ᠥ᠊᠂ ᠨᠠᠷᠠᠨᠪᠠᠳᠤ | ᠮᠤᠩᠭᠤᠯ ᠬᠡᠯᠡ ᠰᠤᠳᠤᠯᠤᠯ ᠤᠨ ᠲᠡᠥᠭᠡᠨ ᠱᠠᠳᠤ ᠥᠶ᠎ᠡ ᠶᠢ ᠠᠩᠬᠢᠯᠠᠬᠤ ᠲᠤᠬᠠᠢ ᠠᠰᠠᠭᠤᠳᠠᠯ ᠳᠤ | ᠮᠤᠩᠭᠤᠯ ᠭᠡᠯᠡᠨ ᠤ ᠰᠤᠳᠤᠯᠤᠯ ᠪᠤᠯ ᠮᠤᠩᠭᠤᠯ ᠰᠤᠳᠤᠯᠤᠯ ᠤᠨ ᠮᠠᠰᠢ ᠴᠢᠬᠤᠯᠠ ᠪᠥᠷᠢᠯᠳᠥᠭᠦᠨ ᠭᠡᠰᠡᠭ ᠪᠤᠯᠬᠤ ᠪᠥᠭᠡᠳ ᠲᠡᠭᠦᠨ ᠤ ᠲᠡᠥᠭᠡᠨ ᠳᠤ ᠢᠮᠠᠭᠳᠠ | ᠮᠠᠩᠯᠠᠢ ᠪᠠᠶᠢᠷᠢ ᠡᠵᠡᠯᠡᠭᠰᠡᠭᠡᠷ ᠢᠷᠡᠭᠰᠡᠨ ᠪᠡᠶ᠎ᠡ ᠲᠠᠭᠠᠭᠠᠭᠰᠠᠨ ᠰᠢᠨᠵᠢᠯᠡᠭᠦ ᠤᠬᠠᠭᠠᠨ ᠶᠤᠮ᠃ ᠲᠡᠭᠡᠭᠦ ᠳᠤ ᠮᠤᠩᠭᠤᠯ ᠰᠤᠳᠤᠯᠤᠯ ᠭᠡᠳᠡᠭ ᠡᠨᠡ ᠨᠡᠷ᠎ᠡ ᠲᠤᠮᠢᠶ᠎ᠠ᠂ | ᠥᠷᠥᠨᠠᠳᠠᠬᠢᠨ ᠤ ᠰᠢᠨᠵᠢᠯᠡᠯᠭᠡᠳᠡᠳ ᠤᠨ ᠵᠠᠩᠰᠢᠯ ᠢᠶᠠᠷ ᠪᠤᠯ ᠲᠤᠷᠤᠨᠠᠳᠠᠬᠢᠨ ᠤ ᠰᠤᠳᠤᠯᠤᠯ ᠤᠨ ᠨᠢᠭᠡᠨ ᠰᠠᠯᠪᠤᠷᠢ ᠭᠡᠰᠡᠨ ᠤᠬᠠᠭᠳᠠᠬᠤᠨ ᠢᠶᠠᠷ ᠭᠡᠷᠡᠭᠯᠡᠭᠳᠡᠳᠡᠭ ᠪᠠ | ᠲᠠᠷᠠ ᠨᠢ ᠬᠢᠳᠡᠳ ᠰᠤᠳᠤᠯᠤᠯ᠂ ᠲᠥᠪᠡᠳ ᠰᠤᠳᠤᠯᠤᠯ᠂ ᠲᠢᠶᠥᠷᠺ ᠰᠤᠳᠤᠯᠤᠯ ᠵᠡᠷᠭᠡ ᠲᠠᠢ ᠮᠥᠷᠥ ᠵᠡᠷᠭᠡᠴᠡᠭᠦ ᠰᠢᠨᠵᠢᠯᠡᠯᠭᠡᠨ ᠪᠤᠯᠬᠤ ᠪᠥᠭᠡᠳ ᠮᠤᠩᠭᠤᠯ | ᠤᠭᠰᠠᠭᠠᠳᠠᠨ ᠤ ᠪᠤᠢ ᠪᠥᠭᠦᠢ ᠤᠯᠠᠨ ᠲᠠᠯ᠎ᠠ ᠶᠢ ᠬᠠᠮᠤᠷᠤᠨ ᠰᠤᠳᠤᠯᠳᠠᠭ ᠲᠡᠯᠡᠭᠡᠢ ᠨᠡᠶᠢᠳᠡ ᠶᠢᠨ ᠴᠢᠨᠠᠷᠳᠠᠢ ᠰᠢᠨᠵᠢᠯᠡᠯᠭᠡᠨ ᠪᠤᠯᠤᠨ ᠭᠥᠭᠵᠢᠭᠰᠡᠨ᠂ ᠡᠭᠦᠨ ᠳᠤ | ᠮᠤᠩᠭᠤᠯᠴᠤᠳ ᠥᠪᠡᠷ ᠢᠶᠠᠨ ᠴᠤ ᠮᠤᠩᠭᠤᠯ ᠰᠤᠳᠤᠯᠤᠯ ᠭᠡᠵᠤ ᠨᠡᠷᠡᠯᠠᠵᠤ ᠲᠠᠳᠤᠭᠠᠳ ᠨᠠᠯᠢᠶᠡᠳ ᠤᠳᠠᠵᠠᠢ᠃ ᠡᠷᠳᠡᠮ ᠰᠢᠨᠵᠢᠯᠡᠯᠭᠡᠨ ᠤ ᠲᠡᠥᠭᠡᠨ ᠥᠨᠡᠨ ᠪᠠᠶᠢᠳᠠᠯ ᠢ | ᠠᠵᠢᠭᠯᠠᠪᠠᠯ᠂ ᠮᠤᠩᠭᠤᠯ ᠭᠡᠯᠠᠨ ᠤ ᠰᠤᠳᠤᠯᠤᠯ ᠨᠢ ᠮᠤᠩᠭᠤᠯ ᠰᠤᠳᠤᠯᠤᠯ ᠤᠨ ᠠᠯᠢ ᠴᠤ ᠨᠢᠭᠡ ᠰᠠᠯᠪᠤᠷᠢ ᠤᠬᠠᠭᠠᠨ ᠠᠴᠠ ᠪᠥᠷ ᠡᠷᠳᠡ ᠡᠬᠢᠯᠡᠭᠰᠡᠨ ᠨᠢ ᠶᠡᠭᠡ | ᠲᠤᠷᠠᠳᠠᠢ ᠪᠥᠭᠡᠳ ᠡᠨᠡ ᠨᠢ ᠥᠨᠳᠥᠰᠥᠳᠡᠨ ᠤ ᠰᠤᠶᠤᠯ ᠤᠨ ᠭᠥᠭᠵᠢᠯᠳᠡ ᠳᠤ ᠭᠡᠯᠡ ︵ᠪᠢᠴᠢᠭ︶ ᠭᠡᠳᠡᠭ ᠭᠡᠷᠡᠭᠯᠡᠭᠦᠷ ᠲᠡᠷᠢᠭᠦᠨ ᠪᠠᠶᠢᠷᠢ ᠡᠵᠡᠯᠡᠳᠡᠭ ᠶᠡᠷᠥᠳᠡ ᠶᠢᠨ | ᠵᠥᠢ ᠲᠤᠭᠳᠠᠯ ᠲᠠᠢ ᠥᠯᠡᠮᠵᠢ ᠬᠤᠯᠪᠤᠭᠠᠳᠠᠢ ᠪᠠᠶᠢᠳᠠᠭ ᠠᠴᠠ ᠰᠢᠯᠳᠠᠭᠠᠯᠠᠭᠳᠠᠭᠰᠠᠨ ᠨᠢ ᠶᠠᠷᠢᠶᠠᠨ ᠥᠭᠡᠢ᠃ | ᠮᠤᠩᠭᠤᠯ ᠭᠡᠯᠡᠨ ᠤ ᠰᠤᠳᠤᠯᠤᠯ ᠤᠨ ᠭᠥᠷᠢᠶᠡᠨ ᠳᠤ ᠬᠠᠮᠤᠷᠬᠤ ᠠᠭᠤᠯᠭ᠎ᠠ ᠲᠤᠩ ᠤᠯᠠᠨ᠃ ᠶᠠᠭᠤᠨ ᠤ ᠡᠮᠥᠨ᠎ᠡ ᠴᠠᠭ ᠡᠷᠡᠨ ᠤ ᠲᠠᠯ᠎ᠠ ᠪᠠᠷ ᠠᠪᠴᠤ ᠭᠡᠯᠡᠪᠡᠯ | ᠡᠷᠳᠡᠨ ᠤ ᠮᠤᠩᠭᠤᠯ ᠭᠡᠯᠡᠨ ᠤ ᠪᠠ ᠤᠷᠴᠢᠨ ᠴᠠᠭ ᠤᠨ ᠮᠤᠩᠭᠤᠯ ᠭᠡᠯᠡᠨ ᠤ ᠰᠤᠳᠤᠯᠤᠯᠭ᠎ᠠ ᠭᠡᠵᠤ ᠠᠩᠬᠢᠯᠠᠵᠤ ᠪᠤᠯᠬᠤ ᠪᠥᠭᠡᠳ ᠪᠥᠳᠥᠴᠠ ᠪᠠᠶᠢᠭᠤᠯᠤᠮᠵᠢ ᠶᠢᠨ | ᠬᠤᠪᠢ ᠳᠤ ᠮᠤᠩᠭᠤᠯ ᠭᠡᠯᠡᠨ ᠤ ᠠᠪᠢᠶ᠎ᠠ ᠵᠥᠢ᠂ ᠬᠡᠯᠡ ᠵᠥᠢ᠂ ᠥᠭᠡᠰ ᠤᠨ ᠰᠠᠩ ᠤᠨ ᠵᠥᠢ᠂ ᠨᠠᠶᠢᠷᠠᠭᠤᠯᠭ᠎ᠠ ᠵᠥᠢ ᠭᠡᠭᠦ ᠮᠡᠳᠥᠴᠢᠯᠡᠨ ᠠᠩᠬᠢᠯᠠᠵᠤ ᠪᠤᠯᠤᠨ᠎ᠠ᠃ | ᠴᠢᠨᠠᠭᠰᠢᠯᠠᠭᠠᠳ ᠠᠩᠬᠢ ᠲᠥᠷᠥᠯ ᠤᠨ ᠬᠤᠯᠪᠤᠭ᠎ᠠ ᠪᠠᠷ ᠨᠢ ᠨᠤᠳᠤᠭ ᠤᠨ ᠠᠶᠠᠯᠭᠤᠨ ᠤ ᠪᠠ ᠮᠤᠩᠭᠤᠯ ᠲᠥᠷᠥᠯ ᠭᠡᠯᠡᠨ ᠤ ᠰᠤᠳᠤᠯᠤᠯᠭ᠎ᠠ ᠭᠡᠭᠦ ᠮᠡᠳᠤᠴᠢᠯᠠᠨ | ᠬᠤᠪᠢᠶᠠᠵᠤ ᠪᠤᠯᠳᠠᠭ ᠪᠤᠯ ᠰᠤᠳᠤᠯᠬᠤ ᠠᠷᠭ᠎ᠠ ᠶᠢᠨ ᠡᠭᠦᠳᠡᠨ ᠠᠴᠠ ᠤᠯᠠᠮᠵᠢᠯᠠᠯᠳᠤ ᠠᠷᠭ᠎ᠠ ᠪᠠᠷ ᠰᠤᠳᠤᠯᠤᠭᠰᠠᠨ᠂ ᠰᠢᠨ᠎ᠡ ᠠᠷᠭ᠎ᠠ ᠪᠠᠷ ᠰᠤᠳᠤᠯᠤᠭᠰᠠᠨ ᠭᠡᠵᠤ | ᠬᠤᠪᠢᠶᠠᠭᠠᠳ ᠰᠢᠨ᠎ᠡ ᠠᠷᠭ᠎ᠠ ᠶᠢᠨ ᠲᠤᠳᠤᠷ᠎ᠠ ᠪᠠᠨ ᠬᠠᠷᠢᠴᠠᠭᠤᠯᠤᠭᠰᠠᠨ ᠰᠤᠳᠤᠯᠤᠯ᠂ ᠲᠤᠳᠤᠷᠬᠠᠶᠢᠯᠠᠭᠰᠠᠨ ᠰᠤᠳᠤᠯᠤᠯ ᠭᠡᠭᠦ ᠮᠡᠳᠥᠴᠢᠯᠡᠨ ᠢᠯᠭᠠᠵᠤ ᠪᠤᠯᠬᠤ ᠪᠠᠶᠢᠨ᠎ᠠ | ᠃ ᠤᠶᠢᠷ᠎ᠠ ᠶᠢᠨ ᠥᠶ᠎ᠡ ᠳᠤ ᠪᠥᠳᠥᠴᠡ ᠭᠡᠯᠡ ᠰᠢᠨᠵᠢᠯᠡᠯ ᠤᠨ ᠠᠷᠭ᠎ᠠ ᠤᠨᠤᠯ᠂ ᠪᠠᠰᠠ ᠪᠤᠰᠤᠳ ᠰᠢᠨ᠎ᠡ ᠰᠤᠨᠢᠨ ᠠᠷᠭ᠎ᠠ ᠪᠠᠷ ᠮᠤᠩᠭᠤᠯ ᠭᠡᠯᠡ ᠶᠢ ᠰᠤᠳᠤᠯᠵᠤ ᠪᠤᠢ | ᠨᠢ ᠴᠤ ᠮᠥᠨ ᠨᠢᠭᠡ ᠶᠤᠰᠤᠨ ᠤ ᠠᠭᠤᠯᠭ᠎ᠠ ᠪᠤᠯᠤᠨ ᠪᠥᠷᠢᠯᠳᠤᠵᠤ ᠪᠠᠶᠢᠨ᠎ᠠ᠃ ᠲᠡᠭᠦᠨᠴᠢᠯᠡᠨ ᠮᠤᠩᠭᠤᠯ ᠭᠡᠯᠡᠨ ᠤ ᠵᠥᠪ ᠲᠠᠭᠤᠳᠠᠬᠤ ᠵᠥᠢ᠂ ᠮᠤᠩᠭᠤᠯ ᠥᠰᠥᠭ | ᠤᠨ ᠲᠡᠥᠭᠡ᠂ ᠮᠤᠩᠭᠤᠯ ᠭᠡᠯᠡᠨ ᠭᠥᠭᠵᠢᠯ ᠤᠨ ᠲᠡᠥᠭᠡ᠂ ᠮᠤᠩᠭᠤᠯ ᠪᠢᠴᠢᠭ ᠤᠨ ᠲᠤᠷᠠᠰᠬᠠᠯᠳᠤ ᠵᠥᠢᠯ ᠤᠨ ᠰᠤᠳᠤᠯᠤᠯᠭ᠎ᠠ ᠭᠡᠭᠦ ᠮᠡᠳᠥᠴᠢᠯᠡᠨ ᠡᠳᠥᠢ ᠲᠡᠳᠥᠢ | ᠰᠤᠳᠤᠯᠤᠯᠭᠠᠨ ᠤ ᠰᠡᠳᠥᠪ ᠪᠤᠯᠳᠤ ᠪᠠᠷ ᠢᠶᠠᠨ ᠪᠥᠷ ᠮᠤᠩᠭᠤᠯ ᠭᠡᠯᠡᠨ ᠤ ᠰᠤᠳᠤᠯᠤᠯ ᠤᠨ ᠴᠠᠷᠠᠭ᠎ᠠ ᠭᠥᠷᠢᠶᠡᠨ ᠳᠤ ᠪᠠᠭᠳᠠᠭᠳᠠᠵᠤ ᠪᠤᠯᠤᠨ᠎ᠠ᠃ ᠮᠠᠨ ᠤ ᠵᠤᠷᠢᠯᠭ᠎ᠠ ᠪᠤᠯ | ᠡᠳᠡᠭᠡᠷ ᠤᠯᠠᠨ ᠲᠠᠯ᠎ᠠ ᠶᠢᠨ ᠰᠤᠳᠤᠯᠤᠯᠭᠠᠨ ᠤ ᠪᠠᠶᠢᠳᠠᠯ ᠢ ᠪᠥᠭᠦᠯᠢ ᠳᠤ ᠨᠢ ᠰᠢᠨᠵᠢᠯᠡᠨ ᠥᠵᠡᠵᠤ ᠲᠡᠭᠦᠨ ᠤ ᠲᠡᠥᠭᠡᠴᠢᠯᠡᠭᠰᠡᠨ ᠲᠥᠯᠥᠪ ᠢ ᠭᠠᠷᠭᠠᠬᠤ ᠳᠤ | ᠴᠢᠭᠯᠡᠭᠳᠡᠨᠡ᠃ | ᠮᠤᠩᠭᠤᠯ ᠭᠡᠯᠡ ᠶᠢ ᠰᠤᠳᠤᠯᠤᠭᠰᠠᠨ ᠲᠡᠥᠭᠡ ᠶᠢ ᠲᠤᠷᠠᠳᠪᠠᠯ ᠥᠨᠢ ᠤᠳᠠᠭᠠᠨ ᠪᠤᠯᠵᠠᠢ᠃ ᠮᠠᠨ ᠤ ᠥᠶ᠎ᠡ ᠭᠥᠷᠳᠡᠯ᠎ᠡ ᠤᠯᠠᠮᠵᠢᠯᠠᠭᠳᠠᠵᠤ ᠢᠷᠡᠭᠰᠡᠨ ᠭᠡᠯᠡ | ᠰᠤᠳᠤᠯᠤᠯᠭᠠᠨ ᠤ ᠪᠢᠴᠢᠭ ᠵᠤᠬᠢᠶᠠᠯ ᠵᠢᠴᠢ ᠡᠷᠳᠡᠮ ᠰᠢᠨᠵᠢᠯᠡᠯᠭᠡᠨ ᠤ ᠮᠡᠳᠡᠭᠡ ᠰᠠᠯᠳᠠ ᠨᠦᠭᠦᠳ ᠢ ᠥᠨᠳᠥᠰᠥᠯᠡᠪᠡᠯ ᠮᠤᠩᠭᠤᠯ ᠭᠡᠯᠡᠨ ᠤ ᠰᠤᠳᠤᠯᠤᠯᠭ᠎ᠠ ᠨᠢ ᠪᠥᠷ | ᠮᠤᠩᠭᠤᠯ ᠤᠨ ᠲᠡᠥᠭᠡ ᠶᠢᠨ ᠠᠩᠬᠠᠨ ᠤ ᠥᠶ᠎ᠡ᠂ ᠥᠭᠡᠷ᠎ᠡ ᠪᠠᠷ ᠭᠡᠯᠡᠪᠡᠯ 13 ᠳ᠋ᠤᠭᠠᠷ ᠵᠠᠭᠤᠨ ᠤ ᠡᠬᠢᠨ ᠤ ᠥᠶ᠎ᠡ ᠲᠠᠢ ᠬᠤᠯᠪᠤᠭᠠᠳᠠᠢ ᠪᠠᠶᠢᠨ᠎ᠠ᠃ ᠶᠠᠭᠠᠬᠢᠭᠠᠳ ᠪᠤᠢ | ︖ ᠬᠡᠪᠡᠯ᠂ ᠲᠡᠷᠡ ᠥᠶ᠎ᠡ ᠳᠤ ᠮᠤᠩᠭᠤᠯᠴᠤᠳ ᠨᠢᠭᠡᠨᠳᠡ ᠥᠰᠥᠭ ᠪᠢᠴᠢᠭ ᠲᠠᠢ ᠪᠤᠯᠤᠭᠰᠠᠨ ᠪᠠ ᠥᠰᠥᠭ ᠪᠢᠴᠢᠭ ᠲᠠᠢ ᠪᠤᠯᠤᠯ᠎ᠠ ᠭᠡᠳᠡᠭ ᠮᠠᠨᠢ ᠬᠡᠷᠡᠭ ᠲᠡᠭᠡᠷ᠎ᠡ | ᠪᠠᠨ ᠲᠡᠷᠡ ᠲᠤᠬᠠᠢ ᠶᠢᠨ ᠭᠡᠯᠡᠨ ᠤ ᠰᠤᠳᠤᠯᠤᠯᠭ᠎ᠠ ᠨᠢᠭᠡᠨᠳᠡ ᠵᠤᠬᠢᠬᠤ ᠭᠡᠮᠵᠢᠶ᠎ᠠ ᠪᠠᠷ ᠶᠠᠪᠤᠭᠳᠠᠵᠠᠢ ᠭᠡᠳᠡᠭ ᠢ ᠬᠠᠷᠠᠭᠤᠯᠵᠤ ᠪᠤᠢ ᠭᠡᠷᠡᠭ᠃ ᠥᠰᠥᠭ ᠪᠢᠴᠢᠭ ᠭᠡᠭᠴᠢ | ᠠᠪᠢᠶᠠᠨ ᠤ ᠭᠡᠯᠡᠨ ᠤ ᠲᠤᠬᠢᠶ᠎ᠠ ᠲᠡᠮᠳᠡᠭ ᠮᠥᠨ ᠪᠥᠭᠡᠳ ᠲᠠᠭᠦᠨ ᠢ ᠵᠤᠬᠢᠶᠠᠬᠤ ᠳᠤ ᠭᠡᠯᠡᠨ ᠤ ᠲᠤᠬᠠᠢ ᠵᠤᠬᠢᠬᠤ ᠰᠤᠳᠤᠯᠤᠯᠭ᠎ᠠ ᠱᠠᠭᠠᠷᠳᠠᠭᠳᠠᠬᠤ ᠨᠢ ᠵᠠᠶᠢᠯᠠᠰᠢ ᠥᠭᠡᠢ | ᠃ ᠢᠯᠠᠩᠭᠤᠶ᠎ᠠ ᠥᠰᠥᠭ ᠪᠢᠴᠢᠭ ᠤᠨ ᠭᠡᠳᠥᠨ ᠲᠤᠮᠤ ᠲᠥᠷᠥᠯ ᠤᠨ ᠨᠢᠭᠡ ᠪᠤᠯᠬᠤ ᠠᠪᠢᠶᠠᠨ ᠤ ᠥᠰᠥᠭ ᠢ ᠵᠤᠬᠢᠶᠠᠬᠤ ᠳᠤ ᠲᠡᠷᠡ ᠲᠤᠬᠠᠢ ᠶᠢᠨ ᠭᠡᠯᠡᠨ ᠤ ᠠᠪᠢᠶᠠᠨ | ᠤ ᠲᠤᠭᠳᠠᠴᠠ᠂ ᠭᠡᠯᠡ ᠵᠥᠢ ᠶᠢᠨ ᠪᠠᠶᠢᠭᠤᠯᠤᠯ ᠢ ᠰᠤᠳᠤᠯᠬᠤ ᠥᠭᠡᠢ ᠶᠤᠮ ᠪᠤᠯ ᠲᠡᠷᠡ ᠭᠡᠯᠡᠨ ᠳᠤ ᠪᠠᠨ ᠲᠤᠬᠢᠷᠠᠭᠰᠠᠨ ᠥᠰᠥᠭ ᠵᠤᠬᠢᠶᠠᠬᠤ ᠭᠡᠳᠡᠭ ᠨᠢ | ᠰᠡᠳᠬᠢᠭᠳᠡᠰᠢ ᠥᠭᠡᠢ ᠤᠴᠢᠷ ᠪᠤᠯᠤᠨ᠎ᠠ᠃ ᠲᠡᠭᠡᠭᠡᠳ ᠴᠤ ᠮᠤᠩᠭᠤᠯ ᠪᠢᠴᠢᠭ ᠠᠪᠢᠶᠠᠨ ᠤ ᠥᠰᠥᠭ ᠪᠤᠯᠤᠭᠰᠠᠨ ᠤ ᠬᠤᠪᠢ ᠳᠤ ᠲᠡᠷᠡ ᠥᠶ᠎ᠡ ᠶᠢᠨ ᠮᠤᠩᠭᠤᠯ ᠭᠡᠯᠡ | ᠠᠶᠠᠯᠭᠤᠨ ᠤ ᠪᠠᠶᠢᠳᠠᠯ ᠢ ᠲᠤᠰᠬᠠᠬᠰᠠᠨ ᠨᠢ ᠡᠷᠡᠭᠡᠯᠵᠡᠰᠢ ᠥᠭᠡᠢ ᠶᠤᠮ᠃ ᠨᠡᠩᠳᠡ ᠲᠡᠷᠡ ᠴᠠᠭ ᠲᠤ ᠭᠥᠩᠭᠠᠵᠠᠯᠼᠠᠨ ᠭᠡᠭᠴᠢ ᠪᠠᠷ ︽ᠵᠢᠷᠥᠭᠡᠨ ᠲᠤᠯᠳᠤ︾ ᠭᠡᠮᠡᠭᠦ | ᠭᠡᠯᠡ ᠰᠤᠳᠤᠯᠤᠯᠭᠠᠨ ᠤ ᠨᠤᠮ ᠪᠢᠴᠢᠭᠰᠡᠨ ᠨᠢ ᠲᠡᠷᠠ ᠥᠶ᠎ᠡ ᠠᠴᠠ ᠡᠬᠢᠯᠡᠵᠤ ᠮᠤᠩᠭᠤᠯ ᠭᠡᠯᠡᠨ ᠤ ᠰᠤᠳᠤᠯᠤᠯᠭ᠎ᠠ ᠶᠠᠪᠤᠭᠳᠠᠵᠠᠢ ᠭᠡᠳᠡᠭ ᠮᠠᠨ ᠤ ᠥᠵᠡᠯᠳᠡ ᠪᠠᠨ | ᠲᠤᠭᠳᠠᠭᠠᠬᠤ ᠳᠤ ᠬᠠᠮᠤᠭ ᠨᠠᠶᠢᠳᠠᠪᠤᠷᠢᠳᠠᠢ ᠪᠤᠳᠠ ᠪᠠᠷᠢᠮᠳᠠ ᠪᠤᠯᠵᠤ ᠪᠠᠶᠢᠨ᠎ᠠ᠃ | ᠭᠥᠩᠭᠠᠵᠠᠯᠼᠠᠨ ᠢ ᠭᠡᠷᠪᠡ ᠮᠤᠩᠭᠤᠯ ᠭᠡᠯᠡᠨ ᠤ ᠰᠤᠳᠤᠯᠤᠯᠭᠠᠨ ᠤ ᠠᠩᠬᠠᠨ ᠤ ᠥᠶ᠎ᠡ᠂ ᠲᠡᠭᠡᠭᠦ ᠳᠤ ᠪᠠᠨ ᠪᠥᠷ ᠡᠬᠢᠯᠡᠯᠳᠡ ᠶᠢᠨ ᠥᠶ᠎ᠡ ᠲᠠᠢ | ᠬᠤᠯᠪᠤᠭᠳᠠᠭᠤᠯᠵᠤ ᠥᠵᠡᠪᠡᠯ ᠲᠡᠭᠦᠨ ᠠᠴᠠ ᠵᠠᠭᠤ ᠰᠢᠬᠠᠮ ᠵᠢᠯ ᠤᠨ ᠬᠤᠶᠢᠨ᠎ᠠ ᠲᠤᠳᠤᠷᠠᠨ ᠭᠠᠷᠴᠤ ᠢᠷᠡᠭᠰᠡᠨ ᠴᠤᠶᠢᠵᠢᠤᠳᠰᠠᠷ ᠭᠡᠭᠴᠢ ᠶᠡᠭᠡ ᠡᠷᠳᠡᠮᠳᠡᠨ ᠮᠤᠩᠭᠤᠯ | ᠬᠡᠯᠡᠨ ᠤ ᠰᠤᠳᠤᠯᠤᠯ ᠤᠨ ᠲᠡᠥᠭᠡᠨᠡ ᠤᠨᠴᠠ ᠪᠠᠶᠢᠷᠢ ᠡᠵᠡᠯᠡᠨ᠎ᠡ᠃ ᠡᠨᠡ ᠬᠤᠶᠠᠷ ᠭᠥᠮᠥᠨ ᠪᠥᠷ ︽ᠵᠢᠷᠥᠭᠡᠨ ᠲᠤᠯᠳᠤ︾ ᠪᠢᠴᠢᠯ᠎ᠡ ᠭᠡᠳᠡᠭ ᠢ ᠲᠡᠭᠦᠨ ᠠᠴᠠ ᠬᠤᠯᠠ | ᠬᠤᠶᠢᠨ᠎ᠠ ᠲᠤᠳᠤᠷᠠᠭᠰᠠᠨ ᠡᠷᠳᠡᠮᠳᠡᠳ ᠨᠤᠳᠠᠯᠠᠵᠠᠢ᠃ ᠰᠡᠭᠦᠯ ᠤᠨ ᠥᠶ᠎ᠡ ᠳᠤ ᠡᠷᠳᠡᠮᠳᠡᠳ ᠥᠪᠡᠷ ᠥᠪᠡᠷᠰᠡᠳ ᠤᠨ ᠰᠢᠨᠵᠢᠯᠡᠯᠭᠡᠨ ᠤ ᠪᠥᠳᠥᠭᠡᠯ ᠢᠶᠠᠨ ᠲᠤᠭᠤᠷᠪᠢᠬᠤ | ᠳᠤ ᠪᠠᠨ ᠴᠥᠮ ᠬᠥᠩᠭᠠᠵᠠᠯᠼᠠᠨ᠂ ᠴᠤᠶᠢᠵᠢᠤᠳᠰᠠᠷ ᠤᠨ ︽ᠵᠠᠷᠯᠢᠭ ᠲᠤᠷ ᠰᠢᠳᠤᠵᠤ︾ ᠭᠥᠢᠴᠡᠳᠭᠡᠯᠡ ᠭᠡᠭᠦ ᠮᠡᠳᠤ ᠪᠠᠷ ᠲᠡᠮᠳᠡᠭᠯᠡᠭᠰᠡᠨ ᠨᠢ ᠡᠨᠡ ᠬᠤᠶᠠᠷ ᠭᠥᠮᠥᠨ | ᠳᠤ ᠲᠡᠥᠭᠡ ᠶᠢᠨ ᠵᠤᠬᠢᠬᠤ ᠪᠠᠶᠢᠷᠢ ᠰᠠᠭᠤᠷᠢ ᠠᠶᠠᠨᠳᠠᠭᠠᠨ ᠤᠯᠭᠤᠬᠤ ᠳᠤ ᠭᠥᠷᠥᠭᠦᠯᠵᠠᠢ᠃ | ᠬᠥᠩᠭᠠᠵᠠᠯᠼᠠᠨ᠂ ᠴᠤᠶᠢᠵᠢᠤᠳᠰᠠᠷ ᠨᠠᠷ ᠤᠨ ᠠᠮᠢᠳᠤᠷᠠᠵᠤ ᠠᠭᠰᠠᠨ ᠴᠠᠭ ᠥᠶ᠎ᠡ ᠪᠤᠯ ᠡᠷᠳᠡᠨ ᠤ ᠮᠤᠩᠭᠤᠯᠴᠤᠳ ᠤᠨ ᠮᠠᠨᠳᠤᠵᠤ ᠪᠠᠶᠢᠭᠰᠠᠨ ᠡᠷᠡᠨ ᠠᠵᠠᠢ᠃ | ᠢᠩᠬᠢᠭᠦ ᠪᠠᠷ ᠢᠶᠠᠨ ᠮᠤᠩᠭᠤᠯ ᠤᠨ ᠲᠡᠷᠡ ᠥᠶ᠎ᠡ ᠶᠢᠨ ᠲᠡᠷᠢᠭᠦᠨ ᠨᠠᠷ᠂ ᠭᠠᠭᠴᠠ ᠭᠦ ᠴᠡᠷᠢᠭ ᠲᠠᠶᠢᠨ ᠢᠶᠠᠷ ᠪᠤᠰᠤᠳ ᠢ ᠲᠥᠪᠰᠢᠳᠭᠡᠭᠦ᠂ ᠠᠩ ᠠᠩᠨᠠᠵᠤ ᠴᠡᠩᠭᠡᠯ | ᠵᠤᠭ᠎ᠠ ᠬᠢᠭᠦ ᠶᠢ ᠮᠡᠳᠡᠳᠡᠭ ᠲᠡᠳᠥᠢ ᠪᠢᠰᠢ᠂ ᠬᠠᠷᠢᠨ ᠡᠷᠳᠡᠮᠳᠡᠨ ᠢ ᠭᠥᠨᠳᠥᠳᠭᠡᠨ ᠤᠳᠬ᠎ᠠ ᠰᠤᠶᠤᠯ ᠢ ᠭᠥᠭᠵᠢᠭᠦᠯᠭᠦ ᠶᠢ ᠴᠤ ᠲᠥᠷᠥ ᠪᠠᠨ ᠵᠠᠰᠠᠬᠤ ᠴᠢᠬᠤᠯᠠ ᠨᠢᠭᠡᠨ | ᠠᠭᠤᠯᠭ᠎ᠠ ᠪᠤᠯᠭᠠᠵᠤ ᠪᠠᠶᠢᠭᠰᠠᠨ ᠢ ᠡᠯ᠎ᠡ ᠵᠢᠱᠢᠶ᠎ᠡ ᠪᠠᠷᠢᠮᠳᠠ ᠨᠤᠳᠠᠯᠠᠵᠤ ᠪᠤᠢ᠃ ᠶᠡᠷᠤ ᠠᠴᠠ ᠲᠤᠬᠠᠢ ᠶᠢᠨ ᠴᠠᠭ ᠤᠨ ᠮᠤᠩᠭᠤᠯᠴᠤᠳ ᠤᠨ ᠶᠡᠭᠡ ᠨᠥᠯᠥᠭᠡ ᠨᠢ | ᠵᠥᠪᠭᠡᠨ ᠤᠷᠳᠤ ᠴᠠᠭᠠᠨ ᠭᠡᠷᠡᠮ ᠠᠴᠠ ᠪᠠᠶᠢᠭᠠᠯ ᠲᠠᠯᠠᠢ᠂ ᠠᠯᠳᠠᠢ ᠲᠡᠭᠷᠢ ᠶᠢᠨ ᠨᠢᠷᠤᠭᠤᠨ ᠠᠴᠠ ᠬᠢᠩᠭᠠᠨ ᠤ ᠰᠢᠭᠤᠶᠢᠳᠤ ᠬᠤᠷᠮᠤᠢ ᠶᠢᠨ ᠬᠤᠭᠤᠷᠤᠨᠳᠤ ᠯᠠ | ᠲᠠᠷᠬᠠᠵᠤ ᠪᠠᠶᠢᠭᠰᠠᠨ ᠪᠤᠰᠤ᠂ ᠬᠠᠷᠢᠨ ᠬᠢᠳᠡᠳ ᠤᠨ ᠵᠥᠩ ᠶᠤᠸᠠᠨ ᠤᠷᠤᠨ᠂ ᠪᠠᠷᠠᠭᠤᠨ ᠵᠥᠭ ᠤᠨ ᠠᠷᠠᠪ ᠤᠨ ᠶᠢᠷᠳᠢᠨᠴᠤ᠂ ᠲᠡᠨᠳᠡ ᠠᠴᠠ ᠥᠷᠥᠨᠠᠳᠠᠬᠢᠨ ᠤ | ᠤᠯᠤᠰ ᠤᠷᠤᠨ ᠳᠤ ᠭᠥᠷᠳᠡᠯ᠎ᠡ ᠲᠥᠭᠡᠵᠤ ᠪᠠᠶᠢᠭᠰᠠᠨ ᠢ ᠮᠤᠩᠭᠤᠯ ᠭᠡᠯᠡᠨ ᠤ ᠰᠤᠳᠤᠯᠤᠯ ᠤᠨ ᠲᠡᠥᠭᠡ ᠬᠡᠷᠡᠴᠢᠯᠡᠵᠤ ᠪᠠᠶᠢᠳᠠᠭ᠃ ᠮᠠᠨ ᠤ ᠮᠡᠳᠡᠵᠤ ᠪᠤᠢ ᠪᠠᠷᠢᠮᠳᠠ | ᠨᠤᠭᠤᠳ ᠠᠴᠠ ᠥᠵᠡᠪᠡᠯ᠂ ᠲᠤᠷᠠᠳᠤᠭᠳᠠᠵᠤ ᠪᠥᠭᠦᠢ ᠭᠥᠩᠭᠠᠵᠠᠯᠼᠠᠨ᠂ ᠴᠤᠶᠢᠵᠢᠤᠳᠰᠠᠷ ᠨᠠᠷ ᠤᠨ ᠪᠥᠳᠥᠭᠡᠯ ᠤᠳ ᠲᠠᠢ ᠪᠠᠷᠤᠭ ᠵᠡᠷᠭᠡ ᠪᠤᠶᠤ ᠤᠶᠢᠷᠠᠯᠴᠠᠭ᠎ᠠ ᠴᠠᠭ | ᠥᠶ᠎ᠡ ᠳᠤ ᠮᠤᠩᠭᠤᠯ ᠭᠡᠯᠡᠨ ᠤ ᠰᠤᠳᠤᠯᠤᠯ ᠤᠨ ᠥᠭᠡᠷ᠎ᠡ ᠲᠤᠮᠤᠬᠠᠨ ᠪᠥᠳᠥᠭᠡᠯ ᠤᠳ ᠬᠢᠳᠠᠳ᠂ ᠲᠤᠮᠳᠠᠳᠤ ᠠᠽᠢᠶ᠎ᠠ ᠶᠢᠨ ᠤᠯᠤᠰ ᠤᠷᠤᠨ ᠳᠤ ᠪᠠᠰᠠ ᠭᠠᠷᠴᠤ | ᠪᠠᠶᠢᠭᠰᠠᠨ ᠤᠳᠠᠭ᠎ᠠ ᠪᠤᠢ᠃ ᠲᠤᠬᠠᠶᠢᠯᠠᠪᠠᠯ᠂ ᠬᠢᠳᠠᠳ ᠲᠤ ︽ᡁᠢ ᠶᠤᠸᠠᠨ ᠢ ᠢᠥᠢ︾ ᠮᠡᠳᠤ ᠶᠢᠨ ᠮᠤᠩᠭᠤᠯ ᠭᠡᠯᠡᠨ ᠳᠤ ᠬᠤᠯᠪᠤᠭᠳᠠᠬᠤ ᠲᠤᠯᠢ ᠪᠢᠴᠢᠭ᠂ ᠠᠷᠠᠪ | ᠤᠷᠴᠢᠮ ᠳᠤ ︽ᠮᠥᠺᠠᠳ᠋ᠳᠢᠮᠠᠲ ᠠᠯ — ᠠᠳᠠᠪ︾ ᠭᠡᠮᠡᠭᠦ ᠭᠡᠳᠤ ᠭᠡᠳᠥᠨ ᠭᠡᠯᠡᠨ ᠤ ᠲᠤᠯᠢ ᠵᠤᠬᠢᠶᠠᠭᠳᠠᠵᠤ ᠪᠠᠶᠢᠵᠠᠢ᠃ ᠰᠤᠶᠤᠯ ᠤᠨ ᠪᠠ ᠤᠯᠤᠰ ᠲᠥᠷᠥ ᠶᠢᠨ | ᠥᠷᠭᠡᠨ ᠭᠡᠷᠡᠭᠴᠡᠭᠡᠨ ᠳᠤ ᠵᠤᠬᠢᠴᠠᠵᠤ ᠠᠶᠢᠬᠤᠪᠳᠤᠷ ᠤᠳᠠᠭᠠᠨ ᠬᠡᠷᠡᠭᠯᠡᠳᠡᠭᠡ ᠥᠭᠡᠢ ᠠᠴᠠ ᠪᠤᠯᠪᠠᠴᠤ ︽ᠤᠯᠤᠰ ᠤᠨ ᠥᠰᠥᠭ︾ ᠭᠡᠵᠤ ᠠᠯᠳᠠᠷᠰᠢᠭᠰᠠᠨ | ᠲᠥᠷᠪᠡᠯᠵᠢᠨ ᠪᠢᠴᠢᠭ ᠢ ᠬᠤᠪᠢᠯᠠᠢ ᠰᠡᠴᠡᠨ ᠤ ᠵᠠᠷᠯᠢᠭ ᠢᠶᠠᠷ ᠫᠠᠭᠪᠠ ᠯᠠᠮᠠ ᠯᠤᠳᠤᠶᠢᠵᠠᠯᠼᠠᠨ ᠪᠠᠷ ᠵᠤᠬᠢᠶᠠᠭᠰᠠᠨ ᠨᠢ ᠮᠥᠨ ᠴᠤ ᠲᠡᠷᠡ ᠴᠠᠭ ᠤᠨ ᠬᠡᠯᠡ ᠪᠢᠴᠢᠭ ᠤᠨ | ᠰᠤᠳᠤᠯᠤᠯᠭᠠᠨ ᠤ ᠴᠠᠷᠠᠭ᠎ᠠ ᠭᠥᠷᠢᠶᠡᠨ ᠳᠤ ᠬᠠᠮᠤᠷᠠᠭᠳᠠᠬᠤ ᠠᠵᠠᠢ᠃ | ᠴᠤᠶᠢᠵᠢᠤᠳᠰᠠᠷ ᠠᠴᠠ ᠬᠤᠶᠢᠰᠢᠬᠢ ᠮᠤᠩᠭᠤᠯ ᠭᠡᠯᠡᠨ ᠤ ᠰᠤᠳᠤᠯᠤᠯᠭᠠᠨ ᠤ ᠲᠡᠥᠭᠡ ᠶᠢ ᠨᠠᠰᠢ ᠲᠠᠪᠰᠢᠭᠤᠯᠤᠨ ᠬᠢᠨᠠᠵᠤ ᠥᠵᠡᠪᠡᠯ ᠠᠶᠤᠰᠢ ᠭᠥᠥᠰᠢ᠂ | ᠲᠠᠨᠵᠠᠨᠳᠠᠭᠪᠠ ᠭᠡᠭᠦ ᠡᠷᠳᠡᠮᠳᠡᠳ ᠤᠨ ᠨᠡᠷ᠎ᠡ ᠲᠠᠢ ᠰᠢᠭᠤᠳ ᠬᠤᠯᠪᠤᠭᠳᠠᠨ᠎ᠠ᠃ ᠡᠨᠡ ᠬᠤᠶᠠᠷ ᠭᠥᠮᠥᠨ ᠤ ᠨᠢᠭᠡ ᠨᠢ 16 ᠳ᠋ᠤᠭᠠᠷ ᠵᠠᠭᠤᠨ ᠤ ᠰᠠᠭᠦᠯᠴᠢ᠂ ᠨᠥᠭᠦᠭᠡ | ᠨᠢ 18 ᠳ᠋ᠤᠭᠠᠷ ᠵᠠᠭᠤᠨ ᠤ ᠭᠥᠮᠥᠨ ᠪᠤᠯᠤᠨ᠎ᠠ᠃ ᠴᠤᠶᠢᠵᠢᠤᠳᠰᠠᠷ ᠠᠴᠠ ᠬᠤᠶᠢᠰᠢᠬᠢ 300 ᠭᠠᠷᠤᠢ ᠵᠢᠯ ᠤᠨ ᠬᠤᠭᠤᠷᠤᠨᠳᠤ ᠭᠠᠷᠤᠭᠰᠠᠨ ᠡᠷᠳᠡᠮᠳᠡᠳ ᠠᠴᠠ ᠶᠠᠭᠤ | ᠭᠡᠵᠤ ᠡᠨᠡ ᠬᠤᠶᠠᠷ ᠭᠥᠮᠥᠨ ᠢ ᠲᠤᠪᠤᠶᠢᠯᠭᠠᠨ ᠲᠤᠷᠠᠳᠬᠤ ᠪᠤᠢ︖ ᠭᠡᠪᠡᠯ᠂ ᠲᠠᠷᠠ ᠬᠤᠶᠠᠷ ᠤᠨ ᠪᠥᠳᠥᠭᠡᠯ ᠮᠤᠩᠭᠤᠯ ᠭᠡᠯᠡ ᠪᠢᠴᠢᠭ ᠤᠨ ᠰᠤᠳᠤᠯᠤᠯ ᠤᠨ ᠲᠡᠥᠭᠡᠨ | ᠲᠡᠭᠡᠷ᠎ᠡ ᠴᠠᠭ ᠥᠶ᠎ᠡ ᠶᠢ ᠵᠠᠭᠠᠭᠯᠠᠭᠰᠠᠨ ᠴᠢᠨᠠᠷ ᠲᠠᠢ ᠪᠠᠶᠢᠳᠠᠭ ᠲᠤ ᠤᠷᠤᠰᠢᠨ᠎ᠠ᠃ ᠡᠨᠡ ᠥᠶ᠎ᠡ ᠶᠢ ᠪᠢᠳᠠ ᠮᠤᠩᠭᠤᠯ ᠭᠡᠯᠡᠨ ᠤ ᠰᠤᠳᠤᠯᠤᠯ ᠤᠨ ᠲᠤᠮᠳᠠᠳᠤ ᠥᠶ᠎ᠡ | ᠭᠡᠵᠤ ᠪᠤᠯᠬᠤ ᠪᠠᠷ ᠪᠠᠶᠢᠨ᠎ᠠ᠃ ᠠᠶᠤᠰᠢ ᠭᠥᠥᠰᠢ ᠶᠢᠨ ᠥᠶ᠎ᠡ ᠳᠤ ᠭᠥᠷᠴᠤ ᠢᠷᠡᠭᠦ ᠳᠤ ᠮᠤᠩᠭᠤᠯ ᠤᠨ ᠨᠡᠶᠢᠭᠡᠮᠯᠢᠭ ᠤᠨ ᠭᠡᠷᠡᠭᠴᠡᠭᠡᠨ ᠳᠤ ᠡᠨᠡᠳᠭᠡᠭ ᠲᠥᠪᠡᠳ ᠤᠨ | ᠨᠤᠮ ᠰᠤᠳᠤᠷ ᠤᠨ ᠤᠷᠴᠢᠭᠤᠯᠤᠯᠭ᠎ᠠ ᠲᠤᠩ ᠶᠡᠭᠡ ᠭᠡᠷᠡᠭ ᠲᠠᠢ ᠪᠤᠯᠵᠠᠢ᠃ ᠬᠠᠷᠠᠴᠢᠨ ᠤ ᠡᠨᠡ ᠥᠶ᠎ᠡ ᠶᠡᠭᠡ ᠪᠢᠴᠢᠭ ᠤᠨ ᠭᠥᠮᠥᠨ ᠲᠡᠥᠭᠡᠨ ᠳᠤ ᠵᠤᠬᠢᠴᠠᠭᠤᠯᠤᠨ ︽ | ᠠᠯᠢ ᠭᠠᠯᠢ︾ ᠥᠰᠥᠭ ᠭᠡᠭᠴᠢ ᠶᠢ ᠵᠤᠬᠢᠶᠠᠭᠰᠠᠨ ᠨᠢ ᠤᠶᠢᠭᠤᠷᠵᠢᠨ ᠮᠤᠩᠭᠤᠯ ᠥᠰᠥᠭ ᠤᠨ ᠲᠥᠯᠥᠪᠰᠢᠷᠡᠨ ᠲᠤᠭᠳᠠᠬᠤ ᠳᠤ ᠴᠢᠬᠤᠯᠠ ᠠᠯᠬᠤᠮ ᠢ | ᠭᠥᠢᠴᠡᠳᠭᠡᠭᠰᠡᠨ ᠪᠠ ᠭᠡᠯᠡ ᠰᠢᠨᠵᠢᠯᠡᠯ ᠤᠨ ᠬᠤᠪᠢ ᠳᠤ ᠶᠡᠭᠡᠭᠡᠨ ᠥᠶ᠎ᠡ ᠴᠠᠨ᠎ᠠ ᠲᠠᠢ ᠪᠥᠳᠥᠭᠡᠯ ᠪᠤᠯᠤᠭᠰᠠᠨ ᠭᠡᠵᠤ ᠰᠡᠭᠦᠯᠴᠢ ᠶᠢᠨ ᠰᠢᠨᠵᠢᠯᠡᠭᠴᠢᠳ ᠲᠡᠮᠳᠡᠭᠯᠡᠳᠡᠭ᠃ | ︽ᠤᠭᠳᠠᠷᠭᠤᠢ ᠶᠢᠨ ᠮᠠᠨᠢ︾ ᠶᠢ ᠪᠢᠴᠢᠭᠰᠡᠨ ᠲᠠᠨᠵᠠᠨᠳᠠᠭᠪᠠ ᠶᠢᠨ ᠭᠠᠪᠢᠶ᠎ᠠ ᠵᠢᠳᠭᠦᠯ ᠨᠡᠩ ᠶᠡᠭᠡ ᠶᠤᠮ᠃ ᠤᠴᠢᠷ ᠨᠢ᠂ ᠲᠡᠷᠡ ᠪᠠᠷ ᠤᠯᠠᠨ ᠵᠠᠭᠤᠨ ᠵᠢᠯ | ᠭᠡᠷᠡᠭᠯᠡᠭᠳᠡᠭᠰᠡᠭᠡᠷ ᠢᠷᠡᠭᠰᠡᠨ ᠤᠶᠢᠭᠤᠷᠵᠢᠨ ᠮᠤᠩᠭᠤᠯ ᠥᠰᠥᠭ ᠤᠨ ᠲᠥᠷᠢᠮ ᠢ ᠴᠡᠭᠴᠡᠵᠢᠭᠦᠯᠥᠨ ᠪᠤᠯᠪᠠᠰᠤᠷᠠᠭᠤᠯᠤᠭᠰᠠᠨ ᠠᠵᠢᠯ ᠢ ᠳ᠋ᠥᠩᠨᠡᠭᠰᠡᠨ ᠢᠶᠠᠷ ᠥᠯᠥ ᠪᠠᠷᠠᠮ | ᠨᠡᠩ ᠴᠢᠬᠤᠯᠠ ᠨᠢ ᠲᠡᠥᠭᠡᠨ ᠲᠡᠭᠡᠷ᠎ᠡ ᠭᠥᠩᠭᠠᠵᠠᠯᠼᠠᠨ᠂ ᠴᠤᠶᠢᠵᠢᠤᠳᠰᠠᠷ ᠨᠠᠷ ᠲᠤᠰ ᠲᠤᠰ ᠤᠨ ︽ᠵᠢᠷᠥᠭᠡᠨ ᠲᠤᠯᠳᠤ︾ ᠲᠠᠢ ᠪᠠᠶᠢᠭᠰᠠᠨ ᠢ ᠤᠯᠠᠨ ᠳᠤ | ᠮᠡᠳᠡᠭᠡᠯᠡᠭᠡᠳ ᠴᠤᠶᠢᠵᠢᠤᠳᠰᠠᠷ ᠤᠨ ᠵᠤᠬᠢᠶᠠᠯ ᠳᠤ ᠪᠥᠷ ᠲᠡᠯᠭᠡᠷᠡᠩᠭᠦᠢ ᠲᠠᠶᠢᠯᠪᠤᠷᠢ ᠬᠢᠵᠠᠢ᠃ ᠰᠡᠭᠦᠯᠴᠢ ᠶᠢᠨ ᠭᠥᠮᠥᠰ᠂ ᠬᠡᠷᠪᠡ ᠴᠤᠶᠢᠵᠢᠤᠳᠰᠠᠷ ᠤᠨ ᠭᠤᠤᠯ | ᠪᠥᠳᠥᠭᠡᠯ ᠲᠠᠢ ᠲᠠᠨᠢᠯᠴᠠᠯ᠎ᠠ ᠭᠡᠳᠡᠭ ᠪᠤᠯ ᠵᠥᠢ ᠨᠢ ᠲᠡᠷᠡ ᠭᠠᠪᠢᠶ᠎ᠠ ᠲᠠᠨᠵᠠᠨᠳᠠᠭᠳᠠᠪᠠ ᠶᠢᠨ ᠨᠡᠷ᠎ᠡ ᠲᠡᠭᠡᠷ᠎ᠡ ᠯᠡ ᠲᠡᠮᠳᠡᠭᠯᠡᠭᠳᠡᠭᠦ ᠶᠤᠰᠤᠳᠠᠢ ᠶᠤᠮ᠃ | ᠠᠶᠤᠰᠢ ᠭᠥᠥᠰᠢ ᠠᠴᠠ ᠲᠠᠨᠵᠠᠨᠳᠠᠭᠪᠠ ᠭᠥᠷᠳᠡᠯᠡᠭᠢ ᠬᠤᠭᠤᠴᠠᠭᠠᠨ ᠳᠤ ᠮᠤᠩᠭᠤᠯ ᠭᠡᠯᠡᠨ ᠤ ᠰᠤᠳᠤᠯᠤᠯ ᠤᠨ ᠲᠡᠥᠭᠡᠨ ᠳᠤ ᠶᠡᠭᠡᠭᠡᠨ ᠠᠬᠢᠯᠳᠠ ᠨᠤᠭᠤᠳ | ᠭᠠᠷᠴᠠᠢ᠃ ᠲᠡᠥᠭᠡᠨ ᠲᠡᠭᠡᠷ᠎ᠡ ᠭᠤᠷᠪᠠᠨ ︽ᠵᠢᠷᠥᠭᠡᠨ ᠲᠤᠯᠳᠤ︾ ᠪᠠᠶᠢᠯ᠎ᠠ ᠭᠡᠳᠡᠭ ᠤᠨ ᠨᠥᠭᠦᠭᠡ ᠨᠢᠭᠡ ᠨᠢ ᠲᠠᠷᠤᠢ ᠭᠥᠩᠭᠠᠠᠤᠳᠰᠠᠷ ᠤᠨ ︽ᠵᠢᠷᠥᠭᠡᠨ ᠲᠤᠯᠳᠤ︾ | ᠭᠡᠮᠡᠭᠴᠢ ᠮᠥᠨ ᠪᠥᠭᠡᠳ ᠲᠤᠰ ᠵᠤᠬᠢᠶᠠᠯ ᠡᠨᠡ ᠥᠶ᠎ᠡ ᠶᠢᠨ ᠪᠥᠳᠥᠭᠡᠯ ᠳᠤ ᠪᠠᠭᠳᠠᠨ᠎ᠠ᠃ ᠤᠶᠢᠷᠠᠳ ᠤᠨ ᠬᠤᠱᠤᠳ ᠤᠪᠤᠭ ᠤᠨ ᠽᠠᠶ᠎ᠠ ᠪᠠᠨᠳᠢᠳᠠ ᠨᠠᠮᠬᠠᠶᠢᠵᠠᠮᠰᠤ ︽ | ᠲᠤᠳᠤ ᠥᠰᠥᠭ︾ ᠢ ᠵᠤᠬᠢᠶᠠᠭᠰᠠᠨ᠃ ᠪ᠊ ᠷᠢᠨᠴᠢᠨ ᠤ ᠲᠤᠳᠤᠯᠠᠭᠰᠠᠨ ᠢᠶᠠᠷ ᠬᠠᠯᠬ᠎ᠠ ᠶᠢᠨ ᠥᠨᠳᠥᠷ ᠭᠡᠭᠡᠨ ᠵᠠᠨᠠᠪᠠᠽᠠᠷ ᠪᠤᠶᠤ ᠢᠰᠢᠳᠤᠷᠵᠢ ︽ᠰᠤᠶᠤᠩᠪᠤ ᠥᠰᠥᠭ︾ | ᠂ ︽ᠬᠡᠪᠳᠡᠭᠡ ᠲᠥᠷᠪᠡᠯᠵᠢᠨ ᠥᠰᠥᠭ︾ ᠵᠤᠬᠢᠶᠠᠭᠰᠠᠨ ᠶᠠᠪᠤᠳᠠᠯ ᠤᠳ ᠪᠠᠰᠠ ᠴᠤ ᠡᠨᠡ ᠥᠶ᠎ᠡ ᠳᠤ ᠬᠤᠯᠪᠤᠭᠳᠠᠨ᠎ᠠ᠃ ︽ᠠ ᠠᠩᠬ᠎ᠠ︾ ᠮᠡᠳᠤ ᠶᠢᠨ ᠲᠤᠩ | ᠰᠤᠨᠢᠷᠬᠠᠯᠳᠠᠢ ᠭᠡᠯᠡ ᠰᠤᠷᠬᠤ ᠪᠢᠴᠢᠭ ᠵᠤᠬᠢᠶᠠᠵᠤ ᠪᠠᠶᠢᠭᠰᠠᠨ ᠤᠷᠠᠳ ᠤᠨ ᠮᠡᠷᠭᠡᠨ ᠭᠡᠭᠡᠨ ᠮᠥᠨ ᠲᠠᠨᠵᠠᠨᠳᠠᠭᠪᠠ ᠲᠠᠢ ᠥᠨᠳᠥᠰᠥᠨ ᠳᠤ ᠪᠠᠨ ᠨᠢᠭᠡ ᠴᠠᠭ ᠥᠶ᠎ᠡ ᠶᠢᠨ | ᠡᠷᠳᠡᠮᠳᠡᠨ ᠪᠤᠯᠤᠨ᠎ᠠ᠃ ᠮᠤᠩᠭᠤᠯᠴᠤᠳ ᠤᠨ ᠤᠯᠤᠰ ᠲᠥᠷᠥ᠂ ᠱᠠᠰᠢᠨ ᠰᠢᠳᠥᠯᠭᠡ᠂ ᠰᠤᠶᠤᠯ ᠤᠨ ᠠᠮᠢᠳᠤᠷᠠᠯ ᠤᠨ ᠥᠭᠡᠷᠡᠴᠢᠯᠡᠯᠳᠡ ᠨᠦᠭᠦᠳ ᠲᠠᠢ ᠬᠤᠯᠪᠤᠭᠳᠠᠨ | ᠡᠯᠳᠡᠪ ᠵᠥᠢᠯ ᠤᠨ ᠲᠤᠯᠢ ᠪᠢᠴᠢᠭ ᠵᠤᠬᠢᠶᠠᠬᠤ ᠠᠵᠢᠯ ᠴᠤ ᠡᠨᠡ ᠬᠢᠷᠢ ᠳᠤ ᠰᠢᠨ᠎ᠠ ᠠᠬᠢᠴᠠ ᠲᠠᠢ ᠪᠠᠶᠢᠭᠰᠠᠨ ᠪᠥᠭᠡᠳ ᠲᠡᠳᠡᠭᠡᠷ ᠤᠨ ᠲᠥᠯᠥᠭᠡᠯᠡᠭᠦ ᠴᠢᠨᠠᠷᠳᠠᠢ ᠶᠢ | ᠲᠤᠷᠠᠳᠪᠠᠯ᠄ ︽ᠬᠤᠷᠢᠨ ᠨᠢᠭᠡᠳᠤ︾ ᠭᠡᠵᠤ ᠠᠯᠳᠠᠷᠰᠢᠭᠰᠠᠨ ᠮᠤᠩᠭᠤᠯ ᠭᠡᠯᠡᠨ ᠤ ᠠᠩᠬᠠᠨ ᠤ ᠲᠠᠶᠢᠯᠪᠤᠷᠢ ᠲᠤᠯᠢ ᠷᠠᠰᠢ ᠲᠡᠷᠢᠭᠦᠳᠡᠢ ᠮᠤᠩᠭᠤᠯ ᠤᠨ ᠪᠢᠴᠢᠭ ᠤᠨ | ᠭᠥᠮᠥᠰ ᠤᠨ ᠨᠡᠷ᠎ᠡ ᠲᠠᠢ ᠬᠤᠯᠪᠤᠭᠳᠠᠨ ᠭᠠᠷᠴᠠᠢ᠃ ᠮᠥᠨ ︽ᠲᠤᠬᠢᠶᠠᠨ ᠤ ᠪᠢᠴᠢᠭ︾ ᠪᠤᠶᠤ ︽ᠲᠠᠭᠶ᠋ᠢᠭ︾ ᠭᠡᠵᠤ ᠲᠡᠮᠳᠡᠭᠯᠡᠭᠳᠡᠳᠡᠭ ᠲᠥᠪᠡᠳ — ᠮᠤᠩᠭᠤᠯ ︵ | ᠮᠤᠩᠭᠤᠯ — ᠲᠥᠪᠡᠳ︶ ᠲᠤᠯᠢ ᠪᠢᠴᠢᠭ ᠤᠨ ᠵᠥᠢᠯ ᠡᠨᠡ ᠴᠠᠭ ᠠᠴᠠ ᠡᠬᠢᠯᠡᠵᠤ ᠭᠠᠷᠤᠭᠰᠠᠨ ᠤ ᠲᠤᠳᠤᠷ᠎ᠠ ︽ᠮᠡᠷᠭᠡᠳ ᠭᠠᠷᠬᠤᠢ ᠶᠢᠨ ᠤᠷᠤᠨ ᠨᠡᠷᠡᠳᠤ | ᠲᠠᠭᠶ᠋ᠢᠬᠢᠰ︾ ᠢ ᠬᠠᠭᠤᠴᠢᠨ ᠪᠢᠴᠢᠭ ᠤᠨ ᠭᠥᠮᠥᠰ ᠪᠠᠷᠤᠭ ᠮᠡᠳᠡᠳᠡᠭ᠃ ᠲᠤᠰ ᠲᠠᠭᠶ᠋ᠢᠭ ᠪᠤᠯ ᠬᠡᠷᠡᠭ ᠲᠡᠭᠡᠷ᠎ᠡ ᠪᠠᠨ ᠲᠥᠪᠡᠳ ᠭᠡᠯᠡᠨ ᠤ ︽ᠭᠠᠨᠵᠤᠤᠷ︾ ᠮᠡᠳᠤ | ᠶᠢᠨ ᠤᠯᠠᠨ ᠵᠤᠬᠢᠶᠠᠯ ᠢ ᠤᠷᠴᠢᠭᠤᠯᠬᠤ ᠶᠠᠪᠤᠴᠠ ᠳᠤ ᠲᠤᠬᠢᠶᠠᠯᠳᠤᠭᠰᠠᠨ ᠲᠥᠪᠡᠳ ᠮᠤᠩᠭᠤᠯ ᠨᠡᠷ᠎ᠡ ᠲᠤᠮᠢᠶᠠᠨ ᠤ ᠠᠰᠠᠭᠤᠳᠠᠯ ᠢ ᠨᠢᠭᠡᠨ ᠲᠡᠰᠢ ᠪᠤᠯᠭᠠᠨ | ᠰᠢᠢᠳᠪᠥᠷᠢᠯᠡᠭᠦ᠂ ᠮᠥᠨ ︽ᠳ᠋ᠠᠨᠵᠤᠤᠷ︾ ᠢ ᠤᠷᠴᠢᠭᠤᠯᠵᠤ ᠭᠥᠢᠴᠡᠳᠭᠡᠭᠦ ᠪᠡᠯᠡᠳᠭᠡᠯ ᠪᠤᠯᠤᠨ ᠵᠤᠬᠢᠶᠠᠭᠳᠠᠭᠰᠠᠨ ᠵᠥᠢᠯ ᠪᠥᠭᠡᠳ ᠡᠭᠦᠨ ᠳᠤ ᠥᠵᠥᠮᠥᠴᠢᠨ ᠭᠥᠩ | ᠭᠤᠮᠪᠤᠵᠠᠪ᠂ ᠤᠷᠠᠳ ᠤᠨ ᠰᠢᠷᠠᠪᠵᠠᠮᠰᠤ ᠪᠤᠶᠤ ᠪᠢᠯᠢᠭ ᠤᠨ ᠲᠠᠯᠠᠢ ︵ᠪᠢᠯᠢᠭᠦᠨᠳᠠᠯᠠᠢ︶᠂ ᠠᠪᠠᠭ᠎ᠠ ᠶᠢᠨ ᠠᠭᠸᠠᠩᠳᠠᠮᠫᠢᠯ ᠮᠡᠳᠤ ᠶᠢᠨ ᠡᠷᠳᠡᠮᠳᠡᠨ ᠭᠥᠥᠰᠢ ᠨᠠᠷ ᠤᠨ | ᠭᠥᠴᠥᠨ ᠵᠢᠳᠭᠦᠯ ᠬᠤᠯᠪᠤᠭᠳᠠᠵᠤ ᠪᠠᠶᠢᠳᠠᠭ᠃ ᠶᠡᠷᠤ ᠠᠴᠠ ᠠᠶᠤᠰᠢ ᠭᠥᠥᠰᠢ ᠠᠴᠠ ᠲᠠᠨᠵᠠᠨᠳᠠᠭᠪᠠ ᠭᠥᠷᠳᠡᠯᠡᠭᠢ ᠲᠡᠥᠭᠡᠨ ᠬᠤᠭᠤᠴᠠᠭᠠᠨ ᠤ ᠮᠤᠩᠭᠤᠯ ᠭᠡᠯᠡ | ᠰᠤᠳᠤᠯᠤᠯ ᠤᠨ ᠪᠠᠶᠢᠳᠠᠯ ᠨᠢ ᠠᠶᠤᠰᠢ ᠭᠥᠥᠰᠢ ᠶᠢᠨ ᠡᠮᠥᠨᠡᠬᠢ ᠥᠶ᠎ᠡ ᠶᠢᠨ ᠬᠢ ᠠᠴᠠ ᠨᠡᠯᠢᠶᠡᠳ ᠭᠡᠳᠥᠨ ᠲᠠᠯ᠎ᠠ ᠪᠠᠷ ᠥᠪᠡᠷᠮᠢᠴᠡ ᠤᠨᠴᠠᠯᠢᠭ ᠲᠠᠢ ᠪᠤᠯᠬᠤ ᠶᠢ | ᠲᠤᠷᠠᠳᠴᠤ ᠥᠩᠭᠡᠷᠡᠭᠰᠡᠨ ᠲᠤᠶᠢᠮᠤ ᠬᠠᠷᠠᠭᠤᠯᠵᠤ ᠪᠠᠶᠢᠨ᠎ᠠ᠃ ᠲᠤᠰ ᠬᠤᠭᠤᠴᠠᠭᠠᠨ ᠳᠤ ᠭᠡᠯᠡ ᠰᠤᠳᠤᠯᠤᠯᠭᠠᠨ ᠤ ᠲᠠᠪᠴᠠᠩ ᠲᠡᠭᠡᠷ᠎ᠡ ᠮᠡᠳᠡᠭᠳᠡᠭᠰᠡᠨ ᠪᠢᠴᠢᠭᠳᠡᠨ | ᠮᠡᠷᠭᠡᠳ ᠤᠨ ᠲᠤᠭ᠎ᠠ ᠤᠷᠢᠳᠠᠬᠢ ᠠᠴᠠ ᠤᠯᠠᠨ᠂ ᠵᠤᠬᠢᠶᠠᠭᠳᠠᠭᠰᠠᠨ ᠪᠥᠳᠥᠭᠡᠯ ᠤᠨ ᠲᠤᠭ᠎ᠠ᠂ ᠲᠥᠷᠥᠯ ᠵᠥᠢᠯ ᠥᠯᠡᠮᠵᠢ ᠪᠠᠶᠢᠨ᠎ᠠ᠃ | ᠲᠠᠨᠵᠠᠨᠳᠠᠭᠪᠠ ᠠᠴᠠ ᠨᠠᠰᠢᠬᠢ ᠶᠢᠨ ᠪᠠᠶᠢᠳᠠᠯ ᠶᠠᠮᠠᠷ ᠪᠠᠶᠢᠬᠤ ᠪᠤᠢ︖ ᠪᠠᠷᠤᠭ ᠭᠡᠨ ᠤ ᠥᠶ᠎ᠡ ᠭᠥᠷᠳᠡᠯ᠎ᠡ ᠪᠡᠰᠠ ᠨᠢᠭᠡᠨ ᠱᠠᠳᠤ ᠪᠤᠯᠬᠤ ᠪᠤᠢ︖ ᠴᠤᠬᠤᠮ ᠭᠦ | ᠮᠤᠩᠭᠤᠯ ᠭᠥᠮᠥᠨ ᠮᠤᠩᠭᠤᠯ ᠭᠡᠯᠡ ᠪᠢᠴᠢᠭ ᠢᠶᠠᠨ ᠰᠤᠳᠤᠯᠤᠭᠰᠠᠨ ᠲᠡᠥᠭᠡᠨ ᠥᠨᠡᠨ ᠢ ᠠᠪᠴᠤ ᠥᠵᠡᠪᠡᠯ 18 ᠳ᠋ᠤᠭᠠᠷ ᠵᠠᠭᠤᠨ ᠤ ᠲᠠᠨᠵᠠᠨᠳᠠᠭᠪᠠ ᠠᠴᠠ | ᠬᠤᠷᠢᠳᠤᠭᠠᠷ ᠵᠠᠭᠤᠨ ᠤ ᠡᠬᠢᠨ ᠬᠠᠭᠠᠰ ᠲᠤ ᠠᠯᠳᠠᠷ ᠭᠠᠷᠤᠭᠰᠠᠨ ᠱ᠊ ᠯᠤᠪᠰᠠᠩᠸᠠᠩᠳᠠᠨ ᠭᠥᠷᠳᠡᠯᠡᠬᠢ ᠶᠢ ᠮᠤᠩᠭᠤᠯ ᠭᠡᠯᠡᠨ ᠤ ᠰᠤᠳᠤᠯᠤᠯ ᠤᠨ ᠪᠠᠰᠠ ᠨᠢᠭᠡ ᠲᠡᠥᠭᠡᠨ | ᠱᠠᠳᠤ ᠥᠶ᠎ᠡ ᠪᠠᠷ ᠥᠵᠡᠵᠤ ᠪᠤᠯᠤᠨ᠎ᠠ᠃ ᠪᠠᠷᠤᠭ 200 ᠰᠢᠬᠠᠮ ᠵᠢᠯ ᠥᠷᠭᠦᠯᠵᠢᠯᠡᠭᠰᠡᠨ ᠡᠨᠡ ᠲᠡᠥᠭᠡᠨ ᠬᠤᠭᠤᠴᠠᠭᠠᠨ ᠳᠤ ᠮᠤᠩᠭᠤᠯ ᠭᠡᠯᠡᠨ ᠤ ᠰᠤᠳᠤᠯᠤᠯ ᠤᠨ | ᠪᠠᠶᠢᠳᠠᠯ ᠡᠮᠥᠨ᠎ᠡ ᠲᠤᠷᠠᠳᠤᠭᠰᠠᠨ ᠬᠤᠶᠠᠷ ᠱᠠᠳᠤ ᠥᠶ᠎ᠡ ᠠᠴᠠ ᠤᠯᠠᠮ ᠤᠨᠴᠠᠯᠢᠭ ᠲᠠᠢ ᠠᠬᠢᠵᠠᠢ᠃ ᠡᠨᠡ ᠬᠤᠭᠤᠷᠤᠨᠳᠤ ᠮᠠᠨ ᠤ ᠮᠤᠩᠭᠤᠯ ᠤᠨ ᠥᠪᠡᠷ ᠤᠨ ᠭᠡᠯᠡ | ᠪᠢᠴᠢᠭ ᠤᠨ ᠡᠷᠳᠡᠮᠳᠡᠨ ᠮᠡᠷᠭᠡᠳ ᠲᠠᠰᠤᠷᠠᠯ ᠥᠭᠡᠢ ᠲᠥᠷᠥᠨ ᠭᠠᠷᠴᠤ ᠮᠤᠩᠭᠤᠯ ᠬᠡᠯᠡ ᠪᠢᠴᠢᠭ ᠤᠨ ᠢᠶᠠᠨ ᠰᠤᠳᠤᠯᠤᠯᠭ᠎ᠠ ᠶᠢ ᠠᠬᠢᠭᠤᠯᠤᠭᠰᠠᠨ ᠢᠶᠠᠷ ᠪᠠᠷᠠᠬᠤ ᠥᠭᠡᠢ | ᠂ ᠬᠠᠷᠢ ᠥᠨᠳᠥᠰᠥᠳᠡᠨ ᠤ ᠮᠤᠩᠭᠤᠯᠴᠢ ᠡᠷᠳᠡᠮᠳᠠᠠ ᠨᠠᠷ ᠡᠳᠥᠢ ᠲᠡᠳᠥᠢ ᠭᠠᠷᠴᠤ ᠮᠤᠩᠭᠤᠯ ᠭᠡᠯᠡ ᠪᠠ ᠪᠢᠴᠢᠭ ᠢ ᠰᠤᠳᠤᠯᠵᠠᠢ᠃ ᠡᠭᠦᠨ ᠳᠤ ᠤᠷᠤᠰ ᠵᠥᠪᠯᠡᠯᠳᠤ | ᠪᠤᠯᠤᠨ ᠥᠷᠥᠨ᠎ᠡ ᠵᠥᠭ ᠤᠨ ᠡᠷᠳᠡᠮᠳᠡᠳ᠂ ᠮᠥᠨ ᠶᠠᠫᠤᠨ ᠵᠡᠷᠭᠡ ᠲᠤᠷᠤᠨᠠᠳᠠᠬᠢᠨ ᠤ ᠵᠠᠷᠢᠮ ᠤᠯᠤᠰ ᠤᠨ ᠡᠷᠳᠡᠮᠳᠡᠳ ᠮᠤᠩᠭᠤᠯ ᠭᠡᠯᠡ ᠪᠢᠴᠢᠭ ᠢ ᠬᠡᠯᠡ ᠰᠢᠨᠵᠢᠯᠡᠯ | ᠤᠨ ᠰᠢᠨ᠎ᠡ ᠠᠷᠭ᠎ᠠ ᠮᠠᠶ᠋ᠢᠭ ᠢᠶᠠᠷ ᠰᠤᠳᠤᠯᠬᠤ ᠵᠠᠮ ᠢ ᠨᠡᠭᠡᠭᠡᠭᠰᠡᠨ ᠨᠢ ᠨᠢᠭᠡᠨ ᠶᠡᠭᠡᠭᠡᠨ ᠤᠨᠴᠠᠯᠢᠭ ᠪᠤᠯᠬᠤ ᠶᠤᠮ᠃ | ᠡᠨᠡ ᠬᠤᠭᠤᠴᠠᠭᠠᠨ ᠳᠤ ᠮᠤᠩᠭᠤᠯ ᠤᠨ ᠰᠡᠭᠡᠭᠡᠳᠡᠳ ᠤᠨ ᠥᠪᠡᠷ ᠤᠨ ᠰᠤᠳᠤᠯᠤᠯ ᠤᠨ ᠪᠠᠶᠢᠳᠠᠯ ᠠᠬᠢᠯᠳᠠᠳᠠᠢ ᠶᠠᠪᠤᠭᠳᠠᠭᠰᠠᠨ ᠢ ᠲᠤᠶᠢᠮᠤᠴᠢᠯᠡᠨ ᠥᠭᠦᠯᠡᠪᠡᠯ᠂ | ᠶᠠᠭᠤᠨ ᠤ ᠡᠮᠥᠨ᠎ᠡ᠂ ︽ᠬᠡᠯᠡᠡ ᠤ ᠴᠢᠮᠡᠭ︾ ᠢ ᠪᠢᠴᠢᠭᠰᠡᠨ ᠠᠯᠠᠱᠠ ᠶᠢᠨ ᠯᠾᠠᠷᠠᠮᠪᠠ ᠠᠭᠸᠠᠩᠳᠠᠨᠳᠠᠷ᠂ ᠲᠠᠷᠠᠭᠠᠯᠠᠪᠠᠯ ︽ᠪᠥᠭᠦᠳᠡ ᠲᠠᠶᠢᠯᠪᠥᠷᠢ ᠪᠢᠴᠢᠭ︾ ᠢ | ᠵᠤᠬᠢᠶᠠᠭᠰᠠᠨ ᠲᠥᠮᠡᠳ ᠤᠨ ᠶᠡᠭᠡ ᠪᠢᠴᠢᠭ ᠤᠨ ᠭᠥᠮᠥᠨ ᠭᠠᠯᠰᠠᠩ᠂ ︽ᠠᠯᠳᠠᠨ ᠲᠤᠯᠢ︾ ᠶᠢ ᠵᠤᠬᠢᠶᠠᠭᠰᠠᠨ ᠠᠪᠠᠭ᠎ᠠ ᠶᠢᠨ ᠮᠡᠷᠭᠡᠨ ᠯᠾᠠᠮᠤᠰᠥ᠋ᠷᠥ᠋ᠩ᠂ ︽ᠠᠩᠬᠠᠨ | ᠰᠤᠷᠬᠤ ᠤᠯᠤᠰ ᠤᠨ ᠤᠳᠬ᠎ᠠ︾ ᠶᠢ ᠪᠢᠴᠢᠭᠰᠡᠨ ᠷᠤᠯᠭᠠᠷᠵᠠᠪ᠂ ᠭᠡᠰᠢᠩᠭᠡ᠂ ︽ᠠᠩᠬᠠᠨ ᠰᠤᠷᠬᠤ ᠬᠥᠪᠡᠭᠦᠳ ᠤᠨ ᠤᠶᠤᠨ ᠢ ᠨᠡᠭᠡᠭᠡᠭᠦ ᠲᠤᠳᠤᠷᠬᠠᠢ ᠲᠤᠯᠢ | ᠬᠡᠮᠡᠭᠳᠡᠭᠦ ᠤᠷᠤᠰᠢᠪᠡ︾ ᠶᠢ ᠵᠤᠬᠢᠶᠠᠭᠰᠠᠨ ᠵᠠᠮᠢᠶᠠᠩ ᠨᠠᠷ ᠤᠨ ᠪᠥᠳᠥᠭᠡᠯ ᠲᠡᠥᠭᠡᠨ ᠳᠤ ᠶᠡᠭᠡᠭᠡᠨ ᠪᠠᠶᠢᠷᠢ ᠡᠵᠡᠯᠡᠭᠦ ᠪᠤᠯᠤᠨ᠎ᠠ᠃ ᠮᠥᠨ ᠡᠨᠡ ᠬᠤᠭᠤᠷᠤᠨᠳᠤ ᠮᠤᠩᠭᠤᠯ | ᠭᠠᠷᠤᠯ ᠲᠠᠢ ᠰᠡᠭᠡᠭᠡᠳᠡᠳ ᠪᠠᠰᠠ ᠤᠯᠠᠨ ᠵᠥᠢᠯ ᠤᠨ ᠲᠤᠯᠢ ᠵᠤᠬᠢᠶᠠᠵᠠᠢ᠃ ᠲᠡᠳᠡᠭᠡᠷ ᠠᠴᠠ ᠪᠢᠳᠠ ᠨᠡᠷᠡᠳᠤ ᠲᠤᠯᠢᠴᠢ ᠱᠠᠭᠵᠠ ᠶᠢᠨ ᠬᠢᠭᠰᠡᠨ ︽ᠡᠷᠢᠭᠦᠶᠡ ᠬᠢᠯᠪᠡᠷ | ᠪᠤᠯᠭᠠᠨ ᠵᠤᠬᠢᠶᠠᠭᠰᠠᠨ ᠮᠤᠩᠭᠤᠯ ᠭᠡᠯᠡᠨ ᠤ ᠲᠠᠶᠢᠯᠪᠤᠷᠢ ᠴᠢᠨᠳᠠᠮᠤᠨᠢ ᠡᠷᠢᠭᠡ︾᠂ ᠮᠤᠩᠭᠤᠯ ᠭᠡᠪᠯᠡᠯ ᠪᠤᠯᠤᠨ ᠤᠷᠴᠢᠭᠤᠯᠤᠯᠭ᠎ᠠ ᠶᠢᠨ ᠥᠢᠯᠡᠰ ᠲᠤ ᠥᠯᠡᠮᠵᠢ | ᠵᠢᠳᠭᠦᠯᠳᠡᠢ ᠲᠡᠮᠭᠡᠳᠤ ᠶᠢᠨ ᠨᠠᠶᠢᠷᠠᠭᠤᠯᠤᠭᠰᠠᠨ ︽ᠮᠤᠩᠭᠤᠯ ᠨᠠᠩᠬᠢᠶᠠᠳ ᠥᠰᠥᠭ ᠤᠨ ᠲᠤᠯᠢ ᠪᠢᠴᠢᠭ︾᠂ ᠬᠢᠯᠵᠢᠩᠳᠠᠢ ᠶᠢᠨ ︽ᠮᠤᠩᠭᠤᠯ ᠨᠠᠩᠬᠢᠶᠠᠳ ᠥᠰᠥᠭ | ᠤᠨ ᠲᠤᠯᠢ ᠪᠢᠴᠢᠭ︾᠂ ᠬᠠᠢ ᠱᠠᠨ ᠤ ︽ᠮᠤᠩᠭᠤᠯ ᠬᠢᠳᠠᠳ ᠥᠰᠥᠭ ᠬᠠᠪᠰᠤᠷᠭᠠᠭᠰᠠᠨ ᠲᠠᠪᠤᠨ ᠵᠥᠭ ᠤᠨ ᠠᠭᠤᠤ ᠠᠶᠠᠯᠭᠤ ᠭᠡᠮᠡᠭᠦ ᠪᠢᠴᠢᠭ︾᠂ ᠠᠭᠸᠠᠩᠳᠠᠨᠳᠠᠷ | ᠤᠨ ︽ᠨᠡᠷ᠎ᠡ ᠤᠳᠬ᠎ᠠ ᠶᠢ ᠲᠤᠳᠤᠳᠬᠠᠭᠴᠢ ᠰᠠᠷᠠᠨ ᠤ ᠭᠡᠷᠡᠯ ᠭᠡᠮᠡᠭᠳᠡᠭᠦ ᠲᠤᠬᠢᠶᠠᠨ ᠤ ᠪᠢᠴᠢᠭ ᠤᠷᠤᠰᠢᠪᠠᠢ︾ ᠵᠡᠷᠭᠡ ᠶᠢ ᠲᠡᠮᠳᠡᠭᠯᠡᠵᠤ ᠪᠤᠯᠤᠨ᠎ᠠ᠃ ᠮᠥᠨ ᠡᠨᠡ | ᠡᠷᠡᠨ ᠳᠤ ᠥᠷᠥᠨ᠎ᠡ ᠵᠥᠭ ᠤᠨ ᠨᠥᠯᠥᠭᠡ ᠶᠢ ᠭᠥᠷᠳᠡᠵᠤ ᠥᠰᠥᠨ ᠪᠤᠶᠢᠵᠢᠭᠰᠠᠨ ᠮᠤᠩᠭᠤᠯ ᠡᠷᠳᠡᠮᠳᠡᠨ ᠤ ᠲᠤᠭᠠᠨ ᠳᠤ ︽ᠴᠢᠩᠬᠢᠰ ᠤᠨ ᠴᠢᠯᠠᠭᠤᠨ ᠪᠢᠴᠢᠭ︾ ᠢ | ᠭᠠᠷᠮᠠᠭᠠᠢ ᠤᠩᠰᠢᠯ᠎ᠠ ᠭᠡᠳᠡᠭ ᠪᠥᠷᠢᠶᠡᠳ ᠤᠨ ᠲᠤᠷᠵᠢ ᠪᠠᠨᠽᠠᠷᠤᠸ᠋ ᠲᠤ ᠡᠷᠳᠡᠮ ᠰᠢᠨᠵᠢᠯᠡᠯᠭᠡᠨ ᠤ ᠲᠡᠥᠭᠡ ᠶᠢᠨ ᠵᠤᠬᠢᠬᠤ ᠪᠠᠶᠢᠷᠢ ᠤᠯᠭᠤᠬᠤ ᠶᠤᠰᠤᠳᠠᠢ᠃ | ᠲᠠᠨᠵᠠᠨᠳᠠᠭᠪᠠ ᠠᠴᠠ ᠬᠤᠶᠢᠰᠢ ᠢᠯᠡᠷᠡᠨ ᠭᠠᠷᠤᠭᠰᠠᠨ ᠤᠷᠤᠰ ᠵᠥᠪᠯᠡᠯᠳᠤ ᠶᠢᠨ ᠪᠠ ᠥᠷᠥᠨ᠎ᠡ᠂ ᠲᠤᠷᠤᠨᠠᠳᠠᠬᠢᠨ ᠤ ᠮᠤᠩᠭᠤᠯᠴᠢ ᠨᠠᠷ ᠤᠨ ᠰᠤᠳᠤᠯᠤᠯᠭ᠎ᠠ ᠨᠢ | 19 ᠳ᠋ᠤᠭᠡᠷ ᠵᠠᠭᠤᠨ ᠤ ᠡᠬᠢᠨ ᠬᠠᠭᠠᠰ ᠠᠴᠠ ᠡᠬᠢᠯᠡᠵᠠᠢ᠃ ᠡᠨᠡ ᠲᠡᠥᠭᠡ ᠨᠢ ᠲᠤᠰ ᠵᠠᠭᠤᠨ ᠤ ᠬᠤᠷᠢᠭᠠᠳ ᠤᠨ ᠤ ᠡᠴᠥᠰ ᠢᠶᠠᠷ ᠪᠠᠶᠢᠭᠤᠯᠤᠭᠳᠠᠭᠰᠠᠨ ᠺᠠᠽᠠᠨ ᠤ | ᠶᠡᠭᠡ ᠰᠤᠷᠭᠠᠭᠤᠯᠢ ᠶᠢᠨ ᠮᠤᠩᠭᠤᠯ ᠭᠡᠯᠡᠨ ᠤ ᠠᠩᠬᠢ ᠶᠢᠨ ᠲᠡᠥᠭᠡ ᠲᠠᠢ ᠨᠢᠭᠳᠠ ᠬᠤᠯᠪᠤᠭᠠᠳᠠᠢ ᠪᠥᠭᠡᠳ ᠡᠨᠡ ᠠᠩᠬᠢ ᠳᠤ ᠪᠠᠭᠰᠢᠯᠠᠵᠤ ᠥᠩᠭᠡᠷᠡᠭᠰᠡᠨ | ᠲᠤᠷᠤᠨᠠᠳᠠᠬᠢᠨ ᠤ ᠰᠤᠳᠤᠯᠤᠯ ᠤᠨ ᠡᠷᠳᠡᠮᠳᠡᠨ᠂ ᠮᠤᠩᠭᠤᠯᠴᠢ ᠱᠮᠢᠳ᠋ᠲ ᠤᠨ ᠥᠢᠯᠡ ᠠᠵᠢᠯᠯᠠᠭ᠎ᠠ ᠪᠠᠷ ᠡᠬᠢᠨ ᠤ ᠬᠠᠭᠤᠳᠠᠰᠤ ᠪᠠᠨ ᠪᠢᠴᠢᠳᠡᠭ ᠪᠠᠶᠢᠨ᠎ᠠ᠃ ᠱᠮᠢᠳ᠋ᠲ | ᠬᠡᠳᠡᠭ ᠭᠥᠮᠥᠨ ᠮᠤᠩᠭᠤᠯ ᠬᠡᠯᠡᠨ ᠤ ᠰᠤᠳᠤᠯᠤᠯ ᠤᠨ ᠲᠠᠯ᠎ᠠ ᠪᠠᠷ ᠶᠡᠭᠡ ᠠᠵᠢᠯ ᠬᠢᠭᠰᠡᠨ᠂ ᠲᠡᠭᠦᠨ ᠤ ᠲᠥᠯᠥᠭᠡᠯᠡᠭᠴᠢ ᠴᠢᠨᠠᠷ ᠲᠠᠢ ᠪᠥᠳᠥᠭᠡᠯ ᠨᠢ 1832 ᠤᠨ ᠳᠤ | ᠵᠤᠬᠢᠶᠠᠭᠳᠠᠭᠰᠠᠨ ︽ᠮᠤᠩᠭᠤᠯ ᠭᠡᠯᠡᠨ ᠤ ᠵᠥᠢ︾᠂ 1835 ᠤᠨ ᠳᠤ ᠵᠤᠬᠢᠶᠠᠭᠳᠠᠭᠰᠠᠨ ︽ᠮᠤᠩᠭᠤᠯ — | ᠤᠷᠤᠰ — ᠭᠧᠷᠮᠠᠨ ᠲᠤᠯᠢ︾ ᠵᠡᠷᠭᠡ ᠪᠤᠯᠤᠨ᠎ᠠ᠃ ᠱᠮᠢᠳ᠋ᠲ ᠠᠴᠠ ᠨᠠᠰᠢ ᠲᠤᠭᠠᠴᠠᠪᠠᠯ ᠫᠤᠯᠱᠠ ᠪᠤᠯᠤᠨ ᠤᠷᠤᠰ ᠤᠨ ᠮᠤᠩᠭᠤᠯ ᠤᠨ ᠰᠤᠳᠤᠯᠤᠯ ᠤᠨ ᠲᠥᠯᠥᠭᠡᠯᠡᠭᠴᠢ | ᠺᠤᠸᠠᠯᠸᠧᠰᠺᠢ᠂ ᠤᠷᠤᠰ ᠤᠨ ᠨᠡᠷᠡᠳᠤ ᠮᠤᠩᠭᠤᠯᠴᠢ ᠫᠤᠫᠫᠧ᠂ | ᠪᠤᠪᠷᠤᠸ᠋ᠨᠢᠺᠤᠸ᠋᠂ ᠭᠤᠯᠰᠲ᠋ᠥ᠋ᠨᠰᠺᠢ᠂ ᠫᠤᠽᠳ᠋ᠨ᠋ᠶ᠋ᠸᠧ᠂ ᠷᠥᠳ᠋ᠨ᠋ᠸᠧ᠂ ᠮᠥᠨ ᠤᠷᠤᠰ ᠵᠥᠪᠯᠡᠯᠳᠤ ᠬᠤᠶᠠᠷ ᠭᠥᠷᠥᠨ ᠤ ᠬᠤᠭᠤᠷᠤᠨᠳᠤ ᠠᠮᠢᠳᠤᠷᠠᠵᠤ ᠠᠭᠰᠠᠨ ᠠᠯᠳᠠᠷᠳᠤ | ᠸᠯᠠᠳᠢᠮᠢᠷᠼᠤᠸ᠋ ᠵᠢᠴᠢ ᠹᠷᠠᠨᠼᠢ ᠶᠢᠨ ᠫᠧᠯᠯᠢᠤᠲ᠂ ᠪᠧᠯᠬᠢ ᠶᠢᠨ ᠮᠤᠰᠲ᠋ᠧᠷᠲ᠂ ᠫᠣᠯᠱᠠ ᠶᠢᠨ ᠺᠤᠲᠸᠢᠴᠢ᠂ ᠪᠢᠨᠯᠢᠶᠠᠨᠳ᠋ ᠤᠨ ᠷᠠᠮᠰᠲ᠋ᠧᠳᠠᠲ᠂ ᠪᠠᠷᠠᠭᠤᠨ ᠭᠧᠷᠮᠠᠨ ᠤ | ᠾᠢᠢᠨᠢᠰᠢ ᠵᠡᠷᠭᠡ ᠮᠤᠩᠭᠤᠯ ᠭᠡᠯᠡᠨ ᠤ ᠰᠤᠳᠤᠯᠤᠯ ᠤᠨ ᠲᠡᠥᠭᠡᠨᠡ ᠵᠤᠬᠢᠬᠤ ᠪᠠᠶᠢᠷᠢ ᠡᠵᠡᠯᠡᠭᠦ ᠭᠥᠮᠥᠰ ᠤᠨ ᠤᠯᠠᠩᠬᠢ ᠨᠢ ᠴᠥᠮ ᠡᠨᠡ ᠥᠶ᠎ᠡ ᠳᠤ ᠬᠤᠯᠪᠤᠭᠳᠠᠨ᠎ᠠ᠃ | ᠡᠨᠡ ᠮᠡᠳᠤ ᠪᠠᠷ ᠲᠠᠨᠵᠠᠨᠳᠠᠭᠪᠠ ᠠᠴᠠ ᠱ᠊ ᠯᠤᠪᠰᠠᠩᠸᠠᠩᠳᠠᠨ ᠭᠥᠷᠳᠡᠯ᠎ᠡ ᠮᠤᠩᠭᠤᠯ ᠤᠨ ᠥᠪᠡᠷ ᠤᠨ ᠪᠠ ᠬᠠᠷᠢ ᠭᠠᠳᠠᠭᠠᠳᠤ ᠶᠢᠨ ᠡᠳᠥᠢ ᠲᠡᠳᠥᠢ ᠭᠥᠮᠥᠰ | ᠮᠤᠩᠭᠤᠯ ᠭᠡᠯᠡᠨ ᠤ ᠰᠤᠳᠤᠯᠤᠯ ᠤᠨ ᠲᠡᠥᠭᠡᠨ ᠳᠤ ᠨᠡᠷ᠎ᠡ ᠠᠯᠳᠠᠷ ᠢᠶᠠᠨ ᠥᠯᠡᠳᠡᠭᠡᠵᠠᠢ᠃ ᠡᠨᠡ ᠵᠠᠪᠰᠠᠷ ᠤᠨ ᠲᠡᠥᠭᠡ ᠶᠢ ᠪᠢᠳᠠ ᠮᠤᠩᠭᠤᠯᠴᠤᠳ ᠤᠨ ᠥᠪᠡᠷ ᠤᠨ | ᠰᠤᠳᠤᠯᠤᠭᠰᠠᠨ᠂ ᠬᠠᠷᠢ ᠥᠨᠳᠥᠰᠥᠳᠡᠨ ᠤ ᠡᠷᠳᠡᠮᠳᠡᠳ ᠤᠨ ᠰᠤᠳᠤᠯᠤᠭᠰᠠᠨ ᠭᠡᠭᠦ ᠬᠤᠶᠠᠷ ᠪᠥᠯᠥᠭ ᠲᠤ ᠬᠤᠪᠢᠶᠠᠨ ᠥᠭᠦᠯᠡᠵᠤ ᠪᠤᠯᠤᠨ᠎ᠠ᠃ ᠲᠡᠭᠡᠭᠦ ᠳᠤ ᠶᠠᠭᠤᠨ ᠤ | ᠤᠴᠢᠷ ᠠᠴᠠ ᠵᠠᠪᠠᠯ ᠱ᠊ ᠯᠤᠪᠰᠠᠩᠸᠠᠩᠳᠠᠨ ᠢᠶᠠᠷ ᠲᠡᠥᠭᠡ ᠶᠢᠨ ᠨᠢᠭᠡ ᠱᠠᠳᠤ ᠥᠶ᠎ᠡ ᠶᠢᠨ ᠵᠠᠭᠠᠭ ᠪᠤᠯᠭᠠᠨ᠎ᠠ ᠪᠤᠢ︖ ᠡᠨᠡ ᠤᠴᠢᠷ ᠢ ᠪᠢᠳᠠ ᠤᠳᠤ ᠶᠠᠷᠢᠬᠤ ᠴᠢᠬᠤᠯᠠ | ᠲᠠᠢ ᠪᠤᠯᠤᠯ᠎ᠠ᠃ | ᠱ᠊ ᠯᠤᠪᠰᠠᠩᠸᠠᠩᠳᠠᠨ ᠪᠤᠯ ᠮᠤᠩᠭᠤᠯ ᠡᠷᠳᠡᠮᠳᠡᠳ ᠤᠨ ᠲᠤᠳᠤᠷ᠎ᠠ ᠠᠴᠠ ᠤᠷᠴᠢᠨ ᠴᠠᠭ ᠤᠨ ᠭᠡᠯᠡ ᠰᠢᠨᠵᠢᠯᠡᠯ ᠤᠨ ᠠᠷᠭ᠎ᠠ ᠪᠠᠷ ᠮᠤᠩᠭᠤᠯ ᠭᠡᠯᠡᠨ ᠤ | ᠰᠧᠰᠲ᠋ᠧᠮᠳᠠᠢ ᠵᠥᠢ ᠶᠢ ᠪᠢᠴᠢᠵᠤ ᠭᠠᠷᠭᠠᠭᠰᠠᠨ ᠨᠢᠭᠡᠳᠥᠭᠡᠷ ᠭᠥᠮᠥᠨ ᠪᠤᠯᠤᠨ᠎ᠠ᠃ ᠯᠤᠪᠰᠠᠩᠸᠠᠩᠳᠠᠨ ᠠᠴᠠ ᠡᠮᠥᠨᠡᠬᠢ ᠥᠶ᠎ᠡ ᠶᠢᠨ ᠮᠤᠩᠭᠤᠯ ᠤᠨ ᠥᠪᠡᠷ ᠤᠨ ᠬᠡᠯᠡᠨ ᠤ | ᠡᠷᠳᠡᠮᠳᠡᠳ ᠭᠡᠯᠡ ᠪᠠ ᠪᠢᠴᠢᠭ ᠢᠶᠠᠨ ᠶᠡᠭᠡᠳᠡ ᠰᠤᠳᠤᠯᠤᠭᠰᠠᠨ ᠪᠤᠯᠪᠠᠴᠤ ᠭᠤᠤᠯᠳᠠᠭᠤ ᠤᠯᠮᠠᠯᠵᠢᠯᠠᠯᠳᠤ ᠠᠷᠭ᠎ᠠ — ᠥᠭᠡᠷ᠎ᠡ ᠪᠠᠷ ᠭᠡᠯᠡᠪᠡᠯ ᠴᠤᠶᠢᠵᠢᠠᠤᠳᠰᠠᠷ ᠮᠠᠶ᠋ᠢᠭ | ᠢᠶᠠᠷ ᠰᠤᠳᠤᠯᠵᠠᠢ᠃ ᠲᠤᠷᠵᠢ ᠪᠠᠨᠽᠠᠷᠤᠸ᠋ ᠮᠡᠳᠤ ᠶᠢᠨ ᠯᠤᠪᠰᠠᠩᠸᠠᠩᠳᠠᠨ ᠠᠴᠠ ᠲᠡᠭᠡᠷ᠎ᠡ ᠥᠶ᠎ᠡ ᠶᠢᠨ ᠡᠷᠳᠡᠮᠳᠡᠨ ᠶᠡᠭᠡᠳᠡ ᠨᠡᠷ᠎ᠡ ᠲᠥᠷᠥ ᠲᠠᠢ ᠰᠤᠳᠤᠯᠤᠯᠭᠠᠨ ᠢ | ᠬᠢᠭᠰᠡᠨ ᠨᠢ ᠥᠨᠡᠨ ᠪᠤᠯᠪᠠᠴᠤ ᠲᠡᠳᠡᠨ ᠤ ᠭᠤᠤᠯ ᠠᠩᠬᠠᠷᠤᠯ ᠥᠭᠡᠷ᠎ᠡ ᠥᠭᠡᠷ᠎ᠡ ᠰᠡᠳᠤᠪ ᠲᠡᠭᠡᠷ᠎ᠡ ᠪᠠᠶᠢᠭᠰᠠᠨ ᠪᠠ ᠮᠤᠩᠭᠤᠯ ᠭᠡᠯᠡᠨ ᠤ ᠰᠢᠰᠲ᠋ᠧᠮ ᠲᠠᠢ ᠵᠥᠢ ᠶᠢ | ᠪᠢᠴᠢᠵᠤ ᠬᠠᠷᠠᠬᠠᠨ ᠠᠮᠵᠢᠭ᠎ᠠ ᠥᠭᠡᠢ ᠥᠩᠭᠡᠷᠡᠵᠠᠢ᠃ ᠨᠥᠭᠦᠭᠡ ᠲᠠᠯ᠎ᠠ ᠪᠠᠷ ᠱᠮᠢᠳ᠋ᠲ᠂ ᠫᠤᠫᠫᠧ᠂ ᠪᠤᠪᠷᠤᠸ᠋ᠨᠢᠺᠤᠸ᠋᠂ ᠸᠯᠠᠳᠢᠮᠢᠷᠽᠤᠸ᠋ ᠮᠡᠳᠤ ᠡᠷᠳᠡᠮᠳᠡᠳ ᠤᠷᠢᠳ | ᠬᠤᠵᠢᠳ ᠮᠥᠨ ᠮᠤᠩᠭᠤᠯ ᠭᠡᠯᠡᠨ ᠤ ᠵᠥᠢ᠂ ᠲᠡᠭᠡᠭᠦ ᠳᠤ ᠪᠠᠨ ᠰᠢᠨ᠎ᠡ ᠴᠠᠭ ᠤᠨ ᠭᠡᠯᠡ ᠰᠢᠨᠵᠢᠯᠡᠯ ᠤᠨ ᠠᠷᠭ᠎ᠠ ᠪᠠᠷ ᠪᠢᠴᠢᠵᠤ ᠭᠠᠷᠭᠠᠭᠰᠠᠨ ᠪᠤᠯᠪᠠᠴᠤ ᠲᠡᠳᠡ ᠪᠥᠷ | ᠮᠤᠩᠭᠤᠯ ᠪᠤᠰᠤ ᠮᠤᠩᠭᠤᠯᠴᠢ ᠨᠠᠷ ᠪᠤᠯᠤᠨ᠎ᠠ᠃ ᠶᠠᠭ ᠡᠶᠢᠮᠤ ᠤᠴᠢᠷ ᠠᠴᠠ ᠱ᠊ ᠯᠤᠪᠰᠠᠩᠸᠠᠩᠳᠠᠨ ᠠᠪᠤᠭᠠᠢ ᠪᠤᠯᠪᠠᠰᠤ ᠲᠠᠨᠵᠠᠨᠳᠠᠭᠪᠠ ᠠᠴᠠ ᠨᠠᠰᠢᠬᠢ ᠲᠡᠥᠭᠡᠨᠡ | ᠢᠯᠡᠷᠡᠭᠰᠡᠨ ᠴᠠᠭ ᠥᠶ᠎ᠡ ᠶᠢ ᠵᠠᠭᠠᠭᠯᠠᠵᠤ ᠪᠤᠯᠬᠤ ᠭᠡᠯᠨᠨ ᠤ ᠡᠷᠳᠡᠮᠳᠡᠨ ᠤ ᠨᠢᠭᠡᠨ ᠮᠥᠨ ᠭᠡᠵᠤ ᠥᠵᠡᠭᠦ ᠳᠤ ᠪᠤᠯᠬᠤ ᠥᠭᠡᠢ ᠪᠢᠰᠢ᠃ ᠲᠡᠭᠡᠪᠡᠯ ᠱ᠊ ᠯᠤᠪᠰᠠᠩᠸᠠᠩᠳᠠᠨ | ᠤ ︽ᠮᠤᠩᠭᠤᠯ ᠭᠡᠯᠡᠨ ᠤ ᠵᠥᠢ︾ ᠨᠡᠶᠢᠳᠡᠯᠡᠭᠳᠡᠭᠰᠡᠨ 1939 ᠤᠨ ᠠᠴᠠ ᠬᠤᠶᠢᠰᠢᠬᠢ ᠪᠠᠶᠢᠳᠠᠯ ᠶᠠᠮᠠᠷ ᠪᠤᠢ︖ ᠡᠨᠡ ᠬᠤᠭᠤᠷᠤᠨᠳᠤ ᠲᠡᠥᠭᠡᠨ ᠬᠤᠭᠤᠴᠠᠭ᠎ᠠ ᠶᠢ | ᠪᠢᠳᠠ ᠬᠤᠶᠠᠷ ᠰᠠᠯᠭᠠᠨ ᠰᠢᠨᠵᠢᠵᠤ ᠪᠤᠯᠬᠤ ᠪᠥᠭᠡᠳ 1939 —1959 ᠤᠨ ᠤ ᠤᠯᠠᠨ ᠤᠯᠤᠰ ᠤᠨ ᠮᠤᠩᠭᠤᠯᠴᠢ ᠡᠷᠳᠡᠮᠳᠡᠨ ᠤ ᠠᠩᠬᠠᠳᠤᠭᠠᠷ ᠶᠡᠭᠡ ᠬᠤᠷᠠᠯ | ᠪᠤᠯᠳᠠᠯᠠᠬᠢ ᠬᠤᠷᠢᠨ ᠵᠢᠯ ᠢ ᠨᠢᠭᠡ ᠱᠠᠳᠤ ᠪᠠᠷ᠂ ᠲᠡᠷᠡ ᠬᠤᠷᠠᠯ ᠠᠴᠠ ᠤᠳᠤ ᠪᠤᠯᠳᠠᠯᠠᠬᠢ ᠶᠢ ᠪᠠᠰᠠ ᠨᠢᠭᠡ ᠱᠠᠳᠤ ᠪᠠᠷ ᠥᠵᠡᠵᠤ ᠪᠤᠯᠤᠨ᠎ᠠ᠃ | 1939 ᠤᠨ ᠠᠴᠠ 1959 ᠤᠨ ᠭᠥᠷᠳᠡᠯᠡᠬᠢ ᠬᠤᠷᠢᠨ ᠵᠢᠯ ᠤᠨ ᠬᠤᠭᠤᠷᠤᠨᠳᠤ ᠱ᠊ ᠯᠤᠪᠰᠠᠩᠸᠠᠩᠳᠠᠨ ᠤ ︽ᠮᠤᠩᠭᠤᠯ ᠭᠡᠯᠡᠨ ᠤ ᠵᠥᠢ︾ ᠬᠡᠳᠤ ᠲᠠᠬᠢᠨ | ᠵᠠᠰᠠᠭᠳᠠᠵᠤ ᠭᠡᠪᠯᠡᠭᠳᠡᠭᠰᠡᠨ ᠢ ᠭᠠᠷᠭᠠᠪᠠᠯ ᠮᠤᠩᠭᠤᠯ ᠤᠯᠤᠰ ᠲᠤ ᠪ᠊ ᠷᠢᠨᠴᠢᠨ ᠤ ︽ᠮᠤᠩᠭᠤᠯ ᠭᠡᠯᠡᠨ ᠤ ᠵᠥᠢ ᠶᠢᠨ ᠪᠢᠴᠢᠭ︾᠂ ᠴ᠊ ᠲᠠᠮᠳᠢᠨᠰᠥ᠋ᠷᠥ᠋ᠩ ᠤᠨ ︽ | ᠮᠤᠩᠭᠤᠯ ᠰᠢᠨ᠎ᠡ ᠥᠰᠥᠭ ᠲᠥᠷᠢᠮ︾᠂ ᠲ᠊ ᠫᠠᠭᠪᠠ ᠶᠢᠨ ︽ᠬᠡᠯᠡᠨ ᠤ ᠰᠢᠨᠵᠢᠯᠡᠯ ᠤᠨ ᠤᠳᠤᠷᠢᠳᠬᠠᠯ︾᠂ ᠲᠤᠮᠳᠠᠳᠤ ᠤᠯᠤᠰ ᠤᠨ ᠴᠡᠩᠭᠡᠯᠳᠡᠢ ᠶᠢᠨ ︽ᠮᠤᠩᠭᠤᠯ | ᠭᠡᠯᠡᠨ ᠤ ᠵᠥᠢ︾᠂ ᠵᠥᠪᠯᠡᠯᠳᠤ ᠬᠤᠯᠪᠤᠭᠠᠳᠤ ᠤᠯᠤᠰ ᠤᠨ ᠭ᠊᠂ ᠳ᠋᠊᠂ ᠰᠠᠩᠵᠠᠶᠢᠶ᠋ᠸᠧ ᠤᠨ ︽ᠪᠥᠷᠢᠶᠡᠳ ᠮᠤᠩᠭᠤᠯ ᠭᠡᠯᠡᠨ ᠤ ᠵᠥᠢ︾᠂ ︽ᠮᠤᠩᠭᠤᠯ ᠭᠡᠯᠡ | ᠨᠦᠭᠦᠳ ᠤᠨ ᠬᠠᠷᠢᠴᠠᠭᠤᠯᠤᠭᠰᠠᠨ ᠭᠡᠯᠡᠨ ᠤ | ᠵᠥᠢ︾᠂ ᠪ᠊᠂ ᠭ᠊᠂ ᠲᠤᠳᠠᠶ᠋ᠸᠧᠠ ᠶᠢᠨ ᠪᠢᠴᠢᠭᠰᠡᠨ ︽ᠤᠷᠴᠢᠨ ᠴᠠᠭ ᠤᠨ ᠮᠤᠩᠭᠤᠯ ᠤᠨ ᠤᠳᠬ᠎ᠠ ᠵᠤᠬᠢᠶᠠᠯ ᠤᠨ ᠭᠡᠯᠡᠨ ᠤ ᠭᠡᠯᠡ ᠵᠥᠢ ᠶᠢᠨ ᠯᠧᠺᠼᠢ︾ ᠭᠡᠭᠦ | ᠵᠡᠷᠭᠡ ᠰᠢᠨ᠎ᠡ ᠠᠷᠭ᠎ᠠ ᠪᠠᠷ ᠪᠢᠴᠢᠭᠰᠡᠨ ᠡᠷᠳᠡᠮ ᠰᠢᠨᠵᠢᠯᠡᠯᠭᠡᠨ ᠤ ᠰᠢᠰᠲ᠋ᠧᠮ ᠲᠠᠢ ᠪᠥᠳᠥᠭᠡᠯ ᠤᠳ ᠭᠠᠷᠴᠤ ᠡᠬᠢᠯᠡᠭᠰᠡᠨ ᠨᠢ ᠮᠤᠩᠭᠤᠯᠴᠤᠳ ᠤᠨ ᠥᠪᠡᠷ ᠤᠨ | ᠡᠷᠳᠡᠮᠳᠡᠳ ᠤᠨ ᠨᠡᠷ᠎ᠡ ᠲᠥᠷᠥ ᠶᠢ ᠥᠨᠳᠥᠷᠵᠢᠭᠦᠯᠵᠠᠢ᠃ ᠡᠨᠡ ᠬᠤᠭᠤᠴᠠᠭᠠᠨ᠎ᠠ ᠪᠠᠰᠠ ᠮᠤᠩᠭᠤᠯ ᠤᠯᠤᠰ ᠲᠤ ᠰᠯᠡᠸ᠋ ᠥᠰᠥᠭ ᠠᠪᠴᠤ ᠬᠡᠷᠡᠭᠯᠡᠭᠰᠡᠨ ᠲᠤᠮᠤᠬᠠᠨ | ᠬᠡᠷᠡᠭ ᠭᠠᠷᠤᠭᠰᠠᠨ ᠪᠠ ᠡᠨᠡ ᠨᠢ ᠲᠥᠴᠢᠭᠡᠳ ᠤᠨ ᠳᠤ ᠬᠤᠯᠪᠤᠭᠳᠠᠨ᠎ᠠ᠃ ᠮᠥᠨ ᠲᠤᠮᠳᠠᠳᠤ ᠤᠯᠤᠰ ᠪᠠ ᠮᠤᠩᠭᠤᠯ ᠤᠯᠤᠰ ᠲᠤ ᠮᠤᠩᠭᠤᠯ ᠲᠥᠷᠥᠯ ᠭᠡᠯᠡ᠂ | ᠮᠤᠩᠭᠤᠯ ᠭᠡᠯᠡᠨ ᠤ ᠨᠤᠳᠤᠭ ᠤᠨ ᠠᠶᠠᠯᠭᠤ ᠶᠢ ᠪᠠᠶᠢᠴᠠᠭᠠᠭᠰᠠᠨ ᠶᠠᠪᠤᠳᠠᠯ ᠤᠳ ᠭᠠᠷᠤᠭᠰᠠᠨ ᠨᠢ ᠲᠡᠥᠭᠡᠳᠤ ᠤᠳᠬ᠎ᠠ ᠠᠭᠤᠯᠭᠠᠳᠠᠢ ᠠᠵᠢᠯ ᠪᠤᠯᠵᠠᠢ᠃ ᠲᠤᠯᠢ ᠪᠢᠴᠢᠭ | ᠤᠨ ᠲᠠᠯ᠎ᠠ ᠪᠠᠷ ᠮᠤᠩᠭᠤᠯ ᠮᠤᠩᠭᠤᠯᠴᠢ ᠨᠠᠷ ᠠᠴᠠ ᠥᠪᠡᠷ ᠤᠨ ᠭᠡᠯᠡ ᠶᠢ ᠥᠷᠥᠨ᠎ᠡ ᠳ᠋ᠠᠬᠢᠨ ᠤ ᠬᠡᠯᠡ ᠲᠠᠢ ᠬᠠᠷᠢᠴᠠᠭᠤᠯᠤᠭᠰᠠᠨ ᠪᠥᠳᠥᠭᠡᠯ ᠤᠳ ᠭᠠᠷᠭᠠᠵᠤ | ᠡᠬᠢᠯᠡᠭᠰᠡᠨ ᠨᠢ ᠪᠠᠰᠠ ᠤᠨᠴᠠᠯᠢᠭ ᠲᠠᠢ ᠪᠠᠶᠢᠨ᠎ᠠ᠃ | ᠶᠡᠷᠤ ᠠᠴᠠ 39 —59 ᠤᠨ ᠤ ᠬᠤᠭᠤᠷᠤᠨᠳᠤ ᠬᠤᠭᠤᠴᠠᠭᠠᠨ ᠳᠤ ᠮᠤᠩᠭᠤᠯ ᠥᠨᠳᠥᠰᠥᠳᠡᠨ ᠤ ᠥᠪᠡᠷ ᠤᠨ ᠡᠷᠳᠡᠮᠳᠠᠳ ᠲᠥᠷᠥᠯᠬᠢ ᠬᠡᠯᠡ ᠪᠠᠨ ᠥᠷᠥᠨ᠎ᠡ | ᠵᠥᠭ ᠤᠨ ᠰᠢᠨ᠎ᠡ ᠠᠷᠭ᠎ᠠ ᠪᠠᠷ ᠰᠤᠳᠤᠯᠵᠤ ᠡᠬᠢᠯᠡᠭᠰᠡᠨ ᠪᠤᠯᠬᠤᠷ ᠮᠤᠩᠭᠤᠯ ᠬᠡᠯᠡ ᠰᠤᠳᠤᠯᠤᠯ ᠤᠨ ᠲᠥᠷᠥᠭᠦᠴᠢ ᠶᠢᠨ ᠭᠡᠳᠥᠨ ᠥᠶ᠎ᠡ ᠳᠤ ᠭᠠᠷᠬᠤ ᠪᠤᠯᠤᠮᠵᠢ ᠥᠭᠡᠢ | ᠰᠢᠨ᠎ᠡ ᠰᠢᠨ᠎ᠡ ᠪᠥᠳᠥᠭᠡᠯ ᠤᠳ ᠪᠤᠢ ᠪᠤᠯᠵᠠᠢ᠃ | ᠡᠨᠡ ᠬᠤᠷᠢᠨ ᠵᠢᠯ ᠳᠤ ᠬᠠᠷᠢ ᠥᠨᠳᠥᠰᠥᠳᠡᠨ ᠤ ᠡᠷᠳᠡᠮᠳᠡᠳ ᠤᠨ ᠪᠥᠳᠥᠭᠡᠭᠰᠡᠨ ᠠᠵᠢᠯ ᠪᠠᠰᠠ ᠶᠡᠭᠡ ᠶᠤᠮ᠃ | 1959 ᠤᠨ ᠤ ᠮᠤᠩᠭᠤᠯᠴᠢ ᠡᠷᠳᠡᠮᠳᠡᠨ ᠤ ᠶᠡᠭᠡ ᠬᠤᠷᠠᠯ ᠠᠴᠠ ᠬᠤᠶᠢᠰᠢᠬᠢ ᠪᠠᠶᠢᠳᠠᠯ ᠪᠥᠷ ᠴᠤ ᠶᠡᠭᠡ ᠬᠤᠪᠢᠷᠠᠯᠳᠠᠳᠠᠢ ᠪᠤᠯᠪᠠ᠃ ᠤᠴᠢᠷ ᠡᠶᠢᠮᠤ ᠠᠴᠠ | ᠡᠨᠡ ᠭᠦ ᠱᠠᠳᠤ ᠶᠢ ᠪᠢᠳᠠ ᠠᠰᠠ ᠲᠤ ᠨᠢ ᠥᠭᠦᠯᠡᠭᠦ ᠶᠤᠰᠤᠳᠠᠢ᠃ ᠡᠨᠡ ᠬᠤᠭᠤᠷᠤᠨᠳᠤ ᠮᠤᠩᠭᠤᠯ ᠭᠡᠯᠡᠨ ᠤ ᠰᠤᠳᠤᠯᠤᠯ ᠤᠨ ᠥᠷᠭᠡᠴᠡ᠂ ᠭᠥᠨᠴᠡ ᠶᠢᠨ ᠭᠡᠮᠵᠢᠶ᠎ᠡ | ᠤᠷᠢᠳᠤ ᠤᠷᠢᠳᠤᠬᠢ ᠠᠴᠠ ᠤᠨᠴᠤᠭᠤᠢ ᠠᠬᠢᠴᠠ ᠲᠠᠢ ᠪᠤᠯᠵᠠᠢ᠃ ᠡᠶᠢᠮᠤ ᠠᠬᠢᠴᠠ ᠲᠠᠢ ᠲᠠᠯ᠎ᠠ ᠨᠢ ᠶᠠᠭᠤᠨ ᠲᠡᠭᠡᠷ᠎ᠡ ᠪᠠᠨ ᠮᠡᠳᠡᠭᠳᠡᠭᠦ ᠪᠤᠢ︖ ᠬᠡᠪᠡᠯ᠂ ᠡᠨᠡ | ᠬᠤᠷᠢᠭᠠᠳ ᠵᠢᠯ ᠤᠨ ᠲᠤᠳᠤᠷ᠎ᠠ ᠰᠤᠳᠤᠯᠤᠯᠭᠠᠨ ᠤ ᠠᠭᠤᠯᠭ᠎ᠠ ᠪᠤᠯᠤᠨ ᠠᠷᠭ᠎ᠠ ᠶᠢᠨ ᠲᠠᠯ᠎ᠠ ᠪᠠᠷ ᠪᠥᠷ ᠰᠢᠨ᠎ᠡ ᠵᠥᠢᠯ ᠨᠡᠮᠡᠭᠰᠡᠨ᠂ ᠲᠤᠬᠠᠶᠢᠯᠠᠪᠠᠯ ᠠᠭᠤᠯᠭ᠎ᠠ ᠶᠢᠨ | ᠬᠤᠪᠢ ᠳᠤ ᠵᠥᠪᠭᠡᠨ ᠮᠤᠩᠭᠤᠯ ᠭᠡᠯᠡᠨ ᠤ ᠭᠡᠯᠡ ᠵᠥᠢ ︵ᠠᠪᠢᠶ᠎ᠠ ᠵᠥᠢ ᠶᠢ ᠪᠠᠭᠳᠠᠭᠠᠭᠰᠠᠨ︶ ᠶᠢ ᠯᠠ ᠭᠤᠤᠯᠳᠠᠭᠤᠯᠤᠭᠠᠳ ᠪᠠᠶᠢᠭᠰᠠᠨ ᠥᠭᠡᠢ᠂ ᠪᠠᠰᠠ ᠥᠭᠡᠰ ᠤᠨ | ᠰᠠᠩ᠂ ᠨᠠᠶᠢᠷᠠᠭᠤᠯᠭ᠎ᠠ ᠶᠢᠨ ᠠᠰᠠᠭᠤᠳᠠᠯ᠂ ᠨᠤᠳᠤᠭ ᠤᠨ ᠠᠶᠠᠯᠭᠤ᠂ ᠲᠥᠷᠥᠯ ᠭᠡᠯᠡ᠂ ᠮᠤᠩᠭᠤᠯ ᠭᠡᠯᠡ ᠪᠠ ᠪᠢᠴᠢᠭ ︵ᠥᠰᠥᠭ︶ ᠤᠨ ᠭᠥᠭᠵᠢᠯ ᠤᠨ ᠲᠡᠥᠭᠡ᠂ | ᠤᠨᠤᠯ ᠭᠡᠯᠡ ᠰᠢᠨᠵᠢᠯᠠᠯ ᠤᠨ ᠠᠰᠠᠭᠤᠳᠠᠯ ᠵᠡᠷᠭᠡ ᠶᠢ ᠲᠠᠯ᠎ᠠ ᠲᠠᠯ᠎ᠠ ᠠᠴᠠ ᠰᠤᠳᠤᠯᠤᠭᠰᠠᠨ ᠨᠡᠯᠢᠶᠡᠳ ᠰᠧᠰᠲ᠋ᠧᠮᠳᠠᠢ ᠪᠥᠳᠥᠭᠡᠯ ᠤᠳ ᠭᠠᠷᠤᠭᠰᠠᠭᠠᠷ ᠪᠠᠶᠢᠨ᠎ᠠ᠃ | ᠰᠤᠳᠤᠯᠬᠤ ᠠᠷᠭ᠎ᠠ ᠶᠢᠨ ᠬᠤᠪᠢ ᠳᠤ ᠲᠤᠬᠠᠶᠢᠯᠠᠪᠠᠯ᠂ ᠪᠥᠳᠥᠴᠡ ᠭᠡᠯᠡ ᠰᠢᠨᠵᠢᠯᠡᠯ ᠤᠨ ᠠᠷᠭ᠎ᠠ ᠶᠢ ᠮᠤᠩᠭᠤᠯ ᠭᠡᠯᠡᠨ ᠤ ᠰᠤᠳᠤᠯᠤᠯ ᠳᠤ ᠠᠪᠴᠤ ᠬᠡᠷᠡᠭᠯᠡᠭᠦ | ᠤᠷᠤᠯᠳᠤᠯᠭ᠎ᠠ ᠶᠡᠭᠡ ᠲᠥᠭᠡᠮᠡᠯ ᠥᠵᠡᠭᠳᠡᠭᠦ ᠪᠤᠯᠵᠠᠢ᠃ ᠲᠤᠮᠳᠠᠳᠤ ᠤᠯᠤᠰ ᠤᠨ ᠤᠷᠴᠢᠨ ᠴᠠᠭ ᠤᠨ ᠮᠤᠩᠭᠤᠯ ᠭᠡᠯᠡᠨ ᠤ ᠲᠥᠷᠢᠮᠵᠢᠯ ᠤᠨ ᠠᠰᠠᠭᠤᠳᠠᠯ ᠵᠠᠯᠭᠠᠭ᠎ᠠ ᠪᠠᠷ | ᠲᠠᠯᠪᠢᠭᠳᠠᠵᠤ ᠢᠯᠠᠩᠭᠤᠶ᠎ᠠ ᠨᠡᠷ᠎ᠡ ᠲᠤᠮᠢᠶ᠎ᠠ᠂ ᠰᠠᠭᠤᠷᠢ ᠠᠶᠠᠯᠭᠤ᠂ ᠪᠠᠷᠢᠮᠵᠢᠶ᠎ᠠ ᠠᠪᠢᠶ᠎ᠠ ᠶᠢ ᠲᠤᠭᠳᠠᠭᠠᠬᠤ ᠠᠵᠢᠯ ᠲᠠᠢ ᠤᠶᠠᠯᠳᠤᠨ ᠭᠠᠷᠴᠤ ᠢᠷᠡᠭᠰᠡᠨ ᠡᠳᠥᠢ ᠲᠡᠳᠥᠢ | ᠰᠢᠨ᠎ᠡ ᠠᠰᠠᠭᠤᠳᠠᠯ ᠢ ᠭᠡᠯᠡᠨ ᠤ ᠤᠨᠤᠯ᠂ ᠥᠢᠯᠡᠳᠥᠯᠭᠡ ᠶᠢᠨ ᠬᠤᠪᠢ ᠳᠤ ᠰᠢᠢᠳᠪᠥᠷᠢᠯᠡᠭᠦ ᠪᠠᠷ ᠡᠷᠳᠡᠮᠳᠡᠳ ᠶᠡᠭᠡ ᠭᠥᠴᠥᠨ ᠵᠢᠳᠭᠦᠯ ᠭᠠᠷᠭᠠᠭᠰᠠᠨ ᠪᠠ | ᠭᠠᠷᠭᠠᠭᠰᠠᠭᠠᠷ ᠪᠠᠶᠢᠨ᠎ᠠ᠃ | ᠡᠨᠡ ᠰᠡᠭᠦᠯ ᠤᠨ ᠬᠤᠷᠢᠭᠠᠳ ᠵᠢᠯ ᠳᠤ ᠬᠠᠷᠢ ᠥᠨᠳᠥᠰᠥᠳᠡᠨ ᠤ ᠡᠷᠳᠡᠮᠳᠡᠳ ᠤᠨ ᠰᠤᠳᠤᠯᠤᠯᠭᠠᠨ ᠤ ᠠᠵᠢᠯ ᠤᠯᠠᠮ ᠡᠷᠴᠢᠮᠳᠠᠢ ᠶᠠᠪᠤᠭᠳᠠᠵᠤ ᠪᠤᠢ ᠶᠢ ᠤᠯᠠᠨ | ᠤᠯᠤᠰ ᠤᠨ ᠮᠤᠩᠭᠤᠯᠴᠢ ᠡᠷᠳᠡᠮᠳᠡᠨ ᠤ ᠬᠤᠶᠠᠷ ᠭᠤᠷᠪᠠ ᠲᠥᠷᠪᠡᠳᠤᠭᠡᠷ ᠤᠳᠠᠭᠠᠨ ᠤ ᠬᠤᠷᠠᠯ ᠤᠨ ᠮᠡᠳᠡᠭᠡ᠂ ᠵᠢᠴᠢ ᠪᠤᠰᠤᠳ ᠮᠠᠲ᠋ᠧᠷᠢᠶᠡᠯ ᠪᠤᠯᠤᠨ ᠮᠡᠳᠡᠭᠡ ᠰᠠᠯᠳᠠ | ᠨᠦᠭᠦᠳ ᠨᠠᠷᠢᠨ ᠲᠤᠳᠤᠷᠬᠠᠢ ᠭᠡᠷᠡᠴᠢᠯᠡᠵᠥ ᠪᠠᠶᠢᠨ᠎ᠠ᠃ | ᠰᠤᠳᠤᠯᠤᠯᠭᠠᠨ ᠤ ᠰᠢᠨ᠎ᠡ ᠴᠠᠭ ᠡᠷᠡᠨ ᠨᠢ ᠡᠷᠳᠡᠮᠳᠡᠳ ᠤᠨ ᠡᠩᠨᠡᠭᠡ ᠶᠢ ᠤᠯᠠᠮ ᠥᠷᠭᠡᠵᠢᠭᠦᠯᠵᠤ᠂ ᠠᠪᠢᠶ᠋ᠰ ᠪᠥᠳᠥᠭᠡᠯᠳᠡᠢ ᠰᠢᠨ᠎ᠡ ᠰᠤᠳᠤᠯᠤᠭᠴᠢᠳ ᠢ | ᠲᠥᠷᠥᠭᠦᠯᠥᠭᠰᠡᠭᠡᠷ ᠪᠠᠶᠢᠭ᠎ᠠ ᠨᠢ ᠭᠡᠨ ᠠᠯᠢᠨ ᠳᠤ ᠴᠤ ᠶᠡᠭᠡ ᠲᠤᠳᠤᠷᠬᠠᠢ᠃ ᠮᠤᠩᠭᠤᠯᠴᠢ ᠡᠷᠳᠡᠮᠳᠡᠨ ᠤ ᠬᠡᠳᠥ ᠤᠳᠠᠭᠠᠨ ᠤ ᠶᠡᠭᠡ ᠬᠤᠷᠠᠯ ᠤᠨ ᠮᠡᠳᠡᠭᠡ᠂ ᠵᠢᠴᠢ | ᠪᠥᠷᠢᠨ ᠪᠤᠰᠤ ᠪᠤᠯᠪᠠᠴᠤ ᠥᠷᠭᠦᠯᠵᠢᠯᠡᠨ ᠤᠯᠳᠠᠭᠳᠠᠵᠤ ᠪᠤᠢ ᠨᠤᠮ ᠮᠠᠲ᠋ᠧᠷᠢᠶᠡᠯ ᠠᠴᠠ ᠥᠵᠡᠪᠡᠯ ᠭᠡᠯᠡᠨ ᠤ ᠮᠡᠷᠭᠡᠵᠢᠯᠳᠡᠨ ᠨᠠᠷ ᠤᠨ ᠭᠡᠵᠢᠶ᠎ᠡ ᠶᠠᠵᠢᠶᠠᠨ ᠤ ᠲᠠᠨᠢᠯ | ᠲᠠᠰᠤᠯ ᠪᠤᠯᠤᠭᠰᠠᠨ ᠡᠷᠳᠡᠮᠳᠡᠳ ᠠᠴᠠ ᠭᠠᠳᠠᠨ᠎ᠠ ᠰᠡᠭᠦᠯ ᠤᠨ ᠥᠶ᠎ᠡ ᠳᠤ ᠪᠤᠯᠪᠠᠰᠤᠷᠠᠭᠰᠠᠨ ᠡᠷᠳᠡᠮᠳᠡᠳ ᠪᠠᠰᠠ ᠭᠠᠷᠤᠭᠰᠠᠭᠠᠷ ᠪᠤᠢ ᠶᠢ ᠲᠡᠥᠭᠡᠨᠡ ᠲᠡᠮᠳᠡᠭᠯᠡᠭᠦ | ᠴᠢᠬᠤᠯᠠᠳᠠᠢ ᠪᠠᠶᠢᠵᠤ ᠪᠠᠶᠢᠨ᠎ᠠ᠃ ᠲᠤᠮᠳᠠᠳᠤ ᠤᠯᠤᠰ ᠤᠨ ᠭᠡᠯᠡ ᠰᠢᠨᠵᠢᠯᠡᠯᠴᠢ ᠨᠠᠷ ᠤᠨ ᠪᠠᠶᠢᠳᠠᠯ ᠢᠶᠠᠷ ᠠᠪᠴᠤ ᠬᠡᠯᠡᠭᠦ ᠳᠤ 40 —50 ᠭᠠᠳ ᠤᠨ ᠤ ᠮᠤᠩᠭᠤᠯ | ᠬᠡᠯᠡ ᠪᠢᠴᠢᠭ ᠤᠨ ᠠᠬᠠᠮᠠᠳ ᠠᠵᠢᠯᠳᠠᠨ ᠴᠡᠩᠭᠡᠯᠳᠡᠢ᠂ ᠪᠠ᠊ ᠨᠠᠰᠤᠨᠪᠠᠶᠠᠷ᠂ ᠰᠤᠳᠨᠠᠮᠶᠥ᠋ᠩᠷᠤᠩ᠂ ᠪ᠊ ᠲᠠᠮᠳᠢᠨ᠂ ᠲᠠᠯᠠᠨᠳᠠᠢ ᠨᠠᠷ ᠠᠴᠠ ᠭᠠᠳᠠᠨ᠎ᠠ ᠭᠤᠤᠯᠳᠠᠭᠤ ᠰᠡᠭᠦᠯ | ᠤᠨ ᠭᠤᠴᠢᠭᠠᠳ ᠵᠢᠯ ᠳᠤ ᠪᠤᠯᠪᠠᠰᠤᠷᠠᠭᠰᠠᠨ ᠬ᠊ ᠴᠤᠶᠢᠵᠤᠩᠵᠠᠪ᠂ ᠪ᠊ ᠬᠠᠰᠡᠷᠳᠡᠨᠢ᠂ ᠪ᠊ ᠲᠥᠷᠭᠡᠨ᠂ ᠠ᠊ ᠪᠤᠤᠰᠢᠶᠠᠩ᠂ ᠰᠢᠨᠡᠳᠭᠡ᠂ ᠲᠡᠭᠰᠢᠳᠥᠭᠦᠷᠡᠩ᠂ ᠲᠤᠪᠤ᠂ | ᠵᠠᠭᠤᠠᠨᠠᠰᠤᠳᠤ᠂ ᠪᠥᠭᠡᠵᠢᠷᠭᠠᠯ᠂ ᠨᠠᠮᠼᠠᠷᠠᠢ᠂ ᠽ᠊ ᠫᠥᠷᠪᠤ᠂ ᠪᠥᠭᠡ ᠨᠠᠷ ᠡᠷᠳᠡᠮ ᠰᠢᠨᠵᠢᠯᠡᠯᠭᠡᠨ ᠤ ᠠᠴᠢ ᠬᠤᠯᠪᠤᠭᠳᠠᠯᠳᠠᠢ ᠵᠤᠬᠢᠶᠠᠯ ᠥᠭᠦᠯᠡᠯ ᠨᠡᠶᠢᠳᠡᠯᠡᠭᠰᠡᠭᠡᠷ ᠢᠷᠡᠯ᠎ᠡ᠃ | ᠬᠢᠳᠡᠳ ᠥᠨᠳᠥᠰᠥᠳᠡᠨ ᠤ ᠮᠤᠩᠭᠤᠯ ᠰᠤᠳᠤᠯᠤᠭᠴᠢ ᠴᠧᠨ ᠨᠠᠢ ᠰᠢᠶᠥ᠋ᠩ᠂ ᠰᠥᠨ ᠵᠤ᠋ ᠨᠠᠷ ᠮᠥᠨ ᠴᠢᠨᠠᠷᠳᠠᠶᠢᠬᠠᠨ ᠵᠥᠢᠯ ᠨᠡᠶᠢᠳᠡᠯᠡᠭᠦᠯᠥᠭᠰᠡᠭᠡᠷ ᠪᠠᠶᠢᠨ᠎ᠠ᠃ | ᠲᠡᠳᠡᠨ ᠠᠴᠠ ᠲᠠᠷᠠᠭᠠᠯᠠᠪᠠᠯ ᠪᠥᠷ ᠰᠡᠭᠦᠯ ᠤᠨ ᠥᠶ᠎ᠡ ᠳᠤ ᠮᠥᠨ ᠵᠤᠬᠢᠬᠤ ᠠᠮᠵᠢᠯᠳᠠ ᠲᠠᠢ ᠠᠵᠢᠯᠯᠠᠵᠤ ᠪᠠᠶᠢᠭ᠎ᠠ ᠭᠡᠰᠡᠭ ᠭᠥᠮᠥᠰ ᠭᠠᠷᠴᠤ ᠪᠤᠢ᠃ ᠡᠭᠦᠨ ᠳᠤ ᠥ᠊ | ᠮᠠᠨᠳᠤᠬᠤ᠂ ᠪᠠ᠊ ᠲᠠᠸᠠᠳᠠᠭᠪᠠ᠂ ᠽ᠊ ᠨᠤᠷᠵᠢᠨ᠂ ᠨᠠᠳᠮᠢᠳ᠂ ᠰ᠊ ᠬᠢᠴᠢᠶᠡᠯᠳᠤ᠂ ᠲᠡᠳᠭᠡ᠂ ᠪᠠᠶᠠᠨᠴᠤᠭᠳᠤ᠂ ᠡᠩᠭᠡᠪᠠᠳᠤ᠂ ᠡᠷᠳᠡᠨᠢ᠂ ᠲᠤᠭᠤᠭ᠎ᠠ᠂ ᠴᠤᠭᠳᠤ᠂ | ᠭᠤᠩᠴᠤᠭᠰᠥ᠋ᠷᠥᠩ᠂ ᠥ᠊ ᠨᠠᠷᠠᠨᠪᠠᠳᠤ ᠨᠠᠷ ᠢ ᠲᠤᠷᠠᠳᠴᠤ ᠪᠤᠯᠤᠨ᠎ᠠ᠃ ᠢᠯᠠᠩᠭᠤᠶ᠎ᠠ ᠤᠶᠢᠷ᠎ᠠ ᠶᠢᠨ ᠬᠡᠳᠥᠨ ᠵᠢᠯ ᠳᠤ ᠮᠤᠩᠭᠤᠯ ᠭᠡᠯᠡᠨ ᠤ ᠲᠡᠳ᠋ ᠡᠷᠳᠡᠮᠳᠡᠨ ᠴᠤᠯᠠ | ᠬᠠᠮᠠᠭᠠᠯᠠᠭᠰᠠᠨ ᠭᠡᠰᠡᠭ ᠵᠠᠯᠠᠭᠤᠴᠤᠳ ᠭᠠᠷᠤᠭᠰᠠᠨ ᠨᠢ ᠲᠤᠮᠳᠠᠳᠤ ᠤᠯᠤᠰ ᠤᠨ ᠮᠤᠩᠭᠤᠯ ᠭᠡᠯᠡ ᠰᠤᠳᠤᠯᠤᠯ ᠤᠨ ᠲᠡᠥᠭᠡᠨ ᠲᠡᠭᠡᠷᠡᠬᠢ ᠰᠢᠨ᠎ᠡ ᠰᠤᠨᠢᠨ ᠶᠠᠪᠤᠳᠠᠯ | ᠪᠤᠯᠵᠤ ᠪᠠᠶᠢᠨ᠎ᠠ᠃ | ᠲᠡᠭᠡᠷ᠎ᠡ ᠥᠭᠦᠯᠡᠭᠰᠡᠨ ᠪᠥᠭᠦ ᠪᠠᠶᠢᠳᠠᠯ ᠢ ᠥᠨᠳᠥᠰᠥᠯᠡᠨ ᠤᠳᠤ ᠪᠢᠳᠠ ᠮᠤᠩᠭᠤᠯ ᠭᠡᠯᠡᠨ ᠤ ᠰᠤᠳᠤᠯᠤᠯ ᠤᠨ 700 ᠭᠠᠷᠤᠢ ᠵᠢᠯ ᠤᠨ ᠲᠡᠥᠭᠡ ᠶᠢ ᠲᠤᠤᠷᠠᠬᠢ | ᠮᠡᠳᠤ ᠠᠩᠬᠢᠯᠠᠵᠤ ᠪᠤᠯᠤᠨ᠎ᠠ᠃ | ᠠᠩᠬᠠᠨ ᠤ ᠥᠶ᠎ᠡ᠂ 13 ᠳ᠋ᠤᠭᠠᠷ ᠵᠠᠭᠤᠨ ᠠᠴᠠ 16 ᠳ᠋ᠤᠭᠠᠷ ᠵᠠᠭᠤᠨ ᠤ ᠰᠠᠭᠦᠯᠴᠢ ︵ᠲᠠᠷᠤᠢ ᠭᠥᠩᠭᠠᠵᠠᠯᠼᠠᠨ ᠠᠴᠠ ᠠᠶᠤᠰᠢ ᠭᠥᠥᠰᠢ ᠭᠥᠷᠳᠡᠯ᠎ᠡ︶᠃ | ᠲᠤᠮᠳᠠᠳᠤ ᠥᠶ᠎ᠡ᠂ 16 ᠳ᠋ᠤᠭᠠᠷ ᠵᠠᠭᠤᠨ ᠤ ᠰᠡᠭᠦᠯᠴᠢ ᠠᠴᠠ 18 ᠳ᠋ᠤᠭᠠᠷ ᠵᠠᠭᠤᠨ ︵ᠲᠠᠷᠤᠢ ᠠᠶᠤᠰᠢ ᠭᠥᠥᠰᠢ ᠠᠴᠠ ᠲᠠᠨᠵᠠᠨᠳᠠᠭᠳᠠᠭᠪᠠ ᠭᠥᠷᠳᠡᠯ᠎ᠡ︶᠃ | ᠤᠷᠴᠢᠨ ᠥᠶ᠎ᠡ᠂ 19 ᠳ᠋ᠥ᠋ᠭᠡᠷ ᠵᠠᠭᠤᠨ ᠠᠴᠠ 20 ᠳ᠋ᠤᠭᠠᠷ ᠵᠠᠭᠤᠨ ᠤ ᠭᠤᠴᠢᠭᠠᠳ ᠤᠨ ︵ᠥᠭᠡᠷ᠎ᠡ ᠪᠠᠷ ᠭᠡᠯᠡᠪᠡᠯ ᠲᠠᠨᠵᠠᠨᠳᠠᠭᠪᠠ ᠠᠴᠠ ᠱ᠊ ᠯᠤᠪᠰᠠᠩᠸᠠᠩᠳᠠᠨ | ᠭᠥᠷᠳᠡᠯ᠎ᠡ︶᠃ | ᠰᠢᠨ᠎ᠡ ᠥᠶ᠎ᠡ᠂ 1939 ᠤᠨ ᠠᠴᠠ ᠤᠳᠤ ᠭᠥᠷᠳᠡᠯ᠎ᠡ᠃ | | 1982 ᠤᠨ ᠳᠤ |