| | ᠵᠢᠷᠠᠨ ᠬᠠᠶᠢᠯᠠᠰᠤ | ᠵᠢᠷᠬᠠᠷᠠᠵᠦ ᠬᠠᠷᠠᠭᠳᠠᠳᠠᠭ ᠵᠢᠷᠠᠨ ᠬᠠᠶᠢᠯᠠᠰᠤ᠂ | ᠵᠢᠯ ᠤᠨ ᠵᠢᠯ ᠢᠶᠠᠷ ᠭᠠᠩᠳᠠᠪᠠᠴᠤ ᠵᠢᠭᠳᠡ ᠵᠠᠩ ᠢᠶᠠᠷ ᠰᠢᠤ᠃ | | | ᠠᠶᠢᠮᠠᠭ ᠨᠤᠳᠤᠭ ᠤᠷᠴᠢᠨ ᠲᠤᠭᠤᠷᠢᠨ ᠠᠮᠤᠷ ᠪᠠᠶᠢᠭᠰᠠᠨ ᠬᠤᠶᠢᠨ᠎ᠠ᠂ | ᠠᠷᠢᠬᠢᠳᠠᠵᠦ ᠬᠠᠮᠳᠤ ᠪᠠᠷ ᠢᠶᠠᠨ ᠨᠠᠶᠢᠷᠯᠠᠨ ᠰᠠᠭᠤᠵᠠᠭᠠᠶ᠎ᠠ ᠳ᠋ᠤᠤ᠃ | | | ᠠᠠᠳᠠ ᠲᠠᠬᠦᠰ ᠨᠦᠬᠦᠳ ᠮᠢᠨᠢ ᠠᠮᠦᠷ ᠰᠠᠶᠢᠬᠠᠨ ᠪᠠᠶᠢᠪᠠ ᠤᠤ᠂ | ᠠᠯᠢᠮ᠎ᠠ ᠵᠢᠮᠢᠰ ᠤᠨ ᠦᠷ᠎ᠠ ᠠᠴᠠ ᠪᠠᠨ ᠵᠤᠭᠤᠭ ᠪᠠᠷᠢᠶ᠎ᠠ ᠳ᠋ᠤᠤ᠃ | | | ᠠᠪᠤ ᠡᠵᠢ ᠶᠢᠨ ᠡᠨᠡᠷᠢᠯ ᠬᠠᠶᠢᠷ᠎ᠠ ᠠᠭᠤᠤ ᠵᠤᠵᠠᠭᠠᠨ ᠪᠠᠶᠢᠨ᠎ᠠ᠂ | ᠠᠴᠢ ᠦᠷ᠎ᠠ ᠪᠢᠳᠠ ᠲᠠᠶᠠᠭᠠᠷ ᠬᠦᠭᠵᠢᠨ ᠠᠮᠤᠷ ᠰᠠᠶᠢᠨ᠃ | | | ᠠᠬᠢᠰ ᠤᠨ ᠴᠡᠴᠡᠭ ᠲᠡᠯᠭᠡᠷᠡᠵᠦ ᠦᠩᠭᠡ ᠲᠦᠬᠦᠷᠠᠩ ᠪᠠᠶᠢᠨ᠎ᠠ᠂ | ᠠᠮᠢᠯᠠᠯ ᠤᠨ ᠷᠠᠰᠢᠶᠠᠨ ᠪᠠᠭᠤᠭᠠᠳ ᠰᠠᠨᠠᠭ᠎ᠠ ᠲᠦᠬᠦᠷᠠᠩ ᠪᠠᠶᠢᠨ᠎ᠠ᠃ | | | ᠠᠭᠤᠤ ᠦᠷᠭᠡᠨ ᠪᠠᠶᠠᠠᠳᠦ᠋ᠬᠦᠮ ᠠᠶᠢᠯ ᠢᠶᠠᠷ ᠲᠦᠬᠦᠷᠠᠩ ᠪᠠᠶᠢᠨ᠎ᠠ᠂ | ᠠᠳᠤᠭᠤ ᠮᠠᠯ ᠠᠯᠠᠭᠰᠢᠵᠦ ᠪᠡᠯᠴᠢᠭᠡᠷ ᠲᠦᠬᠦᠷᠠᠩ ᠪᠠᠶᠢᠨ᠎ᠠ᠃ | | | ᠠᠭᠤᠤ ᠰᠠᠶᠢᠬᠠᠨ ᠪᠠᠶᠢᠭᠤᠯᠤᠭᠰᠠᠨ ᠴᠠᠭᠠᠨ ᠭᠤᠤᠯ ᠤᠨ ᠭᠡᠶᠢᠳ᠂ | ᠠᠪᠤᠷᠠᠭᠴᠢ ᠰᠠᠬᠢᠭᠤᠯᠰᠤᠨ ᠲᠤᠭᠰᠢᠨ ᠰᠢᠳᠦᠭᠡᠨ ᠲᠠᠢ᠃ | | ᠠᠭᠤᠤ ᠰᠠᠶᠢᠬᠠᠨ ᠪᠠᠶᠢᠭᠤᠯᠤᠭᠰᠠᠨ ᠴᠠᠭᠠᠨ ᠭᠤᠤᠯ ᠤᠨ ᠭᠡᠶᠢᠳ᠂ | ᠠᠷᠪᠠᠨ ᠰᠠᠷ᠎ᠠ ᠶᠢᠨ ᠠᠷᠪᠠᠨ ᠲᠠᠪᠤᠨ ᠳᠤ ᠴᠠᠮ ᠲᠠᠢ ᠬᠤᠷᠠᠯ ᠲᠠᠢ᠃ | | | ᠠᠭᠳᠠ ᠮᠤᠷᠢ ᠪᠠᠨ ᠪᠠᠷᠢᠵᠦ ᠢᠷᠡᠭᠡᠳ ᠰᠤᠶᠢᠵᠦ ᠬᠠᠭᠰᠠᠭᠠᠭᠠᠳ᠂ | ᠠᠯᠤᠰ ᠬᠤᠯᠠ ᠨᠦᠬᠦᠳ ᠤᠨ ᠳᠤ ᠪᠠᠨ ᠬᠦᠶᠦᠯᠭᠡᠭᠡᠳ ᠬᠦᠷᠴᠡᠭᠡᠶᠠ᠃ | ︵ᠪᠠᠰᠨ᠄ ᠠᠴᠢ ᠦᠷ᠎ᠡ ᠪᠢᠳᠠ ᠳᠠᠶᠠᠭᠠᠷ ᠬᠦᠭᠵᠢᠨ ᠠᠮᠤᠷ ᠰᠠᠶᠢᠨ᠃︶ | | | ᠠᠮᠳᠠᠳᠤ ᠰᠠᠶᠢᠬᠠᠨ ᠷᠠᠰᠢᠶᠠᠨ ᠬᠤᠷ᠎ᠠ ᠪᠠᠭᠤᠬᠤ ᠶᠢᠨ ᠦᠶ᠎ᠠ ᠳᠤ᠂ | ᠠᠳᠤᠭᠤ ᠮᠠᠯ ᠢᠶᠠᠷ ᠠᠯᠠᠭᠰᠢᠵᠦ ᠰᠠᠶᠢᠬᠠᠨ ᠪᠠᠶᠢᠳᠠᠭ ᠰᠢᠤ᠃ | | | ᠠᠯᠠᠭ ᠴᠡᠴᠡᠭ ᠲᠡᠯᠭᠡᠷᠡᠵᠦ ᠦᠩᠭᠡ ᠲᠦᠬᠦᠷᠠᠩ ᠪᠠᠶᠢᠨ᠎ᠠ᠂ | ᠠᠶᠢᠯ ᠨᠤᠳᠤᠭ ᠪᠠᠶᠠᠨ ᠡᠯᠪᠡᠭ ᠰᠠᠨᠠᠭ᠎ᠠ ᠲᠦᠬᠦᠷᠠᠩ ᠪᠠᠶᠢᠨ᠎ᠠ᠃ | | | ᠠᠯᠤᠰ ᠬᠤᠯᠠ ᠰᠦᠠᠳᠠᠷᠯᠡᠭᠴᠢ ᠬᠠᠯᠵᠠᠨ ᠬᠤᠷᠠᠬᠤ ᠰᠢᠤ᠂ | ᠠᠷᠤ ᠦᠪᠤᠷ ᠬᠤᠶᠠᠷ ᠲᠠᠯ᠎ᠠ ᠳᠤ ᠪᠠᠨ ᠰᠢᠠᠵᠢ ᠲᠡᠬᠦᠰ ᠰᠢᠤ᠃ | | | ᠠᠷᠤ ᠰᠢᠯᠢ ᠶᠢᠨ ᠡᠩᠭᠡᠷ ᠲᠠᠯ᠎ᠠ ᠶᠢ ᠠᠳᠤᠭᠤᠬᠠᠢ ᠭᠡᠳᠡᠭ ᠶᠤᠮ᠂ | ᠠᠯᠢ ᠴᠦ ᠮᠠᠯ ᠢᠶᠠᠷ ᠠᠯᠠᠭᠰᠢᠵᠦ ᠠᠷᠪᠢᠨ ᠵᠤᠵᠠᠭᠠᠨ ᠪᠠᠶᠢᠨ᠎ᠠ᠃ | | | ᠠᠷᠪᠠᠨ ᠰᠠᠷ᠎ᠠ ᠶᠢᠨ ᠠᠷᠪᠠᠨ ᠲᠠᠪᠤᠨ ᠴᠡᠮ ᠲᠠᠢ ᠬᠤᠷᠠᠯ ᠲᠠᠢ᠂ | ᠠᠷᠪᠢᠨ ᠤᠯᠠᠨ ᠮᠦᠷᠬᠦᠯᠴᠢᠨ ᠨᠦᠭᠦᠳ ᠪᠠᠶᠠᠰᠬᠤᠯᠠᠩ ᠲᠠᠢ᠃ | | | ᠠᠷᠬᠠᠰ ᠭᠡᠵᠦ ᠬᠠᠷᠠᠭᠳᠠᠳᠠᠭ ᠠᠪᠠ ᠬᠠᠨ ᠰᠢᠯᠢ ᠰᠢᠤ᠂ | ᠠᠳᠤᠭᠤ ᠮᠠᠯ ᠢᠶᠠᠷ ᠦᠩᠰᠡᠭ ᠰᠠᠶᠢᠬᠠᠨ ᠭᠤᠷᠪᠠᠨ ᠪᠤᠯᠠᠭ ᠰᠢᠤ᠃ | | | | ᠡᠶᠢᠮᠦ ᠰᠠᠶᠢᠬᠠᠨ ᠨᠤᠳᠤᠭ ᠮᠢᠨᠢ ᠡᠷᠬᠢᠮ ᠪᠤᠯᠪᠠᠴᠤ᠂ | ᠡᠳᠦᠭᠡᠬᠢ ᠰᠠᠮᠠᠭᠤᠨ ᠴᠠᠭ ᠤᠨ ᠡᠨᠡ ᠦᠶᠠᠰ ᠲᠤ᠃ | | | ᠡᠶᠢᠮᠦ ᠰᠠᠶᠢᠬᠠᠨ ᠰᠢᠠᠵᠢ ᠲᠡᠬᠦᠰ ᠤᠷᠤᠨ ᠨᠤᠳᠤᠭ ᠢᠶᠠᠨ᠂ | ᠡᠵᠡᠷᠭᠡᠭ ᠨᠤᠶᠠᠳ ᠢᠷᠭᠡᠨ ᠬᠢᠳᠠᠳ ᠲᠤ ᠦᠭᠴᠦ ᠠᠮᠠᠷᠠᠯ᠎ᠠ᠃ | | | ᠡᠩᠭᠡᠷᠯᠡᠵᠦ ᠬᠠᠷᠠᠭᠳᠠᠳᠠᠭ ᠡᠷᠬᠢᠮ ᠲᠠᠯᠠᠢ ᠶᠠ᠂ | ᠶᠡᠭᠡ ᠲᠦᠮᠠᠨ ᠤᠯᠠᠩᠬᠢ ᠳᠤ ᠪᠠᠨ ᠡᠵᠡᠨ ᠰᠦᠯᠳᠠ ᠶᠠ᠃ | | | ᠡᠩᠭᠡᠷᠯᠡᠵᠦ ᠬᠠᠷᠠᠭᠳᠠᠭᠴᠢ ᠡᠷᠬᠢᠮ ᠲᠠᠯᠠᠢ ᠸᠠᠩ᠂ | ᠶᠡᠭᠡ ᠲᠦᠮᠠᠨ ᠤᠯᠠᠨ ᠤ ᠪᠠᠨ ᠰᠠᠭᠤᠭᠰᠠᠨ ᠨᠤᠳᠤᠭ ᠰᠢᠤ᠃ | | | ᠡᠮᠦᠨ᠎ᠠ ᠵᠦᠭ ᠲᠤ ᠦᠠᠳᠤᠷᠯᠡᠭᠴᠢ ᠡᠪᠦᠭᠡ ᠶᠢᠨ ᠨᠤᠳᠤᠭ ᠪᠠᠶᠢᠨ᠎ᠠ᠂ | ᠡᠬᠦᠷᠢᠳᠠ ᠰᠢᠳᠤᠳᠡᠭ ᠪᠤᠭᠳᠠ ᠴᠢᠩᠬᠢᠰ ᠬᠠᠭᠠᠨ ᠰᠢᠤ᠃ | | | ᠡᠮᠦᠨ᠎ᠠ ᠵᠦᠭ ᠲᠤ ᠬᠠᠷᠠᠭᠳᠠᠭᠴᠢ ᠦᠠᠳᠤᠷ ᠰᠢᠯᠢ ᠰᠢᠤ᠂ | ᠦᠷᠬᠦᠯᠵᠢᠳᠠ ᠰᠦᠰᠦᠭᠯᠡᠳᠡᠭ ᠲᠡᠯᠭᠡᠷ ᠰᠢᠳᠦᠭᠡᠨ ᠲᠠᠢ᠃ | | | ᠡᠮᠦᠨ᠎ᠠ ᠵᠦᠭ ᠲᠤ ᠪᠠᠨ ᠬᠠᠷᠠᠭᠳᠠᠳᠠᠭ ᠦᠠᠳᠤᠷ ᠠᠪᠠ ᠬᠠᠨ ᠤᠪᠤᠭ᠎ᠠ ᠰᠢᠤ᠂ | ᠡᠷᠬᠢᠨ ᠲᠤᠭᠤᠷᠢᠨ ᠮᠠᠨᠠᠠᠳᠤᠭᠰᠠᠨ ᠰᠠᠶᠢᠬᠠᠨ ᠪᠡᠯᠴᠢᠭᠡᠷ ᠰᠢᠤ᠃ | | | ᠡᠮᠦᠨ᠎ᠠ ᠵᠦᠭ ᠲᠤ ᠪᠠᠨ ᠬᠠᠷᠠᠭᠳᠠᠳᠠᠭ ᠠᠯᠳᠠ ᠶᠢᠨ ᠴᠠᠭᠠᠨ ᠭᠡᠷᠡᠮ ᠰᠢᠤ᠂ | ᠦᠷᠬᠦᠯᠵᠢᠳᠠ ᠲᠡᠬᠢᠨ᠋ᠠᠳᠠᠳᠠᠭ ᠡᠪᠦᠭᠡ ᠲᠡᠭᠡᠳᠤᠰ ᠤᠨ ᠤᠩᠭᠤᠨ ᠰᠢᠤ᠃ | | | | ᠪᠠᠷᠠᠭᠤᠨ ᠵᠦᠭ ᠲᠤ ᠬᠠᠷᠠᠭᠳᠠᠳᠠᠭ ᠪᠠᠭ᠎ᠠ ᠰᠠᠰᠠ ᠰᠢᠤ᠂ | ᠪᠠᠰᠠ ᠰᠠᠶᠢᠬᠠᠨ ᠤᠯᠠᠨ ᠮᠤᠳᠤ ᠤᠨᠢᠶᠠᠷ ᠲᠠᠢ ᠰᠢᠤ᠃ | | | ᠪᠠᠷᠠᠭᠤᠨ ᠵᠦᠭ ᠲᠤ ᠬᠠᠷᠠᠭᠳᠠᠳᠠᠭ ᠬᠤᠶᠠᠷ ᠬᠤᠯᠪᠤᠭᠠᠯᠵᠢ᠂ | ᠪᠠᠷᠠᠭᠤᠨ ᠰᠢᠯᠢ ᠶᠢᠨ ᠬᠠᠪᠢᠷᠭ᠎ᠠ ᠲᠡᠭᠡᠷ᠎ᠠ ᠪᠠᠨᠴᠢᠨ ᠰᠢᠳᠦᠭᠡᠨ ᠲᠠᠢ᠃ | | | ᠪᠠᠷᠠᠭᠤᠠᠳᠠᠢ ᠵᠦᠭ ᠲᠤ ᠪᠠᠨ ᠬᠠᠷᠠᠭᠳᠠᠳᠠᠭ ᠪᠠᠯᠠᠷ ᠬᠦᠳᠡᠭᠡ ᠰᠢᠤ᠂ | ᠪᠠᠳᠮ᠎ᠠ ᠴᠡᠴᠡᠭ ᠲᠡᠯᠭᠡᠷᠡᠭᠰᠡᠨ ᠰᠠᠶᠢᠬᠠᠨ ᠪᠡᠯᠴᠢᠭᠡᠷ ᠰᠢᠤ᠃ | | | ᠪᠠᠷᠠᠭᠤᠠᠳᠠᠢ ᠵᠦᠭ ᠲᠤ ᠬᠠᠷᠠᠭᠳᠠᠳᠠᠭ ᠪᠠᠯᠵᠢ ᠶᠢᠨ ᠤᠷᠤᠢ ᠰᠢᠤ᠂ | ᠪᠠᠭ᠎ᠠ ᠰᠠᠰᠠ ᠶᠡᠭᠡ ᠰᠠᠰᠠ ᠨᠠᠶᠢᠯᠠᠮᠠᠠᠵᠢᠨ ᠪᠠᠨᠴᠢᠨ ᠰᠢᠳᠦᠭᠡᠨ ᠲᠠᠢ ᠰᠢᠤ᠃ | | | ᠬᠤᠶᠢᠳᠤ ᠵᠦᠭ ᠲᠤ ᠬᠠᠷᠠᠭᠳᠠᠭᠴᠢ ᠬᠤᠯᠪᠤᠭᠠᠯᠵᠢ ᠶᠢᠨ ᠤᠪᠤᠭ᠎ᠠ ᠰᠢᠤ᠂ | ᠬᠤᠨᠤᠭ ᠤᠨ ᠮᠢᠨᠢ ᠡᠯᠪᠡᠭ ᠭᠡᠭᠴᠢ ᠬᠤᠶᠠᠷ ᠪᠤᠳᠤᠩ ᠰᠢᠤ᠃ | | | ᠬᠤᠶᠢᠳᠤ ᠵᠦᠭ ᠲᠤ ᠬᠠᠷᠠᠭᠳᠠᠭᠴᠢ ᠬᠤᠶᠠᠷ ᠬᠤᠯᠪᠤᠭᠠᠯᠵᠢ᠂ | ᠬᠤᠨᠳᠤᠯᠠᠢ ᠶᠢᠨ ᠰᠢᠯᠢ ᠶᠢᠨ ᠬᠠᠪᠢᠷᠭ᠎ᠠ ᠲᠡᠭᠡᠷ᠎ᠠ ᠪᠠᠨᠴᠢᠨ ᠰᠢᠳᠦᠭᠡᠨ ᠲᠠᠢ᠃ | ︵ᠪᠠᠰᠠ᠄ ᠬᠤᠨᠤᠭ ᠪᠤᠳᠠᠭ᠎ᠠ ᠡᠯᠪᠡᠭ ᠭᠡᠭᠴᠢ ᠬᠤᠶᠠᠷ ᠪᠤᠳᠤᠩ ᠰᠢᠤ᠃︶ | | | ᠬᠤᠶᠢᠳᠤ ᠵᠦᠭ ᠠᠴᠠ ᠤᠷᠤᠰᠤᠭᠠᠳ ᠪᠠᠶᠢᠳᠠᠭ ᠴᠠᠭᠠᠨ ᠪᠤᠯᠠᠭ ᠰᠢᠤ᠂ | ᠬᠤᠶᠠᠷ ᠤᠩᠭᠤᠨ ᠰᠠᠰᠠ ᠪᠠᠨ ᠭᠡᠨ ᠳᠤ ᠪᠠᠨ ᠦᠯᠡᠳᠡᠭᠡᠬᠦ ᠪᠤᠢ᠃ | | | ᠬᠤᠶᠢᠨ᠎ᠠ ᠵᠦᠭ ᠲᠤ ᠬᠠᠷᠠᠭᠳᠠᠳᠠᠭ ᠵᠠᠯᠠᠭ᠎ᠠ ᠯᠠᠪᠷᠤᠩ ᠰᠢᠤ᠂ | ᠬᠤᠨᠳᠠᠨ ᠴᠡᠴᠡᠭ ᠲᠡᠯᠭᠡᠷᠡᠭᠰᠡᠨ ᠰᠠᠶᠢᠬᠠᠨ ᠪᠡᠯᠴᠢᠭᠡᠷ ᠰᠢᠤ᠃ | | | ᠵᠠᠬᠦᠠᠳᠠᠢ ᠵᠦᠭ ᠲᠤ ᠪᠠᠨ ᠬᠠᠷᠠᠭᠳᠠᠳᠠᠭ ᠦᠠᠳᠤᠷ ᠰᠢᠯᠢ ᠰᠢᠤ᠂ | ᠵᠤᠶᠢᠯ ᠤᠨ ᠲᠦᠮᠤᠰᠤ ᠪᠤᠯᠪᠠᠰᠤᠷᠠᠳᠠᠭ ᠶᠡᠭᠡ ᠪᠤᠳᠤᠩ ᠰᠢᠤ᠃ | | | ᠵᠠᠬᠦᠠᠳᠠᠢ ᠵᠦᠭ ᠲᠤ ᠬᠠᠷᠠᠭᠳᠠᠳᠠᠭ ᠵᠢᠷᠭᠤᠭᠠᠳᠠᠢ ᠶᠢᠨ ᠰᠢᠯᠢ ᠰᠢᠤ᠂ | ᠵᠤᠶᠢᠯ ᠤᠨ ᠲᠦᠮᠤᠰᠤ ᠪᠤᠯᠪᠠᠰᠤᠷᠠᠳᠠᠭ ᠶᠡᠭᠡ ᠪᠤᠳᠤᠩ ᠰᠢᠤ᠃ | ︵ᠪᠠᠰᠠ᠄ ᠵᠠᠬᠦᠠᠳᠠᠢ ᠵᠦᠭ ᠲᠤ ᠬᠠᠷᠠᠭᠳᠠᠳᠠᠭ ᠵᠢᠷᠭᠤᠭᠠᠳᠠᠢ ᠶᠢᠨ ᠰᠢᠯᠢ ᠰᠢᠤ᠂ | ᠵᠤᠶᠢᠯ ᠤᠨ ᠴᠡᠴᠡᠭ ᠵᠢᠬᠢᠷᠡᠭᠰᠡᠨ ᠰᠠᠶᠢᠬᠠᠨ ᠪᠡᠯᠴᠢᠭᠡᠷ ᠪᠠᠶᠢᠨ᠎ᠠ᠃︶ | | | ᠡᠵᠢ ᠠᠪᠤ ᠶᠢᠨ ᠪᠤᠮᠪᠠ ᠭᠡᠬᠦᠷ ᠢ ᠡᠷᠬᠢᠬᠦᠯᠵᠦ ᠲᠠᠷᠢᠬᠤᠯᠠᠷ᠂ | ᠡᠯᠢᠭᠡ ︵ᠶᠤ᠋︶ ᠵᠢᠷᠦᠭᠡ ᠮᠢᠨᠢ ᠡᠮᠳᠡᠷᠡᠮᠠᠷ ᠪᠠᠶᠢᠨ᠎ᠠ᠃ | | | ᠡᠷᠳᠠ ᠤᠷᠢᠳᠤ ᠶᠢᠨ ᠢᠷᠦᠭᠡᠯ ᠤᠨ ᠪᠠᠷᠢᠯᠳᠤᠯᠭ᠎ᠠ ᠪᠠᠷ᠂ | ᠤᠷᠳᠤᠰ ᠠᠶᠢᠮᠠᠭ ᠨᠤᠳᠤᠭ ᠲᠤ ᠪᠠᠨ ᠬᠤᠪᠢᠯᠤᠨ ᠮᠠᠠᠳᠤᠪᠠᠢ᠃ | ︵ᠪᠠᠰᠠ᠄ ᠡᠷᠳᠠ ᠤᠷᠢᠳᠤ ᠶᠢᠨ ᠪᠠᠷᠢᠯᠳᠤᠯᠭ᠎ᠠ ᠪᠠᠷ ᠬᠠᠷ᠎ᠠ ᠮᠠᠶᠢᠷᠠᠨ ᠴᠠᠭᠳᠤᠷ᠂ | ᠤᠷᠳᠤᠰ ᠦᠤᠰᠢᠨ ᠠᠶᠢᠮᠠᠭ ᠲᠤ ᠪᠠᠨ ᠬᠤᠪᠢᠯᠤᠨ ᠮᠠᠠᠳᠤᠭᠰᠠᠨ ᠰᠢᠤ᠃︶ | | | ᠤᠪᠤᠭ᠎ᠠ ᠲᠤᠯᠤᠭᠠᠢ ᠤᠯᠵᠠᠴᠢ ᠶᠢᠨ ᠰᠢᠯᠢ ᠤᠷᠤᠳ ᠤᠨ ᠡᠵᠡᠳ ᠲᠠᠢ᠂ | ᠤᠯᠠᠨ ᠰᠠᠶᠢᠬᠠᠨ ᠠᠶᠢᠮᠠᠭ ᠤᠳ ᠮᠢᠨᠢ ᠤᠶᠢᠯᠤᠨ ᠰᠠᠭᠤᠵᠦ ᠪᠠᠶᠢᠨ᠎ᠠ᠃ | | | ᠤᠯᠠᠨ ᠲᠠᠯ᠎ᠠ ᠠᠴᠠ ᠤᠷᠤᠰᠤᠭᠠᠳ ᠢᠷᠡᠳᠡᠭ ᠤᠷᠬᠢᠯ ᠪᠤᠯᠠᠭ ᠰᠢᠤ᠂ | ᠤᠯᠠᠨ ᠮᠠᠯ ᠤᠨ ᠤᠮᠳᠠ ᠪᠤᠯᠤᠭᠰᠠᠨ ᠰᠠᠶᠢᠬᠠᠨ ᠪᠡᠯᠴᠢᠭᠡᠷ ᠰᠢᠤ᠃ | | | | ᠤᠳᠤ ᠬᠠᠷᠢᠨ ᠦᠵᠡᠭᠰᠡᠭᠡᠷ ᠡᠶᠢᠮᠦ ᠪᠤᠯᠬᠤᠯ᠎ᠠ᠂ | ᠤᠨᠠᠭᠰᠠᠨ ᠨᠤᠳᠤᠭ ᠬᠠᠶᠢᠷᠠᠨ ᠪᠤᠯᠪᠠᠴᠦ ᠠᠷᠭ᠎ᠠ ᠪᠠᠶᠢᠨ᠎ᠠ ᠤᠤ ᠳ᠋ᠤᠤ᠃ | | | ᠤᠰᠤ ᠡᠪᠡᠰᠤ ᠡᠯᠪᠡᠭ ᠲᠠᠩᠰᠤᠭ ᠤᠷᠤᠰᠤᠮᠠᠠᠵᠢᠨ ᠬᠦ᠋᠂ | ᠦᠵᠡᠰᠬᠦᠯᠠᠩ ᠰᠠᠶᠢᠬᠠᠨ ᠤᠨᠢᠶᠠᠷ ᠮᠠᠨᠠᠷᠠᠳᠠᠭ ᠶᠤᠮ᠃ | | | ᠤᠰᠤᠨ ᠲᠠᠯ᠎ᠠ ᠲᠦᠬᠦᠭᠡᠢ ᠲᠤᠭᠤᠷᠢᠮ ᠪᠠᠳᠠᠭᠤ ᠶᠢᠨ ᠠᠭᠤᠯᠠ ᠰᠢᠤ᠂ | ᠤᠷᠳᠤ ᠵᠦᠭ ᠤᠨ ᠭᠤᠷᠪᠠᠨ ᠦᠠᠴᠦᠭ ᠬᠦᠠᠳᠠᠢ ᠪᠠᠯᠴᠢᠭᠡᠷ ᠰᠢᠤ᠃ | | | ᠤᠳᠠᠭᠠᠨ ᠵᠢᠯ ᠢᠶᠠᠷ ᠰᠠᠭᠤᠵᠦ ᠰᠤᠷᠤᠭᠰᠠᠨ ᠤᠷᠤᠨ ᠨᠤᠳᠤᠭ ᠢᠶᠠᠨ᠂ | ᠤᠷᠬᠢᠵᠦ ᠬᠠᠶᠠᠭᠠᠳ ᠶᠠᠪᠤᠨ᠎ᠠ ᠭᠡᠭᠴᠢ ᠤᠶᠠᠷᠠᠯᠳᠠᠢ ᠪᠠᠶᠢᠨ᠎ᠠ᠃ | | | ᠤᠷᠳᠤ ᠲᠠᠷᠠᠰᠤᠳᠤ ᠦᠯᠦᠩ ᠴᠠᠶᠢᠳᠠᠮ ᠠᠭᠤᠳᠠᠮ ᠪᠠᠯᠴᠢᠭᠡᠷ ᠰᠢᠤ᠂ | ᠤᠯᠠᠨ ᠠᠶᠢᠮᠠᠭ ᠲᠠᠷᠠ ᠭᠠᠵᠠᠷ ᠨᠤᠳᠤᠭᠯᠠᠬᠤ ᠶᠤᠮ ᠰᠢᠤ᠃ | | | ᠤᠷᠳᠤ ᠬᠤᠶᠢᠳᠤ ᠬᠤᠶᠠᠷ ᠭᠡᠵᠤᠤᠷ ᠠᠭᠤᠵᠢᠮ ᠪᠡᠯᠴᠢᠭᠡᠷ ᠪᠠᠶᠢᠨ᠎ᠠ᠂ | ᠤᠷᠬᠢᠵᠦ ᠲᠡᠭᠵᠢᠷᠡᠬᠦ ᠰᠢᠠᠵᠢ ᠮᠠᠶ᠋ᠢᠭ ᠮᠠᠭᠠᠳ ᠢᠯᠡᠭᠡᠨ ᠪᠠᠶᠢᠨ᠎ᠠ᠃ | | | ᠤᠷᠳᠤ ᠬᠤᠶᠢᠳᠤ ᠭᠠᠨᠵᠤᠤᠷ ᠴᠠᠶᠢᠳᠠᠮ ᠠᠭᠤᠵᠢᠮ ᠪᠠᠯᠴᠢᠭᠡᠷ ᠪᠠᠶᠢᠨ᠎ᠠ᠂ | ᠤᠯᠠᠨ ᠠᠶᠢᠮᠠᠭ ᠲᠠᠷᠠ ᠭᠠᠵᠠᠷ ᠨᠤᠳᠤᠭᠯᠠᠵᠦ ᠪᠠᠶᠢᠨ᠎ᠠ᠃ | | | ᠤᠷᠳᠤ ᠭᠠᠵᠠᠷ ᠤᠨ ᠤᠷᠮᠤᠳᠠᠢ ᠡᠵᠡᠯᠡᠭᠰᠡᠨ ᠤ ᠬᠤᠶᠢᠨ᠎ᠠ᠂ | ᠤᠰᠤ ᠪᠡᠯᠴᠢᠭᠡᠷ ᠬᠠᠶᠢᠷᠠᠨ ᠴᠦ ᠶᠠᠭᠠᠬᠢᠬᠤ ᠶᠢᠨ ᠠᠷᠭ᠎ᠠ ᠦᠭᠡᠢ᠃ | | ᠦᠩᠭᠡ ᠪᠦᠷᠢ ᠶᠢᠨ ᠰᠠᠶᠢᠬᠠᠨ ᠤᠨᠢᠶᠠᠷ ᠲᠠᠷᠬᠠᠨ ᠪᠦᠷᠬᠦᠮᠠᠠᠵᠢᠨ᠂ | ᠦᠯᠵᠠᠢ ᠰᠠᠶᠢᠬᠠᠨ ᠨᠤᠳᠤᠭ ᠭᠡᠭᠴᠢ ᠮᠠᠨ ᠤ ᠲᠠᠠᠳᠠ ᠰᠢᠤ᠃ | | | ᠦᠩᠰᠡᠭ ᠰᠠᠶᠢᠬᠠᠨ ᠦᠰᠦᠭᠰᠡᠨ ᠨᠤᠳᠤᠭ ᠶᠡᠭᠡ ᠪᠤᠳᠤᠩ ᠰᠢᠤ᠂ | ᠡᠷᠬᠢᠨ ᠲᠤᠭᠤᠷᠢᠨ ᠵᠡᠷᠭᠡᠯᠭᠡᠨ ᠲᠠᠳᠠᠳᠠᠭ ᠰᠠᠶᠢᠬᠠᠨ ᠪᠡᠯᠴᠢᠭᠡᠷ ᠰᠢᠤ᠃ | | | ᠦᠠᠳᠤᠷᠯᠡᠵᠤ ᠬᠠᠷᠬᠠᠳᠠᠳᠠᠭ ᠦᠤᠰᠢᠨ ᠬᠤᠷᠠᠬᠤ᠂ | ᠦᠶ᠎ᠡ ᠶᠢᠨ ᠦᠶ᠎ᠡ ᠪᠠᠷ ᠰᠠᠭᠤᠯᠲᠡᠢ ᠨᠤᠳᠤᠭ ᠤᠰᠤᠨ ᠴᠡᠶᠢᠳᠠᠮ ᠰᠢᠤ᠃ | | | ※ ᠦᠠᠳᠤᠷᠯᠠᠵᠦ ᠬᠠᠷᠠᠭᠳᠠᠳᠠᠭ ᠪᠤᠳᠤᠢ ᠶᠢᠨ ᠰᠢᠯᠢ ᠶᠠ᠂ | ᠦᠶ᠎ᠠ ᠦᠶ᠎ᠠ ᠦᠠᠳᠤᠷ ᠭᠡᠷᠭᠡᠮ ᠪᠠᠶᠢᠬᠤ ᠰᠢᠠᠵᠢᠳᠠᠢ᠃ | | | ※ ᠦᠠᠳᠤᠷᠯᠠᠵᠦ ᠬᠠᠷᠠᠭᠳᠠᠭᠴᠢ ᠶᠡᠭᠡ ᠲᠤᠯᠤᠭᠠᠢ᠂ | ᠦᠶ᠎ᠠ ᠦᠶ᠎ᠠ ᠰᠠᠭᠤᠯᠳᠠᠢ ᠨᠤᠳᠤᠭ ᠲᠠᠠᠳᠠ ᠭᠡᠰᠠᠨ ᠶᠤᠮ ᠳ᠋ᠤᠤ᠃ | | ︵ᠪᠠᠰᠠ᠄ ᠦᠠᠳᠤᠷᠯᠠᠵᠦ ᠬᠠᠷᠠᠭᠳᠠᠳᠠᠭ ᠬᠤᠶᠠᠷ ᠤᠩᠭᠤᠨ ᠰᠢᠤ᠂ | ᠦᠶ᠎ᠠ ᠶᠢᠨ ᠦᠶ᠎ᠠ ᠪᠠᠷ ᠰᠠᠭᠤᠯᠳᠠᠢ ᠨᠤᠳᠤᠭ ᠬᠤᠶᠠᠷ ᠪᠤᠳᠤᠩ ᠰᠢᠤ᠃︶ | | ᠦᠯᠦᠩ ᠵᠠᠩᠭᠤᠳᠤ ᠭᠡᠳᠡᠭ ᠴᠢᠨᠢ ᠦᠩᠰᠡᠭ ᠪᠡᠯᠴᠢᠭᠡᠷ ᠰᠢᠤ᠂ | ᠦᠯᠤᠨ ᠴᠢᠳᠬᠦᠷ ᠪᠠᠷᠠᠭᠤᠨ ᠮᠠᠶᠢᠷᠠᠨ ᠦᠷᠳᠡᠭᠡᠳ ᠲᠠᠯᠪᠢᠯ᠎ᠠ᠃ | | ᠦᠵᠡᠭᠰᠡᠭᠡᠷ ᠬᠠᠷᠠᠭᠰᠠᠭᠠᠷ ᠡᠶᠢᠮᠦ ᠪᠤᠯᠬᠤᠯ᠎ᠠ᠂ | ᠡᠷᠭᠡ ᠦᠭᠡᠢ ᠤᠯᠠᠨ ᠠᠷᠠᠳ ᠶᠠᠪᠤ ᠯᠠ ᠦᠭᠡᠢ ᠳ᠋ᠤᠤ᠃ | | ᠦᠶ᠎ᠠ ᠶᠢᠨ ᠦᠶ᠎ᠠ ᠪᠠᠷ ᠰᠠᠭᠤᠵᠦ ᠰᠤᠷᠤᠭᠰᠠᠨ ᠶᠡᠭᠡ ᠪᠤᠳᠤᠩ ᠮᠢᠨᠢ᠂ | ᠡᠷᠬᠢᠨ ᠲᠤᠭᠤᠷᠢᠨ ᠮᠠᠨᠠᠷᠬᠠᠰᠠᠨ ᠰᠠᠶᠢᠬᠠᠨ ᠪᠡᠯᠴᠢᠭᠡᠷ ᠪᠠᠶᠢᠨ᠎ᠠ᠃ | ︵ᠪᠠᠰᠠ᠄ ᠦᠶ᠎ᠠ ᠶᠢᠨ ᠦᠶ᠎ᠠ ᠪᠠᠷ ᠰᠠᠭᠤᠵᠦ ᠰᠤᠷᠤᠭᠰᠠᠨ ᠬᠤᠶᠠᠷ ᠪᠤᠳᠤᠩ ᠰᠢᠤ᠂ | ᠦᠷᠬᠦᠯᠵᠢᠳᠠ ᠲᠠᠬᠢᠭᠳᠠᠭᠰᠠᠨ ᠲᠡᠯᠭᠡᠷ ᠤᠪᠤᠭ᠎ᠠ ᠰᠢᠤ᠃︶ | | ᠨᠠᠮᠰᠠᠷᠠᠢ ᠶᠢᠨ ᠲᠡᠭᠡᠵᠢ ᠶᠢᠨ ᠱᠠᠩ ᠮᠠᠳᠤ ᠬᠠᠷ᠎ᠠ ᠮᠠᠶᠢᠷᠠᠨ ᠨᠢ᠂ | ᠨᠠᠢᠮᠠᠨ ᠱᠠᠩ ᠤᠨ ᠡᠵᠡᠳ ᠠᠴᠠ ᠪᠠᠰᠠ ᠨᠢᠭᠡ ᠨᠢ ᠭᠡᠨ᠎ᠠ᠃ | | ᠪᠠᠶᠢᠬᠤ ᠪᠦᠷᠢ ᠶᠢᠨ ᠴᠡᠴᠡᠭ ᠨᠠᠪᠴᠢ ᠲᠡᠯᠭᠡᠷᠡᠮᠠᠠᠵᠢᠨ᠂ | ᠪᠠᠰᠠ ᠴᠦ ᠲᠠᠷᠠ ᠽᠠᠮᠪᠦᠳᠢᠪ ᠤᠨ ᠮᠠᠩᠯᠠᠢ ᠤᠷᠤᠨ ᠪᠠᠶᠢᠨ᠎ᠠ᠃ | | ᠪᠠᠶᠢᠬᠤ ᠵᠤᠶᠢᠯ ᠤᠨ ᠡᠳ᠋ ᠪᠠᠷᠠᠭ᠎ᠠ ᠡᠯᠪᠡᠭ ᠲᠠᠸᠠᠷ ᠪᠠᠶᠢᠨ᠎ᠠ᠂ | ᠪᠠᠶᠢᠳᠠᠭ ᠪᠦᠬᠦᠨ ᠢ ᠠᠪᠬᠤ ᠳᠤ ᠲᠤᠳᠠᠯ ᠦᠭᠡᠢ ᠪᠠᠶᠢᠨ᠎ᠠ᠃ | | ᠪᠠᠨᠴᠢᠨ ᠰᠦᠮ᠎ᠠ ᠶᠢᠨ ᠬᠤᠷᠢᠭᠤᠯ ᠢ ᠪᠠᠨᠳ᠋ᠸᠤ ᠮᠦᠩᠭᠦ ᠪᠠᠷ ᠰᠤᠯᠢᠯᠠ᠂ | ᠪᠠᠷᠠᠭᠤᠨ ᠬᠤᠶᠠᠷ ᠰᠠᠰᠠ ᠶᠢ ᠪᠠᠨ ᠪᠦᠷᠢᠨ ᠬᠠᠮᠠᠭᠠᠯᠠᠵᠦ ᠦᠯᠡᠳᠡᠭᠡᠶᠠ᠃ | | ᠪᠠᠭ᠎ᠠ ᠮᠠᠰᠢᠩ ᠶᠡᠭᠡ ᠮᠠᠰᠢᠩ ᠲᠡᠷᠭᠡ ᠬᠤᠳᠠ ᠨᠢ᠂ | ᠪᠠᠷᠠᠭᠤᠨ ᠵᠦᠭ ᠤᠨ ᠭᠤᠷᠪᠠᠨ ᠭᠡᠰᠡᠭ ᠡᠷᠬᠢᠮ ᠤᠷᠤᠨ ᠪᠠᠶᠢᠨ᠎ᠠ᠃ | | | ※ᠪᠠᠭ᠎ᠠ ᠮᠠᠰᠢᠩ ᠶᠡᠭᠡ ᠮᠠᠰᠢᠩ ᠳᠤ ᠪᠠᠶᠢᠳᠠᠭ ᠮᠠᠶᠢᠮᠠᠢ ᠲᠡᠯᠭᠡᠷᠡᠨ᠎ᠠ᠂ | ᠪᠠᠶᠢᠳᠠᠭ ᠵᠤᠶᠢᠯ ᠤᠨ ᠨᠠᠪᠴᠢ ᠴᠡᠴᠡᠭ ᠲᠡᠯᠭᠡᠷᠡᠩᠬᠦᠢ ᠰᠠᠶᠢᠨ᠃ | | ᠪᠠᠯᠠᠷ ᠮᠠᠩᠬ᠎ᠠ ᠤᠷᠤᠢ ᠲᠠᠯᠠᠩ ᠪᠠᠭ᠋ᠠᠨ ᠶᠡᠭᠡ ᠪᠤᠯᠪᠠᠴᠦ᠂ | ᠪᠠᠰᠠ ᠨᠢᠭᠡ ᠰᠢᠠᠵᠢᠬᠦᠯ᠎ᠠ ᠮᠠᠩᠯᠠᠢ ᠶᠢᠨ ᠤᠷᠤᠨ ᠰᠢᠤ᠃ | | | | ※ᠪᠠᠰᠠ ᠨᠢᠭᠡ ᠽᠠᠮᠪᠦᠳᠢᠪ ᠤᠨ ᠮᠠᠩᠯᠠᠢ ᠤᠷᠤᠨ ᠶᠠ᠂ | ᠪᠠᠭ᠎ᠠ ᠰᠦᠮ᠎ᠠ ᠳᠤ ᠮᠦᠷᠬᠦᠶ᠎ᠠ ᠭᠡᠪᠠᠯ ᠪᠠᠢ ᠶᠢᠨ ︵ᠯᠠ︶ ᠰᠢᠯᠢ ᠶᠠ᠃ | | ᠶᠡᠭᠡ ᠮᠠᠰᠢᠩ ᠪᠠᠭ᠎ᠠ ᠮᠠᠰᠢᠩ ᠠᠮᠤᠷ ᠦᠭᠡᠢ ᠬᠤᠳᠠ ᠪᠠᠶᠢᠨ᠎ᠠ᠂ | ᠡᠯᠳᠡᠪ ᠵᠤᠶᠢᠯ ᠤᠨ ᠠᠯᠢᠮ᠎ᠠ ᠵᠢᠮᠢᠰ ᠰᠠᠶᠢᠬᠠᠨ ᠭᠠᠷᠳᠠᠭ ᠰᠢᠤ᠃ | | | ※ ᠪᠠᠳᠠᠷᠠᠩᠭᠤᠢ ᠦᠩᠰᠡᠭ ᠰᠠᠶᠢᠬᠠᠨ ᠪᠠᠶᠠᠠᠳᠦ᠋ᠬᠦᠮ ᠳ᠋ᠤᠤ᠂ | ᠪᠠᠷᠠᠭᠤᠨ ᠵᠠᠬᠦᠨ ᠲᠦᠷᠪᠡᠨ ᠲᠠᠯ᠎ᠠ ᠳᠤ ᠪᠠᠨ ᠰᠢᠠᠵᠢ ᠲᠡᠬᠦᠰ ᠪᠠᠶᠢᠨ᠎ᠠ᠃ | | ᠪᠠᠶᠠᠨ ᠤᠪᠤᠭ᠎ᠠ ᠬᠠᠷ᠎ᠠ ᠰᠢᠯᠢ ᠠᠭᠤᠵᠢᠮ ᠪᠡᠯᠴᠢᠭᠡᠷ ᠪᠠᠶᠢᠨ᠎ᠠ᠂ | ᠪᠠᠭ᠎ᠠ ᠶᠡᠭᠡ ᠮᠦᠷᠬᠦᠯᠴᠢᠨ ᠤ ᠤᠷᠤᠨ ᠰᠢᠯᠢ ᠶᠢᠨ ᠰᠦᠮ᠎ᠠ ᠪᠠᠶᠢᠨ᠎ᠠ᠃ | | | ※ ᠪᠠᠶᠠᠨ ᠲᠦᠬᠦᠮ ᠪᠠᠭ᠋ᠠᠨ ᠠᠭᠤᠵᠢᠮ ᠪᠤᠯᠪᠠᠴᠦ᠂ | ᠪᠠᠰᠠ ᠨᠢᠭᠡ ᠰᠢᠠᠵᠢᠬᠦᠯ᠎ᠠ ᠠᠳᠤᠭᠤ ᠮᠠᠯ ᠢᠶᠠᠷ ᠠᠯᠠᠭᠰᠢᠵᠦ ᠵᠠᠪᠰᠠᠷ ᠦᠭᠡᠢ ᠪᠠᠶᠢᠨ᠎ᠠ᠃ | | ᠪᠠᠷ᠎ᠠ ᠦᠠᠳᠤᠷ ᠬᠠᠷᠠᠭᠳᠠᠬᠤ ᠰᠠᠶᠢᠬᠠᠨ ᠲᠤᠯᠤᠭᠠᠢ᠂ | ᠪᠡᠯᠭᠡ ᠰᠢᠠᠵᠢ ᠪᠦᠷᠢᠳᠦᠭᠰᠡᠨ ᠡᠷᠬᠢᠮ ᠭᠠᠵᠠᠷ ᠰᠢᠤ᠃ | | ᠪᠠᠷᠠᠭᠤᠨ ᠵᠡᠬᠦᠨ ᠠᠶᠢᠮᠠᠭ ᠨᠤᠳᠤᠭ ᠡᠩᠭᠡ ᠮᠠᠠᠳᠤ ᠪᠠᠶᠢᠨ᠎ᠠ᠂ | ᠵᠤᠶᠢᠯ ᠤᠨ ᠬᠦᠭᠵᠢᠮ ᠤᠨ ᠡᠭᠡᠰᠢᠭ ᠢ ᠲᠠᠭᠠᠨ ᠲᠠᠭᠤᠯᠠᠵᠠᠭᠠᠶᠠ᠃ | | ᠪᠠᠷᠠᠭᠤᠨ ᠵᠠᠬᠦᠨ ᠠᠶᠢᠮᠠᠭ ᠲᠠᠶᠠᠭᠠᠷ ᠨᠠᠶᠢᠷᠳᠠᠢ ᠪᠠᠶᠢᠭᠰᠠᠨ ᠬᠤᠶᠢᠨ᠎ᠠ᠂ | ᠪᠠᠳᠠᠷᠠᠵᠦ ᠶᠠᠪᠤᠬᠤ ᠰᠢᠠᠵᠢ ᠮᠠᠶ᠋ᠢᠭ ᠪᠠᠰᠠ ᠴᠦ ᠢᠯᠡᠭᠡᠨ ᠪᠠᠶᠢᠨ᠎ᠠ᠃ | | | ᠪᠠᠷᠬᠠᠰ ᠭᠡᠵᠦ ᠬᠠᠷᠠᠭᠳᠠᠳᠠᠭ ᠪᠠᠯᠠᠩ ᠤᠨ ᠰᠢᠯᠢ ᠶᠠ᠂ | ᠪᠠᠭᠰᠢ ᠯᠠᠮᠠ ᠪᠠᠷᠴᠢᠭᠢᠷ ᠬᠠᠮᠪᠤ ᠪᠠᠳᠮᠠᠭᠠᠷᠪᠤ ᠶᠢᠨ ᠲᠡᠭᠡᠷ᠎ᠠ᠃ | | | ᠪᠠᠶᠢᠯ᠎ᠠ ᠪᠠᠶᠢᠰᠠ ᠶᠢᠨ ᠵᠠᠬᠢᠶ᠎ᠠ ᠪᠠᠶᠢᠪᠠᠯ ᠲᠠᠭ᠎ᠠ ᠯᠠ ᠦᠭᠡᠢ ᠳ᠋ᠤᠤ᠂ | ᠪᠡᠯᠴᠢᠭᠡᠷ ᠨᠤᠳᠤᠭ ᠢᠶᠠᠨ ᠰᠠᠨᠠᠭᠰᠠᠨ ᠬᠤᠶᠢᠨ᠎ᠠ ᠤᠬᠢᠯᠠ ᠯᠠ ᠦᠭᠡᠢ ᠳ᠋ᠤᠤ᠃ | | | ᠪᠡᠯᠴᠢᠭᠡᠷ ᠤᠰᠤ ᠡᠪᠡᠰᠤ ᠨᠢ ᠬᠤᠯᠠ ᠶᠢᠨ ᠵᠡᠷᠭᠡᠮᠵᠢ᠂ | ᠪᠢᠳᠠ ᠪᠦᠬᠦᠨ ᠨᠤᠳᠤᠭ ᠲᠠᠶᠠᠭᠠᠷ ᠠᠮᠦᠷ ᠰᠠᠶᠢᠬᠠᠨ ᠪᠠᠶᠢᠨ᠎ᠠ᠃ | | | ᠪᠤᠳᠠᠰ ᠤᠨ ᠲᠦᠮᠠᠨ ᠪᠤᠷᠤ ᠵᠠᠯᠠᠨ ᠴᠢᠨᠠᠷ ᠮᠠᠭᠤᠳᠠᠢ ᠪᠠᠶᠢᠨ᠎ᠠ᠂ | ᠪᠤᠵᠠᠷ ᠬᠠᠷ᠎ᠠ ᠵᠠᠨᠠᠭ ᠤᠳ ᠤᠨ ᠰᠢᠭᠡᠰᠤ ᠪᠠᠶᠢᠭᠰᠠᠨ ᠶᠤᠮ ᠪᠠᠶᠢᠨ᠎ᠠ᠃ | | | ᠪᠤᠳᠤᠩ ᠤᠨ ᠴᠢᠨᠢ ᠭᠠᠵᠠᠷ ᠢ ᠪᠤᠯᠬᠤ ᠦᠭᠡᠢ ᠪᠠᠶᠢᠭᠠᠳ ᠲᠠᠯᠪᠢᠯ᠎ᠠ᠂ | ᠪᠠᠷᠠᠭᠤᠨ ᠮᠠᠶᠢᠷᠠᠨ ᠭᠠᠯᠵᠠᠭᠤ ᠳᠤ ᠪᠤᠳᠤᠯ ᠪᠠᠶᠢᠨ᠎ᠠ ᠤᠤ ᠳ᠋ᠤᠤ᠃ | | | ᠪᠤᠳᠤᠩ ᠭᠡᠭᠴᠢ ᠰᠠᠶᠢᠬᠠᠨ ᠰᠠᠭᠤᠯᠳᠠᠢ ᠨᠤᠳᠤᠭ ᠰᠢᠤ᠂ | ᠪᠤᠭᠤᠷᠰᠤᠭ ᠭᠡᠭᠴᠢ ᠰᠠᠶᠢᠬᠠᠨ ᠢᠳᠡᠯᠳᠠᠢ ᠬᠤᠭᠤᠯᠠ ᠰᠢᠤ᠃ | | | ᠪᠤᠳᠤᠩ ᠠᠷᠴᠠᠳᠤ ᠤᠩᠭᠤᠨ ᠴᠠᠶᠢᠳᠠᠮ ᠴᠢᠪᠠᠭᠠᠳᠤ ᠶᠢᠨ ᠰᠢᠯᠢ᠂ | ᠪᠤᠭᠳᠠ ᠮᠡᠷᠭᠡᠳ ᠤᠷᠤᠰᠢᠭᠰᠠᠨ ᠡᠷᠬᠢᠮ ᠤᠷᠤᠨ ᠰᠢᠤ᠃ | | | ᠪᠤᠳᠤᠩ ᠰᠢᠬᠢᠷ ᠤᠯᠠᠭᠠᠨ ᠦᠯᠦᠩ ᠬᠠᠯᠢᠭᠤᠳᠤ ᠨᠢ᠂ | ᠪᠤᠭᠳᠠ ᠮᠡᠷᠭᠡᠳ ᠤᠨ ᠤᠷᠤᠰᠢᠬᠤ ᠨᠤᠳᠤᠭ ᠰᠢᠤ᠃ | | ᠪᠤᠷᠤ ᠬᠠᠯᠳᠠᠷ ᠯᠠᠭᠤᠰᠠ ᠴᠢᠨᠢ ᠪᠤᠷᠳᠤᠭ᠎ᠠ ᠲᠠᠭᠠᠭᠠᠭᠰᠠᠨ ᠰᠠᠶᠢᠨ᠂ | ᠪᠤᠷᠤᠭᠤ ᠪᠠᠨ ᠬᠢᠭᠰᠡᠨ ᠰᠤᠨᠤᠮᠷᠠᠰᠢ ᠶᠢ ᠪᠤᠤᠳᠠᠨ ᠴᠤᠬᠢᠭᠰᠠᠨ ᠰᠠᠶᠢᠨ᠃ | | | ᠪᠤᠭᠤᠷᠤᠯᠳᠤᠵᠤ ᠬᠠᠷᠬᠠᠳᠠᠬᠤ ᠵᠢᠷᠠᠨ ᠬᠠᠶᠢᠯᠠᠰᠤ᠂ | ᠪᠤᠳᠠᠩ ᠤᠨ ᠭᠤᠤᠯ ᠤᠨ ᠡᠬᠢ ᠪᠤᠯᠤᠠᠠᠰᠠᠨ ᠪᠤᠠᠠᠳᠠ ᠶᠢᠨ ᠰᠠᠶᠢᠬᠠᠨ ᠬᠤᠷᠢᠭ᠎ᠠ᠃ | | | ᠬᠠᠭᠤᠴᠢᠨ ᠵᠢᠯ ᠤᠨ ᠬᠤᠷᠢ ᠶᠢᠰᠤᠨ ᠬᠤᠶᠢᠨ᠎ᠠ ᠪᠠᠨ ᠰᠠᠯᠬᠢᠨ ᠲᠠᠢ᠂ | ᠬᠠᠮᠤᠭ ᠮᠠᠯ ᠤᠨ ᠬᠤᠬᠢᠷ ᠰᠢᠯᠡᠭᠡ ᠬᠤᠭᠵᠢᠷᠠᠭᠰᠠᠨ ᠶᠤᠮ᠃ | | ᠬᠠᠮᠤᠭ ᠠᠴᠠ ᠰᠠᠶᠢᠬᠠᠨ ᠪᠠᠶᠢᠭᠤᠯᠤᠭᠰᠠᠨ ᠮᠠᠶᠢᠷᠠᠨ ᠰᠦᠮ᠎ᠠ ᠰᠢᠤ᠂ | ᠬᠠᠷ᠎ᠠ ᠮᠠᠶᠢᠷᠠᠨ ᠴᠠᠭᠳᠤᠷ ᠴᠢ ᠬᠠᠮᠢᠭ᠎ᠠ ᠪᠠᠶᠢᠨ᠎ᠠ ᠤᠤ ᠳ᠋ᠤᠤ᠃ | | | ᠭᠡᠰᠡᠭ ᠪᠦᠯᠦᠭ ᠬᠠᠷᠠᠭᠳᠠᠭᠴᠢ ᠭᠡᠵᠤᠤᠷ ᠤᠨ ᠡᠷᠢᠶᠠᠨ ᠪᠠᠶᠢᠨ᠎ᠠ᠂ | ᠭᠡᠬᠦᠰ ᠭᠡᠵᠦ ᠪᠤᠳᠤᠭᠳᠠᠳᠠᠭ ᠭᠡᠭᠡᠨᠴᠢᠷ ᠪᠠᠶ᠎ᠠ ᠪᠠᠶᠢᠨ᠎ᠠ᠃ | | | ᠭᠡᠰᠡᠭ ᠪᠦᠯᠦᠭ ᠬᠠᠷᠠᠭᠳᠠᠳᠠᠭ ᠭᠡᠵᠤᠤᠷ ᠤᠨ ᠰᠦᠮ᠎ᠠ ᠶᠠ᠂ | ᠭᠡᠰᠡᠭ ᠦᠶ᠎ᠠ ᠪᠤᠳᠤᠭᠳᠠᠳᠠᠭ ᠭᠡᠭᠡᠨᠴᠢᠷ ᠨᠦᠬᠦᠷ ᠶᠠ᠃ | | | ᠬᠤᠩᠬᠢᠰ ᠭᠡᠰᠠᠨ ᠪᠠᠶ᠎ᠠ ᠮᠢᠨᠢ ᠬᠤᠷᠢ ᠭᠠᠷᠤᠯ᠎ᠠ ᠪᠠ᠂ | ᠬᠤᠶᠠᠷᠬᠠᠨ ᠬᠤᠨᠳᠠᠭ᠎ᠠ ᠠᠷᠢᠬᠢᠨ ᠳᠤ ᠪᠠᠨ ᠠᠶᠢᠮᠤᠷᠯᠠᠯ᠎ᠠ ᠪᠠ᠃ | | | ᠭᠤᠷᠢᠰ ᠭᠡᠰᠠᠨ ᠪᠠᠶ᠎ᠠ ᠮᠢᠨᠢ ᠭᠤᠴᠢ ᠭᠠᠷᠤᠯ᠎ᠠ ᠪᠠ᠂ | ᠭᠤᠷᠪᠠᠭ᠋ᠠᠨ ᠵᠦᠩᠰᠠ ᠠᠷᠢᠬᠢᠨ ᠳᠤ ᠪᠠᠨ ᠠᠯᠮᠠᠶᠢᠳᠤᠯᠠ ᠳ᠋ᠤᠤ᠃ | | ᠭᠤᠳᠤᠮᠰᠢᠭᠳᠤ ᠮᠠᠭᠤ ᠨᠠᠷᠠ ᠪᠠᠨ ᠬᠠᠶᠠᠶ᠎ᠠ ᠭᠡᠬᠦᠯ᠎ᠠ᠂ | ᠬᠦᠩᠳᠤ ᠰᠢᠯᠤᠭᠤᠨ ᠰᠠᠳᠬᠢᠯ ᠮᠢᠨᠢ ᠲᠦᠷᠦᠭᠳᠡᠭᠡᠳ ᠢᠷᠡᠭᠰᠡᠨ ᠶᠤᠮ᠃ | | | ᠲᠦᠩᠬᠢᠰ ᠭᠡᠰᠠᠨ ᠪᠠᠶ᠎ᠠ ᠮᠢᠨᠢ ᠲᠦᠴᠢ ᠭᠠᠷᠤᠯ᠎ᠠ ᠪᠠ᠂ | ᠲᠦᠷᠪᠡᠭᠡᠨ ᠵᠦᠩᠰᠠ ᠠᠷᠢᠬᠢᠨ ᠳᠤ ᠪᠠᠨ ᠠᠶᠢᠮᠤᠷᠯᠠᠯ᠎ᠠ ᠪᠠ᠃ | | ᠲᠠᠩᠬᠢᠰ ᠭᠡᠰᠠᠨ ᠪᠠᠶ᠎ᠠ ᠴᠢᠨᠢ ᠲᠠᠪᠢ ︵ᠯᠠ︶ ᠭᠠᠷᠤᠯ᠎ᠠ ᠪᠠ᠂ | ᠲᠠᠪᠤᠬᠠᠨ ᠬᠤᠨᠳᠠᠭ᠎ᠠ ᠠᠷᠢᠬᠢᠨ ᠳᠤ ᠰᠤᠭᠳᠤᠬᠤ ᠪᠠᠷ ᠦᠭᠡᠢ ᠪᠠ᠃ | | ᠵᠢᠷᠪᠢᠰ ᠭᠡᠰᠠᠨ ᠪᠠᠶ᠎ᠠ ᠴᠢᠨᠢ ᠵᠢᠷᠠ ᠬᠦᠷᠦᠭᠡᠳᠤᠢ ᠪᠠ᠂ | ᠵᠢᠷᠭᠤᠭᠠᠨ ᠬᠤᠨᠳᠠᠭ᠎ᠠ ᠠᠷᠢᠬᠢᠨ ᠳᠤ ᠰᠤᠭᠳᠤᠬᠤ ᠪᠠᠷ ᠦᠭᠡᠢ ᠪᠠ᠃ | | ᠲᠠᠷᠪᠠᠰ ᠭᠡᠰᠠᠨ ᠪᠠᠶ᠎ᠠ ᠴᠢᠨᠢ ᠲᠠᠯ᠎ᠠ ᠬᠦᠷᠦᠭᠡᠳᠤᠢ ᠪᠠ᠂ | ᠲᠤᠯᠤᠭᠠᠨ ᠬᠤᠨᠳᠠᠭ᠎ᠠ ᠠᠷᠢᠬᠢᠨ ᠳᠤ ᠰᠤᠭᠳᠤᠬᠤ ᠪᠠᠷ ᠦᠭᠡᠢ ᠪᠠ᠃ | | ᠬᠤᠯᠠ ᠤᠶᠢᠷ᠎ᠠ ᠶᠢᠨ ᠬᠢᠳᠠᠳ ᠮᠤᠩᠭᠤᠯ ᠴᠤᠭᠯᠠᠮᠠᠠᠵᠢᠨ ᠬᠦ᠋᠂ | ᠬᠤᠪᠤᠷ ᠮᠦᠩᠭᠦ ᠴᠠᠭᠠᠨ ᠵᠤᠭᠤᠰ ᠢᠶᠠᠷ ᠡᠯᠪᠡᠭ ᠪᠠᠶᠢᠳᠠᠭ ᠰᠢᠤ᠃ | | ᠬᠤᠯᠪᠤᠭᠠᠯᠵᠢ ᠶᠢᠨ ᠬᠢ ᠨᠢ ᠭᠠᠵᠠᠷ ᠢ ᠬᠤᠪᠳᠤᠭᠯᠠᠵᠦ ᠪᠠᠶᠢᠭᠠᠳ ᠲᠠᠯᠪᠢᠯ᠎ᠠ᠂ | ᠬᠤᠶᠠᠷ ᠠᠳᠬᠤ ᠮᠦᠩᠭᠦᠨ ᠳᠤ ᠨᠢ ᠭᠤᠷᠢᠳᠠᠵᠦ ᠪᠠᠶᠢᠭᠠᠳ ᠲᠠᠯᠪᠢᠯ᠎ᠠ᠃ | | ᠬᠤᠯᠪᠤᠯᠳᠤᠵᠦ ᠬᠠᠷᠠᠭᠳᠠᠳᠠᠭ ᠬᠤᠶᠠᠷ ᠬᠤᠯᠪᠤᠭᠠᠯᠵᠢ ᠰᠢᠤ᠂ | ᠬᠤᠨᠢ ᠮᠤᠷᠢ ᠠᠯᠠᠭᠰᠢᠭᠰᠠᠨ ᠰᠠᠶᠢᠬᠠᠨ ᠪᠡᠯᠴᠢᠭᠡᠷ ᠰᠢᠤ᠃ | | ᠬᠤᠶᠠᠷ ᠰᠢᠬᠢᠷ ᠤᠪᠤᠭᠠᠨ ᠲᠤᠭᠤᠷᠢᠮ ᠡᠷᠳᠠᠨᠢ ᠶᠢᠨ ᠲᠠᠯᠠᠢ ᠰᠢᠤ᠂ | ᠬᠤᠶᠢᠳᠤ ᠵᠦᠭ ᠤᠨ ᠭᠤᠷᠪᠠᠨ ᠶᠡᠭᠡ ᠡᠷᠬᠢᠮ ᠤᠨ ᠠᠭᠤᠷᠬᠠᠢ ᠰᠢᠤ᠃ | | | ※ᠬᠤᠸᠠ ︵ᠴᠤ︶ ᠲᠤᠯᠤᠭᠠᠢ ᠭᠡᠳᠤᠢ ᠪᠤᠭᠤᠨᠢ ᠪᠤᠯᠪᠠᠴᠦ᠂ | ᠬᠤᠵᠢᠮ ᠨᠢᠭᠡ ᠰᠢᠠᠵᠢᠬᠦᠯ᠎ᠠ ᠭᠠᠵᠠᠷ ᠤᠨ ᠬᠦᠢᠰᠤ ᠭᠡᠨ᠎ᠠ᠃ | | ᠮᠠᠨ ᠳᠤ ᠡᠶᠢᠮᠦ ᠲᠠᠭᠤᠷᠢᠶᠠᠯᠳᠤ ᠪᠠᠷᠠᠯᠠᠯ ᠪᠤᠯᠬᠤ ᠨᠢ᠂ | ᠮᠠᠷᠠᠯ ᠭᠡᠳᠤᠨ ᠮᠠᠶᠢᠷᠠᠨ ᠤ ᠶᠠᠪᠤᠳᠠᠯ ᠪᠢᠰᠢ ᠤᠤ᠃ | | | ※ ᠮᠠᠨᠠᠷᠠᠵᠦ ᠬᠠᠷᠠᠭᠳᠠᠭᠴᠢ ᠠᠯᠠᠭ ᠲᠤᠯᠤᠭᠠᠢ᠂ | ᠮᠠᠨ ᠤ ᠨᠤᠳᠤᠭ ᠲᠠᠷᠠ ᠭᠠᠵᠠᠷ ᠤᠶᠢᠷᠠᠯᠴᠠᠭ᠎ᠠ ᠶᠤᠮ ᠳ᠋ᠤᠤ᠃ | | | ※ ᠮᠠᠩᠬ᠎ᠠ ᠪᠠᠯᠠᠷ ᠡᠯᠡᠰᠤ ᠲᠠᠯᠠᠩ ᠪᠠᠭ᠋ᠠᠨ ᠶᠡᠭᠡ ᠪᠤᠯᠪᠠᠴᠤ᠂ | ᠪᠠᠰᠠ ᠨᠢᠭᠡ ᠰᠢᠠᠵᠢᠬᠦᠯ᠎ᠠ ᠮᠠᠩᠨᠠᠢ ᠤᠷᠤᠨ ᠶᠤᠮ᠃ | | ᠮᠠᠩᠯᠠᠢ ᠪᠤᠭᠳᠠ ᠴᠢᠩᠬᠢᠰ ᠤᠨ ᠪᠠᠭᠠᠳᠤᠷ ᠦᠷ᠎ᠠ ᠭᠡᠤᠭᠡᠳ᠂ | ᠮᠠᠰᠢ ᠬᠦᠠᠳᠤ ᠬᠠᠤᠯᠢ ᠴᠠᠭᠠᠵᠠ ᠶᠢ ᠡᠷᠬᠢᠮ ᠪᠤᠯᠭᠠᠭᠰᠠᠨ᠃ | | ᠮᠠᠭᠠᠳ ᠦᠭᠡᠢ ᠤᠷᠴᠢᠯᠠᠩ ᠤᠨ ᠬᠤᠭᠤᠰᠤᠨ ᠶᠤᠰᠤ ᠶᠢ᠂ | ᠮᠠᠨ ᠳᠤᠷ ᠢᠯᠠ ᠦᠵᠡᠬᠦᠯᠤᠨ ᠰᠡᠩᠭᠡᠷᠡᠬᠦᠯᠪᠠ ᠰᠢᠤ᠃ | | | ᠮᠠᠰᠢ ᠰᠠᠶᠢᠬᠠᠨ ᠵᠢᠪᠬᠤᠯᠠᠩ ᠤᠨ ᠰᠢᠠᠵᠢ ᠪᠦᠷᠢᠳᠴᠦ᠂ | ᠮᠠᠭᠠᠳ ᠰᠠᠶᠢᠬᠠᠨ ᠡᠯᠪᠡᠭ ᠲᠠᠩᠰᠤᠭ ᠤᠷᠤᠨ ᠪᠤᠯᠬᠤ ᠶᠤᠮ ᠪᠠᠶᠢᠨ᠎ᠠ᠃ | | ᠰᠢᠪᠠᠷ ᠦᠯᠦᠩ ᠴᠢᠪᠠᠭᠠᠳᠤ ᠴᠠᠭᠠᠨ ᠲᠤᠯᠤᠭᠠᠢ᠂ | ᠰᠢᠠᠵᠢ ᠲᠡᠬᠦᠰ ᠪᠦᠷᠢᠳᠦᠭᠰᠡᠨ ᠰᠠᠶᠢᠬᠠᠨ ᠪᠡᠯᠴᠢᠭᠡᠷ ᠰᠢᠤ᠃ | | | ᠰᠢᠯᠢ ᠪᠤᠯᠠᠭ ᠴᠠᠶᠢᠳᠠᠮ ᠤᠰᠤ ᠵᠢᠬᠢᠷᠠᠮᠠᠠᠵᠢᠨ᠂ | ᠰᠢᠠᠵᠢᠯᠠᠯᠳᠠᠢ ᠰᠠᠶᠢᠬᠠᠨ ᠨᠤᠳᠤᠭ ᠮᠠᠨ ᠤ ᠲᠠᠳᠠ ᠰᠢᠤ᠃ | | ᠰᠢᠯᠢ ᠴᠠᠶᠢᠳᠠᠮ ᠪᠤᠯᠠᠭ ᠤᠰᠤ ᠲᠤᠬᠢᠶᠠᠯᠳᠤᠮᠠᠠᠵᠢᠨ᠂ | ᠰᠢᠯᠢᠪᠠᠴᠤ ᠡᠶᠢᠮᠦ ᠭᠠᠵᠠᠷ ᠴᠤᠬᠠᠭ ᠪᠠᠶᠢᠨ᠎ᠠ ᠰᠢᠤ ᠳ᠋ᠤᠤ᠃ | | | ᠰᠢᠷ᠎ᠠ ᠲᠠᠯ᠎ᠠ ᠱᠠᠭᠠᠵᠠᠩᠳᠤ ᠶᠢᠨ ᠡᠷᠢᠶᠠᠨ ᠰᠠᠭᠤᠯᠳᠠᠢ ᠨᠤᠳᠤᠭ ᠰᠢᠤ᠂ | ᠰᠠᠶᠢᠬᠠᠨ ᠰᠢᠠᠵᠢᠯᠠᠯ ᠪᠦᠷᠢᠨ ᠲᠡᠬᠦᠰᠦᠭᠰᠡᠨ ᠮᠠᠩᠯᠠᠢ ᠤᠷᠤᠨ ᠰᠢᠤ᠃ | | | ᠰᠦᠠᠳᠠᠷᠯᠠᠵᠦ ᠬᠠᠷᠠᠭᠳᠠᠬᠤ ᠰᠦᠵᠢ ᠶᠢᠨ ᠤᠪᠤᠭ᠎ᠠ ᠰᠢᠤ᠂ | ᠰᠠᠬᠦᠳᠠᠷ ᠲᠠᠯ᠎ᠠ ᠶᠢ ᠬᠠᠷᠠᠪᠠᠯ ᠰᠦᠰᠦᠭ ᠤᠷᠤᠮᠠᠷ ᠪᠠᠶᠢᠨ᠎ᠠ᠃ | | | ᠰᠦᠠᠳᠠᠷᠯᠠᠵᠦ ᠬᠠᠷᠠᠭᠳᠠᠳᠠᠭ ᠵᠢᠷᠭᠤᠭᠠᠳᠠᠢ ᠶᠢᠨ ᠰᠢᠯᠢ ᠰᠢᠤ᠂ | ᠰᠦᠰᠦᠭᠯᠠᠵᠦ ᠰᠢᠳᠦᠭᠳᠡᠳᠡᠭ ᠪᠠᠯᠳᠠᠠᠯᠾᠠᠮᠤ ᠰᠢᠤ᠃ | | | ᠱᠠᠯᠠ ᠨᠢ ᠦᠠᠳᠤᠷ ᠰᠠᠷᠠᠭᠤᠯ ᠪᠠᠶᠢᠰᠢᠩ ᠳᠤ ᠪᠠᠨ ᠰᠠᠭᠤᠵᠦ ᠰᠤᠷᠤᠭᠰᠠᠨ ᠶᠤᠮ᠂ | ᠱᠠᠯᠠᠨ ᠭᠡᠷ ᠤᠨ ᠬᠠᠷ᠎ᠠ ᠤᠳᠤᠭᠠᠨ ᠳᠤ ᠶᠠᠭᠠᠬᠢᠵᠦ ᠰᠠᠭᠤᠬᠤ ᠶᠤᠮ᠃ | | ᠲᠦᠷᠦᠯ ᠰᠠᠳᠤᠨ ᠠᠶᠢᠮᠠᠭ ᠲᠠᠶᠠᠭᠠᠷ ᠨᠠᠶᠢᠷ ᠲᠠᠢ ᠰᠠᠶᠢᠬᠠᠨ ᠰᠢᠤ᠂ | ᠲᠦᠮᠠᠨ ᠲᠠᠪᠬᠤᠷ ᠪᠠᠶᠠᠷ ᠴᠡᠩᠭᠡᠯ ᠤᠷᠤᠰᠢᠬᠤ ᠶᠤᠮ ᠪᠠᠶᠢᠨ᠎ᠠ᠃ | | ᠲᠦᠷᠦ ᠬᠦᠷᠦᠨ ᠳᠤ ᠪᠠᠨ ᠲᠡᠷᠢᠬᠦᠨ ᠬᠠᠷ᠎ᠠ ᠮᠠᠶᠢᠷᠠᠨ ᠨᠢ᠂ | ᠲᠦᠬᠦᠮ ᠢᠶᠠᠷ ᠭᠡᠮᠨᠡᠬᠦ ᠲᠦᠮᠠᠨ ᠠᠳᠤᠭᠤ ᠮᠠᠯ ᠲᠠᠢ ᠭᠡᠨ᠎ᠠ᠃ | | | ᠲᠠᠯᠠᠢ ᠮᠠᠳᠤ ᠡᠳ᠋ ᠱᠠᠩ ᠲᠠᠢ ᠬᠠᠷ᠎ᠠ ᠮᠠᠶᠢᠷᠠᠨ ᠨᠢ᠂ | ᠲᠠᠶᠠᠩ ᠲᠦᠮᠠᠨ ᠠᠮᠢᠳᠠᠳ ᠲᠤ ᠪᠠᠨ ᠲᠤᠰᠠᠯᠠᠯᠳᠠᠢ ᠭᠡᠨ᠎ᠠ᠃ | | | ᠲᠠᠷᠠᠩ ᠭᠡᠭᠡᠷ ᠯᠠᠭᠤᠰᠠ ᠳᠤ ᠪᠠᠨ ᠲᠠᠬ᠎ᠠ ᠵᠡᠬᠦᠭᠰᠡᠨ ᠰᠠᠶᠢᠨ᠂ | ᠲᠠᠯᠳᠡᠩ ᠲᠡᠬᠦᠰ ᠤᠨ ᠲᠡᠭᠡᠷᠡᠮ ᠢ ᠲᠠᠯᠢᠮ ᠳᠤ ᠬᠠᠳᠠᠭᠰᠠᠨ ᠰᠠᠶᠢᠨ᠃ | | ᠲᠠᠷᠠᠩ ᠴᠢᠬᠢ ᠬᠤᠯᠨ ᠮᠤᠷᠢ ᠴᠢᠨᠢ ᠲᠡᠭᠡᠬᠦᠷ ᠵᠢᠷᠤᠭ᠎ᠠ ᠰᠠᠶᠢᠨ᠂ | ᠲᠡᠭᠡᠷᠡᠮ ᠤᠨ ᠲᠦᠷᠦᠬᠦᠦ ᠳ᠋ᠧᠩ ᠶᠢᠩᠰᠠ① ᠵᠠᠪᠠ ᠶᠢ ᠲᠠᠯᠠᠳᠴᠦ ᠠᠯᠠᠭᠰᠠᠨ ᠰᠠᠶᠢᠨ᠃ | | | ᠲᠡᠩᠭᠡᠷ ᠴᠠᠭᠠᠨ ᠪᠠᠶᠢᠰᠢᠩ ᠳᠤ ᠪᠠᠨ ᠰᠠᠭᠤᠵᠦ ᠰᠤᠷᠤᠭᠰᠠᠨ ᠶᠤᠮ᠂ | ᠲᠠᠷᠠᠰᠤ ᠬᠤᠯᠤᠰᠤᠨ ᠪᠠᠭᠪᠠᠢ ᠲᠤᠳᠤᠷ᠎ᠠ ᠶᠠᠭᠠᠬᠢᠵᠦ ᠰᠠᠭᠤᠬᠤ ᠪᠤᠢ᠃ | | | ᠲᠠᠷᠠᠰᠤᠳᠤ ᠶᠢᠨ ᠤᠷᠳᠤ ᠦᠯᠦᠩ ᠴᠠᠶᠢᠳᠠᠮ ᠲᠠᠩᠰᠤᠭ ᠪᠡᠯᠴᠢᠭᠡᠷ ᠪᠠᠶᠢᠨ᠎ᠠ᠂ | ᠲᠡᠯᠭᠡᠷ ᠰᠢᠳᠦᠭᠡᠨ ᠮᠠᠶᠢᠷᠠᠨ ᠰᠦᠮ᠎ᠠ ᠪᠠᠨ ᠲᠠᠠᠳᠠ ᠪᠠᠶᠢᠭᠤᠯᠬᠤ ᠶᠤᠮ ᠰᠢᠤ᠃ | | | ᠲᠦᠷᠪᠡᠨ ᠲᠠᠯ᠎ᠠ ᠶᠢᠨ ᠰᠢᠠᠵᠢ ᠲᠡᠬᠦᠰ ᠡᠯᠪᠡᠭ ᠲᠠᠩᠰᠤᠭ ᠰᠢᠤ᠂ | ᠲᠦᠬᠦᠮ ᠲᠠᠯᠠᠩ ᠲᠡᠭᠰᠢ ᠰᠠᠶᠢᠬᠠᠨ ᠤᠨᠢᠶᠠᠷ ᠲᠠᠢ ᠰᠢᠤ᠃ | | | ᠲᠦᠷᠪᠡᠨ ᠵᠦᠭ ᠠᠴᠠ ᠤᠠᠳᠤᠷᠤᠭᠰᠠᠨ ᠲᠠᠪᠤᠨ ᠪᠤᠯᠠᠭ ᠰᠢᠤ᠂ | ᠲᠦᠮᠠᠨ ᠠᠳᠤᠭᠤᠨ ᠤ ᠤᠮᠳᠠ ᠪᠤᠯᠤᠭᠠᠳ ᠮᠠᠯᠮᠠᠯᠵᠠᠵᠦ ᠪᠠᠶᠢᠨ᠎ᠠ ᠰᠢᠤ᠃ | | | ᠴᠠᠭᠠᠨ ᠵᠠᠳᠠᠭᠠᠢ ᠴᠠᠮᠬᠠᠭ ᠤᠨ ᠴᠠᠶᠢᠳᠠᠮ ᠰᠠᠶᠢᠬᠠᠨ ᠭᠠᠵᠠᠷ ᠰᠢᠤ᠂ | ᠶᠡᠭᠡ ᠰᠢᠪᠠᠷ ᠢᠭᠡᠷᠠ ᠶᠢᠨ ᠴᠠᠶᠢᠳᠠᠮ ᠰᠠᠶᠢᠬᠠᠨ ᠭᠠᠵᠠᠷ ᠰᠢᠤ᠃ | | | ᠴᠡᠩᠭᠡᠷ ᠬᠦᠭᠡ ᠪᠠᠷ ᠮᠠᠯᠮᠠᠯᠵᠡᠳᠡᠭ ᠴᠠᠭᠠᠨ ᠲᠤᠭᠤᠷᠢᠮ ᠰᠢᠤ᠂ | ᠴᠡᠭᠡᠯ ᠮᠦᠷᠠᠨ ᠤ ᠤᠰᠤ ᠮᠠᠳᠤ ᠲᠤᠩᠭᠠᠯᠠᠭ ᠲᠠᠪᠠᠯᠭᠠᠨ ᠲᠠᠢ᠃ | | ᠴᠡᠩᠭᠡᠷᠯᠡᠵᠦ ᠬᠠᠷᠠᠭᠳᠠᠳᠠᠭ ᠴᠠᠭᠠᠨ ᠲᠤᠭᠤᠷᠢᠮ ᠰᠢᠤ᠂ | ᠴᠡᠭᠡᠯ ᠮᠦᠷᠠᠨ ᠤ ᠤᠰᠤᠨ ᠠᠴᠠ ᠲᠠᠪᠠᠯᠭᠠᠨ ᠲᠠᠢ ᠰᠢᠤ᠃ | | ᠴᠡᠴᠡᠭ ᠨᠠᠪᠴᠢ ᠲᠡᠯᠭᠡᠷᠡᠭᠰᠡᠨ ᠵᠦᠯᠭᠡ ᠴᠠᠶᠢᠳᠠᠮ ᠲᠠᠢ᠂ | ᠴᠢᠩᠬᠢᠪᠡᠴᠦ ᠠᠷᠭ᠎ᠠ ᠪᠠᠶᠢᠨ᠎ᠠ ᠤᠤ ᠤᠷᠬᠢᠭᠠᠳ ᠶᠠᠪᠤᠭᠰᠠᠨ ᠶᠤᠮ᠃ | | ᠵᠠᠪᠰᠠᠷ ᠦᠭᠡᠢ ᠮᠠᠯ ᠤᠨ ᠪᠡᠯᠴᠢᠭᠡᠷ ᠬᠤᠸᠠ ᠲᠤᠯᠤᠭᠠᠢ ᠶᠠ᠂ | ᠵᠠᠯᠪᠠᠷᠢᠵᠦ ᠮᠦᠷᠬᠦᠬᠦ ᠤᠷᠤᠨ ᠭᠡᠭᠴᠢ ᠲᠤᠩᠨᠠᠮᠰᠠᠯᠵᠢᠳᠯᠢᠩ ②᠃ | | ᠵᠠᠪᠰᠠᠷᠯᠠᠵᠦ ᠬᠠᠷᠠᠭᠳᠠᠳᠠᠭ ᠲᠠᠷᠠᠰᠤᠳᠤ ᠶᠢᠨ ᠤᠪᠤᠭ᠎ᠠ ᠰᠢᠤ᠂ | ᠵᠠᠯᠭᠠᠯᠳᠤᠭ᠎ᠠ ᠪᠠᠷ ᠰᠦᠠᠳᠠᠷᠯᠡᠭᠴᠢ ᠵᠠᠩᠭᠠᠨ ᠰᠢᠯᠢ ᠰᠢᠤ᠃ | | ᠵᠠᠪᠰᠠᠷᠯᠠᠵᠦ ᠬᠠᠷᠠᠭᠳᠠᠳᠠᠭ ᠽᠠᠩᠬᠠᠩ ᠠᠷᠤ ᠪᠠᠶᠢᠨ᠎ᠠ᠂ | ᠵᠠᠮ ᠢᠶᠠᠷ ᠶᠠᠪᠤᠭᠠᠳ ᠬᠠᠷᠠᠬᠤᠯ᠎ᠠ ᠵᠠᠯᠪᠠᠷᠢᠮᠠᠷ ᠪᠠᠶᠢᠨ᠎ᠠ᠃ | | | ※ ᠵᠠᠯᠭᠠᠮᠵᠢᠯᠠᠵᠦ ᠬᠠᠷᠠᠭᠳᠠᠭᠴᠢ ᠲᠠᠷᠤᠰᠢ ᠶᠢᠨ ᠤᠪᠤᠭ᠎ᠠ ᠶᠠ᠂ | ᠵᠠᠯᠪᠠᠷᠢᠵᠦ ᠮᠦᠷᠬᠦᠯᠳᠠᠢ ᠤᠷᠤᠨ ᠲᠤᠩᠨᠠᠮ ᠰᠦᠮ᠎ᠠ ᠶᠠ᠃ | | ᠵᠠᠯᠭᠠᠯᠳᠤᠵᠦ ᠪᠠᠶᠢᠭᠤᠯᠤᠭᠳᠠᠭᠰᠠᠨ ᠵᠠᠯᠠᠭ᠎ᠠ ᠯᠠᠪᠷᠤᠩ ᠰᠢᠤ᠂ | ᠵᠠᠪᠰᠠᠷᠯᠠᠵᠦ ᠬᠠᠷᠠᠭᠳᠠᠬᠤ ᠰᠠᠶᠢᠳ ᠤᠨ ᠶᠤᠭᠤᠷ ᠰᠢᠤ᠃ | | | ᠵᠠᠯᠭᠠᠯᠳᠤᠵᠦ ᠬᠠᠷᠠᠭᠳᠠᠳᠠᠭ ᠵᠠᠯᠠᠭ᠎ᠠ ᠶᠢᠨ ᠤᠪᠤᠭ᠎ᠠ ᠰᠢᠤ᠂ | ᠵᠠᠮ ᠢᠶᠠᠷ ᠶᠠᠪᠤᠭᠠᠳ ᠬᠠᠷᠠᠬᠤᠯᠠᠷ ᠵᠠᠨᠠᠭ ᠤᠨ ᠪᠡᠯᠴᠢᠭᠡᠷ ᠰᠢᠤ᠃ | ︵ᠪᠠᠰᠠ᠄ ᠵᠠᠯᠭᠠᠯᠳᠤᠵᠦ ᠬᠠᠷᠠᠭᠳᠠᠳᠠᠭ ᠵᠠᠯᠠᠭ᠎ᠠ ᠪᠤᠳᠤᠩ ᠰᠢᠤ᠂ | ᠵᠠᠮ ᠢᠶᠠᠷ ᠶᠠᠪᠤᠭᠠᠳ ᠬᠠᠷᠠᠬᠤᠯ᠎ᠠ ᠵᠠᠨᠠᠭ ᠤᠳ ᠲᠤᠭᠳᠤᠯᠵᠦ ᠪᠠᠶᠢᠨ᠎ᠠ᠃︶ | | | ᠵᠠᠰᠠᠭ ᠪᠠᠶᠢᠯ᠎ᠠ ᠶᠢᠨ ᠵᠡᠭᠢᠶᠠ ᠪᠠᠶᠢᠪᠠᠯ ᠲᠠᠭ᠎ᠠ ᠯᠠ ᠦᠭᠡᠢ ᠳ᠋ᠤᠤ᠂ | ᠴᠠᠭ ᠲᠦᠷᠦ ᠶᠢᠨ ᠦᠩᠭᠡ ᠪᠠᠶᠢᠪᠠᠯ ᠶᠠᠪᠤ ᠯᠠ ᠦᠭᠡᠢ ᠳ᠋ᠤᠤ᠃ | | | ᠵᠡᠭᠡᠰᠤ ᠴᠡᠴᠡᠭ ᠲᠡᠯᠭᠡᠷᠡᠵᠦ ᠦᠩᠭᠡ ᠲᠦᠬᠦᠷᠠᠩ ᠪᠠᠶᠢᠨ᠎ᠠ᠂ | ᠠᠶᠢᠮᠠᠭ ᠨᠤᠳᠤᠭ ᠪᠠᠶᠠᠨ ᠡᠯᠪᠡᠭ ᠰᠠᠨᠠᠭ᠎ᠠ ᠲᠦᠬᠦᠷᠠᠩ ᠪᠠᠶᠢᠨ᠎ᠠ᠃ | | ᠵᠠᠬᠦᠨ ᠪᠠᠷᠠᠭᠤᠨ ᠠᠶᠢᠮᠠᠭ ᠲᠠᠶᠠᠭᠠᠷ ᠡᠩᠭᠡ ᠮᠡᠡᠳᠤ ᠪᠠᠶᠢᠨ᠎ᠠ᠂ | ᠵᠤᠶᠢᠯ ᠤᠨ ᠰᠠᠶᠢᠬᠠᠨ ᠡᠭᠡᠰᠢᠭ ᠢᠶᠠᠷ ᠨᠠᠶᠢᠷᠯᠠᠨ ᠲᠠᠭᠤᠯᠠᠵᠠᠭᠠᠶᠠ᠃ | | | ᠵᠡᠷᠭᠡᠴᠡᠭᠡ ᠪᠠᠷ ᠬᠠᠷᠠᠭᠳᠠᠳᠠᠭ ᠬᠤᠶᠠᠷ ᠲᠤᠯᠤᠩ ᠪᠠᠶᠢᠨ᠎ᠠ᠃ | ᠵᠢᠪᠬᠤᠯᠠᠩᠳᠠᠢ ᠪᠤᠳᠤᠭᠳᠠᠳᠠᠭ ᠭᠡᠭᠡᠨᠴᠢᠷ ᠪᠠᠶ᠎ᠠ ᠪᠠᠶᠢᠨ᠎ᠠ᠃ | | | ᠵᠢᠭᠠᠬᠠᠨ ᠭᠡᠭᠡᠷ ᠮᠤᠷᠢ ᠴᠢᠨᠢ ᠵᠠᠮ ᠤᠨ ᠰᠠᠶᠢᠪᠤᠷ ᠰᠠᠶᠢᠨ᠂ | ᠵᠠᠮ ᠢᠶᠠᠨ ᠠᠯᠳᠠᠭᠰᠠᠨ ᠵᠠᠩᠭ᠎ᠠ ᠬᠦᠦ ᠳᠤ ᠵᠠᠮ ᠢ ᠨᠢ ᠵᠢᠭᠠᠭᠰᠠᠨ ᠰᠠᠶᠢᠨ᠃ | | ᠵᠢᠬᠢᠷᠠᠵᠦ ᠬᠠᠷᠠᠭᠳᠠᠳᠠᠭ ᠵᠢᠬᠢ ᠶᠢᠨ ᠲᠠᠯ᠎ᠠ ᠪᠠᠶᠢᠨ᠎ᠠ᠂ | ᠵᠡᠬᠦᠨ ᠪᠠᠷᠠᠭᠤᠨ ᠲᠠᠯ᠎ᠠ ᠳᠤ ᠪᠠᠨ ᠰᠢᠠᠵᠢ ᠪᠦᠷᠢᠳᠦᠭᠰᠡᠨ ᠶᠤᠮ᠃ | . | ᠵᠢᠬᠦᠷᠳᠠᠨ ᠰᠢᠪᠠᠭᠤ ᠵᠢᠷᠬᠢᠵᠦ ᠡᠭᠡᠰᠢᠭᠯᠡᠨ ᠲᠤᠩᠭᠤᠳᠤᠨ᠎ᠠ᠂ | ᠵᠢᠷᠭᠠᠯᠠᠩ ᠤᠨ ᠤᠷᠤᠨ ᠪᠤᠯᠬᠤ ᠮᠠᠭᠠᠳ ᠰᠢᠠᠵᠢᠳᠠᠢ᠃ | | ᠵᠢᠷᠤᠭ᠎ᠠ ᠰᠠᠶᠢᠳᠤ ᠮᠤᠷᠢ ᠶᠢ ᠪᠠᠨ ᠰᠤᠶᠢᠵᠦ ᠬᠠᠭᠰᠠᠭᠠᠭᠠᠳ᠂ | ᠵᠢᠷᠦᠭᠡᠨ ᠠᠯᠠᠭ ᠨᠦᠬᠦᠳ ᠤᠨ ᠳᠤ ᠪᠠᠨ ᠬᠦᠶᠦᠯᠭᠡᠭᠡᠳ ᠬᠦᠷᠴᠡᠭᠡᠶᠠ᠃ | | ᠵᠢᠷᠬᠠᠷᠠᠵᠦ ᠬᠠᠷᠠᠭᠳᠠᠳᠠᠭ ᠭᠤᠷᠪᠢ ᠶᠢᠨ ᠰᠢᠯᠢ ᠰᠢᠤ᠂ | ᠵᠠᠬᠦᠨ ᠪᠠᠷᠠᠭᠤᠨ ᠬᠤᠶᠠᠷ ᠲᠠᠯ᠎ᠠ ᠳᠤ ᠪᠠᠨ ᠤᠷᠤᠰᠬᠠᠯ ᠲᠠᠢ ᠰᠢᠤ᠃ | | | ※ ᠵᠢᠷᠬᠠᠷᠠᠵᠦ ᠬᠠᠷᠠᠭᠳᠠᠳᠠᠭ ᠵᠢᠷᠠᠨ ᠬᠠᠶᠢᠯᠠᠰᠤ ᠶᠠ᠂ | ᠵᠡᠬᠦᠨ ᠪᠠᠷᠠᠭᠤᠨ ᠲᠦᠷᠪᠠᠨ ᠲᠠᠯ᠎ᠠ ᠳᠤ ᠪᠠᠨ ᠰᠢᠠᠵᠢ ᠲᠡᠬᠦᠰ ᠪᠠᠶᠢᠨ᠎ᠠ᠃ | | ᠵᠢᠷᠬᠠᠷᠠᠵᠦ ᠬᠠᠷᠠᠭᠳᠠᠳᠠᠭ ᠵᠢᠷᠠᠨ ᠰᠢᠪᠠᠷ ᠰᠢᠤ᠂ | ᠵᠢᠪᠬᠤᠯᠠᠩᠳᠤ ᠯᠠᠮᠠ ᠭᠡᠭᠡᠨ ᠠᠷᠠᠯ ᠤᠨ ᠰᠦᠮ᠎ᠠ ᠲᠡᠭᠡᠷ᠎ᠠ ᠰᠢᠤ᠃ | | ᠵᠤᠤᠬ᠎ᠠ ᠶᠢᠨ ᠴᠠᠶᠢᠳᠠᠮ ᠨᠠᠷᠢᠨ ᠬᠦᠳᠡᠭᠡ ᠠᠷᠠᠯ ᠤᠨ ᠴᠠᠶᠢᠳᠠᠮ ᠰᠢᠤ᠂ | ᠵᠠᠬᠦᠨ ᠲᠠᠯ᠎ᠠ ᠶᠢᠨ ᠭᠤᠷᠪᠠᠨ ᠡᠯᠪᠡᠭ ᠰᠠᠶᠢᠬᠠᠨ ᠪᠡᠯᠴᠢᠭᠡᠷ ᠰᠢᠤ᠃ | | ᠵᠤᠷᠪᠤᠰ ᠭᠡᠵᠦ ᠬᠠᠷᠠᠭᠳᠠᠬᠤ ᠵᠤᠤᠬ᠎ᠠ ᠶᠢᠨ ᠴᠠᠶᠢᠳᠠᠮ ᠰᠢᠤ᠂ | ᠵᠢᠭᠡᠬᠦᠨ ᠮᠠᠭᠤᠬᠠᠢ ᠭᠡᠷᠡᠭ ᠭᠠᠷᠭᠠᠳᠠᠭ ᠵᠤᠤᠬ᠎ᠠ ᠶᠢᠨ ᠪᠦᠯᠦᠭ ᠰᠢᠤ᠃ | | ᠵᠤᠶᠢᠯ ᠤᠨ ᠡᠪᠡᠰᠤ ᠲᠠᠷᠠᠰᠤ ᠬᠤᠯᠤᠰᠤ ᠲᠡᠯᠭᠡᠷᠡᠮᠡᠠᠵᠢᠨ᠂ | ᠵᠤᠶᠢᠳᠠᠢ ᠰᠠᠶᠢᠬᠠᠨ ᠨᠤᠳᠤᠭ ᠭᠡᠵᠦ ᠬᠠᠶᠢᠷᠠᠯᠠᠯᠳᠠᠢ ᠶᠤᠮ᠃ | | | ᠵᠤᠶᠢᠯ ᠤᠨ ᠰᠢᠪᠠᠭᠤ ᠵᠡᠷᠭᠡᠮᠵᠢ ᠪᠠᠷ ᠴᠠᠷᠪᠠᠨ ᠲᠤᠩᠭᠤᠳᠤᠭᠠᠳ᠂ | ᠵᠢᠷᠭᠠᠯᠠᠩ ᠤᠨ ᠤᠷᠤᠨ ᠭᠡᠭᠴᠢ ᠲᠠᠠᠳᠠ ᠪᠠᠶᠢᠳᠠᠭ ᠶᠤᠮ᠃ | | | ᠵᠦᠭ ᠪᠦᠷᠢ ᠠᠴᠠ ᠴᠤᠭᠯᠠᠷᠠᠭᠰᠠᠨ ᠠᠳᠤᠭᠤ ᠮᠠᠯ ᠴᠢᠨᠢ᠂ | ᠵᠦᠯᠭᠡᠨ ᠲᠤᠬᠤᠢ ᠶᠢᠨ ᠤᠰᠤ ᠴᠠᠶᠢᠳᠠᠮ ᠳᠤ ᠠᠯᠠᠭᠰᠢᠳᠠᠭ ᠶᠤᠮ᠃ | | | ᠵᠦᠭ ᠪᠦᠷᠢ ᠠᠴᠠ ᠴᠤᠭᠯᠠᠷᠠᠳᠠᠭ ᠠᠳᠤᠭᠤ ᠮᠠᠯ ᠤᠳ ᠨᠢ | ᠵᠦᠯᠭᠡ ᠴᠠᠶᠢᠳᠠᠮ ᠤᠰᠤᠨ ᠳᠤ ᠪᠠᠨ ᠠᠯᠠᠭᠰᠢᠳᠠᠭ ᠶᠤᠮ᠃ | | | ᠵᠦᠭ ᠪᠦᠷᠢ ᠠᠴᠠ ᠴᠤᠭᠯᠠᠷᠠᠳᠠᠭ ᠵᠤᠶᠢᠯ ᠤᠨ ᠰᠢᠪᠠᠭᠤᠬᠠᠢ᠂ | ᠵᠦᠯᠭᠡ ᠲᠤᠬᠤᠢ ᠶᠢᠨ ᠤᠰᠤᠨ ᠲᠤᠳᠤᠷ᠎ᠠ ᠴᠡᠩᠭᠡᠨ ᠵᠢᠷᠭᠠᠨ᠎ᠠ᠃ | | | ᠶᠡᠭᠡ ᠰᠢᠬᠢᠷ ᠪᠠᠭ᠎ᠠ ᠰᠢᠬᠢᠷ ᠤᠪᠤᠭᠠᠨ ᠲᠤᠭᠤᠷᠢᠮ ᠰᠢᠤ᠂ | ᠡᠷᠳᠡᠨᠢᠰ ᠤᠨ ᠨᠠᠭᠤᠷ ᠤᠳ ᠭᠡᠭᠴᠢ ᠲᠠᠠᠳᠠ ᠪᠠᠶᠢᠨ᠎ᠠ ᠰᠢᠤ ᠳ᠋ᠤᠤ᠃ | ︵ᠪᠠᠰᠠ᠄ ᠡᠯᠳᠡᠪ ᠵᠤᠶᠢᠯ ᠤᠨ ᠰᠠᠶᠢᠬᠠᠨ ᠮᠠᠶᠢᠮᠠᠢ ᠲᠠᠠᠳᠠ ᠠᠷᠪᠢᠨ ᠰᠢᠤ︶ | ① ᠲᠤᠩᠨᠠᠮᠰᠠᠯᠵᠢᠳᠯᠢᠩ — ᠭᠡᠵᠤᠤᠷ ᠤᠨ ᠰᠦᠮ᠎ᠠ ᠶᠢᠨ ᠲᠦᠪᠡᠳ ᠨᠠᠷᠠ᠃ | ②ᠳ᠋ᠧᠩ ᠶᠢᠩᠰᠠ — 灯影子ᠳ᠋ᠧᠩ ᠤᠨ ᠰᠠᠬᠦᠳᠠᠷ ︵ᠬᠤᠴᠢ ᠨᠠᠷᠠ︶᠃ | ③ ᠡᠨᠡ ᠲᠠᠭᠤᠤ ᠶᠢ ᠤᠳᠤ ᠠᠴᠠ ᠵᠠᠭᠤᠭᠠᠳ ᠵᠢᠯ ᠤᠨ ᠦᠶ᠎ᠠ ᠳᠤ ᠤᠳᠤᠭ ᠬᠤᠰᠢᠭᠤᠨ ᠤ ᠲᠦᠷᠢᠮ ᠤᠨ ᠵᠠᠬᠢᠷᠤᠭᠴᠢ ᠪᠠᠶᠢᠭᠰᠠᠨ ᠰᠤᠨᠤᠮᠷᠠᠰᠢ | ︵1866 ~1921︶ ᠵᠤᠬᠢᠶᠠᠵᠠᠢ᠃ ᠠᠩᠬ᠎ᠠ ᠵᠤᠬᠢᠶᠠᠭᠳᠠᠬᠤ ᠳᠤ ᠵᠦᠪᠭᠡᠨ 11 ᠪᠠᠳᠠᠭ ᠰᠢᠯᠦᠭ ᠲᠠᠢ ᠪᠠᠶᠢᠵᠠᠢ᠃ ᠡᠨᠡ ᠨᠢ 1937 ᠤᠨ ᠤ | ᠪᠡᠭᠡᠵᠢᠩ ᠳᠤ ᠭᠡᠪᠯᠡᠭᠳᠡᠭᠰᠡᠨ ᠭᠠᠳᠠᠭᠠᠳᠤ ᠶᠢᠨ ᠮᠤᠩᠭᠤᠯᠴᠢ ᠡᠷᠳᠡᠮᠳᠠᠨ ᠠ᠊ · ᠮᠤᠰᠲᠶᠧᠷᠲ ᠠᠪᠤᠭᠠᠢ ᠶᠢᠨ ︽ᠤᠷᠳᠤᠰ ᠠᠮᠠᠨ ᠵᠤᠬᠢᠶᠠᠯ︾ | ᠲᠤᠳᠤᠷᠡᠬᠢ ︽ᠠᠷᠠᠳ ᠤᠨ ᠲᠠᠭᠤᠤ︾ ᠶᠢᠨ 152 ᠳ᠋ᠤᠭᠠᠷ ᠲᠠᠭᠤᠤ ᠳᠤ ᠲᠡᠮᠳᠡᠭᠯᠡᠭᠳᠡᠵᠠᠢ᠃ ᠡᠬᠦᠨ ᠳᠤ ᠵᠦᠪᠭᠡᠨ ᠤᠳᠤ ᠶᠢᠨ ᠤᠳᠤᠭ ᠤᠨ ᠡᠮᠦᠨᠡᠳᠤ | ᠬᠤᠰᠢᠭᠤᠨ ᠤ ᠵᠢᠷᠠᠨ ᠬᠠᠶᠢᠯᠠᠰᠤ ᠤᠷᠴᠢᠮ ᠤᠨ ᠭᠠᠵᠠᠷ ᠤᠨ ᠨᠠᠷᠠ — ᠦᠭᠡᠷ᠎ᠠ ᠪᠠᠷ ᠭᠡᠯᠡᠪᠠᠯ ᠰᠤᠨᠤᠮᠷᠠᠰᠢ ᠶᠢᠨ ᠰᠠᠭᠤᠵᠦ ᠪᠠᠶᠢᠭᠰᠠᠨ ᠨᠤᠳᠤᠭ ᠤᠨ | ᠲᠤᠭᠤᠷᠢᠨ ᠳᠤ ᠬᠢ ᠨᠠᠷᠠᠰ ᠪᠤᠯᠤᠨ᠎ᠠ᠃ ᠬᠤᠵᠢᠮ ᠨᠢ ᠤᠳᠤ ᠶᠢᠨ ᠤᠳᠤᠭ ᠤᠨ ᠡᠮᠦᠨᠡᠳᠤ ᠬᠤᠰᠢᠭᠤᠨ ᠤ ᠤᠶᠢᠮᠤᠴᠢ ᠨᠤᠳᠤᠭ ᠲᠠᠢ ᠬᠤᠩᠬᠢᠯ ᠵᠢᠷᠭᠠᠯ᠂ | ᠦᠤᠰᠢᠨ ᠬᠤᠰᠢᠭᠤᠨ ᠤ ᠪᠠᠶᠠᠠᠳᠠᠯᠠᠢ ᠵᠡᠷᠭᠡ ᠬᠦᠮᠦᠰ ᠦᠪᠡᠷ ᠦᠪᠡᠷ ᠤᠨ ᠨᠤᠳᠤᠭ ᠤᠰᠤᠨ ᠤ ᠨᠠᠷᠠᠰ — ︽ᠵᠢᠷᠠᠨ ᠰᠢᠪᠠᠷ︾᠂ ︽ᠤᠯᠵᠠᠴᠢ | ᠶᠢᠨ ᠰᠢᠯᠢ︾᠂ ︽ᠶᠡᠭᠡ ᠪᠠᠭ᠎ᠠ ᠪᠤᠳᠤᠩ︾ ᠵᠡᠷᠭᠡ ᠶᠢ ᠨᠠᠮᠠᠵᠦ ᠵᠤᠬᠢᠶᠠᠭᠰᠠᠭᠠᠷ ᠪᠠᠶᠢᠭᠠᠳ ᠡᠳᠦᠭᠡ ᠵᠠᠭᠤ ᠲᠠᠪᠢ ᠤᠷᠴᠢᠮ ᠪᠠᠳᠠᠭ ᠲᠠᠢ ᠪᠤᠯᠵᠠᠢ᠃ ᠪᠠᠳᠠᠭ | ᠰᠢᠯᠦᠭ ᠤᠨ ᠲᠡᠭᠡᠷ᠎ᠠ ᠨᠢ※ ᠲᠡᠮᠳᠡᠭᠳᠠᠢ ᠨᠢ ᠤᠤᠯ ᠤᠨ ᠦᠭᠡ ᠨᠢ ᠪᠤᠯᠤᠨ᠎ᠠ᠃ |