ᠮᠤᠩᠭᠤᠯ ᠠᠮᠢᠳᠤᠷᠠᠯ ᠠᠴᠠ ︽ᠡᠷᠳᠡᠨᠢ︾ ᠠᠭᠤᠳᠠᠯᠯᠠᠭᠰᠠᠠ ᠤᠶᠤᠳᠠᠠ ᠵᠠᠯᠠᠭᠤ
ᠨᠡᠶᠢᠲᠡᠯᠡᠭᠰᠡᠨ ᠴᠠᠭ᠄
2018-06-20
    ᠲᠦᠮᠡᠨ ᠪᠤᠳᠠᠰ ᠠᠮᠢᠯᠠᠵᠤ ᠡᠰᠡᠨᠢᠯ ᠠᠮᠢᠵᠢᠷᠡᠯ ᠪᠢᠯᠬᠠᠬᠰᠡᠨ ᠤᠷᠢᠬᠠᠨ ᠬᠠᠪᠤᠷ ᠤᠨ ᠡᠳᠦᠷ ᠰᠤᠷᠪᠤᠯᠵᠢᠯᠠᠬᠴᠢ ᠬᠠᠨᠭ᠍ᠭᠢᠨ ᠬᠤᠰᠢᠭᠤ ᠪᠠᠷ ᠰᠤᠷᠪᠤᠯᠵᠢᠯᠡᠨ ᠶᠠᠪᠤᠵᠤ ᠨᠤᠳᠤᠭ ᠤᠨ ᠲᠤᠮᠤᠭᠠᠳᠠᠳ᠂ ᠦᠶ᠎ᠡ ᠬᠤᠷᠠᠭ ᠤᠨ ᠬᠢᠨ ᠤ ᠰᠠᠶᠢᠬᠠᠨ ᠰᠤᠨᠤᠰᠬᠠᠯ ᠪᠤᠯᠵᠤ᠂ ᠦᠢᠯᠡᠰ ᠤᠨ ᠵᠠᠮ ᠳᠤ ᠪᠠᠨ ᠪᠤᠳᠤᠯ ᠲᠦᠯᠦᠪᠯᠡᠯᠭᠡ ᠲᠠᠢ ᠮᠠᠷᠠᠶᠢᠵᠤ ᠶᠠᠪᠤᠭ᠎ᠠ ᠤᠶᠤᠳᠡᠨ ᠵᠠᠯᠠᠭᠤ ᠬᠠᠰᠤᠴᠢ ᠶᠢᠨ ᠬᠢ ᠪᠠᠷ ᠭᠦᠷᠭᠦ ᠳᠤ᠂ ᠨᠢᠳᠤᠨ ᠳᠤ ᠪᠠᠨ ᠰᠢᠯ ᠵᠤᠬᠢᠷᠠᠭᠠᠨ ᠵᠡᠭᠦᠭᠰᠡᠨ ᠨᠠᠷᠢᠬᠠᠨ ᠲᠤᠮᠳᠡ ᠶᠢᠨ ᠪᠠᠶ᠎ᠡ ᠲᠠᠢ ᠡᠨᠡ ᠵᠠᠯᠠᠭᠤ ᠶᠠᠭ ᠮᠤᠩᠭᠤᠯ ᠭᠡᠷ ᠤᠨ ᠤᠨᠴᠠᠯᠢᠭ ᠲᠠᠢ ᠤᠭᠠᠯᠵᠡ ᠶᠢᠨ ᠭᠡᠪ ᠢ ᠰᠤᠩᠭᠤᠬᠤ ᠭᠡᠳ ᠬᠠᠮᠳᠤ ᠠᠵᠢᠯᠯᠠᠬᠰᠡᠳ ᠲᠠᠢ ᠪᠠᠨ ᠵᠦᠪᠳᠡᠯᠴᠡᠨ ᠶᠠᠭᠠᠷᠠᠵᠤ ᠪᠠᠶᠢᠪᠠ᠃ ᠺᠤᠮᠫᠠᠨᠢ ᠶᠢᠨ ᠡᠵᠡᠨᠳᠡᠨ ᠪᠤᠯᠤᠭᠰᠠᠨ ᠬᠠᠰᠤᠴᠢ ᠶᠢ ᠬᠠᠮᠳᠤ ᠠᠵᠢᠯᠯᠠᠬᠰᠡᠳ ᠨᠢ ᠤᠴᠢ ᠭᠡᠮᠡᠨ ᠲᠠᠭᠤᠳᠠᠬᠤ ᠪᠠᠷ ᠬᠦᠮᠦᠨ ᠳᠤ ᠬᠠᠯᠠᠭᠤᠨ ᠳᠤᠳᠤᠨᠤ ᠳᠦᠷᠦᠭᠳᠡᠯ ᠤᠯᠭᠤᠵᠤ ᠪᠠᠶᠢᠯ᠎ᠠ᠃    ᠬᠠᠨᠭ᠍ᠭᠢᠨ ᠬᠤᠰᠢᠭᠤᠨ ᠤ ᠰᠢᠨᠠᠪᠠᠯᠭᠠᠰᠤ ᠶᠢᠨ ᠰᠠᠶᠢᠨ ᠳᠠᠶᠢᠭ᠎ᠠ ᠭᠠᠴᠠᠭᠠᠨ ᠳᠤ ᠨᠤᠳᠤᠭ ᠲᠠᠢ ᠬᠠᠰᠤᠴᠢ 2013 ᠤᠨ ᠳᠤ ᠦᠪᠦᠷ ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠨᠡᠶᠢᠭᠡᠮ ᠤᠨ ᠠᠵᠢᠯ ᠮᠡᠷᠭᠡᠵᠢᠯ ᠤᠨ ᠳᠤᠰᠬᠠᠢ ᠮᠡᠷᠭᠡᠵᠢᠯ ᠢᠶᠠᠷ ᠰᠤᠷᠤᠯᠭ᠎ᠠ ᠲᠠᠭᠦᠰᠦᠭᠰᠡᠨ ᠤ ᠲᠠᠷᠠᠭ᠎ᠠ ᠮᠤᠷᠢᠨ ᠬᠤᠭᠤᠷ ᠰᠠᠶᠢᠯᠬᠦ ᠠᠵᠢᠯᠯᠠᠬᠤ ᠦᠷᠦᠭᠡᠨ ᠳᠤ ᠠᠵᠢᠯᠯᠠᠵᠠᠢ᠃ ᠭᠡᠪᠡᠴᠤ ᠪᠤᠰᠤᠳ ᠤᠨ ᠳᠤᠤᠷ᠎ᠠ ᠠᠵᠢᠯᠯᠠᠬᠤ ᠨᠢ ᠦᠪᠡᠷ ᠤᠨ ᠲᠤᠷᠠᠳᠡᠢ ᠠᠵᠢᠯ ᠢᠶᠠᠨ ᠭᠢᠭᠦ ᠲᠠᠢ ᠦᠰᠦᠳ ᠤᠨᠳᠤᠤ ᠪᠤᠯᠬᠤᠷ ᠪᠠᠭ᠎ᠠ ᠪᠤᠰᠤ ᠨᠤᠭᠤᠷᠡᠯ ᠪᠦᠳᠦᠷᠢᠯ ᠲᠠᠢ ᠠᠯᠮᠠᠶᠢᠷᠠᠵᠤ ᠶᠠᠪᠤᠵᠠᠢ᠃    ᠢᠡᠭᠭᠢᠭᠡᠳ ᠨᠤᠳᠤᠭ ᠲᠤ ᠪᠠᠨ ᠪᠤᠴᠠᠵᠤ ᠦᠢᠯᠡᠰ ᠪᠤᠰᠬᠠᠨ᠎ᠡ ᠭᠡᠵᠦ ᠵᠤᠷᠢᠭ ᠰᠢᠢᠳᠦᠭᠰᠡᠨ ᠲᠡᠷᠡ 2015 ᠤᠨ ᠳᠤ ᠵᠠᠬ᠎ᠠ ᠲᠡᠯᠭᠡᠭᠦᠷ ᠲᠡᠭᠡᠷ᠎ᠡ ᠮᠤᠩᠭᠤᠯ ᠤᠨᠴᠠᠯᠢᠭ ᠢ ᠬᠠᠳᠠᠭᠠᠯᠠᠬᠰᠡᠨ ᠪᠠᠷᠠᠭ᠎ᠠ ᠴᠦᠭᠡᠨ ᠪᠠᠶᠢᠭ᠎ᠠ ᠪᠠᠶᠢᠳᠡᠯ ᠢ ᠰᠡᠷᠭᠡᠭ ᠢᠶᠠᠷ ᠠᠵᠢᠨ ᠮᠡᠳᠡᠵᠤ᠂ ᠮᠸᠡᠭ ᠯᠢ ᠠᠮᠢ ᠠᠬᠤᠢ ᠶᠢᠨ ᠰᠢᠨᠵᠢᠯᠡᠭᠡ ᠮᠡᠷᠭᠡᠵᠢᠯ ᠤᠨ ᠺᠤᠮᠫᠠᠨᠢ ᠪᠠᠨ ᠲᠠᠩᠰᠠᠯᠠᠭᠤᠯᠵᠤ᠂ ᠠᠷᠠᠰᠤᠨ ᠰᠡᠶᠢᠯᠦᠮᠡᠯ᠂ ᠮᠤᠳᠤᠨ ᠰᠡᠶᠢᠯᠦᠮᠡᠯ᠂ ᠵᠠᠰᠠᠯ ᠴᠢᠮᠡᠭᠯᠡᠯ ᠤᠨ ᠭᠡᠷᠡᠭᠰᠡᠯ ᠦᠢᠯᠡᠳᠭᠦ ᠦᠢᠯᠡᠰ ᠤᠨ ᠠᠶᠡᠨ ᠢᠶᠠᠨ ᠡᠭᠢᠯᠡᠭᠦᠯᠦᠭᠰᠡᠨ ᠪᠢᠯᠡ᠃ ︽ᠲᠠᠨ ᠢ ᠮᠤᠩᠭᠤᠯ ᠤᠨᠴᠠᠯᠢᠭ ᠲᠠᠢ ᠭᠡᠷ ᠤᠨ ᠲᠤᠳᠤᠷᠡᠭᠢ ᠵᠠᠰᠠᠯ ᠴᠢᠮᠡᠭᠯᠡᠯ ᠭᠢᠭᠦ ᠪᠠᠷ ᠬᠤᠯᠡ ᠤᠶᠢᠢᠷ᠎ᠡ ᠳᠤ ᠪᠠᠨ ᠠᠯᠳᠠᠷ ᠲᠠᠢ ᠪᠦᠭᠡᠳ ᠤᠶᠤᠳᠡᠨ ᠵᠠᠯᠠᠭᠤᠴᠤᠳ ᠢ ᠲᠠᠶᠢᠴᠢᠯᠡᠨ ᠠᠵᠢᠯ ᠤᠯᠭᠤᠵᠤ ᠪᠠᠶᠢᠨ᠎ᠡ ᠭᠡᠵᠤ ᠰᠤᠨᠤᠰᠤᠬᠰᠡᠨ︾ ᠭᠡᠵᠤ ᠰᠤᠷᠪᠤᠯᠵᠢᠯᠠᠭᠴᠢ ᠤᠴᠢᠷᠯᠠᠪᠠᠯ᠂ ᠬᠠᠰᠤᠴᠢ᠄ ︽ᠠᠩᠬ᠎ᠠ ᠡᠭᠢᠯᠡᠵᠤ ᠠᠷᠡᠯᠵᠢᠶ᠎ᠡ ᠭᠢᠭᠦ ᠳᠤ ᠶᠡᠭᠡ ᠯᠡ ᠭᠦᠴᠢᠷᠳᠡᠵᠤ ᠪᠠᠶᠢᠬᠰᠡᠨ᠂ ᠮᠤᠩᠭᠤᠯ ᠰᠤᠶᠤᠯ ᠲᠡᠤᠭᠡ ᠶᠢᠨ ᠨᠤᠮ ᠢ ᠤᠯᠠᠨᠳᠡ ᠤᠷᠪᠠᠭᠤᠯᠵᠤ᠂ ᠤᠯᠡᠨ ᠶᠠᠩᠵᠤ ᠶᠢᠨ ᠦᠨᠳᠦᠰᠦᠳᠡᠨ ᠤ ᠤᠨᠴᠠᠯᠢᠭ ᠲᠠᠢ ᠤᠭᠠᠯᠵᠡ ᠶᠢ ᠤᠷᠠᠯᠠᠵᠤ ᠲᠦᠰᠦᠪᠯᠡᠭᠦ ᠭᠡᠵᠤ ᠮᠤᠩ ᠦᠭᠡᠢ ᠴᠠᠭ ᠵᠠᠷᠤᠴᠠᠭᠤᠯᠵᠡᠢ᠃ ᠠᠷᠡᠯᠵᠢᠶ᠎ᠡ ᠭᠢᠵᠤ ᠮᠦᠡᠭᠭᠦ ᠪᠠᠨ ᠠᠪᠴᠤ ᠴᠢᠳᠠᠬᠰᠡᠨ ᠦᠭᠡᠢ ᠶᠠᠪᠤᠳᠡᠯ ᠴᠤ ᠤᠯᠡᠨ ᠭᠠᠷᠤᠬᠰᠠᠡ᠂ ᠭᠡᠪᠡᠴᠤ ᠭᠦᠴᠢᠷ ᠢ ᠲᠤᠭᠤᠯᠵᠤ ᠭᠠᠷᠤᠬᠰᠡᠨ ᠠᠴᠠ ᠪᠢᠰᠢ ᠲᠤᠭᠤᠷᠢᠵᠤ ᠭᠠᠷᠤᠬᠰᠡᠨ ᠦᠭᠡᠢ︾ ᠭᠡᠵᠤ ᠦᠡᠭᠭᠡᠷᠡᠭᠰᠡᠨ ᠢᠶᠠᠨ ᠡᠷᠭᠢᠴᠡᠭᠦᠯᠦᠨ᠎ᠡ᠃  ︽ᠦᠢᠯᠡᠰ ᠪᠤᠰᠠᠬᠬᠤ ᠳᠤ ᠮᠠᠰᠢ ᠤᠯᠡᠨ ᠨᠤᠭᠤᠷᠡᠯ ᠪᠦᠳᠦᠷᠢᠯ᠂ ᠠᠯᠳᠠᠰᠢ ᠤᠨᠤᠰᠢ ᠲᠤᠭᠢᠶᠠᠯᠳᠤᠳᠠᠭ ᠪᠤᠯᠪᠠᠴᠤ ᠵᠠᠯᠠᠭᠤ ᠭᠦᠮᠦᠰ ᠤᠨ ᠨᠢᠭᠡ ᠨᠠᠰᠤᠨ ᠤ ᠠᠮᠢᠳᠤᠷᠡᠯ ᠳᠤ ᠤᠯᠡᠨ ᠰᠠᠶᠢᠨ ᠰᠠᠶᠢᠬᠠᠨ ᠲᠤᠷᠠᠳᠬᠠᠯ ᠲᠤᠷᠠᠰᠤᠮᠵᠢ᠂ ᠲᠠᠪᠴᠢᠶᠡᠷᠢ ᠵᠤᠷᠢᠭ ᠤᠯᠭᠤᠳᠠᠭ ᠰᠠᠨ︾ ᠭᠡᠵᠤ ᠬᠠᠰᠤᠴᠢ ᠬᠠᠮᠳᠤ ᠠᠵᠢᠯᠯᠠᠬᠰᠡᠳ ᠲᠤ ᠪᠠᠨ ᠦᠷᠭᠦᠯᠵᠢ ᠶᠠᠷᠢᠳᠠᠭ ᠪᠦᠭᠡᠳ ᠪᠠᠶ᠎ᠡ ᠪᠠᠨ ᠢᠡᠭᠭᠢᠵᠤ ᠵᠤᠷᠢᠬᠵᠢᠭᠤᠯᠳᠠᠭ ᠪᠠᠶᠢᠯ᠎ᠡ᠃ ︽ᠡᠳᠡᠭᠡᠷ ᠪᠦᠳᠦᠭᠡᠯ ᠢ ᠭᠢᠭᠦ ᠳᠤ ᠲᠡᠶᠢᠮᠦ ᠠᠮᠠᠷ ᠠᠵᠢᠯ ᠪᠢᠰᠢ ᠰᠢᠦ᠂ ᠵᠡᠭᠡᠯᠢ ᠲᠡᠭᠡᠷ᠎ᠡ ᠬᠤᠳᠠᠯᠳᠤᠳᠠᠭ ᠲᠠᠸᠠᠷ ᠲᠠᠢ ᠠᠳᠠᠯᠢ ᠦᠭᠡᠢ᠂ ᠤᠷᠢᠳᠡᠪᠡᠷ ᠺᠤᠮᠫᠢᠦ᠋ᠲ᠋ᠧᠷ ᠲᠡᠭᠡᠷ᠎ᠡ ᠭᠡᠪ ᠵᠠᠬᠪᠤᠷ ᠢ ᠰᠤᠩᠭᠤᠨ᠎ᠡ᠂ ᠤᠯᠡᠨ ᠤᠳᠠᠭ᠎ᠠ ᠰᠢᠯᠢᠨ᠎ᠡ᠂ ᠬᠠᠮᠳᠤ ᠪᠠᠷ ᠵᠦᠪᠳᠡᠯᠴᠡᠨ᠎ᠡ᠂ ᠢᠡᠭᠭᠢᠭᠡᠳ ᠬᠠᠮᠤᠭ ᠰᠡᠭᠦᠯ ᠳᠤ ᠡᠭᠦᠨ ᠤ ᠪᠠᠨ ᠭᠡᠪ ᠢᠶᠠᠷ ᠪᠦᠳᠦᠭᠡᠭᠳᠡᠭᠦᠨ ᠢᠶᠠᠨ ᠦᠢᠯᠡᠳᠦᠨ᠎ᠡ᠃ ᠭᠡᠭᠦ ᠳᠤ ᠪᠠᠨ ᠮᠠᠲ᠋ᠧᠷᠢᠶᠡᠯ ᠢᠶᠠᠨ ᠪᠤᠯᠪᠠᠰᠤᠷᠠᠭᠤᠯᠬᠤ᠂ ᠲᠦᠰᠦᠪᠯᠡᠭᠦ᠂ ᠰᠢᠷᠳᠡᠵᠤ ᠪᠤᠳᠤᠬᠤ ᠭᠡᠭᠦᠴᠢᠯᠡᠨ ᠢᠵᠢ ᠲᠦᠭᠦᠷᠵᠢᠭᠰᠡᠨ ᠠᠵᠢᠯ ᠤᠳ ᠢ ᠪᠦᠷ ᠭᠢᠨ᠎ᠡ︾ ᠭᠡᠵᠤ ᠬᠠᠰᠤᠴᠢ ᠳᠤᠬᠠᠶᠢᠢᠯᠠᠭᠰᠠᠨ ᠠᠵᠢᠯ ᠤᠨ ᠢᠶᠠᠨ ᠲᠤᠬᠠᠢ ᠶᠠᠷᠢᠬᠤ ᠪᠦᠷᠢ ᠨᠢᠳᠦ ᠨᠢ ᠭᠡᠷᠡᠯᠳᠦᠵᠤ ᠤᠷᠮ᠎ᠠ ᠨᠢ ᠰᠡᠷᠭᠦᠨ᠎ᠠ᠃ ᠲᠡᠷᠡ ᠪᠠᠷ ᠡᠨᠡ ᠬᠦ ᠠᠵᠢᠯ ᠳᠤ ᠪᠠᠨ ᠬᠡᠳᠦ ᠬᠠᠶᠢᠷᠠᠳᠠᠢ ᠪᠦᠭᠡᠳ ᠨᠠᠷᠢᠯᠢᠭ ᠨᠢᠮᠪᠠᠢ ᠤᠷᠤᠳᠠᠭ ᠨᠢ ᠮᠡᠳᠡᠭᠡᠵᠢ ᠪᠠᠶᠢᠪᠠ᠃ ︽ᠠᠯᠪᠠᠨ ᠤ ᠠᠵᠢᠯ ᠢ ᠬᠦᠭᠡᠭᠡᠴᠡᠯᠳᠦᠬᠦ ᠦᠭᠡᠢ ᠪᠠᠷ ᠡ᠊ᠨᠳᠡ ᠢᠷᠡᠵᠤ ᠤᠴᠢ ᠠᠬ᠎ᠠ ᠲᠠᠢ ᠠᠵᠢᠯᠯᠠᠭᠠᠳ ᠦᠨᠡᠭᠡᠷ ᠤᠯᠡᠨ ᠶᠠᠭᠤᠮ᠎ᠡ ᠰᠤᠷᠤᠬᠰᠡᠨ ᠮᠦᠷᠳᠡᠭᠡᠨ ᠴᠡᠯᠢᠩ ᠮᠦᠡᠭᠭᠦ ᠲᠠᠢ ᠪᠤᠯᠵᠤ ᠵᠤᠷᠢᠬᠳᠡᠢ ᠠᠵᠢᠯᠯᠠᠬᠤ ᠡᠷᠴᠢ ᠵᠤᠷᠢᠭ ᠲᠠᠢ ᠪᠤᠯᠵᠡᠢ︾ ᠭᠡᠵᠤ ᠶᠡᠭᠡ ᠰᠤᠷᠭᠠᠭᠤᠯᠢ ᠪᠠᠨ ᠳᠡᠭᠦᠰᠭᠡᠭᠰᠡᠨ ᠤ ᠳᠠᠷᠠᠭ᠎ᠠ ᠤᠴᠢ ᠶᠢᠨ ᠺᠤᠮᠫᠠᠨᠢ ᠳᠤ ᠢᠷᠡᠵᠤ ᠠᠵᠢᠯᠯᠠᠭᠰᠠᠨ ᠮᠦᠡᠭᠭᠡᠵᠤᠯᠡ ᠶᠠᠷᠢᠨ᠎ᠡ᠃    ᠬᠠᠰᠤᠴᠢ ᠭᠡᠵᠤ ᠬᠦᠮᠦᠨ ᠤ ᠠᠵᠢᠯ ᠢ ᠲᠠᠭᠠᠭᠠᠴᠢᠯᠠᠵᠥ ᠠᠪᠤᠭᠰᠠᠨ ᠪᠤᠯ ᠵᠠᠪᠠᠯ ᠬᠠᠮᠤᠭ ᠨᠠᠷᠢᠨ ᠨᠢᠮᠪᠠᠢ ᠬᠠᠷᠢᠭᠤᠴᠠᠯᠭ᠎ᠠ ᠲᠠᠢ ᠪᠠᠷ ᠬᠢᠵᠦ ᠪᠦᠳᠦᠬᠡᠨ᠎ᠡ ᠬᠡᠵᠦ ᠴᠢᠷᠮᠠᠶᠢᠳᠠᠭ ᠬᠦᠮᠦᠨ ᠤ ᠨᠢᠭᠡ ᠨᠢ᠃ ᠶᠡᠷᠥ ᠶᠢᠨ ᠴᠠᠭ ᠲᠤ ᠮᠡᠷᠬᠡᠵᠢᠯ ᠤᠨ ᠲᠡᠭᠡᠭᠰᠢᠯᠡᠬᠦᠯᠦᠯᠳᠡ ᠬᠢᠬᠦ ᠪᠤᠶᠤ ᠮᠠᠰᠢᠨ ᠲᠦᠬᠦᠬᠡᠷᠦᠮᠵᠢ᠂ ᠪᠠᠭᠠᠵᠢ ᠬᠡᠷᠡᠭᠰᠡᠯ ᠢᠶᠠᠨ ᠱᠠᠭᠠᠷᠳᠠᠯᠭ᠎ᠠ ᠳᠤ ᠪᠠᠨ ᠵᠤᠬᠢᠴᠠᠭᠤᠯᠤᠨ ᠴᠠᠭ ᠲᠤᠬᠠᠢ ᠳᠤ ᠨᠢ ᠰᠢᠨᠡᠴᠢᠯᠡᠬᠦ ᠨᠢ ᠵᠦᠢ ᠬᠡᠮᠡᠨ ᠪᠤᠳᠤᠵᠤ ᠶᠠᠪᠤᠳᠠᠭ᠃ ᠺᠤᠮᠫᠠᠨᠢ ᠪᠠᠶᠢᠭᠤᠯᠤᠭᠳᠠᠭᠰᠠᠨ ᠠᠴᠠ ᠨᠠᠭᠠᠰᠢᠬᠢ ᠬᠤᠶᠠᠷ ᠵᠢᠯ ᠳᠤ᠂ ᠤᠯᠡᠨ ᠤᠳᠠᠭ᠎ᠠ ᠭᠡᠷ ᠲᠤᠳᠤᠷᠡᠭᠢ ᠵᠠᠰᠠᠯ ᠴᠢᠮᠡᠭᠯᠡᠯ ᠤᠨ ᠠᠵᠢᠯ ᠢ ᠳᠠᠭᠠᠭᠠᠴᠢᠯᠠᠨ ᠬᠢᠵᠤ᠂ ᠦᠢᠯᠡᠰ ᠤᠨ ᠵᠠᠮ ᠳᠤ ᠪᠠᠨ ᠶᠠᠪᠤᠬᠤ ᠲᠤᠳᠤᠮ ᠢᠶᠠᠨ ᠴᠠᠭᠠᠷᠠᠵᠤ ᠪᠢᠯᠡ᠃    ᠦᠨᠳᠦᠰᠦᠳᠡᠨ ᠤ ᠤᠨᠴᠠᠯᠢᠭ ᠲᠠᠢ ᠵᠠᠰᠠᠯ ᠴᠢᠮᠡᠭᠯᠡᠯ ᠤᠨ ᠦᠢᠯᠡᠰ ᠭᠡᠵᠤ ᠵᠢᠳᠭᠦᠵᠤ ᠶᠠᠪᠤᠭ᠎ᠠ ᠬᠠᠰᠤᠴᠢ ᠵᠦᠪᠭᠡᠨ ᠰᠤᠶᠤᠯ ᠤᠷᠠᠯᠢᠭ ᠭᠡᠵᠤ ᠮᠤᠩᠭᠠᠨᠢᠬᠰᠡᠨ ᠦᠭᠡᠢ ᠬᠠᠷᠢᠨ ᠪᠠᠰᠠ ᠮᠤᠩᠭᠤᠯ ᠤᠶᠤᠳᠡᠳ ᠤᠨ ᠠᠵᠢᠯ ᠤᠯᠬᠤ ᠠᠵᠢᠯ ᠢ ᠲᠡᠮᠵᠢᠭᠰᠡᠭᠡᠷ ᠢᠷᠡᠵᠡᠢ᠃ ᠲᠡᠷᠡ ᠨᠢᠭᠡ ᠪᠦᠯᠦᠭ ᠨᠤᠳᠤᠭ ᠲᠤ ᠪᠠᠨ ᠪᠤᠴᠠᠬᠰᠡᠨ ᠭᠠᠷ ᠤᠷᠡᠯᠡᠯ ᠤᠨ ᠮᠡᠷᠭᠡᠵᠢᠯ ᠳᠤ ᠠᠪᠢᠶᠠᠰᠤᠯᠢᠭ ᠮᠤᠩᠭᠤᠯ ᠵᠠᠯᠠᠭᠤᠰ ᠢ ᠺᠤᠮᠫᠠᠨᠢ ᠳᠤ ᠪᠠᠨ ᠤᠷᠢᠨ ᠠᠵᠢᠯᠯᠠᠭᠤᠯᠵᠤ ᠠᠵᠢᠯ ᠦᠢᠯᠡᠰ ᠤᠨ ᠢᠶᠠᠨ ᠭᠡᠪᠴᠢᠶ᠎ᠡ ᠪᠠᠨ ᠦᠷᠭᠡᠳᠭᠡᠵᠡᠢ᠃ ︽ᠮᠠᠨ ᠤ ᠺᠤᠮᠫᠠᠨᠢ ᠳᠤ ᠪᠦᠷ ᠮᠤᠩᠭᠤᠯ ᠤᠶᠤᠳᠡᠳ ᠠᠵᠢᠯᠯᠠᠵᠤ ᠪᠤᠢ᠂ ᠮᠠᠰᠢᠨ ᠢᠶᠠᠷ ᠦᠰᠦᠭ ᠰᠠᠶᠢᠯᠬᠦ᠂ ᠮᠤᠩᠭᠤᠯ ᠤᠨᠴᠠᠯᠢᠭ ᠲᠠᠢ ᠭᠡᠷ ᠤᠨ ᠡᠳ᠋ᠯᠡᠯ ᠭᠡᠷᠡᠭᠰᠡᠯ ᠭᠢᠭᠦ ᠳᠤ ᠡᠳᠡᠭᠡᠷ ᠵᠠᠯᠠᠭᠤᠰ ᠤᠬᠠᠭᠠᠨ ᠢ ᠨᠢ ᠤᠯᠤᠨ᠎ᠡ᠃ ᠤᠳᠤ ᠪᠢ ᠪᠠᠰᠠ 160 ᠲᠡᠭᠰᠢ ᠲᠦᠷᠪᠡᠯᠵᠢᠨ ᠮᠧᠳ᠋ᠷ ᠤᠨ ᠵᠡᠭᠡᠯᠢ ᠨᠢᠭᠤᠷᠯᠠᠬᠰᠡᠨ ᠭᠡᠷ ᠲᠦᠷᠢᠶᠡᠰᠦᠯᠡᠭᠡᠳ ᠪᠤᠢ᠂ ᠬᠤᠵᠢᠮ ᠬᠠᠨᠭ᠍ᠭᠢᠨ ᠬᠤᠰᠢᠭᠤᠨ ᠳᠤ ᠪᠠᠷᠠᠭ᠎ᠠ ᠲᠠᠸᠠᠷ ᠢᠶᠠᠷ ᠬᠠᠮᠤᠭ ᠤᠨ ᠪᠦᠷᠢᠨ ᠲᠡᠯᠭᠡᠭᠦᠷ ᠨᠡᠭᠡᠭᠡᠵᠤ᠂ ᠨᠤᠳᠤᠭ ᠤᠨ ᠭᠠᠷᠤᠯᠳᠡ ᠪᠠᠨ ᠰᠦᠯᠵᠢᠶ᠎ᠡ ᠪᠠᠷ ᠪᠤᠷᠤᠯᠠᠭᠤᠯᠬᠤ ᠶᠢᠨ ᠲᠠᠭᠠᠤ ᠮᠤᠩᠭᠤᠯ ᠤᠯᠤᠰ ᠠᠴᠠ ᠪᠠᠷᠠᠭ᠎ᠠ ᠲᠠᠸᠠᠷ ᠤᠷᠤᠭᠤᠯᠤᠨ ᠪᠤᠷᠤᠯᠠᠭᠤᠯᠬᠤ ᠪᠤᠳᠤᠯ ᠲᠠᠢ ᠪᠠᠶᠢᠨ᠎ᠠ︾ ᠭᠡᠵᠤ ᠬᠠᠰᠤᠴᠢ ᠢᠷᠡᠭᠡᠳᠦᠢ ᠶᠢᠨ ᠦᠢᠯᠡᠰ ᠢᠶᠠᠨ ᠢᠳᠡᠭᠡᠯᠳᠡᠶᠢᠭᠡᠨ ᠵᠢᠷᠤᠭᠯᠠᠨ᠎ᠠ᠃
 
ᠢᠷᠡᠯᠲᠡ᠄ ᠤᠷᠳᠤᠰ ᠮᠤᠩᠭᠤᠯ ᠰᠦᠯᠵᠢᠶ᠎ᠠ​
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号