ᠮᠣᠩᠭᠤᠯ ᠬᠡᠯᠡᠨ ᠤ ᠲᠣᠯᠢ ᠪᠢᠴᠢᠭ ᠤᠨ ᠲᠡᠦᠬᠡᠨ ᠲᠣᠶᠢᠮᠤ | ᠬᠡᠯᠡ ᠰᠤᠳᠤᠯᠤᠯᠭᠠᠨ ᠤ ᠴᠢᠬᠤᠯᠠ ᠨᠢᠭᠡ ᠪᠦᠷᠯᠳᠦᠭᠦᠨ ᠭᠡᠰᠡᠭ ᠪᠤᠯ ᠲᠣᠯᠢ ᠪᠢᠴᠢᠭ ᠤᠨ ᠰᠤᠳᠤᠯᠤᠯ ᠪᠠᠶᠢᠳᠠᠭ᠃ ᠶᠠᠮᠠᠷᠪᠠ ᠨᠢᠭᠡ ᠬᠡᠯᠡᠨ ᠤ ᠲᠣᠯᠢ ᠪᠢᠴᠢᠭ | ᠰᠤᠳᠤᠯᠤᠯᠭ᠎ᠠ ᠬᠦᠭᠵᠢᠭᠰᠡᠨ ᠡᠰᠡᠬᠦ ᠨᠢ ᠳᠤᠬᠠᠢ ᠶᠢᠨ ᠬᠡᠯᠡᠨ ᠤ ᠰᠤᠳᠤᠯᠤᠭᠰᠠᠨ ᠬᠡᠮᠵᠢᠶ᠎ᠡ ᠶᠢ ᠬᠠᠷᠠᠭᠤᠯᠬᠤ ᠨᠢᠭᠡ ᠲᠠᠯ᠎ᠠ ᠶᠢᠨ ᠪᠠᠷᠢᠮᠵᠢᠶ᠎ᠠ ᠪᠤᠯᠵᠤ ᠦᠭᠭᠦᠨ᠎ᠡ᠃ | ᠳᠡᠯᠡᠬᠡᠢ ᠳ᠋ᠠᠬᠢᠨ᠎ᠠ᠂ ᠬᠦᠭᠵᠢᠭᠰᠡᠨ ᠬᠡᠯᠡ ᠪᠦᠬᠦᠨ ᠳᠤ ᠲᠣᠯᠢ ᠪᠢᠴᠢᠭ ᠵᠣᠬᠢᠶᠠᠭᠳᠠᠭᠰᠨ ᠨᠢ ᠦᠯᠡᠮᠵᠢ ᠠᠷᠪᠢᠨ ᠪᠦᠭᠡᠳ ᠡᠨᠡ ᠨᠢ ᠲᠡᠳᠡᠭᠡᠷ ᠬᠡᠯᠡ ᠨᠦᠭᠦᠳ ᠤᠨ | ᠲᠤᠬᠠᠢ ᠰᠢᠨᠵᠢᠯᠡᠯ ᠰᠤᠳᠤᠯᠤᠯᠭ᠎ᠠ ᠴᠦ ᠶᠡᠭᠡᠭᠡᠨ ᠦᠷᠨᠢᠭᠰᠡᠨ ᠭᠡᠳᠡᠭ ᠢ ᠬᠠᠷᠠᠭᠤᠯᠵᠤ ᠪᠠᠶᠢᠳᠠᠭ ᠪᠠᠶᠢᠨ᠎ᠠ᠃ | ᠮᠣᠩᠭᠤᠯ ᠬᠡᠯᠡᠨ ᠤ ᠰᠤᠳᠤᠯᠤᠯ ᠤᠨ ᠲᠡᠤᠬᠡᠨ ᠪᠠᠶᠢᠳᠠᠯ ᠢ ᠠᠵᠢᠭᠯᠠᠪᠠᠯ᠂ ᠲᠤᠯᠢ ᠪᠢᠴᠢᠭ ᠵᠣᠬᠢᠶᠠᠭᠳᠠᠵᠤ ᠪᠠᠶᠢᠭᠰᠠᠨ ᠶᠠᠪᠤᠳᠠᠯ ᠨᠡᠯᠢᠶᠡᠳ ᠡᠷᠲᠡ ᠳᠡᠭᠡᠷ᠎ᠡ | ᠦᠶ᠎ᠡ᠂ ᠲᠤᠬᠠᠶᠢᠯᠠᠪᠠᠯ᠂ ᠳᠤᠮᠳᠠᠳᠤ ᠵᠠᠭᠤᠨ ᠤ ᠦᠶ᠎ᠡ ᠠᠴᠠ ᠡᠬᠢᠯᠡᠭᠰᠡᠨ ᠨᠢ ᠲᠣᠳᠣᠷᠬᠠᠢ ᠶᠣᠮ᠃ ᠡᠨᠡ ᠨᠢ ᠮᠣᠩᠭᠤᠯ ᠬᠡᠯᠡᠨ ᠤ ᠰᠤᠳᠤᠯᠤᠯᠭᠠᠨ ᠤ ᠡᠬᠢ | ᠡᠭᠦᠰᠦᠯᠲᠡ ᠴᠤᠬᠤᠮ ᠠᠯᠢ ᠦᠶ᠎ᠡ ᠳᠤ ᠪᠤᠢ ᠪᠣᠯᠤᠭᠰᠡᠨ ᠭᠡᠳᠡᠭ ᠢ ᠰᠢᠭᠦᠨ ᠬᠡᠯᠡᠯᠴᠡᠬᠦ ᠳᠤ ᠠᠰᠢᠭᠲᠠᠢ ᠪᠠᠷᠢᠮᠵᠢᠶᠠᠨ ᠤ ᠨᠢᠭᠡ ᠨᠢ ᠮᠥᠨ ᠭᠡᠵᠦ ᠦᠵᠡᠬᠦ ᠳᠤ ᠤᠰᠤᠯ | ᠦᠭᠡᠢ ᠪᠠᠶᠢᠬᠤ ᠡ᠃ ᠮᠠᠨ ᠤ ᠮᠡᠳᠡᠵᠦ ᠪᠠᠶᠢᠭ᠎ᠠ ᠪᠠᠷᠢᠮᠲᠠ ᠨᠤᠭᠤᠳ ᠠᠴᠠ ᠦᠵᠡᠪᠡᠯ᠂ ᠬᠤᠪᠢᠯᠠᠢ ᠰᠡᠴᠡᠨ ᠬᠠᠭᠠᠨ ᠤ ᠵᠠᠷᠯᠢᠭ ᠢᠶᠠᠷ ᠳᠦᠷᠪᠡᠯᠵᠢᠨ ᠦᠰᠦᠭ | ᠵᠣᠬᠢᠶᠠᠭᠰᠠᠨ ᠫᠠᠭᠪᠠ ᠪᠯᠠᠮ᠎ᠠ ᠶᠢᠨ ᠠᠪᠠᠭ᠎ᠠ ᠪᠯᠠᠮ᠎ᠠ ᠬᠦᠩᠭᠠᠵᠠᠯᠽᠠᠨ ᠤ ᠣᠶᠢᠭᠤᠷᠵᠢᠨ ᠮᠣᠩᠭᠤᠯ ᠦᠰᠦᠭ ᠲᠤ ᠬᠢᠭᠰᠡᠨ ᠰᠠᠶᠢᠵᠢᠷᠠᠭᠤᠯᠤᠯᠲᠠ ᠪᠠ ᠴᠣᠶᠢᠵᠢᠣᠳᠰᠠᠷ | ᠭᠡᠳᠡᠭ ᠣᠶᠢᠭᠤᠷ ᠬᠦᠮᠦᠨ ᠤ ︽ᠵᠢᠷᠦᠬᠡᠨ ᠤ ᠲᠣᠯᠳᠣ︾ ᠬᠡᠮᠡᠭᠴᠢ ᠮᠣᠩᠭᠤᠯ ᠦᠰᠦᠭ᠂ ᠬᠡᠯᠡ ᠶᠢ ᠰᠤᠳᠤᠯᠤᠭᠰᠠᠨ ᠵᠡᠷᠭᠡ ᠮᠣᠩᠭᠤᠯ ᠬᠡᠯᠡᠨ ᠤ ᠰᠢᠨᠵᠢᠯᠡᠯ ᠤᠨ | ᠠᠩᠬᠠᠨ ᠤ ᠨᠣᠮ ᠵᠣᠬᠢᠶᠠᠯ ᠤᠳ ᠲᠠᠢ ᠣᠶᠢᠷᠠᠯᠴᠠᠭ᠎ᠠ ᠴᠠᠭ ᠦᠶ᠎ᠡ ᠪᠠᠷ ᠳᠤᠮᠳᠠᠳᠤ ᠤᠯᠤᠰ ᠲᠤ ᠳᠠᠷᠤᠢ ︽ᡁᠢ ᠶᠤᠸᠠᠨ ᠢ ᠢᠦᠢ︾ ᠬᠡᠬᠦ ᠮᠡᠲᠦ ᠶᠢᠨ ᠮᠣᠩᠭᠤᠯ | ᠬᠡᠯᠡᠨ ᠤ ᠲᠣᠯᠢ ᠪᠢᠴᠢᠭ ᠵᠣᠬᠢᠶᠠᠭᠳᠠᠭᠰᠠᠨ ᠪᠠᠶᠢᠨ᠎ᠠ᠃ ᠮᠦᠨ ᠴᠦ ᠡᠭᠦᠨ ᠲᠠᠢ ᠪᠠᠷᠤᠭ ᠣᠶᠢᠷᠠᠯᠴᠠᠭ᠎ᠠ ᠴᠠᠭ ᠦᠶ᠎ᠡ ᠳᠤ ᠵᠣᠬᠢᠶ᠋ᠭᠳᠠᠭᠰᠠᠨ ᠭᠡᠵᠦ ᠬᠡᠯᠡᠵᠦ ᠪᠣᠯᠤᠮᠠᠷ | ᠮᠣᠩᠭᠤᠯ ᠬᠡᠯᠡᠨ ᠤ ᠲᠣᠯᠢ ᠪᠢᠴᠢᠭ ᠤᠨ ᠵᠦᠢᠯ ᠳᠤᠮᠳᠠᠳᠤ ᠠᠽᠢᠶ᠎ᠠ ᠶᠢᠨ ᠤᠯᠤᠰ ᠣᠷᠣᠨ ᠳᠤ ᠪᠠᠰᠠ ᠭᠠᠷᠴᠤ ᠪᠠᠶᠢᠭᠰᠠᠨ ᠶᠠᠪᠤᠳᠠᠯ ᠪᠤᠢ᠃ ᠡᠭᠦᠨ ᠠᠴᠠ ᠦᠵᠡᠪᠡᠯ᠂ | ᠮᠣᠩᠭᠤᠯ ᠬᠡᠯᠡᠨ ᠤ ᠲᠣᠯᠢ ᠪᠢᠴᠢᠭ ᠤᠨ ᠲᠤᠶᠢᠮᠤ ᠶᠢ ᠰᠤᠳᠤᠯᠬᠤ ᠨᠢ ᠰᠤᠶᠤᠯ ᠤᠨ ᠦᠪ ᠬᠦᠷᠦᠩᠭᠡ ᠲᠠᠢ ᠪᠠᠨ ᠲᠠᠨᠢᠯᠴᠠᠬᠤ ᠶᠢᠨ ᠴᠢᠬᠤᠯᠠ ᠨᠢᠭᠡ ᠲᠠᠯ᠎ᠠ ᠪᠣᠯᠬᠤ | ᠪᠠᠷ ᠪᠠᠷᠠᠬᠤ ᠦᠭᠡᠢ᠂ ᠪᠠᠰᠠ ᠮᠤᠩᠭᠤᠯ ᠬᠡᠯᠡᠨ ᠤ ᠰᠢᠨᠵᠢᠯᠡᠯ ᠤᠨ ᠡᠬᠢ ᠡᠭᠦᠰᠦᠯᠲᠠ᠂ ᠬᠦᠭᠵᠢᠯ ᠬᠤᠪᠢᠷᠠᠯ ᠤᠨ ᠪᠠᠶᠢᠳᠠᠯ ᠢ ᠠᠵᠢᠭᠯᠠᠨ ᠮᠡᠳᠠᠵᠦ᠂ ᠲᠡᠳᠡᠭᠡᠷ ᠢ ᠣᠳᠣ | ᠶᠢᠨ ᠮᠠᠨ ᠤ ᠬᠡᠷᠡᠭᠴᠡᠭᠡᠨ ᠳᠤ ᠦᠢᠯᠠᠴᠢᠯᠡᠭᠦᠯᠬᠦ ᠳᠤ ᠶᠡᠭᠡ ᠠᠰᠢᠭᠲᠠᠢ ᠵᠦᠢᠯ ᠪᠣᠯᠬᠤ ᠨᠢ ᠢᠯᠡᠳᠲᠠ ᠪᠠᠶᠢᠨ᠎ᠠ᠃ | ᠮᠣᠩᠭᠤᠯ ᠬᠡᠯᠡᠨ ᠤ ᠲᠣᠯᠢ ᠪᠢᠴᠢᠭ ᠵᠣᠬᠢᠶᠠᠭᠳᠠᠭᠰᠠᠨ ᠪᠦᠬᠦᠯᠢ ᠲᠡᠦᠬᠡᠨ ᠬᠤᠭᠤᠴᠠᠭ᠎ᠠ ᠶᠢ ᠶᠡᠷᠦᠩᠬᠡᠢ ᠳᠤᠨᠢ ᠳᠦᠷᠪᠡᠨ ᠱᠠᠲᠤ ᠦᠶ᠎ᠠ ᠬᠤᠪᠢᠶᠠᠮᠠᠷ ᠪᠠᠶᠢᠨ᠎ᠠ᠃ | ᠡᠨᠡ ᠨᠢ᠄ 13-15 ᠳ᠋ᠤᠭᠠᠷ ᠵᠠᠭᠤᠨ ᠤ ᠦᠶ᠎ᠡ ᠬᠦᠷᠲᠡᠯᠡᠬᠢ ᠶᠢ ᠨᠢᠭᠡᠳᠦᠭᠡᠷ ᠦᠶ᠎ᠡ︔ 17-19 ᠳ᠋ᠤᠭᠡᠷ ᠵᠠᠭᠤᠨ ᠤ ᠡᠬᠢ ᠬᠦᠷᠲᠡᠯᠡᠬᠢ ᠶᠢ ᠬᠤᠶᠠᠳᠤᠭᠠᠷ ᠦᠶ᠎ᠡ︔ | 19 ᠳ᠋ᠤᠭᠡᠷ ᠵᠠᠭᠤᠨ ᠤ ᠡᠬᠢ ᠠᠴᠠ 20 ᠳ᠋ᠤᠭᠠᠷ ᠵᠠᠭᠤᠨ ᠤ ᠡᠬᠢ ᠬᠦᠷᠲᠡᠯᠡᠬᠢ ᠶᠢ ᠭᠤᠷᠪᠠᠳᠤᠭᠠᠷ ᠦᠶ᠎ᠡ︔1949 ᠣᠨ ᠠᠴᠠ ᠨᠠᠭᠠᠰᠢᠬᠢ ᠶᠢ ᠳᠦᠷᠪᠡᠳᠦᠭᠡᠷ | ᠦᠶ᠎ᠡ ︵ᠪᠤᠶᠤ ᠰᠢᠨ᠎ᠡ ᠦᠶ᠎ᠡ︶ ᠭᠡᠵᠦ ᠬᠤᠪᠢᠶᠠᠨ᠎ᠠ᠃ | ᠮᠤᠩᠭᠤᠯ ᠬᠡᠯᠡᠨ ᠤ ᠲᠣᠯᠢ ᠪᠢᠴᠢᠭ ᠤᠨ ᠨᠢᠭᠡᠳᠦᠭᠡᠷ ᠦᠶ᠎ᠡ ᠳᠤ ᠲᠣᠯᠢ ᠪᠢᠴᠢᠭ ᠵᠣᠬᠢᠶᠠᠭᠳᠠᠬᠤ ᠠᠵᠢᠯ ᠬᠤᠶᠠᠷ ᠭᠡᠰᠡᠭ ᠢᠶᠠᠷ ᠶᠠᠪᠤᠭᠳᠠᠵᠤ ᠪᠠᠶᠢᠵᠠᠢ᠃ ᠲᠡᠭᠦᠨ | ᠤ ᠨᠢᠭᠡ ᠨᠢ ᠶᠤᠸᠠᠨ ᠤᠯᠤᠰ ᠪᠤᠯᠤᠨ ᠮᠢᠩ ᠤᠯᠤᠰ ᠤᠨ ᠡᠭᠢᠨ ᠤ ᠦᠶ᠎ᠡ ᠳᠤ ᠬᠠᠮᠢᠶᠠᠷᠤᠭᠳᠠᠬᠤ ︽ᠢ ᠢᠦᠢ︾ ︵译语︶ ᠲᠣᠯᠢ ᠨᠤᠭᠤᠳ ᠪᠤᠯᠤᠨ᠎ᠠ᠃ | ᠡᠨᠡ ᠬᠦ ︽ᠢ ᠢᠦᠢ︾ ᠭᠡᠭᠴᠢ ᠦᠭᠡ ᠪᠤᠯ ︽ᠤᠷᠴᠢᠭᠤᠯᠤᠭᠰᠠᠨ ᠦᠭᠡ︾ ᠭᠡᠳᠡᠭ ᠤᠳᠬ᠎ᠠ ᠲᠠᠢ ᠪᠦᠭᠡᠳ ᠲᠣᠯᠢ ᠪᠢᠴᠢᠭ ᠲᠤ ᠬᠡᠷᠡᠭᠯᠡᠭᠳᠡᠭᠰᠡᠨ ᠤ ᠪᠠᠨ ᠬᠤᠪᠢ | ᠳᠤ ᠣᠷᠴᠢᠭᠤᠯᠭ᠎ᠠ ᠶᠢᠨ ᠲᠣᠯᠢ ᠭᠡᠰᠡᠨ ᠰᠠᠨᠠᠭ᠎ᠠ ᠲᠠᠢ ᠪᠣᠯᠤᠨ᠎ᠠ᠃ ︽ᠢ ᠢᠦᠢ︾ ᠲᠣᠯᠢ ᠪᠢᠴᠢᠭ ᠤᠨ ᠲᠤᠭᠠᠨ ᠳᠤ ᠲᠤᠬᠠᠶᠢᠯᠠᠪᠠᠯ ︽ᡁᠢ ᠶᠤᠸᠠᠨ ᠢ ᠢᠦᠢ︾᠂ | ︽ᠬᠤᠸᠠ ᠢ ᠢ ᠢᠦᠢ︾ ᠬᠡᠬᠦ ᠲᠣᠯᠢ ᠨᠤᠭᠤᠳ ᠢ ᠳᠤᠷᠠᠳᠴᠤ ᠪᠣᠯᠤᠨ᠎ᠠ᠃ ᠨᠢᠭᠡᠳᠦᠭᠡᠷ ᠦᠶ᠎ᠡ ᠳᠤ ᠬᠤᠯᠪᠤᠭᠳᠠᠬᠤ ᠲᠣᠯᠢ ᠪᠢᠴᠢᠭ ᠤᠨ ᠨᠦᠭᠦᠭᠡ ᠨᠢᠭᠡ ᠭᠡᠰᠡᠭ | ᠨᠢ ᠭᠡᠪᠡᠯ᠂ ᠪᠠᠷᠠᠭᠤᠨ ᠵᠦᠭ ᠠᠷᠠᠪ ᠤᠨ ᠤᠯᠤᠰ ᠣᠷᠣᠨ ᠨᠤᠭᠤᠳ ᠲᠤ ᠵᠣᠬᠢᠶᠠᠭᠳᠠᠵᠤ ᠪᠠᠶᠢᠭᠰᠠᠨ ᠠᠷᠠᠪ — ᠮᠣᠩᠭᠤᠯ ᠬᠡᠯᠡᠨ ᠤ ᠲᠤᠯᠢ ᠨᠤᠭᠤᠳ ᠪᠤᠯᠤᠨ᠎ᠠ᠃ | ᠡᠭᠦᠨ ᠤ ᠵᠢᠱᠢᠶᠠᠨ ᠳᠤ ᠪᠢᠳᠠ ᠠᠯ — ᠵᠠᠮᠬᠠᠰᠢᠷᠢ ᠭᠡᠳᠡᠭ ᠲᠦᠷᠺ ᠬᠦᠮᠦᠨ ᠤ ᠨᠡᠷ᠎ᠡ ᠲᠠᠢ ᠬᠤᠯᠪᠣᠭᠳᠠᠭᠰᠠᠨ ︽ᠮᠦᠺᠠᠳ᠋ᠳᠢᠮᠠᠲ ᠠᠯ — ᠠᠳᠠᠪ︾ ᠭᠡᠳᠡᠭ | ᠠᠷᠠᠪ — ᠫᠧᠷᠰ — ᠲᠦᠷᠺ — ᠮᠤᠩᠭᠤᠯ ᠳᠦᠷᠪᠡᠨ ᠬᠡᠯᠡᠨ ᠤ ᠲᠣᠯᠢ ᠪᠢᠴᠢᠭ ᠢ ᠲᠦᠯᠦᠭᠡᠯᠡᠭᠦᠯᠦᠨ ᠳᠤᠷᠠᠳᠴᠤ ᠪᠣᠯᠬᠤ ᠪᠠᠶᠢᠨ᠎ᠠ᠃ ︽ᠬᠤᠸᠠ ᠢ ᠢ | ᠢᠦᠢ︾ ᠴᠦ ᠲᠡᠷᠡ᠂ ︽ᠮᠦᠺᠠᠳ᠋ᠳᠢᠮᠠᠲ ᠠᠯ — ᠠᠳᠠᠪ︾ ᠴᠦ ᠲᠡᠷᠡ᠂ ᠶᠡᠷᠦ ᠠᠴᠠ ᠨᠢᠭᠡᠳᠦᠭᠡᠷ ᠦᠶ᠎ᠡ ᠳᠤ ᠵᠣᠬᠢᠶᠠᠭᠳᠠᠭᠰᠠᠨ ᠲᠣᠯᠢ ᠪᠢᠴᠢᠭ ᠤᠨ ᠵᠦᠢᠯ᠂ | ᠰᠡᠭᠦᠯᠴᠢ ᠶᠢᠨ ᠦᠶ᠎ᠡ ᠨᠦᠭᠦᠳ ᠲᠤ ᠵᠣᠬᠢᠶᠠᠭᠳᠠᠭᠰᠠᠨ ᠮᠤᠩᠭᠤᠯ ᠬᠡᠯᠡᠨ ᠤ ᠲᠣᠯᠢ ᠨᠤᠭᠤᠳ ᠤᠨ ᠰᠠᠭᠤᠷᠢ ᠨᠢ ᠪᠣᠯᠵᠤ ᠦᠭᠴᠠᠢ᠃ ᠬᠡᠷᠪᠡ ᠬᠡᠯᠡᠨ ᠤ ᠰᠢᠨᠵᠢᠯᠡᠯ ᠤᠨ | ᠡᠭᠦᠳᠡᠨ ᠠᠴᠠ ᠦᠵᠡᠪᠡᠯ᠂ ᠲᠡᠷᠡ ᠦᠶ᠎ᠡ ᠶᠢᠨ ᠲᠣᠯᠢ ᠨᠤᠭᠤᠳ᠂ ᠵᠦᠪᠬᠡᠨ ᠡᠷᠳᠡᠨ ᠤ ᠮᠣᠩᠭᠤᠯ ᠬᠡᠯᠡᠨ ᠤ ᠦᠭᠡᠰ ᠤᠨ ᠰᠠᠩ ᠤᠨ ᠪᠠᠶᠢᠳᠠᠯ ᠢ ᠳᠤᠰᠬᠠᠭᠰᠠᠨ ᠢᠶᠠᠷ | ᠪᠠᠷᠠᠬᠤ ᠦᠭᠡᠢ᠂ ᠪᠠᠰᠠ ᠠᠪᠢᠶᠠᠨ ᠤ ᠰᠢᠨᠵᠢ ᠪᠠᠶᠢᠳᠠᠯ᠂ ᠬᠡᠯᠡᠨ ᠤ ᠵᠦᠢ ᠶᠢᠨ ᠣᠨᠴᠠᠯᠢᠭ ᠢ ᠴᠦ ᠬᠠᠳᠠᠭᠠᠯᠠᠵᠤ ᠪᠠᠶᠢᠭ᠎ᠠ ᠪᠤᠯᠬᠤᠷ ᠶᠡᠭᠡ ᠦᠨ᠎ᠡ ᠪᠠᠨ᠎ᠠ ᠲᠠᠢ ᠵᠦᠢᠯ | ᠪᠤᠯᠬᠤ ᠨᠢ ᠮᠠᠭᠠᠳ ᠲᠠᠢ ᠪᠠᠶᠢᠨ᠎ᠠ᠃ | ᠮᠣᠩᠭᠤᠯ ᠬᠡᠯᠡᠨ ᠤ ᠲᠤᠯᠢ ᠪᠢᠴᠢᠭ ᠤᠨ ᠬᠤᠶᠠᠳᠤᠭᠠᠷ ᠦᠶ᠎ᠡ ᠳᠤ ᠲᠣᠯᠢ ᠪᠢᠴᠢᠭ ᠵᠣᠬᠢᠶᠠᠭᠳᠠᠬᠤ ᠠᠵᠢᠯ ᠪᠠᠰᠠ ᠴᠤ ᠬᠤᠶᠠᠷ ᠭᠡᠰᠡᠭ ᠢᠶᠠᠷ ᠶᠠᠪᠤᠭᠳᠠᠵᠤ | ᠪᠠᠶᠢᠵᠠᠢ᠃ ᠬᠡᠬᠦ ᠳᠤ ᠡᠨᠡ ᠭᠦ ᠬᠤᠶᠠᠷ ᠭᠡᠰᠡᠭ ᠨᠢ ᠨᠢᠭᠡᠳᠦᠭᠡᠷ ᠦᠶ᠎ᠡ ᠶᠢᠨ ᠬᠤᠶᠠᠷ ᠭᠡᠰᠡᠭ ᠠᠴᠠ ᠠᠭᠤᠯᠭ᠎ᠠ ᠶᠢᠨ ᠬᠤᠪᠢ ᠳᠤ ᠤᠨᠳᠣᠣ ᠪᠠᠶᠢᠨ᠎ᠠ᠃ ᠲᠡᠭᠦᠨ ᠤ | ᠨᠢᠭᠡ ᠨᠢ ᠲᠤᠬᠠᠢ ᠶᠢᠨ ᠦᠶ᠎ᠡ ᠳᠤ ᠮᠠᠨᠵᠤ — ᠮᠣᠩᠭᠤᠯ᠂ ᠨᠠᠩᠭᠢᠶᠠᠳ — ᠮᠣᠩᠭᠤᠯ ᠭᠡᠬᠦ ᠮᠡᠲᠦᠴᠢᠯᠡᠨ ᠮᠤᠩᠭᠤᠯ ᠦᠭᠡᠰ ᠢ ᠮᠠᠨᠵᠤ ᠦᠭᠡᠰ ᠪᠠ ᠬᠢᠲᠠᠳ | ᠦᠰᠦᠭ ᠲᠠᠢ ᠬᠠᠷᠢᠴᠠᠭᠤᠯᠤᠨ ᠨᠠᠶᠢᠷᠠᠭᠤᠯᠭᠰᠠᠨ ᠲᠣᠯᠢ ᠪᠢᠴᠢᠭ ᠣᠯᠠᠨ ᠲᠤᠭ᠎ᠠ ᠪᠠᠷ ᠵᠣᠬᠢᠶᠠᠭᠳᠠᠵᠤ ᠪᠠᠶᠢᠭᠰᠠᠨ ᠪᠦᠭᠡᠳ ᠨᠦᠭᠦᠭᠡ ᠨᠢᠭᠡ ᠨᠢ ᠲᠦᠪᠡᠳ — | ᠮᠣᠩᠭᠤᠯ ᠲᠣᠯᠢ ᠪᠢᠴᠢᠭ ᠤᠨ ᠵᠦᠢᠯ ᠪᠤᠯᠤᠨ᠎ᠠ᠃ ᠮᠠᠨᠵᠤ — ᠮᠣᠩᠭᠤᠯ᠂ ᠨᠠᠩᠭᠢᠶᠠᠳ — ᠮᠣᠩᠭᠤᠯ᠂ ᠡᠰᠡᠭᠦᠯ᠎ᠡ ᠮᠠᠨᠵᠤ — ᠮᠣᠩᠭᠤᠯ — ᠬᠢᠲᠠᠳ | ᠲᠣᠯᠢ ᠪᠢᠴᠢᠭ ᠭᠠᠷᠴᠤ ᠪᠠᠶᠢᠭᠰᠠᠨ ᠨᠢ ᠭᠤᠣᠯᠳᠠᠭᠤ ᠲᠤᠬᠠᠢ ᠶᠢᠨ ᠦᠶ᠎ᠡ ᠶᠢᠨ ᠵᠠᠰᠠᠭ ᠲᠦᠷᠦ ᠶᠢᠨ ᠪᠠᠶᠢᠳᠠᠯ ᠲᠠᠢ ᠬᠤᠯᠪᠣᠭᠳᠠᠨ᠎ᠠ᠃ ᠦᠭᠡᠷ᠎ᠡ ᠪᠠᠷ ᠬᠡᠯᠡᠪᠡᠯ | ᠳᠤᠷᠠᠳᠤᠭᠰᠠᠨ ᠬᠡᠳᠦᠨ ᠦᠨᠳᠦᠰᠦᠲᠡᠨ ᠤ ᠬᠤᠭᠤᠷᠤᠨᠳᠤᠬᠢ ᠤᠯᠤᠰ ᠲᠦᠷᠦ᠂ ᠡᠳ᠋ ᠤᠨ ᠵᠠᠰᠠᠭ᠂ ᠰᠤᠶᠤᠯ ᠪᠣᠯᠪᠠᠰᠤᠷᠠᠯ ᠤᠨ ᠵᠠᠶᠢᠯᠠᠰᠢ ᠦᠭᠡᠢ ᠬᠠᠷᠢᠴᠠᠭ᠎ᠠ ᠠᠴᠠ | ᠪᠣᠯᠣᠭᠰᠠᠨ ᠪᠠᠶᠢᠨ᠎ᠠ᠃ ᠡᠶᠢᠮᠦ ᠲᠣᠯᠢ ᠶᠢᠨ ᠵᠢᠱᠢᠶᠠᠨ ᠳᠤ ︽ᠬᠠᠭᠠᠨ ᠤ ᠪᠢᠴᠢᠭᠰᠡᠨ ᠮᠠᠨᠵᠦ ᠮᠣᠩᠭᠤᠯ ᠬᠢᠲᠠᠳ ᠦᠰᠦᠭ ᠭᠤᠷᠪᠠᠨ ᠵᠦᠢᠯ ᠤᠨ ᠠᠶᠠᠯᠭᠤ ᠨᠡᠶᠢᠯᠡᠭᠰᠠᠨ | ᠲᠣᠯᠢ ᠪᠢᠴᠢᠭ︾᠂ ︽ᠬᠠᠭᠠᠨ ᠤ ᠪᠢᠴᠢᠭᠰᠡᠨ ᠳᠦᠷᠪᠡᠨ ᠵᠦᠢᠯ ᠤᠨ ᠦᠰᠦᠭ ᠬᠠᠪᠰᠤᠷᠤᠭᠰᠠᠨ ᠮᠠᠨᠵᠤ ᠦᠭᠡᠨ ᠤ ᠲᠣᠯᠢ︾ ᠵᠡᠷᠭᠡ ᠨᠠᠭᠠᠳᠣ ᠵᠠᠬ᠎ᠠ ᠨᠢ ᠠᠷᠪᠠᠨ | ᠬᠡᠳᠦᠨ ᠵᠦᠢᠯ ᠢ ᠳᠤᠷᠠᠳᠴᠤ ᠪᠣᠯᠣᠨ᠎ᠠ᠃ ᠲᠡᠭᠡᠬᠦ ᠳᠤ ᠲᠦᠪᠡᠳ — ᠮᠣᠩᠭᠤᠯ ᠲᠣᠯᠢ ᠪᠢᠴᠢᠭ ᠵᠣᠬᠢᠶᠠᠭᠳᠠᠵᠤ ᠪᠠᠶᠢᠭᠰᠠᠨ ᠶᠠᠪᠤᠳᠠᠯ ᠨᠢ ᠡᠭᠦᠨ ᠠᠴᠠ ᠠᠷᠠᠢ | ᠦᠭᠡᠷ᠎ᠡ ᠪᠠᠶᠢᠳᠠᠯ ᠲᠠᠢ ᠪᠠᠶᠢᠭᠰᠠᠨ ᠪᠦᠭᠡᠳ ᠭᠤᠣᠯᠳᠠᠭᠤ ᠱᠠᠰᠢᠨ ᠰᠤᠷᠲᠠᠬᠤᠨ ᠤ ᠬᠠᠷᠢᠴᠠᠭ᠎ᠠ ᠠᠴᠠ ᠪᠣᠯᠵᠤ ᠪᠠᠶᠢᠵᠠᠢ᠃ ︽ᠲᠣᠬᠢᠶᠠᠨ ᠤ ᠪᠢᠴᠢᠭ︾ ᠭᠡᠵᠦ | ᠠᠯᠳᠠᠷᠰᠢᠭᠰᠠᠨ ᠡᠶᠢᠮᠦ ᠲᠣᠯᠢ ᠪᠢᠴᠢᠭ ᠤᠳ᠂ ᠪᠤᠷᠬᠠᠨ ᠤ ᠱᠠᠰᠢᠨ ᠤ ᠰᠢᠨ᠎ᠡ ᠨᠢᠭᠡᠨ ᠰᠤᠷᠭᠠᠯ ᠪᠤᠯᠬᠤ ᠰᠢᠷ᠎ᠠ ᠶᠢᠨ ᠱᠠᠰᠢᠨ ᠮᠤᠩᠭᠤᠯ ᠭᠠᠵᠠᠷ ᠳᠡᠯᠭᠡᠷᠡᠭᠰᠨ ᠴᠠᠭ | ᠠᠴᠠ ᠬᠤᠶᠢᠰᠢ ᠶᠡᠬᠡᠯ᠎ᠡ ᠵᠣᠬᠢᠶᠠᠭᠳᠠᠵᠣ ᠡᠬᠢᠯᠡᠭᠰᠠᠨ ᠨᠢ ᠶᠠᠭ ᠯᠠ ᠡᠨᠡ ᠦᠶ᠎ᠡ ᠳᠤ ᠬᠤᠯᠪᠣᠭᠳᠠᠨ᠎ᠠ᠃ ᠵᠠᠷᠢᠮ ᠬᠦᠮᠦᠨ ᠤ ᠪᠢᠴᠢᠭᠰᠡᠨ ᠦᠭᠦᠯᠡᠯ ᠠᠴᠠ ᠦᠵᠡᠪᠡᠯ᠂ | ᠡᠶᠢᠮᠦ ᠲᠦᠪᠡᠳ — ᠮᠣᠩᠭᠤᠯ ᠬᠡᠯᠡᠨ ᠤ ᠲᠣᠯᠢ ᠶᠢ ︽ᠳᠣᠬᠢᠶᠠᠨ ᠤ ᠪᠢᠴᠢᠭ︾ ᠭᠡᠰᠡᠨ ᠤ ᠤᠴᠢᠷ ᠨᠢ ᠲᠦᠪᠡᠳ ᠬᠡᠯᠡᠨ ᠤ ︽ᠲᠠᠶ᠋ᠢᠭ︾ ᠭᠡᠳᠡᠭ ᠢ ᠢᠩᠬᠢᠵᠦ | ᠨᠡᠷᠡᠯᠡᠯ᠎ᠡ ᠭᠡᠵᠦ ᠲᠡᠮᠲᠡᠭᠯᠡᠵᠦ ᠪᠤᠢ᠃ ᠦᠨᠡᠭᠡᠷ ᠴᠦ ︽ᠳᠣᠬᠢᠶᠠᠨ ᠤ ᠪᠢᠴᠢᠭ︾ ᠪᠤᠶᠤ ︽ᠲᠠᠶ᠋ᠢᠭ︾ ᠤᠨ ᠵᠦᠢᠯ ᠳᠤᠷᠠᠳᠤᠭᠳᠠᠭᠰᠠᠨ ᠦᠶ᠎ᠡ ᠠᠴᠠ ᠬᠤᠶᠢᠰᠢ ᠲᠤᠩ | ᠠᠷᠪᠢᠨ ᠭᠠᠷᠴᠠᠢ᠃ | ᠮᠣᠩᠭᠤᠯ ᠬᠡᠯᠡᠨ ᠤ ᠲᠣᠯᠢ ᠪᠢᠴᠢᠭ ᠤᠨ ᠭᠤᠷᠪᠠᠳᠤᠭᠠᠷ ᠦᠶ᠎ᠡ ᠨᠢ ᠬᠤᠶᠠᠳᠤᠭᠠᠷ ᠦᠶ᠎ᠡ ᠲᠠᠢ ᠪᠠᠨ ᠠᠳᠠᠯᠢ ᠲᠠᠯ᠎ᠠ ᠨᠢᠭᠡ ᠪᠠᠶᠢᠨ᠎ᠠ᠃ ᠲᠤᠬᠠᠶᠢᠯᠠᠪᠠᠯ᠂ | ᠲᠦᠪᠡᠳ — ᠮᠣᠩᠭᠤᠯ ᠲᠣᠯᠢ ᠦᠷᠭᠦᠯᠵᠢᠯᠡᠨ ᠵᠣᠬᠢᠶᠠᠭᠳᠠᠵᠤ ᠪᠠᠶᠢᠭᠰᠠᠨ ᠨᠢ ᠠᠳᠠᠯᠢ ᠶᠤᠮ᠃ ᠭᠡᠪᠡᠴᠦ ᠠᠳᠠᠯᠢ ᠦᠭᠡᠢ ᠪᠣᠯᠣᠭᠰᠠᠨ ᠲᠠᠯ᠎ᠠ ᠬᠤᠶᠠᠷ ᠪᠠᠶᠢᠨ᠎ᠠ᠃ | ᠲᠡᠭᠦᠨ ᠤ ᠨᠢᠭᠡ ᠨᠢ᠂ ᠡᠨᠡ ᠦᠶ᠎ᠡ ᠪᠣᠯᠵᠤ ᠢᠷᠡᠭᠡᠳ ᠮᠠᠨᠵᠤ — ᠮᠣᠩᠭᠤᠯ ᠬᠡᠯᠡᠨ ᠤ ᠲᠣᠯᠢ ᠵᠣᠬᠢᠶᠠᠭᠳᠠᠬᠤ ᠨᠢ ᠬᠠᠷᠢᠴᠠᠩᠭᠤᠢ ᠪᠠᠷ ᠪᠠᠭᠠᠰᠴᠤ ᠢᠷᠡᠭᠡᠳ᠂ | ᠬᠠᠷᠢᠨ ᠬᠢᠲᠠᠳ — ᠮᠣᠩᠭᠤᠯ ᠲᠣᠯᠢ ᠵᠣᠬᠢᠶᠠᠭᠳᠠᠬᠤ ᠨᠢ ᠣᠯᠠᠨ ᠪᠣᠯᠵᠠᠢ᠃ ᠨᠦᠭᠦᠭᠡ ᠨᠢᠭᠡ ᠨᠢ ᠮᠣᠩᠭᠤᠯ ᠬᠡᠯᠡ ᠶᠢ ᠡᠸᠦ᠋ᠷᠦᠫᠡ ᠶᠢᠨ ᠬᠡᠯᠡ ᠨᠦᠭᠦᠳ ᠲᠠᠢ | ᠬᠠᠷᠢᠴᠠᠭᠤᠯᠤᠨ ᠨᠠᠶᠢᠷᠠᠭᠤᠯᠤᠭᠰᠠᠨ ᠲᠣᠯᠢ ᠶᠡᠭᠡ ᠣᠯᠠᠨ ᠲᠤᠭ᠎ᠠ ᠪᠠᠷ ᠭᠠᠷᠴᠤ ᠢᠷᠡᠭᠰᠠᠨ ᠨᠢ ᠣᠨᠴᠯᠢᠭ ᠲᠠᠢ ᠪᠠᠶᠢᠨ᠎ᠠ᠃ ᠡᠭᠦᠨ ᠳᠤ 1835 ᠣᠨ ᠤ ᠱᠮᠢᠳ᠋ᠲ ᠤᠨ | ᠵᠣᠬᠢᠶᠠᠭᠰᠠᠨ ︽ᠮᠣᠩᠭᠤᠯ — ᠣᠷᠣᠰ — ᠭᠧᠷᠮᠠᠨ ᠲᠣᠯᠢ︾᠂ ᠮᠦᠨ 1840 ᠭᠡᠳ ᠣᠨ ᠤ ᠺᠤᠸᠠᠯᠸᠧᠰᠺᠧ ᠶᠢᠨ ᠵᠣᠬᠢᠶᠠᠭᠰᠠᠨ ︽ᠮᠤᠩᠭᠤᠯ — | ᠣᠷᠣᠰ — ᠹᠷᠠᠨᠼᠢ ᠲᠣᠯᠢ︾ ᠠᠴᠠ ᠠᠪᠤᠭᠠᠳ ᠬᠤᠷᠢᠳᠤᠭᠠᠷ ᠵᠠᠭᠤᠨ ᠤ ᠦᠶ᠎ᠡ ᠪᠠᠷ ᠵᠣᠬᠢᠶᠠᠭᠳᠠᠭᠰᠠᠨ ᠵᠦᠪᠯᠡᠯᠲᠦ ᠪᠣᠯᠣᠨ ᠡᠸᠦ᠋ᠷᠦᠫᠡ ᠶᠢᠨ ᠪᠤᠰᠤᠳ ᠤᠯᠤᠰ | ᠣᠷᠣᠨ ᠤ ᠡᠷᠳᠡᠮᠲᠡᠨ ᠨᠦᠭᠦᠳ ᠤᠨ ᠲᠣᠯᠢ ᠶᠢ ᠲᠤᠷᠠᠳᠴᠤ ᠪᠤᠯᠤᠨ᠎ᠠ᠃ ᠶᠠᠫᠤᠨ ᠪᠣᠯᠣᠨ ᠠᠮᠧᠷᠢᠺᠠ ᠳᠤ ᠮᠣᠩᠭᠤᠯ ᠬᠡᠯᠡᠨ ᠤ ᠲᠣᠯᠢ ᠨᠤᠭᠤᠳ ᠬᠡᠪᠯᠡᠭᠳᠡᠵᠤ | ᠡᠬᠢᠯᠡᠭᠰᠡᠨ ᠨᠢ ᠮᠦᠨ ᠡᠨᠡ ᠭᠤᠷᠪᠠᠳᠤᠭᠠᠷ ᠦᠶ᠎ᠡ ᠳᠤ ᠬᠠᠮᠢᠶᠠᠷᠤᠭᠳᠠᠨ᠎ᠠ᠃ ᠡᠸᠦ᠋ᠷᠦᠫᠡ᠂ ᠠᠮᠧᠷᠢᠺᠠ᠂ ᠶᠠᠫᠤᠨ ᠵᠡᠷᠭᠡ ᠤᠯᠤᠰ ᠣᠷᠣᠨ ᠳᠤ ᠭᠠᠷᠤᠭᠰᠠᠨ ᠡᠳᠡᠭᠡᠷ | ᠲᠣᠯᠢ ᠨᠤᠭᠤᠳ ᠢ ᠠᠩᠬᠠᠷᠤᠨ ᠦᠵᠡᠪᠡᠯ᠂ ᠲᠡᠭᠦᠨ ᠳᠤ ᠮᠣᠩᠭᠤᠯ — ᠬᠢᠲᠠᠳ ᠲᠣᠯᠢ᠂ ᠪᠠᠰᠠ ᠲᠠᠶ᠋ᠢᠭ ᠪᠤᠶᠤ ᠮᠣᠩᠭᠤᠯ — ᠲᠦᠪᠡᠳ ᠲᠣᠯᠢ ᠨᠤᠭᠤᠳ ᠤᠨ | ᠦᠷ᠎ᠡ ᠪᠦᠲᠦᠭᠡᠯ ᠢ ᠠᠰᠢᠭᠯᠠᠭᠰᠠᠨ ᠲᠠᠯ᠎ᠠ ᠢᠯᠡᠳᠲᠡ ᠪᠠᠶᠢᠨ᠎ᠠ᠃ | ᠮᠣᠩᠭᠤᠯ ᠬᠡᠯᠡᠨ ᠤ ᠲᠣᠯᠢ ᠪᠢᠴᠢᠭ ᠤᠨ ᠳᠦᠷᠪᠡᠳᠦᠭᠡᠷ ᠦᠶ᠎ᠡ ᠨᠢ ᠬᠤᠷᠢᠳᠤᠭᠠᠷ ᠵᠠᠭᠤᠨ ᠤ ᠰᠢᠨ᠎ᠡ ᠦᠶ᠎ᠡ ᠪᠣᠯᠤᠨ᠎ᠠ᠃ ᠡᠨᠡ ᠰᠢᠨ᠎ᠡ ᠦᠶ᠎ᠡ ᠳᠤ ᠮᠣᠩᠭᠤᠯ | ᠬᠡᠯᠡ ᠪᠢᠴᠢᠭ ᠤᠨ ᠰᠤᠳᠤᠯᠤᠯᠭᠠᠨ ᠤ ᠲᠠᠯ᠎ᠠ ᠪᠠᠷ ᠶᠡᠭᠡ ᠶᠠᠭᠤᠮ᠎ᠠ ᠭᠠᠷᠤᠭᠰᠠᠨ ᠪᠦᠭᠡᠳ ᠮᠤᠩᠭᠤᠯ ᠬᠡᠯᠡᠨ ᠤ ᠲᠣᠯᠢ ᠪᠢᠴᠢᠭ ᠵᠣᠬᠢᠶᠠᠬᠤ ᠲᠠᠯ᠎ᠠ ᠪᠠᠷ ᠤᠯᠤᠭᠰᠠᠨ | ᠤᠯᠤᠯᠲᠠ ᠨᠤᠭᠤᠳ ᠨᠢ ᠬᠡᠯᠡ ᠪᠢᠴᠢᠭ ᠤᠨ ᠤᠯᠠᠨ ᠲᠠᠯ᠎ᠠ ᠶᠢᠨ ᠰᠤᠳᠤᠯᠤᠯᠭᠠᠨ ᠤ ᠬᠢᠨᠢ ᠴᠢᠬᠤᠯᠠ ᠨᠢᠭᠡᠨ ᠪᠦᠷᠢᠯᠳᠦᠭᠦᠨ ᠭᠡᠰᠡᠭ ᠨᠢ ᠪᠤᠯᠵᠣ ᠪᠠᠶᠢᠨ᠎ᠠ᠃ ᠡᠨᠡ | ᠦᠶ᠎ᠡ ᠳᠤ ᠮᠣᠩᠭᠤᠯ — ᠬᠢᠲᠠᠳ᠂ ᠬᠢᠲᠠᠳ — ᠮᠣᠩᠭᠤᠯ ᠣᠷᠴᠢᠭᠤᠯᠭ᠎ᠠ ᠶᠢᠨ ᠲᠣᠯᠢ᠂ ᠮᠣᠩᠭᠤᠯ ᠦᠰᠦᠭ ᠤᠨ ᠵᠦᠪ ᠪᠢᠴᠢᠬᠦ ᠲᠣᠯᠢ᠂ ᠲᠤᠰᠬᠠᠢ | ᠮᠡᠷᠭᠡᠵᠢᠯ ᠤᠨ ᠲᠤᠯᠢ ᠨᠡᠯᠢᠶᠡᠳ ᠣᠯᠠᠨ ᠲᠤᠭ᠎ᠠ ᠪᠠᠷ ᠵᠣᠬᠢᠶᠠᠭᠳᠠᠭᠰᠠᠨ ᠪᠠ ᠣᠶᠢᠷ᠎ᠠ ᠶᠢᠨ ᠵᠢᠯ ᠠᠴᠠ ᠪᠠᠰᠠ ᠲᠤᠮᠤᠬᠠᠨ ᠬᠡᠮᠵᠢᠶᠠᠨ ᠤ ᠲᠠᠶᠢᠯᠪᠤᠷᠢ ᠲᠣᠯᠢ ᠵᠣᠬᠢᠶᠠᠬᠤ | ᠠᠵᠢᠯ ᠶᠠᠪᠤᠭᠳᠠᠵᠤ ᠪᠤᠢ᠃ ᠡᠭᠦᠨ ᠤ ᠵᠡᠷᠭᠡᠴᠡᠭᠡ ᠪᠠᠷ ᠪᠠᠰᠠ ᠮᠣᠩᠭᠤᠯ ᠬᠡᠯᠡ ᠪᠢᠴᠢᠭ ᠢᠶᠠᠨ ᠰᠤᠷᠴᠤ ᠰᠤᠳᠤᠯᠤᠭᠴᠢᠳ ᠲᠤ ᠯᠠᠪᠯᠠᠯᠳᠠ ᠶᠢᠨ ᠮᠡᠲ᠋ᠧᠷᠢᠶᠠᠯ ᠪᠣᠯᠭᠠᠵᠤ | ᠤᠯᠤᠰ ᠤᠨ ᠲᠣᠲᠤᠭᠠᠳᠣ ᠭᠠᠳᠠᠭᠠᠳᠣ ᠳᠤ ᠤᠷᠢᠳᠤ ᠡᠮᠦᠨ᠎ᠡ ᠬᠡᠪᠯᠡᠵᠦ ᠦᠩᠭᠡᠷᠡᠭᠰᠠᠨ ᠲᠣᠯᠢ ᠨᠤᠭᠤᠳ ᠢ ᠲᠠᠬᠢᠨ ᠬᠡᠪᠯᠡᠵᠦ ᠪᠠᠶᠢᠨ᠎ᠠ᠃ ᠡᠨᠡ ᠪᠦᠬᠦ ᠪᠠᠶᠢᠳᠠᠯ ᠨᠢ | ᠳᠠᠷᠦᠢ ᠮᠣᠩᠭᠤᠯ ᠬᠡᠯᠡᠨ ᠤ ᠲᠣᠯᠢ ᠪᠢᠴᠢᠭ ᠵᠤᠬᠢᠶᠠᠭᠳᠠᠬᠤ ᠠᠵᠢᠯ᠂ ᠬᠦᠭᠵᠢᠯ ᠤᠨ ᠢᠶᠠᠨ ᠴᠣ ᠰᠢᠨ᠎ᠡ ᠱᠠᠲᠤ ᠦᠶ᠎ᠡ ᠳᠤ ᠣᠷᠣᠭᠠᠳ ᠤᠯᠠᠮ ᠤᠯᠠᠮ ᠢᠶᠠᠷ | ᠠᠮᠵᠢᠯᠲᠠᠲᠠᠢ ᠶᠠᠪᠤᠭᠳᠠᠵᠤ ᠪᠠᠶᠢᠭ᠎ᠠ ᠶᠢ ᠪᠦᠷᠢᠨ ᠲᠡᠭᠦᠰ ᠬᠠᠷᠠᠭᠤᠯᠵᠤ ᠪᠠᠶᠢᠨ᠎ᠠ᠃ | ᠳᠤᠮᠳᠠᠳᠤ ᠵᠠᠭᠤᠨ ᠤ ᠦᠶ᠎ᠡ ᠠᠴᠠ ᠠᠪᠤᠭᠠᠳ ᠡᠳᠦᠬᠡ ᠬᠦᠷᠲᠡᠯᠠᠬᠢ ᠮᠣᠩᠭᠤᠯ ᠬᠡᠯᠡᠨ ᠤ ᠲᠣᠯᠢ ᠪᠢᠴᠢᠭ ᠤᠨ ᠬᠦᠭᠵᠢᠯ ᠤᠨ ᠱᠠᠲᠤ ᠦᠶ᠎ᠡ ᠡᠶᠢᠮᠦᠷᠬᠦ ᠪᠠᠶᠢᠨ᠎ᠠ | ᠃ | ᠲᠡᠭᠡᠪᠠᠯ᠂ ᠡᠳᠦᠢ ᠤᠷᠲᠤ ᠤᠳᠠᠭᠠᠨ ᠬᠤᠭᠤᠴᠠᠭᠠᠨ ᠳᠤ ᠵᠤᠬᠢᠶᠠᠭᠳᠠᠭᠰᠠᠨ ᠮᠣᠩᠭᠤᠯ ᠬᠡᠯᠡᠨ ᠤ ᠲᠣᠯᠢ ᠪᠢᠴᠢᠭ ᠨᠢ ᠴᠤᠬᠤᠮ ᠭᠡᠴᠢᠨᠠᠨ ᠶᠠᠮᠡᠷ ᠵᠦᠢᠯ ᠪᠠᠶᠢᠬᠤ | ᠪᠤᠢ︖ ᠠᠳᠡ ᠪᠢᠳᠠ ᠲᠡᠷᠡ ᠪᠦᠬᠦᠳᠡ ᠶᠢ ᠪᠢᠰᠢ᠂ ᠵᠦᠪᠬᠡᠨ ᠳᠣᠪᠴᠢ ᠵᠦᠢᠯ ᠢ ᠠᠪᠴᠤ ᠦᠵᠡᠶ᠎ᠡ᠃ | ᠮᠤᠩᠭᠤᠯ ᠬᠡᠯᠡᠨ ᠤ ᠲᠣᠯᠢ ᠪᠢᠴᠢᠭ ᠤᠨ ᠠᠩᠬᠠᠨ ᠤ ᠵᠦᠢᠯ ᠤᠳ ᠠᠴᠠ ᠣᠳᠣ ᠪᠣᠯᠲᠠᠯ᠎ᠠ ᠤᠯᠤᠰ ᠤᠨ ᠲᠣᠲᠣᠭᠠᠳᠤ ᠭᠠᠳᠠᠭᠠᠳᠣ ᠳᠤ ᠵᠤᠬᠢᠶᠠᠭᠳᠠᠵᠤ ᠢᠷᠡᠭᠰᠠᠨ | ᠲᠣᠯᠢ ᠪᠢᠴᠢᠭ ᠢ ᠪᠦᠬᠦᠯᠢ ᠳᠤᠨᠢ ᠠᠩᠬᠠᠷᠪᠠᠯ᠂ ᠲᠠᠶᠢᠯᠪᠤᠷᠢ ᠲᠣᠯᠢ᠂ ᠣᠷᠴᠢᠭᠤᠯᠭ᠎ᠠ ᠶᠢᠨ ᠲᠣᠯᠢ᠂ ᠵᠦᠪ ᠪᠢᠴᠢᠯᠭᠡ ᠶᠢᠨ ᠲᠣᠯᠢ᠂ ᠵᠦᠢᠯ ᠬᠤᠪᠢᠶᠠᠵᠤ ᠦᠰᠦᠭ | ᠬᠠᠪᠰᠤᠷᠤᠭᠰᠠᠨ ᠲᠤᠯᠢ᠂ ᠨᠤᠲᠤᠭ ᠤᠨ ᠠᠶᠠᠯᠭᠤᠨ ᠤ ᠲᠤᠯᠢ ᠬᠡᠬᠦ ᠬᠡᠳᠦᠨ ᠲᠦᠷᠦᠯ ᠵᠦᠢᠯ ᠳᠤ ᠬᠤᠪᠢᠶᠠᠵᠤ ᠪᠣᠯᠤᠨ᠎ᠠ᠃ | ᠨᠢᠬᠡ᠂ ᠲᠠᠶᠢᠯᠪᠤᠷᠢ ᠲᠣᠯᠢ | ᠲᠠᠶᠢᠯᠪᠤᠷᠢ ᠲᠣᠯᠢ ᠪᠣᠯ ᠲᠣᠬᠠᠢ ᠶᠢᠨ ᠦᠨᠳᠦᠰᠦᠲᠠᠨ ᠤ ᠬᠡᠯᠡᠨ ᠤ ᠦᠭᠡᠰ ᠢ ᠤᠳᠬ᠎ᠠ ᠶᠢᠨ ᠬᠢᠨᠢ ᠬᠤᠪᠢ ᠳᠤ ᠲᠣᠲᠣᠷᠬᠠᠢ ᠲᠠᠶᠢᠯᠪᠤᠷᠢ ᠬᠢᠵᠤ ᠦᠭᠳᠡᠭ᠃ | ᠮᠤᠩᠭᠤᠯ ᠬᠡᠯᠡᠨ ᠤ ᠲᠠᠶᠢᠯᠪᠤᠷᠢ ᠲᠣᠯᠢ ᠶᠢᠨ ᠲᠣᠭᠠᠨ ᠳᠤ ᠲᠣᠣᠷᠠᠬᠢ ᠵᠦᠢᠯ ᠢ ᠲᠣᠷᠠᠳᠴᠤ ᠪᠤᠯᠤᠨ᠎ᠠ᠃ | 1. ︽ᠮᠠᠨᠵᠤ — ᠮᠣᠩᠭᠤᠯ ᠲᠣᠯᠢ ᠪᠢᠴᠢᠭ︾ ︵ᠪᠤᠶᠤ ︽ᠬᠠᠭᠠᠨ ᠤ ᠪᠢᠴᠢᠭᠰᠡᠨ ᠮᠠᠨᠵᠤ ᠮᠤᠩᠭᠤᠯ ᠦᠭᠡᠨ ᠤ ᠲᠣᠯᠢ ᠪᠢᠴᠢᠭ︾︶ ᠄ ᠬᠤᠷᠢᠨ ᠨᠢᠭᠡᠨ | ᠲᠡᠪᠲᠡᠷ ᠤᠴᠢᠷ ᠠᠴᠠ ᠶᠡᠷᠦᠳᠡ ᠪᠠᠨ ︽ᠬᠤᠷᠢᠨ ᠨᠢᠭᠡᠲᠦ ᠲᠠᠶᠢᠯᠪᠤᠷᠢ ᠲᠣᠯᠢ︾ ᠭᠡᠵᠦ ᠨᠡᠷᠡᠯᠡᠳᠡᠭ᠃ ᠲᠣᠰ ᠲᠣᠯᠢ 1710 — 1717 ᠣᠨ ᠤ | ᠬᠤᠭᠤᠷᠤᠨᠳᠤ ︵ᠴᠢᠩ ᠤᠯᠤᠰ ᠤᠨ ᠡᠩᠬᠡ ᠠᠮᠤᠭᠤᠯᠠᠩ ᠤᠨ 49 — 56 ᠳ᠋ᠤᠭᠠᠷ ᠣᠨ︶ ᠵᠤᠬᠢᠶᠠᠭᠳᠠᠵᠠᠢ᠃ ᠬᠡᠳᠦᠢ ᠪᠠᠷ ︽ᠬᠠᠭᠠᠨ ᠤ ᠪᠢᠴᠢᠭᠰᠡᠨ︾ | ᠭᠡᠵᠦ ᠪᠠᠶᠢᠪᠠᠴᠤ ᠵᠣᠬᠢᠶᠠᠭᠴᠢ ᠨᠢ ᠦᠨᠠᠨ ᠳᠡᠭᠡᠨ ᠡᠩᠬᠡ ᠠᠮᠤᠭᠤᠯᠠᠩ ᠬᠠᠭᠠᠨ ᠪᠢᠰᠢ᠂ ᠬᠠᠷᠢᠨ ᠷᠠᠰᠢ ᠲᠡᠷᠢᠭᠦᠲᠠᠢ ᠨᠡᠯᠢᠶᠠᠳ ᠬᠦᠮᠦᠰ ᠬᠠᠭᠠᠨ ᠤ ᠵᠠᠷᠯᠢᠭ ᠢ | ᠬᠦᠯᠢᠶᠠᠨ᠂ ︽ᠬᠠᠭᠠᠨ ᠤ ᠪᠢᠴᠢᠭᠰᠡᠨ ᠮᠠᠨᠵᠤ ᠦᠭᠡᠨ ᠤ ᠲᠣᠯᠢ ᠪᠢᠴᠢᠭ︾ ︵ᠡᠭᠦᠨ ᠤ ᠵᠤᠬᠢᠶᠠᠭᠴᠢ ᠨᠢ ᠴᠦ ᠬᠠᠭᠠᠨ ᠪᠢᠰᠢ᠂ ᠦᠭᠡᠷ᠎ᠡ ᠬᠦᠮᠦᠨ ᠪᠠᠶᠢᠬᠤ | ᠶᠣᠰᠤᠳᠠᠢ︶ ᠲᠤ ᠮᠣᠩᠭᠤᠯ ᠨᠠᠶᠢᠷᠠᠭᠤᠯᠭ᠎ᠠ ᠨᠡᠮᠡᠵᠦ ᠨᠠᠶᠢᠷᠠᠭᠤᠯᠵᠤ ᠪᠢᠴᠢᠯ᠎ᠠ ᠭᠡᠳᠡᠭ᠃ ᠮᠠᠨᠵᠤ ᠬᠡᠯᠡᠨ ᠤ ᠦᠭᠡ ᠪᠠ ᠮᠣᠩᠭᠤᠯ ᠬᠡᠯᠡᠨ ᠤ ᠦᠭᠡᠨ ᠳᠤ ᠲᠣᠰ ᠲᠣᠰ | ᠲᠠᠶᠢᠯᠪᠤᠷᠢ ᠬᠢᠭᠰᠡᠨ ᠲᠤᠯᠠ ᠲᠡᠭᠦᠨ ᠢ ᠪᠠᠰᠠ ᠴᠦ ᠮᠣᠩᠭᠤᠯ ᠬᠡᠯᠡᠨ ᠤ ᠲᠠᠶᠢᠯᠪᠤᠷᠢ ᠲᠣᠯᠢᠨ ᠳᠤ ᠪᠠᠭᠲᠠᠭᠠᠨ ᠦᠵᠡᠵᠦ ᠪᠣᠯᠬᠤ ᠪᠦᠭᠡᠳ ᠣᠳᠣ ᠬᠦᠷᠲᠡᠯ᠎ᠡ | ᠮᠡᠳᠡᠭᠳᠡᠭᠰᠡᠨ ᠮᠣᠩᠭᠤᠯ ᠬᠡᠯᠡᠨ ᠤ ᠠᠩᠬᠠᠨ ᠤ ᠲᠠᠶᠢᠯᠪᠤᠷᠢ ᠲᠣᠯᠢ ᠭᠡᠵᠦ ᠪᠣᠯᠣᠨ᠎ᠠ᠃ ᠲᠡᠭᠡᠬᠦ ᠳᠡᠭᠡᠨ ᠮᠣᠩᠭᠤᠯ ᠬᠡᠯᠡᠨ ᠤ ᠲᠠᠶᠢᠯᠪᠤᠷᠢ ᠨᠢ ᠮᠣᠩᠭᠤᠯ ᠢᠶᠠᠷ | ᠪᠢᠴᠢᠭᠳᠡᠭᠰᠡᠨ ᠪᠣᠯᠪᠠᠴᠤ ᠮᠠᠨᠵᠤ ᠬᠡᠯᠡᠨ ᠤ ᠲᠠᠶᠢᠯᠪᠤᠷᠢ ᠶᠢᠨ ᠠᠳᠠᠯᠢ ᠮᠠᠨᠵᠤ ᠦᠰᠦᠭ ᠢᠶᠠᠷ ᠪᠢᠴᠢᠭᠳᠡᠵᠡᠢ᠃ ᠡᠨᠡ ᠨᠢ ᠲᠤᠬᠠᠢ ᠶᠢᠨ ᠦᠶ᠎ᠡ ᠳᠤ ᠮᠤᠩᠭᠤᠯ ᠦᠭᠡ ᠶᠢ | ᠮᠠᠨᠵᠣ ᠦᠰᠦᠭ ᠢᠶᠠᠷ ᠲᠤᠷᠰᠢᠨ ᠪᠢᠴᠢᠵᠦ ᠪᠠᠶᠢᠭᠰᠠᠨ ᠤ ᠨᠢᠭᠡᠨ ᠪᠠᠷᠢᠮᠳᠠ ᠮᠦᠨ ᠪᠤᠯᠬᠤ ᠶᠤᠮ᠃ | ︽ᠬᠤᠷᠢᠨ ᠨᠢᠭᠡᠲᠦ ᠲᠠᠶᠢᠯᠪᠤᠷᠢ ᠲᠣᠯᠢ︾ ᠨᠢ ᠹᠸᠤᠳᠠᠯ ᠶᠣᠰᠤᠨ ᠤ ᠦᠶ᠎ᠡ ᠳᠤ ᠵᠣᠬᠢᠶᠠᠭᠳᠠᠭᠰᠠᠨ ᠪᠤᠰᠤᠳ ᠤᠯᠠᠨ ᠲᠣᠯᠢ ᠶᠢᠨ ᠠᠳᠠᠯᠢ ᠪᠠᠷ ᠵᠠᠷᠢᠮ ᠦᠭᠡᠨ | ᠳᠤᠨᠢ ᠬᠠᠭᠤᠴᠢᠨ ᠦᠵᠡᠯ ᠪᠠᠷᠢᠮᠲᠠᠯᠠᠯ ᠤᠨ ᠪᠤᠷᠤᠭᠤ ᠲᠠᠶᠢᠯᠪᠤᠷᠢ ᠰᠢᠩᠭᠡᠭᠰᠡᠨ ᠪᠣᠯᠪᠠᠴᠤ ᠮᠡᠳᠡᠭᠡᠵᠢ ᠪᠠᠷ ᠮᠠᠰᠢ ᠣᠯᠡᠨ ᠦᠭᠡ ᠶᠢ ᠨᠢ ᠵᠦᠪ ᠲᠠᠶᠢᠯᠵᠠᠢ᠃ ᠲᠠᠶᠢᠨ ᠭᠦ | ᠬᠤᠵᠢᠮ ᠤᠨ ᠬᠦᠮᠦᠰ ᠤᠨ ᠲᠣᠯᠢ ᠵᠣᠬᠢᠶᠠᠨ ᠨᠠᠶᠢᠷᠠᠭᠤᠯᠬᠤ ᠶᠠᠪᠤᠴᠠ ᠳᠤ ᠡᠨᠡ ᠲᠣᠯᠢ ᠶᠡᠭᠡᠭᠡᠨ ᠠᠰᠢᠭᠯᠠᠭᠳᠠᠵᠤ ᠢᠷᠡᠭᠰᠡᠨ ᠪᠦᠭᠡᠳ ᠣᠳᠣ ᠴᠦ ᠭᠡᠰᠡᠨ ᠶᠠᠩᠵᠤ | ᠪᠦᠷᠢ ᠶᠢᠨ ᠲᠣᠯᠢ ᠪᠢᠴᠢᠭ ᠵᠣᠬᠢᠶᠠᠭᠴᠢᠳ ᠤᠨ ᠠᠩᠬᠠᠷᠴᠤ ᠬᠠᠷᠠᠳᠠᠭ ᠯᠠᠪᠯᠠᠬᠤ ᠲᠣᠯᠢᠨ ᠤ ᠨᠢᠭᠡ ᠨᠢ ᠪᠣᠯᠵᠤ ᠪᠠᠶᠢᠨ᠎ᠠ᠃ | 2. ︽ᠭᠤᠴᠢᠨ ᠵᠢᠷᠭᠤᠭᠠᠲᠤ ᠲᠠᠶᠢᠯᠪᠤᠷᠢ ᠲᠣᠯᠢ︾ ︵ᠪᠤᠶᠤ ︽ᠬᠠᠭᠠᠨ ᠤ ᠪᠢᠴᠢᠭᠰᠡᠨ ᠨᠡᠮᠡᠵᠦ ᠳᠣᠭᠲᠠᠭᠠᠭᠰᠠᠨ ᠮᠠᠨᠵᠤ ᠦᠭᠡᠨ ᠤ ᠲᠣᠯᠢ ᠪᠢᠴᠢᠭ︾︶ ᠄ | 1746 ᠣᠨ ᠳᠤ ᠵᠣᠬᠢᠶᠠᠭᠳᠠᠭᠰᠠᠨ ᠪᠦᠭᠡᠳ ᠬᠤᠶᠠᠷ ᠲᠦᠮᠡ ᠣᠷᠴᠢᠮ ᠦᠭᠡ ᠲᠠᠢ᠃ ᠭᠤᠴᠢᠨ ᠵᠢᠷᠭᠤᠭᠠᠨ ᠲᠡᠪᠲᠡᠷ ᠪᠤᠯᠬᠤᠷ ︽ᠭᠤᠴᠢᠨ ᠵᠢᠷᠭᠤᠭᠠᠲᠣ︾ ᠭᠡᠵᠦ | ᠨᠡᠷᠡᠯᠡᠵᠡᠢ᠃ ᠡᠨᠡ ᠲᠣᠯᠢ ᠶᠢ ᠳᠡᠭᠡᠷ᠎ᠡ ᠳᠤᠷᠠᠳᠤᠭᠰᠠᠨ ︽ᠬᠤᠷᠢᠨ ᠨᠢᠭᠡᠳᠦ︾ ᠲᠣᠯᠢᠨ ᠳᠤ ᠰᠠᠭᠤᠷᠢᠯᠠᠵᠤ ᠪᠢᠴᠢᠭᠰᠡᠨ ᠪᠦᠭᠡᠳ ᠵᠦᠪᠬᠡᠨ ᠲᠠᠶᠢᠯᠪᠤᠷᠢ ᠲᠣᠯᠢ ᠪᠤᠰᠤ᠂ | ᠵᠠᠰᠠᠭ ᠵᠠᠬᠢᠷᠭᠠᠨ ᠤ ᠬᠤᠰᠢᠭᠤᠳ ᠤᠨ ᠨᠡᠷ᠎ᠡ ᠶᠢ ᠬᠦᠷᠲᠡᠯ᠎ᠡ ᠲᠡᠳᠡᠭᠡᠷ ᠤᠨ ᠡᠭᠦᠰᠦᠭᠰᠡᠨ ᠳᠣᠪᠴᠢ ᠲᠡᠦᠬᠡ ᠶᠢᠨ ᠬᠠᠮᠲᠤ ᠪᠢᠴᠢᠭᠰᠡᠨ ᠢᠶᠠᠷ ᠢᠶᠠᠨ ᠬᠠᠭᠠᠰ ᠨᠡᠪᠲᠡᠷᠬᠡᠢ | ᠲᠣᠯᠢ ᠶᠢᠨ ᠴᠢᠨᠠᠷ ᠲᠠᠢ ᠭᠡᠵᠦ ᠵᠠᠷᠢᠮ ᠬᠦᠮᠦᠨ ᠬᠡᠯᠡᠳᠡᠭ ᠪᠠᠶᠢᠨ᠎ᠠ᠃ | 3. ︽ᠭᠤᠴᠢᠨ ᠵᠢᠷᠭᠤᠭᠠᠲᠤ ᠲᠠᠶᠢᠯᠪᠤᠷᠢ ᠲᠣᠯᠢ︾ ᠶᠢᠨ ᠬᠤᠪᠢᠯᠪᠤᠷᠢ ︽ᠫᠦᠷᠪᠦ ᠭᠦᠩ ᠤᠨ ᠲᠣᠯᠢ︾ ᠭᠡᠭᠴᠢ ᠶᠢ ᠬᠠᠯᠬ᠎ᠠ ᠶᠢᠨ ᠨᠢᠭᠡᠨ ᠳᠦᠰᠢᠮᠡᠯ ᠫᠦᠷᠪᠦ | ᠭᠡᠭᠴᠢ ᠬᠦᠮᠦᠨ 1911— 1921 ᠣᠨ ᠤ ᠬᠤᠭᠤᠷᠤᠨᠳᠤ ᠵᠣᠬᠢᠶᠠᠵᠠᠢ᠃ ᠲᠣᠰ ᠲᠣᠯᠢ ᠨᠠᠶᠢᠳᠡ 44 ᠲᠡᠪᠲᠡᠷ᠃ | 4. ︽ᠭᠤᠴᠢᠨ ᠵᠢᠷᠭᠤᠭᠠᠲᠤ ᠲᠠᠶᠢᠯᠪᠤᠷᠢ ᠲᠣᠯᠢ︾ ᠶᠢᠨ ᠬᠤᠪᠢᠯᠪᠤᠷᠢ ︽ᠮᠤᠩᠭᠤᠯ ᠦᠭᠡ ᠶᠢᠨ ᠲᠠᠶᠢᠯᠪᠤᠷᠢ ᠲᠣᠯᠢ︾᠄ 1921—1927 ᠣᠨ ᠤ | ᠬᠤᠭᠤᠷᠤᠨᠳᠤ ᠪᠦᠬᠦᠳᠡ ᠨᠠᠶᠢᠷᠠᠮᠳᠠᠬᠤ ᠮᠣᠩᠭᠤᠯ ᠠᠷᠠᠳ ᠤᠯᠤᠰ ᠤᠨ ᠰᠢᠨᠵᠢᠯᠡᠬᠦ ᠤᠬᠠᠭᠠᠨ ᠤ ᠬᠦᠷᠢᠶᠠᠯᠡᠩ ᠤᠨ ᠪᠠᠲᠤᠸ᠋ᠴᠢᠷ᠂ ᠮᠢᠰᠢᠭ ᠬᠤᠶᠠᠷ ᠵᠣᠬᠢᠶᠠᠵᠠᠢ᠃ | ᠪᠦᠬᠦᠳᠠ 37 ᠲᠡᠪᠲᠡᠷ᠃ | 5. ᠬᠠᠭᠤᠷᠮᠠᠭ ᠮᠠᠨᠵᠤ ᠶᠢᠨ ᠦᠶ᠎ᠡ ᠳᠤ᠂ ᠦᠪᠦᠷ ᠮᠣᠩᠭᠤᠯ ᠳᠤ ᠲᠦᠮᠡ ᠢᠯᠡᠭᠦᠦ ᠦᠭᠡ ᠲᠠᠢ ᠨᠢᠭᠡ ︽ᠲᠠᠶᠢᠯᠪᠤᠷᠢ ᠲᠣᠯᠢ︾ ᠭᠠᠷᠤᠭᠰᠠᠨ ᠨᠢ ᠭᠠᠷ | ᠪᠢᠴᠢᠮᠡᠯ ᠢᠶᠠᠷ ᠬᠠᠳᠠᠭᠠᠯᠠᠭᠳᠠᠵᠤ ᠢᠷᠡᠵᠠᠢ᠃ ᠡᠨᠡ ᠲᠣᠯᠢ ᠶᠢ ᠮᠣᠩᠭᠤᠯ ᠬᠡᠯᠡ ᠪᠢᠴᠢᠭ ᠰᠤᠳᠤᠯᠤᠭᠴᠢᠳ ᠲᠤ ᠬᠢᠨᠠᠯᠲᠠ ᠪᠤᠯᠬᠤ ᠮᠠᠭᠠᠳ ᠦᠭᠡᠢ ᠭᠡᠵᠦ ᠦᠪᠦᠷ | ᠮᠤᠩᠭᠤᠯ ᠤᠨ ᠪᠠᠭᠰᠢ ᠶᠢᠨ ᠳᠡᠭᠡᠳᠦ ᠰᠤᠷᠭᠠᠭᠤᠯᠢ 1973 ᠣᠨ ᠳᠤ ᠳᠤᠰᠤᠨ ᠪᠠᠷ ᠢᠶᠠᠷ ᠦᠷᠡᠵᠢᠭᠦᠯᠦᠨ ᠳᠠᠷᠤᠮᠠᠯᠯᠠᠭᠰᠠᠨ ᠪᠠᠶᠢᠨ᠎ᠠ᠃ | 6. 1927 ᠣᠨ ᠳᠤ ᠮᠣᠩᠭᠤᠯ ᠠᠷᠠᠳ ᠤᠯᠤᠰ ᠤᠨ ᠰ᠊ · ᠱᠠᠭᠵᠠ ︽ᠡᠷᠢᠬᠦᠶᠡ ᠬᠢᠯᠪᠠᠷ ᠪᠤᠯᠭᠠᠨ ᠵᠤᠬᠢᠶᠠᠭᠰᠠᠨ ᠮᠤᠩᠭᠤᠯ ᠬᠡᠯᠡᠨ ᠤ ᠲᠠᠶᠢᠯᠪᠤᠷᠢ | ᠴᠢᠨᠳᠠᠮᠤᠨᠢ ᠡᠷᠢᠬᠡ︾ ᠭᠡᠳᠡᠭ ᠳᠦᠷᠪᠡᠨ ᠲᠡᠪᠲᠡᠷ ᠲᠠᠶᠢᠯᠪᠤᠷᠢ ᠲᠣᠯᠢ ᠵᠣᠬᠢᠶᠠᠭᠰᠠᠨ ᠨᠢ ᠬᠡᠪᠯᠡᠭᠳᠡᠭᠡ ᠦᠭᠡᠢ᠂ ᠮᠦᠨ ᠯᠠ ᠭᠠᠷ ᠪᠢᠴᠢᠮᠠᠯ ᠬᠡᠪ ᠢᠶᠠᠷ ᠪᠤᠢ᠃ | 7. ᠪᠠᠷᠠᠭᠤᠨ ᠭᠧᠷᠮᠠᠨ ᠤ ᠡᠾᠠᠶᠢᠨᠢᠰᠢ ᠭᠡᠳᠡᠭ ᠬᠦᠮᠦᠨ ︽ᠮᠣᠩᠭᠤᠯ ᠤᠨ ᠨᠢᠭᠤᠴᠠ ᠳᠣᠪᠴᠢᠶᠠᠨ ᠤ ᠲᠣᠯᠢ︾ ᠭᠡᠭᠴᠢ ᠶᠢ ᠵᠣᠬᠢᠶᠠᠵᠤ 1962 ᠣᠨ ᠳᠤ | ᠸᠠᠶᠢᠰᠪᠠᠳᠧᠨ ᠬᠤᠲᠠᠨ᠎ᠠ ᠲᠠᠬᠢᠨ ᠬᠡᠪᠯᠡᠭᠦᠯᠵᠠᠢ᠃ ᠡᠨᠡ ᠲᠣᠯᠢ ᠳᠤ ︽ᠨᠢᠭᠤᠴᠠ ᠳᠣᠪᠴᠢᠶᠠᠨ︾ ᠤ ᠭᠤᠷᠪᠠᠨ ᠮᠢᠩᠭ᠎ᠠ ᠰᠢᠬᠠᠮ ᠦᠭᠡ ᠶᠢ ᠭᠧᠷᠮᠠᠨ ᠬᠡᠯᠡ ᠪᠠᠷ | ᠲᠠᠶᠢᠯᠵᠤ ᠪᠠᠶᠢᠨ᠎ᠠ᠃ | 8. ᠮᠦᠨ ︽ᠨᠢᠭᠤᠴᠠ ᠳᠣᠪᠴᠢᠶᠠᠨ ᠤ ᠦᠭᠡ ᠶᠢᠨ ᠲᠠᠶᠢᠯᠪᠤᠷᠢ ᠲᠤᠯᠢ︾ ᠭᠡᠳᠡᠭ ᠶᠠᠫᠤᠨ ᠬᠡᠯᠡ ᠪᠠᠷ ᠲᠠᠶᠢᠯᠤᠭᠰᠠᠨ ᠲᠣᠯᠢ ᠶᠢ ᠶᠠᠫᠤᠨ ᠤ ᠹᠦᠺᠤᠪᠦ᠋ ᠬᠡᠭᠴᠢ | ᠬᠦᠮᠦᠨ ᠣᠶᠢᠷ᠎ᠠ ᠶᠢᠨ ᠵᠢᠯ ᠨᠠᠶᠢᠷᠠᠭᠤᠯᠤᠨ ᠭᠠᠷᠭᠠᠵᠠᠢ᠃ ᠹᠦᠺᠦᠪᠦ᠋ ᠶᠢᠨ ᠡᠨᠡ ᠲᠣᠯᠢ ᠡᠾᠠᠶᠢᠨᠢᠰᠢ ᠶᠢᠨ ᠬᠢ ᠶᠢ ᠪᠤᠳᠤᠪᠠᠯ ︽ᠨᠢᠭᠤᠴᠠ ᠳᠤᠪᠴᠢᠶᠠᠨ︾ ᠤ ᠦᠭᠡ | ᠶᠢ ᠣᠷᠣᠯᠳᠤᠭᠰᠠᠨ ᠣᠯᠠᠨ ᠬᠦᠮᠦᠨ ᠤ ᠪᠦᠲᠦᠭᠡᠯ ᠢ ᠠᠰᠢᠭᠯᠠᠭᠰᠠᠨ ᠲᠤᠯᠠ ᠯᠠᠪᠯᠠᠬᠤ ᠴᠢᠨᠠᠷ ᠢᠶᠠᠷ ᠳᠠᠪᠠᠭᠤ ᠪᠠᠶᠢᠷᠢ ᠶᠢ ᠡᠵᠡᠯᠡᠨ᠎ᠡ᠃ ᠨᠡᠶᠢᠲᠡ ᠬᠤᠶᠠᠷ ᠲᠡᠪᠲᠡᠷ᠃ | 9. ᠮᠣᠩᠭᠤᠯ ᠤᠯᠤᠰ ᠤᠨ ᠶ᠊ · ᠴᠠᠪᠠᠯ ︽ᠮᠤᠩᠭᠤᠯ ᠬᠡᠯᠡᠨ ᠤ ᠳᠣᠪᠴᠢ ᠲᠠᠶᠢᠯᠪᠤᠷᠢ ᠲᠣᠯᠢ︾ ᠵᠣᠬᠢᠶᠠᠭᠰᠠᠨ ᠨᠢ 1966 ᠣᠨ ᠳᠤ ᠬᠡᠪᠯᠡᠯ ᠠᠴᠠ | ᠭᠠᠷᠴᠠᠢ᠃ ᠭᠤᠷᠪᠠᠨ ᠲᠦᠮᠡ ᠣᠷᠴᠢᠮ ᠦᠭᠡ ᠲᠠᠢ ᠪᠦᠭᠡᠳ ᠲᠣᠯᠢᠨ ᠳᠠᠬᠢ ᠦᠭᠡ ᠶᠢᠨ ᠲᠡᠰ ᠳᠠᠷᠠᠭ᠎ᠠ ᠶᠢ ᠰᠯᠡᠸ᠋ ᠦᠰᠦᠭ ᠤᠨ ᠴᠠᠭᠠᠨ ᠲᠣᠯᠣᠭᠠᠢ ᠶᠢᠨ ᠲᠡᠰ | ᠳᠡᠷᠠᠭ᠎ᠠ ᠪᠠᠷ ᠵᠢᠭᠰᠠᠭᠠᠭᠰᠠᠨ ᠪᠠᠶᠢᠨ᠎ᠠ᠃ ᠲᠣᠯᠣᠭᠠᠢ ᠦᠭᠡ ᠪᠦᠷᠢ ᠶᠢᠨ ᠲᠠᠶᠢᠯᠪᠤᠷᠢ ᠶᠢᠨ ᠬᠤᠶᠢᠨ᠎ᠡ ᠨᠢ ᠤᠭ ᠦᠭᠡ ᠶᠢ ᠣᠶᠢᠭᠤᠷᠵᠢᠨ ᠮᠣᠩᠭᠤᠯ ᠦᠰᠦᠭ ᠢᠶᠠᠷ | ᠬᠠᠳᠠᠵᠠᠢ᠃ ᠵᠠᠷᠢᠮ ᠡᠷᠳᠡᠮ ᠰᠢᠨᠵᠢᠯᠡᠭᠡᠨ ᠤ ᠦᠭᠦᠯᠡᠯ ᠢ ᠦᠨᠳᠦᠰᠦᠯᠡᠪᠡᠯ ᠲᠣᠰ ᠲᠣᠯᠢ ᠶᠢᠨ ᠠᠩᠬᠠᠨ ᠤ ᠰᠠᠭᠤᠷᠢ ᠶᠢ ᠦᠭᠡᠷ᠎ᠡ ᠪᠠᠰᠠ ᠬᠡᠳᠦ ᠬᠡᠳᠦᠨ ᠬᠦᠮᠦᠨ | ᠠᠯᠢ ᠡᠷᠲᠡ ᠭᠤᠴᠢᠨ ᠬᠡᠳᠦᠨ ᠣᠨ ᠤ ᠦᠶᠡᠰ ᠡᠪᠯᠡᠯᠴᠡᠵᠦ ᠲᠠᠯᠪᠢᠭᠰᠠᠨ ᠪᠦᠭᠡᠳ ᠲᠡᠭᠡᠬᠦ ᠳᠤ ︽ᠬᠤᠷᠢᠨ ᠨᠢᠭᠡᠲᠦ︾᠂ ︽ᠭᠤᠴᠢᠨ ᠵᠢᠷᠭᠤᠭᠠᠲᠤ︾ ᠬᠤᠶᠠᠷ | ᠲᠣᠯᠢ ᠪᠢᠴᠢᠭ ᠲᠤᠩ ᠶᠡᠭᠡ ᠬᠡᠷᠡᠭ ᠲᠤ ᠬᠦᠷᠦᠭᠰᠠᠨ᠂ ᠬᠤᠵᠢᠮ ᠨᠢ ᠶ᠊ · ᠴᠠᠪᠠᠯ ᠡᠷᠬᠢᠯᠡᠨ ᠠᠷᠪᠠᠭᠠᠳ ᠵᠢᠯ ᠣᠷᠣᠯᠳᠣᠵᠤ ᠪᠠᠶᠢᠵᠤ ᠭᠠᠷᠭᠠᠭᠰᠠᠨ ᠪᠠᠶᠢᠨ᠎ᠠ᠃ | 10. ᠦᠪᠦᠷ ᠮᠣᠩᠭᠤᠯ ᠤᠨ ᠪᠠᠭᠰᠢ ᠶᠢᠨ ᠳᠡᠭᠡᠳᠦ ᠰᠤᠷᠭᠠᠭᠤᠯᠢ᠂ ᠦᠪᠦᠷ ᠮᠣᠩᠭᠤᠯ ᠤᠨ ᠬᠡᠯᠡ ᠵᠣᠬᠢᠶᠠᠯ ᠲᠡᠦᠭᠡ ᠰᠤᠳᠤᠯᠬᠤ ᠭᠠᠵᠠᠷ ᠬᠠᠮᠲᠤᠷᠠᠵᠤ ︽ | ᠮᠤᠩᠭᠤᠯ ᠦᠭᠡᠰ ᠤᠨ ᠲᠠᠶᠢᠯᠪᠤᠷᠢ ᠲᠣᠯᠢ︾ ︵ᠡᠲᠦᠬᠡ ︽ᠮᠤᠩᠭᠤᠯ ᠬᠡᠯᠡᠨ ᠤ ᠲᠤᠯᠢ︾ ᠨᠡᠷ᠎ᠡ ᠪᠠᠷ ᠬᠡᠪᠯᠡᠭᠳᠡᠭᠡᠳ ᠪᠠᠶᠢᠨ᠎ᠠ︶ ᠭᠡᠳᠡᠭ ᠲᠣᠯᠢ ᠪᠢᠴᠢᠭ ᠢ ᠵᠣᠬᠢᠶᠠᠵᠤ | ᠪᠤᠢ᠃ ᠪᠠᠷᠤᠭᠯᠠᠪᠠᠯ ᠭᠤᠷᠪᠠᠨ ᠲᠦᠮᠡ ᠲᠠᠪᠤᠨ ᠮᠢᠩᠭ᠎ᠠ ᠤᠷᠴᠢᠮ ᠦᠭᠡ ᠲᠠᠢ ᠪᠤᠯᠤᠨ᠎ᠠ᠃ ᠡᠭᠦᠨ ᠤ ᠡᠬᠡ ᠨᠣᠣᠷᠠᠭ ᠢ ᠲᠡᠪᠲᠡᠷ ᠪᠤᠯᠭᠠᠵᠤ ᠳᠤᠰᠤᠨ ᠪᠠᠷ ᠢᠶᠠᠷ | ᠦᠷᠭᠦᠯᠵᠢᠯᠡᠨ ᠳᠠᠷᠤᠮᠠᠯᠯᠠᠵᠤ ᠪᠠᠶᠢᠨ᠎ᠠ᠃ | ᠬᠤᠶᠠᠷ᠂ ᠤᠷᠴᠢᠭᠤᠯᠭ᠎ᠠ ᠶᠢᠨ ᠲᠤᠯᠢ | ᠮᠤᠩᠭᠤᠯ ᠬᠡᠯᠡᠨ ᠤ ᠲᠤᠯᠢ ᠪᠢᠴᠢᠭ ᠤᠨ ᠲᠣᠲᠤᠷ᠎ᠠ ᠤᠷᠴᠢᠭᠤᠯᠭ᠎ᠠ ᠶᠢᠨ ᠲᠤᠯᠢ ᠵᠤᠩᠭᠢᠯᠠᠬᠤ ᠪᠠᠶᠢᠷᠢ ᠶᠢ ᠡᠵᠡᠯᠡᠨ᠎ᠡ᠃ ᠡᠨᠡ ᠨᠢ ᠮᠤᠩᠭᠤᠯ ᠦᠨᠳᠦᠰᠦᠲᠡᠨ ᠤ | ᠠᠷᠠᠳ ᠲᠦᠮᠡᠨ ᠪᠤᠯᠤᠨ ᠮᠠᠨ ᠤ ᠤᠯᠤᠰ ᠤᠨ ᠪᠤᠰᠤᠳ ᠦᠨᠳᠦᠰᠦᠲᠠᠨ ᠤ ᠠᠷᠠᠳ ᠲᠦᠮᠡᠨ ᠤ ᠬᠤᠭᠤᠷᠤᠨᠳᠤᠬᠢ ᠬᠤᠯᠪᠤᠭ᠎ᠠ᠂ ᠵᠢᠴᠢ ᠮᠤᠩᠭᠤᠯ ᠦᠨᠳᠦᠰᠦᠲᠠᠨ ᠤ | ᠳᠡᠯᠡᠬᠡᠢ ᠳ᠋ᠠᠬᠢᠨ ᠤ ᠡᠯ᠎ᠡ ᠦᠨᠳᠦᠰᠦᠲᠡᠨ ᠲᠠᠢ ᠢᠮᠠᠭᠲᠠ ᠵᠦᠢᠯ ᠵᠦᠢᠯ ᠤᠨ ᠬᠠᠷᠢᠴᠠᠭ᠎ᠠ ᠲᠠᠢ ᠪᠠᠶᠢᠵᠤ᠂ ᠵᠢᠰᠦᠨ ᠪᠦᠷᠢ ᠶᠢᠨ ᠬᠡᠯᠡᠨ ᠤ ᠬᠤᠭᠤᠷᠤᠨᠳᠣ ᠬᠠᠷᠢᠯᠴᠠᠨ | ᠨᠣᠮ ᠵᠣᠬᠢᠶᠠᠯ ᠣᠷᠴᠢᠭᠤᠯᠬᠤ ᠶᠠᠪᠤᠳᠠᠯ ᠱᠠᠭᠠᠷᠳᠠᠭᠳᠠᠵᠤ ᠪᠠᠶᠢᠭᠰᠠᠨ ᠤ ᠤᠯᠠᠮ ᠠᠴᠠ ᠪᠤᠢ ᠪᠤᠯᠤᠭᠰᠠᠨ ᠬᠡᠷᠡᠭ ᠮᠦᠨ᠃ ᠲᠡᠦᠬᠡ ᠶᠢᠨ ᠪᠤᠳᠠᠲᠤ ᠪᠠᠶᠢᠳᠠᠯ ᠠᠴᠠ | ᠦᠵᠡᠪᠡᠯ ᠵᠠᠷᠢᠮ ᠬᠦᠷᠦᠩᠭᠡᠲᠡᠨ ᠤᠯᠤᠰ ᠪᠤᠶᠤ ᠡᠵᠡᠷᠬᠡᠭ ᠲᠦᠷᠢᠮᠡᠭᠡᠢ ᠤᠯᠤᠰ ᠨᠢ ᠦᠪᠡᠷ ᠤᠨ ᠲᠦᠷᠢᠮᠡᠭᠡᠢ ᠪᠤᠳᠤᠯᠭ᠎ᠠ ᠶᠢᠨ ᠡᠭᠦᠳᠠᠨ ᠠᠴᠠ ᠮᠤᠩᠭᠤᠯ ᠬᠡᠯᠡ ᠶᠢ | ᠰᠤᠳᠤᠯᠵᠤ᠂ ᠨᠤᠮ ᠵᠤᠬᠢᠶᠠᠯ᠂ ᠲᠣᠯᠢ ᠪᠢᠴᠢᠭ ᠵᠤᠬᠢᠶᠠᠭᠰᠠᠭᠠᠷ ᠢᠷᠡᠭᠰᠠᠨ ᠨᠢ ᠴᠦ ᠮᠤᠩᠭᠤᠯ ᠬᠡᠯᠡᠨ ᠤ ᠲᠣᠯᠢ᠂ ᠢᠯᠠᠩᠭᠤᠶ᠎ᠠ ᠣᠷᠴᠢᠭᠤᠯᠭ᠎ᠠ ᠶᠢᠨ ᠲᠣᠯᠢ ᠨᠡᠮᠡᠭᠳᠠᠬᠦ | ᠶᠢᠨ ᠨᠢᠭᠡᠨ ᠰᠢᠯᠲᠠᠭᠠᠨ ᠪᠤᠯᠤᠭᠰᠠᠨ ᠭᠡᠵᠦ ᠦᠵᠡᠯᠳᠠᠢ᠃ | ᠣᠷᠴᠢᠭᠤᠯᠭ᠎ᠠ ᠶᠢᠨ ᠲᠣᠯᠢᠨ ᠳᠤ ᠤᠯᠠᠨ ᠶᠠᠩᠵᠤ ᠲᠦᠷᠦᠯ ᠪᠠᠶᠢᠬᠤ ᠶᠤᠮ᠃ ᠪᠢᠳᠠ ᠠᠳᠡ ᠶᠡᠭᠡ ᠲᠦᠯᠦᠪ ᠬᠢᠲᠠᠳ — ᠮᠣᠩᠭᠤᠯ ︵ᠮᠦᠨ ᠮᠤᠩᠭᠤᠯ | — ᠬᠢᠲᠠᠳ︶᠂ ᠲᠦᠪᠡᠳ — ᠮᠣᠩᠭᠤᠯ ︵ᠮᠦᠨ ᠮᠣᠩᠭᠤᠯ — ᠲᠦᠪᠡᠳ︶᠂ ᠪᠤᠰᠤᠳ ᠤᠷᠴᠢᠭᠤᠯᠭ᠎ᠠ ᠶᠢᠨ ᠲᠤᠯᠢ ᠭᠡᠵᠤ ᠭᠤᠷᠪᠠᠨ ᠵᠦᠢᠯ ᠬᠤᠪᠢᠶᠠᠨ | ᠲᠠᠨᠢᠯᠴᠠᠭᠤᠯᠤᠶ᠎ᠠ᠃ | Ⅰ ᠬᠢᠲᠠᠳ — ᠮᠤᠩᠭᠤᠯ ︵ᠮᠤᠩᠭᠤᠯ — ᠬᠢᠲᠠᠳ︶ ᠲᠣᠯᠢ ᠪᠢᠴᠢᠭ | 11. ︽ᠬᠤᠸᠠ ᠢ ᠢ ᠢᠦᠢ︾ ᠲᠤᠯᠢ᠄ 1382 ᠣᠨ ᠳᠤ ᠵᠤᠬᠢᠶᠠᠭᠳᠠᠵᠠᠢ᠃ ᠲᠣᠰ ᠲᠣᠯᠢ ᠶᠢᠨ ᠣᠷᠣᠰᠢᠯ ᠪᠤᠯᠤᠨ ︽ᠮᠢᠩ ᠤᠯᠤᠰ ᠤᠨ ᠮᠠᠭᠠᠳ | ᠲᠡᠮᠲᠡᠭᠯᠡᠯ︾ ᠤᠨ 141 ᠳ᠋ᠤᠭᠡᠷ ᠪᠤᠳᠢ ᠳᠤ ᠲᠣᠲᠣᠷᠬᠠᠶᠢᠯᠠᠭᠰᠠᠨ ᠢᠶᠠᠷ ᠪᠤᠯ ᠡᠨᠡ ᠭᠦ ᠲᠤᠯᠢ ᠶᠢ ᠮᠢᠩ ᠤᠯᠤᠰ ᠤᠨ ᠬᠠᠭᠠᠨ ᠵᠤ᠋ ᠶᠤᠸᠠᠨ ᠵᠠᠩ ᠤᠨ ᠳᠣᠣᠷᠠᠬᠢ | ᠳᠦᠰᠢᠮᠡᠯ ᠯᠢᠦ ᠰᠠᠨ ᠦ᠋ ᠠᠴᠠ ᠾᠦᠸᠧ ᠶᠤᠸᠠᠨ ᠵᠢᠶᠧ᠂ ᠮᠠ ᠰᠠ ᠢ ᠾᠸᠢ ᠭᠡᠳᠡᠭ ᠬᠤᠶᠡᠷ ᠬᠦᠮᠦᠨ ᠳᠤ ᠳᠠᠭᠠᠭᠠᠯᠭᠠᠵᠤ ᠵᠣᠬᠢᠶᠠᠭᠰᠠᠨ ᠭᠡᠵᠤ ᠪᠠᠶᠢᠨ᠎ᠠ᠃ | ᠨᠡᠶᠢᠲᠡ ᠳᠦᠷᠪᠡᠨ ᠲᠡᠪᠲᠡᠷ᠃ | ︽ᠬᠤᠸᠠ ᠢ ᠢ ᠢᠦᠢ︾ ᠲᠣᠯᠢ ᠪᠢᠴᠢᠭ ᠪᠤᠯ ᠮᠠᠨ ᠤ ᠤᠯᠤᠰ ᠲᠤ ᠭᠠᠷᠤᠭᠰᠠᠨ ᠣᠷᠴᠢᠭᠤᠯᠭ᠎ᠠ ᠶᠢᠨ ᠲᠣᠯᠢ ᠨᠤᠭᠤᠳ ᠤᠨ ᠲᠣᠲᠣᠷᠠᠬᠢ ᠶᠡᠬᠡᠳᠡ ᠨᠡᠷ᠎ᠡ | ᠭᠠᠷᠤᠭᠰᠠᠨ ᠤ ᠨᠢᠭᠡ ᠨᠢ ᠪᠦᠭᠡᠳ ᠳᠤᠮᠳᠠᠳᠣ ᠵᠠᠭᠤᠨ ᠤ ᠦᠶ᠎ᠡ ᠶᠢᠨ ᠮᠣᠩᠭᠤᠯ ᠬᠡᠯᠡᠨ ᠤ ᠰᠤᠳᠤᠯᠤᠯ ᠳᠤ ᠴᠢᠬᠤᠯᠠ ᠠᠴᠢ ᠬᠤᠯᠪᠤᠭᠳᠠᠯ ᠲᠠᠢ ᠲᠤᠯᠠ᠂ | ᠲᠣᠲᠣᠭᠠᠳᠤ ᠭᠠᠳᠠᠭᠠᠳᠣ ᠶᠢᠨ ᠮᠤᠩᠭᠤᠯ ᠬᠡᠯᠡ ᠰᠤᠳᠤᠯᠤᠭᠴᠢᠳ ᠤᠨ ᠠᠩᠬᠠᠷᠣᠯ ᠢ ᠲᠠᠲᠠᠭᠰᠠᠭᠠᠷ ᠢᠷᠡᠵᠠᠢ᠃ ᠤᠤᠯ ᠲᠣᠯᠢ ᠨᠢ ᠮᠤᠩᠭᠤᠯ ᠦᠭᠡ ᠶᠢ ᠬᠢᠲᠠᠳ | ᠦᠰᠦᠭ ᠢᠶᠠᠷ ᠭᠠᠯᠢᠭᠴᠢᠯᠠᠨ ᠲᠡᠮᠲᠡᠭᠯᠠᠵᠦ᠂ ᠪᠠᠰᠠ ᠬᠢᠲᠠᠳ ᠦᠭᠡ ᠪᠠᠷ ᠲᠠᠶᠢᠯᠪᠤᠷᠢᠯᠠᠭᠰᠠᠨ ᠤ ᠬᠠᠮᠲᠣ᠂ ᠲᠡᠷᠡ ᠦᠶ᠎ᠡ ᠶᠢᠨ ᠠᠯᠪᠠᠨ ᠪᠢᠴᠢᠭ ᠢ ᠬᠦᠷᠲᠡᠯ᠎ᠡ ᠬᠢᠲᠠᠳ | ᠦᠰᠦᠭ ᠢᠶᠠᠷ ᠭᠠᠯᠢᠭᠴᠢᠯᠠᠨ ᠲᠡᠮᠲᠡᠭᠯᠡᠵᠦ ᠳᠠᠭᠠᠭᠤᠯᠤᠭᠰᠠᠨ ᠪᠤᠯᠬᠤᠷ ᠡᠷᠲᠡᠨ ᠤ ᠮᠤᠩᠭᠤᠯ ᠬᠡᠯᠡ ᠶᠢᠨ ᠰᠢᠨᠵᠢ ᠪᠠᠶᠢᠳᠠᠯ ᠢ ᠮᠡᠳᠡᠬᠦ ᠶᠢ ᠭᠦᠰᠡᠭᠴᠢᠳ ᠲᠤ ᠠᠪᠴᠤ | ᠬᠡᠯᠡᠪᠡᠯ ᠭᠠᠭᠴᠠᠬᠠᠨ ᠠᠪᠢᠶ᠎ᠠ᠂ ᠦᠭᠡᠰ ᠤᠨ ᠬᠢᠨᠢ ᠤᠨᠴᠯᠢᠭ ᠢ ᠮᠡᠳᠡᠵᠤ ᠪᠤᠯᠬᠤ ᠪᠠᠷ ᠦᠯᠦ ᠪᠠᠷᠠᠨ᠂ ᠬᠡᠯᠡᠨ ᠤ ᠵᠦᠢ ᠶᠢᠨ ᠨᠡᠯᠢᠶᠠᠳ ᠤᠯᠠᠨ ᠬᠡᠯᠪᠡᠷᠢ ᠶᠢ ᠴᠤ | ᠠᠵᠢᠭᠯᠠᠨ ᠤᠯᠵᠤ ᠪᠤᠯᠬᠤ ᠪᠠᠶᠢᠨ᠎ᠠ᠃ ᠡᠶᠢᠮᠦ ᠤᠴᠢᠷ ᠠᠴᠠ ᠲᠡᠭᠦᠨ ᠢ ᠪᠢᠳᠠ ᠡᠷᠲᠡᠨ ᠤ ᠬᠡᠯᠡ᠂ ᠦᠰᠦᠭ ᠤᠨ ᠦᠪ ᠤᠯᠠᠮᠵᠢᠯᠠᠯ ᠤᠨ ᠴᠢᠬᠤᠯᠠ ᠵᠦᠢᠯ ᠢᠶᠠᠷ | ᠦᠵᠡᠵᠦ ᠠᠩᠬᠠᠷᠤᠨ ᠰᠤᠳᠤᠯᠪᠠᠯ ᠰᠠᠶᠢᠨ ᠭᠡᠵᠦ ᠪᠤᠳᠤᠨ᠎ᠠ᠃ | 12. ︽ᠮᠣᠩᠭᠤᠯ ᠨᠠᠩᠭᠢᠶᠠᠳ ᠦᠰᠦᠭ ᠤᠨ ᠲᠣᠯᠢ ᠪᠢᠴᠢᠭ︾᠄ ᠳᠤᠮᠳᠠᠳᠤ ᠢᠷᠭᠡᠨ ᠤᠯᠤᠰ ᠤᠨ ᠰᠢᠷ᠎ᠠ ᠯᠤᠤ ᠤᠨ ︵1928 ᠣᠨ︶ ᠳᠤ ᠪᠡᠭᠡᠵᠢᠩ ᠤᠨ | ᠮᠤᠩᠭᠤᠯ ᠪᠢᠴᠢᠭ ᠤᠨ ᠬᠤᠷᠢᠶ᠎ᠠ ᠠᠴᠠ ᠳᠠᠷᠤᠮᠠᠯᠯᠠᠵᠠᠢ᠃ 18000 ᠣᠷᠴᠢᠮ ᠦᠭᠡ ᠲᠠᠢ᠃ ᠡᠨᠡ ᠲᠣᠯᠢ ᠶᠢ ᠬᠠᠷᠠᠴᠢᠨ ᠪᠠᠷᠠᠭᠤᠨ ᠬᠤᠰᠢᠭᠤᠨ ᠤ ᠲᠡᠮᠬᠡᠲᠤ ︵ | ᠸᠠᠩ ᠿᠦᠢ ᠴᠠᠩ︶ ᠭᠡᠳᠡᠭ ᠮᠣᠩᠭᠤᠯ ᠬᠡᠯᠡ ᠵᠣᠬᠢᠶᠠᠯ ᠤᠨ ᠲᠡᠦᠬᠡᠨ ᠳᠡᠭᠡᠷ᠎ᠡ ᠶᠡᠬᠡᠬᠡᠨ ᠠᠯᠳᠠᠷ ᠭᠠᠪᠢᠶ᠎ᠠ ᠲᠠᠢ ᠬᠦᠮᠦᠨ ᠵᠣᠬᠢᠶᠠᠭᠰᠠᠨ ᠪᠠᠶᠢᠨ᠎ᠠ᠃ ᠵᠤᠬᠢᠶᠠᠭᠰᠠᠨ | ᠲᠤᠬᠠᠢ ᠪᠠᠨ ᠬᠡᠯᠡᠬᠦ ᠳᠡᠭᠡᠨ᠄ ︽ᠡᠳᠦᠬᠡ ᠁ ᠬᠢᠲᠠᠳ ᠮᠤᠩᠭᠤᠯ ᠤᠨ ᠬᠠᠷᠢᠯᠴᠠᠨ ᠶᠠᠪᠤᠯᠴᠠᠬᠤ ᠠᠨᠤ ᠤᠯᠠᠮ ᠤᠶᠢᠷ᠎ᠠ ᠪᠤᠯᠤᠭᠰᠠᠨ ᠲᠤᠯᠠᠳᠠ ᠦᠭᠡ ᠦᠭᠦᠯᠡᠯ | ᠤᠳᠬ᠎ᠠ ᠦᠰᠦᠭ ᠤᠨ ᠨᠡᠪᠲᠡᠷᠡᠯᠴᠡᠬᠦ ᠠᠨᠤ ᠨᠡᠩᠳᠠ ᠴᠢᠬᠤᠯᠠ ᠪᠤᠯᠪᠠᠢ᠂ ᠲᠠᠶᠢᠨ ᠭᠦ ᠿᠦᠢ ᠴᠠᠩ ᠪᠢ ᠤᠷᠢᠳᠠ ᠮᠤᠩᠭᠤᠯ ᠤᠳᠬ᠎ᠠ ᠶᠢᠨ ᠵᠦᠢᠯ ᠬᠤᠪᠢᠶᠠᠭᠰᠠᠨ | ᠲᠣᠯᠢ ᠶᠢ ᠵᠣᠬᠢᠶᠠᠵᠤ᠂ ᠬᠢᠲᠠᠳ ᠪᠢᠴᠢᠭ ᠶᠢ ᠮᠣᠩᠭᠤᠯᠴᠢᠯᠠᠨ ᠤᠷᠴᠢᠭᠤᠯᠬᠤᠶᠠ ᠬᠢᠨᠠᠨ ᠪᠠᠶᠢᠴᠠᠭᠠᠬᠤᠢ ᠳᠤᠷ ᠢᠷᠠᠭᠤ ᠪᠤᠯᠭᠠᠵᠤ᠂ ᠦᠨᠦ ᠳᠡᠭᠡᠨ ᠮᠤᠩᠭᠤᠯ ᠬᠢᠲᠠᠳ | ᠬᠠᠪᠰᠤᠷᠤᠭᠰᠠᠨ ᠲᠣᠯᠢ ᠶᠢ ᠵᠣᠬᠢᠶᠠᠭᠠᠳ ᠮᠣᠩᠭᠤᠯ ᠠᠴᠠ ᠬᠢᠲᠠᠳ ᠪᠤᠯᠭᠠᠬᠤᠢ ᠳᠤᠷ ᠭᠡᠷᠡᠴᠢ ᠪᠠᠷᠢᠮᠲᠠ ᠲᠠᠢ ᠪᠤᠯᠭᠠᠭᠰᠠᠨ ᠪᠦᠯᠦᠭᠡ︾ ᠭᠡᠵᠠᠢ᠃ ᠲᠡᠮᠬᠡᠲᠦ ᠶᠢᠨ ᠡᠨᠡ | ᠲᠣᠯᠢ ᠢ ᠲᠡᠭᠦᠨ ᠤ ᠤᠷᠢᠳᠠ ᠨᠢ ᠵᠤᠬᠢᠶᠠᠭᠰᠠᠨ ᠵᠦᠢᠯ ᠬᠤᠪᠢᠶᠠᠭᠰᠠᠨ ᠲᠣᠯᠢ ᠯᠤᠭ᠎ᠠ ᠬᠠᠷᠢᠴᠠᠭᠤᠯᠦᠨ ᠦᠵᠡᠪᠡᠯ ᠨᠡᠯᠢᠶᠡᠳ ᠳᠡᠯᠭᠡᠷᠡᠩᠭᠦᠢ ᠤᠴᠢᠷ ᠠᠴᠠ ᠡᠮᠦᠨᠡᠬᠢ | ᠠᠴᠠ ᠪᠠᠨ ᠨᠢᠭᠡ ᠠᠯᠬᠤᠮ ᠳᠠᠪᠰᠢᠯᠲᠠᠲᠠᠢ ᠭᠡᠵᠦ ᠦᠵᠡᠵᠦ ᠪᠤᠯᠤᠨ᠎ᠠ᠃ ᠪᠠᠰᠠ ᠣᠶᠢᠭᠤᠷᠵᠢᠨ ᠮᠤᠩᠭᠤᠯ ᠦᠰᠦᠭ ᠤᠨ ᠴᠠᠭᠠᠨ ᠲᠣᠯᠣᠭᠠᠢ ᠶᠢᠨ ᠲᠡᠰ ᠳᠠᠷᠠᠭ᠎ᠠ ᠪᠠᠷ | ᠵᠢᠭᠰᠠᠭᠠᠭᠰᠠᠨ ᠨᠢ ᠡᠷᠢᠬᠦ ᠳᠤ ᠶᠡᠬᠡᠯ᠎ᠡ ᠬᠢᠯᠪᠠᠷ ᠳᠦᠭᠦᠮ ᠪᠠᠶᠢᠨ᠎ᠠ᠃ ᠲᠣᠰ ᠲᠣᠯᠢ ᠬᠤᠶᠠᠷ ᠶᠠᠩᠵᠤ ᠶᠢᠨ ᠪᠠᠶᠢᠬᠤ ᠪᠦᠭᠡᠳ ᠨᠢᠭᠡ ᠨᠢ ᠱᠤᠭᠤᠯ ᠲᠠᠢ᠂ ᠨᠦᠭᠦᠭᠡ | ᠶᠢ ᠨᠢ ᠬᠠᠲᠠᠭᠤ ᠬᠠᠪᠲᠠᠰᠤ ᠪᠠᠷ ᠬᠠᠪᠲᠠᠰᠤᠯᠠᠭᠰᠠᠨ ᠪᠠᠶᠢᠨ᠎ᠠ᠃ | 13. 1938 ᠣᠨ ᠳᠤ ᠬᠢᠯᠵᠢᠩᠲᠠᠢ ᠭᠡᠳᠡᠭ ᠬᠦᠮᠦᠨ ᠤ ᠵᠣᠬᠢᠶᠠᠭᠰᠠᠨ ︽ᠮᠣᠩᠭᠤᠯ ᠨᠠᠩᠭᠢᠶᠠᠳ ᠦᠰᠦᠭ ᠤᠨ ᠲᠤᠯᠢ ᠪᠢᠴᠭ︾ ᠬᠤᠶᠠᠷ ᠲᠡᠪᠲᠡᠷ ᠢ ᠮᠦᠨ | ᠪᠡᠭᠡᠵᠢᠩ ᠤᠨ ᠮᠣᠩᠭᠤᠯ ᠪᠢᠴᠢᠭ ᠤᠨ ᠬᠤᠷᠢᠶᠠᠨ ᠠᠴᠠ ᠳᠠᠷᠤᠮᠠᠯᠯᠠᠵᠠᠢ᠃ | 14. ︽ᠮᠣᠩᠭᠤᠯ ᠬᠢᠲᠠᠳ ᠦᠰᠦᠭ ᠬᠠᠪᠰᠤᠷᠤᠭᠰᠠᠨ ᠲᠠᠪᠤᠨ ᠵᠦᠭ ᠤᠨ ᠠᠭᠤᠤ ᠠᠶᠠᠯᠭᠤ ᠬᠡᠮᠡᠬᠦ ᠪᠢᠴᠢᠭ︾᠄ ᠳᠤᠮᠳᠠᠳᠤ ᠢᠷᠭᠡᠨ ᠤᠯᠤᠰ ᠤᠨ | ᠵᠢᠷᠭᠤᠳᠤᠭᠠᠷ ᠣᠨ ᠪᠤᠶᠤ 1917 ᠤᠨ ᠳᠤ ᠮᠤᠳᠤᠨ ᠪᠠᠷ ᠢᠶᠠᠷ ᠭᠠᠷᠴᠡᠢ᠃ ᠭᠤᠷᠪᠠᠨ ᠲᠤᠭᠲᠤᠢ᠂ ᠬᠤᠶᠠᠷ ᠶᠠᠩᠵᠤ ᠶᠢᠨ ᠡᠬᠡ ᠪᠤᠢ᠃ ᠬᠠᠷᠠᠴᠢᠨ ᠬᠤᠰᠢᠭᠤᠨ ᠤ | ᠬᠠᠢ ᠱᠠᠨ ᠭᠡᠭᠴᠢ ᠬᠦᠮᠦᠨ ᠵᠣᠬᠢᠶᠠᠭᠰᠠᠨ ᠪᠦᠭᠡᠳ ᠵᠣᠬᠢᠶᠠᠭᠴᠢ ᠶᠢᠨ ᠦᠪᠡᠷ ᠤᠨ ᠬᠢᠨᠢ ᠣᠷᠣᠰᠢᠯ ᠠᠴᠠ ᠭᠠᠳᠠᠨ᠎ᠠ ᠪᠠᠰᠠ ᠦᠭᠡᠷ᠎ᠡ ᠬᠦᠮᠦᠰ ᠤᠨ ᠪᠢᠴᠢᠭᠰᠡᠨ | ᠭᠤᠷᠪᠠᠨ ᠣᠷᠣᠰᠢᠯ ᠲᠠᠢ᠃ ᠲᠡᠳᠡᠭᠡᠷ ᠣᠷᠣᠰᠢᠯ ᠳᠤ ᠦᠭᠦᠯᠡᠭᠰᠠᠨ ᠠᠴᠠ ᠦᠵᠡᠪᠡᠯ᠂ ᠵᠣᠬᠢᠶᠠᠭᠴᠢ ᠬᠠᠢ ᠱᠠᠨ᠂ ᠬᠢᠲᠠᠳ ︽ᠲᠠᠪᠤᠨ ᠭᠠᠵᠠᠷ ᠤᠨ ᠠᠶᠠᠯᠭᠤ︾ | ᠬᠡᠮᠡᠬᠦ ᠨᠢᠭᠡ ᠪᠢᠴᠢᠭ ᠢ ᠠᠪᠴᠤ ᠲᠣᠰ ᠪᠦᠷᠢ ᠮᠣᠩᠭᠤᠯ ᠦᠰᠦᠭ ᠢᠶᠠᠷ ᠲᠠᠶᠢᠯᠵᠦ ᠣᠷᠴᠢᠭᠤᠯᠤᠭᠠᠳ ᠡᠨᠡ ᠲᠣᠯᠢ ᠶᠢ ᠪᠦᠲᠦᠭᠡᠵᠠᠢ᠃ ᠤᠭ ᠲᠣᠯᠢ ᠶᠢᠨ ᠡᠮᠦᠨ᠎ᠡ ᠨᠢ | ᠠᠶᠠᠯᠭᠤ ᠣᠩᠰᠢᠬᠤ ᠠᠷᠭ᠎ᠠ ᠶᠢ ᠪᠢᠴᠢᠭᠰᠡᠨ ᠪᠠ ᠳᠠᠷᠠᠭ᠎ᠠ ᠨᠢ ᠬᠢᠲᠠᠳ᠂ ᠮᠣᠩᠭᠤᠯ ᠦᠭᠡ ᠪᠠᠨ ᠵᠢᠭᠰᠠᠭᠠᠭᠰᠠᠨ ᠪᠠᠶᠢᠨ᠎ᠠ᠃ | 15. ︽ᠨᠠᠩᠭᠢᠶᠠᠳ ᠮᠤᠩᠭᠤᠯ ᠦᠰᠦᠭ ᠤᠨ ᠲᠣᠯᠢ︾᠄ 1940 — 1945 ᠣᠨ ᠳᠤ ︵ᠶᠠᠫᠤᠨ ᠤ ᠳᠠᠷᠤᠯᠠᠯ ᠤᠨ ᠦᠶ᠎ᠡ︶ ᠵᠣᠬᠢᠶᠠᠵᠠᠢ ᠭᠡᠵᠦ | ᠪᠢᠴᠢᠵᠦ ᠪᠠᠶᠢᠨ᠎ᠠ᠃ ᠨᠠᠶᠢᠷᠠᠭᠤᠯᠣᠭᠰᠠᠨ ᠬᠦᠮᠤᠰ ᠨᠢ ᠸᠠᠩᠴᠢᠨᠳᠣᠷᠵᠢ ᠨᠠᠷ᠂ ᠴᠢᠭᠤᠯᠤᠯᠲᠤ ᠬᠠᠭᠠᠯᠭ᠎ᠠ ᠪᠤᠶᠤ ᠵᠠᠩᠴᠢᠭᠦᠦ ᠳᠤ ᠨᠢᠭᠡᠨ ᠲᠤᠭᠲᠤᠢ ᠵᠢᠷᠭᠤᠭᠠᠨ ᠲᠡᠪᠲᠡᠷ | ᠪᠤᠯᠭᠠᠨ ︽ᠬᠢᠨᠠᠨ ᠲᠤᠭᠲᠠᠭᠠᠬᠤᠢ ᠳᠤᠷ ᠬᠡᠷᠡᠭᠯᠡᠬᠦ ᠡᠬᠡ ᠪᠢᠴᠢᠭ︾ ᠬᠡᠮᠡᠨ ᠳᠠᠷᠤᠮᠠᠯᠯᠠᠵᠠᠢ᠃ | 16. ᠮᠠᠨ ᠤ ᠤᠯᠤᠰ ᠪᠠᠶᠢᠭᠤᠯᠤᠭᠳᠠᠬᠤ ᠶᠢᠨ ᠤᠷᠢᠳ ᠵᠢᠯ — 1948 ᠤᠨ ᠳᠤ ᠦᠪᠦᠷ ᠮᠣᠩᠭᠤᠯ ᠤᠨ ᠬᠡᠯᠡ ᠪᠢᠴᠢᠭ ᠰᠤᠳᠤᠯᠬᠤ ᠭᠡᠷ ᠠᠴᠠ | ᠨᠠᠶᠢᠷᠠᠭᠤᠯᠤᠭᠰᠠᠨ ︽ᠬᠢᠲᠠᠳ ᠮᠤᠩᠭᠤᠯ ᠦᠭᠡᠰ ᠤᠨ ᠲᠤᠯᠢ︾ ᠭᠡᠳᠡᠭ ᠵᠢᠵᠢᠭᠬᠡᠨ ᠲᠤᠯᠢ ᠬᠡᠪᠯᠡᠭᠳᠠᠵᠠᠢ᠃ | 17. ︽ᠲᠠᠸᠠᠷ ᠤᠨ ᠨᠡᠷᠡᠰ ᠤᠨ ᠡᠬᠡ ᠲᠡᠪᠲᠡᠷ︾ ᠬᠡᠮᠡᠭᠴᠢ ᠬᠢᠲᠠᠳ ᠮᠣᠩᠭᠤᠯ ᠨᠡᠷ᠎ᠡ ᠲᠣᠮᠢᠶᠠᠨ ᠤ ᠤᠭ ᠡᠬᠡ ᠨᠣᠣᠷᠠᠭ ᠣᠳᠣ ᠦᠪᠦᠷ ᠮᠣᠩᠭᠤᠯ ᠤᠨ ᠬᠡᠯᠡ | ᠣᠳᠬ᠎ᠠ ᠵᠣᠬᠢᠶᠠᠯ ᠲᠡᠦᠬᠡ ᠰᠤᠳᠤᠯᠬᠤ ᠭᠠᠵᠠᠷ ᠤᠨ ᠨᠤᠮ ᠤᠨ ᠰᠠᠩ ᠳᠤ ᠪᠤᠢ᠃ ᠡᠭᠦᠨ ᠢ ᠲᠠᠸᠠᠷ ᠤᠨ ᠨᠡᠷᠡᠰ ᠭᠡᠳᠡᠭ ᠨᠡᠷ᠎ᠡ ᠲᠠᠢ ᠪᠠᠷ ᠦᠪᠦᠷ ᠮᠣᠩᠭᠤᠯ ᠤᠨ | ᠠᠷᠠᠳ ᠤᠨ ᠬᠡᠪᠯᠡᠯ ᠤᠨ ᠬᠤᠷᠢᠶ᠎ᠠ ᠠᠴᠠ ᠬᠡᠪᠯᠡᠭᠦᠯᠦᠭᠰᠠᠨ ᠪᠠᠶᠢᠳᠠᠭ᠃ | 18. ᠬᠢᠲᠠᠳ ᠮᠣᠩᠭᠤᠯ ᠢ ᠬᠠᠷᠢᠴᠠᠭᠤᠯᠤᠭᠰᠠᠨ ︽ᠳᠤᠮᠳᠠᠳᠤ ᠪᠠ ᠭᠠᠳᠠᠭᠠᠳᠤ ᠶᠢᠨ ᠭᠠᠵᠠᠷ ᠤᠨ ᠨᠡᠷᠡᠰ︾ ︵ᠬᠡᠷᠡᠭ ᠳᠡᠭᠡᠷ᠎ᠡ ᠪᠠᠨ ᠨᠢᠭᠡ ᠶᠣᠰᠣᠨ ᠤ | ᠲᠤᠰᠬᠠᠢ ᠮᠡᠷᠭᠡᠵᠢᠯ ᠤᠨ ᠲᠣᠯᠢ︶ ᠢ ᠦᠪᠦᠷ ᠮᠣᠩᠭᠤᠯ ᠤᠨ ᠰᠤᠷᠭᠠᠨ ᠬᠦᠮᠦᠵᠢᠯ ᠤᠨ ᠬᠡᠪᠯᠡᠯ ᠤᠨ ᠬᠤᠷᠢᠶ᠎ᠠ ᠠᠴᠠ 1963 ᠣᠨ ᠳᠤ ᠨᠠᠶᠢᠷᠠᠭᠤᠯᠤᠨ ᠬᠡᠪᠯᠠᠭᠦᠯᠵᠠᠢ᠃ | ᠲᠣᠰ ᠲᠣᠯᠢ ᠳᠤ ᠳᠤᠮᠳᠠᠳᠣ᠂ ᠪᠠᠭ᠎ᠠ ᠰᠤᠷᠭᠠᠭᠤᠯᠢ ᠶᠢᠨ ᠰᠤᠷᠬᠤ ᠪᠢᠴᠢᠭ ᠲᠠᠬᠢ ᠳᠤᠮᠳᠠᠳᠤ ᠪᠠ ᠭᠠᠳᠠᠭᠠᠳᠤ ᠶᠢᠨ ᠨᠡᠷ᠎ᠡ ᠶᠢ ᠪᠠᠷᠤᠭ ᠴᠦᠮ ᠪᠠᠭᠲᠠᠭᠠᠭᠰᠠᠨ ᠠᠴᠠ | ᠭᠠᠳᠠᠨ᠎ᠠ᠂ ᠶᠡᠷᠦ ᠶᠢᠨ ᠨᠤᠮ ᠪᠢᠴᠢᠭ ᠲᠤ ᠦᠷᠭᠦᠯᠵᠢ ᠲᠣᠬᠢᠶᠠᠯᠳᠦᠳᠠᠭ ᠭᠠᠵᠠᠷ ᠤᠨ ᠨᠡᠷ᠎ᠡ ᠶᠢ ᠴᠦᠭᠡᠨ ᠪᠣᠰᠤ ᠨᠡᠮᠡᠵᠦ ᠣᠷᠣᠭᠤᠯᠣᠭᠰᠠᠨ ᠨᠢ ᠳᠤᠮᠳᠠᠳᠤ ᠪᠠ | ᠭᠠᠳᠠᠭᠠᠳᠤ ᠶᠢᠨ ᠭᠠᠵᠠᠷ ᠤᠨ ᠨᠡᠷ᠎ᠡ ᠶᠢᠨ ᠪᠢᠴᠢᠯᠭᠡ ᠶᠢ ᠨᠢᠭᠡᠳᠬᠡᠬᠦ᠂ ᠵᠢᠴᠢ ᠮᠣᠩᠭᠤᠯ ᠬᠡᠯᠡ ᠪᠢᠴᠢᠭ ᠤᠨ ᠠᠵᠢᠯᠲᠠᠨ ᠪᠠ ᠳᠤᠮᠳᠠᠳᠤ ᠪᠠᠭ᠎ᠠ ᠰᠤᠷᠭᠠᠭᠤᠯᠢ ᠶᠢᠨ | ᠪᠠᠭᠰᠢ ᠨᠠᠷ ᠤᠨ ᠠᠵᠢᠯ ᠳᠤ ᠶᠡᠭᠡ ᠰᠠᠶᠢᠬᠠᠨ ᠯᠠᠪᠯᠠᠯᠲᠠ ᠶᠢᠨ ᠮᠠᠲ᠋ᠧᠷᠢᠶᠠᠯ ᠪᠤᠯᠤᠭᠰᠠᠨ ᠪᠠᠶᠢᠨ᠎ᠠ᠃ | 19. ︽ᠬᠢᠲᠠᠳ ᠮᠤᠩᠭᠤᠯ ᠲᠤᠪᠴᠢ ᠲᠣᠯᠢ︾᠄ ᠦᠪᠦᠷ ᠮᠣᠩᠭᠤᠯ ᠤᠨ ᠬᠡᠯᠡ ᠤᠳᠬ᠎ᠠ ᠵᠣᠬᠢᠶᠠᠯ ᠲᠡᠦᠬᠡ ᠰᠤᠳᠤᠯᠬᠤ ᠭᠠᠵᠠᠷ ᠠᠴᠠ 1955 ᠣᠨ ᠳᠤ | ᠨᠠᠶᠢᠷᠠᠭᠤᠯᠤᠨ ᠬᠡᠪᠯᠡᠭᠦᠯᠵᠠᠢ᠃ ᠲᠦᠮᠡ ᠵᠷᠭᠤᠭᠠᠨ ᠮᠢᠩᠭ᠎ᠠ ᠣᠷᠴᠢᠮ ᠦᠭᠡ ᠲᠠᠢ ᠭᠤᠤᠯ ᠨᠢ ᠰᠢᠨ᠎ᠡ ᠦᠭᠡ ᠨᠡᠷ᠎ᠡ ᠲᠣᠮᠢᠶᠠᠨ ᠤ ᠣᠷᠴᠢᠭᠤᠯᠭ᠎ᠠ ᠶᠢ ᠵᠢᠭᠰᠠᠭᠠᠵᠤ᠂ | ᠲᠠᠷᠠᠭᠠᠯᠠᠪᠠᠯ ᠡᠩ ᠤᠨ ᠦᠭᠡᠰ ᠤᠨ ᠣᠷᠴᠢᠭᠤᠯᠭ᠎ᠠ ᠶᠢ ᠴᠦ ᠨᠡᠯᠢᠶᠠᠳ ᠣᠷᠣᠭᠤᠯᠤᠭᠰᠠᠨ ᠪᠠᠶᠢᠨ᠎ᠠ᠃ | ᠠᠳᠡ ᠪᠢᠳᠠ ᠲᠣᠰ ᠲᠣᠯᠢᠨ ᠤ᠂ ᠲᠤᠬᠠᠢ ᠶᠢᠨ ᠦᠶ᠎ᠡ ᠳᠤ ᠦᠷᠭᠡᠨ ᠣᠯᠠᠨ ᠬᠡᠷᠡᠭᠯᠡᠭᠴᠢᠳ ᠤᠨ ᠬᠡᠷᠡᠭᠴᠡᠭᠡ ᠶᠢ ᠬᠠᠩᠭᠠᠵᠤ ᠵᠣᠬᠢᠬᠤ ᠦᠢᠯᠡᠳᠦᠯ ᠢᠶᠠᠨ | ᠦᠵᠡᠭᠦᠯᠦᠭᠰᠠᠨ ᠢ ᠨᠢ ᠲᠡᠮᠲᠡᠭᠯᠡᠬᠦ ᠶᠣᠰᠤᠲᠠᠢ᠃ ᠬᠢᠲᠠᠳ ᠦᠰᠦᠭ ᠤᠨ ᠵᠢᠷᠤᠭᠠᠰᠤ ᠪᠠ ᠳᠠᠭᠤᠳᠠᠯᠭ᠎ᠠ ᠪᠠᠷ ᠪᠦᠷ ᠡᠷᠢᠵᠦ ᠪᠤᠯᠬᠤ ᠶᠢᠨ ᠬᠠᠮᠲᠤ ᠮᠤᠩᠭᠤᠯ ᠦᠭᠡᠰ | ᠤᠨ ᠬᠡᠯᠬᠢᠶᠡᠰᠦ ᠲᠠᠢ ᠪᠤᠯᠬᠤᠷ ᠮᠣᠩᠭᠤᠯ ᠢᠶᠠᠷ ᠨᠢ ᠦᠭᠡ ᠡᠷᠢᠬᠦ ᠳᠤ ᠪᠠᠰᠠ ᠶᠡᠬᠡᠯ᠎ᠡ ᠲᠦᠬᠦᠮ ᠲᠠᠢ ᠪᠠᠶᠢᠭᠰᠠᠨ ᠶᠣᠮ᠃ ᠭᠡᠪᠡᠴᠦ ᠨᠢᠭᠡ ᠲᠤᠲᠠᠭᠳᠠᠯ ᠨᠢ ᠭᠡᠪᠡᠯ | ᠬᠦᠮᠦᠰ ᠤᠨ ᠵᠠᠷᠢᠮ ᠢᠵᠢᠯ ᠲᠠᠰᠤᠯ ᠪᠤᠯᠤᠭ᠎ᠠ ᠦᠭᠡᠢ ᠡᠸᠦ᠋ᠷᠦᠫᠡ ᠬᠡᠯᠡᠨ ᠤ ᠵᠢᠭᠡᠯᠡᠭᠡ ᠦᠭᠡ ᠠᠷᠠᠢ ᠤᠯᠠᠨ ᠢ ᠬᠡᠷᠡᠭᠯᠠᠵᠡᠢ᠃ | 20. ︽ᠬᠢᠲᠠᠳ ᠮᠤᠩᠭᠤᠯ ᠲᠣᠯᠢ︾᠂ ᠮᠦᠨ ᠦᠪᠦᠷ ᠮᠤᠩᠭᠤᠯ ᠤᠨ ᠬᠡᠯᠡ ᠤᠳᠬ᠎ᠠ ᠵᠤᠬᠢᠶᠠᠯ ᠲᠡᠦᠬᠡ ᠰᠤᠳᠤᠯᠬᠤ ᠭᠠᠵᠠᠷ ᠠᠴᠠ ᠨᠠᠶᠢᠷᠠᠭᠤᠯᠤᠨ ᠵᠤᠬᠢᠶᠠᠵᠤ | 1964 ᠤᠨ ᠳᠤ ᠬᠡᠪᠯᠡᠭᠦᠯᠵᠠᠢ᠃ ᠡᠭᠦᠨ ᠤ ᠲᠤᠯᠤᠭᠠᠢ ᠦᠰᠦᠭ ᠢ ᠬᠢᠲᠠᠳ ᠬᠡᠯᠡᠨ ᠤ ︽ᠰᠢᠨ ᠬᠤᠸᠠ ᠦᠰᠦᠭ ᠤᠨ ᠲᠣᠯᠢ︾ ᠪᠠᠷ ᠰᠠᠭᠤᠷᠢ ᠪᠤᠯᠭᠠᠭᠰᠠᠨ | ᠪᠦᠭᠡᠳ ᠨᠠᠶᠢᠲᠡ 6686 ᠲᠣᠯᠤᠭᠠᠢ ᠦᠰᠦᠭ ᠤᠷᠤᠭᠤᠯᠤᠭᠰᠠᠨ ᠪᠠᠶᠢᠨ᠎ᠠ᠃ ᠡᠭᠦᠨ ᠳᠤ 55 ᠣᠨ ᠤ ︽ᠬᠢᠲᠠᠳ ᠮᠤᠩᠭᠤᠯ ᠲᠤᠪᠴᠢ ᠲᠤᠯᠢ︾ ᠶᠢᠨ ᠲᠤᠲᠠᠭᠳᠠᠯ | ᠢ ᠢᠯᠠᠨ ᠳᠠᠪᠠᠭᠰᠠᠨ ᠨᠢ ᠮᠡᠳᠡᠭᠳᠡᠬᠦᠶᠢᠴᠡ ᠪᠠᠶᠢᠨ᠎ᠠ᠃ ᠪᠠᠶᠢᠩᠭᠤ ᠶᠢᠨ ᠦᠭᠡᠰ ᠢ ᠡᠷᠢᠬᠦ ᠳᠤ ᠤᠪᠤᠤ ᠵᠡᠭᠡᠭᠰᠠᠨ ᠪᠤᠯᠪᠠᠴᠤ ᠶᠠᠭ ᠨᠠᠷᠢᠨ ᠵᠦᠢᠯ᠂ ᠮᠦᠨ ᠵᠠᠷᠢᠮ | ᠲᠤᠰᠬᠠᠢ ᠮᠡᠷᠭᠡᠵᠢᠯ ᠤᠨ ᠦᠭᠡᠰ ᠢ ᠡᠷᠢᠬᠦ ᠳᠤ ᠪᠠᠰᠠ ᠯᠠ ᠤᠯᠳᠠᠳᠠᠭ ᠦᠭᠡᠢ ᠪᠠᠶᠢᠨ᠎ᠠ᠃ ᠬᠡᠳᠦᠢ ᠲᠡᠶᠢᠮᠦ ᠪᠤᠯᠪᠠᠴᠤ ᠡᠨᠡ ᠲᠤᠯᠢ ᠣᠳᠣ ᠳᠤ ᠬᠦᠷᠲᠡᠯ᠎ᠡ ᠮᠠᠰᠢ | ᠤᠯᠠᠨ ᠬᠦᠮᠦᠨ ᠤ᠂ ᠢᠯᠠᠩᠭᠤᠶ᠎ᠠ ᠬᠢᠲᠠᠳ ᠮᠤᠩᠭᠤᠯ ᠬᠡᠯᠡ ᠪᠠᠷ ᠶᠠᠭᠤᠮ᠎ᠠ ᠣᠷᠴᠢᠭᠤᠯᠳᠠᠭ ᠬᠦᠮᠦᠰ ᠤᠨ ᠪᠠᠷᠤᠭ ᠭᠠᠷ ᠤᠨ ᠠᠪᠤᠯᠭ᠎ᠠ ᠨᠢ ᠪᠤᠯᠤᠭᠰᠠᠭᠠᠷ ᠪᠠᠶᠢᠨ᠎ᠠ᠃ | ᠡᠨᠡ ᠭᠦ ᠲᠤᠯᠢ ᠶᠢ ᠮᠦᠨ ᠤᠭ ᠵᠤᠬᠢᠶᠠᠭᠰᠠᠨ ᠭᠠᠵᠠᠷ ᠠᠴᠠ ᠨᠢ ᠬᠤᠶᠠᠷ ᠶᠠᠩᠵᠤ ᠶᠢᠨ ᠲᠤᠯᠢ ᠪᠤᠯᠭᠠᠵᠤ ᠵᠠᠰᠠᠵᠤ ᠪᠤᠢ ᠪᠦᠭᠡᠳ ᠨᠢᠭᠡ ᠨᠢ ᠶᠤᠰᠤᠲᠠᠢ ︽ᠰᠢᠨ | ᠬᠤᠸᠠ ᠦᠰᠦᠭ ᠤᠨ ᠲᠤᠯᠢ︾ ᠶᠢᠨ ᠦᠭᠡ ᠳᠠᠷᠠᠭᠠᠯᠠᠭᠰᠠᠨ ᠣᠷᠴᠢᠭᠤᠯᠭ᠎ᠠ᠂ ᠨᠦᠭᠦᠭᠡ ᠨᠢ ᠤᠤᠯ ᠲᠤᠯᠢ ᠶᠢᠨ ᠢᠶᠠᠨ ᠶᠡᠬᠡᠳᠬᠡᠭᠰᠠᠨ ᠤᠷᠴᠢᠭᠤᠯᠭ᠎ᠠ ᠪᠤᠯᠤᠨ᠎ᠠ᠃ | 21. ︽ᠬᠢᠲᠠᠳ ᠮᠤᠩᠭᠤᠯ ᠬᠡᠪᠰᠢᠭᠰᠡᠨ ᠦᠭᠡ ᠶᠢᠨ ᠲᠤᠯᠢ︾ ︵ᠲᠤᠷᠰᠢᠨ ᠬᠡᠷᠡᠭᠯᠡᠬᠦ ᠲᠡᠪᠲᠡᠷ︶᠄ ᠵᠤᠬᠢᠶᠠᠭᠰᠠᠨ ᠨᠢ ᠪᠤᠯᠠᠭ᠂ 1973 ᠤᠨ ᠳᠤ ᠦᠪᠦᠷ | ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠠᠴᠠ ᠬᠡᠪᠯᠡᠭᠦᠯᠵᠠᠢ᠃ 3576 ᠬᠡᠪᠰᠢᠮᠡᠯ ᠦᠭᠡ ᠲᠠᠢ᠃ | ᠪᠤᠯᠠᠭ ᠨᠦᠬᠦᠷ ᠤᠨ ᠡᠨᠡ ᠲᠤᠯᠢᠨ ᠤ ᠰᠠᠶᠢᠨ ᠲᠠᠢ ᠲᠠᠯ᠎ᠠ ᠨᠢ ᠭᠡᠪᠡᠯ᠂ ᠬᠢᠲᠠᠳ ᠬᠡᠯᠡᠨ ᠤ ᠬᠡᠪᠰᠢᠮᠡᠯ ᠦᠭᠡ ᠶᠢ ᠮᠣᠩᠭᠤᠯ ᠬᠡᠯᠡᠨ ᠳᠤ ᠣᠷᠴᠢᠭᠤᠯᠬᠤ ᠳᠠᠭᠠᠨ | ᠴᠤᠬᠤᠮ ᠦᠰᠦᠭ ᠤᠨ ᠬᠢᠨᠢ ᠳᠠᠭᠠᠦ ᠮᠢᠬᠠᠴᠢᠯᠠᠨ ᠣᠷᠴᠢᠭᠤᠯᠬᠤ ᠶᠤᠰᠤ ᠶᠢ ᠪᠠᠷᠢᠮᠲᠠᠯᠠᠬᠤ ᠦᠦ᠂ ᠡᠰᠡᠭᠦᠯ᠎ᠡ ᠮᠤᠩᠭᠤᠯ ᠬᠡᠯᠡᠨ ᠤ ᠪᠠᠨ ᠤᠳᠬ᠎ᠠ ᠨᠢ ᠳ᠋ᠦᠢᠬᠦ ᠲᠡᠶᠢᠮᠦ | ᠬᠡᠪᠰᠢᠮᠡᠯ ᠦᠭᠡ ᠪᠤᠶᠤ ᠲᠡᠶᠢᠮᠦ ᠰᠠᠨᠠᠭ᠎ᠠ ᠪᠦᠬᠦᠢ ᠦᠭᠡ ᠪᠠᠷ ᠤᠳᠬᠠᠴᠢᠯᠠᠨ ᠣᠷᠴᠢᠭᠤᠯᠬᠤ ᠶᠢ ᠪᠠᠷᠢᠮᠲᠠᠯᠠᠬᠤ ᠶᠢ ᠠᠩᠬᠠᠷᠤᠭᠰᠠᠨ ᠪᠠᠶᠢᠨ᠎ᠠ᠃ | 22. ᠦᠪᠦᠷ ᠮᠤᠩᠭᠤᠯ ᠤᠨ ᠰᠤᠷᠭᠠᠨ ᠬᠦᠮᠦᠵᠢᠯ ᠤᠨ ᠬᠤᠷᠢᠶᠠᠨ ᠠᠴᠠ ᠨᠠᠶᠢᠷᠠᠭᠤᠯᠤᠭᠰᠠᠨ ︽ᠮᠤᠩᠭᠤᠯ — ᠬᠢᠲᠠᠳ ᠦᠭᠡ ᠶᠢᠨ ᠲᠤᠯᠢ︾ ᠡᠳᠦᠬᠡ | ᠨᠢᠭᠡᠨᠲᠡ ᠬᠡᠪᠯᠡᠭᠳᠡᠬᠦ ᠶᠠᠪᠤᠴᠠ ᠳᠠᠭᠠᠨ ᠪᠠᠶᠢᠨ᠎ᠠ᠃ | 23. ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠬᠢᠵᠤ ᠪᠠᠶᠢᠭ᠎ᠠ ︽ᠮᠤᠩᠭᠤᠯ — ᠬᠢᠲᠠᠳ ᠲᠤᠯᠢ ᠪᠢᠴᠢᠭ︾ ᠡᠳᠦᠬᠡ ᠪᠠᠰᠠ ᠬᠡᠪᠯᠡᠭᠳᠡᠬᠦ ᠶᠠᠪᠤᠴᠠ | ᠳᠠᠭᠠᠨ ᠪᠠᠶᠢᠨ᠎ᠠ᠃ | Ⅱ ᠲᠦᠪᠡᠳ — ᠮᠤᠩᠭᠤᠯ ︵ᠮᠤᠩᠭᠤᠯ — ᠲᠦᠪᠡᠳ︶ ᠲᠣᠯᠢ ᠪᠢᠴᠢᠭ | ︽ ᠲᠤᠬᠢᠶᠠᠨ ᠤ ᠪᠢᠴᠢᠭ︾ ᠪᠤᠶᠤ ︽ᠲᠠᠶ᠋ᠢᠭ︾ ᠭᠡᠵᠦ ᠠᠯᠳᠠᠷᠰᠢᠭᠰᠠᠨ ᠲᠦᠪᠡᠳ — ᠮᠤᠩᠭᠤᠯ ︵ᠮᠤᠩᠭᠤᠯ — ᠲᠦᠪᠡᠳ︶ ᠲᠤᠯᠢ ᠪᠢᠴᠢᠭ ᠤᠨ | ᠵᠦᠢᠯ ᠲᠤᠩ ᠠᠷᠪᠢᠨ ᠪᠤᠢ᠃ ᠠᠳᠡ ᠬᠡᠳᠦᠬᠡᠨ ᠢ ᠳᠤᠷᠠᠳᠤᠶ᠎ᠠ᠃ | 24. ︽ᠲᠦᠪᠡᠳ ᠦᠭᠡ ᠬᠢᠯᠪᠠᠷ ᠰᠤᠷᠬᠤ ᠬᠡᠮᠡᠬᠦ ᠭᠤᠷᠪᠠᠨᠲᠠ ᠰᠢᠭᠦᠵᠤ ᠵᠠᠰᠠᠭᠰᠠᠨ ᠣᠷᠤᠰᠢᠪᠠᠢ︾᠄ ᠡᠨᠡ ᠲᠠᠶ᠋ᠢᠭ ᠢ ᠦᠵᠦᠮᠦᠴᠢᠨ ᠭᠦᠩ ᠭᠤᠮᠪᠤᠵᠠᠪ | ᠭᠡᠭᠴᠢ ᠬᠦᠮᠦᠨ ᠴᠢᠩ ᠤᠯᠤᠰ ᠤᠨ ᠱᠧᠩᠽᠦ ᠬᠤᠸᠠᠩᠳᠢ ᠶᠢᠨ ᠦᠶ᠎ᠡ ᠳᠤ ︵1722 ᠤᠨ ᠠᠴᠠ ᠡᠮᠦᠨ᠎ᠡ︶ ᠵᠤᠬᠢᠶᠠᠭᠰᠠᠨ ᠪᠦᠭᠡᠳ ︽ᠳ᠋ᠠᠩᠴᠡᠭᠴᠤᠶᠢᠳᠤᠷ᠂ | ᠯᠣᠪᠰᠠᠩᠴᠡᠷᠡᠨ᠂ ᠠᠭᠸᠠᠩᠫᠤᠩᠴᠤᠭ ᠨᠠᠷ ᠪᠢᠴᠢᠪᠠᠢ᠃︾ ᠮᠤᠳᠤᠨ ᠪᠠᠷ ᠤᠨ ᠬᠡᠪᠯᠡᠯ᠃ ᠡᠭᠦᠨ ᠳᠤ ᠶᠤᠭᠲᠠ ᠨᠡᠷ᠎ᠡ ᠶᠢ ᠲᠤᠰᠬᠠᠢ ᠬᠠᠪᠰᠤᠷᠤᠭᠰᠠᠨ ᠪᠠ ᠪᠠᠰᠠ | ᠭᠡᠰᠡᠭ ᠲᠡᠭᠦᠪᠦᠷᠢ ᠨᠡᠷᠡᠰ ᠢ ᠬᠠᠮᠲᠤᠳᠬᠠᠨ ︽ᠮᠡᠳᠡᠬᠦᠢ ᠳᠤᠷ ᠬᠢᠮᠳᠠ ᠪᠤᠯᠭᠠᠨ ᠪᠢᠴᠢᠪᠠᠢ︾ ᠭᠡᠵᠠᠢ᠃ ᠣᠷᠣᠰ ᠲᠤ ᠤᠳᠠᠭᠠᠨ ᠵᠢᠯ ᠰᠠᠭᠤᠵᠤ ᠮᠤᠩᠭᠤᠯ ᠬᠡᠯᠡ | ᠰᠤᠳᠤᠯᠤᠭᠰᠠᠨ ᠱᠮᠢᠳ᠋ᠲ ᠭᠡᠭᠴᠢ ᠡᠷᠳᠡᠮᠲᠡᠨ 1841 ᠤᠨ ᠳᠤ ᠬᠡᠪᠯᠡᠭᠦᠯᠦᠭᠰᠠᠨ ᠲᠦᠪᠡᠳ ᠮᠣᠩᠭᠤᠯ ᠲᠤᠯᠢ ᠳᠠᠭᠠᠨ ᠭᠤᠮᠪᠤᠵᠠᠪ ᠤᠨ ᠲᠠᠶ᠋ᠢᠭ ᠢ ᠠᠰᠢᠭᠯᠠᠭᠰᠠᠨ | ᠭᠡᠳᠡᠭ᠃ | 25. ︽ᠨᠡᠷ᠎ᠡ ᠤᠳᠬ᠎ᠠ ᠶᠢ ᠲᠣᠲᠣᠳᠬᠠᠭᠴᠢ ᠰᠠᠷᠠᠨ ᠤ ᠭᠡᠷᠡᠯ ᠬᠡᠮᠡᠭᠳᠠᠬᠦ ᠲᠤᠬᠢᠶᠠᠨ ᠤ ᠪᠢᠴᠢᠭ ᠣᠷᠣᠰᠢᠪᠠᠢ︾᠄ ᠡᠭᠦᠨ ᠢ ᠠᠯᠠᠱᠠ ᠶᠢᠨ ᠯᠾᠠᠷᠠᠮᠪᠠ | ᠠᠭᠸᠠᠩᠳᠠᠨᠳᠠᠷ ᠦᠪᠡᠷ ᠤᠨ ᠨᠠᠶᠠᠨ ᠨᠠᠰᠤᠨ ᠪᠠᠶᠠᠷ ᠳᠡᠭᠡᠷ᠎ᠡ ᠴᠢᠩ ᠤᠯᠤᠰ ᠤᠨ ᠲᠦᠷᠦ ᠭᠡᠷᠡᠯᠲᠦ ᠶᠢᠨ ᠠᠷᠪᠠᠨ ᠨᠡᠢᠮᠠᠨ ᠤᠨ᠂ ᠠᠷᠪᠠᠨ ᠳᠦᠳᠦᠭᠡᠷ ᠷᠠᠪᠵᠤᠩ ᠤᠨ | ᠰᠢᠷ᠎ᠠ ᠨᠤᠬᠠᠢ ᠵᠢᠯ᠂ 1838 ᠣᠨ ᠳᠤ ᠵᠤᠬᠢᠶᠠᠵᠠᠢ᠃ ᠡᠷᠳᠡᠮ ᠰᠢᠨᠵᠢᠯᠡᠭᠡᠨ ᠤ ᠦᠭᠦᠯᠡᠯ ᠤᠨ ᠮᠡᠳᠡᠭᠡ ᠶᠢ ᠦᠨᠳᠦᠰᠦᠯᠡᠪᠡᠯ ᠡᠨᠡ ᠲᠠᠶ᠋ᠢᠭ ᠭᠤᠮᠪᠤᠵᠠᠪ ᠤᠨ ᠲᠠᠶ᠋ᠢᠭ | ᠢ ᠪᠣᠳᠤᠪᠠᠯ ᠨᠡᠯᠢᠶᠠᠳ ᠤᠯᠠᠨ ᠦᠭᠡ ᠲᠠᠢ ᠪᠦᠭᠡᠳ ᠦᠭᠡ ᠦᠰᠦᠭ ᠢᠨᠦ ᠠᠯᠳᠠᠭ᠎ᠠ ᠮᠡᠳᠠᠭ ᠦᠭᠡᠢ᠂ ᠲᠦᠪᠡᠳ ᠦᠰᠦᠭ ᠤᠨ ᠲᠡᠰ ᠳᠠᠷᠠᠭ᠎ᠠ ᠪᠠᠷ ᠵᠣᠬᠢᠶᠠᠭᠰᠠᠨ | ᠭᠡᠨ᠎ᠡ᠃ ᠬᠢᠲᠠᠳ ᠮᠤᠳᠤᠨ ᠪᠠᠷ ᠤᠨ ᠬᠡᠪᠯᠠᠯ᠃ | 26. ︽ᠲᠦᠪᠡᠳ ᠮᠤᠩᠭᠤᠯ ᠲᠣᠬᠢᠶᠠᠨ ᠤ ᠪᠢᠴᠢᠭ ᠨᠡᠷ᠎ᠡ ᠦᠭᠡ ᠤᠳᠬ᠎ᠠ ᠭᠤᠷᠪᠠᠨ ᠢ ᠲᠣᠳᠣᠷᠠᠭᠤᠯᠤᠨ ᠬᠠᠷᠠᠩᠭᠤᠢ ᠶᠢ ᠠᠷᠢᠯᠭᠠᠭᠴᠢ ᠵᠤᠯᠠ ᠨᠡᠷᠡᠲᠦ︾᠄ | ᠡᠨᠡ ᠲᠠᠶ᠋ᠢᠭ ᠢ ᠪᠦᠷᠢᠶᠠᠳ ᠰᠦᠮᠡᠲᠠᠢ ᠷᠠᠳᠨ᠎ᠠ ᠪᠤᠶᠤ ᠯᠣᠪᠰᠠᠩᠷᠢᠨᠴᠢᠨ᠂ ᠠᠷᠪᠠᠨ ᠲᠠᠪᠤᠳᠤᠭᠠᠷ ᠵᠢᠷᠠᠨ ᠤ ᠤᠯᠠᠭᠴᠢᠨ ᠦᠬᠡᠷ ᠵᠢᠯ 1877 ᠣᠨ ᠳᠤ ᠵᠣᠬᠢᠶᠠᠵᠠᠢ᠃ | ᠭᠠᠷ ᠪᠢᠴᠢᠮᠡᠯ᠂ ᠮᠢᠩᠭ᠎ᠠ ᠭᠠᠷᠤᠢ ᠬᠠᠭᠤᠳᠠᠰᠤ ᠪᠦᠬᠦᠢ ᠲᠤᠮᠤ ᠰᠤᠳᠤᠷ ᠪᠦᠭᠡᠳ ᠦᠭᠡ ᠨᠢ ᠣᠯᠠᠨ᠂ ᠲᠠᠶᠢᠯᠪᠤᠷᠢ ᠶᠡᠭᠡ ᠲᠠᠢ᠂ ᠲᠦᠪᠡᠳ ᠦᠭᠡ ᠶᠢ ᠲᠦᠪᠡᠳ | ᠦᠰᠦᠭ ᠢᠶᠠᠷ ᠲᠠᠶᠢᠯᠪᠤᠷᠢᠯᠠᠭᠰᠠᠨ ᠪᠠ ᠮᠣᠩᠭᠤᠯ ᠢᠶᠠᠷ ᠴᠦ ᠲᠠᠶᠢᠯᠪᠤᠷᠢᠯᠠᠭᠰᠠᠨ ᠨᠢ ᠪᠤᠢ᠃ | ᠡᠨᠡ ᠭᠦ ᠲᠠᠶ᠋ᠢᠭ ᠢ ᠭᠠᠳᠠᠭᠠᠳᠤ ᠶᠢᠨ ᠵᠠᠷᠢᠮ ᠬᠦᠮᠦᠨ ᠦᠨᠳᠦᠷ ᠢᠶᠠᠷ ᠦᠨᠡᠯᠡᠵᠦ᠂ ᠡᠭᠦᠨ ᠠᠴᠠ ᠠᠪᠴᠤ ᠬᠡᠷᠡᠭᠯᠡᠵᠦ ᠪᠠᠶᠢᠭᠰᠠᠨ ᠶᠠᠪᠤᠳᠠᠯ ᠪᠤᠢ ᠭᠡᠳᠡᠭ᠃ | 27. ︽ᠮᠡᠷᠭᠡᠳ ᠭᠠᠷᠬᠤ ᠶᠢᠨ ᠣᠷᠣᠨ ᠨᠡᠷᠡᠲᠦ ᠲᠠᠭᠶ᠋ᠢᠰ︾᠄ 1924 ᠣᠨ ᠳᠤ ᠮᠣᠩᠭᠤᠯ ᠠᠷᠠᠳ ᠤᠯᠤᠰ ᠤᠨ ᠰᠤᠳᠤᠷ ᠪᠢᠴᠢᠭ ᠤᠨ ᠬᠦᠷᠢᠶᠠᠯᠡᠩ ᠠᠴᠠ | ᠪᠠᠷ ᠢ ᠨᠢ ᠰᠡᠶᠢᠯᠡᠭᠦᠯᠵᠠᠢ᠃ | 28. ︽ᠲᠦᠪᠡᠳ ᠮᠣᠩᠭᠤᠯ ᠲᠣᠬᠢᠶᠠᠨ ᠤ ᠪᠢᠴᠢᠭ ᠨᠡᠷ᠎ᠡ ᠦᠭᠡ ᠤᠳᠬ᠎ᠠ ᠭᠤᠷᠪᠠᠨ ᠢ ᠲᠣᠳᠣᠳᠬᠠᠭᠴᠢ ᠣᠷᠣᠰᠢᠪᠠᠢ︾᠄ ᠡᠭᠦᠨ ᠢ ︽ᠬᠢᠷᠢᠲᠢ ᠪᠠᠵᠠᠷ | ᠳᠠᠮᠪᠠᠳᠣᠷᠵᠢ ᠪᠠᠷ ᠲᠡᠭᠦᠵᠦ ᠪᠢᠴᠢᠪᠠᠢ︾ ᠭᠡᠰᠡᠨ ᠪᠦᠭᠡᠳ ᠪᠦᠷᠢᠶᠠᠳ ᠲᠤ ᠬᠡᠪᠯᠡᠭᠰᠠᠨ ᠪᠠᠶᠢᠨ᠎ᠠ᠃ | Ⅲ ᠪᠤᠰᠤᠳ ᠤᠷᠴᠢᠭᠤᠯᠭ᠎ᠠ ᠶᠢᠨ ᠲᠤᠯᠢ | 29. ︽ᠮᠦᠺᠠᠳ᠋ᠳᠢᠮᠡᠲ ᠠᠯ — ᠠᠳᠠᠪ︾ ᠲᠣᠯᠢ᠄ ᠤᠭ ᠡᠬᠡ ᠨᠢ ᠠᠷᠠᠪ — ᠫᠧᠷᠰ — ᠲᠦᠷᠺ — ᠮᠣᠩᠭᠤᠯ ᠳᠦᠷᠪᠡᠨ ᠬᠡᠯᠡᠨ ᠤ ᠲᠣᠯᠢ᠂ | 1938 ᠣᠨ ᠳᠤ ᠫᠤᠫᠫᠧ᠂ ᠮᠤᠰᠺᠸᠠ ᠳᠤ ᠬᠡᠪᠯᠡᠭᠦᠯᠬᠦ ᠳᠡᠭᠡᠨ ᠮᠣᠩᠭᠤᠯ — ᠲᠦᠷᠺ ᠬᠤᠶᠠᠷ ᠬᠡᠯᠡᠨ ᠤ ᠬᠢ ᠶᠢ ᠨᠢ ᠠᠪᠤᠭᠠᠳ ᠨᠦᠭᠦᠭᠡ ᠠᠷᠠᠪ — ᠫᠧᠷᠰ | ᠬᠡᠯᠡᠨ ᠤ ᠬᠢ ᠶᠢ ᠨᠢ ᠣᠷᠣᠭᠤᠯᠤᠭᠰᠠᠨ ᠦᠭᠡᠢ ᠪᠠᠶᠢᠨ᠎ᠠ᠃ ᠫᠤᠫᠫᠧ ᠶᠢᠨ ᠬᠡᠪᠯᠡᠭᠦᠯᠤᠭ᠍ᠰᠠᠨ ᠡᠨᠡ ᠬᠦ ᠲᠤᠯᠢ ᠡᠮᠦᠨ᠎ᠡ ᠨᠢ ᠤᠷᠤᠰᠢᠯ᠂ ᠤᠳᠤᠷᠢᠳᠬᠠᠯ᠂ ᠠᠷᠤ ᠳᠤᠨᠢ | ᠲᠦᠷᠺ ᠦᠭᠡ ᠶᠢ ᠰᠤᠳᠤᠯᠤᠭᠰᠠᠨ ᠬᠠᠪᠰᠤᠷᠤᠯᠲᠠ ᠲᠠᠢ ᠪᠠ ᠭᠤᠤᠯ ᠵᠤᠬᠢᠶᠠᠯ ᠨᠢ ᠬᠤᠶᠠᠷ ᠪᠦᠯᠦᠭ ᠠᠴᠠ ᠪᠦᠷᠢᠯᠳᠦᠨ᠎ᠠ᠃ ᠨᠢᠭᠡᠳᠦᠭᠡᠷ ᠪᠦᠯᠦᠭ ᠨᠢ ᠲᠣᠰ ᠲᠤᠯᠢ | ᠳᠤ ᠣᠷᠣᠭᠰᠠᠨ ᠮᠤᠩᠭᠤᠯ ᠦᠭᠡᠰ ᠤᠨ ᠠᠪᠢᠶᠠᠨ ᠤ ᠵᠦᠢ ᠪᠠ ᠦᠭᠡ ᠶᠢᠨ ᠵᠦᠢ ᠶᠢᠨ ᠣᠨᠴᠠᠯᠢᠭ ᠤᠨ ᠲᠤᠬᠠᠢ ᠫᠤᠫᠫᠧ ᠶᠢᠨ ᠦᠪᠡᠷ ᠤᠨ ᠰᠤᠳᠤᠯᠤᠯ᠂ | ᠬᠤᠶᠠᠳᠤᠭᠠᠷ ᠪᠦᠯᠦᠭ ᠨᠢ ᠮᠤᠩᠭᠤᠯ — ᠲᠦᠷᠺ ᠲᠤᠯᠢ ᠪᠤᠯᠤᠨ᠎ᠠ᠃ | ᠫᠤᠫᠫᠧ ᠶᠢᠨ ᠬᠡᠯᠡᠭᠰᠠᠨ ᠢ ᠦᠨᠳᠦᠰᠦᠯᠡᠪᠡᠯ ︽ᠮᠦᠺᠠᠳ᠋ᠳᠢᠮᠡᠲ ᠠᠯ — ᠠᠳᠠᠪ︾ ᠭᠡᠳᠡᠭ ᠲᠣᠯᠢ ᠶᠢ ᠮᠦᠺᠠᠳ᠋ᠳᠢᠮᠡᠲ ᠠᠯ — ᠠᠳᠠᠪ ᠭᠡᠰᠡᠨ ᠬᠦᠮᠦᠨ | ᠵᠣᠬᠢᠶᠠᠭᠰᠠᠨ ᠪᠢᠰᠢ᠂ ᠬᠠᠷᠢᠨ 1143 ᠤᠨ ᠠᠴᠠ ᠡᠮᠦᠨ᠎ᠡ ᠪᠠᠶᠢᠭᠰᠠᠨ ᠲᠦᠷᠺ ᠶᠢᠨ ᠠᠯ — ᠵᠠᠮᠠᠭᠰᠢᠷᠡᠢ ᠭᠡᠭᠴᠢ ᠬᠦᠮᠦᠨ ᠤ ᠬᠢᠭᠰᠡᠨ ᠠᠷᠠᠪ — ᠫᠧᠷᠰ ︵ | ᠰᠡᠭᠦᠯ ᠳᠤᠨᠢ ᠲᠦᠷᠺ ᠦᠭᠡᠨ ᠤ ᠭᠡᠰᠡᠭ ᠨᠡᠮᠡᠭᠳᠡᠭᠰᠠᠨ︶ ᠬᠡᠯᠡᠨ ᠤ ᠲᠤᠯᠢ ᠪᠢᠴᠭ ᠲᠤ 1492 ᠤᠨ ᠠᠴᠠ ᠡᠮᠦᠨ᠎ᠡ ᠨᠡᠷ᠎ᠡ ᠶᠢ ᠨᠢ ᠦᠯᠦ ᠮᠡᠳᠡᠬᠦ ᠬᠦᠮᠦᠨ ᠮᠤᠩᠭᠤᠯ | ᠦᠭᠡ ᠨᠡᠮᠡᠵᠦ ᠤᠷᠤᠭᠤᠯᠤᠭᠰᠠᠨ ᠠᠴᠠ ᠡᠶᠢᠮᠦ ᠳᠦᠷᠪᠡᠨ ᠬᠡᠯᠡᠨ ᠤ ᠲᠤᠯᠢ ᠪᠢᠴᠢᠭ ᠤᠳᠤ ᠳᠤ ᠬᠦᠷᠲᠡᠯ᠎ᠡ ᠳᠠᠮᠵᠢᠭᠳᠠᠵᠤ ᠢᠷᠡᠵᠠᠢ᠃ ᠶᠠᠭᠤ ᠴᠦ ᠭᠡᠰᠡᠨ ᠡᠨᠡ | ᠲᠤᠯᠢᠨ ᠳᠤ ᠤᠷᠤᠭᠰᠠᠨ ᠮᠣᠩᠭᠤᠯ ᠦᠭᠡᠰ ᠨᠢ ᠳᠤᠮᠳᠠᠳᠤ ᠵᠠᠭᠤᠨ ᠤ ᠦᠶ᠎ᠡ ᠶᠢᠨ ᠮᠤᠩᠭᠤᠯ ᠬᠡᠯᠡᠨ ᠤ ᠣᠨᠴᠠᠯᠢᠭ ᠢ ᠬᠠᠳᠠᠭᠠᠯᠠᠭᠰᠠᠨ ᠨᠢ ᠲᠤᠲᠤᠷᠬᠠᠢ ᠪᠦᠭᠡᠳ | ᠦᠭᠡᠷ᠎ᠡ ᠪᠠᠷ ᠬᠡᠯᠡᠪᠠᠯ ᠮᠠᠨ ᠤ ᠤᠯᠤᠰ ᠲᠤ ᠵᠤᠬᠢᠶᠠᠭᠳᠠᠭᠰᠠᠨ ︽ᠬᠤᠸᠠ ᠢ ᠢ ᠢᠦᠢ︾ ᠲᠤᠯᠢ ᠲᠠᠢ ᠪᠠᠷᠤᠭ ᠨᠢᠭᠡ ᠴᠠᠭ ᠦᠶ᠎ᠡ ᠶᠢᠨ ᠪᠦᠲᠦᠭᠡᠭᠳᠡᠭᠦᠨ ᠪᠤᠯᠦᠨ᠎ᠠ᠃ | ᠲᠠᠶᠢᠮᠦ ᠴᠦ ᠤᠴᠢᠷ ᠠᠴᠠ ᠲᠡᠷᠡ ᠨᠢ ᠮᠤᠩᠭᠤᠯ ᠬᠡᠯᠡᠨ ᠤ ᠰᠤᠳᠤᠯᠤᠯᠭᠠᠨ ᠳᠤ ᠶᠡᠭᠡᠬᠡᠨ ᠴᠢᠬᠤᠯᠠ ᠠᠴᠢ ᠬᠤᠯᠪᠤᠭᠳᠠᠯ ᠪᠦᠬᠦᠢ ᠮᠠᠲ᠋ᠧᠷᠢᠶᠠᠯ ᠤᠨ ᠲᠤᠭᠠᠨ ᠳᠤ | ᠤᠷᠤᠳᠠᠭ ᠪᠠᠶᠢᠨ᠎ᠠ᠃ | 30. ︽ᠮᠤᠩᠭᠤᠯ — ᠤᠷᠤᠰ — ᠭᠧᠷᠮᠠᠨ ᠲᠤᠯᠢ︾᠄ 1835 ᠤᠨ ᠳᠤ ᠱᠮᠢᠳ᠋ᠲ ᠵᠤᠬᠢᠶᠠᠵᠤ ᠫᠧᠲ᠋ᠧᠷᠪᠦᠷᠢᠭ ︵ᠪᠤᠶᠤ ᠯᠧᠨᠢᠩᠭᠷᠠᠳ᠋︶ ᠲᠤ | ᠬᠡᠪᠯᠡᠭᠦᠯᠵᠠᠢ᠃ ᠨᠢᠭᠡᠨ ᠪᠤᠲᠢ᠂ ᠲᠦᠮᠡ ᠭᠤᠷᠪᠠᠨ ᠮᠢᠩᠭ᠎ᠠ ᠤᠷᠴᠢᠮ ᠦᠭᠡ ᠲᠠᠢ᠃ ᠠᠷᠤ ᠳᠤᠨᠢ ᠤᠷᠤᠰ᠂ ᠭᠧᠷᠮᠠᠨ ᠦᠭᠡᠰ ᠤᠨ ᠬᠡᠯᠬᠢᠶᠠᠰᠤ ᠶᠢ ᠳᠠᠭᠠᠯᠳᠤᠭᠤᠯᠵᠠᠢ᠃ | | 31. ︽ᠮᠤᠩᠭᠤᠯ — ᠤᠷᠤᠰ — ᠹᠷᠠᠨᠼᠢ ᠲᠤᠯᠢ︾ ᠫᠤᠯᠱᠠ ᠶᠢᠨ ᠮᠤᠩᠭᠤᠯᠴᠢ ᠡᠷᠳᠡᠮᠲᠡᠨ ᠺᠤᠸᠠᠯᠸᠧᠰᠺᠢ ᠵᠣᠬᠢᠶᠠᠵᠤ 1844 —1849 ᠣᠨ ᠤ | ᠬᠤᠭᠤᠷᠤᠨᠳᠤ ᠤᠷᠣᠰ ᠤᠨ ᠺᠠᠽᠠᠨ ᠬᠤᠲᠠᠨ ᠳᠤ ᠬᠡᠪᠯᠡᠭᠦᠯᠵᠠᠢ᠃ ᠨᠠᠶᠢᠲᠠ ᠭᠤᠷᠪᠠᠨ ᠪᠤᠲᠢ᠃ ᠮᠦᠨ ᠲᠤᠯᠢ ᠶᠢ 1933 ᠣᠨ ᠳᠤ ᠮᠠᠨ ᠤ ᠤᠯᠤᠰ ᠤᠨ ᠱᠠᠩᠬᠠᠢ | ᠳᠤ ᠲᠠᠬᠢᠨ ᠬᠡᠪᠯᠡᠵᠠᠢ᠃ | ᠺᠤᠸᠠᠯᠸᠧᠰᠺᠢ ᠶᠢᠨ ᠡᠨᠡ ᠲᠤᠯᠢ ᠬᠠᠭᠤᠴᠢᠨ ᠪᠢᠴᠢᠭ ᠤᠨ ᠬᠡᠯᠡᠨ ᠤ ᠨᠡᠯᠢᠶᠡᠳ ᠰᠠᠶᠢᠨ ᠲᠤᠯᠢᠨ ᠳᠤ ᠲᠤᠭᠠᠴᠠᠭᠳᠠᠬᠤ ᠪᠦᠭᠡᠳ ᠯᠤᠪᠰᠠᠩᠭᠠᠯᠰᠠᠩ ᠤᠨ ᠲᠦᠪᠡᠳ | ᠮᠤᠩᠭᠤᠯ ᠲᠤᠬᠢᠶᠠᠨ ᠤ ᠪᠢᠴᠢᠭ ᠵᠡᠷᠭᠡ ᠶᠢ ᠪᠠᠰᠠ ᠠᠰᠢᠭᠯᠠᠭᠰᠠᠨ ᠪᠤᠯᠬᠤᠷ ᠵᠠᠷᠢᠮ ᠦᠭᠡᠰ ᠤᠨ ᠠᠷᠤ ᠳᠤᠨᠢ ᠡᠨᠡᠳᠬᠡᠭ᠂ ᠲᠦᠪᠡᠳ ᠤᠳᠬ᠎ᠠ ᠶᠢ ᠬᠠᠳᠠᠭᠰᠠᠨ | ᠪᠠᠶᠢᠨ᠎ᠠ᠃ ᠬᠤᠯᠪᠤᠭᠳᠠᠯ ᠪᠦᠬᠦᠢ ᠪᠢᠴᠢᠭ ᠵᠤᠬᠢᠶᠠᠯ ᠤᠨ ᠮᠡᠳᠡᠭᠡ ᠪᠠᠷᠢᠮᠲᠠ ᠠᠴᠠ ᠦᠵᠡᠪᠡᠯ᠂ ᠡᠾᠡᠶᠢᠨᠢᠰᠢ ᠶᠢᠨ ᠤᠷᠤᠯᠳᠤᠭᠰᠠᠨ ︽ᠮᠤᠩᠭᠤᠯ ᠤᠨ ᠨᠢᠭᠤᠴᠠ | ᠲᠤᠪᠴᠢᠶᠠᠨ ᠤ ᠲᠤᠯᠢ︾᠂ ᠶᠠᠫᠤᠨ ᠤ ︽ᠮᠤᠩᠭᠤᠯ ᠬᠡᠯᠡᠨ ᠤ ᠶᠡᠭᠡ ᠲᠤᠯᠢ ᠪᠢᠴᠢᠭ︾ ᠨᠢ ᠪᠦᠷ ᠺᠤᠸᠠᠯᠸᠧᠰᠺᠢ ᠶᠢᠨ ᠲᠤᠯᠢ ᠶᠢ ᠠᠰᠢᠭᠯᠠᠭᠰᠠᠨ ᠪᠠᠶᠢᠨ᠎ᠠ᠃ | 32. ︽ᠬᠠᠯᠢᠮᠠᠭ — ᠭᠧᠷᠮᠠᠨ ᠲᠤᠯᠢ︾᠄ ᠹᠢᠨᠯᠶᠡᠨ᠋ᠳ᠋ ᠤᠨ ᠡᠷᠳᠡᠮᠲᠡᠨ ᠷᠠᠮᠰᠲ᠋ᠧᠳ᠋ᠲ 1935 ᠣᠨ ᠳᠤ ᠨᠡᠶᠢᠲᠡᠯᠡᠭᠦᠯᠦᠭᠰᠠᠨ᠃ ᠡᠨᠡ ᠲᠤᠯᠢ ᠪᠢᠴᠢᠭ ᠨᠢ | ᠬᠠᠯᠢᠮᠠᠭ ᠬᠡᠯᠡᠨ ᠤ ᠡᠩ ᠲᠡᠷᠢᠭᠦᠨ ᠤ ᠡᠷᠳᠡᠮ ᠰᠢᠨᠵᠢᠯᠡᠭᠡᠨ ᠤ ᠲᠤᠯᠢ ᠪᠢᠴᠢᠭ ᠪᠤᠯᠬᠤ ᠲᠡᠲᠤᠢ ᠦᠭᠡᠢ ᠦᠨᠡᠨ ᠴᠢᠨᠠᠷ ᠳᠡᠭᠡᠷ᠎ᠡ ᠪᠠᠨ ᠮᠤᠩᠭᠤᠯ᠂ ᠲᠦᠷᠺ᠂ | ᠲᠦᠩᠭᠦᠰ᠂ ᠰᠤᠯᠤᠩᠭᠤᠰ ᠵᠡᠷᠭᠡ ᠠᠯᠲᠠᠢ ᠬᠡᠯᠡᠨ ᠤ ᠦᠭᠡᠰ ᠢ ᠲᠡᠦᠬᠡ ᠶᠢᠨ ᠡᠭᠦᠳᠡᠨ ᠠᠴᠠ ᠬᠠᠷᠢᠴᠠᠭᠤᠯᠤᠨ ᠰᠢᠨᠵᠢᠯᠡᠭᠰᠠᠨ ᠲᠤᠯᠢ ᠪᠢᠴᠢᠭ ᠪᠤᠯᠤᠭᠰᠠᠨ ᠭᠡᠳᠡᠭ᠃ | ᠲᠦᠮᠡ ᠬᠤᠶᠠᠷ ᠮᠢᠩᠭ᠎ᠠ ᠤᠷᠴᠢᠮ ᠦᠨᠳᠦᠰᠦᠨ ᠦᠭᠡ ᠶᠢ ᠪᠠᠭᠲᠠᠭᠠᠭᠰᠠᠨ ᠨᠢ ᠦᠭᠡ ᠶᠢᠨ ᠲᠤᠭ᠎ᠠ ᠬᠡᠳᠦᠶᠢᠪᠡᠷ ᠴᠦᠭᠡᠨ ᠮᠡᠲᠦ ᠪᠤᠯᠪᠠᠴᠤ ᠲᠠᠶᠢᠯᠪᠤᠷᠢᠯᠠᠨ | ᠪᠤᠯᠪᠠᠰᠤᠷᠠᠭᠤᠯᠤᠭᠰᠠᠨ ᠨᠢ ᠨᠠᠷᠢᠨ ᠨᠢᠭᠲᠠ ᠤᠴᠢᠷ ᠡᠷᠳᠡᠮ ᠰᠢᠨᠵᠢᠯᠡᠭᠡᠨ ᠤ ᠬᠤᠪᠢ ᠳᠤ ᠶᠡᠭᠡ ᠠᠴᠢ ᠬᠤᠯᠪᠤᠭᠳᠠᠯᠲᠠᠢ ᠪᠤᠯᠤᠨ᠎ᠠ ︵ᠯᠤᠪᠰᠠᠩᠸᠠᠩᠳᠠᠨ ︽ᠤᠷᠴᠢᠨ | ᠴᠠᠭ ᠤᠨ ᠮᠤᠩᠭᠤᠯ ᠬᠡᠯᠡ︾︶᠃ | 33. ︽ᠮᠤᠩᠭᠤᠯ — ᠤᠷᠤᠰ ᠲᠤᠯᠢ︾᠄ 1894 ᠠᠴᠠ1898 ᠤᠨ ᠳᠤ ᠭᠤᠯᠰᠲ᠋ᠦ᠋ᠨᠰᠺᠧ ᠵᠣᠬᠢᠶᠠᠵᠤ ᠫᠧᠲ᠋ᠧᠷᠪᠦᠷᠢᠭ ᠲᠤ ᠬᠡᠪᠯᠡᠭᠦᠯᠦᠭᠰᠠᠨ᠃ | ᠭᠤᠷᠪᠠᠨ ᠪᠤᠳᠢ᠃ | 34. ︽ᠮᠤᠩᠭᠤᠯ — ᠤᠷᠤᠰ ᠲᠤᠯᠢ︾᠄ ᠴᠧᠷᠧᠮᠢᠰᠤᠸ᠋᠂ ᠷᠦᠮᠢᠶᠡᠨᠼᠸᠧ ᠬᠤᠶᠠᠷ ᠤᠨ ᠵᠣᠬᠢᠶᠠᠭᠰᠠᠨ᠂1937 ᠣᠨ ᠳᠤ ᠯᠧᠨᠢᠩᠭᠷᠠᠳ᠋ ᠳᠤ ᠬᠡᠪᠯᠡᠭᠦᠯᠵᠠᠢ | ᠃ | 35. ︽ᠤᠷᠤᠰ — ᠮᠤᠩᠭᠤᠯ ᠲᠤᠯᠢ︾᠄ 1942 ᠤᠨ ᠳᠤ ᠴ᠊ · ᠳᠡᠮᠳᠢᠨᠰᠦ᠋ᠷᠦᠩ᠂ ᠱ᠊ · ᠯᠣᠪᠰᠠᠩᠸᠠᠩᠳᠠᠨ ᠵᠤᠬᠢᠶᠠᠵᠤ ᠬᠡᠪᠯᠡᠭᠦᠯᠵᠠᠢ᠃ | 36. ︽ᠪᠦᠷᠢᠶᠡᠳ ᠮᠤᠩᠭᠤᠯ — ᠣᠷᠣᠰ ᠲᠤᠯᠢ︾᠄ ᠴᠧᠷᠧᠮᠢᠰᠤᠸ᠋ ᠵᠤᠬᠢᠶᠠᠵᠤ 1951 ᠤᠨ ᠳᠤ ᠮᠤᠰᠺᠸᠠ ᠳᠤ ᠬᠡᠪᠯᠡᠵᠠᠢ᠃ ᠡᠨᠡ ᠲᠤᠯᠢ ︽ | ᠪᠦᠷᠢᠶᠡᠳ — ᠣᠷᠣᠰ ᠲᠣᠯᠢ︾ ᠭᠡᠳᠡᠭ ᠨᠡᠷ᠎ᠡ ᠪᠠᠷ 1973 ᠤᠨ ᠳᠤ ᠲᠠᠬᠢᠨ ᠬᠡᠪᠯᠡᠭᠳᠡᠭᠰᠠᠨ ᠪᠦᠭᠡᠳ ᠤᠤᠯ ᠤᠨ ᠬᠤᠶᠠᠷ ᠲᠦᠮᠡ ᠲᠠᠪᠤᠨ ᠮᠢᠩᠭᠠᠭᠠᠳ ᠦᠭᠡ | ᠲᠠᠢ ᠪᠠᠶᠢᠭᠰᠠᠨ ᠠᠴᠠ ᠪᠠᠨ ᠤᠳᠤ ᠳᠦᠷᠪᠡᠨ ᠲᠦᠮᠡ ᠭᠠᠷᠤᠢ ᠦᠭᠡ ᠲᠠᠢ ᠪᠤᠯᠵᠠᠢ᠃ | 37. ︽ᠮᠤᠩᠭᠤᠯ — ᠤᠷᠤᠰ ᠲᠤᠪᠴᠢ ᠲᠤᠯᠢ︾᠄ ᠠ᠊ · ᠷᠢᠨᠴᠢᠨ ᠵᠤᠬᠢᠶᠠᠵᠤ ᠭᠡ᠊ · ᠳ᠋᠊ · ᠰᠠᠩᠵᠢᠶ᠋ᠸᠧ ᠬᠢᠨᠠᠵᠡᠢ᠃ 1947 ᠳᠤ ᠮᠤᠰᠺᠸᠠ ᠳᠤ | ᠲᠠᠬᠢᠨ ᠬᠡᠪᠯᠡᠭᠰᠠᠨ᠂ 1960 ᠣᠨ ᠳᠤ ᠲᠠᠬᠢᠨ ᠬᠡᠪᠯᠡᠵᠠᠢ᠃ ᠲᠦᠮᠡ ᠭᠤᠷᠪᠠᠨ ᠮᠢᠩᠭ᠎ᠠ ᠤᠷᠴᠢᠮ ᠦᠭᠡ ᠲᠠᠢ᠂ ᠠᠷᠤ ᠳᠤᠨᠢ ᠬᠡᠯᠡᠨ ᠤ ᠵᠦᠢ ᠶᠢᠨ ᠲᠤᠪᠴᠢ | ᠦᠭᠦᠯᠡᠯ ᠢ ᠲᠠᠭᠠᠯᠳᠤᠭᠤᠯᠵᠠᠢ᠃ | 38. ︽ᠤᠷᠤᠰ — ᠪᠦᠷᠢᠶᠡᠳ ᠮᠤᠩᠭᠤᠯ ᠲᠤᠯᠢ︾᠄ ᠴᠠᠳᠠᠨᠳᠠᠮᠪᠡᠶ᠋ᠸᠧ ᠵᠣᠬᠢᠶᠠᠵᠤ 1954 ᠤᠨ ᠳᠤ ᠮᠤᠰᠺᠸᠠ ᠳᠤ ᠬᠡᠪᠯᠡᠵᠠᠢ᠃ ᠳᠦᠷᠪᠡᠨ ᠲᠦᠮᠡ | ᠣᠷᠴᠢᠮ ᠦᠭᠡ ᠲᠠᠢ᠃ | 39. ︽ᠮᠤᠩᠭᠤᠯ — ᠤᠷᠤᠰ ᠲᠤᠯᠢ︾᠄ 1957 ᠤᠨ ᠳᠤ ᠮᠤᠰᠺᠸᠠ ᠳᠤ ᠬᠡᠪᠯᠡᠭᠳᠡᠭᠰᠠᠨ ᠪᠦᠭᠡᠳ ᠯᠣᠪᠰᠠᠩᠳᠠᠨᠳᠠᠪ ᠶᠡᠷᠦᠩᠬᠡᠶᠢᠯᠡᠨ ᠨᠠᠶᠢᠷᠠᠭᠤᠯᠵᠠᠢ᠃ | ᠬᠤᠶᠠᠷ ᠲᠦᠮᠡ ᠬᠤᠶᠠᠷ ᠮᠢᠩᠭ᠎ᠠ ᠤᠷᠴᠢᠮ ᠦᠭᠡ ᠲᠠᠢ᠃ ᠡᠨᠡ ᠲᠤᠯᠢ᠂ ᠲᠤᠯᠢ ᠪᠢᠴᠢᠭ ᠨᠠᠶᠢᠷᠠᠭᠤᠯᠤᠭᠴᠢᠳ ᠪᠠ ᠤᠷᠤᠰ ᠬᠡᠯᠡ ᠰᠤᠷᠤᠭᠴᠢᠳ ᠲᠤ ᠶᠡᠬᠡᠬᠡᠨ ᠬᠡᠷᠡᠭ | ᠲᠠᠢ ᠵᠦᠢᠯ ᠪᠤᠯᠤᠭᠰᠠᠨ ᠪᠠᠶᠢᠨ᠎ᠠ᠃ | 40. ︽ᠤᠷᠤᠰ — ᠮᠤᠩᠭᠤᠯ ᠲᠤᠯᠢ︾᠄ 1960 ᠳᠤ ᠮᠤᠰᠺᠸᠠ ᠳᠤ ᠬᠡᠪᠯᠡᠭᠳᠠᠪᠡ᠃ ᠳ᠋ᠠᠮᠪᠠᠷᠢᠨᠴᠢᠨ ᠨᠠᠷ ᠵᠤᠬᠢᠶᠠᠵᠤ ᠰᠡᠩᠵᠢᠶ᠋ᠸᠧ ᠬᠢᠨᠠᠵᠠᠢ᠃ ᠭᠤᠷᠪᠠᠨ | ᠲᠦᠮᠡ ᠤᠷᠴᠢᠮ ᠦᠭᠡ ᠲᠠᠢ᠃ | 41. ᠲᠦᠮᠡᠨ ᠦᠭᠡ ᠲᠠᠢ ︽ᠮᠤᠩᠭᠤᠯ — ᠬᠠᠰᠠᠭ ᠲᠤᠯᠢ︾ 1954 ᠤᠨ ᠳᠤ ᠭᠠᠷᠤᠭᠰᠠᠨ ᠮᠡᠳᠡᠭᠡ ᠪᠤᠢ᠃ | 42. ︽ᠮᠤᠩᠭᠤᠯ ᠬᠡᠯᠡᠨ ᠤ ᠶᠡᠭᠡ ᠲᠤᠯᠢ︾᠄ ᠡᠨᠡ ᠪᠤᠯ ᠮᠤᠩᠭᠤᠯ ᠶᠠᠫᠤᠨ ᠲᠤᠯᠢ ᠪᠤᠯᠤᠨ᠎ᠠ᠃ ᠶᠠᠫᠤᠨ ᠤ ᠰᠢᠶᠤᠤᠸᠠ ᠶᠢᠨ ᠨᠠᠢᠮᠠᠳᠤᠭᠠᠷ ᠤᠨ ︵1933 | ᠣᠨ︶ ᠳᠤ ᠶᠠᠫᠤᠨ ᠬᠦᠮᠦᠨ ᠼᠢᠶᠠᠮᠠ ᠨᠠᠷ ᠨᠠᠶᠢᠷᠠᠭᠤᠯᠦᠨ ᠲᠠᠷᠬᠠᠭᠠᠵᠠᠢ᠃ ᠲᠤᠰ ᠲᠤᠯᠢ ᠶᠢ ᠶᠠᠫᠤᠨ ᠤ ᠬᠠᠭᠤᠷᠠᠢ ᠵᠠᠮ ᠤᠨ ᠴᠡᠷᠢᠭ ᠠᠴᠠ ᠬᠢᠯᠭᠡᠭᠰᠠᠨ ᠭᠡᠳᠡᠭ᠃ | ᠳᠡᠭᠡᠳᠤ᠂ ᠳᠤᠮᠳᠠᠳᠤ᠂ ᠳᠣᠣᠷᠠᠳᠣ ᠭᠤᠷᠪᠠᠨ ᠲᠡᠪᠲᠡᠷ ᠠᠴᠠ ᠳᠡᠭᠡᠳᠦ᠂ ᠳᠤᠮᠳᠠᠳᠤ ᠬᠤᠶᠠᠷ ᠢ ᠨᠢ ᠮᠤᠩᠭᠤᠯ — ᠶᠠᠫᠤᠨ᠂ ᠳᠤᠤᠷᠠᠳᠤ ᠨᠢ ᠶᠠᠫᠤᠨ — ᠮᠤᠩᠭᠤᠯ | ᠪᠤᠯᠤᠨ᠎ᠠ᠃ ᠮᠠᠨ ᠤ ᠤᠯᠤᠰ ᠲᠤ ᠡᠬᠢᠨ ᠤ ᠬᠤᠶᠠᠷ ᠲᠡᠪᠲᠡᠷ ᠢ ᠭᠡᠷᠡᠯ ᠵᠢᠷᠤᠭ ᠢᠶᠠᠷ ᠬᠡᠪᠯᠡᠭᠰᠠᠨ ᠪᠠᠶᠢᠨ᠎ᠠ᠃ | 43. ︽ᠮᠤᠩᠭᠤᠯ — ᠤᠷᠤᠰ — ᠨᠢᠫᠫᠤᠨ ᠦᠭᠡᠰ ᠤᠨ ᠲᠤᠯᠢ︾᠄ ᠨᠢᠭᠡᠨ ᠲᠡᠪᠲᠡᠷ᠃ ᠪᠢᠦᠨᠢᠨ ᠭᠡᠭᠴᠢ ᠬᠦᠮᠦᠨ ᠵᠤᠬᠢᠶᠠᠵᠤ ᠶᠠᠫᠤᠨ ᠤ ᠰᠢᠶᠤᠤᠸᠠ | ᠶᠢᠨ ᠠᠷᠪᠠᠨ ᠲᠠᠪᠤᠳᠤᠭᠠᠷ ᠤᠨ ︵1940 ᠤᠨ︶ ᠳᠤ ᠬᠡᠪᠯᠠᠵᠠᠢ᠃ | 44. ︽ᠮᠤᠩᠭᠤᠯ — ᠶᠠᠫᠤᠨ ᠲᠤᠯᠢ︾᠄ ᠶᠠᠫᠤᠨ ᠤ ᠠᠪᠧᠮᠠᠼᠢ ᠨᠠᠷ ᠵᠤᠬᠢᠶᠠᠵᠤ ᠰᠢᠤᠤᠸᠠ ᠶᠢᠨ ᠠᠷᠪᠠ ᠶᠢᠰᠦᠳᠦᠭᠡᠷ ᠤᠨ ᠳᠤ ᠬᠡᠪᠯᠡᠭᠦᠯᠦᠭᠰᠠᠨ ᠪᠦᠭᠡᠳ | ᠲᠦᠮᠡ ᠵᠢᠷᠭᠤᠭᠠᠨ ᠮᠢᠩᠭ᠎ᠠ ᠤᠷᠴᠢᠮ ᠦᠭᠡ ᠪᠦᠬᠦᠢ᠂ ᠮᠤᠩᠭᠤᠯ ᠦᠭᠡᠨ ᠤ ᠲᠠᠭᠤᠳᠠᠯᠭ᠎ᠠ ᠶᠢ ᠯᠠᠲ᠋ᠢᠨ ᠭᠠᠯᠢᠭ ᠢᠶᠠᠷ ᠬᠠᠲᠠᠭᠰᠠᠨ ᠲᠤᠯᠢ᠃ | 45. ︽ᠮᠤᠩᠭᠤᠯ — ᠠᠩᠭ᠍ᠯᠢ ᠦᠭᠡᠰ ᠤᠨ ᠲᠤᠯᠢ︾᠄ ᠵᠤᠬᠢᠶᠠᠭᠴᠢ ᠨᠢ ᠸᠤᠯᠭᠡ ᠪᠤᠪᠠᠷᠢ᠂ 1954 ᠤᠨ ᠳᠤ ᠰᠲ᠋ᠤᠺᠭᠤᠯᠮ ᠬᠤᠲᠠᠨ᠎ᠠ ᠬᠡᠪᠯᠡᠭᠳᠠᠵᠠᠢ᠃ | 46. ︽ᠮᠤᠩᠭᠤᠯ — ᠠᠩᠭ᠍ᠯᠢ ᠬᠡᠷᠡᠭᠴᠡᠭᠡᠨ ᠤ ᠲᠤᠯᠢ︾᠄ 1945 ᠤᠨ ᠠᠴᠠ 1953 ᠤᠨ ᠳᠤ ᠵᠤᠬᠢᠶᠠᠭᠳᠠᠵᠠᠢ᠃ ᠠᠩᠭ᠍ᠯᠢ ᠦᠭᠡᠰ ᠤᠨ ᠬᠡᠯᠬᠢᠶᠠᠰᠤ | ᠲᠠᠢ᠃ ᠠᠾᠤᠷᠲ᠋ᠤᠷᠢ ᠨᠠᠷ ᠤᠨ ᠨᠠᠶᠢᠷᠠᠭᠤᠯᠤᠭᠰᠠᠨ ᠭᠡᠵᠤ ᠡᠮᠦᠨ᠎ᠡ ᠨᠢ ᠪᠢᠴᠢᠵᠤ ᠪᠠᠶᠢᠨ᠎ᠠ᠃ | 47. ︽ᠮᠤᠩᠭᠤᠯ — ᠠᠩᠭ᠍ᠯᠢ ᠲᠤᠯᠢ︾᠄ ᠠᠮᠧᠷᠢᠺᠠ ᠳᠤ ᠪᠠᠶᠢᠭ᠎ᠠ ᠭᠤᠮᠪᠣᠵᠠᠪ ᠭᠡᠳᠡᠭ ᠬᠦᠮᠦᠨ ᠯᠢᠽᠧᠨ ᠤ ᠬᠠᠮᠲᠤ ᠵᠤᠬᠢᠶᠠᠭᠰᠠᠨ ᠪᠦᠭᠡᠳ ᠬᠤᠶᠠᠷ | ᠲᠦᠮᠡ ᠢᠯᠡᠭᠦᠦ ᠦᠭᠡ ᠲᠠᠢ᠃ ᠡᠨᠡ ᠲᠤᠯᠢᠨ ᠳᠤ ᠮᠤᠩᠭᠤᠯ ᠬᠡᠯᠡᠨ ᠳᠤ ᠤᠷᠤᠭᠰᠠᠨ ᠵᠢᠭᠡᠯᠡᠯᠭᠡ ᠦᠭᠡ ᠨᠦᠭᠦᠳ ᠢ ᠳᠣᠣᠷ᠎ᠠ ᠨᠢ ᠶᠠᠮᠠᠷ ᠭᠠᠷᠤᠯ ᠲᠠᠢ ᠭᠡᠵᠦ | ᠲᠣᠲᠣᠯᠠᠵᠤ ᠪᠢᠴᠢᠭᠰᠡᠨ ᠨᠢ ᠪᠤᠰᠤᠳ ᠲᠤᠯᠢ ᠨᠤᠭᠤᠳ ᠲᠤ ᠪᠠᠶᠢᠭ᠎ᠠ ᠦᠭᠡᠢ ᠣᠨᠴᠠᠯᠢᠭ ᠭᠡᠵᠦ ᠬᠡᠯᠡᠵᠦ ᠪᠤᠯᠦᠨ᠎ᠠ᠃ | ᠭᠤᠷᠪᠠ᠂ ᠵᠦᠪ ᠪᠢᠴᠢᠯᠭᠡ ᠶᠢᠨ ᠲᠤᠯᠢ | 48. ︽ᠮᠤᠩᠭᠤᠯ ᠦᠰᠦᠭ ᠤᠨ ᠳᠦᠷᠢᠮ ᠤᠨ ᠲᠣᠯᠢ ᠪᠢᠴᠢᠭ︾᠄ ᠱᠠᠭᠵᠠ ᠶᠢᠨ ᠲᠤᠯᠢ ︵ᠪᠤᠶᠤ ᠬᠦᠬᠡ ᠭᠠᠳᠠᠷ ᠲᠠᠢ ᠪᠠᠶᠢᠭᠰᠠᠨ ᠲᠤᠯᠠ ︽ᠬᠦᠬᠡ ᠲᠤᠯᠢ︾ | ᠴᠦ ᠭᠡᠳᠡᠭ︶ ᠬᠡᠮᠡᠨ ᠨᠡᠷᠡᠰᠢᠭᠰᠡᠨ ᠡᠨᠡ ᠭᠦ ᠲᠣᠯᠢ ᠪᠢᠴᠢᠭ ᠬᠤᠶᠠᠷ ᠲᠦᠮᠡ ᠳᠤᠯᠤᠭᠠᠨ ᠮᠢᠩᠭᠠᠨ ᠦᠭᠡ ᠲᠠᠢ ᠪᠦᠭᠡᠳ 1951 ᠣᠨ ᠳᠤ ᠮᠠᠨ ᠤ ᠤᠯᠤᠰ ᠲᠤ | ᠲᠠᠬᠢᠨ ᠬᠡᠪᠯᠡᠵᠠᠢ᠃ ᠤᠳᠤ ᠶᠢᠨ ᠬᠡᠷᠡᠭᠯᠡᠵᠤ ᠪᠠᠶᠢᠭ᠎ᠠ ᠤᠶᠢᠭᠤᠷᠵᠢᠨ ᠮᠤᠩᠭᠤᠯ ᠦᠰᠦᠭ ᠤᠨ ᠠᠯᠢ ᠨᠢᠭᠡ ᠶᠢ ᠨᠢ ᠶᠠᠭᠠᠬᠢᠵᠤ ᠪᠢᠴᠢᠳᠡᠭ ᠪᠢᠯᠡ ᠭᠡᠪᠡᠯ ᠪᠠᠷᠤᠭ ᠤᠨ | ᠬᠦᠮᠦᠨ ᠡᠨᠡ ᠬᠦ ᠬᠦᠬᠡ ᠲᠤᠯᠢ ᠶᠢ ᠡᠷᠢᠳᠡᠭ ᠪᠠᠶᠢᠨ᠎ᠠ᠃ ᠲᠤᠰ ᠲᠤᠯᠢ ᠶᠢ ᠵᠠᠷᠢᠮ ᠨᠢᠭᠡᠨ ᠤ ᠬᠢᠨᠢ ᠪᠤᠷᠤᠭᠤ ᠲᠠᠶᠢᠯᠪᠤᠷᠢ ᠶᠢ ᠭᠠᠷᠭᠠᠪᠠᠯ ᠶᠡᠷᠦᠩᠬᠡᠢ ᠳᠡᠭᠡᠨ ᠵᠦᠭᠡᠷ | ᠰᠠᠶᠢᠨ ᠲᠤᠯᠢᠨ ᠳᠤ ᠲᠤᠭᠠᠨ ᠳᠤ ᠤᠷᠤᠭᠤᠯᠵᠤ ᠪᠤᠯᠬᠤ ᠶᠤᠮ᠃ | 49. ᠮᠤᠩᠭᠤᠯ ᠤᠯᠤᠰ ᠲᠤ ᠰᠯᠠᠸ᠋ ᠦᠰᠦᠭ ᠤᠨ ᠵᠦᠪ ᠪᠢᠴᠢᠬᠦ ᠲᠦᠷᠢᠮ ᠤᠨ ᠲᠣᠯᠢ 1952 ᠣᠨ ᠳᠤ ᠬᠡᠪᠯᠡᠭᠳᠡᠭᠰᠠᠨ᠃ | 50. ︽ᠵᠦᠪ ᠪᠢᠴᠢᠯᠭᠡ ᠶᠢᠨ ᠲᠤᠰᠠᠯᠠᠮᠵᠢ︾᠄ ᠦᠪᠦᠷ ᠮᠤᠩᠭᠤᠯ ᠤᠨ ᠪᠠᠭᠰᠢ ᠶᠢᠨ ᠳᠡᠭᠡᠳᠦ ᠰᠤᠷᠭᠠᠭᠤᠯᠢ ᠶᠢᠨ ᠪᠠ᠊ · ᠳᠠᠮᠳᠢᠨ ᠨᠠᠶᠢᠷᠠᠭᠤᠯᠵᠤ᠂ 1963 | ᠤᠨ ᠳᠤ ︽ᠦᠪᠦᠷ ᠮᠤᠩᠭᠤᠯ ᠤᠨ ᠪᠠᠭᠰᠢ ᠶᠢᠨ ᠳᠡᠭᠡᠳᠦ ᠰᠤᠷᠭᠠᠭᠤᠯᠢ ᠶᠢᠨ ᠡᠷᠳᠡᠮ ᠰᠢᠨᠵᠢᠯᠡᠭᠡᠨ ᠤ ᠰᠡᠳᠬᠦᠯ︾ ︵ᠮᠤᠩᠭᠤᠯ ᠬᠡᠯᠡ ᠤᠳᠬ᠎ᠠ ᠵᠤᠬᠢᠶᠠᠯ ᠤᠨ | ᠳᠤᠰᠬᠠᠢ ᠬᠡᠪᠯᠡᠯ︶ ᠤᠨ ᠨᠢᠭᠡᠳᠤᠭᠡᠷ ᠬᠤᠭᠤᠴᠠᠭᠠᠨ ᠳᠤ ᠨᠠᠶᠢᠲᠡᠯᠡᠵᠠᠢ᠃ ᠲᠤᠰ ᠲᠤᠯᠢ ᠨᠢ ᠲᠠᠪᠤᠨ ᠮᠢᠩᠭ᠎ᠠ ᠭᠠᠷᠦᠢ ᠪᠠᠶᠢᠩᠭᠤ ᠬᠡᠷᠡᠭᠯᠡᠳᠡᠭ ᠦᠭᠡ ᠶᠢ ᠰᠤᠩᠭᠤᠨ | ᠤᠷᠤᠭᠤᠯᠵᠤ᠂ ᠢᠵᠠᠭᠤᠷ ᠦᠭᠡ︔ ᠲᠦᠷᠰᠦ ᠢᠯᠭᠠᠬᠤ ᠵᠠᠷᠴᠢᠮᠲᠤ ᠦᠭᠡᠰ︔ ᠪᠢᠴᠢᠯᠭᠡ ᠢᠵᠢᠯ᠂ ᠤᠳᠬ᠎ᠠ᠂ ᠲᠠᠭᠤᠳᠠᠯᠭ᠎ᠠ ᠦᠭᠡᠷ᠎ᠡ ᠦᠭᠡ ᠨᠦᠭᠦᠳ ᠵᠡᠷᠭᠡ | ᠭᠤᠷᠪᠠᠨ ᠭᠡᠰᠡᠭ ᠠᠴᠠ ᠪᠦᠷᠢᠯᠳᠦᠭᠰᠠᠨ ᠪᠦᠭᠡᠳ ᠪᠠᠰᠠ ᠬᠤᠪᠢᠯᠤᠭᠴᠢ ᠦᠰᠦᠭ ᠢᠶᠠᠷ ᠤᠶᠢᠯᠡ ᠦᠭᠡ ᠨᠦᠭᠦᠳ ᠪᠠ ᠦᠭᠡ ᠪᠦᠲᠦᠭᠡᠬᠦ᠂ ᠬᠤᠪᠢᠯᠭᠠᠬᠤ ᠳᠠᠭᠠᠪᠤᠷᠢ | ᠨᠤᠭᠤᠳ ᠢ ᠵᠢᠭᠰᠠᠭᠠᠨ ᠳᠠᠭᠠᠯᠳᠤᠭᠤᠯᠤᠭᠰᠠᠨ ᠪᠠᠶᠢᠨ᠎ᠠ᠃ ᠡᠭᠦᠨ ᠢ ᠲᠤᠰᠬᠠᠢ ᠲᠡᠪᠲᠡᠷ ᠪᠤᠯᠭᠠᠨ ᠲᠤᠲᠤᠭᠠᠳᠤ ᠳᠠᠭᠠᠨ ᠲᠠᠷᠬᠠᠭᠠᠭᠰᠠᠨ ᠨᠢ ᠪᠠᠰᠠ ᠪᠤᠢ᠃ ᠢᠵᠠᠭᠤᠷ | ᠦᠭᠡ ᠨᠦᠭᠦᠳ ᠤᠨ ᠵᠦᠪ ᠪᠢᠴᠢᠯᠭᠡ᠂ ᠢᠯᠠᠩᠭᠤᠶ᠎ᠠ ᠲᠦᠷᠰᠦ ᠢᠯᠭᠠᠬᠤ ᠵᠠᠷᠴᠢᠮᠲᠤ ᠦᠭᠡᠰ ᠢ ᠪᠢᠴᠢᠭᠰᠡᠨ ᠨᠢ ᠨᠡᠯᠢᠶᠠᠳ ᠤᠨᠤᠪᠴᠢᠲᠠᠢ᠂ ᠶᠡᠭᠡ ᠠᠪᠰᠠᠭᠠᠷᠬᠠᠨ | ᠬᠢᠭᠰᠡᠨ ᠲᠤᠯᠢ ᠪᠤᠯᠤᠭᠰᠠᠨ ᠪᠦᠭᠡᠳ ᠤᠯᠠᠨ ᠲᠤᠭ᠎ᠠ ᠪᠠᠷ ᠦᠷᠡᠵᠢᠭᠦᠯᠦᠨ ᠬᠡᠪᠯᠡᠵᠤ ᠨᠡᠶᠢᠬᠡᠮ ᠨᠡᠶᠢᠲᠡ ᠶᠢᠨ ᠬᠦᠷᠲᠡᠭᠡᠯ ᠪᠤᠯᠭᠠᠵᠤ ᠪᠤᠯᠬᠤᠶᠢᠴᠠ ᠵᠦᠭᠡᠷ ᠲᠤᠯᠢ ᠭᠡᠵᠦ | ᠪᠤᠯᠤᠨ᠎ᠠ᠃ | ᠳᠦᠷᠪᠡ᠂ ᠵᠦᠢᠯ ᠬᠤᠪᠢᠶᠠᠵᠤ ᠦᠰᠦᠭ ᠬᠠᠪᠰᠤᠷᠤᠭᠰᠠᠨ ᠲᠤᠯᠢ | ᠵᠦᠢᠯ ᠬᠤᠪᠢᠶᠠᠵᠤ ᠦᠰᠦᠭ ᠬᠠᠪᠰᠤᠷᠤᠭᠰᠠᠨ ᠲᠤᠯᠢ ᠪᠤᠯ ᠦᠨᠡᠨ ᠳᠡᠭᠡᠨ ᠨᠢᠭᠡ ᠶᠤᠰᠤᠨ ᠤ ᠤᠷᠴᠢᠭᠤᠯᠭ᠎ᠠ ᠶᠢᠨ ᠲᠤᠯᠢ ᠶᠤᠮ᠃ ᠬᠤᠶᠠᠷ᠂ ᠭᠤᠷᠪᠠ᠂ | ᠳᠦᠷᠪᠡ᠂ ᠴᠢᠨᠠᠭᠰᠢᠯᠠᠪᠠᠯ ᠲᠠᠪᠤᠨ ᠬᠡᠯᠡ ᠬᠠᠪᠰᠤᠷᠤᠭᠰᠠᠨ ᠬᠦᠷᠲᠡᠯ᠎ᠡ ᠪᠦᠷ ᠪᠠᠶᠢᠳᠠᠭ᠃ | 51. ︽ᠬᠠᠭᠠᠨ ᠤ ᠪᠢᠴᠢᠭᠰᠡᠨ ᠮᠠᠨᠵᠤ ᠮᠤᠩᠭᠤᠯ ᠬᠢᠲᠠᠳ ᠦᠰᠦᠭ ᠭᠤᠷᠪᠠᠨ ᠵᠦᠢᠯ ᠤᠨ ᠠᠶᠠᠯᠭᠤ ᠨᠡᠶᠢᠯᠡᠭᠰᠠᠨ ᠲᠤᠯᠢ ᠪᠢᠴᠢᠭ︾᠄ ᠲᠡᠭᠷᠢ ᠲᠡᠳᠭᠦᠭᠴᠢ | ᠶᠢᠨ ᠲᠦᠴᠢᠨ ᠳᠦᠷᠪᠡᠳᠦᠭᠡᠷ ᠣᠨ ᠳᠤ ᠨᠠᠶᠢᠷᠠᠭᠤᠯᠵᠤ ᠳᠠᠭᠤᠰᠴᠢ᠃ 31 ᠲᠡᠪᠲᠡᠷ 285 ᠵᠦᠢᠯ ᠲᠠᠢ ᠪᠦᠭᠡᠳ ᠲᠦᠮᠡ ᠭᠤᠷᠪᠠᠨ ᠮᠢᠩᠭ᠎ᠠ ᠤᠷᠴᠢᠮ ᠦᠭᠡᠰ ᠢ | ᠪᠠᠭᠲᠠᠭᠠᠭᠰᠠᠨ ᠪᠠᠶᠢᠨ᠎ᠠ᠃ | 52. ︽ᠬᠠᠭᠠᠨ ᠤ ᠪᠢᠴᠢᠭᠰᠡᠨ ᠳᠦᠷᠪᠡᠨ ᠵᠦᠢᠯ ᠤᠨ ᠦᠰᠦᠭ ᠬᠠᠪᠰᠤᠷᠤᠭᠰᠠᠨ ᠮᠠᠨᠵᠤ ᠦᠭᠡᠨ ᠤ ᠲᠤᠯᠢ ᠪᠢᠴᠢᠭ︾᠄ 1779 ᠤᠨ ᠤ ᠤᠷᠴᠢᠮ | ᠵᠤᠬᠢᠶᠠᠭᠳᠠᠭᠰᠠᠨ ᠪᠤᠯᠤᠯᠲᠠᠢ᠃ ᠡᠨᠡ ᠪᠤᠯ ᠮᠠᠨᠵᠤ᠂ ᠮᠤᠩᠭᠤᠯ᠂ ᠲᠦᠪᠡᠳ᠂ ᠬᠢᠲᠠᠳ ᠳᠦᠷᠪᠠᠨ ᠵᠦᠢᠯ ᠤᠨ ᠦᠰᠦᠭ ᠤᠨ ᠲᠤᠯᠢ᠂ ᠨᠠᠶᠢᠲᠡ 34 ᠲᠡᠪᠲᠡᠷ᠂ | 318 ᠵᠦᠢᠯ ᠲᠠᠢ ᠪᠦᠭᠡᠳ ᠲᠦᠮᠡ ᠨᠠᠢᠮᠠᠨ ᠮᠢᠩᠭ᠎ᠠ ᠰᠢᠬᠠᠮ ᠦᠭᠡ ᠲᠠᠢ᠃ | 53. ︽ᠲᠠᠪᠤᠨ ᠵᠦᠢᠯ ᠤᠨ ᠦᠰᠦᠭ ᠢᠶᠠᠷ ᠬᠠᠪᠰᠤᠷᠤᠭᠰᠠᠨ ᠮᠠᠨᠵᠤ ᠦᠭᠡᠨ ᠤ ᠲᠤᠯᠢ ᠪᠢᠴᠢᠭ︾᠄ ᠲᠡᠭᠷᠢ ᠲᠡᠳᠭᠦᠭᠴᠢ ᠶᠢᠨ ᠦᠶ᠎ᠡ ᠳᠤ ᠵᠤᠬᠢᠶᠠᠭᠳᠠᠭᠠᠳ | ᠭᠠᠷ ᠪᠢᠴᠢᠮᠡᠯ ᠢᠶᠠᠷ ᠪᠡᠭᠡᠵᠢᠩ ᠤᠨ ᠨᠢᠭᠡᠨ ᠨᠤᠮ ᠤᠨ ᠰᠠᠩ ᠳᠤ ᠬᠠᠳᠠᠭᠠᠯᠠᠭᠳᠠᠵᠤ ᠪᠠᠶᠢᠭᠰᠠᠨ ᠢ 1957 ᠣᠨ ᠳᠤ ᠲᠦᠪ ᠤᠨ ᠦᠨᠳᠦᠰᠦᠲᠡᠨ ᠤ ᠬᠡᠪᠯᠡᠯ ᠤᠨ | ᠬᠤᠷᠢᠶᠠᠨ ᠠᠴᠠ ᠭᠡᠷᠡᠯ ᠵᠢᠷᠤᠭ ᠢᠶᠠᠷ ᠬᠡᠪᠯᠡᠵᠠᠢ᠃ ᠮᠠᠨᠵᠤ — ᠲᠦᠪᠡᠳ — ᠮᠤᠩᠭᠤᠯ — ᠤᠶᠢᠭᠤᠷ — ᠬᠢᠲᠠᠳ ᠲᠠᠪᠤᠨ ᠵᠦᠢᠯ ᠤᠨ ᠦᠰᠦᠭ | ᠬᠠᠪᠰᠤᠷᠤᠭᠰᠠᠨ ᠨᠠᠶᠢᠲᠡ ᠭᠤᠷᠪᠠᠨ ᠲᠤᠮᠤ ᠪᠤᠲᠢ ᠲᠤᠯᠢ᠃ ᠲᠦᠪᠡᠳ ᠦᠰᠦᠭ ᠢ ᠮᠠᠨᠵᠤ ᠦᠰᠦᠭ ᠢᠶᠠᠷ ᠦᠰᠦᠭᠯᠠᠨ ᠭᠠᠯᠢᠭᠴᠢᠯᠠᠭᠠᠳ᠂ ᠮᠦᠨ ᠮᠠᠨᠵᠤ ᠦᠰᠦᠭ | ᠢᠶᠠᠷ ᠲᠠᠭᠤᠳᠠᠯᠭ᠎ᠠ ᠶᠢ ᠪᠠᠭᠤᠯᠭᠠᠨ ᠭᠠᠯᠢᠭᠴᠢᠯᠠᠭᠰᠠᠨ ᠪᠠ ᠤᠶᠢᠭᠤᠷ ᠦᠭᠡ ᠶᠢ ᠪᠠᠰᠠ ᠮᠠᠨᠵᠤ ᠦᠰᠦᠭ ᠢᠶᠠᠷ ᠪᠠᠭᠤᠯᠭᠠᠨ ᠭᠠᠯᠢᠭᠴᠢᠯᠠᠭᠰᠠᠨ ᠪᠠᠶᠢᠨ᠎ᠠ᠃ | ᠡᠨᠡ ᠬᠦ ᠲᠤᠯᠢ ᠲᠤᠷᠠᠲᠤᠭᠰᠠᠨ ᠬᠡᠯᠡ ᠨᠦᠭᠦᠳ ᠤᠨ ᠬᠠᠷᠢᠴᠠᠭᠤᠯᠤᠭᠰᠠᠨ ᠰᠤᠳᠤᠯᠤᠯᠭ᠎ᠠ ᠬᠢᠬᠦ ᠬᠦᠮᠦᠨ᠂ ᠮᠥᠨ ᠣᠷᠴᠢᠭᠤᠯᠭ᠎ᠠ ᠶᠢᠨ ᠠᠵᠢᠯ ᠬᠢᠬᠦ ᠬᠦᠮᠦᠨ | ᠳᠤ ᠨᠡᠯᠢᠶᠠᠳ ᠰᠠᠶᠢᠨ ᠯᠠᠪᠯᠠᠯᠲᠠ ᠶᠢᠨ ᠨᠤᠮ ᠪᠤᠯᠵᠤ ᠦᠭᠭᠦᠨ᠎ᠡ᠃ | 54. ︽ᠮᠤᠩᠭᠤᠯ ᠤᠳᠬ᠎ᠠ ᠶᠢᠨ ᠵᠦᠢᠯ ᠬᠤᠪᠢᠶᠠᠭᠳᠠᠭᠰᠠᠨ ᠲᠤᠯᠢ ᠪᠢᠴᠢᠭ︾᠄ ᠡᠭᠦᠨ ᠢ ︽ᠲᠠᠪᠤᠨ ᠵᠦᠢᠯ ᠤᠨ ᠦᠰᠦᠭ ᠢᠶᠠᠷ ᠬᠠᠪᠰᠤᠷᠤᠭᠰᠠᠨ ᠮᠠᠨᠵᠤ | ᠦᠭᠡᠨ ᠤ ᠲᠤᠯᠢ ᠪᠢᠴᠢᠭ︾ ᠲᠤ ᠲᠤᠯᠭᠠᠭᠤᠷᠢᠯᠠᠵᠤ᠂ ᠲᠡᠮᠬᠡᠲᠦ ᠨᠠᠶᠢᠷᠠᠭᠤᠯᠦᠨ 1926 ᠤᠨ ᠳᠤ ᠪᠡᠭᠡᠵᠢᠩ ᠤᠨ ᠮᠤᠩᠭᠤᠯ ᠪᠢᠴᠢᠭ ᠤᠨ ᠬᠤᠷᠢᠶᠠᠨ ᠠᠴᠠ ᠬᠡᠪᠯᠡᠨ | ᠭᠠᠷᠭᠠᠵᠠᠢ᠃ 1956 ᠤᠨ ᠳᠤ ᠲᠦᠪ ᠤᠨ ᠦᠨᠳᠦᠰᠦᠲᠠᠨ ᠤ ᠬᠡᠪᠯᠡᠯ ᠤᠨ ᠬᠤᠷᠢᠶᠠᠨ ᠠᠴᠠ ᠲᠠᠬᠢᠨ ᠬᠡᠪᠯᠡᠭᠰᠠᠨ ᠪᠠᠶᠢᠨ᠎ᠠ᠃ | 55. ︽ᠮᠠᠨᠵᠤ᠂ ᠮᠤᠩᠭᠤᠯ᠂ ᠬᠢᠲᠠᠳ ᠭᠤᠷᠪᠠᠨ ᠵᠦᠢᠯ ᠤᠨ ᠦᠭᠡ ᠬᠠᠲᠠᠮᠠᠯ ᠦᠵᠡᠬᠦᠢ ᠳᠤᠷ ᠬᠢᠯᠪᠠᠷ ᠪᠤᠯᠭᠠᠭᠰᠠᠨ ᠪᠢᠴᠢᠭ︾᠄ ᠲᠡᠭᠷᠢ ᠲᠡᠳᠭᠦᠭᠴᠢ ᠶᠢᠨ | ᠴᠠᠭᠠᠨ ᠬᠤᠯᠤᠭᠠᠨ᠎ᠠ ᠵᠢᠯ ︵1780 ᠤᠨ︶ ᠹᠦᠭᠢᠶᠦ᠋ᠨ ᠭᠡᠳᠡᠭ ᠬᠦᠮᠦᠨ ᠵᠣᠬᠢᠶᠠᠪᠠ᠃ 12 ᠲᠡᠪᠲᠡᠷ᠂ ᠲᠦᠮᠡ ᠬᠤᠶᠠᠷ ᠮᠢᠩᠭ᠎ᠠ ᠤᠷᠴᠢᠮ ᠦᠭᠡ ᠲᠠᠢ᠃ | ᠲᠠᠪᠤ᠂ ᠨᠤᠲᠤᠭ ᠤᠨ ᠠᠶᠠᠯᠭᠤᠨ ᠤ ᠲᠤᠯᠢ | 56. ︽ᠮᠤᠩᠭᠤᠯ ᠲᠤᠤᠨ ︵ᠲᠤᠳᠤ︶ ᠦᠰᠦᠭ ᠢᠶᠠᠷ ᠨᠠᠶᠢᠯᠠᠯᠳᠦᠭᠦᠯᠦᠭᠰᠠᠨ ᠴᠤᠭᠯᠠᠯᠭᠠ︾᠄ ᠰᠠᠶᠢᠰᠢᠶᠠᠯᠲᠤ ᠢᠷᠦᠭᠡᠯᠲᠦ ᠶᠢᠨ ᠤᠯᠠᠭᠴᠢᠨ ᠮᠤᠭᠠᠢ ᠵᠢᠯ ︵ | 1797 ᠤᠨ︶ ᠹᠦᠭᠢᠶᠦ᠋ᠨ ᠨᠠᠶᠢᠷᠠᠭᠤᠯᠵᠠᠢ᠃ ᠤᠶᠢᠷᠠᠳ ᠮᠤᠩᠭᠤᠯ ᠦᠭᠡ ᠲᠠᠢ ᠪᠦᠭᠡᠳ ᠦᠭᠡᠰ ᠢ ᠮᠤᠩᠭᠤᠯ ᠴᠠᠭᠠᠨ ᠲᠤᠯᠤᠭᠠᠢ ᠶᠢᠨ ᠲᠡᠰ ᠲᠠᠷᠠᠭ᠎ᠠ ᠪᠠᠷ | ᠵᠢᠭᠰᠠᠭᠠᠭᠰᠠᠨ ᠪᠠᠶᠢᠨ᠎ᠠ᠃ | 57. ︽ᠤᠷᠳᠤᠰ ᠲᠤᠯᠢ︾᠄ 1941— 1944 ᠤᠨ ᠤ ᠬᠤᠭᠤᠷᠤᠨᠳᠤ ᠪᠡᠭᠡᠵᠢᠩ ᠳᠤ ᠬᠡᠪᠯᠡᠵᠠᠢ᠃ ᠮᠤᠰᠲ᠋ᠧᠷᠲ ᠭᠡᠳᠡᠭ ᠬᠦᠮᠦᠨ ᠵᠤᠬᠢᠶᠠᠭᠰᠠᠨ ᠲᠤᠯᠠ | ︽ᠮᠤᠰᠲ᠋ᠧᠷᠲ ᠤᠨ ᠲᠤᠯᠢ︾ ᠭᠡᠵᠤ ᠪᠠᠰᠠ ᠬᠡᠯᠡᠳᠡᠭ᠃ ᠨᠠᠶᠢᠲᠡ ᠭᠤᠷᠪᠠᠨ ᠲᠡᠪᠲᠡᠷ ᠠᠴᠠ ᠡᠬᠢᠨ ᠤ ᠬᠤᠶᠠᠷ ᠨᠢ ᠲᠤᠯᠢ᠂ ᠭᠤᠷᠪᠠᠳᠤᠭᠠᠷ ᠨᠢ ᠮᠤᠰᠲ᠋ᠧᠷᠲ ᠤᠨ | ᠦᠪᠡᠷ ᠤᠨ ᠰᠤᠳᠤᠯᠤᠯ ᠪᠠ ᠹᠷᠠᠨᠼᠢ᠂ ᠮᠤᠩᠭᠤᠯ ᠵᠢᠭᠠᠯᠲᠠ ᠶᠢ ᠳᠠᠭᠠᠯᠳᠤᠭᠤᠯᠵᠠᠢ᠃ ᠲᠤᠯᠢ ᠲᠤᠰ ᠪᠡᠶ᠎ᠡ ᠨᠢ ᠡᠬᠢᠯᠡᠭᠡᠳ ᠣᠷᠳᠣᠰ ᠦᠭᠡ ᠶᠢ ᠭᠠᠯᠢᠭ ᠢᠶᠠᠷ | ᠲᠡᠮᠲᠡᠭᠯᠡᠵᠤ᠂ ᠲᠠᠷᠠᠭ᠎ᠠ ᠨᠢ ᠹᠷᠠᠨᠼᠢ ᠪᠠᠷ ᠤᠷᠴᠢᠭᠤᠯᠵᠤ᠂ ᠭᠤᠷᠪᠠᠳᠤᠭᠠᠷ ᠲᠤ ᠮᠤᠩᠭᠤᠯ ᠵᠢᠱᠢᠶ᠎ᠡ ᠲᠠᠢ᠂ ᠳᠦᠷᠪᠡᠳᠦᠭᠡᠷ ᠲᠤ ᠮᠤᠩᠭᠤᠯ ᠵᠢᠱᠢᠶ᠎ᠡ ᠶᠢ ᠹᠷᠠᠨᠼᠢ ᠪᠠᠷ | ᠲᠠᠶᠢᠯᠵᠤ᠂ ᠲᠠᠪᠤᠳᠤᠭᠠᠷ ᠲᠤ ᠬᠡᠷᠪᠡ ᠵᠢᠭᠡᠯᠡᠭᠡ ᠦᠭᠡ ᠲᠠᠢ ᠪᠤᠯ ᠭᠠᠷᠤᠯ ᠢ ᠨᠢ ᠪᠢᠴᠢᠵᠦ᠂ ᠵᠢᠷᠭᠤᠳᠤᠭᠠᠷ ᠲᠤ ᠣᠷᠳᠣᠰ ᠦᠭᠡ ᠶᠢ ᠨᠢ ᠪᠢᠴᠢᠭ ᠤᠨ ᠬᠡᠯᠡᠨ ᠤ | ᠦᠭᠡ ᠲᠠᠢ ᠬᠠᠷᠢᠴᠠᠭᠤᠯᠤᠭᠠᠳ ᠬᠠᠮᠤᠭ ᠤᠨ ᠰᠡᠭᠦᠯ ᠳᠤᠨᠢ ᠦᠭᠡᠰ ᠤᠨ ᠬᠡᠯᠬᠢᠶᠡᠰᠦ ᠶᠢ ᠬᠠᠪᠰᠤᠷᠭᠠᠭᠰᠠᠨ ᠪᠠᠶᠢᠨ᠎ᠠ᠃ | ︽ᠣᠷᠳᠣᠰ ᠲᠤᠯᠢ︾ ᠨᠢ ᠨᠤᠲᠤᠭ ᠤᠨ ᠠᠶᠠᠯᠭᠤᠨ ᠤ ᠲᠤᠯᠢ ᠬᠡᠭᠳᠡᠭᠦ ᠶᠢᠨ ᠬᠤᠪᠢ ᠳᠤ ᠨᠡᠯᠢᠶᠠᠳ ᠠᠰᠢᠭ ᠲᠠᠢ ᠵᠦᠢᠯ ᠢ ᠬᠦᠮᠦᠰ ᠲᠤ ᠤᠯᠭᠤᠵᠤ ᠦᠭᠬᠦ | ᠲᠤᠯᠠ ᠯᠠᠪᠯᠠᠯᠲᠠ ᠶᠢᠨ ᠴᠢᠨᠠᠷ ᠢᠶᠠᠷ ᠵᠦᠭᠡᠷ ᠰᠠᠶᠢᠨ ᠲᠤᠯᠢᠨ ᠤ ᠲᠤᠭᠠᠨ ᠳᠤ ᠤᠷᠤᠨ᠎ᠠ᠃ | ᠮᠤᠩᠭᠤᠯ ᠬᠡᠯᠡᠨ ᠤ ᠲᠤᠯᠢ ᠪᠢᠴᠢᠭ ᠤᠨ ᠪᠦᠬᠦ ᠲᠡᠦᠬᠡᠨ ᠶᠠᠪᠤᠴᠠ ᠳᠠᠬᠢ ᠲᠤᠶᠢᠮᠤ ᠶᠢ ᠲᠤᠪᠴᠢ ᠪᠠᠷ ᠦᠭᠦᠯᠡᠪᠡᠯ ᠡᠶᠢᠮᠦ ᠪᠠᠶᠢᠨ᠎ᠠ᠃ | 1975 ᠤᠨ | |