ᠪᠠᠶ᠎ᠠ ᠵᠠᠮᠳᠡᠭ ᠴᠦ ᠠᠮᠢᠳᠤᠷᠠᠯ ᠵᠠᠮᠳᠡᠭ ᠦᠭᠡᠢ
ᠨᠡᠶᠢᠲᠡᠯᠡᠭᠰᠡᠨ ᠴᠠᠭ᠄
2018-06-06
   ᠬᠤᠰᠢᠭᠤ ᠵᠡᠮᠳᠡᠭᠴᠤᠳ ᠤᠨ ᠬᠤᠯᠪᠤᠭᠠᠳᠤ ᠬᠤᠷᠠᠯ ᠵᠠᠮᠳᠡᠭ ᠪᠠᠭᠤᠷᠠᠢ ᠬᠦᠮᠦᠰ ᠢ ᠬᠠᠯᠠᠮᠵᠢᠯᠠᠨ ᠲᠠᠮᠵᠢᠬᠦ ᠬᠦᠴᠦᠯᠡᠴᠠ ᠪᠠᠨ ᠴᠢᠩᠭᠠᠳᠬᠠᠵᠤ᠂ ᠲᠠᠳᠠᠨ ᠳᠤ ᠭᠡᠷᠡᠭᠯᠡᠬᠦ ᠴᠢᠬᠤᠯᠠᠳᠡᠢ ᠪᠠᠭᠠᠵᠢ ᠭᠡᠷᠡᠭᠰᠡᠯ ᠠᠴᠠ ᠡᠬᠢᠯᠠᠨ ᠤᠷᠤᠨ ᠰᠠᠭᠤᠴᠡ ᠭᠡᠷ ᠪᠠᠶᠢᠰᠢᠩ᠂ ᠫᠧᠩ ᠬᠤᠷᠤᠭ᠎ᠠ ᠵᠡᠷᠭᠡ ᠠᠯᠢ ᠴᠢᠬᠤᠯᠠ ᠲᠠᠢ ᠵᠦᠢᠯ ᠢ ᠪᠦᠷᠢᠨ ᠤᠯᠭᠤᠨ ᠦᠭᠬᠦ ᠶᠢᠨ ᠲᠠᠭᠠᠤ ᠤᠶᠤᠨ ᠰᠠᠨᠠᠭᠠᠨ ᠤ ᠵᠤᠷᠢᠭᠵᠢᠭᠤᠯᠤᠯ ᠬᠠᠩᠭᠠᠨ᠂ ᠲᠠᠳᠠᠨ ᠢ ᠪᠠᠶ᠎ᠠ ᠵᠠᠮᠳᠡᠭ ᠴᠦ ᠤᠬᠠᠭᠠᠨ ᠵᠠᠮᠳᠡᠭ ᠦᠭᠡᠢ᠂ ᠤᠬᠠᠭᠠᠨ ᠵᠠᠮᠳᠡᠭ ᠴᠦ ᠠᠮᠢᠳᠤᠷᠠᠯ ᠵᠠᠮᠳᠡᠭ ᠦᠭᠡᠢ ᠡᠯᠢᠭᠡ ᠪᠦᠳᠦᠨ ᠠᠮᠢᠳᠤᠷᠠᠯ ᠲᠠᠢ ᠨᠠᠶᠢᠭᠡᠮ ᠤᠨ ᠰᠠᠶᠢᠬᠠᠨ ᠢ ᠡᠳ᠋ᠯᠠᠬᠦᠯᠵᠤ ᠶᠠᠪᠤᠪᠠ᠃    ᠤᠯᠵᠠᠴᠢ ᠪᠠᠯᠭᠠᠰᠤᠨ ᠤ ᠰᠠᠭᠤᠭᠠᠯᠢ ᠠᠷᠠᠳ ᠤᠯᠠᠭᠠᠨᠳᠤᠶᠠᠭ᠎ᠠ ᠡᠨᠡ ᠡᠳᠤᠷ ᠵᠤᠷᠰᠢᠯ ᠶᠤᠰᠤᠭᠠᠷ ᠡᠷᠳᠠᠯᠠᠨ ᠪᠤᠰᠴᠦ ᠡᠵᠢ ᠠᠪᠤ ᠲᠠᠢ ᠪᠠᠨ ᠴᠠᠢ ᠤᠤᠭᠤᠵᠤ ᠡᠳᠤᠷ ᠤᠨ ᠠᠵᠢᠯ ᠢᠶᠠᠨ ᠲᠤᠬᠢᠷᠠᠭᠤᠯᠵᠤ ᠪᠠᠶᠢᠪᠠ᠃ ᠤᠯᠠᠭᠠᠨᠳᠤᠶᠠᠭ᠎ᠠ ᠪᠤᠯ ᠨᠠᠩᠰᠤ ᠪᠠᠯᠭᠠᠰᠤ ᠶᠢᠨ ᠪᠠᠶ᠋ᠬᠠᠤᠰᠤ ᠭᠠᠴᠠᠭᠠᠨ ᠤ ᠮᠠᠯᠴᠢᠨ ᠶᠤᠮ᠃ ᠲᠡᠷᠡ ᠠᠷᠪᠠᠨ ᠭᠡᠳᠤᠨ ᠨᠠᠰᠤᠨ ᠳᠤ ᠪᠠᠨ ᠲᠤᠯᠠᠢ ᠭᠡᠷᠤᠯᠭᠡ ᠡᠪᠡᠤᠴᠢᠨ ᠳᠤ ᠨᠠᠷᠪᠡᠭᠳᠡᠭᠰᠡᠨ ᠠᠴᠠ ᠬᠤᠷᠢ ᠭᠠᠷᠤᠢ ᠵᠢᠯ ᠤᠨ ᠲᠤᠷᠰᠢ ᠡᠳᠤᠷ ᠪᠤᠯᠭᠠᠨ ᠬᠦᠷᠳᠤᠳᠤ ᠲᠡᠷᠭᠡᠨ ᠲᠡᠭᠡᠷ᠎ᠡ ᠰᠠᠭᠤᠵᠤ᠂ ᠡᠵᠢ ᠠᠪᠤ ᠳᠤ ᠪᠠᠨ ᠲᠦᠰᠢᠭᠯᠡᠨ ᠠᠮᠢᠳᠤᠷᠠᠭᠰᠠᠭᠠᠷ ᠢᠷᠡᠭᠰᠡᠨ ᠶᠤᠮ᠃ ᠬᠤᠰᠢᠭᠤᠨ ᠤ ᠵᠠᠮᠳᠡᠭᠴᠤᠳ ᠤᠨ ᠬᠤᠯᠪᠤᠭᠠᠳᠤ ᠬᠤᠷᠠᠯ ᠤᠨ ᠬᠢᠨ ᠲᠠᠬᠦᠨ ᠳᠤ ᠲᠦᠮᠠ ᠬᠢᠷᠢᠳᠡᠢ ᠲᠦᠬᠦᠷᠢᠭ ᠤᠨ ᠴᠠᠬᠢᠯᠭᠠᠨ ᠬᠦᠳᠠᠯᠭᠡᠬᠦᠷᠳᠤ ᠬᠦᠷᠳᠤᠳᠤ ᠲᠡᠷᠭᠡ ᠬᠠᠩᠭᠠᠨ ᠦᠭᠬᠦᠭᠰᠡᠨ ᠠᠴᠠ ᠬᠤᠶᠢᠰᠢ ᠲᠠᠷᠠ ᠶᠠᠪᠤᠵᠤ ᠰᠠᠭᠤᠬᠤ ᠳᠤ ᠬᠠᠷᠢᠴᠠᠩᠭᠤᠢ ᠲᠦᠬᠦᠮ ᠪᠤᠯᠵᠤ᠂ ᠡᠵᠢ ᠠᠪᠤ ᠨᠢ ᠴᠦ ᠨᠠᠯᠢᠶᠠᠳ ᠴᠢᠯᠦᠭᠡᠳᠡᠢ ᠪᠤᠯᠤᠭᠰᠠᠨ ᠪᠠᠶᠢᠯ᠎ᠠ᠃    ᠤᠯᠠᠭᠠᠨᠳᠤᠶᠠᠭ᠎ᠠ᠄ ᠴᠤᠬᠤᠮ ᠲᠦᠬᠦᠮ ᠪᠠᠶᠢᠨ᠎ᠠ᠂ ᠬᠠᠮᠢᠭ᠎ᠠ ᠶᠠᠪᠤᠶ᠎ᠠ ᠲᠦᠯᠬᠢᠬᠦ ᠦᠬᠡᠢ᠂ ᠠᠰᠠᠷ ᠠᠴᠠ ᠪᠠᠭᠤᠴᠢᠬᠠᠪᠠᠯ ᠦᠪᠡᠷ ᠢᠶᠠᠨ ᠵᠢᠯᠤᠭᠤᠳᠤᠨ ᠶᠠᠪᠤᠴᠢᠬᠠᠨ᠎ᠠ᠃ ᠤᠳᠤ ᠶᠢᠨ ᠨᠠᠮ ᠵᠠᠰᠠᠭ ᠰᠠᠶᠢᠬᠠᠨ ᠪᠠᠶᠢᠨ᠎ᠠ᠃    ᠤᠯᠠᠭᠠᠨᠳᠤᠶᠠᠭ᠎ᠠ ᠶᠢᠨ ᠠᠪᠤ ᠪᠤᠶ᠋ᠬᠠᠷᠪᠢᠨ᠄ ᠮᠠᠨᠤᠰ ᠲᠤ ᠶᠡᠭᠡ ᠲᠦᠬᠦᠮ ᠠᠪᠴᠢᠷᠠᠵᠠᠢ᠃ ᠦᠬᠡᠢ ᠪᠤᠯ ᠮᠠᠨ ᠤ ᠬᠤᠶᠠᠭᠤᠯᠠ ᠪᠠᠨ ᠪᠠᠭᠤᠯᠭᠠᠨ᠎ᠠ᠂ ᠪᠠᠭᠤᠯᠭᠠᠴᠢᠬᠠᠪᠠᠯ ᠲᠦᠯᠬᠢᠨ᠎ᠡ᠂ ᠲᠦᠯᠬᠢᠬᠦ ᠦᠬᠡᠢ ᠪᠤᠯ ᠵᠢᠭᠠᠬᠠᠨ ᠴᠤ ᠶᠠᠪᠤᠵᠤ ᠲᠡᠶᠢᠯᠬᠦ ᠦᠬᠡᠢ᠃    ᠰᠤᠷᠪᠤᠯᠵᠢᠯᠠᠭᠴᠢ ᠵᠡᠮᠳᠡᠭᠴᠤᠳ ᠤᠨ ᠬᠤᠯᠪᠤᠭᠠᠳᠤ ᠬᠤᠷᠠᠯ ᠤᠨ ᠬᠢᠨ ᠲᠠᠢ ᠬᠠᠮᠳᠤ  ᠤᠯᠵᠠᠴᠢ ᠪᠠᠯᠭᠠᠰᠤ ᠶᠢᠨ ᠤᠯᠵᠠᠴᠢ ᠭᠠᠴᠠᠭᠠᠨ ᠤ ᠠᠯᠳᠠᠨᠰᠤᠤᠵᠢ ᠶᠢᠨ ᠳᠤ ᠬᠦᠷᠬᠦ ᠳᠤ᠂ ᠲᠡᠷᠡ ᠶᠠᠭ ᠰᠠᠶᠢᠬᠠᠨ ᠬᠡᠦᠬᠡᠳ ᠲᠡᠭᠡᠨ ᠲᠠᠰᠬᠠᠯ ᠵᠢᠯᠤᠭᠤᠳᠴᠤ ᠪᠠᠶᠢᠪᠠ᠃ ᠠᠯᠳᠠᠨᠰᠤᠤᠵᠢ ᠶᠢᠨ ᠬᠢᠨ ᠲᠦᠷᠪᠡᠨ ᠬᠦᠮᠦᠨ ᠲᠠᠢ᠂ ᠦᠵᠠᠬᠦ ᠳᠤ ᠡᠯᠢᠭᠡ ᠪᠦᠳᠦᠨ ᠭᠡᠷ ᠪᠦᠯᠢ ᠪᠠᠶᠢᠭᠰᠠᠨ ᠴᠦ ᠦᠨᠠᠨᠳᠠᠭᠡᠨ ᠪᠦᠷ ᠠᠳᠠᠯᠢ ᠪᠤᠰᠤ ᠭᠡᠮᠵᠢᠶᠠᠨ ᠤ ᠡᠪᠡᠳᠴᠢᠨ ᠲᠠᠬᠤᠯ ᠲᠠᠢ ᠵᠦᠳᠠᠷᠠᠬᠦᠤ ᠠᠶᠢᠯ ᠪᠠᠶᠢᠪᠠ᠃ ᠠᠯᠳᠠᠨᠰᠤᠤᠵᠢ ᠦᠪᠠᠰᠤᠪᠠᠨ ᠨᠢᠷᠤᠭᠤ ᠬᠦᠯ ᠦᠶ᠎ᠡ ᠬᠡᠰᠢᠬᠦᠨ ᠤ ᠡᠪᠡᠦᠴᠢᠨ ᠲᠠᠢ᠂ ᠡᠷ᠎ᠡ ᠨᠦᠬᠦᠷ ᠵᠢᠷᠠᠨᠬᠤᠶᠠᠷ ᠤᠨ ᠰᠤᠨᠤᠷ ᠨᠢ ᠮᠠᠭᠤ᠂ ᠦᠬᠡ ᠶᠠᠷᠢᠵᠤ ᠴᠢᠳᠠᠬᠤ ᠦᠬᠡᠢ᠂ ᠬᠠᠳᠠᠮ ᠡᠵᠢ ᠨᠢ ᠲᠦᠷᠤᠯᠬᠢ ᠦᠶ᠎ᠡ ᠮᠦᠴᠡ ᠶᠢᠨ ᠡᠪᠡᠦᠴᠢᠨ ᠲᠠᠢ ᠪᠤᠯᠬᠤᠷ ᠠᠮᠢᠳᠤᠷᠠᠯ ᠳᠤ ᠪᠠᠨ ᠨᠠᠯᠢᠶᠠᠳ ᠵᠦᠳᠠᠷᠠᠯ ᠲᠠᠢ ᠪᠠᠶᠢᠭᠰᠡᠨ ᠴᠦ ᠲᠠᠳᠠ ᠪᠠᠶ᠎ᠠ ᠵᠠᠮᠳᠡᠭ ᠴᠦ ᠤᠬᠠᠭᠠᠨ ᠵᠡᠮᠳᠡᠭ ᠦᠭᠡᠢ ᠪᠠᠶᠢᠪᠠ᠃ ᠬᠤᠰᠢᠭᠤ ᠵᠡᠮᠳᠡᠭᠴᠤᠳ ᠤᠨ ᠬᠤᠯᠪᠤᠭᠠᠳᠤ ᠬᠤᠷᠠᠯ ᠤᠨ ᠬᠢᠨ ᠪᠤᠳᠠᠳᠤ ᠪᠠᠶᠢᠳᠠᠯ ᠠᠴᠠ ᠡᠬᠦᠰᠴᠦ᠂ ᠰᠠᠭᠤᠷᠢ ᠨᠦᠬᠦᠴᠡᠯ ᠢ ᠨᠢ ᠰᠠᠶᠢᠵᠢᠷᠠᠭᠤᠯᠬᠤ ᠠᠴᠠ ᠭᠠᠷᠳᠠᠨ ᠬᠢᠵᠤ᠂ ᠤᠷᠢᠳ ᠬᠤᠵᠢᠳ ᠰᠠᠭᠤᠬᠤ ᠭᠡᠷ ᠤᠷᠤᠨ ᠢ ᠨᠢ ᠲᠦᠪᠬᠢᠨᠠᠬᠦᠯᠵᠤ ᠮᠠᠯ ᠤᠨ ᠫᠧᠩ ᠰᠠᠷᠠᠪᠴᠢ ᠬᠠᠩᠭᠠᠨ᠂ ᠲᠠᠳᠠᠨ ᠢ ᠵᠤᠷᠢᠭᠵᠢᠭᠤᠯᠤᠨ ᠠᠵᠢᠯᠴᠢ ᠬᠤᠶᠠᠷ ᠭᠠᠷ᠂ ᠡᠷᠡᠬᠦᠯ ᠤᠬᠠᠭᠠᠨ ᠳᠤ ᠪᠠᠨ ᠲᠦᠰᠢᠭᠯᠡᠨ ᠶᠠᠳᠠᠭᠤ ᠠᠴᠠ ᠠᠩᠬᠢᠵᠢᠷᠠᠬᠤ ᠵᠠᠮ ᠳᠤ ᠬᠦᠳᠦᠯᠦᠭᠰᠡᠨ ᠪᠠᠶᠢᠨ᠎ᠠ᠃    ᠠᠯᠳᠠᠨᠰᠤᠤᠵᠢ᠄ ᠮᠠᠨ ᠤ ᠬᠠᠭᠤᠴᠢᠨ ᠫᠧᠩ ᠬᠤᠷᠤᠭ᠎ᠠ ᠨᠤᠷᠠᠬᠤ ᠤᠶᠢᠷᠠᠳᠤᠭᠰᠠᠨ ᠳᠤ ᠡᠨᠡ ᠵᠢᠯ ᠵᠡᠮᠳᠡᠭᠴᠤᠳ  ᠤᠨ ᠬᠤᠯᠪᠤᠭᠠᠨ ᠠᠴᠠ ᠰᠢᠨ᠎ᠠ ᠪᠠᠷ ᠪᠠᠷᠢᠵᠤ ᠦᠭᠬᠦᠭᠰᠡᠨ᠂ ᠪᠢᠳᠠᠨ ᠤ ᠠᠮᠢᠳᠤᠷᠠᠯ ᠵᠢᠯ ᠠᠴᠠ ᠵᠢᠯ ᠲᠡᠬᠡᠭᠰᠢᠯᠡᠵᠤ ᠪᠠᠶᠢᠨ᠎ᠠ᠃   ᠤᠶᠢᠯᠠᠭᠠᠭᠰᠡᠨ ᠢᠶᠠᠷ᠂ ᠮᠠᠨ ᠤ ᠬᠤᠰᠢᠭᠤᠨ ᠳᠤ ᠨᠡᠶᠢᠳᠡ 3100 ᠨᠠᠷ᠎ᠠ ᠵᠠᠮᠳᠡᠭ ᠪᠠᠭᠤᠷᠠᠢ ᠬᠦᠮᠦᠰ ᠪᠠᠶᠢᠵᠤ᠂ ᠤᠶᠢᠷ᠎ᠠ ᠶᠢᠨ ᠲᠠᠪᠤᠨ ᠵᠢᠯ ᠤᠨ ᠲᠤᠷᠰᠢ 210 ᠭᠠᠷᠤᠢ ᠲᠦᠮᠡ ᠲᠦᠬᠦᠷᠢᠭ ᠤᠨ ᠪᠡᠯᠡ ᠮᠦᠩᠬᠦ ᠶᠢ ᠵᠠᠮᠳᠡᠭᠴᠤᠳ  ᠤᠨ ᠭᠡᠷᠡᠭᠰᠡᠬᠦ ᠪᠠᠭᠠᠵᠢ ᠬᠡᠷᠡᠭᠰᠡᠯ ᠪᠤᠶᠤ ᠠᠮᠢᠳᠤᠷᠠᠯ ᠤᠨ ᠲᠡᠳᠬᠦᠮᠵᠢ ᠶᠢᠨ ᠮᠦᠩᠬᠦ ᠪᠤᠯᠭᠠᠨ ᠵᠠᠷᠤᠴᠠᠭᠤᠯᠵᠤ᠂ 604.44 ᠲᠦᠮᠡᠨ ᠲᠦᠬᠦᠷᠢᠭ ᠤᠨ ᠪᠡᠯᠡ ᠮᠦᠩᠬᠦ ᠵᠠᠷᠤᠴᠠᠭᠤᠯᠤᠨ᠂ 300 ᠭᠠᠷᠤᠢ ᠵᠡᠮᠳᠡᠭᠴᠤᠳ ᠤᠨ ᠤᠷᠤᠨ ᠰᠠᠭᠤᠴᠠ ᠫᠧᠩ ᠰᠠᠷᠠᠪᠴᠢ ᠶᠢ ᠰᠢᠨᠠᠳᠭᠡᠵᠤ ᠦᠭᠪᠠ᠃    ᠬᠤᠰᠢᠭᠤᠨ ᠤ ᠵᠡᠮᠳᠡᠭᠴᠤᠳ ᠤᠨ ᠬᠤᠯᠪᠤᠭᠠᠳᠤ ᠬᠤᠷᠠᠯ ᠤᠨ ᠬᠢᠨ ᠡᠨᠡ ᠮᠠᠳᠤ ᠪᠠᠷ ᠪᠤᠳᠠᠳᠡᠢ ᠠᠴᠠ ᠡᠬᠦᠰᠴᠦ᠂ ᠵᠠᠮᠳᠡᠭ ᠪᠠᠭᠤᠷᠠᠢ ᠬᠦᠮᠦᠰ ᠢ ᠬᠠᠯᠠᠮᠵᠢᠯᠠᠬᠤ ᠬᠦᠴᠦᠯᠠᠴᠠ ᠪᠠᠨ ᠦᠷᠬᠦᠯᠵᠢᠯᠠᠨ ᠨᠡᠮᠡᠭᠳᠡᠬᠦᠯᠵᠤ᠂ ᠲᠠᠳᠠᠨ ᠢ ᠪᠠᠶ᠎ᠠ ᠵᠠᠮᠳᠡᠭ ᠴᠦ ᠤᠬᠠᠭᠠᠨ ᠵᠠᠮᠳᠡᠭ ᠦᠭᠡᠢ᠂ ᠤᠬᠠᠭᠠᠨ ᠵᠠᠮᠳᠡᠭ ᠪᠠᠶᠢᠭᠰᠠᠨ ᠴᠦ ᠠᠮᠢᠳᠤᠷᠠᠯ ᠵᠠᠮᠳᠡᠭ ᠦᠭᠡᠢ ᠪᠤᠯᠳᠠᠯ᠎ᠠ ᠬᠠᠷᠭᠠᠯᠵᠠᠵᠤ᠂ ᠨᠠᠮ ᠵᠠᠰᠠᠭ ᠤᠨ ᠬᠠᠯᠠᠭᠤᠨ ᠲᠤᠯᠠᠭᠠᠨ᠂ ᠨᠠᠶᠢᠭᠡᠮ ᠤᠨ ᠰᠠᠶᠢᠨ ᠰᠠᠶᠢᠠᠬᠨ ᠢ ᠲᠠᠳᠠᠨ ᠳᠤ ᠡᠳ᠋ᠯᠡᠬᠦᠯᠪᠠ    ᠵᠡᠮᠳᠡᠭᠴᠤᠳ ᠤᠨ ᠬᠤᠯᠪᠤᠭᠠᠳᠤ ᠬᠤᠷᠠᠯ ᠤᠨ ᠲᠡᠳ᠋ ᠬᠡᠷᠡᠭ ᠡᠷᠬᠢᠯᠡᠭᠴᠢ ᠬᠤᠸᠠᠷ᠄  ᠪᠢᠳᠠ ᠵᠡᠮᠳᠡᠭ ᠬᠦᠮᠦᠰ ᠲᠤ ᠡᠷᠡᠬᠦᠯ ᠬᠦᠮᠦᠨ ᠲᠠᠢ ᠠᠳᠠᠯᠢ ᠨᠡᠶᠢᠬᠡᠮ ᠤᠨ ᠬᠦᠭᠵᠢᠯᠳᠡ ᠶᠢᠨ ᠦᠷ᠎ᠡ ᠠᠰᠢᠭ ᠢ ᠬᠦᠷᠳᠡᠬᠡᠵᠤ᠂ ᠨᠡᠶᠢᠬᠡᠮ ᠤᠨ ᠬᠦᠭᠵᠢᠯᠳᠡ ᠠᠴᠠ ᠬᠤᠴᠤᠷᠠᠭᠤᠯᠬᠤ ᠦᠬᠡᠢ ᠪᠠᠷ ᠰᠠᠶᠢᠨ ᠰᠠᠶᠢᠬᠠᠨ ᠠᠮᠢᠳᠤᠷᠠᠯ ᠢ ᠡᠳ᠋ᠯᠡᠬᠦᠯᠵᠤ᠂ ᠠᠮᠢᠳᠤᠷᠠᠯ ᠤᠨ ᠴᠢᠨᠠᠷ ᠴᠢᠨᠰᠠᠭ᠎ᠠ ᠶᠢ ᠨᠢ ᠲᠡᠬᠡᠭᠰᠢᠯᠡᠬᠦᠯᠬᠦ ᠶᠢᠨ ᠡᠬᠦᠳᠡᠨ ᠠᠴᠠ ᠡᠨᠡ ᠠᠵᠢᠯ ᠢ ᠬᠢᠭᠰᠡᠨ ᠶᠤᠮ᠃  
 
ᠢᠷᠡᠯᠲᠡ᠄ ᠤᠳᠤᠭ ᠤᠨ ᠡᠮᠥᠨᠡᠳᠤ ᠬᠤᠰᠢᠭᠤᠨ ᠤ ᠰᠤᠨᠢᠨ ᠮᠡᠳᠡᠬᠡᠨ ᠤ ᠳᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号