ᠨᠢᠭᠡᠳᠦᠭᠡᠷ ᠵᠠᠰᠠᠭ ᠱᠠᠠᠳᠠ ︵善丹︶ ᠡᠶᠡᠪᠠᠷ ᠵᠠᠰᠠᠭᠴᠢ ᠶᠢᠨ ᠲᠤᠯᠤᠳᠤᠭᠠᠷ ᠤᠨ ︵1650 ᠤᠨ︶ ᠳᠤ ᠤᠳᠤ ᠶᠢᠨ ᠤᠳᠤᠭ ᠤᠨ ᠡᠮᠦᠨᠡᠳᠤ | ᠬᠤᠰᠢᠭᠤᠨ ᠤ ᠨᠠᠩᠰᠤ ᠪᠠᠯᠭᠠᠰᠤ ᠶᠢᠨ ᠠᠷᠯᠠᠢ ᠭᠠᠴᠠᠭᠠᠨ ᠤ ᠪᠤᠷᠤᠳᠤᠯᠤᠭᠠᠢ ᠶᠢᠨ ᠤᠪᠤᠭᠠᠨ ᠤ ᠲᠡᠷᠭᠡᠳᠠ ᠰᠠᠭᠤᠵᠤ ᠪᠠᠶᠢᠬᠤ ᠳᠤ ᠪᠠᠨ ᠤᠳᠤᠭ ᠬᠤᠰᠢᠭᠤᠨ ᠤ | ᠠᠩᠬᠠᠳᠠᠭᠴᠢ ᠵᠠᠰᠠᠭ ᠲᠦᠷᠦ ᠶᠢᠨ ᠪᠠᠶᠢᠯᠨ ᠨᠤᠶᠠᠨ ᠪᠤᠯᠵᠠᠢ᠃ ᠱᠠᠠᠳᠠ ᠨᠤᠶᠠᠨ ᠨᠢᠭᠡ ᠶᠡᠭᠡ ᠬᠦᠷᠢᠶᠠᠨ ᠲᠤᠳᠤᠷ᠎ᠠ ᠭᠡᠳᠤᠨ ᠮᠤᠩᠭᠤᠯ ᠭᠡᠷ ᠢᠶᠠᠷ ᠤᠷᠳᠤᠨ ᠪᠤᠯᠭᠠᠵᠦ | ᠠᠯᠪᠠᠨ ᠡᠷᠬᠢᠯᠡᠬᠦ ᠶᠠᠮᠤ ᠲᠠᠢ ᠪᠠᠶᠢᠵᠠᠢ᠃ 13 ᠵᠢᠯ ᠵᠠᠰᠠᠭᠯᠠᠭᠠᠳ 1663 ᠤᠨ ᠳᠤ ᠲᠠᠭᠠᠯᠠᠯ ᠲᠡᠬᠦᠰᠪᠠ᠃ | ᠬᠤᠶᠠᠳᠤᠭᠠᠷ ᠵᠠᠰᠠᠭ ᠰᠤᠨᠤᠮ ︵索诺木︶ ᠡᠩᠭᠡ ᠠᠮᠤᠭᠤᠯᠠᠩ ᠤᠨ ᠬᠤᠶᠠᠳᠤᠭᠠᠷ ᠤᠨ ︵1663 ᠤᠨ︶ ᠤ ᠡᠪᠤᠯ ᠤᠨ ᠲᠤᠮᠳᠠᠳᠤ ᠰᠠᠷ᠎ᠠ ᠶᠢᠨ | ᠠᠷᠪᠠᠨ ᠭᠤᠷᠪᠠᠨ ᠳᠤ ᠡᠴᠢᠭᠡ ᠶᠢᠨ ᠢᠶᠠᠨ ᠤᠷᠳᠤᠨ ᠳᠤ ᠵᠠᠰᠠᠭ ᠲᠦᠷᠦ ᠶᠢᠨ ᠪᠠᠶᠢᠯᠨ ᠨᠤᠶᠠᠨ ᠢ ᠵᠠᠯᠭᠠᠮᠵᠢᠯᠠᠪᠠ᠃ 1677 ᠤᠨ ᠳᠤ ᠲᠦᠷᠦ ᠶᠢᠨ ᠵᠢᠶᠥ᠋ᠨ | ᠸᠠᠩ ᠢᠶᠠᠷ ᠡᠷᠬᠦᠮᠵᠢᠯᠡᠭᠳᠡᠪᠠ᠃ 19 ᠵᠢᠯ ᠵᠠᠰᠠᠭᠯᠠᠭᠠᠳ 1682 ᠤᠨ ᠳᠤ ᠲᠠᠭᠠᠯᠠᠯ ᠲᠡᠬᠦᠰᠪᠠ᠃ | ᠭᠤᠷᠪᠠᠳᠤᠭᠠᠷ ᠵᠠᠰᠠᠭ ᠰᠤᠩᠷᠠᠪ ︵松喇布︶ ᠡᠩᠭᠡ ᠠᠮᠤᠭᠤᠯᠠᠩ ᠤᠨ ᠬᠤᠷᠢᠨ ᠨᠢᠭᠡᠳᠦᠭᠡᠷ ᠤᠨ ︵1682 ᠤᠨ︶ ᠤ ᠡᠪᠤᠯ ᠤᠨ ᠲᠡᠷᠢᠬᠦᠨ | ᠰᠠᠷ᠎ᠠ ᠶᠢᠨ ᠠᠷᠪᠠᠨ ᠲᠤᠯᠤᠭᠠᠨ ᠳᠤ ᠡᠴᠢᠭᠡ ᠶᠢᠨ ᠢᠶᠠᠨ ᠤᠷᠳᠤᠨ ᠳᠤ ᠵᠠᠰᠠᠭ ᠲᠦᠷᠦ ᠶᠢᠨ ᠪᠠᠶᠢᠯᠨ ᠨᠤᠶᠠᠨ ᠢ ᠵᠠᠯᠭᠠᠮᠵᠢᠯᠠᠪᠠ᠃ 1697 ᠤᠨ ᠳᠤ ᠡᠩᠭᠡ | ᠠᠮᠤᠭᠤᠯᠠᠩ ᠬᠠᠭᠠᠨ ᠤ ᠵᠦᠪᠰᠢᠶᠠᠷᠠᠯ ᠢᠶᠠᠷ ᠴᠠᠭᠠᠨ ᠭᠡᠷᠡᠮ ᠠᠴᠠ ᠨᠠᠭᠠᠰᠢ ᠬᠤᠷᠢᠨ ᠲᠠᠪᠤ ᠭᠠᠷᠤᠢ ᠺᠢᠯᠤᠮᠧᠲᠷ ᠭᠠᠵᠠᠷ ᠲᠤ ᠬᠢᠳᠠᠳ ᠠᠷᠠᠳ ᠢ ᠤᠷᠤᠭᠤᠯᠤᠨ | ᠢᠷᠡᠬᠦᠯᠵᠦ ᠠᠳᠠᠷ ᠨᠡᠭᠡᠭᠡᠨ ᠲᠡᠷᠢᠶ᠎ᠠ ᠲᠠᠷᠢᠭᠤᠯᠤᠭᠰᠠᠨ ᠲᠡᠤᠭᠡ ᠶᠢ ᠡᠬᠢᠯᠠᠬᠦᠯᠵᠠᠢ᠃ 1698 ᠤᠨ ᠳᠤ ᠲᠦᠷᠦ ᠶᠢᠨ ᠵᠢᠶᠥ᠋ᠨ ᠸᠠᠩ ᠢᠶᠠᠷ ᠡᠷᠬᠦᠮᠵᠢᠯᠡᠭᠳᠠᠪᠠ᠃ | ᠪᠠᠷᠤᠭ ᠮᠦᠨ ᠵᠢᠯ ᠳᠤ ᠪᠠᠨ ᠤᠷᠳᠤᠨ ᠢᠶᠠᠨ ᠴᠠᠭᠠᠨ ᠭᠡᠷᠡᠮ ᠤᠨ ᠤᠢᠢᠷᠠᠯᠴᠠᠭ᠎ᠠ ᠰᠤᠬᠠᠢ ᠶᠢᠨ ᠪᠠᠶᠢᠰᠢᠩ ︵柠条梁 ᠯᠢᠶᠠᠩ ᠵᠧᠨ ᠪᠤᠤ 梁镇堡︶ | ᠳᠤ ᠰᠢᠯᠵᠢᠬᠦᠯᠤᠨ ᠪᠠᠶᠢᠭᠤᠯᠵᠠᠢ ︵ᠲᠠᠭᠠᠮᠠᠭᠯᠠᠯ︶᠃ ︵1740 ᠤᠨ ᠳᠤ ᠵᠢᠷᠤᠭᠰᠠᠨ ᠶᠡᠭᠡ ᠵᠤᠤ ᠴᠢᠭᠤᠯᠭᠠᠨ ᠤ ᠵᠢᠷᠭᠤᠭᠠᠨ ᠬᠤᠰᠢᠭᠤᠨ ᠤ ᠭᠠᠵᠠᠷ ᠰᠠᠪᠠ ᠶᠢᠨ | ᠵᠢᠷᠤᠭ ᠲᠡᠭᠡᠷ᠎ᠠ ︽ᠸᠠᠩ ᠰᠤᠩᠷᠠᠪ ᠤᠨ ᠪᠠᠷᠢᠭᠰᠠᠨ ᠳ᠋ᠢᠶᠠᠨ︾ ᠭᠡᠵᠦ ᠪᠠᠶᠢᠨ᠎ᠠ᠃︶ 28 ᠵᠢᠯ ᠵᠠᠰᠠᠭᠯᠠᠭᠠᠳ 1709 ᠤᠨ ᠤ ᠬᠠᠪᠤᠷ ᠪᠡᠭᠡᠵᠢᠩ ᠳᠤ ᠲᠠᠭᠠᠯᠠᠯ | ᠲᠡᠭᠦᠰᠪᠡ᠃ | ᠲᠦᠷᠪᠡᠳᠦᠭᠡᠷ ᠵᠠᠰᠠᠭ ᠭᠠᠨᠵᠤᠤᠷ ︵干珠尔︶ ᠡᠩᠭᠡ ᠠᠮᠤᠭᠤᠯᠠᠩ ᠤᠨ ᠲᠦᠴᠢᠨ ᠨᠠᠢᠮᠠᠳᠤᠭᠠᠷ ᠤᠨ ︵1709 ᠤᠨ︶ ᠤ ᠵᠤᠨ ᠤ ᠰᠠᠬᠦᠯ | ᠰᠠᠷ᠎ᠠ ᠶᠢᠨ ᠰᠢᠨ᠎ᠠ ᠶᠢᠨ ᠭᠤᠷᠪᠠᠨ ᠳᠤ ᠡᠴᠢᠭᠡ ᠶᠢᠨ ᠢᠶᠠᠨ ᠤᠷᠳᠤᠨ ᠳᠤ ᠵᠠᠰᠠᠭ ᠲᠦᠷᠦ ᠶᠢᠨ ᠪᠠᠶᠢᠯᠨ ᠨᠤᠶᠠᠨ ᠢ ᠵᠠᠯᠭᠠᠮᠵᠢᠯᠠᠪᠠ᠃ 10 ᠵᠢᠯ ᠵᠠᠰᠠᠭᠯᠠᠭᠠᠳ 1718 | ᠤᠨ ᠳᠤ ᠠᠯᠳᠠᠢ ᠠᠭᠤᠯᠠ ᠶᠢᠨ ᠴᠡᠷᠢᠭ ᠤᠨ ᠬᠦᠷᠢᠶᠠᠨ ᠳᠤ ᠲᠠᠭᠠᠯᠠᠯ ᠲᠡᠭᠦᠰᠪᠡ᠃ | ᠲᠠᠪᠤᠳᠤᠭᠠᠷ ᠵᠠᠰᠠᠭ ᠤᠢᠢᠷᠤᠪᠵᠠᠮᠰᠤ ① ︵诺依啰布札木素︶ ᠡᠩᠭᠡ ᠠᠮᠤᠭᠤᠯᠠᠩ ᠤᠨ ᠲᠠᠪᠢᠨ ᠲᠤᠯᠤᠳᠤᠭᠠᠷ ᠤᠨ ︵1718 ᠤᠨ︶ | ᠤ ᠡᠪᠤᠯ ᠤᠨ ᠲᠤᠮᠳᠠᠳᠤ ᠰᠠᠷ᠎ᠠ ᠶᠢᠨ ᠬᠤᠷᠢᠨ ᠲᠦᠷᠪᠠᠨ ᠳᠤ ᠡᠴᠢᠭᠡ ᠶᠢᠨ ᠢᠶᠠᠨ ᠤᠷᠳᠤᠨ ᠳᠤ ᠵᠠᠰᠠᠭ ᠲᠦᠷᠦ ᠶᠢᠨ ᠪᠠᠶᠢᠯᠨ ᠨᠤᠶᠠᠨ ᠢ ᠵᠠᠯᠭᠠᠮᠵᠢᠯᠠᠪᠠ᠃ 29 ᠵᠢᠯ | ᠵᠠᠰᠠᠭ ᠲᠦᠷᠦ ᠶᠢᠨ ᠪᠠᠶᠢᠯᠨ ᠰᠠᠭᠤᠭᠠᠳ 1747 ᠤᠨ ᠳᠤ ᠲᠠᠭᠠᠯᠠᠯ ᠲᠡᠭᠦᠰᠪᠡ᠃ | ᠵᠢᠷᠭᠤᠳᠤᠭᠠᠷ ᠵᠠᠰᠠᠭ ᠲᠤᠩᠷᠤᠪᠵᠠᠮᠰᠤ ︵栋啰布札木素︶ ᠲᠡᠭᠷᠢ ᠲᠡᠳᠬᠦᠭᠴᠢ ᠶᠢᠨ ᠠᠷᠪᠠᠨ ᠬᠤᠶᠠᠳᠤᠭᠠᠷ ᠤᠨ ︵1747 ᠤᠨ︶ ᠤ | ᠡᠪᠤᠯ ᠤᠨ ᠲᠤᠮᠳᠠᠳᠤ ᠰᠠᠷ᠎ᠠ ᠶᠢᠨ ᠰᠢᠨ᠎ᠠ ᠶᠢᠨ ᠶᠢᠰᠤᠨ ᠳᠤ ᠡᠴᠢᠭᠡ ᠶᠢᠨ ᠢᠶᠠᠨ ᠤᠷᠳᠤᠨ ᠳᠤ ᠵᠠᠰᠠᠭ ᠲᠦᠷᠦ ᠶᠢᠨ ᠪᠠᠶᠢᠯᠨ ᠨᠤᠶᠠᠨ ᠢ ᠵᠠᠯᠭᠠᠮᠵᠢᠯᠠᠪᠠ᠃ 1766 | ᠤᠨ ᠳᠤ ᠵᠢᠶᠥ᠋ᠨ ᠸᠠᠩ ᠤᠨ ᠵᠡᠷᠭᠡ ᠪᠠᠷ ᠱᠠᠩᠨᠠᠭᠳᠠᠪᠠ᠃ 1769 ᠤᠨ ᠳᠤ ᠲᠠᠳ᠋ ᠴᠢᠭᠤᠯᠭᠠᠨ ᠲᠡᠷᠢᠬᠦᠨ ᠪᠤᠯᠪᠠ᠃ 26 ᠵᠢᠯ ᠵᠠᠰᠠᠭᠯᠠᠭᠠᠳ 1773 ᠤᠨ ᠳᠤ | ᠲᠠᠭᠠᠯᠠᠯ ᠲᠡᠭᠦᠰᠪᠡ᠃ | ᠲᠤᠯᠤᠳᠤᠭᠠᠷ ᠵᠠᠰᠠᠭ ᠲᠤᠩᠷᠤᠪᠰᠠᠷᠠᠩ ︵栋啰布色棱︶ ᠲᠡᠭᠷᠢ ᠲᠡᠳᠬᠦᠭᠴᠢ ᠶᠢᠨ ᠭᠤᠴᠢᠨ ᠨᠠᠢᠮᠠᠳᠤᠭᠠᠷ ᠤᠨ ︵1773 ᠤᠨ︶ ᠳᠤ | ᠡᠴᠢᠭᠡ ᠶᠢᠨ ᠤᠷᠳᠤᠨ ᠳᠤ ᠵᠠᠰᠠᠭ ᠲᠦᠷᠦ ᠶᠢᠨ ᠪᠠᠶᠢᠯᠨ ᠨᠤᠶᠠᠨ ᠢ ᠵᠠᠯᠭᠠᠮᠵᠢᠯᠠᠪᠠ᠃ 1780 ᠤᠨ ᠳᠤ ᠴᠢᠭᠤᠯᠭᠠᠨ ᠤ ᠲᠠᠳ᠋ ᠲᠠᠷᠤᠭ᠎ᠠ ᠪᠤᠯᠪᠠ᠃ 1789 | ᠤᠨ ᠳᠤ ᠴᠢᠭᠤᠯᠭᠠᠨ ᠤ ᠲᠡᠷᠢᠬᠦᠨ ᠲᠠᠷᠤᠭ᠎ᠠ ᠶᠢᠨ ᠲᠤᠰᠢᠶᠠᠯ ᠢ ᠡᠬᠦᠷᠭᠡᠯᠡᠵᠠᠢ᠃ 1792 ᠤᠨ ᠳᠤ ᠡᠵᠡᠨ ᠬᠠᠭᠠᠨ ᠤ ᠵᠠᠷᠯᠢᠭ ᠢᠶᠠᠷ ᠪᠦᠬᠦ ᠬᠤᠰᠢᠭᠤᠨ ᠤ | ᠴᠡᠷᠢᠭ ᠢᠶᠠᠨ ᠲᠡᠶᠢᠴᠢᠯᠠᠨ ᠭᠠᠯᠳᠠᠨ ᠪᠤᠱᠤᠭᠳᠤ ᠶᠢ ᠬᠤᠷᠢᠭᠯᠠᠬᠤ ᠪᠠᠷ ᠠᠯᠠᠱᠠᠨ ᠬᠤᠰᠢᠭᠤᠨ ᠤ ᠤᠪᠤᠭᠠᠳᠤ ᠶᠢᠨ ᠰᠦᠮ᠎ᠠ ᠶᠢᠨ ᠠᠷᠤ ︵ᠤᠳᠤ ᠶᠢᠨ ᠵᠠᠬᠦᠨ ᠪᠠᠭ︶ | ᠳᠤ ᠤᠷᠳᠤᠨ ᠶᠠᠮᠤ ᠪᠠᠨ ᠪᠠᠶᠢᠭᠤᠯᠤᠨ ᠰᠠᠭᠤᠵᠠᠢ᠃ 25 ᠵᠢᠯ ᠵᠠᠰᠠᠭ ᠪᠠᠷᠢᠭᠠᠳ 1798 ᠤᠨ ᠳᠤ 59 ᠲᠠᠢ ᠡᠪᠡᠳᠴᠢᠨ ᠢᠶᠠᠷ ᠲᠠᠭᠠᠯᠠᠯ ᠲᠡᠭᠦᠰᠪᠡ᠃ | ᠨᠠᠢᠮᠠᠳᠤᠭᠠᠷ ᠵᠠᠰᠠᠭ ᠰᠤᠨᠤᠮᠷᠠᠪᠵᠠᠶᠢᠭᠡᠨᠳᠤᠨ ︵索诺木喇布斋根敦︶ ᠰᠠᠶᠢᠰᠢᠶᠠᠯ ᠢᠷᠤᠭᠡᠯᠳᠤ ᠶᠢᠨ ᠭᠤᠷᠪᠠᠳᠤᠭᠠᠷ ᠤᠨ ︵1798 | ᠤᠨ︶ ᠳᠤ ᠤᠪᠤᠭᠠᠳᠤ ᠳᠤ ᠦᠶᠠᠯᠢᠳ ᠠᠬ᠎ᠠ ᠲᠤᠩᠷᠤᠪᠰᠠᠷᠠᠩ ᠤᠨ ᠵᠠᠰᠠᠭ ᠲᠦᠷᠦ ᠶᠢᠨ ᠪᠠᠶᠢᠯᠨ ᠨᠤᠶᠠᠨ ᠢ ᠵᠠᠯᠭᠠᠮᠵᠢᠯᠠᠪᠠ᠃ 1811 ᠤᠨ ᠳᠤ ᠴᠢᠭᠤᠯᠭᠠᠨ ᠲᠠᠳ᠋ | ᠲᠠᠷᠤᠭ᠎ᠠ ᠪᠤᠯᠵᠦ 1812 ᠤᠨ ᠳᠤ ᠴᠢᠭᠤᠯᠭᠠᠨ ᠲᠠᠷᠤᠭ᠎ᠠ ᠪᠤᠯᠪᠠ᠃ 1830 ᠤᠨ ᠳᠤ ᠤᠪᠤᠭᠠᠳᠤ ᠶᠢᠨ ᠠᠷᠤ ᠠᠴᠠ ᠡᠮᠦᠨᠡᠰᠢ ᠨᠡᠬᠦᠨ ᠪᠠᠶ᠋ᠬᠠᠦ᠋ᠠᠳᠤᠷ ᠤᠨ | ᠬᠤᠷᠤᠭ᠎ᠠ ︵ᠤᠳᠤ ᠶᠢᠨ ᠴᠠᠭᠠᠠᠨᠠᠭᠤᠷ ᠤᠨ ᠰᠠᠶᠢᠬᠠᠠᠳᠠᠯᠠ︶ ᠭᠡᠮᠡᠬᠦ ᠭᠠᠵᠠᠷ ᠲᠤ ᠤᠷᠳᠤᠨ ᠢᠶᠠᠨ ᠪᠠᠶᠢᠭᠤᠯᠵᠠᠢ᠃ 40 ᠵᠢᠯ ᠵᠠᠰᠠᠭ ᠪᠠᠷᠢᠭᠠᠳ 1838 ᠤᠨ ᠳᠤ | ᠲᠡᠭᠠᠯᠠᠯ ᠲᠡᠭᠦᠰᠪᠡ᠃ | ᠶᠢᠰᠦᠳᠤᠭᠡᠷ ᠵᠠᠰᠠᠭ ᠬᠦᠠᠰᠠᠩᠷᠠᠪᠳᠠᠠᠵᠠᠮᠰᠤ ② ︵棍藏拉布坦札木苏︶ ᠲᠦᠷᠦ ᠭᠡᠷᠡᠯᠳᠤ ᠶᠢᠨ ᠠᠷᠪᠠᠨ ᠨᠠᠢᠮᠠᠳᠤᠭᠠᠷ ᠤᠨ ︵1838 | ᠤᠨ︶ ᠤ ᠬᠠᠪᠤᠷ ᠤᠨ ᠲᠡᠷᠢᠬᠦᠨ ᠰᠠᠷ᠎ᠠ ᠶᠢᠨ ᠬᠤᠷᠢᠨ ᠲᠦᠷᠪᠡᠨ ᠳᠤ ᠡᠴᠢᠭᠡ ᠶᠢᠨ ᠢᠶᠠᠨ ᠤᠷᠳᠤᠨ ᠳᠤ ᠵᠠᠰᠠᠭ ᠲᠦᠷᠦ ᠶᠢᠨ ᠪᠠᠶᠢᠯᠨ ᠨᠤᠶᠠᠨ ᠢ ᠵᠠᠯᠭᠠᠮᠵᠢᠯᠠᠪᠠ᠃ | 1839 ᠤᠨ ᠳᠤ ᠴᠢᠭᠤᠯᠭᠠᠨ ᠤ ᠲᠠᠳ᠋ ᠲᠠᠷᠤᠭ᠎ᠠ ᠪᠤᠯᠵᠦ᠂ 1841 ᠤᠨ ᠳᠤ ᠴᠢᠭᠤᠯᠭᠠᠨ ᠲᠠᠷᠤᠭ᠎ᠠ ᠪᠤᠯᠪᠠ᠃ 1845 ᠤᠨ ᠳᠤ ᠲᠡᠭᠡᠳᠤ ᠨᠤᠶᠠᠨ ᠤ | ᠭᠡᠷᠢᠶᠠᠰ ᠢᠶᠠᠷ ᠪᠠᠶ᠋ᠬᠠᠦ᠋ᠠᠳᠤᠷ ᠤᠨ ᠬᠤᠷᠤᠭ᠎ᠠ ᠳᠤ ᠬᠢ ᠨᠤᠶᠠᠨ ᠱᠠᠩ ᠤᠷᠳᠤᠨ ᠢᠶᠠᠨ ᠤᠳᠤ ᠶᠢᠨ ᠴᠠᠭᠠᠠᠨᠠᠭᠤᠷ ᠤᠨ ᠰᠢᠷᠠᠪᠦ᠋ᠷᠢᠳᠤ ᠭᠠᠴᠠᠭᠠᠨ ᠤ ᠪᠠᠶᠠᠠᠳᠤᠯᠤᠭᠠᠢ | ᠭᠡᠮᠡᠬᠦ ᠭᠠᠵᠠᠷ ᠲᠤ ᠬᠢ ᠨᠦᠭᠡᠳᠤ ᠶᠢᠨ ᠨᠠᠭᠤᠷ ᠤᠨ ᠡᠬᠢ ᠲᠡᠭᠡᠷᠡᠬᠢ ᠨᠢᠭᠤᠷ ᠭᠡᠳᠡᠭ ᠭᠠᠵᠠᠷ ᠰᠢᠯᠵᠢᠬᠦᠯᠤᠨ ᠪᠠᠶᠢᠭᠤᠯᠵᠠᠢ᠃ 13 ᠵᠢᠯ ᠵᠠᠰᠠᠭᠯᠠᠭᠠᠳ 1851 | ᠤᠨ ᠤ ᠡᠪᠤᠯ ᠤᠨ ᠰᠠᠬᠦᠯ ᠰᠠᠷ᠎ᠠ ᠶᠢᠨ ᠠᠷᠪᠠᠨ ᠵᠢᠷᠭᠤᠭᠠᠨ ᠤ ᠪᠠᠷᠰ ᠴᠠᠭ ᠲᠤ 55 ᠲᠠᠢ ᠲᠠᠭᠠᠯᠠᠯ ᠲᠡᠭᠦᠰᠪᠡ᠃ | ᠠᠷᠪᠠᠳᠤᠭᠠᠷ ᠵᠠᠰᠠᠭ ᠡᠷᠳᠡᠨᠢᠴᠤᠭᠳᠤ ③ ︵额尔德呢绰克图︶ ᠲᠦᠭᠡᠮᠡᠯ ᠡᠯᠪᠡᠭᠳᠤ ᠶᠢᠨ ᠭᠤᠷᠪᠠᠳᠤᠭᠠᠷ ᠤᠨ ︵1853 ᠤᠨ︶ ᠤ | ᠬᠠᠪᠤᠷ ᠤᠨ ᠰᠠᠬᠦᠯ ᠰᠠᠷ᠎ᠠ ᠶᠢᠨ ᠬᠤᠷᠢᠨ ᠲᠤᠯᠤᠭᠠᠨ ᠳᠤ ᠠᠪᠠᠭ᠎ᠠ ᠡᠴᠢᠭᠡ ᠬᠦᠠᠰᠠᠩᠷᠠᠪᠳᠠᠠᠵᠠᠮᠰᠤ ᠶᠢᠨ ᠤᠷᠳᠤᠨ ᠳᠤ ᠨᠠᠷᠠ ᠲᠡᠮᠳᠡᠭᠯᠠᠨ ᠪᠠᠶᠢᠯᠨ ᠨᠤᠶᠠᠨ ᠢ | ᠵᠠᠯᠭᠠᠮᠵᠢᠯᠠᠪᠠ᠃ 9 ᠵᠢᠯ ᠵᠠᠰᠠᠭᠯᠠᠭᠠᠳ 1862 ᠤᠨ ④ ᠤ ᠡᠪᠤᠯ ᠤᠨ ᠰᠠᠬᠦᠯ ᠰᠠᠷ᠎ᠠ ᠳᠤ ᠭᠡᠨᠡᠳᠳᠠ ᠶᠢᠨ ᠡᠪᠡᠳᠴᠢᠨ ᠢᠶᠠᠷ ᠨᠠᠰᠤ ᠪᠠᠷᠠᠪᠠ᠃ | ᠠᠷᠪᠠᠨ ᠨᠢᠭᠡᠳᠦᠭᠡᠷ ᠵᠠᠰᠠᠭ ᠴᠠᠭᠳᠤᠷᠵᠠᠪ ︵察克都尔札布︶ ᠪᠦᠷᠢᠠᠳᠤ ᠵᠠᠰᠠᠭᠴᠢ ᠶᠢᠨ ᠲᠡᠷᠢᠬᠦᠨ ᠤᠨ ︵1862 ᠤᠨ︶ ᠤ ᠬᠠᠪᠤᠷ ᠤᠨ | ᠲᠤᠮᠳᠠᠳᠤ ᠰᠠᠷ᠎ᠠ ᠶᠢᠨ ᠠᠷᠪᠠᠨ ᠭᠤᠷᠪᠠᠨ ᠤ ᠤᠯᠠᠭᠠᠨ ᠪᠠᠷᠰ ᠡᠳᠤᠷ ᠡᠴᠢᠭᠡ ᠶᠢᠨ ᠢᠶᠠᠨ ᠤᠷᠳᠤᠨ ᠳᠤ ᠵᠠᠰᠠᠭ ᠲᠦᠷᠦ ᠶᠢᠨ ᠪᠠᠶᠢᠯᠨ ᠨᠤᠶᠠᠨ ᠢ ᠵᠠᠯᠭᠠᠮᠵᠢᠯᠠᠪᠠ᠃ | 1865 ᠤᠨ ᠠᠴᠠ ︽ᠮᠠᠭᠤ ᠬᠤᠯᠠᠭᠠᠢ︾ ᠲᠡᠯᠬᠢᠳᠠᠭᠰᠠᠨ ᠠᠴᠠ ᠪᠤᠯᠵᠦ ᠴᠠᠭᠳᠤᠷᠵᠠᠪ ᠨᠤᠶᠠᠨ ᠠᠷᠭ᠎ᠠ ᠪᠤᠰᠤ ᠱᠠᠩ ᠤᠷᠳᠤᠨ ᠢᠶᠠᠨ ᠤᠷᠬᠢᠵᠦ ᠠᠯᠠᠱᠠᠨ᠂ | ᠤᠷᠠᠳ ᠢᠶᠠᠷ ᠭᠤᠷᠪᠠᠨ ᠵᠢᠯ ᠤᠷᠴᠢᠮ ᠨᠢᠭᠤᠨ ᠲᠡᠯᠳᠠᠯᠠᠵᠦ ᠪᠠᠶ᠎ᠠ ᠬᠤᠷᠭᠤᠳᠠᠵᠠᠢ᠃ ᠪᠠᠷᠤᠭ 1868 ᠪᠤᠶᠤ 1869 ᠤᠨ ᠤ ᠦᠶ᠎ᠠ ᠪᠠᠷ ᠤᠷᠠᠳ ᠤᠨ | ᠬᠤᠰᠢᠭᠤᠨ ᠠᠴᠠ ᠪᠤᠴᠠᠵᠦ ᠢᠷᠡᠭᠡᠳ ᠲᠤᠰᠤᠳᠤ ᠶᠢᠨ ᠭᠤᠤᠯ ᠤᠨ ᠡᠬᠢ ︵ᠤᠳᠤ ᠶᠢᠨ ᠬᠠᠮᠠᠷᠬᠠᠳᠠᠢ ᠶᠢᠨ ᠨᠠᠭᠤᠷ ᠤᠨ ᠪᠠᠷᠠᠭᠤᠠᠳᠠᠢ — ᠪᠠᠭ᠎ᠠ ᠬᠠᠮᠠᠷᠬᠠᠳᠠᠢ︶ | ᠤᠷᠴᠢᠮ ᠤᠨ ᠪᠤᠷᠭᠠᠰᠤᠨ ᠲᠤᠮᠳᠠ ᠭᠡᠳᠤᠨ ᠮᠠᠶᠢᠬᠠᠨ ᠭᠡᠷ ᠪᠠᠷᠢᠭᠠᠳ ᠲᠦᠷ ᠰᠠᠭᠤᠵᠦ ᠪᠠᠶᠢᠵᠠᠢ᠃ 19 ᠵᠢᠯ ᠵᠠᠰᠠᠭ ᠪᠠᠷᠢᠭᠠᠳ 1881 ᠤᠨ ᠳᠤ ᠲᠠᠭᠠᠯᠠᠯ | ᠲᠡᠭᠦᠰᠪᠡ᠃ | ᠠᠷᠪᠠᠨ ᠬᠤᠶᠠᠳᠤᠭᠠᠷ ᠵᠠᠰᠠᠭ ᠷᠠᠰᠢᠵᠠᠮᠰᠤ ︵喇什札木苏︶ ᠪᠠᠳᠠᠷᠠᠭᠤᠯᠳᠤ ᠲᠦᠷᠦ ᠶᠢᠨ ᠲᠤᠯᠤᠳᠤᠭᠠᠷ ᠤᠨ ︵1881 ᠤᠨ︶ ᠤ ᠬᠠᠪᠤᠷ ᠤᠨ | ᠲᠤᠮᠳᠠᠳᠤ ᠰᠠᠷ᠎ᠠ ᠶᠢᠨ ᠬᠤᠷᠢᠨ ᠬᠤᠶᠠᠷ ᠤᠨ ︵ᠬᠦᠭᠡ ᠪᠠᠷᠰ︶ ᠡᠳᠤᠷ᠂ ᠲᠤᠰᠤᠳᠤ ᠶᠢᠨ ᠭᠤᠤᠯ ᠤᠨ ᠡᠬᠢ ᠳᠤ ᠦᠶᠠᠯᠢᠳ ᠲᠡᠬᠦᠦ ᠴᠠᠭᠳᠤᠷᠵᠠᠪ ᠤᠨ ᠵᠠᠰᠠᠭ | ᠲᠦᠷᠦ ᠶᠢᠨ ᠪᠠᠶᠢᠯᠨ ᠨᠤᠶᠠᠨ ᠢ ᠵᠠᠯᠭᠠᠮᠵᠢᠯᠠᠪᠠ᠃ 1882 ᠤᠨ ᠳᠤ ᠷᠠᠰᠢᠵᠠᠮᠰᠤ ᠲᠦᠷᠪᠠᠨ ᠦᠠᠳᠤᠷ ᠤᠨ ᠰᠢᠯᠢ ᠶᠢᠨ ᠤᠷᠳᠤ ᠬᠤᠷᠮᠤᠢ ︵ᠤᠳᠤ ᠶᠢᠨ | ᠤᠯᠠᠭᠠᠠᠪᠠᠯᠭᠠᠰᠤ︶ ᠳᠤ ᠸᠠᠩ ᠤᠨ ᠤᠷᠳᠤᠨ ᠪᠠ ᠶᠠᠮᠤ ᠪᠠᠨ ᠪᠠᠶᠢᠭᠤᠯᠵᠠᠢ᠃ ᠷᠠᠰᠢᠵᠠᠮᠰᠤ 1885 ᠤᠨ ᠳᠤ ᠴᠢᠭᠤᠯᠭᠠᠨ ᠤ ᠰᠢᠢᠳᠭᠡᠭᠴᠢ ᠲᠠᠷᠤᠭ᠎ᠠ ᠪᠤᠯᠪᠠ᠃ | 1894 ᠤᠨ ᠤ ᠨᠠᠮᠤᠷ ᠤᠨ ᠰᠠᠬᠦᠯ ᠰᠠᠷ᠎ᠠ ᠶᠢᠨ ᠠᠷᠪᠠᠨ ᠵᠢᠷᠭᠤᠭᠠᠨ ᠳᠤ ᠴᠢᠭᠤᠯᠭᠠᠨ ᠲᠠᠳ᠋ ᠲᠠᠷᠤᠭ᠎ᠠ ᠪᠤᠯᠪᠠ᠃ 1900 ᠤᠨ ᠤ ᠡᠪᠤᠯ ᠤᠨ ᠰᠠᠬᠦᠯ ᠰᠠᠷ᠎ᠠ ᠶᠢᠨ | ᠰᠢᠨ᠎ᠠ ᠶᠢᠨ ᠨᠠᠢᠮᠠᠨ ᠳᠤ ᠴᠢᠭᠤᠯᠭᠠᠨ ᠲᠠᠷᠤᠭ᠎ᠠ ᠪᠤᠯᠪᠠ᠃ 21 ᠵᠢᠯ ᠵᠠᠰᠠᠭᠯᠠᠭᠠᠳ 1902 ᠤᠨ ᠳᠤ ᠡᠪᠡᠳᠴᠢᠨ ᠢᠶᠠᠷ ᠨᠠᠰᠤ ᠪᠠᠷᠠᠪᠠ᠃ | ᠠᠷᠪᠠᠨ ᠭᠤᠷᠪᠠᠳᠤᠭᠠᠷ ᠵᠠᠰᠠᠭ ᠭᠠᠯᠰᠠᠩᠷᠤᠯᠮᠠᠸᠠᠩᠵᠢᠯᠵᠠᠮᠰᠤ ︵噶勒藏罗勒玛旺札勒札木苏︶ 1897 ᠤᠨ ᠳᠤ | ᠲᠦᠷᠦᠵᠦ᠂ 6 ᠨᠠᠰᠤ ᠲᠠᠢ ᠪᠠᠳᠠᠷᠠᠭᠤᠯᠳᠤ ᠲᠦᠷᠦ ᠶᠢᠨ ᠬᠤᠷᠢᠨ ᠨᠠᠢᠮᠠᠳᠤᠭᠠᠷ ᠤᠨ ︵1902 ᠤᠨ︶ ᠳᠤ ᠵᠠᠰᠠᠭ ᠲᠦᠷᠦ ᠶᠢᠨ ᠪᠠᠶᠢᠯᠨ ᠨᠤᠶᠠᠨ ᠢ ᠵᠠᠯᠭᠠᠮᠵᠢᠯᠠᠪᠠ᠃ | 1913 ᠤᠨ ᠳᠤ ᠲᠦᠷᠦ ᠶᠢᠨ ᠵᠢᠶᠥ᠋ᠨ ᠸᠠᠩ ᠪᠤᠯᠵᠦ ᠲᠠᠷᠠᠭ᠎ᠠ ᠨᠢ ᠴᠢᠭᠤᠯᠭᠠᠨ ᠤ ᠰᠢᠢᠳᠭᠡᠭᠴᠢ ᠲᠠᠷᠤᠭ᠎ᠠ ᠪᠤᠯᠵᠠᠢ᠃ 35 ᠵᠢᠯ ᠵᠠᠰᠠᠭᠯᠠᠭᠠᠳ 1937 ᠤᠨ ᠤ | 7 ᠰᠠᠷ᠎ᠠ ᠶᠢᠨ 29 ᠤ ᠡᠳᠤᠷ 40 ᠨᠠᠰᠤ ᠲᠠᠢ ᠡᠪᠡᠳᠴᠢᠨ ᠢᠶᠠᠷ ᠨᠠᠰᠤ ᠪᠠᠷᠠᠪᠠ᠃ | ᠠᠷᠪᠠᠨ ᠲᠦᠷᠪᠡᠳᠦᠭᠡᠷ ᠵᠠᠰᠠᠭ ᠸᠠᠩᠴᠢᠠᠵᠠᠪ ︵旺庆札布︶ 1914 ᠤᠨ ᠳᠤ ᠲᠦᠷᠦᠵᠦ᠂ ᠲᠤᠮᠳᠠᠳᠤ ᠢᠷᠭᠡᠨ ᠤᠯᠤᠰ ᠤᠨ 27 ᠳ᠋ᠤᠭᠠᠷ ᠤᠨ | ︵1938 ᠤᠨ︶ ᠤ 7 ᠰᠠᠷ᠎ᠠ ᠶᠢᠨ 21 ᠤ ᠡᠳᠤᠷ ᠵᠠᠰᠠᠭ ᠲᠦᠷᠦ ᠶᠢᠨ ᠪᠠᠶᠢᠯᠨ ᠨᠤᠶᠠᠨ ᠢ ᠵᠠᠯᠭᠠᠮᠵᠢᠯᠠᠪᠠ᠃ ᠮᠦᠨ ᠵᠢᠯ ᠳᠤ ᠪᠠᠨ ᠲᠦᠷᠦ ᠶᠢᠨ ᠵᠢᠶᠥ᠋ᠨ ᠸᠠᠩ | ᠪᠤᠯᠪᠠ᠃ 5 ᠵᠢᠯ ᠤᠷᠤ ᠰᠠᠭᠤᠭᠠᠳ 1943 ᠤᠨ ᠤ 5 ᠰᠠᠷ᠎ᠠ ᠳᠤ ᠬᠠᠷ᠎ᠠ ᠲᠡᠮᠠᠬᠢᠨ ᠤ ᠬᠤᠤᠷᠳᠠᠯ ᠪᠠ ᠡᠪᠡᠳᠴᠢᠨ ᠲᠠᠪᠬᠤᠴᠠᠵᠦ 29 ᠨᠠᠰᠤ ᠲᠠᠢ ᠪᠠᠶ᠎ᠠ ᠪᠠᠷᠠᠪᠠ᠃ | | 1944 ᠤᠨ ᠤ 4 ᠰᠠᠷ᠎ᠠ ᠶᠢᠨ 29 ᠳᠤ ᠵᠠᠰᠠᠭ ᠤᠨ ᠶᠠᠪᠤᠳᠠᠯ ᠤᠨ ᠬᠤᠷᠢᠶᠠᠨ ᠠᠴᠠ ᠸᠠᠩᠴᠢᠠᠵᠠᠪ ᠤᠨ ᠭᠠᠭᠴᠠ ᠬᠦᠪᠡᠬᠦᠨ 5 ᠨᠠᠰᠤ ᠲᠠᠢ ᠸᠠᠩᠳᠤᠳᠨᠤᠷᠪᠤ ︵ | ᠬᠢᠳᠠᠳ ᠨᠠᠷᠠ ᠪᠤᠤ ᠵᠧᠩ ᠰᠢᠩ — 包正兴︶ ᠶᠢ ᠬᠤᠰᠢᠭᠤᠪᠴᠢ ᠨᠤᠶᠠᠨ ᠢᠶᠠᠷ ᠡᠷᠬᠦᠮᠵᠢᠯᠠᠨ ᠨᠠᠷᠠ ᠲᠡᠮᠳᠡᠭᠯᠡᠭᠰᠡᠨ ᠪᠤᠯᠪᠠᠴᠤ ᠴᠠᠭ ᠤᠨ ᠦᠡᠭᠭᠡ ᠶᠢᠨ | ᠬᠤᠪᠢᠷᠠᠯᠳᠠ ᠠᠴᠠ ᠪᠤᠯᠵᠦ ᠬᠠᠭᠤᠴᠢᠨ ᠶᠤᠰᠤ ᠮᠠᠠᠵᠦ ᠶᠢᠨ ᠲᠦᠷᠢᠮ ᠭᠡᠷᠡᠭ ᠠᠴᠠ ᠭᠠᠷᠴᠤ ᠡᠴᠤᠰᠯᠠᠪᠠ᠃ | | ᠲᠤᠳᠤᠷᠬᠠᠢᠢᠯᠠᠯ | ① ᠤᠢᠢᠷᠤᠪᠵᠠᠮᠰᠤ ᠶᠢ ᠨᠠᠯᠢᠶᠠᠳ ᠨᠤᠮ ᠪᠢᠴᠢᠭ ᠲᠤ ︽ᠨᠦᠢᠷᠤᠪᠵᠠᠮᠰᠤ︾ ᠭᠡᠵᠦ ᠠᠠᠳᠠᠭᠤ ᠪᠤᠷᠤᠭᠤ ᠪᠢᠴᠢᠵᠦ ᠪᠤᠢ᠃ | ② ᠬᠦᠠᠰᠠᠩᠷᠠᠪᠳᠠᠠᠵᠠᠮᠰᠤ ᠶᠢ ᠬᠠᠶᠠ ︽ᠬᠦᠡᠭᠰᠠᠩᠷᠠᠪᠳᠠᠠᠵᠠᠮᠰᠤ︾ ᠪᠤᠶᠤ ︽ᠬᠦᠠᠽᠠᠩᠷᠠᠪᠳᠠᠠᠵᠠᠮᠰᠤ︾ ᠭᠡᠵᠦ ᠪᠤᠷᠤᠭᠤ ᠪᠠᠷ ᠪᠢᠴᠢᠳᠡᠭ ᠪᠤᠢ᠃ | ③ ᠬᠦᠠᠰᠠᠩᠳᠠᠪᠳᠠᠠᠵᠠᠮᠰᠤ ᠪᠤᠯᠤᠨ ᠡᠷᠳᠡᠨᠢᠴᠤᠭᠳᠤ ᠬᠤᠶᠠᠷ ᠤᠨ ᠬᠤᠭᠤᠷᠤᠠᠳᠤ ᠪᠠᠷᠤᠭ ᠬᠤᠶᠠᠷ ᠵᠢᠯ ᠬᠢᠷᠢ ᠲᠠᠢ ᠵᠠᠯᠭᠠᠯᠳᠤᠬᠤ ᠦᠭᠡᠢ ᠪᠠᠶᠢᠨ᠎ᠠ᠃ ᠴᠤᠬᠤᠮ | ᠶᠠᠮᠠᠷ ᠤᠴᠢᠷ ᠠᠴᠠ ᠵᠠᠰᠠᠭ ᠦᠭᠡᠢ ᠪᠤᠯᠤᠭᠰᠠᠨ ᠬᠤᠭᠤᠰᠤᠨ ᠤᠨ ᠵᠢᠯ ᠢ ᠬᠤᠵᠢᠮ ᠤᠨ ᠬᠦᠮᠦᠨ ᠳᠤ ᠦᠯᠡᠳᠡᠭᠡᠪᠠ᠃ | ④ 1862 ᠤᠨ ᠭᠡᠳᠡᠭ ᠨᠢ ᠰᠠᠵᠢᠭ᠍ᠯᠡᠯ ᠲᠠᠢ᠃ ᠤᠴᠢᠷ ᠨᠢ ᠡᠷᠳᠡᠨᠢᠴᠤᠭᠳᠤ ᠶᠢᠨ ᠬᠦᠪᠡᠬᠦᠨ ᠴᠠᠭᠳᠤᠷᠵᠠᠪ 1862 ᠤᠨ ᠤ ᠬᠠᠪᠤᠷ ᠤᠨ ᠲᠤᠮᠳᠠᠳᠤ | ᠰᠠᠷ᠎ᠠ ᠶᠢᠨ ᠠᠷᠪᠠᠨ ᠭᠤᠷᠪᠠᠨ ᠤ ᠤᠯᠠᠭᠠᠨ ᠪᠠᠷᠰ ᠡᠳᠤᠷ ᠤᠷᠤ ᠵᠠᠯᠭᠠᠮᠵᠢᠯᠠᠭᠰᠠᠨ ᠦᠨᠠᠨ ᠲᠡᠮᠳᠡᠭᠯᠠᠯ ᠪᠠᠶᠢᠨ᠎ᠠ᠃ ᠭᠡᠳᠠᠯ᠎ᠠ ᠡᠴᠢᠭᠡ ᠨᠢ 1862 ᠤᠨ ᠤ ᠡᠪᠤᠯ ᠤᠨ | ᠰᠠᠬᠦᠯ ᠰᠠᠷ᠎ᠠ ᠳᠤ ᠨᠠᠰᠤ ᠪᠠᠷᠠᠪᠠ ᠭᠡᠳᠡᠭ ᠢᠳᠡᠭᠡᠭᠳᠡᠰᠢ ᠦᠭᠡᠢ ᠤᠴᠢᠷ ᠪᠢᠯᠨ᠃ ᠡᠶᠢᠮᠦ ᠠᠴᠠ ᠡᠨᠡ ᠨᠢ 1861 ᠤᠨ ᠪᠠᠶᠢᠵᠦ ᠮᠠᠳᠠᠨ᠎ᠠ᠃ | ᠡᠰᠢᠯᠡᠭᠰᠡᠨ ᠮᠠᠲ᠋ᠧᠷᠢᠶᠠᠯ᠄ | 1. ︽蒙古游牧记︾ 1867年木刻版。 | 2. ︽蒙古世系︾ 1979年10月北京版。 | 3. ︽清季蒙古实录︾ ︵上中下︶ 1981年10月呼市内部版。 | 4. ︽蒙古回部王公表传︾ ︵第一辑︶ 1998年8月呼市内大版。 | 5. ︽ᠲᠡᠶᠢᠴᠢᠩ ᠬᠦᠷᠦᠨ ᠤ ᠡᠬᠢᠨ ᠦᠶ᠎ᠠ ᠶᠢᠨ ᠭᠠᠳᠠᠭᠠᠳᠤ ᠮᠤᠩᠭᠤᠯ ᠤᠨ ᠲᠦᠷᠦ ᠶᠢ ᠵᠠᠰᠠᠬᠤ ᠶᠠᠪᠤᠳᠠᠯ ᠤᠨ ᠶᠠᠮᠤᠨ ᠤ ᠮᠠᠠᠵᠦ ᠮᠤᠩᠭᠤᠯ ᠠᠶᠢᠯᠠᠳᠬᠠᠯ ᠤᠨ | ᠲᠠᠪᠳᠠᠷ ᠤᠳ︾ ︵1 ᠠᠴᠠ 23 ᠪᠤᠳᠢ︶ 2010 ᠤᠨ ᠤ 3 ᠰᠠᠷ᠎ᠠ ᠶᠢᠨ ᠬᠦᠭᠡᠬᠤᠳᠠ ᠶᠢᠨ ᠭᠡᠪ᠃ | |