ᠮᠠᠨ ᠤ ᠬᠤᠰᠢᠭᠤ ᠰᠤᠷᠤᠭᠴᠢᠳ ᠤᠨ ᠰᠤᠷᠭᠠᠭᠤᠯᠢ ᠳᠤ ᠤᠴᠢᠬᠤ ᠴᠠᠭ ᠤᠨ ᠦᠭᠡᠷᠡᠴᠢᠯᠡᠯᠳᠠ ᠶᠢ ᠨᠠᠶᠢᠳᠠᠪᠤᠷᠢᠵᠢᠭᠤᠯᠪᠠ
ᠨᠡᠶᠢᠲᠡᠯᠡᠭᠰᠡᠨ ᠴᠠᠭ᠄
2018-06-06
   ᠤᠶᠢᠷ᠎ᠠ ᠳᠤ᠂ ᠮᠠᠨ ᠤ ᠬᠤᠰᠢᠭᠤᠨ ᠤ ᠲᠤᠮᠳᠠᠳᠤ ᠪᠠᠭ᠎ᠠ ᠰᠤᠷᠭᠠᠭᠤᠯᠢ ᠦᠪᠡᠷᠳᠡᠭᠡᠨ ᠵᠠᠰᠠᠬᠤ ᠤᠷᠤᠨ ᠤ ᠲᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠴᠠᠭ ᠤᠨ ᠬᠤᠪᠢᠶᠠᠷᠢᠯᠠᠯ ᠤᠨ ᠦᠭᠡᠷᠡᠴᠢᠯᠡᠯᠳᠠ ᠶᠢ ᠲᠤᠤᠱᠯᠠᠭᠤᠯᠤᠨ᠂ ᠪᠠᠭᠰᠢ ᠰᠤᠷᠤᠭᠴᠢᠳ ᠤᠨ ᠰᠤᠷᠤᠯᠴᠠᠵᠤ ᠠᠮᠠᠷᠠᠬᠤ ᠴᠠᠭ ᠤᠨ ᠲᠤᠭᠢᠷᠠᠭᠤᠯᠭ᠎ᠠ ᠳᠤ ᠪᠦᠷᠢᠮᠤᠰᠤᠨ ᠦᠭᠡᠷᠡᠴᠢᠯᠠᠯᠳᠠ ᠬᠢᠵᠤ᠂ ᠰᠤᠷᠤᠭᠴᠢ ᠪᠠᠷ ᠲᠦᠪᠯᠡᠭᠦᠯᠦᠭᠰᠡᠨ ᠰᠤᠷᠭᠠᠨ ᠬᠦᠮᠦᠵᠢᠯ ᠢ ᠠᠭᠢᠭᠤᠯᠵᠤ᠂ ᠪᠠᠶ᠎ᠠ ᠰᠡᠳᠭᠢᠴᠡ ᠪᠦᠬᠦ ᠲᠠᠯ᠎ᠠ ᠶᠢᠨ ᠡᠷᠡᠬᠦᠯ ᠴᠢᠬᠢᠷᠠᠭ ᠰᠤᠷᠤᠭᠴᠢ ᠶᠢ ᠰᠤᠷᠭᠠᠨ ᠬᠦᠮᠦᠵᠢᠬᠦᠯᠬᠦ ᠳᠤ ᠬᠦᠴᠦ ᠳᠠᠯᠪᠢᠪᠠ᠃    ᠤᠶᠢᠯᠠᠭᠠᠭᠰᠠᠨ ᠢᠶᠠᠷ᠂ ᠬᠤᠰᠢᠭᠤ ᠮᠤᠩᠭᠤᠯ ᠪᠠᠭ᠎ᠠ ᠰᠤᠷᠭᠠᠭᠤᠯᠢ ᠦᠷᠯᠦᠭᠡ ᠶᠢᠨ ᠰᠤᠷᠭᠠᠭᠤᠯᠢ ᠳᠤ ᠭᠦᠷᠭᠦ ᠴᠠᠭ ᠢ ᠲᠤᠭᠢᠷᠠᠭᠤᠯᠤᠭᠠᠳ ᠨᠠᠢᠮᠠᠨ ᠴᠠᠭ᠂ ᠲᠤᠮᠳᠠᠳᠤ ᠰᠤᠷᠭᠠᠭᠤᠯᠢ  ᠲᠤᠯᠤᠭᠠᠨ ᠴᠠᠭ ᠲᠠᠪᠢ ᠪᠤᠯᠭᠠᠵᠤ᠂ ᠰᠤᠷᠤᠭᠴᠢᠳ ᠤᠨ ᠭᠦᠢᠴᠡᠳ ᠤᠨᠳᠠᠯᠭ᠎ᠠ ᠶᠢ ᠪᠠᠳᠤᠯᠠᠭᠰᠠᠨ ᠪᠦᠭᠡᠳ ᠬᠦᠶᠤᠨ ᠰᠤᠷᠤᠯᠴᠠᠵᠤ ᠪᠠᠶᠢᠭ᠎ᠠ ᠰᠤᠷᠤᠭᠴᠢᠳ ᠤᠷᠤᠢ ᠶᠢᠨ ᠵᠢᠷᠭᠤᠭᠠᠨ ᠴᠠᠭ ᠲᠤ ᠰᠤᠷᠭᠠᠭᠤᠯᠢ ᠶᠢᠨ ᠬᠦᠷᠢᠶᠠᠨ ᠠᠴᠠ ᠰᠠᠯᠵᠤ᠂ ᠭᠡᠷ ᠲᠤ ᠪᠠᠨ ᠬᠠᠷᠢᠬᠤ ᠪᠦᠭᠡᠳ ᠦᠳᠠᠰᠢ ᠶᠢᠨ ᠲᠠᠪᠳᠠᠯᠭ᠎ᠠ ᠶᠢᠨ ᠴᠠᠭ ᠢ ᠦᠪᠠᠷᠳᠡᠭᠡᠨ ᠰᠤᠷᠤᠯᠴᠠᠬᠤ ᠴᠠᠭ ᠪᠤᠯᠭᠠᠵᠤ᠂ ᠰᠤᠷᠤᠭᠴᠢᠳ ᠤᠨ ᠰᠤᠷᠭᠠᠭᠤᠯᠢ ᠳᠤ ᠪᠠᠶᠢᠬᠤ ᠬᠤᠭᠤᠴᠠᠭ᠎ᠠ ᠶᠢ 7 ᠴᠠᠭ ᠢᠶᠠᠷ ᠬᠢᠵᠠᠭᠠᠷᠯᠠᠨ᠂ ᠤᠤᠯ ᠳᠤ ᠪᠠᠨ45 ᠮᠢᠨᠦ᠋ᠲ ᠪᠠᠶᠢᠭᠰᠠᠨ ᠭᠢᠴᠢᠶᠠᠯ ᠤᠨ ᠴᠠᠭ ᠢ ᠪᠤᠭᠤᠨᠢᠰᠬᠠᠵᠤ40 ᠮᠢᠨᠦ᠋ᠲ ᠪᠤᠯᠭᠠᠭᠰᠠᠨ ᠪᠠᠶᠢᠨ᠎ᠠ᠃    ᠬᠤᠰᠢᠭᠤᠨ ᠤ ᠮᠤᠩᠭᠤᠯ ᠲᠤᠮᠳᠠᠳᠤ ᠰᠤᠷᠭᠠᠭᠤᠯᠢ ᠶᠢᠨ ᠲᠡᠳ᠋ ᠵᠠᠭᠢᠷᠤᠯ ᠭᠡᠰᠢᠭᠳᠦ᠄  ᠰᠦᠨᠢ ᠶᠢᠨ ᠲᠠᠪᠳᠠᠯᠭ᠎ᠠ ᠳᠡᠭᠡᠷ᠎ᠡ ᠰᠤᠷᠤᠭᠴᠢ ᠶᠢᠨ ᠳᠠᠰᠬᠠᠯ ᠲᠠᠭᠠᠭᠠᠯᠭᠠᠪᠤᠷᠢ ᠬᠢᠬᠦ ᠵᠢᠴᠢ ᠡᠵᠡᠮᠰᠢᠬᠦ ᠴᠢᠬᠤᠯᠠᠳᠠᠢ ᠠᠭᠤᠯᠭ᠎ᠠ ᠶᠢ ᠵᠦᠪᠬᠡᠨ ᠲᠦᠴᠢᠨ ᠮᠢᠨᠦ᠋ᠲ ᠳᠡᠭᠡᠷ᠎ᠡ ᠠᠪᠴᠢᠷᠠᠵᠦ ᠬᠢᠴᠢᠶᠡᠯᠯᠡᠬᠦ ᠴᠢᠬᠤᠯᠠᠳᠠᠢ᠂ ᠡᠶᠢᠮᠦ ᠠᠴᠠ ᠮᠠᠨ ᠤ ᠬᠢᠴᠢᠶᠡᠯᠯᠡᠭᠴᠢ ᠪᠠᠭᠰᠢ ᠨᠠᠷ ᠲᠤ ᠠᠪᠴᠦ ᠬᠡᠯᠡᠪᠡᠯ ᠶᠡᠭᠡ ᠦᠬᠡᠷᠡᠴᠢᠯᠡᠯᠳᠡ ᠮᠦᠨ᠃ ᠰᠤᠷᠤᠭᠴᠢᠳ ᠬᠠᠷᠢᠭᠰᠠᠨ ᠤ ᠲᠠᠷᠠᠭ᠎ᠠ ᠨᠢᠬᠡ ᠳᠤ ᠪᠤᠯ ᠠᠬᠠᠮᠠᠳ ᠲᠠᠢ ᠪᠠᠨ ᠢᠯᠡᠬᠦᠦ ᠰᠤᠯᠢᠯᠴᠠᠭ᠎ᠠ ᠬᠢᠬᠦ᠂ ᠬᠤᠶᠠᠷ ᠲᠤ ᠪᠤᠯ ᠦᠢᠯᠡᠳᠦᠯᠬᠡ ᠳᠤ ᠤᠷᠤᠯᠴᠠᠵᠤ᠂ ᠠᠮᠢᠳᠤᠷᠠᠯ  ᠠᠴᠠ ᠰᠤᠷᠤᠯᠭ᠎ᠠ ᠪᠠᠨ ᠪᠠᠬᠢᠵᠢᠬᠦᠯᠬᠦ᠂ ᠭᠤᠷᠪᠠ ᠳᠤ ᠪᠤᠯ ᠪᠠᠶ᠎ᠠ ᠪᠠᠨ ᠳᠠᠭᠠᠭᠠᠵᠤ ᠰᠤᠷᠤᠯᠴᠠᠬᠤ ᠵᠡᠷᠬᠡ ᠶᠢ ᠪᠤᠳᠤᠯᠬᠢᠯᠠᠭᠠᠤᠨ ᠴᠠᠭ ᠤᠨ ᠬᠤᠪᠢᠶᠠᠷᠢ ᠶᠢ ᠦᠬᠡᠷᠡᠴᠢᠯᠡᠭᠰᠡᠨ ᠶᠤᠮ᠃    ᠰᠤᠷᠤᠭᠴᠢ ᠲᠤᠳᠤᠨᠤ᠄ ᠪᠢ ᠪᠤᠯ ᠭᠠᠳᠠᠨ᠎ᠠ ᠰᠠᠭᠤᠵᠤ ᠪᠠᠶᠢᠭ᠎ᠠ ᠰᠤᠷᠤᠭᠴᠢ᠂ ᠴᠠᠭ ᠤᠨ ᠬᠤᠪᠢᠶᠠᠷᠢ ᠦᠬᠡᠷᠡᠴᠢᠯᠡᠭᠰᠡᠨ ᠠᠴᠠ ᠵᠠᠮ ᠬᠠᠷᠢᠯᠴᠠᠭᠠᠨ ᠤ ᠠᠮᠤᠷ ᠲᠦᠪᠰᠢᠨ ᠢ  ᠪᠠᠳᠤᠯᠠᠭᠰᠡᠨ᠂ ᠪᠢᠳᠠ ᠦᠳᠡᠰᠢ ᠶᠢᠨ ᠴᠠᠭ  ᠢᠶᠠᠷ ᠢᠶᠠᠨ ᠦᠪᠡᠷ ᠢᠶᠠᠨ ᠴᠢᠯᠦᠬᠡᠲᠠᠢ ᠴᠠᠭ ᠢᠶᠠᠨ ᠲᠤᠬᠢᠷᠠᠭᠤᠯᠤᠭᠠᠳ ᠲᠠᠪᠳᠠᠬᠤ ᠪᠤᠯᠤᠭᠰᠠᠨ᠂ ᠡᠬᠦᠨ ᠠᠴᠠ ᠭᠠᠳᠠᠨ᠎ᠠ ᠨᠡᠩ ᠢᠯᠡᠬᠦᠦ ᠠᠮᠠᠷᠠᠵᠤ ᠲᠡᠶᠢᠯᠬᠦ ᠪᠤᠯᠤᠭᠰᠠᠨ᠃   ᠰᠤᠷᠤᠭᠴᠢᠳ ᠤᠨ ᠰᠤᠷᠭᠠᠭᠤᠯᠢ ᠳᠤ ᠤᠴᠢᠬᠤ ᠦᠭᠡᠷᠡᠴᠢᠯᠡᠯᠳᠠ ᠶᠢᠨ ᠲᠦᠰᠦᠯ ᠤᠨ ᠲᠤᠬᠠᠢ ᠤᠯᠠᠩᠭᠢ ᠲᠤᠭᠠᠨ  ᠤ ᠭᠡᠷ ᠤᠨ ᠠᠬᠠᠮᠠᠳ ᠠᠴᠠ ᠡᠭᠦᠨ ᠢ ᠰᠠᠶᠢᠨ ᠤᠴᠢᠷ᠂ ᠤᠳᠤ ᠶᠢᠨ ᠰᠤᠷᠤᠭᠴᠢᠳ ᠤᠨ ᠰᠤᠷᠤᠯᠭ᠎ᠠ ᠶᠢᠨ ᠲᠠᠷᠤᠯᠳᠠ ᠬᠠᠷᠢᠴᠠᠩᠭᠤᠢ ᠭᠦᠨᠳᠤ ᠪᠤᠯᠬᠤᠷ ᠭᠦᠢᠴᠡᠳ ᠤᠨᠳᠠᠯᠭ᠎ᠠ ᠶᠢ ᠪᠠᠳᠤᠯᠬᠠᠤ ᠨᠢ ᠮᠠᠰᠢ ᠴᠢᠬᠤᠯᠠ ᠭᠡᠵᠤ ᠦᠵᠡᠵᠤ ᠪᠤᠢ᠃ ᠬᠠᠷᠢᠨ ᠵᠠᠷᠢᠮ ᠲᠤᠮᠳᠠᠳᠤ ᠰᠤᠷᠭᠠᠭᠤᠯᠢ ᠶᠢᠨ ᠰᠤᠷᠤᠭᠴᠢ ᠶᠢᠨ ᠭᠡᠷ ᠤᠨ ᠠᠬᠠᠮᠠᠳ ᠰᠦᠨᠢ ᠶᠢᠨ ᠲᠠᠪᠳᠠᠯᠭ᠎ᠠ ᠶᠢ ᠨᠢᠭᠡᠳᠤᠯᠳᠡᠢ ᠵᠢᠯᠤᠭᠤᠳᠬᠤ ᠦᠭᠡᠢ ᠠᠴᠠ ᠪᠤᠯᠵᠤ ᠰᠤᠷᠤᠭᠴᠢᠳ ᠤᠨ ᠰᠤᠷᠤᠯᠭ᠎ᠠ ᠶᠢ ᠰᠠᠭᠠᠳᠠᠨ᠎ᠠ ᠭᠡᠵᠤ ᠦᠵᠠᠵᠤ ᠪᠠᠶᠢᠬᠤ ᠶᠢ ᠭᠠᠷᠭᠠᠪᠠᠯ ᠤᠯᠠᠩᠬᠢ ᠠᠬᠠᠮᠠᠳ ᠲᠤᠰ ᠦᠭᠡᠷᠡᠴᠢᠯᠠᠯᠳᠠ ᠶᠢ ᠶᠠᠭᠡᠳᠠ ᠬᠦᠷᠢᠶᠠᠯᠠᠵᠤ ᠪᠠᠶᠢᠨ᠎ᠠ᠃    ᠠᠬᠠᠮᠠᠳ ᠰᠠᠷᠠᠨᠳᠤᠶᠠᠭ᠎ᠠ᠄ ᠰᠦᠨᠢ ᠶᠢᠨ ᠲᠠᠪᠳᠠᠯᠭ᠎ᠠ ᠤᠷᠤᠬᠤ ᠦᠭᠡᠢ ᠨᠢ ᠰᠤᠷᠤᠯᠴᠠᠬᠤ ᠴᠠᠭ ᠲᠤ ᠨᠦᠯᠦᠭᠡ ᠪᠠᠶᠢᠬᠤ ᠶᠢ ᠭᠠᠷᠭᠠᠪᠠᠯ ᠭᠡᠷ ᠤᠨ ᠠᠬᠠᠮᠠᠳ ᠰᠠᠨᠠᠭ᠎ᠠ ᠠᠮᠤᠷ᠃    ᠠᠬᠠᠮᠠᠳ ᠶᠠᠷᠠᠨᠡᠢ᠄ ᠦᠷᠯᠦᠭᠡ ᠤᠷᠤᠢ ᠪᠤᠰᠴᠤ᠂ ᠤᠷᠤᠢ ᠶᠢᠰᠤᠨ ᠴᠠᠭ ᠲᠤ ᠤᠨᠳᠠᠪᠠᠯ᠂ ᠭᠡᠷ ᠲᠤ ᠪᠠᠶᠢᠬᠤ ᠠᠮᠠᠷᠠᠯᠳᠠ ᠶᠢᠨ ᠴᠠᠭ ᠨᠢ ᠶᠠᠭ ᠲᠠᠭᠠᠷᠠᠵᠤ ᠪᠠᠶᠢᠨ᠎ᠠ᠃  
 
ᠢᠷᠡᠯᠲᠡ᠄ ᠤᠳᠤᠭ ᠤᠨ ᠡᠮᠥᠨᠡᠳᠤ ᠬᠤᠰᠢᠭᠤᠨ ᠤ ᠰᠤᠨᠢᠨ ᠮᠡᠳᠡᠬᠡᠨ ᠤ ᠳᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号