ᠦ᠋ ᠶᠦᠨ ᠨᠦᠬᠦᠷ ᠱᠠᠩᠬᠠᠢ ᠶᠢᠨ ᠰᠦᠮ᠎ᠡ ᠠᠵᠣ ᠠᠬᠤᠢ ᠶᠢᠨ ᠨᠡᠭᠡᠭᠡᠯᠳᠡ ᠶᠢᠨ ᠣᠷᠣᠨ ᠤ ᠴᠢᠬᠤᠯᠠ ᠶᠡᠭᠡ ᠲᠦᠷᠦᠯ ᠵᠣᠶᠢᠯ ᠤᠨ ᠪᠠᠶᠢᠭᠤᠯᠣᠯᠳᠠ ᠶᠢᠨ ᠪᠠᠶᠢᠳᠠᠯ ᠳᠤ ᠪᠠᠶᠢᠴᠠᠭᠠᠨ ᠰᠣᠳᠣᠯᠣᠯᠳᠠ ᠬᠢᠪᠠ
ᠨᠡᠶᠢᠲᠡᠯᠡᠭᠰᠡᠨ ᠴᠠᠭ᠄
2020/11/12
    11 ᠰᠠᠷ᠎ᠠ ᠶᠢᠨ 5 ᠤ ᠡᠳᠦᠷ᠂ ᠬᠤᠰᠢᠭᠤ ᠨᠠᠮ ᠤᠨ ᠬᠤᠷᠢᠶ᠎ᠠ ᠶᠢᠨ ᠲᠡᠳ᠋ ᠱᠦᠵᠢ᠂ ᠣᠷᠣᠯᠠᠭᠴᠢ ᠬᠤᠰᠢᠭᠤ ᠲᠠᠷᠤᠭ᠎ᠠ ᠦ᠋ ᠶᠦᠨ ᠨᠦᠬᠦᠷ ᠱᠠᠩᠬᠠᠢ ᠶᠢᠨ ᠰᠦᠮ᠎ᠡ ᠠᠵᠣ ᠠᠬᠤᠢ ᠶᠢᠨ ᠨᠡᠭᠡᠭᠡᠯᠳᠡ ᠶᠢᠨ ᠣᠷᠣᠨ ᠤ ᠴᠢᠬᠤᠯᠠ ᠶᠡᠭᠡ ᠲᠦᠷᠦᠯ ᠵᠣᠶᠢᠯ ᠤᠨ ᠪᠠᠶᠢᠭᠤᠯᠣᠯᠳᠠ ᠶᠢᠨ ᠪᠠᠶᠢᠳᠠᠯ ᠳᠤ ᠪᠠᠶᠢᠴᠠᠭᠠᠨ ᠰᠣᠳᠣᠯᠣᠯᠳᠠ ᠬᠢᠪᠠ᠃     ᠦ᠋ ᠶᠦᠨ ᠨᠦᠬᠦᠷ ᠣᠷᠢᠳ ᠬᠤᠵᠢᠳ ᠱᠠᠩᠬᠠᠢ ᠶᠢᠨ ᠰᠦᠮ᠎ᠡ ᠡᠨᠧᠷᠬᠢ ᠬᠢᠮᠢ ᠶᠢᠨ ᠠᠵᠣ ᠣᠶᠢᠯᠠᠳᠪᠦᠷᠢ ᠶᠢᠨ ᠰᠠᠭᠤᠷᠢᠨ ᠭᠠᠵᠠᠷ ᠤᠨ ᠦᠵᠡᠭᠦᠯᠭᠡ ᠶᠢᠨ ᠲᠢᠩᠬᠢᠮ᠂ ᠾᠧᠩ ᠺᠦᠨ ᠬᠢᠮᠢ ᠶᠢᠨ ᠠᠵᠣ ᠣᠶᠢᠯᠠᠳᠪᠦᠷᠢ᠂ ᠨᠡᠭᠦᠷᠡᠰᠦᠳᠦ᠋ᠭᠴᠢᠳᠦ ᠴᠠᠬᠢᠭᠤᠷ᠂ ᠴᠠᠩ ᠴᠧᠩ 2 ᠨᠣᠮᠧᠷᠳᠦ ᠨᠡᠭᠦᠷᠡᠰᠣᠨ ᠠᠭᠤᠷᠬᠠᠢ᠂ ᠭᠤᠣᠯᠳᠠᠯᠭᠠᠳᠦ ᠡᠮᠨᠡᠯᠭᠡ  ᠶᠢᠨ ᠬᠤᠷᠢᠶ᠎ᠠ᠂ ᠬᠠᠶᠢᠯᠠᠰᠤᠨ ᠬᠤᠤᠨᠳᠤᠭ ᠨᠡᠬᠦᠷᠡᠰᠤᠨ ᠠᠭᠤᠷᠬᠠᠢ᠂ ᠴᠠᠩ ᠴᠧᠩ ᠴᠠᠬᠢᠯᠭᠠᠨ ᠣᠶᠢᠯᠠᠳᠪᠦᠷᠢ᠂ ᠣᠯᠣᠰ ᠤᠨ ᠴᠠᠬᠢᠯᠭᠠᠨ ᠬᠦᠴᠦᠨ ᠤ ᠱᠤᠸᠠᠩ ᠸᠧᠢ ᠴᠠᠬᠢᠯᠭᠠᠨ ᠣᠶᠢᠯᠠᠳᠪᠦᠷᠢ᠂ ᠱᠧᠩ ᠯᠦ ᠴᠠᠬᠢᠯᠭᠠᠨ ᠣᠶᠢᠯᠠᠳᠪᠦᠷᠢ ᠪᠠᠷ ᠲᠣᠭᠤᠷᠢᠨ ᠪᠠᠶᠢᠴᠠᠭᠠᠵᠣ᠂ ᠱᠠᠩᠬᠠᠢ ᠶᠢᠨ ᠰᠦᠮ᠎ᠡ ᠡᠨᠧᠷᠬᠢ ᠬᠢᠮᠢ ᠶᠢᠨ ᠠᠵᠣ ᠣᠶᠢᠯᠠᠳᠪᠦᠷᠢ  ᠶᠢᠨ ᠰᠠᠭᠤᠷᠢᠨ ᠭᠠᠵᠠᠷ ᠤᠨ ᠪᠦᠬᠦ ᠲᠠᠯ᠎ᠠ ᠶᠢᠨ ᠪᠠᠶᠢᠭᠤᠯᠣᠯᠳᠠ ᠶᠢᠨ ᠪᠠᠶᠢᠳᠠᠯ ᠵᠢᠴᠢ ᠲᠦᠷᠦᠯ ᠵᠣᠶᠢᠯ ᠪᠦᠷᠢ ᠶᠢᠨ ᠦᠨᠳᠦᠰᠣᠨ ᠪᠠᠶᠢᠳᠠᠯ᠂ ᠪᠠᠶᠢᠭᠤᠯᠣᠯᠳᠠ ᠶᠢᠨ ᠠᠬᠢᠴᠠ᠂ ᠣᠶᠢᠯᠡᠴᠢᠯᠡᠭᠡᠨ ᠤ ᠪᠠᠳᠣᠯᠠᠭ᠎ᠠ᠂ ᠬᠦᠴᠢᠷᠳᠡᠯ᠂ ᠠᠵᠣ ᠣᠶᠢᠯᠠᠰ ᠤᠨ ᠬᠡᠯᠬᠢᠶᠡᠵᠢᠯ ᠤᠨ ᠪᠠᠶᠢᠳᠠᠯ ᠪᠣᠯᠣᠨ ᠲᠠᠷᠠᠭ᠎ᠠ ᠠᠯᠬᠤᠮ ᠤᠨ ᠬᠦᠭᠵᠢᠯᠳᠡ ᠶᠢᠨ ᠲᠦᠯᠦᠪᠯᠡᠭᠡ ᠶᠢ ᠨᠠᠷᠢᠨ ᠣᠶᠢᠯᠠᠭᠠᠭᠰᠠᠨ ᠪᠠᠶᠢᠨ᠎ᠠ᠃     ᠦ᠋ ᠶᠦᠨ ᠨᠦᠬᠦᠷ᠂ ᠱᠠᠩᠬᠠᠢ ᠶᠢᠨ ᠰᠦᠮ᠎ᠡ ᠡᠨᠧᠷᠬᠢ ᠬᠢᠮᠢ ᠶᠢᠨ ᠠᠵᠣ ᠣᠶᠢᠯᠠᠳᠪᠦᠷᠢ ᠶᠢᠨ ᠰᠠᠭᠤᠷᠢᠨ ᠪᠣᠯ ᠮᠠᠨ ᠤ ᠬᠤᠰᠢᠭᠤᠨ ᠤ ᠴᠢᠬᠤᠯᠠ ᠶᠡᠭᠡ ᠠᠵᠣ ᠣᠶᠢᠯᠠᠳᠪᠦᠷᠢ ᠶᠢᠨ ᠲᠦᠷᠦᠯ ᠵᠣᠶᠢᠯ ᠤᠨ ᠠᠴᠢᠶᠠᠯᠠᠭᠴᠢ ᠪᠣᠯᠣᠨ᠎ᠠ᠂ ᠲᠦᠯᠦᠪᠵᠢᠭᠦᠯᠭᠡ ᠶᠢᠨ ᠡᠬᠢᠯᠡᠯᠳᠡ ᠶᠢᠨ ᠴᠡᠭ ᠦᠨᠳᠦᠷ᠂ ᠬᠦᠭᠵᠢᠯᠳᠡ ᠶᠢᠨ ᠪᠠᠶᠢᠳᠠᠯ ᠣᠬᠢ ᠰᠠᠶᠢᠨ᠂ ᠲᠦᠷᠦᠯ ᠵᠣᠶᠢᠯ ᠤᠨ ᠪᠠᠶᠢᠭᠤᠯᠣᠯᠳᠠ ᠴᠢᠨᠠᠷᠯᠢᠭ᠂ ᠠᠬᠢᠯᠳᠠ ᠶᠢᠨ ᠬᠦᠴᠦᠨ ᠡᠷᠴᠢᠮᠳᠠᠢ ᠪᠠᠶᠢᠳᠠᠯ ᠢᠶᠠᠨ ᠦᠷᠭᠦᠯᠵᠢᠯᠡᠨ ᠪᠠᠳᠣᠯᠠᠵᠣ᠂ ᠰᠢᠨ᠎ᠡ ᠠᠵᠣ ᠣᠶᠢᠯᠠᠰ ᠤᠨ ᠲᠦᠷᠦᠯ ᠵᠣᠶᠢᠯ᠂ ᠠᠵᠣ ᠣᠶᠢᠯᠠᠰ ᠤᠨ ᠬᠡᠯᠬᠢᠶᠡᠵᠢᠯ ᠤᠨ ᠣᠷᠳᠣᠳᠬᠠᠯ᠂ ᠰᠢᠯᠢᠳᠡᠭᠵᠢᠯ ᠣᠶᠢᠯᠡᠴᠢᠯᠡᠭᠡ ᠶᠢᠨ ᠲᠠᠯ᠎ᠠ ᠪᠠᠷ ᠣᠯᠠᠮ ᠡᠷᠴᠢᠮᠵᠢᠭᠦᠯᠬᠦ ᠬᠡᠷᠡᠭᠳᠡᠢ᠃ ᠱᠠᠩᠬᠠᠢ ᠶᠢᠨ ᠰᠦᠮ᠎ᠡ ᠪᠠᠯᠭᠠᠰᠦ ᠪᠣᠯᠣᠨ ᠡᠯ᠎ᠡ ᠬᠠᠮᠢᠶ᠎ᠠ ᠪᠦᠬᠦᠢ ᠰᠠᠯᠠᠭ᠎ᠠ ᠮᠦᠴᠢᠷ ᠬᠤᠳᠠ ᠶᠢᠨ ᠵᠠᠰᠠᠭ ᠤᠨ ᠣᠷᠳᠣᠨ ᠤ ᠭᠤᠣᠯᠳᠠᠯᠭᠠᠳᠦ ᠲᠦᠷᠦᠯ ᠵᠣᠶᠢᠯ ᠭᠤᠣᠯᠳᠠᠭᠠᠳᠦ ᠠᠵᠢᠯ ᠢ ᠨᠢᠭᠡᠳᠦᠯᠳᠡᠢ ᠠᠬᠢᠭᠤᠯᠬᠤ ᠬᠤᠯᠪᠣᠭᠠᠳᠦ ᠲᠣᠭᠳᠠᠯᠴᠠᠭᠠᠨ ᠤ 16 ᠣᠳᠠᠭᠠᠨ ᠤ ᠠᠯᠪᠠᠯᠠᠬᠤ ᠬᠤᠷᠠᠯ ᠤᠨ ᠬᠤᠯᠪᠣᠭᠳᠠᠯ ᠪᠦᠬᠦᠢ ᠱᠠᠭᠠᠷᠳᠠᠯᠭ᠎ᠠ ᠶᠣᠰᠣᠭᠠᠷ᠂ ᠲᠦᠷᠦᠯ ᠵᠣᠶᠢᠯ ᠤᠨ ᠪᠠᠶᠢᠭᠤᠯᠣᠯᠳᠠ ᠶᠢᠨ ᠣᠶᠢᠯᠡᠴᠢᠯᠡᠭᠡᠨ ᠤ ᠪᠠᠳᠣᠯᠠᠭ᠎ᠠ ᠶᠢᠨ ᠠᠵᠢᠯ ᠢ ᠰᠠᠶᠢᠳᠦᠷ ᠬᠢᠵᠣ᠂ ᠨᠢᠭᠳᠠ ᠬᠠᠮᠵᠢᠯᠴᠠᠨ ᠢᠳᠡᠪᠬᠢᠳᠠᠢ ᠬᠠᠷᠢᠯᠴᠠᠵᠣ᠂ ᠬᠠᠮᠢᠶ᠎ᠠ ᠪᠦᠬᠦᠢ ᠠᠵᠣ ᠠᠬᠤᠶᠢᠯᠠᠯ ᠤᠨ ᠲᠦᠷᠦᠯ ᠵᠣᠶᠢᠯ ᠤᠨ ᠪᠠᠶᠢᠭᠤᠯᠣᠯᠳᠠ ᠲᠣᠮᠳᠠ ᠲᠣᠬᠢᠶᠠᠯᠳᠣᠭᠰᠠᠨ ᠪᠣᠳᠠᠳᠦ ᠬᠦᠴᠢᠷᠳᠡᠯ ᠢ ᠰᠢᠢᠳᠪᠦᠷᠢᠯᠡᠵᠣ᠂ ᠲᠦᠷᠦᠯ ᠵᠣᠶᠢᠯ ᠤᠨ ᠣᠷᠣᠭᠰᠢᠳᠠᠢ ᠠᠬᠢᠯᠳᠠ ᠶᠢ ᠪᠠᠳᠣᠯᠠᠨ᠂ ᠣᠨᠴᠠᠭᠠᠶᠢᠯᠠᠨ     ︽ᠠᠷᠪᠠᠨ ᠲᠦᠷᠪᠡᠳᠦᠭᠡᠷ ᠲᠠᠪᠣᠨ ᠵᠢᠯ︾ ᠤᠨ ᠲᠦᠯᠦᠪᠵᠢᠭᠦᠯᠭᠡ ᠶᠢᠨ ᠲᠣᠭᠤᠷᠪᠢᠯ ᠲᠠᠢ ᠣᠶᠠᠯᠳᠣᠭᠤᠯᠵᠣ᠂ ᠣᠳᠣᠬᠠᠨ ᠤ ᠲᠦᠷᠦᠯ ᠵᠣᠶᠢᠯ ᠳᠤ ᠪᠠᠨ ᠲᠦᠰᠢᠭᠯᠡᠨ᠂ ᠬᠡᠯᠬᠢᠶᠡᠵᠢᠯ ᠢ ᠡᠷᠴᠢᠮᠵᠢᠭᠦᠯᠦᠨ ᠨᠦᠬᠦᠪᠦᠷᠢᠯᠡᠬᠦ ᠲᠦᠷᠦᠯ ᠵᠣᠶᠢᠯ ᠪᠠ ᠣᠬᠢ ᠰᠠᠶᠢᠨ ᠲᠦᠷᠦᠯ ᠵᠣᠶᠢᠯ ᠢ ᠰᠦᠪᠡᠭᠴᠢᠯᠡᠨ ᠨᠦᠭᠡᠴᠡᠯᠡᠬᠦ ᠬᠡᠷᠡᠭᠳᠡᠢ᠃ ᠡᠯ᠎ᠡ ᠠᠵᠣ ᠠᠬᠤᠶᠢᠯᠠᠯ ᠲᠦᠷᠦᠯ ᠵᠣᠶᠢᠯ ᠤᠨ ᠪᠠᠶᠢᠭᠤᠯᠣᠯᠳᠠ ᠶᠢᠨ ᠠᠬᠢᠴᠠ ᠪᠠᠨ ᠲᠦᠷᠭᠡᠳᠬᠡᠨ᠂ ᠣᠯᠠᠮ ᠠᠷᠪᠢᠨ ᠪᠦᠳᠦᠮᠵᠢᠳᠡᠢ ᠪᠡᠯᠡ ᠣᠷᠣᠭᠤᠯᠣᠯᠳᠠ ᠶᠢ ᠣᠯᠣᠨ᠂ ᠣᠷᠣᠨ ᠨᠣᠳᠤᠭ ᠤᠨ ᠠᠵᠣ ᠠᠬᠤᠢ ᠨᠡᠶᠢᠭᠡᠮ ᠤᠨ ᠬᠦᠭᠵᠢᠯᠳᠡ ᠳᠤ ᠬᠦᠴᠦᠨ ᠢᠶᠠᠨ ᠨᠡᠮᠡᠷᠢᠯᠡᠬᠦ ᠶᠢᠨ ᠬᠠᠮᠳᠦ ᠠᠶᠣᠯᠭᠦᠢ ᠣᠶᠢᠯᠠᠳᠪᠦᠷᠢᠯᠠᠯ ᠪᠣᠯᠣᠨ ᠣᠷᠴᠢᠨ ᠲᠣᠭᠤᠷᠢᠨ ᠤ ᠬᠠᠮᠠᠭᠠᠯᠠᠯᠳᠠ ᠶᠢᠨ ᠠᠵᠢᠯ ᠢ ᠲᠡᠭᠡᠳᠦ ᠬᠡᠮᠵᠢᠶ᠎ᠡ ᠪᠠᠷ ᠴᠢᠬᠤᠯᠠᠴᠢᠯᠠᠵᠣ᠂ ᠴᠢᠬᠤᠯᠠ ᠶᠡᠭᠡ ᠲᠦᠷᠦᠯ ᠵᠣᠶᠢᠯ ᠤᠨ ᠪᠠᠶᠢᠭᠤᠯᠣᠯᠳᠠ ᠶᠢᠨ ᠠᠶᠣᠯᠭᠦᠢ ᠡᠮᠬᠢᠳᠡᠢ ᠠᠬᠢᠯᠳᠠ ᠶᠢ ᠪᠠᠳᠣᠯᠠᠬᠤ ᠭᠡᠷᠡᠭᠳᠡᠢ ᠭᠡᠵᠣ ᠴᠢᠬᠤᠯᠠᠴᠢᠯᠠᠭᠰᠠᠨ ᠪᠠᠶᠢᠨ᠎ᠠ᠃     ᠯᠢᠦ ᠱᠦ ᠯᠦ᠂ ᠶᠢᠣ ᠵᠢᠶᠦ᠋ᠨ ᠪᠣᠣ᠂ ᠯᠢᠦᠢ ᠶᠣᠣ ᠹᠧᠩ᠂ ᠬᠤᠰᠢᠭᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠡᠷᠬᠢᠯᠡᠭᠴᠢ ᠶᠢᠣ ᠵᠢᠶᠠᠨ ᠪᠢᠩ ᠵᠢᠴᠢ ᠱᠠᠩᠬᠠᠢ ᠶᠢᠨ ᠰᠦᠮ᠎ᠡ ᠪᠠᠯᠭᠠᠰᠣ᠂ ᠬᠤᠰᠢᠭᠤ ᠰᠢᠭᠤᠳ ᠬᠠᠷᠢᠶ᠎ᠠ ᠬᠠᠮᠢᠶ᠎ᠠ ᠪᠦᠬᠦᠢ ᠰᠠᠯᠠᠭ᠎ᠠ ᠮᠦᠴᠢᠷ ᠤᠨ ᠬᠠᠷᠢᠭᠤᠴᠠᠯᠭᠠᠲᠠᠳ ᠪᠠᠶᠢᠴᠠᠭᠠᠨ ᠰᠣᠳᠣᠯᠣᠯᠲᠠ ᠳᠤ ᠣᠷᠣᠯᠴᠠᠪᠠ᠃
 
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号