ᠠᠵᠢᠯᠴᠢ ᠭᠦᠳᠡᠯᠮᠤᠷᠢ ᠪᠠᠷ ᠤᠶᠢᠯᠡᠰ ᠢᠶᠠᠨ ᠪᠤᠰᠬᠠᠭᠰᠠᠨ ᠮᠠᠯᠴᠢᠨ ᠨᠠᠷᠠᠩᠭᠤᠸ᠎ᠠ
ᠨᠡᠶᠢᠲᠡᠯᠡᠭᠰᠡᠨ ᠴᠠᠭ᠄
2018-06-06
   ᠨᠠᠩᠰᠤ ᠪᠠᠯᠭᠠᠰᠤᠨ ᠤ ᠪᠠᠶ᠋ᠬᠠᠤᠰᠤ ᠭᠠᠴᠠᠭᠠᠨ ᠤ ᠮᠠᠯᠴᠢᠨ ᠨᠠᠷᠠᠩᠭᠤᠸ᠎ᠠ ︽ᠮᠠᠯᠴᠢᠨ ᠠᠶᠢᠯ ᠤᠨ ᠪᠠᠶᠠᠰᠤᠯ︾ ᠵᠤᠴᠢᠯᠠᠬᠤ ᠭᠠᠵᠠᠷ ᠪᠠᠶᠢᠭᠤᠯᠵᠤ᠂ ᠦᠪᠡᠷ ᠤᠨ ᠬᠠᠳᠠᠭᠤᠵᠢᠯᠲᠠᠢ ᠬᠦᠴᠦ ᠬᠦᠯᠦᠰᠤ ᠪᠠᠷ ᠢᠶᠠᠨ ᠠᠳᠠᠯ ᠦᠢᠯᠡᠰ ᠡᠷᠬᠢᠯᠡᠨ᠂ ᠮᠠᠯᠴᠢᠨ ᠲᠦᠮᠡᠨ ᠢᠶᠠᠨ ᠲᠠᠶᠢᠴᠢᠯᠠᠨ ᠪᠠᠶᠠᠵᠢᠯ ᠤᠨ ᠵᠠᠮ ᠵᠦᠭ ᠬᠦᠳᠤᠯᠪᠡ᠃    ᠰᠤᠷᠪᠤᠯᠵᠢᠯᠠᠭᠴᠢ ᠨᠠᠷᠠᠩᠭᠤᠸ᠎ᠠ ᠶᠢᠨ ᠬᠢᠨ ᠳᠤ ᠭᠦᠷᠭᠦ ᠳᠤ᠂ ᠲᠡᠷᠡ ᠶᠠᠭ ᠰᠠᠶᠢᠬᠠᠨ ᠬᠡᠷ ᠤᠨ ᠬᠦᠮᠦᠨ ᠲᠠᠢ ᠪᠠᠨ ᠦᠪᠡᠷ ᠤᠨ ᠡᠷᠬᠢᠯᠡᠭᠰᠡᠨ ︽ᠮᠠᠯᠴᠢᠨ ᠠᠶᠢᠯ ᠤᠨ ᠪᠠᠶᠠᠰᠤᠯ︾ ᠵᠤᠴᠢᠯᠠᠬᠤ ᠭᠠᠵᠠᠷ ᠲᠠᠭᠠᠨ ᠰᠢᠷᠬᠤᠰᠤᠨ ᠤᠮᠳᠠᠭᠠᠨ ᠤᠭᠤᠳᠠᠯᠠᠨ ᠶᠠᠭᠠᠷᠠᠯᠲᠠᠢ ᠪᠠᠶᠢᠪᠠ᠃ ᠡᠨᠡ ᠪᠤᠯ ᠡᠳᠡᠨᠡᠶᠢᠬᠢᠨ ᠤ ᠡᠨᠡ ᠵᠢᠯ ᠳᠤ ᠰᠢᠨ᠎ᠡ ᠪᠠᠷ ᠵᠠᠬ᠎ᠠ ᠲᠡᠯᠬᠡᠬᠦᠷ ᠲᠤ ᠭᠠᠷᠭᠠᠭᠰᠠᠨ ᠰᠢᠷᠬᠤᠰᠤᠨ ᠤᠮᠳᠠᠭᠠᠨ ᠪᠠᠶᠢᠵᠤ᠂  ᠭᠡᠷᠡᠭᠯᠡᠭᠴᠢᠳ ᠤᠨ ᠬᠦᠷᠢᠶᠡᠯᠡᠯ ᠢ ᠶᠡᠬᠡᠳᠡ ᠤᠯᠤᠭᠰᠨ ᠪᠠᠶᠢᠨ᠎ᠠ᠃    ᠦᠩᠬᠡᠷᠡᠭᠰᠡᠨ ᠳᠤ ᠨᠠᠷᠠᠩᠭᠤᠸ᠎ᠠ ᠶᠢᠨ ᠬᠢᠨ 1800 ᠮᠤ᠋ ᠪᠡᠯᠴᠢᠬᠡᠷ ᠲᠡᠭᠡᠨ ᠲᠦᠰᠢᠭᠯᠡᠨ ᠮᠠᠯ ᠲᠡᠵᠢᠭᠡᠪᠤᠷᠢ ᠶᠢᠨ ᠤᠷᠤᠯᠭ᠎ᠠ ᠪᠠᠷ ᠬᠤᠶᠠᠷ ᠬᠡᠦᠬᠡᠳ ᠢᠶᠠᠨ ᠲᠦᠡᠭᠭᠡᠵᠢ ᠰᠤᠷᠭᠠᠭᠤᠯᠢ ᠳᠤ ᠰᠠᠭᠤᠯᠭᠠᠨ ᠭᠠᠨᠵᠤᠭ᠎ᠠ ᠲᠠᠳᠠᠭᠤ ᠠᠮᠢᠳᠣᠷᠠᠵᠤ ᠪᠠᠶᠢᠵᠠᠢ᠃ 2006 ᠤᠨ ᠳᠤ ᠲᠡᠷᠡ ᠤᠳᠤᠭ ᠤᠨ ᠡᠮᠦᠨᠡᠳᠦ ᠬᠤᠰᠢᠭᠤᠨ ᠠᠴᠠ ᠦᠦᠰᠢᠨ ᠬᠤᠰᠢᠭᠤ ᠬᠦᠷᠬᠦ ᠵᠠᠰᠠᠮᠠᠯ ᠵᠠᠮ ᠲᠠᠭᠤ ᠪᠠᠶᠢᠷᠢᠰᠢᠵᠤ ᠪᠠᠶᠢᠭ᠎ᠠ ᠲᠠᠪᠠᠭᠤᠯᠢᠭ ᠲᠠᠯ᠎ᠠ ᠪᠠᠨ ᠠᠰᠢᠭᠯᠠᠨ᠂ ᠬᠤᠷᠢᠨ ᠲᠦᠮᠡᠨ ᠲᠦᠬᠦᠷᠢᠭ ᠵᠢᠭᠡᠯᠡᠭᠡᠳ ᠪᠠᠶ᠋ᠬᠠᠤᠰᠤ ᠭᠠᠴᠠᠭᠠᠨ ᠳᠤ ᠬᠤᠭᠤᠯᠠᠯᠵᠤ ᠠᠮᠠᠷᠠᠬᠤ ᠶᠢ ᠨᠢᠬᠡ ᠴᠤᠭᠴᠠᠵᠢᠭᠤᠯᠤᠭᠰᠠᠨ ︽ᠮᠠᠯᠴᠢᠨ ᠠᠶᠢᠯ  ᠤᠨ ᠪᠠᠶᠠᠰᠤᠯ︾ ᠵᠤᠴᠢᠯᠠᠬᠤ ᠭᠠᠵᠠᠷ ᠢ ᠡᠷᠭᠢᠯᠡᠭᠰᠡᠨ ᠪᠠᠶᠢᠵᠡᠢ᠃ ᠨᠠᠷᠠᠩᠭᠤᠸ᠎ᠠ ᠠᠷᠪᠠᠨ ᠬᠡᠳᠦᠨ ᠵᠢᠯ ᠢᠶᠠᠷ ᠡᠨᠡ ᠬᠦ ᠵᠤᠴᠢᠯᠠᠬᠤ ᠭᠠᠵᠠᠷ ᠢᠶᠠᠨ ᠡᠯ᠎ᠠ ᠲᠠᠯ᠎ᠠ ᠪᠠᠷ ᠴᠢᠨᠠᠷᠯᠢᠭ ᠰᠠᠶᠢᠬᠠᠨ ᠡᠷᠬᠢᠯᠡᠭᠰᠡᠨ ᠠᠴᠠ ᠡᠳᠦᠬᠡ ᠲᠡᠬᠦᠨ ᠤ ᠵᠤᠴᠢᠯᠠᠬᠤ ᠭᠠᠵᠠᠷ ᠵᠢᠯ ᠳᠤ ᠭᠤᠴᠢ ᠭᠠᠷᠤᠢ ᠲᠦᠮᠡᠨ ᠲᠦᠬᠦᠷᠢᠭ ᠤᠨ ᠤᠷᠤᠯᠭ᠎ᠠ ᠤᠯᠵᠤ᠂ ᠵᠤᠴᠢᠯᠠᠬᠤ ᠬᠦᠮᠦᠨ ᠤ ᠲᠤᠭ᠎ᠠ ᠴᠤ ᠵᠢᠯ ᠠᠴᠠ ᠵᠢᠯ ᠨᠡᠮᠡᠭᠳᠡᠭᠰᠡᠨ ᠪᠠᠶᠢᠨ᠎ᠠ᠃    2017 ᠤᠨ ᠳᠤ᠂ ᠨᠠᠷᠠᠩᠭᠤᠸ᠎ᠠ ᠡᠨᠡ ᠬᠦ ᠠᠮᠵᠢᠯᠳᠠ ᠶᠢᠨ ᠰᠠᠭᠤᠷᠢᠨ ᠲᠡᠭᠡᠷ᠎ᠠ ᠠᠷᠪᠠᠨ ᠬᠡᠳᠦᠨ ᠮᠠᠯᠴᠢᠨ ᠠᠶᠢᠯ ᠢᠶᠠᠨ ᠲᠠᠶᠢᠴᠢᠯᠠᠨ ᠬᠤᠷᠰᠢᠶᠠᠵᠢᠯ ᠪᠠᠶᠢᠭᠤᠯᠵᠤ᠂ ᠮᠠᠯᠴᠢᠳ ᠤᠨ ᠮᠠᠯ ᠤᠨ ᠮᠢᠬ᠎ᠠ᠂ ᠬᠠᠭᠤᠷᠤᠭᠰᠠᠨ ᠠᠮᠤ᠂ ᠮᠤᠩᠭᠤᠯ ᠴᠠᠭᠠᠨ ᠢᠳᠡᠬᠡᠨ ᠢ ︽ᠮᠠᠯᠴᠢᠨ ᠠᠶᠢᠯ ᠤᠨ ᠪᠠᠶᠠᠰᠤᠯ︾᠂ ︽ᠠᠩᠬᠢᠷ︾᠂ ︽ᠲᠤᠷᠭᠠᠨ ᠰᠢᠯᠢ︾ ᠵᠡᠷᠬᠡ ᠨᠡᠷ᠎ᠡ ᠲᠡᠮᠳᠡᠭ ᠪᠤᠯᠭᠠᠨ  ᠲᠠᠸᠠᠷᠴᠢᠯᠠᠵᠤ᠂  ᠲᠡᠳᠡᠨ ᠳᠤ ᠠᠵᠢᠯ ᠤᠯᠭᠤᠨ ᠦᠭᠬᠦ ᠶᠢᠨ ᠵᠡᠷᠭᠡᠪᠡᠷ ᠪᠠᠶᠠᠵᠢᠯ ᠤᠨ ᠵᠠᠮ  ᠳᠤ ᠭᠦᠳᠦᠯᠦᠭᠰᠡᠨ ᠪᠠᠶᠢᠨ᠎ᠠ᠃ ᠲᠡᠷᠡ ᠪᠠᠰᠠ ᠡᠨᠡ ᠵᠢᠯ ᠤᠨ ᠬᠤᠰᠢᠭᠤ ︽ᠲᠠᠪᠤᠨ ᠰᠠᠷ᠎ᠠ ᠶᠢᠨ ᠨᠢᠬᠡᠨ ᠤ ᠬᠦᠳᠡᠯᠮᠦᠷᠢ ᠶᠢᠨ ᠵᠢᠱᠢᠶᠡᠴᠢ︾ ᠪᠠᠷ  ᠦᠨᠡᠯᠡᠭᠳᠡᠪᠡ᠃    ᠮᠠᠯᠴᠢᠨ ᠨᠠᠷᠠᠩᠭᠤᠸ᠎ᠠ᠄ ᠤᠯᠠᠨ ᠲᠦᠮᠡᠨ ᠢᠶᠠᠨ ᠲᠠᠶᠢᠴᠢᠯᠠᠨ᠂ ᠮᠠᠯᠴᠢᠨ ᠲᠦᠮᠡᠨ ᠤ ᠪᠠᠨ ᠦᠪᠡᠷ ᠤᠨ ᠪᠦᠳᠦᠬᠡᠭᠳᠡᠬᠦᠨ ᠢᠶᠠᠨ ᠲᠠᠸᠠᠷᠴᠢᠯᠠᠵᠤ᠂ ᠮᠢᠬ᠎ᠠ᠂ ᠴᠠᠭᠠᠨ ᠢᠳᠡᠬᠡᠨ ᠢ ᠵᠠᠬ᠎ᠠ ᠲᠡᠯᠬᠡᠬᠦᠷ ᠲᠤ ᠭᠠᠷᠭᠠᠬᠤ ᠪᠠᠷ ᠭᠤᠤᠯ ᠵᠤᠷᠢᠯᠳᠠ ᠪᠠᠨ ᠪᠤᠯᠭᠠᠭᠰᠠᠨ ᠶᠤᠮ᠃    ᠮᠡᠷᠬᠡᠨᠴᠡᠴᠡᠭ ᠪᠤᠯ ᠡᠳᠡᠬᠡᠷ ᠲᠠᠶᠢᠴᠢᠯᠠᠭᠳᠠᠭᠰᠠᠨ ᠮᠠᠯᠴᠢᠳ ᠤᠨ ᠲᠤᠳᠤᠷᠠᠬᠢ ᠨᠢᠬᠡ ᠨᠢ ᠪᠤᠯᠤᠨ᠎ᠠ᠃ ᠳᠡᠷᠠ᠄ ᠨᠠᠷᠠᠩᠭᠤᠸ᠎ᠠ ᠡᠨᠡ ᠬᠤᠭᠤᠯᠠᠨ ᠬᠡᠷ ᠬᠢᠬᠡᠳ ᠴᠠᠭᠠᠨ ᠢᠳᠡᠭᠡ ᠪᠠᠨ ᠪᠤᠷᠤᠯᠠᠭᠤᠯᠤᠨ᠂ ᠮᠠᠨᠤᠰ ᠤᠨ ᠲᠤᠮᠳᠠ ᠮᠠᠰᠢ ᠰᠠᠶᠢᠨ ᠲᠠᠭᠤᠷᠢᠶᠠᠯ ᠪᠤᠯᠵᠤ ᠪᠠᠶᠢᠨ᠎ᠠ᠃    ᠨᠢᠳᠤᠨᠤᠨ ᠤ ᠠᠷᠪᠠᠳᠤᠭᠠᠷ ᠰᠠᠷ᠎ᠠ ᠳᠤ ᠠᠮᠢᠳᠤᠷᠠᠯ ᠬᠦᠳᠡᠯᠮᠦᠷᠢ ᠳᠤ ᠬᠠᠶᠢᠷᠠᠲᠠᠢ ᠨᠠᠷᠠᠩᠭᠤᠸ᠎ᠠ ︽ᠪᠠᠶᠠᠰᠤᠯᠳᠤ ᠮᠠᠯᠴᠢᠨ︾ ᠢᠵᠠᠭᠤᠷ ᠤᠷᠠᠯᠢᠭ ᠤᠨ ᠨᠡᠶᠢᠬᠡᠮᠯᠢᠭ ᠢ ᠪᠠᠶᠢᠭᠤᠯᠵᠤ᠂ ᠤᠳᠤ ᠪᠤᠯᠳᠠᠯ᠎ᠠ ᠨᠠᠶᠢᠳᠠ ᠭᠤᠴᠢ ᠭᠠᠷᠤᠢ ᠤᠳᠠᠭᠠᠨ ᠤ ᠲᠤᠭᠯᠠᠯᠳᠠ ᠭᠠᠷᠭᠠᠭᠰᠠᠨ ᠮᠦᠷᠳᠡᠭᠡᠨ ᠲᠤᠮᠳᠠᠳᠤ ᠤᠯᠤᠰ ᠤᠨ ᠴᠦᠬᠡᠨ ᠲᠤᠭᠠᠳᠤ ᠦᠨᠳᠦᠰᠦᠲᠡᠨ ᠤ ᠢᠵᠠᠭᠤᠷ ᠤᠷᠠᠯᠢᠭ ᠤᠨ ᠠᠷᠠᠳ ᠤᠨ ᠲᠠᠭᠤᠨ ᠤ ᠤᠷᠤᠯᠳᠤᠭᠠᠨ ᠳᠤ ᠤᠷᠤᠯᠴᠠᠭᠠᠳ ᠭᠤᠷᠪᠠᠳᠤᠭᠠᠷ ᠲᠡᠰ ᠤᠨ ᠱᠠᠩ ᠬᠦᠷᠳᠡᠪᠡ᠃    ᠨᠠᠷᠠᠩᠭᠤᠸ᠎ᠠ᠄ ᠲᠠᠶᠠᠭᠠᠷ ᠢ ᠪᠦᠯᠬᠦᠮᠳᠡᠬᠦᠯᠦᠨ᠂ ᠮᠠᠨ ᠤ ᠮᠠᠯᠴᠢᠨ ᠲᠦᠮᠡᠨ ᠢ ᠰᠤᠶᠤᠯ ᠢᠶᠠᠷ ᠲᠠᠶᠢᠴᠢᠯᠠᠵᠤ᠂ ᠬᠠᠮᠳᠤᠷᠠᠨ ᠮᠦᠷᠤ ᠵᠡᠷᠬᠡᠴᠡᠨ ᠤᠷᠤᠭᠰᠢᠯᠠᠶ᠎ᠠ ᠬᠡᠵᠤ ᠪᠤᠳᠤᠵᠤ ᠪᠠᠶᠢᠨ᠎ᠠ᠃  
 
ᠢᠷᠡᠯᠲᠡ᠄ ᠤᠳᠤᠭ ᠤᠨ ᠡᠮᠥᠨᠡᠳᠤ ᠬᠤᠰᠢᠭᠤᠨ ᠤ ᠰᠤᠨᠢᠨ ᠮᠡᠳᠡᠬᠡᠨ ᠤ ᠳᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号