ᠣᠲᠤᠭ ᠤᠨ ᠪᠠᠷᠠᠭᠤᠨ ᠵᠠᠬ᠎ᠠ
ᠨᠡᠶᠢᠲᠡᠯᠡᠭᠰᠡᠨ ᠴᠠᠭ᠄
2018/7/26
              ᠤᠳᠤᠭ ᠤᠨ ᠪᠠᠷᠠᠭᠤᠨ ᠵᠠᠬ᠎ᠠ① ※ ᠤᠳᠤᠭ ᠤᠨ ︵ᠴᠢᠨᠢ︶ ᠪᠠᠷᠠᠭᠤᠨ ᠵᠠᠬ᠎ᠠ \ ᠪᠠᠭ᠋ᠠᠨ ᠬᠤᠯᠨ ᠪᠡᠶᠢᠨ᠎ᠠ᠂     ᠪᠠᠳᠤᠪᠠᠶᠠᠷ ᠲᠤ ᠪᠠᠨ ᠵᠤᠯᠭᠠᠨ᠎ᠠ ᠭᠡᠭᠴᠢ \ ᠪᠠᠭ᠋ᠠᠨ ᠪᠡᠷᠭᠡ ᠪᠡᠶᠢᠨ᠎ᠠ᠃         ᠠᠮᠨ ᠳᠤᠷᠭᠠᠨ ᠠᠯᠴᠢᠭᠤᠷ ᠲᠤ ᠴᠢᠨᠢ \ ᠪᠤᠯᠤᠠᠠᠰᠠᠨ ᠴᠤ ᠦᠭᠡᠢ ᠰᠢᠤ᠂     ᠠᠮᠨ ᠲᠦᠭᠦᠷᠡᠩ ᠴᠠᠭᠠᠨ ᠰᠢᠳᠤᠨ ᠳᠤ ᠨᠢ \ ᠪᠤᠯᠤᠠᠠᠰᠠᠨ ᠨᠢ ᠦᠨᠡᠡᠲᠡᠢ᠃         ᠠᠯᠬᠠᠰᠢᠠᠠᠰᠠᠨ ᠠᠳᠤᠭᠤᠨ ᠳᠤ ᠴᠢᠨᠢ \ ᠪᠤᠯᠤᠠᠠᠰᠠᠨ ᠴᠤ ᠦᠭᠡᠢ ᠰᠢᠤ᠂     ᠠᠮᠠᠷᠠᠭ ᠭᠠᠭᠴᠨ ᠰᠡᠤᠠᠬᠢᠯ ᠳᠤ ᠴᠢᠨᠢ \ ᠪᠤᠯᠤᠠᠠᠰᠠᠨ ᠨᠢ ᠦᠨᠡᠡᠲᠡᠢ᠃ ※ ᠤᠭ᠍ᠶᠤ ᠱᠢᠷᠤ ᠶᠢᠨ ᠤᠯᠠᠨ ᠳᠤ ᠴᠢᠨᠢ \ ᠪᠤᠯᠤᠠᠠᠰᠠᠨ ᠴᠤ ᠦᠭᠡᠢ ᠰᠢᠤ᠂     ᠤᠶᠤᠨ ᠮᠡᠷᠭᠡᠨ ᠤᠬᠠᠭᠠᠨ ᠳᠤ ᠴᠢᠨᠢ \ ᠪᠤᠯᠤᠠᠠᠰᠠᠨ ᠨᠢ ᠦᠨᠡᠡᠲᠡᠢ᠃         ᠤᠯᠠᠭᠠᠨ ᠳᠤᠷᠭᠠᠨ ᠲᠡᠪᠡᠯ ᠳᠤ ᠴᠢᠨᠢ \ ᠪᠤᠯᠤᠠᠠᠰᠠᠨ ᠴᠤ ᠦᠭᠡᠢ ᠰᠢᠤ᠂     ᠤᠷᠠᠨ ᠰᠠᠶᠢᠬᠠᠨ ᠦᠭᠡᠨ ᠳᠤ ᠴᠢᠨᠢ \ ᠪᠤᠯᠤᠠᠠᠰᠠᠨ ᠨᠢ ᠦᠨᠡᠡᠲᠡᠢ᠃※ ᠨᠤᠭᠤᠭᠠᠨ ᠬᠠᠶᠢᠯᠠᠩ ᠬᠠᠨᠵᠢᠶᠠᠷ ᠲᠤ ᠴᠢᠨᠢ \ ᠪᠤᠯᠤᠠᠠᠰᠠᠨ ᠴᠤ ᠦᠭᠡᠢ ᠰᠢᠤ᠂     ᠨᠤᠮᠤᠬᠠᠨ ᠳᠤᠠᠠᠳᠠᠭᠤᠨ ᠠᠭᠠᠯᠢ ᠳᠤ ᠴᠢᠨᠢ \ ᠪᠤᠯᠤᠠᠠᠰᠠᠨ ᠨᠢ ᠦᠨᠡᠡᠲᠡᠢ᠃         ᠪᠤᠷᠤ ᠳᠤᠷᠭᠠᠨ ᠲᠡᠪᠡᠯ ᠳᠤ ᠴᠢᠨᠢ \ ᠪᠤᠯᠤᠠᠠᠰᠠᠨ ᠴᠤ ᠦᠭᠡᠢ ᠰᠢᠤ᠂     ᠪᠤᠴᠠᠰᠢ ᠦᠭᠡᠢ ᠰᠡᠤᠠᠬᠢᠯ ᠳᠤ ᠴᠢᠨᠢ \ ᠪᠤᠯᠤᠠᠠᠰᠠᠨ ᠨᠢ ᠦᠨᠡᠡᠲᠡᠢ ᠰᠢᠤ᠃       ᠬᠠᠷ᠎ᠠ ᠳᠤᠷᠭᠠᠨ ᠲᠡᠪᠡᠯ ᠳᠤ ᠴᠢᠨᠢ \ ᠪᠤᠯᠤᠠᠠᠰᠠᠨ ᠴᠤ ᠦᠭᠡᠢ ᠰᠢᠤ᠂     ᠬᠠᠷᠠᠬᠤ ᠵᠠᠮᠵᠢᠬᠤ ᠬᠤᠶᠠᠷ ᠨᠢᠳᠤᠨ ᠳᠤ ᠴᠢᠨᠢ \ ᠪᠤᠯᠤᠠᠠᠰᠠᠨ ᠨᠢ ᠦᠨᠡᠡᠲᠡᠢ᠃     ︵ᠪᠠᠰᠨ᠄ ᠬᠠᠷ᠎ᠠ ᠳᠤᠷᠭᠠᠨ ᠬᠠᠨᠵᠢᠶᠠᠷ ᠲᠤ ᠴᠢᠨᠢ \ ᠪᠤᠯᠤᠠᠠᠰᠠᠨ ᠴᠤ ᠦᠭᠡᠢ ᠳ᠋ᠤᠤ᠂     ᠬᠠᠷᠠᠬᠤ ᠴᠠᠪᠴᠢᠬᠤ ᠬᠤᠶᠠᠷ ᠨᠢᠳᠤᠨ ᠳᠤ ᠴᠢᠨᠢ \ ᠪᠢ ᠴᠢᠨᠢ ᠪᠤᠯᠤᠠᠠᠰᠠᠨ ᠶᠤᠮ᠃︶         ᠬᠢᠵᠠᠭᠠᠯᠠᠩ ᠦᠬᠡᠷ ᠤᠨ ᠱᠢᠷᠤᠨ ᠳᠤ ᠴᠢᠨᠢ \ ᠪᠤᠯᠤᠠᠠᠰᠠᠨ ᠴᠤ ᠦᠭᠡᠢ ᠰᠢᠤ᠂     ᠬᠡᠯᠡᠵᠤ ᠳᠤᠷᠭᠢᠯᠤᠠᠠᠰᠠᠨ ᠦᠭᠡᠨ ᠳᠤ ᠴᠢᠨᠢ \ ᠪᠤᠯᠤᠠᠠᠰᠠᠨ ᠨᠢ ᠦᠨᠡᠡᠲᠡᠢ᠃     ᠬᠤᠨᠳᠠᠨ ᠳᠤᠷᠭᠠᠨ ᠲᠡᠪᠡᠯ ᠳᠤ ᠴᠢᠨᠢ \ ᠪᠤᠯᠤᠠᠠᠰᠠᠨ ᠴᠤ ᠦᠭᠡᠢ ᠰᠢᠤ᠂     ᠬᠤᠩᠭᠤᠷ ᠠᠯᠠᠭ ᠤᠨ ᠰᠡᠤᠠᠬᠢᠯ ᠳᠤ ᠴᠢᠨᠢ \ ᠪᠤᠯᠤᠠᠠᠰᠠᠨ ᠨᠢ ᠦᠨᠡᠡᠲᠡᠢ᠃         ᠬᠤᠶᠠᠷ ᠯᠠᠩ ᠤᠨ ᠰᠠᠭᠠᠯᠳᠠᠨ ᠳᠤ ᠴᠢᠨᠢ \ ᠪᠤᠯᠤᠠᠠᠰᠠᠨ ᠴᠤ ᠦᠭᠡᠢ ᠰᠢᠤ᠂     ᠬᠤᠰᠢᠨ ᠠᠯᠠᠭ ᠨᠢᠳᠤᠨ ᠳᠤ ᠴᠢᠨᠢ \ ᠪᠤᠯᠤᠠᠠᠰᠠᠨ ᠨᠢ ᠦᠨᠡᠡᠲᠡᠢ᠃         ᠬᠤᠷᠢᠨ ᠯᠠᠩ ᠤᠨ ᠪᠠᠭᠤᠤ ᠳᠤ ᠴᠢᠨᠢ \ ᠪᠤᠯᠤᠠᠠᠰᠠᠨ ᠴᠤ ᠦᠭᠡᠢ ᠰᠢᠤ᠂     ᠬᠤᠪᠤᠷ ᠰᠠᠶᠢᠬᠠᠨ ᠠᠭᠠᠯᠢᠨ ᠳᠤ ᠴᠢᠨᠢ \ ᠪᠤᠯᠤᠠᠠᠰᠠᠨ ᠨᠢ ᠦᠨᠡᠡᠲᠡᠢ᠃         ᠬᠤᠷᠢᠶ᠎ᠠ ᠲᠦᠭᠦᠷᠡᠩ ᠬᠤᠨᠢᠨ   ᠳᠤ ᠴᠢᠨᠢ \ ᠪᠤᠯᠤᠠᠠᠰᠠᠨ ᠴᠤ ᠦᠭᠡᠢ ᠰᠢᠤ᠂     ᠬᠤᠶᠠᠷ ᠦᠭᠡᠢ ᠰᠡᠤᠠᠬᠢᠯ ᠳᠤ ᠴᠢᠨᠢ \ ᠪᠤᠯᠤᠠᠠᠰᠠᠨ ᠨᠢ ᠦᠨᠡᠡᠲᠡᠢ᠃ ※ ᠬᠦᠷᠡᠩ ᠳᠤᠷᠭᠠᠨ ᠲᠡᠪᠡᠯ ᠳᠤ ᠴᠢᠨᠢ \ ᠪᠤᠯᠤᠠᠠᠰᠠᠨ ᠴᠤ ᠦᠭᠡᠢ ᠰᠢᠤ᠂     ᠬᠡᠤᠬᠡᠨ ᠬᠤᠩᠭᠤᠷ ᠰᠡᠤᠠᠬᠢᠯ ᠳᠤ ᠴᠢᠨᠢ \ ᠪᠤᠯᠤᠠᠠᠰᠠᠨ ᠨᠢ ᠦᠨᠡᠡᠲᠡᠢ᠃    ︵ᠪᠠᠰᠨ᠄ ᠬᠦᠨ ︵ᠴᠤ︶ ᠮᠡᠷᠭᠡᠨ ᠤᠬᠠᠭᠠᠨ ᠳᠤ ᠴᠢᠨᠢ \ ᠪᠤᠯᠤᠠᠠᠰᠠᠨ ᠨᠢ ᠦᠨᠡᠨ ᠳ᠋ᠤᠤ︶         ᠭᠤᠷᠪᠠ ᠯᠠᠩ ᠤᠨ ᠶᠠᠴᠢᠶᠠᠷ ᠲᠤ ᠴᠢᠨᠢ \ ᠪᠤᠯᠤᠠᠠᠰᠠᠨ ᠴᠤ ᠦᠭᠡᠢ ᠰᠢᠤ᠂     ᠭᠤᠴᠢᠨ ᠬᠤᠶᠠᠷ ᠰᠢᠳᠤᠨ ᠳᠤ ᠴᠢᠨᠢ \ ᠪᠤᠯᠤᠠᠠᠰᠠᠨ ᠨᠢ ᠦᠨᠡᠡᠲᠡᠢ᠃         ᠮᠠᠩᠨᠤᠭ ᠳᠤᠷᠭᠠᠨ ᠳ᠋ᠠᠴᠠᠩ ᠳᠤ ᠴᠢᠨᠢ \ ᠪᠤᠯᠤᠠᠠᠰᠠᠨ ᠴᠤ ᠦᠭᠡᠢ ᠰᠢᠤ᠂     ᠮᠠᠭᠠᠤᠨ ᠦᠨᠡᠨ ᠰᠡᠤᠠᠬᠢᠯ ᠳᠤ ᠴᠢᠨᠢ \ ᠪᠤᠯᠤᠠᠠᠰᠠᠨ ᠨᠢ ᠦᠨᠡᠡᠲᠡᠢ᠃         ᠰᠨ ᠴᠢᠩ ᠨᠤᠭᠤᠭᠠᠨ ᠴᠠᠮᠴᠠᠨ ᠳᠤ ᠴᠢᠨᠢ \ ᠪᠤᠯᠤᠠᠠᠰᠠᠨ ᠴᠤ ᠦᠭᠡᠢ ᠰᠢᠤ᠂     ᠰᠠᠷᠠᠭᠤᠯ ᠭᠡᠭᠡᠨ ᠤᠬᠠᠭᠠᠨ ᠳᠤ ᠴᠢᠨᠢ \ ᠪᠤᠯᠤᠠᠠᠰᠠᠨ ᠨᠢ ᠦᠨᠡᠡᠲᠡᠢ᠃         ᠰᠠᠭᠠᠷᠠᠯ ᠳᠤᠷᠭᠠᠨ ᠲᠡᠪᠡᠯ ᠳᠤ ᠴᠢᠨᠢ \ ᠪᠤᠯᠤᠠᠠᠰᠠᠨ ᠴᠤ ᠦᠭᠡᠢ ᠰᠢᠤ᠂     ᠰᠠᠨᠠᠵᠤ ᠪᠤᠳᠤᠬᠤ ᠰᠡᠤᠠᠬᠢᠯ ᠳᠤ ᠴᠢᠨᠢ \ ᠪᠤᠯᠤᠠᠠᠰᠠᠨ ᠨᠢ ᠦᠨᠡᠡᠲᠡᠢ᠃         ᠰᠠᠩᠰᠨ ᠬᠤᠷᠠᠭᠠᠨ ᠲᠡᠪᠡᠯ ᠳᠤ ᠴᠢᠨᠢ \ ᠪᠤᠯᠤᠠᠠᠰᠠᠨ ᠴᠤ ᠦᠭᠡᠢ ᠰᠢᠤ᠂     ᠰᠡᠴᠡᠨ ᠮᠡᠷᠭᠡᠨ ᠤᠬᠠᠭᠠᠨ ᠳᠤ ᠴᠢᠨᠢ \ ᠪᠤᠯᠤᠠᠠᠰᠠᠨ ᠨᠢ ᠦᠨᠡᠡᠲᠡᠢ᠃         ᠰᠢᠳᠤᠯᠠᠩ ᠦᠬᠡᠷ ᠤᠨ ᠱᠢᠷᠤ ᠳᠤ ᠴᠢᠨᠢ \ ᠪᠤᠯᠤᠠᠠᠰᠠᠨ ᠴᠤ ᠦᠭᠡᠢ ᠰᠢᠤ᠂     ᠰᠢᠳᠤᠷᠭᠤ ᠨᠤᠮᠤᠬᠠᠨ ᠤᠬᠠᠭᠠᠨ ᠳᠤ ᠴᠢᠨᠢ \ ᠪᠤᠯᠤᠠᠠᠰᠠᠨ ᠨᠢ ᠦᠨᠡᠡᠲᠡᠢ᠃         ᠰᠢᠷ᠎ᠠ ᠳᠤᠷᠭᠠᠨ ᠠᠯᠴᠢᠭᠤᠷ ᠲᠤ ᠴᠢᠨᠢ \ ᠪᠤᠯᠤᠠᠠᠰᠠᠨ ᠴᠤ ᠦᠭᠡᠢ ᠰᠢᠤ᠂     ᠰᠠᠶᠢᠬᠠᠨ ᠬᠤᠶᠠᠷ ᠦᠭᠡᠨ ᠳᠤ ᠴᠢᠨᠢ \ ᠪᠤᠯᠤᠠᠠᠰᠠᠨ ᠨᠢ ᠦᠨᠡᠡᠲᠡᠢ᠃     ︵ᠪᠠᠰᠨ᠄ ᠰᠠᠷᠠᠭᠤᠯ ᠮᠡᠷᠭᠡᠨ ᠤᠬᠠᠭᠠᠨ ᠳᠤ ᠴᠢᠨᠢ \ ᠪᠤᠯᠤᠠᠠᠰᠠᠨ ᠨᠢ ᠦᠨᠡᠡᠲᠡᠢ︶         ᠱᠠᠭᠠᠵᠡᠩ ᠨᠤᠭᠤᠭᠠᠨ ᠴᠠᠮᠴᠠᠨ ᠳᠤ ᠴᠢᠨᠢ \ ᠪᠤᠯᠤᠠᠠᠰᠠᠨ ᠴᠤ ᠦᠭᠡᠢ ᠰᠢᠤ᠂     ᠰᠠᠩᠬᠢᠰ ᠭᠡᠰᠡᠨ ᠰᠡᠤᠠᠬᠢᠯ ᠳᠤ ᠴᠢᠨᠢ \ ᠪᠤᠯᠤᠠᠠᠰᠠᠨ ᠨᠢ ᠦᠨᠡᠡᠲᠡᠢ᠃         ᠱᠢᠷᠤ ᠰᠤᠪᠤᠤᠨ ᠤᠨ ᠤᠯᠠᠨ ᠳᠤ ᠴᠢᠨᠢ \ ᠪᠤᠯᠤᠠᠠᠰᠠᠨ ᠴᠤ ᠦᠭᠡᠢ ᠰᠢᠤ᠂     ᠰᠢᠯᠦᠭᠯᠡᠭᠰᠡᠨ ᠬᠡᠳᠤᠨ ᠦᠭᠡᠨ ᠳᠤ ᠴᠢᠨᠢ \ ᠪᠤᠯᠤᠠᠠᠰᠠᠨ ᠨᠢ ᠦᠨᠡᠡᠲᠡᠢ᠃         ᠴᠠᠭᠠᠨ ᠳᠤᠷᠭᠠᠨ ᠴᠠᠮᠴᠠᠨ ᠳᠤ ᠴᠢᠨᠢ \ ᠪᠤᠯᠤᠠᠠᠰᠠᠨ ᠴᠤ ᠦᠭᠡᠢ ᠰᠢᠤ᠂     ᠴᠠᠭᠠᠪᠤᠷ ᠨᠤᠮᠤᠬᠠᠨ ᠠᠭᠠᠯᠢᠨ ᠳᠤ ᠴᠢᠨᠢ \ ᠪᠤᠯᠤᠠᠠᠰᠠᠨ ᠨᠢ ᠦᠨᠡᠡᠲᠡᠢ᠃         ᠴᠡᠩᠭᠡᠷ ᠳᠤᠷᠭᠠᠨ ᠲᠡᠷᠯᠢᠭ ᠲᠤ ᠴᠢᠨᠢ \ ᠪᠤᠯᠤᠠᠠᠰᠠᠨ ᠴᠤ ᠦᠭᠡᠢ ᠰᠢᠤ᠂     ᠴᠢᠩ ᠦᠨᠡᠨ ᠰᠡᠤᠠᠬᠢᠯ ᠳᠤ ᠴᠢᠨᠢ \ ᠪᠤᠯᠤᠠᠠᠰᠠᠨ ᠨᠢ ᠦᠨᠡᠡᠲᠡᠢ᠃         ᠵᠠᠯᠠᠨ ᠳᠤ ᠤᠶ᠋ᠬᠠᠰᠠᠨ ᠮᠤᠷᠢᠨ ᠳᠤ ᠴᠢᠨᠢ \ ᠪᠤᠯᠤᠠᠠᠰᠠᠨ ᠴᠤ ᠦᠭᠡᠢ ᠰᠢᠤ᠂     ᠵᠢᠰᠤᠷᠬᠡᠭ ᠰᠠᠶᠢᠬᠠᠨ ᠪᠡᠶ᠎ᠡ ᠳᠤ ᠴᠢᠨᠢ \ ᠪᠤᠯᠤᠠᠠᠰᠠᠨ ᠨᠢ ᠦᠨᠡᠡᠲᠡᠢ᠃         ᠵᠢᠷᠤᠭ ᠬᠠᠷ᠎ᠠ ᠬᠦᠮᠤᠰᠭᠡᠨ ᠳᠤ ᠴᠢᠨᠢ \ ᠪᠤᠯᠤᠠᠠᠰᠠᠨ ᠴᠤ ᠦᠭᠡᠢ ᠰᠢᠤ᠂     ᠵᠤ᠋ ᠢ② ᠰᠠᠶᠢᠲᠡᠢ ᠰᠡᠤᠠᠬᠢᠯ ᠳᠤ ᠴᠢᠨᠢ \ ᠪᠤᠯᠤᠠᠠᠰᠠᠨ ᠨᠢ ᠦᠨᠡᠡᠲᠡᠢ᠃         ᠵᠢᠷᠭᠤᠭᠠᠨ ᠯᠠᠩ ᠤᠨ ᠪᠤᠰᠢᠠᠵᠨ ᠳᠤ ᠴᠢᠨᠢ \ ᠪᠤᠯᠤᠠᠠᠰᠠᠨ ᠴᠤ ᠦᠭᠡᠢ ᠰᠢᠤ᠂     ᠵᠢᠷᠤᠮᠠᠯ ᠬᠤᠶᠠᠷ ᠬᠦᠮᠤᠰᠭᠡ ᠳᠤ ᠴᠢᠨᠢ \ ᠪᠤᠯᠤᠠᠠᠰᠠᠨ ᠨᠢ ᠦᠨᠡᠡᠲᠡᠢ᠃         ᠠᠮᠨ ᠲᠦᠭᠦᠷᠡᠩ ᠴᠠᠭᠠᠰᠤᠨ ᠲᠡᠭᠡᠷ᠎ᠡ \ ᠰᠢᠤᠽᠨ ᠪᠠᠨ ᠪᠢᠴᠢᠯ᠎ᠠ᠂     ᠠᠯᠠᠭ ᠬᠤᠩᠭᠤᠷ ᠠᠯᠳᠠᠠᠳᠠᠷᠢ ᠶᠢᠨ \ ᠠᠮᠤᠷ ᠢ ᠠᠰᠠᠭᠤᠵᠤ ᠪᠡᠶᠢᠨ᠎ᠠ᠃         ᠠᠯᠠᠭ ᠮᠤᠷᠢ ᠪᠠᠨ ᠤᠨᠤᠬᠤ ᠳᠤ ᠪᠠᠨ \ ᠠᠷᠭ᠎ᠠ ᠪᠠᠷ ᠢᠶᠠᠨ ᠪᠠᠷᠢᠠᠠᠰᠠᠨ ᠶᠤᠮ᠂     ᠠᠯᠬᠠᠯᠠᠭᠤᠯᠤᠠᠠᠰᠠᠨ ᠠᠯᠳᠠᠠᠳᠠᠷᠢ ᠳᠤ ᠪᠠᠨ \ ᠠᠷᠭ᠎ᠠ ᠪᠠᠷ ᠢᠶᠠᠨ ᠵᠤᠯᠭᠠᠶ᠎ᠠ ᠳ᠋ᠤᠤ᠃             ᠭᠡᠭᠡᠷ ︵ᠴᠤ︶ ᠮᠤᠷᠢ ᠪᠠᠨ ᠤᠨᠤᠬᠤ ᠳᠤ ᠪᠠᠨ \ ᠰᠢᠯᠪᠢᠭᠦᠷ ᠢᠶᠠᠷ ᠢᠶᠠᠨ ᠪᠠᠷᠢᠠᠠᠰᠠᠨ ᠶᠤᠮ᠂     ᠭᠡᠭᠡᠨᠴᠢᠷ ᠪᠠᠭ᠎ᠠ ᠠᠯᠠᠭ ᠴᠢᠮ᠎ᠠ ᠲᠠᠢ ᠪᠠᠨ \ ᠬᠡᠬᠡᠷ᠎ᠡ ᠪᠠᠷ ᠢᠶᠠᠨ ᠵᠤᠯᠭᠠᠶ᠎ᠠ ᠳ᠋ᠤᠤ᠃ ※ ᠠᠯᠠᠭ ᠠᠯᠠᠭ ᠢᠮᠠᠭ᠎ᠠ ᠪᠡᠶᠢᠭᠤᠨ \ ᠦᠰᠤᠷ ᠯᠨ ᠦᠭᠡᠢ ᠳ᠋ᠤᠤ᠂     ᠠᠯᠠᠭ ᠰᠠᠶᠢᠬᠠᠨ ᠨᠦᠬᠦᠷ ᠪᠡᠶᠢᠭᠤᠨ \ ᠵᠤᠯᠭ᠎ᠠ ᠯᠨ ᠦᠭᠡᠢ ᠳ᠋ᠤᠤ᠃         ᠠᠯᠠᠭ ᠮᠤᠷᠢᠨ ᠤ ᠠᠯᠬᠤᠭ᠎ᠠ ᠰᠠᠶᠢᠪᠤᠷ \ ᠠᠷᠪᠠᠨ ᠯᠠᠩ ᠳᠠᠪᠤᠨ ᠴᠢᠨ᠂     ᠠᠯᠠᠭ ᠬᠤᠩᠭᠤᠷ ᠠᠯᠳᠠᠠᠳᠠᠷᠢ \ ᠠᠷᠪᠠᠨ ᠳᠠᠪᠤᠲᠡᠢ᠃         ᠠᠯᠳᠠ ᠬᠠᠷ᠎ᠠ ᠭᠡᠵᠢᠭᠡ ᠪᠠᠷ ᠢᠶᠠᠨ \ ᠳᠠᠯᠠᠯᠤᠭᠠᠤᠨ ᠠᠪᠤᠠᠠᠰᠠᠨ ᠶᠤᠮ ᠳ᠋ᠤᠤ᠂     ᠠᠭᠠᠯᠢ ᠰᠠᠶᠢᠲᠡᠢ ᠠᠬ᠎ᠠ ᠯᠠᠷᠠᠨ \ ᠬᠠᠨᠢᠯᠠᠭᠠᠤᠨ ᠰᠠᠭᠤᠠᠠᠰᠠᠨ ᠶᠤᠮ ᠳ᠋ᠤᠤ᠃ ※ ᠠᠰᠬᠠᠷᠠᠭᠤᠯᠤᠭᠠᠤᠨ ᠮᠡᠯᠮᠡᠷᠡᠭᠦᠯᠤᠭᠡᠤᠨ \ ᠶᠠᠭᠤ ᠪᠠᠨ ᠬᠢᠬᠦ ᠶᠤᠮ ᠳ᠋ᠤᠤ︖     ᠠᠮᠢᠳᠤ ᠮᠡᠡᠲᠤ ᠶᠠᠪᠤᠵᠤ ᠪᠡᠶᠢᠪᠡᠯ \ ᠵᠤᠯᠭᠠᠳᠠᠭ ᠪᠡᠢ ᠯᠨ ᠦᠭᠡᠢ ᠳ᠋ᠤᠤ᠃ ※ ᠠᠰᠬᠠᠷᠠᠮ᠎ᠠ ᠵᠢᠷᠤᠭ᠎ᠠ ᠠᠯᠠᠭ ᠮᠤᠷᠢ \ ᠠᠳᠤᠭᠤᠨ ᠤ ᠳᠤᠮᠳᠠ ᠪᠡᠶᠢᠨ᠎ᠠ᠂     ᠠᠯᠬᠠᠯᠠᠭᠤᠯᠤᠠᠠᠰᠠᠨ ᠠᠯᠳᠠᠠᠳᠠᠷᠢ \ ᠠᠶᠢᠮᠠᠭ ᠤᠨ ᠳᠤᠮᠳᠠ ᠪᠡᠶᠢᠨ᠎ᠠ᠃ ※ ᠬᠤᠪᠤᠷ ᠵᠢᠷᠤᠭ᠎ᠠ ᠬᠤᠩᠭᠤᠷ ᠮᠤᠷᠢ \ ᠬᠤᠯᠨ ᠶᠢᠨ ᠤᠨᠤᠭᠠᠷᠢ ᠪᠡᠶᠢᠨ᠎ᠠ᠂     ᠬᠤᠯᠨ ᠶᠢᠨ ᠬᠦᠮᠤᠨ ᠯᠦᠭᠡ ᠬᠠᠨᠢᠯᠠᠨ᠎ᠠ ᠭᠡᠭᠴᠢ \ ᠬᠤᠪᠤᠷ ᠰᠠᠨᠠᠭ᠎ᠠ ᠪᠡᠶᠢᠨ᠎ᠠ᠃         ᠡᠷᠭᠢᠭᠡᠤᠨ ︵ᠯᠨ︶ ᠤᠷᠪᠠᠭᠠᠤᠨ \ ᠶᠠᠭᠤ ᠪᠠᠨ ᠬᠠᠷᠬᠠᠰᠠᠨ ᠶᠤᠮ ᠳ᠋ᠤᠤ︖     ᠡᠯᠢᠭᠡ ᠨᠢᠭᠡ ᠠᠯᠳᠠᠠᠳᠠᠷᠢ ᠶᠢᠨ ᠢᠶᠠᠨ \ ᠪᠠᠷ᠎ᠠ ᠶᠢ ᠨᠢ ᠬᠠᠷᠬᠠᠰᠠᠨ ᠶᠤᠮ ᠳ᠋ᠤᠤ᠃             ᠢᠯᠡᠭᠦᠤ ᠭᠠᠷᠤᠠᠠᠰᠠᠨ ᠬᠤᠷᠢᠨ ᠵᠤᠭᠤᠰ ᠢᠶᠠᠷ \ ᠶᠠᠭᠤ ᠪᠠᠨ ᠬᠢᠬᠦ ᠶᠤᠮ ᠳ᠋ᠤᠤ︖     ᠬᠤᠶᠠᠭᠤᠯᠨ ᠪᠠᠨ ᠬᠤᠯᠪᠤᠵᠤ ᠰᠠᠭᠤᠭᠠᠤᠨ \ ᠶᠠᠩ ᠶᠠᠨ ᠢᠶᠠᠨ ᠳᠠᠳᠠᠶ᠎ᠠ ᠳ᠋ᠤᠤ᠃         ᠨᠠᠶᠠᠨ ᠯᠠᠩ ᠤᠨ ᠮᠦᠩᠭᠦᠨ ᠵᠤᠭᠤᠰ ᠢᠶᠠᠷ \ ᠶᠠᠭᠤ ᠪᠠᠨ ᠬᠢᠬᠦ ᠶᠤᠮ ᠳ᠋ᠤᠤ᠂     ᠨᠡᠢᠮᠠᠨ ᠰᠠᠷ᠎ᠠ ᠶᠢᠨ ᠳ᠋ᠦᠩᠰᠢᠭᠤᠷ ᠮᠠᠨᠢ ᠳᠤ ᠪᠠᠨ \ ᠪᠤᠶᠠᠨ ᠢᠶᠠᠨ ᠤᠶᠢᠯᠡᠳᠤᠶ᠎ᠡ ᠳ᠋ᠤᠤ᠃         ᠤᠯᠢᠶᠠᠰᠤᠨ ᠮᠤᠳᠤᠨ ᠤ ᠰᠤᠶᠤᠭ᠎ᠠ ᠪᠡᠶᠢᠪᠡᠯ \ ᠤᠷᠭᠤᠬᠤ ᠪᠡᠢ ᠯᠨ ᠦᠭᠡᠢ ᠳ᠋ᠤᠤ᠂     ᠤᠷᠢᠳᠤ ᠶᠢᠨ ᠳᠠᠯᠪᠢᠠᠠᠰᠠᠨ ᠢᠷᠤᠭᠡᠯ ᠪᠡᠶᠢᠪᠡᠯ \ ᠵᠤᠯᠭᠠᠬᠤ ᠪᠡᠢ ᠯᠨ ᠦᠭᠡᠢ ᠳ᠋ᠤᠤ᠃ ※ ᠤᠳᠠ ᠮᠤᠳᠤᠨ ᠰᠤᠶᠤᠭ᠎ᠠ ᠪᠡᠶᠢᠪᠡᠯ \ ᠤᠷᠭᠤᠬᠤ ᠪᠡᠢ ᠯᠨ ᠦᠭᠡᠢ ᠳ᠋ᠤᠤ᠂     ᠤᠳᠠᠭᠠᠨ ᠵᠢᠯ ᠢᠶᠠᠷ ᠵᠤᠯᠭᠠᠬᠤ ᠦᠭᠡᠢ ᠪᠤᠯᠪᠡᠯ \ ᠤᠶᠠᠷᠠᠳᠠᠭ ᠪᠡᠢ ᠯᠨ ᠦᠭᠡᠢ ᠳ᠋ᠤᠤ᠃ ※  ︵ᠪᠠᠰᠨ᠄ ᠤᠳᠠᠭᠠᠨ ᠵᠢᠯ ᠢᠶᠠᠷ ᠬᠠᠨᠢᠯᠬᠠᠰᠠᠨ ᠬᠤᠶᠢᠨ᠎ᠡ \ ᠤᠬᠢᠯᠨ ᠯᠨ ᠦᠭᠡᠢ ᠳ᠋ᠤᠤ︶         ᠨᠠᠷᠠᠰᠤᠨ ᠮᠤᠳᠤᠨ ᠤ ᠰᠤᠶᠤᠭ᠎ᠠ ᠪᠡᠶᠢᠪᠡᠯ \ ᠤᠷᠭᠤᠬᠤ ᠪᠡᠢ ᠯᠨ ᠦᠭᠡᠢ ᠳ᠋ᠤᠤ᠂     ᠨᠠᠰᠤ ᠪᠠᠭ᠎ᠠ ᠶᠢᠨ ᠠᠯᠳᠠᠠᠳᠠᠷᠢ ᠴᠢᠨᠢ \ ᠤᠷᠬᠢᠬᠤ ᠦᠭᠡᠢ ᠪᠡᠢ ᠯᠨ ᠦᠭᠡᠢ ᠳ᠋ᠤᠤ᠃ ※ ᠪᠦᠯᠦᠭ ᠪᠦᠯᠦᠭ ᠪᠤᠷᠭᠠᠰᠤ ᠪᠡᠶᠢᠭᠤᠨ \ ᠱᠤᠤᠬᠢ ᠯᠨ ᠦᠭᠡᠢ ᠳ᠋ᠤᠤ᠂     ᠪᠦᠯᠦᠭᠯᠡᠵᠤ ᠬᠡᠯᠡᠯᠴᠡᠪᠡᠯ \ ᠰᠠᠨᠠ ᠯᠨ ᠦᠭᠡᠢ ᠳ᠋ᠤᠤ᠃         ᠬᠠᠶᠢᠯᠡᠰᠤᠨ ᠮᠤᠳᠤᠨ ᠤ ᠰᠤᠶᠤᠭ᠎ᠠ ᠪᠡᠶᠢᠪᠡᠯ \ ᠤᠷᠭᠤᠬᠤ ᠪᠡᠢ ᠯᠨ ᠦᠭᠡᠢ ᠳ᠋ᠤᠤ᠂     ᠬᠠᠷ᠎ᠠ ᠶᠢᠨ ᠪᠠᠭ᠎ᠠ ᠠᠯᠳᠠᠠᠳᠠᠷᠢ ᠶᠢ ᠪᠠᠨ \ ᠬᠠᠶᠠᠬᠤ ᠦᠭᠡᠢ ᠪᠡᠢ ᠯᠨ ᠦᠭᠡᠢ ᠳ᠋ᠤᠤ᠃         ᠰᠢᠠᠳᠠᠨ③ ᠮᠤᠳᠤᠨ ᠤ ᠦᠷ᠎ᠡ ᠪᠡᠶᠢᠪᠡᠯ \ ᠤᠷᠭᠤᠬᠤ ᠪᠡᠢ ᠯᠨ ᠦᠭᠡᠢ ᠳ᠋ᠤᠤ᠂     ᠰᠡᠤᠠᠬᠢᠯ ᠢᠶᠠᠨ ᠮᠡᠲᠡᠯᠴᠡᠭᠰᠡᠨ ᠨᠦᠬᠦᠷ ᠪᠡᠶᠢᠪᠡᠯ \ ᠵᠤᠯᠭᠠᠬᠤ ᠪᠡᠢ ᠯᠨ ᠦᠭᠡᠢ ᠳ᠋ᠤᠤ᠃ ※ ᠰᠤᠪᠠᠭ ᠰᠤᠪᠠᠭ ᠪᠤᠷᠭᠠᠰᠤ ᠪᠡᠶᠢᠭᠤᠨ \ ᠱᠤᠤᠭᠢ ᠯᠨ ᠦᠭᠡᠢ ᠳ᠋ᠤᠤ᠂     ᠰᠤᠨᠢᠨ ᠰᠠᠶᠢᠬᠠᠨ ᠦᠭᠡ ᠪᠡᠶᠢᠭᠤᠨ \ ᠬᠡᠯᠡᠯᠴᠨ ᠯᠨ ᠦᠭᠡᠢ ᠳ᠋ᠤᠤ᠃ ※ ᠰᠤᠬᠠᠢ ᠮᠤᠳᠤᠨ ᠰᠤᠶᠤᠭ᠎ᠠ ᠪᠡᠶᠢᠭᠤᠨ \ ᠤᠷᠭᠤ ᠯᠨ ᠦᠭᠡᠢ ᠳ᠋ᠤᠤ᠂     ᠰᠤᠷᠴᠤ ᠳᠠᠰᠴᠤ ᠬᠠᠨᠢᠯᠬᠠᠰᠠᠨ ᠬᠤᠶᠢᠨ᠎ᠠ \ ᠰᠠᠨᠠ ᠯᠨ ᠦᠭᠡᠢ ᠳ᠋ᠤᠤ᠃     ︵ᠪᠠᠰᠨ᠄ ᠰᠤᠨᠢᠨ ᠰᠠᠶᠢᠬᠠᠨ ᠦᠭᠡ ᠪᠡᠶᠢᠪᠡᠯ \ ᠬᠡᠯᠡᠯᠴᠨ ᠯᠨ ᠦᠭᠡᠢ ᠳ᠋ᠤᠤ᠃︶         ᠽᠠᠠᠳᠠᠨ ᠮᠤᠳᠤᠨ ᠤ ᠰᠤᠶᠤᠭ᠎ᠠ ᠪᠡᠶᠢᠪᠡᠯ \ ᠤᠷᠭᠤᠬᠤ ᠪᠡᠢ ᠯᠨ ᠦᠭᠡᠢ ᠳ᠋ᠤᠤ᠂     ᠰᠠᠶᠢᠬᠠᠨ ᠳᠠᠨᠢᠯᠴᠬᠠᠰᠠᠨ ᠨᠦᠬᠦᠷ ᠪᠡᠶᠢᠪᠡᠯ \ ᠵᠤᠯᠭᠠᠬᠤ ᠪᠡᠢ ᠯᠨ ᠦᠭᠡᠢ ᠳ᠋ᠤᠤ᠃         ᠤᠳᠠ ᠮᠤᠳᠤᠨ ᠤ ᠰᠡᠭᠦᠲᠡᠷ ᠲᠤ ᠨᠢ \ ᠵᠢᠭᠠᠬᠠᠨ ᠰᠠᠭᠤᠶ᠎ᠠ ᠳ᠋ᠤᠤ᠂     ᠤᠷᠢᠳᠤ ᠶᠢᠨ ᠬᠢᠭᠰᠡᠨ ᠢᠷᠤᠭᠡᠯ ᠪᠡᠶᠢᠪᠡᠯ \ ᠵᠤᠯᠭᠠᠬᠤ ᠪᠡᠢ ᠯᠨ ᠦᠭᠡᠢ ᠳ᠋ᠤᠤ᠃         ᠬᠠᠶᠢᠯᠠᠰᠤᠨ ᠮᠤᠳᠤᠨ ᠤ ᠰᠡᠭᠦᠲᠡᠷ ᠲᠤ ᠨᠢ \ ᠵᠢᠭᠠᠬᠠᠨ ᠰᠠᠭᠤᠶ᠎ᠠ ᠳ᠋ᠤᠤ᠂     ᠬᠠᠶᠢᠷᠠᠯᠠᠵᠤ ᠰᠠᠨ᠋ᠬᠠᠰᠠᠨ ᠠᠯᠳᠠᠠᠳᠠᠷᠢ ᠶᠢ ᠪᠠᠨ \ ᠬᠠᠷᠠᠵᠤ ᠰᠠᠭᠤᠶ᠎ᠠ ᠳ᠋ᠤᠤ᠃         ᠬᠦᠪᠤᠩ ᠮᠤᠳᠤᠨ ᠤ ᠬᠦᠠᠲᠡᠢ ᠳᠤᠤᠭᠤᠷ \ ᠵᠢᠭᠠᠬᠠᠨ ᠰᠠᠭᠤᠶ᠎ᠠ ᠳ᠋ᠤᠤ᠂     ᠬᠦᠭᠡᠷᠤᠬᠦᠢ ᠪᠠᠭ᠎ᠠ ᠶᠢᠨ ᠠᠯᠳᠠᠠᠳᠠᠷᠢ ᠶᠢ ᠪᠠᠨ \ ᠬᠦᠯᠢᠶᠡᠵᠤ ᠰᠠᠭᠤᠶ᠎ᠠ ᠳ᠋ᠤᠤ᠃         ᠴᠢᠪᠡᠭᠠᠨ ᠮᠤᠳᠤᠨ ᠤ ᠵᠠᠪᠰᠠᠷ ᠲᠤ ᠨᠢ \ ᠴᠢᠩᠨᠡᠨ ᠰᠠᠭᠤᠶ᠎ᠠ ᠳ᠋ᠤᠤ᠂     ᠴᠢᠩᠲᠡ ᠰᠡᠤᠠᠬᠢᠯ ᠲᠠᠢ ᠠᠯᠳᠠᠠᠳᠠᠷᠢ ᠶᠢᠨ \ ᠴᠢᠮᠡᠭᠡ ᠶᠢ ᠰᠤᠷᠬᠠᠯᠠᠯ᠎ᠠ ᠳ᠋ᠤᠤ᠃         ᠵᠠᠭ ᠮᠤᠳᠤᠨ ᠤ ᠰᠡᠭᠦᠲᠡᠷ ᠲᠤ ᠴᠢᠨᠢ \ ᠵᠢᠭᠠᠬᠠᠨ ᠰᠠᠭᠤᠶ᠎ᠠ ᠳ᠋ᠤᠤ᠂     ᠵᠠᠯᠠᠭᠤ ᠪᠠᠭ᠎ᠠ ᠶᠢᠨ ᠠᠯᠳᠠᠠᠳᠠᠷᠢ ᠶᠢ ᠪᠠᠨ \ ᠵᠢᠭᠠᠬᠠᠨ ᠬᠦᠯᠢᠶᠡᠶ᠎ᠠ ᠳ᠋ᠤᠤ᠃         ᠵᠢᠭᠲᠡ ᠮᠤᠳᠤᠨ ᠤ ᠵᠠᠪᠰᠠᠷ ᠳᠠᠭᠠᠭᠠᠤᠨ \ ᠵᠢᠭᠠᠬᠠᠨ ᠰᠠᠭᠤᠶ᠎ᠠ ᠳ᠋ᠤᠤ᠂     ᠵᠠᠯᠠᠭᠤ ᠪᠠᠭ᠎ᠠ ᠶᠢᠨ ᠭᠠᠩᠭᠤᠨ ᠵᠠᠩ ᠢᠶᠠᠨ \ ᠠᠯᠳᠠᠬᠤ ᠪᠠᠨ ᠪᠡᠶᠢᠶ᠎ᠠ ᠳ᠋ᠤᠤ᠃         ᠽᠠᠮᠪᠠᠭᠠᠨ ᠮᠤᠳᠤᠨ ᠤ ᠰᠠᠯᠠᠭᠠᠨ ᠳᠤᠤᠭᠤᠷ \ ᠵᠢᠭᠠᠬᠠᠨ ᠰᠠᠭᠤᠶ᠎ᠠ ᠳ᠋ᠤᠤ᠂     ᠰᠠᠨᠠᠵᠤ ᠪᠤᠳᠤᠠᠠᠰᠠᠨ ᠠᠯᠳᠠᠠᠳᠠᠷᠢ ᠶᠢ ᠪᠠᠨ \ ᠰᠠᠷᠠᠪᠴᠢᠯᠠᠵᠤ ᠰᠠᠭᠤᠶ᠎ᠠ ᠳ᠋ᠤᠤ᠃ ※ ᠤᠴᠠᠷᠠᠵᠤ ᠬᠠᠨᠢᠯᠬᠠᠰᠠᠨ \ ᠪᠠᠳᠤᠪᠠᠶᠠᠷ ᠨᠢ᠂     ᠦᠶ᠎ᠡ ᠦᠶ᠎ᠡ ᠴᠡᠬᠡᠯ ᠲᠡᠭᠡᠷ᠎ᠡ ᠪᠠᠨ \ ᠪᠡᠶᠢᠳᠠᠭ ᠶᠤᠮ ᠭᠡᠨ᠎ᠡ ︵ᠯᠡᠢ︶ ᠳ᠋ᠤᠤ᠃         ᠤᠷᠳᠤ ᠦᠠᠳᠤᠷ ᠰᠢᠯᠢ ᠲᠡᠭᠡᠷ᠎ᠡ ᠪᠠᠨ \ ᠶᠠᠭᠤ ᠪᠠᠨ ᠬᠠᠷᠬᠠᠰᠠᠨ ᠶᠤᠮ ᠳ᠋ᠤᠤ︖     ᠤᠷᠢᠳᠤ ᠶᠢᠨ ᠮᠠᠨ ᠤ ᠪᠠᠳᠤᠪᠠᠶᠠᠷ ᠢᠶᠠᠨ \ ᠤᠠᠠᠳᠤᠭᠠᠤᠨ ᠬᠠᠷᠬᠠᠰᠠᠨ ᠶᠤᠮ ᠡ᠃         ᠪᠠᠷᠠᠭᠤᠨ ᠦᠠᠳᠤᠷ ᠰᠢᠯᠢ ᠲᠡᠭᠡᠷ᠎ᠡ ᠪᠠᠨ \ ᠶᠠᠭᠤ ᠪᠠᠨ ᠬᠠᠷᠬᠠᠰᠠᠨ ᠶᠤᠮ ᠳ᠋ᠤᠤ︖     ᠪᠠᠭ᠎ᠠ ᠵᠠᠯᠠᠭᠤ ᠪᠠᠳᠤᠪᠠᠶᠠᠷ ᠤᠨ ᠢᠶᠠᠨ \ ᠪᠠᠷ᠎ᠠ ᠶᠢ ᠬᠠᠷᠬᠠᠰᠠᠨ ᠶᠤᠮ ᠡ᠃         ᠬᠤᠶᠢᠳᠤ ᠦᠠᠳᠤᠷ ᠰᠢᠯᠢ ᠲᠡᠭᠡᠷ᠎ᠡ ᠪᠠᠨ \ ᠶᠠᠭᠤ ᠪᠠᠨ ᠬᠠᠷᠬᠠᠰᠠᠨ ᠶᠤᠮ ᠳ᠋ᠤᠤ︖     ᠬᠤᠩᠭᠤᠷ ᠪᠠᠭ᠎ᠠ ᠶᠢᠨ ᠪᠠᠳᠤᠪᠠᠶᠠᠷ ᠤᠨ \ ᠬᠤᠶᠢᠨ᠎ᠠ ᠠᠴᠠ ᠨᠢ ᠬᠠᠷᠬᠠᠰᠠᠨ ᠶᠤᠮ ᠡ᠃         ᠵᠡᠭᠦᠨ ᠦᠠᠳᠤᠷ ᠰᠢᠯᠢ ᠲᠡᠭᠡᠷ᠎ᠡ ᠪᠠᠨ \ ᠶᠠᠭᠤ ᠪᠠᠨ ᠬᠠᠷᠬᠠᠰᠠᠨ ᠶᠤᠮ ᠳ᠋ᠤᠤ︖     ᠵᠢᠷᠤᠬᠡᠨ ᠠᠯᠠᠭ ᠪᠠᠳᠤᠪᠠᠶᠠᠷ ᠤᠨ ᠢᠶᠠᠨ \ ᠵᠦᠭ ᠢ ᠨᠢ ᠬᠠᠷᠬᠠᠰᠠᠨ ᠶᠤᠮ ᠡ᠃         ᠦᠠᠳᠤᠷ ᠠᠭᠤᠯᠨ ᠶᠢᠨ ᠤᠷᠤᠢ ᠲᠡᠭᠡᠷ᠎ᠡ ᠭᠠᠷᠤᠭᠠᠤᠨ \ ᠪᠠᠷ᠎ᠠ ᠶᠢ ᠴᠢᠨᠢ ᠬᠠᠷᠬᠠᠰᠠᠨ ᠶᠤᠮ᠂     ᠨᠤᠳᠤᠭ ᠤᠨ ᠴᠢᠨᠢ ᠪᠠᠷ᠎ᠠ ᠶᠢ ᠦᠵᠡᠭᠡᠤᠨ \ ᠱᠤᠠᠠᠰᠢᠭᠤᠯᠳᠠᠯ᠎ᠠ ᠤᠬᠢᠯᠬᠠᠰᠠᠨ ᠶᠤᠮ᠃             ᠦᠠᠳᠤᠷ ᠳᠠᠪᠠᠭ᠎ᠠ ᠶᠢ ᠳᠠᠪᠠᠨ᠎ᠠ ᠭᠡᠭᠴᠢ \ ᠵᠠᠮ ᠤᠨ ᠬᠢ ᠨᠢ ᠡᠷᠬᠡ ᠰᠢᠤ᠂     ᠦᠶ᠎ᠡ ᠲᠡᠩᠴᠡᠬᠦ ᠦᠭᠡᠢ ᠬᠠᠨᠢᠯᠠᠨ᠎ᠠ ᠭᠡᠭᠴᠢ \ ᠤᠶᠢᠯᠨ ᠶᠢᠨ ᠢᠶᠠᠨ ᠡᠷᠬᠡ ᠰᠢᠤ᠃         ᠪᠠᠷᠠᠭᠤᠨ ᠤᠷᠳᠤ ᠦᠠᠳᠤᠷ ᠲᠡᠭᠡᠷ᠎ᠡ ᠪᠠᠨ \ ᠭᠠᠷᠴᠤ ᠬᠠᠷᠠᠬᠤᠯᠠᠷ᠂     ᠪᠠᠭ᠎ᠠ ᠶᠢᠨ ᠵᠢᠭᠠᠬᠠᠨ ᠠᠯᠳᠠᠠᠳᠠᠷᠢ ᠶᠢᠨ ᠢᠶᠠᠨ \ ᠪᠠᠷ᠎ᠠ ᠶᠢ ᠨᠢ ᠦᠵᠡᠯ᠎ᠡ ᠳ᠋ᠤᠤ᠃※ ᠪᠠᠷᠠᠭᠤᠨ ᠦᠠᠳᠤᠷ ᠴᠡᠬᠡᠯ ᠲᠡᠭᠡᠷ᠎ᠡ ᠪᠠᠨ \ ᠪᠡᠶᠢᠳᠠᠭ ᠶᠤᠮ ᠭᠡᠨ᠎ᠡ ︵ᠯᠡᠢ︶ ᠳ᠋ᠤᠤ᠂     ᠪᠠᠰᠨ ᠳᠠᠬᠢᠭᠠᠤᠨ ᠤᠴᠠᠷᠠᠨ᠎ᠠ ᠭᠡᠭᠴᠢ \ ᠪᠠᠭ᠋ᠠᠨ ᠪᠡᠷᠬᠡ ᠪᠡᠶᠢᠨ᠎ᠡ᠃         ᠪᠠᠷᠠᠭᠤᠨ ︵ᠴᠤ︶ ᠬᠡᠷᠡᠮ ᠲᠡᠭᠡᠷ᠎ᠡ ᠪᠠᠨ ᠭᠠᠷᠤᠭᠠᠤᠨ \ ᠪᠡᠷ᠎ᠠ ᠶᠢ ᠴᠢᠨᠢ ᠬᠠᠷᠬᠠᠰᠠᠨ ᠶᠤᠮ᠂     ᠪᠠᠷ᠎ᠠ ᠶᠢ ᠴᠢᠨᠢ ᠦᠵᠡᠭᠰᠡᠨ ᠦᠭᠡᠢ ᠳᠤ \ ᠰᠡᠤᠠᠬᠢᠯ ᠮᠢᠨᠢ ᠵᠤᠪᠠᠭᠰᠠᠨ ᠶᠤᠮ᠃         ᠬᠠᠳᠠᠢ ᠭᠤᠤᠯ ᠤᠨ ᠨᠡᠭᠦᠷᠡᠰᠤᠨ ᠭᠤᠤᠯ ᠳᠤ \ ᠰᠠᠭᠤᠬᠤ ᠪᠠᠷ ᠪᠤᠯᠤᠠᠠᠰᠠᠨ ᠳ᠋ᠤᠤ᠂     ᠬᠠᠷ᠎ᠠ ᠪᠠᠷᠴᠢᠭᠢᠷ④ ᠵᠤᠯᠵᠠᠭ᠎ᠠ ᠵᠠᠩᠭᠢ ᠴᠢᠨᠢ \ ᠳᠠᠭᠤᠳᠠᠭᠠᠤᠨ ︵ᠯᠨ︶ ᠪᠤᠯᠬᠤ ᠦᠭᠡᠢ ᠰᠢᠤ᠃         ᠬᠤᠨᠢᠨ ᠤ ᠰᠢᠭᠦᠰᠤ ᠪᠠᠨ ᠳᠠᠯᠪᠢᠬᠤ ᠳᠤ \ ᠬᠤᠶᠢᠮᠤᠷ ᠪᠤᠯᠭᠠᠠᠠᠰᠠᠨ ᠳ᠋ᠤᠤ᠂     ᠬᠤᠷᠢᠶᠠᠨ ᠠᠴᠠ ᠢᠷᠡᠭᠰᠡᠨ ᠪᠤᠱᠤᠭᠤ ᠶᠢ \ ᠬᠤᠶᠢᠨ᠎ᠠ ᠨᠢ ᠰᠠᠭᠤᠯᠭᠠᠠᠠᠰᠠᠨ ᠳ᠋ᠤᠤ᠃         ᠰᠢᠨᠡᠭᠡᠨ ᠬᠠᠨᠢᠯᠬᠠᠰᠠᠨ ᠬᠤᠩᠭᠤᠷ ᠲᠠᠢ ᠪᠠᠨ \ ᠵᠤᠯᠭᠠᠶ᠎ᠠ ᠭᠡᠰᠡᠨ ᠶᠤᠮ ᠳ᠋ᠤᠤ᠂     ᠰᠡᠷᠵᠢᠮ ᠢᠶᠠᠨ ᠡᠷᠭᠦᠵᠤ ᠳᠤᠠᠠᠵᠢᠷ ᠢᠶᠠᠨ ᠬᠠᠶᠠᠪᠡᠯ \ ᠵᠤᠯᠭᠠᠬᠤ ᠮᠠᠶ᠋ᠢᠠᠠᠲᠡᠢ᠃         ᠰᠢᠩᠬᠤᠨ ᠤᠯᠠᠭᠠᠨ ᠳᠠᠯᠢᠩᠪᠤᠤ ᠪᠠᠨ \ ᠴᠢᠮ᠎ᠠ ᠳᠤ ᠪᠠᠨ ᠠᠪᠤᠠᠠᠰᠠᠨ ᠶᠤᠮ᠂     ᠳᠤᠭᠤᠰᠢᠲᠡᠶᠢᠬᠠᠨ ᠬᠠᠨᠢᠯᠠᠭᠠᠤᠨ ︵ᠯᠨ︶ ᠶᠠᠪᠤᠪᠡᠯ \ ᠪᠡᠯᠡᠭ ᠢᠶᠠᠨ ᠪᠠᠷᠢᠶ᠎ᠠ ᠳ᠋ᠤᠤ᠃         ᠴᠢᠪᠠᠭᠠᠨ ᠤᠯᠠᠭᠠᠨ ᠳᠠᠯᠢᠩᠪᠤᠤ ᠪᠠᠨ \ ᠴᠢᠮ᠎ᠠ ᠳᠤ ᠪᠠᠨ ᠠᠪᠤᠠᠠᠰᠠᠨ ᠶᠤᠮ᠂     ᠴᠢᠪᠠᠭᠠᠨᠴᠨ ᠪᠤᠯᠳᠠᠯ᠎ᠠ ᠬᠠᠨᠢᠯᠠᠭᠠᠤᠨ ᠶᠠᠪᠤᠪᠡᠯ \ ᠪᠡᠯᠡᠭ ᠢᠶᠠᠨ ᠪᠡᠷᠢᠶ᠎ᠠ᠃         ᠰᠢᠠᠳᠠᠨ ᠮᠤᠳᠤᠨ ᠤ ᠰᠢᠷᠡᠭᠡ ᠪᠡᠶᠢᠪᠡᠯ \ ᠰᠢᠯᠵᠢᠬᠦ ᠪᠠᠷ ᠦᠭᠡᠢ ᠳ᠋ᠤᠤ᠂     ᠰᠢᠨ᠎ᠡ ᠲᠦᠷᠤᠭᠦᠨ ᠬᠦᠮᠤᠨ ︵ᠶᠠ︶ ᠪᠡᠶᠢᠪᠡᠯ \ ᠰᠠᠯᠬᠤ ᠪᠠᠷ ᠴᠤ ᠦᠭᠡᠢ ᠳ᠋ᠤᠤ᠃         ᠰᠦᠮᠪᠤᠷ ᠠᠭᠤᠯᠨ ᠶᠢᠨ ᠤᠷᠤᠢ ᠲᠡᠭᠡᠷ᠎ᠡ \ ᠭᠠᠷᠴᠤ ᠪᠤᠯᠳᠠᠭ ᠤᠤ︖     ᠰᠡᠩᠭᠢᠨᠡᠭᠦᠯᠦᠭᠰᠡᠨ ᠰᠡᠤᠠᠬᠢᠯ ᠢ ᠴᠢᠨᠢ \ ᠳᠠᠷᠤᠵᠤ ᠪᠤᠯᠳᠠᠭ ᠤᠤ︖         ᠰᠦᠮᠪᠤᠷ ᠠᠭᠤᠯᠨ ᠶᠢᠨ ᠤᠷᠤᠢ ᠲᠡᠭᠡᠷ᠎ᠡ ᠪᠠᠨ \ ᠱᠠᠩᠰᠢ ᠪᠠᠨ ᠪᠤᠰᠬᠠᠶ᠎ᠠ ᠳ᠋ᠤᠤ᠂     ᠰᠡᠩᠭᠢᠨᠡᠭᠦᠯᠦᠭᠰᠡᠨ ᠰᠠᠨᠠᠭ᠎ᠠ ᠰᠡᠤᠠᠬᠢᠯ ᠢ \ ᠬᠠᠷᠢᠭᠤᠯᠤᠭᠠᠤᠨ ᠠᠪᠤᠶ᠎ᠠ ᠳ᠋ᠤᠤ᠃         ᠰᠦᠲᠠᠳᠤ ᠶᠢᠨ ᠰᠦᠮ᠎ᠠ ᠶᠢᠨ ᠰᠢᠷᠡᠭᠡᠨ ᠯᠠᠮᠨ ᠠᠴᠠ \ ᠠᠪᠤᠷᠠᠯ ᠠᠰᠠᠭᠤᠠᠠᠰᠠᠨ᠂     ᠰᠤᠳᠤᠷ ᠢᠶᠠᠨ ᠲᠡᠯᠭᠡᠭᠡᠤᠨ ᠱᠤ ᠪᠠᠨ ᠤᠷᠬᠢᠵᠤ \ ᠠᠶᠢᠯᠠᠳᠤᠭᠠᠤᠨ ᠦᠭᠭᠦᠭᠰᠡᠨ ᠶᠤᠮ ᠳ᠋ᠤᠤ᠃         ᠱᠠᠵᠢ ︵᠊ᠠ︶ ᠳᠤᠮᠳᠠ ᠪᠠᠨ ᠶᠠᠪᠤᠨ᠎ᠠ ᠭᠡᠭᠴᠢ \ ᠵᠠᠮ ᠤᠨ ᠪᠡᠷᠭᠡ ᠯᠨ ᠶᠤᠮ᠂     ᠰᠠᠨᠠᠭ᠎ᠠ ᠵᠤᠶᠢᠴᠡᠬᠦ ᠦᠭᠡᠢ ᠬᠠᠨᠢᠯᠠᠨ᠎ᠠ ᠭᠡᠭᠴᠢ \ ᠤᠶᠢᠯᠡᠷ ᠢᠶᠠᠨ ᠡᠷᠢᠬᠦ ᠶᠤᠮ᠃         ᠳᠠᠤᠯᠡᠢ ᠶᠢᠨ ᠠᠠᠳᠠ ᠴᠢᠮ᠎ᠠ ᠯᠠᠷᠠᠨ \ ᠬᠠᠨᠢᠯᠠᠭᠠᠤᠨ ︵ᠯᠨ︶ ᠶᠠᠪᠤᠠᠠᠰᠠᠨ ᠶᠤᠮ᠂     ᠳᠤᠭᠤᠰᠢᠲᠡᠶᠢᠬᠠᠨ ︵ᠴᠤ︶ ᠬᠠᠨᠢᠯᠠᠵᠤ ᠪᠤᠯᠬᠤ ᠦᠭᠡᠢ ᠴᠢᠨᠢ \ ᠶᠠᠭᠤᠨ ᠠᠴᠠ ᠪᠠᠨ ᠪᠤᠯᠴᠢᠬᠠᠠᠠᠰᠠᠨ‌‍ᠪᠤᠢ︖         ᠳᠠᠯᠠᠤᠨ ᠤᠨ ᠬᠤᠰᠢᠭᠤᠨ ᠤ ᠳ᠋ᠠ ᠭᠦᠩ ᠴᠢ \ ᠳᠠᠯᠠᠨ ᠤ ᠭᠠᠵᠠᠷ ᠲᠤ᠂     ᠳᠠᠭᠠᠠᠪᠠᠶᠠᠷ ᠤᠨ ᠰᠢᠵᠤᠤ ᠴᠤᠬᠤᠷ ᠲᠠᠢ \ ᠳᠠᠩᠰᠨ ᠪᠠᠨ ᠪᠤᠳᠤᠶ᠎ᠠ ᠳ᠋ᠤᠤ᠃         ᠲᠦᠷᠪᠡᠨ ᠦᠬᠡᠷ ᠢᠶᠠᠨ ᠳᠠᠭᠤᠵᠤ ᠭᠠᠷᠤᠭᠠᠤᠨ \ ᠲᠦᠬᠦᠮ ᠢᠶᠠᠨ ᠳᠠᠷᠢᠶ᠎ᠠ᠂     ᠳᠠᠮᠡᠢ ᠪᠠᠭ᠎ᠠ ᠶᠢᠨ ᠠᠯᠳᠠᠠᠳᠠᠷᠢ ᠲᠠᠢ \ ᠳᠠᠩᠰᠠᠯᠭᠡᠵᠤ ᠬᠠᠨᠢᠯᠠᠶ᠎ᠠ ᠳ᠋ᠤᠤ᠃         ᠴᠠᠭᠠᠨ ︵ᠴᠤ︶ ᠮᠦᠩᠭᠦᠨ ᠰᠢᠳᠤᠨ ᠤ ᠰᠢᠪᠡᠭᠦᠷ ︵ᠶᠤ᠋︶ \ ᠠᠯᠳᠠ ᠪᠠᠷ ᠢᠶᠠᠨ ᠰᠢᠷᠬᠠᠰᠠᠨ ᠶᠤᠮ᠂     ᠠᠯᠬᠠᠯᠠᠭᠤᠯᠤᠠᠠᠰᠠᠨ ᠠᠯᠳᠠᠠᠳᠠᠷᠢ ᠳᠤ ᠪᠠᠨ \ ᠪᠡᠯᠡᠭ ᠢᠶᠠᠨ ᠪᠠᠷᠢᠶ᠎ᠠ ᠪᠠ᠃         ᠵᠢᠭᠠᠬᠠᠨ ᠰᠢᠷᠭ᠎ᠠ ᠮᠤᠷᠢ ᠴᠢᠨᠢ \ ᠪᠦᠮᠪᠤᠷᠢᠭᠦᠯᠵᠤ ︵ᠯᠨ︶ ᠪᠡᠶᠢᠨ᠎ᠠ᠂     ᠵᠠᠯᠠᠨ ᠵᠡᠷᠭᠡ ᠲᠠᠢ ᠽᠠᠮᠪᠤᠰᠡᠷᠡᠩ \ ᠮᠡᠯᠮᠡᠷᠡᠭᠦᠯᠵᠤ ︵ᠯᠨ︶ ᠪᠡᠶᠢᠨ᠎ᠠ᠃     ①ᠳᠤᠰ ᠳᠠᠭᠤᠤ ᠶᠢᠨ ᠦᠭᠡᠷ᠎ᠡ ᠨᠡᠷ᠎ᠡ ᠨᠢ ︽ᠬᠠᠳᠠᠢ ᠭᠤᠤᠯ︾ ᠭᠡᠲᠡᠭ᠃     ② ᠵᠦ ᠢ — 主意ᠵᠤᠷᠢᠯᠳᠠ᠃     ③ ᠰᠢᠠᠳᠠᠨ — ᠰᠠᠶᠢᠳᠠᠩ᠃     ④ ᠪᠠᠷᠴᠢᠭᠢᠷ — ᠴᠤᠬᠤᠷ᠃
ᠢᠷᠡᠯᠲᠡ᠄ ︽ᠣᠷᠳᠣᠰ ᠮᠣᠩᠭᠤᠯ ᠠᠷᠠᠳ ᠤᠨ ᠳᠠᠭᠤᠤ︾ -- ᠣᠲᠤᠭ ᠤᠨ ᠡᠮᠦᠨᠡᠲᠦ ᠬᠤᠰᠢᠭᠤᠨ ᠤ ᠪᠤᠲᠢ