ᠤᠷᠳᠤᠰ ᠤᠷᠠᠨ ᠬᠠᠳᠬᠤᠮᠠᠯ ᠤᠨ ᠲᠤᠬᠠᠢ ᠲᠤᠷᠰᠢᠨ ᠦᠬᠦᠯᠡᠬᠦ ᠨᠢ
ᠨᠡᠶᠢᠲᠡᠯᠡᠭᠰᠡᠨ ᠴᠠᠭ᠄
2018/7/25
ᠮ᠊᠂ ᠬᠠᠰᠪᠠᠭᠠᠨ᠎ᠠ                  ᠤᠷᠳᠤᠰ ᠤᠷᠠᠨ ᠬᠠᠳᠬᠤᠮᠠᠯ ᠤᠨ ᠲᠤᠬᠠᠢ ᠲᠤᠷᠰᠢᠨ ᠦᠬᠦᠯᠡᠬᠦ ᠨᠢ     ᠬᠦᠮᠦᠨ ᠲᠦᠷᠦᠯᠬᠢᠳᠠᠨ ᠤ ᠭᠡᠵᠢᠶ᠎ᠠ ᠠᠴᠠ ᠡᠬᠢᠯᠠᠵᠦ ᠬᠤᠪᠴᠠᠰᠤ ᠡᠮᠦᠰᠬᠦ ᠪᠤᠯᠤᠭᠰᠠᠨ ᠤ ᠲᠤᠬᠠᠢ ᠲᠠᠢ ᠡᠷᠳᠠᠮᠳᠠᠳ ᠤᠨ ᠦᠵᠡᠬᠦ ᠪᠠᠷ᠂ ᠬᠦᠮᠦᠨ ᠲᠦᠷᠦᠯᠬᠢᠳᠠᠨ ᠭᠠᠯ ᠢ ᠭᠡᠷᠡᠭᠯᠡᠵᠦ ᠴᠢᠳᠠᠬᠤ ᠪᠤᠯᠤᠭᠰᠠᠨ‌ᠡᠴᠠ ᠬᠤᠶᠢᠰᠢ ᠲᠠᠭᠠᠷᠠᠮᠠᠳᠠᠭᠠᠢ ᠪᠤᠯᠵᠦ ᠡᠬᠢᠯᠠᠨ ᠬᠤᠪᠴᠠᠰᠤ ᠲᠠᠢ ᠪᠤᠯᠤᠭᠰᠠᠨ ᠭᠡᠵᠦ ᠭᠡᠯᠡᠭᠰᠡᠨ ᠨᠢ ᠨᠠᠯᠢᠶᠠᠳ ᠤᠨᠤᠪᠴᠢᠳᠠᠢ ᠪᠠᠶᠢᠨ᠎ᠠ᠃     ᠡᠷᠳᠠᠮᠳᠠᠳ ᠤᠨ ᠰᠤᠳᠤᠯᠤᠭᠰᠠᠨ ᠢᠶᠠᠷ ᠬᠦᠮᠦᠨ ᠲᠦᠷᠦᠯᠬᠢᠳᠠᠨ ᠠᠩᠬᠠᠯᠠᠵᠦ ᠪᠠᠶ᠎ᠠ ᠶᠢᠨ ᠲᠤᠯᠠᠭᠠᠨ ᠢᠶᠠᠨ ᠲᠡᠩᠴᠡᠬᠦᠯᠬᠦ ᠭᠡᠵᠦ ᠬᠤᠪᠴᠠᠰᠤ ᠲᠠᠢ ᠪᠤᠯᠤᠭᠰᠠᠨ ᠨᠢ ᠬᠤᠪᠴᠠᠰᠤ ᠡᠮᠦᠰᠭᠡᠯ ᠤᠨ ᠰᠤᠶᠤᠯ ᠡᠬᠢᠯᠠᠵᠦ ᠪᠤᠢ ᠪᠤᠯᠤᠭᠰᠠᠨ ᠪᠤᠯᠪᠠᠴᠤ ᠲᠠᠷᠨ ᠦᠶ᠎ᠠ ᠳᠤ ᠵᠦᠪᠭᠡᠨ ᠠᠷᠢᠶᠠᠳᠠᠨ ᠤ ᠠᠷᠠᠰᠤ ᠬᠦᠷᠦᠰᠤ᠂ ᠮᠤᠳᠤᠨ ᠲᠤᠷᠤᠰᠤ᠂ ᠨᠠᠪᠴᠢ ᠪᠠᠷ ᠬᠦᠢᠳᠠᠨ ᠬᠠᠯᠠᠭᠤᠨ ᠢ ᠬᠠᠯᠬᠠᠯᠠᠬᠤ ᠶᠢᠨ ᠲᠠᠳᠤᠢ ᠪᠠᠶᠢᠭᠰᠠᠨ ᠢᠶᠠᠨ ᠰᠠᠬᠦᠯᠳᠠᠵᠦ ᠢᠷᠡᠬᠦ ᠳᠤ ︽ᠢᠴᠢᠬᠦᠷᠢ︾ ᠪᠠᠨ ᠬᠠᠯᠬᠠᠯᠠᠬᠤ ᠠᠭᠤᠯᠭ᠎ᠠ ᠨᠡᠮᠡᠭᠳᠡᠯ᠎ᠠ ᠭᠡᠵᠦ ᠰᠤᠳᠤᠯᠵᠠᠭᠠᠭᠰᠠᠨ ᠨᠢ ᠮᠦᠨ ᠵᠦᠪ ᠦᠭᠡ ᠪᠠᠶᠢᠨ᠎ᠠ᠃ ᠢᠴᠢᠬᠦ ᠪᠠᠨ ᠮᠡᠳᠡᠭᠰᠠᠨ ᠤ ᠲᠠᠷᠠᠭ᠎ᠠ ᠭᠤᠶᠤᠯᠠᠬᠤ ᠪᠠᠨ ᠮᠡᠳᠡᠬᠦ ᠨᠢ ᠪᠤᠯ ᠭᠡᠯᠡᠯᠭᠡᠨ ᠦᠭᠡᠢ ᠭᠡᠷᠡᠭ᠃ ᠲᠡᠭᠡᠭᠰᠡᠨ ᠳᠤ ᠪᠠᠨ ᠡᠷᠳᠠᠮᠳᠠᠳ ᠤᠨ ᠭᠡᠯᠡᠭᠰᠡᠨ ︽ᠤᠳᠤ ᠠᠴᠠ 4 ᠲᠦᠮᠠᠨ ᠵᠢᠯ ᠤᠨ ᠡᠮᠦᠨ᠎ᠠ ᠮᠤᠩᠭᠤᠯ ᠤᠨ ᠦᠡᠳᠦᠷᠯᠢᠭ ᠤᠨ ᠪᠠᠯᠠᠷ ᠡᠷᠳᠠᠨ ᠤ ᠰᠤᠶᠤᠯ ︿ᠰᠢᠨ᠎ᠠ ᠬᠦᠮᠦᠨ﹀ ᠤ ᠱᠠᠳᠤᠨ ᠳᠤ ᠲᠠᠪᠰᠢᠨ ᠤᠷᠤᠪᠠ︾ ᠭᠡᠵᠦ ᠮᠠᠭᠠᠳᠯᠠᠭᠰᠠᠨ ᠪᠦᠭᠡᠳ ︽ᠲᠠᠳᠠ ᠨᠠᠷ ᠨᠢᠭᠡᠨᠳᠠ ᠵᠢᠷᠤᠬᠤ᠂ ᠰᠠᠶᠢᠯᠬᠦ ᠤᠷ᠎ᠠ ᠲᠠᠷᠬ᠎ᠠ ᠶᠢ ᠡᠵᠡᠮᠰᠢᠭᠰᠡᠨ ᠪᠦᠭᠡᠳ ᠭᠤᠸ᠎ᠠ ᠰᠠᠶᠢᠬᠠᠨ ᠢ ᠡᠷᠬᠢᠮᠯᠡᠬᠦ ᠠᠩᠬᠠᠨ ᠤ ᠦᠵᠠᠯᠳᠠ ᠲᠠᠢ ᠪᠤᠯᠤᠭᠰᠠᠨ ᠢ ᠮᠠᠳᠠᠵᠦ ᠪᠤᠯᠤᠨ᠎ᠠ︾᠂ ︽ᠰᠢᠨ᠎ᠠ ᠬᠦᠮᠦᠨ ᠤ ᠤᠶᠤᠨ ᠤ ᠠᠮᠢᠳᠤᠷᠠᠯ ᠤᠨ ᠴᠢᠬᠤᠯᠨ ᠨᠢᠭᠡ ᠲᠠᠪᠰᠢᠯᠳᠠ ᠭᠡᠪᠠᠯ ᠲᠠᠳᠠ  ᠬᠤᠪᠴᠠᠰᠤ ᠬᠤᠨᠠᠷ ᠢ ᠵᠦᠪᠭᠡᠨ ᠭᠡᠷᠡᠭᠴᠡᠭᠡ ᠶᠢᠨ ᠲᠠᠳᠤᠢ ᠦᠵᠡᠬᠦ ᠪᠢᠰᠢ᠂ ᠲᠡᠬᠦᠨ ᠢ ᠭᠤᠶᠤᠵᠦ ᠴᠢᠮᠡᠬᠦ ᠵᠦᠢᠯ ᠢᠶᠠᠷ ᠦᠵᠡᠬᠦ ᠪᠤᠯᠵᠠᠢ︾ ᠭᠡᠵᠦ ᠰᠤᠳᠤᠯᠵᠠᠭᠠᠭᠰᠠᠨ ᠪᠠᠶᠢᠨ᠎ᠠ᠃     ᠡᠬᠦᠨ ᠤ ᠲᠠᠷᠠᠭ᠎ᠠ ᠲᠦᠮᠠ ᠭᠠᠷᠤᠢ ᠵᠢᠯ ᠤᠨ ᠡᠮᠦᠨ᠎ᠠ ᠰᠢᠨ᠎ᠠ ᠴᠢᠯᠠᠭᠤᠨ ᠵᠡᠪᠰᠡᠭ ᠤᠨ ᠦᠶ᠎ᠠ ᠪᠤᠯᠬᠤ ᠳᠤ ᠬᠦᠮᠦᠰ ᠤᠨ ᠴᠢᠳᠠᠪᠤᠷᠢ ᠨᠠᠩ ᠲᠡᠭᠡᠭᠰᠢᠯᠡᠵᠦ᠂ ᠭᠤᠸ᠎ᠠ ᠰᠠᠶᠢᠬᠠᠨ ᠤ ᠦᠵᠠᠯᠳᠠ ᠨᠠᠩ ᠦᠠᠳᠤᠷ ᠪᠤᠯᠤᠨ ᠨᠢᠭᠡᠨᠳᠠ ᠪᠠᠶ᠎ᠠ ᠪᠠᠨ ᠵᠠᠰᠠᠨ ᠴᠢᠮᠡᠭᠯᠡᠬᠦ ᠭᠡᠮᠵᠢᠶᠠᠨ ᠳᠤ ᠬᠦᠷᠦᠭᠰᠡᠨ ᠪᠠᠶᠢᠨ᠎ᠠ᠃ ᠲᠠᠳᠠ ᠴᠢᠯᠠᠭᠤ᠂ ᠶᠠᠰᠤ᠂ ᠡᠪᠡᠷ ᠢᠶᠠᠷ ᠪᠠᠭᠤᠪᠴᠢ᠂ ᠰᠤᠠᠳᠤᠷ ᠬᠢᠬᠦ ᠪᠤᠯᠤᠭᠰᠠᠨ ᠢᠶᠠᠷ ᠦᠵᠠᠪᠠᠯ ᠲᠠᠳᠠ ᠨᠢᠭᠡᠨᠳᠠ ᠡᠷᠳᠠ ᠪᠤᠢ ᠪᠤᠯᠤᠭᠰᠠᠨ ᠤᠶᠤᠬᠤ ᠰᠤᠶᠤᠯ ᠳᠤ ᠪᠠᠨ ᠪᠠᠶ᠎ᠠ ᠪᠠᠨ ᠴᠢᠮᠡᠭᠯᠡᠬᠦ ᠵᠦᠢᠯ — ᠲᠠᠷᠤᠢ ᠬᠠᠳᠬᠤᠮᠠᠯ ᠤᠨ ᠰᠤᠶᠤᠯ ᠢ ᠨᠢᠭᠡᠨᠳᠠ ᠪᠤᠢ ᠪᠤᠯᠭᠠᠭᠰᠠᠨ ᠭᠡᠵᠦ ᠮᠠᠭᠠᠳᠯᠠᠬᠤ ᠳᠤ ᠪᠤᠷᠤᠭᠤᠳᠠᠬᠤ ᠦᠭᠡᠢ ᠪᠠᠶᠢᠬ᠎ᠠ᠃ ᠮᠢᠨᠤ ᠪᠤᠳᠤᠬᠤ ᠪᠠᠷ ᠶᠠᠮᠠᠷ ᠨᠢᠭᠡ ᠰᠤᠶᠤᠯ ᠪᠤᠢ ᠪᠤᠯᠤᠭᠰᠠᠨ ᠤ ᠲᠠᠷᠠᠭ᠎ᠠ ᠲᠠᠰᠤᠷᠠᠯᠳᠠ ᠦᠭᠡᠢ ᠬᠦᠭᠵᠢᠵᠦ᠂ ᠦᠭᠡᠷᠡᠴᠢᠯᠡᠭᠳᠡᠵᠦ᠂ ᠬᠤᠪᠢᠷᠠᠵᠦ᠂ ᠵᠠᠷᠢᠮ ᠳᠤ ᠪᠠᠨ ᠲᠠᠰᠤᠯᠤᠭᠳᠠᠵᠦ᠂ ᠲᠠᠰᠤᠯᠤᠭᠳᠠᠭᠰᠠᠨ ᠤ ᠲᠠᠷᠠᠭ᠎ᠠ ᠲᠡᠬᠢᠨ ᠵᠠᠯᠭᠠᠭᠳᠠᠵᠦ᠂ ᠵᠠᠯᠭᠠᠭᠳᠠᠬᠤ ᠶᠢᠨ ᠲᠤᠮᠳᠠ ᠪᠠᠨ ᠲᠡᠬᠢᠨ ᠨᠠᠶᠢᠭᠡᠮ ᠠᠬᠤᠢ ᠶᠢᠨ ᠭᠡᠷᠡᠭᠴᠡᠭᠡᠨ ᠳᠤ ᠲᠤᠬᠢᠷᠠᠯᠴᠠᠨ ᠦᠭᠡᠷᠡᠴᠢᠯᠡᠭᠳᠡᠨ᠂ ᠬᠤᠪᠢᠷᠠᠵᠦ᠂ ᠨᠡᠮᠡᠭᠳᠡᠵᠦ ᠪᠠᠶᠢᠳᠠᠭ ᠴᠤ ᠶᠤᠮ ᠤᠤ ᠳ᠋ᠠ᠃ ᠡ᠊ᠨᠡ ᠦᠵᠠᠯᠳᠠ ᠶᠢᠨ ᠢᠶᠠᠨ ᠲᠤᠬᠠᠢ ᠲᠡᠶᠢᠯᠪᠤᠷᠢ ᠬᠢᠪᠠᠯ᠄ ᠵᠢᠱᠢᠶᠡᠯᠡᠪᠡᠯ᠂ ᠤᠷᠳᠤᠰ ᠤᠨ ᠢᠳᠡᠭᠡᠨ ᠤᠮᠳᠠᠭᠠᠨ ᠤ ᠰᠤᠶᠤᠯ᠂ ᠡᠮᠦᠰᠭᠡᠯ ᠵᠡᠬᠦᠭᠡᠯ ᠤᠨ ᠰᠤᠶᠤᠯ᠂ ︽ᠰᠤᠶᠤᠯ ᠤᠨ ᠬᠤᠪᠢᠰᠬᠠᠯ︾ ᠭᠡᠰᠠᠨ ᠠᠷᠪᠠᠨ ᠵᠢᠯ ᠤᠨ ᠰᠠᠮᠠᠭᠤᠷᠠᠯ ᠠᠴᠠ ᠡᠮᠦᠨ᠎ᠠ ᠤᠷᠳᠤᠰ ᠨᠤᠳᠤᠭ ᠲᠤ ᠦᠪᠠᠷ ᠤᠨ ᠭᠡᠬᠦ ᠢᠳᠡᠭᠡᠨ ᠤᠮᠳᠠᠭᠠᠨ ᠤ ᠰᠤᠶᠤᠯ᠂ ᠬᠤᠪᠴᠠᠰᠤ ᠡᠮᠦᠰᠭᠡᠯ ᠤᠨ ᠬᠠᠮᠤᠭ ᠤᠨ ᠦᠠᠳᠤᠰᠤᠨ ᠰᠤᠶᠤᠯ ᠪᠠᠶᠢᠭᠰᠠᠨ᠃ ᠲᠡᠬᠦᠨ ᠢᠶᠠᠨ ︽ᠬᠠᠭᠤᠴᠢᠨ ᠢ ᠡᠪᠳᠡᠵᠦ᠂ ᠰᠢᠨ᠎ᠠ ᠶᠢ ᠪᠠᠶᠢᠭᠤᠯᠬᠤ︾ ᠨᠠᠷ᠎ᠠ ᠪᠠᠷ ᠪᠦᠷᠢᠮᠦᠰᠤᠨ ᠡᠪᠳᠡᠵᠦ᠂ ᠵᠠᠷᠢᠮ ᠬᠦᠮᠦᠨ ᠮᠢᠬ᠎ᠠ ᠶᠢ ᠪᠦᠬᠦᠯᠢ ᠦᠶ᠎ᠠ ᠪᠠᠷ ᠨᠢ ᠴᠢᠨᠠᠵᠦ ᠢᠳᠡᠬᠦ ᠠᠴᠠ ᠬᠦᠷᠳᠠᠯ᠎ᠠ ᠠᠶᠤᠭᠰᠠᠨ ᠴᠠᠭ ᠦᠨᠡᠭᠡᠷ ᠢᠷᠡᠭᠰᠡᠨ ᠪᠢᠯᠠ᠃ 1958 ᠤᠨ ᠠᠴᠠ ᠬᠤᠶᠢᠰᠢ ᠬᠦᠮᠦᠰ ᠤᠷᠳᠤ ᠬᠤᠪᠴᠠᠰᠤ ᠡᠮᠦᠰᠬᠦ ᠪᠠᠨ ᠪᠤᠯᠢᠵᠦ᠂ ᠪᠦᠰᠡᠬᠦ᠋ᠢᠴᠤᠳ ᠨᠢ ᠲᠤᠯᠤᠭᠠᠢ ᠶᠢᠨ ᠵᠡᠬᠦᠭᠡ ᠪᠠᠨ ︽ᠦᠬᠦᠮᠠᠯ ᠡᠳ᠋ ᠢ ᠠᠮᠢᠳᠤ ᠡᠷᠳᠠᠨᠢ ᠪᠤᠯᠭᠠᠬᠤ︾ ᠭᠡᠰᠠᠨ ᠤᠷᠢᠶᠠᠯᠠᠭ᠎ᠠ ᠶᠢ ᠲᠠᠭᠠᠵᠦ ᠭᠡᠳᠤᠨ ᠠᠷᠪᠠᠨ ᠲᠦᠬᠦᠷᠢᠭ ᠢᠶᠠᠷ ᠪᠠᠩᠬᠢ ᠳᠤ ᠦᠭᠬᠦᠭᠰᠨ ᠦᠵᠡᠭᠳᠠᠯ ᠨᠠᠶᠢᠳᠠᠮᠰᠢᠵᠦ᠂ ᠲᠠᠷᠤᠭᠤᠯᠭ᠎ᠠ ᠠᠴᠠ ᠪᠠᠨ ᠰᠠᠯᠵᠦ ︽ᠲᠠᠷᠤᠯᠠᠯ ᠠᠴᠠ ᠰᠠᠯᠪᠠ︾ ᠭᠡᠵᠦ ᠬᠦᠭᠡᠷᠦᠵᠡᠭᠡᠭᠰᠡᠨ ᠪᠢᠯᠨ     ᠦᠭᠡᠷᠡᠴᠢᠯᠠᠯᠳᠠ ᠬᠢᠵᠦ ᠴᠢᠯᠦᠭᠡᠳᠠᠢ ᠶᠠᠪᠤᠯᠴᠠᠭᠰᠠᠨ ᠠᠴᠠ ᠡᠬᠢᠯᠡᠭᠡᠳ ᠬᠦᠮᠦᠰ ᠤᠷᠬᠢᠭᠰᠠᠨ ᠰᠤᠶᠤᠯ ᠢᠶᠠᠨ ᠰᠠᠨᠠᠭᠠᠨ ᠳᠤ ᠤᠷᠤᠳᠠᠭ ᠪᠤᠯᠪᠠ᠂ ᠰᠡᠷᠬᠦᠭᠡᠳᠡᠭ ᠴᠤ ᠪᠤᠯᠪᠠ᠃ ᠲᠠᠰᠤᠯᠤᠭᠳᠠᠭᠰᠠᠨ ᠰᠤᠶᠤᠯ ᠰᠠᠷᠬᠦᠬᠦ ᠳᠤ ᠪᠠᠨ ᠬᠤᠪᠢᠷᠠᠯᠳᠠ ᠲᠠᠢ᠃ ᠬᠤᠪᠢᠷᠠᠭᠰᠠᠨ ᠪᠦᠬᠦᠨ ᠰᠠᠶᠢᠨ ᠢᠶᠠᠷ ᠬᠤᠪᠢᠷᠠᠳᠠᠭ ᠤᠨ ᠠᠯᠪᠠ ᠲᠠᠢ ᠪᠢᠰᠢ ᠪᠤᠯᠬᠤᠷ ᠮᠠᠭᠤ ᠲᠠᠶᠢᠰᠢ ᠪᠠᠨ ᠬᠤᠪᠢᠷᠠᠵᠦ ᠪᠠᠰᠠ ᠪᠤᠯᠳᠠᠭ ᠪᠠᠶᠢᠨ᠎ᠠ᠃ ᠮᠤᠩᠭᠤᠯ ᠢᠳᠡᠭᠡᠨ ᠤᠮᠳᠠᠭᠠᠨ ᠵᠠᠬ᠎ᠠ ᠲᠡᠯᠭᠡᠬᠦᠷ ᠲᠤ ᠤᠷᠤᠭᠰᠠᠨ ᠤ ᠲᠠᠷᠠᠭ᠎ᠠ ᠬᠤᠯᠢᠶ᠎ᠠ ᠲᠠᠢ ᠦᠷᠦᠮ᠎ᠠ᠂ ᠰᠢᠬᠦᠮᠠᠯ᠂ ᠲᠤᠰᠤ᠂ ᠤᠬᠢᠶᠠᠯᠭ᠎ᠠ ᠶᠢᠨ ᠨᠤᠠᠳᠠᠭ ᠲᠠᠢ ᠬᠦᠢᠳᠠᠨ ᠤᠰᠤ ᠪᠠᠷ ᠲᠠᠪᠳᠦᠭᠡᠨ ᠬᠠᠭᠤᠷᠤᠭᠰᠠᠨ ᠠᠮᠤ ᠵᠠᠬ᠎ᠠ ᠲᠡᠯᠭᠡᠬᠦᠷ ᠢ ᠲᠦᠬᠦᠷᠭᠡᠪᠠ᠃ ᠰᠢᠬᠦᠰᠤ ᠤᠭᠤᠴᠠ ᠲᠠᠯᠪᠢᠪᠠ ᠭᠡᠭᠴᠢ ᠨᠢ ᠬᠦᠠᠳᠤ ᠶᠢᠨ ᠶᠤᠰᠤ ᠪᠠᠶᠢᠭᠰᠠᠨ ᠪᠤᠯ ᠤᠳᠤ ᠪᠢᠯᠳᠠᠤᠴᠢ ᠶᠢᠨ ᠶᠤᠰᠤ ᠪᠤᠯᠵᠦ᠂ ᠠᠯᠠᠭᠠᠨ ᠲᠡᠭᠡᠷ᠎ᠠ ᠪᠠᠨ ᠵᠦᠰᠤᠮᠠᠯ ᠦᠭᠡᠬᠦ ᠲᠠᠯᠪᠢᠭᠠᠳ ︽ᠬᠠᠪᠠ ᠲᠡᠵᠢᠭᠡᠳᠡᠭ︾ ᠦᠵᠡᠭᠳᠠᠯ ᠨᠠᠶᠢᠳᠠᠮᠰᠢᠭ᠍ᠰᠡᠨ ᠪᠠᠶᠢᠨ᠎ᠠ᠃ ᠬᠠᠷᠢᠨ ᠡᠮᠦᠰᠬᠡᠯ ᠤᠨ ᠰᠤᠶᠤᠯ ᠨᠢ ᠵᠠᠬ᠎ᠠ ᠲᠡᠯᠭᠡᠬᠦᠷ ᠲᠤ ᠤᠷᠤᠭ᠎ᠠ ᠦᠭᠡᠢ ᠶᠢᠨ ᠰᠠᠶᠢᠨ ᠢᠶᠠᠷ ᠲᠡᠬᠢᠨ ᠵᠠᠯᠭᠠᠭᠳᠠᠭᠰᠠᠨ ᠤ ᠲᠠᠷᠠᠭ᠎ᠠ ᠭᠡᠳᠦ᠋ᠢᠪᠠᠷ ᠪᠠᠭ᠋ᠠᠨ ᠬᠤᠪᠢᠷᠠᠯᠳᠠ ᠭᠠᠷᠤᠭᠰᠠᠨ ᠪᠤᠯᠪᠠᠴᠤ ᠡᠷᠡᠬᠦᠯ ᠢᠶᠠᠷ ᠬᠦᠭᠵᠢᠨ ᠲᠠᠪᠰᠢᠵᠦ ᠪᠠᠶᠢᠨ᠎ᠠ ᠭᠡᠵᠦ ᠭᠡᠯᠡᠵᠦ ᠪᠤᠯᠤᠮᠠᠷ ᠪᠠᠶᠢᠨ᠎ᠠ᠃ ᠡᠮᠦᠰᠭᠡᠯ ᠤᠨ ᠰᠤᠶᠤᠯ ᠤᠨ ᠲᠤᠳᠤᠷ᠎ᠠ ᠪᠠᠨ ᠬᠠᠳᠬᠤᠮᠠᠯ ᠤᠨ ᠰᠤᠶᠤᠯ ᠡᠪ ᠡᠷᠡᠬᠦᠯ ᠢᠶᠠᠷ ᠢᠶᠠᠨ ᠲᠡᠬᠢᠨ ᠰᠠᠷᠬᠦᠭᠡᠭᠳᠡᠯ᠎ᠠ ᠭᠡᠵᠦ ᠭᠡᠯᠡᠬᠦ ᠳᠤ ᠪᠤᠷᠤᠭᠤᠳᠠᠬᠤ ᠪᠠᠷ ᠦᠭᠡᠢ᠃ ᠡ᠊ᠨᠡ ᠬᠦ ᠬᠠᠳᠬᠤᠮᠠᠯ ᠤᠨ ᠰᠤᠶᠤᠯ ᠢ ᠪᠢ ︽ᠤᠷᠳᠤᠰ ᠤᠠᠴᠠᠯᠢᠭ ᠪᠦᠬᠦᠢ ᠬᠠᠳᠬᠤᠬᠤ ᠠᠷᠭ᠎ᠠ︾ ᠪᠤᠯᠤᠨ ︽ᠬᠠᠳᠬᠤᠮᠠᠯ ᠤᠨ ᠰᠤᠶᠤᠯ ᠤᠨ ᠬᠤᠪᠢᠷᠠᠯᠳᠠ︾ ᠭᠡᠬᠦ ᠬᠤᠶᠠᠷ ᠤᠳᠬ᠎ᠠ ᠪᠠᠷ ᠶᠠᠷᠢᠶ᠎ᠠ ᠭᠡᠵᠦ ᠪᠤᠳᠤᠵᠦ ᠪᠠᠶᠢᠨ᠎ᠠ᠃     ᠨᠢᠭᠡ᠂ ᠤᠷᠳᠤᠰ ᠤᠠᠴᠠᠯᠢᠭ ᠪᠦᠬᠦᠢ ᠬᠠᠳᠬᠤᠬᠤ ᠠᠷᠭ᠎ᠠ     ᠤᠷᠳᠤᠰᠴᠤᠳ ᠤᠨ ᠬᠠᠳᠬᠤᠮᠠᠯ ᠤᠨ ᠲᠤᠬᠠᠢ ᠦᠭᠳᠡᠭᠰᠡᠨ ᠵᠤᠯᠭᠠᠭᠰᠠᠨ ᠨᠠᠰᠤᠳᠠᠶᠢᠴᠤᠤᠯ ᠠᠴᠠ ᠰᠤᠷᠪᠤᠯᠵᠢᠯᠠᠬᠤ᠂ ᠵᠢᠴᠢ ᠬᠠᠳᠬᠤᠮᠠᠯ ᠤᠳ ᠨᠢ ᠦᠵᠡᠵᠦ ᠰᠢᠠᠵᠢᠯᠠᠬᠦ ᠪᠠᠷ ᠲᠡᠮᠵᠢᠭᠠᠳ ᠡᠶᠢᠮᠦ ᠭᠡᠳᠤᠨ ᠬᠠᠳᠬᠤᠬᠤ ᠠᠷᠭ᠎ᠠ ᠪᠠᠶᠢᠬᠤ ᠶᠤᠮ ᠤᠤ ᠭᠡᠵᠦ ᠪᠤᠳᠤᠪᠠ᠃ ᠭᠡᠬᠦᠯᠠᠷ ᠡ᠊ᠨᠡ ᠬᠦ ᠬᠠᠳᠬᠤᠮᠠᠯ ᠤᠨ ᠰᠤᠶᠤᠯ ᠲᠠᠷᠤᠰᠠᠵᠦ ᠨᠠᠯᠢᠶᠠᠳ ᠵᠢᠯ ᠪᠤᠯᠤᠭᠰᠠᠨ ᠤ ᠲᠡᠭᠡᠷ᠎ᠠ ᠶᠡᠭᠡ ᠤᠯᠠᠨ ᠰᠠᠶᠢᠬᠠᠨ ᠬᠠᠳᠬᠤᠮᠠᠯ ᠬᠠᠳᠬᠤᠳᠠᠭ ᠤᠷᠠᠴᠤᠤᠯ ᠶᠢᠷᠳᠢᠠᠴᠤ ᠶᠢᠨ ᠮᠦᠡᠭᠭᠡ ᠪᠤᠰᠤ ᠶᠢ ᠦᠵᠡᠬᠦᠯᠦᠭᠰᠡᠨ ᠠᠴᠠ ᠪᠤᠯᠤᠭᠠᠳ ᠮᠢᠨᠤ ᠰᠤᠷᠪᠤᠯᠵᠢᠯᠠᠭ᠎ᠠ ᠬᠦᠢᠴᠠᠳ ᠪᠤᠯᠵᠦ ᠴᠢᠳᠠᠭ᠎ᠠ ᠦᠭᠡᠢ ᠪᠠᠶᠢᠬ᠎ᠠ ᠭᠡᠵᠦ ᠪᠤᠳᠤᠨ᠎ᠠ᠃ ᠪᠤᠰᠤᠳ ᠨᠦᠬᠦᠳ ᠭᠡᠭᠡᠭᠳᠡᠭᠰᠡᠨ ᠤᠷᠬᠢᠭᠳᠠᠭᠰᠠᠨ ᠢ ᠨᠢ ᠨᠦᠬᠦᠪᠤᠷᠢᠯᠠᠵᠦ ᠪᠠᠶᠢᠭᠠᠷᠠᠢ︕     ᠤᠷᠳᠤᠰᠴᠤᠳ ᠲᠤᠬᠠᠢ ᠶᠢᠨ ᠦᠶ᠎ᠠ ᠳᠤ ᠡ᠊ᠨᠡ ᠬᠠᠳᠬᠤᠮᠠᠯ ᠭᠡᠰᠠᠨ ᠤᠷᠠᠯᠠᠯ ᠢ ᠪᠠᠷᠤᠭ ᠶᠠᠭᠤ ᠪᠦᠬᠦᠨ ᠲᠡᠭᠡᠷ᠎ᠠ ᠭᠡᠷᠡᠭᠯᠡᠵᠦ ᠪᠠᠶᠢᠭᠰᠠᠨ ᠪᠠᠶᠢᠨ᠎ᠠ᠃ ᠡᠮᠦᠰᠭᠡᠯ ᠵᠡᠬᠦᠭᠡᠯ ᠤᠨ ᠬᠤᠪᠢ ᠳᠤ ᠬᠤᠪᠴᠠᠰᠤᠨ ᠤ ᠡᠩᠭᠡᠷ᠂ ᠤᠤᠵᠢᠮᠠᠭ᠂ ᠤᠤᠵᠢ᠂ ᠮᠠᠯᠠᠭᠠᠢ ︵ᠵᠡᠬᠦᠭᠡ ᠲᠠᠷᠤᠭᠤᠯᠭ᠎ᠠ︶᠂ ᠵᠡᠬᠦᠭᠡ ᠶᠢᠨ ᠰᠢᠷᠪᠢᠬᠦᠯ ᠤᠨ ᠨᠠᠪᠳᠠᠭᠠᠷ᠂ ᠮᠠᠬᠠᠢ ᠂ ᠲᠤᠤᠬᠤᠤ ᠶᠢᠨ ᠡᠪᠦᠳᠦᠭ᠂ ᠬᠤᠪᠴᠠᠰᠤᠨ ᠤ ᠬᠠᠨᠴᠤᠢ᠂ ᠬᠤᠪᠴᠠᠰᠤᠨ ᠵᠠᠶᠢᠴᠠ᠂ ᠲᠡᠭᠡᠪᠠᠯ ᠴᠠᠮ ᠤᠨ ᠬᠤᠪᠴᠠᠰᠤ ᠪᠤᠶᠤ ᠵᠠᠷᠢᠮ ᠨᠤᠶᠠᠳ ᠪᠠᠶᠠᠳ ᠤᠨ ᠬᠤᠪᠴᠠᠰᠤ ᠳᠤ ᠪᠠᠨ ᠡᠩᠭᠡᠷ᠂ ᠬᠤᠷᠮᠤᠢ᠂ ᠠᠷᠤ ᠨᠢᠷᠤᠭᠤ᠂ ᠬᠠᠨᠴᠤᠢ ᠡ᠊ᠨᠡ ᠲᠠᠷᠨ ᠳᠤ ᠨᠢ ᠬᠠᠳᠬᠤᠮᠠᠯ ᠢᠶᠠᠷ ᠲᠦᠬᠦᠷᠭᠡᠵᠦ ᠴᠤ ᠪᠠᠶᠢᠵᠠᠢ᠃ ᠡᠳ᠋ᠯᠠᠯ ᠭᠡᠷᠡᠭᠰᠠᠯ ᠤᠨ ᠵᠦᠢᠯ ᠳᠤ ᠡᠷᠡᠭᠳᠠᠢ ᠬᠦᠮᠦᠨ ᠳᠤ ᠪᠤᠯ᠄ ᠬᠦᠬᠦᠦᠷ ᠲᠠᠯᠢᠩ᠂ ᠲᠡᠮᠡᠬᠢᠨ ᠲᠠᠭᠠᠷᠴᠤᠭ ︵ᠤᠭᠤᠳᠠ︶᠂ ᠲᠡᠮᠠᠬᠢᠨ ᠲᠠᠭᠠᠷᠴᠤᠭ ᠤᠨ ᠲᠡᠭᠡᠪᠴᠢ᠂ ᠬᠢᠳᠤᠭᠠᠨ ᠲᠡᠭᠡᠭ᠂ ᠠᠶᠠᠭᠠᠨ ᠭᠡᠷ᠂ ᠠᠯᠴᠢᠭᠤᠷ᠂ ᠨᠢᠳᠤᠨ ᠰᠢᠯ ᠤᠨ ᠭᠡᠷ᠂ ᠬᠦᠬᠦᠦᠷ ᠤᠨ ᠭᠡᠷ᠂ ᠯᠠᠮᠨ ᠬᠦᠮᠦᠨ ᠤ ᠨᠤᠯᠮᠤᠭᠤᠷ ︵ᠨᠢᠰᠤ ᠨᠢᠬᠢᠬᠦ ᠰᠠᠪᠠ︶᠂ ᠲᠠᠮᠠᠷᠤ ᠶᠢᠨ ᠤᠭᠤᠰᠤᠷ᠂ ᠪᠤᠮᠪᠠ ᠶᠢᠨ ᠭᠡᠷ᠂ ᠡᠮᠴᠢ ᠬᠦᠮᠦᠨ ᠤ ᠡᠮ ᠤᠨ ᠲᠤᠩ ᠤᠨ ᠴᠢᠪᠡᠰᠭᠡᠷ᠂ ᠰᠠᠩ ᠰᠤᠯᠬᠡ ᠲᠠᠯᠪᠢᠬᠤ ᠳᠤ ᠭᠡᠷᠡᠭᠯᠡᠬᠦ ᠠᠷᠴᠠᠨ ᠲᠠᠭᠠᠷᠴᠤᠭ ᠵᠢᠴᠢ ᠴᠠᠪᠳᠠᠭᠤᠷ ᠤᠨ ᠡᠰᠢᠨ ᠳᠤ ᠶᠠᠩᠵᠤᠯᠠᠨ ᠤᠶᠠᠬᠤ ᠴᠢᠪᠡᠰᠭᠡᠷ᠂ ᠡᠮᠴᠢ ᠬᠦᠮᠦᠨ ᠤ ᠡᠮ ᠤᠨ ᠴᠤᠭᠯᠠᠭ᠎ᠠ᠂ ᠮᠤᠷᠢᠨ ᠮᠠᠩᠨᠠᠶᠢᠪᠴᠢ ᠁ ᠭᠡᠬᠦ ᠮᠠᠳᠤ᠂ ᠡᠮ᠎ᠠ ᠬᠦᠮᠦᠨ ᠳᠤ ᠪᠤᠯ᠄ ᠵᠡᠬᠦᠪᠴᠢ ︵ᠵᠡᠬᠦᠦ ᠰᠠᠪᠠᠯᠠᠬᠤ ᠰᠠᠪᠠ︶᠂ ᠭᠡᠳᠡᠪᠴᠢ ︵ᠬᠦᠬᠦᠦᠷ ᠰᠠᠪᠠᠯᠠᠬᠤ︶᠂ ᠲᠡᠭᠡᠪᠠᠯ ᠬᠤᠪᠴᠠᠰᠤ᠂ ᠵᠡᠬᠦᠭᠡ ᠵᠡᠷᠭᠡ ᠲᠡᠭᠡᠷ᠎ᠠ ᠪᠠᠨ ᠬᠠᠳᠬᠤᠮᠠᠯ ᠤᠷᠤᠳᠠᠭ ᠪᠠᠶᠢᠪᠠ᠃ ᠤᠳᠤ ᠨᠢᠭᠡ ᠨᠢ ᠱᠠᠰᠢᠨ ᠰᠢᠳᠦᠯᠭᠡ ᠶᠢᠨ ᠤᠷᠤᠨ ᠪᠤᠯᠬᠤ ᠰᠦᠮ᠎ᠠ ᠲᠤᠭᠠᠩ ᠳᠤ ᠠᠷᠪᠢᠨ ᠭᠡᠷᠡᠭᠯᠡᠳᠡᠭ᠃ ᠵᠢᠱᠢᠶᠡᠯᠡᠪᠡᠯ᠂ ᠰᠦᠮ᠎ᠠ ᠲᠤᠳᠤᠷᠡᠬᠢ ᠵᠠᠮᠰᠠᠨ᠂ ᠪᠠᠳᠠᠨ᠂ ᠲᠤᠯᠭᠠᠭᠤᠷ ᠤᠨ ᠲᠤᠷᠭᠠᠨ ᠤᠷᠢᠶᠠᠳᠠᠭ ᠲᠡᠭᠡᠷ᠎ᠠ ᠬᠠᠳᠬᠤᠮᠠᠯ ᠬᠤᠸᠠᠷ ᠢᠶᠠᠷ ᠤᠷᠠᠯᠠᠳᠠᠭ ᠢᠶᠠᠷ ᠪᠠᠷᠠᠬᠤ ᠦᠭᠡᠢ ᠤᠷᠠᠨ ᠤᠷᠠᠨ ᠪᠦᠰᠡᠬᠦ᠋ᠢᠴᠤᠳ ᠪᠤᠷᠬᠠᠨ ᠬᠠᠳᠬᠤᠮᠠᠯᠯᠠᠵᠦ ᠰᠦᠮ᠎ᠠ ᠳᠤ ᠡᠷᠬᠦᠳᠡᠭ ᠶᠠᠪᠤᠳᠠᠯ ᠠᠷᠪᠢᠨ ᠪᠠᠶᠢᠭᠰᠠᠨ ᠪᠠᠶᠢᠨ᠎ᠠ᠃ ᠰᠤᠨᠤᠰᠤᠯᠳᠠ ᠪᠠᠷ᠂ ᠤᠵᠠᠭᠤᠷ ᠲᠤ ᠨᠢᠭᠡ ᠠᠶᠢᠯ ᠤᠨ ᠬᠢ ᠶᠠᠮᠠᠷ ᠨᠢᠭᠡᠨ ᠪᠤᠷᠬᠠᠨ ᠭᠡᠬᠦ ᠶᠤᠮ ᠪᠢᠯᠠ᠂ ᠶᠠᠭᠤ ᠴᠤ ᠭᠡᠰᠠᠨ ᠨᠢᠭᠡ ᠪᠤᠷᠬᠠᠨ ᠲᠡᠬᠢᠵᠦ ᠪᠠᠶᠢᠵᠠᠢ᠃ ᠲᠠᠷᠨ ᠠᠶᠢᠯ ᠤᠨ ᠬᠢ ᠰᠦᠷᠡᠭᠡᠢ ᠨᠢᠭᠡ ᠤᠷᠠᠨ ᠭᠡᠤᠭᠡᠨ ᠲᠠᠢ ᠭᠡᠨ᠎ᠠ᠃ ᠲᠠᠷᠨ ᠭᠡᠤᠭᠡᠨ ᠨᠢ ᠡ᠊ᠨᠡ ᠪᠤᠷᠬᠠᠨ ᠳᠤ ᠪᠠᠨ ᠰᠦᠷᠡᠭᠡᠢ ᠰᠦᠰᠦᠭ ᠲᠠᠢ ᠪᠤᠯᠬᠤᠯᠠᠷ ᠬᠠᠷᠢ ᠳᠤ ᠮᠤᠷᠳᠠᠬᠤ ᠳᠤ ᠪᠠᠨ ᠭᠡᠷ ᠠᠴᠠ ᠪᠠᠨ ᠶᠠᠭᠤ ᠶᠠ ᠠᠪᠬᠤ ᠦᠭᠡᠢ ᠵᠦᠪᠭᠡᠨ ᠪᠤᠷᠬᠠᠨ ᠢᠶᠠᠨ ᠠᠪᠤᠨ᠎ᠠ ᠭᠡᠬᠦᠯᠠᠷ ᠡᠴᠢᠭᠡ ᠡᠭᠡ᠂ ᠠᠬᠠᠰ ᠲᠡᠬᠦᠦᠰ ᠨᠢ ᠤᠭᠳᠤ ᠵᠦᠪᠰᠢᠶᠡᠷᠡᠭᠰᠡᠨ ᠦᠭᠡᠢ ᠭᠡᠨ᠎ᠠ᠃ ᠲᠡᠭᠡᠬᠦᠯᠠᠷ ᠡ᠊ᠨᠡ ᠤᠷᠠᠨ ᠭᠡᠤᠭᠡᠨ ᠪᠤᠷᠬᠠᠨ ᠢᠶᠠᠨ ᠬᠠᠷᠠᠵᠦ ᠪᠠᠶᠢᠭᠠᠳ ᠬᠠᠳᠬᠤᠮᠠᠯᠯᠠᠵᠦ ᠠᠪᠤᠭᠠᠳ ᠶᠠᠪᠤᠴᠢᠬᠠᠭᠰᠠᠨ ᠭᠡᠨ᠎ᠠ᠃ ᠲᠡᠭᠡᠭᠰᠡᠨ ᠠᠴᠠ ᠬᠤᠶᠢᠰᠢ ᠡ᠊ᠨᠡ ᠠᠶᠢᠯ ᠢ ᠢᠪᠡᠭᠡᠨ ᠲᠡᠳᠬᠦᠵᠦ ᠪᠠᠶᠢᠭᠰᠠᠨ ᠪᠤᠷᠬᠠᠨ ᠨᠢ ᠲᠠᠷᠨ ᠭᠡᠤᠭᠡᠨ ᠢ ᠲᠠᠭᠠᠭᠠᠳ ᠲᠠᠷᠨ ᠠᠶᠢᠯ ᠳᠤ ᠤᠴᠢᠴᠢᠬᠠᠵᠦ ᠭᠡᠤᠭᠡᠨ ᠤ ᠬᠠᠳᠠᠮ ᠨᠢ ᠰᠦᠷᠡᠭᠡᠢ ᠲᠡᠭᠡᠭᠡᠭᠰᠢᠯᠡᠨ ᠲᠡᠭᠵᠢᠷᠡᠭᠰᠡᠨ ᠭᠡᠳᠡᠭ᠃ ᠲᠡᠭᠡᠭᠰᠡᠨ ᠳᠤ ᠪᠠᠨ ᠬᠠᠷᠢ ᠳᠤ ᠮᠤᠷᠳᠠᠬᠤ ᠭᠡᠤᠭᠡᠨ ᠮᠤᠷᠳᠠᠭᠰᠠᠨ ᠤ ᠲᠠᠷᠠᠭ᠎ᠠ ᠭᠡᠷ ᠲᠤ ᠪᠠᠨ ᠦᠯᠡᠳᠡᠭᠰᠡᠨ ᠲᠠᠷᠨ ᠠᠶᠢᠯ ᠤᠨ ᠴᠢᠬᠤᠯᠨ ᠲᠦᠷᠦᠯ ᠠᠴᠠ ᠨᠢᠭᠡ ᠨᠢ ᠫᠢᠯᠨ ᠲᠠᠢ ᠪᠤᠭᠤᠷᠰᠤᠭ ᠪᠠᠷᠢᠨ ᠮᠤᠷᠳᠠᠭᠰᠠᠨ ᠭᠡᠤᠭᠡᠨ ᠤ ᠠᠷᠤ ᠠᠴᠠ ︽ᠬᠤᠷᠤᠢ᠂ ᠬᠤᠷᠤᠢ᠂ ᠬᠤᠷᠤᠢ︾ ᠭᠡᠵᠦ ᠬᠤᠷᠦ᠋ᠢᠯᠠᠳᠠᠭ ᠨᠢ ᠭᠡᠰᠢᠭ ᠪᠤᠶᠠᠨ ᠢᠶᠠᠨ ᠦᠯᠡᠳᠡᠭᠡᠵᠦ ᠠᠪᠴᠤ ᠪᠠᠶᠢᠭ᠎ᠠ ᠤᠬᠠᠭᠠᠨ ᠭᠡᠳᠡᠭ ︵ᠵᠠᠷᠢᠮᠠᠳ ᠨᠢ ᠡᠬᠦᠨ ᠢ ᠪᠤᠷᠤᠭᠤ ᠪᠠᠷ ᠲᠡᠶᠢᠯᠪᠤᠷᠢᠯᠠᠵᠦ᠂ ᠭᠡᠤᠭᠡᠨ ᠤ ᠪᠠᠨ ᠰᠠᠶᠢᠨ ᠰᠠᠶᠢᠬᠠᠨ ᠤ ᠲᠦᠯᠦᠭᠡ ᠭᠡᠵᠦ ᠭᠡᠯᠡᠳᠡᠭ︶᠃ ᠡ᠊ᠨᠡ ᠲᠤᠮᠤᠭ ᠦᠨᠠᠨ ᠴᠤ ᠪᠠᠢ᠂ ᠬᠤᠳᠠᠯ ᠴᠤ ᠪᠠᠢ᠂ ᠶᠠᠭᠤ ᠴᠤ ᠭᠡᠰᠠᠨ ᠤᠷᠠᠨ ᠡᠮᠡᠭᠳᠠᠶᠢᠴᠤᠳ ᠪᠤᠷᠬᠠᠨ ᠬᠠᠳᠬᠤᠮᠠᠯᠯᠠᠳᠠᠭ ᠤᠨ ᠵᠢᠱᠢᠶ᠎ᠠ ᠪᠤᠶᠤ᠃ ᠲᠤᠤᠷ᠎ᠠ ᠭᠤᠤᠯ ᠰᠠᠳᠤᠪ ᠲᠤ ᠪᠠᠨ ᠤᠷᠤᠶ᠎ᠠ᠃     ︵ᠨᠢᠭᠡ︶ ᠰᠠᠮᠨᠠᠵᠦ ᠬᠠᠳᠬᠤᠬᠤ     ᠰᠠᠮᠨᠠᠵᠦ ᠬᠠᠳᠬᠤᠬᠤ ᠶᠢ ᠭᠡᠯᠡᠬᠦ ᠶᠢᠨ ᠤᠷᠢᠳ ᠡᠶᠢᠮᠦ ᠨᠢᠭᠡ ᠤᠴᠢᠷ ᠢ ᠲᠤᠳᠤᠷᠬᠠᠢᠢᠯᠠᠶ᠎ᠠ᠃ ᠬᠤᠸᠠᠷ ᠢ ᠴᠠᠭᠠᠰᠤᠨ ᠲᠡᠭᠡᠷ᠎ᠠ ᠬᠠᠳᠬᠤᠬᠤ ᠪᠤᠯᠤᠨ ᠴᠠᠭᠠᠰᠤ ᠦᠭᠡᠢ ᠬᠠᠳᠬᠤᠬᠤ ᠭᠡᠵᠦ 2 ᠵᠦᠢᠯ ᠳᠤ ᠬᠤᠪᠢᠶᠠᠳᠠᠭ᠃ ᠴᠠᠭᠠᠰᠤᠨ ᠲᠡᠭᠡᠷ᠎ᠠ ᠬᠠᠳᠬᠤᠬᠤ ᠭᠡᠭᠴᠢ ᠪᠤᠯ ᠬᠠᠳᠬᠤᠬᠤ ᠬᠤᠸᠠᠷ ᠢᠶᠠᠨ ᠤᠷᠢᠳ ᠢᠶᠠᠷ ᠴᠠᠭᠠᠰᠤᠨ ᠲᠡᠭᠡᠷ᠎ᠠ ᠵᠢᠷᠦᠵᠦ ᠵᠢᠷᠤᠭᠰᠠᠨ ᠢᠶᠠᠨ ᠰᠠᠶᠢᠬᠠᠨ ᠬᠠᠶᠢᠴᠢᠯᠠᠵᠦ ᠲᠤᠷᠭᠠᠨ ᠲᠡᠭᠡᠷ᠎ᠠ ᠪᠠᠨ ᠨᠠᠭᠠᠴᠢᠬᠠᠭᠠᠳ ᠬᠠᠳᠬᠤᠬᠤ ᠶᠢ ᠭᠡᠯᠡᠨ᠎ᠠ᠃ ᠴᠠᠭᠠᠰᠤ ᠦᠭᠡᠢ ᠬᠠᠳᠬᠤᠬᠤ ᠭᠡᠭᠴᠢ ᠪᠤᠯ ᠰᠢᠭᠤᠳ ᠲᠤᠷᠭᠠᠨ ᠲᠡᠭᠡᠷ᠎ᠠ ᠪᠠᠨ ᠬᠠᠳᠬᠤᠬᠤ ᠶᠢ ᠭᠡᠯᠡᠨ᠎ᠠ᠃ ᠴᠠᠭᠠᠰᠤᠨ ᠲᠡᠭᠡᠷ᠎ᠠ ᠬᠠᠳᠬᠤᠬᠤ ᠨᠢ ᠬᠦᠮᠦᠨ ᠠᠴᠠ ᠦᠯᠢᠭᠡᠷ ᠵᠢᠭᠡᠯᠡᠭᠦ ᠵᠢᠴᠢ ᠬᠠᠳᠬᠤᠵᠦ ᠭᠠᠷᠭᠠᠭᠰᠠᠨ ᠬᠤᠸᠠᠷ ᠨᠢ ᠪᠤᠰᠤᠭᠠᠯᠵᠢᠨ ᠦᠵᠡᠭᠳᠡᠳᠡᠭ ᠪᠤᠯᠪᠠᠴᠤ ᠨᠤᠷᠭᠠᠵᠦ ᠪᠤᠯᠳᠠᠭ ᠦᠭᠡᠢ ᠡᠮᠵᠡᠭ ᠲᠡᠯ᠎ᠠ ᠲᠠᠢ᠃     ᠰᠠᠮᠨᠠᠵᠦ ᠬᠠᠳᠬᠤᠬᠤ ᠶᠢ ᠦᠢᠯᠨ ᠤᠳᠠᠰᠤᠨ ᠳᠤ ᠪᠠᠨ ᠰᠠᠶᠢᠨ ᠴᠠᠭᠠᠷᠠᠭᠰᠠᠨ ᠤᠷᠠᠨ ᠬᠦᠮᠦᠨ ᠬᠢᠨ᠎ᠠ᠃ ᠰᠠᠮᠨᠠᠵᠦ ᠬᠠᠳᠬᠤᠪᠠ ᠭᠡᠭᠴᠢ ᠨᠢ ᠨᠢᠭᠡ ᠬᠤᠸᠠᠷ ᠢ 2 ᠠᠴᠠ ᠲᠡᠭᠡᠭᠰᠢ ᠦᠡᠭᠭᠡ ᠶᠢᠨ ᠲᠤᠷᠭᠠᠨ ᠤᠳᠠᠰᠤ ᠪᠠᠷ ᠬᠦᠢᠭᠡᠨ ᠦᠡᠭᠭᠡ ᠠᠴᠠ ᠬᠦᠨ ᠦᠡᠭᠭᠡ ᠲᠡᠶᠢᠰᠢ ᠪᠤᠶᠤ ᠬᠦᠨ ᠦᠡᠭᠭᠡ ᠠᠴᠠ ᠬᠦᠢᠭᠡᠨ ᠦᠡᠭᠭᠡ ᠲᠡᠶᠢᠰᠢ ᠤᠷᠠᠯᠠᠨ ᠬᠠᠳᠬᠤᠳᠠᠭ ᠠᠴᠠ ᠬᠠᠳᠬᠤᠵᠦ ᠭᠠᠷᠤᠭᠰᠠᠨ ᠵᠦᠢᠯ ᠨᠢ ᠠᠮᠢᠳᠤ ᠶᠤᠮ ᠰᠢᠭ᠋ ᠬᠠᠷᠠᠭᠳᠠᠳᠠᠭ᠃ ᠵᠢᠱᠢᠶᠠᠯᠠᠪᠠᠯ᠂ ᠨᠢᠭᠡ ᠴᠡᠴᠡᠭ ᠤᠨ ᠲᠠᠯᠪᠢ ᠶᠢ ᠬᠤᠨᠳᠠᠨ ᠦᠡᠭᠭᠡ ᠪᠠᠷ ᠬᠠᠳᠬᠤᠬᠤ ᠪᠠᠷ ᠪᠤᠳᠤᠪᠠᠯ ᠤᠷᠢᠳ ᠢᠶᠠᠷ ᠤᠯᠠᠭᠠᠨ ᠬᠤᠨᠳᠠᠨ ᠤᠳᠠᠰᠤ ᠪᠠᠷ ᠴᠡᠴᠡᠭ ᠤᠨ ᠲᠠᠯᠪᠢ ᠶᠢᠨ ᠤᠭ ᠢ ᠤᠶᠤᠭᠰᠠᠨ ᠢᠶᠠᠨ ᠲᠡᠬᠢᠭᠠᠳ ᠴᠠᠭᠠᠨ ᠬᠤᠨᠳᠠᠨ ᠦᠡᠭᠭᠡᠳᠠᠢ ᠤᠳᠠᠰᠤ ᠪᠠᠷ ᠤᠯᠠᠭᠠᠨ ᠬᠤᠨᠳᠠᠨ ᠤᠳᠠᠰᠤᠨ ᠤ ᠦᠵᠦᠬᠦᠷ ᠠᠴᠠ ᠰᠠᠮᠨᠠᠨ ᠤᠶᠤᠬᠤ ᠳᠤ ᠤᠭ ᠨᠢ ᠤᠯᠠᠭᠠᠨ ᠬᠤᠨᠳᠠᠨ ᠦᠵᠦᠬᠦᠷ ᠲᠡᠶᠢᠰᠢ ᠪᠠᠨ ᠬᠦᠢᠭᠡᠨ ᠬᠤᠨᠳᠠᠨ ᠦᠡᠭᠭᠡᠳᠠᠢ ᠴᠡᠴᠡᠭ ᠤᠨ ᠲᠠᠯᠪᠢ ᠪᠤᠯᠳᠠᠭ ︵ᠵᠢᠷᠤᠭᠴᠢᠳ ᠡᠶᠢᠮᠦ ᠶᠢ ᠵᠢᠷᠤᠬᠤ ᠳᠤ ᠪᠠᠨ ᠴᠡᠴᠡᠭ ᠤᠨ ᠲᠡᠯᠪᠢ ᠶᠢᠨ ᠤᠭ ᠢ ᠤᠯᠠᠭᠠᠨ ᠬᠤᠨᠳᠠᠨ ᠢᠶᠠᠷ ᠵᠢᠷᠤᠭᠰᠠᠨ ᠤ ᠲᠠᠷᠠᠭ᠎ᠠ ᠪᠢᠷ ᠢᠶᠠᠨ ᠤᠰᠤᠨ ᠳᠤ ᠲᠦᠷᠦᠵᠦ ᠦᠡᠭᠭᠡ ᠶᠢ ᠨᠢ ᠰᠢᠩᠭᠡᠷᠡᠬᠦᠯᠤᠨ ᠵᠢᠷᠤᠳᠠᠭ᠃ ᠡᠬᠦᠨ ᠲᠠᠢ ᠶᠤᠰᠤ ᠨᠢ ᠠᠳᠠᠯᠢ︶᠃     ︵ᠬᠤᠶᠠᠷ︶ ᠰᠤᠯᠨ ᠬᠠᠳᠬᠤᠬᠤ     ᠰᠤᠯᠨ ᠬᠠᠳᠬᠤᠬᠤ ᠶᠢ ᠤᠳᠤ ᠶᠢᠨ ᠬᠦᠮᠦᠰ ᠵᠠᠳᠠᠭᠠᠢ ᠬᠠᠳᠬᠤᠬᠤ᠂ ᠴᠢᠯᠦᠭᠡᠳᠤ ᠬᠠᠳᠬᠤᠮᠠᠯ ᠭᠡᠵᠦ ᠭᠡᠯᠡᠵᠦ ᠪᠤᠢ᠃ ᠰᠤᠯᠨ ᠬᠠᠳᠬᠤᠬᠤ ᠭᠡᠭᠴᠢ ᠨᠢ ᠴᠠᠭᠠᠰᠤ ᠪᠤᠶᠤ ᠵᠢᠷᠤᠭᠰᠠᠨ ᠬᠤᠸᠠᠷ ᠤᠨ ᠢᠶᠠᠨ ᠬᠠᠳᠬᠤᠬᠤ ᠵᠦᠢᠯ ᠢ ᠴᠡᠴᠡᠭ ᠨᠠᠪᠴᠢ ᠶᠢᠨ ᠪᠠᠶᠢᠳᠠᠯ ᠢ ᠲᠠᠭᠠᠭᠤᠯᠤᠨ ᠵᠦᠷᠢᠬᠦᠦ ᠪᠠᠷ ᠬᠠᠳᠬᠤᠬᠤ ᠶᠢ ᠭᠡᠯᠡᠵᠦ ᠪᠠᠶᠢᠨ᠎ᠠ᠃ ᠰᠤᠯᠨ ᠬᠠᠳᠬᠤᠭᠰᠠᠨ ᠬᠤᠸᠠᠷ ᠤᠨ ᠨᠢᠭᠡ ᠲᠠᠯᠪᠢ ᠪᠤᠶᠤ ᠨᠠᠪᠴᠢ ᠶᠢ ᠪᠠᠰᠠ ᠭᠡᠳᠤ ᠭᠡᠳᠤᠨ ᠶᠠᠩᠵᠦ ᠶᠢᠨ ᠤᠳᠠᠰᠤ ᠶᠢ ᠭᠡᠷᠡᠭᠯᠡᠨ ᠦᠡᠭᠭᠡ ᠶᠢ ᠨᠢ ᠬᠤᠪᠢᠷᠠᠭᠤᠯᠳᠠᠭ ᠪᠤᠯᠪᠠᠴᠤ ᠰᠠᠮᠨᠠᠵᠦ ᠬᠠᠳᠬᠤᠭᠰᠠᠨ ᠤ ᠪᠠᠨ ᠬᠢᠷᠢ ᠪᠤᠰᠤᠭᠠᠯᠵᠢᠨ ᠦᠵᠡᠭᠳᠡᠳᠡᠭ ᠦᠭᠡᠢ᠃     ︵ᠭᠤᠷᠪᠠ︶ ᠤᠷᠢᠶᠠᠵᠦ ᠬᠠᠳᠬᠤᠬᠤᠤᠳᠠᠰᠤ ᠪᠠᠨ ᠴᠠᠭᠠᠨ᠎ᠠ ᠠᠴᠠ ᠨᠢ ᠬᠠᠳᠬᠤᠵᠦ ᠭᠠᠷᠭᠠᠭᠰᠠᠨ ᠤ ᠲᠠᠷᠠᠭ᠎ᠠ ᠵᠡᠬᠦᠦ ᠪᠠᠨ ᠤᠳᠠᠰᠤ ᠪᠠᠷ ᠢᠶᠠᠨ 2 ᠤᠷᠢᠶᠠᠵᠦ᠂ ᠤᠷᠢᠶᠠᠭᠰᠠᠨ ᠤᠳᠠᠰᠤ ᠪᠠᠨ ᠬᠢᠮᠤᠰᠤ ᠪᠠᠷ ᠢᠶᠠᠨ ᠲᠠᠷᠤᠨ ᠵᠡᠬᠦᠦ ᠪᠠᠨ ᠰᠤᠭᠤᠯᠤᠨ ᠠᠪᠤᠭᠠᠳ ᠤᠷᠢᠶᠠᠭᠰᠠᠨ ᠤᠳᠠᠰᠤ ᠶᠢᠨ ᠢᠶᠠᠨ ᠭᠠᠳᠠᠭᠤᠷ ᠴᠠᠭᠠᠰᠢ ᠬᠠᠳᠬᠤᠵᠦ ᠲᠤᠭᠳᠠᠭᠠᠨ᠎ᠠ᠃ ᠢᠡᠭᠬᠢᠵᠦ ᠤᠶᠤᠭᠰᠠᠨ ᠬᠠᠳᠬᠤᠮᠠᠯ ᠪᠢᠴᠢᠬᠠᠨ ᠪᠠᠳᠮᠠᠨ ᠬᠤᠸᠠᠷ ᠰᠢᠭ᠋ ᠰᠠᠶᠢᠬᠠᠨ ᠬᠠᠷᠠᠭᠳᠠᠨ᠎ᠠ᠃ ᠶᠠᠮᠠᠷ ᠦᠡᠭᠭᠡ ᠶᠢᠨ ᠤᠳᠠᠰᠤ ᠪᠠᠷ ᠬᠦᠨ ᠬᠦᠢᠭᠡᠨ ᠦᠡᠭᠭᠡ ᠶᠢ ᠨᠢ ᠲᠠᠭᠠᠷᠠᠭᠤᠯᠬᠤ ᠨᠢ ᠪᠤᠰᠤᠳ ᠬᠤᠸᠠᠷ ᠲᠠᠢ ᠠᠳᠠᠯᠢ᠃     ︵ᠲᠦᠷᠪᠡ︶ ᠲᠤᠬᠤᠵᠦ ᠤᠶᠤᠬᠤᠵᠠᠷᠢᠮ ᠤᠷᠠᠨ ᠬᠦᠮᠦᠨ ᠤ ᠤᠶᠤᠭᠰᠠᠨ ᠵᠢᠷᠤᠭ ᠢ ᠬᠤᠯᠨ ᠰᠢᠭ᠋ ᠠᠴᠠ ᠬᠠᠷᠠᠬᠤ ᠳᠤ ᠪᠤᠰᠤᠭᠠᠯᠵᠢᠨ ᠬᠠᠷᠠᠭᠳᠠᠳᠠᠭ᠃ ᠤᠢᠢᠷᠠᠬᠠᠨ ᠦᠵᠡᠬᠦ ᠳᠤ ᠡᠩ ᠤᠨ ᠬᠦᠮᠦᠨ ᠤ ᠤᠶᠤᠭᠰᠠᠨ ᠲᠠᠢ ᠠᠳᠠᠯᠢᠬᠠᠨ ᠰᠤᠯᠨ ᠬᠠᠳᠬᠤᠭᠰᠠᠨ ᠯᠠ ᠪᠠᠶᠢᠳᠠᠭ᠃ ᠡ᠊ᠨᠡ ᠬᠠᠳᠬᠤᠯᠭ᠎ᠠ ᠶᠢ ᠰᠠᠶᠢᠨ ᠨᠠᠷᠢᠪᠴᠢᠯᠠᠨ ᠰᠢᠠᠵᠢᠭᠡᠳ ᠪᠠᠶᠢᠬᠤᠯᠠᠷ ᠵᠠᠷᠢᠮ ᠤᠳᠠᠰᠤ ᠨᠢ ᠰᠠᠶᠢᠷᠡᠭ ᠰᠢᠭ᠂ ᠵᠠᠷᠢᠮ ᠤᠳᠠᠰᠤ ᠨᠢ ᠨᠢᠠᠠᠳᠠ ᠮᠦᠷᠳᠡᠭᠡᠨ ᠬᠠᠶᠠ ᠨᠢᠭᠡ ᠤᠳᠠᠰᠤ ᠨᠢ ᠦᠯᠦ ᠮᠡᠳᠡᠭᠳᠠᠮ᠎ᠠ ᠲᠠᠪᠬᠤᠷᠯᠠᠴᠢᠬᠠᠭᠰᠠᠨ ᠯᠠ ᠪᠠᠶᠢᠳᠠᠭ᠃ ᠡ᠊ᠨᠡ ᠶᠠᠩᠵᠦ ᠶᠢᠨ ᠬᠠᠳᠬᠤᠯᠭ᠎ᠠ ᠶᠢ ᠲᠤᠬᠤᠵᠦ ᠬᠠᠳᠬᠤᠬᠤ ᠭᠡᠨ᠎ᠠ᠃ ᠬᠦᠢᠭᠡᠨ ᠦᠵᠡᠭᠳᠡᠬᠦᠯᠬᠦ ᠭᠠᠵᠠᠷ ᠲᠤ ᠪᠠᠨ ᠤᠳᠠᠰᠤ ᠪᠠᠷ ᠢᠶᠠᠨ ᠲᠤᠤᠷᠡᠬᠢ ᠴᠠᠭᠠᠰᠤ ᠪᠤᠶᠤ ᠲᠤᠷᠭ᠎ᠠ ᠶᠢ ᠰᠠᠶᠢᠬᠠᠨ ᠦᠵᠡᠭᠳᠡᠬᠦᠯᠬᠦ ᠦᠭᠡᠢ ᠪᠦᠳᠡᠭᠡᠬᠦ ᠶᠢᠨ ᠬᠢᠷᠢᠳᠠᠢ ᠤᠶᠤᠭᠰᠠᠨ ᠤ ᠲᠠᠷᠠᠭ᠎ᠠ ᠬᠦᠨ ᠦᠵᠡᠭᠳᠡᠬᠦᠯᠬᠦ ᠭᠠᠵᠠᠷ ᠢ ᠤᠳᠠᠰᠤ ᠶᠢ ᠨᠢ ᠨᠢᠠᠠᠳᠠ ᠤᠶᠤᠵᠦ ᠵᠤᠵᠠᠭᠠᠷᠠᠭᠤᠯᠤᠨ ᠬᠠᠶᠠ ᠨᠢᠭᠡ ᠤᠳᠠᠰᠤ ᠶᠢ ᠨᠢ ᠵᠤᠵᠠᠭᠠᠨ ᠤᠶᠤᠭᠰᠠᠨ ᠤᠳᠠᠰᠤᠨ ᠤ ᠲᠡᠭᠡᠬᠦᠷ ᠦᠯᠦ ᠮᠡᠳᠡᠭ ᠲᠤᠬᠤᠬᠤ ᠳᠤ ᠪᠤᠰᠤᠭᠠᠯᠵᠢᠨ ᠬᠠᠷᠠᠭᠳᠠᠬᠤ ᠪᠤᠯᠴᠢᠬᠠᠳᠠᠭ ᠪᠠᠶᠢᠵᠠᠢ᠃ ᠡ᠊ᠨᠡ ᠪᠤᠯ ᠤᠶᠤᠵᠦ ᠨᠠᠯᠢᠶᠠᠳ ᠤᠷᠠᠨ ᠪᠤᠯᠴᠢᠬᠠᠭᠰᠠᠨ ᠬᠦᠮᠦᠨ ᠤ ᠬᠢᠳᠠᠯ ᠠᠵᠢ᠃     ︵ᠲᠠᠪᠤ︶ ᠨᠢᠷᠤᠭᠤ ᠤᠶᠤᠬᠤ ︵ᠨᠢᠷᠤᠭᠤᠯᠠᠬᠤ︶     ᠵᠠᠷᠢᠮ ᠬᠦᠮᠦᠨ ᠡᠬᠦᠨ ᠢ ︽ᠵᠢᠭᠠᠰᠤᠨ ᠨᠢᠷᠤᠭᠤ ᠤᠶᠤᠬᠤ︾ ᠭᠡᠬᠦ ᠪᠤᠶᠤ ︽ᠭᠢᠷᠦᠭᠡᠨ ᠰᠢᠳᠤ ᠤᠶᠤᠬᠤ︾᠂ ︽ᠰᠤᠶᠤᠭ᠎ᠠ ᠬᠠᠳᠬᠤᠬᠤ︾ ᠭᠡᠬᠦ ᠮᠠᠳᠤ ᠠᠳᠠᠯᠢ ᠪᠤᠰᠤ ᠪᠠᠷ ᠭᠡᠯᠡᠵᠦ ᠪᠠᠶᠢᠨ᠎ᠠ᠃ ᠨᠢᠷᠤᠭᠤ ᠤᠶᠤᠬᠤ ᠭᠡᠭᠴᠢ ᠨᠢ ᠶᠠᠮᠠᠷ ᠨᠢᠭᠡᠨ ᠬᠤᠸᠠᠷ ᠤᠶᠤᠭᠰᠠᠨ ᠲᠤᠷᠭ᠎ᠠ ᠶᠢᠨ ᠬᠦᠪᠡᠭᠡ ᠲᠡᠭᠡᠷ᠎ᠠ ᠨᠠᠭᠠᠨ᠎ᠠ ᠴᠠᠭᠠᠨ᠎ᠠ ᠨᠢ ᠠᠳᠠᠯᠢᠬᠠᠨ ᠶᠠᠩᠵᠦ ᠶᠢᠨ ᠰᠤᠶᠤᠭ᠎ᠠ ᠤᠶᠤᠵᠦ ᠬᠦᠪᠡᠭᠡᠯᠡᠬᠦ ᠶᠢ ᠭᠡᠯᠡᠵᠦ ᠪᠠᠶᠢᠨ᠎ᠠ᠃ ᠢᠡᠭᠬᠢᠵᠦ ᠤᠶᠤᠬᠤ ᠳᠤ 2 ᠲᠤᠷᠭᠠᠨ ᠤ ᠠᠮᠠᠨ ᠲᠡᠭᠡᠷ᠎ᠠ ᠰᠦᠯᠵᠢᠬᠦᠯᠦᠭᠰᠡᠨ ᠤᠳᠠᠰᠤ ᠵᠢᠭᠠᠰᠤᠨ ᠤ ᠨᠢᠷᠤᠭᠤ ᠰᠢᠭ᠋ ᠬᠠᠷᠠᠭᠳᠠᠳᠠᠭ ᠢᠶᠠᠷ ᠢᠶᠠᠨ ᠲᠡᠬᠦᠨ ᠢ ︽ᠵᠢᠭᠠᠰᠤᠨ ᠨᠢᠷᠤᠭᠤ︾ ᠭᠡᠵᠦ ᠭᠡᠯᠡᠳᠡᠭ ᠪᠠᠶᠢᠳᠠᠯᠳᠠᠢ᠃ ᠵᠠᠷᠢᠮᠠᠳ ᠤᠷᠠᠨ ᠡᠮᠡᠭᠳᠡᠶᠢᠴᠤᠳ ᠲᠠᠪᠬᠤᠷ ᠨᠢᠷᠤᠭᠤ ᠭᠠᠷᠭᠠᠨ ᠤᠶᠤᠬᠤ ᠴᠤ ᠪᠤᠢ᠃     ︵ᠵᠢᠷᠭᠤᠭ᠎ᠠ︶ ᠡᠯᠬᠦᠵᠦ ᠤᠶᠤᠬᠤ     ᠡᠯᠬᠦᠵᠦ ᠤᠶᠤᠬᠤ ᠶᠢ ︽ᠰᠠᠯᠭᠠᠵᠦ ᠤᠶᠤᠬᠤ︾ ︽ᠰᠠᠯᠪᠠᠯᠠᠵᠦ ᠤᠶᠤᠬᠤ︾ ᠭᠡᠬᠦ ᠮᠠᠳᠤ ᠪᠠᠷ ᠠᠳᠠᠯᠢ ᠪᠤᠰᠤ ᠭᠡᠯᠡᠵᠦ ᠪᠠᠶᠢᠨ᠎ᠠ᠃ ᠡ᠊ᠨᠡ ᠤᠶᠤᠯᠭ᠎ᠠ ᠶᠢ ᠭᠤᠤᠯᠳᠠᠭᠤ ᠴᠡᠴᠡᠭ ᠬᠤᠸᠠᠷ ᠤᠨ ᠡᠰᠢ ᠪᠤᠶᠤ ᠡᠷᠪᠡᠭᠡᠢ ᠶᠢᠨ ᠰᠠᠬᠠᠯ᠂ ᠬᠦᠯ ᠡ᠊ᠨᠡ ᠲᠠᠷᠨ ᠶᠢ ᠤᠶᠤᠬᠤ ᠲᠡᠭᠡᠷ᠎ᠠ ᠠᠷᠪᠢᠨ ᠭᠡᠷᠡᠭᠯᠡᠵᠦ ᠪᠤᠢ᠃ ᠵᠠᠷᠢᠮᠠᠳ ᠨᠢ ᠴᠡᠴᠡᠭ ᠬᠤᠸᠠᠷ᠂ ᠮᠤᠳᠤ ᠤᠷᠭᠤᠮᠠᠯ ᠤᠨ ᠡᠰᠢ ᠪᠤᠶᠤ ᠡᠷᠪᠡᠭᠡᠢ ᠶᠢᠨ ᠰᠠᠬᠠᠯ᠂ ᠬᠦᠯ ᠢ ᠮᠦᠨ ᠨᠢᠭᠡ ᠨᠢᠭᠡ ᠤᠳᠠᠰᠤ ᠪᠠᠷ ᠲᠠᠷᠤᠭᠤᠯᠤᠨ ᠰᠤᠯᠨ ᠬᠠᠳᠬᠤᠳᠠᠭ ᠪᠤᠯᠪᠠᠴᠤ ᠵᠠᠷᠢᠮᠠᠳ ᠨᠢ ᠬᠤᠷᠳᠤᠨ ᠢᠶᠠᠨ ᠪᠤᠳᠤᠵᠦ ᠡᠯᠬᠦᠨ ᠬᠠᠳᠬᠤᠵᠦ ᠤᠶᠤᠳᠠᠭ᠃     ︵ᠲᠤᠯᠤᠭ᠎ᠠ︶ ᠪᠤᠰᠤᠳ ᠬᠠᠳᠬᠤᠯᠭ᠎ᠠ     ᠬᠤᠸᠠᠷ ᠬᠠᠳᠬᠤᠬᠤ ᠳᠤ ᠡᠶᠢᠮᠦ ᠭᠡᠳᠤᠨ ᠤᠠᠴᠠᠭᠠᠢ ᠬᠠᠳᠬᠤᠯᠭ᠎ᠠ ᠪᠠᠶᠢᠬᠤ ᠠᠴᠠ ᠭᠠᠳᠠᠨ᠎ᠠ ᠪᠤᠰᠤᠳ ᠤᠶᠤᠯᠭ᠎ᠠ ᠶᠢ ᠴᠤ ᠬᠠᠪᠰᠤᠷᠭᠠᠨ ᠭᠡᠷᠡᠭᠯᠡᠳᠡᠭ ᠪᠠᠶᠢᠨ᠎ᠠ᠃ ᠤᠶᠤᠯᠭ᠎ᠠ ᠶᠢᠨ ᠲᠤᠳᠤᠷᠡᠬᠢ ᠰᠢᠭᠯᠠᠬᠤ᠂ ᠲᠤᠭᠤᠴᠠᠬᠤ᠂ ᠰᠢᠳᠡᠬᠦ ᠵᠡᠷᠭᠡ ᠶᠢᠨ ᠤᠶᠤᠯᠭ᠎ᠠ ᠶᠢ ᠭᠤᠤᠯᠳᠠᠭᠤ ᠬᠠᠳᠬᠤᠭᠰᠠᠨ ᠬᠤᠸᠠᠷ ᠤᠨ ᠢᠶᠠᠨ ᠬᠦᠪᠡᠭᠡ ᠶᠢ ᠲᠠᠭᠠᠭᠤᠯᠤᠨ ᠱᠠᠭᠠᠵᠠᠭᠠᠢ ᠶᠢᠨ ᠮᠦᠷ ᠤᠶᠤᠬᠤ᠂ ᠪᠤᠭᠤᠳᠠᠢ ᠴᠤᠪᠤᠭᠤᠯᠬᠤ᠂ ᠤᠳᠤ ᠬᠠᠳᠬᠤᠬᠤ᠂ ᠲᠤᠭᠤᠯᠠᠩ ᠤᠶᠤᠬᠤ ᠵᠡᠷᠭᠡ ᠳᠤ ᠭᠡᠷᠡᠭᠯᠡᠵᠦ᠂ ᠭᠤᠤᠯ ᠬᠤᠸᠠᠷ ᠤᠨ ᠬᠤᠭᠤᠰᠤᠨ ᠭᠠᠵᠠᠷ ᠢ ᠪᠦᠭᠯᠡᠬᠦ᠂ ᠬᠦᠷᠢᠶᠠᠯᠠᠨ ᠬᠦᠪᠡᠭᠡᠯᠡᠵᠦ ᠶᠠᠩᠵᠤᠯᠠᠳᠠᠭ ᠪᠠᠶᠢᠨ᠎ᠠ᠃     ᠲᠡᠭᠡᠷᠡᠬᠢ ᠭᠡᠯᠡᠭᠰᠡᠨ ᠵᠦᠢᠯ ᠲᠦᠢᠯ ᠤᠨ ᠪᠦᠷᠢᠨ ᠪᠤᠰᠤ ᠭᠡᠰᠠᠨ ᠢᠶᠠᠨ ᠪᠢ ᠵᠦᠪᠰᠢᠶᠠᠷᠡᠵᠦ ᠪᠠᠶᠢᠨ᠎ᠠ᠃ ᠤᠴᠢᠷ ᠨᠢ ᠪᠢ ᠦᠪᠡᠷ ᠢᠶᠠᠨ ᠬᠠᠳᠬᠤᠮᠠᠯᠴᠢᠨ ᠪᠢᠰᠢ ᠬᠠᠷᠢᠨ ᠶᠡᠭᠡᠴᠤᠳ ᠤᠨ ᠢᠶᠠᠨ ᠬᠤᠸᠠᠷ ᠬᠠᠳᠬᠤᠬᠤ ᠶᠢ ᠯᠠ ᠬᠠᠷᠠᠵᠦ ᠪᠠᠶᠢᠭᠰᠠᠨ ᠲᠠᠳᠤᠢ᠃ ᠲᠠᠷᠨ ᠮᠦᠷᠳᠡᠭᠡᠨ ᠬᠠᠷᠠᠬᠤ ᠶᠢᠨ ᠲᠠᠳᠤᠢ᠂ ᠬᠠᠶᠢᠡᠭᠭᠤᠳᠠ ᠬᠠᠷᠠᠵᠦ ᠲᠤᠬᠠᠢ ᠶᠢᠨ ᠦᠶ᠎ᠠ ᠳᠤ ᠨᠢ ᠡ᠊ᠨᠡ ᠨᠢ ᠶᠠᠭᠤ ᠶᠤᠮ᠂ ᠲᠠᠷᠨ ᠨᠢ ᠶᠠᠭᠤ ᠶᠤᠮ ᠭᠡᠵᠦ ᠠᠰᠠᠭᠤᠭᠰᠠᠨ ᠴᠤ ᠦᠭᠡᠢ ᠦᠡᠭᠭᠡᠷᠡᠭᠰᠡᠨ ᠨᠢ ᠬᠠᠷᠠᠮᠰᠠᠯᠳᠠᠢ᠃ ᠲᠡᠭᠡᠭᠡᠳ ᠤᠳᠤ ᠬᠠᠳᠬᠤᠮᠠᠯ ᠨᠢᠭᠡ ᠲᠠᠰᠤᠷᠠᠵᠦ ᠲᠡᠬᠢᠨ ᠰᠡᠷᠬᠦᠭᠡᠭᠳᠡᠬᠦ ᠳᠤ ᠠᠩᠬᠠᠷᠤᠯ ᠳᠤ ᠪᠠᠨ ᠠᠪᠴᠤ᠂ ᠦᠡᠭᠭᠡᠷᠡᠭᠰᠡᠨ ᠤ ᠬᠠᠳᠬᠤᠮᠠᠯ ᠪᠠ ᠤᠳᠤ ᠶᠢᠨ ᠬᠠᠳᠬᠤᠮᠠᠯ ᠢ ᠬᠠᠷᠢᠴᠠᠭᠤᠯᠤᠨ ᠦᠵᠡᠵᠦ ᠬᠠᠳᠬᠤᠬᠤ ᠠᠷᠭ᠎ᠠ ᠶᠢ ᠨᠢ ᠨᠠᠰᠤᠳᠠᠨ ᠪᠤᠭᠤᠷᠤᠯᠴᠤᠳ ᠠᠴᠠ ᠠᠰᠠᠭᠤᠨ ᠰᠤᠷᠪᠤᠯᠵᠢᠯᠠᠭᠰᠠᠨ ᠲᠠᠳᠦ᠋ᠢᠭᠡᠨ᠃ ᠲᠡᠭᠡᠬᠦᠯᠠᠷ ᠨᠢ ᠡ᠊ᠨᠡ ᠬᠠᠳᠬᠤᠬᠤ ᠠᠷᠭ᠎ᠠ ᠠᠴᠠ ᠤᠠᠳᠤᠤ ᠤᠠᠳᠤᠤ ᠬᠠᠳᠬᠤᠬᠤ ᠠᠷᠭ᠎ᠠ ᠵᠦᠡᠭᠳᠡᠭᠡᠨ ᠪᠠᠶᠢᠬᠤ ᠭᠡᠵᠦ ᠪᠤᠳᠤᠵᠦ ᠪᠠᠶᠢᠨ᠎ᠠ᠃ ᠬᠠᠳᠬᠤᠮᠠᠯ ᠬᠠᠳᠬᠤᠵᠦ ᠪᠦᠬᠦᠢ ᠤᠷᠠᠨ ᠤᠶᠤᠳᠠᠯᠴᠢᠳ ᠨᠦᠬᠦᠪᠤᠷᠢᠯᠠᠨ ᠪᠢᠴᠢᠵᠦ ᠪᠠᠶᠢᠬᠤ ᠶᠢ ᠬᠦᠰᠠᠶ᠎ᠠ︕     ᠬᠤᠶᠠᠷ᠂ ᠬᠠᠳᠬᠤᠮᠠᠯ ᠤᠨ ᠰᠤᠶᠤᠯ ᠤᠨ ᠬᠤᠪᠢᠷᠠᠯᠳᠠ     ᠬᠠᠳᠬᠤᠮᠠᠯ ᠤᠨ ᠰᠤᠶᠤᠯ ᠤᠨ ᠬᠤᠪᠢᠷᠠᠯᠳᠠ ᠶᠢᠨ ᠲᠤᠬᠠᠢ ᠭᠡᠯᠡᠬᠦ ᠳᠤ ᠪᠠᠨ ᠡᠶᠢᠮᠦ ᠵᠦᠢᠯ ᠢ ᠲᠤᠳᠤᠷᠠᠭᠤᠯᠤᠮᠠᠷ ᠪᠠᠶᠢᠨ᠎ᠠ᠃ ᠪᠢ ᠲᠠᠷᠨ ᠵᠢᠯ ︽ᠠᠯᠳᠠᠨ ᠭᠠᠨᠳᠠᠷᠢ︾ ᠶᠢᠨ ᠲᠤᠳᠤᠷ᠎ᠠ᠂ ᠠᠷᠤ ᠨᠢᠭᠤᠷ ᠲᠡᠭᠡᠷ᠎ᠠ ᠨᠢᠭᠡ ᠪᠦᠯᠦᠭ ᠤᠷᠳᠤᠰ ᠬᠠᠳᠬᠤᠮᠠᠯ ᠢ ᠲᠡᠯᠪᠢᠭ᠌ᠰᠠᠨ ᠪᠢᠯᠨ᠃ ᠢᠡᠭᠬᠢᠵᠦ ᠲᠠᠯᠪᠢᠬᠤ ᠶᠢᠨ ᠲᠦᠯᠦᠭᠡ ᠪᠢ ᠠᠷᠠᠳ ᠤᠨ ᠲᠤᠳᠤᠷ᠎ᠠ ᠦᠯᠡᠳᠡᠵᠦ ᠪᠠᠶᠢᠭ᠎ᠠ ᠬᠠᠭᠤᠴᠢᠨ ᠬᠠᠳᠬᠤᠮᠠᠯ ᠢ ᠭᠤᠤᠯᠳᠠᠭᠤᠯᠵᠦ ᠤᠳᠤᠬᠢ ᠬᠠᠳᠬᠤᠮᠠᠯ ᠢ ᠴᠤ ᠤᠷᠤᠯᠴᠠᠭᠤᠯᠤᠭᠰᠠᠨ ᠶᠤᠮ᠃ ᠬᠠᠷᠢᠨ ᠡ᠊ᠨᠡ ᠨᠢᠭᠡ ᠶᠠᠪᠤᠳᠠᠯ ᠠᠴᠠ ᠪᠠᠨ ᠪᠢ ᠬᠠᠭᠤᠴᠢᠨ ᠬᠠᠳᠬᠤᠮᠠᠯ ᠪᠠ ᠰᠢᠨ᠎ᠠ ᠬᠠᠳᠬᠤᠮᠠᠯ ᠦᠰᠤᠳ ᠤᠠᠳᠤᠤ ᠪᠠᠶᠢᠭ᠎ᠠ ᠶᠢ ᠦᠵᠡᠵᠦ ᠭᠠᠷᠤᠭᠰᠠᠨ ᠪᠤᠯᠪᠠᠴᠤ ᠶᠠᠭᠤᠨ ᠲᠡᠭᠡᠷ᠎ᠠ ᠨᠢ ᠠᠳᠠᠯᠢ ᠦᠭᠡᠢ ᠪᠠᠶᠢᠭ᠎ᠠ ᠶᠢ ᠤᠨᠤᠬᠤ ᠦᠭᠡᠢ ᠪᠤᠯᠵᠦ ᠭᠠᠶᠢᠬᠠᠭᠰᠠᠨ ᠳᠤ ᠪᠠᠨ ᠤᠯᠠᠨ ᠬᠦᠮᠦᠨ ᠳᠤ ᠦᠵᠡᠬᠦᠯᠵᠦ ᠡ᠊ᠨᠡ ᠰᠢᠯᠳᠠᠭᠠᠨ ᠢ ᠤᠯᠬᠤ ᠪᠠᠷ ᠴᠢᠷᠮᠠᠶᠢᠪᠠ᠃ ᠡ᠊ᠨᠡ ᠦᠵᠡᠬᠦᠯᠦᠭᠰᠡᠨ ᠬᠦᠮᠦᠰ ᠤᠨ ᠲᠤᠳᠤᠷ᠎ᠠ ᠵᠢᠷᠤᠭᠴᠢᠨ ᠬᠦᠮᠦᠰ ᠴᠤ ᠤᠷᠤᠯᠴᠠᠭᠰᠠᠨ ᠪᠦᠭᠡᠳ ᠲᠠᠳᠠ ᠵᠢᠷᠤᠭᠴᠢᠨ ᠬᠦᠮᠦᠰ ᠬᠠᠭᠤᠴᠢᠨ ᠬᠠᠳᠬᠤᠮᠠᠯ ᠢ ᠨᠢ ᠦᠵᠡᠭᠰᠡᠨ ᠤ ᠲᠠᠷᠠᠭ᠎ᠠ ᠲᠠᠭᠤ ᠠᠯᠳᠠᠵᠠᠭᠠᠵᠦ᠄ ︽ᠦ᠂ ᠤᠵᠠᠭᠤᠷ ᠤᠨ ᠮᠤᠩᠭᠤᠯ ᠬᠦᠮᠦᠨ ᠤ ᠭᠡᠷᠡᠭᠯᠡᠵᠦ ᠪᠠᠶᠢᠭᠰᠠᠨ ᠦᠡᠭᠭᠡ ᠡᠶᠢᠮᠦ ᠶᠠᠭᠤᠮ᠎ᠠ ᠪᠠᠶᠢᠵᠠᠢ᠃ ᠲᠡᠭᠡᠷ᠎ᠠ ᠠᠴᠠ ᠨᠢ ᠡ᠊ᠨᠡ ᠬᠠᠳᠬᠤᠵᠦ ᠭᠠᠷᠭᠠᠭᠰᠠᠨ ᠬᠤᠸᠠᠷ ᠬᠠᠷᠢᠨ ᠪᠤᠰᠤᠭᠠᠯᠵᠢᠨ ᠲᠦᠷᠢ ᠲᠠᠢ ᠬᠠᠷᠠᠭᠳᠠᠳᠠᠭ ᠨᠢ ᠰᠤᠨᠢᠬᠠᠨ ᠶᠤᠮ︕︾ ᠭᠡᠵᠡᠭᠡᠪᠠ᠃ ᠲᠡᠭᠡᠭᠡᠳ ᠪᠢ ᠨᠢᠭᠡᠳᠦᠭᠡᠷ ᠲᠤ ᠤᠵᠠᠭᠤᠷ ᠤᠨ ᠬᠠᠳᠬᠤᠮᠠᠯ ᠬᠢᠭᠡᠳ ᠤᠳᠤ ᠶᠢᠨ ᠬᠠᠳᠬᠤᠮᠠᠯ ᠦᠡᠭᠭᠡ ᠶᠢᠨ ᠲᠠᠯ᠎ᠠ ᠪᠠᠷ ᠵᠦᠷᠢᠵᠦ ᠪᠠᠶᠢᠭ᠎ᠠ ᠶᠢ ᠮᠡᠳᠡᠪᠠ᠃ 1. ᠦᠡᠭᠭᠡ ᠶᠢᠨ ᠵᠦᠷᠢᠶ᠎ᠠ᠂ ᠬᠠᠳᠬᠤᠮᠠᠯ ᠬᠠᠳᠬᠤᠳᠠᠭ ᠬᠦᠮᠦᠨ ᠶᠠᠭᠤᠨ ᠤ ᠡᠮᠦᠨ᠎ᠠ ᠵᠤᠬᠢᠮᠵᠢᠳᠠᠢ ᠵᠠᠢ ᠲᠡᠭᠡᠷ᠎ᠠ ᠭᠡᠷᠬᠢᠨ ᠶᠠᠮᠠᠷ ᠵᠢᠷᠤᠭ ᠢ ᠢᠯᠡᠷᠡᠬᠦᠯᠬᠦ ᠪᠠᠨ ᠪᠤᠳᠤᠯᠬᠢᠯᠡᠠᠭᠰᠠᠨ ᠤ ᠲᠠᠷᠠᠭ᠎ᠠ ᠦᠡᠭᠭᠡ ᠪᠠᠨ ᠪᠤᠳᠤᠯᠬᠢᠯᠠᠳᠠᠭ ᠶᠤᠮ ᠪᠠᠶᠢᠨ᠎ᠠ᠃ ᠦᠡᠭᠭᠡ ᠳᠤ ᠦᠠᠳᠤᠰᠤᠳᠠᠨ ᠤ ᠤᠠᠴᠠᠯᠢᠭ᠂ ᠵᠠᠩ ᠲᠠᠳᠬᠠᠯ᠂ ᠰᠤᠶᠤᠯ᠂ ᠠᠮᠢᠳᠤᠷᠠᠯ ᠪᠦᠷ ᠬᠤᠯᠪᠤᠭᠳᠠᠳᠠᠭ ᠪᠤᠯᠬᠤᠷ ᠤᠷᠠᠴᠤᠳ ᠡ᠊ᠨᠡ ᠡ᠊ᠨᠡ ᠳᠤ ᠪᠠᠨ ᠰᠢᠯᠳᠠᠭᠠᠯᠠᠵᠦ ᠦᠪᠠᠷ ᠤᠨ ᠤᠠᠴᠠᠯᠢᠭ᠂ ᠵᠠᠩ ᠲᠠᠳᠬᠠᠯ᠂ ᠰᠤᠶᠤᠯ᠂ ᠠᠮᠢᠳᠤᠷᠠᠯ ᠳᠤ ᠪᠠᠨ ᠵᠤᠬᠢᠴᠠᠭᠰᠠᠨ ᠦᠡᠭᠭᠡ ᠶᠢ ᠰᠤᠩᠭᠤᠨ ᠲᠠᠭᠠᠷᠠᠭᠤᠯᠳᠠᠭ ᠪᠠᠶᠢᠵᠠᠢ᠃ ᠲᠠᠯ᠎ᠠ ᠨᠤᠳᠤᠭ ᠢ ᠨᠠᠶᠢᠳᠠᠮ ᠳᠤ ᠨᠢ ᠬᠠᠷᠠᠬᠤ ᠳᠤ ᠨᠤᠪ ᠨᠤᠭᠤᠭᠠᠨ ᠪᠠᠶᠢᠳᠠᠭ ᠪᠤᠯᠪᠠᠴᠤ ᠠᠰ ᠠᠰ ᠲᠤ ᠨᠢ ᠦᠵᠡᠬᠦ ᠳᠤ ᠡᠯᠳᠡᠪ ᠤᠨ ᠦᠡᠭᠭᠡ ᠪᠠᠷ ᠪᠦᠳᠦᠵᠦ ᠪᠠᠶᠢᠳᠠᠭ ᠲᠠᠢ ᠠᠳᠠᠯᠢ ᠡᠳᠤᠷᠵᠢᠨ ᠡᠪᠡᠰᠤ ᠤᠷᠭᠤᠮᠠᠯ᠂ ᠴᠡᠴᠡᠭ ᠨᠠᠪᠴᠢ᠂ ᠠᠭᠤᠯᠨ ᠤᠰᠤ ᠪᠠᠨ ᠬᠠᠷᠠᠵᠦ ᠶᠠᠪᠤᠳᠠᠭ ᠮᠠᠯᠴᠢᠨ ᠬᠦᠮᠦᠨ ᠤ ᠨᠢᠳᠤᠨ ᠳᠤ ᠲᠠᠷᠨ ᠤᠯᠠᠨ ᠦᠡᠭᠭᠡ ᠭᠡᠪ ᠶᠤᠰᠤᠭᠠᠷ ᠢᠶᠠᠨ ᠬᠠᠷᠠᠭᠳᠠᠵᠦ᠂ ᠲᠠᠳᠠ ᠬᠦᠮᠦᠰ ᠲᠠᠷᠨ ᠬᠠᠷᠠᠭᠳᠠᠭᠰᠠᠨ ᠦᠡᠭᠭᠡ ᠶᠢ ᠭᠡᠪ ᠶᠤᠰᠤᠭᠠᠷ ᠨᠢ ᠭᠠᠷᠭᠠᠬᠤ ᠭᠡᠵᠦ ᠦᠡᠭᠭᠡ ᠰᠤᠩᠭᠤᠳᠠᠭ ᠪᠠᠶᠢᠵᠠᠢ᠃ ᠪᠠᠰᠠ ᠨᠢᠭᠡ ᠨᠢ ᠮᠤᠩᠭᠤᠯ ᠮᠠᠯᠴᠢᠨ ᠬᠦᠮᠦᠨ ᠠᠰᠪᠤᠷ ᠴᠠᠭᠠᠪᠤᠷ ᠮᠦᠷᠳᠡᠭᠡᠨ ᠪᠤᠷᠤᠭᠵᠢᠭᠤᠨ ᠵᠠᠩ ᠴᠢᠨᠠᠷᠲᠡᠢ ᠪᠤᠯᠬᠤᠷ ᠬᠤᠸᠠᠷ ᠤᠨ ᠬᠢ ᠨᠢ ᠦᠡᠭᠭᠡ ᠡ᠊ᠨᠡ ᠰᠠᠳᠬᠢᠯᠭᠡ ᠶᠢ ᠨᠢ ᠲᠠᠭᠠᠵᠦ ᠪᠤᠷᠤᠭᠵᠢᠭᠤᠨ ᠠᠳᠠᠯ᠎ᠠ ᠪᠠᠨ ᠦᠵᠡᠰᠬᠦᠯᠠᠩ ᠪᠠᠶᠢᠵᠦ᠂ ᠤᠯᠠᠮ ᠦᠵᠡᠬᠦ ᠳᠤ ᠤᠯᠠᠮ ᠦᠵᠡᠬᠦᠰᠢᠳᠠᠢ ᠰᠠᠨᠠᠭᠳᠠᠳᠠᠭ ᠪᠠᠶᠢᠨ᠎ᠠ᠃ ᠮᠤᠩᠭᠤᠯ ᠬᠦᠮᠦᠨ ᠬᠤᠪᠴᠠᠰᠤ ᠡᠮᠦᠰᠬᠦ ᠳᠤ ᠪᠠᠨ ᠴᠤ ᠲᠠᠳᠠ᠂ ᠭᠡᠳᠤᠷᠭᠡᠢ ᠬᠤᠷᠴᠠ ᠰᠤᠨᠤᠷ ᠦᠡᠭᠭᠡ ᠲᠠᠢ ᠲᠤᠷᠭ᠎ᠠ᠂ ᠪᠦᠰ ᠢ ᠡᠮᠦᠰᠳᠡᠭ ᠦᠭᠡᠢ᠂ ᠬᠠᠷᠢᠨ ᠭᠡᠤᠭᠡᠳ ︵ᠠᠷᠪᠠᠭᠠᠳ ᠨᠠᠰᠤᠨ ᠠᠴᠠ ᠲᠤᠭᠤᠭᠰᠢ︶ ᠯᠠ ᠬᠠᠷᠢᠨ ᠰᠤᠨᠤᠷ ᠦᠡᠭᠭᠡ ᠲᠠᠢ ᠬᠤᠪᠴᠠᠰᠤ ᠡᠮᠦᠰᠳᠡᠭ ᠶᠤᠮ᠃ ᠬᠠᠷᠢᠨ ᠤᠳᠤᠬᠢ ᠶᠢᠨ ᠬᠦᠮᠦᠰ ᠤᠨ ᠤᠶᠤᠭᠰᠠᠨ ᠬᠠᠳᠬᠤᠮᠠᠯ ᠢ ᠦᠵᠡᠬᠦᠯᠠᠷ ᠠᠯᠢ ᠬᠤᠷᠴᠠ ᠰᠤᠨᠤᠷ ᠦᠡᠭᠭᠡ ᠶᠢᠨ ᠤᠳᠠᠰᠤ ᠪᠠᠷ ᠬᠠᠳᠬᠤᠭᠰᠠᠨ ᠠᠴᠠ ᠪᠤᠯᠵᠦ ᠬᠠᠳᠬᠤᠵᠦ ᠭᠠᠷᠭᠠᠭᠰᠠᠨ ᠬᠤᠸᠠᠷ ᠨᠢ ᠮᠤᠩᠭᠤᠯ ᠬᠦᠮᠦᠨ ᠤ ᠤᠠᠴᠠᠯᠢᠭ᠂ ᠰᠠᠳᠬᠢᠬᠦᠢ ᠠᠴᠠ ᠤᠠᠳᠤᠤ ᠪᠤᠯᠴᠢᠬᠠᠵᠦ ᠶᠠᠮᠠᠷ ᠨᠢᠭᠡᠨ ᠭᠡᠪ ᠨᠠᠮᠪᠠ ᠭᠡᠰᠠᠨ ᠶᠠᠭᠤᠮ᠎ᠠ ᠦᠭᠡᠢ ᠪᠤᠯᠴᠢᠬᠠᠭᠰᠠᠨ ᠪᠠᠶᠢᠨ᠎ᠠ᠃ ᠡ᠊ᠨᠡ ᠲᠤᠬᠠᠢ ᠲᠠᠢ ᠪᠢ ᠲᠡᠳᠡᠭᠡᠷ ᠬᠠᠳᠬᠤᠮᠠᠯᠴᠢᠨ ᠨᠦᠬᠦᠳ ᠲᠠᠢ ᠶᠠᠷᠢᠯᠴᠠᠬᠤᠯᠠᠷ ᠲᠠᠳᠠᠨ ᠤ ᠭᠡᠯᠡᠭᠰᠡᠨ ᠨᠢ᠂ ᠤᠳᠤ ᠲᠠᠷᠨ ᠦᠡᠭᠭᠡ ᠶᠢᠨ ᠤᠳᠠᠰᠤ ᠤᠯᠳᠠᠬᠤ ᠦᠭᠡᠢ ᠪᠤᠯᠴᠢᠬᠠᠭᠰᠠᠨ᠃ ᠬᠤᠳᠠᠯᠳᠤᠭᠰᠠᠨ ᠨᠢ ᠪᠦᠷ ᠲᠡᠶᠢᠮᠦ ᠬᠤᠷᠴᠠ ᠦᠡᠭᠭᠡᠳᠠᠢ ᠶᠠᠭᠤᠮᠠᠰ ᠭᠡᠰᠠᠨ ᠬᠠᠷᠢᠭᠤᠯᠳᠠ ᠶᠢ ᠤᠯᠪᠠ᠃ 2. ᠤᠷᠠᠯᠢᠭ ᠤᠨ ᠵᠦᠷᠢᠶ᠎ᠠ᠂ ᠬᠠᠳᠬᠤᠮᠠᠯ ᠬᠠᠳᠬᠤᠬᠤ ᠰᠤᠶᠤᠯ ᠨᠢᠭᠡ ᠦᠶ᠎ᠠ ︵ᠪᠠᠷᠤᠭ 30~40 ᠵᠢᠯ︶ ᠲᠠᠰᠤᠯᠤᠭᠳᠠᠭᠰᠠᠨ ᠠᠴᠠ ᠲᠠᠷᠨ ᠦᠶᠠᠰ ᠤᠨ ᠤᠷᠠᠯᠠᠨ ᠬᠠᠳᠬᠤᠬᠤ ᠮᠡᠷᠭᠡᠵᠢᠯ ᠤᠯᠠᠮᠵᠢᠯᠠᠭᠳᠠᠨ ᠢᠷᠡᠭᠰᠡᠨ ᠦᠭᠡᠢ ᠪᠤᠯᠴᠢᠬᠠᠵᠠᠢ᠃ ᠤᠳᠤ ᠶᠢᠨ ᠬᠦᠮᠦᠰ ᠭᠡᠳᠦ᠋ᠢᠪᠠᠷ ᠭᠡᠳᠤᠨ ᠵᠦᠢᠯ ᠤᠨ ᠬᠠᠳᠬᠤᠬᠤ ᠠᠷᠭ᠎ᠠ ᠶᠢ ᠮᠡᠳᠡᠵᠦ ᠪᠠᠶᠢᠳᠠᠭ ᠪᠤᠯᠪᠠᠴᠤ ᠡ᠊ᠨᠡ ᠠᠷᠭ᠎ᠠ ᠪᠠᠨ ᠠᠯᠢ ᠠᠯᠢᠨ ᠲᠡᠭᠡᠷ᠎ᠠ ᠨᠢ ᠠᠮᠢᠳᠤᠯᠢᠭ ᠢᠶᠠᠷ ᠤᠯᠠᠷᠢᠭᠤᠯᠤᠨ ᠭᠡᠷᠡᠭᠯᠡᠬᠦ ᠤᠷ᠎ᠠ ᠮᠡᠷᠭᠡᠵᠢᠯ ᠲᠤᠳᠠᠭᠤᠳᠠᠵᠦ ᠬᠠᠪᠳᠠᠭᠠᠢᠢᠷᠠᠭᠰᠠᠨ ᠲᠦᠷᠢ ᠪᠦᠬᠦᠢ ᠵᠢᠷᠤᠭ ᠲᠦᠷᠰᠤ ᠶᠢ ᠬᠠᠳᠬᠤᠵᠦ ᠪᠠᠶᠢᠨ᠎ᠠ᠃ ᠮᠢᠨᠤ ᠭᠠᠷ ᠲᠤ ᠮᠢᠨᠤ ᠮᠦᠮᠦ ᠨᠠᠳᠠ ᠳᠤ ᠦᠭᠬᠦᠭᠰᠡᠨ ᠨᠢᠭᠡ ᠭᠡᠤᠭᠡᠳ ᠤᠨ ᠬᠦᠬᠦᠦᠷ ᠲᠠᠯᠢᠩ ᠪᠠᠶᠢᠳᠠᠭ᠃ ᠲᠠᠷᠨ ᠬᠦᠬᠦᠦᠷ ᠲᠠᠯᠢᠩ ᠢ ᠬᠠᠳᠬᠤᠭᠰᠠᠨ ᠤᠳᠠᠰᠤᠨ ᠦᠡᠭᠭᠡ ᠶᠢᠰᠤᠨ ᠦᠡᠭᠭᠡ ᠪᠤᠢ᠃ ᠭᠡᠳᠤᠨ ᠵᠦᠢᠯ ᠤᠨ ᠬᠠᠳᠬᠤᠬᠤ ᠠᠷᠭ᠎ᠠ ᠶᠢ ᠵᠤᠬᠢᠰᠳᠠᠢ ᠤᠯᠠᠷᠢᠭᠤᠯᠤᠨ ᠭᠡᠷᠡᠭᠯᠡᠵᠦ ᠤᠳᠠᠰᠤᠨ ᠤ ᠪᠠᠨ ᠦᠡᠭᠭᠡ ᠶᠢ ᠨᠢᠭᠡ ᠴᠡᠴᠡᠭ ᠤᠨ ᠲᠠᠯᠪᠢ ᠪᠤᠶᠤ ᠨᠢᠭᠡ ᠨᠠᠪᠴᠢᠨ ᠲᠡᠭᠡᠷ᠎ᠠ ᠭᠡᠳᠤ ᠭᠡᠳᠤᠨ ᠦᠡᠭᠭᠡ ᠶᠢ ᠵᠤᠬᠢᠷᠠᠬᠤ ᠪᠠᠷ ᠨᠢ ᠲᠠᠭᠠᠷᠠᠭᠤᠯᠵᠦ᠂ ᠲᠡᠬᠦᠨ ᠢᠶᠠᠷ ᠢᠶᠠᠨ ᠲᠡᠮᠵᠢᠭᠤᠯᠤᠨ ᠨᠠᠷᠨ ᠲᠤᠰᠴᠤ ᠪᠠᠶᠢᠭ᠎ᠠ ᠲᠠᠯ᠎ᠠ ᠪᠤᠶᠤ ᠨᠠᠷᠠ ᠲᠤᠰᠴᠤ ᠦᠭᠡᠢ ᠰᠠᠬᠦᠳᠠᠷ ᠲᠠᠯ᠎ᠠ ᠶᠢ ᠨᠢ ᠭᠠᠷᠭᠠᠵᠦ ᠲᠡᠶᠢᠯᠦᠭᠰᠡᠨ ᠢᠶᠠᠷ ᠪᠠᠷᠠᠬᠤ ᠦᠭᠡᠢ ᠵᠠᠷᠢᠮ ᠭᠠᠵᠠᠷ ᠨᠢ ᠲᠤᠬᠤᠵᠦ ᠤᠶᠤᠬᠤ ᠠᠷᠭ᠎ᠠ ᠪᠠᠷ ᠵᠢᠷᠤᠭ ᠢᠶᠠᠨ ᠪᠤᠰᠤᠭᠠᠯᠵᠢᠨ ᠲᠦᠷᠢ ᠲᠠᠢ ᠪᠤᠯᠭᠠᠭᠰᠠᠨ ᠠᠴᠠ ᠬᠤᠯᠨ ᠠᠴᠠ ᠬᠠᠷᠠᠬᠤ ᠳᠤ ᠠᠮᠢᠳᠤ ᠴᠡᠴᠡᠭ ᠶᠤᠮ ᠰᠢᠭ᠋ ᠬᠠᠷᠠᠭᠳᠠᠵᠦ ᠪᠠᠶᠢᠨ᠎ᠠ᠃ 3. ᠤᠳᠠᠰᠤ ᠵᠡᠬᠦᠦ ᠵᠠᠷᠤᠬᠤ ᠵᠦᠷᠢᠶ᠎ᠠ᠂ ᠤᠵᠠᠭᠤᠷ ᠤᠨ ᠬᠦᠮᠦᠰ ᠤᠨ ᠭᠡᠷᠡᠭᠯᠡᠵᠦ ᠪᠠᠶᠢᠭᠰᠠᠨ ᠵᠡᠬᠦᠦ᠂ ᠤᠳᠠᠰᠤ ᠤᠳᠤ ᠤᠯᠳᠠᠬᠤ ᠪᠠᠨ ᠪᠠᠶᠢᠴᠢᠬᠠᠪᠠ ᠭᠡᠭᠴᠢ ᠨᠢ ᠦᠨᠠᠨ ᠶᠤᠮ ᠪᠠᠶᠢᠨ᠎ᠠ᠃ ᠮᠢᠨᠤ ᠰᠠᠨᠠᠭᠠᠨ ᠳᠤ ᠪᠠᠶᠢᠬᠤ ᠪᠠᠷ ᠤᠵᠠᠭᠤᠷ ᠤᠨ ᠬᠤᠸᠠᠷ ᠤᠨ ᠵᠠᠬᠦᠦ ᠭᠡᠭᠴᠢ ᠨᠢ ᠨᠢᠭᠡ ᠢᠮᠠᠬᠤ ᠬᠦᠷᠬᠦ ᠦᠭᠡᠢ ᠤᠷᠳᠤ᠂ ᠭᠠᠭ᠋ᠠᠢ ᠶᠢᠨ ᠵᠤᠭᠳᠤᠷ ᠤᠨ ᠬᠢᠷᠢᠳᠠᠢ ᠪᠦᠳᠦᠬᠦᠨ ᠵᠡᠬᠦᠦ ᠶᠢ ᠲᠠᠶᠢᠯᠠᠭᠤᠷ ᠮᠠᠶᠢᠮᠠᠢ ᠠᠴᠠ ᠠᠪᠳᠠᠭ ᠯᠠ ᠪᠠᠶᠢᠭᠰᠠᠨ᠃ ᠤᠳᠠᠰᠤ ᠨᠢ ᠭᠡᠬᠦᠯᠠᠷ ᠴᠢᠩᠭ᠎ᠠ ᠲᠡᠮᠤᠭᠰᠠᠨ᠂ ᠰᠠᠶᠢᠬᠠᠨ ᠬᠦᠯᠢᠢᠭᠰᠡᠨ ᠮᠢᠠᠳᠠᠰᠤᠨ ᠤᠳᠠᠰᠤ ᠨᠤᠭᠤᠳ ᠪᠠᠶᠢᠭᠰᠠᠨ᠃ ᠲᠠᠷᠨ ᠤᠳᠠᠰᠤ ᠶᠢ ᠬᠢᠷᠢ ᠨᠢ ᠵᠠᠷᠤᠬᠤ ᠳᠤ ᠪᠠᠨ ᠭᠡᠷᠡᠭᠴᠡᠭᠡ ᠪᠠᠷ ᠢᠶᠠᠨ ᠰᠠᠯᠭᠠᠵᠦ᠂ ᠲᠠᠷᠨ ᠰᠠᠯᠭᠠᠭᠰᠠᠨ ᠤᠳᠠᠰᠤ ᠪᠠᠨ ᠰᠠᠷᠢᠮᠰᠠᠭ ᠲᠦᠷᠬᠢᠬᠦ ᠪᠤᠶᠤ ᠡᠰᠠᠬᠦᠯ᠎ᠠ ᠠᠮᠠᠨ ᠳᠤ ᠪᠠᠨ ᠮᠦᠰᠦᠨ ᠰᠢᠬᠢᠷ ᠡᠮᠬᠦᠵᠦ ᠪᠠᠶᠢᠨ ᠪᠠᠶᠢᠨ ᠤᠳᠠᠰᠤ ᠪᠠᠨ ᠨᠤᠷᠭᠠᠵᠦ ᠤᠶᠤᠳᠠᠭ᠃ ᠢᠡᠭᠬᠢᠵᠦ ᠪᠠᠶᠢᠬᠤ ᠨᠢ ᠤᠳᠠᠰᠤ ᠪᠠᠨ ᠨᠢᠭᠳᠠᠷᠠᠭᠤᠯᠵᠦ ᠬᠦᠯᠢᠩ ᠪᠤᠯᠭᠠᠬᠤ ᠶᠢᠨ ᠲᠦᠯᠦᠭᠡ ᠪᠠᠶᠢᠳᠠᠭ᠃ ᠪᠠᠰᠠ ᠵᠡᠬᠦᠦ ᠶᠢᠨ ᠢᠶᠠᠨ ᠬᠠᠳᠬᠤᠭᠰᠠᠨ ᠭᠠᠵᠠᠷ ᠢ ᠨᠢᠭᠤᠵᠦ ᠪᠠᠶᠢᠳᠠᠭ ᠠᠴᠠ ᠲᠠᠷᠨ ᠬᠤᠸᠠᠷ ᠨᠢ ᠲᠠᠠᠳᠠ ᠬᠠᠳᠬᠤᠭᠰᠠᠨ ᠪᠢᠰᠢ ᠬᠠᠷᠢᠨ ᠠᠶᠠᠠᠳᠠᠭᠠᠨ ᠪᠦᠳᠦᠴᠢᠭᠡᠭᠰᠡᠨ ᠰᠢᠭ ᠯᠠ ᠪᠠᠶᠢᠳᠠᠭ᠃ ᠤᠳᠤᠬᠢ ᠶᠢᠨ ᠬᠤᠸᠠᠷ ᠤᠨ ᠵᠡᠬᠦᠦ ᠵᠢᠴᠢ ᠤᠳᠠᠰᠤᠨ ᠳᠤ ᠨᠢ ᠬᠤᠪᠢᠷᠠᠯᠳᠠ ᠭᠠᠷᠴᠤ᠂ ᠵᠡᠬᠦᠦ ᠨᠢ ᠪᠦᠳᠦᠬᠦᠨ ᠤᠷᠳᠤ᠂ ᠤᠳᠠᠰᠤ ᠨᠢ ᠪᠦᠳᠦᠬᠦᠨ᠂ ᠰᠤᠯᠨ ᠮᠦᠷᠳᠡᠭᠡᠨ ᠦᠰᠦᠯᠢᠭ ᠪᠤᠯᠬᠤᠷ ᠤᠶᠤᠵᠦ ᠭᠠᠷᠭᠠᠭᠰᠠᠨ ᠬᠤᠸᠠᠷ ᠨᠢ ᠪᠠᠷᠵᠠᠭᠠᠷ ᠬᠠᠷᠠᠭᠳᠠᠵᠦ ᠪᠠᠶᠢᠨ᠎ᠠ᠃ ᠵᠡᠬᠦᠦ ᠶᠢᠨ ᠢᠶᠠᠨ ᠮᠦᠷ ᠢ ᠨᠢᠭᠤᠵᠦ ᠴᠢᠳᠠᠭᠰᠠᠨ ᠦᠭᠡᠢ ᠠᠴᠠ ᠪᠤᠯᠵᠦ ᠡᠪ ᠬᠠᠪᠤ ᠦᠭᠡᠢ ᠬᠠᠷᠠᠭᠳᠠᠳᠠᠭ ᠪᠤᠯᠵᠠᠢ᠃     ᠬᠤᠪᠢᠷᠠᠯᠳᠠ ᠶᠢᠨ ᠲᠤᠬᠠᠢ ᠮᠢᠨᠤ ᠦᠵᠡᠵᠦ ᠭᠠᠷᠤᠭᠰᠠᠨ ᠨᠢ ᠮᠦᠨ ᠡᠳᠦ᠋ᠢᠭᠡᠨ᠃ ᠭᠠᠭᠴᠠ ᠵᠡᠬᠦᠦ ᠬᠠᠳᠬᠤᠵᠦ ᠴᠢᠳᠠᠬᠤ ᠦᠭᠡᠢ ᠪᠠᠶᠢᠵᠦ ᠡᠶᠢᠮᠦ ᠤᠯᠠᠨ ᠢ ᠭᠡᠯᠡᠭᠰᠡᠨ ᠳᠤ ᠪᠠᠨ ᠵᠢᠭᠠᠬᠠᠨ ᠢᠴᠢᠩᠬᠦᠷᠡᠵᠦ ᠤᠯᠳᠤᠢ ᠵᠤᠬᠢᠶᠠᠯ ᠢᠶᠠᠨ ᠲᠡᠬᠦᠰᠭᠡᠶ᠎ᠠ᠃ ᠭᠡᠬᠦᠯᠠᠷ ᠬᠢᠳᠠᠳ ᠤᠨ ᠦᠭᠡᠨ ᠳᠤ ︽ᠴᠢᠯᠠᠭᠤ ᠶᠢ ᠰᠢᠳᠠᠵᠦ ᠬᠠᠰ ᠢ ᠬᠠᠶᠢᠬᠤ︾ ᠭᠡᠳᠡᠭ ᠤᠨ ᠪᠠᠷᠢᠯᠭ᠎ᠠ ᠪᠠᠷ ᠲᠠᠷᠨ ᠵᠤᠷᠢᠯᠭ᠎ᠠ ᠳᠤ ᠬᠦᠷᠴᠤ ᠲᠡᠶᠢᠯᠪᠠᠯ ᠤᠷᠳᠤᠰ ᠮᠤᠩᠭᠤᠯ ᠬᠠᠳᠬᠤᠮᠠᠯ ᠤᠨ ᠰᠤᠶᠤᠯ ᠳᠤ ᠬᠤᠪᠢ ᠨᠠᠮᠠᠷᠢ ᠪᠠᠨ ᠦᠵᠡᠬᠦᠯᠴᠢᠭᠡᠪᠠ ᠭᠡᠭᠴᠢ ᠨᠢ ᠲᠠᠷᠨ ᠡ︕
ᠢᠷᠡᠯᠲᠡ᠄ ︽ᠵᠢᠷᠠᠨ ᠬᠠᠶᠢᠯᠠᠰᠤ︾ ᠰᠡᠳᠬᠦᠯ