ᠬᠠᠷᠠᠯᠵᠠᠨ ᠪᠠᠶᠢᠭᠴᠢ ᠶᠢᠨ ᠰᠢᠯᠢ
ᠨᠡᠶᠢᠲᠡᠯᠡᠭᠰᠡᠨ ᠴᠠᠭ᠄
2018-07-27
            ᠬᠠᠷᠠᠯᠵᠠᠨ ᠪᠠᠶᠢᠭᠴᠢ ᠶᠢᠨ ᠰᠢᠯᠢ ᠬᠠᠷᠠᠯᠵᠠᠨ ᠪᠠᠶᠢᠭᠴᠢ ᠶᠢᠨ ᠰᠢᠯᠢ ᠨᠢ ᠬᠠᠷᠢᠬᠤ ᠮᠠᠨ ᠤ ᠨᠤᠲᠤᠭ ᠰᠢᠦ᠂ ᠬᠠᠶᠢᠷᠠᠲᠠᠢ ᠦᠷ᠎ᠡ ᠮᠢᠨᠢ ᠦᠰᠪᠡᠯ ᠬᠠᠷᠢ ᠭᠠᠵᠠᠷ ᠵᠠᠶᠠᠭᠠᠲᠠᠢ᠃ ᠬᠦᠬᠡᠷᠡᠨ ᠪᠠᠶᠢᠭᠴᠢ ᠶᠢᠨ ᠰᠢᠯᠢ ᠨᠢ ᠬᠦᠬᠡᠷᠦᠬᠦᠢ ᠮᠠᠨ ᠤ ᠨᠤᠲᠤᠭ ᠰᠢᠦ᠂ ᠬᠡᠦᠬᠡᠨ ᠦᠷ᠎ᠡ ᠮᠢᠨᠢ ᠦᠰᠪᠡᠯ ᠬᠦᠮᠦᠨ ᠤ ᠭᠠᠵᠠᠷ ᠵᠠᠶᠠᠭᠠᠲᠠᠢ᠃ ᠠᠷᠪᠠᠨ ᠲᠡᠮᠡᠭᠡᠨ ᠤ ᠠᠴᠢᠶᠠᠲᠠᠢ ᠠᠯᠠᠭ ᠮᠣᠷᠢᠨ ᠤ ᠦᠮᠴᠢ ᠲᠠᠢ᠂ ᠠᠷᠪᠠᠨ ᠠᠭᠲᠠ ᠮᠢᠨᠢ ᠪᠠᠶᠢᠪᠠᠴᠤ᠂ ᠠᠯᠠᠭ ᠮᠣᠷᠢᠨ ᠳᠤ ᠮᠢᠨᠢ ᠬᠦᠷᠬᠦ ᠦᠭᠡᠢ᠃ ᠬᠤᠷᠢᠨ ᠲᠡᠮᠡᠭᠡᠨ ᠤ ᠠᠴᠢᠶᠠᠲᠠᠢ ᠬᠤᠸᠠ ᠮᠣᠷᠢᠨ ᠤ ᠦᠮᠴᠢ ᠲᠠᠢ᠂ ᠬᠤᠷᠢᠨ ᠠᠭᠲᠠ ᠮᠢᠨᠢ ᠪᠠᠶᠢᠪᠠᠴᠤ ᠬᠤᠸᠠ ᠮᠣᠷᠢᠨ ᠳᠤ ᠮᠢᠨᠢ ᠬᠦᠷᠬᠦ ᠦᠭᠡᠢ᠃ ᠠᠯᠲᠠᠨ ᠶᠤᠩᠬᠤᠷ ᠤᠲᠠᠰᠤ ᠨᠢ ᠡᠯᠡᠬᠦ ᠲᠣᠲᠣᠮ  ᠡᠷᠴᠢᠲᠡᠢ᠂ ᠠᠪᠤ ᠶᠢᠨ ᠭᠠᠭᠴᠠ ᠦᠷ᠎ᠡ ᠨᠢ ᠵᠣᠪᠠᠭ᠋ᠣ ᠲᠣᠲᠣᠮ ᠵᠣᠷᠢᠭᠲᠠᠢ᠃ ᠮᠦᠩᠭᠦᠨ ᠶᠣᠩᠬᠤᠷ ᠤᠲᠠᠰᠤ ᠨᠢ ᠡᠯᠡᠬᠦ ᠲᠤᠲᠤᠮ ᠡᠷᠴᠢᠲᠡᠢ᠂ ᠮᠦᠨ ︵ᠴᠦ︶ ᠬᠦᠮᠦᠨ ᠤ ᠦᠷ᠎ᠡ ᠨᠢ ᠵᠣᠪᠠᠭ᠋ᠣ ᠲᠣᠲᠣᠮ ᠵᠣᠷᠢᠭᠲᠠᠢ᠃ ᠡᠷᠢᠶᠠᠨ ᠴᠣᠬᠤᠷ ᠮᠣᠷᠢ ᠮᠢᠨᠢ ᠡᠷᠭᠢᠵᠦ ᠬᠠᠷᠠᠭᠠᠳ ᠢᠨᠴᠠᠭᠠᠵᠤ ᠪᠠᠶᠢᠨ᠎ᠠ᠂ ᠡᠨᠡᠷᠢᠵᠦ ᠦᠰᠭᠡᠭᠰᠨ ᠡᠵᠢ ᠮᠢᠨᠢ ᠢᠷᠭᠢᠵᠦ ᠬᠠᠷᠠᠭᠠᠳ ᠨᠢᠯᠪᠤᠰᠤᠲᠠᠢ᠃ ᠪᠤᠷᠤ ᠴᠣᠬᠤᠷ ᠮᠣᠷᠢ ᠮᠢᠨᠢ᠂ ᠪᠤᠴᠠᠵᠤ ᠬᠠᠷᠠᠭᠠᠳ ᠢᠨᠴᠠᠭᠠᠨ᠎ᠠ᠂ ᠪᠦᠪᠡᠶᠢᠯᠡᠵᠦ ᠦᠰᠭᠡᠭᠰᠡᠨ ᠡᠵᠢ ᠮᠢᠨᠢ ᠪᠤᠴᠠᠵᠤ ᠬᠠᠷᠠᠭᠠᠳ ᠨᠢᠯᠪᠤᠰᠤᠲᠠᠢ᠃ ᠬᠦᠷᠡᠩ ᠴᠣᠬᠤᠷ ᠮᠣᠷᠢ ᠮᠢᠨᠢ ᠬᠦᠲᠦᠯᠦᠭᠰᠡᠨ ᠭᠠᠵᠠᠷ ᠲᠤ ᠪᠠᠨ ᠢᠨᠴᠠᠭᠠᠨ᠎ᠠ᠂ ᠬᠦᠬᠦᠭᠦᠯᠵᠦ ᠦᠰᠭᠡᠭᠰᠡᠨ ᠡᠵᠢ ᠮᠢᠨᠢ ᠬᠦᠭᠡᠷᠬᠦᠶᠢᠯᠡᠵᠦ ᠬᠠᠷᠠᠭᠠᠳ ᠨᠢᠯᠪᠤᠰᠤᠲᠠᠢ᠃ ᠠᠳᠤᠭᠤᠨ ᠳᠤᠮᠳᠠ ᠪᠠᠨ ᠲᠡᠮᠲᠡᠭ ᠲᠠᠢ ᠠᠯᠠᠭ ︵ᠶᠣ᠋︶ ᠮᠣᠷᠢ ᠮᠢᠨᠢ ᠬᠦᠭᠡᠷᠦᠬᠦᠢ᠂ ᠠᠪᠤ ᠡᠵᠢ ᠬᠤᠶᠠᠷ ᠮᠢᠨᠢ ᠠᠴᠢᠷ ᠦᠷ᠎ᠡ   ᠳᠤ ᠪᠠᠨ ᠬᠦᠭᠡᠷᠦᠬᠦᠢ᠃ ᠬᠠᠷ᠎ᠠ ᠮᠣᠷᠢᠨ ᠳᠤ ᠪᠠᠨ ᠮᠣᠷᠳᠠᠪᠠᠯ ᠬᠠᠩᠭᠠᠢ ᠶᠢᠨ ᠵᠠᠮ ᠳᠤ ᠪᠠᠨ ᠳᠦᠰᠢᠭᠲᠡᠢ ᠰᠢᠦ ᠬᠠᠶᠢᠷᠠᠲᠠᠢ ᠦᠷ᠎ᠡ ᠨᠢ ᠦᠰᠦᠭᠡᠳ ᠬᠠᠷᠢ ᠭᠠᠵᠠᠷ ᠲᠤ ᠪᠠᠨ ᠳᠦᠰᠢᠭᠲᠡᠢ ᠰᠢᠦ᠃
 
ᠢᠷᠡᠯᠲᠡ᠄ ︽ᠣᠷᠳᠣᠰ ᠮᠣᠩᠭᠤᠯ ᠠᠷᠠᠳ ᠤᠨ ᠳᠠᠭᠤᠤ︾ -- ᠣᠲᠤᠭ ᠤᠨ ᠡᠮᠦᠨᠡᠲᠦ ᠬᠤᠰᠢᠭᠤᠨ ᠤ ᠪᠤᠲᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号