ᠮᠠᠯᠴᠢᠨ ᠢᠷᠠᠭᠤ ᠨᠠᠶᠢᠷᠠᠭᠴᠢ ᠰᠤᠷᠭᠠᠭᠤᠯᠢ ᠶᠢᠨ ᠭᠡᠤᠭᠡᠳ ᠲᠤ ᠨᠤᠮ ᠤᠨ ᠱᠠᠩ  ᠬᠦᠷᠳᠡᠬᠡᠪᠠ
ᠨᠡᠶᠢᠲᠡᠯᠡᠭᠰᠡᠨ ᠴᠠᠭ᠄
2018-06-06
    ᠨᠠᠩᠰᠤ ᠪᠠᠯᠭᠠᠰᠤᠨ ᠤ ᠬᠡᠷᠡᠩᠬᠡᠳᠤ ᠭᠠᠴᠠᠭᠠᠨ ᠤ ᠮᠠᠯᠴᠢᠨ ᠢᠷᠠᠭᠤ ᠨᠠᠶᠢᠷᠠᠭᠴᠢ ᠠ᠊᠂ ᠵᠢᠷᠠᠨ ︽ᠪᠠᠶᠠᠨ ᠬᠤᠷᠠᠬᠤ︾ ᠬᠡᠦᠬᠡᠳ ᠤᠨ ᠢᠷᠠᠭᠤ ᠨᠠᠶᠢᠷᠠᠭ ᠤᠨ ᠤᠷᠠᠨ ᠤᠩᠰᠢᠯᠭ᠎ᠠ ᠶᠢᠨ ᠤᠷᠤᠯᠳᠤᠭᠠᠨ ᠢ ᠰᠡᠳᠤᠨ ᠬᠢᠪᠠ᠃ ᠤᠷᠤᠯᠳᠤᠭᠠᠨ ᠨᠠᠩᠰᠤ ᠪᠦᠷᠢᠨ ᠪᠠᠭ᠎ᠠ ᠰᠤᠷᠭᠠᠭᠤᠯᠢ ᠳᠤ ᠶᠠᠪᠤᠭᠳᠠᠵᠤ᠂ ᠮᠠᠯᠴᠢᠨ ᠢᠷᠠᠭᠤ ᠨᠠᠶᠢᠷᠠᠭᠴᠢ ᠠ᠊᠂ ᠵᠢᠷᠠᠨ ᠦᠪᠠᠰᠤᠪᠠᠨ ᠬᠤᠶᠠᠷ ᠮᠢᠩᠭ᠎ᠠ ᠭᠠᠷᠤᠢ ᠲᠦᠬᠦᠷᠢᠭ ᠭᠠᠷᠭᠠᠵᠤ᠂ ᠭᠡᠤᠭᠡᠳ ᠤᠨ ᠲᠤᠷ᠎ᠠ ᠪᠠᠬ᠎ᠠ ᠳᠤ ᠬᠠᠨᠳᠤᠭᠤᠯᠤᠨ 200 ᠭᠠᠷᠤᠢ ᠲᠠᠪᠳᠠᠷ ᠨᠤᠮ ᠬᠤᠳᠠᠯᠳᠤᠨ ᠠᠪᠴᠦ ᠨᠠᠩᠰᠤ ᠪᠦᠷᠢᠨ ᠪᠠᠭ᠎ᠠ ᠰᠤᠷᠭᠠᠭᠤᠯᠢ ᠶᠢᠨ ᠰᠤᠷᠤᠭᠴᠢᠳ ᠲᠤ ᠬᠦᠷᠭᠡᠨ ᠦᠭᠬᠦ ᠶᠢᠨ ᠬᠠᠮᠳᠤ ᠡᠨᠡᠬᠦ ᠠᠵᠢᠯᠯᠠᠭᠠᠨ ᠢᠶᠠᠨ ᠲᠤᠷᠠᠰᠬᠠᠬᠤ ᠶᠢᠨ ᠲᠦᠯᠦᠭᠡ ᠰᠤᠷᠭᠠᠭᠤᠯᠢ ᠲᠠᠢ ᠬᠠᠮᠳᠤᠷᠠᠨ ︽ᠪᠠᠶᠠᠨ ᠬᠤᠷᠠᠬᠤ︾ ᠬᠡᠦᠬᠡᠳ ᠤᠨ ᠢᠷᠠᠭᠤ ᠨᠠᠶᠢᠷᠠᠭ ᠤᠨ ᠤᠷᠠᠨ ᠤᠩᠰᠢᠯᠭ᠎ᠠ ᠶᠢᠨ ᠤᠷᠤᠯᠳᠤᠭᠠᠨ ᠢ ᠵᠤᠬᠢᠶᠠᠨ ᠪᠠᠶᠢᠭᠤᠯᠪᠠ᠃    ᠮᠠᠯᠴᠢᠨ ᠢᠷᠠᠭᠤ ᠨᠠᠶᠢᠷᠠᠭᠴᠢ ᠠ᠊᠂ ᠵᠢᠷᠠᠨ ᠬᠠᠷᠠᠬᠠᠨ ᠪᠠᠭ᠎ᠠ ᠠᠴᠠ ᠪᠠᠨ ᠨᠤᠮ ᠤᠩᠰᠢᠵᠤ᠂ ᠰᠢᠯᠦᠭ ᠤᠶᠠᠩᠭᠠᠯᠬᠤ ᠲᠤᠷ᠎ᠠ ᠲᠠᠢ ᠪᠠᠶᠢᠵᠤ᠂ 2007 ᠤᠨ ᠠᠴᠠ ᠡᠬᠢᠯᠡᠨ ᠤᠷᠢᠳ ᠬᠤᠵᠢᠳ ᠨᠤᠳᠤᠭ ᠤᠨ ᠰᠢᠷ᠎ᠠ ᠲᠠᠯ᠎ᠠ ᠰᠡᠳᠬᠦᠯ ᠠᠴᠠ ᠡᠬᠢᠯᠡᠨ᠂ ᠦᠨᠢᠷ ᠴᠡᠴᠡᠭ᠂ ᠠᠯᠳᠠᠨ ᠭᠠᠨᠳᠠᠷᠢ᠂ ᠠᠯᠳᠠᠨ ᠤᠨᠠᠭ᠎ᠠ᠂ ᠲᠤᠷᠭᠠᠨ ᠵᠢᠯᠤᠭᠤ ᠵᠡᠷᠭᠡ ᠤᠷᠤᠨ ᠪᠠ ᠬᠤᠳᠠ ᠶᠢᠨ 50 ᠭᠠᠷᠤᠢ ᠰᠡᠳᠬᠦᠯ ᠳᠤ ᠰᠢᠯᠦᠭ ᠵᠤᠬᠢᠶᠠᠯ ᠨᠠᠶᠢᠳᠠᠯᠠᠬᠦᠯᠵᠤ᠂ ᠨᠤᠳᠤᠭ ᠤᠰᠤᠨ ᠳᠤ  ᠪᠠᠨ ᠮᠠᠯᠴᠢᠨ ᠢᠷᠠᠭᠤ ᠨᠠᠶᠢᠷᠠᠭᠴᠢ ᠭᠡᠰᠠᠨ ᠰᠠᠶᠢᠬᠠᠨ ᠠᠯᠳᠠᠷ ᠢ ᠬᠦᠷᠳᠡᠵᠠᠢ᠃    ᠠ᠊᠂ ᠵᠢᠷᠠᠨ᠄ ᠰᠠᠶᠢᠬᠠᠨ ᠨᠤᠮ ᠤᠨ ᠱᠠᠩᠨᠠᠯ ᠢᠶᠠᠷ ᠦᠰᠴᠤ ᠪᠤᠶᠢᠵᠢᠵᠤ ᠪᠠᠶᠢᠭ᠎ᠠ ᠬᠡᠦᠬᠡᠳ ᠪᠠᠭᠠᠴᠤᠳ ᠲᠠᠭᠠᠨ ᠮᠤᠩᠭᠤᠯ ᠰᠤᠶᠤᠯ ᠢᠶᠠᠨ ᠳᠤᠤᠱᠯᠠᠭᠤᠯᠵᠤ᠂ ᠨᠤᠮ ᠲᠠᠢ ᠬᠦᠮᠦᠨ ᠪᠤᠯᠭᠠᠬᠤ ᠡᠬᠦᠳᠡᠨ ᠠᠴᠠ ᠬᠡᠦᠬᠡᠳ ᠪᠠᠭᠠᠴᠤᠳ  ᠢᠶᠠᠨ ᠵᠤᠷᠢᠭᠵᠢᠭᠤᠯᠵᠤ᠂ ᠡᠨᠡ ᠬᠦ ᠤᠷᠤᠯᠳᠤᠭᠠᠨ ᠢ ᠰᠡᠳᠦᠵᠤ ᠬᠢᠭᠰᠡᠨ ᠶᠤᠮ᠃     ᠠᠷᠢᠭᠤᠬᠠᠨ ᠪᠤᠯ ᠨᠠᠩᠰᠤ ᠪᠦᠷᠢᠨ ᠪᠠᠭ᠎ᠠ ᠰᠤᠷᠭᠠᠭᠤᠯᠢ ᠶᠢᠨ ᠵᠢᠷᠭᠤᠳᠤᠭᠠᠷ ᠤᠨ ᠤ ᠰᠤᠷᠤᠭᠴᠢ ᠶᠤᠮ᠃ ᠲᠠᠷᠠ ᠡᠩ ᠤᠨ ᠴᠠᠭ ᠲᠠᠭᠠᠨ ᠲᠠᠭᠤᠤ ᠪᠦᠵᠢᠭ᠂ ᠡᠯ᠎ᠡ ᠲᠠᠯ᠎ᠠ ᠪᠠᠷ ᠪᠦᠷ ᠠᠪᠢᠶᠠᠰᠤᠲᠠᠢ ᠬᠡᠦᠬᠡᠳ ᠶᠤᠮ᠂ ᠤᠨᠴᠠᠭᠠᠶᠢᠯᠠᠨ ᠨᠤᠮ ᠦᠵᠡᠬᠦ ᠰᠠᠶᠢᠬᠠᠨ ᠲᠠᠳᠬᠠᠯ ᠲᠠᠢ᠂ ᠵᠤᠬᠢᠶᠠᠨ ᠪᠢᠴᠢᠯᠬᠡ ᠳᠤ ᠰᠠᠶᠢᠨ᠂ ᠰᠢᠯᠦᠭ ᠢ ᠴᠤ ᠰᠠᠶᠢᠬᠠᠨ ᠤᠩᠰᠢᠳᠠᠭ ᠪᠤᠯᠬᠤᠷ ᠡᠨᠡ ᠤᠳᠠᠭᠠᠨ ᠤ ᠤᠷᠤᠯᠳᠤᠭᠠᠨ ᠳᠤ ᠪᠦᠬᠦ ᠠᠩᠬᠢ ᠶᠢᠨ ᠰᠤᠷᠤᠭᠴᠢᠳ ᠢᠶᠠᠨ ᠲᠦᠯᠦᠬᠡᠯᠡᠨ ᠤᠷᠤᠯᠴᠠᠵᠤ᠂ ᠲᠡᠬᠡᠳᠦ ᠤᠨ ᠤ ᠲᠡᠰ ᠤᠨ ᠨᠢᠬᠡᠳᠦᠬᠡᠷ ᠱᠠᠩ ᠬᠦᠷᠳᠡᠵᠤ᠂ ᠠ᠊᠂ ᠵᠢᠷᠠᠨ ᠲᠠᠬᠦᠨ ᠳᠤ ᠨᠤᠮ ᠤᠨ ᠱᠠᠩ  ᠬᠦᠷᠳᠡᠬᠡᠪᠡ᠃    ᠰᠤᠷᠤᠭᠴᠢ ᠠᠷᠢᠭᠤᠬᠠᠨ᠄ ᠪᠢ ᠡᠨᠡ ᠤᠳᠠᠭᠠᠨ ᠤ ᠤᠷᠤᠯᠳᠤᠭᠠᠨ ᠢᠶᠠᠷ ᠠᠨᠢᠶ᠎ᠠ ᠪᠢᠳᠠᠨ ᠳᠤ ᠤᠯᠠᠨ ᠠᠷᠪᠢᠨ ᠬᠡᠦᠬᠡᠳ ᠤᠨ ᠦᠵᠡᠬᠦ ᠲᠤᠷᠠᠲᠠᠢ ᠨᠤᠮ ᠪᠡᠯᠡᠭᠯᠡᠪᠡ᠂ ᠪᠢ  ᠡᠩ ᠤᠨ ᠴᠠᠭ ᠲᠠᠭᠠᠨ ᠰᠢᠯᠦᠭ ᠤᠶᠠᠩᠭᠠᠯᠠᠬᠤ ᠲᠤᠷᠠᠲᠠᠢ᠂ ᠡᠶᠢᠮᠦ ᠠᠴᠠ ᠡᠳᠡᠬᠡᠷ ᠨᠤᠮ ᠤᠳ ᠮᠢᠨᠤ ᠵᠤᠬᠢᠶᠠᠨ ᠪᠢᠴᠢᠬᠦ ᠴᠢᠳᠠᠪᠤᠷᠢ ᠢ ᠳᠡᠬᠡᠭᠰᠢᠯᠡᠬᠦᠯᠵᠤ ᠴᠢᠳᠠᠨ᠎ᠠ᠃    ᠡᠨᠡ ᠤᠳᠠᠭᠠᠨ ᠤ ᠤᠷᠤᠯᠳᠤᠭᠠᠨ ᠳᠤ ᠨᠠᠩᠰᠤ ᠪᠦᠷᠢᠨ ᠪᠠᠭ᠎ᠠ ᠰᠤᠷᠭᠠᠭᠤᠯᠢ ᠶᠢᠨ ᠪᠦᠬᠦ ᠰᠤᠷᠤᠭᠴᠢᠳ ᠦᠨᠳᠤᠰᠤᠳᠠᠨ ᠤ ᠵᠠᠰᠠᠯ ᠢᠶᠠᠷ ᠢᠶᠠᠨ ᠴᠢᠮᠠᠵᠤ ᠤᠷᠤᠯᠳᠤᠭᠠᠨ ᠳᠤ ᠤᠷᠤᠯᠴᠠᠭᠰᠠᠨ ᠪᠠᠶᠢᠨ᠎ᠠ᠃ ᠬᠡᠦᠬᠡᠳ ᠪᠦᠬᠦᠨ ᠦᠪᠡᠷ ᠤᠨ ᠰᠤᠩᠭᠤᠭᠰᠠᠨ ᠢᠷᠠᠭᠤ ᠨᠠᠶᠢᠷᠠᠭ ᠢᠶᠠᠨ ᠤᠷᠤᠰᠤᠮ᠎ᠠ ᠰᠠᠶᠢᠬᠠᠨ ᠢᠷᠠᠭᠤ ᠲᠤᠳᠤ ᠤᠩᠰᠢᠵᠤ᠂ ᠴᠤᠭ ᠵᠢᠪᠬᠤᠭ᠎ᠠ ᠲᠠᠢ ᠤᠷᠤᠯᠴᠠᠨ᠂ ᠳ᠋ᠤᠭᠠᠷ ᠲᠤ ᠤᠷᠤᠭᠰᠠᠨ ᠬᠡᠦᠬᠡᠳ ᠤᠳ ᠬᠤᠪᠢᠳᠠᠨ ᠤᠯᠤᠭᠰᠠᠨ ᠨᠤᠮ ᠤᠨ ᠱᠠᠩ  ᠢᠶᠠᠨ ᠪᠠᠭ᠋ᠠᠳᠤᠨ ᠪᠠᠷᠢᠵᠤ᠂ ᠨᠤᠮᠳᠡᠢ ᠮᠤᠩᠭᠤᠯ ᠤᠨ ᠬᠤᠶᠢᠴᠢᠰ ᠭᠡᠳᠡᠭ ᠢᠶᠠᠨ ᠢᠯᠡᠤᠨᠬᠡᠪᠠ᠃    ᠰᠤᠷᠤᠭᠴᠢ ᠠᠪᠢᠶ᠎ᠠ᠄ ᠡᠨᠡ ᠤᠳᠠᠭᠠᠨ ᠤ ᠰᠢᠯᠦᠭ ᠤᠨ ᠤᠷᠤᠯᠳᠤᠭᠠᠨ ᠳᠤ ᠤᠷᠤᠯᠴᠠᠭᠠᠳ ᠦᠬᠡ ᠶᠠᠷᠢᠶ᠎ᠠ ᠢᠯᠡᠳᠬᠡᠬᠦ ᠴᠢᠳᠠᠪᠤᠷᠢ ᠪᠠ ᠮᠤᠩᠭᠤᠯ ᠬᠡᠯᠡ ᠪᠠᠨ  ᠪᠠᠷᠢᠮᠵᠢᠶ᠎ᠠ ᠠᠪᠢᠶ᠎ᠠ ᠪᠠᠷ ᠬᠡᠯᠡᠬᠦ ᠴᠢᠳᠠᠪᠤᠷᠢ ᠪᠠᠨ ᠳᠡᠬᠡᠭᠰᠢᠯᠡᠬᠦᠯᠦᠭᠰᠡᠨ ᠪᠠᠶᠢᠨ᠎ᠠ᠃
 
ᠢᠷᠡᠯᠲᠡ᠄ ᠤᠳᠤᠭ ᠤᠨ ᠡᠮᠥᠨᠡᠳᠤ ᠬᠤᠰᠢᠭᠤᠨ ᠤ ᠰᠤᠨᠢᠨ ᠮᠡᠳᠡᠬᠡᠨ ᠤ ᠳᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号