︽ᠰᠠᠶᠢᠨ ᠡᠭᠡᠴᠢ︾ ᠶᠢᠨ ᠵᠦᠪ ᠡᠨᠧᠷᠬᠢ ᠰᠠᠶᠢᠬᠠᠨ ᠨᠠᠶᠢᠭᠡᠮ ᠤᠨ ᠲᠦᠯᠭᠢᠭᠴᠢ ᠬᠦᠴᠦᠨ
ᠨᠡᠶᠢᠲᠡᠯᠡᠭᠰᠡᠨ ᠴᠠᠭ᠄
2018-06-06
   ᠤᠳᠤ ᠶᠢᠨ ᠨᠠᠶᠢᠭᠡᠮ ᠪᠤᠯ ᠵᠦᠪ ᠡᠨᠧᠷᠬᠢ ᠶᠢᠨ ᠨᠠᠶᠢᠭᠡᠮ ᠭᠡᠵᠤ ᠬᠦᠮᠦᠰ ᠶᠠᠷᠢᠳᠠᠭ᠃ ᠤᠳᠤᠭ ᠤᠨ ᠡᠮᠦᠨᠡᠳᠤ ᠬᠤᠰᠢᠭᠤᠨ ᠤ ᠤᠯᠵᠠᠴᠢ ᠪᠠᠯᠭᠠᠰᠤᠨ ᠳᠤ ︽ᠰᠠᠶᠢᠨ ᠡᠭᠡᠴᠢ︾ ᠰᠠᠶᠢᠨ ᠲᠤᠷᠠᠴᠤᠳ ᠤᠨ ᠡᠶᠡᠳᠡᠭᠦᠯᠭᠦ ᠤᠶᠢᠯᠡᠴᠢᠯᠡᠭᠡᠨ ᠤ ᠵᠤᠭᠢᠶᠠᠨ ᠪᠠᠶᠢᠭᠤᠯᠤᠯᠳᠠ ᠪᠠᠶᠢᠳᠠᠭ᠃ ᠡᠨᠡ ᠬᠦ ᠵᠤᠭᠢᠶᠠᠨ ᠪᠠᠶᠢᠭᠤᠯᠤᠯᠳᠠ ᠨᠢ ᠬᠦᠮᠦᠰ ᠲᠤ ᠵᠦᠪ ᠡᠨᠧᠷᠬᠢ ᠶᠢ ᠲᠠᠮᠵᠢᠭᠤᠯᠵᠤ᠂ ᠰᠢᠩᠬᠡᠬᠦ ᠨᠠᠷᠠᠨ ᠤ ᠰᠢᠵᠢᠷ ᠲᠤᠶᠠᠭ᠎ᠠ ᠮᠠᠳᠤ ᠡᠶ᠎ᠡ ᠵᠤᠬᠢᠴᠠᠩᠭᠤᠢ ᠨᠠᠶᠢᠭᠡᠮ ᠤᠨ ᠪᠦᠳᠦᠭᠡᠨ ᠪᠠᠶᠢᠭᠤᠯᠤᠯᠳᠠ ᠳᠤ ᠦᠪᠠᠷ ᠤᠨ ᠭᠡᠰᠡᠨ ᠬᠤᠪᠢ ᠨᠠᠮᠠᠷᠢ ᠪᠠᠨ ᠦᠵᠠᠬᠦᠯᠵᠤ ᠪᠠᠶᠢᠨ᠎ᠠ᠃    ᠰᠤᠷᠳᠠᠯᠳᠤ ᠤᠯᠵᠠᠴᠢ ᠪᠠᠯᠭᠠᠰᠤᠨ ᠤ ᠨᠢᠭᠡᠨ ᠭᠡᠷ ᠤᠨ ᠭᠡᠷᠡᠭᠰᠡᠯ ᠤᠨ ᠲᠠᠯᠭᠡᠭᠦᠷ ᠲᠤ ᠠᠵᠢᠯᠯᠠᠵᠤ ᠪᠠᠶᠢᠳᠠᠭ᠃ ᠨᠢᠳᠤᠨᠤᠨ ᠤ ᠵᠢᠷᠭᠤᠳᠤᠭᠠᠷ ᠰᠠᠷ᠎ᠠ ᠳᠤ ᠲᠡᠷᠡ ᠬᠠᠮᠳᠤ ᠠᠵᠢᠯᠴᠢᠨ ᠲᠠᠢ ᠪᠠᠨ ᠵᠢᠭᠤᠷᠭᠠᠨ ᠡᠭᠦᠰᠦᠭᠡᠳ ᠡᠮ ᠡᠮᠨᠡᠯᠭᠡ  ᠶᠢᠨ ᠰᠤᠶᠢᠳᠭᠡᠯ ᠢᠶᠠᠨ ᠲᠦᠯᠦᠬᠦᠯᠵᠤ ᠲᠠᠶᠢᠯᠭᠦ ᠦᠭᠡᠢ ᠪᠠᠶᠢᠳᠠᠯ ᠳᠤ ᠠᠷᠭ᠎ᠠ ᠪᠤᠰᠤ ︽ᠰᠠᠶᠢᠨ ᠡᠭᠡᠴᠢ︾ ᠶᠢ ᠡᠷᠢᠵᠤ ᠢᠷᠡᠭᠰᠡᠨ ᠪᠠᠶᠢᠵᠡᠢ᠃ ︽ᠰᠠᠶᠢᠨ ᠡᠭᠡᠴᠢ︾ ᠤᠯᠠᠨ ᠤᠳᠠᠭᠠᠨ ᠤ ᠭᠦᠯᠢᠴᠡᠩᠭᠦᠢ ᠡᠶᠡᠳᠡᠭᠦᠯᠭᠡ ᠪᠠᠷ ᠲᠠᠮᠵᠢᠭᠠᠳ ᠰᠠᠨᠠᠭᠠᠨ ᠠᠴᠠ ᠭᠠᠳᠠᠭᠤᠷ ᠬᠤᠶᠠᠷ ᠲᠠᠯ᠎ᠠ ᠪᠠᠷ ᠢᠶᠠᠨ ᠡᠪᠰᠡᠵᠤ᠂ ᠲᠦᠮᠠ ᠭᠠᠷᠤᠢ ᠲᠦᠭᠦᠷᠢᠭ ᠤᠨ ᠡᠮᠨᠡᠯᠭᠡ ᠶᠢᠨ ᠲᠦᠯᠦᠪᠤᠷᠢ ᠪᠠᠨ ᠲᠦᠯᠦᠬᠦᠯᠵᠤ ᠠᠪᠤᠭᠰᠠᠨ ᠪᠠᠶᠢᠨ᠎ᠠ᠃   ︽ᠰᠠᠶᠢᠨ ᠡᠭᠡᠴᠢ︾ ᠰᠠᠶᠢᠨ ᠲᠤᠷᠠᠴᠤᠳ ᠤᠨ ᠡᠶᠡᠳᠠᠬᠦᠯᠬᠦ ᠤᠶᠢᠯᠡᠴᠢᠯᠡᠭᠡᠨ ᠤ ᠲᠦᠪ ᠢ ᠠᠵᠢᠯ ᠠᠴᠠ ᠠᠮᠠᠷᠠᠭᠰᠠᠨ ᠠᠬᠠᠮᠠᠳ ᠪᠠᠭᠰᠢ ᠮᠤ᠋ ᠼᠦᠢ ᠯᠠᠨ ᠬᠤᠯᠪᠤᠭᠳᠠᠯ ᠪᠦᠭᠦᠢ ᠪᠠᠶᠢᠭᠤᠯᠭ᠎ᠠ ᠨᠢᠭᠡᠴᠡ ᠶᠢᠨ ᠲᠡᠮᠵᠢᠯᠭᠡ ᠲᠤᠤᠷ᠎ᠠ 2015 ᠤᠨ ᠳᠤ ᠡᠭᠦᠰᠭᠡᠨ ᠪᠠᠶᠢᠭᠤᠯᠤᠭᠰᠠᠨ ᠶᠤᠮ᠃ ᠨᠠᠰᠤ ᠪᠠᠷ ᠢᠶᠠᠨ ᠪᠠᠭᠰᠢ ᠶᠢᠨ ᠠᠵᠢᠯ ᠭᠢᠭᠰᠡᠨ ᠮᠤ᠋ ᠼᠦᠢ ᠯᠠᠨ ᠠᠶᠢᠯ ᠭᠡᠷ ᠤᠨ ᠡᠪ ᠨᠠᠶᠢᠷ ᠤᠨ ᠡᠪᠳᠡᠷᠡᠯ ᠨᠢ ᠭᠡᠤᠭᠡᠳ ᠤᠨ ᠦᠰᠦᠯᠳᠡ ᠪᠤᠶᠢᠵᠢᠯᠳᠠ ᠳᠤ ᠲᠤᠩ ᠶᠡᠭᠡ ᠨᠠᠵᠠᠭᠠᠢ ᠨᠦᠯᠦᠭᠡ ᠠᠪᠴᠢᠷᠠᠳᠠᠭ ᠢ ᠭᠦᠨ ᠤᠶᠢᠯᠠᠭᠠᠳᠠᠭ ᠠᠴᠠ ᠭᠡᠷ ᠪᠦᠯᠢ ᠤᠷᠤᠭ ᠬᠤᠷᠢᠮ ᠤᠨ ᠵᠦᠷᠢᠴᠡᠯ ᠢ ᠰᠢᠢᠳᠪᠦᠷᠢᠯᠡᠭᠦ ᠪᠠᠷ ᠠᠩᠬ᠎ᠠ ᠵᠤᠷᠢᠯᠭ᠎ᠠ ᠪᠠᠨ ᠪᠤᠯᠭᠠᠵᠤ ᠪᠠᠶᠢᠪᠠ᠃ ᠭᠡᠪᠡᠴᠦ ᠪᠠᠶᠢᠭᠤᠯᠤᠭᠳᠠᠭᠰᠠᠨ ᠭᠤᠷᠪᠠᠨ ᠵᠢᠯ ᠭᠠᠷᠤᠢ ᠶᠢᠨ ᠲᠤᠷᠰᠢ ᠭᠡᠷ ᠪᠦᠯᠢ ᠶᠢᠨ ᠵᠦᠷᠢᠴᠡᠯ ᠵᠢᠭᠤᠷᠭᠠᠨ᠂ ᠭᠦᠷᠰᠢ ᠰᠠᠬᠠᠭᠠᠯᠳᠠ ᠶᠢᠨ ᠵᠦᠷᠢᠴᠡᠯ ᠮᠦᠷᠬᠦᠯᠳᠤᠭᠡᠨ ᠢ ᠰᠢᠢᠳᠪᠦᠷᠢᠯᠡᠭᠰᠡᠨ ᠠᠴᠠ ᠭᠠᠳᠠᠨ᠎ᠠ ᠰᠢᠭᠦᠭᠦ ᠬᠤᠷᠢᠶᠠᠨ ᠳᠤ ᠤᠷᠤᠵᠤ ᠦᠡᠭᠭᠡᠷᠡᠭᠰᠡᠨ ᠠᠷᠠᠳ ᠤᠨ ᠶᠠᠪᠤᠳᠠᠯ ᠤᠨ ᠶᠡᠭᠡ ᠪᠠᠭ᠎ᠠ ᠵᠦᠷᠢᠴᠡᠯ ᠵᠢᠭᠤᠷᠭᠠᠨ ᠢ ᠴᠦ 50 ᠭᠠᠷᠤᠢ ᠤᠳᠠᠭ᠎ᠠ ᠰᠢᠢᠳᠪᠦᠷᠢᠯᠡᠵᠤ᠂ ᠡᠶᠡᠳᠡᠭᠦᠯᠦᠭᠰᠡᠨ ᠨᠤᠷᠮ᠎ᠠ ᠨᠢ 83.7 % ᠳᠤ ᠬᠦᠷᠦᠭᠰᠡᠨ ᠪᠠᠶᠢᠨ᠎ᠠ᠃     ᠤᠳᠤ ᠪᠤᠯᠬᠤ ᠳᠤ ᠬᠦᠮᠦᠰ ᠤᠴᠢᠷ ᠲᠤᠭᠢᠶᠠᠯᠳᠤᠪᠠᠯ ︽ᠰᠠᠶᠢᠨ ᠡᠭᠡᠴᠢ︾ ᠶᠢ ᠡᠷᠢᠭᠡᠷᠡᠢ᠂ ᠵᠤᠭᠤᠰ ᠵᠠᠷᠤᠴᠠᠭᠤᠯᠬᠤ ᠦᠭᠡᠢ ᠮᠦᠷᠳᠡᠭᠡᠨ ᠰᠢᠭᠦᠭᠦ ᠬᠤᠷᠢᠶᠠᠨ ᠳᠤ ᠴᠤ ᠤᠷᠤᠬᠤ ᠦᠭᠡᠢ ᠪᠠᠷ ᠤᠴᠢᠷ   ᠢᠶᠠᠨ ᠰᠢᠢᠳᠪᠦᠷᠢᠯᠡᠵᠤ ᠲᠠᠶᠢᠯᠤᠨ᠎ᠠ ᠭᠡᠵᠤ ᠠᠮᠠ ᠲᠠᠮᠵᠢᠨ ᠭᠡᠯᠡᠯᠴᠡᠭᠦ ᠪᠤᠯᠵᠤ᠂ ᠰᠠᠶᠢᠨ ᠲᠤᠷ᠎ᠠ ᠠᠴᠠ ᠪᠠᠨ ᠤᠷᠤᠯᠴᠠᠭᠰᠠᠨ ᠡᠶᠡᠳᠡᠭᠦᠯᠦᠭᠴᠢ ᠠᠷᠪᠢᠳᠴᠤ᠂ ᠠᠩᠬ᠎ᠠ ᠪᠠᠶᠢᠭᠤᠯᠬᠤ ᠳᠤ ᠬᠤᠶᠠᠷᠬᠠᠨ ᠭᠦᠮᠦᠨ ᠪᠠᠶᠢᠭᠰᠠᠨ ᠠᠴᠠ ᠪᠠᠨ  ᠦᠷᠬᠡᠵᠢᠬᠡᠤᠨ 50 ᠭᠠᠷᠤᠢ ᠭᠦᠮᠦᠨ ᠲᠠᠢ ᠪᠤᠯᠵᠤ᠂ ᠤᠯᠵᠠᠴᠢ ᠪᠠᠯᠭᠠᠰᠤᠨ ᠤ ᠲᠠᠪᠤᠨ ᠨᠠᠶᠢᠭᠡᠮ ᠲᠤᠭᠤᠷᠢᠭ ᠲᠤ ᠠᠵᠢᠯᠯᠠᠬᠤ ᠦᠷᠳᠡᠭᠡ ᠪᠠᠶᠢᠭᠤᠯᠵᠤ᠂ ︽ᠰᠠᠶᠢᠨ ᠡᠭᠡᠴᠢ︾ ᠰᠠᠶᠢᠨ ᠲᠤᠷᠠᠴᠤᠳ ᠤᠨ ᠦᠢᠯᠡᠴᠢᠯᠠᠭᠡᠨ ᠤ ᠭᠠᠵᠠᠷ ᠨᠢ ᠭᠡᠷ ᠪᠦᠯᠢ ᠶᠢᠨ ᠵᠢᠭᠤᠷᠭᠠᠨ᠂ ᠭᠦᠷᠰᠢ ᠰᠠᠬᠠᠭᠠᠯᠳᠠ ᠶᠢᠨ ᠵᠦᠷᠢᠴᠡᠯ ᠢ ᠬᠠᠪᠰᠤᠷᠤᠨ ᠰᠢᠢᠳᠪᠦᠷᠢᠯᠡᠭᠦ ᠪᠠᠷ ᠭᠤᠤᠯ ᠠᠵᠢᠯ ᠢᠶᠠᠨ ᠪᠤᠯᠭᠠᠵᠤ᠂ ᠪᠤᠰᠤᠳ ᠢ ᠬᠠᠪᠰᠤᠷᠬᠤ ᠪᠠᠷ ᠵᠢᠷᠭᠠᠯ ᠢᠶᠠᠨ ᠪᠤᠯᠭᠠᠭᠰᠠᠨ ᠰᠠᠶᠢᠨ ᠡᠨᠧᠷᠬᠢ ᠶᠢᠨ ᠲᠦᠪ ᠪᠤᠯᠤᠭᠰᠠᠨ ᠪᠠᠶᠢᠨ᠎ᠠ᠃    ᠡᠶᠡᠳᠡᠭᠦᠯᠦᠭᠴᠢ ᠪᠠᠶᠠᠷ᠄  ᠤᠳᠤ ᠨᠠᠶᠢᠭᠡᠮ ᠲᠡᠭᠡᠷ᠎ᠠ ᠠᠶᠢᠯ ᠭᠡᠷ ᠤᠨ ᠵᠦᠷᠢᠴᠡᠯ ᠮᠦᠷᠭᠦᠯᠳᠦᠭᠡᠨ ᠶᠡᠭᠡ ᠠᠷᠪᠢᠨ ᠪᠠᠶᠢᠳᠠᠭ᠃ ᠵᠢᠱᠢᠶᠡᠯᠡᠪᠡᠯ ᠡᠷ᠎ᠠ ᠡᠮ᠎ᠠ ᠶᠢᠨ ᠬᠤᠭᠤᠷᠤᠨᠳᠤ᠂ ᠠᠬ᠎ᠠ ᠲᠡᠭᠦᠦ ᠶᠢᠨ ᠬᠤᠭᠤᠷᠤᠨᠳᠤ ᠪᠠᠨ ᠵᠦᠷᠢᠴᠡᠯ ᠮᠦᠷᠭᠦᠯᠳᠦᠭᠡᠨ ᠠᠷᠪᠢᠨ᠃ ᠮᠡᠨ ᠤ ᠡᠨᠡ ︽ᠰᠠᠶᠢᠨ ᠡᠭᠡᠴᠢ︾ ᠵᠤᠭᠢᠶᠠᠨ ᠪᠠᠶᠢᠭᠤᠯᠤᠯᠳᠠ ᠪᠤᠯ ᠶᠠᠮᠠᠷᠴᠤ ᠬᠠᠷᠢᠭᠤ ᠮᠦᠡᠭᠭᠦ ᠠᠪᠬᠤ ᠦᠭᠡᠢ ᠪᠠᠷ ᠨᠠᠶᠢᠭᠡᠮ ᠲᠡᠭᠡᠷ᠎ᠠ ᠤᠶᠢᠯᠡᠴᠢᠯᠡᠳᠡᠭ ᠵᠤᠭᠢᠶᠠᠨ ᠪᠠᠶᠢᠭᠤᠯᠤᠯᠳᠠ ᠪᠤᠯᠬᠤᠷ ᠪᠢ ᠰᠠᠶᠢᠨ ᠲᠤᠷ᠎ᠠ ᠠᠴᠠ ᠪᠠᠨ ᠤᠷᠤᠯᠴᠠᠵᠤ᠂ ᠠᠷᠠᠳ ᠲᠦᠮᠡᠨ ᠳᠤ ᠪᠠᠨ ᠰᠠᠶᠢᠨ ᠤᠶᠢᠯᠡ ᠠᠵᠢᠯᠯᠠᠭ᠎ᠠ ᠭᠢᠵᠤ ᠶᠠᠪᠤᠶ᠎ᠠ ᠭᠡᠵᠤ ᠪᠤᠳᠤᠵᠤ ᠪᠠᠶᠢᠨ᠎ᠠ᠃    ᠤᠳᠤᠬᠠᠨ ᠳᠤ ︽ᠰᠠᠶᠢᠨ ᠡᠭᠡᠴᠢ︾ ᠰᠠᠶᠢᠨ ᠲᠤᠷᠠᠴᠤᠳ ᠤᠨ ᠦᠢᠯᠡᠴᠢᠯᠠᠭᠡᠨ ᠤ ᠲᠦᠪ ᠦᠢᠯᠡᠳᠤᠯ ᠴᠢᠳᠠᠪᠭᠢ  ᠪᠠᠨ ᠦᠷᠭᠡᠵᠢᠬᠦᠯᠵᠤ᠂ ᠤᠯᠠᠨ ᠲᠦᠷᠦᠯ ᠤᠨ ᠵᠦᠷᠢᠴᠡᠯ  ᠵᠢᠭᠤᠷᠭᠠᠨ ᠢ ᠡᠶᠡᠳᠡᠭᠦᠯᠦᠨ ᠰᠢᠢᠳᠪᠦᠷᠢᠯᠡᠭᠦ ᠲᠡᠳᠤᠢ ᠦᠭᠡᠢ ᠪᠤᠰᠤᠳ ᠢ ᠬᠠᠯᠠᠮᠵᠢᠯᠠᠨ ᠬᠠᠪᠰᠤᠷᠬᠤ ᠠᠵᠢᠯ ᠢ ᠴᠤ ᠭᠢᠵᠤ᠂ ᠭᠡᠨ ᠬᠠᠮᠢᠭ᠎ᠠ ᠲᠤᠰᠠᠯᠠᠮᠵᠢ ᠭᠤᠶᠤᠪᠠᠯ ᠶᠡᠭᠡ ᠪᠠᠭ᠎ᠠ ᠤᠴᠢᠷ ᠭᠡᠵᠤ ᠢᠯᠭᠠᠯ ᠦᠭᠡᠢ ᠭᠡᠳᠤᠢ ᠶᠠᠭᠠᠷᠡᠤ ᠪᠠᠶᠢᠭᠰᠠᠨ ᠴᠤ ᠭᠠᠷ ᠲᠠᠬᠢ ᠠᠵᠢᠯ ᠢᠶᠠᠨ ᠪᠠᠷᠢᠨ ᠲᠠᠯᠪᠢᠭᠠᠳ ᠲᠠᠷᠤᠶᠢᠬᠠᠨ ᠭᠦᠷᠴᠤ ᠬᠠᠪᠰᠤᠷᠤᠮᠵᠢ ᠦᠵᠡᠭᠦᠯᠳᠡᠭ ᠪᠠᠶᠢᠨ᠎ᠠ᠃  
 
ᠢᠷᠡᠯᠲᠡ᠄ ᠤᠳᠤᠭ ᠤᠨ ᠡᠮᠥᠨᠡᠳᠤ ᠬᠤᠰᠢᠭᠤᠨ ᠤ ᠰᠤᠨᠢᠨ ᠮᠡᠳᠡᠬᠡᠨ ᠤ ᠳᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号