᠱᠤᠭᠤᠮ ᠤᠨ ᠤᠯᠵᠠᠴᠢ ᠠᠴᠠ ᠳᠤᠯᠢ ᠬᠦᠷᠬᠦ ᠨᠢᠬᠡᠳᠤᠬᠡᠷ ᠲᠡᠰ ‍ᠤᠨ‌ᠵᠠᠰᠠᠮᠠᠯ ᠵᠠᠮ ᠢ ᠦᠭᠡᠷᠡᠴᠢᠯᠡᠬᠦ ᠲᠦᠷᠦᠯ ᠵᠣᠶᠢᠯ ᠡᠬᠢᠯᠡᠬᠦᠯᠬᠦ ᠪᠠᠷ ᠴᠢᠷᠮᠠᠶᠢᠨ᠂ ᠲᠣᠳᠣᠨ᠎ᠠ ᠭᠠᠳᠠᠨ᠎ᠠ ᠶᠢ ᠬᠤᠯᠪᠣᠵᠣ᠂ ᠵᠠᠩᠭᠢᠯᠠᠭ᠎ᠠ ᠶᠢ ᠨᠡᠪᠳᠡᠷᠡᠭᠦᠯᠦᠨ᠂ ᠲᠦᠷᠪᠡᠨ ᠵᠦᠭ ᠨᠠᠢᠮᠠᠨ ᠵᠣᠪᠬᠢᠰ ᠲᠤ ᠨᠡᠪᠳᠡᠷᠡᠭᠰᠡᠨ ᠣᠷᠣᠨ ᠤ ᠬᠡᠪᠴᠢᠶᠡᠨ ᠤ ᠵᠠᠰᠠᠮᠠᠯ ᠵᠠᠮ ᠤᠨ ᠲᠣᠣᠷᠵᠢᠯ ᠢ ᠪᠦᠷᠢᠯᠳᠦᠭᠦᠯᠦᠨ᠎ᠡ᠃ ᠨᠢᠰᠭᠡᠯ ᠤᠨ ᠪᠠᠭᠤᠳᠠᠯ ᠤᠨ ᠪᠠᠶᠢᠭᠤᠯᠣᠯᠳᠠ ᠶᠢ ᠪᠦᠬᠦ ᠲᠠᠯ᠎ᠠ ᠪᠠᠷ ᠠᠬᠢᠭᠤᠯᠵᠣ᠂ ᠣᠯᠵᠠᠴᠢ ᠪᠠᠯᠭᠠᠰᠦ ᠪᠣᠯᠣᠨ ᠪᠣᠷᠣᠪᠠᠯᠭᠠᠰᠦ ᠶᠢᠨ 2 ᠨᠠᠶᠢᠳᠠᠮ ᠬᠡᠷᠡᠭᠯᠡᠬᠡᠨ ᠤ ᠨᠢᠰᠬᠡᠯ ᠤᠨ ᠪᠠᠭᠤᠳᠠᠯ ᠢ ᠠᠰᠢᠭᠯᠠᠯᠳᠡ ᠳᠤ ᠣᠷᠣᠭᠤᠯᠬᠤ ᠶᠢ ᠪᠠᠳᠣᠯᠠᠨ᠎ᠠ᠃ ᠮᠠᠯᠵᠢᠬᠤ ᠲᠠᠷᠢᠶᠠᠯᠠᠬᠤ ᠣᠷᠣᠨ ᠤ ᠰᠠᠭᠤᠷᠢ ᠲᠦᠭᠦᠭᠡᠷᠦᠮᠵᠢ ᠶᠢᠨ ᠪᠠᠶᠢᠭᠤᠯᠣᠯᠳᠠ ᠪᠠᠨ ᠦᠷᠭᠦᠯᠵᠢᠯᠡᠨ ᠶᠡᠬᠡᠳᠬᠡᠵᠣ᠂ ᠠᠶᠢᠯ ᠲᠣᠰᠬᠤᠨ ᠤ ᠲᠣᠭᠤᠷᠢᠯ ᠵᠠᠮ ᠲᠣᠣᠷᠵᠢᠯ ᠢ ᠲᠡᠭᠦᠯᠳᠡᠷᠵᠢᠭᠦᠯᠦᠨ᠂ ᠰᠢᠨ᠎ᠡ ᠪᠠᠷ 18 ᠵᠣᠷᠪᠣᠰ 133 ᠺᠢᠯᠤᠮᠧᠲᠷ ᠬᠦᠳᠡᠭᠡ ᠶᠢᠨ ᠵᠠᠰᠠᠮᠠᠯ ᠵᠠᠮ ᠵᠠᠰᠠᠨ᠎ᠠ᠃ ᠬᠦᠷᠢᠶᠡᠯᠡᠩ ᠲᠣᠭᠤᠷᠢᠭ ᠤᠨ ᠰᠠᠭᠤᠷᠢ ᠲᠦᠬᠦᠭᠡᠷᠦᠮᠵᠢ ᠶᠢᠨ ᠪᠠᠶᠢᠭᠤᠯᠣᠯᠳᠠ ᠶᠢ ᠣᠯᠠᠮ ᠲᠡᠭᠦᠯᠳᠡᠷᠵᠢᠭᠦᠯᠵᠣ᠂ ᠱᠠᠩᠬᠠᠢ ᠶᠢᠨ ᠰᠦᠮ᠎ᠠ ᠠᠴᠠ ᠱᠧᠩ ᠯᠤ᠋ ᠴᠠᠬᠢᠯᠭᠠᠨ ᠤᠶᠢᠯᠡᠤᠨᠪᠤᠷᠢ ᠬᠦᠷᠬᠦ ᠬᠦᠨᠳᠤ ᠠᠴᠢᠶᠠᠯᠠᠪᠤᠷᠢ ᠶᠢᠨ ᠵᠠᠰᠠᠮᠠᠯ ᠵᠠᠮ᠂ ᠱᠠᠩᠬᠠᠢ ᠶᠢᠨ ᠰᠦᠮ᠎ᠠ ᠠᠴᠠ ᠨᠢᠩᠰᠢᠶᠠ ᠶᠢᠨ 203 ᠮᠣᠵᠢ ᠶᠢᠨ ᠵᠠᠮ ᠬᠦᠷᠬᠦ  ᠬᠤᠯᠪᠣᠬᠤ ᠱᠣᠭᠤᠮ ᠢ ᠪᠠᠶᠢᠭᠤᠯᠤᠨ ᠳᠡᠷᠬᠡ ᠨᠡᠪᠳᠡᠷᠡᠵᠣ᠂ ᠬᠡᠤᠷᠡᠰᠤᠨ ᠰᠢᠭᠠᠷᠤ ᠶᠢᠨ ᠳᠠᠯᠠᠪᠠᠢ᠂ ᠠᠶᠤᠯᠳᠠᠢ ᠬᠠᠶᠠᠭᠳᠠᠮᠠᠯ ᠪᠤᠳᠠᠰ ᠢ ᠰᠢᠢᠤᠨᠪᠤᠷᠢᠯᠡᠬᠦ ᠲᠦᠪ ᠢ ᠡᠬᠢᠯᠡᠨ ᠪᠠᠶᠢᠭᠤᠯᠵᠣ᠂ ᠪᠦᠬᠦ ᠬᠦᠴᠦᠨ ᠢᠶᠠᠷ ᠢᠶᠠᠨ ᠲᠦᠷᠦᠯ ᠵᠣᠶᠢᠯ ᠤᠨ ᠣᠷᠣᠨᠵᠢᠯᠳᠡ ᠳᠤ ᠨᠦᠭᠦᠴᠡᠯ ᠡᠭᠦᠳᠦᠨ᠎ᠡ᠃ ᠭᠤᠤᠯᠳᠠᠯᠭᠠᠳᠤ ᠭᠠᠴᠠᠭ᠎ᠠ ᠳᠤᠰᠬᠤᠨ ᠳᠤ ᠴᠠᠬᠢᠯᠭᠠᠨ ᠨᠡᠪᠳᠡᠷᠡᠬᠦᠯᠬᠦ ᠢᠨᠵᠧᠨᠧᠷᠢᠩ ᠢ ᠪᠦᠬᠦ ᠲᠠᠯ᠎ᠠ ᠪᠠᠷ ᠬᠡᠷᠡᠭᠵᠢᠬᠦᠯᠤᠨ᠂ ᠴᠠᠬᠢᠯᠭᠠᠨ ᠲᠣᠬᠢᠷᠠᠭᠤᠯᠬᠤ ᠲᠣᠣᠷ ᠤᠨ ᠪᠠᠶᠢᠭᠤᠯᠤᠯᠳᠠ ᠦᠬᠡᠷᠡᠴᠢᠯᠠᠯᠳᠠ ᠶᠢ ᠡᠬᠢᠯᠡᠬᠦᠯᠵᠤ᠂ ᠰᠢᠨ᠎ᠡ ᠪᠠᠷ ᠠᠷᠯᠠᠢ᠂ ᠬᠤᠯᠣᠰᠣᠨᠨᠠᠭᠤᠷ᠂ ᠲᠣᠯᠢ ᠵᠡᠷᠭᠡ ᠲᠠᠪᠣᠨ 35 ᠺᠢᠯᠤᠸᠤᠯᠲ ᠤᠨ ᠴᠠᠬᠢᠯᠭᠠᠨ ᠬᠤᠪᠢᠰᠬᠠᠬᠤ ᠢᠨᠵᠧᠨᠧᠷᠢᠩ ᠢ ᠪᠠᠶᠢᠭᠤᠯᠵᠤ᠂ 10 ᠺᠢᠯᠤᠸᠤᠯᠲ ᠠᠴᠠ ᠲᠡᠭᠡᠭᠰᠢᠬᠢ ᠴᠠᠬᠢᠯᠭᠠᠨ ᠲᠠᠮᠵᠢᠭᠤᠯᠬᠤ ᠱᠣᠭᠤᠮ ᠢ 366 ᠺᠢᠯᠣᠮᠧᠲᠷ ᠲᠠᠳᠠᠵᠣ᠂ ᠮᠠᠯᠵᠢᠬᠤ ᠳᠠᠷᠢᠶᠠᠯᠠᠬᠤ ᠤᠷᠤᠨ ᠤ ᠴᠠᠬᠢᠯᠭᠠᠨ ᠬᠡᠷᠡᠭᠯᠡᠯᠳᠠ ᠶᠢᠨ ᠪᠠᠳᠤᠯᠠᠭᠠᠳᠤ ᠴᠢᠨᠠᠷ ᠢ ᠦᠨᠡᠨ ᠬᠦ ᠴᠢᠩᠭᠠᠤᠨᠬᠠᠨ᠎ᠠ᠃ ᠠᠮᠢ ᠠᠬᠤᠢ ᠶᠢᠨ ᠬᠠᠮᠠᠭᠠᠯᠠᠯᠳᠠ  ᠪᠠᠶᠢᠭᠤᠯᠤᠯᠳᠠ ᠶᠢᠨ ᠬᠦᠴᠤᠯᠡᠴᠠ ᠪᠠᠨ ᠶᠡᠬᠡᠤᠨᠬᠡᠵᠤ᠂ ᠤᠯᠤᠰ ᠤᠨ ᠰᠢᠨ᠎ᠠ ᠡᠬᠡᠯᠵᠢ ᠶᠢᠨ ᠨᠤᠳᠤᠭ ᠪᠡᠯᠴᠢᠬᠡᠷ  ᠤᠨ ᠠᠮᠢ ᠠᠬᠤᠢ ᠶᠢᠨ ᠱᠠᠩᠨᠠᠯ ᠨᠦᠬᠦᠪᠤᠷᠢ ᠶᠢᠨ ᠲᠦᠷᠤ ᠶᠢᠨ ᠪᠤᠳᠤᠯᠭ᠎ᠠ ᠶᠢ ᠪᠦᠬᠦ ᠳᠠᠯ᠎ᠠ ᠪᠠᠷ ᠨᠠᠶᠢᠳᠠᠪᠦᠷᠢᠵᠢᠭᠤᠯᠵᠣ᠂ ᠤᠢ ᠰᠢᠭᠤᠢ ᠶᠢᠨ ᠠᠮᠢ ᠠᠬᠤᠢ ᠶᠢᠨ ᠪᠠᠶᠢᠭᠤᠯᠤᠯᠳᠠ ᠶᠢᠨ ᠢᠨᠵᠧᠨᠧᠷᠢᠩ ᠢ 11.9 ᠲᠦᠮᠡᠨ ᠮᠤ᠋ ᠪᠡᠶᠡᠯᠡᠬᠦᠯᠵᠤ᠂ 85 ᠲᠦᠮᠡᠨ ᠮᠤ᠋ ᠨᠤᠳᠤᠭ ᠪᠡᠯᠴᠢᠬᠡᠷ ᠢ ᠪᠦᠲᠦᠭᠡᠨ ᠪᠠᠶᠢᠭᠤᠯᠤᠨ᠎ᠠ︔ ︽ᠪᠦᠬᠦ ᠠᠷᠠᠳ  ᠢᠶᠠᠷ ᠢᠶᠠᠨ ᠠᠯᠪᠠᠨ ᠵᠢᠷᠣᠮ ᠤᠨ ᠮᠣᠳᠣ ᠲᠠᠷᠢᠬᠤ︾᠂ ︽ᠦᠵᠡᠰᠭᠦᠯᠡᠩᠳᠦ ᠬᠦᠳᠡᠭᠡ ᠨᠣᠳᠤᠭ ᠢ ᠣᠶᠢᠵᠢᠭᠤᠯᠬᠤ︾ ᠵᠡᠷᠭᠡ ᠢᠨᠵᠧᠨᠧᠷᠢᠩ ᠢ ᠰᠠᠶᠢᠳᠦᠷ ᠵᠣᠬᠢᠶᠠᠨ ᠪᠠᠶᠢᠭᠤᠯᠵᠣ᠂ ᠪᠦᠬᠦ ᠵᠠᠰᠠᠭ ᠵᠠᠬᠢᠷᠭᠠᠨ ᠤ ᠭᠠᠴᠠᠭ᠎ᠠ ᠳᠤᠰᠬᠤᠨ ᠪᠠ 70% ᠶᠢᠨ ᠬᠠᠷᠢᠴᠠᠩᠭᠤᠢ ᠶᠡᠭᠡ ᠪᠠᠭ ᠤᠳ ᠢ ᠣᠶᠢᠵᠢᠭᠤᠯᠣᠨ᠎ᠠ᠃ ᠣᠰᠣᠨ ᠡᠬᠢ ᠰᠣᠷᠪᠣᠯᠵᠢ  ᠪᠠᠷ ᠨᠡᠭᠡᠭᠡᠯᠳᠡ ᠶᠢ ᠲᠣᠭᠳᠠᠭᠠᠬᠤ ᠲᠦᠷᠦ ᠶᠢᠨ ᠪᠣᠳᠣᠯᠭ᠎ᠠ ᠶᠢ ᠭᠤᠶᠢᠪᠠᠰᠢ ᠦᠭᠡᠢ ᠪᠠᠷᠢᠮᠳᠠᠯᠠᠵᠣ᠂ ᠪᠡᠯᠴᠢᠬᠡᠷᠯᠡᠬᠦᠯᠬᠦ ᠶᠢ ᠬᠤᠷᠢᠭᠯᠠᠬᠤ᠂ ᠰᠡᠯᠬᠦᠨ ᠮᠠᠯᠵᠢᠬᠤ᠂ ᠪᠠᠯᠴᠢᠬᠡᠷ ᠤᠨ ᠪᠠᠭᠳᠠᠭᠠᠮᠵᠢ ᠪᠠᠷ ᠮᠠᠯ ᠤᠨ ᠳᠤᠭ᠎ᠠ ᠳᠤᠯᠤᠭᠠᠢ ᠳᠤᠭᠳᠠᠭᠠᠬᠤ ᠶᠢ ᠴᠢᠩᠭ᠎ᠠ ᠬᠡᠷᠡᠭᠵᠢᠬᠦᠯᠤᠨ᠂ ᠠᠳᠠᠷ ᠬᠠᠭᠠᠯᠪᠤᠷᠢᠯᠠᠨ ᠤᠰᠤᠯᠠᠯᠳᠠ ᠶᠢ ᠦᠷᠬᠡᠳᠬᠡᠬᠦ ᠶᠢ ᠡᠷᠡᠰ ᠴᠠᠭᠠᠵᠠᠯᠠᠵᠤ᠂ ᠠᠮᠢ ᠠᠬᠤᠢ ᠶᠢᠨ ᠲᠦᠭᠰᠢᠬᠦᠷᠢᠳᠤ ᠬᠢᠵᠠᠭᠠᠷ ᠢ ᠪᠠᠳᠤ ᠰᠠᠬᠢᠨ᠎ᠠ᠃     ︵ᠵᠢᠷᠭᠤᠭ᠎ᠠ︶ ᠤᠨᠴᠠᠯᠢᠭ ᠢ ᠱᠤᠭᠤᠨ᠂ ᠬᠡᠪ ᠴᠢᠨᠰᠠᠭᠠᠳᠤ ᠬᠤᠳᠠ ᠪᠠᠯᠭᠠᠰᠤ ᠶᠢ ᠪᠠᠶᠢᠭᠤᠯᠤᠨ᠂ ᠠᠵᠢᠯᠯᠠᠵᠣ ᠰᠠᠭᠤᠷᠢᠰᠢᠬᠤ ᠳᠤ ᠳᠤᠬᠢᠷᠠᠮᠵᠢᠳᠠᠢ ᠤᠷᠴᠢᠨ ᠳᠤᠭᠤᠷᠢᠨ ᠢ ᠪᠦᠷᠢᠯᠳᠤᠬᠦᠯᠤᠨ᠎ᠠ᠃ ᠭᠠᠵᠠᠷ ᠳᠤᠤᠷᠠᠬᠢ ᠤᠷᠤᠨ ᠵᠠᠢ ᠶᠢᠨ ᠨᠡᠬᠡᠬᠡᠯᠲᠡ ᠶᠢᠨ ᠨᠦᠬᠡᠴᠠ ᠬᠦᠴᠤᠨ ᠢ ᠠᠭᠤᠲᠠᠯᠠᠵᠣ᠂ ᠤᠯᠵᠠᠴᠢ ᠶᠢᠨ ᠭᠠᠵᠠᠷ ᠳᠤᠤᠷᠠᠬᠢ ᠳᠤᠤᠷ ᠬᠤᠭᠤᠯᠠᠢ ᠶᠢᠨ ᠪᠠᠶᠢᠭᠤᠯᠤᠯᠳᠠ ᠶᠢ ᠴᠢᠩᠭᠠᠤᠨᠬᠠᠨ᠂ ᠬᠤᠳᠠ ᠶᠢᠨ ᠵᠠᠮ ᠵᠡᠬᠡᠯᠢ ᠶᠢ ᠳᠡᠰ  ᠲᠡᠪᠰᠢᠬᠦᠯᠬᠦ ᠦᠬᠡᠷᠡᠴᠢᠯᠠᠯᠳᠠ᠂ ᠪᠤᠬᠢᠷ ᠤᠰᠤ ᠰᠢᠢᠤᠨᠪᠤᠷᠢᠯᠡᠬᠦ ᠤᠶᠢᠯᠡᠤᠨᠪᠤᠷᠢ ᠶᠢᠨ ᠪᠠᠷᠢᠮᠵᠢᠶ᠎ᠠ ᠶᠢ ᠲᠡᠬᠡᠭᠰᠢᠯᠡᠬᠦᠯᠬᠦ ᠦᠬᠡᠷᠡᠴᠢᠯᠠᠯᠳᠠ ᠪᠠ ᠬᠤᠳᠠ ᠶᠢᠨ ᠬᠠᠭᠤᠴᠢᠨ ᠬᠡᠷ ᠪᠠᠶᠢᠰᠢᠩ ᠤᠨ ᠦᠬᠡᠷᠡᠴᠢᠯᠠᠯᠳᠠ ᠶᠢᠨ ᠡᠬᠦᠷᠬᠡ ᠶᠢ ᠪᠠᠶᠠᠯᠡᠬᠦᠯᠵᠤ᠂ ᠤᠯᠵᠠᠴᠢ ᠶᠢᠨ ᠲᠣᠭᠤᠷᠢᠯ ᠵᠠᠮ ᠢ ᠨᠡᠪᠳᠡᠷᠡᠬᠦᠯᠤᠨ᠂ ᠲᠦᠪ ᠬᠤᠳᠠ ᠪᠠᠯᠭᠠᠰᠤ ᠶᠢᠨ ᠠᠴᠢᠶᠠᠯᠠᠬᠤ ᠴᠢᠳᠠᠪᠤᠷᠢ ᠶᠢ ᠦᠨᠡᠨ ᠭᠦ ᠳᠡᠬᠡᠭᠰᠢᠯᠡᠬᠦᠯᠵᠤ᠂ ᠤᠯᠵᠠᠴᠢ ᠶᠢᠨ ᠬᠤᠳᠠ ᠶᠢᠨ ᠳᠤᠭᠤᠷᠢᠭ ᠲᠤ ᠨᠤᠭᠤ ᠭᠠᠵᠠᠷ ᠤᠨ ᠤᠰᠤᠨ ᠰᠢᠰᠲ᠋ᠧᠮ᠂ ᠣᠶᠢᠵᠢᠭᠤᠯᠣᠯᠲᠠ ᠴᠡᠴᠡᠷᠯᠢᠭᠵᠢᠬᠦᠯᠬᠡ ᠶᠢᠨ ᠰᠢᠰᠲ᠋ᠧᠮ᠂ ᠦᠵᠡᠮᠵᠢ ᠶᠢᠨ ᠵᠠᠩᠬᠢᠯᠠᠭ᠎ᠠ ᠶᠢᠨ ᠰᠢᠰᠲ᠋ᠧᠮ ᠢ ᠲᠦᠯᠦᠪᠵᠢᠬᠦᠯᠤᠨ ᠪᠠᠶᠢᠭᠤᠯᠵᠣ᠂ ᠬᠤᠳᠠ ᠶᠢᠨ ᠴᠡᠪᠡᠷᠰᠢᠬᠦᠯᠣᠭ᠍ᠰᠡᠨ ᠤᠰᠤ ᠶᠢ ᠳᠠᠬᠢᠨ ᠠᠰᠢᠭᠯᠠᠬᠤ ᠢᠨᠵᠧᠨᠧᠷᠢᠩ ᠢ ᠬᠡᠷᠡᠭᠵᠢᠬᠦᠯᠵᠤ᠂ ᠤᠢ ᠴᠡᠴᠡᠷᠯᠢᠭ ᠲᠠᠢ᠂ ᠨᠠᠭᠤᠷ ᠪᠦᠷᠢᠳᠣ ᠲᠠᠢ ᠬᠤᠳᠠ ᠶᠢᠨ ᠠᠮᠢ ᠠᠬᠤᠢ ᠶᠢ ᠪᠦᠷᠢᠯᠳᠤᠬᠦᠯᠤᠨ᠂ ᠤᠯᠤᠰ ᠤᠨ ᠴᠡᠴᠡᠷᠯᠢᠭᠵᠢᠬᠦᠯᠬᠡ ᠶᠢᠨ ᠬᠤᠳᠠ ᠪᠠᠯᠭᠠᠰᠤ᠂ ᠬᠤᠶᠠᠷ ᠢ ᠬᠦᠷᠢᠶᠡᠯᠡᠭᠦ ᠵᠢᠱᠢᠶᠡᠴᠢ ᠬᠤᠰᠢᠭᠤ ᠪᠠ ᠪᠦᠬᠦ ᠤᠯᠤᠰ ᠤᠨ ᠰᠢᠶᠠᠨ ᠤ ᠳᠡᠰ ᠤᠨ ᠪᠤᠯᠪᠠᠰᠤᠨ ᠬᠤᠳᠠ ᠶᠢ ᠠᠮᠵᠢᠯᠳᠠ ᠲᠠᠢ ᠴᠣᠭᠴᠠᠯᠠᠨ᠎ᠠ︔ ᠳ᠋ᠠᠶᠢᠲ᠋ᠠ ᠲᠦᠪ ᠤᠨ ᠪᠠᠶᠢᠭᠤᠯᠤᠯᠳᠠ ᠶᠢ ᠤᠯᠠᠮ ᠨᠢᠬᠡ ᠠᠯᠬᠤᠮ ᠲᠦᠷᠬᠡᠤᠨᠬᠡᠨ᠂ ᠬᠤᠳᠠ ᠶᠢᠨ ᠡᠯ᠎ᠡ ᠲᠦᠷᠦᠯ ᠤᠨ ᠰᠤᠷᠠᠭ ᠵᠠᠩᠬᠢ ᠶᠢᠨ ᠡᠬᠢ ᠰᠤᠷᠪᠤᠯᠵᠢ ᠶᠢ ᠨᠡᠶᠢᠳᠬᠡᠵᠣ᠂ ᠲᠦᠷᠢᠮᠵᠢᠭᠰᠡᠨ ᠪᠠᠷᠢᠮᠵᠢᠶᠠᠴᠢᠯᠠᠭᠰᠡᠨ ᠬᠤᠳᠠ ᠶᠢᠨ ᠰᠤᠷᠠᠭ ᠵᠠᠩᠬᠢ ᠶᠢᠨ ᠰᠢᠰᠲ᠋ᠧᠮ ᠪᠠᠶᠢᠭᠤᠯᠤᠨ᠂ ᠬᠠᠮ ᠤᠶᠢᠯᠡᠴᠢᠯᠡᠭᠡ ᠶᠢᠨ ᠲᠦᠪᠰᠢᠨ ᠢ ᠳᠠᠰᠤᠷᠠᠯᠳᠠ ᠦᠬᠡᠢ ᠳᠡᠬᠡᠭᠰᠢᠯᠡᠬᠦᠯᠵᠤ᠂ ᠡᠯᠧᠺᠲᠷᠣᠨ ᠵᠠᠰᠠᠭ ᠤᠨ ᠶᠠᠪᠤᠳᠠᠯ᠂ ᠨᠠᠶᠢᠬᠡᠮ ᠳᠤᠭᠤᠷᠢᠭ ᠤᠨ ᠤᠶᠢᠯᠡᠴᠢᠯᠡᠭᠡ᠂ ᠬᠤᠳᠠ ᠪᠠᠯᠭᠠᠰᠤ ᠶᠢᠨ ᠬᠠᠮᠢᠶᠠᠷᠤᠯᠳᠠ᠂ ᠰᠤᠷᠭᠠᠨ ᠬᠦᠮᠤᠵᠢᠯ ᠡᠮ ᠡᠮᠴᠢᠯᠡᠭᠡ᠂ ᠪᠠᠴᠢᠮ ᠪᠠᠶᠢᠳᠠᠯ ᠢ ᠠᠷᠭᠠᠴᠠᠬᠤ ᠲᠣᠬᠢᠷᠠᠭᠤᠯᠣᠯᠲᠠ ᠵᠡᠷᠬᠡ ᠶᠢ ᠦᠨᠳᠤᠷ ᠪᠦᠳᠤᠮᠵᠢ ᠲᠠᠢ ᠪᠠᠷ ᠠᠵᠢᠯᠯᠠᠭᠤᠯᠤᠨ᠂ ᠬᠤᠳᠠ ᠪᠠᠯᠭᠠᠰᠣᠨ ᠤ ᠲᠣᠭᠠᠴᠠᠯᠠᠭᠰᠠᠨ᠂ ᠣᠶᠣᠨᠴᠢᠯᠠᠭᠰᠠᠨ ᠬᠠᠮᠢᠶᠠᠷᠣᠯᠳᠠ ᠶᠢ ᠪᠡᠶᠡᠯᠡᠭᠦᠯᠦᠨ᠎ᠡ᠃ ᠣᠯᠣᠰ ᠠᠴᠠ ᠣᠨᠴᠠᠯᠢᠭᠳᠦ ᠵᠢᠵᠢᠭ ᠪᠠᠯᠭᠠᠰᠣ ᠶᠢ ᠪᠣᠶᠢᠵᠠᠭᠤᠯᠣᠨ ᠪᠠᠶᠢᠭᠤᠯᠵᠣ ᠪᠠᠶᠢᠭ᠎ᠠ ᠲᠣᠬᠢᠶᠠᠯ ᠢ ᠡᠵᠡᠮᠳᠠᠨ᠂ ︽ᠰᠠᠭᠤᠷᠢᠰᠢᠬᠤ ᠳᠤ ᠲᠣᠬᠢᠷᠠᠮᠵᠢᠳᠠᠢ᠂ ᠠᠵᠢᠯᠯᠠᠬᠤ ᠳᠤ ᠲᠣᠬᠢᠷᠠᠮᠵᠢᠳᠡᠢ᠂ ᠵᠢᠭᠤᠯᠴᠢᠯᠠᠬᠤ ᠳᠤ ᠲᠣᠬᠢᠷᠠᠮᠵᠢᠳᠠᠢ︾ ᠱᠠᠭᠠᠷᠳᠠᠯᠭ᠎ᠠ ᠶᠣᠰᠣᠭᠠᠷ ᠣᠨᠴᠠᠯᠢᠭᠳᠦ ᠵᠢᠵᠢᠭ ᠬᠤᠳᠠ ᠪᠠᠯᠭᠠᠰᠣᠨ ᠤ ᠪᠠᠶᠢᠭᠤᠯᠣᠯᠳᠠ ᠶᠢ ᠲᠦᠷᠭᠡᠳᠬᠡᠵᠣ᠂ ᠡᠨᠡ ᠵᠢᠯ ᠪᠣᠷᠣᠪᠠᠯᠭᠠᠰᠦ ᠪᠠᠷ ᠭᠤᠣᠯ ᠪᠣᠯᠭᠠᠨ᠂ ᠬᠤᠪᠢᠰᠬᠠᠯᠳᠦ ᠬᠦᠮᠦᠵᠢᠯ ᠵᠢᠭᠤᠯᠴᠢᠯᠠᠯ ᠢ ᠴᠢᠬᠤᠯᠠᠴᠢᠯᠠᠵᠣ᠂ ᠰᠣᠶᠣᠯ ᠤᠨ ᠨᠡᠷᠡᠳᠦ ᠲᠡᠮᠳᠡᠭ ᠢ ᠡᠭᠦᠳᠦᠨ᠂ ᠠᠮᠢ ᠠᠬᠤᠶᠢᠴᠢ ᠵᠠᠮ ᠢᠶᠠᠷ ᠵᠠᠮᠨᠠᠵᠣ᠂ ︽ᠦᠪᠡᠷᠮᠢᠴᠡ ᠣᠨᠴᠠᠯᠢᠭ ᠲᠠᠢ᠂ ᠲᠣᠬᠢᠯᠢᠭ ᠰᠠᠶᠢᠬᠠᠨ︾ ᠵᠢᠵᠢᠭ ᠪᠠᠯᠭᠠᠰᠣ ᠶᠢ ᠪᠠᠶᠢᠭᠤᠯᠣᠨ᠎ᠠ᠃      ︵ᠲᠣᠯᠤᠭ᠎ᠠ︶ ᠴᠢᠯᠦᠭᠡᠳᠡᠢ ᠶᠠᠪᠣᠯᠴᠠᠨ ᠰᠢᠨᠡᠴᠢᠯᠡᠯᠳᠠ ᠬᠢᠬᠦ ᠶᠢ ᠭᠦᠨᠵᠡᠭᠡᠶᠢᠷᠡᠭᠦᠯᠦᠨ᠂ ᠴᠢᠳᠠᠮᠵᠢ ᠶᠢᠨ ᠬᠤᠪᠢᠷᠠᠭᠤᠯᠣᠯᠳᠠ ᠶᠢ ᠠᠬᠢᠭᠤᠯᠣᠨ ᠬᠦᠭᠵᠢᠯᠳᠠ  ᠶᠢᠨ ᠠᠮᠢᠵᠢᠷᠠᠯ ᠤᠨ ᠬᠦᠴᠦᠨ ᠢ ᠲᠠᠰᠣᠷᠠᠯᠳᠠ ᠦᠭᠡᠢ ᠨᠡᠮᠡᠭᠳᠡᠭᠦᠯᠦᠨ᠎ᠡ᠃ ᠦᠭᠡᠷᠡᠴᠢᠯᠡᠯᠳᠡ ᠪᠠᠷ ᠣᠷᠴᠢᠨ ᠠᠬᠤᠢ ᠶᠢ ᠰᠢᠯᠢᠳᠡᠭᠵᠢᠭᠦᠯᠬᠦ ᠠᠮᠢᠳᠣᠯᠢᠭ ᠬᠦᠴᠦᠨ ᠢ ᠬᠦᠭᠵᠢᠭᠡᠬᠦ ᠬᠦᠭᠵᠢᠯᠳᠡ ᠶᠢ ᠠᠬᠢᠭᠤᠯᠬᠤ ᠶᠢ ᠪᠠᠷᠢᠮᠳᠠᠯᠠᠵᠣ᠂ ᠬᠡᠯᠪᠡᠷᠢ ᠶᠢ ᠬᠤᠪᠢᠷᠠᠭᠤᠯᠬᠤ ᠬᠦᠭᠵᠢᠬᠦᠯᠤᠯᠳᠠ ᠶᠢ ᠪᠠᠳᠤᠯᠠᠬᠤ ᠬᠠᠳᠠᠭᠤ ᠵᠦᠬᠡᠯᠡᠨ ᠳᠤᠨᠤᠭᠯᠠᠯ ᠤᠨ ᠲᠦᠪᠰᠢᠨ ᠢ ᠪᠦᠬᠦ ᠳᠠᠯ᠎ᠠ ᠪᠠᠷ ᠳᠡᠬᠡᠭᠰᠢᠯᠡᠬᠦᠯᠵᠤ᠂ ᠭᠠᠵᠠᠷ ᠤᠷᠤᠨ ᠤ ᠦᠬᠡᠷᠡᠴᠢᠯᠠᠯᠳᠠ ᠬᠦᠭᠵᠢᠯᠳᠠ ᠶᠢ ᠠᠬᠢᠭᠤᠯᠤᠨ ᠰᠢᠨ᠎ᠠ ᠰᠢᠪᠳᠤᠯᠤᠯᠳᠠ ᠭᠠᠷᠭᠠᠨ᠎ᠠ᠃ ᠭᠤᠣᠯᠳᠠᠯᠭᠠᠳᠦ ᠬᠦᠷᠢᠶ᠎ᠡ ᠴᠠᠷᠠᠭ᠎ᠠ ᠪᠣᠯᠣᠨ ᠵᠠᠩᠭᠢᠯᠠᠭ᠎ᠠ ᠭᠤᠭᠴᠣᠭᠠᠨ ᠤ ᠦᠭᠡᠷᠡᠴᠢᠯᠡᠯᠳᠡ ᠶᠢ ᠲᠦᠷᠭᠡᠳᠬᠡᠨ᠎ᠡ᠃ ᠪᠠᠶᠢᠭᠠᠯᠢ ᠶᠢᠨ ᠡᠬᠢ ᠰᠣᠷᠪᠣᠯᠵᠢ ᠶᠢᠨ ᠬᠤᠷᠣᠭᠳᠠᠯ  ᠢ ᠬᠢᠨᠠᠨ ᠪᠣᠳᠣᠵᠣ ᠰᠢᠯᠭᠠᠨ ᠦᠨᠡᠯᠡᠬᠦ ᠰᠢᠰᠲ᠋ᠧᠮ ᠢ ᠲᠡᠭᠦᠯᠳᠡᠷᠵᠢᠭᠦᠯᠦᠨ᠂ ᠪᠠᠶᠢᠭᠠᠯᠢ ᠶᠢᠨ ᠡᠬᠢ ᠰᠣᠷᠪᠣᠯᠵᠢ ᠶᠢ ᠠᠷᠪᠢᠯᠠᠵᠣ ᠡᠷᠴᠢᠮᠵᠢᠭᠦᠯᠦᠭᠰᠡᠨ ᠠᠰᠢᠭᠯᠠᠯᠳᠠ ᠪᠣᠯᠣᠨ ᠠᠮᠢ ᠠᠬᠤᠢ ᠣᠷᠴᠢᠨ ᠤ ᠠᠮᠣᠷ ᠲᠦᠪᠰᠢᠨ ᠢ ᠠᠬᠢᠭᠤᠯᠣᠨ᠎ᠠ︔ ᠵᠠᠬ᠎ᠠ ᠲᠡᠯᠭᠡᠭᠦᠷ ᠤᠨ ᠠᠮᠢᠳᠣᠯᠢᠭ ᠬᠦᠴᠦᠨ ᠪᠣᠯᠣᠨ ᠲᠣᠳᠣᠭᠠᠳᠦ ᠬᠦᠴᠦᠨ ᠢ ᠨᠡᠮᠡᠭᠳᠡᠭᠦᠯᠬᠦ ᠪᠠᠷ ᠭᠤᠣᠯᠳᠠᠯᠭ᠎ᠠ ᠪᠣᠯᠭᠠᠵᠣ᠂ ︽ᠲᠠᠯᠪᠢᠬᠤ ᠬᠠᠮᠢᠶᠠᠷᠬᠤ ᠣᠶᠢᠯᠡᠴᠢᠯᠡᠬᠦ︾ ᠦᠭᠡᠷᠡᠴᠢᠯᠡᠯᠳᠡ ᠶᠢ ᠦᠷᠭᠦᠯᠵᠢᠯᠡᠨ ᠭᠦᠨᠵᠡᠭᠡᠶᠢᠷᠡᠭᠦᠯᠵᠣ᠂ ᠡᠷᠭᠡ ᠬᠠᠷᠢᠭᠤᠴᠠᠯᠭ᠎ᠠ ᠶᠢᠨ ᠲᠣᠳᠣᠷᠬᠠᠶᠢᠯᠠᠯ ᠢ ᠲᠡᠭᠦᠯᠳᠡᠷᠵᠢᠭᠦᠯᠦᠨ᠂ ᠨᠢᠭᠡ ᠦᠷᠳᠡᠭᠡᠴᠢᠯᠡᠨ ᠭᠦᠢᠴᠡᠳᠬᠡᠬᠦ᠂ ᠣᠯᠠᠨ ᠦᠨᠡᠮᠯᠡᠯ ᠢ ᠬᠠᠮᠳᠣᠷᠠᠨ ᠭᠦᠢᠴᠡᠳᠬᠡᠬᠦ᠂ ᠣᠶᠢᠯᠠᠳᠪᠦᠷᠢ ᠬᠤᠳᠠᠯᠳᠣᠭᠠᠨ ᠤ ᠲᠠᠩᠰᠠᠯᠠᠯᠳᠠ ᠶᠢᠨ ᠪᠦᠬᠦ ᠶᠠᠪᠣᠴᠠ ᠶᠢ ᠡᠯᠧᠺᠲᠷᠣᠨᠴᠢᠯᠡᠬᠦ ᠪᠠ ᠲᠠᠩᠰᠠᠯᠠᠯᠳᠠ ᠬᠠᠰᠣᠬᠤ ᠶᠢ ᠲᠦᠬᠦᠮᠴᠢᠯᠡᠬᠦ ᠶᠢ ᠬᠡᠷᠡᠭᠵᠢᠭᠦᠯᠵᠣ᠂ ᠣᠴᠢᠷ ᠶᠠᠪᠣᠳᠠᠯ ᠪᠦᠳᠦᠭᠡᠬᠦ ᠳᠤ ᠦᠨᠡᠨ ᠬᠦ ᠲᠦᠭᠦᠮ ᠦᠵᠡᠭᠦᠯᠦᠨ᠎ᠡ︔ ᠰᠢᠨᠡᠴᠢᠯᠡᠯ ᠲᠠᠢ ᠡᠮᠦᠨᠡᠳᠦ ᠣᠳᠤᠭ ᠤᠨ ᠪᠠᠶᠢᠭᠤᠯᠣᠯᠳᠠ ᠶᠢ ᠭᠦᠨᠵᠡᠭᠡᠢ ᠠᠬᠢᠭᠤᠯᠣᠨ᠎ᠠ᠃ᠰᠢᠨ᠎ᠡ ᠶᠢ ᠡᠭᠦᠳᠦᠨ ᠣᠶᠢᠯᠠᠰ ᠪᠣᠰᠬᠠᠬᠤ ᠬᠠᠷᠠᠭᠠᠯᠵᠠᠯ ᠤᠨ ᠲᠦᠷᠦ ᠶᠢᠨ ᠪᠣᠳᠣᠯᠭ᠎ᠠ ᠶᠢ ᠲᠠᠰᠣᠷᠠᠯᠳᠡ ᠦᠭᠡᠢ ᠲᠡᠭᠦᠯᠳᠡᠷᠵᠢᠭᠦᠯᠵᠣ᠂ ᠰᠢᠨ᠎ᠡ ᠶᠢ ᠡᠭᠦᠳᠦᠨ ᠣᠶᠢᠯᠠᠰ ᠪᠣᠰᠬᠠᠬᠤ ᠲᠠᠪᠴᠠᠩ ᠤᠨ ᠪᠠᠶᠢᠭᠤᠯᠣᠯᠳᠠ ᠶᠢ ᠠᠬᠢᠭᠤᠯᠵᠣ᠂ ᠨᠢᠭᠡ ᠪᠦᠯᠦᠭ ᠪᠠᠭ᠎ᠠ ᠵᠢᠵᠢᠭ ᠰᠢᠨᠵᠢᠯᠡᠭᠡ ᠮᠡᠷᠭᠡᠵᠢᠯ ᠤᠨ ᠰᠢᠨᠡᠴᠢᠯᠡᠯ ᠤᠨ ᠠᠵᠣ ᠠᠬᠤᠶᠢᠯᠠᠯ᠂ ᠰᠢᠨᠡᠴᠢᠯᠡᠭᠴᠢᠳ ᠤᠨ ᠪᠦᠯᠬᠦᠮ ᠢ ᠪᠣᠶᠢᠵᠢᠭᠤᠯᠣᠨ᠂ ᠰᠣᠶᠣᠯ ᠤᠨ ᠠᠵᠣ ᠣᠶᠢᠯᠠᠰ ᠤᠨ ᠬᠦᠷᠢᠶᠡᠯᠡᠩ ᠢ ᠦᠪᠡᠷᠳᠡᠭᠡᠨ ᠵᠠᠰᠠᠬᠤ ᠣᠷᠣᠨ ᠤ ᠲᠡᠰ ᠤᠨ ︽ᠬᠤᠣᠰ ᠪᠦᠳᠦᠭᠡᠯᠳᠡ︾ ᠶᠢᠨ ᠲᠠᠭᠤᠷᠢᠶᠠᠯ ᠰᠠᠭᠤᠷᠢᠨ ᠪᠣᠯᠭᠠᠨ᠎ᠠ᠃ ︽ᠰᠢᠨᠵᠢᠯᠡᠭᠡ ᠮᠡᠷᠭᠡᠵᠢᠯ ᠤᠨ ᠴᠢᠬᠤᠯᠠ ᠶᠡᠭᠡ ᠲᠣᠰᠬᠠᠢ ᠲᠦᠷᠦᠯ ᠤᠨ ᠲᠦᠯᠦᠪᠯᠡᠭᠡ︾ ᠶᠢ ᠡᠬᠢᠯᠡᠬᠦᠯᠵᠣ ᠂ ᠣᠯᠣᠰ ᠠᠯᠣᠰᠯᠠᠭᠰᠠᠨ ᠠᠺᠠᠳᠧᠮᠢᠴᠢ ᠴᠢᠳᠠᠪᠦᠷᠢᠳᠠᠨ ᠤ ᠠᠵᠢᠯ ᠤᠨ ᠦᠷᠳᠡᠭᠡ᠂ ᠮᠠᠯ ᠲᠠᠷᠢᠶᠠᠯᠠᠩ ᠤᠨ ᠰᠢᠨᠵᠢᠯᠡᠭᠡ ᠮᠡᠷᠭᠡᠵᠢᠯ ᠲᠦᠭᠡᠮᠡᠯᠵᠢᠭᠦᠯᠬᠦ ᠲᠠᠭᠤᠷᠢᠶᠠᠯ ᠬᠦᠷᠢᠶᠡᠯᠡᠩ᠂ ᠣᠶᠢᠯᠠᠳᠪᠦᠷᠢ ᠶᠢᠨ ᠬᠦᠴᠦᠨ ᠢ ᠠᠬᠢᠭᠤᠯᠬᠤ ᠲᠦᠪ ᠵᠡᠷᠭᠡ ᠠᠴᠢᠶᠠᠯᠠᠭᠴᠢ ᠶᠢ ᠲᠦᠰᠢᠭᠯᠡᠨ ᠨᠢᠭᠡ ᠪᠦᠯᠦᠭ ᠮᠠᠯ ᠲᠠᠷᠢᠶ᠋ᠯᠠᠩ ᠤᠨ ᠰᠢᠨᠵᠢᠯᠡᠭᠡ ᠮᠡᠷᠭᠡᠵᠢᠯ ᠤᠨ ᠪᠡᠷᠬᠡ ᠶᠢ ᠰᠢᠢᠳᠪᠦᠷᠢᠯᠡᠬᠦ ᠲᠦᠷᠦᠯ ᠵᠣᠶᠢᠯ ᠢ ᠵᠣᠬᠢᠶᠠᠨ ᠪᠠᠶᠢᠭᠤᠯᠣᠨ ᠬᠡᠷᠡᠭᠵᠢᠭᠦᠯᠵᠣ᠂ ᠰᠢᠨ᠎ᠡ ᠡᠭᠦᠯᠳᠡᠷ᠂ ᠰᠢᠨ᠎ᠡ ᠮᠡᠷᠭᠡᠵᠢᠯ᠂ ᠰᠢᠨ᠎ᠡ ᠲᠣᠨᠣᠭᠯᠠᠯ  ᠤᠨ ᠲᠠᠯ᠎ᠠ ᠪᠠᠷ ᠰᠢᠨ᠎ᠡ ᠰᠢᠪᠳᠣᠯᠣᠯᠳᠠ ᠭᠠᠷᠭᠠᠨ᠎ᠠ︔ ︽ᠴᠠᠬᠢᠷᠮ᠎ᠠ ᠴᠢᠳᠠᠪᠦᠷᠢᠳᠠᠨ︾ ᠢᠨᠵᠧᠨᠧᠷᠢᠩ ᠢ ᠭᠦᠨᠵᠡᠭᠡᠢ ᠬᠡᠷᠡᠭᠵᠢᠭᠦᠯᠵᠣ᠂ ᠠᠵᠣ ᠠᠬᠤᠶᠢᠯᠠᠯ ᠢᠶᠠᠷ ᠭᠤᠣᠯ ᠴᠣᠭᠴᠠ ᠪᠣᠯᠭᠠᠭᠰᠠᠨ᠂ ᠠᠵᠣ ᠣᠶᠢᠯᠠᠰ ᠢᠶᠠᠷ ᠲᠣᠯᠣᠭᠠᠶᠢᠯᠠᠨ ᠲᠠᠭᠠᠭᠤᠯᠣᠭᠰᠠᠨ ᠴᠢᠳᠠᠪᠦᠷᠢᠳᠠᠨ ᠢ ᠬᠦᠮᠦᠵᠢᠭᠦᠯᠬᠦ ᠲᠣᠭᠳᠠᠴᠠ ᠶᠢ ᠪᠠᠶᠢᠭᠤᠯᠣᠨ᠂ ᠠᠵᠢᠯ ᠮᠡᠷᠭᠡᠵᠢᠯ  ᠤᠨ ᠰᠣᠷᠭᠠᠨ ᠬᠦᠮᠦᠵᠢᠯ ᠬᠢᠬᠡᠳ ᠠᠵᠣ ᠣᠶᠢᠯᠠᠰ ᠤᠨ ᠬᠠᠮᠳᠣᠷᠠᠭᠰᠠᠨ ᠰᠢᠨᠡᠴᠢᠯᠡᠯᠳᠡ ᠶᠢ ᠠᠬᠢᠭᠤᠯᠵᠣ᠂ ᠴᠢᠳᠠᠪᠦᠷᠢᠳᠠᠳ ᠴᠣᠯᠭᠤᠷᠠᠭᠰᠠᠨ ᠣᠬᠢ ᠪᠠᠶᠢᠳᠠᠯ ᠢ ᠪᠣᠢ ᠪᠣᠯᠭᠠᠨ᠎ᠠ᠃ ᠭᠠᠳᠠᠨ᠎ᠠ ᠲᠣᠳᠣᠨ᠎ᠠ ᠲᠠᠢ ᠴᠢᠯᠦᠭᠡᠳᠡᠢ ᠶᠠᠪᠣᠯᠴᠠᠬᠤ ᠶᠢ ᠬᠤᠯᠪᠣᠭᠠᠯᠠᠨ ᠦᠷᠭᠡᠳᠬᠡᠨ᠎ᠡ᠃ ᠬᠦᠬᠡᠬᠤᠳᠠ ᠪᠣᠭᠤᠳᠦ ᠣᠷᠳᠣᠰ ᠤᠨ ᠬᠠᠮᠳᠣᠷᠠᠭᠰᠠᠨ ᠬᠦᠭᠵᠢᠯᠳᠠ ᠶᠢᠨ ᠲᠦᠯᠦᠪᠵᠢᠭᠦᠯᠭᠡ ᠶᠢ ᠰᠠᠶᠢᠳᠦᠷ ᠵᠣᠬᠢᠶᠠᠨ ᠪᠠᠶᠢᠭᠤᠯᠣᠨ ᠬᠡᠷᠡᠭᠵᠢᠭᠦᠯᠵᠣ᠂ ᠠᠵᠣ ᠣᠶᠢᠯᠠᠰ ᠤᠨ ᠰᠢᠯᠵᠢᠯᠳᠡ᠂ ᠰᠢᠨᠵᠢᠯᠡᠭᠡ ᠮᠡᠷᠭᠡᠵᠢᠯ ᠤᠨ ᠰᠢᠨᠡᠴᠢᠯᠡᠯ᠂ ᠴᠢᠳᠠᠪᠦᠷᠢᠳᠠᠨ ᠤ ᠣᠷᠣᠭᠤᠯᠣᠯᠳᠠ ᠵᠡᠷᠭᠡ ᠲᠠᠯ᠎ᠠ ᠪᠠᠷ ᠬᠢ ᠶᠢ ᠬᠠᠮᠳᠣᠷᠠᠯᠴᠠᠭ᠎ᠠ ᠶᠢ ᠴᠢᠩᠭᠠᠳᠬᠠᠵᠣ᠂ ᠠᠰᠢᠭ ᠲᠣᠰᠠ ᠶᠢ ᠬᠠᠮᠳᠦ ᠡᠳ᠋ᠯᠡᠨ᠎ᠠ︔ ᠢᠷᠭᠠᠢ  ᠯᠤᠭ᠎ᠠ ᠶᠢᠨ ᠰᠢᠨᠵᠢᠯᠡᠭᠡ ᠮᠡᠷᠭᠡᠵᠢᠯ᠂ ᠰᠣᠷᠭᠠᠨ ᠬᠦᠮᠦᠵᠢᠯ᠂ ᠡᠮ ᠡᠮᠴᠢᠯᠡᠭᠡ ᠵᠡᠷᠭᠡ ᠲᠠᠯ᠎ᠠ ᠪᠠᠷ ᠬᠢ ᠬᠠᠮᠳᠣᠷᠠᠯᠴᠠᠭ᠎ᠠ ᠪᠠᠨ ᠠᠬᠢᠭᠤᠯᠵᠣ ᠪᠠᠶᠢᠷᠢᠰᠢᠯ ᠤᠨ ᠲᠠᠪᠠᠭᠤᠯᠢᠭ  ᠪᠠᠨ ᠬᠦᠭᠵᠢᠯᠳᠠ ᠶᠢᠨ ᠲᠠᠪᠠᠭᠤᠯᠢᠭ ᠪᠣᠯᠭᠠᠨ ᠬᠤᠪᠢᠷᠠᠭᠤᠯᠣᠨ᠎ᠠ᠃ ᠠᠷᠠᠯᠵᠢᠶᠠᠴᠢᠨ ᠣᠷᠢᠵᠣ ᠪᠡᠯᠡ ᠲᠠᠳᠠᠬᠤ ᠲᠦᠷᠦ ᠶᠢᠨ ᠪᠣᠳᠣᠯᠭ᠎ᠠ ᠶᠢ ᠣᠯᠠᠮ ᠲᠡᠭᠦᠯᠳᠡᠷᠵᠢᠭᠦᠯᠵᠣ ᠂ ︽ᠬᠡᠯᠬᠢᠶ᠎ᠡ ᠶᠢ ᠪᠠᠶᠢᠭᠤᠯᠵᠣ ᠨᠦᠬᠦᠪᠦᠷᠢᠯᠠᠨ ᠴᠢᠩᠭᠠᠳᠬᠠᠬᠤ︾ ᠠᠵᠢᠯᠯᠠᠭᠠᠨ ᠤ ᠲᠦᠰᠦᠯ ᠲᠣᠭᠳᠠᠭᠠᠵᠣ᠂ ᠠᠵᠣ ᠣᠶᠢᠯᠠᠰ ᠤᠨ ᠬᠡᠯᠬᠢᠶ᠎ᠡ ᠪᠠᠷ ᠠᠷᠠᠯᠵᠢᠶᠠᠴᠢᠨ ᠣᠷᠢᠬᠤ ᠪᠠᠨ ᠴᠢᠩᠭᠠᠳᠬᠠᠵᠣ᠂ ᠬᠠᠷᠠᠯᠳᠠᠳᠦ ᠣᠷᠢᠭᠳᠠᠭᠰᠠᠳ ᠤᠨ ᠬᠦᠮᠦᠷᠭᠡ᠂ ᠲᠦᠷᠦᠯ ᠵᠣᠶᠢᠯ ᠤᠨ ᠳ᠋ᠠᠶᠢᠲᠨ ᠬᠦᠮᠦᠷᠭᠡ᠂ ᠬᠤᠷᠰᠢᠨ ᠠᠵᠢᠯᠯᠠᠬᠤ ᠠᠴᠢᠶᠠᠯᠠᠪᠦᠷᠢ  ᠶᠢᠨ ᠬᠦᠮᠦᠷᠭᠡ᠂ ᠠᠵᠣ ᠣᠶᠢᠯᠠᠰ ᠪᠠᠷ ᠠᠷᠠᠯᠵᠢᠶᠠᠴᠢᠨ ᠣᠷᠢᠬᠤ ᠵᠢᠷᠤᠭ ᠤᠨ ︽ᠭᠤᠷᠪᠡᠨ ᠬᠦᠮᠦᠷᠭᠡ ᠨᠢᠭᠡ ᠵᠢᠷᠤᠭ︾ ᠢ ᠪᠠᠶᠢᠭᠤᠯᠣᠨ ᠲᠦᠰᠦᠪᠯᠡᠵᠣ᠂ ᠰᠠᠨᠠᠭᠠᠴᠢᠯᠭ᠎ᠠ ᠲᠠᠢ ᠪᠠᠷ ᠣᠷᠢᠨ ᠶᠠᠷᠢᠯᠴᠠᠵᠣ᠂ ᠠᠷᠠᠯᠵᠢᠶᠠᠴᠢᠨ ᠣᠷᠢᠬᠤ ᠲᠠᠳᠠᠬᠤ ᠬᠦᠴᠦᠨ ᠪᠠ ᠦᠷ᠎ᠡ ᠪᠦᠳᠦᠮᠵᠢ ᠪᠠᠨ ᠲᠡᠭᠡᠭᠰᠢᠯᠡᠬᠦᠯᠦᠨ᠎ᠡ︔ ᠨᠡᠶᠢᠳᠡ ᠶᠢᠨ ᠪᠣᠰᠣ ᠦᠮᠴᠢᠯᠡᠯᠳᠦ ᠠᠵᠣ ᠠᠬᠤᠢ ᠶᠢᠨ ᠬᠠᠷᠠᠭᠠᠯᠵᠠᠯ ᠤᠨ ᠲᠦᠷᠦ ᠶᠢᠨ ᠪᠣᠳᠣᠯᠭ᠎ᠠ ᠶᠢ ᠬᠢᠨᠠᠮᠠᠭᠠᠢ ᠨᠠᠶᠢᠳᠠᠪᠦᠷᠢᠵᠢᠭᠤᠯᠵᠣ᠂ ᠠᠷᠠᠳ ᠤᠨ ᠪᠡᠯᠡ ᠮᠦᠩᠭᠦ ᠲᠦᠷᠦᠯ ᠵᠣᠶᠢᠯ ᠤᠨ ᠪᠠᠶᠢᠭᠤᠯᠣᠯᠳᠠ ᠳᠤ ᠣᠷᠣᠯᠴᠠᠬᠤ ᠶᠢ ᠲᠠᠮᠵᠢᠨ᠂ ᠨᠣᠳᠤᠭ ᠤᠨ ᠠᠵᠣ ᠠᠬᠤᠶᠢᠯᠳᠡᠨ᠂ ᠨᠣᠳᠤᠭ ᠲᠤ ᠪᠠᠨ ᠪᠣᠴᠠᠭᠰᠠᠨ ᠣᠶᠢᠯᠠᠰ ᠪᠦᠳᠦᠭᠡᠭᠴᠢᠳ᠂ ᠬᠠᠮᠳᠣᠷᠠᠯ ᠠᠵᠣ ᠠᠬᠤᠢ ᠶᠢᠨ ᠵᠣᠬᠢᠶᠠᠨ ᠪᠠᠶᠢᠭᠤᠯᠣᠯᠳᠠ ᠵᠡᠷᠭᠡ ᠶᠢ ᠵᠣᠷᠢᠭᠵᠢᠭᠤᠯᠣᠨ ᠪᠣᠳᠠᠳᠦ ᠴᠣᠭᠴᠠ ᠶᠢᠨ ᠠᠵᠣ ᠠᠬᠤᠢ ᠶᠢ ᠬᠦᠭᠵᠢᠭᠦᠯᠵᠣ᠂ ᠨᠡᠶᠢᠳᠡ ᠶᠢᠨ ᠪᠣᠰᠣ ᠦᠮᠴᠢᠯᠡᠯᠳᠦ ᠠᠵᠣ ᠠᠬᠤᠶᠢᠯᠠᠯ ᠤᠨ ᠬᠡᠪᠴᠢᠶᠡᠵᠢᠯ ᠢ ᠲᠠᠰᠣᠷᠠᠯᠳᠠ ᠦᠭᠡᠢ ᠦᠷᠭᠡᠳᠬᠡᠨ᠂ ᠪᠦᠬᠦ ᠨᠡᠶᠢᠭᠡᠮ ᠤᠨ ᠪᠣᠳᠠᠳᠦ ᠲᠣᠯᠠᠭᠠᠭᠤᠷᠢᠯᠠᠯ ᠬᠦᠴᠦᠨ ᠢ ᠨᠡᠮᠡᠭᠳᠡᠭᠦᠯᠦᠨ᠎ᠡ᠃     ︵ᠨᠠᠢᠮᠠ︶ ᠨᠡᠶᠢᠭᠡᠮ ᠤᠨ ᠵᠠᠰᠠᠯᠳᠠ ᠶᠢ ᠰᠢᠨᠡᠴᠢᠯᠡᠵᠣ᠂ ᠡᠶ᠎ᠡ ᠵᠣᠬᠢᠴᠠᠯ ᠠᠮᠣᠷ ᠲᠣᠭᠳᠠᠭᠤᠨ ᠢ ᠬᠠᠮᠠᠭᠠᠯᠠᠨ᠂ ᠠᠮᠣᠷ ᠲᠦᠪᠰᠢᠨ ᠬᠦᠭᠵᠢᠯᠳᠠ ᠶᠢᠨ ᠴᠢᠳᠠᠪᠦᠷᠢ  ᠶᠢ ᠲᠡᠭᠡᠭᠰᠢᠯᠡᠬᠦᠯᠦᠨ᠎ᠡ᠃ ᠠᠭᠤᠰᠣᠯᠴᠠᠨ ᠬᠤᠯᠪᠣᠭᠠᠯᠠᠬᠤ᠂ ᠴᠢᠯᠦᠭᠡᠳᠡᠢ ᠶᠠᠪᠣᠯᠴᠠᠨ ᠬᠠᠮᠳᠣᠷᠠᠨ ᠵᠠᠰᠠᠬᠤ ᠶᠢ ᠴᠢᠬᠤᠯᠠᠴᠢᠯᠠᠵᠣ᠂ ᠨᠡᠶᠢᠭᠡᠮ ᠤᠨ ᠵᠠᠰᠠᠯᠳᠠ ᠶᠢᠨ ᠬᠠᠣᠯᠢᠵᠢᠭᠰᠠᠨ᠂ ᠣᠶᠣᠨᠴᠢᠯᠠᠭᠰᠠᠨ᠂ ᠲᠣᠰᠬᠠᠶᠢᠵᠢᠭᠰᠠᠨ ᠲᠦᠪᠰᠢᠨ ᠢ ᠲᠡᠭᠡᠭᠰᠢᠯᠡᠬᠦᠯᠵᠣ᠂ ᠡᠯ᠎ᠡ ᠲᠦᠷᠦᠯ ᠤᠨ ᠲᠦᠭᠰᠢᠭᠦᠷᠢ ᠶᠢ ᠣᠷᠢᠳᠴᠢᠯᠠᠨ ᠵᠢᠱᠢᠬᠦ᠂ ᠰᠡᠷᠡᠮᠵᠢᠯᠡᠬᠦᠯᠬᠦ᠂ ᠰᠡᠷᠭᠡᠶᠢᠯᠡᠬᠦ ᠴᠢᠳᠠᠪᠦᠷᠢ ᠶᠢ ᠲᠡᠭᠡᠭᠰᠢᠯᠡᠭᠦᠯᠦᠨ᠂ ᠬᠦᠭᠵᠢᠯᠳᠠ ᠪᠠᠨ ᠲᠦᠷᠭᠡᠳᠬᠡᠬᠦ ᠳᠤ ᠠᠮᠣᠷ ᠲᠦᠪᠰᠢᠨ ᠤ ᠪᠠᠳᠣᠯᠠᠭ᠎ᠠ ᠬᠠᠩᠭᠠᠨ᠎ᠠ᠃ ᠠᠶᠣᠯᠭᠦᠢ ᠣᠶᠢᠯᠠᠳᠪᠦᠷᠢᠯᠠᠯ ᠤᠨ ᠬᠦᠴᠦ ᠲᠠᠷᠣᠯᠳᠠ ᠶᠢ ᠪᠠᠳᠣᠯᠠᠨ᠎ᠠ᠃ ᠨᠠᠮ ᠵᠠᠰᠠᠭ ᠬᠠᠮᠳᠦ ᠬᠠᠷᠢᠭᠤᠴᠠᠬᠤ ᠨᠢᠭᠡ ᠪᠠᠶᠢᠷᠢ ᠬᠤᠣᠰ ᠬᠠᠷᠢᠭᠤᠴᠠᠯᠭ᠎ᠠ ᠴᠤᠭ ᠢᠶᠠᠷ ᠠᠳᠬᠤᠵᠣ ᠬᠠᠮᠳᠦ ᠪᠠᠷ ᠬᠠᠮᠢᠶᠠᠷᠬᠤ ᠬᠠᠷᠢᠭᠤᠴᠠᠯᠭ᠎ᠠ ᠶᠢᠨ ᠰᠢᠰᠲ᠋ᠧᠮ ᠢ ᠡᠷᠡᠰ ᠴᠢᠩᠭ᠎ᠠ ᠨᠠᠶᠢᠳᠠᠪᠦᠷᠢᠵᠢᠭᠤᠯᠵᠣ᠂ ᠠᠶᠣᠯᠭᠦᠢ ᠣᠶᠢᠯᠠᠳᠪᠦᠷᠢᠯᠠᠯ ᠤᠨ ᠬᠦᠨᠳᠦ ᠶᠡᠭᠡ ᠠᠳᠡᠭᠳᠡᠯ ᠳᠤ ︽ᠨᠢᠭᠡ ᠪᠢᠯᠧᠲ ᠢᠶᠠᠷ ᠦᠭᠡᠶᠢᠰᠬᠡᠬᠦ︾ ᠶᠢ ᠬᠡᠷᠡᠭᠵᠢᠭᠦᠯᠦᠨ᠎ᠡ︔ ᠠᠶᠣᠯᠭᠦᠢ ᠣᠶᠢᠯᠠᠳᠪᠦᠷᠢᠯᠠᠯ ᠤᠨ ᠪᠠᠶᠢᠴᠠᠭᠠᠯᠳᠠ ᠴᠡᠭᠴᠡᠯᠡᠯᠳᠡ ᠶᠢ ᠦᠷᠭᠦᠯᠵᠢ ᠦᠷᠨᠢᠭᠦᠯᠵᠣ᠂ ᠳ᠋ᠠᠶᠢᠲᠨ ᠲᠦᠪ ᠲᠤ ᠲᠦᠰᠢᠭᠯᠡᠨ ᠣᠯᠠᠨ ᠨᠡᠶᠢᠳᠡ ᠶᠢᠨ ᠠᠮᠣᠷ ᠲᠦᠪᠰᠢᠨ ᠤ ᠮᠡᠳᠡᠭᠡ ᠵᠠᠩᠬᠢ ᠶᠢᠨ ᠪᠠᠴᠢᠮ ᠠᠷᠭᠠᠴᠠᠬᠤ ᠠᠪᠣᠷᠠᠨ ᠲᠣᠰᠠᠯᠠᠯᠳᠠ ᠶᠢᠨ ᠵᠢᠯᠣᠭᠤᠳᠬᠤ ᠲᠦᠪ ᠢ ᠪᠠᠶᠢᠭᠤᠯᠣᠨ ᠭᠤᠣᠯᠳᠠᠯᠭᠠᠳᠦ ᠬᠦᠷᠢᠶ᠎ᠡ ᠴᠠᠷᠠᠭ᠎ᠠ᠂ ᠭᠤᠣᠯᠳᠠᠯᠭᠠᠳᠦ ᠣᠷᠣᠨ ᠪᠠᠶᠢᠷᠢ ᠶᠢᠨ ᠬᠦᠨᠳᠦ ᠶᠡᠭᠡ ᠠᠶᠣᠯ ᠤᠨ ᠡᠬᠢ ᠶᠢ ᠴᠠᠭ ᠢᠮᠠᠭᠳᠠ ᠪᠦᠬᠦ ᠲᠠᠯ᠎ᠠ  ᠪᠠᠷ ᠬᠢᠨᠠᠨ ᠡᠵᠡᠮᠳᠡᠵᠣ᠂ ᠠᠶᠣᠯᠬᠦᠢ ᠣᠶᠢᠯᠠᠳᠪᠦᠷᠢᠯᠠᠯ ᠤᠨ ᠬᠦᠨᠳᠦ ᠨᠣᠴᠢᠳᠠᠢ ᠠᠳᠡᠭᠳᠡᠯ ᠭᠠᠷᠬᠤ ᠶᠢ ᠴᠢᠩᠭ᠎ᠠ ᠰᠡᠷᠭᠡᠶᠢᠯᠨ᠎ᠡ᠃ ᠢᠳᠡᠭᠡᠨ ᠤ ᠠᠶᠣᠯᠭᠦᠢ ᠬᠢᠨᠠᠯᠳᠠ ᠬᠠᠮᠢᠶᠠᠷᠣᠯᠳᠠ ᠶᠢ ᠴᠢᠩᠭᠠᠳᠬᠠᠨ᠎ᠠ᠃ ᠣᠯᠵᠠᠴᠢ ᠪᠠᠯᠭᠠᠰᠣᠨ ᠤ ᠢᠳᠡᠭᠡᠨ ᠪᠣᠯᠪᠠᠰᠣᠷᠠᠭᠤᠯᠬᠤ ᠬᠦᠷᠢᠶᠡᠯᠡᠩ ᠤᠨ ᠪᠠᠶᠢᠭᠤᠯᠣᠯᠳᠠ ᠶᠢ ᠡᠬᠢᠯᠡᠭᠦᠯᠦᠨ᠂ ᠪᠦᠳᠦᠭᠡᠭᠳᠡᠭᠦᠨ  ᠤ ᠪᠠᠷᠢᠮᠵᠢᠶ᠎ᠠ ᠶᠢ ᠨᠢᠭᠡᠳᠬᠡᠨ᠂ ᠨᠢᠭᠡᠳᠦᠯᠳᠡᠢ ᠬᠢᠨᠠᠯᠳᠠ ᠰᠢᠯᠭᠠᠯᠳᠡ ᠪᠠ ᠨᠢᠭᠡᠳᠦᠯᠳᠡᠢ ᠬᠦᠷᠭᠡᠯᠳᠡ ᠶᠢᠨ ᠵᠠᠭᠪᠣᠷ ᠶᠢ ᠬᠡᠷᠡᠭᠵᠢᠭᠦᠯᠵᠣ᠂ ᠡᠯ᠎ᠡ ᠪᠠᠯᠭᠠᠰᠤ ᠪᠤᠯᠤᠨ ᠳᠤᠮᠤ ᠵᠠᠬ᠎ᠠ ᠳᠡᠯᠬᠡᠬᠦᠷ ᠤᠨ ᠪᠠᠷᠢᠮᠵᠢᠶᠠᠳᠤ ᠲᠦᠷᠬᠡᠨ ᠪᠠᠶᠢᠴᠠᠭᠠᠯᠳᠠ ᠶᠢᠨ ᠳᠠᠰᠤᠭ ᠢ ᠪᠠᠶᠢᠭᠤᠯᠵᠤ᠂ ᠲᠦᠳᠠ ᠲᠦᠷᠬᠡᠨ ᠬᠢᠨᠠᠨ ᠰᠢᠯᠭᠠᠯᠳᠠ ᠪᠠ ᠠᠶᠤᠯᠬᠦᠢ ᠶᠢᠨ ᠵᠦᠪᠰᠢᠶᠡᠷᠡᠯ ᠢ ᠬᠡᠷᠡᠭᠵᠢᠬᠦᠯᠤᠨ᠂ ᠠᠷᠠᠤᠨ ᠤᠯᠠᠨ ᠤ ᠢᠳᠡᠬᠡᠨ ᠤ ᠠᠮᠤᠷ ᠲᠦᠪᠰᠢᠨ ᠢ ᠪᠠᠳᠤᠯᠠᠨ᠎ᠠ᠃ ᠤᠷᠴᠢᠨ ᠳᠤᠭᠤᠷᠢᠨ ᠤ ᠴᠡᠭᠴᠡᠯᠡᠯᠳᠠ ᠶᠢ ᠴᠢᠩᠭᠠᠤᠨᠬᠠᠨ᠎ᠠ᠃ ᠬᠠᠮᠤᠭ ᠤᠨ ᠬᠠᠳᠠᠭᠤ ᠴᠢᠩᠭ᠎ᠠ ᠣᠷᠴᠢᠨ ᠲᠣᠭᠤᠷᠢᠨ ᠤ ᠬᠠᠮᠠᠭᠠᠯᠠᠯᠳᠠ ᠶᠢᠨ ᠪᠠᠷᠢᠮᠵᠢᠶ᠎ᠠ ᠶᠢ ᠬᠡᠷᠡᠭᠵᠢᠭᠦᠯᠵᠣ᠂ ᠣᠷᠴᠢᠨ ᠬᠠᠮᠠᠭᠠᠯᠠᠯᠳᠠ ᠶᠢᠨ ᠠᠰᠠᠭᠤᠳᠠᠯ ᠤᠨ ᠲᠣᠰᠬᠠᠢ ᠴᠡᠭᠴᠡᠯᠡᠯᠳᠡ ᠶᠢ ᠦᠷᠭᠦᠯᠵᠢᠯᠡᠨ ᠦᠷᠨᠢᠭᠦᠯᠵᠣ᠂ ᠵᠠᠩᠬᠢᠴᠢᠯᠠᠭᠰᠠᠨ᠂ ᠣᠶᠣᠨᠴᠢᠯᠠᠭᠰᠠᠨ ᠬᠠᠣᠯᠢ ᠬᠡᠷᠡᠭᠵᠢᠭᠦᠯᠬᠦ ᠬᠢᠨᠠᠯᠳᠠ ᠬᠠᠮᠢᠶᠠᠷᠣᠯᠳᠠ ᠶᠢᠨ ᠰᠢᠰᠲ᠋ᠧᠮ ᠢ ᠪᠠᠶᠢᠭᠤᠯᠣᠨ᠂ ᠬᠢᠨᠠᠨ ᠪᠠᠶᠢᠴᠠᠭᠠᠬᠤ ᠬᠡᠪᠴᠢᠶ᠎ᠡ ᠪᠠ ᠪᠦᠷᠬᠦᠴᠡ ᠪᠠᠨ ᠦᠷᠭᠡᠳᠬᠡᠵᠣ᠂ ᠭᠤᠣᠯᠳᠠᠯᠭᠠᠳᠦ ᠣᠷᠣᠨ ᠬᠡᠪᠴᠢᠶᠡᠨ ᠤ ᠣᠷᠴᠢᠨ ᠲᠣᠭᠤᠷᠢᠨ ᠤ ᠶᠡᠷᠦᠩᠬᠡᠶᠢᠯᠡᠭᠰᠠᠨ ᠵᠠᠰᠠᠯᠳᠠ ᠶᠢᠨ ᠡᠭᠦᠷᠭᠡ ᠪᠠᠨ ᠪᠡᠶᠡᠯᠡᠭᠦᠯᠵᠣ᠂ ᠣᠳᠤᠭ ᠤᠨ ᠡᠮᠦᠨᠡᠳᠦ ᠬᠤᠰᠢᠭᠤᠨ ᠤ ᠬᠦᠭᠡ ᠲᠡᠭᠷᠢ ᠬᠦᠷᠦᠰᠦ ᠰᠢᠷᠣᠢ ᠶᠢ ᠬᠠᠮᠠᠭᠠᠯᠠᠨ᠎ᠠ᠃ ᠠᠮᠣᠷ ᠠᠮᠣᠭᠤᠯᠠᠩ ᠡᠮᠦᠨᠡᠳᠦ ᠣᠳᠤᠭ ᠤᠨ ᠪᠠᠶᠢᠭᠤᠯᠣᠯᠳᠠ ᠶᠢ ᠭᠦᠨᠵᠡᠭᠡᠶᠢᠷᠡᠭᠦᠯᠦᠨ᠎ᠡ᠃ ᠤᠳᠤᠷᠢᠳᠤᠯᠭ᠎ᠠ ᠵᠠᠬᠢᠳᠠᠯ ᠰᠤᠷᠪᠤᠯᠵᠢᠯᠠᠭ᠎ᠠ ᠬᠦᠯᠢᠶᠡᠬᠦ᠂ ᠬᠡᠷᠡᠭ ᠲᠠᠭᠠᠭᠠᠴᠢᠯᠠᠨ ᠦᠨᠳᠤᠰᠤᠨ ᠱᠠᠳᠤᠨ ᠳᠤ ᠬᠦᠨᠵᠡᠬᠡᠶᠢᠷᠡᠨ ᠰᠤᠷᠪᠤᠯᠵᠢᠯᠠᠬᠤ᠂ ᠭᠤᠷᠪᠠᠨ ᠱᠠᠳᠤ ᠪᠠᠷ ᠳᠡᠬᠦᠰᠬᠡᠬᠦ ᠲᠦᠷᠢᠮ ᠢ ᠡᠷᠡᠰ ᠬᠡᠷᠡᠭᠵᠢᠬᠦᠯᠵᠤ᠂ ᠳᠤᠭᠳᠠᠮᠠᠯ ᠬᠤᠭᠤᠴᠠᠭ᠎ᠠ ᠲᠠᠢ  ᠪᠠᠷ ᠰᠤᠳᠤᠯᠤᠭ᠎ᠠ ᠵᠠᠳᠠᠯᠤᠯᠳᠠ ᠮᠠᠭᠠᠤᠨᠯᠠᠯᠳᠠ ᠬᠢᠵᠤ᠂ ᠵᠠᠬᠢᠳᠠᠯ ᠰᠤᠷᠪᠤᠯᠵᠢᠯᠠᠭ᠎ᠠ ᠶᠢᠨ ᠬᠦᠴᠢᠷ ᠲᠦᠪᠡᠭ ᠲᠠᠢ ᠭᠤᠣᠯᠳᠠᠯᠭᠠᠳᠦ ᠬᠡᠷᠡᠭ ᠶᠢ ᠲᠦᠪᠯᠡᠷᠡᠭᠦᠯᠦᠨ ᠰᠢᠢᠳᠪᠦᠷᠢᠯᠡᠵᠣ᠂ ᠠᠷᠠᠤᠨ ᠤᠯᠠᠨ ᠤ ᠵᠦᠢ ᠶᠤᠰᠤᠨ ᠤ ᠱᠠᠭᠠᠷᠳᠠᠯᠭ᠎ᠠ ᠶᠢ ᠬᠦᠴᠤᠯᠡᠨ ᠰᠢᠢᠤᠨᠪᠤᠷᠢᠯᠡᠨ᠎ᠠ᠃ ᠰᠡᠷᠬᠡᠶᠢᠯᠡᠨ ᠡᠵᠡᠮᠰᠢᠬᠦ ᠪᠡᠶᠡᠳᠤ ᠰᠢᠰᠲ᠋ᠧᠮ ᠤᠨ ᠪᠠᠶᠢᠭᠤᠯᠤᠯᠳᠠ ᠶᠢ ᠴᠢᠩᠭᠠᠤᠨᠬᠠᠨ᠂ ᠪᠠᠯᠭᠠᠰᠤᠨ ᠳᠤᠭᠤᠷᠢᠭ ᠤᠨ ᠵᠡᠬᠡᠯᠢ ᠭᠤᠳᠤᠮᠵᠢ᠂ ᠭᠠᠷᠬᠤ ᠵᠠᠮ ᠬᠤᠳᠠ ᠬᠦᠳᠡᠭᠡ ᠶᠢᠨ ᠲᠦᠪᠯᠡᠷᠡᠩᠬᠦᠢ ᠰᠠᠭᠤᠷᠢᠰᠢᠯ ᠤᠨ ᠳᠤᠭᠤᠷᠢᠭ ᠲᠤ ᠲᠣᠭᠠᠴᠠᠯᠠᠭᠰᠠᠨ ᠬᠠᠮᠢᠶᠠᠷᠣᠯᠳᠠ ᠶᠢ ᠲᠦᠭᠡᠮᠡᠯᠵᠢᠭᠦᠯᠵᠣ᠂ ᠱᠠᠩᠬᠠᠢ ᠶᠢᠨ ᠰᠦᠮ᠎ᠡ ᠠᠭᠤᠷᠬᠠᠢ ᠲᠣᠭᠤᠷᠢᠭ ᠤᠨ ᠨᠡᠭᠦᠳᠡᠯ ᠬᠦᠮᠦᠨ ᠠᠮᠡ ᠤᠨ ᠬᠦᠳᠡᠯᠦᠩᠭᠦᠢ ᠬᠢᠨᠠᠯᠳᠡ ᠬᠠᠮᠢᠶᠠᠷᠣᠯᠳᠠ ᠶᠢ ᠴᠢᠩᠭᠠᠳᠬᠠᠵᠣ᠂ ᠬᠠᠤᠯᠢ ᠵᠦᠷᠢᠴᠡᠭᠰᠡᠨ ᠶᠠᠯᠠᠳᠤ ᠠᠵᠢᠯᠯᠠᠭ᠎ᠠ ᠳᠤ ᠴᠢᠩᠭ᠎ᠠ ᠴᠤᠬᠢᠯᠳᠠ ᠦᠭᠴᠦ᠂ ᠠᠷᠠᠤᠨ ᠤᠯᠠᠨ ᠤ ᠠᠮᠤᠷ ᠵᠢᠷᠭᠠᠯ ᠢ ᠪᠠᠳᠤᠯᠠᠨ᠎ᠠ᠃     ︵ᠶᠢᠰᠦ︶ ᠴᠢᠳᠠᠮᠵᠢ ᠶᠢᠨ ᠲᠡᠭᠡᠭᠰᠢᠯᠡᠭᠦᠯᠦᠯᠳᠡ ᠶᠢ ᠲᠣᠪᠣᠶᠢᠯᠠᠭᠠᠵᠣ᠂ ᠬᠤᠪᠢ ᠪᠡᠶ᠎ᠡ ᠶᠢᠨ ᠪᠠᠶᠢᠭᠤᠯᠣᠯᠳᠠ ᠪᠠᠨ ᠴᠢᠩᠭᠠᠳᠬᠠᠨ᠂ ᠵᠠᠰᠠᠭ ᠤᠨ ᠣᠷᠳᠣᠨ ᠤ ᠨᠡᠶᠢᠳᠡ ᠶᠢᠨ ᠢᠳᠡᠭᠡᠮᠵᠢ ᠶᠢ ᠲᠡᠭᠡᠭᠰᠢᠯᠡᠭᠦᠯᠦᠨ᠎ᠡ᠃ ᠬᠦᠭᠵᠢᠯᠳᠡ ᠶᠢᠨ ᠬᠦᠨᠳᠦ ᠡᠭᠦᠷᠭᠡ᠂ ᠠᠷᠠᠳ ᠲᠦᠮᠡᠨ ᠤ ᠬᠦᠰᠡᠯ ᠱᠠᠭᠠᠷᠳᠠᠯᠭ᠎ᠠ ᠵᠠᠰᠠᠭ ᠤᠨ ᠣᠷᠳᠣᠨ ᠤ ᠠᠵᠢᠯ ᠲᠤ ᠨᠡᠩ ᠦᠨᠳᠦᠷ ᠱᠠᠭᠠᠷᠳᠠᠯᠭ᠎ᠠ ᠲᠣᠷᠠᠳᠣᠵᠣ ᠪᠣᠢ᠂ ᠪᠢᠳᠡ ᠵᠠᠪᠠᠯ ᠪᠦᠬᠦ ᠲᠠᠯ᠎ᠠ᠂ ᠬᠦᠭᠵᠢᠯᠳᠡ᠂ ᠠᠷᠠᠳ ᠤᠨ ᠠᠮᠢᠳᠣᠷᠠᠯ ᠤᠨ ᠡᠭᠦᠷᠭᠡ ᠬᠠᠷᠢᠭᠤᠴᠠᠯᠭ᠎ᠠ  ᠪᠠᠨ ᠭᠦᠢᠴᠡᠳᠬᠡᠨ᠎ᠡ᠃ ᠬᠠᠣᠯᠢ ᠶᠣᠰᠣᠭᠠᠷ ᠵᠠᠰᠠᠭ ᠶᠠᠪᠣᠭᠤᠯᠵᠣ᠂ ᠬᠠᠣᠯᠢ ᠪᠠᠷ ᠵᠠᠰᠠᠬᠤ ᠵᠠᠰᠠᠭ ᠤᠨ ᠣᠷᠳᠣᠨ ᠢ ᠴᠣᠭᠴᠠᠯᠠᠨ᠎ᠠ᠃ ᠬᠠᠣᠯᠢ ᠪᠠᠷ ᠵᠠᠰᠠᠬᠤ ᠣᠬᠠᠮᠰᠠᠷ  ᠢᠶᠠᠨ ᠴᠢᠩᠭᠠᠳᠬᠠᠵᠣ᠂ ᠬᠠᠣᠯᠢ ᠶᠣᠰᠣᠭᠠᠷ ᠡᠷᠬᠡ ᠪᠠᠨ ᠬᠡᠷᠡᠭᠯᠡᠬᠦ ᠪᠠ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠨ᠂ ᠴᠢᠬᠤᠯᠠ ᠶᠡᠭᠡ ᠰᠢᠢᠳᠪᠦᠷᠢ ᠲᠣᠭᠳᠠᠭᠠᠬᠤ ᠳᠤ ᠨᠡᠶᠢᠭᠡᠮ ᠨᠡᠶᠢᠳᠡ ᠪᠠᠷ ᠣᠷᠣᠯᠴᠠᠬᠤ᠂ ᠮᠡᠷᠭᠡᠵᠢᠯᠳᠡᠳ ᠠᠴᠠ ᠠᠰᠠᠭᠤᠨ ᠯᠠᠪᠯᠠᠬᠤ ᠲᠦᠭᠰᠢᠭᠦᠷᠢ ᠶᠢ ᠵᠢᠱᠢᠨ ᠦᠨᠡᠯᠡᠬᠦ᠂ ᠬᠠᠣᠯᠢ ᠳᠤ ᠨᠡᠶᠢᠴᠡᠬᠦ ᠡᠰᠡᠬᠦ ᠶᠢ ᠬᠢᠨᠠᠨ ᠪᠠᠶᠢᠴᠠᠭᠠᠬᠤ᠂ ᠬᠠᠮᠳᠦ ᠪᠠᠷ ᠶᠠᠷᠢᠯᠴᠠᠨ ᠲᠣᠭᠳᠠᠭᠠᠬᠤ ᠵᠡᠷᠭᠡ ᠬᠠᠣᠯᠢ ᠪᠠᠷ ᠲᠣᠭᠳᠠᠭᠠᠭᠰᠠᠨ ᠶᠠᠪᠣᠴᠠ ᠶᠢ ᠡᠷᠡᠰ ᠴᠢᠩᠭ᠎ᠠ ᠬᠡᠷᠡᠭᠵᠢᠭᠦᠯᠦᠨ᠎ᠡ᠃ ᠲᠦᠷᠢᠮ ᠭᠤᠷᠢᠮ ᠤᠨ ᠣᠬᠠᠮᠰᠠᠷ ᠢᠶᠠᠨ ᠴᠢᠩᠭᠠᠳᠬᠠᠨ᠂ ᠨᠠᠶᠢᠳᠠᠪᠦᠷᠢᠵᠢᠭᠤᠯᠣᠯᠳᠠ ᠶᠢ ᠠᠳᠬᠤᠬᠤ᠂ ᠭᠤᠣᠯ ᠴᠣᠬᠴᠠ ᠶᠢᠨ ᠬᠠᠷᠢᠭᠤᠴᠠᠯᠭ᠎ᠠ ᠪᠠᠨ ᠡᠷᠡᠰ ᠭᠦᠢᠴᠡᠳᠬᠡᠵᠣ᠂ ᠬᠤᠰᠢᠭᠤ ᠨᠠᠮ  ᠤᠨ ᠬᠤᠷᠢᠶᠠᠨ ᠤ ᠰᠢᠢᠳᠪᠦᠷᠢᠳᠦ ᠪᠣᠳᠣᠯᠭ᠎ᠠ᠂ ᠠᠷᠠᠳ ᠤᠨ ᠪᠠᠶᠢᠩᠭᠤ ᠶᠢᠨ ᠬᠤᠷᠢᠶᠠᠨ ᠤ ᠰᠢᠢᠳᠪᠦᠷᠢ ᠶᠢ ᠡᠷᠡᠰ ᠰᠢᠭᠤᠷᠬᠠᠢ ᠲᠣᠣᠱᠯᠠᠭᠤᠯᠣᠨ ᠬᠡᠷᠡᠭᠵᠢᠭᠦᠯᠦᠨ᠎ᠡ︔ ᠠᠷᠠᠳ ᠤᠨ ᠲᠦᠯᠦᠭᠡᠯᠡᠭᠴᠢᠳ ᠤᠨ ᠰᠠᠨᠠᠯ᠂ ᠰᠠᠨᠠᠭᠤᠯᠭ᠎ᠠ ᠪᠣᠯᠣᠨ ᠣᠯᠣᠰ ᠤᠨ ᠲᠦᠷᠦ ᠶᠢᠨ ᠵᠦᠪᠯᠡᠭᠡᠨ ᠤ ᠭᠡᠰᠢᠭᠦᠳ ᠤᠨ ᠲᠣᠷᠠᠳᠣᠯᠭ᠎ᠠ ᠶᠢ ᠬᠠᠣᠯᠢ ᠶᠣᠰᠣᠭᠠᠷ ᠲᠣᠬᠢᠳᠡᠢ ᠭᠦᠢᠴᠡᠳᠬᠡᠨ᠎ᠡ︔ ᠵᠠᠰᠠᠭ ᠤᠨ ᠣᠷᠳᠣᠨ ᠤ ᠴᠢᠬᠤᠯᠠ ᠠᠵᠢᠯ ᠢ ᠴᠠᠭ ᠲᠣᠬᠠᠢ ᠳᠤᠨᠢ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ  ᠶᠢᠨ ᠬᠤᠷᠢᠶᠠᠨ ᠳᠤ ᠮᠡᠳᠡᠭᠦᠯᠦᠨ᠂ ᠣᠯᠣᠰ ᠲᠦᠷᠦ ᠶᠢᠨ ᠵᠦᠪᠯᠡᠭᠡᠨ ᠳᠤ ᠮᠡᠳᠡᠭᠳᠡᠨ᠂ ᠵᠠᠰᠠᠭ ᠤᠨ ᠣᠷᠳᠣᠨ ᠤ ︽ᠬᠠᠣᠯᠢ ᠪᠠᠷ ᠵᠠᠰᠠᠬᠤ ᠲᠦᠪᠰᠢᠨ︾ ᠢᠶᠠᠷ ᠨᠡᠶᠢᠭᠡᠮ ᠤᠨ ︽ᠲᠦᠪ ᠭᠤᠣᠯᠴᠢ ᠶᠢᠨ ᠲᠦᠪᠰᠢᠨ︾ ᠢ ᠲᠡᠭᠡᠭᠰᠢᠯᠡᠭᠦᠯᠦᠨ᠎ᠡ᠃ ᠠᠷᠠᠳ ᠤᠨ ᠲᠦᠯᠦᠭᠡ ᠵᠠᠰᠠᠭ ᠪᠠᠷᠢᠵᠣ᠂ ᠣᠶᠢᠯᠡᠴᠢᠯᠡᠭᠡᠨ ᠤ ᠵᠠᠰᠠᠭ ᠤᠨ ᠣᠷᠳᠣᠨ  ᠢ ᠴᠣᠭᠴᠠᠯᠠᠨ᠎ᠠ᠃ ᠵᠠᠰᠠᠭ ᠤᠨ ᠣᠷᠳᠣᠨ ᠤ ᠴᠢᠳᠠᠪᠬᠢ ᠶᠢᠨ ᠬᠤᠪᠢᠷᠠᠭᠤᠯᠣᠯᠳᠠ ᠶᠢ ᠴᠢᠩᠭᠠᠳᠬᠠᠨ᠂ ᠣᠶᠢᠯᠡᠴᠢᠯᠡᠭᠡᠨ ᠤ ᠴᠢᠨᠠᠷ ᠢᠶᠠᠨ ᠡᠷᠴᠢᠮ ᠲᠠᠢ ᠲᠡᠭᠡᠭᠰᠢᠯᠡᠬᠦᠯᠵᠣ᠂ ᠵᠠᠰᠠᠭ ᠤᠨ ᠣᠷᠳᠣᠨ ᠤ ᠣᠳᠣᠷᠢᠳᠬᠤ ᠪᠠᠭ ᠤᠨ ᠪᠦᠷᠢᠯᠳᠦᠭᠦᠨ ᠪᠡᠶ᠎ᠡ ᠪᠠᠷ ᠲᠣᠯᠣᠭᠠᠶᠢᠯᠠᠨ ᠲᠠᠭᠤᠷᠢᠶᠠᠯ ᠪᠣᠯᠵᠣ ᠠᠵᠢᠯ ᠤᠨ ᠰᠣᠷᠳᠠᠯ ᠢᠶᠠᠨ ᠰᠠᠶᠢᠵᠢᠷᠠᠭᠤᠯᠣᠨ᠂ ᠪᠡᠶ᠎ᠡ ᠪᠠᠷ ᠢᠶᠠᠨ ᠦᠨᠳᠦᠰᠦᠨ ᠱᠠᠳᠣᠨ ᠳᠤ ᠭᠦᠨᠵᠡᠭᠡᠶᠢᠷᠡᠵᠣ ᠣᠯᠠᠨ ᠲᠦᠮᠠᠨ ᠲᠠᠢ ᠬᠠᠷᠢᠯᠴᠠᠨ ᠪᠣᠳᠠᠳᠦ ᠠᠰᠠᠭᠤᠳᠠᠯ ᠢ ᠰᠢᠢᠳᠪᠦᠷᠢᠯᠡᠵᠣ᠂ ᠵᠠᠰᠠᠭ ᠪᠠᠷᠢᠬᠤ ᠠᠷᠭ᠎ᠠ ᠠᠪᠴᠠᠯ ᠢᠶᠠᠨ ᠪᠣᠳᠠᠳᠦ ᠪᠠᠶᠢᠳᠠᠯ ᠠᠷᠠᠳ ᠤᠨ ᠬᠦᠰᠡᠯ ᠱᠠᠭᠠᠷᠳᠠᠯᠭ᠎ᠠ ᠳᠤ ᠨᠡᠶᠢᠴᠡᠭᠦᠯᠦᠨ ᠠᠷᠠᠳ ᠤᠨ ᠠᠮᠢᠳᠣᠷᠠᠯ ᠢ ᠬᠠᠷᠠᠭᠠᠯᠵᠠᠨ᠎ᠠ᠃᠂ ᠵᠠᠰᠠᠭ ᠤᠨ ᠶᠠᠪᠣᠳᠠᠯ᠂ ᠡᠳ᠋ ᠤᠨ ᠵᠠᠰᠠᠭ ᠤᠨ ᠲᠦᠰᠦᠪ᠂ ᠴᠢᠬᠤᠯᠠ ᠶᠡᠭᠡ ᠲᠦᠷᠦᠯ ᠵᠣᠶᠢᠯ ᠤᠨ ᠪᠠᠶᠢᠭᠤᠯᠣᠯᠳᠠ ᠵᠡᠷᠭᠡ ᠲᠠᠯ᠎ᠠ ᠪᠠᠷ ᠬᠢ ᠮᠡᠳᠡᠭᠡ ᠵᠠᠩᠬᠢ ᠶᠢᠨ ᠢᠯᠡᠰᠢᠯᠡᠭᠦᠯᠦᠯᠳᠡ ᠶᠢ ᠪᠦᠬᠦ ᠲᠠᠯ᠎ᠠ ᠪᠠᠷ ᠠᠬᠢᠭᠤᠯᠵᠣ᠂ ᠪᠢᠴᠢᠯ ᠪᠦᠷᠭᠡ᠂ ᠸᠢᠴᠠᠲ ᠵᠡᠷᠭᠡ ᠰᠢᠨ᠎ᠡ ᠵᠠᠭᠤᠴᠢᠯᠠᠭᠤᠷ ᠢ ᠬᠦᠢᠴᠡᠳ ᠠᠰᠢᠭᠯᠠᠨ᠂ ᠵᠠᠰᠠᠭ ᠤᠨ ᠶᠠᠪᠣᠳᠠᠯ  ᠤᠨ ᠮᠡᠳᠡᠭᠡ ᠵᠡᠩᠭᠢ ᠶᠢ ᠴᠠᠭ ᠲᠠᠷᠣᠢ ᠳᠤᠨᠢ ᠲᠠᠮᠵᠢᠭᠤᠯᠵᠣ᠂ ᠨᠡᠶᠢᠭᠡᠮ ᠤᠨ ᠠᠩᠬᠠᠷᠣᠯ ᠳᠤ ᠬᠠᠷᠢᠭᠤ ᠦᠭᠴᠦ᠂ ᠵᠠᠰᠠᠭ ᠤᠨ ᠣᠷᠳᠣᠨ ᠤ ︽ᠣᠶᠢᠯᠡᠴᠢᠯᠡᠭᠡᠨ ᠤ ᠲᠦᠪᠰᠢᠨ︾ ᠢᠶᠠᠷ ᠣᠯᠠᠨ ᠲᠦᠮᠡᠨ ᠤ ︽ᠵᠣᠯ ᠵᠢᠷᠭᠠᠯ ᠤᠨ ᠲᠦᠪᠰᠢᠨ︾ ᠢ ᠲᠡᠭᠡᠭᠰᠢᠯᠡᠭᠦᠯᠦᠨ᠎ᠡ᠃ ᠦᠨᠳᠦᠷ ᠪᠦᠳᠦᠮᠵᠢ ᠪᠠᠷ ᠵᠠᠰᠠᠭ ᠢ ᠰᠢᠯᠢᠳᠡᠭᠵᠢᠭᠦᠯᠵᠣ᠂ ᠴᠢᠳᠠᠮᠵᠢᠳᠦ ᠵᠠᠰᠠᠭ ᠤᠨ ᠣᠷᠳᠣᠨ ᠢ ᠴᠣᠭᠴᠠᠯᠠᠨ᠎ᠠ᠃ ᠬᠡᠯᠡᠪᠡᠯ ᠭᠦᠢᠴᠡᠳᠬᠡᠬᠦ᠂ ᠲᠣᠭᠳᠠᠪᠠᠯ ᠬᠢᠬᠦ᠂ ᠬᠢᠪᠡᠯ ᠰᠠᠶᠢᠳᠦᠷ ᠬᠢᠬᠦ ᠵᠠᠰᠠᠭ ᠶᠠᠪᠣᠭᠤᠯᠬᠤ ᠰᠢᠨ᠎ᠡ ᠰᠣᠷᠳᠠᠯ ᠢ ᠶᠡᠭᠡ ᠪᠠᠷ ᠰᠣᠷᠳᠠᠴᠢᠯᠠᠨ᠎ᠠ᠃ ᠠᠯᠢᠪᠠ ᠭᠤᠣᠯᠳᠠᠯᠭᠠᠳᠦ ᠡᠭᠦᠷᠭᠡ᠂ ᠭᠤᠣᠯᠳᠠᠯᠭᠠᠳᠦ ᠲᠦᠷᠦᠯ ᠵᠣᠶᠢᠯ ᠢ ᠴᠦᠮ ᠨᠠᠷᠢᠯᠢᠭ ᠬᠤᠪᠢᠶᠠᠨ ᠨᠣᠭᠳᠠᠭᠤᠯᠵᠣ᠂ ᠲᠠᠩᠰᠠ ᠡᠪᠬᠡᠮᠡᠯ ᠪᠠᠶᠢᠭᠤᠯᠣᠨ ᠬᠠᠷᠢᠭᠤᠴᠠᠯᠭ᠎ᠠ ᠶᠢ ᠲᠣᠳᠣᠷᠬᠠᠶᠢᠯᠠᠵᠣ᠂ ᠲᠦᠰᠦᠪ ᠲᠣᠭᠳᠠᠭᠠᠨ ᠠᠵᠢᠯᠯᠠᠵᠣ᠂ ᠴᠢᠩᠭ᠎ᠠ ᠱᠠᠭᠠᠷᠳᠠᠨ ᠪᠠᠶᠢᠴᠠᠭᠠᠵᠣ᠂ ᠲᠣᠣᠱᠳᠠᠢ ᠠᠳᠬᠤᠨ ᠦᠷ᠎ᠡ ᠪᠦᠳᠦᠮᠵᠢ ᠭᠠᠷᠭᠠᠨ᠎ᠠ᠃ ᠠᠵᠢᠯ ᠤᠨ ᠪᠠᠶᠢᠷᠢ ᠶᠢᠨ ᠡᠭᠦᠷᠭᠡ ᠬᠠᠷᠢᠭᠤᠴᠠᠯᠭ᠎ᠠ ᠭᠦᠢᠴᠡᠳᠬᠡᠬᠦ ᠲᠦᠷᠢᠮ ᠪᠣᠯᠣᠨ ᠬᠠᠮ ᠱᠠᠭᠠᠷᠳᠠᠨ ᠪᠠᠶᠢᠴᠠᠭᠠᠯᠳᠠ ᠶᠢᠨ ᠲᠣᠭᠳᠠᠴᠠ ᠶᠢ ᠪᠠᠶᠢᠭᠤᠯᠣᠨ ᠲᠡᠭᠦᠯᠳᠡᠷᠵᠢᠭᠦᠯᠵᠣ᠂ ᠪᠣᠷᠣᠭᠤ ᠶᠢ ᠵᠠᠯᠠᠷᠠᠭᠤᠯᠣᠨ ᠬᠠᠷᠢᠭᠤᠴᠠᠯᠭ᠎ᠠ ᠨᠡᠭᠡᠮᠵᠢᠯᠡᠬᠦ ᠶᠢ ᠴᠢᠩᠭᠠᠳᠬᠠᠨ᠂ ᠵᠠᠰᠠᠭ ᠤᠨ ᠣᠷᠳᠣᠨ ᠤ ᠠᠵᠢᠯ  ᠤᠨ ᠬᠤᠷᠳᠣᠴᠠ᠂ ᠴᠢᠨᠠᠷ᠂ ᠪᠦᠳᠦᠮᠵᠢ ᠶᠢ ᠪᠦᠬᠦ  ᠬᠦᠴᠦᠨ ᠢᠶᠠᠷ ᠲᠡᠭᠡᠭᠰᠢᠯᠡᠭᠦᠯᠵᠣ᠂ ᠵᠠᠰᠠᠭ ᠤᠨ ᠣᠷᠳᠣᠨ ᠤ ︽ᠦᠷ᠎ᠡ ᠪᠦᠳᠦᠮᠵᠢ ᠶᠢᠨ ᠲᠦᠪᠰᠢᠨ︾ ᠢᠶᠠᠷ ᠠᠵᠣ ᠠᠬᠤᠢ ᠶᠢᠨ ︽ᠬᠦᠭᠵᠢᠯᠳᠠ ᠶᠢᠨ ᠲᠦᠪᠰᠢᠨ︾ ᠢ ᠲᠡᠭᠡᠭᠰᠢᠯᠡᠭᠦᠯᠦᠨ᠎ᠡ᠃ ᠡᠷᠡᠰ ᠴᠢᠩᠭ᠎ᠠ ᠪᠠᠷ ᠵᠠᠰᠠᠭᠯᠠᠵᠣ᠂ ᠠᠷᠢᠭᠤᠨ ᠴᠢᠭᠡᠴᠢ ᠵᠠᠰᠠᠭ ᠤᠨ ᠣᠷᠳᠣᠨ ᠢ ᠴᠣᠭᠴᠠᠯᠠᠨ᠎ᠠ᠂ ᠰᠠᠬᠢᠯᠭ᠎ᠠ ᠪᠠᠳᠣ ᠪᠣᠯᠣᠨ ᠲᠦᠷᠢᠮ ᠭᠤᠷᠢᠮ ᠢ ᠲᠡᠷᠢᠭᠦᠨ ᠳᠤ ᠲᠠᠯᠪᠢᠵᠣ ︽ᠨᠢᠭᠡ ᠪᠠᠶᠢᠷᠢ ᠬᠤᠣᠰ ᠬᠠᠷᠢᠭᠤᠴᠠᠯᠭ᠎ᠠ︾ ᠶᠢ ᠴᠢᠩᠭᠠᠳᠬᠠᠨ ᠨᠠᠮ ᠤᠨ ᠰᠣᠷᠳᠠᠯ ᠴᠢᠭᠡᠴᠢ ᠵᠠᠰᠠᠭ ᠤᠨ ᠪᠠᠶᠢᠭᠤᠯᠣᠯᠳᠠ ᠶᠢᠨ ᠬᠠᠷᠢᠭᠤᠴᠠᠯᠭ᠎ᠠ ᠶᠢᠨ ᠲᠦᠷᠢᠮ ᠢ ᠪᠦᠬᠦ ᠲᠠᠯ᠎ᠠ ᠪᠠᠷ ᠨᠠᠶᠢᠳᠠᠪᠦᠷᠢᠵᠢᠭᠤᠯᠣᠨ᠎ᠠ᠃ ︽ᠲᠦᠪ ᠤᠨ ᠨᠠᠢᠮᠠᠨ ᠲᠣᠭᠳᠠᠭᠠᠯ︾ ᠪᠣᠯᠣᠨ ᠦᠪᠡᠷᠳᠡᠭᠡᠨ ᠵᠠᠰᠠᠬᠤ ᠣᠷᠣᠨ᠂ ᠬᠤᠳᠠ᠂ ᠬᠤᠰᠢᠭᠤᠨ ᠤ ᠲᠦᠬᠦᠷᠴᠢᠯᠡᠭᠰᠡᠨ ᠱᠠᠭᠠᠷᠳᠠᠯᠭ᠎ᠠ ᠶᠢ ᠲᠠᠭᠠᠭᠠᠮᠠᠭᠠᠢ ᠨᠠᠶᠢᠳᠠᠪᠦᠷᠢᠵᠢᠭᠤᠯᠵᠣ᠂ ︽ᠭᠤᠷᠪᠠᠨ ᠠᠯᠪᠠᠨ ᠵᠠᠷᠣᠳᠠᠯ︾  ᠪᠣᠯᠣᠨ ᠡᠳ᠋ ᠤᠨ ᠵᠠᠰᠠᠭ ᠤᠨ ᠡᠩ ᠤᠨ ᠵᠠᠷᠣᠯᠭ᠎ᠠ ᠶᠢ ᠣᠯᠠᠮ ᠪᠠᠭᠠᠰᠬᠠᠵᠣ᠂ ᠬᠢᠨᠠᠨ ᠪᠣᠳᠣᠬᠤ ᠬᠢᠨᠠᠯᠳᠠ ᠪᠣᠯᠣᠨ ᠵᠠᠰᠠᠭ ᠵᠠᠬᠢᠷᠭᠠᠨ  ᠤ ᠬᠢᠨᠠᠨ ᠪᠠᠶᠢᠴᠠᠭᠠᠬᠤ ᠠᠷᠭ᠎ᠠ ᠪᠠᠷᠢᠯ ᠢ ᠰᠢᠨᠡᠴᠢᠯᠡᠵᠣ᠂ ᠬᠠᠣᠯᠢ ᠰᠠᠬᠢᠯᠭ᠎ᠠ ᠵᠦᠷᠢᠴᠡᠭᠰᠡᠨ ᠬᠡᠷᠡᠭ ᠢ ᠡᠷᠡᠰ ᠴᠢᠩᠭ᠎ᠠ ᠪᠠᠶᠢᠴᠠᠭᠠᠨ ᠰᠢᠢᠳᠪᠦᠷᠢᠯᠡᠵᠣ᠂ ᠵᠠᠰᠠᠭ ᠤᠨ ᠣᠷᠳᠣᠨ ᠤ ︽ᠠᠷᠢᠭᠤᠨ ᠴᠢᠭᠡᠴᠢ ᠲᠦᠪᠰᠢᠨ︾ ᠢᠶᠠᠷ ᠠᠷᠠᠳ ᠲᠦᠮᠡᠨ ᠤ ︽ᠬᠠᠨᠣᠮᠵᠢ ᠶᠢᠨ ᠲᠦᠪᠰᠢᠨ︾ ᠢ ᠲᠡᠭᠡᠭᠰᠢᠯᠡᠭᠦᠯᠦᠨ᠎ᠡ᠃     ᠲᠦᠯᠤᠬᠡᠯᠡᠭᠴᠢᠤᠨ ᠡ᠂ ᠰᠢᠨ᠎ᠡ ᠵᠢᠯ ᠰᠢᠨ᠎ᠡ ᠦᠩᠭᠡ ᠲᠦᠷᠬᠦ ᠪᠠᠷ ᠰᠢᠨ᠎ᠠ ᠠᠶᠠᠨ ᠳᠠᠭᠠᠨ ᠭᠠᠪᠰᠢᠭᠠᠶᠢᠯᠠᠬᠤ ᠪᠣᠯᠣᠯ᠎ᠠ᠃ ᠪᠢᠳᠡ ᠬᠤᠳᠠ ᠶᠢᠨ ᠨᠠᠮ ᠤᠨ ᠬᠤᠷᠢᠶ᠎ᠠ᠂ ᠵᠠᠰᠠᠭ ᠤᠨ ᠣᠷᠳᠣᠨ ᠪᠣᠯᠣᠨ ᠬᠤᠰᠢᠭᠤ ᠨᠠᠮ ᠤᠨ ᠬᠤᠷᠢᠶᠠᠨ ᠤ ᠬᠦᠴᠦᠳᠦ ᠣᠳᠣᠷᠢᠳᠣᠯᠭ᠎ᠠ ᠲᠣᠣᠷ᠎ᠠ᠂ ᠪᠦᠬᠦ ᠬᠤᠰᠢᠭᠤᠨ ᠤ ᠡᠯ᠎ᠡ ᠦᠨᠳᠦᠰᠦᠳᠡᠨ ᠤ ᠠᠷᠠᠳ ᠲᠦᠮᠡᠨ ᠲᠠᠢ ᠪᠦᠯᠬᠦᠮᠳᠡᠨ ᠰᠡᠳᠬᠢᠯ ᠨᠢᠭᠡᠳᠦᠨ ᠬᠦᠴᠦᠨ ᠬᠠᠮᠳᠣᠳᠬᠠᠵᠣ᠂ ᠢᠳᠡᠭᠡᠯ ᠵᠣᠷᠢᠭ ᠢᠶᠠᠨ ᠬᠦᠪᠴᠢᠯᠡᠨ ᠲᠠᠬᠢᠨᠳᠠ ᠠᠳᠠᠯ ᠪᠣᠰᠬᠠᠵᠣ᠂ ᠠᠵᠣ ᠠᠮᠢᠳᠣᠷᠠᠯ ᠴᠢᠨᠡᠭᠡᠯᠢᠭ᠂ ᠣᠶᠣᠨ ᠰᠠᠨᠠᠭ᠎ᠠ ᠪᠣᠯᠪᠠᠰᠣᠨ᠂ ᠠᠮᠢ ᠠᠬᠤᠢ ᠵᠣᠬᠢᠴᠠᠯᠳᠠᠢ᠂ ᠡᠮᠬᠢ ᠵᠢᠷᠦᠮ ᠰᠠᠶᠢᠨ ᠦᠵᠡᠰᠭᠦᠯᠡᠩᠳᠦ ᠰᠠᠶᠢᠬᠠᠨ ᠡᠮᠦᠨᠡᠳᠦ ᠣᠳᠤᠭ ᠢ ᠪᠠᠶᠢᠭᠤᠯᠬᠤ ᠪᠠᠷ ᠬᠦᠴᠦᠯᠡᠨ ᠳᠡᠮᠡᠴᠡᠰᠤᠬᠡᠢ︕ᠨᠡᠷᠡᠰ   ᠤᠨ ᠲᠠᠶᠢᠯᠪᠣᠷᠢ    1. ᠴᠠᠬᠢᠯᠭᠠᠨ ᠭᠥᠴᠥ ᠭᠠᠳᠠᠭᠰᠢ ᠲᠠᠮᠵᠢᠭᠤᠯᠬᠤ ᠱᠤᠭᠤᠮ᠄ ᠴᠠᠬᠢᠯᠭᠠᠨ ᠬᠠᠩᠭᠠᠬᠤ ᠠᠵᠤ ᠠᠬᠤᠶᠢᠯᠠᠯ ᠠᠴᠠ ᠬᠡᠷᠡᠭᠯᠡᠭᠴᠢ ᠪᠤᠶᠤ ᠴᠠᠬᠢᠯᠭᠠᠨ ᠭᠡᠷᠡᠭᠰᠡᠭᠦ ᠭᠠᠵᠠᠷ ᠤᠷᠤᠭᠤ ᠴᠠᠬᠢᠯᠭᠠᠨ ᠭᠥᠷᠭᠡᠭᠦ ᠪᠠᠷ  ᠵᠤᠷᠢᠭᠤᠯᠵᠤ ᠪᠤᠰᠬᠠᠭᠰᠠᠨ ᠴᠠᠬᠢᠯᠭᠠᠨ ᠲᠤᠤᠷ ᠤᠨ ᠱᠤᠭᠤᠮ ᠢ ᠵᠢᠭᠠᠵᠤ ᠪᠤᠢ᠃ ᠠᠳᠡ ᠤᠨᠴᠠᠭᠠᠶᠢᠯᠠᠨ ᠤᠯᠤᠰ ᠪᠠ ᠥᠪᠡᠷᠳᠡᠭᠡᠨ ᠵᠠᠰᠠᠬᠤ ᠤᠷᠤᠨ ᠠᠴᠠ ᠴᠢᠬᠤᠯᠠᠴᠢᠯᠠᠨ ᠭᠤᠤᠯᠳᠠᠯᠭᠠᠳᠠᠢ ᠪᠠᠶᠢᠭᠤᠯᠤᠭᠰᠠᠨ ︽ᠥᠪᠥᠷ ᠮᠤᠩᠭᠤᠯ ᠤᠨ ᠴᠠᠬᠢᠯᠭᠠᠨ ᠢ ᠭᠠᠳᠠᠭᠰᠢ ᠬᠥᠷᠭᠡᠭᠦ︾ ᠱᠤᠭᠤᠮ  ᠤᠨ ᠨᠢᠭᠡ ᠪᠤᠯᠬᠤ᠂ ᠱᠠᠩᠬᠠᠢ ᠶᠢᠨ ᠰᠥᠮ᠎ᠡ ᠠᠴᠠ ᠱᠠᠨᠳᠥ᠋ᠩ ᠭᠥᠷᠭᠦ ±800 ᠺᠢᠯᠤᠸᠥᠯᠲ ᠤᠨ ᠤᠨᠴᠠ ᠥᠨᠳᠥᠷ ᠭᠥᠴᠥᠳᠠᠯᠳᠠᠳᠦ ᠴᠠᠬᠢᠯᠭᠠᠨ ᠭᠥᠷᠭᠡᠯᠳᠡ ᠶᠢᠨ ᠵᠠᠮ ᠱᠤᠭᠤᠮ ᠢ ᠭᠡᠯᠡᠵᠥ ᠪᠠᠶᠢᠨ᠎ᠠ᠃    2.LNG᠄ ᠰᠢᠩᠭᠡᠨᠵᠢᠭᠦᠯᠥᠭᠰᠡᠨ ᠪᠠᠶᠢᠭᠠᠯᠢ ᠶᠢᠨ ᠰᠢᠳᠠᠮᠠᠬᠠᠢ ᠭᠡᠢ ᠶᠢᠨ ᠠᠩᠭ᠍ᠯᠢ ᠲᠠᠭᠤᠳᠠᠯᠭ᠎ᠠ ︵Liquefied Natural Gas︶ ᠶᠢᠨ ᠲᠤᠪᠴᠢᠯᠠᠯ᠃    3.WIFI: ᠡᠯᠧᠺᠲᠷᠥᠨ ᠭᠡᠷᠡᠭᠯᠡᠭᠦᠷ ᠢ ᠠᠭᠠᠷ ᠤᠳᠠᠰᠤᠳᠤ ᠭᠡᠰᠡᠭ ᠭᠡᠪᠴᠢᠶᠡᠨ ᠤ ᠨᠧᠲ ᠲᠠᠢ ᠵᠠᠯᠭᠠᠬᠤ ᠮᠡᠷᠭᠡᠵᠢᠯ ᠢ ᠵᠢᠭᠠᠵᠤ ᠪᠤᠢ᠃ ᠲᠤᠰ ᠮᠡᠷᠭᠡᠵᠢᠯ ᠢ ᠠᠰᠢᠭᠯᠠᠨ ᠭᠠᠷ ᠤᠳᠠᠰᠤᠨ ᠮᠠᠰᠢᠨ ᠪᠤᠯᠤᠨ ᠺᠤᠮᠫᠢᠥ᠋ᠲ᠋ᠧᠷ ᠵᠡᠷᠭᠡ ᠴᠠᠬᠢᠯᠭᠠᠨ ᠭᠡᠷᠡᠭᠯᠡᠭᠦᠷ ᠢᠶᠠᠷ ᠢᠨᠲ᠋ᠧᠷ ᠰᠥᠯᠵᠢᠶᠡᠨ ᠳᠤ ᠨᠠᠪᠳᠡᠷᠳᠡᠭ᠃    4. ᠡᠮᠨᠡᠬᠦ ᠰᠤᠪᠢᠯᠠᠬᠤ ᠶᠢ ᠤᠶᠠᠯᠳᠤᠭᠤᠯᠬᠤ᠄ ᠡᠮᠴᠢᠯᠡᠭᠡ᠂ ᠰᠤᠪᠢᠯᠠᠯ᠂ ᠨᠠᠰᠤᠵᠢᠯ ᠢ ᠢᠵᠢ ᠴᠤᠭᠴᠠᠵᠢᠭᠤᠯᠤᠨ᠂ ᠡᠮᠴᠢᠯᠡᠭᠡ ᠪᠠ ᠨᠠᠰᠤᠵᠢᠯ ᠤᠨ ᠡᠬᠢ ᠰᠤᠷᠪᠤᠯᠵᠢ ᠶᠢ ᠪᠤᠯᠬᠤ ᠭᠡᠮᠵᠢᠶ᠎ᠡ ᠪᠠᠷ ᠨᠡᠶᠢᠳᠭᠡᠨ  ᠨᠢᠭᠡᠳᠭᠡᠵᠥ ᠠᠰᠢᠭᠯᠠᠬᠤ ᠰᠢᠨ᠎ᠡ ᠠᠷᠭ᠎ᠠ ᠬᠡᠯᠪᠡᠷᠢ᠃ 2017 ᠤᠨ ᠤ 1 ᠰᠠᠷ᠎ᠠ ᠶᠢᠨ 22 ᠤᠨ ᠡᠳᠥᠷ᠂ ᠤᠷᠳᠤᠰ ᠬᠤᠳᠠ ᠶᠢᠨ ︽ᠡᠮᠨᠡᠭᠦ ᠰᠤᠪᠢᠯᠠᠬᠤ ᠶᠢ ᠤᠶᠠᠯᠳᠤᠭᠤᠯᠤᠭᠰᠠᠨ︾ ᠲᠤᠷᠰᠢᠯᠳᠠ ᠶᠢᠨ ᠴᠡᠭ ᠤᠨ ᠥᠢᠯᠡ ᠮᠠᠨ ᠤ ᠬᠤᠰᠢᠭᠤᠨ ᠤ ᠠᠵᠠᠳᠠᠢ ᠡᠷᠡᠭᠦᠯᠵᠢᠯ ᠵᠢᠭᠤᠯᠴᠢᠯᠠᠯ ᠰᠤᠪᠢᠯᠠᠯ ᠤᠨ ᠭᠥᠷᠢᠶᠡᠯᠠᠩ ᠳᠤ ᠵᠢᠩᠬᠢᠨᠢ ᠪᠠᠷ ᠡᠬᠢᠯᠡᠭᠰᠡᠨ ᠶᠣᠮ᠃    5. ︽ᠪᠣᠭ ᠮᠠᠯ ᠤᠨ ᠲᠤᠭ᠎ᠠ ᠲᠣᠯᠣᠭᠠᠢ ᠶᠢ ᠲᠣᠭᠲᠠᠪᠣᠷᠢᠵᠢᠭᠤᠯᠣᠨ ᠦᠬᠡᠷ ᠢ ᠨᠡᠮᠡᠭᠳᠡᠬᠦᠯᠵᠣ᠂ ᠬᠤᠶᠢᠳᠣ ᠪᠡᠶ᠎ᠡ ᠳᠤ ᠮᠠᠯ ᠮᠠᠯᠯᠠᠨ ᠡᠮᠣᠨᠡᠲᠣ ᠬᠡᠰᠡᠭ ᠲᠤ ᠠᠮᠣ ᠪᠣᠳᠠᠭ᠎ᠠ ᠲᠠᠷᠢᠬᠤ︾ ᠪᠠᠶᠢᠯᠳᠣᠬᠤ ᠪᠣᠳᠣᠯᠭ᠎ᠠ᠄ ᠡᠨᠡ ᠪᠤᠯ ᠮᠠᠨ ᠤ ᠬᠤᠰᠢᠭᠤᠨ ᠤ ᠤᠳᠤᠬᠠᠨ ᠪᠠ ᠬᠤᠶᠢᠰᠢᠳᠠ ᠶᠢᠨ ᠭᠡᠰᠡᠭ ᠬᠤᠭᠤᠴᠠᠭᠠᠨ ᠳᠤ ᠮᠠᠯ ᠲᠠᠷᠢᠶᠠᠯᠠᠩ  ᠤᠨ ᠥᠢᠯᠡᠰ ᠤᠨ ᠭᠥᠭᠵᠢᠭᠦᠯᠥᠯᠳᠡ ᠪᠠ ᠠᠵᠤ ᠥᠢᠯᠡᠰ ᠤᠨ ᠪᠥᠳᠥᠴᠡ ᠳᠤ ᠲᠤᠬᠢᠷᠠᠭᠤᠯᠤᠯᠳᠠ ᠬᠢᠭᠦ ᠵᠤᠷᠢᠯᠭ᠎ᠠ ᠪᠠᠷ ᠬᠡᠷᠡᠭᠵᠢᠭᠦᠯᠥᠭᠳᠡᠭᠦ ᠪᠤᠯᠤᠭᠰᠠᠨ ᠶᠡᠷᠥᠩᠭᠡᠶᠢᠯᠡᠭᠰᠡᠨ ᠪᠠᠶᠢᠯᠳᠤᠬᠤ ᠪᠤᠳᠤᠯᠭ᠎ᠠ ᠶᠢᠨ ᠰᠡᠳᠬᠢᠮᠵᠢ ᠶᠤᠮ᠃ ︽ᠪᠣᠭ ᠮᠠᠯ ᠤᠨ ᠲᠤᠭ᠎ᠠ ᠲᠣᠯᠣᠭᠠᠢ ᠶᠢ ᠲᠣᠭᠲᠠᠪᠣᠷᠢᠵᠢᠭᠤᠯᠣᠨ ᠦᠬᠡᠷ ᠢ ᠨᠡᠮᠡᠭᠳᠡᠭᠦᠯᠭᠦ︾ ᠭᠡᠳᠡᠭ ᠪᠤᠯ ᠪᠤᠭ ᠮᠠᠯ ᠤᠨ ᠲᠤᠭ᠎ᠠ ᠲᠤᠯᠤᠭᠠᠢ ᠶᠢ ᠲᠤᠭᠳᠠᠪᠤᠷᠢᠳᠠᠢ ᠪᠠᠷᠢᠮᠳᠠᠯᠠᠬᠤ ᠶᠢᠨ ᠰᠠᠭᠤᠷᠢᠨ ᠲᠡᠭᠡᠷ᠎ᠡ ᠬᠤᠶᠢᠳᠤ ᠰᠢᠯᠢ ᠶᠢᠨ ᠬᠤᠨᠢ ᠢᠮᠠᠭᠠᠨ ᠮᠢᠬ᠎ᠠ ᠶᠢᠨ ᠰᠢᠮ᠎ᠡ ᠰᠠᠶᠢᠳᠠᠢ ᠤᠨᠴᠠᠯᠢᠭ ᠢ ᠨᠡᠩ  ᠪᠠᠳᠠᠷᠠᠭᠤᠯᠬᠤ ᠶᠢᠨ ᠬᠠᠮᠳᠤ ᠥᠭᠡᠷ ᠮᠠᠯᠯᠠᠬᠤ ᠬᠡᠪᠴᠢᠶᠡᠵᠢᠯ ᠢ ᠨᠢ ᠥᠷᠭᠦᠯᠵᠢᠯᠡᠨ ᠥᠷᠭᠡᠳᠭᠡᠭᠦ ᠶᠢ ᠵᠢᠭᠠᠵᠤ ᠪᠤᠢ᠃ ︽ᠬᠤᠶᠢᠳᠣ ᠪᠡᠶ᠎ᠡ ᠳᠤ ᠮᠠᠯ ᠮᠠᠯᠯᠠᠨ ᠡᠮᠣᠨᠡᠲᠣ ᠬᠡᠰᠡᠭ ᠲᠤ ᠠᠮᠣ ᠪᠣᠳᠠᠭ᠎ᠠ ᠲᠠᠷᠢᠬᠤ︾ ᠭᠡᠳᠡᠭ ᠪᠤᠯ ᠬᠤᠰᠢᠭᠤᠨ ᠤ ᠬᠤᠶᠢᠳᠤ ᠪᠡᠶ᠎ᠡ ᠶᠢᠨ ᠮᠠᠯ ᠮᠠᠯᠵᠢᠬᠤ ᠳᠤ ᠵᠤᠬᠢᠴᠠᠯᠳᠠᠢ ᠭᠠᠵᠠᠷ ᠤᠷᠤᠨ ᠢᠶᠠᠷ ᠮᠠᠯ ᠠᠵᠤ ᠠᠬᠤᠢ ᠶᠢ ᠭᠤᠤᠯᠳᠠᠯᠭᠠᠳᠠᠢ ᠭᠥᠭᠵᠢᠭᠦᠯᠥᠨ᠂ ᠡᠮᠣᠨᠡᠲᠣ ᠬᠡᠰᠡᠭ ᠤᠨ ᠲᠠᠷᠢᠶᠠᠯᠠᠬᠤ ᠤᠷᠤᠨ ᠢᠶᠠᠷ ᠥᠨᠳᠥᠷ ᠤᠨᠠᠯᠳᠠᠳᠤ ᠲᠠᠷᠢᠮᠠᠯ ᠤᠨ ᠥᠢᠯᠡ ᠭᠥᠭᠵᠢᠭᠦᠯᠥᠨ᠂ ᠡᠶᠢᠮᠥᠷᠭᠦ ᠪᠠᠶᠢᠷᠰᠢᠭᠤᠯᠤᠯᠳᠠ ᠲᠤᠬᠢᠷᠠᠭᠤᠯᠤᠯᠳᠠ ᠪᠠᠷ ᠮᠠᠯ ᠲᠠᠷᠢᠶᠠᠯᠠᠩ ᠤᠨ ᠥᠢᠯᠡᠰ ᠤᠨ ᠭᠥᠭᠵᠢᠯᠳᠡ ᠶᠢᠨ ᠪᠥᠳᠥᠴᠡ ᠶᠢ ᠰᠢᠯᠢᠳᠡᠭᠵᠢᠭᠦᠯᠭᠦ ᠰᠡᠳᠬᠢᠮᠵᠢ ᠪᠤᠳᠤᠯᠭ᠎ᠠ ᠶᠢ ᠵᠢᠭᠠᠵᠤ ᠪᠤᠢ᠃    6. ︽ᠠᠮᠤ ᠪᠤᠳᠠᠭ᠎ᠠ᠂ ᠠᠵᠤ ᠠᠬᠤᠢ ᠶᠢᠨ ᠲᠠᠷᠢᠮᠠᠯ᠂ ᠡᠪᠡᠰᠥ ᠪᠤᠷᠳᠤᠭ᠎ᠠ︾᠄ ᠭᠡᠳᠡᠭ ᠪᠤᠯ ᠠᠮᠤ ᠪᠤᠳᠠᠭᠠᠨ ᠤ ᠲᠠᠷᠢᠮᠠᠯ᠂ ᠠᠵᠤ ᠠᠬᠤᠢ ᠶᠢᠨ ᠲᠠᠷᠢᠮᠠᠯ ᠪᠤᠯᠤᠨ ᠲᠡᠵᠢᠭᠡᠯ ᠡᠪᠡᠰᠥ ᠪᠤᠷᠳᠤᠭᠠᠨ ᠤ ᠲᠠᠷᠢᠮᠠᠯ ᠤᠨ ᠵᠥᠢᠯ ᠤᠳ ᠢ ᠵᠢᠭᠠᠵᠤ ᠪᠤᠢ᠃    7. ︽1 + 6︾ ᠬᠤᠪᠢᠰᠬᠠᠯᠳᠤ ᠪᠤᠯᠪᠠᠰᠤᠷᠠᠯ ᠭᠥᠮᠥᠵᠢᠯ ᠤᠨ ᠰᠠᠭᠤᠷᠢᠨ᠄ ︽1︾  ᠪᠤᠯ ᠶᠠᠨ ᠠᠨ ᠤ ᠥᠨᠳᠥᠰᠥᠳᠡᠨ ᠤ ᠲᠡᠭᠡᠳᠤ ᠰᠤᠷᠭᠠᠭᠤᠯᠢ ᠶᠢᠨ ᠪᠤᠷᠤᠪᠠᠯᠭᠠᠰᠤᠨ ᠳᠤ ᠬᠢ ᠲᠤᠷᠰᠬᠠᠯ ᠤᠨ ᠤᠷᠳᠤᠨ ᠪᠤᠯᠤᠨ ᠬᠤᠪᠢᠰᠬᠠᠯᠳᠤ ᠪᠤᠯᠪᠠᠰᠤᠷᠠᠯ ᠭᠥᠮᠥᠵᠢᠯ ᠤᠨ ᠰᠠᠭᠤᠷᠢᠨ ᠳᠤ ᠺᠠᠳ᠋ᠷᠴᠤᠳ ᠢ ᠴᠤᠭᠯᠠᠭᠤᠯᠤᠨ ᠬᠥᠮᠥᠵᠢᠯ ᠪᠤᠯᠪᠠᠰᠤᠷᠠᠯ ᠡᠷᠬᠢᠯᠡᠳᠡᠭ ᠢ ᠵᠢᠭᠠᠵᠤ ᠪᠤᠢ︔ ︽6︾ ᠪᠤᠯ ᠲᠠᠬᠢᠯᠳᠤ ᠶᠢᠨ ᠠᠵᠢᠯᠯᠠᠬᠤ ᠬᠤᠷᠢᠶ᠎ᠠ ᠶᠢᠨ ᠪᠠᠭᠤᠷᠢ᠂ ᠸᠠᠩ ᠵᠧᠨ ᠤ ᠬᠤᠳᠳᠤᠭ᠂ ᠡᠪ ᠬᠠᠮᠳᠤ ᠶᠢᠨ ᠢᠨᠲ᠋ᠧᠷᠨᠠᠼᠢᠥᠨᠠᠯ ᠤᠨ ᠬᠤᠯᠪᠤᠭᠠᠨ ᠤ ᠵᠠᠮ ᠬᠢᠭᠡᠳ ᠡᠪ ᠬᠠᠮᠳᠤ ᠶᠢᠨ ᠢᠨᠲ᠋ᠧᠷᠨᠠᠼᠢᠥᠨᠠᠯ ᠤᠨ ᠪᠠᠶᠢᠯᠳᠤᠭᠴᠢ ᠡᠷᠸᠢᠨ ᠡᠸ᠋ᠨ᠋ᠰᠲ ︵欧文·恩斯特 Erwin Engst︶ ᠪᠤᠯᠤᠨ ᠵᠤᠨ ᠭᠧᠨ᠋ᠳᠥᠨ ︵琼·欣顿 Joan Hinton︶ ᠤ ᠲᠤᠷᠠᠰᠬᠠᠯᠳᠤ ᠭᠠᠵᠠᠷ᠂ ᠪᠤᠷᠤᠪᠠᠭᠠᠳᠤᠷ ᠥᠯᠵᠡᠶᠢᠬᠤᠳᠤᠭ ᠤᠨ ᠲᠤᠷᠠᠰᠬᠠᠯ ᠤᠨ ᠭᠥᠰᠢᠶ᠎ᠡ᠂ ᠶᠡᠭᠡ ᠵᠤᠤ ᠠᠶᠢᠮᠠᠭ ᠤᠨ ᠬᠤᠪᠢᠰᠬᠠᠯᠳᠤ ᠲᠡᠮᠡᠴᠡᠯ ᠤᠨ ᠬᠥᠷᠬᠢᠷ᠎ᠡ ᠭᠤᠤ ᠶᠢᠨ ᠲᠠᠶᠢᠯᠠᠯᠳᠤᠭᠠᠨ ᠤ ᠪᠠᠭᠤᠷᠢ ᠵᠡᠷᠭᠡ 6 ᠬᠤᠪᠢᠰᠬᠠᠯᠳᠤ ᠪᠤᠯᠪᠠᠰᠤᠷᠠᠯ ᠭᠥᠮᠥᠵᠢᠯ ᠤᠨ ᠰᠠᠭᠤᠷᠢᠨ ᠢ ᠵᠢᠭᠠᠵᠤ ᠪᠤᠢ᠃ ︽1 + 6︾ ᠬᠤᠪᠢᠰᠬᠯᠳᠤ ᠭᠥᠮᠥᠵᠢᠯ ᠪᠤᠯᠪᠠᠰᠤᠷᠠᠯ ᠤᠨ ᠰᠠᠭᠤᠷᠢᠨ ᠪᠤᠯ ᠥᠪᠡᠷᠳᠡᠭᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠤᠢ ᠳᠤ ᠪᠡᠯᠡᠭ ᠪᠤᠯᠭᠠᠨ ᠲᠡᠪᠰᠢᠭᠦᠯᠭᠦ ᠲᠥᠷᠥᠯ ᠵᠥᠢᠯ ᠶᠤᠮ᠃    8. ᠳ᠋ᠠᠶᠢᠲ᠋ᠠ ᠲᠥᠪ᠄ ᠰᠠᠭᠤᠷᠢ ᠰᠥᠯᠵᠢᠶ᠎ᠡ ᠬᠤᠯᠪᠤᠭ᠎ᠠ᠂ ᠲᠤᠭ᠎ᠠ ᠪᠠᠷᠢᠮᠳᠠ ᠶᠢᠨ ᠰᠠᠩ᠂ ᠴᠢᠮᠡᠭᠡ ᠰᠤᠷᠪᠤᠯᠵᠢ ᠶᠢᠨ ᠨᠡᠶᠢᠳᠭᠡᠯ᠂ ᠥᠢᠯᠡᠴᠢᠯᠡᠭᠡ ᠪᠤᠯᠤᠨ ᠴᠢᠮᠡᠭᠡ ᠵᠠᠩᠬᠢ ᠲᠠᠷᠬᠠᠭᠠᠯᠳᠠ᠂ ᠬᠢᠨᠠᠨ ᠡᠵᠡᠮᠰᠢᠯ᠂ ᠵᠢᠯᠤᠭᠤᠳᠤᠯᠭ᠎ᠠ ᠲᠤᠬᠢᠷᠠᠭᠤᠯᠭ᠎ᠠ᠂ ᠶᠡᠷᠥᠩᠭᠡᠶᠢᠯᠡᠭᠰᠡᠨ ᠰᠤᠳᠤᠯᠤᠯ ᠮᠠᠭᠠᠳᠯᠠᠯ ᠬᠢᠭᠡᠳ ᠰᠢᠢᠳᠪᠥᠷᠢ ᠲᠤᠭᠳᠠᠭᠠᠯ ᠵᠡᠷᠭᠡ ᠶᠢ ᠢᠵᠢ ᠴᠤᠭᠴᠠᠵᠢᠭᠤᠯᠤᠭᠰᠠᠨ ᠴᠢᠮᠡᠭᠡ ᠵᠠᠩᠬᠢ ᠶᠢᠨ ᠶᠡᠷᠥᠩᠭᠡᠶᠢᠯᠡᠭᠰᠡᠨ ᠤᠶᠤᠨᠴᠢ ᠰᠢᠢᠳᠪᠥᠷᠢᠯᠡᠯᠳᠡ ᠶᠢᠨ ᠲᠥᠪ ᠢ ᠭᠡᠯᠡᠵᠤ ᠪᠤᠢ᠃ ᠮᠠᠨ ᠤ ᠬᠤᠰᠢᠭᠤᠨ ᠤ ᠳ᠋ᠠᠶᠢᠲ᠋ᠠ ᠲᠥᠪ 2017 ᠤᠨ ᠤ 1  ᠰᠠᠷ᠎ᠠ ᠶᠢᠨ 1 ᠤ ᠡᠳᠥᠷ ᠵᠢᠩᠬᠢᠨᠢ ᠪᠠᠷ ᠡᠷᠥᠭᠡ ᠰᠡᠭᠦᠵᠥ᠂ 2 ᠰᠠᠷ᠎ᠠ ᠶᠢᠨ 4 ᠤ ᠡᠳᠥᠷ ᠪᠥᠭᠦ ᠬᠤᠳᠠ ᠶᠢᠨ ᠴᠢᠮᠡᠭᠡ ᠵᠠᠩᠬᠢᠴᠢᠯᠠᠯᠳᠠ ᠶᠢᠨ ᠲᠠᠪᠴᠠᠩ ᠤᠨ ᠪᠠᠶᠢᠭᠤᠯᠤᠯᠳᠠ ᠶᠢᠨ ᠠᠬᠤᠢ ᠲᠠᠯᠠᠪᠠᠢ ᠶᠢᠨ ᠬᠤᠷᠠᠯ ᠮᠠᠨ ᠤ ᠬᠤᠰᠢᠭᠤᠨ ᠳᠤ ᠶᠠᠪᠤᠭᠳᠠᠭᠰᠠᠨ ᠶᠣᠮ᠃    9.ᠠᠯᠠᠰᠢᠨ ᠮᠠᠯ ᠤᠨ ᠪᠦᠬᠦ ᠤᠶᠢᠯᠡᠰ ᠤᠨ ᠬᠡᠯᠬᠢᠶᠡᠨ ᠤ ᠬᠡᠳᠡᠷᠬᠦ ᠨᠡᠬᠡᠮᠵᠢᠯᠡᠬᠦ ᠰᠢᠰᠲ᠋ᠧᠮ᠄ ᠢᠳᠡᠭᠡᠨ ᠤ ᠠᠮᠦᠷ ᠲᠦᠪᠰᠢᠨ ᠤ ᠭᠡᠳᠡᠷᠬᠦ ᠨᠡᠬᠡᠮᠵᠢᠯᠡᠬᠦ ᠬᠠᠮᠢᠶᠠᠷᠣᠯᠳᠠ ᠶᠢᠨ ᠲᠠᠪᠴᠠᠩ ᠢ ᠪᠠᠶᠢᠭᠤᠯᠵᠣ᠂ ᠠᠯᠠᠰᠢᠨ ᠮᠠᠯ ᠤᠨ ᠠᠷᠠᠴᠢᠯᠠᠯᠳᠠ᠂ ᠡᠳ᠋ᠰᠢᠭᠦᠯᠦᠯᠳᠠ᠂ ᠭᠦᠢᠯᠭᠡᠭᠡ ᠪᠣᠯᠣᠨ ᠭᠡᠷᠡᠭᠯᠡᠭᠡᠨ ᠤ ᠪᠦᠬᠦ ᠣᠶᠢᠯᠠᠰ ᠤᠨ ᠬᠡᠯᠬᠢᠶ᠎ᠡ ᠶᠢ ᠵᠠᠪᠰᠠᠷ ᠥᠭᠡᠢ ᠬᠢᠨᠠᠨ ᠬᠠᠮᠢᠶᠠᠷᠴᠤ᠂ ᠡᠬᠢ ᠶᠢ ᠭᠡᠳᠡᠷᠬᠦ ᠨᠡᠬᠡᠮᠵᠢᠯᠡᠵᠣ᠂ ᠪᠣᠷᠣᠯᠠᠭᠤᠯᠣᠭᠰᠠᠨ ᠭᠠᠵᠠᠷ ᠢ ᠪᠠᠶᠢᠴᠠᠭᠠᠨ᠂ ᠬᠠᠷᠢᠭᠤᠴᠠᠯᠭ᠎ᠠ ᠨᠡᠬᠡᠮᠵᠢᠯᠡᠬᠦ ᠪᠦᠬᠦ ᠶᠠᠪᠣᠴᠠ ᠶᠢᠨ ᠰᠢᠰᠲ᠋ᠧᠮᠴᠢᠯᠡᠭᠰᠠᠨ ᠨᠡᠬᠡᠮᠵᠢᠯᠠᠯ ᠤᠨ ᠬᠠᠮᠢᠶᠠᠷᠣᠯᠳᠠ ᠶᠢ ᠵᠢᠭᠠᠨ᠎ᠠ᠃ 2015 ᠣᠨ ᠤ 10 ᠰᠠᠷ᠎ᠠ ᠳᠤ ᠮᠠᠨ ᠤ ᠬᠤᠰᠢᠭᠤ ᠣᠷᠳᠣᠰ ᠬᠤᠳᠠ ᠶᠢᠨ ᠣᠳᠣ ᠦᠶ᠎ᠡ ᠶᠢᠨ ᠮᠠᠯ ᠲᠠᠷᠢᠶᠠᠯᠠᠩ ᠤᠨ ᠪᠦᠬᠦ ᠣᠶᠢᠯᠠᠰ ᠤᠨ ᠬᠡᠯᠬᠢᠶᠠᠨ ᠤ ᠭᠡᠳᠡᠷᠬᠦ ᠨᠡᠬᠡᠮᠵᠢᠯᠡᠬᠦ ᠰᠢᠰᠲ᠋ᠧᠮ ᠤᠨ ᠲᠣᠷᠰᠢᠯᠳᠠ ᠶᠢᠨ ᠴᠡᠭ ᠪᠣᠯᠵᠣ᠂ ᠡᠨᠡ ᠬᠦ ᠰᠢᠰᠲ᠋ᠧᠮ ᠢ ᠪᠦᠬᠦ ᠲᠠᠯ᠎ᠠ ᠪᠠᠷ ᠡᠬᠢᠯᠡᠨ ᠬᠡᠷᠡᠭᠵᠢᠭᠦᠯᠪᠡ᠃    10. ᠨᠤᠳᠤᠭ ᠪᠡᠯᠴᠢᠭᠡᠷ ᠤᠨ ︽ᠭᠤᠷᠪᠠᠨ ᠡᠷᠬᠡ ᠶᠢᠨ ᠲᠤᠰᠠᠭᠠᠷᠯᠠᠯ︾᠄  ᠨᠣᠳᠤᠭ ᠪᠡᠯᠴᠢᠭᠡᠷ ᠤᠨ ᠡᠷᠭᠡ ᠶᠢ ᠲᠣᠳᠣᠣᠬᠠᠨ ᠲᠠᠭᠠᠭᠠᠴᠢᠯᠠᠭᠤᠯᠬᠤ ᠠᠵᠢᠯ ᠤᠨ ᠰᠠᠭᠤᠷᠢᠨ ᠲᠡᠭᠡᠷ᠎ᠡ᠂ ᠬᠦᠳᠡᠭᠡ ᠨᠤᠳᠤᠭ ᠤᠨ ᠬᠠᠮᠳᠦ ᠶᠢᠨ ᠭᠠᠵᠠᠷ ᠰᠢᠷᠦᠢ ᠶᠢᠨ ᠦᠮᠴᠢᠯᠡᠬᠦ ᠡᠷᠬᠡ᠂ ᠲᠠᠭᠠᠭᠠᠴᠢᠯᠠᠬᠤ ᠡᠷᠭᠡ᠂ ᠡᠵᠡᠩᠨᠡᠬᠦ ᠡᠷᠭᠡ ᠶᠢ ᠰᠠᠯᠭᠠᠨ ᠪᠥᠷᠢᠳᠭᠡᠵᠥ ᠥᠨᠡᠮᠯᠡᠯ ᠤᠯᠭᠤᠨ᠂ ᠨᠣᠳᠤᠭ ᠪᠡᠯᠴᠢᠭᠡᠷ ᠤᠨ ᠲᠠᠭᠠᠭᠠᠴᠢᠯᠠᠯᠳᠠ ᠶᠢᠨ ᠡᠷᠭᠡ ᠶᠢ ᠲᠣᠭᠳᠠᠪᠦᠷᠢᠵᠢᠭᠤᠯᠵᠣ᠂ ᠨᠣᠳᠤᠭ ᠪᠡᠯᠴᠢᠭᠡᠷ ᠤᠨ ᠡᠵᠡᠩᠨᠡᠯᠳᠠ ᠶᠢᠨ ᠡᠷᠭᠡ ᠶᠢ ᠠᠮᠢᠳᠣᠯᠢᠭᠵᠢᠭᠤᠯᠣᠨ᠂ ᠮᠠᠯᠴᠢᠨ ᠲᠠᠷᠢᠶᠠᠴᠢᠨ ᠡᠵᠡᠩᠨᠡᠯᠳᠠ ᠶᠢᠨ ᠡᠷᠬᠡ ᠪᠠᠨ ᠰᠢᠯᠵᠢᠭᠦᠯᠬᠦ ᠪᠠᠷ ᠲᠠᠮᠵᠢᠨ ᠡᠳ᠋ ᠬᠦᠷᠦᠩᠭᠡ ᠶᠢᠨ ᠴᠢᠨᠠᠷᠳᠠᠢ ᠣᠷᠣᠯᠭ᠎ᠠ ᠣᠯᠵᠣ ᠪᠤᠯᠬᠤ ᠶᠠᠪᠤᠴᠠ ᠶᠢ ᠵᠢᠭᠠᠵᠤ ᠪᠤᠢ᠃ 2016 ᠣᠨ ᠤ 5 ᠰᠠᠷ᠎ᠠ ᠳᠤ ᠮᠠᠨ ᠤ ᠬᠤᠰᠢᠭᠤ ᠪᠦᠬᠦ ᠣᠯᠣᠰ ᠤᠨ ᠭᠡᠪᠴᠢᠶᠡᠨ᠎ᠡ ᠲᠦᠷᠦᠭᠦᠯᠡᠨ ᠭᠤᠷᠪᠠᠨ ᠡᠷᠬᠡ  ᠶᠢ ᠰᠠᠯᠭᠠᠨ ᠲᠣᠬᠢᠷᠠᠭᠤᠯᠬᠤ ᠠᠵᠢᠯ ᠢ ᠡᠬᠢᠯᠡᠬᠦᠯᠪᠡ᠃    11. ᠬᠥᠬᠡᠬᠤᠳᠠ ᠪᠤᠭᠤᠳᠤ ᠤᠷᠳᠤᠰ ᠤᠷᠤᠨ ᠤ ᠬᠠᠮᠳᠤᠷᠠᠨ ᠭᠥᠭᠵᠢᠭᠦ ᠪᠠᠶᠢᠯᠳᠤᠬᠤ ᠪᠤᠳᠤᠯᠭ᠎ᠠ᠄ 2016 ᠤᠨ ᠤ 9 ᠰᠠᠷ᠎ᠠ ᠶᠢᠨ 24 ᠳᠤ᠂ ᠥᠪᠡᠷᠳᠡᠭᠡᠨ ᠵᠠᠰᠠᠬᠤ ᠤᠷᠤᠨ ᠤ ᠯᠢ ᠵᠢᠢ ᠾᠧᠩ ᠱᠥᠵᠢ ᠤᠷᠳᠤᠰ ᠬᠤᠳᠠ ᠶᠢᠨ ᠵᠤᠬᠢᠶᠠᠨ ᠪᠠᠶᠢᠭᠤᠯᠤᠨ ᠡᠷᠬᠢᠯᠡᠭᠰᠡᠨ ᠬᠥᠬᠡᠬᠤᠳᠠ ᠪᠤᠭᠤᠳᠤ ᠤᠷᠳᠤᠰ ᠢ ᠬᠠᠮᠳᠤᠷᠠᠭᠤᠯᠤᠨ ᠭᠥᠭᠵᠢᠭᠦᠯᠭᠦ ᠠᠵᠢᠯ ᠤᠨ ᠰᠠᠭᠤᠳᠠᠯ ᠤᠨ ᠬᠤᠷᠠᠯ ᠲᠡᠭᠡᠷ᠎ᠡ᠄ ᠬᠥᠬᠡᠬᠤᠳᠠ ᠪᠤᠭᠤᠳᠤ ᠤᠷᠳᠤᠰ ᠭᠤᠷᠪᠠᠨ ᠬᠤᠳᠠ ᠶᠢ ᠰᠢ ᠶᠢᠨ ᠫᠢᠩ ᠶᠡᠷᠥᠩᠭᠡᠢ ᠱᠥᠵᠢ ᠶᠢᠨ ᠤᠷᠤᠨ ᠬᠡᠪᠴᠢᠶᠡᠨ ᠤ ᠬᠥᠭᠵᠢᠯᠳᠡ ᠰᠢᠨ᠎ᠡ ᠰᠡᠳᠬᠢᠮᠵᠢ ᠶᠢᠨ ᠪᠠᠶᠢᠯᠳᠤᠬᠤ ᠪᠤᠳᠤᠯᠭ᠎ᠠ ᠶᠢ ᠭᠥᠨᠵᠡᠭᠡᠢ ᠨᠠᠶᠢᠳᠠᠪᠤᠷᠢᠵᠢᠭᠤᠯᠵᠤ ᠬᠠᠮᠳᠤᠷᠠᠨ ᠭᠥᠭᠵᠢᠭᠦ ᠶᠢᠨ ᠥᠵᠡᠯ ᠪᠤᠳᠤᠯ ᠢ  ᠨᠢ ᠴᠤᠭ ᠡᠷᠴᠢᠮᠯᠡᠵᠥ᠂ ᠬᠠᠮᠳᠤᠷᠠᠯᠴᠠᠭ᠎ᠠ ᠶᠢ ᠨᠢ ᠠᠬᠢᠭᠤᠯᠤᠨ ᠬᠠᠮᠳᠤ ᠪᠠᠷ ᠭᠥᠭᠵᠢᠭᠦ ᠥᠵᠡᠯᠳᠡ ᠶᠢ ᠴᠢᠩᠭᠠᠳᠬᠠᠨ᠂ ᠬᠤᠪᠢ ᠬᠤᠪᠢᠨ ᠤ ᠲᠠᠪᠠᠭᠤᠯᠢᠭ ᠪᠠᠷ ᠨᠢ ᠰᠠᠭᠤᠷᠢᠯᠠᠭᠤᠯᠵᠤ᠂ ᠤᠳᠤ ᠥᠶ᠎ᠡ ᠶᠢᠨ ᠠᠵᠤ ᠥᠢᠯᠡᠰ ᠤᠨ ᠠᠵᠢᠯ ᠤᠨ ᠬᠤᠪᠢᠶᠠᠷᠢᠯᠠᠯ ᠪᠠ ᠤᠷᠤᠨ ᠬᠡᠪᠴᠢᠶᠡᠨ ᠤ ᠬᠠᠷᠢᠯᠴᠠᠨ ᠨᠥᠬᠦᠪᠥᠷᠢᠯᠡᠯ ᠤᠨ ᠵᠠᠷᠴᠢᠮ ᠢ ᠪᠠᠷᠢᠮᠳᠠᠯᠠᠭᠤᠯᠤᠨ᠂ ᠬᠠᠮᠳᠤᠷᠠᠨ ᠭᠥᠭᠵᠢᠭᠦ ᠶᠢᠨ ᠰᠢᠨ᠎ᠡ ᠵᠠᠮ ᠢ ᠢᠳᠡᠪᠬᠢᠳᠡᠢ ᠬᠠᠶᠢᠨ ᠰᠥᠪᠡᠭᠴᠢᠯᠡᠭᠦᠯᠵᠥ᠂ ᠬᠥᠬᠡᠬᠤᠳᠠ ᠪᠤᠭᠤᠳᠤ ᠤᠷᠳᠤᠰ ᠤᠷᠤᠨ ᠢ ︽ᠠᠮᠢ ᠠᠬᠤᠢ ᠵᠤᠬᠢᠴᠠᠯᠳᠠᠢ᠂ ᠵᠠᠮ ᠨᠡᠪᠳᠡᠷᠡᠯᠭᠡ ᠴᠢᠯᠥᠭᠡᠳᠡᠢ᠂ ᠠᠵᠤ ᠠᠬᠤᠢ ᠭᠥᠭᠵᠢᠯᠳᠡᠢ᠂ ᠵᠠᠬ᠎ᠠ ᠲᠡᠯᠭᠡᠭᠦᠷ ᠨᠢᠭᠡᠳᠥᠯᠳᠡᠢ᠂ ᠲᠤᠭᠳᠠᠴᠠ ᠪᠤᠳᠤᠯᠭ᠎ᠠ ᠲᠤᠬᠢᠳᠠᠢ ᠠᠵᠤ ᠠᠬᠤᠢ ᠶᠢᠨ ᠭᠥᠭᠵᠢᠯᠳᠥ ᠪᠥᠰᠡ ᠪᠤᠯᠭᠠᠨ ᠪᠠᠶᠢᠭᠤᠯᠤᠨ᠎ᠠ︾ ᠭᠡᠵᠥ ᠲᠤᠳᠤᠷᠬᠠᠢ ᠵᠢᠭᠠᠨ ᠭᠠᠷᠭᠠᠭᠰᠠᠨ ᠪᠠᠶᠢᠨ᠎ᠠ᠃    12. ᠬᠤᠶᠠᠷ ᠥᠮᠡᠨ᠄ ᠰᠠᠪᠠ ᠶᠢᠨ ᠭᠥᠵᠥᠭᠦᠥ ᠶᠢᠨ ᠥᠮᠡᠨ ᠪᠤᠯᠤᠨ ᠭᠥᠭᠦᠨ ᠪᠤᠯᠴᠢᠷᠬᠠᠢ ᠶᠢᠨ ᠥᠮᠡᠨ ᠢ ᠵᠢᠭᠠᠵᠤ ᠪᠤᠢ᠃    13. ᠭᠤᠷᠪᠠᠨ ᠪᠥᠳᠥᠭᠡᠭᠳᠡᠭᠦᠨ ᠨᠢᠭᠡ ᠢᠯᠡᠳᠭᠡᠯ ᠲᠠᠩᠰᠠᠯᠠᠯᠳᠠ᠄ ᠮᠠᠯ ᠲᠠᠷᠢᠶᠠᠯᠠᠩ ᠤᠨ ᠬᠤᠤᠷᠳᠠᠭᠤᠯᠭ᠎ᠠ ᠥᠭᠡᠢ ᠪᠥᠳᠥᠭᠡᠭᠳᠡᠭᠦᠨ᠂ ᠪᠤᠬᠢᠷᠳᠤᠯ ᠥᠭᠡᠢ ᠢᠳᠡᠭᠡᠨ᠂ ᠮᠠᠯ ᠲᠠᠷᠢᠶᠠᠯᠠᠩ ᠤᠨ ᠤᠷᠭᠠᠨᠢᠭ ᠪᠥᠳᠥᠭᠡᠭᠳᠡᠭᠦᠨ ᠪᠤᠯᠤᠨ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠥᠳᠥᠭᠡᠭᠳᠡᠭᠦᠨ ᠤ ᠭᠠᠵᠠᠷ ᠵᠥᠢ ᠶᠢᠨ ᠢᠯᠡᠳᠭᠡᠯ ᠲᠠᠩᠰᠠᠯᠠᠯᠳᠠ ᠶᠢ ᠨᠡᠷᠡᠯᠡᠭᠰᠡᠨ ᠥᠭᠡ᠃    14. ᠪᠥᠭᠦ ᠬᠡᠪᠴᠢᠶᠡᠨ ᠤ ᠵᠢᠭᠤᠯᠴᠢᠯᠠᠯ᠄ ᠨᠢᠭᠡ ᠤᠷᠤᠨ ᠬᠡᠪᠴᠢᠶ᠎ᠡ ᠲᠤᠳᠤᠷ᠎ᠠ ᠵᠢᠭᠤᠯᠴᠢᠯᠠᠯ ᠤᠨ ᠥᠢᠯᠡᠰ ᠢᠶᠠᠷ ᠲᠠᠪᠠᠭᠤᠯᠢᠭᠳᠤ ᠠᠵᠤ ᠥᠢᠯᠡᠰ ᠪᠤᠯᠭᠠᠨ᠂ ᠤᠷᠤᠨ ᠬᠡᠪᠴᠢᠶ᠎ᠡ ᠲᠤᠳᠤᠷᠠᠬᠢ ᠠᠵᠤ ᠠᠬᠤᠢ ᠨᠡᠶᠢᠭᠡᠮ ᠤᠨ ᠡᠬᠢ ᠰᠤᠷᠪᠤᠯᠵᠢ᠂ ᠤᠨᠴᠠᠭᠠᠶᠢᠯᠠᠨ ᠵᠢᠭᠤᠯᠴᠢᠯᠠᠯ ᠤᠨ ᠡᠬᠢ ᠰᠤᠷᠪᠤᠯᠵᠢ ᠪᠠ ᠲᠡᠭᠦᠨ ᠯᠦᠭᠡ ᠬᠤᠯᠪᠤᠭ᠎ᠠ ᠪᠥᠭᠦᠢ ᠠᠵᠤ ᠥᠢᠯᠡᠰ᠂ ᠠᠮᠢ ᠠᠬᠤᠢ ᠤᠷᠴᠢᠨ ᠲᠤᠭᠤᠷᠢᠨ᠂ ᠤᠯᠠᠨ ᠨᠡᠶᠢᠳᠡ ᠶᠢᠨ ᠥᠢᠯᠡᠴᠢᠯᠡᠭᠡ᠂ ᠪᠠᠶᠢᠭᠤᠯᠤᠮᠵᠢ ᠶᠢᠨ ᠲᠤᠭᠳᠠᠴᠠ᠂ ᠲᠥᠷᠥ ᠶᠢᠨ ᠪᠤᠳᠤᠯᠭ᠎ᠠ ᠬᠠᠤᠯᠢ ᠲᠥᠷᠢᠮ᠂ ᠪᠤᠯᠪᠠᠰᠤᠨ ᠶᠤᠰᠤ ᠰᠤᠷᠳᠠᠯ ᠵᠡᠷᠭᠡ ᠪᠥᠭᠦ ᠲᠠᠯ᠎ᠠ ᠪᠠᠷ ᠰᠢᠰᠲ᠋ᠧᠮ ᠲᠠᠢ ᠪᠠᠷ ᠰᠢᠯᠢᠳᠡᠭᠵᠢᠭᠦᠯᠥᠨ ᠲᠡᠰ ᠲᠡᠪᠰᠢᠭᠦᠯᠭᠦ ᠪᠠᠷ ᠲᠠᠮᠵᠢᠭᠤᠯᠤᠨ᠂ ᠤᠷᠤᠨ ᠬᠡᠪᠴᠢᠶᠡᠨ ᠤ ᠡᠬᠢ ᠰᠤᠷᠪᠤᠯᠵᠢ ᠶᠢ ᠤᠷᠭᠠᠨᠢᠭ ᠨᠢᠭᠡᠳᠥᠯ᠂ ᠠᠵᠤ ᠥᠢᠯᠡᠰ ᠤᠨ ᠠᠭᠤᠰᠤᠯᠴᠠᠯ ᠭᠥᠭᠵᠢᠯ᠂ ᠨᠠᠶᠢᠭᠡᠮ ᠤᠨ ᠬᠠᠮ ᠪᠥᠳᠥᠭᠡᠯ ᠪᠠᠶᠢᠭᠤᠯᠤᠯ ᠴᠤᠭ ᠡᠳ᠋ᠯᠡᠯ ᠢ ᠪᠡᠶᠡᠯᠡᠭᠦᠯᠵᠥ᠂ ᠵᠢᠭᠤᠯᠴᠢᠯᠠᠯ ᠤᠨ ᠥᠢᠯᠡᠰ ᠢᠶᠠᠷ ᠠᠵᠤ ᠠᠬᠤᠢ ᠨᠡᠶᠢᠭᠡᠮ ᠤᠨ ᠵᠤᠬᠢᠴᠠᠯᠳᠤ ᠭᠥᠭᠵᠢᠯᠳᠡ ᠶᠢ ᠲᠠᠶᠢᠴᠢᠯᠠᠨ ᠭᠥᠭᠵᠢᠭᠡᠭᠦ ᠨᠢᠭᠡᠨ ᠲᠥᠷᠥᠯ ᠤᠨ ᠴᠥ᠋ ᠰᠢᠨ᠎ᠡ ᠤᠷᠤᠨ ᠬᠡᠪᠴᠢᠶᠡᠨ ᠤ ᠵᠤᠬᠢᠴᠠᠯᠳᠤ ᠭᠥᠭᠵᠢᠭᠦᠯᠥᠯᠳᠡ ᠶᠢᠨ ᠰᠡᠳᠬᠢᠮᠵᠢ ᠪᠠ ᠵᠠᠭᠪᠤᠷ ᠪᠣᠯᠣᠨ᠎ᠠ᠃    15. ︽ᠲᠠᠯᠪᠢᠬᠤ ᠬᠠᠮᠢᠶᠠᠷᠬᠤ ᠥᠢᠯᠡᠴᠢᠯᠡᠭᠦ︾ ᠥᠭᠡᠷᠡᠴᠢᠯᠡᠯᠳᠡ᠄ ᠵᠠᠰᠠᠭ ᠢ ᠴᠤᠮᠬᠠᠳᠬᠠᠨ ᠡᠷᠭᠡ ᠶᠢ ᠲᠠᠯᠪᠢᠬᠤ᠂ ᠲᠠᠯᠪᠢᠬᠤ ᠬᠠᠮᠢᠶᠠᠷᠬᠤ ᠶᠢ ᠤᠶᠠᠯᠳᠤᠭᠤᠯᠬᠤ᠂ ᠥᠢᠯᠡᠴᠢᠯᠡᠭᠡ ᠶᠢ ᠰᠢᠯᠢᠳᠡᠭᠵᠢᠭᠦᠯᠭᠦ ᠶᠢᠨ ᠲᠤᠪᠴᠢ ᠨᠡᠷᠡᠶᠢᠳᠤᠯ᠃ ︽ᠲᠠᠯᠪᠢᠬᠤ︾ ᠵᠠᠰᠠᠭ ᠢ ᠴᠤᠮᠬᠠᠳᠬᠠᠨ ᠡᠷᠭᠡ ᠶᠢ ᠲᠠᠯᠪᠢᠵᠤ᠂ ᠵᠥᠪᠰᠢᠶᠡᠷᠡᠯ  ᠤᠨ ᠪᠠᠷᠢᠮᠵᠢᠶ᠎ᠠ ᠶᠢ ᠰᠤᠯᠠᠳᠬᠠᠬᠤ︔ ︽ᠬᠠᠮᠢᠶᠠᠷᠬᠤ︾ ᠭᠡᠭᠴᠢ ᠲᠥᠪ ᠭᠤᠤᠯᠴᠢ ᠪᠠᠷ ᠬᠢᠨᠠᠯᠳᠠ ᠬᠠᠮᠢᠶᠠᠷᠤᠯᠳᠠ ᠶᠢ ᠭᠥᠢᠴᠡᠳᠭᠡᠨ ᠡᠷᠭᠡ ᠲᠡᠭᠰᠢ ᠥᠷᠢᠰᠥᠭᠦᠯᠭᠦ︔ ︽ᠥᠢᠯᠡᠴᠢᠯᠡᠭᠦ︾ ᠭᠡᠭᠴᠢ ᠥᠨᠳᠥᠷ ᠪᠥᠳᠥᠮᠵᠢᠳᠡᠢ ᠥᠢᠯᠡᠴᠢᠯᠡᠭᠡ ᠬᠠᠩᠭᠠᠨ᠂ ᠲᠠᠶᠠᠭᠠᠷ ᠲᠤ ᠲᠥᠭᠦᠮ ᠲᠥᠳᠡ ᠥᠵᠡᠭᠦᠯᠭᠦ ᠶᠢ ᠵᠢᠭᠠᠵᠤ ᠪᠤᠢ᠃    16. ᠭᠤᠷᠪᠠᠨ ᠠᠯᠪᠠᠨ  ᠵᠠᠷᠣᠳᠠᠯ᠄ ᠭᠡᠭᠴᠢ ᠵᠠᠰᠠᠭ ᠤᠨ ᠣᠷᠳᠣᠨ ᠤ ᠰᠠᠯᠠᠭ᠎ᠠ ᠮᠦᠴᠢᠷ ᠤᠨ ᠠᠵᠢᠯᠳᠠᠳ ᠤᠨ ᠠᠯᠪᠠᠨ ᠵᠠᠷᠣᠳᠠᠯ ᠢᠶᠠᠷ ᠭᠠᠳᠠᠭᠠᠳᠦ ᠳᠤ ᠭᠠᠷᠬᠤ ᠂ ᠠᠯᠪᠠᠨ ᠲᠡᠷᠭᠡ ᠬᠤᠳᠠᠯᠳᠣᠨ ᠠᠪᠬᠤ ᠵᠢᠴᠢ ᠠᠷᠠᠴᠢᠯᠠᠬᠤ ᠵᠠᠷᠣᠳᠠᠯ᠂ ᠠᠯᠪᠠᠨ ᠤ ᠬᠦᠯᠢᠶᠠᠨ ᠵᠣᠴᠢᠯᠠᠭ᠎ᠠ ᠳᠤ  ᠭᠡᠷᠡᠭᠯᠡᠭᠦ ᠵᠠᠷᠣᠳᠠᠯ ᠢ ᠵᠢᠭᠠᠵᠤ ᠪᠤᠢ᠃ ᠵᠡᠭᠦᠯᠳᠠ᠄ ᠨᠡᠷ᠎ᠡ ᠥᠭᠡᠰ ᠤᠨ ᠲᠠᠶᠢᠯᠪᠣᠷᠢᠯᠠᠯ ᠢ《 ᠵᠠᠰᠠᠭ ᠤᠨ ᠣᠷᠳᠣᠨ ᠤ ᠠᠵᠢᠯ ᠤᠨ ᠢᠯᠡᠳᠬᠡᠯ 》 ᠳᠤ ᠢᠯᠡᠷᠡᠭᠰᠡᠨ ᠲᠠᠷᠠᠭᠠᠯᠠᠯ ᠢᠶᠠᠷ ᠵᠢᠭᠰᠠᠭᠠᠪᠠ᠃
ᠢᠷᠡᠯᠲᠡ᠄ ᠵᠠᠰᠠᠭ ᠤᠨ ᠤᠷᠳᠤᠨ ᠤ ᠠᠵᠢᠯ ᠤᠨ ᠢᠯᠡᠤᠨᠬᠡᠯ