ᠤᠳᠤᠭ ᠬᠤᠰᠢᠭᠤ ᠲᠦᠷᠪᠡᠳᠤᠭᠡᠷ ᠬᠤᠭᠤᠴᠠᠭᠠᠨ ᠤ ︽ᠡᠵᠡᠨ ᠬᠠᠭᠠᠨ ᠬᠤᠨᠳᠠᠭᠠᠳᠤ︾ ᠠᠷᠪᠠᠰ ᠤᠨ ᠨᠤᠯᠤᠤᠷ ᠤᠨ ᠴᠠᠭᠠᠠ ᠢᠮᠡᠭᠠᠨ ᠤ ᠤᠬᠤᠨ᠎ᠠ ᠶᠢᠨ ᠤᠷᠤᠯᠳᠤᠭᠠᠨ ᠢ ᠬᠢᠪᠠ
ᠨᠡᠶᠢᠲᠡᠯᠡᠭᠰᠡᠨ ᠴᠠᠭ᠄
2018-06-20
      ᠤᠶᠢᠢᠷ᠎ᠠ ᠶᠢᠨ ᠡᠳᠤᠷ᠂ ᠦᠪᠤᠷ ᠮᠤᠩᠭᠤᠯ ᠤᠨ ᠠᠷᠪᠠᠰ ᠤᠨ ᠨᠤᠯᠤᠤᠷ ᠤᠨ ᠴᠠᠭᠠᠠ ᠢᠮᠠᠭᠠᠨ ᠤ ᠬᠠᠮᠠᠭᠠᠯᠠᠯᠳᠡ ᠶᠢᠨ ᠤᠷᠤᠨ ᠤ ᠤᠷᠠᠨᠳᠦ᠋ᠰᠢ ᠭᠠᠴᠠᠭᠠᠨ ᠤ ᠬᠢᠨ ᠲᠠᠬᠢᠨᠳᠡ ᠬᠦᠮᠦᠨ ᠵᠤᠨ ᠤ ᠠᠩᠬᠠᠷᠤᠯ ᠳᠦᠪᠯᠡᠷᠡᠯ ᠤᠨ ᠴᠡᠭ ᠪᠤᠯᠵᠦ᠂ ᠤᠳᠤᠭ ᠬᠤᠰᠢᠭᠤᠨ ᠤ ᠲᠦᠷᠪᠡᠳᠤᠭᠡᠷ ᠬᠤᠭᠤᠴᠠᠭᠠᠨ ᠤ ︽ᠡᠵᠡᠨ ᠬᠠᠭᠠᠨ ᠬᠤᠨᠳᠠᠭᠠᠳᠤ︾ ᠠᠷᠪᠠᠰ ᠤᠨ ᠨᠤᠯᠤᠤᠷ ᠤᠨ ᠴᠠᠭᠠᠠ ᠢᠮᠡᠭᠠᠨ ᠤ ᠤᠬᠤᠨ᠎ᠠ ᠶᠢᠨ ᠤᠷᠤᠯᠳᠤᠭᠠᠨ ᠦᠵᠦᠬᠦᠷ ᠪᠠᠯᠭᠠᠰᠤᠨ ᠳᠤ ᠠᠮᠵᠢᠯᠳᠠ ᠲᠠᠢ ᠦᠨᠳᠦᠷᠯᠡᠪᠡ᠃      ᠲᠤᠰ ᠤᠳᠠᠭᠠᠠ ᠤ ᠤᠷᠤᠯᠳᠤᠭᠠᠨ ᠳᠤ ᠠᠷᠪᠠᠰ ᠤᠨ ᠨᠤᠯᠤᠤᠷ ᠤᠨ ᠴᠠᠭᠠᠠ ᠢᠮᠡᠭᠠᠨ ᠤ ᠭᠤᠤᠯᠳᠠᠯᠭᠠᠳᠤ ᠬᠠᠮᠠᠭᠠᠯᠠᠯᠳᠡ ᠶᠢᠨ ᠤᠷᠤᠨ ᠤ 11 ᠭᠠᠴᠠᠭ᠎ᠠ ᠲᠤᠰᠬᠤᠨ ᠵᠢᠴᠢ ᠦᠵᠦᠬᠦᠷ ᠪᠠᠯᠭᠠᠰᠤᠨ ᠤ 7 ᠭᠠᠴᠠᠭ᠎ᠠ ᠲᠤᠰᠬᠤᠨ ᠤ 180 ᠠᠷᠪᠠᠰ ᠤᠨ ᠴᠠᠭᠠᠠ ᠢᠮᠠᠭᠠᠠ ᠤ ᠤᠬᠤᠨ᠎ᠠ ᠢᠷᠡᠵᠠᠢ᠃ ᠡᠳᠡᠬᠡᠷ ᠤᠬᠤᠨ᠎ᠠ ᠶᠢ ᠪᠦᠷ ᠤᠳᠤᠭ ᠬᠤᠰᠢᠭᠤᠨ ᠤ ᠬᠡᠪᠴᠢᠶᠠᠨ ᠳᠤ ᠮᠠᠯᠵᠢᠬᠰᠠᠠ ᠮᠦᠷᠳᠡᠭᠡᠨ ᠦᠪᠤᠷ ᠮᠤᠩᠭᠤᠯ ᠤᠨ ᠨᠤᠯᠤᠤᠷ ᠤᠨ ᠴᠠᠭᠠᠠ ᠢᠮᠠᠭᠠᠨ ᠤ ᠡᠭᠦᠯᠳᠡᠷ ᠤᠨ ᠱᠠᠭᠠᠷᠳᠠᠯᠭ᠎ᠠ ᠳᠤ ᠨᠡᠶᠢᠴᠡᠭᠰᠡᠨ ᠨᠤᠯᠤᠤᠷ ᠤᠨ ᠴᠠᠭᠠᠠ ᠢᠮᠠᠭᠠᠨ ᠤ ᠡᠬᠦᠯᠳᠡᠷ ᠪᠤᠯᠤᠨ᠎ᠠ᠃ ᠤᠷᠤᠯᠳᠤᠭᠠᠨ ᠤ ᠲᠦᠷᠤᠯ ᠵᠦᠢᠯ ᠢ ᠨᠠᠷᠢᠨ ᠨᠤᠯᠤᠤᠷ ᠤᠨ ᠬᠡᠯᠪᠡᠷᠢ ᠪᠠ ᠦᠨᠳᠤᠷ ᠤᠨᠠᠯᠳᠡ ᠶᠢᠨ ᠬᠡᠯᠪᠡᠷᠢ ᠬᠡᠵᠤ ᠬᠤᠶᠠᠷ ᠶᠡᠭᠡ ᠲᠦᠷᠤᠯ ᠳᠤ ᠬᠤᠪᠢᠶᠠᠵᠤ᠂ ᠲᠦᠷᠤᠯ ᠪᠦᠷᠢ ᠶᠢ ᠨᠠᠰᠤ ᠰᠢᠳᠤ ᠪᠠᠷ ᠨᠢ ᠨᠠᠰᠤᠨ ᠳᠤ ᠬᠦᠷᠦᠭᠰᠡᠨ ᠤᠬᠤᠨ᠎ᠠ᠂ ᠪᠤᠶᠢᠵᠢᠯᠳᠡ ᠶᠢᠨ ᠬᠤᠭᠤᠴᠠᠭᠠᠨ ᠳᠠᠬᠢ ᠤᠬᠤᠨ᠎ᠠ ᠬᠡᠵᠤ ᠬᠤᠶᠠᠷ ᠲᠤᠭᠤᠶᠢᠢᠯᠠᠩ ᠬᠤᠪᠢᠶᠠᠪᠠ᠃    ᠬᠠᠮᠤᠭ ᠡᠴᠤᠰ ᠲᠤ ᠤᠬᠤᠨ᠎ᠠ ᠶᠢᠨ ᠪᠡᠶ᠎ᠠ ᠪᠢᠯᠳᠠᠷ᠂ ᠨᠤᠯᠤᠤᠷ ᠤᠨ ᠨᠠᠷᠢᠴᠠ᠂ ᠨᠤᠯᠤᠤᠷ ᠤᠨ ᠭᠠᠷᠤᠯᠳᠡ ᠶᠢᠨ ᠬᠡᠮᠵᠢᠶ᠎ᠠ ᠪᠠ ᠴᠡᠪᠡᠷᠴᠡ ᠶᠢᠨ ᠨᠤᠷᠮ᠎ᠠ ᠪᠠᠷ ᠨᠢ ᠶᠡᠷᠦᠩᠬᠡᠢ ᠬᠤᠪᠢ ᠪᠤᠳᠤᠵᠦ᠂ ᠨᠢᠭᠡᠳᠤᠭᠡᠷ ᠲᠠᠰ᠂ ᠬᠤᠶᠠᠳᠤᠭᠠᠷ ᠲᠠᠰ ᠂ ᠭᠤᠷᠪᠠᠳᠤᠭᠠᠷ ᠲᠠᠰ᠂ ᠤᠷᠤᠯᠳᠤᠭᠠᠨ ᠳᠤ ᠤᠷᠤᠯᠴᠬᠠᠰᠠᠨ ᠵᠤᠷᠢᠨᠨᠵᠢᠭᠤᠯᠤᠯ ᠤᠨ ᠱᠠᠩᠨᠠᠯ ᠭᠡᠮᠡᠨ ᠳᠤᠳᠤᠷᠠᠭᠤᠯᠵᠦ᠂ ᠨᠡᠶᠢᠳᠡ ᠱᠠᠩᠨᠠᠯ ᠤᠨ ᠮᠦᠡᠭᠭᠦ ᠨᠢ 72500 ᠲᠦᠭᠦᠷᠢᠭ ᠲᠤ ᠭᠦᠷᠦᠭᠰᠡᠨ ᠪᠠᠶᠢᠨ᠎ᠠ᠃ ᠠᠷᠪᠠᠰ ᠤᠨ ᠨᠤᠯᠤᠤᠷ ᠤᠨ ᠴᠠᠭᠠᠠ ᠢᠮᠠᠭ᠎ᠠ ᠪᠤᠯ ᠤᠳᠤᠭ ᠬᠤᠰᠢᠭᠤᠨ ᠤ ᠲᠦᠯᠤᠭᠡᠯᠡᠬᠦ ᠴᠢᠨᠡᠷ ᠲᠠᠢ ᠨᠡᠷ᠎ᠠ ᠶᠢᠨ ᠬᠠᠭᠤᠳᠠᠰᠤ ᠪᠤᠯᠤᠨ᠎ᠠ᠃     ᠤᠯᠠᠨ ᠵᠢᠯ ᠤᠨ ᠲᠤᠷᠰᠢ᠂ ᠳᠤᠰ ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠵᠢᠴᠢ ᠡᠯ᠎ᠡ ᠨᠤᠯᠤᠤᠷ ᠤᠨ ᠺᠤᠮᠫᠠᠨᠢ ᠶᠢᠨ ᠬᠢᠨ ᠤ ᠴᠥᠭᠦᠷᠡᠯ ᠦᠬᠡᠢ ᠤᠬᠠᠭᠤᠯᠭ᠎ᠠ ᠪᠠ ᠲᠠᠭᠠᠭᠤᠯᠭ᠎ᠠ ᠲᠤᠤᠷ᠎ᠠ᠂ ᠮᠠᠯᠴᠢᠨ ᠲᠦᠮᠡᠨ ᠦᠪᠡᠷ ᠤᠨ ᠰᠠᠶᠢᠨ ᠲᠤᠷ᠎ᠠ ᠠᠴᠠ ᠪᠠᠨ ᠠᠷᠪᠠᠰ ᠤᠨ ᠨᠤᠯᠤᠤᠷ ᠤᠨ ᠴᠠᠭᠠᠠ ᠢᠮᠠᠭᠠᠨ ᠤ ᠡᠭᠦᠯᠳᠡᠷ ᠢ ᠬᠠᠮᠠᠭᠠᠯᠠᠬᠤ ᠠᠵᠢᠯ ᠳᠤ ᠪᠡᠶᠠᠴᠢᠯᠠᠨ ᠤᠷᠤᠯᠴᠠᠵᠤ᠂ ᠠᠷᠪᠠᠰ ᠤᠨ ᠨᠤᠯᠤᠤᠷ ᠤᠨ ᠴᠠᠭᠠᠠ ᠢᠮᠠᠭᠠᠠ ᠤ ᠤᠯᠠᠨ ᠡᠰᠢᠳᠤ ᠭᠦᠭᠵᠢᠯᠳᠡ ᠶᠢᠨ ᠲᠦᠯᠤᠪ ᠢ ᠠᠩᠬ᠎ᠠ ᠠᠯᠬᠤᠮ ᠪᠤᠢ ᠪᠤᠯᠭᠠᠨᠨᠰᠠᠨ ᠪᠠᠶᠢᠨ᠎ᠠ᠃
 
ᠢᠷᠡᠯᠲᠡ᠄ ᠤᠷᠳᠤᠰ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号