ᠮ᠊᠂ ᠬᠠᠰᠪᠠᠭᠠᠨ᠎ᠠ | ᠤᠷᠳᠤᠰ ᠤᠷᠠᠨ ᠬᠠᠳᠬᠤᠮᠠᠯ ᠤᠨ ᠲᠤᠬᠠᠢ ᠲᠤᠷᠰᠢᠨ ᠦᠬᠦᠯᠡᠬᠦ ᠨᠢ | ᠬᠦᠮᠦᠨ ᠲᠦᠷᠦᠯᠬᠢᠳᠠᠨ ᠤ ᠭᠡᠵᠢᠶ᠎ᠠ ᠠᠴᠠ ᠡᠬᠢᠯᠠᠵᠦ ᠬᠤᠪᠴᠠᠰᠤ ᠡᠮᠦᠰᠬᠦ ᠪᠤᠯᠤᠭᠰᠠᠨ ᠤ ᠲᠤᠬᠠᠢ ᠲᠠᠢ | ᠡᠷᠳᠠᠮᠳᠠᠳ ᠤᠨ ᠦᠵᠡᠬᠦ ᠪᠠᠷ᠂ ᠬᠦᠮᠦᠨ ᠲᠦᠷᠦᠯᠬᠢᠳᠠᠨ ᠭᠠᠯ ᠢ ᠭᠡᠷᠡᠭᠯᠡᠵᠦ ᠴᠢᠳᠠᠬᠤ ᠪᠤᠯᠤᠭᠰᠠᠨᠡᠴᠠ ᠬᠤᠶᠢᠰᠢ | ᠲᠠᠭᠠᠷᠠᠮᠠᠳᠠᠭᠠᠢ ᠪᠤᠯᠵᠦ ᠡᠬᠢᠯᠠᠨ ᠬᠤᠪᠴᠠᠰᠤ ᠲᠠᠢ ᠪᠤᠯᠤᠭᠰᠠᠨ ᠭᠡᠵᠦ ᠭᠡᠯᠡᠭᠰᠡᠨ ᠨᠢ ᠨᠠᠯᠢᠶᠠᠳ ᠤᠨᠤᠪᠴᠢᠳᠠᠢ | ᠪᠠᠶᠢᠨ᠎ᠠ᠃ | ᠡᠷᠳᠠᠮᠳᠠᠳ ᠤᠨ ᠰᠤᠳᠤᠯᠤᠭᠰᠠᠨ ᠢᠶᠠᠷ ᠬᠦᠮᠦᠨ ᠲᠦᠷᠦᠯᠬᠢᠳᠠᠨ ᠠᠩᠬᠠᠯᠠᠵᠦ ᠪᠠᠶ᠎ᠠ ᠶᠢᠨ ᠲᠤᠯᠠᠭᠠᠨ ᠢᠶᠠᠨ | ᠲᠡᠩᠴᠡᠬᠦᠯᠬᠦ ᠭᠡᠵᠦ ᠬᠤᠪᠴᠠᠰᠤ ᠲᠠᠢ ᠪᠤᠯᠤᠭᠰᠠᠨ ᠨᠢ ᠬᠤᠪᠴᠠᠰᠤ ᠡᠮᠦᠰᠭᠡᠯ ᠤᠨ ᠰᠤᠶᠤᠯ ᠡᠬᠢᠯᠠᠵᠦ ᠪᠤᠢ ᠪᠤᠯᠤᠭᠰᠠᠨ | ᠪᠤᠯᠪᠠᠴᠤ ᠲᠠᠷᠨ ᠦᠶ᠎ᠠ ᠳᠤ ᠵᠦᠪᠭᠡᠨ ᠠᠷᠢᠶᠠᠳᠠᠨ ᠤ ᠠᠷᠠᠰᠤ ᠬᠦᠷᠦᠰᠤ᠂ ᠮᠤᠳᠤᠨ ᠲᠤᠷᠤᠰᠤ᠂ ᠨᠠᠪᠴᠢ ᠪᠠᠷ | ᠬᠦᠢᠳᠠᠨ ᠬᠠᠯᠠᠭᠤᠨ ᠢ ᠬᠠᠯᠬᠠᠯᠠᠬᠤ ᠶᠢᠨ ᠲᠠᠳᠤᠢ ᠪᠠᠶᠢᠭᠰᠠᠨ ᠢᠶᠠᠨ ᠰᠠᠬᠦᠯᠳᠠᠵᠦ ᠢᠷᠡᠬᠦ ᠳᠤ ︽ᠢᠴᠢᠬᠦᠷᠢ︾ ᠪᠠᠨ | ᠬᠠᠯᠬᠠᠯᠠᠬᠤ ᠠᠭᠤᠯᠭ᠎ᠠ ᠨᠡᠮᠡᠭᠳᠡᠯ᠎ᠠ ᠭᠡᠵᠦ ᠰᠤᠳᠤᠯᠵᠠᠭᠠᠭᠰᠠᠨ ᠨᠢ ᠮᠦᠨ ᠵᠦᠪ ᠦᠭᠡ ᠪᠠᠶᠢᠨ᠎ᠠ᠃ ᠢᠴᠢᠬᠦ ᠪᠠᠨ | ᠮᠡᠳᠡᠭᠰᠠᠨ ᠤ ᠲᠠᠷᠠᠭ᠎ᠠ ᠭᠤᠶᠤᠯᠠᠬᠤ ᠪᠠᠨ ᠮᠡᠳᠡᠬᠦ ᠨᠢ ᠪᠤᠯ ᠭᠡᠯᠡᠯᠭᠡᠨ ᠦᠭᠡᠢ ᠭᠡᠷᠡᠭ᠃ ᠲᠡᠭᠡᠭᠰᠡᠨ ᠳᠤ ᠪᠠᠨ | ᠡᠷᠳᠠᠮᠳᠠᠳ ᠤᠨ ᠭᠡᠯᠡᠭᠰᠡᠨ ︽ᠤᠳᠤ ᠠᠴᠠ 4 ᠲᠦᠮᠠᠨ ᠵᠢᠯ ᠤᠨ ᠡᠮᠦᠨ᠎ᠠ ᠮᠤᠩᠭᠤᠯ ᠤᠨ ᠦᠡᠳᠦᠷᠯᠢᠭ ᠤᠨ ᠪᠠᠯᠠᠷ | ᠡᠷᠳᠠᠨ ᠤ ᠰᠤᠶᠤᠯ ︿ᠰᠢᠨ᠎ᠠ ᠬᠦᠮᠦᠨ﹀ ᠤ ᠱᠠᠳᠤᠨ ᠳᠤ ᠲᠠᠪᠰᠢᠨ ᠤᠷᠤᠪᠠ︾ ᠭᠡᠵᠦ ᠮᠠᠭᠠᠳᠯᠠᠭᠰᠠᠨ ᠪᠦᠭᠡᠳ ︽ | ᠲᠠᠳᠠ ᠨᠠᠷ ᠨᠢᠭᠡᠨᠳᠠ ᠵᠢᠷᠤᠬᠤ᠂ ᠰᠠᠶᠢᠯᠬᠦ ᠤᠷ᠎ᠠ ᠲᠠᠷᠬ᠎ᠠ ᠶᠢ ᠡᠵᠡᠮᠰᠢᠭᠰᠡᠨ ᠪᠦᠭᠡᠳ ᠭᠤᠸ᠎ᠠ ᠰᠠᠶᠢᠬᠠᠨ ᠢ ᠡᠷᠬᠢᠮᠯᠡᠬᠦ | ᠠᠩᠬᠠᠨ ᠤ ᠦᠵᠠᠯᠳᠠ ᠲᠠᠢ ᠪᠤᠯᠤᠭᠰᠠᠨ ᠢ ᠮᠠᠳᠠᠵᠦ ᠪᠤᠯᠤᠨ᠎ᠠ︾᠂ ︽ᠰᠢᠨ᠎ᠠ ᠬᠦᠮᠦᠨ ᠤ ᠤᠶᠤᠨ ᠤ ᠠᠮᠢᠳᠤᠷᠠᠯ ᠤᠨ | ᠴᠢᠬᠤᠯᠨ ᠨᠢᠭᠡ ᠲᠠᠪᠰᠢᠯᠳᠠ ᠭᠡᠪᠠᠯ ᠲᠠᠳᠠ ᠬᠤᠪᠴᠠᠰᠤ ᠬᠤᠨᠠᠷ ᠢ ᠵᠦᠪᠭᠡᠨ ᠭᠡᠷᠡᠭᠴᠡᠭᠡ ᠶᠢᠨ ᠲᠠᠳᠤᠢ ᠦᠵᠡᠬᠦ | ᠪᠢᠰᠢ᠂ ᠲᠡᠬᠦᠨ ᠢ ᠭᠤᠶᠤᠵᠦ ᠴᠢᠮᠡᠬᠦ ᠵᠦᠢᠯ ᠢᠶᠠᠷ ᠦᠵᠡᠬᠦ ᠪᠤᠯᠵᠠᠢ︾ ᠭᠡᠵᠦ ᠰᠤᠳᠤᠯᠵᠠᠭᠠᠭᠰᠠᠨ ᠪᠠᠶᠢᠨ᠎ᠠ᠃ | ᠡᠬᠦᠨ ᠤ ᠲᠠᠷᠠᠭ᠎ᠠ ᠲᠦᠮᠠ ᠭᠠᠷᠤᠢ ᠵᠢᠯ ᠤᠨ ᠡᠮᠦᠨ᠎ᠠ ᠰᠢᠨ᠎ᠠ ᠴᠢᠯᠠᠭᠤᠨ ᠵᠡᠪᠰᠡᠭ ᠤᠨ ᠦᠶ᠎ᠠ ᠪᠤᠯᠬᠤ ᠳᠤ | ᠬᠦᠮᠦᠰ ᠤᠨ ᠴᠢᠳᠠᠪᠤᠷᠢ ᠨᠠᠩ ᠲᠡᠭᠡᠭᠰᠢᠯᠡᠵᠦ᠂ ᠭᠤᠸ᠎ᠠ ᠰᠠᠶᠢᠬᠠᠨ ᠤ ᠦᠵᠠᠯᠳᠠ ᠨᠠᠩ ᠦᠠᠳᠤᠷ ᠪᠤᠯᠤᠨ ᠨᠢᠭᠡᠨᠳᠠ | ᠪᠠᠶ᠎ᠠ ᠪᠠᠨ ᠵᠠᠰᠠᠨ ᠴᠢᠮᠡᠭᠯᠡᠬᠦ ᠭᠡᠮᠵᠢᠶᠠᠨ ᠳᠤ ᠬᠦᠷᠦᠭᠰᠡᠨ ᠪᠠᠶᠢᠨ᠎ᠠ᠃ ᠲᠠᠳᠠ ᠴᠢᠯᠠᠭᠤ᠂ ᠶᠠᠰᠤ᠂ ᠡᠪᠡᠷ ᠢᠶᠠᠷ | ᠪᠠᠭᠤᠪᠴᠢ᠂ ᠰᠤᠠᠳᠤᠷ ᠬᠢᠬᠦ ᠪᠤᠯᠤᠭᠰᠠᠨ ᠢᠶᠠᠷ ᠦᠵᠠᠪᠠᠯ ᠲᠠᠳᠠ ᠨᠢᠭᠡᠨᠳᠠ ᠡᠷᠳᠠ ᠪᠤᠢ ᠪᠤᠯᠤᠭᠰᠠᠨ ᠤᠶᠤᠬᠤ | ᠰᠤᠶᠤᠯ ᠳᠤ ᠪᠠᠨ ᠪᠠᠶ᠎ᠠ ᠪᠠᠨ ᠴᠢᠮᠡᠭᠯᠡᠬᠦ ᠵᠦᠢᠯ — ᠲᠠᠷᠤᠢ ᠬᠠᠳᠬᠤᠮᠠᠯ ᠤᠨ ᠰᠤᠶᠤᠯ ᠢ ᠨᠢᠭᠡᠨᠳᠠ ᠪᠤᠢ ᠪᠤᠯᠭᠠᠭᠰᠠᠨ | ᠭᠡᠵᠦ ᠮᠠᠭᠠᠳᠯᠠᠬᠤ ᠳᠤ ᠪᠤᠷᠤᠭᠤᠳᠠᠬᠤ ᠦᠭᠡᠢ ᠪᠠᠶᠢᠬ᠎ᠠ᠃ ᠮᠢᠨᠤ ᠪᠤᠳᠤᠬᠤ ᠪᠠᠷ ᠶᠠᠮᠠᠷ ᠨᠢᠭᠡ ᠰᠤᠶᠤᠯ ᠪᠤᠢ | ᠪᠤᠯᠤᠭᠰᠠᠨ ᠤ ᠲᠠᠷᠠᠭ᠎ᠠ ᠲᠠᠰᠤᠷᠠᠯᠳᠠ ᠦᠭᠡᠢ ᠬᠦᠭᠵᠢᠵᠦ᠂ ᠦᠭᠡᠷᠡᠴᠢᠯᠡᠭᠳᠡᠵᠦ᠂ ᠬᠤᠪᠢᠷᠠᠵᠦ᠂ ᠵᠠᠷᠢᠮ ᠳᠤ ᠪᠠᠨ | ᠲᠠᠰᠤᠯᠤᠭᠳᠠᠵᠦ᠂ ᠲᠠᠰᠤᠯᠤᠭᠳᠠᠭᠰᠠᠨ ᠤ ᠲᠠᠷᠠᠭ᠎ᠠ ᠲᠡᠬᠢᠨ ᠵᠠᠯᠭᠠᠭᠳᠠᠵᠦ᠂ ᠵᠠᠯᠭᠠᠭᠳᠠᠬᠤ ᠶᠢᠨ ᠲᠤᠮᠳᠠ ᠪᠠᠨ ᠲᠡᠬᠢᠨ | ᠨᠠᠶᠢᠭᠡᠮ ᠠᠬᠤᠢ ᠶᠢᠨ ᠭᠡᠷᠡᠭᠴᠡᠭᠡᠨ ᠳᠤ ᠲᠤᠬᠢᠷᠠᠯᠴᠠᠨ ᠦᠭᠡᠷᠡᠴᠢᠯᠡᠭᠳᠡᠨ᠂ ᠬᠤᠪᠢᠷᠠᠵᠦ᠂ ᠨᠡᠮᠡᠭᠳᠡᠵᠦ ᠪᠠᠶᠢᠳᠠᠭ ᠴᠤ | ᠶᠤᠮ ᠤᠤ ᠳ᠋ᠠ᠃ ᠡ᠊ᠨᠡ ᠦᠵᠠᠯᠳᠠ ᠶᠢᠨ ᠢᠶᠠᠨ ᠲᠤᠬᠠᠢ ᠲᠡᠶᠢᠯᠪᠤᠷᠢ ᠬᠢᠪᠠᠯ᠄ ᠵᠢᠱᠢᠶᠡᠯᠡᠪᠡᠯ᠂ ᠤᠷᠳᠤᠰ ᠤᠨ ᠢᠳᠡᠭᠡᠨ | ᠤᠮᠳᠠᠭᠠᠨ ᠤ ᠰᠤᠶᠤᠯ᠂ ᠡᠮᠦᠰᠭᠡᠯ ᠵᠡᠬᠦᠭᠡᠯ ᠤᠨ ᠰᠤᠶᠤᠯ᠂ ︽ᠰᠤᠶᠤᠯ ᠤᠨ ᠬᠤᠪᠢᠰᠬᠠᠯ︾ ᠭᠡᠰᠠᠨ ᠠᠷᠪᠠᠨ ᠵᠢᠯ ᠤᠨ | ᠰᠠᠮᠠᠭᠤᠷᠠᠯ ᠠᠴᠠ ᠡᠮᠦᠨ᠎ᠠ ᠤᠷᠳᠤᠰ ᠨᠤᠳᠤᠭ ᠲᠤ ᠦᠪᠠᠷ ᠤᠨ ᠭᠡᠬᠦ ᠢᠳᠡᠭᠡᠨ ᠤᠮᠳᠠᠭᠠᠨ ᠤ ᠰᠤᠶᠤᠯ᠂ ᠬᠤᠪᠴᠠᠰᠤ | ᠡᠮᠦᠰᠭᠡᠯ ᠤᠨ ᠬᠠᠮᠤᠭ ᠤᠨ ᠦᠠᠳᠤᠰᠤᠨ ᠰᠤᠶᠤᠯ ᠪᠠᠶᠢᠭᠰᠠᠨ᠃ ᠲᠡᠬᠦᠨ ᠢᠶᠠᠨ ︽ᠬᠠᠭᠤᠴᠢᠨ ᠢ ᠡᠪᠳᠡᠵᠦ᠂ | ᠰᠢᠨ᠎ᠠ ᠶᠢ ᠪᠠᠶᠢᠭᠤᠯᠬᠤ︾ ᠨᠠᠷᠠ ᠪᠠᠷ ᠪᠦᠷᠢᠮᠦᠰᠤᠨ ᠡᠪᠳᠡᠵᠦ᠂ ᠵᠠᠷᠢᠮ ᠬᠦᠮᠦᠨ ᠮᠢᠬ᠎ᠠ ᠶᠢ ᠪᠦᠬᠦᠯᠢ ᠦᠶ᠎ᠠ ᠪᠠᠷ ᠨᠢ | ᠴᠢᠨᠠᠵᠦ ᠢᠳᠡᠬᠦ ᠠᠴᠠ ᠬᠦᠷᠳᠠᠯ᠎ᠠ ᠠᠶᠤᠭᠰᠠᠨ ᠴᠠᠭ ᠦᠨᠡᠭᠡᠷ ᠢᠷᠡᠭᠰᠡᠨ ᠪᠢᠯᠠ᠃ 1958 ᠤᠨ ᠠᠴᠠ ᠬᠤᠶᠢᠰᠢ | ᠬᠦᠮᠦᠰ ᠤᠷᠳᠤ ᠬᠤᠪᠴᠠᠰᠤ ᠡᠮᠦᠰᠬᠦ ᠪᠠᠨ ᠪᠤᠯᠢᠵᠦ᠂ ᠪᠦᠰᠡᠬᠦ᠋ᠢᠴᠤᠳ ᠨᠢ ᠲᠤᠯᠤᠭᠠᠢ ᠶᠢᠨ ᠵᠡᠬᠦᠭᠡ ᠪᠠᠨ ︽ | ᠦᠬᠦᠮᠠᠯ ᠡᠳ᠋ ᠢ ᠠᠮᠢᠳᠤ ᠡᠷᠳᠠᠨᠢ ᠪᠤᠯᠭᠠᠬᠤ︾ ᠭᠡᠰᠠᠨ ᠤᠷᠢᠶᠠᠯᠠᠭ᠎ᠠ ᠶᠢ ᠲᠠᠭᠠᠵᠦ ᠭᠡᠳᠤᠨ ᠠᠷᠪᠠᠨ ᠲᠦᠬᠦᠷᠢᠭ ᠢᠶᠠᠷ | ᠪᠠᠩᠬᠢ ᠳᠤ ᠦᠭᠬᠦᠭᠰᠨ ᠦᠵᠡᠭᠳᠠᠯ ᠨᠠᠶᠢᠳᠠᠮᠰᠢᠵᠦ᠂ ᠲᠠᠷᠤᠭᠤᠯᠭ᠎ᠠ ᠠᠴᠠ ᠪᠠᠨ ᠰᠠᠯᠵᠦ ︽ᠲᠠᠷᠤᠯᠠᠯ ᠠᠴᠠ ᠰᠠᠯᠪᠠ︾ | ᠭᠡᠵᠦ ᠬᠦᠭᠡᠷᠦᠵᠡᠭᠡᠭᠰᠡᠨ ᠪᠢᠯᠨ᠃ | ᠦᠭᠡᠷᠡᠴᠢᠯᠠᠯᠳᠠ ᠬᠢᠵᠦ ᠴᠢᠯᠦᠭᠡᠳᠠᠢ ᠶᠠᠪᠤᠯᠴᠠᠭᠰᠠᠨ ᠠᠴᠠ ᠡᠬᠢᠯᠡᠭᠡᠳ ᠬᠦᠮᠦᠰ ᠤᠷᠬᠢᠭᠰᠠᠨ ᠰᠤᠶᠤᠯ ᠢᠶᠠᠨ | ᠰᠠᠨᠠᠭᠠᠨ ᠳᠤ ᠤᠷᠤᠳᠠᠭ ᠪᠤᠯᠪᠠ᠂ ᠰᠡᠷᠬᠦᠭᠡᠳᠡᠭ ᠴᠤ ᠪᠤᠯᠪᠠ᠃ ᠲᠠᠰᠤᠯᠤᠭᠳᠠᠭᠰᠠᠨ ᠰᠤᠶᠤᠯ ᠰᠠᠷᠬᠦᠬᠦ ᠳᠤ ᠪᠠᠨ | ᠬᠤᠪᠢᠷᠠᠯᠳᠠ ᠲᠠᠢ᠃ ᠬᠤᠪᠢᠷᠠᠭᠰᠠᠨ ᠪᠦᠬᠦᠨ ᠰᠠᠶᠢᠨ ᠢᠶᠠᠷ ᠬᠤᠪᠢᠷᠠᠳᠠᠭ ᠤᠨ ᠠᠯᠪᠠ ᠲᠠᠢ ᠪᠢᠰᠢ ᠪᠤᠯᠬᠤᠷ ᠮᠠᠭᠤ | ᠲᠠᠶᠢᠰᠢ ᠪᠠᠨ ᠬᠤᠪᠢᠷᠠᠵᠦ ᠪᠠᠰᠠ ᠪᠤᠯᠳᠠᠭ ᠪᠠᠶᠢᠨ᠎ᠠ᠃ ᠮᠤᠩᠭᠤᠯ ᠢᠳᠡᠭᠡᠨ ᠤᠮᠳᠠᠭᠠᠨ ᠵᠠᠬ᠎ᠠ ᠲᠡᠯᠭᠡᠬᠦᠷ ᠲᠤ | ᠤᠷᠤᠭᠰᠠᠨ ᠤ ᠲᠠᠷᠠᠭ᠎ᠠ ᠬᠤᠯᠢᠶ᠎ᠠ ᠲᠠᠢ ᠦᠷᠦᠮ᠎ᠠ᠂ ᠰᠢᠬᠦᠮᠠᠯ᠂ ᠲᠤᠰᠤ᠂ ᠤᠬᠢᠶᠠᠯᠭ᠎ᠠ ᠶᠢᠨ ᠨᠤᠠᠳᠠᠭ ᠲᠠᠢ ᠬᠦᠢᠳᠠᠨ | ᠤᠰᠤ ᠪᠠᠷ ᠲᠠᠪᠳᠦᠭᠡᠨ ᠬᠠᠭᠤᠷᠤᠭᠰᠠᠨ ᠠᠮᠤ ᠵᠠᠬ᠎ᠠ ᠲᠡᠯᠭᠡᠬᠦᠷ ᠢ ᠲᠦᠬᠦᠷᠭᠡᠪᠠ᠃ ᠰᠢᠬᠦᠰᠤ ᠤᠭᠤᠴᠠ ᠲᠠᠯᠪᠢᠪᠠ | ᠭᠡᠭᠴᠢ ᠨᠢ ᠬᠦᠠᠳᠤ ᠶᠢᠨ ᠶᠤᠰᠤ ᠪᠠᠶᠢᠭᠰᠠᠨ ᠪᠤᠯ ᠤᠳᠤ ᠪᠢᠯᠳᠠᠤᠴᠢ ᠶᠢᠨ ᠶᠤᠰᠤ ᠪᠤᠯᠵᠦ᠂ ᠠᠯᠠᠭᠠᠨ ᠲᠡᠭᠡᠷ᠎ᠠ ᠪᠠᠨ | ᠵᠦᠰᠤᠮᠠᠯ ᠦᠭᠡᠬᠦ ᠲᠠᠯᠪᠢᠭᠠᠳ ︽ᠬᠠᠪᠠ ᠲᠡᠵᠢᠭᠡᠳᠡᠭ︾ ᠦᠵᠡᠭᠳᠠᠯ ᠨᠠᠶᠢᠳᠠᠮᠰᠢᠭ᠍ᠰᠡᠨ ᠪᠠᠶᠢᠨ᠎ᠠ᠃ ᠬᠠᠷᠢᠨ | ᠡᠮᠦᠰᠬᠡᠯ ᠤᠨ ᠰᠤᠶᠤᠯ ᠨᠢ ᠵᠠᠬ᠎ᠠ ᠲᠡᠯᠭᠡᠬᠦᠷ ᠲᠤ ᠤᠷᠤᠭ᠎ᠠ ᠦᠭᠡᠢ ᠶᠢᠨ ᠰᠠᠶᠢᠨ ᠢᠶᠠᠷ ᠲᠡᠬᠢᠨ ᠵᠠᠯᠭᠠᠭᠳᠠᠭᠰᠠᠨ ᠤ | ᠲᠠᠷᠠᠭ᠎ᠠ ᠭᠡᠳᠦ᠋ᠢᠪᠠᠷ ᠪᠠᠭ᠋ᠠᠨ ᠬᠤᠪᠢᠷᠠᠯᠳᠠ ᠭᠠᠷᠤᠭᠰᠠᠨ ᠪᠤᠯᠪᠠᠴᠤ ᠡᠷᠡᠬᠦᠯ ᠢᠶᠠᠷ ᠬᠦᠭᠵᠢᠨ ᠲᠠᠪᠰᠢᠵᠦ ᠪᠠᠶᠢᠨ᠎ᠠ ᠭᠡᠵᠦ | ᠭᠡᠯᠡᠵᠦ ᠪᠤᠯᠤᠮᠠᠷ ᠪᠠᠶᠢᠨ᠎ᠠ᠃ ᠡᠮᠦᠰᠭᠡᠯ ᠤᠨ ᠰᠤᠶᠤᠯ ᠤᠨ ᠲᠤᠳᠤᠷ᠎ᠠ ᠪᠠᠨ ᠬᠠᠳᠬᠤᠮᠠᠯ ᠤᠨ ᠰᠤᠶᠤᠯ ᠡᠪ | ᠡᠷᠡᠬᠦᠯ ᠢᠶᠠᠷ ᠢᠶᠠᠨ ᠲᠡᠬᠢᠨ ᠰᠠᠷᠬᠦᠭᠡᠭᠳᠡᠯᠠ ᠭᠡᠵᠦ ᠭᠡᠯᠡᠬᠦ ᠳᠤ ᠪᠤᠷᠤᠭᠤᠳᠠᠬᠤ ᠪᠠᠷ ᠦᠭᠡᠢ᠃ ᠡ᠊ᠨᠡ ᠬᠦ ᠬᠠᠳᠬᠤᠮᠠᠯ ᠤᠨ | ᠰᠤᠶᠤᠯ ᠢ ᠪᠢ ︽ᠤᠷᠳᠤᠰ ᠤᠠᠴᠠᠯᠢᠭ ᠪᠦᠬᠦᠢ ᠬᠠᠳᠬᠤᠬᠤ ᠠᠷᠭ᠎ᠠ︾ ᠪᠤᠯᠤᠨ ︽ᠬᠠᠳᠬᠤᠮᠠᠯ ᠤᠨ ᠰᠤᠶᠤᠯ ᠤᠨ | ᠬᠤᠪᠢᠷᠠᠯᠳᠠ︾ ᠭᠡᠬᠦ ᠬᠤᠶᠠᠷ ᠤᠳᠬ᠎ᠠ ᠪᠠᠷ ᠶᠠᠷᠢᠶ᠎ᠠ ᠭᠡᠵᠦ ᠪᠤᠳᠤᠵᠦ ᠪᠠᠶᠢᠨ᠎ᠠ᠃ | ᠨᠢᠭᠡ᠂ ᠤᠷᠳᠤᠰ ᠤᠠᠴᠠᠯᠢᠭ ᠪᠦᠬᠦᠢ ᠬᠠᠳᠬᠤᠬᠤ ᠠᠷᠭ᠎ᠠ | ᠤᠷᠳᠤᠰᠴᠤᠳ ᠤᠨ ᠬᠠᠳᠬᠤᠮᠠᠯ ᠤᠨ ᠲᠤᠬᠠᠢ ᠦᠭᠳᠡᠭᠰᠡᠨ ᠵᠤᠯᠭᠠᠭᠰᠠᠨ ᠨᠠᠰᠤᠳᠠᠶᠢᠴᠤᠤᠯ ᠠᠴᠠ | ᠰᠤᠷᠪᠤᠯᠵᠢᠯᠠᠬᠤ᠂ ᠵᠢᠴᠢ ᠬᠠᠳᠬᠤᠮᠠᠯ ᠤᠳ ᠨᠢ ᠦᠵᠡᠵᠦ ᠰᠢᠠᠵᠢᠯᠠᠬᠦ ᠪᠠᠷ ᠲᠡᠮᠵᠢᠭᠠᠳ ᠡᠶᠢᠮᠦ ᠭᠡᠳᠤᠨ ᠬᠠᠳᠬᠤᠬᠤ | ᠠᠷᠭ᠎ᠠ ᠪᠠᠶᠢᠬᠤ ᠶᠤᠮ ᠤᠤ ᠭᠡᠵᠦ ᠪᠤᠳᠤᠪᠠ᠃ ᠭᠡᠬᠦᠯᠠᠷ ᠡ᠊ᠨᠡ ᠬᠦ ᠬᠠᠳᠬᠤᠮᠠᠯ ᠤᠨ ᠰᠤᠶᠤᠯ ᠲᠠᠷᠤᠰᠠᠵᠦ ᠨᠠᠯᠢᠶᠠᠳ | ᠵᠢᠯ ᠪᠤᠯᠤᠭᠰᠠᠨ ᠤ ᠲᠡᠭᠡᠷ᠎ᠠ ᠶᠡᠭᠡ ᠤᠯᠠᠨ ᠰᠠᠶᠢᠬᠠᠨ ᠬᠠᠳᠬᠤᠮᠠᠯ ᠬᠠᠳᠬᠤᠳᠠᠭ ᠤᠷᠠᠴᠤᠤᠯ ᠶᠢᠷᠳᠢᠠᠴᠤ ᠶᠢᠨ ᠮᠦᠡᠭᠭᠡ | ᠪᠤᠰᠤ ᠶᠢ ᠦᠵᠡᠬᠦᠯᠦᠭᠰᠡᠨ ᠠᠴᠠ ᠪᠤᠯᠤᠭᠠᠳ ᠮᠢᠨᠤ ᠰᠤᠷᠪᠤᠯᠵᠢᠯᠠᠭ᠎ᠠ ᠬᠦᠢᠴᠠᠳ ᠪᠤᠯᠵᠦ ᠴᠢᠳᠠᠭ᠎ᠠ ᠦᠭᠡᠢ ᠪᠠᠶᠢᠬ᠎ᠠ | ᠭᠡᠵᠦ ᠪᠤᠳᠤᠨ᠎ᠠ᠃ ᠪᠤᠰᠤᠳ ᠨᠦᠬᠦᠳ ᠭᠡᠭᠡᠭᠳᠡᠭᠰᠡᠨ ᠤᠷᠬᠢᠭᠳᠠᠭᠰᠠᠨ ᠢ ᠨᠢ ᠨᠦᠬᠦᠪᠤᠷᠢᠯᠠᠵᠦ ᠪᠠᠶᠢᠭᠠᠷᠠᠢ︕ | ᠤᠷᠳᠤᠰᠴᠤᠳ ᠲᠤᠬᠠᠢ ᠶᠢᠨ ᠦᠶ᠎ᠠ ᠳᠤ ᠡ᠊ᠨᠡ ᠬᠠᠳᠬᠤᠮᠠᠯ ᠭᠡᠰᠠᠨ ᠤᠷᠠᠯᠠᠯ ᠢ ᠪᠠᠷᠤᠭ ᠶᠠᠭᠤ ᠪᠦᠬᠦᠨ ᠲᠡᠭᠡᠷ᠎ᠠ | ᠭᠡᠷᠡᠭᠯᠡᠵᠦ ᠪᠠᠶᠢᠭᠰᠠᠨ ᠪᠠᠶᠢᠨ᠎ᠠ᠃ ᠡᠮᠦᠰᠭᠡᠯ ᠵᠡᠬᠦᠭᠡᠯ ᠤᠨ ᠬᠤᠪᠢ ᠳᠤ ᠬᠤᠪᠴᠠᠰᠤᠨ ᠤ ᠡᠩᠭᠡᠷ᠂ ᠤᠤᠵᠢᠮᠠᠭ᠂ | ᠤᠤᠵᠢ᠂ ᠮᠠᠯᠠᠭᠠᠢ ︵ᠵᠡᠬᠦᠭᠡ ᠲᠠᠷᠤᠭᠤᠯᠭ᠎ᠠ︶᠂ ᠵᠡᠬᠦᠭᠡ ᠶᠢᠨ ᠰᠢᠷᠪᠢᠬᠦᠯ ᠤᠨ ᠨᠠᠪᠳᠠᠭᠠᠷ᠂ ᠮᠠᠬᠠᠢ᠂ ᠲᠤᠤᠬᠤᠤ ᠶᠢᠨ | ᠡᠪᠦᠳᠦᠭ᠂ ᠬᠤᠪᠴᠠᠰᠤᠨ ᠤ ᠬᠠᠨᠴᠤᠢ᠂ ᠬᠤᠪᠴᠠᠰᠤᠨ ᠵᠠᠶᠢᠴᠠ᠂ ᠲᠡᠭᠡᠪᠠᠯ ᠴᠠᠮ ᠤᠨ ᠬᠤᠪᠴᠠᠰᠤ ᠪᠤᠶᠤ ᠵᠠᠷᠢᠮ | ᠨᠤᠶᠠᠳ ᠪᠠᠶᠠᠳ ᠤᠨ ᠬᠤᠪᠴᠠᠰᠤ ᠳᠤ ᠪᠠᠨ ᠡᠩᠭᠡᠷ᠂ ᠬᠤᠷᠮᠤᠢ᠂ ᠠᠷᠤ ᠨᠢᠷᠤᠭᠤ᠂ ᠬᠠᠨᠴᠤᠢ ᠡ᠊ᠨᠡ ᠲᠠᠷᠨ ᠳᠤ ᠨᠢ | ᠬᠠᠳᠬᠤᠮᠠᠯ ᠢᠶᠠᠷ ᠲᠦᠬᠦᠷᠭᠡᠵᠦ ᠴᠤ ᠪᠠᠶᠢᠵᠠᠢ᠃ ᠡᠳ᠋ᠯᠠᠯ ᠭᠡᠷᠡᠭᠰᠠᠯ ᠤᠨ ᠵᠦᠢᠯ ᠳᠤ ᠡᠷᠡᠭᠳᠠᠢ ᠬᠦᠮᠦᠨ ᠳᠤ ᠪᠤᠯ᠄ | ᠬᠦᠬᠦᠦᠷ ᠲᠠᠯᠢᠩ᠂ ᠲᠡᠮᠡᠬᠢᠨ ᠲᠠᠭᠠᠷᠴᠤᠭ ︵ᠤᠭᠤᠳᠠ︶᠂ ᠲᠡᠮᠠᠬᠢᠨ ᠲᠠᠭᠠᠷᠴᠤᠭ ᠤᠨ ᠲᠡᠭᠡᠪᠴᠢ᠂ ᠬᠢᠳᠤᠭᠠᠨ | ᠲᠡᠭᠡᠭ᠂ ᠠᠶᠠᠭᠠᠨ ᠭᠡᠷ᠂ ᠠᠯᠴᠢᠭᠤᠷ᠂ ᠨᠢᠳᠤᠨ ᠰᠢᠯ ᠤᠨ ᠭᠡᠷ᠂ ᠬᠦᠬᠦᠦᠷ ᠤᠨ ᠭᠡᠷ᠂ ᠯᠠᠮᠨ ᠬᠦᠮᠦᠨ ᠤ ᠨᠤᠯᠮᠤᠭᠤᠷ | ︵ᠨᠢᠰᠤ ᠨᠢᠬᠢᠬᠦ ᠰᠠᠪᠠ︶᠂ ᠲᠠᠮᠠᠷᠤ ᠶᠢᠨ ᠤᠭᠤᠰᠤᠷ᠂ ᠪᠤᠮᠪᠠ ᠶᠢᠨ ᠭᠡᠷ᠂ ᠡᠮᠴᠢ ᠬᠦᠮᠦᠨ ᠤ ᠡᠮ ᠤᠨ ᠲᠤᠩ ᠤᠨ | ᠴᠢᠪᠡᠰᠭᠡᠷ᠂ ᠰᠠᠩ ᠰᠤᠯᠬᠡ ᠲᠠᠯᠪᠢᠬᠤ ᠳᠤ ᠭᠡᠷᠡᠭᠯᠡᠬᠦ ᠠᠷᠴᠠᠨ ᠲᠠᠭᠠᠷᠴᠤᠭ ᠵᠢᠴᠢ ᠴᠠᠪᠳᠠᠭᠤᠷ ᠤᠨ ᠡᠰᠢᠨ ᠳᠤ | ᠶᠠᠩᠵᠤᠯᠠᠨ ᠤᠶᠠᠬᠤ ᠴᠢᠪᠡᠰᠭᠡᠷ᠂ ᠡᠮᠴᠢ ᠬᠦᠮᠦᠨ ᠤ ᠡᠮ ᠤᠨ ᠴᠤᠭᠯᠠᠭ᠎ᠠ᠂ ᠮᠤᠷᠢᠨ ᠮᠠᠩᠨᠠᠶᠢᠪᠴᠢ ᠁ ᠭᠡᠬᠦ | ᠮᠠᠳᠤ᠂ ᠡᠮ᠎ᠠ ᠬᠦᠮᠦᠨ ᠳᠤ ᠪᠤᠯ᠄ ᠵᠡᠬᠦᠪᠴᠢ ︵ᠵᠡᠬᠦᠦ ᠰᠠᠪᠠᠯᠠᠬᠤ ᠰᠠᠪᠠ︶᠂ ᠭᠡᠳᠡᠪᠴᠢ ︵ᠬᠦᠬᠦᠦᠷ ᠰᠠᠪᠠᠯᠠᠬᠤ︶᠂ | ᠲᠡᠭᠡᠪᠠᠯ ᠬᠤᠪᠴᠠᠰᠤ᠂ ᠵᠡᠬᠦᠭᠡ ᠵᠡᠷᠭᠡ ᠲᠡᠭᠡᠷ᠎ᠠ ᠪᠠᠨ ᠬᠠᠳᠬᠤᠮᠠᠯ ᠤᠷᠤᠳᠠᠭ ᠪᠠᠶᠢᠪᠠ᠃ ᠤᠳᠤ ᠨᠢᠭᠡ ᠨᠢ ᠱᠠᠰᠢᠨ | ᠰᠢᠳᠦᠯᠭᠡ ᠶᠢᠨ ᠤᠷᠤᠨ ᠪᠤᠯᠬᠤ ᠰᠦᠮ᠎ᠠ ᠲᠤᠭᠠᠩ ᠳᠤ ᠠᠷᠪᠢᠨ ᠭᠡᠷᠡᠭᠯᠡᠳᠡᠭ᠃ ᠵᠢᠱᠢᠶᠡᠯᠡᠪᠡᠯ᠂ ᠰᠦᠮ᠎ᠠ ᠲᠤᠳᠤᠷᠡᠬᠢ | ᠵᠠᠮᠰᠠᠨ᠂ ᠪᠠᠳᠠᠨ᠂ ᠲᠤᠯᠭᠠᠭᠤᠷ ᠤᠨ ᠲᠤᠷᠭᠠᠨ ᠤᠷᠢᠶᠠᠳᠠᠭ ᠲᠡᠭᠡᠷ᠎ᠠ ᠬᠠᠳᠬᠤᠮᠠᠯ ᠬᠤᠸᠠᠷ ᠢᠶᠠᠷ ᠤᠷᠠᠯᠠᠳᠠᠭ ᠢᠶᠠᠷ | ᠪᠠᠷᠠᠬᠤ ᠦᠭᠡᠢ ᠤᠷᠠᠨ ᠤᠷᠠᠨ ᠪᠦᠰᠡᠬᠦ᠋ᠢᠴᠤᠳ ᠪᠤᠷᠬᠠᠨ ᠬᠠᠳᠬᠤᠮᠠᠯᠯᠠᠵᠦ ᠰᠦᠮ᠎ᠠ ᠳᠤ ᠡᠷᠬᠦᠳᠡᠭ ᠶᠠᠪᠤᠳᠠᠯ ᠠᠷᠪᠢᠨ | ᠪᠠᠶᠢᠭᠰᠠᠨ ᠪᠠᠶᠢᠨ᠎ᠠ᠃ ᠰᠤᠨᠤᠰᠤᠯᠳᠠ ᠪᠠᠷ᠂ ᠤᠵᠠᠭᠤᠷ ᠲᠤ ᠨᠢᠭᠡ ᠠᠶᠢᠯ ᠤᠨ ᠬᠢ ᠶᠠᠮᠠᠷ ᠨᠢᠭᠡᠨ ᠪᠤᠷᠬᠠᠨ ᠭᠡᠬᠦ ᠶᠤᠮ | ᠪᠢᠯᠠ᠂ ᠶᠠᠭᠤ ᠴᠤ ᠭᠡᠰᠠᠨ ᠨᠢᠭᠡ ᠪᠤᠷᠬᠠᠨ ᠲᠡᠬᠢᠵᠦ ᠪᠠᠶᠢᠵᠠᠢ᠃ ᠲᠠᠷᠨ ᠠᠶᠢᠯ ᠤᠨ ᠬᠢ ᠰᠦᠷᠡᠭᠡᠢ ᠨᠢᠭᠡ ᠤᠷᠠᠨ | ᠭᠡᠤᠭᠡᠨ ᠲᠠᠢ ᠭᠡᠨ᠎ᠠ᠃ ᠲᠠᠷᠨ ᠭᠡᠤᠭᠡᠨ ᠨᠢ ᠡ᠊ᠨᠡ ᠪᠤᠷᠬᠠᠨ ᠳᠤ ᠪᠠᠨ ᠰᠦᠷᠡᠭᠡᠢ ᠰᠦᠰᠦᠭ ᠲᠠᠢ ᠪᠤᠯᠬᠤᠯᠠᠷ ᠬᠠᠷᠢ ᠳᠤ | ᠮᠤᠷᠳᠠᠬᠤ ᠳᠤ ᠪᠠᠨ ᠭᠡᠷ ᠠᠴᠠ ᠪᠠᠨ ᠶᠠᠭᠤ ᠶᠠ ᠠᠪᠬᠤ ᠦᠭᠡᠢ ᠵᠦᠪᠭᠡᠨ ᠪᠤᠷᠬᠠᠨ ᠢᠶᠠᠨ ᠠᠪᠤᠨ᠎ᠠ ᠭᠡᠬᠦᠯᠠᠷ ᠡᠴᠢᠭᠡ | ᠡᠭᠡ᠂ ᠠᠬᠠᠰ ᠲᠡᠬᠦᠦᠰ ᠨᠢ ᠤᠭᠳᠤ ᠵᠦᠪᠰᠢᠶᠡᠷᠡᠭᠰᠡᠨ ᠦᠭᠡᠢ ᠭᠡᠨ᠎ᠠ᠃ ᠲᠡᠭᠡᠬᠦᠯᠠᠷ ᠡ᠊ᠨᠡ ᠤᠷᠠᠨ ᠭᠡᠤᠭᠡᠨ | ᠪᠤᠷᠬᠠᠨ ᠢᠶᠠᠨ ᠬᠠᠷᠠᠵᠦ ᠪᠠᠶᠢᠭᠠᠳ ᠬᠠᠳᠬᠤᠮᠠᠯᠯᠠᠵᠦ ᠠᠪᠤᠭᠠᠳ ᠶᠠᠪᠤᠴᠢᠬᠠᠭᠰᠠᠨ ᠭᠡᠨ᠎ᠠ᠃ ᠲᠡᠭᠡᠭᠰᠡᠨ ᠠᠴᠠ ᠬᠤᠶᠢᠰᠢ | ᠡ᠊ᠨᠡ ᠠᠶᠢᠯ ᠢ ᠢᠪᠡᠭᠡᠨ ᠲᠡᠳᠬᠦᠵᠦ ᠪᠠᠶᠢᠭᠰᠠᠨ ᠪᠤᠷᠬᠠᠨ ᠨᠢ ᠲᠠᠷᠨ ᠭᠡᠤᠭᠡᠨ ᠢ ᠲᠠᠭᠠᠭᠠᠳ ᠲᠠᠷᠨ ᠠᠶᠢᠯ ᠳᠤ | ᠤᠴᠢᠴᠢᠬᠠᠵᠦ ᠭᠡᠤᠭᠡᠨ ᠤ ᠬᠠᠳᠠᠮ ᠨᠢ ᠰᠦᠷᠡᠭᠡᠢ ᠲᠡᠭᠡᠭᠡᠭᠰᠢᠯᠡᠨ ᠲᠡᠭᠵᠢᠷᠡᠭᠰᠡᠨ ᠭᠡᠳᠡᠭ᠃ ᠲᠡᠭᠡᠭᠰᠡᠨ ᠳᠤ ᠪᠠᠨ | ᠬᠠᠷᠢ ᠳᠤ ᠮᠤᠷᠳᠠᠬᠤ ᠭᠡᠤᠭᠡᠨ ᠮᠤᠷᠳᠠᠭᠰᠠᠨ ᠤ ᠲᠠᠷᠠᠭ᠎ᠠ ᠭᠡᠷ ᠲᠤ ᠪᠠᠨ ᠦᠯᠡᠳᠡᠭᠰᠡᠨ ᠲᠠᠷᠨ ᠠᠶᠢᠯ ᠤᠨ ᠴᠢᠬᠤᠯᠨ | ᠲᠦᠷᠦᠯ ᠠᠴᠠ ᠨᠢᠭᠡ ᠨᠢ ᠫᠢᠯᠨ ᠲᠠᠢ ᠪᠤᠭᠤᠷᠰᠤᠭ ᠪᠠᠷᠢᠨ ᠮᠤᠷᠳᠠᠭᠰᠠᠨ ᠭᠡᠤᠭᠡᠨ ᠤ ᠠᠷᠤ ᠠᠴᠠ ︽ᠬᠤᠷᠤᠢ᠂ | ᠬᠤᠷᠤᠢ᠂ ᠬᠤᠷᠤᠢ︾ ᠭᠡᠵᠦ ᠬᠤᠷᠦ᠋ᠢᠯᠠᠳᠠᠭ ᠨᠢ ᠭᠡᠰᠢᠭ ᠪᠤᠶᠠᠨ ᠢᠶᠠᠨ ᠦᠯᠡᠳᠡᠭᠡᠵᠦ ᠠᠪᠴᠤ ᠪᠠᠶᠢᠭ᠎ᠠ ᠤᠬᠠᠭᠠᠨ | ᠭᠡᠳᠡᠭ ︵ᠵᠠᠷᠢᠮᠠᠳ ᠨᠢ ᠡᠬᠦᠨ ᠢ ᠪᠤᠷᠤᠭᠤ ᠪᠠᠷ ᠲᠡᠶᠢᠯᠪᠤᠷᠢᠯᠠᠵᠦ᠂ ᠭᠡᠤᠭᠡᠨ ᠤ ᠪᠠᠨ ᠰᠠᠶᠢᠨ ᠰᠠᠶᠢᠬᠠᠨ ᠤ ᠲᠦᠯᠦᠭᠡ | ᠭᠡᠵᠦ ᠭᠡᠯᠡᠳᠡᠭ︶᠃ ᠡ᠊ᠨᠡ ᠲᠤᠮᠤᠭ ᠦᠨᠠᠨ ᠴᠤ ᠪᠠᠢ᠂ ᠬᠤᠳᠠᠯ ᠴᠤ ᠪᠠᠢ᠂ ᠶᠠᠭᠤ ᠴᠤ ᠭᠡᠰᠠᠨ ᠤᠷᠠᠨ | ᠡᠮᠡᠭᠳᠠᠶᠢᠴᠤᠳ ᠪᠤᠷᠬᠠᠨ ᠬᠠᠳᠬᠤᠮᠠᠯᠯᠠᠳᠠᠭ ᠤᠨ ᠵᠢᠱᠢᠶ᠎ᠠ ᠪᠤᠶᠤ᠃ ᠲᠤᠤᠷ᠎ᠠ ᠭᠤᠤᠯ ᠰᠠᠳᠤᠪ ᠲᠤ ᠪᠠᠨ ᠤᠷᠤᠶ᠎ᠠ᠃ | ︵ᠨᠢᠭᠡ︶ ᠰᠠᠮᠨᠠᠵᠦ ᠬᠠᠳᠬᠤᠬᠤ | ᠰᠠᠮᠨᠠᠵᠦ ᠬᠠᠳᠬᠤᠬᠤ ᠶᠢ ᠭᠡᠯᠡᠬᠦ ᠶᠢᠨ ᠤᠷᠢᠳ ᠡᠶᠢᠮᠦ ᠨᠢᠭᠡ ᠤᠴᠢᠷ ᠢ ᠲᠤᠳᠤᠷᠬᠠᠢᠢᠯᠠᠶ᠎ᠠ᠃ ᠬᠤᠸᠠᠷ ᠢ | ᠴᠠᠭᠠᠰᠤᠨ ᠲᠡᠭᠡᠷ᠎ᠠ ᠬᠠᠳᠬᠤᠬᠤ ᠪᠤᠯᠤᠨ ᠴᠠᠭᠠᠰᠤ ᠦᠭᠡᠢ ᠬᠠᠳᠬᠤᠬᠤ ᠭᠡᠵᠦ 2 ᠵᠦᠢᠯ ᠳᠤ ᠬᠤᠪᠢᠶᠠᠳᠠᠭ᠃ | ᠴᠠᠭᠠᠰᠤᠨ ᠲᠡᠭᠡᠷ᠎ᠠ ᠬᠠᠳᠬᠤᠬᠤ ᠭᠡᠭᠴᠢ ᠪᠤᠯ ᠬᠠᠳᠬᠤᠬᠤ ᠬᠤᠸᠠᠷ ᠢᠶᠠᠨ ᠤᠷᠢᠳ ᠢᠶᠠᠷ ᠴᠠᠭᠠᠰᠤᠨ ᠲᠡᠭᠡᠷ᠎ᠠ ᠵᠢᠷᠦᠵᠦ | ᠵᠢᠷᠤᠭᠰᠠᠨ ᠢᠶᠠᠨ ᠰᠠᠶᠢᠬᠠᠨ ᠬᠠᠶᠢᠴᠢᠯᠠᠵᠦ ᠲᠤᠷᠭᠠᠨ ᠲᠡᠭᠡᠷ᠎ᠠ ᠪᠠᠨ ᠨᠠᠭᠠᠴᠢᠬᠠᠭᠠᠳ ᠬᠠᠳᠬᠤᠬᠤ ᠶᠢ ᠭᠡᠯᠡᠨ᠎ᠠ᠃ | ᠴᠠᠭᠠᠰᠤ ᠦᠭᠡᠢ ᠬᠠᠳᠬᠤᠬᠤ ᠭᠡᠭᠴᠢ ᠪᠤᠯ ᠰᠢᠭᠤᠳ ᠲᠤᠷᠭᠠᠨ ᠲᠡᠭᠡᠷ᠎ᠠ ᠪᠠᠨ ᠬᠠᠳᠬᠤᠬᠤ ᠶᠢ ᠭᠡᠯᠡᠨ᠎ᠠ᠃ ᠴᠠᠭᠠᠰᠤᠨ | ᠲᠡᠭᠡᠷ᠎ᠠ ᠬᠠᠳᠬᠤᠬᠤ ᠨᠢ ᠬᠦᠮᠦᠨ ᠠᠴᠠ ᠦᠯᠢᠭᠡᠷ ᠵᠢᠭᠡᠯᠡᠭᠦ ᠵᠢᠴᠢ ᠬᠠᠳᠬᠤᠵᠦ ᠭᠠᠷᠭᠠᠭᠰᠠᠨ ᠬᠤᠸᠠᠷ ᠨᠢ | ᠪᠤᠰᠤᠭᠠᠯᠵᠢᠨ ᠦᠵᠡᠭᠳᠡᠳᠡᠭ ᠪᠤᠯᠪᠠᠴᠤ ᠨᠤᠷᠭᠠᠵᠦ ᠪᠤᠯᠳᠠᠭ ᠦᠭᠡᠢ ᠡᠮᠵᠡᠭ ᠲᠡᠯ᠎ᠠ ᠲᠠᠢ᠃ | ᠰᠠᠮᠨᠠᠵᠦ ᠬᠠᠳᠬᠤᠬᠤ ᠶᠢ ᠦᠢᠯᠨ ᠤᠳᠠᠰᠤᠨ ᠳᠤ ᠪᠠᠨ ᠰᠠᠶᠢᠨ ᠴᠠᠭᠠᠷᠠᠭᠰᠠᠨ ᠤᠷᠠᠨ ᠬᠦᠮᠦᠨ ᠬᠢᠨ᠎ᠠ᠃ | ᠰᠠᠮᠨᠠᠵᠦ ᠬᠠᠳᠬᠤᠪᠠ ᠭᠡᠭᠴᠢ ᠨᠢ ᠨᠢᠭᠡ ᠬᠤᠸᠠᠷ ᠢ 2 ᠠᠴᠠ ᠲᠡᠭᠡᠭᠰᠢ ᠦᠡᠭᠭᠡ ᠶᠢᠨ ᠲᠤᠷᠭᠠᠨ ᠤᠳᠠᠰᠤ ᠪᠠᠷ ᠬᠦᠢᠭᠡᠨ | ᠦᠡᠭᠭᠡ ᠠᠴᠠ ᠬᠦᠨ ᠦᠡᠭᠭᠡ ᠲᠡᠶᠢᠰᠢ ᠪᠤᠶᠤ ᠬᠦᠨ ᠦᠡᠭᠭᠡ ᠠᠴᠠ ᠬᠦᠢᠭᠡᠨ ᠦᠡᠭᠭᠡ ᠲᠡᠶᠢᠰᠢ ᠤᠷᠠᠯᠠᠨ | ᠬᠠᠳᠬᠤᠳᠠᠭ ᠠᠴᠠ ᠬᠠᠳᠬᠤᠵᠦ ᠭᠠᠷᠤᠭᠰᠠᠨ ᠵᠦᠢᠯ ᠨᠢ ᠠᠮᠢᠳᠤ ᠶᠤᠮ ᠰᠢᠭ᠋ ᠬᠠᠷᠠᠭᠳᠠᠳᠠᠭ᠃ ᠵᠢᠱᠢᠶᠠᠯᠠᠪᠠᠯ᠂ ᠨᠢᠭᠡ | ᠴᠡᠴᠡᠭ ᠤᠨ ᠲᠠᠯᠪᠢ ᠶᠢ ᠬᠤᠨᠳᠠᠨ ᠦᠡᠭᠭᠡ ᠪᠠᠷ ᠬᠠᠳᠬᠤᠬᠤ ᠪᠠᠷ ᠪᠤᠳᠤᠪᠠᠯ ᠤᠷᠢᠳ ᠢᠶᠠᠷ ᠤᠯᠠᠭᠠᠨ ᠬᠤᠨᠳᠠᠨ | ᠤᠳᠠᠰᠤ ᠪᠠᠷ ᠴᠡᠴᠡᠭ ᠤᠨ ᠲᠠᠯᠪᠢ ᠶᠢᠨ ᠤᠭ ᠢ ᠤᠶᠤᠭᠰᠠᠨ ᠢᠶᠠᠨ ᠲᠡᠬᠢᠭᠠᠳ ᠴᠠᠭᠠᠨ ᠬᠤᠨᠳᠠᠨ ᠦᠡᠭᠭᠡᠳᠠᠢ | ᠤᠳᠠᠰᠤ ᠪᠠᠷ ᠤᠯᠠᠭᠠᠨ ᠬᠤᠨᠳᠠᠨ ᠤᠳᠠᠰᠤᠨ ᠤ ᠦᠵᠦᠬᠦᠷ ᠠᠴᠠ ᠰᠠᠮᠨᠠᠨ ᠤᠶᠤᠬᠤ ᠳᠤ ᠤᠭ ᠨᠢ ᠤᠯᠠᠭᠠᠨ ᠬᠤᠨᠳᠠᠨ | ᠦᠵᠦᠬᠦᠷ ᠲᠡᠶᠢᠰᠢ ᠪᠠᠨ ᠬᠦᠢᠭᠡᠨ ᠬᠤᠨᠳᠠᠨ ᠦᠡᠭᠭᠡᠳᠠᠢ ᠴᠡᠴᠡᠭ ᠤᠨ ᠲᠠᠯᠪᠢ ᠪᠤᠯᠳᠠᠭ ︵ᠵᠢᠷᠤᠭᠴᠢᠳ ᠡᠶᠢᠮᠦ ᠶᠢ | ᠵᠢᠷᠤᠬᠤ ᠳᠤ ᠪᠠᠨ ᠴᠡᠴᠡᠭ ᠤᠨ ᠲᠡᠯᠪᠢ ᠶᠢᠨ ᠤᠭ ᠢ ᠤᠯᠠᠭᠠᠨ ᠬᠤᠨᠳᠠᠨ ᠢᠶᠠᠷ ᠵᠢᠷᠤᠭᠰᠠᠨ ᠤ ᠲᠠᠷᠠᠭ᠎ᠠ ᠪᠢᠷ ᠢᠶᠠᠨ | ᠤᠰᠤᠨ ᠳᠤ ᠲᠦᠷᠦᠵᠦ ᠦᠡᠭᠭᠡ ᠶᠢ ᠨᠢ ᠰᠢᠩᠭᠡᠷᠡᠬᠦᠯᠤᠨ ᠵᠢᠷᠤᠳᠠᠭ᠃ ᠡᠬᠦᠨ ᠲᠠᠢ ᠶᠤᠰᠤ ᠨᠢ ᠠᠳᠠᠯᠢ︶᠃ | ︵ᠬᠤᠶᠠᠷ︶ ᠰᠤᠯᠨ ᠬᠠᠳᠬᠤᠬᠤ | ᠰᠤᠯᠨ ᠬᠠᠳᠬᠤᠬᠤ ᠶᠢ ᠤᠳᠤ ᠶᠢᠨ ᠬᠦᠮᠦᠰ ᠵᠠᠳᠠᠭᠠᠢ ᠬᠠᠳᠬᠤᠬᠤ᠂ ᠴᠢᠯᠦᠭᠡᠳᠤ ᠬᠠᠳᠬᠤᠮᠠᠯ ᠭᠡᠵᠦ ᠭᠡᠯᠡᠵᠦ | ᠪᠤᠢ᠃ ᠰᠤᠯᠨ ᠬᠠᠳᠬᠤᠬᠤ ᠭᠡᠭᠴᠢ ᠨᠢ ᠴᠠᠭᠠᠰᠤ ᠪᠤᠶᠤ ᠵᠢᠷᠤᠭᠰᠠᠨ ᠬᠤᠸᠠᠷ ᠤᠨ ᠢᠶᠠᠨ ᠬᠠᠳᠬᠤᠬᠤ ᠵᠦᠢᠯ ᠢ | ᠴᠡᠴᠡᠭ ᠨᠠᠪᠴᠢ ᠶᠢᠨ ᠪᠠᠶᠢᠳᠠᠯ ᠢ ᠲᠠᠭᠠᠭᠤᠯᠤᠨ ᠵᠦᠷᠢᠬᠦᠦ ᠪᠠᠷ ᠬᠠᠳᠬᠤᠬᠤ ᠶᠢ ᠭᠡᠯᠡᠵᠦ ᠪᠠᠶᠢᠨ᠎ᠠ᠃ ᠰᠤᠯᠨ | ᠬᠠᠳᠬᠤᠭᠰᠠᠨ ᠬᠤᠸᠠᠷ ᠤᠨ ᠨᠢᠭᠡ ᠲᠠᠯᠪᠢ ᠪᠤᠶᠤ ᠨᠠᠪᠴᠢ ᠶᠢ ᠪᠠᠰᠠ ᠭᠡᠳᠤ ᠭᠡᠳᠤᠨ ᠶᠠᠩᠵᠦ ᠶᠢᠨ ᠤᠳᠠᠰᠤ ᠶᠢ | ᠭᠡᠷᠡᠭᠯᠡᠨ ᠦᠡᠭᠭᠡ ᠶᠢ ᠨᠢ ᠬᠤᠪᠢᠷᠠᠭᠤᠯᠳᠠᠭ ᠪᠤᠯᠪᠠᠴᠤ ᠰᠠᠮᠨᠠᠵᠦ ᠬᠠᠳᠬᠤᠭᠰᠠᠨ ᠤ ᠪᠠᠨ ᠬᠢᠷᠢ ᠪᠤᠰᠤᠭᠠᠯᠵᠢᠨ | ᠦᠵᠡᠭᠳᠡᠳᠡᠭ ᠦᠭᠡᠢ᠃ | ︵ᠭᠤᠷᠪᠠ︶ ᠤᠷᠢᠶᠠᠵᠦ ᠬᠠᠳᠬᠤᠬᠤ | ᠤᠳᠠᠰᠤ ᠪᠠᠨ ᠴᠠᠭᠠᠨ᠎ᠠ ᠠᠴᠠ ᠨᠢ ᠬᠠᠳᠬᠤᠵᠦ ᠭᠠᠷᠭᠠᠭᠰᠠᠨ ᠤ ᠲᠠᠷᠠᠭ᠎ᠠ ᠵᠡᠬᠦᠦ ᠪᠠᠨ ᠤᠳᠠᠰᠤ ᠪᠠᠷ ᠢᠶᠠᠨ 2 | ᠤᠷᠢᠶᠠᠵᠦ᠂ ᠤᠷᠢᠶᠠᠭᠰᠠᠨ ᠤᠳᠠᠰᠤ ᠪᠠᠨ ᠬᠢᠮᠤᠰᠤ ᠪᠠᠷ ᠢᠶᠠᠨ ᠲᠠᠷᠤᠨ ᠵᠡᠬᠦᠦ ᠪᠠᠨ ᠰᠤᠭᠤᠯᠤᠨ ᠠᠪᠤᠭᠠᠳ | ᠤᠷᠢᠶᠠᠭᠰᠠᠨ ᠤᠳᠠᠰᠤ ᠶᠢᠨ ᠢᠶᠠᠨ ᠭᠠᠳᠠᠭᠤᠷ ᠴᠠᠭᠠᠰᠢ ᠬᠠᠳᠬᠤᠵᠦ ᠲᠤᠭᠳᠠᠭᠠᠨ᠎ᠠ᠃ ᠢᠡᠭᠬᠢᠵᠦ ᠤᠶᠤᠭᠰᠠᠨ | ᠬᠠᠳᠬᠤᠮᠠᠯ ᠪᠢᠴᠢᠬᠠᠨ ᠪᠠᠳᠮᠠᠨ ᠬᠤᠸᠠᠷ ᠰᠢᠭ᠋ ᠰᠠᠶᠢᠬᠠᠨ ᠬᠠᠷᠠᠭᠳᠠᠨ᠎ᠠ᠃ ᠶᠠᠮᠠᠷ ᠦᠡᠭᠭᠡ ᠶᠢᠨ ᠤᠳᠠᠰᠤ ᠪᠠᠷ ᠬᠦᠨ | ᠬᠦᠢᠭᠡᠨ ᠦᠡᠭᠭᠡ ᠶᠢ ᠨᠢ ᠲᠠᠭᠠᠷᠠᠭᠤᠯᠬᠤ ᠨᠢ ᠪᠤᠰᠤᠳ ᠬᠤᠸᠠᠷ ᠲᠠᠢ ᠠᠳᠠᠯᠢ᠃ | ︵ᠲᠦᠷᠪᠡ︶ ᠲᠤᠬᠤᠵᠦ ᠤᠶᠤᠬᠤ | ᠵᠠᠷᠢᠮ ᠤᠷᠠᠨ ᠬᠦᠮᠦᠨ ᠤ ᠤᠶᠤᠭᠰᠠᠨ ᠵᠢᠷᠤᠭ ᠢ ᠬᠤᠯᠨ ᠰᠢᠭ᠋ ᠠᠴᠠ ᠬᠠᠷᠠᠬᠤ ᠳᠤ ᠪᠤᠰᠤᠭᠠᠯᠵᠢᠨ ᠬᠠᠷᠠᠭᠳᠠᠳᠠᠭ᠃ | ᠤᠢᠢᠷᠠᠬᠠᠨ ᠦᠵᠡᠬᠦ ᠳᠤ ᠡᠩ ᠤᠨ ᠬᠦᠮᠦᠨ ᠤ ᠤᠶᠤᠭᠰᠠᠨ ᠲᠠᠢ ᠠᠳᠠᠯᠢᠬᠠᠨ ᠰᠤᠯᠨ ᠬᠠᠳᠬᠤᠭᠰᠠᠨ ᠯᠠ ᠪᠠᠶᠢᠳᠠᠭ᠃ | ᠡ᠊ᠨᠡ ᠬᠠᠳᠬᠤᠯᠭ᠎ᠠ ᠶᠢ ᠰᠠᠶᠢᠨ ᠨᠠᠷᠢᠪᠴᠢᠯᠠᠨ ᠰᠢᠠᠵᠢᠭᠡᠳ ᠪᠠᠶᠢᠬᠤᠯᠠᠷ ᠵᠠᠷᠢᠮ ᠤᠳᠠᠰᠤ ᠨᠢ ᠰᠠᠶᠢᠷᠡᠭ ᠰᠢᠭ᠂ ᠵᠠᠷᠢᠮ | ᠤᠳᠠᠰᠤ ᠨᠢ ᠨᠢᠠᠠᠳᠠ ᠮᠦᠷᠳᠡᠭᠡᠨ ᠬᠠᠶᠠ ᠨᠢᠭᠡ ᠤᠳᠠᠰᠤ ᠨᠢ ᠦᠯᠦ ᠮᠡᠳᠡᠭᠳᠠᠮ᠎ᠠ ᠲᠠᠪᠬᠤᠷᠯᠠᠴᠢᠬᠠᠭᠰᠠᠨ ᠯᠠ | ᠪᠠᠶᠢᠳᠠᠭ᠃ ᠡ᠊ᠨᠡ ᠶᠠᠩᠵᠦ ᠶᠢᠨ ᠬᠠᠳᠬᠤᠯᠭ᠎ᠠ ᠶᠢ ᠲᠤᠬᠤᠵᠦ ᠬᠠᠳᠬᠤᠬᠤ ᠭᠡᠨ᠎ᠠ᠃ ᠬᠦᠢᠭᠡᠨ ᠦᠵᠡᠭᠳᠡᠬᠦᠯᠬᠦ | ᠭᠠᠵᠠᠷ ᠲᠤ ᠪᠠᠨ ᠤᠳᠠᠰᠤ ᠪᠠᠷ ᠢᠶᠠᠨ ᠲᠤᠤᠷᠡᠬᠢ ᠴᠠᠭᠠᠰᠤ ᠪᠤᠶᠤ ᠲᠤᠷᠭ᠎ᠠ ᠶᠢ ᠰᠠᠶᠢᠬᠠᠨ ᠦᠵᠡᠭᠳᠡᠬᠦᠯᠬᠦ ᠦᠭᠡᠢ | ᠪᠦᠳᠡᠭᠡᠬᠦ ᠶᠢᠨ ᠬᠢᠷᠢᠳᠠᠢ ᠤᠶᠤᠭᠰᠠᠨ ᠤ ᠲᠠᠷᠠᠭ᠎ᠠ ᠬᠦᠨ ᠦᠵᠡᠭᠳᠡᠬᠦᠯᠬᠦ ᠭᠠᠵᠠᠷ ᠢ ᠤᠳᠠᠰᠤ ᠶᠢ ᠨᠢ ᠨᠢᠠᠠᠳᠠ ᠤᠶᠤᠵᠦ | ᠵᠤᠵᠠᠭᠠᠷᠠᠭᠤᠯᠤᠨ ᠬᠠᠶᠠ ᠨᠢᠭᠡ ᠤᠳᠠᠰᠤ ᠶᠢ ᠨᠢ ᠵᠤᠵᠠᠭᠠᠨ ᠤᠶᠤᠭᠰᠠᠨ ᠤᠳᠠᠰᠤᠨ ᠤ ᠲᠡᠭᠡᠬᠦᠷ ᠦᠯᠦ ᠮᠡᠳᠡᠭ | ᠲᠤᠬᠤᠬᠤ ᠳᠤ ᠪᠤᠰᠤᠭᠠᠯᠵᠢᠨ ᠬᠠᠷᠠᠭᠳᠠᠬᠤ ᠪᠤᠯᠴᠢᠬᠠᠳᠠᠭ ᠪᠠᠶᠢᠵᠠᠢ᠃ ᠡ᠊ᠨᠡ ᠪᠤᠯ ᠤᠶᠤᠵᠦ ᠨᠠᠯᠢᠶᠠᠳ ᠤᠷᠠᠨ | ᠪᠤᠯᠴᠢᠬᠠᠭᠰᠠᠨ ᠬᠦᠮᠦᠨ ᠤ ᠬᠢᠳᠠᠯ ᠠᠵᠢ᠃ | ︵ᠲᠠᠪᠤ︶ ᠨᠢᠷᠤᠭᠤ ᠤᠶᠤᠬᠤ ︵ᠨᠢᠷᠤᠭᠤᠯᠠᠬᠤ︶ | ᠵᠠᠷᠢᠮ ᠬᠦᠮᠦᠨ ᠡᠬᠦᠨ ᠢ ︽ᠵᠢᠭᠠᠰᠤᠨ ᠨᠢᠷᠤᠭᠤ ᠤᠶᠤᠬᠤ︾ ᠭᠡᠬᠦ ᠪᠤᠶᠤ ︽ᠭᠢᠷᠦᠭᠡᠨ ᠰᠢᠳᠤ ᠤᠶᠤᠬᠤ︾᠂ | ︽ᠰᠤᠶᠤᠭ᠎ᠠ ᠬᠠᠳᠬᠤᠬᠤ︾ ᠭᠡᠬᠦ ᠮᠠᠳᠤ ᠠᠳᠠᠯᠢ ᠪᠤᠰᠤ ᠪᠠᠷ ᠭᠡᠯᠡᠵᠦ ᠪᠠᠶᠢᠨ᠎ᠠ᠃ ᠨᠢᠷᠤᠭᠤ ᠤᠶᠤᠬᠤ ᠭᠡᠭᠴᠢ ᠨᠢ | ᠶᠠᠮᠠᠷ ᠨᠢᠭᠡᠨ ᠬᠤᠸᠠᠷ ᠤᠶᠤᠭᠰᠠᠨ ᠲᠤᠷᠭ᠎ᠠ ᠶᠢᠨ ᠬᠦᠪᠡᠭᠡ ᠲᠡᠭᠡᠷ᠎ᠠ ᠨᠠᠭᠠᠨ᠎ᠠ ᠴᠠᠭᠠᠨ᠎ᠠ ᠨᠢ ᠠᠳᠠᠯᠢᠬᠠᠨ ᠶᠠᠩᠵᠦ ᠶᠢᠨ | ᠰᠤᠶᠤᠭ᠎ᠠ ᠤᠶᠤᠵᠦ ᠬᠦᠪᠡᠭᠡᠯᠡᠬᠦ ᠶᠢ ᠭᠡᠯᠡᠵᠦ ᠪᠠᠶᠢᠨ᠎ᠠ᠃ ᠢᠡᠭᠬᠢᠵᠦ ᠤᠶᠤᠬᠤ ᠳᠤ 2 ᠲᠤᠷᠭᠠᠨ ᠤ ᠠᠮᠠᠨ ᠲᠡᠭᠡᠷ᠎ᠠ | ᠰᠦᠯᠵᠢᠬᠦᠯᠦᠭᠰᠡᠨ ᠤᠳᠠᠰᠤ ᠵᠢᠭᠠᠰᠤᠨ ᠤ ᠨᠢᠷᠤᠭᠤ ᠰᠢᠭ᠋ ᠬᠠᠷᠠᠭᠳᠠᠳᠠᠭ ᠢᠶᠠᠷ ᠢᠶᠠᠨ ᠲᠡᠬᠦᠨ ᠢ ︽ᠵᠢᠭᠠᠰᠤᠨ | ᠨᠢᠷᠤᠭᠤ︾ ᠭᠡᠵᠦ ᠭᠡᠯᠡᠳᠡᠭ ᠪᠠᠶᠢᠳᠠᠯᠳᠠᠢ᠃ ᠵᠠᠷᠢᠮᠠᠳ ᠤᠷᠠᠨ ᠡᠮᠡᠭᠳᠡᠶᠢᠴᠤᠳ ᠲᠠᠪᠬᠤᠷ ᠨᠢᠷᠤᠭᠤ ᠭᠠᠷᠭᠠᠨ ᠤᠶᠤᠬᠤ | ᠴᠤ | ᠪᠤᠢ᠃ | ︵ᠵᠢᠷᠭᠤᠭ᠎ᠠ︶ ᠡᠯᠬᠦᠵᠦ ᠤᠶᠤᠬᠤ | ᠡᠯᠬᠦᠵᠦ ᠤᠶᠤᠬᠤ ᠶᠢ ︽ᠰᠠᠯᠭᠠᠵᠦ ᠤᠶᠤᠬᠤ︾ ︽ᠰᠠᠯᠪᠠᠯᠠᠵᠦ ᠤᠶᠤᠬᠤ︾ ᠭᠡᠬᠦ ᠮᠠᠳᠤ ᠪᠠᠷ ᠠᠳᠠᠯᠢ ᠪᠤᠰᠤ | ᠭᠡᠯᠡᠵᠦ ᠪᠠᠶᠢᠨ᠎ᠠ᠃ ᠡ᠊ᠨᠡ ᠤᠶᠤᠯᠭ᠎ᠠ ᠶᠢ ᠭᠤᠤᠯᠳᠠᠭᠤ ᠴᠡᠴᠡᠭ ᠬᠤᠸᠠᠷ ᠤᠨ ᠡᠰᠢ ᠪᠤᠶᠤ ᠡᠷᠪᠡᠭᠡᠢ ᠶᠢᠨ ᠰᠠᠬᠠᠯ᠂ | ᠬᠦᠯ ᠡ᠊ᠨᠡ ᠲᠠᠷᠨ ᠶᠢ ᠤᠶᠤᠬᠤ ᠲᠡᠭᠡᠷ᠎ᠠ ᠠᠷᠪᠢᠨ ᠭᠡᠷᠡᠭᠯᠡᠵᠦ ᠪᠤᠢ᠃ ᠵᠠᠷᠢᠮᠠᠳ ᠨᠢ ᠴᠡᠴᠡᠭ ᠬᠤᠸᠠᠷ᠂ ᠮᠤᠳᠤ | ᠤᠷᠭᠤᠮᠠᠯ ᠤᠨ ᠡᠰᠢ ᠪᠤᠶᠤ ᠡᠷᠪᠡᠭᠡᠢ ᠶᠢᠨ ᠰᠠᠬᠠᠯ᠂ ᠬᠦᠯ ᠢ ᠮᠦᠨ ᠨᠢᠭᠡ ᠨᠢᠭᠡ ᠤᠳᠠᠰᠤ ᠪᠠᠷ ᠲᠠᠷᠤᠭᠤᠯᠤᠨ ᠰᠤᠯᠨ | ᠬᠠᠳᠬᠤᠳᠠᠭ ᠪᠤᠯᠪᠠᠴᠤ ᠵᠠᠷᠢᠮᠠᠳ ᠨᠢ ᠬᠤᠷᠳᠤᠨ ᠢᠶᠠᠨ ᠪᠤᠳᠤᠵᠦ ᠡᠯᠬᠦᠨ ᠬᠠᠳᠬᠤᠵᠦ ᠤᠶᠤᠳᠠᠭ᠃ | ︵ᠲᠤᠯᠤᠭ᠎ᠠ︶ ᠪᠤᠰᠤᠳ ᠬᠠᠳᠬᠤᠯᠭ᠎ᠠ | ᠬᠤᠸᠠᠷ ᠬᠠᠳᠬᠤᠬᠤ ᠳᠤ ᠡᠶᠢᠮᠦ ᠭᠡᠳᠤᠨ ᠤᠠᠴᠠᠭᠠᠢ ᠬᠠᠳᠬᠤᠯᠭ᠎ᠠ ᠪᠠᠶᠢᠬᠤ ᠠᠴᠠ ᠭᠠᠳᠠᠨ᠎ᠠ ᠪᠤᠰᠤᠳ | ᠤᠶᠤᠯᠭ᠎ᠠ ᠶᠢ ᠴᠤ ᠬᠠᠪᠰᠤᠷᠭᠠᠨ ᠭᠡᠷᠡᠭᠯᠡᠳᠡᠭ ᠪᠠᠶᠢᠨ᠎ᠠ᠃ ᠤᠶᠤᠯᠭ᠎ᠠ ᠶᠢᠨ ᠲᠤᠳᠤᠷᠡᠬᠢ ᠰᠢᠭᠯᠠᠬᠤ᠂ ᠲᠤᠭᠤᠴᠠᠬᠤ᠂ | ᠰᠢᠳᠡᠬᠦ ᠵᠡᠷᠭᠡ ᠶᠢᠨ ᠤᠶᠤᠯᠭ᠎ᠠ ᠶᠢ ᠭᠤᠤᠯᠳᠠᠭᠤ ᠬᠠᠳᠬᠤᠭᠰᠠᠨ ᠬᠤᠸᠠᠷ ᠤᠨ ᠢᠶᠠᠨ ᠬᠦᠪᠡᠭᠡ ᠶᠢ ᠲᠠᠭᠠᠭᠤᠯᠤᠨ | ᠱᠠᠭᠠᠵᠠᠭᠠᠢ ᠶᠢᠨ ᠮᠦᠷ ᠤᠶᠤᠬᠤ᠂ ᠪᠤᠭᠤᠳᠠᠢ ᠴᠤᠪᠤᠭᠤᠯᠬᠤ᠂ ᠤᠳᠤ ᠬᠠᠳᠬᠤᠬᠤ᠂ ᠲᠤᠭᠤᠯᠠᠩ ᠤᠶᠤᠬᠤ | ᠵᠡᠷᠭᠡ ᠳᠤ ᠭᠡᠷᠡᠭᠯᠡᠵᠦ᠂ ᠭᠤᠤᠯ ᠬᠤᠸᠠᠷ ᠤᠨ ᠬᠤᠭᠤᠰᠤᠨ ᠭᠠᠵᠠᠷ ᠢ ᠪᠦᠭᠯᠡᠬᠦ᠂ ᠬᠦᠷᠢᠶᠠᠯᠠᠨ ᠬᠦᠪᠡᠭᠡᠯᠡᠵᠦ | ᠶᠠᠩᠵᠤᠯᠠᠳᠠᠭ ᠪᠠᠶᠢᠨ᠎ᠠ᠃ | ᠲᠡᠭᠡᠷᠡᠬᠢ ᠭᠡᠯᠡᠭᠰᠡᠨ ᠵᠦᠢᠯ ᠲᠦᠢᠯ ᠤᠨ ᠪᠦᠷᠢᠨ ᠪᠤᠰᠤ ᠭᠡᠰᠠᠨ ᠢᠶᠠᠨ ᠪᠢ ᠵᠦᠪᠰᠢᠶᠠᠷᠡᠵᠦ ᠪᠠᠶᠢᠨ᠎ᠠ᠃ | ᠤᠴᠢᠷ ᠨᠢ ᠪᠢ ᠦᠪᠡᠷ ᠢᠶᠠᠨ ᠬᠠᠳᠬᠤᠮᠠᠯᠴᠢᠨ ᠪᠢᠰᠢ ᠬᠠᠷᠢᠨ ᠶᠡᠭᠡᠴᠤᠳ ᠤᠨ ᠢᠶᠠᠨ ᠬᠤᠸᠠᠷ ᠬᠠᠳᠬᠤᠬᠤ ᠶᠢ ᠯᠠ | ᠬᠠᠷᠠᠵᠦ ᠪᠠᠶᠢᠭᠰᠠᠨ ᠲᠠᠳᠤᠢ᠃ ᠲᠠᠷᠨ ᠮᠦᠷᠳᠡᠭᠡᠨ ᠬᠠᠷᠠᠬᠤ ᠶᠢᠨ ᠲᠠᠳᠤᠢ᠂ ᠬᠠᠶᠢᠡᠭᠭᠤᠳᠠ ᠬᠠᠷᠠᠵᠦ ᠲᠤᠬᠠᠢ ᠶᠢᠨ | ᠦᠶ᠎ᠠ ᠳᠤ ᠨᠢ ᠡ᠊ᠨᠡ ᠨᠢ ᠶᠠᠭᠤ ᠶᠤᠮ᠂ ᠲᠠᠷᠨ ᠨᠢ ᠶᠠᠭᠤ ᠶᠤᠮ ᠭᠡᠵᠦ ᠠᠰᠠᠭᠤᠭᠰᠠᠨ ᠴᠤ ᠦᠭᠡᠢ ᠦᠡᠭᠭᠡᠷᠡᠭᠰᠡᠨ ᠨᠢ | ᠬᠠᠷᠠᠮᠰᠠᠯᠳᠠᠢ᠃ ᠲᠡᠭᠡᠭᠡᠳ ᠤᠳᠤ ᠬᠠᠳᠬᠤᠮᠠᠯ ᠨᠢᠭᠡ ᠲᠠᠰᠤᠷᠠᠵᠦ ᠲᠡᠬᠢᠨ ᠰᠡᠷᠬᠦᠭᠡᠭᠳᠡᠬᠦ ᠳᠤ ᠠᠩᠬᠠᠷᠤᠯ ᠳᠤ ᠪᠠᠨ | ᠠᠪᠴᠤ᠂ ᠦᠡᠭᠭᠡᠷᠡᠭᠰᠡᠨ ᠤ ᠬᠠᠳᠬᠤᠮᠠᠯ ᠪᠠ ᠤᠳᠤ ᠶᠢᠨ ᠬᠠᠳᠬᠤᠮᠠᠯ ᠢ ᠬᠠᠷᠢᠴᠠᠭᠤᠯᠤᠨ ᠦᠵᠡᠵᠦ ᠬᠠᠳᠬᠤᠬᠤ | ᠠᠷᠭ᠎ᠠ ᠶᠢ ᠨᠢ ᠨᠠᠰᠤᠳᠠᠨ ᠪᠤᠭᠤᠷᠤᠯᠴᠤᠳ ᠠᠴᠠ ᠠᠰᠠᠭᠤᠨ ᠰᠤᠷᠪᠤᠯᠵᠢᠯᠠᠭᠰᠠᠨ ᠲᠠᠳᠦ᠋ᠢᠭᠡᠨ᠃ ᠲᠡᠭᠡᠬᠦᠯᠠᠷ ᠨᠢ ᠡ᠊ᠨᠡ | ᠬᠠᠳᠬᠤᠬᠤ ᠠᠷᠭ᠎ᠠ ᠠᠴᠠ ᠤᠠᠳᠤᠤ ᠤᠠᠳᠤᠤ ᠬᠠᠳᠬᠤᠬᠤ ᠠᠷᠭ᠎ᠠ ᠵᠦᠡᠭᠳᠡᠭᠡᠨ ᠪᠠᠶᠢᠬᠤ ᠭᠡᠵᠦ ᠪᠤᠳᠤᠵᠦ ᠪᠠᠶᠢᠨ᠎ᠠ᠃ | ᠬᠠᠳᠬᠤᠮᠠᠯ ᠬᠠᠳᠬᠤᠵᠦ ᠪᠦᠬᠦᠢ ᠤᠷᠠᠨ ᠤᠶᠤᠳᠠᠯᠴᠢᠳ ᠨᠦᠬᠦᠪᠤᠷᠢᠯᠠᠨ ᠪᠢᠴᠢᠵᠦ ᠪᠠᠶᠢᠬᠤ ᠶᠢ ᠬᠦᠰᠠᠶ᠎ᠠ︕ | ᠬᠤᠶᠠᠷ᠂ ᠬᠠᠳᠬᠤᠮᠠᠯ ᠤᠨ ᠰᠤᠶᠤᠯ ᠤᠨ ᠬᠤᠪᠢᠷᠠᠯᠳᠠ | ᠬᠠᠳᠬᠤᠮᠠᠯ ᠤᠨ ᠰᠤᠶᠤᠯ ᠤᠨ ᠬᠤᠪᠢᠷᠠᠯᠳᠠ ᠶᠢᠨ ᠲᠤᠬᠠᠢ ᠭᠡᠯᠡᠬᠦ ᠳᠤ ᠪᠠᠨ ᠡᠶᠢᠮᠦ ᠵᠦᠢᠯ ᠢ ᠲᠤᠳᠤᠷᠠᠭᠤᠯᠤᠮᠠᠷ | ᠪᠠᠶᠢᠨ᠎ᠠ᠃ ᠪᠢ ᠲᠠᠷᠨ ᠵᠢᠯ ︽ᠠᠯᠳᠠᠨ ᠭᠠᠨᠳᠠᠷᠢ︾ ᠶᠢᠨ ᠲᠤᠳᠤᠷ᠎ᠠ᠂ ᠠᠷᠤ ᠨᠢᠭᠤᠷ ᠲᠡᠭᠡᠷ᠎ᠠ ᠨᠢᠭᠡ ᠪᠦᠯᠦᠭ | ᠤᠷᠳᠤᠰ ᠬᠠᠳᠬᠤᠮᠠᠯ ᠢ ᠲᠡᠯᠪᠢᠭ᠌ᠰᠠᠨ ᠪᠢᠯᠨ᠃ ᠢᠡᠭᠬᠢᠵᠦ ᠲᠠᠯᠪᠢᠬᠤ ᠶᠢᠨ ᠲᠦᠯᠦᠭᠡ ᠪᠢ ᠠᠷᠠᠳ ᠤᠨ ᠲᠤᠳᠤᠷ᠎ᠠ | ᠦᠯᠡᠳᠡᠵᠦ ᠪᠠᠶᠢᠭ᠎ᠠ ᠬᠠᠭᠤᠴᠢᠨ ᠬᠠᠳᠬᠤᠮᠠᠯ ᠢ ᠭᠤᠤᠯᠳᠠᠭᠤᠯᠵᠦ ᠤᠳᠤᠬᠢ ᠬᠠᠳᠬᠤᠮᠠᠯ ᠢ ᠴᠤ ᠤᠷᠤᠯᠴᠠᠭᠤᠯᠤᠭᠰᠠᠨ | ᠶᠤᠮ᠃ ᠬᠠᠷᠢᠨ ᠡ᠊ᠨᠡ ᠨᠢᠭᠡ ᠶᠠᠪᠤᠳᠠᠯ ᠠᠴᠠ ᠪᠠᠨ ᠪᠢ ᠬᠠᠭᠤᠴᠢᠨ ᠬᠠᠳᠬᠤᠮᠠᠯ ᠪᠠ ᠰᠢᠨ᠎ᠠ ᠬᠠᠳᠬᠤᠮᠠᠯ ᠦᠰᠤᠳ | ᠤᠠᠳᠤᠤ ᠪᠠᠶᠢᠭ᠎ᠠ ᠶᠢ ᠦᠵᠡᠵᠦ ᠭᠠᠷᠤᠭᠰᠠᠨ ᠪᠤᠯᠪᠠᠴᠤ ᠶᠠᠭᠤᠨ ᠲᠡᠭᠡᠷ᠎ᠠ ᠨᠢ ᠠᠳᠠᠯᠢ ᠦᠭᠡᠢ ᠪᠠᠶᠢᠭ᠎ᠠ ᠶᠢ ᠤᠨᠤᠬᠤ | ᠦᠭᠡᠢ ᠪᠤᠯᠵᠦ ᠭᠠᠶᠢᠬᠠᠭᠰᠠᠨ ᠳᠤ ᠪᠠᠨ ᠤᠯᠠᠨ ᠬᠦᠮᠦᠨ ᠳᠤ ᠦᠵᠡᠬᠦᠯᠵᠦ ᠡ᠊ᠨᠡ ᠰᠢᠯᠳᠠᠭᠠᠨ ᠢ ᠤᠯᠬᠤ ᠪᠠᠷ | ᠴᠢᠷᠮᠠᠶᠢᠪᠠ᠃ ᠡ᠊ᠨᠡ ᠦᠵᠡᠬᠦᠯᠦᠭᠰᠡᠨ ᠬᠦᠮᠦᠰ ᠤᠨ ᠲᠤᠳᠤᠷ᠎ᠠ ᠵᠢᠷᠤᠭᠴᠢᠨ ᠬᠦᠮᠦᠰ ᠴᠤ ᠤᠷᠤᠯᠴᠠᠭᠰᠠᠨ ᠪᠦᠭᠡᠳ | ᠲᠠᠳᠠ ᠵᠢᠷᠤᠭᠴᠢᠨ ᠬᠦᠮᠦᠰ ᠬᠠᠭᠤᠴᠢᠨ ᠬᠠᠳᠬᠤᠮᠠᠯ ᠢ ᠨᠢ ᠦᠵᠡᠭᠰᠡᠨ ᠤ ᠲᠠᠷᠠᠭ᠎ᠠ ᠲᠠᠭᠤ ᠠᠯᠳᠠᠵᠠᠭᠠᠵᠦ᠄ ︽ᠦ᠂ | ᠤᠵᠠᠭᠤᠷ ᠤᠨ ᠮᠤᠩᠭᠤᠯ ᠬᠦᠮᠦᠨ ᠤ ᠭᠡᠷᠡᠭᠯᠡᠵᠦ ᠪᠠᠶᠢᠭᠰᠠᠨ ᠦᠡᠭᠭᠡ ᠡᠶᠢᠮᠦ ᠶᠠᠭᠤᠮ᠎ᠠ ᠪᠠᠶᠢᠵᠠᠢ᠃ ᠲᠡᠭᠡᠷ᠎ᠠ ᠠᠴᠠ ᠨᠢ | ᠡ᠊ᠨᠡ ᠬᠠᠳᠬᠤᠵᠦ ᠭᠠᠷᠭᠠᠭᠰᠠᠨ ᠬᠤᠸᠠᠷ ᠬᠠᠷᠢᠨ ᠪᠤᠰᠤᠭᠠᠯᠵᠢᠨ ᠲᠦᠷᠢ ᠲᠠᠢ ᠬᠠᠷᠠᠭᠳᠠᠳᠠᠭ ᠨᠢ ᠰᠤᠨᠢᠬᠠᠨ | ᠶᠤᠮ︕︾ ᠭᠡᠵᠡᠭᠡᠪᠠ᠃ ᠲᠡᠭᠡᠭᠡᠳ ᠪᠢ ᠨᠢᠭᠡᠳᠦᠭᠡᠷ ᠲᠤ ᠤᠵᠠᠭᠤᠷ ᠤᠨ ᠬᠠᠳᠬᠤᠮᠠᠯ ᠬᠢᠭᠡᠳ ᠤᠳᠤ ᠶᠢᠨ | ᠬᠠᠳᠬᠤᠮᠠᠯ ᠦᠡᠭᠭᠡ ᠶᠢᠨ ᠲᠠᠯ᠎ᠠ ᠪᠠᠷ ᠵᠦᠷᠢᠵᠦ ᠪᠠᠶᠢᠭ᠎ᠠ ᠶᠢ ᠮᠡᠳᠡᠪᠠ᠃ 1. ᠦᠡᠭᠭᠡ ᠶᠢᠨ ᠵᠦᠷᠢᠶ᠎ᠠ᠂ ᠬᠠᠳᠬᠤᠮᠠᠯ | ᠬᠠᠳᠬᠤᠳᠠᠭ ᠬᠦᠮᠦᠨ ᠶᠠᠭᠤᠨ ᠤ ᠡᠮᠦᠨ᠎ᠠ ᠵᠤᠬᠢᠮᠵᠢᠳᠠᠢ ᠵᠠᠢ ᠲᠡᠭᠡᠷ᠎ᠠ ᠭᠡᠷᠬᠢᠨ ᠶᠠᠮᠠᠷ ᠵᠢᠷᠤᠭ ᠢ ᠢᠯᠡᠷᠡᠬᠦᠯᠬᠦ ᠪᠠᠨ | ᠪᠤᠳᠤᠯᠬᠢᠯᠡᠠᠭᠰᠠᠨ ᠤ ᠲᠠᠷᠠᠭ᠎ᠠ ᠦᠡᠭᠭᠡ ᠪᠠᠨ ᠪᠤᠳᠤᠯᠬᠢᠯᠠᠳᠠᠭ ᠶᠤᠮ ᠪᠠᠶᠢᠨ᠎ᠠ᠃ ᠦᠡᠭᠭᠡ ᠳᠤ ᠦᠠᠳᠤᠰᠤᠳᠠᠨ ᠤ | ᠤᠠᠴᠠᠯᠢᠭ᠂ ᠵᠠᠩ ᠲᠠᠳᠬᠠᠯ᠂ ᠰᠤᠶᠤᠯ᠂ ᠠᠮᠢᠳᠤᠷᠠᠯ ᠪᠦᠷ ᠬᠤᠯᠪᠤᠭᠳᠠᠳᠠᠭ ᠪᠤᠯᠬᠤᠷ ᠤᠷᠠᠴᠤᠳ ᠡ᠊ᠨᠡ | ᠡ᠊ᠨᠡ ᠳᠤ ᠪᠠᠨ ᠰᠢᠯᠳᠠᠭᠠᠯᠠᠵᠦ ᠦᠪᠠᠷ ᠤᠨ ᠤᠠᠴᠠᠯᠢᠭ᠂ ᠵᠠᠩ ᠲᠠᠳᠬᠠᠯ᠂ ᠰᠤᠶᠤᠯ᠂ ᠠᠮᠢᠳᠤᠷᠠᠯ ᠳᠤ ᠪᠠᠨ | ᠵᠤᠬᠢᠴᠠᠭᠰᠠᠨ ᠦᠡᠭᠭᠡ ᠶᠢ ᠰᠤᠩᠭᠤᠨ ᠲᠠᠭᠠᠷᠠᠭᠤᠯᠳᠠᠭ ᠪᠠᠶᠢᠵᠠᠢ᠃ ᠲᠠᠯ᠎ᠠ ᠨᠤᠳᠤᠭ ᠢ ᠨᠠᠶᠢᠳᠠᠮ ᠳᠤ ᠨᠢ ᠬᠠᠷᠠᠬᠤ ᠳᠤ | ᠨᠤᠪ ᠨᠤᠭᠤᠭᠠᠨ ᠪᠠᠶᠢᠳᠠᠭ ᠪᠤᠯᠪᠠᠴᠤ ᠠᠰ ᠠᠰ ᠲᠤ ᠨᠢ ᠦᠵᠡᠬᠦ ᠳᠤ ᠡᠯᠳᠡᠪ ᠤᠨ ᠦᠡᠭᠭᠡ ᠪᠠᠷ ᠪᠦᠳᠦᠵᠦ | ᠪᠠᠶᠢᠳᠠᠭ ᠲᠠᠢ ᠠᠳᠠᠯᠢ ᠡᠳᠤᠷᠵᠢᠨ ᠡᠪᠡᠰᠤ ᠤᠷᠭᠤᠮᠠᠯ᠂ ᠴᠡᠴᠡᠭ ᠨᠠᠪᠴᠢ᠂ ᠠᠭᠤᠯᠨ ᠤᠰᠤ ᠪᠠᠨ ᠬᠠᠷᠠᠵᠦ ᠶᠠᠪᠤᠳᠠᠭ | ᠮᠠᠯᠴᠢᠨ ᠬᠦᠮᠦᠨ ᠤ ᠨᠢᠳᠤᠨ ᠳᠤ ᠲᠠᠷᠨ ᠤᠯᠠᠨ ᠦᠡᠭᠭᠡ ᠭᠡᠪ ᠶᠤᠰᠤᠭᠠᠷ ᠢᠶᠠᠨ ᠬᠠᠷᠠᠭᠳᠠᠵᠦ᠂ ᠲᠠᠳᠠ ᠬᠦᠮᠦᠰ ᠲᠠᠷᠨ | ᠬᠠᠷᠠᠭᠳᠠᠭᠰᠠᠨ ᠦᠡᠭᠭᠡ ᠶᠢ ᠭᠡᠪ ᠶᠤᠰᠤᠭᠠᠷ ᠨᠢ ᠭᠠᠷᠭᠠᠬᠤ ᠭᠡᠵᠦ ᠦᠡᠭᠭᠡ ᠰᠤᠩᠭᠤᠳᠠᠭ ᠪᠠᠶᠢᠵᠠᠢ᠃ ᠪᠠᠰᠠ ᠨᠢᠭᠡ ᠨᠢ | ᠮᠤᠩᠭᠤᠯ ᠮᠠᠯᠴᠢᠨ ᠬᠦᠮᠦᠨ ᠠᠰᠪᠤᠷ ᠴᠠᠭᠠᠪᠤᠷ ᠮᠦᠷᠳᠡᠭᠡᠨ ᠪᠤᠷᠤᠭᠵᠢᠭᠤᠨ ᠵᠠᠩ ᠴᠢᠨᠠᠷᠲᠡᠢ ᠪᠤᠯᠬᠤᠷ | ᠬᠤᠸᠠᠷ ᠤᠨ ᠬᠢ ᠨᠢ ᠦᠡᠭᠭᠡ ᠡ᠊ᠨᠡ ᠰᠠᠳᠬᠢᠯᠭᠡ ᠶᠢ ᠨᠢ ᠲᠠᠭᠠᠵᠦ ᠪᠤᠷᠤᠭᠵᠢᠭᠤᠨ ᠠᠳᠠᠯ᠎ᠠ ᠪᠠᠨ ᠦᠵᠡᠰᠬᠦᠯᠠᠩ | ᠪᠠᠶᠢᠵᠦ᠂ ᠤᠯᠠᠮ ᠦᠵᠡᠬᠦ ᠳᠤ ᠤᠯᠠᠮ ᠦᠵᠡᠬᠦᠰᠢᠳᠠᠢ ᠰᠠᠨᠠᠭᠳᠠᠳᠠᠭ ᠪᠠᠶᠢᠨ᠎ᠠ᠃ ᠮᠤᠩᠭᠤᠯ ᠬᠦᠮᠦᠨ ᠬᠤᠪᠴᠠᠰᠤ | ᠡᠮᠦᠰᠬᠦ ᠳᠤ ᠪᠠᠨ ᠴᠤ ᠲᠠᠳᠠ᠂ ᠭᠡᠳᠤᠷᠭᠡᠢ ᠬᠤᠷᠴᠠ ᠰᠤᠨᠤᠷ ᠦᠡᠭᠭᠡ ᠲᠠᠢ ᠲᠤᠷᠭ᠎ᠠ᠂ ᠪᠦᠰ ᠢ ᠡᠮᠦᠰᠳᠡᠭ ᠦᠭᠡᠢ᠂ | ᠬᠠᠷᠢᠨ ᠭᠡᠤᠭᠡᠳ ︵ᠠᠷᠪᠠᠭᠠᠳ ᠨᠠᠰᠤᠨ ᠠᠴᠠ ᠲᠤᠭᠤᠭᠰᠢ︶ ᠯᠠ ᠬᠠᠷᠢᠨ ᠰᠤᠨᠤᠷ ᠦᠡᠭᠭᠡ ᠲᠠᠢ ᠬᠤᠪᠴᠠᠰᠤ | ᠡᠮᠦᠰᠳᠡᠭ ᠶᠤᠮ᠃ ᠬᠠᠷᠢᠨ ᠤᠳᠤᠬᠢ ᠶᠢᠨ ᠬᠦᠮᠦᠰ ᠤᠨ ᠤᠶᠤᠭᠰᠠᠨ ᠬᠠᠳᠬᠤᠮᠠᠯ ᠢ ᠦᠵᠡᠬᠦᠯᠠᠷ ᠠᠯᠢ ᠬᠤᠷᠴᠠ | ᠰᠤᠨᠤᠷ ᠦᠡᠭᠭᠡ ᠶᠢᠨ ᠤᠳᠠᠰᠤ ᠪᠠᠷ ᠬᠠᠳᠬᠤᠭᠰᠠᠨ ᠠᠴᠠ ᠪᠤᠯᠵᠦ ᠬᠠᠳᠬᠤᠵᠦ ᠭᠠᠷᠭᠠᠭᠰᠠᠨ ᠬᠤᠸᠠᠷ ᠨᠢ ᠮᠤᠩᠭᠤᠯ | ᠬᠦᠮᠦᠨ ᠤ ᠤᠠᠴᠠᠯᠢᠭ᠂ ᠰᠠᠳᠬᠢᠬᠦᠢ ᠠᠴᠠ ᠤᠠᠳᠤᠤ ᠪᠤᠯᠴᠢᠬᠠᠵᠦ ᠶᠠᠮᠠᠷ ᠨᠢᠭᠡᠨ ᠭᠡᠪ ᠨᠠᠮᠪᠠ ᠭᠡᠰᠠᠨ ᠶᠠᠭᠤᠮ᠎ᠠ ᠦᠭᠡᠢ | ᠪᠤᠯᠴᠢᠬᠠᠭᠰᠠᠨ ᠪᠠᠶᠢᠨ᠎ᠠ᠃ ᠡ᠊ᠨᠡ ᠲᠤᠬᠠᠢ ᠲᠠᠢ ᠪᠢ ᠲᠡᠳᠡᠭᠡᠷ ᠬᠠᠳᠬᠤᠮᠠᠯᠴᠢᠨ ᠨᠦᠬᠦᠳ ᠲᠠᠢ ᠶᠠᠷᠢᠯᠴᠠᠬᠤᠯᠠᠷ | ᠲᠠᠳᠠᠨ ᠤ ᠭᠡᠯᠡᠭᠰᠡᠨ ᠨᠢ᠂ ᠤᠳᠤ ᠲᠠᠷᠨ ᠦᠡᠭᠭᠡ ᠶᠢᠨ ᠤᠳᠠᠰᠤ ᠤᠯᠳᠠᠬᠤ ᠦᠭᠡᠢ ᠪᠤᠯᠴᠢᠬᠠᠭᠰᠠᠨ᠃ | ᠬᠤᠳᠠᠯᠳᠤᠭᠰᠠᠨ ᠨᠢ ᠪᠦᠷ ᠲᠡᠶᠢᠮᠦ ᠬᠤᠷᠴᠠ ᠦᠡᠭᠭᠡᠳᠠᠢ ᠶᠠᠭᠤᠮᠠᠰ ᠭᠡᠰᠠᠨ ᠬᠠᠷᠢᠭᠤᠯᠳᠠ ᠶᠢ ᠤᠯᠪᠠ᠃ 2. | ᠤᠷᠠᠯᠢᠭ ᠤᠨ ᠵᠦᠷᠢᠶ᠎ᠠ᠂ ᠬᠠᠳᠬᠤᠮᠠᠯ ᠬᠠᠳᠬᠤᠬᠤ ᠰᠤᠶᠤᠯ ᠨᠢᠭᠡ ᠦᠶ᠎ᠠ ︵ᠪᠠᠷᠤᠭ 30~40 ᠵᠢᠯ︶ | ᠲᠠᠰᠤᠯᠤᠭᠳᠠᠭᠰᠠᠨ ᠠᠴᠠ ᠲᠠᠷᠨ ᠦᠶᠠᠰ ᠤᠨ ᠤᠷᠠᠯᠠᠨ ᠬᠠᠳᠬᠤᠬᠤ ᠮᠡᠷᠭᠡᠵᠢᠯ ᠤᠯᠠᠮᠵᠢᠯᠠᠭᠳᠠᠨ ᠢᠷᠡᠭᠰᠡᠨ ᠦᠭᠡᠢ | ᠪᠤᠯᠴᠢᠬᠠᠵᠠᠢ᠃ ᠤᠳᠤ ᠶᠢᠨ ᠬᠦᠮᠦᠰ ᠭᠡᠳᠦ᠋ᠢᠪᠠᠷ ᠭᠡᠳᠤᠨ ᠵᠦᠢᠯ ᠤᠨ ᠬᠠᠳᠬᠤᠬᠤ ᠠᠷᠭ᠎ᠠ ᠶᠢ ᠮᠡᠳᠡᠵᠦ ᠪᠠᠶᠢᠳᠠᠭ | ᠪᠤᠯᠪᠠᠴᠤ ᠡ᠊ᠨᠡ ᠠᠷᠭ᠎ᠠ ᠪᠠᠨ ᠠᠯᠢ ᠠᠯᠢᠨ ᠲᠡᠭᠡᠷ᠎ᠠ ᠨᠢ ᠠᠮᠢᠳᠤᠯᠢᠭ ᠢᠶᠠᠷ ᠤᠯᠠᠷᠢᠭᠤᠯᠤᠨ ᠭᠡᠷᠡᠭᠯᠡᠬᠦ ᠤᠷ᠎ᠠ ᠮᠡᠷᠭᠡᠵᠢᠯ | ᠲᠤᠳᠠᠭᠤᠳᠠᠵᠦ ᠬᠠᠪᠳᠠᠭᠠᠢᠢᠷᠠᠭᠰᠠᠨ ᠲᠦᠷᠢ ᠪᠦᠬᠦᠢ ᠵᠢᠷᠤᠭ ᠲᠦᠷᠰᠤ ᠶᠢ ᠬᠠᠳᠬᠤᠵᠦ ᠪᠠᠶᠢᠨ᠎ᠠ᠃ ᠮᠢᠨᠤ ᠭᠠᠷ ᠲᠤ | ᠮᠢᠨᠤ ᠮᠦᠮᠦ ᠨᠠᠳᠠ ᠳᠤ ᠦᠭᠬᠦᠭᠰᠡᠨ ᠨᠢᠭᠡ ᠭᠡᠤᠭᠡᠳ ᠤᠨ ᠬᠦᠬᠦᠦᠷ ᠲᠠᠯᠢᠩ ᠪᠠᠶᠢᠳᠠᠭ᠃ ᠲᠠᠷᠨ ᠬᠦᠬᠦᠦᠷ ᠲᠠᠯᠢᠩ ᠢ | ᠬᠠᠳᠬᠤᠭᠰᠠᠨ ᠤᠳᠠᠰᠤᠨ ᠦᠡᠭᠭᠡ ᠶᠢᠰᠤᠨ ᠦᠡᠭᠭᠡ ᠪᠤᠢ᠃ ᠭᠡᠳᠤᠨ ᠵᠦᠢᠯ ᠤᠨ ᠬᠠᠳᠬᠤᠬᠤ ᠠᠷᠭ᠎ᠠ ᠶᠢ ᠵᠤᠬᠢᠰᠳᠠᠢ | ᠤᠯᠠᠷᠢᠭᠤᠯᠤᠨ ᠭᠡᠷᠡᠭᠯᠡᠵᠦ ᠤᠳᠠᠰᠤᠨ ᠤ ᠪᠠᠨ ᠦᠡᠭᠭᠡ ᠶᠢ ᠨᠢᠭᠡ ᠴᠡᠴᠡᠭ ᠤᠨ ᠲᠠᠯᠪᠢ ᠪᠤᠶᠤ ᠨᠢᠭᠡ ᠨᠠᠪᠴᠢᠨ ᠲᠡᠭᠡᠷ᠎ᠠ | ᠭᠡᠳᠤ ᠭᠡᠳᠤᠨ ᠦᠡᠭᠭᠡ ᠶᠢ ᠵᠤᠬᠢᠷᠠᠬᠤ ᠪᠠᠷ ᠨᠢ ᠲᠠᠭᠠᠷᠠᠭᠤᠯᠵᠦ᠂ ᠲᠡᠬᠦᠨ ᠢᠶᠠᠷ ᠢᠶᠠᠨ ᠲᠡᠮᠵᠢᠭᠤᠯᠤᠨ ᠨᠠᠷᠨ ᠲᠤᠰᠴᠤ | ᠪᠠᠶᠢᠭ᠎ᠠ ᠲᠠᠯ᠎ᠠ ᠪᠤᠶᠤ ᠨᠠᠷᠠ ᠲᠤᠰᠴᠤ ᠦᠭᠡᠢ ᠰᠠᠬᠦᠳᠠᠷ ᠲᠠᠯ᠎ᠠ ᠶᠢ ᠨᠢ ᠭᠠᠷᠭᠠᠵᠦ ᠲᠡᠶᠢᠯᠦᠭᠰᠡᠨ ᠢᠶᠠᠷ ᠪᠠᠷᠠᠬᠤ ᠦᠭᠡᠢ | ᠵᠠᠷᠢᠮ ᠭᠠᠵᠠᠷ ᠨᠢ ᠲᠤᠬᠤᠵᠦ ᠤᠶᠤᠬᠤ ᠠᠷᠭ᠎ᠠ ᠪᠠᠷ ᠵᠢᠷᠤᠭ ᠢᠶᠠᠨ ᠪᠤᠰᠤᠭᠠᠯᠵᠢᠨ ᠲᠦᠷᠢ ᠲᠠᠢ ᠪᠤᠯᠭᠠᠭᠰᠠᠨ ᠠᠴᠠ | ᠬᠤᠯᠨ ᠠᠴᠠ ᠬᠠᠷᠠᠬᠤ ᠳᠤ ᠠᠮᠢᠳᠤ ᠴᠡᠴᠡᠭ ᠶᠤᠮ ᠰᠢᠭ᠋ ᠬᠠᠷᠠᠭᠳᠠᠵᠦ ᠪᠠᠶᠢᠨ᠎ᠠ᠃ 3. ᠤᠳᠠᠰᠤ ᠵᠡᠬᠦᠦ ᠵᠠᠷᠤᠬᠤ | ᠵᠦᠷᠢᠶ᠎ᠠ᠂ ᠤᠵᠠᠭᠤᠷ ᠤᠨ ᠬᠦᠮᠦᠰ ᠤᠨ ᠭᠡᠷᠡᠭᠯᠡᠵᠦ ᠪᠠᠶᠢᠭᠰᠠᠨ ᠵᠡᠬᠦᠦ᠂ ᠤᠳᠠᠰᠤ ᠤᠳᠤ ᠤᠯᠳᠠᠬᠤ ᠪᠠᠨ ᠪᠠᠶᠢᠴᠢᠬᠠᠪᠠ | ᠭᠡᠭᠴᠢ ᠨᠢ ᠦᠨᠠᠨ ᠶᠤᠮ ᠪᠠᠶᠢᠨ᠎ᠠ᠃ ᠮᠢᠨᠤ ᠰᠠᠨᠠᠭᠠᠨ ᠳᠤ ᠪᠠᠶᠢᠬᠤ ᠪᠠᠷ ᠤᠵᠠᠭᠤᠷ ᠤᠨ ᠬᠤᠸᠠᠷ ᠤᠨ ᠵᠠᠬᠦᠦ | ᠭᠡᠭᠴᠢ ᠨᠢ ᠨᠢᠭᠡ ᠢᠮᠠᠬᠤ ᠬᠦᠷᠬᠦ ᠦᠭᠡᠢ ᠤᠷᠳᠤ᠂ ᠭᠠᠭ᠋ᠠᠢ ᠶᠢᠨ ᠵᠤᠭᠳᠤᠷ ᠤᠨ ᠬᠢᠷᠢᠳᠠᠢ ᠪᠦᠳᠦᠬᠦᠨ ᠵᠡᠬᠦᠦ ᠶᠢ | ᠲᠠᠶᠢᠯᠠᠭᠤᠷ ᠮᠠᠶᠢᠮᠠᠢ ᠠᠴᠠ ᠠᠪᠳᠠᠭ ᠯᠠ ᠪᠠᠶᠢᠭᠰᠠᠨ᠃ ᠤᠳᠠᠰᠤ ᠨᠢ ᠭᠡᠬᠦᠯᠠᠷ ᠴᠢᠩᠭ᠎ᠠ ᠲᠡᠮᠤᠭᠰᠠᠨ᠂ ᠰᠠᠶᠢᠬᠠᠨ | ᠬᠦᠯᠢᠢᠭᠰᠡᠨ ᠮᠢᠠᠳᠠᠰᠤᠨ ᠤᠳᠠᠰᠤ ᠨᠤᠭᠤᠳ ᠪᠠᠶᠢᠭᠰᠠᠨ᠃ ᠲᠠᠷᠨ ᠤᠳᠠᠰᠤ ᠶᠢ ᠬᠢᠷᠢ ᠨᠢ ᠵᠠᠷᠤᠬᠤ ᠳᠤ ᠪᠠᠨ | ᠭᠡᠷᠡᠭᠴᠡᠭᠡ ᠪᠠᠷ ᠢᠶᠠᠨ ᠰᠠᠯᠭᠠᠵᠦ᠂ ᠲᠠᠷᠨ ᠰᠠᠯᠭᠠᠭᠰᠠᠨ ᠤᠳᠠᠰᠤ ᠪᠠᠨ ᠰᠠᠷᠢᠮᠰᠠᠭ ᠲᠦᠷᠬᠢᠬᠦ ᠪᠤᠶᠤ ᠡᠰᠠᠬᠦᠯ᠎ᠠ | ᠠᠮᠠᠨ ᠳᠤ ᠪᠠᠨ ᠮᠦᠰᠦᠨ ᠰᠢᠬᠢᠷ ᠡᠮᠬᠦᠵᠦ ᠪᠠᠶᠢᠨ ᠪᠠᠶᠢᠨ ᠤᠳᠠᠰᠤ ᠪᠠᠨ ᠨᠤᠷᠭᠠᠵᠦ ᠤᠶᠤᠳᠠᠭ᠃ ᠢᠡᠭᠬᠢᠵᠦ | ᠪᠠᠶᠢᠬᠤ ᠨᠢ ᠤᠳᠠᠰᠤ ᠪᠠᠨ ᠨᠢᠭᠳᠠᠷᠠᠭᠤᠯᠵᠦ ᠬᠦᠯᠢᠩ ᠪᠤᠯᠭᠠᠬᠤ ᠶᠢᠨ ᠲᠦᠯᠦᠭᠡ ᠪᠠᠶᠢᠳᠠᠭ᠃ ᠪᠠᠰᠠ ᠵᠡᠬᠦᠦ ᠶᠢᠨ ᠢᠶᠠᠨ | ᠬᠠᠳᠬᠤᠭᠰᠠᠨ ᠭᠠᠵᠠᠷ ᠢ ᠨᠢᠭᠤᠵᠦ ᠪᠠᠶᠢᠳᠠᠭ ᠠᠴᠠ ᠲᠠᠷᠨ ᠬᠤᠸᠠᠷ ᠨᠢ ᠲᠠᠠᠳᠠ ᠬᠠᠳᠬᠤᠭᠰᠠᠨ ᠪᠢᠰᠢ ᠬᠠᠷᠢᠨ | ᠠᠶᠠᠠᠳᠠᠭᠠᠨ ᠪᠦᠳᠦᠴᠢᠭᠡᠭᠰᠡᠨ ᠰᠢᠭ ᠯᠠ ᠪᠠᠶᠢᠳᠠᠭ᠃ ᠤᠳᠤᠬᠢ ᠶᠢᠨ ᠬᠤᠸᠠᠷ ᠤᠨ ᠵᠡᠬᠦᠦ ᠵᠢᠴᠢ ᠤᠳᠠᠰᠤᠨ ᠳᠤ ᠨᠢ | ᠬᠤᠪᠢᠷᠠᠯᠳᠠ ᠭᠠᠷᠴᠤ᠂ ᠵᠡᠬᠦᠦ ᠨᠢ ᠪᠦᠳᠦᠬᠦᠨ ᠤᠷᠳᠤ᠂ ᠤᠳᠠᠰᠤ ᠨᠢ ᠪᠦᠳᠦᠬᠦᠨ᠂ ᠰᠤᠯᠨ ᠮᠦᠷᠳᠡᠭᠡᠨ ᠦᠰᠦᠯᠢᠭ | ᠪᠤᠯᠬᠤᠷ ᠤᠶᠤᠵᠦ ᠭᠠᠷᠭᠠᠭᠰᠠᠨ ᠬᠤᠸᠠᠷ ᠨᠢ ᠪᠠᠷᠵᠠᠭᠠᠷ ᠬᠠᠷᠠᠭᠳᠠᠵᠦ ᠪᠠᠶᠢᠨ᠎ᠠ᠃ ᠵᠡᠬᠦᠦ ᠶᠢᠨ ᠢᠶᠠᠨ ᠮᠦᠷ ᠢ ᠨᠢᠭᠤᠵᠦ | ᠴᠢᠳᠠᠭᠰᠠᠨ ᠦᠭᠡᠢ ᠠᠴᠠ ᠪᠤᠯᠵᠦ ᠡᠪ ᠬᠠᠪᠤ ᠦᠭᠡᠢ ᠬᠠᠷᠠᠭᠳᠠᠳᠠᠭ ᠪᠤᠯᠵᠠᠢ᠃ | ᠬᠤᠪᠢᠷᠠᠯᠳᠠ ᠶᠢᠨ ᠲᠤᠬᠠᠢ ᠮᠢᠨᠤ ᠦᠵᠡᠵᠦ ᠭᠠᠷᠤᠭᠰᠠᠨ ᠨᠢ ᠮᠦᠨ ᠡᠳᠦ᠋ᠢᠭᠡᠨ᠃ ᠭᠠᠭᠴᠠ ᠵᠡᠬᠦᠦ ᠬᠠᠳᠬᠤᠵᠦ | ᠴᠢᠳᠠᠬᠤ ᠦᠭᠡᠢ ᠪᠠᠶᠢᠵᠦ ᠡᠶᠢᠮᠦ ᠤᠯᠠᠨ ᠢ ᠭᠡᠯᠡᠭᠰᠡᠨ ᠳᠤ ᠪᠠᠨ ᠵᠢᠭᠠᠬᠠᠨ ᠢᠴᠢᠩᠬᠦᠷᠡᠵᠦ ᠤᠯᠳᠤᠢ ᠵᠤᠬᠢᠶᠠᠯ ᠢᠶᠠᠨ | ᠲᠡᠬᠦᠰᠭᠡᠶᠠ᠃ ᠭᠡᠬᠦᠯᠠᠷ ᠬᠢᠳᠠᠳ ᠤᠨ ᠦᠭᠡᠨ ᠳᠤ ︽ᠴᠢᠯᠠᠭᠤ ᠶᠢ ᠰᠢᠳᠠᠵᠦ ᠬᠠᠰ ᠢ ᠬᠠᠶᠢᠬᠤ︾ ᠭᠡᠳᠡᠭ ᠤᠨ | ᠪᠠᠷᠢᠯᠭ᠎ᠠ ᠪᠠᠷ ᠲᠠᠷᠨ ᠵᠤᠷᠢᠯᠭ᠎ᠠ ᠳᠤ ᠬᠦᠷᠴᠤ ᠲᠡᠶᠢᠯᠪᠠᠯ ᠤᠷᠳᠤᠰ ᠮᠤᠩᠭᠤᠯ ᠬᠠᠳᠬᠤᠮᠠᠯ ᠤᠨ ᠰᠤᠶᠤᠯ ᠳᠤ ᠬᠤᠪᠢ | ᠨᠠᠮᠠᠷᠢ ᠪᠠᠨ ᠦᠵᠡᠬᠦᠯᠴᠢᠭᠡᠪᠠ ᠭᠡᠭᠴᠢ ᠨᠢ ᠲᠠᠷᠨ ᠡ︕ |