ᠮᠠᠨ ᠤ ᠬᠤᠰᠢᠭᠤ ᠡᠭᠡᠴᠤᠤᠯ ᠤᠨ ᠪᠠᠶᠠᠷ ᠢ ᠤᠳᠬ᠎ᠠ ᠠᠭᠤᠯᠭ᠎ᠠ ᠲᠠᠢ ᠳᠡᠮᠳᠡᠭᠯᠡᠪᠡ
ᠨᠡᠶᠢᠲᠡᠯᠡᠭᠰᠡᠨ ᠴᠠᠭ᠄
2018-06-06
   ᠡᠭᠡᠴᠤᠤᠯ ᠤᠨ ᠪᠠᠶᠠᠷ ᠬᠦᠷᠴᠦ ᠢᠷᠠᠬᠦ ᠲᠠᠰᠢᠷᠠᠮ ᠢᠶᠠᠷ᠂ ᠬᠤᠰᠢᠭᠤᠨ ᠤ ᠭᠡᠰᠡᠭ ᠨᠠᠶᠢᠭᠡᠮ ᠲᠤᠭᠤᠷᠢᠭ᠂ ᠰᠤᠷᠭᠠᠭᠤᠯᠢ ᠨᠤᠭᠤᠳ ᠡᠯᠪᠡᠭ ᠪᠠᠶᠠᠯᠢᠭ ᠠᠭᠤᠯᠭ᠎ᠠ ᠪᠦᠬᠦᠢ  ᠠᠵᠢᠯᠯᠠᠭ᠎ᠠ ᠦᠷᠨᠢᠬᠦᠯᠵᠤ᠂ ᠡᠭᠡᠴᠤᠤᠯ ᠤᠨ ᠪᠠᠶᠠᠷ ᠢ ᠤᠳᠬ᠎ᠠ ᠠᠭᠤᠯᠭ᠎ᠠ ᠲᠠᠢ ᠳᠡᠮᠳᠡᠭᠯᠡᠪᠡ᠃    5 ᠰᠠᠷ᠎ᠠ ᠶᠢᠨ 10 ᠤ ᠡᠳᠦᠷ᠂ ᠱᠠᠩᠬᠠᠢ ᠶᠢᠨ ᠰᠦᠮ᠎ᠡ ᠪᠠᠯᠭᠠᠰᠤᠨ ᠤ ᠨᠡᠶᠢᠭᠡᠮ ᠲᠣᠭᠤᠷᠢᠭ᠂ ᠡᠮᠡᠭᠲᠡᠶᠢᠴᠦᠳ ᠤᠨ ᠬᠤᠯᠪᠣᠭ᠎ᠠ ᠵᠢᠴᠢ ᠱᠠᠩᠬᠠᠢ ᠶᠢᠨ ᠰᠦᠮ᠎ᠡ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠨᠠᠮ ᠪᠠ ᠣᠯᠠᠨ ᠲᠥᠮᠡᠨ ᠤ ᠠᠵᠢᠯ ᠤᠨ ᠬᠡᠯᠲᠡᠰ ᠠᠴᠠ ᠬᠤᠯᠪᠣᠭᠠᠯᠠᠨ ᠨᠡᠶᠢᠭᠡᠮ ᠲᠣᠭᠤᠷᠢᠭ ᠤᠨ ᠰᠠᠭᠤᠭᠠᠯᠢ ᠠᠷᠠᠳ ᠲᠤ ᠡᠭᠡᠴᠤᠤᠯ ᠤᠨ ᠪᠠᠶᠠᠷ ᠢ ᠪᠠᠯᠠᠭᠡᠯᠡᠬᠦ ᠤᠷᠠᠨ ᠰᠠᠶᠢᠬᠠᠨ ᠤ ᠲᠣᠭᠯᠠᠯᠲᠠ ᠭᠠᠷᠭᠠᠵᠤ᠂ ᠡᠭᠡᠴᠦᠳ ᠪᠣᠯᠣᠭᠰᠠᠨ ᠡᠮᠡᠭᠲᠡᠶᠢᠴᠦᠳ ᠤᠷᠤᠯᠴᠠᠪᠠ᠃ ᠲᠠᠳᠠ ᠳᠣᠬᠢᠶᠠᠨ ᠤ ᠪᠥᠵᠢᠭ《 ᠲᠠᠯᠠᠷᠬᠠᠬᠤ ᠰᠡᠳᠭᠢᠯ》᠂ ᠡᠭᠡᠴᠦᠳ ᠤᠨ ᠪᠠᠶᠠᠷ ᠤᠨ ᠤᠷᠠᠨ ᠤᠩᠰᠢᠯᠭ᠎ᠠ᠂ ᠮᠣᠩᠭᠤᠯ ᠬᠤᠪᠴᠠᠰᠤ ᠵᠠᠰᠠᠯ ᠤᠨ ᠦᠵᠡᠭᠦᠯᠦᠯᠭᠡ᠂ ᠭᠤᠴᠣᠯᠠᠯ ᠳᠠᠭᠤᠣ《 ᠬᠤᠪᠢᠰ》᠂ ᠬᠠᠮᠳᠤ ᠶᠢᠨ ᠳᠠᠭᠤᠤ ᠵᠡᠷᠭᠡ ᠤᠯᠠᠨ ᠠᠭᠤᠯᠭ᠎ᠠ ᠪᠦᠬᠦᠢ ᠭᠤᠶᠤ ᠰᠠᠶᠢᠬᠠᠨ ᠲᠤᠭᠯᠠᠯᠳᠠ ᠲᠤᠭᠯᠠᠵᠤ᠂ ᠵᠢᠷᠭᠠᠯ ᠤᠨ ᠢᠨᠢᠶᠡᠲᠦ ᠪᠢᠯᠬᠠᠭᠤᠯᠤᠨ᠂ ᠴᠤᠭ ᠵᠢᠪᠬᠤᠭᠠᠯᠢᠭ ᠳᠥᠷᠢ ᠪᠠᠶᠢᠳᠠᠯ ᠢᠶᠠᠨ ᠲᠠᠶᠢᠰᠠᠨ ᠳᠤ ᠢᠯᠡᠷᠡᠭᠦᠯᠵᠦ᠂ ᠦᠵᠡᠭᠴᠢᠳ ᠪᠥᠬᠦᠨ ᠤ ᠬᠠᠯᠠᠭᠤᠨ ᠲᠠᠭᠠᠰᠢᠶᠠᠯ ᠢ ᠣᠯᠣᠭᠰᠠᠨ ᠪᠠᠶᠢᠨ᠎ᠠ᠃ ᠠᠵᠢᠯᠯᠠᠭᠠᠨ ᠳᠤ ᠨᠠᠮ ᠵᠠᠰᠠᠭ ᠤᠨ ᠺᠠᠳ᠋ᠷ ᠠᠵᠢᠯᠳᠠᠨ᠂ ᠠᠵᠤ ᠠᠬᠤᠢ ᠶᠢᠨ ᠨᠠᠭᠡᠭᠡᠯᠳᠠ ᠶᠢᠨ ᠲᠤᠭᠤᠷᠢᠭ ᠤᠨ ᠭᠡᠰᠡᠭ ᠠᠵᠢᠯᠳᠠᠨ ᠠᠵᠢᠯᠴᠢᠨ᠂ ᠨᠠᠶᠢᠭᠡᠮ ᠲᠤᠭᠤᠷᠢᠭ ᠤᠨ ᠰᠠᠭᠤᠭᠠᠯᠢ ᠠᠷᠠᠳ ᠭᠤᠷᠪᠠᠨ ᠵᠠᠭᠤ ᠭᠠᠷᠤᠢ ᠬᠦᠮᠦᠨ ᠣᠷᠣᠯᠴᠠᠭᠰᠠᠨ ᠪᠠᠶᠢᠨ᠎ᠠ᠃    ᠱᠠᠩᠬᠠᠢ ᠶᠢᠨ ᠰᠦᠮ᠎ᠡ ᠪᠠᠯᠭᠠᠰᠤᠨ ᠤ ᠤᠬᠠᠭᠤᠯᠬᠤ ᠭᠡᠰᠢᠭᠦᠨ ᠭᠡᠷᠡᠯ᠄ ᠡᠵᠢ ᠮᠦᠷᠳᠡᠬᠡᠨ ᠠᠴᠢᠤᠷ ᠬᠡᠦᠬᠡᠳ ᠪᠣᠯᠣᠭᠰᠠᠨ ᠤ ᠬᠤᠪᠢ ᠳᠤ᠂ ᠥᠪᠡᠷ ᠤᠨ ᠠᠵᠢᠯ ᠳᠤ ᠪᠠᠨ ᠡᠳᠤᠷᠵᠢᠨ ᠶᠠᠭᠠᠷᠠᠭᠠᠳ ᠨᠠᠰᠤᠲᠠᠶᠢᠴᠤᠳ ᠢᠶᠠᠨ ᠬᠠᠷᠠᠭᠠᠯᠵᠠᠬᠤ ᠨᠢ  ᠳᠤᠩ ᠴᠥᠭᠡᠨ ᠪᠠᠶᠢᠨ᠎ᠠ᠃ ᠥᠨᠥᠳᠥᠷ ᠤᠨ ᠡᠨᠡ ᠬᠥᠳᠡᠯᠭᠡᠭᠡᠨ ᠢᠶᠠᠷ ᠳᠠᠮᠵᠢᠭᠠᠳ ᠬᠠᠷᠢᠵᠤ ᠨᠠᠰᠤᠲᠠᠶᠢᠴᠤᠳ ᠢᠶᠠᠨ ᠢᠯᠡᠭᠦᠬᠡᠨ ᠰᠢᠭ ᠬᠠᠷᠠᠭᠠᠯᠵᠠᠵᠤ᠂ ᠢᠯᠡᠭᠦᠬᠡᠨ ᠰᠢᠭ ᠠᠰᠠᠷᠠᠵᠤ᠂ ᠮᠠᠨ ᠤ ᠳᠣᠮᠳᠠᠳᠣ ᠤᠯᠤᠰ ᠤᠨ ᠡᠨᠡ ᠬᠦ ᠰᠠᠶᠢᠬᠠᠨ ᠰᠤᠷᠭᠠᠯ ᠰᠤᠷᠲᠠᠯ ᠢᠶᠠᠨ ᠤᠯᠠᠮᠵᠢᠯᠠᠵᠤ ᠶᠠᠪᠤᠨ᠎ᠠ ᠬᠡᠰᠡᠨ ᠪᠣᠳᠣᠯ ᠣᠷᠣᠯ᠎ᠠ᠃    5 ᠳ᠋ᠤᠭᠠᠷ ᠰᠠᠷ᠎ᠠ ᠶᠢᠨ 11 ᠤ ᠡᠳᠤᠷ᠂ ᠬᠤᠰᠢᠭᠤᠨ ᠤ ᠮᠣᠩᠭᠤᠯ ᠳᠤᠮᠳᠠᠳᠤ ᠰᠤᠷᠭᠠᠭᠤᠯᠢ ᠠᠴᠠ ᠭᠡᠷ ᠤᠨ ᠠᠬᠠᠮᠠᠳ᠂ ᠰᠤᠷᠤᠭᠴᠢᠳ ᠲᠤ ᠵᠣᠷᠢᠭᠤᠯᠤᠨ《 ᠬᠢᠷᠢ ᠲᠡᠩᠴᠡᠭᠰᠡᠨ ᠡᠵᠢ ᠪᠣᠯᠬᠤ》 ᠲᠤᠬᠠᠢ ᠲᠤᠰᠬᠠᠢ ᠰᠡᠳᠦᠪᠲᠦ ᠬᠢᠴᠢᠶᠠᠯᠯᠡᠭᠡ ᠬᠢᠵᠤ᠂  ᠡᠵᠢ ᠪᠤᠯᠤᠭᠰᠠᠳ ᠶᠠᠭᠠᠬᠢᠵᠤ ᠬᠡᠥᠬᠡᠳ ᠢᠶᠠᠨ ᠰᠤᠷᠭᠠᠬᠤ᠂ ᠬᠡᠦᠭᠡᠳ ᠤᠨ ᠢᠶᠠᠨ ᠰᠤᠷᠤᠯᠭ᠎ᠠ ᠠᠮᠢᠳᠤᠷᠠᠯ ᠳᠤ ᠬᠡᠷᠬᠢᠨ ᠵᠥᠪ ᠵᠢᠯᠤᠭᠤᠳᠤᠯᠭ᠎ᠠ ᠥᠭᠬᠦ ᠪᠠ ᠰᠤᠷᠤᠭᠴᠢᠳ ᠠᠬᠠᠰ ᠵᠠᠬᠠᠰ ᠢᠶᠠᠨ ᠬᠦᠨᠳᠦᠯᠡᠨ᠂ ᠠᠪᠤ ᠡᠵᠢ ᠪᠠᠨ ᠬᠠᠪᠰᠤᠷᠴᠤ᠂ ᠭᠡᠷ ᠤᠨ ᠠᠵᠢᠯ ᠳᠤ ᠢᠳᠡᠪᠬᠢᠲᠡᠢ ᠣᠷᠣᠯᠴᠠᠨ᠂ ᠭᠠᠷ ᠤᠲᠠᠰᠤ ᠵᠡᠷᠭᠡ ᠵᠦᠢᠯ ᠢ ᠳᠤᠲᠠᠭᠤ ᠲᠣᠭᠯᠠᠵᠤ᠂ ᠨᠣᠮ ᠳᠡᠪᠲᠡᠷ ᠢ ᠢᠯᠡᠭᠦᠬᠡᠨ ᠤᠩᠰᠢᠵᠤ ᠣᠶᠣᠨ ᠲᠡᠷᠢᠬᠢ ᠪᠠᠨ ᠵᠡᠪᠰᠡᠭᠯᠡᠬᠦ ᠵᠡᠷᠭᠡ ᠲᠠᠯ᠎ᠠ ᠪᠠᠷ ᠴᠢᠬᠤᠯᠠᠴᠢᠯᠠᠨ ᠲᠠᠶᠢᠯᠪᠤᠷᠢᠯᠠᠭᠰᠠᠨ ᠪᠠᠶᠢᠨ᠎ᠠ᠃    ᠮᠣᠩᠭᠤᠯ ᠳᠤᠮᠳᠠᠳᠤ ᠰᠤᠷᠭᠠᠭᠤᠯᠢ ᠶᠢᠨ ᠪᠠᠭᠰᠢ ᠴᠡᠩᠭᠡᠯ᠄ ᠬᠡᠦᠭᠡᠳ ᠤᠳ ᠠᠩᠬ᠎ᠠ ᠳᠤᠮᠳᠠᠳᠤ ᠳᠤ ᠣᠷᠣᠵᠣ ᠢᠷᠡᠭᠰᠡᠨ ᠤ ᠰᠡᠭᠦᠯᠡᠷ ᠰᠡᠳᠬᠢᠴᠡ ᠶᠢᠨ ᠲᠠᠯ᠎ᠠ ᠪᠠᠷ ᠶᠡᠭᠡ ᠬᠤᠪᠢᠷᠠᠯᠲᠠ ᠭᠠᠷᠳᠠᠭ᠂ ᠥᠩᠭᠡᠷᠡᠭᠰᠡᠨ ᠳᠤ ᠡᠵᠢ ᠳᠤ ᠪᠠᠨ ᠰᠡᠤᠨᠬᠢᠯ ᠤᠨ ᠦᠬᠡ ᠪᠠᠨ ᠶᠠᠷᠢᠳᠠᠭ ᠬᠡᠦᠬᠡᠳ ᠤᠳ ᠴᠤ ᠵᠠᠷᠢᠮ ᠨᠢ  ᠶᠠᠷᠢᠬᠤ ᠦᠭᠡᠢ ᠪᠣᠯᠵᠤ᠂ ᠡᠵᠢ  ᠬᠡᠦᠬᠡᠳ ᠤᠨ ᠬᠤᠭᠤᠷᠣᠨᠳᠣᠬᠢ ᠬᠠᠷᠢᠴᠠᠭ᠎ᠠ ᠵᠠᠶᠢᠳᠠᠳᠠᠭ᠃ ᠡᠭᠦᠨ ᠳᠤ ᠴᠢᠭᠯᠡᠬᠦᠯᠤᠨ ᠪᠢᠳᠠ ᠬᠡᠦᠬᠡᠳ ᠲᠤ ᠪᠠᠨ ᠡᠶᠢᠮᠦ ᠨᠢᠭᠡ ᠰᠡᠳᠬᠢᠯ ᠤᠨ ᠦᠭᠡ ᠪᠠᠨ ᠡᠵᠢ ᠳᠤ ᠪᠠᠨ ᠶᠠᠷᠢᠬᠤ ᠵᠠᠪᠰᠢᠶᠠᠨ ᠣᠯᠭᠤᠵᠣ᠂ ᠮᠥᠨ ᠴᠤ ᠡᠵᠢ ᠬᠡᠦᠬᠡᠳ ᠤᠨ ᠬᠤᠭᠤᠷᠣᠨᠳᠣᠬᠢ ᠬᠠᠷᠢᠴᠠᠭ᠎ᠠ ᠶᠢ ᠤᠯᠠᠮ ᠵᠣᠬᠢᠴᠠᠩᠭᠤᠢ ᠪᠣᠯᠭᠠᠬᠤ ᠡᠭᠦᠳᠡᠨ ᠠᠴᠠ ᠡᠨᠡᠬᠦ ᠠᠵᠢᠯᠯᠠᠭ᠎ᠠ ᠶᠢ ᠥᠷᠨᠢᠭᠦᠯᠦᠭᠰᠡᠨ ᠶᠤᠮ᠃    ᠭᠡᠤᠭᠡᠳ ᠤᠳ ᠰᠡᠤᠨᠬᠢᠯ ᠤᠨ ᠦᠭᠡ ᠪᠠᠨ ᠵᠦᠩᠨᠡᠯ ᠤᠨ ᠺᠠᠷᠲ ᠲᠤ ᠪᠢᠴᠢᠵᠤ᠂ ᠡᠵᠢ ᠳᠤ ᠪᠠᠨ ᠭᠠᠷᠳᠠᠭᠤᠯᠤᠨ᠂ ᠡᠵᠢ ᠶᠢᠨ ᠪᠠᠶᠠᠷ ᠤᠨ ᠡᠳᠤᠷ ᠢ ᠪᠠᠯᠡᠭᠯᠡᠭᠰᠡᠨ ᠪᠠᠶᠢᠨ᠎ᠠ᠃    ᠰᠤᠷᠤᠭᠴᠢ ᠰᠣᠷᠭᠤᠭ᠄ ᠡᠰᠡᠨᠢᠯ ᠬᠤᠷᠸ᠎ᠠ ᠳᠤ ᠦᠷ᠎ᠡ ᠶᠢᠨ ᠲᠥᠯᠥᠭᠡ ᠥᠨᠢᠳᠡ ᠵᠢᠳᠭᠦᠳᠡᠭ ᠥᠷᠥᠪᠴᠢᠬᠡᠨ ᠡᠵᠢ ᠳᠤ ᠪᠠᠨ ᠪᠢ ᠬᠠᠶᠢᠷᠠᠲᠠᠢ᠃    ᠰᠤᠷᠤᠭᠴᠢ ᠶᠠᠩᠰᠤᠭ᠄ ᠥᠨᠥᠳᠦᠷ ᠪᠤᠯ ᠡᠵᠢ ᠶᠢᠨ ᠪᠠᠶᠠᠷ ᠤᠨ ᠡᠳᠦᠷ ᠪᠤᠯᠤᠨ᠎ᠠ᠂ ᠡᠵᠢ ᠲᠠ ᠵᠥᠳᠡᠷᠡᠯ᠎ᠡ᠂ ᠪᠢ ᠲᠠᠨ ᠳᠤ ᠪᠠᠨ ᠬᠠᠶᠢᠷᠠᠲᠠᠢ ᠰᠢᠤ᠃    ᠨᠠᠮᠤᠷ᠎ᠠ᠄ ᠡᠵᠢ ᠡ᠂ ᠮᠢᠨᠤ ᠬᠠᠮᠤᠭ ᠤᠨ ᠪᠠᠶᠠᠷᠳᠠᠢ ᠴᠠᠭ ᠮᠦᠴᠠ ᠪᠤᠯ ᠲᠠᠨ   ᠲᠠᠢ ᠬᠠᠮᠲᠤ ᠪᠠᠶᠢᠬᠤ ᠦᠶ᠎ᠡ ᠪᠤᠯᠤᠨ᠎ᠠ᠃    ᠰᠤᠷᠤᠭᠴᠢ ᠰᠢᠨᠵᠢᠯᠡ᠄ ᠡᠵᠢ ᠡ᠂ ᠲᠠ ᠵᠦᠳᠡᠷᠡᠯ᠎ᠡ᠂ ᠪᠢ ᠲᠠᠨ ᠳᠤ ᠪᠠᠨ ᠬᠠᠶᠢᠷᠠᠲᠠᠢ᠃    ᠰᠤᠷᠤᠭᠴᠢ ᠠᠶᠠᠰ᠄ ᠦᠷ᠎ᠡ ᠨᠠᠳᠠ ᠶᠢ ᠪᠠᠨ ᠥᠰᠭᠡᠵᠦ ᠪᠣᠶᠢᠵᠢᠭᠤᠯᠤᠭᠰᠠᠨ ᠡᠵᠢ ᠳᠤ ᠪᠠᠨ ᠪᠢ ᠬᠠᠶᠢᠷᠠᠲᠠᠢ᠃  
 
ᠢᠷᠡᠯᠲᠡ᠄ ᠤᠳᠤᠭ ᠤᠨ ᠡᠮᠥᠨᠡᠳᠤ ᠬᠤᠰᠢᠭᠤᠨ ᠤ ᠰᠤᠨᠢᠨ ᠮᠡᠳᠡᠬᠡᠨ ᠤ ᠳᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号