ᠦᠩᠭᠡᠳᠤ ᠤᠳᠠᠰᠤᠨ ᠳᠤ ᠰᠢᠩᠭᠡᠭᠡᠭᠰᠡᠨ ᠦᠪ ᠰᠤᠶᠤᠯ ᠤᠨ ᠤᠯᠠᠮᠵᠢᠯᠠᠯ
ᠨᠡᠶᠢᠲᠡᠯᠡᠭᠰᠡᠨ ᠴᠠᠭ᠄
2018-06-06
    ᠤᠳᠤᠭ ᠤᠨ ᠡᠮᠦᠨᠡᠳᠦ ᠬᠤᠰᠢᠭᠤᠨ ᠤ ᠵᠦᠢᠯᠡᠩᠬᠤᠸᠠᠷ ᠨᠠᠰᠤᠲᠠᠨ᠂ ᠲᠤᠯᠤᠭᠠᠨ ᠨᠠᠰᠤᠨ ᠠᠴᠠ ᠪᠠᠨ ᠵᠡᠬᠦᠦ ᠰᠦᠪᠡᠯᠵᠤ ᠰᠤᠷᠤᠭᠰᠠᠨ ᠠᠴᠠ ᠤᠳᠤ ᠪᠤᠯᠳᠠᠯ᠎ᠠ ᠵᠢᠷᠠ ᠭᠠᠷᠤᠢ ᠵᠢᠯ ᠦᠩᠬᠡᠳᠤ ᠤᠳᠠᠰᠤᠨ ᠦᠢᠯᠡ ᠶᠠᠪᠤᠳᠠᠯ ᠳᠤ ᠤᠷᠮ᠎ᠠ ᠬᠠᠶᠢᠷ᠎ᠠ ᠪᠠᠨ ᠰᠢᠩᠬᠡᠬᠡᠵᠤ᠂ ᠤᠷᠠᠨ ᠬᠠᠳᠬᠤᠮᠠᠯ ᠤᠨ ᠦᠢᠯᠡᠰ ᠢᠶᠠᠨ ᠦᠨᠳᠦᠰᠦᠲᠡᠨ ᠤ ᠤᠯᠠᠮᠵᠢᠯᠠᠯᠳᠤ ᠰᠤᠶᠤᠯ ᠪᠤᠯᠭᠠᠨ ᠦᠪᠯᠠᠵᠤ᠂ ᠦᠪ ᠰᠤᠶᠤᠯ ᠢᠶᠠᠨ ᠤᠯᠠᠮᠵᠢᠯᠠᠨ ᠵᠠᠯᠭᠠᠮᠵᠢᠯᠠᠵᠤ ᠶᠠᠪᠤᠵᠤ ᠪᠤᠢ᠃     ᠵᠦᠢᠯᠡᠩᠬᠤᠸᠠᠷ ᠤᠨ ᠬᠡᠷ ᠲᠤᠨᠢ ᠤᠷᠤᠬᠤ ᠳᠤ ᠶᠠᠭ ᠯᠠ ᠪᠠᠭ᠎ᠠ ᠬᠡᠯᠪᠡᠷᠢ ᠶᠢᠨ ᠮᠤᠩᠭᠤᠯ ᠦᠨᠳᠤᠰᠤᠲᠡᠨ ᠤ ᠲᠡᠯᠬᠡᠨ ᠦᠵᠡᠬᠦᠯᠦᠯᠬᠡ ᠶᠢᠨ ᠲᠢᠩᠬᠢᠮ ᠳᠤ ᠤᠷᠤᠭᠰᠠᠨ ᠰᠢᠭ ᠪᠠᠶᠢᠯ᠎ᠠ᠃ ᠬᠡᠷᠡᠮ ᠲᠤᠭᠤᠷᠢᠭᠤᠯᠤᠨ ᠲᠠᠯᠪᠢᠭᠰᠠᠨ ᠮᠤᠳᠤᠨ ᠵᠢᠶᠠᠰᠠ ᠶᠢᠨ ᠲᠡᠬᠡᠷ᠎ᠡ ᠲᠡᠬᠦᠨ ᠤ ᠤᠷᠠᠯᠠᠵᠤ ᠭᠠᠷᠭᠠᠭᠰᠠᠨ ᠤᠯᠠᠨ ᠵᠦᠢᠯ ᠤᠨ ᠮᠤᠩᠭᠤᠯ ᠦᠨᠳᠤᠰᠤᠲᠡᠨ ᠤ ᠵᠡᠬᠦᠭᠡ ᠵᠠᠰᠠᠯ ᠲᠠᠯᠪᠢᠭᠳᠠᠵᠤ᠂ ᠬᠡᠷᠡᠮ ᠤᠨ ᠨᠦᠬᠦᠬᠡ ᠪᠤᠯᠤᠩ ᠳᠤᠨᠢ ᠵᠦᠢᠯᠡᠩᠬᠤᠸᠠᠷ ᠨᠠᠰᠤᠲᠠᠨ ᠤᠷᠠᠯᠠᠵᠤ ᠭᠠᠷᠭᠠᠭᠰᠠᠨ ᠮᠤᠩᠭᠤᠯ ᠳᠡᠷᠯᠢᠭ ᠡᠯᠬᠦᠬᠡᠰᠤ ᠲᠠᠢ ᠪᠠᠶᠢᠪᠠ᠃ ᠤᠶᠢᠯᠠᠭᠠᠭᠰᠠᠨ ᠢᠶᠠᠷ᠂ ᠲᠠᠷᠤᠭᠤᠯᠭ᠎ᠠ ᠪᠤᠯ ᠵᠡᠬᠦᠭᠡ ᠵᠠᠰᠠᠯ ᠲᠤᠳᠤᠷᠠᠬᠢ ᠬᠡᠯᠪᠡᠷᠢ ᠪᠠᠶᠢᠳᠠᠯ ᠪᠠ ᠬᠦᠨᠳᠤᠴᠡ ᠪᠠᠷ ᠢᠶᠠᠨ ᠬᠠᠮᠤᠭ ᠤᠨ ᠶᠡᠭᠡ ᠲᠤᠯᠤᠭᠠᠢ ᠶᠢᠨ ᠵᠠᠰᠠᠯ ᠪᠤᠯᠤᠨ᠎ᠠ ᠃ ᠮᠠᠯᠠᠭᠠᠢ ᠶᠢᠨ ᠳᠡᠬᠡᠷᠡᠬᠢ ᠲᠦᠪ ᠡᠷᠬᠢᠮᠰᠦᠭ ᠵᠠᠰᠠᠯ ᠢ ᠲᠤᠭᠤᠷᠴᠤᠭ ᠮᠠᠯᠠᠭᠠᠢ ᠬᠡᠵᠤ᠂ ᠬᠠᠷ᠎ᠠ ᠲᠤᠭᠤᠷᠢᠭᠤᠯ ᠲᠡᠭᠡᠷᠡᠬᠢ ᠱᠢᠷᠦ ᠲᠠᠢ ᠬᠡᠰᠡᠭ ᠢ ᠲᠦᠪ ᠲᠤᠭᠤᠷᠢᠭᠤᠯ ᠬᠡᠵᠤ᠂ ᠮᠠᠩᠨᠠᠢ ᠲᠡᠬᠡᠷᠡᠬᠢ ᠮᠦᠩᠬᠦᠨ ᠱᠢᠷᠦ ᠲᠠᠢ ᠵᠠᠰᠠᠯ ᠢ ᠵᠠᠭᠠᠯᠮᠠᠢ ᠬᠡᠵᠤ᠂ ᠲᠦᠪ ᠲᠤᠭᠤᠷᠢᠭᠤᠯ ᠠᠴᠠ ᠲᠤᠷᠤᠭᠰᠢ ᠤᠨᠵᠢᠭᠰᠠᠨ ᠵᠠᠰᠠᠯ ᠢ ᠡᠯᠬᠦᠬᠦᠷ᠂ ᠤᠨᠵᠢᠷᠮ᠎ᠠ᠂  ᠴᠢᠬᠢᠪᠴᠢ᠂ ᠠᠷᠤᠪᠴᠢ᠂ ᠪᠠᠨᠳᠤᠤ᠂ ᠦᠰᠦᠨ ᠤᠷᠢᠶᠠᠳᠠᠭ᠂ ᠰᠢᠪᠡᠭ ᠬᠤᠢ᠂ ᠬᠡᠦᠬᠡᠨ ᠨᠠᠪᠳᠠᠷᠭ᠎ᠠ᠂ ᠰᠢᠪᠡᠭ ᠨᠠᠪᠲᠠᠷᠭ᠎ᠠ ᠬᠡᠵᠤ ᠠᠷᠪᠠᠨ ᠨᠢᠬᠡᠨ ᠲᠦᠷᠦᠯ ᠬᠤᠪᠢᠶᠠᠳᠠᠭ᠃ ᠭᠤᠤᠯᠳᠠᠭᠤ ᠤᠭ᠍ᠶᠤ᠂ ᠱᠢᠷᠦ᠂ ᠮᠦᠩᠬᠦ ᠪᠠᠷ ᠪᠦᠷᠢᠯᠳᠦᠭᠰᠡᠨ ᠡᠷᠬᠢᠮ ᠵᠠᠰᠠᠯ ᠪᠤᠯᠬᠤ ᠶᠤᠮ᠃ ᠵᠦᠢᠯᠡᠩᠬᠤᠸᠠᠷ ᠨᠠᠰᠤᠳᠠᠨ ᠡᠶᠢᠮᠤ ᠨᠢᠭᠡ ᠲᠠᠷᠤᠭᠤᠯᠭ᠎ᠠ ᠶᠢ ᠤᠶᠤᠵᠤ ᠦᠢᠯᠡᠳᠬᠦ ᠳᠤ ᠬᠤᠶᠠᠷ ᠰᠠᠷ᠎ᠠ ᠶᠢᠨ ᠬᠤᠭᠤᠴᠠᠭ᠎ᠠ ᠬᠡᠷᠡᠭᠰᠡᠵᠤ᠂ ᠲᠠᠪᠤᠨ ᠮᠢᠩᠭᠠᠨ ᠲᠦᠬᠦᠷᠢᠭ ᠢᠶᠠᠷ ᠪᠤᠷᠤᠯᠠᠭᠤᠯᠳᠠᠭ ᠬᠡᠵᠤ ᠲᠠᠨᠢᠯᠴᠠᠭᠤᠯᠤᠯ᠎ᠠ᠃    ᠵᠦᠢᠯᠡᠩᠬᠤᠸᠠᠷ᠄ ᠪᠢ ᠪᠠᠭ᠎ᠠ ᠠᠴᠠ ᠪᠠᠨ ᠡᠳᠡᠬᠡᠷ ᠶᠠᠭᠤᠮ᠎ᠠ ᠳᠤ ᠲᠤᠷ᠎ᠠ ᠪᠠᠬ᠎ᠠ ᠲᠠᠢ᠂ ᠶᠡᠭᠡ ᠰᠤᠨᠢᠷᠬᠠᠯ ᠲᠠᠢ ᠪᠠᠶᠢᠭᠰᠠᠨ᠂ ᠡᠬᠦᠨ ᠢ ᠬᠢᠬᠦ ᠳᠤ ᠲᠡᠷᠡ ᠦᠶ᠎ᠡ ᠳᠤ ᠠᠮᠢᠳᠤᠷᠠᠯ ᠪᠠᠷᠤᠭᠲᠠᠢ ᠤᠴᠢᠷ ᠠᠴᠠ ᠡᠬᠦᠨ ᠢᠶᠠᠨ ᠤᠶᠤᠭᠠᠳ ᠬᠤᠳᠠᠯᠳᠤᠵᠤ ᠬᠤᠪᠢᠯᠭᠠᠭᠠᠳ ᠵᠤᠭᠤᠰ ᠮᠦᠩᠬᠦ ᠤᠯᠵᠤ ᠠᠮᠢᠳᠤᠷᠠᠯ ᠳᠠᠭᠠᠨ ᠲᠤᠰᠠᠯᠠᠮᠵᠢ ᠦᠵᠡᠬᠦᠯᠳᠡᠭ ᠪᠠᠶᠢᠭᠰᠠᠨ᠂ ᠤᠳᠤ ᠬᠦᠮᠦᠰ ᠡᠬᠦᠨ ᠢ ᠡᠮᠦᠰᠬᠦ ᠲᠤᠷᠠᠲᠠᠢ᠂ ᠤᠪᠤᠭᠠᠨ ᠨᠠᠶᠢᠷ᠂ ᠬᠤᠷᠢᠮ ᠨᠠᠶᠢᠷ᠂ ᠨᠠᠭᠠᠳᠤᠮ ᠤᠨ ᠬᠤᠷᠠᠯ ᠳᠤ ᠶᠡᠭᠡ ᠡᠮᠦᠰᠳᠡᠭ᠂ ᠪᠢ ᠡᠬᠦᠨ ᠢᠶᠠᠨ ᠤᠶᠤᠭᠠᠳ ᠬᠤᠳᠠᠯᠳᠤᠳᠠᠭ ᠪᠠᠶᠢᠭᠰᠠᠨ᠃    ᠰᠢᠨ᠎ᠠ ᠴᠠᠭ ᠦᠶ᠎ᠠ ᠶᠢᠨ ᠭᠡᠷᠡᠭᠴᠡᠭᠡᠨ ᠤ ᠱᠠᠭᠠᠷᠳᠠᠯᠭ᠎ᠠ ᠠᠴᠠ ᠪᠤᠯᠵᠤ᠂ ᠮᠤᠩᠭᠤᠯ ᠦᠨᠳᠤᠰᠤᠳᠡᠨ ᠤ ᠲᠤᠯᠤᠭᠠᠢ  ᠶᠢᠨ ᠵᠠᠰᠠᠯ ᠪᠠ ᠮᠤᠩᠭᠤᠯ ᠲᠡᠷᠯᠢᠭ ᠵᠡᠷᠭᠡ ᠭᠡᠷᠡᠭᠯᠡᠭᠡᠨ ᠤ ᠵᠦᠢᠯᠡᠰ ᠵᠠᠬ᠎ᠠ ᠲᠠᠯᠭᠡᠬᠦᠷ ᠢᠶᠠᠨ ᠠᠯᠳᠠᠵᠤ᠂ ᠡᠨᠡ ᠲᠤᠬᠠᠢ ᠭᠠᠷ ᠤᠷᠠᠯᠠᠯ ᠴᠦ ᠬᠦᠮᠦᠰ ᠲᠤ ᠠᠭᠠᠵᠢᠮ ᠢᠶᠠᠷ ᠮᠡᠷᠳᠠᠭᠳᠠᠵᠤ᠂ ᠴᠢᠳᠠᠬᠤ ᠬᠦᠮᠦᠨ ᠶᠠᠪᠤᠬᠤ ᠲᠤᠳᠤᠮ ᠴᠦᠭᠡᠷᠡᠭᠰᠡᠨ ᠪᠠᠶᠢᠨ᠎ᠠ᠃ 2016 ᠤᠨ ᠳᠤ ᠵᠦᠢᠯᠡᠩᠬᠤᠸᠠᠷ ᠦᠪᠡᠷ ᠢᠶᠠᠨ ᠵᠤᠭᠤᠰ ᠭᠠᠷᠭᠠᠨ ᠬᠡᠷ ᠲᠦᠷᠢᠶᠡᠰᠤᠯᠡᠵᠤ ︽ᠤᠷᠠᠨ ᠬᠠᠶᠢᠴᠢ︾ ᠤᠷᠠᠨ ᠬᠠᠳᠬᠤᠮᠠᠯ ᠤᠨ ᠨᠡᠶᠢᠬᠡᠮᠯᠢᠭ ᠪᠠᠶᠢᠭᠤᠯᠤᠭᠠᠳ᠂ ᠤᠶᠢᠷ᠎ᠠ ᠤᠷᠴᠢᠮ ᠤᠨ ᠭᠠᠴᠠᠭ᠎ᠠ ᠲᠤᠰᠬᠤᠨ ᠤ ᠡᠮᠡᠭᠲᠡᠶᠢᠴᠤᠳ ᠲᠤ ᠮᠤᠩᠭᠤᠯ ᠦᠨᠳᠤᠰᠤᠳᠡᠨ ᠤ ᠲᠤᠯᠤᠭᠠᠢ ᠶᠢᠨ ᠵᠠᠰᠠᠯ ᠪᠠ ᠮᠤᠩᠭᠤᠯ ᠳᠡᠷᠯᠢᠭ ᠤᠶᠤᠬᠤ ᠮᠡᠷᠬᠡᠵᠢᠯ  ᠢᠶᠠᠨ ᠰᠦᠢᠳᠬᠡᠯ ᠬᠤᠷᠢᠶᠠᠬᠤ ᠦᠬᠡᠢ ᠪᠠᠷ ᠵᠢᠭᠠᠬᠤ ᠪᠤᠯᠵᠤ᠂ ᠮᠠᠰᠢ ᠤᠯᠠᠨ ᠲᠤᠷ᠎ᠠ ᠪᠠᠭ᠋ᠠᠳᠠᠳ᠂ ᠮᠠᠯᠴᠢᠨ ᠪᠦᠰᠡᠬᠦᠶᠢᠴᠤᠳ ᠠᠳᠠ ᠢᠷᠠᠵᠤ ᠰᠤᠷᠤᠯᠴᠠᠬᠤ ᠪᠤᠯᠤᠭᠰᠠᠨ ᠪᠠᠶᠢᠨ᠎ᠠ᠃ᠤᠷᠳᠤᠰ ᠮᠤᠩᠭᠤᠯ ᠦᠨᠳᠦᠰᠦᠲᠡᠨ ᠤ ᠲᠤᠯᠤᠭᠠᠢ ᠶᠢᠨ ᠵᠠᠰᠠᠯ ᠠᠷᠪᠠᠨ ᠬᠡᠳᠦᠨ ᠵᠦᠢᠯ ᠪᠠᠶᠢᠳᠠᠭ᠃ ᠡᠬᠦᠨ ᠳᠤ ᠲᠠᠷᠤᠭᠤᠯᠭ᠎ᠠ ᠨᠢ ᠤᠶᠤᠵᠤ ᠦᠢᠯᠡᠳᠬᠦ ᠳᠤ ᠲᠦᠪᠡᠭᠲᠡᠢ᠂ ᠬᠦᠨᠳᠦ ᠬᠦᠩᠬᠡᠨ᠂ ᠶᠡᠭᠡ ᠪᠠᠭ᠎ᠠ᠂ ᠬᠡᠬᠡᠨᠴᠢᠷ ᠭᠤᠶᠤᠬᠠᠨ ᠂ ᠲᠤᠪᠴᠢ ᠬᠢᠯᠪᠠᠷᠬᠠᠨ ᠬᠡᠬᠦ ᠮᠡᠳᠦ ᠠᠳᠠᠯᠢ ᠪᠤᠰᠤ ᠪᠠᠶᠢᠳᠠᠭ ᠪᠤᠯᠬᠤᠷ ᠵᠦᠢᠯᠡᠩᠬᠤᠸᠠᠷ ᠨᠠᠰᠤᠳᠠᠨ ᠤᠳᠠᠭ᠎ᠠ ᠪᠤᠯᠭᠠᠨ ᠬᠠᠳᠬᠤᠮᠠᠯᠴᠢᠨ ᠳᠠᠭᠠᠨ ᠮᠠᠰᠢ ᠨᠠᠷᠢᠨ ᠬᠢᠨᠠᠮᠠᠭᠠᠢ ᠪᠠᠷ ᠲᠤᠷᠰᠢᠨ ᠤᠶᠤᠵᠤ᠂ ᠵᠢᠭᠠᠨ ᠵᠢᠯᠤᠭᠤᠳᠤᠯᠭ᠎ᠠ ᠬᠢᠳᠡᠭ ᠪᠠᠶᠢᠨ᠎ᠠ ᠃ ᠬᠠᠤᠨᠬᠤᠮᠠᠯᠴᠢᠤᠨ ᠪᠠᠭᠰᠢ ᠪᠠᠨ ᠲᠠᠭᠠᠨ ᠨᠠᠷᠢᠨ ᠬᠢᠨᠠᠮᠠᠭᠠᠢ ᠰᠤᠷᠤᠯᠴᠠᠵᠤ᠂ ᠤᠶᠤᠵᠤ ᠭᠠᠷᠭᠠᠭᠰᠠᠨ ᠪᠦᠳᠦᠭᠡᠭᠳᠡᠬᠦᠨ  ᠢᠶᠠᠨ ᠵᠦᠢᠯᠡᠩᠬᠤᠸᠠᠷ ᠨᠠᠰᠤᠳᠠᠨ ᠤ ᠲᠡᠯᠬᠡᠨ ᠦᠵᠡᠬᠦᠯᠦᠯᠬᠡ ᠶᠢᠨ ᠲᠢᠩᠬᠢᠮ ᠳᠤ ᠲᠡᠯᠬᠡᠨ ᠦᠵᠠᠬᠦᠯᠵᠤ ᠵᠠᠬ᠎ᠠ ᠲᠠᠯᠭᠡᠬᠦᠷ ᠲᠤ ᠪᠤᠷᠤᠯᠠᠭᠤᠯᠳᠠᠭ ᠪᠠᠶᠢᠨ᠎ᠠ᠃    ᠬᠠᠳᠬᠤᠮᠠᠯᠴᠢᠨ ᠰᠡᠴᠡᠨ᠄ ᠬᠢᠭᠰᠡᠨ ᠶᠠᠭᠤᠮ᠎ᠠ ᠪᠠᠨ ᠪᠠᠰᠠ ᠬᠤᠳᠠᠯᠳᠤᠴᠢᠬᠤ ᠶᠤᠮ ᠤᠤ᠂ ᠦᠵᠡᠬᠦᠯᠦᠯᠬᠡ ᠳᠤ ᠶᠠᠪᠤᠭᠤᠯᠴᠢᠬᠠᠬᠤ ᠶᠤᠮ ᠤᠤ᠂ ᠵᠤᠭᠤᠰ ᠮᠦᠩᠬᠦ ᠤᠯᠵᠤ ᠠᠮᠢᠳᠤᠷᠠᠯ   ᠳᠠᠭᠠᠨ ᠲᠡᠳᠬᠦᠴᠢᠬᠡᠨ᠎ᠡ᠃ ᠬᠡᠵᠢᠶᠡᠳᠡ ᠡᠨᠡ ᠰᠤᠶᠤᠯ ᠢ ᠬᠦᠭᠵᠢᠬᠦᠯᠵᠤ ᠬᠠᠮᠠᠭᠠᠯᠠᠵᠤ᠂ ᠬᠤᠵᠢᠮ ᠦᠷ᠎ᠡ ᠬᠡᠦᠬᠡᠳ ᠲᠤ ᠪᠠᠨ ᠤᠯᠠᠮᠵᠢᠯᠠᠶ᠎ᠠ ᠬᠡᠵᠤ ᠴᠢᠷᠮᠠᠶᠢᠵᠤ ᠪᠠᠶᠢᠨ᠎ᠠ᠃    ᠡᠨᠡ ᠵᠢᠯ 71 ᠨᠠᠰᠤᠲᠠᠢ ᠵᠦᠢᠯᠡᠩᠬᠤᠸᠠᠷ ᠨᠠᠰᠤᠲᠠᠨ᠂ ᠤᠷᠠᠨ ᠬᠠᠳᠬᠤᠮᠠᠯ ᠤᠨ ᠮᠡᠷᠬᠡᠵᠢᠯ ᠢᠶᠠᠨ ᠤᠯᠠᠮᠵᠢᠯᠠᠨ ᠵᠠᠯᠠᠭᠠᠮᠵᠢᠯᠠᠬᠤ ᠤᠴᠢᠷ ᠲᠤ ᠲᠦᠢᠯ ᠤᠨ ᠬᠠᠯᠠᠭᠤᠮᠰᠤᠭ ᠪᠠᠶᠢᠵᠤ᠂ ᠲᠤᠰᠬᠠᠶᠢᠯᠠᠨ ᠵᠢᠷᠬᠢᠬᠡ ᠬᠤᠯᠪᠤᠭ᠎ᠠ ᠪᠠᠶᠢᠭᠤᠯᠵᠤ᠂ ᠮᠠᠰᠢ ᠠᠷᠪᠢᠨ ᠰᠤᠷᠬᠤ ᠰᠠᠨᠠᠭᠠᠲᠠᠢ ᠡᠮᠡᠭᠲᠡᠶᠢᠴᠤᠳ᠂ ᠵᠠᠷᠢᠮ ᠳᠠᠭᠠᠨ ᠬᠡᠷ ᠤᠨ ᠠᠷ ᠰᠠᠷ ᠠᠵᠢᠯ ᠳᠠᠭᠠᠨ ᠶᠠᠭᠠᠷᠠᠭᠠᠳ ᠪᠤᠯᠪᠠᠰᠤᠷᠠᠯ ᠳᠤ ᠤᠷᠤᠯᠴᠠᠵᠤ ᠠᠮᠵᠢᠬᠤ ᠦᠬᠡᠢ ᠪᠤᠯᠪᠠᠯ᠂ ᠵᠢᠷᠬᠢᠬᠡ ᠪᠠᠷ ᠲᠠᠮᠵᠢᠭᠤᠯᠤᠨ ᠵᠦᠢᠯᠡᠩᠬᠤᠸᠠᠷ ᠨᠠᠰᠤᠲᠠᠨ ᠤ ᠤᠷᠠᠨ ᠬᠠᠳᠬᠤᠮᠠᠯ ᠤᠨ ᠮᠡᠷᠬᠡᠵᠢᠯ ᠢ ᠰᠢᠩᠬᠡᠬᠡᠯᠳᠡ ᠪᠠᠷ ᠲᠠᠭᠠᠵᠤ ᠰᠤᠷᠳᠠᠭ ᠪᠠᠶᠢᠨ᠎ᠠ᠃    ᠵᠦᠢᠯᠡᠩᠬᠤᠸᠠᠷ᠄ ᠪᠢ ᠪᠤᠯ ᠡᠬᠦᠨ ᠢ ᠤᠶᠤᠭᠠᠳ ᠬᠤᠳᠠᠯᠳᠤᠭᠠᠳ ᠪᠠᠶᠢᠵᠤ ᠪᠤᠯᠬᠤ ᠦᠬᠡᠢ᠂ ᠡᠬᠦᠨ ᠢᠶᠠᠨ ᠤᠯᠠᠮᠵᠢᠯᠠᠬᠤ ᠬᠡᠰᠡᠨ ᠵᠤᠷᠢᠯᠭ᠎ᠠ ᠪᠠᠷ ᠬᠢᠵᠤ ᠪᠠᠶᠢᠨ᠎ᠠ᠃ ᠮᠠᠨᠤᠰ ᠤᠳᠤ ᠪᠦᠷ ᠲᠠᠯᠠ ᠭᠠᠷᠤᠭᠰᠠᠨ ᠬᠦᠮᠦᠰ᠂ ᠤᠳᠤ ᠪᠢᠳᠠ ᠤᠯᠠᠮᠵᠢᠯᠠᠬᠤ ᠦᠬᠡᠢ ᠪᠤᠯ ᠤᠯᠠᠮᠵᠢᠯᠠᠬᠤ ᠬᠦᠮᠦᠨ ᠦᠬᠡᠢ ᠪᠤᠯᠵᠤ᠂ ᠮᠠᠨ ᠤ ᠤᠯᠠᠮᠵᠢᠯᠠᠯᠳᠤ ᠰᠤᠶᠤᠯ ᠬᠠᠶᠠᠭᠳᠠᠨ᠎ᠠ᠃ ᠡᠶᠢᠮᠦ ᠠᠴᠠ ᠪᠢ ᠡᠨᠡ ᠰᠤᠶᠤᠯ ᠢᠶᠠᠨ ᠬᠠᠮᠠᠭᠠᠯᠠᠬᠤ ᠶᠢᠨ ᠲᠦᠯᠦᠬᠡ ᠠᠷᠪᠢᠨ ᠬᠦᠮᠦᠰ ᠲᠤ ᠵᠢᠭᠠᠵᠤ ᠰᠤᠷᠭᠠᠵᠤ ᠤᠯᠠᠮᠵᠢᠯᠠᠵᠤ ᠶᠠᠪᠤᠵᠤ ᠪᠠᠶᠢᠨ᠎ᠠ᠃
 
ᠢᠷᠡᠯᠲᠡ᠄ ᠤᠳᠤᠭ ᠤᠨ ᠡᠮᠥᠨᠡᠳᠤ ᠬᠤᠰᠢᠭᠤᠨ ᠤ ᠰᠤᠨᠢᠨ ᠮᠡᠳᠡᠬᠡᠨ ᠤ ᠳᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号