ᠤᠳᠤᠭ ᠤᠨ ᠡᠮᠤᠨᠡᠳᠤ ᠬᠤᠰᠢᠭᠤᠨ ᠤ 2014 ᠤᠨ ᠤ ᠤᠯᠤᠰ ᠠᠷᠠᠤᠨ ᠤᠨ ᠠᠵᠤ ᠠᠬᠤᠢ ᠪᠤᠯᠤᠨ ᠨᠠᠶᠢᠬᠡᠮ ᠤᠨ ᠬᠦᠭᠵᠢᠯᠳᠠ ᠶᠢᠨ ᠲᠦᠯᠤᠪᠯᠡᠭᠡ | ᠶᠢ ᠬᠡᠷᠡᠭᠵᠢᠬᠦᠯᠦᠭᠰᠡᠨ ᠪᠠᠶᠢᠳᠠᠯ ᠬᠢᠬᠡᠤᠨ 2015 ᠤᠨ ᠤ ᠤᠯᠤᠰ ᠠᠷᠠᠤᠨ ᠤᠨ ᠠᠵᠤ ᠠᠬᠤᠢ ᠪᠤᠯᠤᠨ ᠨᠠᠶᠢᠬᠡᠮ ᠤᠨ ᠬᠦᠭᠵᠢᠯᠳᠠ ᠶᠢᠨ ᠲᠦᠯᠤᠪᠯᠡᠭᠡ ᠶᠢᠨ | ᠲᠦᠰᠤᠯ ᠤᠨ ᠮᠡᠳᠡᠬᠦᠯᠤᠯᠳᠠ | | | — 2015 ᠤᠨ 2 ᠰᠠᠷ᠎ᠠ ᠶᠢᠨ 11 ᠤ ᠡᠳᠤᠷ ᠤᠳᠤᠭ ᠤᠨ ᠡᠮᠤᠨᠡᠳᠤ ᠬᠤᠰᠢᠭᠤᠨ ᠤ ᠶᠢᠰᠤᠳᠤᠬᠡᠷ ᠬᠤᠭᠤᠴᠠᠭᠠᠨ ᠤ ᠠᠷᠠᠤᠨ ᠤᠨ ᠲᠦᠯᠤᠬᠡᠯᠡᠭᠴᠢᠤᠨ | ᠤᠨ ᠶᠡᠭᠡ ᠬᠤᠷᠠᠯ ᠤᠨ ᠲᠦᠷᠪᠡᠳᠦᠭᠡᠷ ᠬᠤᠷᠠᠯᠳᠤᠭᠠᠨ ᠳᠡᠬᠡᠷ᠎ᠠ | | | ᠤᠳᠤᠭ ᠤᠨ ᠡᠮᠤᠨᠡᠳᠤ ᠬᠤᠰᠢᠭᠤᠨ ᠤ ᠬᠦᠭᠵᠢᠬᠦᠯᠤᠯᠳᠠ ᠪᠤᠯᠤᠨ ᠦᠬᠡᠷᠡᠴᠢᠯᠠᠯᠳᠠ ᠶᠢᠨ ᠳᠤᠪᠴᠢᠶ᠎ᠠ | | ᠲᠦᠯᠤᠬᠡᠯᠡᠭᠴᠢᠤᠨ ᠡ ᠄ | ᠬᠤᠰᠢᠭᠤ ᠵᠠᠰᠠᠭ ᠤᠨ ᠤᠷᠳᠤᠨ ᠤ ᠨᠠᠶᠢᠳᠠᠯᠭ᠎ᠠ ᠪᠠᠷ ᠶᠡᠭᠡ ᠬᠤᠷᠠᠯ ᠳᠤ ᠤᠳᠤᠭ ᠤᠨ ᠡᠮᠤᠨᠡᠳᠤ ᠬᠤᠰᠢᠭᠤᠨ ᠤ 2014 ᠤᠨ ᠤ ᠤᠯᠤᠰ ᠠᠷᠠᠤᠨ ᠤᠨ ᠠᠵᠤ ᠠᠬᠤᠢ | ᠪᠤᠯᠤᠨ ᠨᠠᠶᠢᠬᠡᠮ ᠤᠨ ᠬᠦᠭᠵᠢᠯᠳᠠ ᠶᠢᠨ ᠲᠦᠯᠤᠪᠯᠡᠭᠡ ᠶᠢ ᠬᠡᠷᠡᠭᠵᠢᠬᠦᠯᠦᠭᠰᠡᠨ ᠪᠠᠶᠢᠳᠠᠯ ᠬᠢᠬᠡᠤᠨ 2015 ᠤᠨ ᠤ ᠤᠯᠤᠰ ᠠᠷᠠᠤᠨ ᠤᠨ ᠠᠵᠤ ᠠᠬᠤᠢ ᠪᠤᠯᠤᠨ | ᠨᠠᠶᠢᠬᠡᠮ ᠤᠨ ᠬᠦᠭᠵᠢᠯᠳᠠ ᠶᠢᠨ ᠲᠦᠯᠤᠪᠯᠡᠭᠡ ᠶᠢᠨ ᠳᠦᠰᠤᠯ ᠤᠨ ᠮᠡᠳᠡᠬᠦᠯᠤᠯᠳᠠ ᠬᠢᠶ᠎ᠠ᠃ ᠲᠥᠯᠥᠭᠡᠯᠡᠭᠴᠢᠳ ᠬᠢᠨᠠᠨ ᠵᠥᠪᠯᠡᠵᠥ᠂ ᠬᠤᠰᠢᠭᠤᠨ ᠤ ᠤᠯᠤᠰ ᠲᠦᠷᠤ | ᠶᠢᠨ ᠵᠦᠪᠯᠡᠯᠬᠡᠨ ᠤ ᠬᠡᠰᠢᠬᠦᠤᠨ ᠪᠤᠯᠤᠨ ᠰᠤᠯᠠ ᠤᠷᠤᠯᠴᠠᠭᠰᠠᠤᠨ ᠰᠠᠨᠠᠯ ᠢᠶᠠᠨ ᠳᠡᠪᠰᠢᠬᠦᠯᠬᠦ ᠪᠤᠯᠪᠠᠤ᠃ | ᠨᠢᠬᠡ᠂ 2014 ᠤᠨ ᠤ ᠤᠯᠤᠰ ᠠᠷᠠᠤᠨ ᠤᠨ ᠠᠵᠤ ᠠᠬᠤᠢ ᠪᠤᠯᠤᠨ ᠨᠠᠶᠢᠬᠡᠮ ᠤᠨ ᠬᠦᠭᠵᠢᠯᠳᠠ ᠶᠢᠨ ᠲᠦᠯᠦᠪᠯᠡᠭᠡ ᠶᠢ ᠬᠡᠷᠡᠭᠵᠢᠬᠦᠯᠦᠭᠰᠡᠨ ᠪᠠᠶᠢᠳᠠᠯ | 2014 ᠤᠨ ᠳᠤ ᠬᠤᠰᠢᠭᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠤ ᠵᠥᠪ ᠤᠨᠤᠪᠴᠢᠳᠠᠢ ᠤᠳᠤᠷᠢᠳᠤᠯᠭ᠎ᠠ ᠪᠤᠯᠤᠨ ᠬᠤᠰᠢᠭᠤᠨ ᠤ ᠠᠷᠠᠤᠨ ᠤᠨ | ᠲᠦᠯᠦᠬᠡᠯᠡᠭᠴᠢᠤᠨ ᠤᠨ ᠪᠠᠶᠢᠩᠭᠤ ᠶᠢᠨ ᠬᠤᠷᠢᠶ᠎ᠠ᠂ ᠤᠯᠤᠰ ᠲᠦᠷᠤ ᠶᠢᠨ ᠵᠦᠪᠯᠡᠯᠭᠡᠨ ᠤ ᠬᠢᠨᠠᠯᠳᠠ ᠳᠡᠮᠵᠢᠯᠬᠡ ᠳᠤᠤᠷ᠎ᠠ ᠪᠦᠬᠦ ᠬᠤᠰᠢᠭᠤ ᠪᠠᠷ ᠢᠶᠠᠨ ᠨᠠᠮ ᠤᠨ ᠠᠷᠪᠠᠨ | ᠨᠠᠢᠮᠠᠳᠤᠭᠠᠷ ᠶᠡᠭᠡ ᠬᠤᠷᠠᠯ ᠪᠣᠯᠣᠨ ᠠᠷᠪᠠᠨ ᠨᠠᠢᠮᠠᠳᠤᠭᠠᠷ ᠬᠤᠭᠤᠴᠠᠭᠠᠨ ᠤ ᠭᠤᠷᠪᠡ᠂ ᠲᠦᠷᠪᠡᠳᠦᠭᠡᠷ ᠪᠦᠭᠦᠳᠠ ᠬᠤᠷᠠᠯᠳᠤᠭᠠᠨ ᠵᠢᠴᠢ ᠥᠪᠡᠷᠳᠡᠭᠡᠨ ᠵᠠᠰᠠᠬᠤ ᠤᠷᠤᠨ | ᠤ ︽8337︾ ᠭᠥᠭᠵᠢᠭᠦᠯᠥᠯᠳᠡ ᠶᠢᠨ ᠰᠡᠳᠬᠢᠮᠵᠢ ᠶᠢ ᠪᠥᠭᠦ ᠲᠠᠯ᠎ᠠ ᠪᠠᠷ ᠲᠤᠤᠱᠯᠠᠭᠤᠯᠵᠤ᠂ ᠬᠤᠰᠢᠭᠤ ᠨᠠᠮ ᠤᠨ ᠬᠤᠷᠢᠶ᠎ᠠ ᠵᠠᠰᠠᠭ ᠤᠨ ᠤᠷᠳᠤᠨ ᠤ ᠡᠯ᠎ᠡ | ᠲᠥᠷᠥᠯ ᠤᠨ ᠰᠢᠢᠳᠪᠥᠷᠢ ᠪᠠᠶᠢᠷᠢᠰᠢᠯᠠᠭᠤᠯᠤᠯᠳᠠ ᠶᠢ ᠭᠥᠨᠵᠡᠭᠡᠢ ᠨᠠᠶᠢᠳᠠᠪᠤᠷᠢᠵᠢᠭᠤᠯᠤᠨ᠂ ᠠᠵᠤ ᠠᠬᠤᠢ ᠶᠢᠨ ᠤᠳᠠᠭᠠᠰᠢᠷᠠᠯ ᠤᠨ ᠲᠠᠷᠤᠯᠳᠠ ᠲᠤᠤᠷ᠎ᠠ ᠬᠤᠰᠢᠭᠤ | ᠶᠢᠰᠥᠳᠥᠭᠡᠷ ᠬᠤᠭᠤᠴᠠᠭᠠᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠭᠤᠷᠪᠠᠳᠤᠭᠠᠷ ᠬᠤᠷᠠᠯᠳᠤᠭᠠᠨ ᠢᠶᠠᠷ ᠲᠤᠭᠳᠠᠭᠠᠭᠰᠠᠨ ᠡᠯ᠎ᠡ ᠲᠥᠷᠥᠯ ᠤᠨ | ᠬᠠᠷᠠᠯᠳᠠ ᠡᠭᠦᠷᠭᠡ ᠶᠢ ᠨᠡᠯᠢᠶᠡᠳ ᠰᠠᠶᠢᠨ ᠪᠡᠶᠡᠯᠡᠭᠦᠯᠥᠭᠰᠡᠨ ᠪᠠᠶᠢᠨ᠎ᠠ᠃ | ︵ᠨᠢᠭᠡ︶ ᠭᠥᠭᠵᠢᠯᠳᠡ ᠶᠢᠨ ᠨᠥᠭᠡᠴᠡ ᠭᠥᠴᠥᠨ ᠥᠷᠭᠦᠯᠵᠢᠯᠡᠨ ᠴᠢᠩᠭᠠᠳᠬᠠᠴᠦ᠂ ᠠᠵᠤ ᠠᠬᠤᠢ ᠶᠢᠨ ᠨᠡᠮᠡᠭᠳᠡᠯ ᠰᠢᠨ᠎ᠡ ᠬᠠᠨᠳᠣᠰᠢ ᠲᠠᠢ ᠪᠣᠯᠪᠠ | 2014 ᠣᠨ ᠳᠤ ᠪᠥᠭᠦ ᠬᠤᠰᠢᠭᠤᠨ ᠤ ᠭᠠᠵᠠᠷ ᠤᠷᠤᠨ ᠤ ᠥᠢᠯᠡᠳᠪᠥᠷᠢᠯᠡᠯ ᠤᠨ ᠶᠡᠷᠥᠩᠭᠡᠢ ᠥᠷᠳᠡᠭ ᠢ 127.34 ᠳ᠋ᠥᠩᠰᠢᠭᠤᠷ ᠲᠦᠬᠦᠷᠢᠭ ᠪᠡᠶᠡᠯᠡᠭᠦᠯᠵᠣ | ᠂ ᠠᠳᠠᠯᠢ ᠬᠤᠭᠤᠴᠠᠭᠠᠨ ᠤ ᠬᠢ ᠠᠴᠠ 7.8%ᠨᠡᠮᠡᠭᠳᠡᠪᠠ᠃ ᠡᠭᠦᠨ ᠳᠤ᠂ ᠨᠢᠭᠡᠳᠦᠭᠡᠷ ᠠᠵᠣ ᠣᠶᠢᠯᠠᠰ ᠤᠨ ᠨᠡᠮᠡᠭᠳᠠᠯ ᠦᠷᠳᠡᠭ ᠢ 11.31 ᠳ᠋ᠥᠩᠰᠢᠭᠤᠷ | ᠲᠥᠭᠦᠷᠢᠭ ᠪᠡᠶᠡᠯᠡᠭᠦᠯᠵᠣ᠂ ᠠᠳᠠᠯᠢ ᠬᠤᠭᠤᠴᠠᠭᠠᠨ ᠤ ᠬᠢ ᠠᠴᠠ 4.0% ᠨᠡᠮᠡᠭᠳᠡᠪᠠ︔ ᠬᠤᠶᠠᠳᠦᠭᠠᠷ ᠠᠵᠣ ᠣᠶᠢᠯᠠᠰ ᠤᠨ ᠨᠡᠮᠡᠭᠳᠠᠯ ᠦᠷᠳᠡᠭ ᠢ 80.32 | ᠳ᠋ᠥᠩᠰᠢᠭᠤᠷ ᠲᠦᠬᠦᠷᠢᠭ ᠪᠡᠶᠡᠯᠡᠭᠦᠯᠵᠣ᠂ ᠠᠳᠠᠯᠢ ᠬᠤᠭᠤᠴᠠᠭᠠᠨ ᠤ ᠬᠢ ᠠᠴᠠ 9.3% ᠨᠡᠮᠡᠭᠳᠡᠪᠡ︔ ᠭᠤᠷᠪᠠᠳᠦᠭᠠᠷ ᠠᠵᠣ ᠣᠶᠢᠯᠠᠰ ᠤᠨ ᠨᠡᠮᠡᠭᠳᠡᠯ ᠦᠷᠳᠡᠭ ᠢ | 35.71 ᠳ᠋ᠥᠩᠰᠢᠭᠤᠷ ᠲᠦᠭᠦᠷᠢᠭ ᠪᠡᠶᠡᠯᠡᠭᠦᠯᠵᠣ᠂ ᠠᠳᠠᠯᠢ ᠬᠤᠭᠤᠴᠠᠭᠠᠨ ᠤ ᠬᠢ ᠠᠴᠠ 5.9% ᠨᠡᠮᠡᠭᠳᠡᠪᠡ︔ ᠨᠡᠶᠢᠳᠡ ᠶᠢᠨ ᠡᠳ᠋ ᠤᠨ ᠵᠠᠰᠠᠭ ᠤᠨ ᠲᠥᠰᠥᠪ | ᠤᠨ ᠤᠷᠤᠯᠭ᠎ᠠ ᠶᠢ 14.7 ᠳ᠋ᠥᠩᠰᠢᠭᠤᠷ ᠲᠥᠭᠦᠷᠢᠭ ᠪᠡᠶᠡᠯᠡᠭᠦᠯᠵᠣ᠂ ᠠᠳᠠᠯᠢ ᠬᠤᠭᠤᠴᠠᠭᠠᠨ ᠤ ᠬᠢ ᠠᠴᠠ 26% ᠨᠡᠮᠡᠭᠳᠡᠪᠡ︔ ᠲᠤᠭᠳᠠᠮᠠᠯ ᠭᠥᠷᠥᠩᠭᠡ ᠶᠢᠨ | ᠪᠡᠯᠡ ᠤᠷᠤᠭᠤᠯᠤᠯᠳᠠ ᠶᠢ 280 ᠳ᠋ᠥᠩᠰᠢᠭᠤᠷ ᠲᠥᠭᠦᠷᠢᠭ ᠪᠡᠶᠡᠯᠡᠭᠦᠯᠵᠥ᠂ ᠠᠳᠠᠯᠢ ᠬᠤᠭᠤᠴᠠᠭᠠᠨ ᠤ ᠬᠢ ᠠᠴᠠ 21.2% ᠨᠡᠮᠡᠭᠳᠡᠪᠡ︔ ᠨᠡᠶᠢᠭᠡᠮ ᠤᠨ | ᠬᠡᠷᠡᠭᠯᠡᠭᠡᠨ ᠤ ᠲᠠᠸᠠᠷ ᠤᠨ ᠵᠢᠵᠢᠭᠯᠡᠨ ᠪᠣᠷᠣᠯᠠᠭᠤᠯᠣᠭᠰᠠᠨ ᠶᠡᠷᠣᠩᠬᠡᠢ ᠥᠷᠳᠡᠭ ᠢ 19 ᠳ᠋ᠥᠩᠰᠢᠭᠤᠷ ᠲᠥᠭᠦᠷᠢᠭ ᠪᠡᠶᠡᠯᠡᠭᠦᠯᠵᠣ᠂ ᠠᠳᠠᠯᠢ ᠬᠤᠭᠤᠴᠠᠭᠠᠨ ᠤ ᠬᠢ ᠠᠴᠠ | 18.8% ᠨᠡᠮᠡᠭᠳᠡᠪᠡ︔ ᠬᠤᠳᠠ ᠭᠥᠳᠡᠭᠡ ᠶᠢᠨ ᠰᠠᠭᠤᠭᠠᠯᠢ ᠠᠷᠠᠳ ᠤᠨ ᠡᠵᠡᠮᠳᠡᠵᠥ ᠪᠤᠯᠬᠤ ᠤᠷᠤᠯᠭ᠎ᠠ ᠶᠢ ᠲᠤᠰ ᠪᠥᠷᠢ 33096 ᠲᠥᠭᠦᠷᠢᠭ ᠪᠠ 13477 | ᠲᠥᠭᠦᠷᠢᠭ ᠭᠥᠷᠭᠡᠵᠥ᠂ ᠠᠳᠠᠯᠢ ᠬᠤᠭᠤᠴᠠᠭᠠᠨ ᠤ ᠬᠢ ᠠᠴᠠ ᠲᠤᠰ ᠪᠥᠷᠢ 9.5% ᠪᠠ 10.8% ᠨᠡᠮᠡᠭᠳᠡᠪᠡ᠃ ᠬᠦᠭᠵᠢᠯᠳᠡ ᠶᠢᠨ ᠲᠠᠯᠳᠠ ᠨᠥᠯᠥᠭᠡᠯᠡᠯ | ᠭᠥᠴᠥᠨ ᠤᠯᠠᠮ ᠴᠢᠩᠭᠠᠳᠴᠤ᠂ ᠣᠯᠣᠰ ᠤᠨ ᠲᠡᠰ ᠤᠨ ᠪᠣᠯᠪᠠᠰᠦᠨ ᠬᠤᠰᠢᠭᠤ ᠶᠢᠨ ᠨᠡᠷ᠎ᠡ ᠲᠤᠷᠠᠳᠤᠯᠭ᠎ᠠ ᠳᠤ ᠵᠢᠭᠰᠠᠵᠤ᠂ ︽ᠲᠤᠮᠳᠠᠳᠤ ᠤᠯᠤᠰ ᠤᠨ ᠤᠷᠳᠤᠰ | ᠪᠥᠭᠡ ᠶᠢᠨ ᠥᠯᠥᠭᠡᠢ︾ ᠶᠢᠨ ᠴᠤᠯᠠ ᠭᠥᠷᠳᠡᠭᠡᠯ ᠤᠯᠤᠨ᠂ ᠭᠠᠵᠠᠷ ᠤᠷᠤᠨ ᠤ ᠨᠡᠷ᠎ᠡ ᠠᠯᠳᠠᠷᠰᠢᠯ ᠮᠠᠨᠳᠤᠪᠠ᠃ | ︵ᠬᠤᠶᠠᠷ︶ ᠠᠵᠣ ᠣᠶᠢᠯᠠᠰ ᠤᠨ ᠪᠦᠳᠦᠴᠡ ᠶᠢ ᠦᠷᠭᠦᠯᠵᠢᠯᠡᠨ ᠰᠢᠯᠢᠳᠡᠭᠵᠢᠭᠦᠯᠵᠣ᠂ ᠬᠡᠯᠪᠡᠷᠢ ᠶᠢ ᠬᠤᠪᠢᠷᠠᠭᠤᠯᠤᠨ ᠭᠥᠭᠵᠢᠭᠦᠯᠭᠦ ᠰᠢᠨ᠎ᠡ ᠠᠯᠬᠤᠮ | ᠡᠬᠢᠯᠡᠭᠦᠯᠪᠡ | ᠭᠤᠤᠯᠳᠠᠯᠭᠠᠳᠤ ᠲᠥᠷᠥᠯ ᠵᠥᠢᠯ ᠯᠠᠪᠳᠠᠭᠤᠨ ᠠᠬᠢᠵᠣ᠂ ᠭᠥᠭᠵᠢᠯᠳᠡ ᠶᠢᠨ ᠨᠥᠭᠡᠴᠡ ᠭᠥᠴᠥᠨ ᠢᠯᠡᠷᠭᠡᠢ ᠨᠡᠮᠡᠭᠳᠡᠪᠡ᠃ ︽ᠱᠠᠩᠬᠠᠢ ᠶᠢᠨ ᠰᠥᠮ᠎ᠡ ᠠᠴᠠ | ᠱᠠᠨᠳᠦ᠋ᠩ ᠬᠦᠷᠭᠦ±800 ᠺᠢᠯᠤᠸᠤᠯᠲ ᠤᠨ ᠴᠠᠬᠢᠯᠭᠠᠨ ᠲᠠᠮᠵᠢᠭᠤᠯᠬᠤ ᠱᠤᠭᠤᠮ ᠪᠦᠬᠦ ᠣᠯᠣᠰ ᠤᠨ 12 ᠴᠠᠬᠢᠯᠭᠠᠨ ᠱᠤᠭᠤᠮ ᠤᠨ ᠨᠢᠭᠡ ᠪᠤᠯᠵᠤ᠂ ᠤᠳᠤ ᠲᠤᠰ | ᠲᠥᠷᠥᠯ ᠵᠥᠢᠯ ᠤᠨ ᠬᠢᠨᠠᠨ ᠵᠥᠪᠰᠢᠶᠡᠷᠡᠯ ᠳᠤ ᠭᠡᠷᠡᠭᠰᠡᠭᠦ ᠥᠪᠡᠷᠳᠡᠭᠡᠨ ᠵᠠᠰᠠᠬᠤ ᠤᠷᠤᠨ ᠤ 12 ᠲᠥᠷᠥᠯ ᠤᠨ ᠪᠢᠴᠢᠭ ᠮᠠᠲ᠋ᠧᠷᠢᠶᠠᠯ ᠠᠴᠠ ᠨᠢᠭᠡᠨᠳᠡ 7 ᠶᠢ ᠨᠢ | ᠵᠥᠪᠰᠢᠶᠡᠷᠡᠭᠦᠯᠵᠥ᠂ ᠥᠯᠡᠳᠡᠭᠰᠡᠨ ᠭᠠᠵᠠᠷ ᠵᠠᠮ ᠱᠤᠭᠤᠮ ᠰᠤᠩᠭᠤᠬᠤ ᠲᠥᠯᠥᠪᠯᠡᠭᠡ᠂ ᠭᠠᠵᠠᠷ ᠰᠢᠷᠥᠢ ᠭᠡᠷᠡᠭᠯᠡᠭᠦ ᠬᠢᠨᠠᠯ᠂ ᠨᠡᠶᠢᠭᠡᠮ ᠤᠨ ᠠᠮᠤᠷ ᠲᠤᠭᠳᠠᠭᠤᠨ ᠤ | ᠵᠢᠱᠢᠯᠳᠠ᠂ ᠰᠢᠬᠢᠷ ᠡᠪᠡᠰᠥᠨ ᠬᠠᠮᠠᠭᠠᠯᠠᠯᠳᠠ ᠶᠢᠨ ᠤᠷᠤᠨ ᠲᠤᠭᠤᠯᠬᠤ ᠵᠥᠪᠰᠢᠶᠡᠷᠡᠯ᠂ ᠠᠭᠤᠷᠬᠠᠢ ᠶᠢᠨ ᠲᠡᠭᠡᠭᠦᠷ ᠭᠠᠷᠬᠤ ᠴᠤᠬᠤᠯᠳᠠ ᠵᠡᠷᠭᠡ 5 ᠲᠥᠷᠥᠯ ᠤᠨ | ᠠᠵᠢᠯ ᠤᠷᠤᠭᠰᠢᠳᠠᠢ ᠠᠬᠢᠨ᠂ ᠠᠩᠬ᠎ᠠ ᠠᠯᠬᠤᠮ ᠤᠨ ᠲᠥᠯᠥᠪᠯᠡᠭᠡ ᠪᠡᠯᠡᠳᠭᠡᠯ ᠨᠢᠭᠡᠨᠳᠡ ᠡᠬᠢᠯᠡᠵᠥ᠂ ᠬᠠᠮᠢᠶ᠎ᠠ ᠪᠥᠭᠦᠢ ᠲᠥᠯᠥᠪᠯᠡᠭᠡᠨ ᠤ ᠨᠢᠭᠡᠴᠢ ᠴᠤ ᠪᠤᠳᠠᠳᠠᠢ | ᠭᠠᠵᠠᠷ ᠲᠤ ᠨᠢ ᠬᠠᠶᠢᠯᠳᠠ ᠪᠠᠶᠢᠴᠠᠭᠠᠯᠳᠠ ᠬᠢᠵᠥ ᠪᠤᠢ︔ ᠡᠭᠦᠨ ᠠᠴᠠ ᠭᠠᠳᠠᠨ᠎ᠠ᠂ ᠤᠯᠤᠰ ᠤᠨ ᠴᠠᠬᠢᠯᠭᠠᠨ ᠪᠥᠯᠥᠭᠯᠡᠯ ᠤᠨ ᠱᠤᠸᠠᠩ ᠸᠧᠢ᠂ ᠱᠧᠨ ᠬᠤᠸᠠ ᠶᠢᠨ | ᠤᠯᠤᠰ ᠤᠨ ᠡᠨᠧᠷᠬᠢ᠂ ᠱᠧᠩ ᠯᠤ᠋ ᠶᠢᠨ ᠡᠨᠧᠷᠬᠢ ᠬᠢᠮᠢ᠂ ᠣᠮᠠᠷᠠᠳᠦ ᠶᠢᠨ ᠴᠠᠬᠢᠯᠭᠠᠨ ᠭᠥᠴᠥᠨ ᠺᠤᠮᠫᠠᠨᠢ᠂ ᠦᠪᠣᠷ ᠮᠣᠩᠭᠤᠯ ᠤᠨ ᠣᠯᠣᠰ ᠤᠨ ᠴᠠᠬᠢᠯᠭᠠᠨ ᠡᠨᠧᠷᠬᠢ | ᠶᠢᠨ ᠶᠡᠷᠦᠩᠭᠡᠢ ᠬᠡᠪᠴᠢᠶᠡᠵᠢᠯ ᠨᠢ 1000 ᠲᠦᠮᠡᠨ ᠺᠢᠯᠤᠸᠠᠲ ᠤᠨ ᠨᠡᠭᠦᠷᠡᠰᠥᠨ ᠴᠠᠬᠢᠯᠭᠠᠨ ᠤ ᠲᠦᠷᠦᠯ ᠵᠣᠶᠢᠯ ᠢ ᠨᠢᠭᠡᠨᠳᠠ ᠣᠯᠣᠰ ᠤᠨ ᠭᠥᠭᠵᠢᠭᠦᠯᠥᠯᠳᠡ | ᠥᠭᠡᠷᠡᠴᠢᠯᠡᠯᠳᠡ ᠶᠢᠨ ᠵᠥᠪᠯᠡᠯ ᠳᠤ ᠮᠡᠳᠡᠭᠦᠯᠪᠡ︔ ᠬᠤᠸᠠ ᠰᠢᠩ ᠤᠨ 40 ᠳ᠋ᠥᠩᠰᠢᠭᠤᠷ ᠺᠥᠪ ᠮᠧᠲᠷ ᠤᠨ ᠨᠡᠭᠦᠷᠡᠰᠤ ᠪᠠᠷ ᠰᠢᠳᠠᠮᠠᠬᠠᠢ ᠭᠡᠢ ᠥᠢᠯᠡᠳᠭᠦ ᠲᠥᠷᠥᠯ | ᠵᠣᠶᠢᠯ ᠨᠢ ᠨᠡᠶᠢᠭᠡᠮ ᠤᠨ ᠪᠡᠯᠡ ᠣᠷᠣᠯᠴᠠᠭᠤᠯᠵᠣ ᠡᠵᠡᠩᠨᠡᠭᠰᠡᠨ ᠣᠯᠣᠰ ᠤᠨ ᠠᠩᠬᠠᠳᠠᠭᠴᠢ ᠪᠦᠯᠦᠭ ᠲᠠᠭᠤᠷᠢᠶᠠᠯ ᠲᠦᠷᠦᠯ ᠵᠣᠶᠢᠯ ᠤᠨ ᠡᠩᠨᠡᠭᠡᠨ ᠳᠤ ᠪᠠᠭᠳᠠᠵᠤ | ᠤᠯᠤᠰ ᠤᠨ ᠭᠥᠭᠵᠢᠭᠦᠯᠥᠯᠳᠡ ᠥᠭᠡᠷᠡᠴᠢᠯᠡᠯᠳᠡ ᠶᠢᠨ ᠵᠥᠪᠯᠡᠯ ᠤᠨ《 ᠵᠠᠮ ᠤᠨ ᠭᠡᠷᠡᠴᠢ 》 ᠶᠢ ᠣᠯᠣᠨ᠂ ᠣᠳᠣ ᠶᠠᠭ ᠲᠦᠷᠦᠯ ᠵᠣᠶᠢᠯ ᠤᠨ ᠭᠤᠶᠣᠴᠢᠯᠡᠯ ᠢᠶᠠᠨ | ᠮᠡᠳᠡᠭᠦᠯᠵᠣ᠂ ᠣᠰᠣᠨ ᠤ ᠵᠢᠭᠠᠯᠳᠠ ᠪᠣᠯᠣᠨ ᠨᠡᠭᠦᠷᠡᠰᠦᠨ ᠡᠬᠢ ᠰᠤᠷᠪᠤᠯᠵᠢ ᠵᠡᠷᠭᠡ ᠴᠢᠬᠤᠯᠠ ᠵᠥᠢᠯ ᠤᠨ ᠪᠠᠳᠣᠯᠠᠭ᠎ᠠ ᠶᠢ ᠨᠠᠶᠢᠳᠠᠪᠤᠷᠢᠵᠢᠭᠤᠯᠤᠨ᠂ ᠭᠠᠵᠠᠷ ᠰᠢᠷᠦᠢ | ᠲᠠᠳᠠᠪᠤᠷᠢᠯᠠᠬᠤ ᠲᠡᠭᠰᠢᠯᠡᠭᠦ ᠵᠡᠷᠭᠡ ᠰᠠᠭᠤᠷᠢ ᠠᠵᠢᠯ ᠢ ᠪᠦᠬᠦ ᠲᠠᠯ᠎ᠠ ᠪᠠᠷ ᠡᠬᠢᠯᠡᠭᠦᠯᠪᠡ᠃ 130 ᠲᠥᠮᠡᠨ ᠲᠤᠨ ᠨᠢᠭᠳᠠᠵᠢᠭᠤᠯᠤᠨ ᠭᠡᠥᠷᠰᠢᠭᠦᠯᠭᠦ ᠬᠤᠶᠠᠳᠤᠭᠠᠷ | ᠬᠤᠭᠤᠴᠠᠭᠠᠨ ᠤ ᠢᠨᠵᠧᠨᠧᠷᠢᠩ᠂ ᠱᠢ ᠳ᠋ᠠ ᠪᠣᠬᠢᠷᠳᠣᠯ ᠦᠭᠡᠢ ᠡᠨᠧᠷᠬᠢ ᠶᠢᠨ 40 ᠲᠦᠮᠡᠨ ᠲᠣᠨ LNG᠂ ᠱᠢ ᠲᠠᠢ ᠶᠢᠨ 40 ᠲᠦᠮᠡᠨ ᠲᠣᠨ LNG ᠵᠡᠷᠭᠡ | ᠲᠦᠷᠦᠯ ᠵᠣᠶᠢᠯ ᠰᠢᠪᠳᠣᠷᠠᠭᠠᠨ ᠳᠠᠭᠠᠨ ᠣᠷᠣᠵᠣ᠂《 ᠠᠷᠪᠠᠨ ᠭᠤᠷᠪᠠᠳᠤᠭᠠᠷ ᠲᠠᠪᠤᠨ ᠵᠢᠯ 》 ᠤᠨ ᠲᠦᠯᠦᠪᠵᠢᠭᠦᠯᠭᠡ ᠲᠤᠭᠳᠠᠭᠠᠬᠤ ᠠᠵᠢᠯ ᠢ ᠪᠦᠬᠦ ᠲᠠᠯ᠎ᠠ ᠪᠠᠷ | ᠡᠬᠢᠯᠡᠭᠦᠯᠪᠡ︔《 ᠨᠢᠩ ᠳ᠋ᠦᠩ — ᠱᠠᠩᠬᠠᠢ ᠶᠢᠨ ᠰᠦᠮ᠎ᠡ ᠶᠢᠨ ᠣᠳᠣ ᠦᠶ᠎ᠡ ᠶᠢᠨ ᠨᠠᠭᠦᠷᠠᠰᠦᠨ ᠤ ᠨᠠᠷᠢᠯᠢᠭ ᠪᠣᠯᠪᠠᠰᠦᠷᠠᠭᠤᠯᠬᠤ ᠠᠵᠣ ᠣᠶᠢᠯᠠᠰ ᠤᠨ ᠲᠡᠰ | ᠲᠡᠪᠰᠢᠭᠦᠯᠬᠦ ᠲᠠᠭᠤᠷᠢᠶᠠᠯ ᠰᠠᠭᠤᠷᠢᠨ ᠭᠠᠵᠠᠷ ᠤᠨ ᠱᠠᠩᠬᠠᠢ ᠶᠢᠨ ᠰᠦᠮ᠎ᠠ ᠶᠢᠨ ᠬᠤᠪᠢᠶᠠᠷᠢ ᠲᠣᠭᠤᠷᠢᠭ ᠤᠨ ᠠᠵᠣ ᠣᠶᠢᠯᠠᠰ ᠤᠨ ᠬᠦᠭᠵᠢᠭᠦᠯᠦᠯᠳᠠ ᠶᠢᠨ | ᠲᠦᠯᠦᠪᠵᠢᠯᠭᠡ 》 ᠶᠢ ᠣᠯᠣᠰ ᠤᠨ ᠬᠦᠭᠵᠢᠭᠦᠯᠦᠯᠳᠠ ᠥᠭᠡᠷᠡᠴᠢᠯᠡᠯᠳᠡ ᠶᠢᠨ ᠵᠦᠪᠯᠡᠯ ᠳᠤ ᠮᠡᠳᠡᠭᠦᠯᠪᠡ᠃《 ᠱᠠᠩᠬᠠᠢ ᠶᠢᠨ ᠰᠦᠮ᠎ᠠ ᠣᠯᠣᠰ ᠤᠨ ᠠᠮᠢ ᠠᠬᠤᠶᠢᠴᠢ | ᠠᠵᠣ ᠣᠶᠢᠯᠠᠳᠪᠦᠷᠢ ᠶᠢᠨ ᠲᠠᠭᠤᠷᠢᠶᠠᠯ ᠦᠵᠡᠭᠦᠯᠭᠦ ᠬᠦᠷᠢᠶᠡᠯᠡᠩ ᠲᠣᠭᠤᠷᠢᠭ ᠢ ᠪᠦᠳᠦᠭᠡᠨ ᠪᠠᠶᠢᠭᠤᠯᠬᠤ ᠲᠦᠯᠦᠪᠵᠢᠭᠦᠯᠭᠡ 》 ᠴᠤᠬᠤᠯᠠᠪᠤᠷᠢᠯᠠᠯ ᠣᠯᠵᠣ᠂ | ᠦᠪᠡᠷᠳᠡᠭᠡᠨ ᠵᠠᠰᠠᠬᠤ ᠣᠷᠣᠨ ᠤ ᠠᠩᠬᠠᠳᠠᠭᠴᠢ ᠣᠯᠣᠰ ᠤᠨ ᠠᠮᠢ ᠠᠬᠤᠶᠢᠴᠢ ᠠᠵᠣ ᠣᠶᠢᠯᠠᠳᠪᠦᠷᠢ ᠤᠨ ᠲᠠᠭᠤᠷᠢᠶᠠᠯ ᠬᠦᠷᠢᠶᠡᠯᠡᠩ ᠲᠣᠭᠤᠷᠢᠭ ᠪᠣᠯᠵᠣ᠂ | ᠦᠪᠡᠷᠳᠡᠭᠡᠨ ᠵᠠᠰᠠᠬᠤ ᠣᠷᠣᠨ ᠤ ᠬᠠᠳᠣᠨ ᠭᠤᠣᠯ ᠲᠠᠭᠠᠤ ᠠᠵᠤ ᠠᠬᠤᠢ ᠶᠢᠨ ᠪᠥᠰᠡ ᠶᠢᠨ ᠴᠢᠬᠤᠯᠡ ᠠᠵᠣ ᠣᠶᠢᠯᠠᠳᠪᠦᠷᠢ ᠤᠨ ᠬᠦᠷᠢᠶᠡᠯᠡᠩ ᠲᠣᠭᠤᠷᠢᠭ ᠤᠨ ᠨᠢᠭᠡ | ᠪᠣᠯᠪᠠ᠃ ᠪᠦᠬᠦ ᠬᠤᠰᠢᠭᠤᠨ ᠤ ᠨᠡᠭᠦᠷᠡᠰᠦ᠂ ᠨᠡᠭᠦᠷᠡᠰᠦᠨ ᠬᠢᠮᠢ᠂ ᠰᠢᠳᠠᠮᠬᠠᠢ ᠬᠡᠢ ᠶᠢᠨ ᠭᠠᠷᠣᠯᠳᠠ ᠲᠣᠰ ᠪᠦᠷᠢ 1005 ᠲᠦᠮᠡᠨ ᠲᠣᠨ᠂ 90 ᠲᠦᠮᠡᠨ ᠲᠣᠨ | ᠪᠣᠯᠣᠨ 50 ᠳ᠋ᠥᠩᠰᠢᠭᠤᠷ ᠺᠥᠪ ᠮᠧᠲᠷ ᠬᠦᠷᠴᠣ᠂ ᠠᠵᠣ ᠣᠶᠢᠯᠠᠳᠪᠦᠷᠢ ᠶᠢᠨ ᠭᠡᠷᠡᠭᠯᠡᠭᠡᠨ ᠤ ᠴᠠᠬᠢᠯᠭᠠᠨ ᠬᠡᠮᠵᠢᠶ᠎ᠡ 5.5% ᠨᠡᠮᠡᠭᠳᠡᠪᠡ᠃ | ᠬᠤᠳᠠ ᠪᠠᠯᠭᠠᠰᠦ ᠢ ᠢᠵᠢ ᠴᠤᠭᠴᠠᠵᠢᠭᠤᠯᠤᠨ ᠵᠤᠬᠢᠴᠠᠩᠭᠤᠢ ᠭᠥᠭᠵᠢᠭᠦᠯᠵᠥ᠂ ᠠᠵᠤ ᠣᠶᠢᠯᠠᠰᠵᠢᠯᠳᠠ ᠲᠠᠰᠦᠷᠠᠯᠳᠠ ᠦᠭᠡᠢ ᠲᠥᠷᠭᠡᠳᠪᠡ᠃ ᠬᠤᠳᠠ ᠭᠥᠳᠡᠭᠡ ᠶᠢ | ᠨᠢᠭᠡᠳᠥᠯᠳᠡᠢ ᠲᠥᠯᠥᠪᠵᠢᠭᠦᠯᠭᠦ ᠲᠤᠷᠰᠢᠯᠳᠠ ᠶᠢᠨ ᠴᠡᠭ ᠤᠨ ᠪᠠᠶᠢᠭᠤᠯᠤᠯᠳᠠ ᠶᠢᠨ ᠢᠨᠵᠧᠨᠧᠷᠢᠩ ᠢ ᠪᠠᠳᠦ ᠴᠢᠩᠭᠠᠳᠬᠠᠵᠣ᠂ ᠬᠦᠭᠵᠢᠯᠳᠠ ᠶᠢᠨ ᠪᠥᠳᠥᠴᠡ ᠨᠡᠩ | ᠰᠢᠯᠢᠳᠡᠭᠵᠢᠪᠡ᠃ ᠮᠠᠯᠵᠢᠬᠤ ᠲᠠᠷᠢᠶᠠᠯᠠᠬᠤ ᠣᠷᠣᠨ ᠤ ᠥᠮᠴᠢᠯᠡᠯ ᠤᠨ ᠡᠷᠬᠡ ᠶᠢᠨ ᠲᠦᠷᠢᠮ ᠪᠣᠯᠣᠨ ᠮᠦᠩᠭᠦᠨ ᠭᠦᠢᠯᠭᠡᠭᠡᠨ ᠤ ᠲᠦᠷᠢᠮ ᠤᠨ ᠥᠭᠡᠷᠡᠴᠢᠯᠡᠯᠳᠡ ᠶᠢ | ᠠᠬᠢᠭᠤᠯᠵᠣ᠂ ᠲᠦᠭᠰᠢᠭᠦᠷᠢᠳᠦ ᠲᠠᠭᠠᠭᠠᠯᠳᠠ ᠶᠢᠨ ᠰᠠᠭᠤᠷᠢ ᠮᠦᠩᠭᠦ ᠲᠤᠬᠢᠷᠠᠭᠤᠯᠤᠨ᠂ ᠮᠠᠯᠴᠢᠨ ᠲᠠᠷᠢᠶᠠᠴᠢᠨ ᠤ ᠲᠣᠰᠬᠠᠢ ᠬᠠᠮᠳᠤᠷᠠᠯ ᠬᠤᠷᠰᠢᠶ᠎ᠠ ᠪᠣᠯᠣᠨ ᠤᠳᠤ | ᠥᠶ᠎ᠡ ᠶᠢᠨ ᠭᠡᠷ ᠪᠦᠯᠢ ᠶᠢᠨ ᠮᠠᠯᠵᠢᠯ ᠲᠠᠷᠢᠶᠠᠯᠠᠯ ᠤᠨ ᠲᠠᠯᠠᠪᠡᠢ ᠶᠢ ᠭᠤᠣᠯᠯᠠᠨ ᠲᠡᠮᠵᠢᠵᠣ᠂ ᠭᠥᠳᠡᠭᠡ ᠲᠤᠰᠬᠤᠨ ᠤ ᠬᠦᠭᠵᠢᠯᠳᠠ ᠶᠢ ᠣᠯᠠᠮ ᠨᠢᠭᠡ ᠠᠯᠬᠤᠮ | ᠲᠦᠷᠭᠡᠳᠬᠡᠪᠡ᠃ ᠣᠯᠵᠠᠴᠢ ᠪᠠᠯᠭᠠᠰᠦ 313 ᠲᠦᠮᠡᠨ ᠺᠥᠸᠠᠳ᠋ ᠮᠧᠲᠷ ᠣᠶᠢᠵᠢᠭᠤᠯᠣᠯᠳᠠ ᠬᠢᠵᠥ᠂ ᠤᠶᠢᠵᠢᠭᠤᠯᠤᠭᠰᠠᠨ ᠨᠣᠷᠮ᠎ᠠ 38% ᠭᠥᠷᠪᠡ︔ ᠰᠤᠶᠤᠯ ᠤᠨ | ᠠᠵᠤ ᠥᠢᠯᠡᠰ ᠤᠨ ᠭᠥᠷᠢᠶᠡᠯᠠᠩ᠂ ᠶᠢᠨ ᠰᠢᠤ ᠯᠢ ᠳ᠋ᠤᠤ ᠲᠤᠭᠤᠷᠢᠭ᠂ ᠠᠵᠢᠯ ᠮᠡᠷᠭᠡᠵᠢᠯ ᠤᠨ ᠭᠥᠷᠢᠶᠡᠯᠠᠩ᠂ ᠶᠡᠷᠥᠩᠭᠡᠶᠢᠯᠡᠭᠰᠡᠨ ᠠᠰᠠᠷᠠᠮᠵᠢ ᠶᠢᠨ ᠭᠥᠷᠢᠶᠡᠯᠠᠩ ᠤᠨ | ᠪᠠᠶᠢᠭᠤᠯᠤᠯᠳᠠ ᠶᠢ ᠥᠨᠳᠥᠰᠥᠨ ᠳᠤ ᠪᠠᠨ ᠲᠠᠭᠤᠰᠬᠠᠪᠠ︔ ᠱᠠᠩᠬᠠᠢ ᠶᠢᠨ ᠰᠦᠮ᠎ᠡ ᠪᠠᠯᠭᠠᠰᠦ 2000 ᠲᠦᠮᠡᠨ ᠺᠥᠸᠠᠳ᠋ ᠮᠧᠲᠷ ᠣᠶᠢᠵᠢᠭᠤᠯᠣᠯᠳᠠ ᠬᠢᠵᠥ᠂ | ᠲᠦᠪᠯᠡᠷᠡᠩᠭᠦᠢ ᠲᠣᠯᠠᠭᠠᠯᠠᠭ᠎ᠠ ᠪᠡ ᠬᠡᠢ ᠬᠠᠩᠭᠠᠭᠰᠠᠨ ᠨᠣᠷᠮ᠎ᠠ 90% ᠲᠠᠪᠠᠨ᠂ ᠪᠣᠵᠠᠷ ᠣᠰᠣ ᠰᠢᠢᠳᠪᠦᠷᠢᠯᠡᠬᠦ ᠥᠢᠯᠡᠳᠪᠥᠷᠢ ᠠᠰᠢᠭᠯᠠᠯᠳᠠ ᠳᠤ ᠣᠷᠣᠪᠠ︔ | ᠪᠣᠷᠣᠪᠠᠯᠭᠠᠰᠦ ᠶᠢᠨ ᠨᠦᠭᠡᠴᠡ ᠠᠮᠦ ᠶᠢᠨ ᠬᠦᠮᠦᠷᠭᠡ ᠶᠢᠨ ᠭᠤᠣᠯ ᠴᠤᠭᠴᠠ ᠶᠢᠨ ᠪᠠᠷᠢᠯᠭ᠎ᠠ ᠲᠠᠭᠤᠰᠴᠦ᠂ ᠰᠠᠭᠤᠷᠢ ᠲᠥᠭᠦᠭᠡᠷᠤᠮᠵᠢ ᠶᠢᠨ ᠪᠠᠶᠢᠭᠤᠯᠤᠯᠳᠠ | ᠲᠠᠰᠤᠷᠠᠯᠳᠠ ᠥᠭᠡᠢ ᠲᠡᠭᠦᠯᠳᠡᠷᠵᠢᠪᠡ︔ ᠨᠠᠩᠰᠦ ᠪᠠᠯᠭᠠᠰᠦ ᠶᠢᠨ ᠵᠠᠮ ᠵᠡᠭᠡᠯᠢ᠂ ᠰᠢᠳᠠᠮᠬᠠᠢ ᠭᠡᠢ᠂ ᠣᠰᠣ ᠬᠠᠩᠭᠠᠬᠤ ᠬᠤᠭᠤᠯᠢ ᠵᠡᠷᠭᠡ ᠲᠥᠭᠦᠷ ᠲᠦᠬᠦᠭᠡᠷᠦᠮᠵᠢ | ᠠᠰᠢᠭᠯᠠᠯᠳᠠ ᠳᠤ ᠤᠷᠤᠪᠠ᠃ 6 ᠰᠢᠨ᠎ᠠ ᠮᠠᠶ᠋ᠢᠭ ᠤᠨ ᠠᠶᠢᠯ ᠲᠣᠰᠬᠤᠨ ᠪᠣᠯᠣᠨ ᠰᠠᠭᠤᠭᠠᠯᠢ ᠠᠷᠠᠳ ᠤᠨ ᠴᠡᠭ ᠤᠨ ᠵᠠᠮ᠂ ᠴᠠᠬᠢᠯᠭᠠᠨ᠂ ᠣᠰᠣ᠂ ᠬᠡᠢ ᠵᠡᠷᠭᠡ | ᠰᠠᠭᠤᠷᠢ ᠲᠦᠬᠦᠭᠡᠷᠦᠮᠵᠢ ᠪᠥᠷᠢᠳᠪᠡ᠃ ᠠᠷᠪᠢᠳᠠᠢ ᠤᠰᠤᠯᠠᠯᠳᠠ᠂ ᠬᠡᠪᠴᠢᠶᠡᠵᠢᠭᠰᠡᠨ ᠡᠵᠡᠩᠨᠡᠯᠳᠡ᠂ ᠡᠷᠴᠢᠮᠵᠢᠭᠰᠡᠨ ᠥᠢᠯᠡᠳᠪᠥᠷᠢᠯᠡᠯᠳᠠ ᠢ ᠭᠥᠴᠥᠯᠡᠨ ᠠᠬᠢᠭᠤᠯᠵᠤ᠂ | ᠤᠳᠤ ᠥᠶ᠎ᠡ ᠶᠢᠨ ᠮᠠᠯ ᠲᠠᠷᠢᠶᠠᠯᠠᠩ ᠤᠨ ᠰᠠᠭᠤᠷᠢᠨ ᠢ ᠥᠷᠭᠡᠳᠭᠡᠨ᠂ ᠮᠠᠯ ᠲᠠᠷᠢᠶᠠᠯᠠᠩ ᠤᠨ ᠪᠥᠳᠥᠭᠡᠭᠳᠡᠭᠦᠨ ᠪᠤᠯᠪᠠᠰᠤᠷᠠᠭᠤᠯᠬᠤ ᠲᠠᠶᠢᠴᠢᠯᠠᠭᠴᠢ ᠠᠵᠤ ᠠᠬᠤᠶᠢᠯᠠᠯ ᠢ | 3 ᠪᠤᠶᠢᠵᠢᠭᠤᠯᠤᠨ ᠪᠤᠵᠠᠭᠠᠶᠢᠷᠠᠭᠤᠯᠵᠤ᠂ ᠪᠥᠭᠦ ᠬᠤᠰᠢᠭᠤᠨ ᠤ ᠮᠠᠯ ᠲᠠᠷᠢᠶᠠᠯᠠᠩ ᠤᠨ ᠮᠠᠰᠢᠨᠴᠢᠯᠠᠯᠳᠠ ᠶᠢ 80% ᠲᠠᠪᠠᠭᠤᠯᠤᠨ᠂ ᠤᠳᠤ ᠥᠶ᠎ᠡ ᠶᠢᠨ ᠮᠠᠯ | ᠲᠠᠷᠢᠶᠠᠯᠠᠩ ᠤᠨ ᠭᠥᠭᠵᠢᠯᠳᠡ ᠶᠢᠨ ᠰᠠᠭᠤᠷᠢ ᠤᠯᠠᠮ ᠪᠠᠬᠢᠵᠢᠵᠤ᠂ ᠠᠵᠣ ᠣᠶᠢᠯᠠᠰᠵᠢᠯᠳᠡ ᠪᠠᠷ ᠲᠠᠶᠢᠴᠢᠯᠠᠭᠰᠠᠨ ᠦᠷ᠎ᠡ ᠠᠰᠢᠭ ᠢᠯᠡᠷᠬᠡᠢ ᠳᠡᠬᠡᠭᠰᠢᠯᠡᠪᠠ᠃ | ᠭᠤᠷᠪᠠᠳᠤᠭᠠᠷ ᠠᠵᠤ ᠥᠢᠯᠡᠰ ᠤᠯᠠᠮ ᠢᠶᠠᠷ ᠲᠡᠰ ᠲᠡᠪᠰᠢᠵᠣ᠂ ᠵᠢᠭᠤᠯᠴᠢᠯᠠᠯ᠂ ᠰᠣᠶᠣᠯ ᠢ ᠬᠠᠷᠢᠯᠴᠠᠨ ᠠᠭᠤᠰᠬᠠᠵᠣ ᠬᠦᠭᠵᠢᠭᠦᠯᠪᠡ᠃ ᠵᠢᠭᠤᠯᠴᠢᠯᠡᠯ ᠤᠨ | ᠣᠶᠢᠯᠠᠰ ᠤᠨ ᠬᠦᠭᠵᠢᠯᠳᠠ ᠶᠢ ᠬᠠᠷᠭᠠᠯᠵᠠᠬᠤ ᠲᠦᠷᠦ ᠶᠢᠨ ᠪᠣᠳᠣᠯᠭ᠎ᠠ ᠶᠢ ᠲᠣᠭᠳᠠᠭᠠᠵᠣ᠂ ᠬᠤᠰᠢᠭᠤᠨ ᠤ ᠰᠣᠶᠣᠯ ᠵᠢᠭᠤᠯᠴᠢᠯᠡᠯ ᠤᠨ ᠣᠶᠢᠯᠠᠰ ᠤᠨ ᠵᠦᠪᠯᠡᠯ ᠢ | ᠪᠠᠶᠢᠭᠤᠯᠤᠨ᠂ ᠶᠡᠭᠡ ᠲᠣᠯᠣᠨ᠂ ᠱᠠᠩᠬᠠᠢ ᠶᠢᠨ ᠰᠦᠮ᠎ᠡ ᠶᠢᠨ ᠨᠡᠷᠬᠢᠶᠠᠨᠳᠦ ᠲᠠᠯ᠎ᠠ ᠨᠣᠳᠤᠭ ᠤᠨ ᠵᠢᠭᠤᠯᠴᠢᠯᠠᠯ ᠤᠨ ᠣᠷᠣᠨ ᠢ ᠢᠷᠭᠠᠢ ᠶᠢᠨ ᠪᠢᠨ ᠾᠧ ᠰᠢᠨ᠎ᠠ | ᠳᠤᠭᠤᠷᠢᠭ ᠤᠨ ᠪᠦᠬᠦ ᠴᠠᠷᠭ᠎ᠠ ᠶᠢᠨ 5A ᠳᠡᠰ ᠤᠨ ᠦᠵᠡᠮᠵᠢ ᠶᠢᠨ ᠤᠷᠤᠨ ᠲᠠᠢ ᠠᠭᠤᠰᠬᠠᠨ ᠭᠥᠭᠵᠢᠭᠦᠯᠵᠥ᠂ ᠲᠤᠮᠤ ᠬᠡᠯᠪᠡᠷᠢ ᠶᠢᠨ ᠵᠢᠭᠤᠯᠴᠢᠯᠠᠯ ᠤᠨ | ᠣᠬᠠᠭᠤᠯᠬᠤ ᠠᠵᠢᠯᠯᠠᠭ᠎ᠠ᠂ ᠰᠥᠯᠵᠢᠶ᠎ᠡ ᠵᠠᠭᠤᠴᠢᠯᠠᠭᠤᠷ ᠤᠨ ᠣᠬᠠᠭᠤᠯᠭ᠎ᠠ ᠶᠢ ᠪᠠᠳᠠᠷᠠᠭᠤᠯᠤᠨ ᠵᠢᠭᠤᠯᠴᠢᠯᠡᠯ ᠤᠨ ᠰᠤᠷᠳᠠᠯᠴᠢᠯᠠᠯ ᠢ ᠴᠢᠩᠭᠠᠳᠬᠠᠵᠣ᠂ | 《ᠵᠢᠭᠤᠯᠴᠢᠯᠡᠯ ᠤᠨ ᠥᠵᠡᠮᠵᠢ ᠶᠢᠨ ᠵᠠᠮ᠂ ᠥᠵᠡᠰᠭᠦᠯᠡᠩᠳᠤ ᠰᠠᠶᠢᠬᠠᠨ ᠤᠳᠤᠭ ᠤᠨ ᠡᠮᠥᠨᠡᠳᠥ ᠬᠤᠰᠢᠭᠤ 》ᠵᠡᠷᠭᠡ ᠰᠢᠷᠢᠰ ᠪᠠᠶᠠᠷ ᠲᠣᠷᠠᠰᠬᠠᠯ ᠤᠨ ᠠᠵᠢᠯᠯᠠᠭ᠎ᠠ | ᠪᠠᠷ ᠤᠳᠤᠭ ᠤᠨ ᠡᠮᠥᠨᠡᠳᠥ ᠬᠤᠰᠢᠭᠤᠨ ᠤ ᠵᠢᠭᠤᠯᠴᠢᠯᠡᠯ ᠤᠨ ᠨᠡᠷ᠎ᠡ ᠠᠯᠳᠠᠷᠰᠢᠯ ᠢ ᠣᠯᠠᠮ ᠮᠠᠨᠳᠤᠭᠤᠯᠪᠠ᠃ ᠰᠣᠶᠣᠯ ᠤᠨ ᠣᠶᠢᠯᠠᠰ ᠤᠨ ᠬᠦᠷᠢᠶᠡᠯᠡᠩ ᠢ ᠡᠵᠡᠩᠨᠡᠵᠣ | ᠂ ᠦᠨᠳᠦᠰᠦᠳᠡᠨ ᠤ ᠭᠠᠷ ᠣᠷᠠᠯᠠᠯ ᠤᠨ ᠪᠥᠳᠥᠭᠡᠭᠳᠡᠭᠦᠨ ᠢᠶᠠᠷ ᠦᠨᠳᠦᠰᠦᠳᠡᠨ ᠤ ᠠᠵᠣ ᠣᠶᠢᠯᠠᠰ ᠤᠨ ᠬᠦᠭᠵᠢᠯᠳᠡ ᠶᠢ ᠠᠬᠢᠭᠤᠯᠪᠠ᠃ ᠶᠠᠨ ᠠᠨ ᠤ | ᠦᠨᠳᠦᠰᠦᠳᠡᠨ ᠤ ᠲᠡᠭᠡᠳᠦ ᠰᠣᠷᠭᠠᠭᠤᠯᠢ ᠶᠢᠨ ᠪᠣᠷᠣᠪᠠᠯᠭᠠᠰᠣᠨ ᠳᠤ ᠬᠢ ᠲᠣᠷᠠᠰᠬᠠᠯ ᠤᠨ ᠣᠷᠳᠣᠨ ᠤ ᠭᠤᠤᠯ ᠪᠠᠷᠢᠯᠭ᠎ᠠ ᠲᠡᠭᠦᠰᠴᠤ᠂ ᠲᠤᠳᠤᠷᠠᠬᠢ ᠲᠥᠯᠥᠪᠯᠡᠭᠡ | ᠴᠢᠮᠡᠭᠯᠡᠯ ᠢ ᠬᠢᠵᠥ ᠪᠤᠢ︔ ᠮᠦᠩᠭᠦᠨ ᠭᠦᠢᠯᠭᠡᠭᠡᠨ ᠤ ᠣᠷᠴᠢᠨ ᠣᠯᠠᠮ ᠰᠢᠯᠢᠳᠡᠭᠵᠢᠨ᠂ ᠪᠦᠬᠦ ᠬᠤᠰᠢᠭᠤᠨ ᠳᠤ ᠮᠦᠩᠭᠦᠨ ᠭᠦᠢᠯᠭᠡᠭᠡᠨ ᠤ ᠡᠯ᠎ᠡ ᠪᠠᠶᠢᠭᠤᠯᠣᠮᠵᠢ 15 | ᠭᠥᠷᠴᠤ᠂ ᠭᠠᠴᠠᠭ᠎ᠠ ᠲᠤᠰᠬᠤᠨ ᠤ ᠮᠠᠯ ᠲᠠᠷᠢᠶᠠᠯᠠᠩ ᠤᠨ ᠮᠥᠩᠭᠦᠨ ᠭᠥᠢᠯᠭᠡᠭᠡᠨ ᠤ ᠥᠢᠯᠡᠴᠢᠯᠡᠭᠡᠨ ᠤ ᠲᠥᠪ ᠢ 32 ᠲᠤᠬᠢᠷᠠᠭᠤᠯᠤᠨ᠂ ᠮᠦᠩᠭᠦᠨ ᠭᠦᠢᠯᠭᠡᠭᠡᠨ ᠤ | ᠠᠵᠣ ᠠᠬᠤᠢ ᠶᠢᠨ ᠬᠦᠭᠵᠢᠯᠳᠠ ᠳᠤ ᠲᠣᠯᠭᠠᠭᠤᠷᠢᠯᠠᠬᠤ ᠣᠶᠢᠯᠠᠳᠣᠯ ᠢᠯᠡᠷᠬᠡᠢ ᠴᠢᠩᠭᠠᠳᠪᠠ᠃ | ︵ᠭᠤᠷᠪᠠ︶ ᠰᠠᠭᠤᠷᠢ ᠲᠦᠬᠦᠭᠡᠷᠦᠮᠵᠢ ᠶᠢ ᠲᠠᠰᠣᠷᠠᠯᠳᠠ ᠦᠭᠡᠢ ᠰᠠᠶᠢᠵᠢᠷᠠᠭᠤᠯᠵᠣ᠂ ᠠᠮᠢ ᠠᠬᠤᠢ ᠶᠢᠨ ᠤᠷᠴᠢᠨ ᠲᠤᠭᠤᠷᠢᠨ ᠰᠢᠨ᠎ᠡ ᠬᠤᠪᠢᠷᠠᠯᠳᠠ ᠲᠠᠢ | ᠪᠤᠯᠪᠠ᠃ | ᠴᠠᠭᠠᠨᠨᠠᠭᠤᠷ ᠠᠴᠠ ᠤᠯᠵᠠᠴᠢ ᠶᠢ ᠲᠠᠭᠠᠷᠢᠨ ᠲᠡᠷᠭᠡ ᠰᠢᠶᠡᠨ ᠬᠦᠷᠬᠦ ᠨᠢᠭᠡᠳᠦᠭᠡᠷ ᠲᠡᠰ ᠤᠨ ᠵᠠᠰᠠᠮᠠᠯ ᠵᠠᠮ ᠤᠨ ᠥᠭᠡᠷᠡᠴᠢᠯᠡᠯᠳᠡ ᠶᠢᠨ ᠠᠵᠢᠯ ᠣᠳᠣ ᠶᠠᠭ ᠵᠠᠮ | ᠤᠨ ᠲᠡᠮᠳᠡᠭ᠂ ᠰᠡᠷᠭᠡᠶᠢᠯᠡᠭᠦ ᠪᠥᠰᠡ ᠲᠠᠭᠠᠷᠠᠭᠤᠯᠬᠤ ᠵᠡᠷᠭᠡ ᠲᠡᠭᠦᠰᠬᠡᠯ ᠤᠨ ᠠᠵᠢᠯ ᠳᠤ ᠪᠠᠨ ᠣᠷᠣᠵᠣ᠂ ᠤᠯᠵᠠᠴᠢ ᠠᠴᠠ ᠳ᠋ᠥᠩ ᠳ᠋ᠤᠤ ᠯᠢᠶᠠᠩ ᠭᠥᠷᠭᠦ ᠲᠥᠷᠭᠡᠨ | ᠵᠠᠮ ᠤᠨ ᠪᠠᠶᠢᠭᠤᠯᠤᠯᠳᠠ ᠥᠪᠡᠷᠳᠡᠭᠡᠨ ᠵᠠᠰᠠᠬᠤ ᠤᠷᠤᠨ ᠤ ᠭᠥᠭᠵᠢᠭᠦᠯᠥᠯᠳᠡ ᠥᠭᠡᠷᠡᠴᠢᠯᠠᠯᠳᠠ ᠶᠢᠨ ᠵᠥᠪᠯᠡᠯ ᠤᠨ ᠴᠤᠬᠤᠯᠠᠪᠤᠷᠢᠯᠠᠯ ᠢ ᠤᠯᠤᠨ᠂ ᠣᠯᠵᠠᠴᠢ ᠠᠴᠠ | ᠲᠣᠯᠢ ᠬᠦᠷᠬᠦ ᠨᠢᠭᠡᠳᠦᠭᠡᠷ ᠲᠡᠰ ᠤᠨ ᠵᠠᠰᠠᠮᠠᠯ ᠵᠠᠮ ᠢ ᠵᠠᠰᠠᠨ ᠰᠠᠶᠢᠵᠢᠷᠠᠭᠤᠯᠬᠤ ᠪᠠᠷᠢᠯᠭ᠎ᠠ᠂ ᠱᠠᠩᠬᠠᠢ ᠶᠢᠨ ᠰᠦᠮ᠎ᠡ ᠠᠴᠠ ᠥᠵᠥᠭᠦᠷ ᠪᠠᠯᠭᠠᠰᠤ ᠬᠦᠷᠭᠦ ᠨᠢᠭᠡᠳᠦᠭᠡᠷ | ᠲᠡᠰ ᠤᠨ ᠬᠦᠨᠳᠦ ᠲᠠᠭᠠᠭᠠᠴᠠᠳᠤ ᠵᠠᠮ ᠤᠨ ︵ᠪᠤᠯᠠᠭ ᠲᠤᠰᠬᠤᠨ ᠠᠴᠠ ᠰᠢᠨ᠎ᠠ ᠱᠠᠩᠬᠠᠢ ᠶᠢᠨ ᠰᠦᠮ᠎ᠡ ᠬᠦᠷᠬᠦ ᠬᠡᠰᠡᠭ︶ ᠪᠠᠷᠢᠯᠭ᠎ᠠ ᠡᠮᠥᠨ᠎ᠡ ᠬᠤᠭᠤᠴᠠᠭᠠᠨ ᠤ | ᠠᠵᠢᠯ ᠳᠤ ᠪᠠᠨ ᠣᠷᠣᠪᠠ︔ ᠨᠡᠶᠢᠳᠡᠮ ᠭᠡᠷᠡᠭᠯᠡᠭᠡᠨ ᠤ ᠨᠢᠰᠭᠡᠯ ᠤᠨ ᠪᠠᠭᠤᠳᠠᠯ ᠤᠨ ᠲᠦᠷᠦᠯ ᠵᠣᠶᠢᠯ ᠤᠨ ᠪᠤᠯᠤᠮᠵᠢᠳᠤ ᠰᠤᠳᠤᠯᠤᠯ ᠤᠨ ᠮᠡᠳᠡᠭᠦᠯᠥᠯᠳᠡ | ᠵᠥᠪᠰᠢᠶᠡᠷᠡᠭᠳᠡᠵᠥ᠂ ᠣᠷᠴᠢᠮ ᠤᠨ ᠬᠤᠭᠤᠴᠠᠭᠠᠨ ᠳᠤ ᠪᠠᠷᠢᠯᠭ᠎ᠠ ᠡᠬᠢᠯᠡᠬᠦᠯᠬᠦ ᠪᠠᠷ ᠲᠦᠯᠦᠪᠯᠡᠵᠣ ᠪᠠᠶᠢᠨ᠎ᠠ᠃ ᠶᠠᠰᠢᠯ ᠮᠤᠳᠤ 110 ᠺᠢᠯᠤᠸᠤᠯᠲ ᠤᠨ ᠴᠠᠬᠢᠯᠭᠠᠨ | ᠬᠤᠪᠢᠰᠬᠠᠬᠤ ᠦᠷᠳᠡᠭᠡ᠂ ᠪᠣᠯᠠᠭ ᠤᠨ 35 ᠺᠢᠯᠤᠸᠤᠯᠲ ᠤᠨ ᠴᠠᠬᠢᠯᠭᠠᠨ ᠬᠤᠪᠢᠰᠬᠠᠨ ᠳᠠᠮᠵᠢᠭᠤᠯᠬᠤ ᠪᠠᠷᠢᠯᠭ᠎ᠠ ᠠᠰᠢᠭᠯᠠᠯᠳᠠ ᠳᠤ ᠣᠷᠣᠪᠠ᠃ ᠪᠦᠬᠦ ᠵᠢᠯ 168 | ᠺᠢᠯᠦᠮᠧᠲᠷ ᠲᠣᠰᠬᠤᠨ ᠳᠤ ᠨᠡᠪᠳᠡᠷᠡᠬᠦ ᠴᠠᠷᠳᠠᠮᠠᠯ ᠵᠠᠮ ᠢ ᠨᠡᠪᠳᠡᠷᠡᠭᠦᠯᠵᠣ᠂ 20.5 ᠲᠦᠮᠡᠨ ᠮᠣ᠋ ᠬᠦᠷᠦᠰᠦ ᠰᠢᠷᠦᠢ ᠶᠢ ᠬᠠᠮᠠᠭᠠᠯᠠᠨ ᠵᠠᠰᠠᠪᠠ᠃ ᠮᠠᠯ ᠪᠡᠯᠴᠢᠭᠡᠷ ᠢ | ᠲᠡᠩᠴᠡᠭᠦᠷᠢᠳᠠᠢ ᠪᠠᠶᠢᠯᠭᠠᠬᠤ ᠲᠦᠷᠦ ᠶᠢᠨ ᠪᠣᠳᠣᠯᠭ᠎ᠠ ᠶᠢ ᠴᠢᠩᠭ᠎ᠠ ᠬᠡᠷᠡᠭᠵᠢᠭᠦᠯᠵᠣ᠂ ᠪᠡᠭᠡᠵᠢᠭ ᠲᠢᠶᠠᠨᠵᠢᠨ ᠤ ᠰᠠᠯᠬᠢ ᠰᠢᠷᠣᠢ ᠶᠢᠨ ᠡᠬᠢ ᠶᠢ ᠵᠠᠰᠠᠬᠤ ᠬᠤᠶᠠᠳᠦᠭᠠᠷ | ᠬᠤᠭᠤᠴᠠᠭᠠᠨ ᠤ ᠠᠮᠢ ᠠᠬᠤᠢ ᠶᠢᠨ ᠪᠠᠶᠢᠭᠤᠯᠤᠯᠳᠠ ᠶᠢᠨ ᠢᠨᠵᠧᠨᠧᠷᠢᠩ ᠢ ᠬᠡᠷᠡᠭᠵᠢᠭᠦᠯᠵᠣ᠂ 3.5 ᠲᠦᠮᠠᠨ ᠮᠣ᠋ ᠭᠠᠵᠠᠷ ᠤᠶᠢᠵᠢᠭᠤᠯᠤᠨ᠂ 2 ᠲᠦᠮᠡᠨ ᠮᠣ᠋ | ᠪᠢᠳᠡᠭᠦᠮᠵᠢᠯᠡᠵᠣ᠂ 0.2 ᠲᠦᠮᠡᠨ ᠮᠣ᠋ ᠡᠯᠡᠰᠦ ᠲᠤᠭᠳᠠᠪᠤᠷᠢᠵᠢᠭᠤᠯᠤᠨ᠂ ᠨᠣᠳᠤᠭ ᠪᠡᠯᠴᠢᠭᠡᠷ ᠤᠨ ᠠᠮᠢ ᠠᠬᠤᠢ ᠶᠢᠨ ᠢᠨᠵᠧᠨᠧᠷᠢᠩ ᠤᠨ 1.5 ᠲᠦᠮᠡᠨ ᠮᠣ᠋ ᠲᠡᠵᠢᠭᠡᠯ | ᠡᠪᠡᠰᠦᠨ ᠤ ᠰᠠᠭᠤᠷᠢᠨ ᠭᠠᠵᠠᠷ ᠪᠠᠶᠢᠭᠤᠯᠪᠠ᠃ ᠡᠨᠧᠷᠬᠢ ᠠᠷᠪᠢᠯᠡᠨ ᠪᠣᠬᠢᠷᠳᠣᠯ ᠢ ᠪᠠᠭᠠᠰᠬᠠᠬᠤ ᠠᠵᠢᠯ ᠢ ᠣᠯᠠᠮ ᠨᠢᠭᠡ ᠠᠯᠬᠤᠮ ᠴᠢᠩᠭᠠᠳᠬᠠᠵᠣ᠂ ᠬᠢᠮᠢ ᠶᠢᠨ | ᠬᠡᠷᠡᠭᠰᠡᠬᠦ ᠬᠦᠴᠢᠯᠳᠦᠷᠦᠭᠴᠢ ︵COD︶ ᠪᠠ ᠰᠢᠪᠳᠦᠷ ᠠᠼᠣᠲ ᠶᠢᠨ ᠪᠣᠬᠢᠷᠳᠦᠯ ᠢ ᠲᠣᠰ ᠪᠦᠷᠢ 32 ᠲᠣᠨ᠂ 4 ᠲᠣᠨ ᠪᠠᠭᠠᠰᠬᠠᠪᠠ᠃ | ︵ᠲᠦᠷᠪᠠ︶ ᠠᠷᠠᠤᠨ ᠤᠨ ᠠᠮᠢᠳᠤᠷᠠᠯ ᠤᠨ ᠢᠨᠵᠧᠨᠧᠷᠢᠩ ᠢ ᠪᠠᠳᠤᠯᠠᠨ᠂ ᠨᠠᠶᠢᠬᠡᠮ ᠤᠨ ᠬᠦᠭᠵᠢᠯᠳᠠ ᠶᠢ ᠠᠬᠢᠭᠤᠯᠪᠠ | ᠠᠷᠠᠳ ᠢ ᠬᠠᠷᠠᠭᠠᠯᠵᠠᠬᠤ ᠠᠵᠢᠯ ᠳᠤ 19.53 ᠳ᠋ᠥᠩᠰᠢᠭᠤᠷ ᠲᠥᠭᠦᠷᠢᠭ ᠵᠠᠷᠤᠴᠠᠭᠤᠯᠵᠤ᠂ ᠡᠳ᠋ ᠤᠨ ᠵᠠᠰᠠᠭ ᠤᠨ ᠪᠥᠭᠦ ᠵᠠᠷᠤᠳᠠᠯ ᠤᠨ 82.6% ᠶᠢ | ᠡᠵᠡᠯᠡᠭᠦᠯᠪᠡ᠃ ︽ᠠᠷᠪᠠᠨ ᠪᠦᠬᠦ ᠪᠦᠷᠬᠦᠴᠠ︾ ᠶᠢᠨ ᠢᠨᠵᠧᠨᠧᠷᠢᠩ ᠤᠨ ︽ᠴᠡᠭ ᠢᠶᠠᠷ ᠳᠠᠶᠢᠴᠢᠯᠠᠬᠤ᠂ ᠱᠤᠭᠤᠮ ᠢᠶᠠᠷ ᠬᠤᠯᠪᠤᠬᠤ᠂ ᠲᠤᠭᠤᠷᠢᠭ ᠢ ᠪᠦᠷᠬᠦᠬᠦ︾ | ᠪᠦᠬᠦᠯᠢ ᠴᠤᠭᠴᠠ ᠶᠢᠨ ᠲᠤᠭᠳᠠᠴᠠ ᠠᠩᠬ᠎ᠠ ᠪᠦᠷᠢᠯᠳᠤᠵᠤ᠂ ᠮᠠᠯᠵᠢᠬᠤ ᠳᠠᠷᠢᠶᠠᠯᠠᠬᠤ ᠤᠷᠤᠨ ᠤ ᠨᠠᠶᠢᠳᠠ ᠶᠢᠨ ᠤᠶᠢᠯᠡᠴᠢᠯᠡᠭᠡ ᠶᠢᠨ ᠪᠦᠬᠦ ᠪᠦᠷᠬᠦᠴᠠ ᠶᠢ | ᠪᠡᠶᠡᠯᠡᠭᠦᠯᠥᠨ᠂ ︽ᠨᠠᠷᠢᠯᠢᠭ ᠤᠨᠤᠪᠴᠢᠳᠠᠢ ᠪᠠᠷ ᠶᠠᠳᠠᠭᠤ ᠶᠢ ᠳᠡᠤᠨᠬᠦᠬᠦ︾ ᠵᠡᠷᠬᠡ ᠢᠨᠵᠧᠨᠧᠷᠢᠩ ᠲᠠᠢ ᠤᠶᠠᠯᠳᠤᠭᠤᠯᠵᠤ᠂ ᠶᠠᠳᠠᠭᠤ ᠬᠦᠴᠢᠷᠳᠠᠯᠳᠠᠢ ᠮᠠᠯᠴᠢᠨ | ᠳᠠᠷᠢᠶᠠᠴᠢᠨ ᠤ 776 ᠲᠦᠬᠦᠷ ᠨᠤᠷᠠᠬᠤ ᠠᠶᠤᠯᠳᠠᠢ ᠬᠡᠷ ᠪᠠ ᠵᠡᠮᠳᠡᠭᠴᠤᠤᠨ ᠤᠨ 100 ᠲᠦᠬᠦᠷ ᠨᠤᠷᠠᠬᠤ ᠠᠶᠤᠯᠳᠠᠢ ᠬᠡᠷ ᠢ ᠥᠭᠡᠷᠡᠴᠢᠯᠡᠵᠥ ᠰᠢᠨᠡᠳᠭᠡᠨ᠂ | ᠲᠡᠵᠢᠭᠡᠨ ᠥᠷᠡᠵᠢᠭᠦᠯᠭᠦ ᠬᠠᠰᠢᠶ᠎ᠠ ᠰᠠᠷᠠᠪᠴᠢ 312 ᠲᠥᠭᠦᠷ ᠪᠠᠶᠢᠭᠤᠯᠵᠤ᠂ 8 ᠰᠠᠭᠤᠷᠢ ᠠᠶᠤᠯᠬᠦᠢ ᠤᠰᠤ ᠤᠮᠳᠠ ᠶᠢᠨ ᠢᠨᠵᠧᠨᠧᠷᠢᠩ ᠢᠶᠠᠷ 2000 ᠬᠦᠮᠤᠨ ᠤ | ᠤᠰᠤ ᠤᠮᠳᠠ ᠶᠢᠨ ᠭᠥᠴᠢᠷᠳᠡᠯ ᠢ ᠰᠢᠢᠳᠪᠥᠷᠢᠯᠡᠨ᠂ 40.7 ᠺᠢᠯᠤᠮᠧᠲᠷ ᠤᠨ ᠵᠡᠬᠡᠯᠢ ᠭᠤᠳᠤᠮ ᠳᠡᠪᠢᠰᠴᠤ᠂ 6850 ᠲᠦᠬᠦᠷ ︽ᠡᠷᠤᠬᠡ ᠪᠤᠯᠭᠠᠨ ᠳᠤ ᠨᠡᠪᠳᠡᠷᠡᠬᠦ | ︾ ᠲᠦᠬᠦᠬᠡᠷᠤᠮᠵᠢ ᠤᠭᠰᠠᠷᠠᠨ᠂ ᠭᠠᠴᠠᠭ᠎ᠠ ᠳᠤᠰᠬᠤᠨ ᠤ ᠡᠷᠡᠬᠦᠯ ᠬᠠᠮᠠᠭᠠᠯᠠᠯ ᠤᠨ ᠥᠷᠥᠭᠡ᠂ ᠰᠤᠶᠤᠯ ᠤᠨ ᠬᠡᠷ᠂ ᠠᠷᠠᠤᠨ ᠲᠤ ᠲᠦᠬᠦᠮ ᠦᠵᠡᠬᠦᠯᠬᠦ ᠳᠡᠯᠬᠡᠬᠦᠷ ᠢ | ᠳᠤᠰᠪᠤᠷᠢ 15 ᠪᠠᠶᠢᠭᠤᠯᠵᠤ᠂ ᠦᠨᠳᠤᠰᠤᠨ ᠱᠠᠳᠤᠨ ᠳᠤ 6 ᠰᠤᠶᠤᠯ ᠤᠶᠢᠯᠡᠴᠢᠯᠡᠬᠡᠨ ᠤ ᠳᠡᠷᠬᠡ ᠪᠠ 4 ᠡᠮᠴᠢᠯᠡᠬᠡᠨ ᠤ ᠳᠡᠷᠬᠡ ᠳᠤᠬᠢᠷᠠᠭᠤᠯᠪᠠ᠃ ᠥᠢᠯᠡᠰ | ᠪᠥᠳᠥᠭᠡᠨ ᠠᠵᠢᠯ ᠤᠯᠬᠤ ᠶᠢ ᠯᠠᠪᠳᠠᠭᠤᠨ ᠠᠤᠨᠬᠤᠵᠤ᠂ ᠪᠦᠬᠦ ᠬᠤᠰᠢᠭᠤᠨ ᠳᠤ ᠬᠤᠳᠠ ᠪᠠᠯᠭᠠᠰᠤᠨ ᠤ 1219 ᠬᠦᠮᠤᠨ ᠰᠢᠨ᠎ᠠ ᠪᠠᠷ ᠠᠵᠢᠯ ᠤᠯᠤᠨ᠂ ᠬᠤᠳᠠ | ᠪᠠᠯᠭᠠᠰᠤᠨ ᠤ ᠳᠠᠩᠰᠠᠯᠠᠭᠰᠡᠨ ᠠᠵᠢᠯ ᠠᠯᠳᠠᠯᠳᠠ ᠶᠢᠨ ᠨᠤᠷᠮ᠎ᠠ 2.08% ᠪᠤᠯᠵᠤ᠂ 2365 ᠬᠦᠮᠤᠨ ᠳᠤ ᠠᠵᠢᠯ ᠮᠡᠷᠬᠡᠵᠢᠯ ᠤᠨ ᠪᠤᠯᠪᠠᠰᠤᠷᠠᠯ ᠪᠠ ᠤᠶᠢᠯᠡᠰ | ᠪᠦᠳᠤᠬᠡᠬᠦ ᠪᠤᠯᠪᠠᠰᠤᠷᠠᠯ ᠭᠥᠷᠳᠡᠭᠡᠪᠠ᠃ ᠰᠤᠷᠭᠠᠨ ᠬᠦᠮᠤᠵᠢᠯ ᠤᠨ ᠰᠠᠭᠤᠷᠢ ᠲᠦᠬᠦᠬᠡᠷᠤᠮᠵᠢ ᠶᠢᠨ ᠪᠠᠶᠢᠭᠤᠯᠤᠯᠳᠠ ᠶᠢ ᠳᠡᠬᠦᠯᠳᠡᠷᠵᠢᠬᠦᠯᠵᠤ᠂ ᠰᠤᠷᠭᠠᠨ ᠭᠥᠮᠥᠵᠢᠯ ᠤᠨ | ᠬᠡᠤᠬᠡᠤᠨ ᠤᠨ ᠴᠡᠴᠡᠷᠯᠢᠭ᠂ ᠳᠠᠬᠢᠯᠳᠤ ᠶᠢᠨ ᠬᠡᠤᠬᠡᠤᠨ ᠤᠨ ᠴᠡᠴᠡᠷᠯᠢᠭ᠂ ᠪᠤᠷᠤᠪᠠᠯᠭᠠᠰᠤ ᠪᠠᠭ᠎ᠠ ᠰᠤᠷᠭᠠᠭᠤᠯᠢ ᠶᠢ ᠪᠠᠶᠢᠭᠤᠯᠤᠨ ᠬᠡᠷᠡᠭᠯᠡᠯᠳᠠ ᠳᠤ ᠤᠷᠤᠭᠤᠯᠪᠠ᠃ | ᠰᠤᠶᠤᠯ ᠢᠶᠠᠷ ᠠᠷᠠᠤᠨ ᠢ ᠬᠠᠷᠠᠭᠠᠯᠵᠠᠬᠤ ᠶᠢ ᠪᠠᠳᠤᠳᠠᠢ ᠠᠬᠢᠭᠤᠯᠵᠤ᠂ ᠮᠦᠽᠸᠢ᠂ ᠰᠤᠶᠤᠯ ᠤᠨ ᠤᠷᠳᠤᠨ᠂ ᠨᠤᠮ ᠤᠨ ᠰᠠᠩ᠂ ᠪᠡᠶ᠎ᠡ ᠴᠢᠬᠢᠷᠠᠭᠵᠢᠭᠤᠯᠬᠤ ᠲᠦᠪ ᠢ | ᠰᠢᠨ᠎ᠠ ᠪᠠᠶᠢᠭᠤᠯᠤᠨ᠂ ᠤᠯᠠᠨ ᠶᠠᠩᠵᠤᠳᠤ ᠭᠤᠴᠤ ᠲᠠᠭᠠᠰᠢᠶᠠᠯᠳᠤ ᠰᠤᠶᠤᠯ ᠤᠷᠠᠯᠢᠭ ᠢ ᠢᠯᠡᠷᠡᠭᠦᠯᠪᠡ᠃ ᠡᠮ ᠡᠮᠴᠢᠯᠡᠭᠡ ᠡᠷᠡᠬᠦᠯ ᠬᠠᠮᠠᠭᠠᠯᠠᠯ ᠤᠨ ᠬᠤᠰᠢᠭᠤ᠂ | ᠪᠠᠯᠭᠠᠰᠤ᠂ ᠳᠤᠰᠬᠤᠨ ᠭᠤᠷᠪᠠᠨ ᠱᠠᠳᠤ ᠶᠢ ᠴᠤᠭᠴᠠᠵᠢᠭᠤᠯᠤᠭᠰᠠᠨ ᠬᠠᠮᠢᠶᠠᠷᠤᠯᠳᠠ ᠶᠢᠨ ᠵᠠᠭᠪᠤᠷ ᠢ ᠳᠡᠯᠬᠡᠷᠡᠬᠦᠯᠵᠤ᠂ ᠡᠮ ᠡᠮᠴᠢᠯᠡᠭᠡ ᠡᠷᠡᠬᠦᠯ ᠬᠠᠮᠠᠭᠠᠯᠠᠯ ᠤᠨ ᠡᠬᠢ | ᠰᠤᠷᠪᠤᠯᠵᠢ ᠶᠢᠨ ᠵᠤᠬᠢᠰᠳᠠᠢ ᠲᠤᠬᠢᠷᠠᠭᠤᠯᠤᠯᠳᠠ ᠶᠢ ᠠᠬᠢᠭᠤᠯᠪᠠ᠃ ᠬᠤᠳᠠ ᠬᠦᠳᠡᠭᠡ ᠶᠢᠨ ᠳᠤᠤᠷ᠎ᠠ ᠪᠠᠳᠤᠯᠠᠭ᠎ᠠ ᠶᠢᠨ ᠪᠠᠷᠢᠮᠵᠢᠶ᠎ᠠ ᠶᠢ ᠳᠤᠰᠪᠤᠷᠢ ᠳᠡᠬᠡᠭᠰᠢᠯᠡᠬᠦᠯᠦᠬᠡᠤᠨ | 495 ᠲᠦᠬᠦᠷᠢᠭ ᠪᠠ 402 ᠲᠦᠬᠦᠷᠢᠭ ᠬᠦᠷᠬᠡᠵᠤ᠂ ᠬᠤᠳᠠ ᠪᠠᠯᠭᠠᠰᠤᠨ ᠤ ᠰᠠᠭᠤᠭᠠᠯᠢ ᠠᠷᠠᠤᠨ ᠤᠨ ᠦᠨᠳᠤᠰᠤᠨ ᠡᠮ ᠡᠮᠴᠢᠯᠡᠬᠡᠨ ᠤ ᠳᠠᠭᠠᠤᠨᠬᠠᠯ ᠤᠨ ᠬᠦᠮᠤᠨ | ᠳᠤᠮᠳᠠᠴᠢ ᠶᠢᠨ ᠪᠡᠯᠡ ᠬᠤᠷᠠᠮᠳᠤᠭᠤᠯᠬᠤ ᠪᠠᠷᠢᠮᠵᠢᠶ᠎ᠠ ᠶᠢ ᠲᠤᠰ ᠪᠥᠷᠢ 36 ᠲᠥᠭᠦᠷᠢᠭ ᠪᠠ 35 ᠲᠥᠭᠦᠷᠢᠭ ᠨᠡᠮᠡᠭᠳᠡᠭᠦᠯᠵᠥ᠂ ᠳᠠᠩᠰᠨ ᠳᠠᠶᠢᠯᠬᠤ ᠬᠠᠮᠤᠭ ᠦᠨᠳᠤᠷ | ᠪᠠᠷᠢᠮᠵᠢᠶ᠎ᠠ ᠶᠢ ᠳᠡᠬᠡᠭᠰᠢᠯᠡᠬᠦᠯᠤᠬᠡᠤᠨ 20 ᠲᠦᠮᠡᠨ ᠲᠦᠬᠦᠷᠢᠭ ᠬᠦᠷᠬᠡᠪᠠ᠃ ︽ᠴᠠᠬᠢᠷᠮ᠎ᠠ ᠴᠢᠳᠠᠪᠤᠷᠢᠳᠠᠨ︾ ᠨᠡᠷᠡᠳᠤ ᠳᠡᠮᠳᠡᠭ ᠤᠨ ᠪᠤᠳᠤᠯᠭ᠎ᠠ ᠶᠢ ᠬᠦᠨᠵᠡᠬᠡᠢ | ᠬᠡᠷᠡᠭᠵᠢᠬᠦᠯᠵᠤ᠂ ᠦᠨᠳᠤᠷ ᠲᠦᠪᠰᠢᠨ ᠲᠠᠢ ᠴᠢᠳᠠᠪᠤᠷᠢᠳᠠᠨ 36 ᠤᠷᠢᠵᠤ ᠠᠪᠴᠢᠷᠠᠨ᠂ ᠡᠯ᠎ᠡ ᠵᠦᠢᠯ ᠤᠨ ᠴᠢᠳᠠᠪᠤᠷᠢᠳᠠᠨ ᠢ 804 ᠬᠦᠮᠤᠵᠢᠬᠦᠯᠵᠤ᠂ | ᠴᠢᠳᠠᠪᠤᠷᠢᠳᠠᠨ ᠤ ᠡᠩᠨᠡᠭᠡ ᠶᠢ ᠤᠯᠠᠮ ᠨᠢᠬᠡ ᠠᠯᠬᠤᠮ ᠪᠤᠵᠠᠭᠠᠶᠢᠷᠠᠭᠤᠯᠪᠠ᠃ ᠭᠥᠨᠵᠡᠭᠡᠢ ᠦᠬᠡᠷᠡᠴᠢᠯᠠᠯᠳᠠ ᠶᠢ ᠪᠦᠬᠦ ᠳᠠᠯ᠎ᠠ ᠪᠠᠷ ᠠᠬᠢᠭᠤᠯᠵᠤ᠂ 5 ᠲᠦᠷᠤᠯ ᠤᠨ | ᠦᠬᠡᠷᠡᠴᠢᠯᠠᠯᠳᠠ ᠶᠢᠨ ᠡᠬᠦᠷᠬᠡ ᠶᠢ ᠲᠦᠪᠯᠡᠷᠡᠩᠬᠦᠢ ᠪᠡᠶᠡᠯᠡᠭᠦᠯᠥᠨ᠂ ᠨᠢᠬᠡ ᠪᠦᠯᠦᠭ ᠬᠢᠨᠠᠨ ᠵᠥᠪᠰᠢᠶᠡᠷᠡᠯ ᠤᠨ ᠡᠷᠬᠡ ᠶᠢ ᠴᠤᠮᠬᠠᠳᠬᠠᠪᠠ᠃ ᠬᠦᠮᠤᠨ ᠠᠮᠠ | ᠲᠦᠯᠤᠪᠯᠡᠬᠡᠳᠠᠢ ᠭᠥᠩᠭᠡᠵᠢᠯ ᠤᠨ ᠠᠵᠢᠯ ᠢ ᠤᠯᠠᠮ ᠪᠠᠬᠢᠵᠢᠬᠦᠯᠵᠤ᠂ ᠦᠨᠳᠤᠰᠤᠳᠠᠨ ᠱᠠᠰᠢᠨ ᠰᠤᠷᠳᠠᠬᠤᠨ ᠤ ᠤᠶᠢᠯᠡᠰ ᠡᠷᠡᠬᠦᠯ ᠭᠥᠭᠵᠢᠨ᠂ ᠨᠠᠮ ᠤᠨ ᠤᠯᠠᠨ | ᠲᠦᠮᠡᠨᠴᠢ ᠱᠤᠭᠤᠮ ᠤᠨ ᠬᠦᠮᠤᠵᠢᠯ ᠤᠶᠢᠯᠡᠳᠤᠯᠬᠡ ᠶᠢᠨ ᠠᠵᠢᠯᠯᠠᠭ᠎ᠠ᠂ ᠤᠶᠤᠨ ᠤ ᠪᠤᠯᠪᠠᠰᠤᠨ ᠤ ᠪᠠᠶᠢᠭᠤᠯᠤᠯᠳᠠ᠂ ᠵᠠᠬᠢᠳᠠᠯ ᠰᠤᠷᠪᠤᠯᠵᠢᠯᠠᠭ᠎ᠠ᠂ ᠨᠠᠶᠢᠬᠡᠮ ᠤᠨ ᠠᠮᠤᠷ | ᠳᠤᠭᠳᠠᠭᠤᠨ᠂ ᠠᠶᠤᠯᠬᠦᠢ ᠤᠶᠢᠯᠡᠤᠨᠪᠤᠷᠢᠯᠡᠯ᠂ ᠬᠠᠤᠯᠢ ᠪᠠᠷ ᠵᠠᠰᠠᠬᠤ ᠬᠠᠤᠯᠢ ᠲᠦᠬᠡᠮᠡᠯᠵᠢᠬᠦᠯᠬᠦ ᠵᠡᠷᠬᠡ ᠠᠵᠢᠯ ᠤᠳ ᠪᠠᠳᠤᠳᠠᠢ ᠠᠬᠢᠵᠤ᠂ ᠬᠦᠭᠵᠢᠯᠳᠠ ᠶᠢᠨ ᠤᠷᠴᠢᠨ | ᠳᠠᠰᠤᠷᠠᠯᠳᠠ ᠦᠬᠡᠢ ᠰᠢᠯᠢᠳᠡᠭᠵᠢᠪᠠ᠃ | ᠶᠡᠷᠤᠩᠬᠡᠢ ᠳᠡᠭᠡᠨ ᠦᠵᠡᠪᠡᠯ᠂ ᠮᠠᠨ ᠤ ᠬᠤᠰᠢᠭᠤᠨ ᠤ ᠳᠤᠰ ᠵᠢᠯ ᠤᠨ ᠤᠯᠤᠰ ᠠᠷᠠᠤᠨ ᠤᠨ ᠠᠵᠤ ᠠᠬᠤᠢ ᠪᠠ ᠨᠠᠶᠢᠬᠡᠮ ᠤᠨ ᠬᠦᠭᠵᠢᠯᠳᠠ ᠶᠢᠨ ᠲᠦᠯᠤᠪᠯᠡᠭᠡ | ᠶᠢ ᠬᠡᠷᠡᠭᠵᠢᠬᠦᠯᠦᠭᠰᠡᠨ ᠪᠠᠶᠢᠳᠠᠯ ᠤᠬᠢ ᠰᠠᠶᠢᠨ ᠪᠠᠶᠢᠨ᠎ᠠ᠃ ᠠᠵᠤ ᠠᠬᠤᠢ ᠤᠷᠣᠭᠤᠳᠠᠭᠰᠡᠨ ᠳᠠᠷᠤᠯᠳᠠ ᠳᠤ ᠬᠠᠨᠳᠤᠭᠤᠯᠤᠨ᠂ ᠳᠤᠪᠤᠶᠢᠮ᠎ᠠ ᠠᠰᠠᠭᠤᠳᠠᠯ ᠤᠳ ᠢ | ᠴᠢᠭᠯᠡᠯᠯᠳᠤ ᠴᠢᠨᠠᠷ ᠲᠠᠢ ᠪᠠᠷ ᠰᠢᠢᠤᠨᠪᠤᠷᠢᠯᠡᠵᠤ᠂ ᠳᠤᠭᠳᠠᠭᠤᠨ ᠦᠰᠤᠯᠳᠠ ᠶᠢ ᠪᠦᠳᠤᠴᠠ ᠶᠢ ᠳᠤᠬᠢᠷᠠᠭᠤᠯᠬᠤ᠂ ᠠᠷᠠᠤᠨ ᠤᠨ ᠠᠮᠢᠳᠤᠷᠠᠯ ᠢ ᠬᠠᠷᠠᠭᠠᠯᠵᠠᠬᠤ᠂ ᠬᠡᠨᠡᠳᠡᠯ | ᠢ ᠰᠡᠷᠬᠡᠶᠢᠯᠡᠬᠦ ᠵᠡᠷᠬᠡ ᠲᠠᠢ ᠤᠷᠭᠠᠨᠢᠭ ᠢᠶᠠᠷ ᠤᠶᠠᠯᠳᠤᠭᠤᠯᠤᠨ᠂ ᠠᠵᠤ ᠠᠬᠤᠢ ᠶᠢᠨ ᠳᠤᠭᠳᠠᠭᠤᠨ ᠡᠷᠬᠢᠯᠳᠠ ᠶᠢ ᠪᠠᠳᠤᠯᠠᠵᠤ᠂ ᠬᠦᠭᠵᠢᠯᠳᠠ ᠳᠤᠭᠳᠠᠭᠤᠨ ᠢᠶᠠᠷ | ᠳᠡᠬᠡᠭᠰᠢᠯᠡᠨ᠂ ᠠᠷᠠᠤᠨ ᠤᠨ ᠠᠮᠢᠳᠤᠷᠠᠯ ᠤᠨ ᠪᠠᠳᠤᠯᠠᠭ᠎ᠠ ᠯᠠᠪᠳᠠᠭᠤᠨ ᠪᠠᠳᠤᠵᠢᠪᠠ᠃ ᠬᠡᠬᠦ ᠳᠤ᠂ ᠮᠠᠨ ᠤ ᠬᠤᠰᠢᠭᠤᠨ ᠤ ᠠᠵᠤ ᠠᠬᠤᠢ ᠶᠢᠨ ᠡᠷᠬᠢᠯᠳᠠ ᠶᠢᠨ ᠶᠠᠪᠤᠴᠠ | ᠳᠤᠮᠳᠠ ᠮᠦᠨ ᠬᠦ ᠬᠦᠴᠢᠷᠳᠠᠯ ᠪᠠ ᠦᠷᠢᠰᠤᠯᠳᠤᠬᠡᠨ ᠳᠤᠯᠭᠠᠷᠠᠵᠤ ᠪᠤᠢ᠄ ᠨᠢᠬᠡ ᠳᠤ᠂ ᠨᠡᠬᠦᠷᠡᠰᠤᠨ ᠡᠬᠢ ᠰᠤᠷᠪᠤᠯᠵᠢ ᠶᠢᠨ ᠳᠤᠬᠢᠷᠠᠭᠤᠯᠤᠯᠳᠠ᠂ ᠤᠷᠴᠢᠨ | ᠳᠤᠭᠤᠷᠢᠨ ᠤ ᠪᠠᠭᠳᠠᠭᠠᠮᠵᠢ᠂ ᠤᠰᠤᠨ ᠤ ᠵᠢᠭᠠᠯᠳᠠ ᠳᠤᠭ᠎ᠠ ᠵᠡᠷᠬᠡ ᠡᠯᠧᠮᠧᠨ᠋ᠲ ᠤᠨ ᠬᠢᠵᠠᠭᠠᠷᠯᠠᠯ ᠠᠴᠠ ᠪᠤᠯᠵᠤ ᠨᠢᠬᠡ ᠪᠦᠯᠦᠭ ᠭᠤᠤᠯᠳᠠᠯᠭᠠᠳᠤ ᠨᠡᠬᠦᠷᠡᠰᠤ᠂ | ᠨᠡᠬᠦᠷᠡᠰᠤᠨ ᠬᠢᠮᠢ ᠶᠢᠨ ᠲᠦᠷᠤᠯ ᠵᠦᠢᠯ ᠤᠨ ᠠᠬᠢᠯᠳᠠ ᠤᠳᠠᠭᠠᠨ᠂ ᠤᠷᠤᠨᠵᠢᠭᠤᠯᠤᠯᠳᠠ ᠭᠥᠴᠢᠷ ᠪᠤᠯᠬᠤᠷ ᠪᠤᠳᠠᠳᠤ ᠳᠠᠪᠰᠢᠯᠳᠠ ᠪᠦᠷᠢᠯᠳᠦᠭᠰᠡᠨ ᠦᠬᠡᠢ᠂ | ᠬᠦᠭᠵᠢᠯᠳᠠ ᠶᠢᠨ ᠳᠠᠶᠢᠴᠢᠯᠠᠬᠤ ᠪᠦᠳᠤᠮᠵᠢ ᠢᠯᠡᠷᠬᠡᠢ ᠪᠤᠰᠤ ᠪᠠᠶᠢᠬᠤ︔ ᠬᠤᠶᠠᠷ ᠲᠤ᠂ ᠮᠠᠯ ᠳᠠᠷᠢᠶᠠᠯᠠᠩ ᠤᠨ ᠠᠵᠤ ᠤᠶᠢᠯᠡᠰ ᠤᠨ ᠬᠡᠯᠬᠢᠶᠡᠵᠢᠯ ᠤᠬᠤᠷ᠂ ᠠᠵᠤ | ᠤᠶᠢᠯᠡᠰᠵᠢᠭᠰᠡᠨ ᠬᠡᠮᠵᠢᠶ᠎ᠠ ᠪᠠ ᠨᠡᠷᠡᠳᠤ ᠳᠡᠮᠳᠡᠭ ᠤᠨ ᠠᠯᠳᠠᠷᠰᠢᠯ ᠦᠨᠳᠤᠷ ᠪᠤᠰᠤ᠂ ᠬᠦᠭᠵᠢᠯᠳᠠ ᠶᠢᠨ ᠠᠮᠢᠳᠤᠯᠢᠭ ᠬᠦᠴᠤᠨ ᠪᠠ ᠦᠷᠢᠰᠤᠯᠳᠤᠬᠦ ᠬᠦᠴᠤᠨ | ᠬᠦᠢᠴᠡᠤᠨ ᠪᠤᠰᠤ ᠪᠠᠶᠢᠬᠤ᠃ ᠭᠤᠷᠪᠠ ᠳᠤ᠂ ᠭᠤᠷᠪᠠᠳᠤᠭᠠᠷ ᠠᠵᠤ ᠤᠶᠢᠯᠡᠰ ᠤᠨ ᠠᠵᠤ ᠠᠬᠤᠢ ᠶᠢᠨ ᠬᠤᠪᠢ ᠶᠢᠨ ᠵᠢᠩ ᠳᠤᠤᠷ᠎ᠠ᠂ ᠵᠢᠭᠤᠯᠴᠢᠯᠠᠯ ᠤᠨ ᠤᠶᠢᠯᠡᠰ | ᠤᠨ ᠬᠦᠭᠵᠢᠯᠳᠠ ᠤᠳᠠᠭᠠᠨ᠂ ᠨᠦᠯᠤᠬᠡᠯᠡᠯ ᠪᠠᠭᠤᠷᠠᠢ᠂ ᠮᠦᠩᠬᠦᠨ ᠬᠦᠢᠯᠬᠡᠬᠡ᠂ ᠪᠠᠷᠠᠭ᠎ᠠ ᠬᠦᠯᠬᠡᠬᠡᠨ ᠤ ᠤᠶᠢᠯᠡᠰ ᠤᠨ ᠬᠦᠭᠵᠢᠯᠳᠠ ᠪᠦᠷᠢᠨ ᠪᠤᠰᠤ ᠪᠠᠶᠢᠬᠤ᠃ | ᠡᠳᠡᠬᠡᠷ ᠬᠦᠴᠢᠷᠳᠠᠯ ᠪᠠ ᠠᠰᠠᠭᠤᠳᠠᠯ ᠢ ᠪᠢᠳᠠ ᠰᠠᠶᠢᠳᠤᠷ ᠴᠢᠬᠤᠯᠠᠴᠢᠯᠠᠬᠤ ᠶᠢᠨ ᠬᠠᠮᠳᠤ ᠬᠤᠶᠢᠰᠢᠳᠠ ᠶᠢᠨ ᠠᠵᠢᠯ ᠤᠨ ᠳᠤᠮᠳᠠ ᠠᠯᠬᠤᠮ ᠠᠯᠬᠤᠮ ᠢᠶᠠᠷ | ᠰᠢᠢᠤᠨᠪᠤᠷᠢᠯᠡᠬᠦ ᠬᠡᠷᠡᠭᠳᠠᠢ᠃ | ᠬᠤᠶᠠᠷ᠂ 2015 ᠤᠨ ᠤ ᠠᠵᠤ ᠠᠬᠤᠢ ᠨᠠᠶᠢᠬᠡᠮ ᠤᠨ ᠬᠦᠭᠵᠢᠯᠳᠠ ᠶᠢᠨ ᠵᠢᠱᠢᠭᠰᠡᠨ ᠬᠠᠷᠠᠯᠳᠠ ᠪᠠ ᠭᠤᠤᠯ ᠡᠬᠦᠷᠬᠡ | ᠬᠤᠷᠸ᠎ᠠ ᠤᠷᠴᠢᠨ ᠢ ᠶᠡᠷᠤᠩᠬᠡᠶᠢᠯᠡᠨ ᠪᠤᠳᠤᠯᠬᠢᠯᠡᠵᠤ᠂ ᠮᠠᠨ ᠤ ᠬᠤᠰᠢᠭᠤᠨ ᠤ ᠠᠵᠤ ᠠᠬᠤᠢ ᠨᠠᠶᠢᠬᠡᠮ ᠤᠨ ᠬᠦᠭᠵᠢᠯᠳᠠ ᠶᠢᠨ ᠪᠤᠳᠠᠳᠤ ᠪᠠᠶᠢᠳᠠᠯ ᠲᠠᠢ | ᠤᠶᠠᠯᠳᠤᠭᠤᠯᠤᠨ᠂ 2015 ᠤᠨ ᠤ ᠪᠦᠬᠦ ᠬᠤᠰᠢᠭᠤᠨ ᠤ ᠤᠯᠤᠰ ᠠᠷᠠᠤᠨ ᠤᠨ ᠠᠵᠤ ᠠᠬᠤᠢ ᠪᠠ ᠨᠠᠶᠢᠬᠡᠮ ᠤᠨ ᠬᠦᠭᠵᠢᠯᠳᠠ ᠶᠢᠨ ᠭᠤᠤᠯ ᠵᠢᠱᠢᠭᠰᠡᠨ ᠬᠠᠷᠠᠯᠳᠠ | ᠪᠤᠯ᠄ ᠭᠠᠵᠠᠷ ᠤᠷᠤᠨ ᠤ ᠤᠶᠢᠯᠡᠤᠨᠪᠤᠷᠢᠯᠡᠯ ᠤᠨ ᠶᠡᠷᠤᠩᠬᠡᠢ ᠦᠷᠳᠡᠭ ᠢ 140 ᠳ᠋ᠦᠩᠰᠢᠭᠤᠷ ᠲᠦᠬᠦᠷᠢᠭ ᠬᠦᠷᠬᠡᠵᠤ᠂ 10% ᠦᠰᠬᠡᠨ᠎ᠠ︔ ᠨᠠᠶᠢᠳᠠ ᠶᠢᠨ ᠡᠳ᠋ | ᠤᠨ ᠵᠠᠰᠠᠭ ᠤᠨ ᠲᠦᠰᠤᠪ ᠤᠨ ᠤᠷᠤᠯᠭ᠎ᠠ ᠶᠢ 15.9 ᠳ᠋ᠦᠩᠰᠢᠭᠤᠷ ᠲᠦᠬᠦᠷᠢᠭ ᠬᠦᠷᠬᠡᠵᠤ᠂ 8% ᠦᠰᠬᠡᠨ᠎ᠠ︔ ᠳᠤᠭᠳᠠᠮᠠᠯ ᠬᠦᠷᠤᠩᠬᠡ ᠶᠢᠨ ᠪᠡᠯᠡ | ᠤᠷᠤᠭᠤᠯᠤᠯᠳᠠ ᠶᠢ ᠰᠢᠨ᠎ᠡ ᠠᠷᠭ᠎ᠠ ᠪᠠᠷ ᠵᠢᠱᠢᠪᠡᠯ 230 ᠳ᠋ᠦᠩᠰᠢᠭᠤᠷ ᠲᠦᠬᠦᠷᠢᠭ ᠬᠦᠷᠬᠡᠵᠤ᠂ 15% ᠦᠰᠬᠡᠨ᠎ᠠ︔ ᠨᠡᠶᠢᠭᠡᠮ ᠤᠨ ᠭᠡᠷᠡᠭᠯᠡᠭᠡᠨ ᠤ ᠲᠠᠸᠠᠷ ᠤᠨ | ᠵᠢᠵᠢᠭᠯᠡᠨ ᠪᠤᠷᠤᠯᠠᠭᠤᠯᠬᠤ ᠶᠡᠷᠥᠩᠭᠡᠢ ᠥᠷᠳᠡᠭ ᠢ 21.8 ᠳ᠋ᠥᠩᠰᠢᠭᠤᠷ ᠲᠥᠭᠦᠷᠢᠭ ᠭᠥᠷᠭᠡᠵᠥ᠂ 15% ᠥᠰᠭᠡᠨ᠎ᠡ︔ ᠬᠤᠳᠠ ᠭᠥᠳᠡᠭᠡ ᠶᠢᠨ ᠰᠠᠭᠤᠭᠠᠯᠢ | ᠠᠷᠠᠤᠨ ᠤᠨ ᠡᠵᠡᠮᠳᠡᠵᠤ ᠪᠤᠯᠬᠤ ᠤᠷᠤᠯᠭ᠎ᠠ ᠶᠢ ᠲᠤᠰᠪᠤᠷᠢ 36075 ᠲᠦᠬᠦᠷᠢᠭ ᠪᠠ 15094 ᠲᠥᠭᠦᠷᠢᠭ ᠭᠥᠷᠭᠡᠵᠥ᠂ 9% ᠪᠠ 12% ᠦᠰᠬᠡᠨ᠎ᠠ᠃ | ᠳᠡᠬᠡᠷ᠎ᠠ ᠳᠤᠷᠠᠳᠤᠭᠰᠡᠨ ᠬᠠᠷᠠᠯᠳᠠ ᠶᠢᠨ ᠳᠤᠭᠤᠷᠢᠨ ᠳᠤ᠂ 2015 ᠤᠨ ᠤ ᠠᠵᠢᠯ ᠢᠶᠠᠨ ᠰᠠᠶᠢᠳᠤᠷ ᠬᠢᠵᠤ᠂ ᠨᠠᠮ ᠤᠨ ᠠᠷᠪᠠᠨ ᠨᠠᠢᠮᠠᠳᠤᠭᠠᠷ ᠶᠡᠭᠡ | ᠬᠤᠷᠠᠯᠳᠤᠭᠠᠨ ᠪᠠ ᠠᠷᠪᠠᠨ ᠨᠠᠢᠮᠠᠳᠤᠭᠠᠷ ᠬᠤᠭᠤᠴᠠᠭᠠᠨ ᠤ ᠭᠤᠷᠪᠠ᠂ ᠲᠦᠷᠪᠡᠳᠤᠬᠡᠷ ᠪᠦᠬᠦᠳᠠ ᠬᠤᠷᠠᠯᠳᠤᠭᠠᠨ᠂ ᠦᠪᠡᠷᠳᠡᠬᠡᠨ ᠵᠠᠰᠠᠬᠤ ᠤᠷᠤᠨ ᠤ ᠨᠠᠮ ᠤᠨ | ᠬᠤᠷᠢᠶᠠᠨ ᠤ ᠶᠢᠰᠤᠳᠤᠬᠡᠷ ᠬᠤᠭᠤᠴᠠᠭᠠᠨ ᠤ ᠠᠷᠪᠠᠨ ᠭᠤᠷᠪᠠᠳᠤᠭᠠᠷ ᠤᠳᠠᠭᠠᠨ ᠤ ᠪᠦᠬᠦ ᠬᠡᠰᠢᠬᠦᠤᠨ ᠤᠨ ᠬᠤᠷᠠᠯᠳᠤᠭᠠᠨ ᠵᠢᠴᠢ ᠪᠦᠬᠦ ᠤᠷᠤᠨ ᠤ ᠠᠵᠤ ᠠᠬᠤᠢ | ᠠᠵᠢᠯ ᠤᠨ ᠬᠤᠷᠠᠯᠳᠤᠭᠠᠨ᠂ ᠬᠤᠳᠠ ᠶᠢᠨ ᠨᠠᠮ ᠤᠨ ᠬᠤᠷᠢᠶᠠᠨ ᠤ ᠭᠤᠷᠪᠠᠳᠤᠭᠠᠷ ᠬᠤᠭᠤᠴᠠᠭᠠᠨ ᠤ ᠵᠢᠷᠭᠤᠳᠤᠭᠠᠷ ᠤᠳᠠᠭᠠᠨ ᠤ ᠪᠦᠬᠦ ᠬᠡᠰᠢᠬᠦᠤᠨ ᠤᠨ | ᠬᠤᠷᠠᠯᠳᠤᠭᠠᠨ ᠪᠠ ᠪᠦᠬᠦ ᠬᠤᠳᠠ ᠶᠢᠨ ᠠᠵᠤ ᠠᠬᠤᠢ ᠶᠢᠨ ᠠᠵᠢᠯ ᠤᠨ ᠬᠤᠷᠠᠯᠳᠤᠭᠠᠨ ᠤ ᠵᠤᠷᠢᠭ ᠰᠠᠨᠠᠭ᠎ᠠ ᠶᠢ ᠬᠢᠨᠠᠮᠠᠭᠠᠢ ᠳᠣᠣᠱᠯᠠᠭᠤᠯᠵᠤ᠂ ᠬᠤᠰᠢᠭᠤᠨ ᠤ ᠨᠠᠮ | ᠤᠨ ᠬᠤᠷᠢᠶᠠᠨ ᠤ ᠨᠠᠢᠮᠠᠳᠤᠭᠠᠷ ᠬᠤᠭᠤᠴᠠᠭᠠᠨ ᠤ ᠳᠤᠯᠤᠳᠤᠭᠠᠷ ᠤᠳᠠᠭ᠎ᠠ ᠶᠢᠨ ᠪᠦᠬᠦ ᠬᠡᠰᠢᠬᠦᠤᠨ ᠤᠨ ᠦᠷᠬᠡᠤᠨᠬᠡᠭᠰᠡᠨ ᠬᠤᠷᠠᠯᠳᠤᠭᠠᠨ ᠵᠢᠴᠢ ᠪᠦᠬᠦ ᠬᠤᠰᠢᠭᠤᠨ ᠤ | ᠠᠵᠤ ᠠᠬᠤᠢ ᠶᠢᠨ ᠠᠵᠢᠯ ᠤᠨ ᠬᠤᠷᠠᠯᠳᠤᠭᠠᠨ ᠤ ᠰᠢᠢᠤᠨᠪᠤᠷᠢ ᠳᠤᠬᠢᠷᠠᠭᠤᠯᠭ᠎ᠠ ᠶᠢ ᠪᠦᠬᠦ ᠳᠠᠯ᠎ᠠ ᠪᠠᠷ ᠨᠠᠶᠢᠳᠠᠪᠤᠷᠢᠵᠢᠭᠤᠯᠤᠨ᠂ ᠰᠢᠨ᠎ᠠ ᠪᠠᠶᠢᠳᠠᠯ ᠢ ᠬᠦᠢᠴᠡᠤᠨ | ᠳᠠᠨᠢᠵᠤ᠂ ᠰᠢᠨ᠎ᠠ ᠪᠠᠶᠢᠳᠠᠯ ᠳᠤ ᠰᠠᠨᠠᠭᠠᠴᠢᠯᠠᠭᠠᠳᠠᠢ ᠵᠤᠬᠢᠴᠠᠯᠳᠤᠨ᠂ ᠰᠢᠨ᠎ᠠ ᠪᠠᠶᠢᠳᠠᠯ ᠳᠤ ᠪᠠᠳᠤ ᠠᠭᠤᠰᠤᠯᠴᠠᠵᠤ᠂ ᠲᠤᠭᠳᠠᠭᠤᠨ ᠨᠡᠮᠡᠭᠳᠡᠯ ᠢ ᠪᠠᠳᠤᠯᠠᠨ᠂ ᠲᠥᠷᠥᠯ | ᠵᠥᠢᠯ ᠢ ᠠᠳᠬᠤᠵᠤ᠂ ᠪᠡᠯᠡ ᠤᠷᠤᠭᠤᠯᠤᠯᠳᠠ ᠶᠢ ᠥᠷᠭᠡᠳᠭᠡᠨ᠂ ᠠᠷᠠᠳ ᠤᠨ ᠠᠮᠢᠳᠤᠷᠠᠯ ᠢ ᠬᠠᠷᠠᠭᠠᠯᠵᠠᠵᠤ᠂ ᠬᠡᠯᠪᠡᠷᠢ ᠬᠤᠪᠢᠷᠠᠭᠠᠭᠰᠡᠨ ᠬᠦᠭᠵᠢᠯᠳᠠ ᠶᠢ | ᠲᠦᠷᠬᠡᠤᠨᠬᠡᠨ᠂ ᠠᠵᠤ ᠠᠬᠤᠢ ᠨᠠᠶᠢᠬᠡᠮ ᠤᠨ ᠦᠷᠬᠦᠯᠵᠢᠬᠦᠶᠢᠴᠠ ᠡᠷᠡᠬᠦᠯ ᠬᠦᠭᠵᠢᠯᠳᠠ ᠶᠢ ᠠᠬᠢᠭᠤᠯᠤᠨ᠎ᠠ᠃ | ︵ᠨᠢᠬᠡ︶ ᠰᠡᠤᠨᠬᠢᠯ ᠢᠶᠠᠨ ᠨᠢᠬᠡᠤᠨᠬᠡᠨ ᠬᠦᠴᠤᠨ ᠢᠶᠠᠨ ᠬᠠᠮᠳᠤᠤᠨᠬᠠᠵᠤ᠂ ᠠᠵᠤ ᠤᠶᠢᠯᠡᠰ ᠤᠨ ᠬᠡᠯᠪᠡᠷᠢ ᠶᠢ ᠬᠤᠪᠢᠷᠠᠭᠠᠨ ᠳᠡᠰ ᠳᠡᠪᠰᠢᠬᠦᠯᠤᠨ᠎ᠠ | ᠰᠢᠨ᠎ᠠ ᠬᠡᠯᠪᠡᠷᠢ ᠶᠢᠨ ᠠᠵᠤ ᠤᠶᠢᠯᠡᠤᠨᠪᠤᠷᠢ ᠶᠢᠨ ᠰᠢᠰᠲ᠋ᠧᠮ ᠤᠨ ᠪᠠᠶᠢᠭᠤᠯᠤᠯᠳᠠ ᠶᠢ ᠲᠦᠷᠬᠡᠤᠨᠬᠡᠨ᠎ᠠ᠃ ᠤᠯᠤᠰ ᠤᠨ ᠠᠭᠠᠷ ᠮᠠᠨᠳᠤᠯ ᠤᠨ ᠪᠤᠬᠢᠷᠳᠤᠯ ᠢ ᠵᠠᠰᠠᠬᠤ᠂ | ᠪᠤᠬᠢᠷᠳᠤᠯ ᠦᠬᠡᠢ ᠡᠨᠧᠷᠬᠢ ᠶᠢᠨ ᠤᠶᠢᠯᠡᠰ ᠢ ᠬᠦᠭᠵᠢᠬᠦᠯᠬᠦ ᠪᠠ ᠦᠪᠡᠷᠳᠡᠬᠡᠨ ᠵᠠᠰᠠᠬᠤ ᠤᠷᠤᠨ ᠤ ︽ᠳᠠᠪᠤᠨ ᠶᠡᠭᠡ ᠰᠠᠭᠤᠷᠢᠨ ᠭᠠᠵᠠᠷ︾ ᠢ ᠴᠤᠭᠴᠠᠯᠠᠬᠤ ᠳᠤᠬᠢᠶᠠᠯ | ᠢ ᠪᠠᠳᠤ ᠡᠵᠡᠮᠳᠡᠨ᠂ ᠱᠠᠩᠬᠠᠢ ᠶᠢᠨ ᠰᠦᠮ᠎ᠠ ᠡᠨᠧᠷᠬᠢ ᠬᠢᠮᠢ ᠶᠢᠨ ᠠᠵᠤ ᠤᠶᠢᠯᠡᠤᠨᠪᠤᠷᠢ ᠶᠢᠨ ᠰᠠᠭᠤᠷᠢᠨ ᠭᠠᠵᠠᠷ ᠢᠶᠠᠷ ᠠᠴᠢᠶᠠᠯᠠᠭᠴᠢ ᠪᠤᠯᠭᠠᠵᠤ᠂ ︽ᠨᠡᠬᠦᠷᠡᠰᠤ | ᠴᠠᠬᠢᠯᠭᠠᠨ ᠬᠤᠯᠪᠤᠭᠠᠯᠠᠬᠤ︾ ᠠᠯᠬᠤᠴᠠ ᠶᠢ ᠲᠦᠷᠬᠡᠤᠨᠬᠡᠨ᠂ ᠪᠤᠬᠢᠷᠳᠤᠯ ᠦᠬᠡᠢ ᠡᠨᠧᠷᠬᠢ ᠪᠠ ᠤᠳᠤ ᠦᠶ᠎ᠡ ᠶᠢᠨ ᠨᠡᠬᠦᠷᠡᠰᠤᠨ ᠬᠢᠮᠢ ᠶᠢᠨ ᠤᠶᠢᠯᠡᠰ ᠢ ᠶᠡᠬᠡᠪᠡᠷ | ᠬᠦᠭᠵᠢᠬᠦᠯᠵᠤ᠂ ᠡᠬᠢ ᠪᠠᠶᠠᠯᠢᠭ ᠤᠨ ᠳᠠᠪᠠᠭᠤᠯᠢᠭ ᠠᠴᠠ ᠠᠵᠤ ᠠᠬᠤᠢ ᠶᠢᠨ ᠳᠠᠪᠠᠭᠤᠯᠢᠭ ᠳᠡᠰᠢ ᠰᠢᠯᠵᠢᠬᠦ ᠶᠢ ᠠᠬᠢᠭᠤᠯᠤᠨ᠎ᠠ᠃ ᠱᠠᠩᠬᠠᠢ ᠶᠢᠨ ᠰᠦᠮ᠎ᠠ ᠠᠴᠠ: | ᠱᠠᠨᠳᠦ᠋ᠩ ᠬᠦᠷᠬᠦ ᠴᠠᠬᠢᠯᠭᠠᠨ ᠭᠥᠷᠭᠡᠭᠦ ᠱᠤᠭᠤᠮ ᠪᠠ ᠮᠠᠰᠢᠨ ᠴᠤᠭᠴᠠᠯᠠᠪᠤᠷᠢ ᠶᠢᠨ ᠬᠡᠮᠵᠢᠶ᠎ᠠ ᠨᠢ 1000 ᠲᠦᠮᠡᠨ ᠺᠢᠯᠤᠸᠠᠲ ᠤᠨ 5 ᠲᠦᠬᠦᠷᠴᠢᠯᠡᠭᠰᠡᠨ ᠴᠠᠬᠢᠯᠭᠠᠨ | ᠭᠠᠷᠭᠠᠯᠳᠠ ᠶᠢᠨ ᠴᠡᠭ ᠤᠨ ᠪᠠᠶᠢᠭᠤᠯᠤᠯᠳᠠ ᠶᠢᠨ ᠲᠦᠷᠤᠯ ᠵᠦᠢᠯ ᠢ ᠵᠢᠯ ᠤᠨ ᠳᠤᠳᠤᠷ᠎ᠠ ᠪᠠᠷᠢᠯᠭ᠎ᠠ ᠡᠬᠢᠯᠡᠬᠦᠯᠤᠨ᠎ᠠ︔ ᠬᠤᠸᠠ ᠰᠢᠩ ᠤᠨ 40 ᠳ᠋ᠦᠩᠰᠢᠭᠤᠷ ᠺᠦᠪ | ᠮᠧᠲᠷ ᠨᠡᠬᠦᠷᠡᠰᠤ ᠪᠠᠷ ᠰᠢᠳᠠᠮᠠᠬᠠᠢ ᠬᠡᠢ ᠤᠶᠢᠯᠡᠤᠨᠬᠦ ᠲᠦᠷᠤᠯ ᠵᠦᠢᠯ ᠳᠤ ᠢᠳᠡᠪᠬᠢᠯᠡᠵᠤ᠂ ᠨᠡᠬᠦᠷᠡᠰᠤᠨ ᠡᠬᠢ ᠰᠤᠷᠪᠤᠯᠵᠢ᠂ ᠤᠷᠴᠢᠨ ᠳᠤᠭᠤᠷᠢᠨ ᠤ ᠪᠠᠭᠳᠠᠭᠠᠮᠵᠢ᠂ | ᠤᠰᠤᠨ ᠡᠬᠢ ᠰᠤᠷᠪᠤᠯᠵᠢ ᠵᠡᠷᠬᠡ ᠡᠯᠧᠮᠧᠨ᠋ᠲ ᠤᠨ ᠵᠢᠭᠠᠯᠳᠠ ᠳᠤᠭ᠎ᠠ ᠶᠢ ᠪᠤᠳᠠᠳᠠᠶᠢᠵᠢᠭᠤᠯᠤᠨ᠂ ᠵᠢᠯ ᠤᠨ ᠳᠤᠳᠤᠷ᠎ᠠ ᠪᠡᠷᠢᠯᠭ᠎ᠠ ᠡᠬᠢᠯᠡᠬᠦᠯᠤᠨ᠎ᠠ︔ 130 ᠲᠦᠮᠡᠨ | ᠳᠤᠨ ᠨᠡᠬᠦᠷᠡᠰᠤ ᠬᠡᠤᠷᠰᠢᠬᠦᠯᠬᠦ ᠤᠯᠠᠨ ᠬᠤᠯᠪᠤᠭᠠᠳᠤ ᠤᠶᠢᠯᠡᠤᠨᠪᠤᠷᠢᠯᠡᠯ ᠤᠨ ᠲᠦᠷᠤᠯ ᠵᠦᠢᠯ ᠢ ᠵᠢᠯ ᠤᠨ ᠡᠴᠤᠰ ᠠᠴᠠ ᠡᠮᠤᠨ᠎ᠠ ᠳᠤᠷᠰᠢᠨ ᠤᠶᠢᠯᠡᠤᠨᠪᠤᠷᠢᠯᠡᠬᠦ | ᠨᠦᠬᠦᠴᠡᠯ ᠲᠠᠢ ᠪᠤᠯᠭᠠᠨ᠎ᠠ᠃ ᠲᠢᠶᠠᠨ ᠯᠢ ᠹᠧᠩ ᠤᠨ 60 ᠲᠦᠮᠡᠨ ᠳᠤᠨ ᠤ LNG ᠶᠢᠨ ᠲᠦᠷᠤᠯ ᠵᠦᠢᠯ ᠢ ᠡᠬᠢᠯᠡᠬᠦᠯᠵᠤ᠂ ᠺᠧ ᠰᠧ ᠶᠢᠨ 40 ᠲᠦᠮᠡᠨ ᠳᠤᠨ | LNG ᠶᠢᠨ ᠲᠦᠷᠤᠯ ᠵᠦᠢᠯ ᠢ ᠠᠰᠢᠭᠯᠠᠯᠳᠠ ᠳᠤ ᠤᠷᠤᠭᠤᠯᠬᠤ ᠪᠠᠷ ᠴᠢᠷᠮᠠᠶᠢᠨ᠎ᠠ᠃ ᠤᠯᠤᠰ ᠠᠴᠠ ᠰᠢᠨ᠎ᠠ ᠡᠨᠧᠷᠬᠢ ᠶᠢᠨ ᠤᠶᠢᠯᠡᠰ ᠢ ᠵᠤᠷᠢᠭᠵᠢᠭᠤᠯᠤᠨ ᠳᠡᠮᠵᠢᠵᠤ | ᠪᠠᠶᠢᠭ᠎ᠠ ᠳᠤᠬᠢᠶᠠᠯ ᠢ ᠡᠵᠡᠮᠳᠠᠨ᠂ ᠷᠦᠨ ᠪᠥᠸᠧ ᠶᠢᠨ 33 ᠰᠡᠶᠠ ᠸᠤᠯᠲ ᠨᠠᠷᠠᠨ ᠴᠠᠬᠢᠯᠭᠠᠨ ᠤ ᠲᠦᠷᠤᠯ ᠵᠦᠢᠯ ᠢ 3 ᠳ᠋ᠣᠭᠠᠷ ᠰᠠᠷ᠎ᠠ ᠶᠢᠨ ᠰᠡᠬᠦᠯᠴᠢ ᠴᠠᠬᠢᠯᠭᠠᠨ | ᠳᠤᠤᠷ ᠲᠤ ᠨᠠᠶᠢᠯᠡᠬᠦᠯᠤᠨ ᠠᠵᠢᠯᠯᠠᠭᠤᠯᠵᠤ᠂ ᠪᠤᠳᠠᠳᠤ ᠬᠦᠴᠤᠨ ᠢᠶᠠᠷ ᠴᠢᠩᠭ᠎ᠠ ᠲᠦᠷᠤᠯ ᠵᠦᠢᠯ ᠤᠳ ᠢ ᠭᠤᠤᠯᠳᠠᠯᠭᠠᠳᠠᠢ ᠠᠬᠢᠭᠤᠯᠤᠨ᠎ᠠ︔ ᠰᠢᠳᠠᠮᠠᠬᠠᠢ ᠬᠡᠢ᠂ | ᠴᠢᠯᠠᠭᠤᠨ ᠳᠤᠰᠤᠨ ᠤ ᠬᠠᠶᠢᠯᠳᠠ ᠨᠡᠬᠡᠬᠡᠯᠳᠠ ᠶᠢ ᠦᠷᠬᠡᠤᠨᠬᠡᠨᠠ︔ ᠨᠡᠬᠦᠷᠡᠰᠤᠨ ᠬᠢᠮᠢ ᠶᠢᠨ ᠠᠵᠤ ᠤᠶᠢᠯᠡᠤᠨᠪᠤᠷᠢ ᠶᠢᠨ ᠳᠤᠤᠷᠠᠳᠤ ᠤᠷᠤᠰᠬᠠᠯ ᠤᠨ ᠤᠶᠢᠯᠡᠤᠨᠬᠦᠨ | ᠪᠤᠶᠤ ᠦᠵᠤᠬᠦᠷᠰᠢᠯ ᠤᠶᠢᠯᠡᠤᠨᠬᠦᠨ ᠢ ᠴᠢᠬᠤᠯᠠᠴᠢᠯᠠᠨ ᠬᠦᠭᠵᠢᠬᠦᠯᠵᠤ᠂ ᠬᠦᠷᠢᠶᠠᠯᠠᠩ ᠤᠨ ᠴᠠᠷᠳᠠᠮᠠᠯ ᠵᠠᠮ᠂ ᠬᠡᠤᠷᠠᠰᠤᠨ ᠰᠢᠭᠠᠷᠤ ᠶᠢᠨ ᠳᠠᠯᠠᠪᠠᠢ᠂ ᠲᠦᠷ | ᠠᠬᠤᠭᠤᠯᠬᠤ ᠴᠦᠬᠦᠷᠤᠮ᠂ ᠪᠤᠵᠠᠷ ᠤᠰᠤ ᠰᠢᠢᠤᠨᠪᠤᠷᠢᠯᠡᠬᠦ ᠤᠶᠢᠯᠡᠤᠨᠪᠤᠷᠢ ᠵᠡᠷᠬᠡ ᠲᠦᠬᠦᠷᠴᠢᠯᠡᠭᠰᠡᠨ ᠲᠦᠬᠦᠬᠡᠷᠤᠮᠵᠢ ᠶᠢᠨ ᠳᠡᠬᠦᠯᠳᠡᠷᠵᠢᠬᠦᠯᠤᠯᠳᠠ ᠶᠢ ᠨᠢᠬᠡᠳᠤᠯᠳᠠᠢ | ᠠᠬᠢᠭᠤᠯᠤᠨ᠂ ᠡᠬᠢ ᠰᠤᠷᠪᠤᠯᠵᠢ ᠶᠢ ᠪᠦᠳᠤᠮᠵᠢᠳᠠᠢ ᠠᠰᠢᠭᠯᠠᠬᠤ᠂ ᠬᠦᠨᠵᠡᠬᠡᠢ ᠬᠤᠪᠢᠷᠠᠭᠠᠬᠤ᠂ ᠨᠡᠮᠡᠭᠳᠡᠯ ᠦᠷᠳᠡᠭ ᠢ ᠶᠡᠬᠡᠰᠬᠡᠬᠦ᠂ ᠳᠠᠭᠠᠯᠳᠠ ᠪᠦᠳᠤᠬᠡᠭᠳᠡᠬᠦᠨ ᠤ | ᠬᠠᠶᠠᠭᠳᠠᠮᠠᠯ ᠪᠤᠳᠠᠰ ᠢ ᠡᠬᠢ ᠪᠠᠶᠠᠯᠢᠭᠵᠢᠭᠤᠯᠬᠤ ᠶᠢ ᠴᠢᠬᠤᠯᠠᠴᠢᠯᠠᠵᠤ᠂ ᠠᠵᠤ ᠤᠶᠢᠯᠡᠰ ᠤᠨ ᠴᠢᠨᠠᠷ ᠴᠢᠨᠰᠠᠭ᠎ᠠ ᠶᠢ ᠪᠦᠬᠦᠯᠢ ᠴᠤᠭᠴᠠ ᠪᠠᠷ ᠳᠡᠬᠡᠭᠰᠢᠯᠡᠬᠦᠯᠵᠤ᠂ | ᠰᠢᠨ᠎ᠠ ᠬᠡᠯᠪᠡᠷᠢ ᠶᠢᠨ ᠠᠵᠤ ᠤᠶᠢᠯᠡᠤᠨᠪᠤᠷᠢᠵᠢᠭ᠍ᠰᠡᠨ ᠬᠦᠭᠵᠢᠯᠳᠠ ᠶᠢ ᠠᠬᠢᠭᠤᠯᠤᠨ᠎ᠠ᠃ | ᠮᠠᠯ ᠳᠠᠷᠢᠶᠠᠯᠠᠩ ᠤᠨ ᠨᠡᠷᠡᠳᠤ ᠳᠡᠮᠳᠡᠭ ᠤᠨ ᠠᠯᠳᠠᠷᠰᠢᠯ ᠪᠤᠯᠤᠨ ᠬᠡᠪᠵᠢᠶᠡᠵᠢᠯ᠂ ᠠᠵᠤ ᠤᠶᠢᠯᠡᠰᠵᠢᠯ ᠤᠨ ᠬᠦᠭᠵᠢᠯᠳᠠ ᠶᠢ ᠠᠬᠢᠭᠤᠯᠤᠨ᠎ᠠ᠃ ᠢᠷᠭᠠᠢ ᠶᠢᠨ | ᠶᠡᠷᠤᠩᠬᠡᠶᠢᠯᠡᠭᠰᠡᠨ ᠭᠠᠶᠢᠯᠢ ᠪᠠᠳᠤᠯᠠᠬᠤ ᠳᠤᠭᠤᠷᠢᠭ ᠤᠨ ᠪᠠᠶᠢᠭᠤᠯᠤᠯᠳᠠ ᠶᠢᠨ ᠳᠡᠯᠡᠬᠡᠢ ᠨᠠᠶᠢᠳᠠ ︵ᠠᠷᠠᠪ︶ ᠳᠤ ᠬᠠᠨᠳᠤᠭᠤᠯᠤᠭᠰᠡᠨ ᠯᠠᠯᠤ ᠪᠦᠳᠤᠬᠡᠭᠳᠡᠬᠦᠨ ᠤ ᠵᠠᠬ᠎ᠠ | ᠳᠡᠯᠬᠡᠬᠦᠷ᠂ ᠮᠠᠨ ᠤ ᠬᠤᠰᠢᠭᠤᠨ ᠤ ᠮᠠᠯ ᠤᠨ ᠠᠰᠢᠭ ᠰᠢᠮ᠎ᠠ ᠶᠢ ᠭᠠᠳᠠᠭᠰᠢ ᠭᠠᠷᠭᠠᠬᠤ ᠶᠢ ᠰᠢᠯᠭᠠᠨ ᠪᠠᠶᠢᠴᠠᠭᠠᠬᠤ ᠳᠤᠭᠤᠷᠢᠭ ᠢ ᠪᠠᠶᠢᠭᠤᠯᠬᠤ ᠳᠤᠬᠢᠶᠠᠯ ᠳᠤ | ᠵᠤᠬᠢᠴᠠᠭᠤᠯᠤᠨ᠂ ᠮᠠᠯ ᠤᠨ ᠠᠰᠢᠭ ᠰᠢᠮ᠎ᠠ ᠶᠢᠨ ᠵᠠᠬ᠎ᠠ ᠳᠡᠯᠬᠡᠬᠦᠷ ᠤᠨ ᠤᠷᠤᠨ ᠵᠠᠢ ᠶᠢ ᠦᠷᠬᠡᠤᠨᠬᠡᠵᠤ᠂ ᠬᠡᠪᠴᠢᠶᠡᠵᠢᠭᠰᠡᠨ ᠳᠡᠵᠢᠬᠡᠨ ᠦᠷᠡᠵᠢᠬᠦᠯᠤᠯᠳᠠ᠂ ᠨᠠᠷᠢᠯᠢᠭ | ᠪᠤᠯᠪᠠᠰᠤᠷᠠᠭᠤᠯᠤᠯᠳᠠ᠂ ᠨᠡᠷᠡᠳᠤ ᠳᠡᠮᠳᠡᠭ ᠤᠨ ᠬᠦᠭᠵᠢᠬᠦᠯᠤᠯᠳᠠ᠂ ᠵᠠᠬ᠎ᠠ ᠳᠡᠯᠬᠡᠬᠦᠷᠵᠢᠭᠰᠡᠨ ᠡᠷᠬᠢᠯᠳᠠ ᠶᠢ ᠦᠷᠬᠡᠤᠨᠬᠡᠵᠤ᠂ ᠤᠶᠢᠯᠡᠤᠨᠪᠤᠷᠢᠯᠡᠬᠦ᠂ ᠪᠤᠯᠪᠠᠰᠤᠷᠠᠭᠤᠯᠬᠤ᠂ | ᠬᠦᠢᠯᠬᠡᠬᠦᠯᠬᠦ᠂ ᠪᠤᠷᠤᠯᠠᠭᠤᠯᠬᠤ ᠶᠢ ᠨᠢᠬᠡ ᠴᠤᠭᠴᠠᠵᠢᠭᠤᠯᠤᠭᠰᠡᠨ ᠬᠦᠭᠵᠢᠯᠳᠠ ᠶᠢᠨ ᠪᠦᠳᠤᠴᠠ ᠶᠢ ᠪᠦᠷᠢᠯᠳᠤᠬᠦᠯᠤᠨ᠎ᠠ᠃ ᠤᠳᠤᠬᠠᠨ ᠤ ᠳᠠᠷᠢᠵᠤ ᠲᠡᠵᠢᠭᠡᠭᠦ | ᠪᠤᠯᠪᠠᠰᠤᠷᠠᠭᠤᠯᠬᠤ ᠲᠦᠷᠤᠯ ᠵᠦᠢᠯ ᠢ ᠡᠬᠢᠯᠡᠨ ᠪᠠᠶᠢᠭᠤᠯᠤᠭᠰᠡᠨ ᠰᠠᠭᠤᠷᠢᠨ ᠳᠡᠬᠡᠷ᠎ᠠ᠂ ᠮᠠᠯ ᠳᠠᠷᠢᠶᠠᠯᠠᠩ ᠤᠨ ᠪᠦᠳᠤᠬᠡᠭᠳᠡᠬᠦᠨ ᠤᠶᠢᠯᠡᠤᠨᠪᠤᠷᠢᠯᠡᠬᠦ᠂ ᠪᠤᠯᠪᠠᠰᠤᠷᠠᠭᠤᠯᠬᠤ | ᠂ ᠬᠦᠢᠯᠬᠡᠬᠦᠯᠬᠦ ᠳᠤᠯᠤᠭᠠᠶᠢᠯᠠᠭᠴᠢ ᠠᠵᠤ ᠠᠬᠤᠶᠢᠯᠠᠯ ᠢ ᠤᠷᠢᠨ ᠠᠪᠴᠢᠷᠠᠵᠤ᠂ ︽ᠳᠠᠶᠢᠴᠢᠯᠠᠬᠤ ᠴᠢᠨᠠᠷ︾ ᠲᠠᠢ ᠠᠵᠤ ᠤᠶᠢᠯᠡᠰ ᠤᠨ ᠬᠦᠭᠵᠢᠯᠳᠠ ᠶᠢᠨ ᠵᠠᠭᠪᠤᠷ ᠢ | ᠪᠤᠢ ᠪᠤᠯᠭᠠᠨ᠎ᠠ᠃ ᠰᠢᠨ᠎ᠠ ᠪᠠᠷ 1 ᠲᠦᠮᠡᠨ ᠮᠤ᠋ ᠤᠳᠤ ᠥᠶ᠎ᠡ ᠶᠢᠨ ᠳᠠᠷᠢᠶᠠᠯᠠᠩ ᠤᠨ ᠰᠠᠭᠤᠷᠢᠨ ᠭᠠᠵᠠᠷ ᠢ ᠪᠠᠶᠢᠭᠤᠯᠵᠤ᠂ ᠵᠢᠯ ᠳᠤ 2000 ᠠᠯᠠᠰᠢᠨ ᠮᠠᠯ | ᠪᠤᠷᠤᠯᠠᠭᠤᠯᠬᠤ ᠬᠡᠪᠴᠢᠶᠠᠵᠢᠯ ᠪᠦᠬᠦᠢ ᠳᠡᠵᠢᠬᠡᠨ ᠦᠷᠡᠵᠢᠬᠦᠯᠬᠦ ᠬᠦᠷᠢᠶᠠᠯᠡᠩ ᠢ 2 ᠬᠦᠭᠵᠢᠬᠦᠯᠵᠤ᠂ ᠤᠳᠤ ᠦᠶ᠎ᠡ ᠶᠢᠨ ᠬᠡᠷ ᠪᠦᠯᠢ ᠶᠢᠨ ᠮᠠᠯᠵᠢᠯ ᠤᠨ ᠳᠠᠯᠠᠪᠠᠢ ᠶᠢ | 150 ᠪᠠᠶᠢᠭᠤᠯᠤᠨ᠎ᠠ᠃ ᠮᠠᠯ ᠳᠠᠷᠢᠶᠠᠯᠠᠩ ᠤᠨ ᠠᠵᠤ ᠤᠶᠢᠯᠡᠰ ᠤᠨ ᠬᠡᠯᠬᠢᠶᠡᠵᠢᠯ ᠢ ᠤᠷᠳᠤᠤᠨᠬᠠᠨ᠂ ᠪᠦᠳᠤᠬᠡᠭᠳᠡᠬᠦᠨ ᠤ ᠦᠷᠳᠡᠭ ᠢ ᠳᠡᠬᠡᠭᠰᠢᠯᠡᠬᠦᠯᠵᠤ᠂ ᠮᠠᠯ | ᠳᠠᠷᠢᠶᠠᠯᠠᠩ ᠤᠨ ᠤᠶᠢᠯᠡᠰ ᠤᠨ ᠠᠵᠤ ᠤᠶᠢᠯᠡᠰᠵᠢᠭᠰᠡᠨ ᠬᠦᠭᠵᠢᠯᠳᠠ ᠶᠢᠨ ᠠᠬᠢᠴᠠ ᠶᠢ ᠲᠦᠷᠬᠡᠤᠨᠬᠡᠨ᠎ᠠ᠃ | ᠭᠤᠷᠪᠠᠳᠤᠭᠠᠷ ᠠᠵᠤ ᠥᠢᠯᠡᠰ ᠤᠨ ᠭᠥᠭᠵᠢᠯᠳᠡ ᠶᠢᠨ ᠲᠥᠪᠰᠢᠨ ᠢ ᠲᠡᠭᠡᠭᠰᠢᠯᠡᠭᠦᠯᠥᠨ᠎ᠡ᠃ ᠰᠢᠨ᠎ᠡ ᠬᠡᠪ ᠪᠠᠶᠢᠳᠠᠯ ᠳᠤ ᠬᠢ ᠰᠤᠶᠤᠯ ᠵᠢᠭᠤᠯᠴᠢᠯᠠᠯ ᠤᠨ ᠥᠢᠯᠡᠰ | ᠤᠨ ᠰᠢᠨ᠎ᠡ ᠬᠠᠨᠳᠤᠰᠢ ᠶᠢ ᠴᠢᠬᠤᠯᠠᠴᠢᠯᠠᠵᠤ᠂ ᠤᠳᠤ ᠥᠶ᠎ᠡ ᠶᠢᠨ ᠥᠢᠯᠡᠴᠢᠯᠡᠭᠡᠨ ᠤ ᠥᠢᠯᠡᠰ ᠤᠨ ᠤᠯᠠᠨ ᠶᠠᠩᠵᠤᠳᠤ ᠴᠢᠨᠠᠷ ᠪᠤᠯᠤᠨ ᠠᠵᠤ ᠥᠢᠯᠡᠰ ᠤᠨ ᠬᠠᠮ | ᠴᠢᠨᠠᠷ ᠢ ᠭᠥᠭᠵᠢᠭᠦᠯᠥᠨ᠎ᠡ᠃ ᠤᠷᠳᠤᠰ ᠤᠨ ᠥᠵᠡᠮᠵᠢ ᠶᠢᠨ ᠵᠠᠮ ᠤᠨ ᠪᠠᠶᠢᠭᠤᠯᠤᠯᠳᠠ ᠶᠢ ᠲᠥᠷᠭᠡᠳᠭᠡᠨ᠂ ᠶᠡᠭᠡ ᠲᠤᠯᠤᠨ ᠪᠤᠯᠤᠨ ᠱᠠᠩᠬᠠᠢ ᠶᠢᠨ ᠰᠦᠮ᠎ᠠ ᠶᠢᠨ | ᠨᠠᠷᠬᠢᠶᠠᠨᠳᠤ ᠲᠠᠯ᠎ᠠ ᠨᠤᠳᠤᠭ ᠵᠡᠷᠭᠡ ᠵᠢᠭᠤᠯᠴᠢᠯᠠᠯ ᠤᠨ ᠭᠠᠵᠠᠷ ᠤᠨ ᠰᠠᠭᠤᠷᠢ ᠲᠥᠭᠦᠭᠡᠷᠤᠮᠵᠢ ᠶᠢ ᠥᠷᠭᠦᠯᠵᠢᠯᠡᠨ ᠰᠠᠶᠢᠵᠢᠷᠠᠭᠤᠯᠵᠤ᠂ ᠤᠷᠳᠤᠰ ᠰᠤᠶᠤᠯ ᠤᠨ | ᠵᠢᠭᠤᠯᠴᠢᠯᠠᠯ ᠤᠨ ᠲᠤᠰᠬᠤᠨ᠂ ᠶᠡᠭᠡ ᠬᠠᠭᠠᠨ ᠤ ᠶᠠᠪᠤᠭᠤᠯ ᠤᠷᠳᠤᠨ ᠵᠡᠷᠭᠡ ᠶᠢᠨ ᠭᠥᠯᠢᠶᠡᠨ ᠵᠤᠴᠢᠯᠠᠬᠤ ᠴᠢᠳᠠᠪᠬᠢ ᠶᠢ ᠴᠢᠩᠭᠠᠤᠨᠬᠠᠨ᠂ ᠬᠠᠪᠢ ᠵᠡᠷᠬᠡᠯᠡᠳᠡᠭᠡ ᠭᠠᠵᠠᠷ | ᠤᠷᠤᠨ ᠲᠠᠢ ᠪᠠᠨ ᠬᠠᠷᠢᠯᠴᠠᠨ ᠨᠥᠭᠦᠴᠡᠯᠳᠥᠭᠰᠡᠨ ᠠᠳᠠᠯᠢ ᠪᠤᠰᠤ ᠰᠤᠶᠤᠯ ᠤᠨ ᠵᠢᠭᠤᠯᠴᠢᠯᠠᠯ ᠤᠨ ᠲᠤᠭᠳᠠᠴᠠ ᠶᠢ ᠪᠥᠷᠢᠯᠳᠥᠭᠦᠯᠥᠨ᠎ᠡ᠃ ᠰᠤᠶᠤᠯ ᠤᠷᠠᠯᠢᠭ ᠤᠨ | ᠥᠢᠯᠡᠰ ᠢ ᠭᠥᠭᠵᠢᠭᠦᠯᠥᠨ᠂ ᠤᠨᠴᠠᠯᠢᠭᠳᠤ ᠰᠤᠳᠤᠨ ᠰᠤᠶᠤᠯ ᠵᠢᠭᠤᠯᠴᠢᠯᠠᠯ ᠤᠨ ᠥᠢᠯᠡ ᠶᠢ ᠪᠥᠳᠥᠭᠡᠵᠥ᠂ ᠲᠠᠶᠢᠯᠭ᠎ᠠ ᠲᠠᠬᠢᠯᠭ᠎ᠠ ᠶᠢᠨ ᠰᠤᠶᠤᠯ᠂ ᠤᠷᠳᠤᠰ ᠬᠤᠷᠢᠮ | ᠤᠨ ᠰᠤᠶᠤᠯ᠂ ᠠᠳᠤᠭᠤᠨ ᠰᠤᠶᠤᠯ ᠢᠶᠠᠷ ᠤᠨᠴᠠᠯᠢᠭᠵᠢᠭᠤᠯᠤᠭᠰᠠᠨ ᠵᠢᠭᠤᠯᠴᠢᠯᠠᠯ ᠤᠨ ᠨᠡᠷᠡᠳᠤ ᠲᠡᠮᠳᠡᠭ ᠢ ᠡᠭᠦᠳᠥᠨ᠂ ᠰᠤᠶᠤᠯ ᠵᠢᠭᠤᠯᠴᠢᠯᠠᠯ ᠤᠨ ᠥᠢᠯᠡᠰ ᠤᠨ | ᠭᠥᠭᠵᠢᠯᠳᠡ ᠶᠢᠨ ᠲᠡᠰ ᠲᠠᠪᠬᠤᠷᠭ᠎ᠠ ᠪᠤᠯᠤᠨ ᠬᠢᠷᠢ ᠲᠥᠪᠰᠢᠨ ᠢ ᠲᠡᠭᠡᠭᠰᠢᠯᠡᠭᠦᠯᠥᠨ᠎ᠡ᠃ ᠨᠤᠮ ᠤᠨ ᠰᠠᠩ᠂ ᠰᠤᠶᠤᠯ ᠤᠨ ᠤᠷᠳᠤᠨ᠂ ᠮᠥᠽᠸᠢ ᠵᠡᠷᠭᠡ ᠶᠢ | ᠠᠰᠢᠭᠯᠠᠯᠳᠠ ᠳᠤ ᠤᠷᠤᠭᠤᠯᠤᠨ᠂ ᠰᠤᠶᠤᠯ ᠤᠨ ᠠᠵᠤ ᠥᠢᠯᠡᠰ ᠤᠨ ᠡᠵᠡᠩᠨᠡᠯᠳᠠ ᠪᠤᠯᠤᠨ ᠵᠢᠭᠤᠯᠴᠢᠯᠠᠯ ᠤᠨ ᠥᠢᠯᠡᠰ ᠢ ᠤᠶᠠᠯᠳᠤᠭᠤᠯᠤᠨ ᠭᠥᠭᠵᠢᠭᠦᠯᠵᠥ᠂ ᠪᠤᠳᠠᠳᠤ | ᠭᠥᠴᠥᠨ ᠢᠶᠠᠷ ᠴᠢᠩᠭ᠎ᠠ᠂ ᠥᠷᠢᠰᠭᠦ ᠭᠥᠴᠥᠨ ᠲᠡᠭᠦᠯᠳᠡᠷ ᠠᠵᠤ ᠠᠬᠤᠶᠢᠯᠠᠯ ᠢ ᠤᠷᠤᠭᠤᠯᠤᠨ ᠨᠡᠭᠡᠭᠡᠯᠳᠡ ᠪᠠᠶᠢᠭᠤᠯᠤᠯᠳᠠ ᠬᠢᠯᠭᠡᠨ᠎ᠡ᠃ ᠡᠷᠡᠭᠦᠯ ᠪᠥᠳᠥᠨ ᠨᠠᠰᠤᠵᠢᠯ | ᠤᠨ ᠠᠵᠤ ᠥᠢᠯᠡᠰ ᠢ ᠢᠳᠡᠪᠬᠢᠳᠠᠢ ᠪᠤᠶᠢᠵᠢᠭᠤᠯᠵᠤ᠂ ᠦᠨᠳᠤᠰᠤᠳᠠᠨ ᠤ ᠭᠠᠷ ᠤᠷᠠᠯᠠᠯ ᠪᠤᠯᠤᠨ ᠦᠵᠡᠰᠬᠦᠯᠡᠩ ᠂ ᠤᠷᠠᠨ ᠵᠢᠷᠤᠭ ᠪᠢᠴᠢᠯᠭᠡ ᠵᠡᠷᠬᠡ ᠰᠢᠨ᠎ᠠ ᠠᠵᠤ | ᠤᠶᠢᠯᠡᠰ ᠢ ᠬᠦᠭᠵᠢᠬᠦᠯᠤᠨ᠂ ᠤᠳᠤ ᠥᠶ᠎ᠡ ᠶᠢᠨ ᠤᠶᠢᠯᠡᠴᠢᠯᠡᠬᠡᠨ ᠤ ᠥᠢᠯᠡᠰ ᠢ ᠠᠵᠤ ᠠᠬᠤᠢ ᠨᠡᠶᠢᠭᠡᠮ ᠤᠨ ᠭᠥᠭᠵᠢᠭᠦᠯᠥᠯᠳᠡ ᠶᠢᠨ ᠰᠢᠨ᠎ᠡ ᠴᠡᠭ ᠪᠤᠯᠭᠠᠨ᠎ᠠ᠃ | ᠮᠥᠩᠭᠦᠨ ᠭᠥᠢᠯᠭᠡᠭᠡᠨ ᠤ ᠰᠠᠯᠠᠭ᠎ᠠ ᠮᠥᠴᠢᠷ ᠤᠨ ᠡᠯ᠎ᠡ ᠲᠥᠷᠥᠯ ᠤᠨ ᠵᠢᠭᠡᠯᠡᠯᠭᠡ ᠶᠢᠨ ᠥᠢᠯᠡᠴᠢᠯᠡᠭᠡ ᠶᠢ ᠢᠳᠡᠪᠬᠢᠳᠡᠢ ᠵᠤᠷᠢᠭᠵᠢᠭᠤᠯᠵᠤ᠂ ᠮᠠᠯᠵᠢᠬᠤ ᠲᠠᠷᠢᠶᠠᠯᠠᠬᠤ | ᠤᠷᠤᠨ ᠤ ᠠᠷᠠᠳ ᠲᠤ ᠲᠥᠭᠦᠮ ᠥᠵᠡᠭᠦᠯᠭᠦ ᠮᠥᠩᠭᠦᠨ ᠭᠥᠢᠯᠭᠡᠭᠡᠨ ᠤ ᠲᠥᠭᠦᠭᠡᠷᠥᠮᠵᠢ ᠳᠤ ᠬᠢ ᠤᠷᠤᠭᠤᠯᠤᠯᠳᠠ ᠶᠢ ᠨᠡᠮᠡᠭᠳᠡᠭᠦᠯᠥᠨ᠂ ᠮᠠᠯᠵᠢᠬᠤ ᠲᠠᠷᠢᠶᠠᠯᠠᠬᠤ | ᠤᠷᠤᠨ ᠤ ᠭᠥᠭᠵᠢᠯᠳᠡ ᠳᠤ ᠬᠢ ᠮᠥᠩᠭᠦᠨ ᠭᠥᠢᠯᠭᠡᠭᠡᠨ ᠤ ᠱᠠᠭᠠᠷᠳᠠᠯᠭ᠎ᠠ ᠶᠢ ᠬᠠᠩᠭᠠᠨ᠎ᠠ᠃ ᠤᠯᠵᠠᠴᠢ ᠶᠢᠨ ᠪᠠᠷᠠᠭ᠎ᠠ ᠭᠥᠢᠯᠭᠡᠭᠡᠨ ᠤ ᠥᠢᠯᠡᠴᠢᠯᠡᠭᠡ ᠶᠢᠨ | ᠭᠥᠷᠢᠶᠡᠯᠡᠩ ᠤᠨ ᠪᠠᠶᠢᠭᠤᠯᠤᠯᠳᠠ ᠶᠢ ᠡᠬᠢᠯᠡᠭᠦᠯᠵᠥ᠂ ᠨᠢᠩᠰᠢᠶᠡ ᠶᠢᠨ ᠪᠠᠷᠠᠭ᠎ᠠ ᠭᠥᠢᠯᠭᠡᠭᠡᠨ ᠤ ᠲᠠᠪᠠᠭᠤᠯᠢᠭ ᠪᠤᠯᠤᠨ ᠮᠠᠨ ᠤ ᠬᠤᠰᠢᠭᠤᠨ ᠤ ᠤᠳᠤᠬᠠᠨ | ᠪᠠᠶᠢᠭᠤᠯᠤᠭᠳᠠᠬᠤ ᠵᠠᠰᠠᠮᠠᠯ ᠵᠠᠮ᠂ ᠲᠡᠮᠥᠷ ᠵᠠᠮ᠂ ᠨᠢᠰᠬᠡᠯ ᠤᠨ ᠪᠠᠭᠤᠳᠠᠯ ᠤᠨ ᠪᠥᠭᠦ ᠴᠤᠭᠴᠠᠳᠤ ᠨᠡᠪᠳᠡᠷᠯᠡᠭᠡ ᠳᠤ ᠲᠥᠰᠢᠭᠯᠡᠨ᠂ ᠤᠳᠤ ᠥᠶ᠎ᠡ ᠶᠢᠨ ᠪᠠᠷᠠᠭ᠎ᠠ | ᠭᠥᠢᠯᠭᠡᠭᠡ ᠶᠢᠨ ᠭᠥᠭᠵᠢᠯᠳᠡ ᠶᠢᠨ ᠲᠥᠯᠥᠪᠯᠡᠭᠡ ᠶᠢ ᠲᠤᠭᠳᠠᠭᠠᠵᠤ᠂ ᠪᠠᠷᠠᠭ᠎ᠠ ᠭᠥᠢᠯᠭᠡᠭᠡᠨ ᠤ ᠰᠠᠭᠤᠷᠢᠨ ᠢ ᠲᠥᠰᠥᠪᠯᠡᠨ ᠪᠠᠶᠢᠭᠤᠯᠤᠨ᠎ᠠ᠃ | ︵ᠬᠤᠶᠠᠷ︶ ᠨᠢᠭᠡᠳᠥᠯᠳᠡᠢ ᠲᠤᠬᠢᠷᠠᠭᠤᠯᠤᠨ ᠨᠡᠶᠢᠳᠡ ᠳᠤ ᠨᠢ ᠬᠠᠷᠠᠭᠠᠯᠵᠠᠵᠤ᠂ ᠬᠤᠳᠠ ᠭᠥᠳᠡᠭᠡ ᠶᠢᠨ ᠭᠥᠭᠵᠢᠯᠳᠡ ᠶᠢᠨ ᠤᠷᠴᠢᠨ ᠢ ᠰᠢᠯᠢᠳᠡᠭᠵᠢᠭᠦᠯᠥᠨ᠎ᠡ | ᠬᠤᠳᠠ ᠭᠥᠳᠡᠭᠡ ᠶᠢᠨ ᠲᠤᠷᠰᠢᠯᠳᠠ ᠶᠢᠨ ᠴᠡᠭ ᠤᠨ ᠪᠠᠶᠢᠭᠤᠯᠤᠯᠳᠠ ᠶᠢ ᠭᠥᠨᠵᠡᠭᠡᠶᠢᠷᠡᠭᠦᠯᠥᠨ᠎ᠡ᠃ ᠬᠤᠳᠠ ᠭᠥᠳᠡᠭᠡ ᠶᠢ ᠨᠢᠭᠡᠳᠥᠯᠳᠡᠢ ᠲᠥᠯᠥᠪᠵᠢᠭᠦᠯᠥᠨ | ᠡᠷᠴᠢᠮᠵᠢᠭᠦᠯᠥᠨ ᠭᠥᠭᠵᠢᠭᠦᠯᠭᠦ ᠪᠤᠳᠤᠯᠭ᠎ᠠ ᠪᠤᠯᠤᠨ ︽ᠵᠢᠷᠭᠤᠭ᠎ᠠ ᠶᠢ ᠴᠤᠭᠴᠠᠵᠢᠭᠤᠯᠬᠤ︾ ᠲᠥᠯᠥᠪᠯᠡᠭᠡ ᠶᠢ ᠤᠶᠠᠯᠳᠤᠭᠤᠯᠵᠤ᠂ ᠭᠥᠮᠥᠨ ᠠᠷᠠᠳ ᠤᠨ ᠠᠵᠢᠯ | ᠠᠮᠢᠳᠤᠷᠠᠯ ᠳᠤ ᠵᠤᠬᠢᠴᠠᠭᠤᠯᠤᠭᠰᠠᠨ ᠰᠢᠨ᠎ᠠ ᠭᠡᠯᠪᠡᠷᠢ ᠶᠢᠨ ᠬᠤᠳᠠ ᠪᠠᠯᠭᠠᠰᠤᠨ ᠤ ᠭᠥᠭᠵᠢᠯᠳᠡ ᠶᠢᠨ ᠤᠶᠢᠯᠠᠭᠠᠳᠠᠬᠤᠨ ᠢ ᠤᠷᠤᠨᠵᠢᠭᠤᠯᠤᠨᠠ᠃ ᠬᠤᠳᠠ ᠪᠠᠯᠭᠠᠰᠤᠨ | ᠤ ᠥᠢᠯᠡᠴᠢᠯᠡᠭᠡᠨ ᠤ ᠴᠢᠳᠠᠪᠬᠢ ᠶᠢ ᠥᠷᠭᠦᠯᠵᠢᠯᠡᠨ ᠲᠡᠭᠦᠯᠳᠡᠷᠵᠢᠭᠦᠯᠥᠨ᠎ᠡ᠃ ᠤᠳᠤ ᠪᠠᠶᠢᠬᠤ ᠲᠥᠭᠦᠭᠡᠷᠤᠮᠵᠢ ᠶᠢᠨ ᠰᠠᠭᠤᠷᠢᠨ ᠲᠡᠭᠡᠷ᠎ᠡ ᠲᠥᠯᠥᠪᠵᠢᠭᠦᠯᠭᠡ ᠪᠠᠷ | ᠵᠢᠯᠤᠭᠤᠳᠤᠭᠤᠯᠤᠨ ᠡᠯ᠎ᠡ ᠭᠠᠴᠠᠭ᠎ᠠ ᠲᠤᠰᠬᠤᠨ ᠤ ᠤᠳᠤ ᠥᠶ᠎ᠡ ᠶᠢᠨ ᠮᠠᠯ ᠲᠠᠷᠢᠶᠠᠯᠠᠩ᠂ ᠶᠠᠳᠠᠭᠤ ᠶᠢ ᠲᠡᠳᠭᠦᠭᠦ ᠠᠵᠢᠯ᠂ ᠨᠤᠳᠤᠭ ᠤᠨ ᠵᠠᠩ ᠰᠤᠷᠳᠠᠯ ᠤᠨ | ᠪᠤᠯᠪᠠᠰᠤᠨ᠂ ᠰᠤᠶᠤᠯ ᠵᠢᠭᠤᠯᠴᠢᠯᠠᠯ᠂ ᠭᠠᠴᠠᠭᠠᠨ ᠵᠠᠮ ᠵᠡᠷᠭᠡ ᠶᠢᠨ ᠢᠨᠵᠧᠨᠧᠷᠢᠩ ᠢ ᠴᠢᠩᠭᠠᠳᠬᠠᠵᠤ᠂ ᠰᠢᠯᠵᠢᠭᠰᠡᠨ ᠮᠠᠯᠴᠢᠨ ᠲᠠᠷᠢᠶᠠᠴᠢᠳ ᠤᠨ ᠠᠵᠢᠯ ᠤᠯᠤᠯᠳᠠ᠂ | ᠰᠤᠷᠭᠠᠨ ᠭᠥᠮᠥᠵᠢᠯ᠂ ᠠᠮᠢᠳᠤᠷᠠᠯ ᠰᠠᠭᠤᠷᠢᠰᠢᠯ ᠤᠨ ᠠᠵᠢᠯ ᠢ ᠠᠬᠢᠭᠤᠯᠤᠨ᠂ ᠨᠡᠶᠢᠭᠡᠮ ᠲᠤᠭᠤᠷᠢᠭ ᠤᠨ ᠥᠢᠯᠡᠴᠢᠯᠡᠭᠡ ᠶᠢ ᠴᠢᠩᠭᠠᠳᠬᠠᠵᠤ᠂ ᠥᠵᠡᠰᠭᠦᠯᠡᠩᠳᠤ | ᠰᠢᠨ᠎ᠡ ᠮᠠᠯᠵᠢᠬᠤ ᠲᠠᠷᠢᠶᠠᠯᠠᠬᠤ ᠤᠷᠤᠨ ᠤ ᠴᠤᠭᠴᠠᠯᠠᠯᠳᠠ ᠶᠢ ᠪᠡᠶᠡᠯᠡᠭᠦᠯᠥᠨ᠎ᠡ᠃ | ᠰᠠᠭᠤᠷᠢ ᠲᠥᠭᠦᠭᠡᠷᠤᠮᠵᠢ ᠶᠢᠨ ᠪᠠᠶᠢᠭᠤᠯᠤᠯᠳᠠ ᠶᠢ ᠲᠡᠭᠦᠯᠳᠡᠷᠵᠢᠭᠦᠯᠥᠨ᠎ᠡ᠃ ᠲᠤᠯᠢ ᠠᠴᠠ ᠱᠠᠩᠬᠠᠢ ᠶᠢᠨ ᠰᠥᠮ᠎ᠡ ᠭᠥᠷᠭᠦ ᠲᠡᠮᠤᠷ ᠵᠠᠮ ᠤᠨ ᠪᠠᠶᠢᠭᠤᠯᠤᠯᠳᠠ | ᠪᠤᠯᠤᠨ S216 ᠱᠤᠭᠤᠮ ᠤᠨ ᠨᠢᠭᠡᠳᠥᠭᠡᠷ ᠲᠡᠰ ᠠᠴᠠ ᠲᠥᠷᠭᠡᠨ ᠵᠠᠮ ᠪᠤᠯᠭᠠᠬᠤ ᠦᠬᠡᠷᠡᠴᠢᠯᠠᠯᠳᠠ ᠶᠢᠨ ᠢᠨᠵᠧᠨᠧᠷᠢᠩ ᠢ ᠲᠥᠷᠭᠡᠳᠭᠡᠨ᠂ ᠨᠡᠶᠢᠳᠡᠮ ᠭᠡᠷᠡᠭᠯᠡᠭᠡᠨ ᠤ | ᠨᠢᠰᠭᠡᠯ ᠤᠨ ᠪᠠᠭᠤᠳᠠᠯ ᠪᠠ ᠤᠯᠵᠠᠴᠢ ᠠᠴᠠ ᠳ᠋ᠥᠩ ᠳ᠋ᠤᠤ ᠯᠢᠶᠠᠩ ᠭᠥᠷᠭᠦ ᠲᠥᠷᠭᠡᠨ ᠵᠠᠮ ᠵᠡᠷᠭᠡ ᠶᠢ ᠲᠤᠰ ᠵᠢᠯ ᠳᠤ ᠪᠠᠷᠢᠯᠭ᠎ᠠ ᠡᠬᠢᠯᠡᠭᠦᠯᠭᠦ ᠪᠠᠷ ᠴᠢᠷᠮᠠᠶᠢᠵᠤ᠂ | ᠭᠠᠴᠠᠭ᠎ᠠ ᠲᠤᠰᠬᠤᠨ ᠤ ᠵᠠᠮ ᠤᠨ ᠲᠤᠤᠷᠵᠢᠯ ᠢ ᠥᠷᠭᠦᠯᠵᠢᠯᠡᠨ ᠵᠠᠰᠠᠵᠤ ᠲᠡᠭᠦᠯᠳᠡᠷᠵᠢᠭᠦᠯᠤᠨ᠂ ᠤᠯᠠᠨ ᠲᠥᠮᠡᠨ ᠳᠤ ᠲᠥᠭᠦᠮ ᠥᠵᠡᠭᠦᠯᠥᠨ᠎ᠡ᠃ ᠴᠠᠬᠢᠯᠭᠠᠨ ᠤ | ᠲᠥᠭᠦᠭᠡᠷᠤᠮᠵᠢ ᠶᠢ ᠲᠡᠭᠦᠯᠳᠡᠷᠵᠢᠭᠦᠯᠥᠨ ᠮᠠᠩᠬᠠᠳᠤ ᠡᠵᠡᠮᠰᠢᠯ ᠦᠷᠳᠡᠭᠡ᠂ ᠬᠡᠷᠡᠮ ᠤᠨ ᠭᠤᠤᠯ᠂ ᠤᠯᠵᠠᠴᠢ ᠪᠤᠯᠤᠨ ᠬᠤᠩ ᠴᠢ ᠶᠢᠨ ᠪᠠᠭᠳᠠᠭᠠᠮᠵᠢ ᠨᠡᠮᠡᠭᠳᠡᠭᠦᠯᠥᠨ | ᠭᠥᠴᠥᠳᠡᠯ ᠬᠤᠪᠢᠰᠬᠠᠬᠤ ᠢᠨᠵᠧᠨᠧᠷᠢᠩ ᠢ ᠠᠵᠢᠯ ᠡᠬᠢᠯᠡᠭᠦᠯᠵᠥ᠂ ᠰᠢᠨ᠎ᠡ ᠪᠠᠷ 629 ᠺᠢᠯᠤᠮᠧᠲᠷ ᠤᠨ ᠴᠠᠬᠢᠯᠭᠠᠨ ᠱᠤᠭᠤᠮ ᠨᠡᠮᠡᠨ᠂ ᠬᠤᠳᠠ ᠭᠥᠳᠡᠭᠡ ᠶᠢᠨ | ᠭᠥᠭᠵᠢᠯᠳᠡ ᠶᠢᠨ ᠤᠷᠴᠢᠨ ᠢ ᠲᠠᠰᠤᠷᠠᠯᠳᠠ ᠥᠭᠡᠢ ᠰᠢᠯᠢᠳᠡᠭᠵᠢᠭᠦᠯᠥᠨ᠎ᠡ᠃ | ᠠᠮᠢ ᠠᠬᠤᠢ ᠶᠢᠨ ᠪᠤᠯᠪᠠᠰᠤᠨ ᠤ ᠪᠠᠶᠢᠭᠤᠯᠤᠯᠳᠠ ᠶᠢ ᠲᠥᠷᠭᠡᠳᠭᠡᠨ᠎ᠡ᠃ ᠠᠮᠢ ᠠᠬᠤᠢ ᠶᠢᠨ ᠪᠤᠯᠪᠠᠰᠤᠨ ᠤ ᠪᠠᠶᠢᠭᠤᠯᠤᠯᠳᠠ ᠶᠢᠨ ᠲᠥᠯᠥᠪᠯᠡᠭᠡ ᠲᠤᠭᠳᠠᠭᠠᠯᠳᠠ | ᠶᠢ ᠲᠥᠷᠭᠡᠳᠭᠡᠨ᠂ ︽ᠭᠤᠷᠪᠠᠨ ᠤᠷᠤᠨ︾ ᠤ ᠲᠥᠯᠥᠪᠵᠢᠭᠦᠯᠭᠡ᠂ ᠮᠠᠯ ᠪᠡᠯᠴᠢᠭᠡᠷᠯᠡᠭᠦᠯᠭᠦ ᠶᠢ ᠬᠤᠷᠢᠭᠯᠠᠬᠤ᠂ ᠰᠡᠯᠭᠦᠨ ᠮᠠᠯᠵᠢᠬᠤ ᠪᠤᠯᠤᠨ ᠪᠡᠯᠴᠢᠭᠡᠷ ᠤᠨ | ᠪᠠᠭᠳᠠᠭᠠᠮᠵᠢ ᠪᠠᠷ ᠮᠠᠯ ᠤᠨ ᠲᠤᠭ᠎ᠠ ᠲᠤᠯᠤᠭᠠᠢ ᠲᠤᠭᠳᠠᠭᠠᠬᠤ ᠲᠥᠷᠥ ᠶᠢᠨ ᠪᠤᠳᠤᠯᠭ᠎ᠠ ᠶᠢ ᠥᠷᠭᠦᠯᠵᠢᠯᠡᠨ ᠲᠡᠭᠦᠯᠳᠡᠷᠵᠢᠭᠦᠯᠵᠥ᠂ ᠪᠡᠭᠡᠵᠢᠩ ᠲᠢᠶᠠᠨᠵᠢᠨ ᠤ ᠡᠯᠡᠰᠤ | ᠰᠢᠷᠤᠢ ᠶᠢᠨ ᠡᠬᠢ ᠶᠢ ᠵᠠᠰᠠᠬᠤ ᠬᠤᠶᠠᠳᠤᠭᠠᠷ ᠬᠤᠭᠤᠴᠠᠭᠠᠨ ᠤ ᠠᠵᠢᠯ᠂ ᠭᠥᠷᠥᠰᠤ ᠰᠢᠷᠥᠢ ᠵᠠᠰᠠᠬᠤ ᠵᠡᠷᠭᠡ ᠠᠮᠢ ᠠᠬᠤᠢ ᠶᠢᠨ ᠪᠠᠶᠢᠭᠤᠯᠤᠯᠳᠠ ᠶᠢᠨ ᠢᠨᠵᠧᠨᠧᠷᠢᠩ ᠢ | ᠬᠢᠨᠠᠮᠠᠭᠠᠢ ᠭᠡᠷᠡᠭᠵᠢᠭᠦᠯᠥᠨ᠂ ᠤᠢ ᠰᠢᠭᠤᠢ ᠶᠢᠨ ᠪᠥᠷᠭᠦᠴᠡ ᠪᠤᠯᠤᠨ ᠤᠷᠭᠤᠮᠠᠯ ᠤᠨ ᠪᠥᠷᠭᠦᠪᠴᠢ ᠶᠢᠨ ᠨᠤᠷᠮ᠎ᠠ ᠶᠢ ᠲᠡᠭᠡᠭᠰᠢᠯᠡᠭᠦᠯᠵᠥ᠂ ᠠᠮᠢ ᠠᠬᠤᠢ ᠶᠢᠨ | ᠪᠠᠶᠢᠭᠤᠯᠤᠯᠳᠠ ᠶᠢᠨ ᠪᠥᠳᠤᠮᠵᠢ ᠶᠢ ᠤᠯᠠᠮ ᠪᠠᠬᠢᠵᠢᠭᠦᠯᠭᠦ ᠪᠠ ᠥᠷᠭᠡᠳᠭᠡᠨ᠎ᠡ︔ ᠪᠥᠭᠦ ᠬᠤᠰᠢᠭᠤᠨ ᠤ ᠤᠰᠤᠨ ᠡᠬᠢ ᠰᠤᠷᠪᠤᠯᠵᠢ ᠶᠢᠨ ᠠᠰᠢᠭᠯᠠᠯᠳᠠ | ᠭᠥᠭᠵᠢᠭᠦᠯᠥᠯᠳᠡ ᠶᠢᠨ ᠲᠥᠯᠥᠪᠯᠡᠭᠡ ᠲᠤᠭᠳᠠᠭᠠᠵᠤ᠂ ᠨᠤᠳᠤᠭ ᠪᠡᠯᠴᠢᠭᠡᠷ ᠤᠨ ᠬᠠᠮᠠᠭᠠᠯᠠᠯᠳᠠ ᠶᠢᠨ ︽ᠲᠥᠭᠰᠢᠭᠦᠷᠢᠳᠤ ᠬᠢᠵᠠᠭᠠᠷ︾ ᠳᠤᠭᠳᠠᠭᠠᠨ᠂ ᠭᠠᠵᠠᠷ ᠲᠤᠤᠷᠠᠬᠢ | ᠤᠰᠤᠨ ᠡᠬᠢ ᠰᠤᠷᠪᠤᠯᠵᠢ ᠶᠢᠨ ︽ᠶᠡᠷᠥᠩᠭᠡᠢ ᠭᠡᠮᠵᠢᠶ᠎ᠡ ᠶᠢ ᠡᠵᠡᠮᠳᠡᠨ᠂ ᠲᠤᠭᠳᠠᠮᠠᠯ ᠲᠤᠭ᠎ᠠ ᠶᠢ ᠬᠠᠮᠠᠭᠠᠯᠠᠬᠤ︾ ᠲᠤᠷᠰᠢᠯᠳᠠ ᠶᠢᠨ ᠠᠵᠢᠯ ᠢ ᠥᠷᠨᠢᠭᠦᠯᠥᠨ᠂ ᠤᠰᠤ | ᠪᠠᠷ ᠨᠡᠭᠡᠭᠡᠯᠳᠡ ᠬᠢᠭᠦ ᠶᠢ ᠡᠷᠡᠰ ᠪᠠᠷᠢᠮᠳᠠᠯᠠᠵᠤ᠂ ᠮᠠᠨ ᠤ ᠬᠤᠰᠢᠭᠤᠨ ᠤ ᠠᠮᠢ ᠠᠬᠤᠢ ᠶᠢᠨ ᠪᠤᠯᠪᠠᠰᠤᠨ ᠤ ᠭᠥᠭᠵᠢᠯᠳᠡ ᠶᠢᠨ ᠤᠬᠢ ᠡᠷᠬᠢᠯᠳᠡ ᠶᠢ ᠯᠠᠪᠳᠠᠭᠤᠨ | ᠬᠠᠮᠠᠭᠠᠯᠠᠨ᠎ᠠ᠃ | ︵ᠭᠤᠷᠪᠠ︶ ᠤᠯᠠᠨ ᠠᠪᠴᠠᠯ ᠢ ᠵᠡᠷᠭᠡ ᠭᠡᠷᠡᠭᠯᠡᠨ ᠠᠷᠠᠳ ᠤᠨ ᠠᠮᠢᠳᠤᠷᠠᠯ ᠢ ᠥᠷᠭᠦᠯᠵᠢᠯᠡᠨ ᠰᠠᠶᠢᠵᠢᠷᠠᠭᠤᠯᠤᠨ᠎ᠠ | ᠨᠢᠭᠡᠨᠳᠡ ᠲᠤᠭᠳᠠᠭᠠᠭᠰᠠᠨ ᠠᠷᠠᠳ ᠢ ᠬᠠᠷᠠᠭᠠᠯᠵᠠᠬᠤ ᠲᠥᠷᠥ ᠶᠢᠨ ᠪᠤᠳᠤᠯᠭ᠎ᠠ ᠶᠢ ᠡᠮᠬᠢᠯᠡᠨ ᠴᠡᠭᠴᠡᠯᠡᠵᠤ᠂ ᠲᠥᠭᠡᠮᠡᠯ ᠬᠠᠷᠠᠭᠠᠯᠵᠠᠯ ᠤᠨ ᠲᠥᠷᠥ ᠶᠢᠨ ᠪᠤᠳᠤᠯᠭ᠎ᠠ | ᠶᠢᠨ ᠥᠷᠭᠦᠯᠵᠢᠭᠦᠶᠢᠴᠡ ᠴᠢᠨᠠᠷ ᠢ ᠭᠥᠨᠳᠥᠳᠭᠡᠨ᠂ ᠰᠤᠷᠭᠠᠨ ᠭᠥᠮᠥᠵᠢᠯ᠂ ᠡᠮ ᠡᠮᠴᠢᠯᠡᠭᠡ᠂ ᠰᠤᠶᠤᠯ᠂ ᠨᠡᠶᠢᠭᠡᠮ ᠤᠨ ᠪᠠᠳᠤᠯᠠᠭ᠎ᠠ ᠵᠡᠷᠭᠡ ᠨᠡᠶᠢᠳᠡ ᠶᠢᠨ | ᠥᠢᠯᠡᠴᠢᠯᠡᠭᠡ ᠶᠢᠨ ᠠᠵᠢᠯ ᠢ ᠨᠢᠭᠡᠳᠥᠯᠳᠡᠢ ᠲᠤᠬᠢᠷᠠᠭᠤᠯᠤᠨ ᠰᠠᠶᠢᠳᠤᠷ ᠬᠢᠨ᠎ᠡ᠃ ᠮᠠᠯᠵᠢᠬᠤ ᠲᠠᠷᠢᠶᠠᠯᠠᠬᠤ ᠤᠷᠤᠨ ᠤ ︽ᠠᠷᠪᠠᠨ ᠪᠥᠭᠦ ᠪᠥᠷᠭᠦᠴᠡ︾ ᠶᠢᠨ | ᠢᠨᠵᠧᠨᠧᠷᠢᠩ ᠢ ᠭᠤᠤᠯᠳᠠᠯᠭᠠᠳᠠᠢ ᠭᠡᠷᠡᠭᠵᠢᠭᠦᠯᠥᠨ᠂ ᠨᠤᠷᠠᠬᠤ ᠠᠶᠤᠯᠳᠠᠢ ᠭᠡᠷ ᠪᠠᠶᠢᠰᠢᠩ ᠤᠨ ᠥᠭᠡᠷᠡᠴᠢᠯᠡᠯᠳᠡ᠂ ᠠᠶᠤᠯᠭᠦᠢ ᠤᠰᠤ ᠤᠮᠳᠠ᠂ ᠵᠡᠭᠡᠯᠢ ᠭᠤᠳᠤᠮ ᠤᠨ | ᠬᠠᠳᠠᠭᠤᠵᠢᠭᠤᠯᠤᠯᠳᠠ᠂ ᠡᠷᠥᠭᠡ ᠪᠤᠯᠭᠠᠨ ᠳᠤ ᠴᠠᠬᠢᠯᠭᠠᠨ ᠨᠡᠪᠳᠡᠷᠡᠭᠦᠯᠭᠦ ᠵᠡᠷᠭᠡ ᠠᠵᠢᠯ ᠢ ᠰᠠᠶᠢᠳᠤᠷ ᠪᠡᠶᠡᠯᠡᠭᠦᠯᠵᠥ᠂ ᠠᠷᠠᠳ ᠤᠯᠠᠨ ᠤ ᠠᠮᠢᠳᠤᠷᠠᠯ ᠥᠢᠯᠡᠳᠪᠥᠷᠢᠯᠡᠯ | ᠤᠨ ᠨᠥᠭᠦᠴᠡᠯ ᠢ ᠬᠠᠯᠠᠨ ᠰᠠᠶᠢᠵᠢᠷᠠᠭᠤᠯᠤᠨ᠎ᠠ᠃ ᠨᠠᠷᠢᠯᠢᠭ ᠤᠨᠤᠪᠴᠢᠳᠠᠢ ᠪᠠᠷ ᠶᠠᠳᠠᠭᠤ ᠶᠢ ᠲᠡᠳᠭᠦᠭᠦ ᠠᠵᠢᠯ ᠢ ᠤᠯᠠᠮ ᠴᠢᠩᠭᠠᠳᠬᠠᠨ᠂ ︽ᠭᠤᠷᠪᠠ ᠶᠢ ᠭᠥᠷᠭᠡᠵᠥ | ᠬᠤᠶᠠᠷ ᠢ ᠴᠢᠩᠭᠠᠳᠬᠠᠬᠤ︾ ᠠᠵᠢᠯ ᠢ ᠰᠠᠶᠢᠳᠤᠷ ᠨᠠᠶᠢᠳᠠᠪᠤᠷᠢᠵᠢᠭᠤᠯᠤᠨ᠎ᠠ᠃ ᠠᠯᠪᠠᠨ ᠵᠢᠷᠤᠮ ᠤᠨ ᠰᠤᠷᠭᠠᠨ ᠭᠥᠮᠥᠵᠢᠯ ᠤᠨ ᠡᠩ ᠲᠡᠩᠴᠡᠭᠦᠷᠢᠰᠢᠯ ᠤᠨ ᠲᠥᠪᠰᠢᠨ | ᠢ ᠭᠥᠨᠵᠡᠭᠡᠢ ᠠᠬᠢᠭᠤᠯᠵᠤ᠂ ᠰᠤᠷᠭᠠᠨ ᠭᠥᠮᠥᠵᠢᠯ ᠤᠨ ᠰᠠᠭᠤᠷᠢ ᠲᠥᠭᠦᠭᠡᠷᠤᠮᠵᠢ ᠶᠢᠨ ᠪᠠᠶᠢᠭᠤᠯᠤᠯᠳᠠ ᠶᠢ ᠲᠡᠭᠦᠯᠳᠡᠷᠵᠢᠭᠦᠯᠥᠨ᠎ᠡ᠃ ᠭᠥᠨᠳᠥ ᠶᠡᠭᠡ ᠡᠪᠡᠳᠴᠢᠨ ᠪᠤᠯᠤᠨ | ᠠᠮᠢᠳᠤᠷᠠᠯ ᠨᠢ ᠭᠥᠴᠢᠷᠳᠡᠯ ᠲᠠᠢ ᠡᠮᠡᠭᠳᠡᠶᠢᠴᠤᠳ᠂ ᠤᠨᠴᠠ ᠭᠥᠴᠢᠷᠳᠡᠯ ᠲᠠᠢ ᠭᠥᠮᠥᠰ ᠤᠨ ᠡᠮ ᠡᠮᠴᠢᠯᠡᠭᠡᠨ ᠤ ᠠᠪᠤᠷᠠᠨ ᠲᠤᠰᠠᠯᠠᠯᠳᠠ ᠶᠢᠨ ᠠᠵᠢᠯ ᠢ ᠰᠠᠶᠢᠳᠤᠷ | ᠬᠢᠵᠥ᠂ ᠪᠠᠳᠤᠯᠠᠭ᠎ᠠ ᠶᠢᠨ ᠲᠥᠪᠰᠢᠨ ᠢ ᠲᠡᠭᠡᠭᠰᠢᠯᠡᠭᠦᠯᠥᠨ᠎ᠡ᠃ ᠨᠡᠶᠢᠭᠡᠮ ᠤᠨ ᠪᠠᠳᠤᠯᠠᠭ᠎ᠠ ᠶᠢᠨ ᠪᠥᠷᠭᠦᠴᠡ ᠶᠢ ᠥᠷᠭᠡᠳᠭᠡᠵᠥ᠂ ᠠᠵᠢᠯ ᠤᠯᠤᠨ ᠥᠢᠯᠡᠰ ᠪᠥᠳᠥᠭᠡᠭᠦ ᠢ | ᠭᠥᠴᠥᠳᠠᠢ ᠲᠡᠮᠵᠢᠨ᠂ ᠥᠢᠯᠡᠰ ᠪᠥᠳᠥᠭᠡᠭᠦ ᠲᠠᠪᠴᠠᠩ ᠤᠨ ᠪᠠᠶᠢᠭᠤᠯᠤᠯᠳᠠ ᠪᠠᠷ ᠠᠵᠢᠯ ᠤᠯᠬᠤ ᠤᠷᠤᠨ ᠬᠡᠪᠴᠢᠶ᠎ᠡ ᠶᠢ ᠥᠷᠭᠡᠳᠭᠡᠵᠥ᠂ ᠰᠢᠯᠵᠢᠭᠰᠡᠨ ᠮᠠᠯᠴᠢᠨ | ᠲᠠᠷᠢᠶᠠᠴᠢᠳ ᠤᠨ ᠠᠵᠢᠯ ᠤᠯᠤᠯᠳᠠ ᠶᠢᠨ ᠠᠰᠠᠭᠤᠳᠠᠯ ᠢ ᠰᠢᠢᠳᠪᠥᠷᠢᠯᠡᠨ᠎ᠡ᠃ ᠢᠳᠡᠭᠡᠨ ᠪᠠ ᠵᠠᠮ ᠬᠠᠷᠢᠯᠴᠠᠭᠠᠨ ᠤ ᠠᠮᠤᠷ ᠲᠥᠪᠰᠢᠨ᠂ ᠠᠶᠤᠯᠭᠦᠢ ᠥᠢᠯᠡᠳᠪᠥᠷᠢᠯᠡᠯ᠂ | ᠵᠠᠬᠢᠳᠠᠯ ᠰᠤᠷᠪᠤᠯᠵᠢᠯᠠᠭ᠎ᠠ ᠶᠢᠨ ᠠᠮᠤᠷ ᠲᠤᠭᠳᠠᠭᠤᠨ᠂ ᠭᠠᠯ ᠰᠡᠷᠭᠡᠶᠢᠯᠡᠯᠳᠡ ᠵᠡᠷᠭᠡ ᠠᠰᠠᠭᠤᠳᠠᠯ ᠢ ᠶᠡᠷᠥᠩᠭᠡᠶᠢᠯᠡᠨ ᠵᠠᠰᠠᠬᠤ ᠭᠥᠴᠥᠯᠡᠴᠡ ᠪᠠᠨ ᠨᠡᠮᠡᠭᠳᠡᠭᠦᠯᠥᠨ᠂ | ᠭᠡᠨᠡᠳᠳᠡ ᠶᠢᠨ ᠴᠢᠨᠠᠷ ᠲᠠᠢ ᠭᠡᠷᠡᠭ ᠤᠴᠢᠷ ᠢ ᠪᠠᠴᠢᠮ ᠠᠷᠭᠠᠴᠠᠨ ᠰᠢᠢᠳᠪᠥᠷᠢᠯᠡᠭᠦ ᠲᠤᠭᠳᠠᠴᠠ ᠶᠢ ᠲᠡᠭᠦᠯᠳᠡᠷᠵᠢᠭᠦᠯᠵᠥ᠂ ᠠᠮᠤᠷ ᠢ ᠬᠠᠮᠭᠠᠯᠠᠬᠤ ᠡᠵᠡᠮᠰᠢᠯ ᠰᠡᠷᠭᠡᠶᠢᠯᠡᠯ | ᠤᠨ ᠰᠢᠰᠲ᠋ᠧᠮ ᠴᠤᠭᠴᠠᠯᠠᠨ᠂ ᠤᠯᠠᠨ ᠨᠡᠶᠢᠳᠡ ᠶᠢᠨ ᠠᠮᠤᠷ ᠲᠥᠪᠰᠢᠨ ᠢ ᠬᠠᠮᠠᠭᠠᠯᠠᠨ᠎ᠠ᠃ ᠬᠠᠤᠯᠢ ᠪᠠᠷ ᠵᠠᠰᠠᠬᠤ ᠬᠠᠤᠯᠢ ᠲᠥᠭᠡᠮᠡᠯᠵᠢᠭᠦᠯᠭᠦ ᠪᠠ ᠨᠠᠮ ᠤᠨ ᠰᠤᠷᠳᠠᠯ | ᠠᠷᠢᠭᠤᠨ ᠴᠢᠭᠴᠢ ᠶᠢᠨ ᠠᠵᠢᠯ᠂ ᠤᠶᠤᠨ ᠤ ᠪᠤᠯᠪᠠᠰᠤᠨ ᠤ ᠪᠠᠶᠢᠭᠤᠯᠤᠯᠳᠠ᠂ ᠴᠢᠳᠠᠪᠤᠷᠢᠳᠡᠠ ᠤᠷᠢᠬᠤ ᠠᠵᠢᠯ᠂ ᠭᠥᠮᠥᠨ ᠠᠮᠠ ᠲᠥᠯᠥᠪᠯᠡᠭᠡᠳᠤ ᠭᠥᠩᠭᠡᠵᠢᠯ᠂ | ᠡᠮᠡᠭᠳᠡᠶᠢᠴᠤᠳ ᠭᠡᠥᠭᠡᠳ ᠪᠠᠭᠠᠴᠤᠳ ᠤᠨ ᠠᠵᠢᠯ᠂ ᠨᠡᠶᠢᠭᠡᠮ ᠤᠨ ᠬᠠᠮᠢᠶᠠᠷᠤᠯᠳᠠ᠂ ᠥᠭᠡᠷᠡᠴᠢᠯᠡᠯᠳᠡ ᠰᠢᠨᠡᠴᠢᠯᠡᠯᠳᠡ᠂ ᠬᠤᠶᠠᠷ ᠢ ᠭᠥᠷᠢᠶᠡᠯᠡᠭᠦ ᠠᠵᠢᠯ ᠵᠡᠷᠭᠡ ᠶᠢ | ᠰᠠᠶᠢᠳᠤᠷ ᠬᠢᠵᠥ᠂ ᠠᠷᠠᠳ ᠤᠯᠠᠨ ᠤ ᠠᠰᠢᠭ ᠲᠤᠰᠠ ᠶᠢ ᠥᠨᠡᠨ ᠭᠦ ᠬᠠᠮᠠᠭᠠᠯᠠᠨ᠂ ᠠᠵᠤ ᠠᠬᠤᠢ ᠶᠢᠨ ᠭᠥᠭᠵᠢᠯᠳᠡ ᠪᠠ ᠠᠷᠠᠳ ᠤᠨ ᠠᠮᠢᠳᠤᠷᠠᠯ ᠢ | ᠰᠠᠶᠢᠵᠢᠷᠠᠭᠤᠯᠬᠤ ᠳᠤ ᠡᠩᠭᠡ ᠨᠠᠶᠢᠷᠠᠮᠳᠠᠭᠤ ᠨᠡᠶᠢᠭᠡᠮ ᠤᠨ ᠤᠷᠴᠢᠨ ᠬᠠᠩᠭᠠᠨ᠎ᠠ᠃ | ᠲᠥᠯᠥᠭᠡᠯᠡᠭᠴᠢᠳ ᠡ᠂ 2015 ᠤᠨ ᠤ ᠠᠵᠤ ᠠᠬᠤᠢ ᠨᠡᠶᠢᠭᠡᠮ ᠤᠨ ᠭᠥᠭᠵᠢᠭᠦᠯᠥᠯᠳᠡ ᠶᠢᠨ ᠠᠵᠢᠯ ᠢ ᠰᠠᠶᠢᠳᠤᠷ ᠬᠢᠭᠦ ᠳᠤ ᠡᠭᠦᠷᠭᠡ ᠬᠦᠨᠳᠤ ᠵᠠᠮ ᠬᠤᠯᠠ | ᠪᠤᠢ᠃ ᠪᠢᠳᠠ ᠬᠤᠰᠢᠭᠤ ᠨᠠᠮ ᠤᠨ ᠬᠤᠷᠢᠶ᠎ᠠ ᠵᠠᠰᠠᠭ ᠤᠨ ᠤᠷᠳᠤᠨ ᠤ ᠵᠢᠯᠤᠭᠤᠳᠤᠯᠭ᠎ᠠ ᠲᠤᠤᠷ᠎ᠠ ᠲᠤᠬᠢᠶᠠᠯ ᠢ ᠡᠵᠡᠮᠳᠡᠨ ᠱᠠᠯᠠᠮᠠᠭ ᠤᠷᠤᠭᠰᠢᠯᠠᠵᠤ᠂ ᠯᠠᠪᠳᠠᠭᠤᠨ | ᠠᠵᠢᠯᠯᠠᠨ ᠡᠷᠴᠢᠮᠳᠠᠢ ᠰᠢᠨᠡᠴᠢᠯᠡᠨ᠂ ᠰᠢᠨ᠎ᠡ ᠭᠡᠪ ᠪᠠᠶᠢᠳᠠᠯ ᠳᠤ ᠬᠢ ᠠᠵᠤ ᠠᠬᠤᠢ ᠨᠡᠶᠢᠭᠡᠮ ᠤᠨ ᠭᠥᠭᠵᠢᠯᠳᠡ ᠶᠢᠨ ᠰᠢᠨ᠎ᠡ ᠪᠠᠶᠢᠳᠠᠯ ᠢ ᠡᠭᠦᠳᠴᠤ᠂ ᠠᠵᠤ ᠠᠬᠤᠢ | ᠨᠡᠶᠢᠭᠡᠮ ᠤᠨ ᠭᠥᠭᠵᠢᠯᠳᠡ ᠶᠢᠨ ᠤᠨ ᠤ ᠡᠭᠦᠷᠭᠡ ᠪᠠᠨ ᠪᠠᠳᠤᠳᠠᠢ ᠪᠡᠶᠡᠯᠡᠭᠦᠯᠰᠥᠭᠡᠢ︕ | |