︽ᠣᠳᠤᠭ ᠤᠨ ᠡᠮᠦᠨᠡᠳᠦ ᠬᠤᠰᠢᠭᠤᠨ ᠤ ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠪᠠᠶᠢᠭᠤᠯᠣᠯᠳᠠ ᠶᠢᠨ | ᠲᠦᠰᠦᠯ︾ ᠢ ᠲᠠᠷᠣᠮᠠᠯᠯᠠᠨ ᠲᠠᠷᠬᠠᠭᠠᠬᠤ ᠲᠣᠬᠠᠢ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ | ᠤᠨ ᠣᠷᠳᠣᠨ ᠤ ᠠᠯᠪᠠᠨ ᠭᠡᠷ ᠤᠨ ᠮᠡᠳᠡᠭᠳᠡᠯ | | | ᠱᠠᠩᠬᠠᠢ ᠶᠢᠨ ᠰᠦᠮ᠎ᠡ ᠠᠵᠣ ᠠᠬᠤᠢ ᠶᠢᠨ ᠨᠡᠭᠡᠭᠡᠯᠳᠡ ᠶᠢᠨ ᠣᠷᠣᠨ ᠤ ᠬᠠᠮᠢᠶᠠᠷᠣᠯᠳᠠ ᠶᠢᠨ ᠵᠦᠪᠯᠡᠯ᠂ ᠡᠯ᠎ᠡ | ᠪᠠᠯᠭᠠᠰᠣᠨ ᠤ ᠠᠷᠠᠳ ᠤᠨ ᠵᠠᠰᠠᠭ ᠤᠨ ᠣᠷᠳᠣᠨ᠂ ᠬᠤᠰᠢᠭᠤ ᠰᠢᠭᠤᠳ ᠬᠠᠷᠢᠶ᠎ᠠ ᠡᠯ᠎ᠡ ᠰᠠᠯᠠᠭ᠎ᠠ ᠮᠦᠴᠢᠷ᠄ | ︽ᠣᠳᠤᠭ ᠤᠨ ᠡᠮᠦᠨᠡᠳᠦ ᠬᠤᠰᠢᠭᠤᠨ ᠤ ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠪᠠᠶᠢᠭᠤᠯᠣᠯᠳᠠ | ᠶᠢᠨ ᠲᠦᠰᠦᠯ︾ ᠢ ᠡᠳᠦᠭᠡ ᠲᠠᠨᠠᠷ ᠲᠤ ᠲᠠᠷᠣᠮᠠᠯᠯᠠᠨ ᠲᠠᠷᠬᠠᠭᠠᠪᠠ᠂ ᠪᠣᠳᠠᠳᠦ ᠪᠠᠶᠢᠳᠠᠯ ᠲᠠᠢ ᠪᠠᠨ ᠣᠶᠠᠯᠳᠣᠭᠤᠯᠣᠨ᠂ | ᠨᠠᠷᠢᠨ ᠬᠢᠨᠠᠮᠠᠭᠠᠢ ᠲᠣᠣᠱᠯᠠᠭᠤᠯᠣᠨ ᠬᠡᠷᠡᠭᠵᠢᠭᠦᠯᠳᠦᠭᠡᠢ᠃ | ᠲᠠᠭᠠᠯᠳᠣᠭᠤᠯᠣᠯ᠄ ᠣᠳᠤᠭ ᠤᠨ ᠡᠮᠦᠨᠡᠳᠦ ᠬᠤᠰᠢᠭᠤᠨ ᠤ ᠪᠣᠬᠢᠷᠳᠣᠯ ᠦᠭᠡᠢ ᠠᠭᠤᠷᠬᠠᠢ ᠶᠢᠨ ᠣᠷᠣᠨ ᠤ | ᠪᠠᠶᠢᠭᠤᠯᠣᠯᠳᠠ ᠶᠢᠨ ᠠᠵᠢᠯ ᠤᠨ ᠣᠳᠣᠷᠢᠳᠬᠤ ᠲᠣᠭᠤᠶᠢᠯᠠᠩ ᠤᠨ ᠪᠦᠷᠢᠯᠳᠦᠭᠦᠨ ᠤ ᠨᠡᠷᠡᠰ | | ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ | 2020 ᠣᠨ ᠤ 9 ᠰᠠᠷ᠎ᠠ ᠶᠢᠨ 16 ᠤ ᠡᠳᠦᠷ | | ᠣᠳᠤᠭ ᠤᠨ ᠡᠮᠦᠨᠡᠳᠦ ᠬᠤᠰᠢᠭᠤᠨ ᠤ ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠪᠠᠶᠢᠭᠤᠯᠣᠯᠳᠠ ᠶᠢᠨ | ᠲᠦᠰᠦᠯ | | | ᠮᠠᠨ ᠤ ᠬᠤᠰᠢᠭᠤᠨ ᠤ ᠠᠭᠤᠷᠬᠠᠢ ᠶᠢᠨ ᠣᠷᠣᠨ ᠤ ᠣᠷᠴᠢᠨ ᠲᠣᠭᠤᠷᠢᠨ ᠤ ᠬᠠᠮᠠᠭᠠᠯᠠᠯᠳᠠ ᠪᠣᠯᠣᠨ | ᠶᠡᠷᠦᠩᠬᠡᠶᠢᠯᠡᠭᠰᠠᠨ ᠵᠠᠰᠠᠯᠳᠠ ᠶᠢ ᠣᠯᠠᠮ ᠨᠢᠭᠡ ᠠᠯᠬᠤᠮ ᠴᠢᠩᠭᠠᠳᠬᠠᠨ᠂ ᠠᠭᠤᠷᠬᠠᠢ ᠶᠢᠨ ᠭᠠᠷᠣᠯᠳᠠ ᠶᠢᠨ ᠡᠬᠢ | ᠰᠣᠷᠪᠣᠯᠵᠢ ᠶᠢᠨ ᠨᠡᠭᠡᠭᠡᠯᠳᠡ ᠬᠢᠭᠡᠳ ᠠᠮᠢ ᠠᠬᠤᠢ ᠣᠷᠴᠢᠨ ᠲᠣᠭᠤᠷᠢᠨ ᠤ ᠵᠣᠬᠢᠴᠠᠯ ᠢ ᠠᠬᠢᠭᠤᠯᠵᠣ᠂ ᠣᠳᠤᠭ ᠤᠨ | ᠡᠮᠦᠨᠡᠳᠦ ᠬᠤᠰᠢᠭᠤᠨ ᠤ ᠠᠭᠤᠷᠬᠠᠢ ᠶᠢᠨ ᠣᠶᠢᠯᠠᠰ ᠤᠨ ᠨᠡᠭᠡᠭᠡᠯᠳᠡ ᠶᠢᠨ ᠪᠣᠬᠢᠷᠳᠣᠯ ᠦᠭᠡᠢ᠂ ᠡᠷᠡᠭᠦᠯ᠂ | ᠦᠷᠭᠦᠯᠵᠢᠭᠦᠶᠢᠴᠡ ᠬᠦᠭᠵᠢᠯᠳᠡ ᠶᠢ ᠪᠡᠶᠡᠯᠡᠭᠦᠯᠬᠦ ᠶᠢᠨ ᠲᠣᠰᠠᠳᠠ᠂ ︽ᠦᠪᠡᠷᠳᠡᠭᠡᠨ ᠵᠠᠰᠠᠬᠤ ᠣᠷᠣᠨ ᠤ ᠪᠣᠬᠢᠷᠳᠣᠯ | ᠦᠭᠡᠢ ᠠᠭᠤᠷᠬᠠᠢ ᠶᠢᠨ ᠣᠷᠣᠨ ᠤ ᠪᠠᠶᠢᠭᠤᠯᠣᠯᠳᠠ ᠶᠢᠨ ᠲᠦᠰᠦᠯ ᠢ ᠲᠠᠷᠣᠮᠠᠯᠯᠠᠨ ᠲᠠᠷᠬᠠᠭᠠᠬᠤ ᠲᠣᠬᠠᠢ ᠦᠪᠦᠷ | ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠮᠡᠳᠡᠭᠳᠡᠯ︾ ︵ᠦᠪᠦᠷ | ᠵᠠᠰᠠᠭ ᠲᠠᠷᠬᠠᠭᠠᠭᠰᠠᠨ ﹇2017﹈ 111 ᠲᠣᠭᠠᠳᠦ︶᠂ ︽ᠣᠷᠳᠣᠰ ᠬᠤᠳᠠ ᠶᠢᠨ ᠪᠦᠬᠢᠷᠳᠣᠯ ᠦᠭᠡᠢ | ᠠᠭᠤᠷᠬᠠᠢ ᠶᠢᠨ ᠣᠷᠣᠨ ᠤ ᠪᠠᠶᠢᠭᠤᠯᠣᠯᠳᠠ ᠶᠢᠨ ᠬᠡᠷᠡᠭᠵᠢᠭᠦᠯᠬᠦ ᠲᠦᠰᠦᠯ ᠢ ᠲᠠᠷᠣᠮᠠᠯᠯᠠᠨ ᠲᠠᠷᠬᠠᠭᠠᠬᠤ ᠲᠣᠬᠠᠢ | ᠣᠷᠳᠣᠰ ᠬᠤᠳᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠲᠢᠩᠬᠢᠮ ᠤᠨ ᠮᠡᠳᠡᠭᠳᠡᠯ︾ ︵ᠣᠷᠳᠣᠰ | ᠵᠠᠰᠠᠭ ᠠᠯᠪᠠᠨ ᠲᠠᠷᠬᠠᠭᠠᠭᠰᠠᠨ ﹇2018﹈ 64 ᠲᠣᠭᠠᠳᠦ︶ ᠤᠨ ᠵᠣᠷᠢᠭ ᠰᠠᠨᠠᠭ᠎ᠠ ᠶᠢ ᠦᠨᠳᠦᠰᠦᠯᠡᠵᠣ᠂ ᠮᠠᠨ ᠤ | ᠬᠤᠰᠢᠭᠤᠨ ᠤ ᠪᠣᠳᠠᠳᠦ ᠪᠠᠶᠢᠳᠠᠯ ᠲᠠᠢ ᠪᠠᠨ ᠣᠶᠠᠯᠳᠣᠭᠤᠯᠣᠨ᠂ ᠲᠣᠰ ᠲᠦᠰᠦᠯ ᠢ ᠲᠣᠭᠳᠠᠭᠠᠪᠠ᠃ | ᠨᠢᠭᠡ᠂ ᠴᠢᠬᠤᠯᠠ ᠠᠴᠢ ᠬᠤᠯᠪᠣᠭᠳᠣᠯ | ᠮᠠᠨ ᠤ ᠬᠤᠰᠢᠭᠤᠨ ᠤ ᠠᠭᠤᠷᠬᠠᠢ ᠶᠢᠨ ᠭᠠᠷᠣᠯᠳᠠ ᠶᠢᠨ ᠡᠬᠢ ᠰᠣᠷᠪᠣᠯᠵᠢ ᠡᠯᠪᠡᠭ ᠪᠠᠶᠠᠯᠢᠭ᠂ ᠱᠠᠩᠬᠠᠢ ᠶᠢᠨ | ᠰᠦᠮ᠎ᠡ ᠡᠨᠧᠷᠬᠢ ᠬᠢᠮᠢ ᠶᠢᠨ ᠰᠠᠭᠤᠷᠢᠨ ᠭᠠᠵᠠᠷ ᠪᠣᠯ ᠣᠯᠣᠰ ᠤᠨ ᠲᠡᠰ ᠤᠨ ᠡᠨᠧᠷᠬᠢ ᠬᠢᠮᠢ ᠶᠢᠨ ᠴᠢᠬᠤᠯᠠ | ᠰᠠᠭᠤᠷᠢᠨ ᠭᠠᠵᠠᠷ ᠪᠣᠯᠣᠨ᠎ᠠ᠃ ᠮᠠᠨ ᠤ ᠬᠤᠰᠢᠭᠤᠨ ᠤ ᠠᠭᠤᠷᠬᠠᠢ ᠶᠢᠨ ᠣᠶᠢᠯᠠᠰ ᠤᠨ ᠠᠵᠣ ᠠᠬᠤᠢ ᠠᠯᠬᠤᠮ | ᠠᠯᠬᠤᠮ ᠢᠶᠠᠷ ᠬᠦᠭᠵᠢᠨ ᠪᠣᠵᠠᠭᠠᠶᠢᠷᠠᠬᠤ ᠶᠢ ᠲᠠᠭᠠᠯᠳᠣᠨ᠂ ᠠᠭᠤᠷᠬᠠᠢ ᠶᠢᠨ ᠭᠠᠷᠣᠯᠳᠠ ᠶᠢᠨ ᠡᠬᠢ ᠰᠣᠷᠪᠣᠯᠵᠢ ᠨᠢ | ᠮᠠᠨ ᠤ ᠬᠤᠰᠢᠭᠤᠨ ᠤ ᠠᠵᠣ ᠠᠬᠤᠢ ᠶᠢᠨ ᠬᠦᠭᠵᠢᠯᠳᠡ ᠳᠤ ᠴᠢᠬᠤᠯᠠ ᠶᠡᠭᠡ ᠨᠡᠮᠡᠷᠢ ᠦᠵᠡᠭᠦᠯᠦᠭᠰᠡᠨ ᠪᠠᠶᠢᠨ᠎ᠠ᠃ | ᠢᠯᠠᠩᠭᠤᠶ᠎ᠠ ︽ᠠᠷᠪᠠᠳᠣᠭᠠᠷ ᠲᠠᠪᠣᠨ ᠵᠢᠯ︾ ᠤᠨ ᠲᠦᠯᠦᠪᠵᠢᠭᠦᠯᠭᠡ ᠠᠴᠠ ᠨᠠᠭᠠᠰᠢ᠂ ᠪᠦᠬᠦ ᠬᠤᠰᠢᠭᠤᠨ ᠤ ᠠᠵᠣ | ᠠᠬᠤᠢ ᠶᠢᠨ ᠬᠦᠭᠵᠢᠯᠳᠡ ᠨᠡᠩ ᠴᠢᠩᠭᠠᠷᠠᠨ᠂ ᠬᠦᠭᠵᠢᠯᠳᠡ ᠶᠢᠨ ᠴᠢᠨᠠᠷ ᠴᠢᠨᠰᠠᠭ᠎ᠠ ᠢᠯᠡᠷᠡᠭᠡᠢ ᠲᠡᠭᠡᠭᠰᠢᠯᠡᠵᠣ᠂ | ᠠᠭᠤᠷᠬᠠᠢ ᠶᠢᠨ ᠭᠠᠷᠣᠯᠳᠠ ᠶᠢᠨ ᠡᠬᠢ ᠰᠣᠷᠪᠣᠯᠵᠢ ᠶᠢᠨ ᠬᠡᠷᠡᠭᠴᠡᠭᠡ ᠨᠡᠩ ᠶᠡᠬᠡᠪᠡᠷ ᠱᠠᠭᠠᠷᠳᠠᠭᠳᠠᠪᠠ᠃ ᠭᠡᠪᠡᠴᠦ ᠮᠠᠨ | ᠤ ᠬᠤᠰᠢᠭᠤᠨ ᠳᠤ ᠠᠭᠤᠷᠬᠠᠢ ᠶᠢᠨ ᠭᠠᠷᠣᠯᠳᠠ ᠶᠢᠨ ᠡᠬᠢ ᠰᠣᠷᠪᠣᠯᠵᠢ ᠶᠢᠨ ᠨᠡᠭᠡᠭᠡᠯᠳᠡ ᠠᠰᠢᠭᠯᠠᠯᠳᠠ ᠶᠡᠷᠦᠩᠬᠡᠢ ᠳᠤ | ᠪᠠᠨ ᠬᠤᠴᠣᠷᠣᠩᠭᠤᠢ ᠪᠦᠳᠦᠭᠦᠯᠢᠭ᠂ ᠠᠮᠢ ᠠᠬᠤᠢ ᠣᠷᠴᠢᠨ ᠲᠣᠭᠤᠷᠢᠨ ᠤ ᠠᠰᠠᠭᠤᠳᠠᠯ ᠲᠣᠪᠣᠶᠢᠮ᠎ᠠ᠂ ᠠᠭᠤᠷᠬᠠᠢ | ᠶᠢᠨ ᠣᠶᠢᠯᠠᠳᠪᠦᠷᠢᠯᠠᠯ ᠡᠵᠡᠯᠡᠭᠰᠡᠨ ᠲᠠᠯᠠᠪᠠᠢ᠂ ᠬᠦᠷᠦᠰᠦ ᠰᠢᠷᠣᠢ ᠶᠢ ᠡᠪᠳᠡᠭᠰᠡᠨ ᠲᠠᠯᠠᠪᠠᠢ ᠪᠣᠯᠣᠨ ᠬᠠᠳᠠᠭᠤ ᠪᠡᠶᠡᠳᠦ | ᠬᠠᠶᠠᠭᠳᠠᠮᠠᠯ ᠪᠣᠳᠠᠰ ᠣᠪᠣᠭᠠᠯᠠᠭᠰᠠᠨ ᠬᠡᠮᠵᠢᠶ᠎ᠡ ᠶᠡᠭᠡ᠂ ᠠᠭᠤᠷᠬᠠᠢ ᠶᠢᠨ ᠣᠷᠣᠨ ᠤ ᠠᠮᠢ ᠠᠬᠤᠢ ᠣᠷᠴᠢᠨ | ᠲᠣᠭᠤᠷᠢᠨ ᠪᠠ ᠠᠭᠤᠷᠬᠠᠢ ᠶᠢᠨ ᠣᠶᠢᠯᠠᠰ ᠤᠨ ᠦᠷᠭᠦᠯᠵᠢᠭᠦᠶᠢᠴᠡ ᠬᠦᠭᠵᠢᠯᠳᠡ ᠳᠤ ᠨᠦᠯᠦᠭᠡᠯᠡᠯ ᠶᠡᠬᠡᠳᠡᠢ ᠵᠡᠷᠭᠡ | ᠰᠢᠷᠢᠰ ᠠᠰᠠᠭᠤᠳᠠᠯ ᠣᠷᠣᠰᠢᠵᠣ ᠪᠣᠢ᠃ ᠪᠣᠬᠢᠷᠳᠣᠯ ᠦᠭᠡᠢ ᠠᠭᠤᠷᠬᠠᠢ ᠶᠢᠨ ᠣᠷᠣᠨ ᠢ ᠪᠦᠬᠦ ᠲᠠᠯ᠎ᠠ ᠪᠠᠷ | ᠪᠠᠶᠢᠭᠤᠯᠬᠤ ᠪᠣᠯ ᠠᠭᠤᠷᠬᠠᠢ ᠶᠢᠨ ᠣᠶᠢᠯᠠᠰ ᠤᠨ ᠬᠡᠯᠪᠡᠷᠢ ᠶᠢ ᠬᠤᠪᠢᠷᠠᠭᠤᠯᠬᠤ ᠬᠦᠭᠵᠢᠯᠳᠡ᠂ ᠦᠷᠭᠦᠯᠵᠢᠭᠦᠶᠢᠴᠡ | ᠬᠦᠭᠵᠢᠯᠳᠡ ᠶᠢᠨ ᠵᠠᠶᠢᠯᠠᠰᠢ ᠦᠭᠡᠢ ᠱᠠᠭᠠᠷᠳᠠᠯᠭ᠎ᠠ᠂ ᠠᠭᠤᠷᠬᠠᠢ ᠶᠢᠨ ᠣᠶᠢᠯᠠᠰ ᠤᠨ ᠬᠦᠷᠢᠶ᠎ᠠ ᠴᠠᠷᠠᠭᠠᠨ ᠤ ᠠᠮᠢ | ᠠᠬᠤᠢ ᠶᠢᠨ ᠪᠣᠯᠪᠠᠰᠣᠨ ᠤ ᠪᠠᠶᠢᠭᠤᠯᠣᠯᠳᠠ ᠶᠢ ᠠᠬᠢᠭᠤᠯᠬᠤ ᠴᠢᠬᠤᠯᠠ ᠠᠷᠭ᠎ᠠ ᠠᠪᠴᠠᠯ ᠪᠣᠯᠬᠤ ᠲᠣᠯᠠ ᠮᠡᠨ ᠤ | ᠬᠤᠰᠢᠭᠤᠨ ᠤ ᠬᠠᠩᠭᠠᠯᠭ᠎ᠠ ᠶᠢᠨ ᠲᠠᠯ᠎ᠠ ᠶᠢᠨ ᠪᠦᠲᠦᠴᠡ ᠶᠢᠨ ᠴᠢᠨᠠᠷᠲᠠᠢ ᠦᠬᠡᠷᠡᠴᠢᠯᠡᠯᠲᠡ ᠶᠢ ᠭᠦᠨᠵᠡᠭᠡᠶᠢᠷᠡᠭᠦᠯᠬᠦ᠂ | ᠠᠭᠤᠷᠬᠠᠢ ᠶᠢᠨ ᠣᠷᠣᠨ ᠤ ᠠᠵᠣ ᠠᠬᠤᠶᠢᠯᠠᠯ ᠤᠨ ᠬᠠᠷᠢᠭᠤᠴᠠᠯᠭ᠎ᠠ ᠶᠢ ᠨᠠᠶᠢᠳᠠᠪᠦᠷᠢᠵᠢᠭᠤᠯᠬᠤ᠂ ᠠᠵᠣ ᠠᠬᠤᠶᠢᠯᠠᠯ | ᠤᠨ ᠡᠷᠡᠭᠦᠯ ᠬᠦᠭᠵᠢᠯᠳᠡ ᠶᠢ ᠠᠬᠢᠭᠤᠯᠬᠤ ᠳᠤ ᠴᠢᠬᠤᠯᠠ ᠶᠡᠭᠡ ᠪᠠᠶᠢᠳᠣᠯᠬᠤ ᠪᠣᠳᠣᠯᠭ᠎ᠠ ᠶᠢᠨ ᠠᠴᠢ ᠬᠤᠯᠪᠣᠭᠳᠠᠯ ᠪᠠ | ᠠᠬᠤᠶᠢᠴᠢ ᠠᠴᠢ ᠬᠤᠯᠪᠣᠭᠳᠠᠯ ᠲᠠᠢ ᠶᠣᠮ᠃ | ᠬᠤᠶᠠᠷ᠂ ᠶᠡᠷᠦᠩᠬᠡᠢ ᠱᠠᠭᠠᠷᠳᠠᠯᠭ᠎ᠠ | ︵ᠨᠢᠭᠡ︶ ᠵᠢᠯᠣᠭᠤᠳᠬᠤ ᠦᠵᠡᠯ ᠰᠠᠨᠠᠭ᠎ᠠ | ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠲᠣᠮᠳᠠᠳᠦ ᠣᠯᠣᠰ ᠤᠨ ᠣᠨᠴᠠᠯᠢᠭ ᠲᠠᠢ ᠨᠡᠶᠢᠭᠡᠮ ᠵᠢᠷᠣᠮ ᠤᠨ | ᠦᠵᠡᠯ ᠰᠠᠨᠠᠭ᠎ᠠ ᠪᠣᠯᠣᠨ ᠠᠷᠪᠠ ᠶᠢᠰᠦᠳᠦᠭᠡᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠪᠦᠬᠦ ᠲᠠᠯ᠎ᠠ ᠪᠠᠷ | ᠲᠣᠣᠱᠯᠠᠭᠤᠯᠣᠨ᠂ ᠶᠡᠷᠦᠩᠬᠡᠢ ᠱᠦᠵᠢ ᠰᠢ ᠶᠢᠨ ᠫᠢᠩ ᠤᠨ ᠰᠢᠷᠢᠰ ᠴᠢᠬᠤᠯᠠ ᠶᠠᠷᠢᠶᠠᠨ ᠤ ᠵᠣᠷᠢᠭ ᠰᠠᠨᠠᠭ᠎ᠠ ᠪᠠ | ᠦᠪᠦᠷ ᠮᠣᠩᠭᠤᠯ ᠳᠤ ᠲᠣᠭᠤᠷᠢᠨ ᠪᠠᠶᠢᠴᠠᠭᠠᠭᠰᠠᠨ ᠴᠢᠬᠤᠯᠠ ᠶᠡᠷᠢᠶᠠᠨ ᠤ ᠵᠣᠷᠢᠭ ᠰᠠᠨᠠᠭ᠎ᠠ ᠶᠢ ᠨᠠᠷᠢᠨ ᠬᠢᠨᠠᠮᠠᠭᠠᠢ | ᠨᠠᠶᠢᠳᠠᠪᠦᠷᠢᠵᠢᠭᠤᠯᠵᠣ᠂ ︽ᠲᠠᠪᠦ ᠶᠢ ᠴᠣᠭᠴᠠᠵᠢᠭᠤᠯᠬᠤ︾ ᠶᠡᠷᠦᠩᠬᠡᠢ ᠪᠠᠶᠢᠷᠢᠰᠢᠭᠤᠯᠣᠯᠳᠠ ᠶᠢ ᠨᠢᠭᠡᠳᠦᠯᠳᠡᠢ | ᠠᠬᠢᠭᠤᠯᠣᠨ᠂ ︽ᠲᠦᠷᠪᠡᠨ ᠪᠦᠬᠦ ᠲᠠᠯ᠎ᠠ︾ ᠶᠢᠨ ᠪᠠᠶᠢᠯᠳᠣᠬᠤ ᠪᠣᠳᠣᠯᠭ᠎ᠠ ᠶᠢᠨ ᠪᠠᠶᠢᠷᠢᠯᠠᠭᠤᠯᠣᠯᠳᠠ ᠶᠢ | ᠵᠣᠬᠢᠴᠠᠩᠭᠤᠢ ᠠᠬᠢᠭᠤᠯᠵᠣ᠂ ᠰᠢᠨ᠎ᠡ ᠶᠢ ᠡᠭᠦᠳᠬᠦ᠂ ᠡᠶ᠎ᠡ ᠵᠣᠬᠢᠴᠠᠩᠭᠤᠢ᠂ ᠪᠣᠬᠢᠷᠳᠣᠯ ᠦᠭᠡᠢ᠂ ᠨᠡᠭᠡᠭᠡᠯᠳᠡ ᠲᠠᠢ᠂ | ᠬᠠᠮᠳᠦ ᠪᠠᠷ ᠡᠳ᠋ᠯᠡᠬᠦ ᠬᠦᠭᠵᠢᠯᠳᠡ ᠶᠢᠨ ᠦᠵᠡᠯᠳᠡ ᠶᠢ ᠡᠷᠡᠰ ᠪᠠᠳᠦ ᠲᠣᠣᠱᠯᠠᠭᠤᠯᠣᠨ ᠨᠠᠶᠢᠳᠠᠪᠦᠷᠢᠵᠢᠭᠤᠯᠵᠣ᠂ | ᠦᠪᠡᠷᠳᠡᠭᠡᠨ ᠵᠠᠰᠠᠬᠤ ᠣᠷᠣᠨ ᠤ ᠠᠷᠪᠠᠳᠣᠭᠠᠷ ᠣᠳᠠᠭᠠᠨ ᠤ ᠨᠠᠮ ᠤᠨ ᠲᠦᠯᠦᠭᠡᠯᠡᠭᠴᠢᠳ ᠤᠨ ᠶᠡᠭᠡ ᠬᠤᠷᠠᠯ ᠤᠨ | ᠨᠢᠭᠡᠳᠦᠯᠳᠡᠢ ᠪᠠᠶᠢᠷᠢᠯᠠᠭᠤᠯᠣᠯᠳᠠ ᠶᠣᠰᠣᠭᠠᠷ᠂ ᠠᠮᠢ ᠠᠬᠤᠢ ᠶᠢᠨ ᠪᠣᠯᠪᠠᠰᠣᠨ ᠤ ᠪᠠᠶᠢᠭᠤᠯᠣᠯᠳᠠ ᠶᠢᠨ ᠶᠡᠷᠦᠩᠬᠡᠢ | ᠱᠠᠭᠠᠷᠳᠠᠯᠭ᠎ᠠ ᠶᠢ ᠪᠠᠳᠣ ᠡᠵᠡᠮᠳᠡᠨ᠂ ᠭᠤᠣᠯ ᠴᠣᠭᠴᠠ ᠶᠢᠨ ᠴᠢᠳᠠᠪᠬᠢ ᠶᠢᠨ ᠣᠷᠣᠨ ᠤ ᠲᠦᠯᠦᠪᠵᠢᠭᠦᠯᠭᠡ ᠶᠢ | ᠴᠢᠩᠭ᠎ᠠ ᠨᠠᠶᠢᠳᠠᠪᠦᠷᠢᠵᠢᠭᠤᠯᠵᠣ᠂ ︽ᠬᠦᠭᠵᠢᠯᠳᠡ᠂ ᠠᠷᠠᠳ ᠤᠨ ᠠᠮᠢᠳᠣᠷᠠᠯ᠂ ᠠᠮᠢ ᠠᠬᠤᠢ︾ ᠶᠢᠨ ᠬᠤᠷᠢᠭ᠎ᠠ | ᠱᠣᠭᠤᠮ ᠢ ᠪᠠᠳᠦ ᠰᠠᠬᠢᠨ᠂ ᠠᠭᠤᠷᠬᠠᠢ ᠶᠢᠨ ᠣᠷᠣᠨ ᠤ ᠠᠮᠢ ᠠᠬᠤᠢ ᠶᠢᠨ ᠪᠣᠯᠪᠠᠰᠣᠨ ᠤ ᠪᠠᠶᠢᠭᠤᠯᠣᠯᠳᠠ ᠶᠢᠨ | ᠠᠬᠢᠴᠠ ᠶᠢ ᠲᠦᠷᠭᠡᠳᠬᠡᠵᠣ᠂ ᠠᠭᠤᠷᠬᠠᠢ ᠶᠢᠨ ᠭᠠᠷᠣᠯᠳᠠ ᠶᠢᠨ ᠡᠬᠢ ᠪᠠᠶᠠᠯᠢᠭ ᠤᠨ ᠲᠦᠯᠦᠪᠵᠢᠭᠦᠯᠭᠡ᠂ ᠬᠠᠶᠢᠨ | ᠪᠠᠶᠢᠴᠠᠭᠠᠯᠳᠠ᠂ ᠨᠡᠭᠡᠭᠡᠨ ᠠᠰᠢᠭᠯᠠᠯᠳᠠ ᠪᠣᠯᠣᠨ ᠬᠠᠮᠠᠭᠠᠯᠠᠯᠳᠠ ᠶᠢᠨ ᠪᠦᠬᠦ ᠶᠠᠪᠣᠴᠠ ᠳᠤ ᠪᠣᠬᠢᠷᠳᠣᠯ ᠦᠭᠡᠢ | ᠬᠦᠭᠵᠢᠯᠳᠡ ᠶᠢᠨ ᠦᠵᠡᠯᠳᠡ ᠶᠢ ᠲᠣᠣᠱᠯᠠᠭᠤᠯᠣᠨ᠂ ᠪᠣᠬᠢᠷᠳᠣᠯ ᠦᠭᠡᠢ ᠠᠭᠤᠷᠬᠠᠢ ᠶᠢᠨ ᠣᠷᠣᠨ ᠪᠠᠶᠢᠭᠤᠯᠣᠯᠳᠠ ᠶᠢ | ᠪᠦᠬᠦ ᠬᠦᠴᠦᠨ ᠢᠶᠠᠷ ᠠᠬᠢᠭᠤᠯᠵᠣ᠂ ᠠᠭᠤᠷᠬᠠᠢ ᠶᠢᠨ ᠣᠶᠢᠯᠠᠰ ᠢ ᠪᠣᠬᠢᠷᠳᠣᠯ ᠦᠭᠡᠢ ᠬᠦᠭᠵᠢᠯᠳᠡ ᠶᠢᠨ ᠵᠠᠮ ᠢᠶᠠᠷ | ᠣᠳᠣᠷᠢᠳᠣᠨ ᠲᠠᠭᠠᠭᠤᠯᠵᠣ᠂ ᠮᠠᠨ ᠤ ᠣᠯᠣᠰ ᠤᠨ ᠣᠮᠠᠷᠠᠳᠦ ᠣᠷᠣᠨ ᠤ ᠠᠮᠢ ᠠᠬᠤᠢ ᠶᠢᠨ ᠴᠢᠬᠤᠯᠠ ᠬᠠᠯᠬᠠᠪᠴᠢ | ᠶᠢᠨ ᠪᠠᠶᠢᠭᠤᠯᠣᠯᠳᠠ ᠳᠤ ᠬᠤᠪᠢ ᠨᠡᠮᠡᠷᠢ ᠪᠠᠨ ᠦᠵᠡᠭᠦᠯᠬᠦ ᠬᠡᠷᠡᠭᠳᠡᠢ᠃ | ᠬᠤᠶᠠᠷ᠂ ᠶᠡᠷᠦᠩᠬᠡᠢ ᠬᠠᠷᠠᠯᠳᠠ | ᠮᠠᠨ ᠤ ᠬᠤᠰᠢᠭᠤᠨ ᠳᠤ ᠰᠢᠨ᠎ᠡ ᠪᠠᠷ ᠪᠠᠶᠢᠭᠤᠯᠬᠤ ᠠᠭᠤᠷᠬᠠᠢ ᠶᠢᠨ ᠣᠷᠣᠨ ᠤ ᠠᠵᠣ ᠠᠬᠤᠶᠢᠯᠠᠯ ᠪᠦᠬᠦᠨ ᠢ | ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠪᠠᠶᠢᠭᠤᠯᠣᠯᠳᠠ ᠶᠢᠨ ᠱᠠᠭᠠᠷᠳᠠᠯᠭ᠎ᠠ ᠶᠣᠰᠣᠭᠠᠷ ᠪᠠᠶᠢᠭᠤᠯᠣᠨ᠂ | ᠨᠡᠭᠦᠷᠡᠰᠣᠨ ᠠᠭᠤᠷᠬᠠᠢ ᠶᠢ ᠰᠢᠨ᠎ᠡ ᠪᠠᠷ ᠪᠠᠶᠢᠭᠤᠯᠬᠤ ᠳᠤ ᠣᠯᠣᠰ ᠤᠨ ᠲᠡᠰ ᠤᠨ ᠪᠣᠬᠢᠷᠳᠣᠯ ᠦᠭᠡᠢ ᠠᠭᠤᠷᠬᠠᠢ ᠶᠢᠨ | ᠣᠷᠣᠨ ᠤ ᠪᠠᠷᠢᠮᠵᠢᠶ᠎ᠠ ᠱᠠᠭᠠᠷᠳᠠᠯᠭ᠎ᠠ ᠳᠤ ᠨᠡᠶᠢᠴᠡᠭᠦᠯᠵᠣ᠂ ᠵᠦᠪᠰᠢᠶᠡᠷᠡᠯ ᠤᠨ ᠨᠦᠬᠦᠴᠡᠯ ᠢ ᠴᠢᠩᠭ᠎ᠠ ᠵᠢᠷᠣᠮᠯᠠᠬᠤ | ᠬᠡᠷᠡᠭᠳᠡᠢ᠃ ᠨᠡᠭᠦᠷᠡᠰᠣᠨ ᠤ ᠪᠣᠰᠣ ᠪᠣᠰᠣᠳ ᠠᠭᠤᠷᠬᠠᠢ ᠶᠢᠨ ᠣᠷᠣᠨ ᠢ ᠪᠣᠬᠢᠷᠳᠣᠯ ᠦᠭᠡᠢ ᠠᠭᠤᠷᠬᠠᠢ ᠶᠢᠨ ᠣᠷᠣᠨ | ᠤ ᠨᠦᠭᠦᠴᠡᠯ ᠶᠣᠰᠣᠭᠠᠷ ᠲᠦᠷᠢᠮᠵᠢᠭᠦᠨ ᠴᠢᠩᠭ᠎ᠠ ᠬᠠᠮᠢᠶᠠᠷᠴᠦ᠂ ᠡᠬᠢ ᠪᠠᠶᠠᠯᠢᠭ ᠤᠨ ᠡᠷᠴᠢᠮᠵᠢᠭᠰᠡᠨ ᠠᠰᠢᠭᠯᠠᠯᠳᠠ | ᠶᠢᠨ ᠲᠦᠪᠰᠢᠨ ᠢ ᠢᠯᠡᠷᠬᠡᠢ ᠲᠡᠭᠡᠭᠰᠢᠯᠡᠭᠦᠯᠬᠦ ᠶᠢ ᠪᠡᠶᠡᠯᠡᠭᠦᠯᠣᠨ᠂ ᠠᠭᠤᠷᠬᠠᠢ ᠶᠢᠨ ᠣᠷᠣᠨ ᠤ ᠭᠠᠵᠠᠷ ᠰᠢᠯᠵᠢᠯᠡᠭᠡᠨ ᠤ | ᠣᠷᠴᠢᠨ ᠲᠣᠭᠤᠷᠢᠨ ᠢ ᠪᠦᠳᠦᠮᠵᠢᠳᠡᠢ ᠬᠠᠮᠠᠭᠠᠯᠠᠨ ᠵᠠᠰᠠᠵᠣ᠂ ᠠᠭᠤᠷᠬᠠᠢ ᠶᠢᠨ ᠣᠷᠣᠨ ᠤ ᠭᠠᠵᠠᠷ ᠰᠢᠷᠣᠢ ᠶᠢᠨ | ᠲᠠᠬᠢᠨ ᠬᠠᠭᠠᠯᠪᠦᠷᠢᠯᠠᠯᠳᠠ ᠶᠢᠨ ᠲᠦᠪᠰᠢᠨ ᠢ ᠪᠦᠬᠦ ᠲᠠᠯ᠎ᠠ ᠪᠠᠷ ᠲᠡᠭᠡᠭᠰᠢᠯᠡᠭᠦᠯᠦᠨ᠂ ᠠᠭᠤᠷᠬᠠᠢ ᠶᠢᠨ ᠣᠷᠣᠨ ᠤ ᠠᠵᠣ | ᠠᠬᠤᠶᠢᠯᠠᠯ ᠪᠣᠯᠣᠨ ᠭᠠᠵᠠᠷ ᠣᠷᠣᠨ ᠤ ᠵᠣᠬᠢᠴᠠᠩᠭᠤᠢ ᠬᠦᠭᠵᠢᠯᠳᠡ ᠵᠡᠷᠭᠡ ᠪᠠᠷᠢᠮᠵᠢᠶ᠎ᠡ ᠨᠢ ᠪᠣᠬᠢᠷᠳᠣᠯ ᠦᠭᠡᠢ | ᠠᠭᠤᠷᠬᠠᠢ ᠶᠢᠨ ᠣᠷᠣᠨ ᠤ ᠪᠠᠶᠢᠭᠤᠯᠣᠯᠳᠠ ᠶᠢᠨ ᠪᠠᠷᠢᠮᠵᠢᠶᠡᠨ ᠳᠤ ᠬᠦᠷᠦᠭᠰᠡᠨ ᠦᠭᠡᠢ ᠶᠢ ᠨᠢ ᠵᠠᠬ᠎ᠠ ᠲᠡᠯᠭᠡᠭᠦᠷ ᠠᠴᠠ | ᠭᠠᠷᠭᠠᠨ᠎ᠠ᠃ 2025 ᠣᠨ ᠪᠣᠯᠬᠤ ᠳᠤ ᠪᠦᠬᠦ ᠬᠤᠰᠢᠭᠤᠨ ᠤ ᠠᠭᠤᠷᠬᠠᠢ ᠶᠢᠨ ᠣᠷᠣᠨ ᠢ ᠶᠡᠷᠦᠩᠬᠡᠢ ᠳᠤ ᠪᠠᠨ | ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠪᠠᠶᠢᠭᠤᠯᠣᠯᠳᠠ ᠶᠢᠨ ᠪᠠᠷᠢᠮᠵᠢᠶᠠᠨ ᠳᠤ ᠬᠦᠷᠭᠡᠨ᠂ ᠡᠬᠢ ᠪᠠᠶᠠᠯᠢᠭ ᠤᠨ | ᠡᠷᠴᠢᠮᠵᠢᠭᠰᠡᠨ ᠠᠷᠪᠢᠳᠠᠢ ᠠᠰᠢᠭᠯᠠᠯᠳᠠ ᠶᠢᠨ ᠲᠦᠪᠰᠢᠨ ᠢ ᠢᠯᠡᠷᠬᠡᠢ ᠲᠡᠭᠡᠭᠰᠢᠯᠡᠭᠦᠯᠵᠣ᠂ ᠠᠭᠤᠷᠬᠠᠢ ᠶᠢᠨ ᠣᠷᠣᠨ ᠤ | ᠠᠮᠢ ᠠᠬᠤᠢ ᠶᠢ ᠪᠦᠳᠦᠮᠵᠢᠳᠠᠢ ᠬᠠᠮᠠᠭᠠᠯᠠᠨ᠂ ᠠᠭᠤᠷᠬᠠᠢ ᠶᠢᠨ ᠣᠷᠣᠨ ᠤ ᠭᠠᠵᠠᠷ ᠰᠢᠷᠣᠢ ᠶᠢᠨ ᠲᠠᠬᠢᠨ | ᠬᠠᠭᠠᠯᠪᠦᠷᠢᠯᠠᠯᠳᠠ ᠶᠢᠨ ᠲᠦᠪᠰᠢᠨ ᠢ ᠪᠦᠬᠦ ᠲᠠᠯ᠎ᠠ ᠪᠠᠷ ᠲᠡᠭᠡᠭᠰᠢᠯᠡᠭᠦᠯᠵᠣ᠂ ᠠᠭᠤᠷᠬᠠᠢ ᠶᠢᠨ ᠣᠶᠢᠯᠠᠰ ᠢ ᠪᠣᠬᠢᠷᠳᠣᠯ | ᠦᠭᠡᠢ ᠦᠷᠭᠦᠯᠵᠢᠬᠦᠶᠢᠴᠡ ᠬᠦᠭᠵᠢᠯᠳᠡ ᠶᠢᠨ ᠣᠬᠢ ᠰᠠᠶᠢᠨ ᠡᠷᠬᠢᠯᠳᠡ ᠶᠢᠨ ᠵᠠᠮ ᠳᠤ ᠣᠷᠣᠭᠤᠯᠣᠨ᠂ ᠠᠷᠪᠢᠳᠠᠢ | ᠦᠨᠳᠦᠷ ᠪᠦᠳᠦᠮᠵᠢᠳᠡᠢ᠂ ᠣᠷᠴᠢᠨ ᠲᠣᠭᠤᠷᠢᠨ ᠲᠣᠬᠢᠯᠢᠭ ᠰᠠᠶᠢᠬᠠᠨ᠂ ᠠᠭᠤᠷᠬᠠᠢ ᠣᠷᠣᠨ ᠨᠣᠳᠤᠭ ᠡᠶ᠎ᠡ ᠵᠣᠬᠢᠴᠠᠯ | ᠲᠠᠢ ᠪᠣᠬᠢᠷᠳᠣᠯ ᠦᠭᠡᠢ ᠠᠭᠤᠷᠬᠠᠢ ᠶᠢᠨ ᠣᠶᠢᠯᠠᠰ ᠤᠨ ᠬᠦᠭᠵᠢᠯᠳᠡ ᠶᠢᠨ ᠰᠢᠨ᠎ᠡ ᠵᠠᠭᠪᠣᠷ ᠢ ᠪᠦᠷᠢᠯᠳᠦᠭᠦᠯᠦᠨ᠎ᠡ᠃ | ᠭᠤᠷᠪᠠ᠂ ᠭᠤᠣᠯᠳᠠᠯᠭᠠᠳᠦ ᠡᠭᠦᠷᠭᠡ | ︵ᠨᠢᠭᠡ︶ ᠣᠳᠤᠭ ᠤᠨ ᠡᠮᠦᠨᠡᠳᠦ ᠬᠤᠰᠢᠭᠤᠨ ᠤ ᠪᠣᠬᠢᠷᠳᠣᠯ ᠦᠭᠡᠢ ᠠᠭᠤᠷᠬᠠᠢ ᠶᠢᠨ ᠣᠷᠣᠨ ᠤ | ᠲᠦᠯᠦᠪᠵᠢᠭᠦᠯᠭᠡ ᠶᠢᠨ ᠲᠣᠭᠳᠠᠯᠴᠠᠭ᠎ᠠ ᠶᠢ ᠪᠠᠶᠢᠭᠤᠯᠣᠨ᠎ᠠ᠃ | ᠪᠦᠬᠦ ᠬᠤᠰᠢᠭᠤᠨ ᠤ ᠠᠭᠤᠷᠬᠠᠢ ᠶᠢᠨ ᠣᠶᠢᠯᠠᠳᠪᠦᠷᠢᠯᠠᠯ᠂ ᠰᠢᠨ᠎ᠡ ᠪᠠᠷ ᠪᠠᠶᠢᠭᠤᠯᠬᠤ ᠠᠭᠤᠷᠬᠠᠢ ᠶᠢᠨ ᠣᠷᠣᠨ | ᠪᠦᠬᠦᠨ ᠢ ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠪᠠᠶᠢᠭᠤᠯᠣᠯᠳᠠ ᠶᠢᠨ ᠲᠦᠯᠦᠪᠵᠢᠭᠦᠯᠭᠡ ᠳᠤ | ᠣᠷᠣᠭᠤᠯᠣᠨ᠎ᠠ᠃ ᠠᠭᠤᠷᠬᠠᠢ ᠶᠢᠨ ᠣᠷᠣᠨ ᠤ ᠠᠵᠣ ᠠᠬᠤᠶᠢᠯᠠᠯ ᠤᠨ ᠬᠠᠣᠯᠢ ᠶᠣᠰᠣᠭᠠᠷ ᠠᠭᠤᠷᠬᠠᠢ ᠨᠡᠭᠡᠭᠡᠬᠦ᠂ | ᠲᠦᠷᠢᠮᠵᠢᠯ ᠬᠠᠮᠢᠶᠠᠷᠣᠯᠳᠠ᠂ ᠶᠠᠷᠦᠩᠬᠡᠶᠢᠯᠡᠭᠰᠡᠨ ᠠᠰᠢᠭᠯᠠᠯᠳᠠ᠂ ᠮᠡᠷᠭᠡᠵᠢᠯ ᠤᠨ ᠰᠢᠨᠡᠴᠢᠯᠡᠯᠳᠡ᠂ ᠡᠨᠧᠷᠬᠢ ᠠᠷᠪᠢᠯᠠᠨ | ᠭᠠᠳᠠᠭᠰᠢᠭᠤᠯᠣᠯᠳᠠ ᠶᠢ ᠪᠠᠭᠠᠰᠬᠠᠬᠤ᠂ ᠣᠷᠴᠢᠨ ᠲᠣᠭᠤᠷᠢᠨ ᠤ ᠬᠠᠮᠠᠭᠠᠯᠠᠯᠳᠠ᠂ ᠭᠠᠵᠠᠷ ᠰᠢᠷᠣᠢ ᠶᠢᠨ ᠲᠠᠬᠢᠨ | ᠬᠠᠭᠠᠯᠪᠦᠷᠢᠯᠠᠯᠳᠠ᠂ ᠨᠡᠶᠢᠭᠡᠮ ᠲᠣᠭᠤᠷᠢᠭ ᠤᠨ ᠡᠶ᠎ᠡ ᠵᠣᠬᠢᠴᠠᠯ᠂ ᠠᠵᠣ ᠠᠬᠤᠶᠢᠯᠠᠯ ᠤᠨ ᠰᠣᠶᠣᠯ ᠵᠡᠷᠭᠡ ᠪᠠᠷ ᠭᠤᠣᠯ | ᠠᠭᠤᠯᠭ᠎ᠠ ᠪᠠᠯ ᠪᠣᠯᠭᠠᠭᠰᠠᠨ ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠪᠠᠶᠢᠭᠤᠯᠣᠯᠳᠠ ᠶᠢᠨ ᠲᠦᠯᠦᠪᠵᠢᠭᠦᠯᠭᠡ | ᠲᠣᠭᠤᠷᠪᠢᠨ ᠨᠠᠶᠢᠷᠠᠭᠤᠯᠬᠤ ᠬᠡᠷᠡᠭᠳᠡᠢ᠃ ︵ᠪᠠᠶᠢᠭᠠᠯᠢ ᠶᠢᠨ ᠡᠬᠢ ᠪᠠᠶᠠᠯᠢᠭ ᠤᠨ ᠲᠣᠪᠴᠢᠶ᠎ᠠ ᠲᠣᠯᠣᠭᠠᠶᠢᠯᠠᠨ᠂ | ᠬᠦᠭᠵᠢᠭᠦᠯᠦᠯᠳᠡ ᠦᠭᠡᠷᠡᠴᠢᠯᠡᠯᠳᠡ ᠶᠢᠨ ᠵᠦᠪᠯᠡᠯ᠂ ᠠᠵᠣ ᠣᠶᠢᠯᠠᠳᠪᠦᠷᠢ ᠮᠡᠳᠡᠭᠡ ᠵᠠᠩᠬᠢᠴᠢᠯᠠᠯᠳᠠ ᠪᠠ ᠰᠢᠨᠵᠢᠯᠡᠬᠦ | ᠣᠬᠠᠭᠠᠨ ᠲᠧᠭᠨᠢᠭ ᠮᠡᠷᠭᠡᠵᠢᠯ ᠤᠨ ᠲᠣᠪᠴᠢᠶ᠎ᠠ᠂ ᠡᠨᠧᠷᠬᠢ ᠶᠢᠨ ᠲᠣᠪᠴᠢᠶ᠎ᠠ᠂ ᠪᠠᠴᠢᠮ ᠪᠠᠶᠢᠳᠠᠯ ᠢ ᠠᠷᠭᠠᠴᠠᠬᠤ | ᠬᠠᠮᠢᠶᠠᠷᠣᠯᠳᠠ ᠶᠢᠨ ᠲᠣᠪᠴᠢᠶ᠎ᠠ᠂ ᠵᠠᠬ᠎ᠠ ᠲᠡᠯᠭᠡᠭᠦᠷ ᠤᠨ ᠬᠢᠨᠠᠯᠳᠠ ᠬᠠᠮᠢᠶᠠᠷᠣᠯᠳᠠ ᠶᠢᠨ ᠲᠣᠪᠴᠢᠶ᠎ᠠ᠂ ᠠᠮᠢ ᠠᠬᠤᠢ | ᠣᠷᠴᠢᠨ ᠲᠣᠭᠤᠷᠢᠨ ᠤ ᠬᠤᠪᠢᠶᠠᠷᠢ ᠲᠣᠪᠴᠢᠶ᠎ᠠ ᠵᠡᠷᠭᠡ ᠰᠠᠯᠠᠭ᠎ᠠ ᠮᠦᠴᠢᠷ ᠬᠠᠮᠵᠢᠯᠴᠠᠨ᠎ᠠ︶ | ︵ᠬᠤᠶᠠᠷ︶ ᠠᠭᠤᠷᠬᠠᠢ ᠶᠢᠨ ᠣᠷᠣᠨ ᠤ ᠭᠠᠵᠠᠷ ᠰᠢᠨᠵᠢᠯᠡᠭᠡᠨ ᠤ ᠣᠷᠴᠢᠨ ᠲᠣᠭᠤᠷᠢᠨ ᠤ ᠵᠠᠰᠠᠯᠳᠠ ᠶᠢᠨ | ᠲᠣᠭᠳᠠᠴᠠ ᠶᠢᠨ ᠦᠭᠡᠷᠡᠴᠢᠯᠡᠯᠳᠡ ᠶᠢ ᠨᠠᠶᠢᠳᠠᠪᠦᠷᠢᠵᠢᠭᠤᠯᠣᠨ᠎ᠠ᠃ ᠣᠯᠣᠰ᠂ ᠦᠪᠡᠷᠳᠡᠭᠡᠨ ᠵᠠᠰᠠᠬᠤ ᠣᠷᠣᠨ᠂ | ᠬᠤᠳᠠ ᠶᠢᠨ ᠠᠭᠤᠷᠬᠠᠢ ᠶᠢᠨ ᠣᠷᠣᠨ ᠤ ᠭᠠᠵᠠᠷ ᠰᠢᠨᠵᠢᠯᠡᠭᠡᠨ ᠤ ᠣᠷᠴᠢᠨ ᠲᠣᠭᠤᠷᠢᠨ ᠤ ᠵᠠᠰᠠᠯᠳᠠ ᠶᠢᠨ | ᠬᠤᠯᠪᠣᠭᠳᠠᠯ ᠪᠦᠬᠦᠢ ᠲᠦᠷᠦ ᠶᠢᠨ ᠪᠣᠳᠣᠯᠭ᠎ᠠ ᠲᠣᠭᠳᠠᠭᠠᠯ ᠢ ᠴᠢᠩᠭ᠎ᠠ ᠨᠠᠶᠢᠳᠠᠪᠦᠷᠢᠵᠢᠭᠤᠯᠣᠨ᠂ ᠮᠠᠨ ᠤ ᠬᠤᠰᠢᠭᠤᠨ | ᠤ ᠭᠠᠵᠠᠷ ᠰᠢᠨᠵᠢᠯᠡᠭᠡᠨ ᠤ ᠣᠷᠴᠢᠨ ᠲᠣᠭᠤᠷᠢᠨ ᠤ ᠵᠠᠰᠠᠯᠳᠠ ᠶᠢᠨ ᠪᠠᠳᠣᠯᠠᠭ᠎ᠠ ᠶᠢᠨ ᠮᠦᠩᠭᠦ ᠶᠢᠨ ᠲᠦᠷᠢᠮ ᠤᠨ | ᠦᠭᠡᠷᠡᠴᠢᠯᠡᠯᠳᠡ ᠶᠢ ᠠᠬᠢᠭᠤᠯᠣᠨ᠎ᠠ᠃ ᠦᠪᠡᠷᠳᠡᠭᠡᠨ ᠵᠠᠰᠠᠬᠤ ᠣᠷᠣᠨ ᠤ ᠣᠳᠣᠬᠠᠨ ᠤ ᠠᠭᠤᠷᠬᠠᠢ ᠶᠢᠨ ᠣᠷᠣᠨ ᠤ | ᠭᠠᠵᠠᠷ ᠰᠢᠨᠵᠢᠯᠡᠭᠡᠨ ᠤ ᠣᠷᠴᠢᠨ ᠲᠣᠭᠤᠷᠢᠨ ᠤ ᠬᠠᠮᠠᠭᠠᠯᠠᠯᠳᠠ ᠶᠢᠨ ᠪᠠᠳᠣᠯᠠᠭ᠎ᠠ ᠶᠢᠨ ᠮᠦᠩᠭᠦ ᠶᠢ | ᠠᠮᠢᠳᠣᠯᠢᠭᠵᠢᠭᠤᠯᠬᠤ ᠲᠦᠷᠦ ᠶᠢᠨ ᠪᠣᠳᠣᠯᠭ᠎ᠠ ᠶᠢ ᠦᠨᠳᠦᠰᠦᠯᠡᠨ᠂ ᠭᠠᠵᠠᠷ ᠰᠢᠨᠵᠢᠯᠡᠭᠡᠨ ᠤ ᠣᠷᠴᠢᠨ ᠲᠣᠭᠤᠷᠢᠨ ᠤ | ᠵᠠᠰᠠᠯᠳᠠ ᠶᠢᠨ ᠪᠠᠳᠣᠯᠠᠭ᠎ᠠ ᠶᠢᠨ ᠮᠦᠩᠭᠦ ᠶᠢ ᠵᠣᠬᠢᠬᠤ ᠬᠡᠮᠵᠢᠶ᠎ᠡ ᠪᠠᠷ ᠭᠠᠷᠭᠠᠨ ᠠᠪᠬᠤ ᠪᠠ ᠪᠣᠴᠠᠭᠠᠬᠤ ᠠᠵᠢᠯ ᠢ | ᠰᠠᠶᠢᠳᠦᠷ ᠬᠢᠵᠣ᠂ ᠠᠭᠤᠷᠬᠠᠢ ᠶᠢᠨ ᠣᠷᠣᠨ ᠤ ᠠᠵᠣ ᠠᠬᠤᠶᠢᠯᠠᠯ ᠳᠤ ᠪᠣᠴᠠᠭᠠᠭᠰᠠᠨ ᠪᠠᠳᠣᠯᠠᠭ᠎ᠠ ᠶᠢᠨ ᠮᠦᠩᠭᠦ ᠶᠢ | ᠠᠭᠤᠷᠬᠠᠢ ᠶᠢᠨ ᠣᠷᠣᠨ ᠤ ᠭᠠᠵᠠᠷ ᠰᠢᠨᠵᠢᠯᠡᠭᠡᠨ ᠤ ᠣᠷᠴᠢᠨ ᠲᠣᠭᠤᠷᠢᠨ ᠤ ᠬᠠᠮᠠᠭᠠᠯᠠᠯᠳᠠ ᠪᠠ ᠵᠠᠰᠠᠯᠳᠠ ᠶᠢᠨ ᠠᠵᠢᠯ | ᠳᠤ ᠬᠡᠷᠡᠭᠯᠡᠭᠰᠡᠨ ᠡᠰᠡᠬᠦ ᠳᠤ ᠬᠢᠨᠠᠯᠳᠠ ᠲᠠᠯᠪᠢᠨ᠎ᠠ᠃ ︵ᠪᠠᠶᠢᠭᠠᠯᠢ ᠶᠢᠨ ᠡᠬᠢ ᠪᠠᠶᠠᠯᠢᠭ ᠤᠨ ᠲᠣᠪᠴᠢᠶ᠎ᠠ | ᠲᠣᠯᠣᠭᠠᠶᠢᠯᠠᠨ᠂ ᠬᠦᠭᠵᠢᠭᠦᠯᠦᠯᠳᠡ ᠦᠭᠡᠷᠡᠴᠢᠯᠡᠯᠳᠡ ᠶᠢᠨ ᠵᠦᠪᠯᠡᠯ᠂ ᠡᠳ᠋ ᠤᠨ ᠵᠠᠰᠠᠭ ᠤᠨ ᠲᠣᠪᠴᠢᠶ᠎ᠠ᠂ ᠡᠨᠧᠷᠬᠢ | ᠶᠢᠨ ᠲᠣᠪᠴᠢᠶ᠎ᠠ᠂ ᠠᠮᠢ ᠠᠬᠤᠢ ᠣᠷᠴᠢᠨ ᠲᠣᠭᠤᠷᠢᠨ ᠤ ᠬᠤᠪᠢᠶᠠᠷᠢ ᠲᠣᠪᠴᠢᠶ᠎ᠠ ᠵᠡᠷᠭᠡ ᠰᠠᠯᠠᠭ᠎ᠠ ᠮᠦᠴᠢᠷ | ᠬᠠᠮᠵᠢᠯᠴᠠᠨ᠎ᠠ︶ | ︵ᠭᠤᠷᠪᠠ︶ ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠲᠠᠭᠤᠷᠢᠶᠠᠯ ᠴᠡᠭ ᠢ ᠴᠣᠭᠴᠠᠯᠠᠨ᠎ᠠ᠃ ᠮᠠᠨ ᠤ | ᠬᠤᠰᠢᠭᠤᠨ ᠤ ᠬᠡᠪᠴᠢᠶᠡᠨ ᠳᠤ ᠣᠳᠣᠬᠠᠨ ᠳᠤ ᠣᠳᠤᠭ ᠤᠨ ᠡᠮᠦᠨᠡᠳᠦ ᠬᠤᠰᠢᠭᠤᠨ ᠤ ᠴᠠᠩ ᠴᠧᠩ ᠨᠡᠭᠦᠷᠡᠰᠣᠨ | ᠠᠭᠤᠷᠬᠠᠢ ᠶᠢᠨ ᠬᠢᠵᠠᠭᠠᠷᠳᠦ ᠬᠠᠷᠢᠭᠤᠴᠠᠯᠭ᠎ᠠ ᠶᠢᠨ ᠺᠣᠮᠫᠠᠨᠢ᠂ ᠦᠪᠦᠷ ᠮᠣᠩᠭᠤᠯ ᠤᠨ ᠹᠦ᠋ ᠴᠧᠩ ᠠᠭᠤᠷᠬᠠᠢ ᠶᠢᠨ | ᠣᠶᠢᠯᠠᠰ ᠤᠨ ᠬᠢᠵᠠᠭᠠᠷᠳᠦ ᠺᠣᠮᠫᠠᠨᠢ ᠶᠢᠨ ᠵᠡᠭᠡᠷᠭᠡᠨ᠎ᠡ ᠶᠢᠨ ᠬᠤᠳᠳᠤᠭ ᠨᠡᠭᠦᠷᠡᠰᠣᠨ ᠠᠭᠤᠷᠬᠠᠢ ᠪᠣᠯᠣᠨ ᠦᠪᠦᠷ | ᠮᠣᠩᠭᠤᠯ ᠤᠨ ᠱᠠᠩᠬᠠᠢ ᠶᠢᠨ ᠰᠦᠮ᠎ᠡ ᠠᠭᠤᠷᠬᠠᠢ ᠶᠢᠨ ᠣᠶᠢᠯᠠᠰ ᠤᠨ ᠬᠢᠵᠠᠭᠠᠷᠳᠦ ᠬᠠᠷᠢᠭᠤᠴᠠᠯᠭ᠎ᠠ ᠶᠢᠨ ᠺᠣᠮᠫᠠᠨᠢ | ᠶᠢᠨ ᠬᠠᠶᠢᠯᠠᠰᠣᠨ ᠬᠤᠳᠳᠤᠭ ᠨᠡᠭᠦᠷᠡᠰᠣᠨ ᠠᠭᠤᠷᠬᠠᠢ ᠵᠡᠷᠭᠡ 3 ᠠᠭᠤᠷᠬᠠᠢ ᠶᠢᠨ ᠣᠶᠢᠯᠠᠳᠪᠦᠷᠢᠯᠠᠯ ᠤᠨ ᠠᠵᠣ | ᠠᠬᠤᠶᠢᠯᠠᠯ ᠬᠤᠳᠳᠤᠭ ᠮᠠᠯᠳᠠᠬᠤ ᠬᠡᠯᠡᠪᠷᠢ ᠪᠠᠷ ᠨᠡᠭᠡᠭᠡᠨ ᠮᠠᠯᠳᠠᠵᠣ᠂ ᠣᠯᠣᠰ ᠤᠨ ᠲᠡᠰ ᠤᠨ ᠪᠣᠬᠢᠷᠳᠣᠯ ᠦᠭᠡᠢ | ᠠᠭᠤᠷᠬᠠᠢ ᠶᠢᠨ ᠣᠷᠣᠨ ᠤ ᠪᠠᠷᠢᠮᠵᠢᠶ᠎ᠠ ᠶᠣᠰᠣᠭᠠᠷ ᠪᠦᠳᠦᠭᠡᠨ ᠪᠠᠶᠢᠭᠤᠯᠵᠣ ᠪᠠᠶᠢᠭ᠎ᠠ ᠪᠣᠯᠬᠤᠷ ᠠᠵᠣ ᠠᠬᠤᠶᠢᠯᠠᠯ ᠢ | ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠪᠠᠶᠢᠭᠤᠯᠣᠯᠳᠠ ᠶᠢᠨ ᠲᠠᠭᠤᠷᠢᠶᠠᠯ ᠴᠡᠭ ᠪᠣᠯᠭᠠᠵᠣ᠂ ᠠᠭᠤᠷᠬᠠᠢ ᠶᠢᠨ | ᠣᠶᠢᠯᠠᠰ ᠤᠨ ᠬᠦᠭᠵᠢᠯᠳᠡ ᠶᠢᠨ ᠰᠢᠨ᠎ᠡ ᠵᠠᠭᠪᠣᠷ᠂ ᠰᠢᠨ᠎ᠡ ᠲᠣᠭᠳᠠᠯᠴᠠᠭ᠎ᠠ ᠶᠢ ᠲᠦᠭᠡᠮᠡᠯᠵᠢᠭᠦᠯᠦᠨ᠎ᠡ᠃ ᠲᠠᠭᠤᠷᠢᠶᠠᠯ | ᠠᠭᠤᠷᠬᠠᠢ ᠶᠢᠨ ᠣᠷᠣᠨ ᠢ ᠪᠦᠬᠦᠨ ᠢ ︽ᠣᠷᠳᠣᠰ ᠬᠤᠳᠠ ᠶᠢᠨ ᠭᠤᠷᠪᠠᠳᠣᠭᠠᠷ ᠡᠭᠡᠯᠵᠢ ᠶᠢᠨ ᠠᠭᠤᠷᠬᠠᠢ ᠶᠢᠨ | ᠭᠠᠷᠣᠯᠳᠠ ᠶᠢᠨ ᠡᠬᠢ ᠪᠠᠶᠠᠯᠢᠭ ᠤᠨ ᠶᠡᠷᠦᠩᠬᠡᠢ ᠲᠦᠯᠦᠪᠵᠢᠭᠦᠯᠭᠡ︾ ᠳᠤ ᠣᠷᠣᠭᠤᠯᠣᠨ᠂ ᠠᠮᠢ ᠠᠬᠤᠢ ᠶᠢᠨ | ᠬᠤᠷᠢᠭ᠎ᠠ ᠱᠣᠭᠤᠮ ᠢ ᠴᠢᠩᠭ᠎ᠠ ᠰᠠᠬᠢᠵᠣ᠂ ᠠᠭᠤᠷᠬᠠᠢ ᠶᠢᠨ ᠣᠶᠢᠯᠠᠰ ᠤᠨ ᠡᠷᠬᠡ ᠶᠢ ᠵᠣᠬᠢᠰᠳᠠᠢ ᠪᠠᠶᠢᠷᠢᠯᠠᠭᠤᠯᠣᠨ᠂ | ᠠᠭᠤᠷᠬᠠᠢ ᠶᠢᠨ ᠠᠵᠣ ᠣᠶᠢᠯᠠᠰ ᠤᠨ ᠪᠦᠳᠦᠴᠡ ᠶᠢ ᠲᠣᠬᠢᠷᠠᠭᠤᠯᠣᠨ᠎ᠠ᠃ ᠠᠭᠤᠷᠬᠠᠢ ᠣᠷᠣᠨ ᠨᠣᠳᠤᠭ ᠤᠨ | ᠵᠣᠬᠢᠴᠠᠩᠭᠤᠢ ᠬᠦᠭᠵᠢᠯᠳᠡ ᠶᠢᠨ ᠰᠢᠨ᠎ᠡ ᠠᠷᠭ᠎ᠠ ᠵᠠᠮ ᠢ ᠰᠦᠪᠡᠭᠴᠢᠯᠡᠨ᠂ ᠡᠬᠢ ᠪᠠᠶᠠᠯᠢᠭ ᠤᠨ ᠨᠡᠭᠡᠭᠡᠨ ᠠᠰᠢᠭᠯᠠᠯᠳᠠ | ᠶᠢᠨ ᠠᠰᠢᠭ ᠲᠣᠰᠠ ᠶᠢᠨ ᠬᠤᠪᠢᠶᠠᠷᠢᠯᠠᠯᠳᠠ ᠶᠢᠨ ᠲᠣᠭᠳᠠᠴᠠ ᠶᠢ ᠰᠣᠳᠣᠯᠣᠨ ᠲᠡᠭᠦᠯᠳᠡᠷᠵᠢᠭᠦᠯᠵᠣ᠂ ᠠᠭᠤᠷᠬᠠᠢ ᠶᠢᠨ | ᠣᠷᠣᠨ ᠤ ᠰᠠᠭᠤᠭᠠᠯᠢ ᠠᠷᠠᠳ ᠤᠨ ᠠᠰᠢᠭ ᠲᠣᠰᠠ ᠪᠣᠯᠣᠨ ᠠᠭᠤᠷᠬᠠᠢ ᠶᠢᠨ ᠣᠷᠣᠨ ᠤ ᠠᠵᠣ ᠠᠬᠤᠶᠢᠯᠠᠯ ᠤᠨ | ᠬᠠᠣᠯᠢ ᠶᠣᠰᠣᠨ ᠤ ᠡᠷᠬᠡ ᠠᠰᠢᠭ ᠢ ᠬᠠᠮᠠᠭᠠᠯᠠᠨ᠎ᠠ᠃ ︵ᠪᠠᠶᠢᠭᠠᠯᠢ ᠶᠢᠨ ᠡᠬᠢ ᠪᠠᠶᠠᠯᠢᠭ ᠤᠨ ᠲᠣᠪᠴᠢᠶ᠎ᠠ | ᠲᠣᠯᠣᠭᠠᠶᠢᠯᠠᠨ᠂ ᠠᠵᠣ ᠣᠶᠢᠯᠠᠳᠪᠦᠷᠢ ᠮᠡᠳᠡᠭᠡ ᠵᠠᠩᠬᠢᠴᠢᠯᠠᠯᠳᠠ ᠪᠠ ᠰᠢᠨᠵᠢᠯᠡᠬᠦ ᠣᠬᠠᠭᠠᠨ ᠲᠧᠭᠨᠢᠭ ᠮᠡᠷᠭᠡᠵᠢᠯ ᠤᠨ | ᠲᠣᠪᠴᠢᠶ᠎ᠠ᠂ ᠡᠳ᠋ ᠤᠨ ᠵᠠᠰᠠᠭ ᠤᠨ ᠲᠣᠪᠴᠢᠶ᠎ᠠ᠂ ᠡᠨᠧᠷᠬᠢ ᠶᠢᠨ ᠲᠣᠪᠴᠢᠶ᠎ᠠ᠂ ᠠᠮᠢ ᠠᠬᠤᠢ ᠣᠷᠴᠢᠨ ᠲᠣᠭᠤᠷᠢᠨ ᠤ | ᠬᠤᠪᠢᠶᠠᠷᠢ ᠲᠣᠪᠴᠢᠶ᠎ᠠ ᠵᠡᠷᠭᠡ ᠰᠠᠯᠠᠭ᠎ᠠ ᠮᠦᠴᠢᠷ ᠬᠠᠮᠵᠢᠯᠴᠠᠨ᠎ᠠ︶ | ︵ᠲᠦᠷᠪᠡ︶ ᠪᠣᠬᠢᠷᠳᠣᠯ ᠦᠭᠡᠢ ᠬᠠᠶᠢᠨ ᠪᠠᠶᠢᠴᠠᠭᠠᠯᠳᠠ ᠶᠢᠨ ᠲᠠᠭᠤᠷᠢᠶᠠᠯ ᠲᠣᠭᠳᠠᠯᠴᠠᠭᠠᠨ ᠤ ᠪᠠᠶᠢᠭᠤᠯᠣᠯᠳᠠ | ᠶᠢ ᠠᠬᠢᠭᠤᠯᠣᠨ᠎ᠠ᠃ ᠪᠣᠬᠢᠷᠳᠣᠯ ᠦᠭᠡᠢ ᠲᠦᠷᠦᠯ ᠵᠣᠶᠢᠯ ᠢ ᠬᠡᠷᠡᠭᠵᠢᠭᠦᠯᠵᠣ᠂ ᠡᠳ᠋ ᠤᠨ ᠵᠠᠰᠠᠭ ᠠᠴᠠ ᠪᠡᠯᠡ | ᠣᠷᠣᠭᠤᠯᠣᠭᠰᠠᠨ ᠭᠠᠵᠠᠷ ᠰᠢᠨᠵᠢᠯᠡᠭᠡ ᠶᠢᠨ ᠬᠠᠶᠢᠨ ᠪᠠᠶᠢᠴᠠᠭᠠᠯᠳᠠ ᠶᠢᠨ ᠲᠦᠷᠦᠯ ᠵᠣᠶᠢᠯ ᠤᠨ ᠲᠣᠯᠣᠭᠠᠶᠢᠯᠠᠭᠴᠢ | ᠣᠶᠢᠯᠠᠳᠣᠯ ᠢ ᠪᠠᠳᠠᠷᠠᠭᠤᠯᠣᠨ᠂ ᠪᠣᠬᠢᠷᠳᠣᠯ ᠦᠭᠡᠢ ᠬᠠᠶᠢᠨ ᠪᠠᠶᠢᠴᠠᠭᠠᠯᠳᠠ ᠶᠢᠨ ᠲᠠᠯ᠎ᠠ ᠪᠠᠷ ᠲᠠᠭᠤᠷᠢᠶᠠᠯ ᠦᠵᠡᠭᠦᠯᠦᠨ | ᠰᠢᠨᠡᠴᠢᠯᠡᠯᠳᠡ ᠬᠢᠵᠣ᠂ ᠨᠡᠶᠢᠭᠡᠮ ᠤᠨ ᠬᠢᠨ ᠭᠠᠵᠠᠷ ᠰᠢᠨᠵᠢᠯᠡᠭᠡᠨ ᠤ ᠲᠦᠷᠦᠯ ᠵᠣᠶᠢᠯ ᠳᠤ ᠪᠡᠯᠡ ᠣᠷᠣᠭᠤᠯᠬᠤ ᠶᠢ | ᠵᠣᠷᠢᠭᠵᠢᠭᠤᠯᠣᠨ ᠲᠡᠮᠵᠢᠵᠣ᠂ ᠪᠣᠬᠢᠷᠳᠣᠯ ᠦᠭᠡᠢ ᠬᠠᠶᠢᠨ ᠪᠠᠶᠢᠴᠠᠭᠠᠯᠳᠠ ᠶᠢᠨ ᠰᠢᠨᠡᠴᠢᠯᠡᠯᠳᠡ ᠶᠢ ᠠᠬᠢᠭᠤᠯᠣᠨ᠎ᠠ᠃ | ᠭᠠᠵᠠᠷ ᠰᠢᠨᠵᠢᠯᠡᠭᠡᠨ ᠤ ᠪᠠᠶᠢᠴᠠᠭᠠᠯᠳᠠ ᠶᠢᠨ ᠲᠣᠬᠠᠶᠢᠯᠠᠭᠰᠠᠨ ᠠᠵᠢᠯ ᠲᠦᠷᠦᠯ ᠤᠨ ᠬᠢᠨ ᠣᠷᠴᠢᠨ ᠬᠠᠮᠠᠭᠠᠯᠠᠬᠤ | ᠪᠣᠬᠢᠷᠳᠣᠯ ᠦᠭᠡᠢ ᠬᠠᠶᠢᠨ ᠪᠠᠶᠢᠴᠠᠭᠠᠯᠳᠠ ᠶᠢᠨ ᠮᠡᠷᠭᠡᠵᠢᠯ᠂ ᠣᠷ᠎ᠠ ᠮᠡᠷᠭᠡᠰᠢᠯ ᠪᠣᠯᠣᠨ ᠠᠷᠭ᠎ᠠ ᠠᠪᠴᠠᠯ ᠤᠨ | ᠰᠣᠳᠣᠯᠣᠯᠳᠠ ᠲᠦᠭᠡᠮᠡᠯᠵᠢᠯᠡᠯᠳᠡ ᠪᠠᠨ ᠴᠢᠩᠭᠠᠳᠬᠠᠵᠣ᠂ ᠣᠷᠭᠤᠮᠠᠯ ᠤᠨ ᠪᠦᠷᠬᠦᠪᠴᠢ ᠶᠢᠨ ᠡᠪᠳᠡᠭᠳᠡᠯ ᠢ ᠪᠠᠭᠠᠰᠬᠠᠨ᠂ | ᠪᠣᠬᠢᠷᠳᠣᠯ ᠦᠭᠡᠢ ᠬᠠᠶᠢᠨ ᠪᠠᠶᠢᠴᠠᠭᠠᠯᠳᠠ ᠶᠢᠨ ᠮᠡᠷᠭᠡᠵᠢᠯ ᠶᠢᠨ ᠲᠣᠭᠳᠠᠯᠴᠠᠭ᠎ᠠ ᠶᠢ ᠠᠯᠬᠤᠮ ᠠᠯᠬᠤᠮ ᠢᠶᠠᠷ | ᠪᠠᠶᠢᠭᠤᠯᠬᠤ ᠬᠡᠷᠡᠭᠳᠡᠢ᠃ ︵ᠪᠠᠶᠢᠭᠠᠯᠢ ᠶᠢᠨ ᠡᠬᠢ ᠪᠠᠶᠠᠯᠢᠭ ᠤᠨ ᠲᠣᠪᠴᠢᠶ᠎ᠠ ᠲᠣᠯᠣᠭᠠᠶᠢᠯᠠᠨ᠂ ᠡᠳ᠋ ᠤᠨ ᠵᠠᠰᠠᠭ ᠤᠨ | ᠲᠣᠪᠴᠢᠶ᠎ᠠ᠂ ᠠᠮᠢ ᠠᠬᠤᠢ ᠣᠷᠴᠢᠨ ᠲᠣᠭᠤᠷᠢᠨ ᠤ ᠬᠤᠪᠢᠶᠠᠷᠢ ᠲᠣᠪᠴᠢᠶ᠎ᠠ ᠵᠡᠷᠭᠡ ᠰᠠᠯᠠᠭ᠎ᠠ ᠮᠦᠴᠢᠷ ᠬᠠᠮᠵᠢᠯᠴᠠᠨ᠎ᠠ︶ | | ︵ᠲᠠᠪᠤ︶ ᠰᠢᠨ᠎ᠡ ᠪᠠᠷ ᠪᠠᠶᠢᠭᠤᠯᠬᠤ ᠠᠭᠤᠷᠬᠠᠢ ᠶᠢᠨ ᠣᠷᠣᠨ ᠤ ᠵᠦᠪᠰᠢᠶᠡᠷᠡᠯ ᠤᠨ ᠪᠠᠷᠢᠮᠵᠢᠶ᠎ᠡ ᠶᠢ | ᠴᠢᠩᠭᠠᠳᠬᠠᠨ᠎ᠠ᠃ 2019 ᠣᠨ ᠠᠴᠠ ᠡᠬᠢᠯᠡᠨ᠂ ᠰᠢᠨ᠎ᠡ ᠪᠠᠷ ᠪᠠᠶᠢᠭᠤᠯᠬᠤ ᠠᠭᠤᠷᠬᠠᠢ ᠶᠢᠨ ᠣᠷᠣᠨ ᠳᠤ | ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠪᠠᠷᠢᠮᠵᠢᠶ᠎ᠠ ᠪᠠᠶᠢᠭᠤᠯᠣᠯᠳᠠ ᠶᠢ ᠬᠡᠷᠡᠭᠵᠢᠭᠦᠯᠪᠡ᠃ ᠦᠪᠡᠷᠳᠡᠭᠡᠨ | ᠵᠠᠰᠠᠬᠤ ᠣᠷᠣᠨ ᠤ ᠱᠠᠭᠠᠷᠳᠠᠯᠭ᠎ᠠ ᠶᠣᠰᠣᠭᠠᠷ᠂ ᠠᠭᠤᠷᠬᠠᠢ ᠶᠢᠨ ᠭᠠᠷᠣᠯᠳᠠ ᠶᠢᠨ ᠡᠬᠢ ᠪᠠᠶᠠᠯᠢᠭ ᠤᠨ ᠨᠡᠭᠡᠭᠡᠨ | ᠠᠰᠢᠭᠯᠠᠯᠳᠠ᠂ ᠠᠭᠤᠷᠬᠠᠢ ᠶᠢᠨ ᠣᠷᠣᠨ ᠤ ᠭᠠᠵᠠᠷ ᠰᠢᠨᠵᠢᠯᠡᠭᠡᠨ ᠤ ᠣᠷᠴᠢᠨ ᠲᠣᠭᠤᠷᠢᠨ ᠤ ᠵᠠᠰᠠᠯᠳᠠ ᠵᠢᠴᠢ ᠭᠠᠵᠠᠷ | ᠰᠢᠷᠣᠢ ᠶᠢᠨ ᠲᠠᠬᠢᠨ ᠬᠠᠭᠠᠯᠪᠦᠷᠢᠯᠠᠯᠳᠠ ᠶᠢᠨ ᠲᠦᠰᠦᠯ ᠢ ᠨᠢᠭᠡᠳᠬᠡᠨ᠂ ᠪᠣᠬᠢᠷᠳᠣᠯ ᠦᠬᠡᠢ ᠠᠭᠤᠷᠬᠠᠢ ᠶᠢᠨ ᠣᠷᠣᠨ | ᠤ ᠪᠠᠶᠢᠭᠤᠯᠣᠯᠳᠠ ᠶᠢᠨ ᠪᠠᠷᠢᠮᠵᠢᠶ᠎ᠡ ᠶᠢ ᠨᠢᠭᠡᠳᠭᠡᠭᠰᠡᠨ ᠤ ᠲᠠᠷᠠᠭᠠᠬᠢ ᠲᠦᠰᠦᠯ ᠳᠤ ᠣᠷᠣᠭᠤᠯᠵᠣ᠂ ᠨᠢᠭᠡᠳᠦᠯᠳᠡᠢ | ᠨᠠᠶᠢᠷᠠᠭᠤᠯᠣᠨ᠂ ᠨᠢᠭᠡᠳᠦᠯᠳᠡᠢ ᠬᠢᠨᠠᠵᠣ᠂ ᠨᠢᠭᠡᠳᠦᠯᠳᠡᠢ ᠬᠡᠷᠡᠭᠵᠢᠭᠦᠯᠦᠨ᠎ᠡ᠃ ᠣᠷᠴᠢᠨ ᠲᠣᠭᠤᠷᠢᠨ ᠤ ᠡᠪᠳᠡᠭᠳᠡᠯ ᠢᠶᠠᠷ | ᠬᠠᠷᠢᠴᠠᠩᠭᠤᠢ ᠪᠠᠭ᠎ᠠ ᠨᠡᠭᠡᠭᠡᠨ ᠠᠰᠢᠭᠯᠠᠬᠤ ᠠᠷᠭ᠎ᠠ᠂ ᠠᠭᠤᠷᠬᠠᠢ ᠮᠠᠯᠳᠠᠬᠤ ᠮᠡᠷᠭᠡᠵᠢᠯ ᠪᠠ ᠠᠭᠤᠷᠬᠠᠢ ᠰᠣᠩᠭᠤᠬᠤ | ᠠᠷᠭ᠎ᠠ ᠠᠪᠴᠠᠯ ᠢ ᠰᠣᠩᠭᠤᠵᠣ᠂ ᠠᠭᠤᠷᠬᠠᠢ ᠶᠢᠨ ᠣᠷᠣᠨ ᠤ ᠠᠮᠢ ᠠᠬᠤᠢ ᠣᠷᠴᠢᠨ ᠲᠣᠭᠤᠷᠢᠨ ᠢ ᠬᠠᠮᠠᠭᠠᠯᠠᠨ᠎ᠠ᠃ | ᠠᠮᠢ ᠠᠬᠤᠢ ᠣᠷᠴᠢᠨ ᠲᠣᠭᠤᠷᠢᠨ ᠤ ᠬᠤᠪᠢᠶᠠᠷᠢ ᠲᠣᠪᠴᠢᠶ᠎ᠠ᠂ ᠣᠰᠣᠨ ᠠᠰᠢᠭᠯᠠᠯᠳᠠ ᠶᠢᠨ ᠰᠠᠯᠠᠭ᠎ᠠ ᠮᠦᠴᠢᠷ ᠠᠮᠢ | ᠠᠬᠤᠢ ᠣᠷᠴᠢᠨ ᠲᠣᠭᠤᠷᠢᠨ ᠢ ᠬᠠᠮᠠᠭᠠᠯᠠᠬᠤ ᠪᠣᠯᠣᠨ ᠰᠡᠷᠭᠦᠭᠡᠨ ᠵᠠᠰᠠᠬᠤ ᠲᠦᠰᠦᠯ ᠵᠢᠴᠢ ᠬᠦᠷᠦᠰᠦ ᠰᠢᠷᠣᠢ ᠶᠢᠨ | ᠢᠳᠡᠭᠳᠡᠯ ᠢ ᠵᠠᠰᠠᠬᠤ ᠲᠦᠰᠦᠯ ᠤᠨ ᠬᠢᠨᠠᠨ ᠪᠠᠶᠢᠴᠠᠭᠠᠯᠳᠠ ᠪᠠᠨ ᠴᠢᠩᠭᠠᠳᠬᠠᠨ᠂ ᠠᠵᠣ ᠠᠬᠤᠶᠢᠯᠠᠯ ᠤᠨ | ᠬᠠᠮᠠᠭᠠᠯᠠᠯᠳᠠ ᠶᠢᠨ ᠠᠷᠭ᠎ᠠ ᠠᠪᠴᠠᠯ ᠤᠨ ᠨᠠᠶᠢᠳᠠᠪᠦᠷᠢᠵᠢᠭᠤᠯᠣᠯᠳᠠ ᠶᠢᠨ ᠪᠠᠶᠢᠳᠠᠯ ᠳᠤ ᠬᠢᠨᠠᠯᠳᠠ ᠲᠠᠯᠪᠢᠵᠣ᠂ ᠠᠮᠢ | ᠠᠬᠤᠢ ᠶᠢᠨ ᠬᠠᠮᠠᠭᠠᠯᠠᠯᠳᠠ ᠶᠢᠨ ᠨᠠᠶᠢᠳᠠᠪᠦᠷᠢᠵᠢᠭᠤᠯᠣᠯᠳᠠ ᠶᠢ ᠪᠠᠳᠣᠯᠠᠨ᠂ ᠠᠭᠤᠷᠬᠠᠢ ᠶᠢᠨ ᠣᠷᠣᠨ ᠤ ︽ᠭᠤᠷᠪᠠᠨ | ᠬᠠᠶᠠᠭᠳᠠᠮᠠᠯ︾ ᠢ ᠪᠦᠳᠦᠮᠵᠢᠳᠡᠢ ᠰᠢᠢᠳᠪᠦᠷᠢᠯᠡᠵᠣ᠂ ᠪᠣᠬᠢᠷᠳᠣᠯ ᠪᠣᠳᠠᠰ ᠤᠨ ᠭᠠᠳᠠᠭᠰᠢᠯᠠᠭᠤᠯᠣᠯᠳᠠ ᠶᠢ ᠪᠠᠷᠢᠮᠵᠢᠶᠠᠨ | ᠳᠤ ᠬᠦᠷᠭᠡᠨ᠎ᠡ᠃ ᠠᠶᠣᠯᠭᠦᠢ ᠶᠢᠨ ᠬᠢᠨᠠᠯᠳᠠ ᠬᠠᠮᠢᠶᠠᠷᠣᠯᠳᠠ ᠶᠢᠨ ᠰᠠᠯᠠᠭ᠎ᠠ ᠮᠦᠴᠢᠷ ᠠᠶᠣᠯᠭᠦᠢ ᠶᠢᠨ ᠲᠣᠨᠤᠭ | ᠲᠦᠬᠦᠭᠡᠷᠣᠮᠵᠢ ᠶᠢᠨ ᠪᠠᠶᠢᠴᠠᠭᠠᠯᠳᠠ ᠶᠢ ᠴᠢᠩᠭᠠᠳᠬᠠᠨ᠂ ᠠᠵᠣ ᠠᠬᠤᠶᠢᠯᠠᠯ ᠤᠨ ᠠᠶᠣᠯᠭᠦᠢ ᠶᠢᠨ ᠠᠷᠭ᠎ᠠ ᠪᠠᠷᠢᠯ ᠤᠨ | ᠨᠠᠶᠢᠳᠠᠪᠦᠷᠢᠵᠢᠭᠤᠯᠣᠯᠳᠠ ᠳᠤ ᠬᠢᠨᠠᠯᠳᠠ ᠲᠠᠯᠪᠢᠵᠣ᠂ ᠠᠭᠤᠷᠬᠠᠢ ᠶᠢᠨ ᠣᠷᠣᠨ ᠤ ᠪᠣᠬᠢᠷᠳᠣᠯ ᠦᠭᠡᠢ ᠠᠶᠣᠯᠭᠦᠢ | ᠣᠶᠢᠯᠠᠳᠪᠦᠷᠢᠯᠠᠯ ᠢ ᠪᠠᠳᠣᠯᠠᠨ᠎ᠠ᠃ ︵ᠪᠠᠶᠢᠭᠠᠯᠢ ᠶᠢᠨ ᠡᠬᠢ ᠪᠠᠶᠠᠯᠢᠭ ᠤᠨ ᠲᠣᠪᠴᠢᠶ᠎ᠠ ᠲᠣᠯᠣᠭᠠᠶᠢᠯᠠᠨ᠂ | ᠬᠦᠭᠵᠢᠭᠦᠯᠦᠯᠳᠡ ᠦᠭᠡᠷᠡᠴᠢᠯᠡᠯᠳᠡ ᠶᠢᠨ ᠵᠦᠪᠯᠡᠯ᠂ ᠲᠣᠳᠣᠭᠠᠳᠦ ᠶᠢ ᠬᠠᠮᠠᠭᠠᠯᠠᠬᠤ ᠲᠣᠪᠴᠢᠶ᠎ᠠ᠂ ᠠᠵᠣ | ᠣᠶᠢᠯᠠᠳᠪᠦᠷᠢ ᠮᠡᠳᠡᠭᠡ ᠵᠠᠩᠬᠢᠴᠢᠯᠠᠯᠳᠠ ᠪᠠ ᠰᠢᠨᠵᠢᠯᠡᠬᠦ ᠣᠬᠠᠭᠠᠨ ᠲᠧᠭᠨᠢᠭ ᠮᠡᠷᠭᠡᠵᠢᠯ ᠤᠨ ᠲᠣᠪᠴᠢᠶ᠎ᠠ᠂ ᠪᠠᠴᠢᠮ ᠢ | ᠠᠷᠭᠠᠴᠠᠬᠤ ᠬᠠᠮᠢᠶᠠᠷᠣᠯᠳᠠ ᠶᠢᠨ ᠲᠣᠪᠴᠢᠶ᠎ᠠ᠂ ᠡᠳ᠋ ᠤᠨ ᠵᠠᠰᠠᠭ ᠤᠨ ᠲᠣᠪᠴᠢᠶ᠎ᠠ᠂ ᠬᠦᠮᠦᠨ ᠤ ᠬᠦᠴᠦᠨ ᠤ ᠡᠬᠢ | ᠪᠠᠶᠠᠯᠢᠭ ᠪᠠ ᠨᠠᠶᠢᠭᠡᠮ ᠤᠨ ᠪᠠᠳᠣᠯᠠᠭ᠎ᠠ ᠶᠢᠨ ᠲᠣᠪᠴᠢᠶ᠎ᠠ᠂ ᠣᠰᠣᠨ ᠠᠰᠢᠭᠯᠠᠯᠳᠠ ᠶᠢᠨ ᠲᠣᠪᠴᠢᠶ᠎ᠠ᠂ ᠵᠠᠬ᠎ᠠ | ᠲᠡᠯᠭᠡᠭᠦᠷ ᠤᠨ ᠬᠢᠨᠠᠯᠳᠠ ᠬᠠᠮᠢᠶᠠᠷᠣᠯᠳᠠ ᠶᠢᠨ ᠲᠣᠪᠴᠢᠶ᠎ᠠ᠂ ᠡᠨᠧᠷᠬᠢ ᠶᠢᠨ ᠲᠣᠪᠴᠢᠶ᠎ᠠ᠂ ᠭᠠᠶᠢᠯᠢ ᠶᠢᠨ ᠶᠠᠪᠣᠳᠠᠯ ᠤᠨ | ᠲᠣᠪᠴᠢᠶ᠎ᠠ᠂ ᠠᠮᠢ ᠠᠬᠤᠢ ᠣᠷᠴᠢᠨ ᠲᠣᠭᠤᠷᠢᠨ ᠤ ᠬᠤᠪᠢᠶᠠᠷᠢ ᠲᠣᠪᠴᠢᠶ᠎ᠠ᠂ ᠮᠦᠩᠭᠦᠨ ᠭᠦᠢᠯᠭᠡᠭᠡᠨ ᠤ | ᠣᠶᠢᠯᠡᠴᠢᠯᠡᠭᠡᠨ ᠤ ᠲᠦᠪ ᠵᠡᠷᠭᠡ ᠰᠠᠯᠠᠭ᠎ᠠ ᠮᠦᠴᠢᠷ ᠬᠠᠮᠵᠢᠯᠴᠠᠨ᠎ᠠ︶ | ︵ᠵᠢᠷᠭᠤᠭ᠎ᠠ︶ ᠠᠭᠤᠷᠬᠠᠢ ᠶᠢᠨ ᠣᠶᠢᠯᠠᠳᠪᠦᠷᠢᠯᠠᠯ ᠤᠨ ᠣᠷᠣᠨ ᠤ ᠪᠠᠷᠢᠮᠵᠢᠶᠡᠳᠦ ᠪᠠᠶᠢᠭᠤᠯᠣᠯᠳᠠ ᠶᠢ | ᠠᠬᠢᠭᠤᠯᠣᠨ᠎ᠠ᠃ ᠡᠯ᠎ᠡ ᠠᠭᠤᠷᠬᠠᠢ ᠶᠢᠨ ᠣᠷᠣᠨ ︽ᠬᠡᠨ ᠡᠪᠳᠡᠪᠡᠯ ᠬᠡᠨ ᠰᠡᠷᠭᠦᠭᠡᠨ ᠬᠠᠭᠠᠯᠪᠦᠷᠢᠯᠠᠬᠤ︾ ᠵᠠᠷᠴᠢᠮ | ᠶᠣᠰᠣᠭᠠᠷ᠂ ᠠᠭᠤᠷᠬᠠᠢ ᠶᠢᠨ ᠣᠷᠣᠨ ᠤ ᠣᠷᠴᠢᠨ ᠲᠣᠭᠤᠷᠢᠨ ᠤ ᠵᠠᠰᠠᠯᠳᠠ ᠪᠣᠯᠣᠨ ᠪᠣᠬᠢᠷᠳᠣᠯ ᠦᠭᠡᠢ ᠠᠭᠤᠷᠬᠠᠢ | ᠶᠢᠨ ᠣᠷᠣᠨ ᠤ ᠪᠠᠶᠢᠭᠤᠯᠣᠯᠳᠠ ᠶᠢᠨ ᠬᠠᠷᠢᠭᠤᠴᠠᠯᠭ᠎ᠠ ᠶᠢᠨ ᠭᠤᠣᠯ ᠴᠣᠭᠴᠠ ᠶᠢ ᠨᠠᠶᠢᠳᠠᠪᠦᠷᠢᠵᠢᠭᠤᠯᠵᠣ᠂ ᠪᠣᠬᠢᠷᠳᠣᠯ | ᠦᠭᠡᠢ ᠠᠭᠤᠷᠬᠠᠢ ᠶᠢᠨ ᠣᠷᠣᠨ ᠤ ᠪᠠᠶᠢᠭᠤᠯᠣᠯᠳᠠ ᠶᠢ ᠪᠦᠬᠦ ᠲᠠᠯ᠎ᠠ ᠪᠠᠷ ᠠᠬᠢᠭᠤᠯᠣᠨ᠎ᠠ᠃ ᠣᠳᠣᠬᠠᠨ ᠤ ᠪᠠᠶᠢᠭ᠎ᠠ 3 | ᠨᠡᠭᠦᠷᠡᠰᠣᠨ ᠠᠭᠤᠷᠬᠠᠢ ᠶᠢᠨ ᠠᠵᠣ ᠠᠬᠤᠶᠢᠯᠠᠯ ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠱᠠᠭᠠᠷᠳᠠᠯᠭ᠎ᠠ ᠪᠠᠷ | ᠪᠠᠶᠢᠭᠤᠯᠣᠯᠳᠠ ᠪᠠᠨ ᠴᠢᠩᠭᠠᠳᠬᠠᠨ᠂ ᠠᠭᠤᠷᠬᠠᠢ ᠶᠢᠨ ᠣᠷᠣᠨ ᠤ ᠭᠠᠵᠠᠷ ᠰᠢᠨᠵᠢᠯᠡᠭᠡᠨ ᠤ ᠣᠷᠴᠢᠨ ᠲᠣᠭᠤᠷᠢᠨ ᠤ | ᠬᠤᠭᠤᠴᠠᠭ᠎ᠠ ᠬᠤᠪᠢᠶᠠᠭᠰᠠᠨ ᠵᠠᠰᠠᠯᠳᠠ ᠶᠢᠨ ᠲᠦᠷᠢᠮ ᠢ ᠦᠷᠭᠦᠯᠵᠢᠯᠡᠨ ᠬᠡᠷᠡᠭᠵᠢᠭᠦᠯᠦᠨ᠎ᠡ᠃ ᠨᠡᠭᠡᠭᠡᠨ ᠮᠠᠯᠳᠠᠬᠤ | ᠲᠠᠬᠢᠨ ᠮᠠᠯᠳᠠᠬᠤ ᠨᠣᠷᠮ᠎ᠠ᠂ ᠠᠭᠤᠷᠬᠠᠢ ᠰᠣᠩᠭᠤᠬᠤ ᠬᠤᠷᠢᠶᠠᠨ ᠠᠪᠬᠤ ᠨᠣᠷᠮ᠎ᠠ᠂ ᠶᠡᠷᠦᠩᠬᠡᠶᠢᠯᠡᠨ ᠠᠰᠢᠭᠯᠠᠬᠤ | ᠨᠣᠷᠮ᠎ᠠ ᠶᠢᠨ ᠰᠣᠭᠤᠴᠠᠨ ᠪᠠᠶᠢᠴᠠᠭᠠᠯᠳᠠ ᠪᠠ ᠬᠢᠨᠠᠯᠳᠠ ᠬᠠᠮᠢᠶᠠᠷᠣᠯᠳᠠ ᠶᠢᠨ ᠡᠷᠴᠢᠮ ᠢᠶᠠᠨ ᠴᠢᠩᠭᠠᠳᠬᠠᠨ᠂ ᠠᠵᠣ | ᠠᠬᠤᠶᠢᠯᠠᠯ ᠢ ᠱᠠᠯᠪᠠᠳᠠᠭᠤᠯᠣᠨ ᠦᠳᠳᠦᠷ ᠲᠦᠷᠭᠡᠨ ᠢᠶᠠᠷ ᠣᠯᠣᠰ ᠤᠨ ᠲᠣᠭᠳᠠᠭᠠᠯ ᠤᠨ ᠪᠠᠷᠢᠮᠵᠢᠶᠠᠨ ᠳᠤ ᠬᠦᠷᠭᠡᠨ᠎ᠡ᠃ | ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠪᠠᠶᠢᠭᠤᠯᠣᠯᠳᠠ ᠶᠢᠨ ᠲᠦᠯᠦᠪᠵᠢᠭᠦᠯᠭᠡ ᠵᠢᠴᠢ ᠪᠠᠷᠢᠮᠵᠢᠶ᠎ᠠ ᠶᠣᠰᠣᠭᠠᠷ᠂ | ᠠᠵᠣ ᠠᠬᠤᠶᠢᠯᠠᠯ ᠤᠨ ᠮᠡᠷᠭᠡᠵᠢᠯ ᠤᠨ ᠰᠢᠨᠡᠴᠢᠯᠡᠯᠳᠡ ᠦᠭᠡᠷᠡᠴᠢᠯᠡᠯᠳᠡ ᠶᠢ ᠲᠦᠷᠭᠡᠳᠬᠡᠨ᠎ᠡ᠃ ︽ᠭᠤᠷᠪᠠᠨ | ᠬᠠᠶᠠᠭᠳᠠᠮᠠᠯ︾ ᠤᠨ ᠬᠠᠮᠢᠶᠠᠷᠣᠯᠳᠠ ᠪᠠᠨ ᠴᠢᠩᠭᠠᠳᠬᠠᠨ᠂ ᠠᠶᠣᠯᠭᠦᠢ ᠣᠶᠢᠯᠠᠳᠪᠦᠷᠢᠯᠠᠯ ᠤᠨ ᠬᠠᠮᠢᠶᠠᠷᠣᠯᠳᠠ ᠶᠢᠨ | ᠲᠦᠪᠰᠢᠨ ᠢᠶᠠᠨ ᠲᠡᠭᠡᠭᠰᠢᠯᠡᠭᠦᠯᠵᠣ᠂ ᠦᠯᠡᠳᠡᠭᠳᠡᠯ ᠬᠦᠳᠡᠷ ᠪᠠ ᠬᠠᠶᠠᠭᠳᠠᠮᠠᠯ ᠴᠢᠯᠠᠭᠤᠨ ᠤ ᠶᠡᠷᠦᠩᠬᠡᠶᠢᠯᠡᠭᠰᠡᠨ | ᠠᠰᠢᠭᠯᠠᠯᠳᠠ ᠶᠢ ᠠᠬᠢᠭᠤᠯᠣᠨ᠎ᠠ᠃ ᠠᠵᠣ ᠠᠬᠤᠶᠢᠯᠠᠯ ᠤᠨ ᠠᠭᠤᠷᠬᠠᠢ ᠮᠠᠯᠳᠠᠬᠤ ᠲᠡᠷᠢᠭᠦᠨ ᠤ ᠮᠡᠷᠭᠡᠵᠢᠯ ᠪᠣᠯᠣᠨ | ᠨᠡᠭᠡᠭᠡᠨ ᠮᠠᠯᠳᠠᠬᠤ ᠠᠷᠭ᠎ᠠ ᠪᠠᠷᠢᠯ ᠢ ᠬᠡᠷᠡᠭᠯᠡᠭᠦ ᠶᠢ ᠵᠣᠷᠢᠭᠵᠢᠭᠤᠯᠣᠨ᠂ ᠠᠮᠢ ᠠᠬᠤᠢ ᠣᠷᠴᠢᠨ ᠲᠣᠭᠤᠷᠢᠨ ᠳᠤ | ᠦᠵᠡᠭᠦᠯᠬᠦ ᠨᠦᠯᠦᠭᠡ ᠶᠢ ᠪᠠᠭᠠᠰᠬᠠᠨ᠎ᠠ᠃ 2025 ᠣᠨ ᠠᠴᠠ ᠡᠮᠦᠨ᠎ᠡ 3 ᠨᠡᠭᠦᠷᠡᠰᠣᠨ ᠠᠭᠤᠷᠬᠠᠢ ᠶᠢᠨ ᠠᠵᠣ | ᠠᠬᠤᠶᠢᠯᠠᠯ ᠢ ᠦᠪᠡᠷᠳᠡᠭᠡᠨ ᠵᠠᠰᠠᠬᠤ ᠣᠷᠣᠨ ᠤ ᠲᠡᠰ ᠤᠨ ᠪᠣᠬᠢᠷᠳᠣᠯ ᠦᠭᠡᠢ ᠠᠭᠤᠷᠬᠠᠢ ᠶᠢᠨ ᠣᠷᠣᠨ ᠪᠣᠯᠭᠠᠨ | ᠪᠠᠶᠢᠭᠤᠯᠣᠨ᠎ᠠ᠃ ︵ᠪᠠᠶᠢᠭᠠᠯᠢ ᠶᠢᠨ ᠡᠬᠢ ᠪᠠᠶᠠᠯᠢᠭ ᠤᠨ ᠲᠣᠪᠴᠢᠶ᠎ᠠ ᠲᠣᠯᠣᠭᠠᠶᠢᠯᠠᠨ᠂ ᠣᠰᠣᠨ ᠠᠰᠢᠭᠯᠠᠯᠳᠠ ᠶᠢᠨ | ᠲᠣᠪᠴᠢᠶ᠎ᠠ᠂ ᠪᠠᠴᠢᠮ ᠢ ᠠᠷᠭᠠᠴᠠᠬᠤ ᠬᠠᠮᠢᠶᠠᠷᠣᠯᠳᠠ ᠶᠢᠨ ᠲᠣᠪᠴᠢᠶ᠎ᠠ᠂ ᠡᠨᠧᠷᠬᠢ ᠶᠢᠨ ᠲᠣᠪᠴᠢᠶ᠎ᠠ᠂ ᠠᠮᠢ ᠠᠬᠤᠢ | ᠣᠷᠴᠢᠨ ᠲᠣᠭᠤᠷᠢᠨ ᠤ ᠬᠤᠪᠢᠶᠠᠷᠢ ᠲᠣᠪᠴᠢᠶ᠎ᠠ ᠵᠡᠷᠬᠡ ᠰᠠᠯᠠᠭ᠎ᠠ ᠮᠦᠴᠢᠷ ᠬᠠᠮᠵᠢᠯᠴᠠᠨ᠎ᠠ︶ | ︵ᠲᠣᠯᠤᠭ᠎ᠠ︶ ᠠᠭᠤᠷᠬᠠᠢ ᠣᠷᠣᠨ ᠨᠣᠳᠤᠭ ᠤᠨ ᠵᠣᠬᠢᠴᠠᠩᠭᠤᠢ ᠬᠦᠭᠵᠢᠯᠳᠡ ᠶᠢ ᠠᠬᠢᠭᠤᠯᠣᠨ᠎ᠠ᠃ ᠣᠷᠣᠨ | ᠨᠣᠳᠤᠭ ᠤᠨ ᠵᠠᠰᠠᠭ ᠤᠨ ᠣᠷᠳᠣᠨ᠂ ᠣᠯᠠᠨ ᠲᠦᠮᠡᠨ ᠤ ᠲᠦᠯᠦᠭᠡᠯᠡᠭᠴᠢ ᠬᠢᠭᠡᠳ ᠠᠵᠣ ᠠᠬᠤᠶᠢᠯᠠᠯ ᠤᠨ ᠬᠢᠨ ᠤ | ᠵᠦᠪᠳᠡᠯᠴᠡᠨ ᠵᠣᠬᠢᠴᠠᠭᠤᠯᠬᠤ ᠲᠣᠭᠳᠠᠴᠠ ᠶᠢ ᠰᠦᠪᠡᠭᠴᠢᠯᠡᠨ ᠪᠠᠶᠢᠭᠤᠯᠵᠣ᠂ ᠠᠭᠤᠷᠬᠠᠢ ᠣᠷᠣᠨ ᠨᠣᠳᠤᠭ ᠤᠨ | ᠵᠦᠷᠢᠴᠡᠯ ᠢ ᠪᠠᠶᠢᠴᠠᠭᠠᠬᠤ᠂ ᠵᠣᠬᠢᠴᠠᠭᠤᠯᠣᠨ ᠰᠢᠢᠳᠪᠦᠷᠢᠯᠡᠬᠦ ᠪᠠᠶᠢᠭᠤᠯᠣᠮᠵᠢ ᠪᠣᠯᠣᠨ ᠠᠵᠢᠯᠳᠠᠨ ᠲᠣᠬᠢᠷᠠᠭᠤᠯᠣᠨ᠂ | ᠡᠯ᠎ᠡ ᠲᠦᠷᠦᠯ ᠤᠨ ᠵᠦᠷᠢᠴᠡᠯ ᠢ ᠴᠠᠭ ᠲᠣᠬᠠᠢ ᠳᠤ ᠨᠢ ᠰᠠᠶᠢᠳᠦᠷ ᠰᠢᠢᠳᠪᠦᠷᠢᠯᠡᠨ᠎ᠡ︔ ᠠᠭᠤᠷᠬᠠᠢ ᠶᠢᠨ ᠣᠷᠣᠨ ᠤ | ᠠᠵᠣ ᠠᠬᠤᠶᠢᠯᠠᠯ ᠬᠠᠣᠯᠢ ᠲᠦᠷᠢᠮᠵᠢᠯ ᠶᠣᠰᠣᠭᠠᠷ ᠨᠡᠭᠡᠭᠡᠨ ᠮᠠᠯᠳᠠᠵᠣ᠂ ᠠᠭᠤᠷᠬᠠᠢ ᠣᠷᠣᠨ ᠨᠣᠳᠤᠭ ᠤᠨ ᠵᠦᠷᠢᠴᠡᠯ | ᠢ ᠵᠣᠬᠢᠴᠠᠭᠤᠯᠣᠨ ᠰᠢᠢᠳᠪᠦᠷᠢᠯᠡᠭᠦ ᠲᠣᠭᠳᠠᠴᠠ ᠪᠠᠶᠢᠭᠤᠯᠵᠣ᠂ ᠣᠬᠠᠮᠰᠠᠷ ᠠᠴᠠ ᠪᠠᠨ ᠬᠠᠣᠯᠢ ᠶᠣᠰᠣᠨ ᠤ ᠡᠭᠦᠷᠭᠡ | ᠪᠣᠯᠣᠨ ᠨᠡᠶᠢᠭᠡᠮ ᠤᠨ ᠬᠠᠷᠢᠭᠤᠴᠠᠯᠭ᠎ᠠ ᠪᠠᠨ ᠭᠦᠢᠴᠡᠳᠬᠡᠨ᠂ ᠠᠵᠣ ᠠᠬᠤᠶᠢᠯᠠᠯ ᠤᠨ ᠣᠬᠢ ᠰᠠᠶᠢᠨ ᠲᠦᠷᠢ ᠲᠦᠷᠬᠦ | ᠶᠢ ᠪᠣᠢ ᠪᠣᠯᠭᠠᠨ᠎ᠠ︔ ᠣᠷᠣᠨ ᠨᠣᠳᠤᠭ ᠤᠨ ᠰᠠᠭᠤᠷᠢ ᠲᠦᠬᠦᠭᠡᠷᠦᠮᠵᠢ ᠶᠢᠨ ᠪᠠᠶᠢᠭᠤᠯᠣᠯᠳᠠ ᠶᠢ ᠪᠦᠬᠦ ᠬᠦᠴᠦᠨ ᠢᠶᠠᠷ | ᠲᠡᠮᠵᠢᠨ᠂ ᠠᠭᠤᠷᠬᠠᠢ ᠶᠢᠨ ᠣᠷᠣᠨ ᠵᠢᠴᠢ ᠣᠶᠢᠷ᠎ᠠ ᠬᠠᠪᠢ ᠶᠢᠨ ᠣᠶᠢᠯᠠᠳᠪᠦᠷᠢᠯᠠᠯ ᠠᠮᠢᠳᠣᠷᠠᠯ ᠤᠨ ᠣᠷᠴᠢᠨ | ᠲᠣᠭᠤᠷᠢᠨ ᠢ ᠰᠠᠶᠢᠵᠢᠷᠠᠭᠤᠯᠣᠨ᠎ᠠ︔ ᠠᠵᠢᠯ ᠣᠯᠭᠤᠯᠳᠠ ᠶᠢᠨ ᠪᠣᠯᠪᠠᠰᠣᠷᠠᠯ ᠢ ᠵᠣᠬᠢᠶᠠᠨ ᠪᠠᠶᠢᠭᠤᠯᠣᠨ᠂ ᠠᠭᠤᠷᠠᠬᠠᠢ | ᠶᠢᠨ ᠣᠷᠣᠨ ᠤ ᠣᠶᠢᠷ᠎ᠠ ᠬᠠᠪᠢ ᠶᠢᠨ ᠰᠠᠭᠤᠭᠠᠯᠠᠢ ᠠᠷᠠᠳ ᠤᠨ ᠦᠷ᠎ᠡ ᠬᠡᠣᠭᠡᠳ ᠲᠤ ᠣᠷᠢᠳᠠᠪᠡᠷ ᠠᠵᠢᠯ ᠣᠯᠭᠤᠵᠣ᠂ | ᠶᠠᠳᠠᠭᠤ ᠶᠢ ᠲᠡᠳᠬᠦᠬᠦ ᠠᠪᠣᠷᠠᠨ ᠲᠣᠰᠠᠯᠠᠯᠳᠠ ᠵᠡᠷᠭᠡ ᠠᠷᠠᠳ ᠤᠨ ᠠᠮᠢᠳᠣᠷᠠᠯ ᠢ ᠬᠠᠷᠠᠭᠠᠯᠵᠠᠬᠤ ᠠᠵᠢᠯᠯᠠᠭᠠᠨ ᠢ | ᠢᠳᠡᠪᠬᠢᠳᠡᠢ ᠦᠷᠨᠢᠭᠦᠯᠦᠨ᠎ᠡ︔ ᠬᠦᠳᠡᠯᠮᠦᠷᠢ ᠶᠢᠨ ᠨᠠᠶᠢᠳᠠᠯᠭ᠎ᠠ᠂ ᠪᠠᠷᠢᠯᠭ᠎ᠠ ᠶᠢᠨ ᠲᠠᠭᠠᠭᠠᠴᠢᠯᠠᠯᠳᠠ ᠵᠡᠷᠭᠡ ᠠᠷᠭ᠎ᠠ | ᠬᠡᠮᠵᠢᠶ᠎ᠡ ᠠᠪᠴᠣ᠂ ᠰᠠᠭᠤᠭ᠎ᠠ ᠭᠠᠵᠠᠷ ᠤᠨ ᠪᠠᠯᠭᠠᠰᠦ᠂ ᠭᠠᠴᠠᠭ᠎ᠠ ᠲᠣᠰᠬᠤᠨ ᠢ ᠲᠠᠮᠵᠢᠨ ᠬᠠᠮᠳᠦ ᠶᠢᠨ ᠠᠵᠣ ᠠᠬᠤᠢ | ᠶᠢᠨ ᠬᠦᠭᠵᠢᠯᠳᠡ ᠶᠢ ᠪᠣᠵᠠᠭᠠᠶᠢᠷᠠᠭᠤᠯᠣᠨ᠎ᠠ᠃ ᠠᠭᠤᠷᠬᠠᠢ ᠶᠢᠨ ᠣᠷᠣᠨ ᠤ ᠣᠶᠢᠯᠠᠳᠪᠦᠷᠢᠯᠡᠯ ᠤᠨ ᠶᠠᠪᠣᠴᠠ ᠳᠤ | ᠨᠡᠶᠢᠭᠡᠮ ᠤᠨ ᠠᠮᠢᠳᠣᠷᠠᠯ ᠢ ᠨᠦᠯᠦᠭᠡᠯᠡᠬᠦ ᠣᠶᠢᠯᠠᠳᠪᠦᠷᠢᠯᠡᠯ ᠳᠤ ᠴᠠᠭ ᠲᠣᠬᠠᠢ ᠳᠤ ᠨᠢ ᠵᠣᠬᠢᠰᠳᠠᠢ ᠲᠣᠬᠢᠷᠠᠭᠤᠯᠣᠯᠳᠠ | ᠬᠢᠨ᠂ ᠴᠦᠭᠡᠨ ᠲᠣᠭᠠᠳᠦ ᠦᠨᠳᠦᠰᠦᠳᠡᠨ ᠤ ᠣᠷᠣᠨ ᠤ ᠰᠣᠶᠣᠯ ᠠᠮᠢᠳᠣᠷᠠᠯ ᠤᠨ ᠵᠠᠩ ᠲᠠᠳᠬᠠᠯ ᠢ ᠬᠦᠨᠳᠦᠳᠬᠡᠬᠦ | ᠬᠡᠷᠡᠭᠳᠡᠢ᠃ ︵ᠪᠠᠶᠢᠭᠠᠯᠢ ᠶᠢᠨ ᠡᠬᠢ ᠪᠠᠶᠠᠯᠢᠭ ᠤᠨ ᠲᠣᠪᠴᠢᠶ᠎ᠠ ᠲᠣᠯᠣᠭᠠᠶᠢᠯᠠᠨ᠂ ᠲᠣᠳᠣᠭᠠᠳᠦ ᠶᠢ ᠬᠠᠮᠠᠭᠠᠯᠠᠬᠤ | ᠲᠣᠪᠴᠢᠶ᠎ᠠ᠂ ᠠᠵᠣ ᠣᠶᠢᠯᠠᠳᠪᠦᠷᠢ ᠮᠡᠳᠡᠭᠡ ᠵᠠᠩᠬᠢᠴᠢᠯᠠᠯᠳᠠ ᠪᠠ ᠰᠢᠨᠵᠢᠯᠡᠬᠦ ᠣᠬᠠᠭᠠᠨ ᠲᠧᠭᠨᠢᠭ ᠮᠡᠷᠭᠡᠵᠢᠯ ᠤᠨ | ᠲᠣᠪᠴᠢᠶ᠎ᠠ᠂ ᠪᠠᠴᠢᠮ ᠢ ᠠᠷᠭᠠᠴᠠᠬᠤ ᠬᠠᠮᠢᠶᠠᠷᠣᠯᠳᠠ ᠶᠢᠨ ᠲᠣᠪᠴᠢᠶ᠎ᠠ᠂ ᠡᠳ᠋ ᠤᠨ ᠵᠠᠰᠠᠭ ᠤᠨ ᠲᠣᠪᠴᠢᠶ᠎ᠠ᠂ ᠡᠨᠧᠷᠬᠢ | ᠶᠢᠨ ᠲᠣᠪᠴᠢᠶ᠎ᠠ᠂ ᠠᠮᠢ ᠠᠬᠤᠢ ᠣᠷᠴᠢᠨ ᠲᠣᠭᠤᠷᠢᠨ ᠤ ᠬᠤᠪᠢᠶᠠᠷᠢ ᠲᠣᠪᠴᠢᠶ᠎ᠠ ᠵᠡᠷᠭᠡ ᠰᠠᠯᠠᠭ᠎ᠠ ᠮᠦᠴᠢᠷ | ᠬᠠᠮᠵᠢᠯᠴᠠᠨ᠎ᠠ︶ | ᠲᠦᠷᠪᠡ᠂ ᠲᠦᠬᠦᠷ ᠲᠦᠷᠦ ᠶᠢᠨ ᠪᠣᠳᠣᠯᠭ᠎ᠠ | ︵ᠨᠢᠭᠡ︶ ᠲᠦᠷᠦ ᠶᠢᠨ ᠪᠣᠳᠣᠯᠭ᠎ᠠ ᠪᠠᠷ ᠲᠡᠮᠵᠢᠨ᠎ᠡ᠃ ᠠᠭᠤᠷᠬᠠᠢ ᠶᠢᠨ ᠣᠷᠣᠨ ᠤ ᠠᠵᠣ ᠠᠬᠤᠶᠢᠯᠠᠯ ᠤᠨ | ᠣᠯᠣᠰ ᠤᠨ ᠲᠡᠰ ᠤᠨ ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠴᠣᠭᠴᠠᠯᠠᠯᠳᠠ ᠳᠤ ᠬᠦᠴᠦᠯᠡᠬᠦ ᠶᠢ | ᠵᠣᠷᠢᠭᠵᠢᠭᠤᠯᠣᠨ ᠵᠢᠯᠣᠭᠤᠳᠴᠦ᠂ ᠣᠯᠣᠰ ᠤᠨ ᠲᠡᠰ ᠤᠨ ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠨᠡᠷᠡᠰ ᠲᠤ | ᠣᠷᠣᠭᠰᠠᠨ ᠠᠵᠣ ᠠᠬᠤᠶᠢᠯᠠᠯ ᠳᠤ ᠬᠤᠯᠪᠣᠭᠳᠠᠯ ᠪᠦᠬᠦᠢ ᠲᠦᠷᠦ ᠶᠢᠨ ᠪᠣᠳᠣᠯᠭ᠎ᠠ ᠶᠢᠨ ᠬᠠᠷᠠᠭᠠᠯᠠᠵᠠᠯ ᠢ ᠬᠦᠷᠳᠡᠭᠡᠨ᠎ᠡ᠃ | | 1. ᠠᠭᠤᠷᠬᠠᠢ ᠶᠢᠨ ᠭᠠᠷᠣᠯᠳᠠ ᠶᠢᠨ ᠡᠬᠢ ᠪᠠᠶᠠᠯᠢᠭ ᠤᠨ ᠲᠦᠷᠦ ᠶᠢᠨ ᠪᠣᠳᠣᠯᠭ᠎ᠠ ᠪᠠᠷ ᠲᠡᠮᠵᠢᠨ᠎ᠡ᠃ | ᠶᠡᠷᠦᠩᠬᠡᠢ ᠬᠡᠮᠵᠢᠶ᠎ᠡ ᠶᠢ ᠲᠣᠬᠢᠷᠠᠭᠤᠯᠣᠨ ᠡᠵᠡᠮᠳᠡᠬᠦ ᠠᠭᠤᠷᠬᠠᠢ ᠶᠢᠨ ᠲᠦᠷᠦᠯ ᠤᠨ ᠨᠡᠭᠡᠭᠡᠨ ᠮᠠᠯᠳᠠᠯᠳᠠ ᠶᠢᠨ | ᠭᠦᠢᠴᠡᠳᠬᠡᠯ᠂ ᠠᠭᠤᠷᠬᠠᠢ ᠶᠢᠨ ᠣᠶᠢᠯᠠᠰ ᠤᠨ ᠵᠡᠷᠭᠡ ᠲᠡᠯᠪᠢᠯᠳᠡ ᠶᠢ ᠬᠡᠷᠡᠭᠵᠢᠭᠦᠯᠦᠨ᠂ ᠠᠵᠣ ᠣᠶᠢᠯᠠᠰ ᠤᠨ ᠲᠦᠷᠦ | ᠶᠢᠨ ᠪᠣᠳᠣᠯᠭ᠎ᠠ ᠪᠣᠯᠣᠨ ᠠᠭᠤᠷᠬᠠᠢ ᠶᠢᠨ ᠣᠷᠣᠨ ᠤ ᠬᠦᠭᠵᠢᠯᠳᠡ ᠶᠢᠨ ᠲᠦᠯᠦᠪᠵᠢᠭᠦᠯᠭᠡ ᠳᠤ ᠨᠡᠶᠢᠴᠡᠭᠰᠡᠨ ᠪᠠᠶᠢᠪᠠᠯ᠂ | ᠡᠩ ᠲᠡᠷᠢᠭᠦᠨ ᠳᠤ ᠪᠣᠬᠢᠷᠳᠣᠯ ᠦᠭᠡᠢ ᠠᠭᠤᠷᠬᠠᠢ ᠶᠢᠨ ᠣᠷᠣᠨ ᠪᠠ ᠪᠣᠬᠢᠷᠳᠣᠯ ᠦᠭᠡᠢ ᠠᠭᠤᠷᠬᠠᠢ ᠶᠢᠨ ᠣᠶᠢᠯᠠᠰ | ᠤᠨ ᠬᠦᠭᠵᠢᠯᠳᠡ ᠶᠢᠨ ᠲᠠᠭᠤᠷᠢᠶᠠᠯ ᠣᠷᠣᠨ ᠢᠶᠠᠷ ᠲᠣᠬᠢᠷᠠᠭᠤᠯᠣᠨ᠎ᠠ᠃ ᠶᠡᠭᠡ ᠲᠣᠮᠳᠠ ᠬᠡᠯᠪᠡᠷᠢ ᠶᠢᠨ ᠪᠣᠬᠢᠷᠳᠣᠯ | ᠦᠭᠡᠢ ᠠᠭᠤᠷᠬᠠᠢ ᠶᠢᠨ ᠣᠷᠣᠨ ᠵᠦᠪᠯᠡᠯᠴᠡᠭᠡᠷ ᠤᠨ ᠠᠷᠭ᠎ᠠ ᠬᠡᠯᠪᠡᠷᠢ ᠪᠠᠷ ᠭᠦᠨ ᠬᠡᠰᠡᠭ ᠤᠨ ᠠᠭᠤᠷᠬᠠᠢ ᠶᠢᠨ | ᠣᠶᠢᠯᠠᠰ ᠤᠨ ᠡᠷᠬᠡ ᠶᠢ ᠰᠢᠯᠵᠢᠭᠦᠯᠦᠨ ᠦᠭᠬᠦ ᠶᠢ ᠵᠦᠪᠰᠢᠶᠡᠷᠡᠨ᠎ᠡ᠃ | 2. ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠪᠠᠶᠢᠭᠤᠯᠣᠯᠳᠠ ᠳᠤ ᠭᠠᠵᠠᠷ ᠬᠡᠷᠡᠭᠯᠡᠭᠦ ᠲᠦᠷᠦ ᠶᠢᠨ | ᠪᠣᠳᠣᠯᠭ᠎ᠠ ᠪᠠᠷ ᠲᠡᠮᠵᠢᠨ᠎ᠡ᠃ | ︵1︶ ᠭᠠᠵᠠᠷ ᠰᠢᠷᠣᠢ ᠶᠢᠨ ᠠᠰᠢᠭᠯᠠᠯᠳᠠ ᠶᠢᠨ ᠲᠦᠯᠦᠪᠵᠢᠭᠦᠯᠭᠡ ᠲᠦᠯᠦᠪᠯᠡᠭᠡ ᠶᠢ ᠪᠠᠳᠣᠯᠠᠨ᠎ᠠ᠃ ᠭᠠᠵᠠᠷ | ᠰᠢᠷᠣᠢ ᠶᠢᠨ ᠠᠰᠢᠭᠯᠠᠯᠳᠠ ᠶᠢᠨ ᠶᠡᠷᠦᠩᠬᠡᠢ ᠲᠦᠯᠦᠪᠵᠢᠭᠦᠯᠭᠡ ᠶᠢᠨ ᠲᠡᠭᠦᠯᠳᠡᠷᠵᠢᠭᠦᠯᠦᠯᠳᠡ ᠲᠣᠮᠳᠠ᠂ ᠪᠣᠬᠢᠷᠳᠣᠯ | ᠦᠭᠡᠢ ᠠᠭᠤᠷᠬᠠᠢ ᠶᠢᠨ ᠣᠷᠣᠨ ᠤ ᠪᠠᠶᠢᠭᠤᠯᠣᠯᠳᠠ ᠶᠢᠨ ᠲᠦᠷᠦᠯ ᠵᠣᠶᠢᠯ ᠢ ᠲᠦᠯᠦᠪᠵᠢᠭᠦᠯᠭᠡ ᠶᠢᠨ ᠭᠤᠣᠯᠳᠠᠯᠭᠠᠳᠦ | ᠲᠦᠷᠦᠯ ᠵᠣᠶᠢᠯ ᠤᠨ ᠲᠨᠩᠰᠠᠨ ᠳᠤ ᠣᠷᠣᠭᠤᠯᠵᠣ᠂ ᠭᠠᠵᠠᠷ ᠰᠢᠷᠣᠢ ᠶᠢᠨ ᠠᠰᠢᠭᠯᠠᠯᠳᠠ ᠶᠢᠨ ᠵᠢᠯ ᠤᠨ ᠲᠦᠯᠦᠪᠯᠡᠭᠡ | ᠳᠤ ᠡᠩ ᠲᠡᠷᠢᠭᠦᠨ ᠳᠤ ᠰᠢᠨ᠎ᠡ ᠪᠠᠷ ᠪᠠᠶᠢᠭᠤᠯᠬᠤ᠂ ᠦᠷᠭᠡᠳᠬᠡᠨ ᠪᠠᠶᠢᠭᠤᠯᠬᠤ ᠪᠣᠬᠢᠷᠳᠣᠯ ᠦᠭᠡᠢ ᠠᠭᠤᠷᠬᠠᠢ ᠶᠢᠨ | ᠣᠷᠣᠨ ᠤ ᠵᠦᠢ ᠵᠣᠬᠢᠰᠳᠠᠢ ᠰᠢᠨ᠎ᠡ ᠪᠠᠷ ᠨᠡᠮᠡᠭᠳᠡᠭᠰᠡᠨ ᠪᠦᠳᠦᠭᠡᠨ ᠪᠠᠶᠢᠭᠤᠯᠣᠯᠳᠠ ᠳᠤ ᠬᠡᠷᠡᠭᠯᠡᠬᠦ ᠭᠠᠵᠠᠷ ᠤᠨ | ᠬᠡᠷᠡᠭᠴᠡᠭᠡ ᠱᠠᠭᠠᠷᠳᠠᠯᠭ᠎ᠠ ᠶᠢ ᠪᠠᠳᠣᠯᠠᠨ᠎ᠠ᠃ | ︵2︶ ᠭᠠᠵᠠᠷ ᠬᠡᠷᠡᠭᠯᠡᠭᠦ ᠦᠪᠡᠷ ᠤᠨ ᠦᠷᠳᠡᠭ ᠢ ᠪᠠᠭᠤᠷᠠᠭᠤᠯᠣᠨ᠎ᠠ᠃ ᠠᠭᠤᠷᠬᠠᠢ ᠮᠠᠯᠳᠠᠬᠤ ᠳᠤ ᠬᠡᠷᠡᠭᠯᠡᠭᠦ | ᠭᠠᠵᠠᠷ ᠢ ᠬᠠᠣᠯᠢ ᠶᠣᠰᠣᠭᠠᠷ ᠪᠦᠳᠦᠭᠡᠨ ᠪᠠᠶᠢᠭᠤᠯᠣᠯᠳᠠ ᠳᠤ ᠬᠡᠷᠡᠭᠯᠡᠭᠦ ᠭᠠᠵᠠᠷ ᠤᠨ ᠭᠠᠷ ᠭᠦᠢᠴᠡᠳᠬᠡᠯ ᠢ ᠬᠢᠭᠰᠡᠨ ᠤ | ᠲᠠᠷᠠᠭ᠎ᠠ᠂ ᠵᠦᠪᠯᠡᠯᠴᠡᠭᠡᠷ ᠤᠨ ᠠᠷᠭ᠎ᠠ ᠬᠡᠯᠪᠡᠷᠢ ᠪᠠᠷ ᠰᠢᠯᠵᠢᠭᠦᠯᠦᠨ ᠦᠭᠬᠦ᠂ ᠲᠦᠷᠢᠶᠡᠰᠦᠯᠡᠭᠦᠯᠬᠦ ᠪᠣᠶᠣ ᠣᠷᠢᠳᠠᠪᠡᠷ | ᠲᠦᠷᠢᠶᠡᠰᠦᠯᠡᠭᠦᠯᠵᠣ ᠲᠠᠷᠠᠭ᠎ᠠ ᠨᠢ ᠰᠢᠯᠵᠢᠭᠦᠯᠦᠨ ᠦᠭᠴᠦ ᠪᠣᠯᠣᠨ᠎ᠠ︔ ᠠᠭᠤᠷᠬᠠᠢ ᠶᠢᠨ ᠣᠷᠣᠨ ᠤ ᠣᠶᠢᠯᠠᠳᠪᠦᠷᠢᠯᠠᠯ | ᠤᠨ ᠦᠶᠡᠯᠡᠯ ᠬᠤᠭᠤᠴᠠᠭ᠎ᠠ᠂ ᠨᠡᠭᠡᠭᠡᠨ ᠮᠠᠯᠳᠠᠬᠤ ᠵᠢᠯ ᠤᠨ ᠬᠢᠵᠠᠭᠠᠷᠯᠠᠯ ᠢ ᠦᠨᠳᠣᠰᠦᠯᠡᠨ᠂ ᠬᠠᠣᠯᠢ ᠳᠤ | ᠲᠣᠭᠳᠠᠭᠠᠭᠰᠠᠨ ᠬᠠᠮᠤᠭ ᠣᠷᠳᠦ ᠬᠤᠭᠤᠴᠠᠭ᠎ᠠ ᠪᠠᠷ ᠰᠢᠯᠵᠢᠭᠦᠯᠦᠨ ᠦᠭᠬᠦ ᠵᠢᠯ ᠤᠨ ᠬᠢᠵᠠᠭᠠᠷᠯᠠᠯ ᠲᠣᠳᠣᠷ᠎ᠠ᠂ ᠭᠠᠵᠠᠷ | ᠰᠢᠷᠣᠢ ᠶᠢᠨ ᠬᠡᠷᠡᠭᠯᠡᠯᠳᠡ ᠶᠢᠨ ᠡᠷᠬᠡ ᠶᠢ ᠰᠢᠯᠵᠢᠭᠦᠯᠦᠨ ᠦᠭᠬᠦ ᠵᠢᠯ ᠬᠤᠭᠤᠴᠠᠭ᠎ᠠ ᠶᠢ ᠠᠮᠢᠳᠣᠯᠢᠭ ᠢᠶᠠᠷ ᠰᠣᠩᠭᠤᠵᠣ᠂ | ᠬᠠᠷᠢᠮᠬᠠᠢ ᠴᠢᠨᠠᠷ ᠤᠨ ᠰᠢᠯᠵᠢᠭᠦᠯᠦᠯᠳᠡ ᠶᠢ ᠬᠡᠷᠡᠭᠵᠢᠭᠦᠯᠦᠨ᠂ ᠭᠠᠵᠠᠷ ᠰᠢᠷᠣᠢ ᠰᠢᠯᠵᠢᠭᠦᠯᠦᠨ ᠦᠭᠬᠦ ᠭᠡᠷ᠎ᠡ ᠳᠤ | ᠭᠠᠵᠠᠷ ᠰᠢᠷᠣᠢ ᠰᠢᠯᠵᠢᠭᠦᠯᠦᠭᠰᠠᠨ ᠵᠣᠭᠤᠰ ᠢᠶᠠᠨ ᠬᠤᠭᠤᠴᠠᠭ᠎ᠠ ᠬᠤᠪᠢᠶᠠᠨ ᠲᠣᠰᠢᠶᠠᠬᠤ ᠪᠠᠷ ᠪᠣᠯᠵᠣᠨ ᠲᠣᠭᠳᠠᠭᠠᠵᠣ | ᠪᠣᠯᠣᠨ᠎ᠠ᠃ | ︵3︶ ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠠᠵᠣ ᠠᠬᠤᠶᠢᠯᠠᠯ ᠣᠶᠢᠯᠠᠳᠪᠦᠷᠢ ᠠᠭᠤᠷᠬᠠᠢ ᠳᠤ | ᠬᠡᠷᠡᠭᠯᠡᠬᠦ ᠭᠠᠵᠠᠷ ᠤᠨ ᠬᠠᠳᠠᠭᠠᠯᠠᠭᠳᠠᠴᠠ ᠪᠠᠨ ᠲᠠᠬᠢᠨ ᠬᠠᠭᠠᠯᠪᠦᠷᠢᠯᠠᠵᠣ ᠠᠮᠢᠳᠣᠯᠢᠭᠵᠢᠭᠤᠯᠣᠨ ᠬᠡᠷᠡᠭᠯᠡᠭᠦ ᠶᠢ ᠲᠡᠮᠵᠢᠨ᠎ᠡ᠃ | ᠪᠣᠬᠢᠷᠳᠣᠯ ᠦᠭᠡᠢ ᠠᠭᠤᠷᠬᠠᠢ ᠶᠢᠨ ᠣᠷᠣᠨ ᠣᠶᠢᠯᠠᠳᠪᠦᠷᠢ ᠠᠭᠤᠷᠬᠠᠢ ᠳᠤ ᠬᠡᠷᠡᠭᠯᠡᠬᠦ ᠭᠠᠵᠠᠷ ᠤᠨ ᠬᠠᠳᠠᠭᠠᠯᠠᠭᠳᠠᠴᠠ | ᠪᠠᠨ ᠲᠠᠬᠢᠨ ᠬᠠᠭᠠᠪᠦᠷᠢᠯᠠᠵᠣ ᠠᠮᠢᠳᠣᠯᠢᠭᠵᠢᠭᠤᠯᠣᠨ ᠬᠡᠷᠡᠭᠯᠡᠬᠦ ᠶᠢ ᠲᠡᠮᠵᠢᠨ᠂ ᠰᠢᠨ᠎ᠡ ᠪᠠᠷ ᠨᠡᠮᠡᠭᠳᠡᠭᠰᠡᠨ ᠪᠦᠳᠦᠭᠡᠨ | ᠪᠠᠶᠢᠭᠤᠯᠣᠯᠳᠠ ᠳᠤ ᠬᠡᠷᠡᠭᠯᠡᠭᠦ ᠭᠠᠵᠠᠷ ᠲᠠᠢ ᠬᠠᠷᠢᠯᠴᠠᠨ ᠬᠤᠯᠪᠣᠭᠳᠠᠭᠤᠯᠣᠨᠠ︔ ᠲᠦᠯᠦᠪᠵᠢᠭᠦᠯᠭᠡ ᠪᠠ ᠠᠮᠢ ᠠᠬᠤᠢ | ᠶᠢᠨ ᠱᠠᠭᠠᠷᠳᠠᠯᠭ᠎ᠠ ᠳᠤ ᠨᠡᠶᠢᠴᠡᠭᠰᠡᠨ ᠣᠷᠢᠳᠠᠯ ᠲᠣᠣᠷ᠎ᠠ᠂ ᠲᠡᠣᠬᠡᠨ ᠠᠴᠠ ᠦᠯᠡᠳᠡᠭᠳᠡᠭᠰᠠᠨ ᠣᠶᠢᠯᠠᠳᠪᠦᠷᠢ ᠠᠭᠤᠷᠬᠠᠢ | ᠶᠢᠨ ᠬᠠᠶᠠᠭᠳᠠᠯ ᠭᠠᠵᠠᠷ ᠢ ᠲᠠᠬᠢᠨ ᠬᠠᠭᠠᠯᠪᠦᠷᠢᠯᠠᠭᠠᠳ ᠨᠡᠮᠡᠭᠳᠡᠭᠰᠡᠨ ᠲᠠᠷᠢᠶᠠᠨ ᠭᠠᠵᠠᠷ ᠢ ᠡᠵᠡᠯᠡᠭᠰᠡᠨ ᠨᠦᠬᠦᠪᠦᠷᠢᠯᠡᠯ | ᠤᠨ ᠲᠡᠩᠴᠡᠭᠦᠷᠢᠰᠢᠯ ᠳᠤ ᠬᠡᠷᠡᠭᠯᠡᠵᠣ ᠪᠣᠯᠣᠨ᠎ᠠ︔ ᠠᠭᠤᠷᠬᠠᠢ ᠶᠢᠨ ᠣᠷᠣᠨ ᠬᠠᠣᠯᠢ ᠶᠣᠰᠣᠭᠠᠷ ᠨᠡᠭᠡᠭᠡᠨ ᠮᠠᠯᠳᠠᠭᠠᠳ | ᠡᠪᠳᠡᠭᠳᠡᠭᠰᠡᠨ ᠲᠠᠷᠢᠶᠠᠨ ᠭᠠᠵᠠᠷ ᠪᠣᠶᠣ ᠪᠣᠰᠣᠳ ᠭᠠᠵᠠᠷ ᠰᠢᠷᠣᠢ ᠶᠢ ᠰᠡᠷᠭᠦᠭᠡᠵᠣ ᠲᠡᠶᠢᠯᠭᠦ ᠦᠭᠡᠢ ᠪᠣᠯ ᠭᠠᠵᠠᠷ | ᠰᠢᠷᠣᠢ ᠬᠤᠪᠢᠷᠭᠠᠬᠤ ᠪᠠᠶᠢᠴᠠᠭᠠᠯᠳᠠ ᠶᠢᠨ ᠠᠵᠢᠯ ᠤᠨ ᠱᠠᠭᠠᠷᠳᠠᠯᠭ᠎ᠠ ᠪᠣᠯᠣᠨ ᠶᠠᠪᠣᠴᠠ ᠲᠠᠷᠠᠭᠠᠯᠠᠯ ᠢᠶᠠᠷ ᠲᠣᠬᠠᠢ | ᠭᠠᠵᠠᠷ ᠳᠤ ᠨᠢ ᠪᠠᠶᠢᠴᠠᠭᠠᠯᠳᠠ ᠦᠷᠨᠢᠭᠦᠯᠵᠣ᠂ ᠲᠣᠰᠬᠠᠢ ᠮᠡᠳᠡᠭᠦᠯᠦᠨ ᠬᠢᠨᠠᠨ ᠪᠠᠶᠢᠴᠠᠭᠠᠯᠳᠠ ᠪᠠᠷ ᠲᠠᠮᠵᠢᠭᠰᠠᠨ ᠤ | ᠲᠠᠷᠠᠭ᠎ᠠ ᠵᠢᠯ ᠤᠨ ᠬᠤᠪᠢᠷᠠᠭᠠᠬᠤ ᠪᠠᠶᠢᠴᠠᠭᠠᠯᠳᠠ ᠳᠤ ᠣᠷᠣᠭᠤᠯᠣᠨ᠂ ᠲᠠᠷᠢᠶᠠᠨ ᠭᠠᠵᠠᠷ ᠲᠤ ᠬᠤᠯᠪᠣᠭᠳᠠᠭᠰᠠᠨ ᠪᠣᠯ | ᠦᠨᠡᠨ ᠪᠣᠳᠠᠳᠠᠢ ᠪᠠᠷ ᠲᠠᠷᠢᠶᠠᠨ ᠭᠠᠵᠠᠷ ᠤᠨ ᠪᠠᠳᠣᠯᠠᠭ᠎ᠠ ᠶᠢᠨ ᠬᠡᠮᠵᠢᠶ᠎ᠡ ᠠᠴᠠ ᠬᠠᠰᠣᠨ᠎ᠠ᠂ ᠭᠡᠪᠡᠴᠦ ᠡᠯ᠎ᠡ ᠭᠠᠵᠠᠷ | ᠣᠷᠣᠨ ᠤ ᠲᠡᠭᠡᠳᠦ ᠬᠢᠵᠠᠭᠠᠷᠯᠠᠯ ᠠᠴᠠ ᠲᠠᠪᠠᠭᠤᠯᠵᠣ ᠪᠣᠯᠬᠤ ᠦᠭᠡᠢ᠂ ᠦᠨᠳᠦᠰᠣᠨ ᠲᠠᠷᠢᠶᠠᠨ ᠭᠠᠵᠠᠷ ᠲᠠᠢ | ᠬᠤᠯᠪᠣᠭᠳᠠᠭᠰᠠᠨ ᠪᠣᠯ ᠨᠦᠬᠦᠪᠦᠷᠢᠯᠠᠨ ᠦᠩᠭᠦ ᠬᠡᠷᠡᠭᠳᠡᠢ᠃ | 3. ᠡᠳ᠋ ᠤᠨ ᠵᠠᠰᠠᠭ ᠭᠠᠶᠢᠯᠢ ᠶᠢᠨ ᠲᠦᠷᠦ ᠶᠢᠨ ᠪᠣᠳᠣᠯᠭ᠎ᠠ ᠪᠠᠷ ᠲᠡᠮᠵᠢᠨ᠎ᠡ᠃ ᠡᠳ᠋ ᠤᠨ ᠵᠠᠰᠠᠭ᠂ ᠪᠠᠶᠢᠭᠠᠯᠠᠢ | ᠶᠢᠨ ᠡᠬᠢ ᠪᠠᠶᠠᠯᠢᠭ ᠤᠨ ᠰᠠᠯᠠᠭ᠎ᠠ ᠮᠦᠴᠢᠷ ᠭᠠᠵᠠᠷ ᠰᠢᠨᠵᠢᠯᠡᠭᠡ ᠠᠭᠤᠷᠬᠠᠢ ᠶᠢᠨ ᠭᠠᠷᠣᠯᠳᠠ ᠶᠢᠨ ᠪᠠᠶᠢᠴᠠᠭᠠᠯᠳᠠ | ᠦᠨᠡᠯᠡᠯᠳᠡ ᠶᠢᠨ ᠪᠡᠯᠡ ᠮᠦᠩᠭᠦ ᠶᠢ ᠲᠣᠭᠢᠷᠠᠭᠤᠯᠬᠤ ᠳᠤ ᠪᠠᠨ ᠣᠯᠣᠰ ᠤᠨ ᠬᠠᠮᠢᠶ᠎ᠠ ᠪᠦᠬᠦᠢ ᠲᠣᠭᠳᠠᠭᠠᠯ ᠶᠣᠰᠣᠭᠠᠷ | ᠪᠣᠬᠢᠷᠳᠣᠯ ᠦᠭᠡᠢ ᠠᠭᠤᠷᠬᠠᠢ ᠶᠢᠨ ᠣᠶᠢᠯᠠᠰ ᠤᠨ ᠬᠦᠭᠵᠢᠯᠳᠡ ᠶᠢᠨ ᠲᠠᠭᠤᠷᠢᠶᠠᠯ ᠣᠷᠣᠨ ᠤ ᠨᠦᠭᠦᠴᠡᠯ ᠳᠤ | ᠨᠡᠶᠢᠴᠡᠭᠦ ᠲᠦᠷᠦᠯ ᠵᠣᠶᠢᠯ ᠳᠤ ᠬᠡᠯᠪᠡᠶᠢᠯᠭᠡᠨ᠎ᠡ︔ ᠲᠦᠪ ᠤᠨ ᠪᠡᠯᠡ ᠮᠦᠩᠭᠦ ᠶᠢ ᠵᠣᠬᠢᠰᠳᠠᠢ ᠬᠡᠷᠡᠭᠯᠡᠭᠦ ᠶᠢᠨ ᠬᠠᠮᠳᠦ᠂ | ᠣᠷᠣᠨ ᠨᠣᠳᠤᠭ ᠤᠨ ᠭᠠᠵᠠᠷ ᠰᠢᠨᠵᠢᠯᠡᠭᠡ ᠠᠭᠤᠷᠬᠠᠢ ᠶᠢᠨ ᠭᠠᠷᠣᠯᠳᠠ᠂ ᠠᠭᠤᠷᠬᠠᠢ ᠶᠢᠨ ᠣᠷᠣᠨ ᠤ ᠠᠮᠢ ᠠᠬᠤᠢ | ᠣᠷᠴᠢᠨ ᠲᠣᠭᠤᠷᠢᠨ ᠤ ᠵᠠᠰᠠᠯᠳᠠ᠂ ᠬᠦᠨᠳᠦ ᠲᠡᠮᠦᠷᠯᠢᠭ ᠤᠨ ᠪᠣᠬᠢᠷᠳᠣᠯ ᠤᠨ ᠵᠠᠰᠠᠯᠳᠠ᠂ ᠭᠠᠵᠠᠷ ᠰᠢᠷᠣᠢ ᠶᠢᠨ | ᠲᠠᠬᠢᠨ ᠬᠠᠭᠠᠯᠪᠦᠷᠢᠯᠠᠯᠳᠠ ᠵᠡᠷᠭᠡ ᠶᠢᠨ ᠡᠳ᠋ ᠤᠨ ᠵᠠᠰᠠᠭ ᠤᠨ ᠪᠡᠯᠡ ᠮᠦᠩᠭᠦ ᠶᠢ ᠨᠢᠭᠡᠳᠦᠯᠳᠡᠢ ᠲᠣᠬᠢᠷᠠᠭᠤᠯᠵᠣ᠂ | ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠬᠦᠭᠵᠢᠯᠳᠡ ᠶᠢᠨ ᠲᠠᠭᠤᠷᠢᠶᠠᠯ ᠣᠷᠣᠨ ᠤ ᠨᠦᠭᠦᠴᠡᠯ ᠳᠤ | ᠨᠡᠶᠢᠴᠡᠭᠰᠡᠨ ᠲᠦᠷᠦᠯ ᠵᠣᠶᠢᠯ ᠢ ᠡᠩ ᠲᠡᠷᠢᠭᠦᠨ ᠳᠤ ᠲᠡᠮᠵᠢᠨ᠎ᠡ᠃ ᠡᠳ᠋ ᠤᠨ ᠵᠠᠰᠠᠭ ᠤᠨ ᠪᠡᠯᠡ ᠮᠦᠩᠭᠦᠨ ᠤ | ᠬᠦᠬᠢᠭᠦᠯᠦᠯ ᠤᠨ ᠲᠦᠷᠢᠮ ᠲᠣᠭᠳᠠᠭᠠᠨ᠂ ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠰᠢᠯᠢᠳᠡᠭ ᠠᠵᠣ | ᠠᠬᠤᠶᠢᠯᠠᠯ ᠢ ᠬᠦᠬᠢᠭᠦᠯᠦᠨ ᠱᠠᠩᠨᠠᠨ᠎ᠠ᠃ ︽ᠣᠯᠣᠰ ᠠᠴᠠ ᠭᠤᠣᠯᠳᠠᠯᠭᠠᠳᠠᠢ ᠲᠡᠮᠵᠢᠬᠦ ᠲᠡᠭᠡᠳᠦ ᠰᠢᠨ᠎ᠡ ᠮᠡᠷᠭᠡᠵᠢᠯ ᠤᠨ | ᠬᠦᠷᠢᠶ᠎ᠡ ᠴᠠᠷᠠᠭ᠎ᠠ︾ ᠶᠢᠨ ᠬᠡᠪᠴᠢᠶᠡᠨ ᠳᠤ᠂ ᠨᠦᠭᠦᠴᠡᠯ ᠳᠤ ᠨᠡᠶᠢᠴᠡᠭᠰᠡᠨ ᠮᠦᠷᠳᠡᠭᠡᠨ ᠲᠡᠭᠡᠳᠦ ᠰᠢᠨ᠎ᠡ ᠮᠡᠷᠭᠡᠵᠢᠯ | ᠤᠨ ᠠᠵᠣ ᠠᠬᠤᠶᠢᠯᠠᠯ ᠢᠶᠠᠷ ᠮᠡᠳᠡᠷᠡᠭᠳᠡᠭᠰᠡᠨ ᠪᠣᠯ ᠬᠠᠣᠯᠢ ᠶᠣᠰᠣᠭᠠᠷ ᠠᠵᠣ ᠠᠬᠤᠶᠢᠯᠠᠯ ᠤᠨ ᠣᠯᠵᠠᠪᠦᠷᠢ ᠶᠢᠨ | ᠭᠠᠶᠢᠯᠠᠢ ᠶᠢ 15% ᠪᠠᠷ ᠪᠠᠭᠠᠰᠬᠠᠨ ᠲᠠᠳᠠᠪᠦᠷᠢᠯᠠᠨᠠ᠃ | 4. ᠮᠦᠩᠭᠦᠨ ᠭᠦᠢᠯᠭᠡᠭᠡᠨ ᠤ ᠲᠦᠷᠦ ᠶᠢᠨ ᠪᠣᠳᠣᠯᠭ᠎ᠠ ᠪᠠᠷ ᠲᠡᠳᠬᠦᠨ ᠲᠡᠮᠵᠢᠨ᠎ᠡ᠃ ᠪᠠᠩᠬᠢ ᠮᠦᠩᠭᠦᠨ | ᠭᠦᠢᠯᠭᠡᠭᠡᠨ ᠤ ᠪᠠᠶᠢᠭᠤᠯᠣᠮᠵᠢ ᠠᠴᠠ ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠣᠨᠴᠠᠯᠢᠭᠳᠦ ᠢᠳᠡᠭᠡᠮᠵᠢᠳᠦ | ᠵᠢᠭᠡᠯᠡᠯᠭᠡ ᠶᠢᠨ ᠪᠦᠳᠦᠭᠡᠭᠳᠡᠭᠦᠨ ᠭᠠᠷᠭᠠᠬᠤ ᠶᠢ ᠵᠣᠷᠢᠭᠵᠢᠭᠤᠯᠣᠨ᠂ ᠪᠣᠬᠢᠷᠳᠣᠯ ᠦᠭᠡᠢ ᠠᠭᠤᠷᠬᠠᠢ ᠶᠢᠨ ᠣᠷᠣᠨ ᠤ | ᠪᠠᠶᠢᠭᠤᠯᠣᠯᠳᠠ ᠶᠢ ᠪᠡᠯᠡ ᠮᠦᠩᠭᠦ ᠪᠠᠷ ᠲᠡᠮᠵᠢᠬᠦ ᠬᠦᠴᠦᠯᠡᠴᠠ ᠪᠠᠨ ᠴᠢᠩᠭᠠᠳᠬᠠᠨ᠎ᠠ᠃ ᠮᠦᠩᠭᠦᠨ ᠭᠦᠢᠯᠭᠡᠭᠡᠨ ᠤ | ᠪᠠᠶᠢᠭᠤᠯᠣᠮᠵᠢ ᠶᠢ ᠵᠣᠷᠢᠭᠵᠢᠭᠤᠯᠣᠨ ᠢᠳᠡᠪᠬᠢᠳᠡᠢ ᠪᠠᠷ ᠠᠭᠤᠷᠬᠠᠢ ᠶᠢᠨ ᠣᠷᠣᠨ ᠤ ᠠᠵᠣ ᠠᠬᠤᠶᠢᠯᠠᠯ ᠳᠤ ᠮᠦᠩᠭᠦᠨ | ᠭᠦᠢᠯᠭᠡᠭᠡᠨ ᠤ ᠣᠶᠢᠯᠡᠴᠢᠯᠡᠭᠡ ᠪᠣᠯᠣᠨ ᠪᠡᠯᠡ ᠬᠤᠷᠠᠮᠳᠣᠭᠤᠯᠬᠤ ᠲᠡᠮᠵᠢᠯᠭᠡ ᠦᠵᠡᠭᠦᠯᠦᠨ᠎ᠡ᠃ ᠪᠣᠬᠢᠷᠳᠣᠯ ᠦᠭᠡᠢ | ᠠᠭᠤᠷᠬᠠᠢ ᠶᠢᠨ ᠣᠷᠣᠨ ᠤ ᠪᠠᠶᠢᠭᠤᠯᠣᠯᠳᠠ ᠶᠢᠨ ᠢᠳᠡᠭᠡᠮᠵᠢᠳᠦ ᠵᠢᠭᠡᠯᠡᠯᠭᠡ ᠶᠢᠨ ᠲᠡᠮᠵᠢᠯᠭᠡ ᠶᠢ ᠴᠢᠩᠭᠠᠳᠬᠠᠨ᠎ᠠ᠃ | ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠮᠡᠳᠡᠭᠡ ᠵᠠᠩᠬᠢ ᠶᠢ ᠠᠵᠣ ᠠᠬᠤᠶᠢᠯᠠᠯ ᠤᠨ ᠢᠳᠡᠭᠡᠮᠵᠢ ᠶᠢᠨ ᠰᠢᠰᠲ᠋ᠧᠮ | ᠳᠤ ᠣᠷᠣᠭᠤᠯᠣᠨ᠂ ᠪᠠᠩᠬᠢ ᠮᠦᠩᠭᠦᠨ ᠭᠦᠢᠯᠭᠡᠭᠡᠨ ᠤ ᠪᠠᠶᠢᠭᠤᠯᠣᠮᠵᠢ ᠶᠢᠨ ᠢᠳᠡᠭᠡᠮᠵᠢᠳᠦ ᠵᠢᠭᠡᠯᠡᠯᠭᠡ ᠶᠢᠨ ᠠᠵᠢᠯ ᠪᠠ | ᠪᠣᠰᠣᠳ ᠮᠦᠩᠭᠦᠨ ᠭᠦᠢᠯᠭᠡᠭᠡᠨ ᠤ ᠪᠠᠶᠢᠭᠤᠯᠣᠮᠵᠢ ᠠᠴᠠ ᠣᠶᠢᠯᠡᠴᠢᠯᠡᠭᠡ ᠬᠠᠩᠭᠠᠬᠤ ᠴᠢᠬᠤᠯᠠ ᠭᠦᠢᠴᠡᠳᠬᠡᠯ | ᠵᠢᠭᠠᠯᠳᠠ ᠶᠢᠨ ᠦᠨᠳᠦᠰᠦᠯᠡᠯ ᠪᠣᠯᠭᠠᠨ᠎ᠠ᠃ ᠵᠠᠰᠠᠭ ᠤᠨ ᠣᠷᠳᠣᠨ ᠤ ᠴᠢᠨᠠᠷᠳᠠᠢ ᠪᠠᠳᠣᠯᠠᠭ᠎ᠠ ᠶᠢᠨ ᠪᠠᠶᠢᠭᠤᠯᠣᠮᠵᠢ | ᠠᠴᠠ ᠪᠣᠬᠢᠷᠳᠣᠯ ᠦᠭᠡᠢ ᠠᠭᠤᠷᠬᠠᠢ ᠶᠢᠨ ᠣᠶᠢᠯᠠᠰ ᠤᠨ ᠪᠠᠳᠣᠯᠠᠭ᠎ᠠ ᠶᠢᠨ ᠰᠠᠭᠤᠷᠢ ᠮᠦᠩᠭᠦ ᠶᠢ ᠰᠦᠪᠡᠭᠴᠢᠯᠡᠨ | ᠪᠠᠶᠢᠭᠤᠯᠬᠤ ᠶᠢ ᠲᠡᠮᠵᠢᠨ᠂ ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠠᠵᠣ ᠠᠬᠤᠶᠢᠯᠠᠯ ᠪᠣᠯᠣᠨ ᠲᠦᠷᠦᠯ | ᠵᠣᠶᠢᠯ ᠳᠤ ᠢᠳᠡᠭᠡᠮᠵᠢᠳᠦ ᠣᠶᠢᠯᠡᠴᠢᠯᠡᠭᠡ ᠬᠠᠩᠭᠠᠨ᠎ᠠ᠃ ᠨᠡᠶᠢᠭᠡᠮ ᠤᠨ ᠬᠢᠨ ᠪᠡᠯᠡ ᠭᠠᠷᠭᠠᠨ ᠪᠣᠬᠢᠷᠳᠣᠯ ᠦᠭᠡᠢ | ᠠᠭᠤᠷᠬᠠᠢ ᠶᠢᠨ ᠠᠵᠣ ᠣᠶᠢᠯᠠᠰ ᠤᠨ ᠰᠠᠭᠤᠷᠢ ᠮᠦᠩᠭᠦ ᠪᠠᠶᠢᠭᠤᠯᠬᠤ ᠶᠢ ᠵᠣᠷᠢᠭᠵᠢᠭᠤᠯᠣᠨ᠂ ᠪᠣᠬᠢᠷᠳᠣᠯ ᠦᠭᠡᠢ | ᠠᠭᠤᠷᠬᠠᠢ ᠶᠢᠨ ᠣᠷᠣᠨ ᠤ ᠲᠦᠷᠦᠯ ᠵᠣᠶᠢᠯ ᠳᠤ ᠪᠡᠯᠡ ᠮᠦᠩᠭᠦᠨ ᠤ ᠲᠡᠮᠵᠢᠯᠭᠡ ᠬᠠᠩᠭᠠᠨ᠎ᠠ᠃ ᠨᠦᠭᠦᠴᠡᠯ ᠳᠤ | ᠨᠡᠶᠢᠴᠡᠭᠰᠡᠨ ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠠᠵᠣ ᠠᠬᠤᠶᠢᠯᠠᠯ ᠣᠯᠣᠰ ᠤᠨ ᠲᠣᠳᠣᠭᠠᠳᠣᠬᠢ ᠲᠣᠮᠳᠠ | ᠪᠠᠭ᠎ᠠ ᠰᠲ᠋ᠣᠺ ᠤᠨ ᠴᠣᠭᠯᠠᠷᠠᠯ᠂ ᠣᠶᠢᠯᠠᠰ ᠪᠣᠰᠬᠠᠬᠤ ᠰᠲ᠋ᠣᠺ ᠤᠨ ᠴᠣᠭᠯᠠᠷᠠᠯ ᠪᠣᠯᠣᠨ ᠭᠤᠣᠯ ᠰᠲ᠋ᠣᠺ ᠤᠨ | ᠴᠣᠭᠯᠠᠷᠠᠯ᠂ ᠨᠡᠩ ᠴᠢᠨᠠᠭᠰᠢᠯᠠᠭᠠᠳ ︽ᠰᠢᠨ᠎ᠡ ᠭᠤᠷᠪᠠᠨ ᠴᠣᠭᠯᠠᠷᠠᠯ︾ ᠪᠠ ᠣᠷᠣᠨ ᠬᠡᠪᠴᠢᠶᠡᠨ ᠤ ᠰᠲ᠋ᠣᠺ ᠶᠢᠨ | ᠡᠷᠬᠡ ᠶᠢᠨ ᠵᠠᠬ᠎ᠠ ᠲᠡᠯᠭᠡᠭᠦᠷ ᠲᠤ ᠫᠠᠶᠢᠰᠠ ᠡᠯᠭᠦᠨ ᠪᠡᠯᠡ ᠮᠦᠩᠭᠦ ᠬᠤᠷᠠᠮᠳᠣᠭᠤᠯᠬᠤ ᠶᠢ ᠠᠬᠢᠭᠤᠯᠣᠨ᠎ᠠ᠃ | ︵ᠬᠤᠶᠠᠷ︶ ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠪᠠᠶᠢᠭᠤᠯᠣᠯᠳᠠ ᠶᠢᠨ ᠵᠢᠷᠣᠮᠯᠠᠯ ᠢ ᠴᠢᠩᠭᠠᠳᠬᠠᠨ᠎ᠠ᠃ | ᠠᠭᠤᠷᠬᠠᠢ ᠶᠢᠨ ᠣᠷᠣᠨ ᠤ ᠠᠵᠣ ᠠᠬᠤᠶᠢᠯᠠᠯ ᠪᠣᠯ ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠪᠠᠶᠢᠭᠤᠯᠣᠯᠳᠠ | ᠶᠢᠨ ᠬᠠᠷᠢᠭᠤᠴᠠᠯᠭ᠎ᠠ ᠶᠢᠨ ᠭᠤᠣᠯ ᠴᠣᠭᠴᠠ ᠪᠣᠯᠬᠤᠷ᠂ ᠪᠣᠬᠢᠷᠳᠣᠯ ᠦᠭᠡᠢ ᠠᠭᠤᠷᠬᠠᠢ ᠶᠢᠨ ᠣᠷᠣᠨ ᠤ | ᠪᠠᠶᠢᠭᠤᠯᠣᠯᠳᠠ ᠶᠢᠨ ᠪᠠᠷᠢᠮᠵᠢᠶ᠎ᠡ ᠪᠠ ᠲᠦᠯᠦᠪᠵᠢᠭᠦᠯᠭᠡ ᠶᠣᠰᠣᠭᠠᠷ᠂ ᠰᠢᠨᠵᠢᠯᠡᠬᠦ ᠣᠬᠠᠭᠠᠨᠴᠢ ᠪᠠᠷ ᠪᠣᠬᠢᠷᠳᠣᠯ ᠦᠭᠡᠢ | ᠠᠭᠤᠷᠬᠠᠢ ᠶᠢᠨ ᠣᠷᠣᠨ ᠤ ᠪᠠᠶᠢᠭᠤᠯᠣᠯᠳᠠ ᠶᠢᠨ ᠲᠦᠰᠦᠯ ᠢ ᠲᠣᠭᠤᠷᠪᠢᠨ ᠨᠠᠶᠢᠷᠠᠭᠤᠯᠵᠣ᠂ ᠠᠭᠤᠷᠬᠠᠢ ᠶᠢᠨ ᠣᠷᠣᠨ | ᠤ ᠲᠡᠰ ᠲᠠᠪᠰᠢᠬᠤ ᠦᠭᠡᠷᠡᠴᠢᠯᠡᠯᠳᠡ ᠶᠢ ᠬᠡᠷᠡᠭᠵᠢᠭᠦᠯᠦᠨ᠎ᠡ᠃ ᠣᠯᠣᠰ ᠤᠨ ᠲᠡᠰ ᠤᠨ ᠪᠣᠬᠢᠷᠳᠣᠯ ᠦᠭᠡᠢ ᠠᠭᠤᠷᠬᠠᠢ | ᠶᠢᠨ ᠣᠷᠣᠨ ᠢ ᠣᠯᠣᠰ ᠤᠨ ᠬᠤᠯᠪᠣᠭᠳᠠᠯ ᠪᠦᠬᠦᠢ ᠲᠣᠭᠳᠠᠭᠠᠯ ᠤᠨ ᠵᠢᠷᠣᠮᠯᠠᠯ ᠢᠶᠠᠷ ᠦᠨᠡᠯᠡᠨ ᠲᠣᠭᠳᠠᠭᠠᠨ᠎ᠠ᠃ | ᠦᠪᠡᠷᠳᠡᠭᠡᠨ ᠵᠠᠰᠠᠬᠤ ᠣᠷᠣᠨ ᠤ ᠲᠡᠰ ᠤᠨ ᠪᠣᠬᠢᠷᠳᠣᠯ ᠦᠭᠡᠢ ᠠᠭᠤᠷᠬᠠᠢ ᠶᠢᠨ ᠣᠷᠣᠨ ᠢᠶᠠᠷ ᠦᠨᠡᠯᠡᠨ ᠲᠣᠭᠳᠠᠭᠠᠬᠤ | ᠳᠤ᠄ ᠠᠵᠣ ᠠᠬᠤᠶᠢᠯᠠᠯ ᠠᠴᠠ ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠪᠠᠶᠢᠭᠤᠯᠣᠯᠳᠠ ᠶᠢᠨ ᠡᠭᠦᠷᠭᠡ ᠪᠠᠨ | ᠪᠡᠶᠡᠯᠡᠭᠦᠯᠦᠭᠰᠡᠨ ᠤ ᠲᠠᠷᠠᠭ᠎ᠠ᠂ ᠬᠤᠰᠢᠭᠤ᠂ ᠬᠤᠳᠠ᠂ ᠦᠪᠡᠷᠳᠡᠭᠡᠨ ᠵᠠᠰᠠᠬᠤ ᠣᠷᠣᠨ ᠤ ᠪᠠᠶᠢᠭᠠᠯᠢ ᠶᠢᠨ ᠡᠬᠢ | ᠪᠠᠶᠠᠯᠢᠭ ᠤᠨ ᠰᠠᠯᠠᠭ᠎ᠠ ᠮᠦᠴᠢᠷ ᠲᠤ ᠦᠪᠡᠷ ᠤᠨ ᠦᠨᠡᠯᠡᠯᠳᠡ ᠶᠢᠨ ᠮᠡᠳᠡᠭᠦᠯᠦᠯᠳᠡ ᠪᠠᠨ ᠲᠣᠰᠢᠶᠠᠵᠣ᠂ ᠬᠤᠰᠢᠭᠤᠨ | ᠤ ᠪᠠᠶᠢᠭᠠᠯᠢ ᠶᠢᠨ ᠡᠬᠢ ᠪᠠᠶᠠᠯᠢᠭ ᠤᠨ ᠰᠠᠯᠠᠭ᠎ᠠ ᠮᠦᠴᠢᠷ ᠠᠴᠠ ᠠᠮᠢ ᠠᠬᠤᠢ ᠣᠷᠴᠢᠨ ᠲᠣᠭᠤᠷᠢᠨ᠂ ᠠᠵᠣ | ᠣᠶᠢᠯᠠᠳᠪᠦᠷᠢ ᠮᠡᠳᠡᠭᠡ ᠵᠠᠩᠬᠢᠴᠢᠯᠠᠯᠳᠠ ᠪᠠ ᠰᠢᠨᠵᠢᠯᠡᠬᠦ ᠣᠬᠠᠭᠠᠨ ᠲᠧᠭᠨᠢᠭ ᠮᠡᠷᠭᠡᠵᠢᠯ ᠤᠨ ᠰᠠᠯᠠᠭ᠎ᠠ ᠮᠦᠴᠢᠷ ᠲᠠᠢ | ᠬᠠᠮᠳᠣᠷᠠᠨ᠂ ᠵᠠᠰᠠᠭ ᠤᠨ ᠣᠷᠳᠣᠨ ᠠᠴᠠ ᠣᠶᠢᠯᠡᠴᠢᠯᠡᠭᠡ ᠬᠤᠳᠠᠯᠳᠣᠨ ᠠᠪᠬᠤ ᠬᠡᠯᠪᠡᠷᠢ ᠪᠠᠷ ᠭᠤᠷᠪᠠᠳᠣᠭᠠᠷ ᠡᠳᠡᠭᠡᠳ | ᠤᠨ ᠪᠠᠶᠢᠭᠤᠯᠣᠮᠵᠢ ᠳᠤ ᠨᠠᠶᠢᠳᠠᠨ ᠠᠬᠤᠢ ᠲᠠᠯᠠᠪᠠᠢ ᠳᠤ ᠬᠢᠨᠠᠨ ᠪᠠᠶᠢᠴᠠᠭᠠᠵᠣ ᠦᠨᠡᠯᠡᠯᠳᠡ ᠬᠢᠯᠭᠡᠵᠣ᠂ ᠱᠠᠭᠠᠷᠳᠠᠯᠭ᠎ᠠ | ᠳᠤ ᠨᠡᠶᠢᠴᠡᠭᠰᠡᠨ ᠢ ᠨᠢ᠂ ᠬᠤᠰᠢᠭᠤ ᠠᠷᠠᠳ ᠤᠨ ᠵᠠᠰᠠᠭ ᠤᠨ ᠣᠷᠳᠣᠨ ᠢᠶᠠᠷ ᠵᠦᠪᠰᠢᠶᠡᠷᠡᠭᠦᠯᠦᠨ᠂ ᠬᠤᠳᠠ ᠶᠢᠨ | ᠪᠠᠶᠢᠭᠠᠯᠢ ᠶᠢᠨ ᠡᠬᠢ ᠪᠠᠶᠠᠯᠢᠭ ᠤᠨ ᠲᠣᠪᠴᠢᠶᠠᠨ ᠳᠤ ᠮᠡᠳᠡᠭᠦᠯᠦᠨ ᠢᠯᠡ ᠨᠡᠶᠢᠳᠡᠯᠡᠭᠦᠯᠵᠣ᠂ ᠢᠯᠡ ᠨᠡᠶᠢᠳᠡᠯᠡᠯ ᠳᠤ | ᠣᠨᠳᠣᠣ ᠰᠠᠨᠠᠯ ᠦᠭᠡᠢ ᠪᠣᠯ ᠦᠪᠡᠷᠳᠡᠭᠡᠨ ᠵᠠᠰᠠᠬᠤ ᠣᠷᠣᠨ ᠤ ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠨᠡᠷᠡᠰ | ᠲᠤ ᠣᠷᠣᠭᠤᠯᠣᠨ᠂ ᠨᠡᠶᠢᠭᠡᠮ ᠤᠨ ᠬᠢᠨᠠᠯᠳᠠ ᠶᠢ ᠬᠦᠯᠢᠶᠡᠨ᠎ᠡ︔ ᠱᠠᠭᠠᠷᠳᠠᠯᠭ᠎ᠠ ᠳᠤ ᠨᠡᠶᠢᠴᠡᠭᠰᠡᠨ ᠦᠭᠡᠢ ᠶᠢ ᠨᠢ | ᠦᠨᠡᠯᠡᠯᠳᠡ ᠶᠢᠨ ᠰᠠᠨᠠᠯ ᠳᠤ ᠲᠣᠷᠠᠳᠣᠭᠰᠠᠨ ᠠᠰᠠᠭᠤᠳᠠᠯ ᠢ ᠦᠨᠳᠦᠰᠦᠯᠡᠨ᠂ ᠬᠤᠯᠪᠣᠭᠳᠠᠯ ᠪᠦᠬᠦᠢ ᠰᠠᠯᠠᠭ᠎ᠠ ᠮᠦᠴᠢᠷ | ᠠᠴᠠ ᠠᠵᠣ ᠠᠬᠤᠶᠢᠯᠠᠯ ᠳᠤ ᠴᠡᠭᠴᠡᠯᠡᠨ ᠵᠠᠰᠠᠬᠤ ᠰᠠᠨᠠᠯ ᠢᠶᠠᠨ ᠣᠯᠠᠮᠵᠢᠯᠠᠨ ᠪᠠᠭᠤᠯᠭᠠᠨ᠎ᠠ᠃ | ︵ᠭᠤᠷᠪᠠ︶ ᠬᠢᠨᠠᠯᠳᠠ ᠬᠠᠮᠢᠶᠠᠷᠣᠯᠳᠠ ᠪᠠᠨ ᠴᠢᠩᠭᠠᠳᠬᠠᠨ᠎ᠠ᠃ ᠪᠠᠶᠢᠭᠠᠯᠢ ᠶᠢᠨ ᠡᠬᠢ ᠪᠠᠶᠠᠯᠢᠭ᠂ ᠲᠣᠳᠣᠭᠠᠳᠦ | ᠶᠢ ᠬᠠᠮᠠᠭᠠᠯᠠᠬᠤ᠂ ᠠᠮᠢ ᠠᠬᠤᠢ ᠣᠷᠴᠢᠨ ᠲᠣᠭᠤᠷᠢᠨ᠂ ᠠᠵᠣ ᠣᠶᠢᠯᠠᠳᠪᠦᠷᠢ ᠮᠡᠳᠡᠭᠡ ᠵᠠᠩᠬᠢᠴᠢᠯᠠᠯᠳᠠ ᠪᠠ ᠰᠢᠨᠵᠢᠯᠡᠬᠦ | ᠣᠬᠠᠭᠠᠨ ᠲᠧᠭᠨᠢᠭ ᠮᠡᠷᠭᠡᠵᠢᠯ᠂ ᠪᠠᠴᠢᠮ ᠢ ᠠᠷᠭᠠᠴᠠᠬᠤ ᠬᠠᠮᠢᠶᠠᠷᠣᠯᠳᠠ ᠵᠡᠷᠬᠡ ᠰᠠᠯᠠᠭ᠎ᠠ ᠮᠦᠴᠢᠷ ᠢ ᠵᠣᠬᠢᠶᠠᠨ | ᠪᠠᠶᠢᠭᠤᠯᠣᠨ ᠲᠣᠭᠳᠠᠭᠰᠠᠨ ᠬᠤᠭᠤᠴᠠᠭ᠎ᠠ ᠲᠠᠢ ᠪᠠᠷ ᠦᠨᠡᠯᠡᠯᠳᠡ ᠬᠢᠨ᠎ᠠ᠃ ᠲᠦᠯᠦᠪᠵᠢᠭᠦᠯᠭᠡ ᠶᠢᠨ ᠴᠠᠭ | ᠬᠤᠭᠤᠴᠠᠭᠠᠨ ᠳᠤ ᠪᠠᠨ ᠪᠠᠶᠢᠬᠤ ᠪᠣᠶᠣ ᠦᠨᠡᠯᠡᠯᠳᠡ ᠪᠠᠷ ᠲᠠᠮᠵᠢᠭᠤᠯᠣᠨ ᠪᠣᠬᠢᠷᠳᠣᠯ ᠦᠭᠡᠢ ᠠᠭᠤᠷᠬᠠᠢ ᠶᠢᠨ ᠣᠷᠣᠨ | ᠤ ᠪᠠᠶᠢᠭᠤᠯᠣᠯᠳᠠ ᠶᠢᠨ ᠪᠠᠷᠢᠮᠵᠢᠶᠠᠨ ᠳᠤ ᠬᠦᠷᠴᠦ ᠲᠡᠶᠢᠯᠦᠭᠰᠡᠨ ᠦᠭᠡᠢ ᠠᠵᠣ ᠠᠬᠤᠶᠢᠯᠠᠯ ᠢ ᠬᠠᠮᠢᠶ᠎ᠠ ᠪᠦᠬᠦᠢ | ᠭᠤᠣᠯᠯᠠᠨ ᠬᠠᠮᠢᠶᠠᠷᠬᠤ ᠰᠠᠯᠠᠭ᠎ᠠ ᠮᠦᠴᠢᠷ ᠠᠴᠠ ᠵᠠᠷᠯᠢᠭᠳᠠᠨ ᠬᠤᠭᠤᠴᠠᠭ᠎ᠠ ᠬᠢᠵᠠᠭᠠᠷᠯᠠᠨ ᠴᠡᠭᠴᠡᠯᠡᠭᠦᠯᠵᠣ᠂ ᠬᠠᠣᠯᠢ | ᠲᠦᠷᠢᠮ ᠵᠦᠷᠢᠴᠡᠭᠰᠡᠨ ᠢ ᠨᠢ ᠬᠠᠣᠯᠢ ᠶᠣᠰᠣᠭᠠᠷ ᠰᠢᠢᠳᠬᠡᠨ᠎ᠡ᠃ ᠬᠤᠭᠤᠴᠠᠭ᠎ᠠ ᠭᠦᠢᠴᠡᠭᠡᠳ ᠴᠡᠭᠴᠡᠯᠡᠯᠳᠡ ᠶᠢ | ᠣᠷᠣᠨᠵᠢᠭᠤᠯᠣᠭᠰᠠᠨ ᠦᠭᠡᠢ ᠪᠣᠬᠢᠷᠳᠣᠯ ᠦᠭᠡᠢ ᠠᠭᠤᠷᠬᠠᠢ ᠶᠢᠨ ᠣᠷᠣᠨ ᠢ ᠪᠣᠬᠢᠷᠳᠣᠯ ᠦᠭᠡᠢ ᠠᠭᠤᠷᠬᠠᠢ ᠶᠢᠨ | ᠣᠷᠣᠨ ᠤ ᠨᠡᠷᠡᠰ ᠠᠴᠠ ᠬᠠᠰᠣᠵᠣ᠂ ᠬᠠᠷᠠᠭᠠᠯᠵᠠᠯ ᠤᠨ ᠲᠦᠷᠦ ᠶᠢᠨ ᠪᠣᠳᠣᠯᠭ᠎ᠠ ᠶᠢ ᠦᠭᠡᠶᠢᠰᠬᠡᠨ ᠨᠡᠶᠢᠳᠡ ᠳᠤ | ᠵᠠᠷᠯᠠᠨ᠎ᠠ᠂ ᠡᠭᠦᠨ ᠳᠤ ᠴᠡᠭᠴᠡᠯᠡᠯᠳᠡ ᠶᠢ ᠣᠷᠣᠨᠵᠢᠭᠤᠯᠣᠭᠰᠠᠨ ᠦᠭᠡᠢ ᠣᠯᠣᠰ ᠤᠨ ᠲᠡᠰ ᠤᠨ ᠪᠣᠬᠢᠷᠳᠣᠯ ᠦᠭᠡᠢ | ᠠᠭᠤᠷᠬᠠᠢ ᠶᠢᠨ ᠣᠷᠣᠨ ᠤ ᠠᠵᠣ ᠠᠬᠤᠶᠢᠯᠠᠯ ᠨᠢ ᠦᠪᠡᠷᠳᠡᠭᠡᠨ ᠵᠠᠰᠠᠬᠤ ᠣᠷᠣᠨ ᠤ ᠲᠡᠰ ᠤᠨ ᠪᠣᠬᠢᠷᠳᠣᠯ ᠦᠭᠡᠢ | ᠠᠭᠤᠷᠬᠠᠢ ᠶᠢᠨ ᠣᠷᠣᠨ ᠤ ᠪᠠᠷᠢᠮᠵᠢᠶᠠᠨ ᠳᠤ ᠨᠡᠶᠢᠴᠡᠵᠣ ᠪᠠᠶᠢᠪᠠᠯ᠂ ᠦᠪᠡᠷᠳᠡᠭᠡᠨ ᠵᠠᠰᠠᠬᠤ ᠣᠷᠣᠨ ᠤ ᠲᠡᠰ ᠤᠨ | ᠪᠣᠬᠢᠷᠳᠣᠯ ᠦᠭᠡᠢ ᠠᠵᠣ ᠠᠬᠤᠶᠢᠯᠠᠯ ᠪᠣᠯᠭᠠᠨ ᠲᠡᠰ ᠪᠠᠭᠤᠷᠠᠭᠤᠯᠵᠣ ᠪᠣᠯᠣᠨ᠎ᠠ᠃ | ᠲᠠᠪᠤ᠂ ᠠᠵᠢᠯ ᠤᠨ ᠲᠣᠭᠳᠠᠴᠠ | ︵ᠨᠢᠭᠡ︶ ᠬᠢᠨᠠᠯᠳᠠ ᠬᠠᠮᠢᠶᠠᠷᠣᠯᠳᠠ ᠣᠶᠢᠯᠡᠴᠢᠯᠡᠭᠡᠨ ᠤ ᠬᠠᠷᠢᠭᠤᠴᠠᠯᠭ᠎ᠠ ᠶᠢ ᠨᠠᠶᠢᠳᠠᠪᠦᠷᠢᠵᠢᠭᠤᠯᠣᠨ᠎ᠠ᠃ | ᠨᠡᠶᠢᠭᠡᠮ ᠤᠨ ᠬᠢᠨᠠᠯᠳᠠ᠂ ᠵᠠᠰᠠᠭ ᠤᠨ ᠣᠷᠳᠣᠨ ᠤ ᠰᠣᠭᠤᠴᠠᠨ ᠪᠠᠶᠢᠴᠠᠭᠠᠯᠳᠠ ᠶᠢ ᠬᠦᠯᠢᠶᠡᠨ᠂ ᠢᠳᠡᠬᠡᠯ ᠢ | ᠡᠷᠬᠢᠮᠯᠡᠭᠰᠡᠨ ᠢ ᠨᠢ ᠱᠠᠩᠨᠠᠵᠣ᠂ ᠢᠳᠡᠭᠡᠯ ᠠᠯᠳᠠᠭᠰᠠᠨ ᠢ ᠨᠢ ᠲᠣᠷᠭᠠᠭᠠᠬᠤ ᠬᠢᠨᠠᠯᠳᠠ ᠬᠠᠮᠢᠶᠠᠷᠣᠯᠳᠠ ᠶᠢᠨ ᠲᠣᠭᠳᠠᠴᠠ | ᠶᠢ ᠰᠦᠪᠡᠭᠴᠢᠯᠡᠨ ᠪᠠᠶᠢᠭᠤᠯᠣᠨ᠎ᠠ᠃ ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠨᠡᠷᠡᠰ ᠢ ᠴᠠᠭ ᠲᠣᠬᠠᠢ ᠳᠤ ᠨᠢ | ᠨᠡᠶᠢᠳᠡᠯᠡᠨ᠂ ᠨᠡᠶᠢᠭᠡᠮ ᠣᠯᠠᠨ ᠲᠦᠮᠡᠨ ᠤ ᠬᠢᠨᠠᠯᠳᠠ ᠶᠢ ᠬᠦᠯᠢᠶᠡᠨ᠎ᠡ᠃ ᠠᠭᠤᠷᠬᠠᠢ ᠮᠠᠯᠳᠠᠬᠤ ᠡᠷᠬᠡ ᠶᠢ ᠰᠢᠯᠵᠢᠭᠦᠯᠦᠨ | ᠦᠭᠬᠦ ᠭᠡᠷ᠎ᠡ ᠳᠠᠬᠢ ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠪᠠᠶᠢᠭᠤᠯᠣᠯᠳᠠ ᠶᠢᠨ ᠡᠭᠦᠷᠭᠡ ᠪᠠᠨ | ᠭᠦᠢᠴᠡᠳᠬᠡᠭᠰᠡᠨ ᠦᠭᠡᠢ ᠪᠣᠯ ᠭᠡᠷ᠎ᠡ ᠵᠦᠷᠢᠴᠡᠭᠰᠡᠨ ᠬᠤᠯᠪᠣᠭᠳᠠᠯ ᠪᠦᠬᠦᠢ ᠬᠠᠷᠢᠭᠤᠴᠠᠯᠭ᠎ᠠ ᠶᠢ ᠨᠢ ᠨᠡᠬᠡᠮᠵᠢᠯᠡᠨ᠎ᠡ᠃ | ︵ᠬᠤᠶᠠᠷ︶ ᠠᠭᠤᠷᠬᠠᠢ ᠶᠢᠨ ᠣᠷᠣᠨ ᠤ ᠠᠵᠣ ᠠᠬᠤᠶᠢᠯᠠᠯ ᠤᠨ ᠭᠤᠣᠯ ᠴᠣᠭᠴᠠ ᠶᠢᠨ ᠬᠠᠷᠢᠭᠤᠴᠠᠯᠭ᠎ᠠ ᠶᠢ | ᠨᠠᠶᠢᠳᠠᠪᠦᠷᠢᠵᠢᠭᠤᠯᠣᠨ᠎ᠠ᠃ ᠨᠢᠭᠡ ᠳᠤ ᠠᠵᠣ ᠠᠬᠤᠶᠢᠯᠠᠯ ᠤᠨ ᠰᠠᠨᠠᠭᠠᠴᠢᠯᠭ᠎ᠠ ᠠᠴᠠ ᠪᠠᠨ ᠡᠭᠦᠷᠭᠡᠯᠡᠨ ᠬᠠᠷᠢᠭᠤᠴᠠᠬᠤ | ᠶᠢ ᠣᠳᠣᠷᠢᠳᠣᠨ ᠵᠢᠯᠣᠭᠤᠳᠴᠦ᠂ ᠪᠦᠳᠦᠭᠡᠨ ᠪᠠᠶᠢᠭᠤᠯᠣᠯᠳᠠ ᠶᠢ ᠨᠢ ᠠᠬᠢᠭᠤᠯᠣᠨ᠎ᠠ᠃ ᠬᠤᠶᠠᠷ ᠲᠤ ᠢᠳᠡᠭᠡᠯ ᠢ | ᠡᠷᠬᠢᠮᠯᠡᠨ᠂ ᠦᠪᠡᠷ ᠢ ᠪᠠᠨ ᠱᠠᠭᠠᠷᠳᠠᠬᠤ ᠶᠢ ᠨᠢ ᠴᠢᠩᠭᠠᠳᠬᠠᠨ᠎ᠠ᠃ ︽ᠣᠬᠢ ᠨᠡᠷᠡᠰ ᠤᠨ ᠪᠦᠷᠢᠳᠬᠡᠯ︾ | ᠪᠠᠶᠢᠭᠤᠯᠣᠨ᠂ ᠠᠵᠣ ᠠᠬᠤᠶᠢᠯᠠᠯ ᠤᠨ ᠢᠳᠡᠭᠡᠮᠵᠢ ᠶᠢᠨ ᠰᠢᠰᠲ᠋ᠧᠮ ᠳᠤ ᠣᠷᠣᠭᠤᠯᠵᠣ᠂ ᠪᠣᠬᠢᠷᠳᠣᠯ ᠦᠭᠡᠢ ᠠᠭᠤᠷᠬᠠᠢ | ᠶᠢᠨ ᠣᠷᠣᠨ ᠤ ᠪᠠᠷᠢᠮᠵᠢᠶᠠᠨ ᠳᠤ ᠬᠦᠷᠦᠭᠰᠡᠳ ᠲᠤ ᠬᠠᠷᠠᠭᠠᠯᠵᠠᠭᠰᠠᠨ ᠵᠣᠷᠢᠭᠵᠢᠭᠤᠯᠣᠯ ᠤᠨ ᠲᠦᠷᠦ ᠶᠢᠨ ᠪᠣᠳᠣᠯᠭ᠎ᠠ | ᠶᠢ ᠬᠦᠷᠳᠡᠭᠡᠨ᠎ᠡ᠃ ᠭᠤᠷᠪᠠ ᠳᠤ ᠨᠡᠶᠢᠭᠡᠮ᠂ ᠣᠯᠠᠨ ᠲᠦᠮᠡᠨ᠂ ᠶᠡᠷᠢᠶ᠎ᠡ ᠬᠡᠯᠡᠯᠴᠡᠭᠡᠨ ᠤ ᠬᠢᠨᠠᠯᠳᠠ ᠶᠢ ᠬᠦᠯᠢᠶᠡᠨ᠂ | ᠰᠠᠨᠠᠭᠠᠴᠢᠯᠭ᠎ᠠ ᠠᠴᠠ ᠪᠠᠨ ᠢᠳᠡᠪᠬᠢᠳᠡᠢ ᠪᠠᠷ ᠬᠠᠷᠢᠭᠤ ᠦᠩᠭᠦᠨᠠ᠃ | ︵ᠭᠤᠷᠪᠠ︶ ᠠᠭᠤᠷᠬᠠᠢ ᠶᠢᠨ ᠣᠷᠣᠨ ᠤ ᠣᠷᠴᠢᠨ ᠲᠣᠭᠤᠷᠢᠨ ᠤ ᠵᠠᠰᠠᠯᠳᠠ ᠶᠢᠨ ᠭᠦᠨ ᠲᠠᠪᠬᠤᠷᠭ᠎ᠠ ᠶᠢᠨ | ᠠᠰᠠᠭᠤᠳᠠᠯ ᠢ ᠡᠷᠴᠢᠮᠳᠠᠢ ᠰᠢᠢᠳᠪᠦᠷᠢᠯᠡᠨ᠎ᠡ᠃ ᠨᠢᠭᠡ ᠳᠤ ᠣᠷᠴᠢᠨ ᠲᠣᠭᠤᠷᠢᠨ ᠤ ᠵᠠᠰᠠᠯᠳᠠ ᠪᠠᠷ ᠣᠷᠢᠳᠠᠯ ᠪᠣᠯᠭᠠᠨ᠂ | ᠲᠡᠣᠬᠡᠨ ᠠᠴᠠ ᠦᠯᠡᠳᠡᠭᠳᠡᠭᠰᠡᠨ ᠠᠭᠤᠷᠬᠠᠢ ᠶᠢᠨ ᠣᠷᠣᠨ ᠤ ᠭᠠᠵᠠᠷ ᠰᠢᠨᠵᠢᠯᠡᠭᠡᠨ ᠤ ᠣᠷᠴᠢᠨ ᠲᠣᠭᠤᠷᠢᠨ ᠤ | ᠠᠰᠠᠭᠤᠳᠠᠯ ᠢ ᠡᠷᠴᠢᠮᠳᠠᠢ ᠰᠢᠢᠳᠪᠦᠷᠢᠯᠡᠨ᠎ᠡ᠃ ᠬᠤᠶᠠᠷ ᠲᠤ ᠠᠭᠤᠷᠬᠠᠢ ᠶᠢᠨ ᠣᠷᠣᠨ ᠤ ᠬᠠᠣᠯᠢ ᠪᠣᠰᠣ ᠪᠠᠷ ᠭᠠᠵᠠᠷ | ᠬᠡᠷᠡᠭᠯᠡᠭᠰᠡᠨ ᠠᠰᠠᠭᠤᠳᠠᠯ ᠢ ᠡᠷᠴᠢᠮᠳᠡᠢ ᠰᠢᠢᠳᠪᠦᠷᠢᠯᠡᠨ᠎ᠡ᠃ ᠭᠤᠷᠪᠠ ᠳᠤ ᠨᠡᠭᠦᠷᠡᠰᠣᠨ ᠤ ᠪᠣᠰᠣ ᠵᠠᠳᠠᠭᠠᠢ ᠮᠡᠯᠳᠡᠯᠳᠡ | ᠶᠢ ᠵᠠᠰᠠᠬᠤ ᠠᠰᠠᠭᠤᠳᠠᠯ ᠢ ᠡᠷᠴᠢᠮᠳᠠᠢ ᠰᠢᠢᠳᠪᠦᠷᠢᠯᠡᠨ᠎ᠡ᠃ ᠲᠦᠷᠪᠡ ᠳᠤ ᠠᠭᠤᠷᠬᠠᠢ ᠶᠢᠨ ᠣᠷᠣᠨ ᠤ ᠣᠷᠴᠢᠨ | ᠲᠣᠭᠤᠷᠢᠨ ᠤ ᠰᠡᠷᠭᠦᠭᠡᠨ ᠵᠠᠰᠠᠯᠳᠠ ᠶᠢᠨ ᠣᠯᠠᠨ ᠲᠠᠯ᠎ᠠ ᠶᠢᠨ ᠬᠢᠨᠠᠯᠳᠠ ᠬᠠᠮᠢᠶᠠᠷᠣᠯᠳᠠ᠂ ᠴᠢᠳᠠᠪᠬᠢ ᠰᠣᠯᠪᠢᠴᠠᠵᠣ | ᠲᠠᠪᠬᠤᠴᠠᠭᠰᠠᠨ ᠠᠰᠠᠭᠤᠳᠠᠯ ᠢ ᠡᠷᠴᠢᠮᠳᠠᠢ ᠰᠢᠢᠳᠪᠦᠷᠢᠯᠡᠨ᠎ᠡ᠃ | ︵ᠲᠦᠷᠪᠡ︶ ᠭᠤᠷᠪᠠᠳᠣᠭᠠᠷ ᠡᠳᠡᠭᠡᠳ ᠤᠨ ᠵᠠᠰᠠᠯᠳᠠ ᠶᠢ ᠵᠣᠷᠢᠭᠵᠢᠭᠤᠯᠣᠨ᠎ᠠ᠃ ᠵᠠᠰᠠᠭ ᠤᠨ ᠣᠷᠳᠣᠨ ᠢᠶᠠᠷ | ᠭᠤᠣᠯᠯᠠᠭᠤᠯᠣᠨ᠂ ︽ᠬᠠᠷᠢᠭᠤᠴᠠᠯᠭ᠎ᠠ ᠶᠢᠨ ᠡᠳᠡᠭᠡᠳ ᠵᠠᠷᠣᠳᠠᠯ ᠲᠣᠰᠢᠶᠠᠨ᠂ ᠲᠣᠰᠬᠠᠶᠢᠴᠢᠯᠠᠭᠰᠠᠨ ᠵᠠᠰᠠᠯᠳᠠ ᠬᠢᠬᠦ︾ | ᠠᠷᠭ᠎ᠠ ᠬᠡᠯᠪᠡᠷᠢ ᠶᠢ ᠰᠦᠪᠡᠭᠴᠢᠯᠡᠨ ᠲᠣᠭᠳᠠᠭᠠᠵᠣ᠂ ᠵᠡᠷᠭᠡᠯᠡᠳᠡᠭᠡ ᠠᠭᠤᠷᠬᠠᠢ ᠶᠢᠨ ᠣᠷᠣᠨ ᠤ ᠠᠵᠣ ᠠᠬᠤᠶᠢᠯᠠᠯ | ᠪᠣᠯᠣᠨ ᠡᠵᠡᠨ ᠦᠭᠡᠢ ᠠᠭᠤᠷᠬᠠᠢ ᠶᠢᠨ ᠣᠷᠣᠨ ᠢ ᠲᠦᠪᠯᠡᠷᠡᠭᠦᠯᠦᠨ ᠵᠠᠰᠠᠬᠤ ᠶᠢ ᠵᠣᠷᠢᠭᠵᠢᠭᠤᠯᠣᠨ᠂ ᠵᠠᠰᠠᠯᠳᠠ ᠶᠢᠨ | ᠪᠦᠳᠦᠮᠵᠢ ᠪᠣᠯᠣᠨ ᠶᠠᠰᠣ ᠴᠢᠨᠠᠷ ᠢ ᠲᠡᠭᠡᠭᠰᠢᠯᠡᠭᠦᠯᠦᠨ᠎ᠡ᠃ | ︵ᠲᠠᠪᠤ︶ ᠠᠵᠢᠯ ᠤᠨ ᠲᠣᠭᠳᠠᠴᠠ ᠶᠢ ᠰᠢᠨᠡᠴᠢᠯᠡᠨ᠎ᠡ᠃ ᠪᠣᠬᠢᠷᠳᠣᠯ ᠦᠭᠡᠢ ᠠᠭᠤᠷᠬᠠᠢ ᠶᠢᠨ ᠣᠷᠣᠨ ᠤ | ᠪᠠᠶᠢᠭᠤᠯᠣᠯᠳᠠ ᠶᠢᠨ ᠣᠯᠠᠮᠵᠢᠯᠠᠯᠳᠦ ᠬᠢᠨᠠᠨ ᠲᠣᠭᠳᠠᠭᠠᠯᠳᠠ ᠶᠢᠨ ᠠᠷᠭ᠎ᠠ ᠶᠢ ᠦᠭᠡᠶᠢᠰᠬᠡᠨ᠂ ᠠᠭᠤᠷᠬᠠᠢ ᠶᠢᠨ ᠣᠷᠣᠨ | ᠦᠪᠡᠷ ᠢᠶᠠᠨ ᠵᠠᠰᠠᠵᠣ ᠦᠪᠡᠷ ᠢ ᠪᠠᠨ ᠦᠨᠡᠯᠡᠬᠦ᠂ ᠭᠤᠷᠪᠠᠳᠣᠭᠠᠷ ᠡᠳᠡᠭᠡᠳ ᠢᠶᠠᠷ ᠦᠨᠡᠯᠡᠯᠳᠡ ᠬᠢᠯᠭᠡᠬᠦ᠂ ᠨᠡᠷᠡᠰ ᠤᠨ | ᠬᠠᠮᠢᠶᠠᠷᠣᠯᠳᠠ᠂ ᠪᠠᠷᠢᠮᠵᠢᠶᠠᠨ ᠳᠤ ᠬᠦᠷᠭᠡᠨ ᠬᠦᠮᠦᠷᠭᠡᠯᠡᠬᠦ᠂ ᠬᠤᠯᠪᠣᠭᠳᠠᠯ ᠪᠦᠬᠦᠢ ᠲᠦᠷᠦ ᠶᠢᠨ ᠪᠣᠳᠣᠯᠭ᠎ᠠ ᠶᠢ | ᠠᠶᠠᠨᠳᠠᠭᠠᠨ ᠡᠳ᠋ᠯᠡᠬᠦ ᠰᠢᠨ᠎ᠡ ᠲᠣᠭᠳᠠᠴᠠ ᠶᠢ ᠬᠡᠷᠡᠭᠯᠡᠨ᠎ᠡ᠃ | ᠵᠢᠷᠭᠤᠭ᠎ᠠ᠂ ᠪᠠᠳᠣᠯᠠᠭ᠎ᠠ ᠶᠢᠨ ᠠᠷᠭ᠎ᠠ ᠠᠪᠴᠠᠯ | ︵ᠨᠢᠭᠡ︶ ᠵᠣᠬᠢᠶᠠᠨ ᠪᠠᠶᠢᠭᠤᠯᠣᠨ ᠣᠳᠣᠷᠢᠳᠬᠤ ᠪᠠᠨ ᠴᠢᠩᠭᠠᠳᠬᠠᠨ᠎ᠠ᠃ ᠬᠠᠮᠢᠶ᠎ᠠ ᠪᠦᠬᠦᠢ ᠰᠠᠯᠠᠭ᠎ᠠ ᠮᠦᠴᠢᠷ | ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠪᠠᠶᠢᠭᠤᠯᠣᠯᠳᠠ ᠶᠢ ᠮᠠᠨ ᠤ ᠬᠤᠰᠢᠭᠤᠨ ᠤ ᠠᠮᠢ ᠠᠬᠤᠢ ᠣᠷᠴᠢᠨ | ᠲᠣᠭᠤᠷᠢᠨ ᠢ ᠲᠡᠭᠦᠯᠳᠡᠷᠵᠢᠭᠦᠯᠬᠦ᠂ ᠠᠮᠢ ᠠᠬᠤᠢ ᠶᠢᠨ ᠪᠣᠯᠪᠠᠰᠣᠨ ᠤ ᠪᠠᠶᠢᠭᠤᠯᠣᠯᠳᠠ ᠶᠢ ᠴᠢᠩᠭᠠᠳᠬᠠᠬᠤ ᠪᠠ ᠠᠵᠣ | ᠠᠬᠤᠢ ᠨᠡᠶᠢᠭᠡᠮ ᠤᠨ ᠪᠦᠬᠦ ᠲᠠᠯ᠎ᠠ ᠶᠢᠨ ᠬᠦᠭᠵᠢᠯᠳᠡ ᠶᠢ ᠠᠬᠢᠭᠤᠯᠬᠤ ᠴᠢᠬᠤᠯᠠ ᠠᠵᠢᠯ ᠪᠣᠯᠭᠠᠨ᠂ ᠴᠢᠬᠤᠯᠠ | ᠵᠦᠪᠯᠡᠬᠦ ᠵᠣᠶᠢᠯ ᠳᠤ ᠪᠠᠨ ᠣᠷᠣᠭᠤᠯᠵᠣ᠂ ᠣᠳᠣᠷᠢᠳᠣᠯᠭ᠎ᠠ ᠪᠠᠨ ᠴᠢᠩᠭᠠᠳᠬᠠᠨ᠂ ᠵᠣᠬᠢᠶᠠᠨ ᠪᠠᠶᠢᠭᠤᠯᠣᠯᠳᠠ ᠪᠠᠨ | ᠨᠠᠷᠢᠯᠢᠭᠵᠢᠭᠤᠯᠵᠣ᠂ ᠨᠠᠶᠢᠳᠠᠪᠦᠷᠢᠵᠢᠭᠤᠯᠣᠯᠳᠠ ᠶᠢ ᠴᠢᠬᠤᠯᠠᠴᠢᠯᠠᠨ᠂ ᠡᠯ᠎ᠡ ᠲᠠᠯ᠎ᠠ ᠶᠢᠨ ᠬᠦᠴᠦᠨ ᠢ ᠲᠠᠶᠢᠴᠢᠯᠠᠵᠣ᠂ | ᠠᠭᠤᠷᠬᠠᠢ ᠶᠢᠨ ᠭᠠᠷᠣᠯᠳᠠ ᠶᠢᠨ ᠡᠬᠢ ᠪᠠᠶᠠᠯᠢᠭ ᠤᠨ ᠨᠡᠭᠡᠭᠡᠯᠳᠡ ᠬᠠᠮᠢᠶᠠᠷᠣᠯᠳᠠ ᠪᠣᠯᠣᠨ ᠠᠭᠤᠷᠬᠠᠢ ᠶᠢᠨ ᠣᠷᠣᠨ ᠤ | ᠠᠮᠢ ᠠᠬᠤᠢ ᠣᠷᠴᠢᠨ ᠲᠣᠭᠤᠷᠢᠨ ᠤ ᠬᠠᠮᠠᠭᠠᠯᠠᠯᠳᠠ ᠵᠠᠰᠠᠯᠳᠠ ᠶᠢᠨ ᠡᠷᠴᠢᠮ ᠢᠶᠠᠨ ᠴᠢᠨᠩᠭᠠᠳᠬᠠᠵᠣ᠂ ᠪᠣᠬᠢᠷᠳᠣᠯ | ᠦᠭᠡᠢ ᠠᠭᠤᠷᠬᠠᠢ ᠶᠢᠨ ᠣᠷᠣᠨ ᠤ ᠪᠠᠶᠢᠭᠤᠯᠣᠯᠳᠠ ᠪᠠ ᠠᠭᠤᠷᠬᠠᠢ ᠶᠢᠨ ᠣᠷᠣᠨ ᠤ ᠣᠷᠴᠢᠨ ᠲᠣᠭᠤᠷᠢᠨ ᠤ | ᠰᠡᠷᠭᠦᠭᠡᠨ ᠵᠠᠰᠠᠯᠳᠠ ᠶᠢᠨ ᠠᠬᠢᠴᠠ ᠶᠢ ᠲᠦᠷᠭᠡᠳᠬᠡᠨ᠎ᠡ᠃ ᠮᠠᠨ ᠤ ᠬᠤᠰᠢᠭᠤᠨ ᠤ ᠪᠣᠬᠢᠷᠳᠣᠯ ᠦᠭᠡᠢ ᠠᠭᠤᠷᠬᠠᠢ ᠶᠢᠨ | ᠣᠷᠣᠨ ᠤ ᠪᠠᠶᠢᠭᠤᠯᠣᠯᠳᠠ ᠶᠢᠨ ᠠᠵᠢᠯ ᠤᠨ ᠣᠷᠣᠭᠰᠢᠳᠠᠢ ᠶᠠᠪᠣᠭᠳᠠᠬᠤ ᠶᠢ ᠪᠠᠳᠣᠯᠠᠬᠤ ᠶᠢᠨ ᠲᠣᠰᠠᠳᠠ᠂ ᠬᠤᠰᠢᠭᠤ | ᠠᠷᠠᠳ ᠤᠨ ᠵᠠᠰᠠᠭ ᠤᠨ ᠣᠷᠳᠣᠨ ᠠᠴᠠ ᠣᠳᠤᠭ ᠤᠨ ᠡᠮᠦᠨᠡᠳᠦ ᠬᠤᠰᠢᠭᠤᠨ ᠤ ᠪᠣᠬᠢᠷᠳᠣᠯ ᠦᠭᠡᠢ ᠠᠭᠤᠷᠬᠠᠢ ᠶᠢᠨ | ᠣᠷᠣᠨ ᠤ ᠪᠠᠶᠢᠭᠤᠯᠣᠯᠳᠠ ᠶᠢᠨ ᠠᠵᠢᠯ ᠤᠨ ᠣᠳᠣᠷᠢᠳᠬᠤ ᠲᠣᠭᠤᠶᠢᠯᠠᠩ ᠪᠠᠶᠢᠭᠤᠯᠣᠨ ︵ᠲᠣᠷᠣᠭᠰᠢ ᠣᠳᠣᠷᠢᠳᠬᠤ | ᠲᠣᠭᠤᠶᠢᠯᠠᠩ ᠭᠡᠵᠣ ᠲᠦᠭᠦᠮᠴᠢᠯᠡᠨ᠎ᠡ︶᠂ ᠮᠠᠨ ᠤ ᠬᠤᠰᠢᠭᠤᠨ ᠤ ᠪᠣᠬᠢᠷᠳᠣᠯ ᠦᠭᠡᠢ ᠠᠭᠤᠷᠬᠠᠢ ᠶᠢᠨ ᠣᠷᠣᠨ ᠤ | ᠪᠠᠶᠢᠭᠤᠯᠣᠯᠳᠠ ᠶᠢᠨ ᠲᠦᠰᠦᠯ ᠢ ᠲᠣᠭᠳᠠᠭᠠᠵᠣ᠂ ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠪᠠᠶᠢᠭᠤᠯᠣᠯᠳᠠ ᠶᠢᠨ | ᠬᠠᠷᠠᠯᠳᠠ ᠡᠭᠦᠷᠭᠡ᠂ ᠠᠵᠢᠯ ᠤᠨ ᠠᠭᠤᠯᠭ᠎ᠠ᠂ ᠬᠡᠷᠡᠭᠵᠢᠭᠦᠯᠬᠦ ᠠᠯᠬᠤᠮ ᠲᠠᠷᠠᠭ᠎ᠠ᠂ ᠵᠣᠬᠢᠶᠠᠨ ᠪᠠᠶᠢᠭᠤᠯᠣᠯᠳᠠ ᠶᠢᠨ | ᠪᠠᠳᠣᠯᠠᠭ᠎ᠠ᠂ ᠲᠦᠭᠦᠷᠴᠢᠯᠡᠯᠳᠡ ᠶᠢᠨ ᠲᠦᠷᠦ ᠶᠢᠨ ᠪᠣᠳᠣᠯᠭ᠎ᠠ᠂ ᠬᠠᠷᠢᠭᠤᠴᠠᠯᠭ᠎ᠠ ᠶᠢᠨ ᠬᠤᠪᠢᠶᠠᠷᠢᠯᠠᠯ ᠵᠡᠷᠭᠡ ᠶᠢ | ᠨᠠᠷᠢᠯᠢᠭᠵᠢᠭᠤᠯᠣᠨ ᠪᠣᠳᠠᠳᠠᠶᠢᠵᠢᠭᠤᠯᠵᠣ᠂ ᠨᠠᠶᠢᠳᠠᠪᠦᠷᠢᠵᠢᠭᠤᠯᠣᠯᠳᠠ ᠪᠠ ᠬᠢᠨᠠᠯᠳᠠ ᠶᠢ ᠰᠠᠶᠢᠳᠦᠷ ᠠᠳᠬᠤᠨ᠎ᠠ᠃ | ︵ᠬᠤᠶᠠᠷ︶ ᠰᠠᠯᠠᠭ᠎ᠠ ᠮᠦᠴᠢᠷ ᠤᠨ ᠲᠣᠰᠢᠶᠠᠯ ᠬᠠᠷᠢᠭᠤᠴᠠᠯᠭ᠎ᠠ ᠶᠢᠨ ᠬᠤᠪᠢᠶᠠᠷᠢᠯᠠᠯ ᠢ ᠲᠣᠳᠣᠷᠬᠠᠶᠢᠯᠠᠨ᠎ᠠ᠃ | ᠬᠤᠰᠢᠭᠤ ᠬᠦᠭᠵᠢᠭᠦᠯᠦᠯᠳᠡ ᠦᠭᠡᠷᠡᠴᠢᠯᠡᠯᠳᠡ ᠶᠢᠨ ᠵᠦᠪᠯᠡᠯ᠂ ᠠᠵᠣ ᠣᠶᠢᠯᠠᠳᠪᠦᠷᠢ ᠮᠡᠳᠡᠭᠡ ᠵᠠᠩᠬᠢᠴᠢᠯᠠᠯᠳᠠ ᠪᠠ | ᠰᠢᠨᠵᠢᠯᠡᠬᠦ ᠣᠬᠠᠭᠠᠨ ᠲᠧᠭᠨᠢᠭ ᠮᠡᠷᠭᠡᠵᠢᠯ ᠤᠨ ᠲᠣᠪᠴᠢᠶ᠎ᠠ᠂ ᠡᠨᠧᠷᠬᠢ ᠶᠢᠨ ᠲᠣᠪᠴᠢᠶ᠎ᠠ ᠵᠡᠷᠭᠡ ᠰᠠᠯᠠᠭ᠎ᠠ ᠮᠦᠴᠢᠷ | ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠪᠠᠶᠢᠭᠤᠯᠣᠯᠳᠠ ᠶᠢ ᠪᠦᠬᠦ ᠬᠤᠰᠢᠭᠤᠨ ᠤ ᠣᠯᠣᠰ ᠠᠷᠠᠳ ᠤᠨ ᠠᠵᠣ | ᠠᠬᠤᠢ ᠶᠢᠨ ᠬᠦᠭᠵᠢᠯᠳᠡ ᠶᠢᠨ ᠲᠦᠯᠦᠪᠵᠢᠭᠦᠯᠭᠡ ᠳᠤ ᠣᠷᠣᠭᠤᠯᠬᠤ ᠶᠢ ᠬᠠᠷᠢᠭᠤᠴᠠᠨ᠂ ᠠᠭᠤᠷᠬᠠᠢ ᠶᠢᠨ ᠣᠷᠣᠨ ᠤ | ᠨᠡᠭᠡᠭᠡᠯᠳᠡ ᠶᠢᠨ ᠶᠡᠷᠦᠩᠬᠡᠢ ᠲᠦᠯᠦᠪᠵᠢᠭᠦᠯᠭᠡ ᠶᠢ ᠨᠠᠶᠢᠷᠠᠭᠤᠯᠣᠨ ᠲᠣᠭᠤᠷᠪᠢᠬᠤ᠂ ᠮᠡᠳᠡᠭᠦᠯᠦᠨ ᠵᠦᠪᠰᠢᠶᠡᠷᠡᠭᠦᠯᠬᠦ ᠶᠢ | ᠬᠠᠷᠢᠭᠤᠴᠠᠵᠣ᠂ ᠠᠭᠤᠷᠬᠠᠢ ᠶᠢᠨ ᠣᠷᠣᠨ ᠤ ᠨᠡᠭᠡᠭᠡᠯᠳᠡ ᠶᠢᠨ ᠲᠦᠷᠦᠯ ᠵᠣᠶᠢᠯ ᠢ ᠬᠢᠨᠠᠨ ᠵᠦᠪᠰᠢᠶᠡᠷᠡᠭᠦᠯᠬᠦ᠂ | ᠲᠠᠩᠰᠠᠯᠠᠬᠤ ᠠᠵᠢᠯ ᠢ ᠬᠠᠷᠢᠭᠤᠴᠠᠨ᠎ᠠ᠃ ᠬᠤᠰᠢᠭᠤ ᠡᠨᠧᠷᠬᠢ ᠶᠢᠨ ᠲᠣᠪᠴᠢᠶ᠎ᠠ ᠨᠡᠭᠦᠷᠡᠰᠣᠨ ᠤ ᠣᠶᠢᠯᠠᠰ ᠤᠨ | ᠬᠦᠭᠵᠢᠯᠳᠡ ᠶᠢᠨ ᠲᠦᠯᠦᠪᠵᠢᠭᠦᠯᠭᠡ ᠶᠢ ᠲᠡᠭᠦᠯᠳᠡᠷᠵᠢᠭᠦᠯᠣᠨ᠂ ᠨᠡᠭᠡᠭᠡᠨ ᠮᠠᠯᠳᠠᠬᠤ ᠲᠡᠷᠢᠭᠦᠨ ᠤ ᠮᠡᠷᠭᠡᠵᠢᠯ ᠢ | ᠰᠣᠳᠣᠯᠣᠨ ᠲᠦᠭᠡᠮᠡᠯᠵᠢᠭᠦᠯᠦᠨ᠎ᠡ︔ ᠦᠯᠡᠳᠡᠭᠳᠡᠯ ᠬᠦᠳᠡᠷ ᠤᠨ ᠶᠡᠷᠦᠩᠬᠡᠶᠢᠯᠡᠭᠰᠡᠨ ᠠᠰᠢᠭᠯᠠᠯᠳᠠ ᠶᠢᠨ | ᠲᠦᠯᠦᠪᠵᠢᠭᠦᠯᠭᠡ ᠲᠣᠭᠳᠠᠭᠠᠨ᠂ ᠬᠤᠯᠪᠣᠭᠳᠠᠯ ᠪᠦᠬᠦᠢ ᠲᠦᠷᠦ ᠶᠢᠨ ᠪᠣᠳᠣᠯᠭ᠎ᠠ ᠶᠢ ᠰᠣᠳᠣᠯᠣᠨ ᠲᠣᠭᠳᠠᠭᠠᠨ᠎ᠠ᠃ | ᠬᠤᠰᠢᠭᠤ ᠡᠳ᠋ ᠤᠨ ᠵᠠᠰᠠᠭ ᠤᠨ ᠲᠣᠪᠴᠢᠶ᠎ᠠ ᠭᠠᠵᠠᠷ ᠰᠢᠨᠵᠢᠯᠡᠭᠡᠨ ᠤ ᠬᠠᠶᠢᠨ ᠪᠠᠶᠢᠴᠠᠭᠠᠯᠳᠠ ᠶᠢᠨ ᠲᠦᠰᠦᠭᠡᠯᠡᠯᠳᠡ | ᠶᠢᠨ ᠪᠠᠷᠢᠮᠵᠢᠶ᠎ᠠ ᠶᠢ ᠲᠣᠬᠢᠷᠠᠭᠤᠯᠵᠣ᠂ ᠠᠭᠤᠷᠬᠠᠢ ᠶᠢᠨ ᠣᠷᠣᠨ ᠤ ᠣᠷᠴᠢᠨ ᠲᠣᠭᠤᠷᠢᠨ ᠤ ᠵᠠᠰᠠᠯᠳᠠ᠂ | ᠭᠤᠷᠪᠠᠳᠣᠭᠠᠷ ᠡᠳᠡᠭᠡᠳ ᠤᠨ ᠦᠨᠡᠯᠡᠯᠳᠡ᠂ ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠬᠦᠬᠢᠬᠦᠯᠦᠯ ᠱᠠᠩᠨᠠᠯ ᠤᠨ | ᠵᠠᠷᠣᠳᠠᠯ ᠢ ᠨᠠᠶᠢᠳᠠᠪᠦᠷᠢᠵᠢᠭᠤᠯᠵᠣ᠂ ᠠᠭᠤᠷᠬᠠᠢ ᠶᠢᠨ ᠣᠷᠣᠨ ᠤ ᠵᠠᠰᠠᠯᠳᠠ ᠣᠷᠴᠢᠨ ᠲᠣᠭᠤᠷᠢᠨ ᠤ ᠰᠡᠷᠭᠦᠭᠡᠯᠳᠡ ᠶᠢᠨ | ᠰᠠᠭᠤᠷᠢ ᠮᠦᠩᠭᠦᠨ ᠤ ᠲᠦᠷᠢᠮ ᠪᠠ ᠪᠠᠳᠣᠯᠠᠭ᠎ᠠ ᠶᠢᠨ ᠮᠦᠩᠭᠦᠨ ᠤ ᠬᠡᠷᠡᠭᠯᠡᠯᠳᠡ ᠶᠢᠨ ᠲᠦᠷᠦ ᠶᠢᠨ ᠪᠣᠳᠣᠯᠭ᠎ᠠ | ᠲᠣᠭᠳᠠᠭᠠᠬᠤ ᠳᠤ ᠰᠠᠶᠢᠳᠦᠷ ᠬᠠᠮᠵᠢᠯᠴᠠᠨ᠎ᠠ᠃ ᠬᠤᠰᠢᠭᠤ ᠪᠠᠶᠢᠭᠠᠯᠠᠢ ᠶᠢᠨ ᠡᠬᠢ ᠪᠠᠶᠠᠯᠢᠭ ᠤᠨ ᠲᠣᠪᠴᠢᠶ᠎ᠠ ᠪᠣᠬᠢᠷᠳᠣᠯ | ᠦᠭᠡᠢ ᠠᠭᠤᠷᠬᠠᠢ ᠶᠢᠨ ᠣᠷᠣᠨ ᠤ ᠡᠳᠦᠷ ᠲᠣᠳᠣᠮ ᠤᠨ ᠠᠵᠢᠯ᠂ ᠨᠡᠷᠡᠰ ᠤᠨ ᠲᠠᠩᠰᠠᠨ ᠬᠠᠮᠢᠶᠠᠷᠣᠯᠳᠠ ᠶᠢ | ᠬᠠᠷᠢᠭᠤᠴᠠᠨ᠂ ᠮᠡᠷᠭᠡᠵᠢᠯ ᠤᠨ ᠪᠠᠷᠢᠮᠵᠢᠶ᠎ᠠ ᠲᠣᠭᠳᠠᠭᠠᠵᠣ᠂ ᠪᠣᠬᠢᠷᠳᠣᠯ ᠦᠭᠡᠢ ᠠᠭᠤᠷᠬᠠᠢ ᠶᠢᠨ ᠣᠷᠣᠨ ᠵᠢᠴᠢ ᠭᠠᠵᠠᠷ | ᠰᠢᠨᠵᠢᠯᠡᠭᠡᠨ ᠤ ᠣᠷᠴᠢᠨ ᠲᠣᠭᠤᠷᠢᠨ ᠤ ᠵᠠᠰᠠᠯᠳᠠ ᠶᠢᠨ ᠬᠢᠨᠠᠯᠳᠠ ᠬᠠᠮᠢᠶᠠᠷᠣᠯᠳᠠ᠂ ︽ᠭᠤᠷᠪᠠᠨ ᠨᠣᠷᠮ᠎ᠠ︾ ᠶᠢᠨ | ᠭᠦᠢᠴᠡᠳᠬᠡᠯ ᠲᠤᠭ᠎ᠠ ᠶᠢᠨ ᠨᠠᠶᠢᠳᠠᠪᠦᠷᠢᠵᠢᠭᠤᠯᠣᠯᠳᠠ ᠵᠡᠷᠭᠡ ᠠᠵᠢᠯ ᠢ ᠬᠠᠷᠢᠭᠤᠴᠠᠨ᠎ᠠ᠃ ᠬᠤᠰᠢᠭᠤ ᠠᠮᠢ ᠠᠬᠤᠢ | ᠣᠷᠴᠢᠨ ᠲᠣᠭᠤᠷᠢᠨ ᠤ ᠬᠤᠪᠢᠶᠠᠷᠢ ᠲᠣᠪᠴᠢᠶ᠎ᠠ ᠠᠭᠤᠷᠬᠠᠢ ᠶᠢᠨ ᠣᠷᠣᠨ ᠤ ᠠᠮᠢ ᠠᠬᠤᠢ ᠣᠷᠴᠢᠨ ᠲᠣᠭᠤᠷᠢᠨ ᠤ | ᠬᠠᠮᠠᠭᠠᠯᠠᠯᠳᠠ ᠪᠠ ᠰᠡᠷᠭᠦᠭᠡᠨ ᠵᠠᠰᠠᠯᠳᠠ ᠶᠢ ᠬᠠᠷᠢᠭᠤᠴᠠᠨ᠂ ᠠᠭᠤᠷᠬᠠᠢ ᠶᠢᠨ ᠣᠷᠣᠨ ᠤ ︽ᠭᠤᠷᠪᠠᠨ ᠬᠠᠶᠠᠭᠳᠠᠮᠠᠯ︾ | ᠤᠨ ᠵᠠᠰᠠᠯᠳᠠ ᠪᠣᠯᠣᠨ ᠪᠣᠬᠢᠷᠳᠣᠯ ᠤᠨ ᠵᠠᠰᠠᠯᠳᠠ ᠶᠢ ᠬᠢᠨᠠᠨ ᠬᠠᠮᠢᠶᠠᠷᠣᠨ᠎ᠠ᠃ ᠬᠤᠰᠢᠭᠤ ᠠᠵᠣ ᠣᠶᠢᠯᠠᠳᠪᠦᠷᠢ | ᠮᠡᠳᠡᠭᠡ ᠵᠠᠩᠬᠢᠴᠢᠯᠠᠯᠳᠠ ᠪᠠ ᠰᠢᠨᠵᠢᠯᠡᠬᠦ ᠣᠬᠠᠭᠠᠨ ᠲᠧᠭᠨᠢᠭ ᠮᠡᠷᠭᠡᠵᠢᠯ ᠤᠨ ᠲᠣᠪᠴᠢᠶ᠎ᠠ ᠡᠬᠢ ᠪᠠᠶᠠᠯᠢᠭ ᠤᠨ | ᠬᠤᠪᠢᠷᠠᠭᠠᠯᠳᠠ ᠶᠢᠨ ᠲᠦᠷᠦᠯ ᠵᠣᠶᠢᠯ ᠤᠨ ᠬᠢᠨᠠᠯᠳᠠ ᠬᠠᠮᠢᠶᠠᠷᠣᠯᠳᠠ ᠪᠠᠨ ᠴᠢᠩᠭᠠᠳᠬᠠᠨ᠂ ᠲᠦᠷᠦᠯ ᠵᠣᠶᠢᠯ ᠤᠨ | ᠪᠠᠷᠢᠯᠭ᠎ᠠ ᠡᠬᠢᠯᠡᠬᠦ ᠪᠠ ᠲᠠᠭᠤᠰᠬᠠᠬᠤ ᠪᠠᠳᠣᠯᠠᠨ᠎ᠠ᠃ ᠬᠤᠰᠢᠭᠤ ᠣᠰᠣᠨ ᠠᠰᠢᠭᠯᠠᠯᠳᠠ ᠶᠢᠨ ᠲᠣᠪᠴᠢᠶ᠎ᠠ ᠠᠭᠤᠷᠬᠠᠢ | ᠶᠢᠨ ᠣᠷᠣᠨ ᠤ ᠨᠡᠭᠡᠭᠡᠯᠳᠡ ᠶᠢᠨ ᠣᠰᠣ ᠬᠡᠷᠡᠭᠯᠡᠭᠦ ᠬᠠᠮᠢᠶᠠᠷᠣᠯᠳᠠ ᠪᠣᠯᠣᠨ ᠬᠦᠷᠦᠰᠦ ᠰᠢᠷᠣᠢ ᠶᠢᠨ ᠢᠳᠡᠭᠳᠡᠯ ᠢ | ᠰᠡᠷᠭᠡᠶᠢᠯᠡᠬᠦ ᠠᠵᠢᠯ ᠢ ᠬᠢᠨᠠᠨ ᠬᠠᠮᠢᠶᠠᠷᠣᠨ᠎ᠠ᠃ ᠪᠣᠰᠣᠳ ᠬᠠᠮᠢᠶ᠎ᠠ ᠪᠦᠬᠦᠢ ᠰᠠᠯᠠᠭ᠎ᠠ ᠮᠦᠴᠢᠷ ᠦᠪᠡᠷ ᠤᠨ ᠲᠣᠰᠢᠶᠠᠯ | ᠬᠠᠷᠢᠭᠤᠴᠠᠯᠭ᠎ᠠ ᠪᠠᠨ ᠦᠨᠳᠦᠰᠦᠯᠡᠨ᠂ ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠪᠠᠶᠢᠭᠤᠯᠣᠯᠳᠠ ᠶᠢᠨ | ᠱᠠᠭᠠᠷᠳᠠᠯᠭ᠎ᠠ ᠲᠠᠢ ᠣᠶᠠᠯᠳᠣᠭᠤᠯᠵᠣ᠂ ᠬᠤᠯᠪᠣᠭᠳᠠᠯ ᠪᠦᠬᠦᠢ ᠠᠵᠢᠯ ᠢ ᠰᠠᠶᠢᠳᠦᠷ ᠨᠠᠶᠢᠳᠠᠪᠦᠷᠵᠢᠭᠤᠯᠣᠨᠠ᠃ | ︵ᠭᠤᠷᠪᠠ︶ ᠰᠣᠨᠢᠨ ᠮᠡᠳᠡᠭᠡ ᠣᠬᠠᠭᠤᠯᠭ᠎ᠠ ᠶᠢᠨ ᠠᠵᠢᠯ ᠢ ᠴᠢᠩᠭᠠᠳᠬᠠᠨ᠎ᠠ᠃ ᠪᠣᠬᠢᠷᠳᠣᠯ ᠦᠭᠡᠢ ᠠᠭᠤᠷᠬᠠᠢ | ᠶᠢᠨ ᠣᠷᠣᠨ ᠤ ᠬᠦᠭᠵᠢᠯᠳᠡ ᠶᠢᠨ ᠣᠶᠢᠯᠡᠴᠢᠯᠡᠭᠡᠨ ᠤ ᠲᠠᠪᠴᠠᠩ ᠵᠢᠴᠢ ᠲᠣᠣᠷ ᠰᠦᠯᠵᠢᠶ᠎ᠡ᠂ ᠲᠧᠯᠸᠢᠰ᠂ ᠰᠣᠨᠢᠨ᠂ | ᠸᠢᠴᠠᠲ ᠵᠡᠷᠭᠡ ᠵᠠᠭᠤᠴᠢᠯᠠᠭᠤᠷ ᠢ ᠭᠦᠢᠴᠡᠳ ᠠᠰᠢᠭᠯᠠᠨ᠂ ᠪᠣᠬᠢᠷᠳᠣᠯ ᠦᠭᠡᠢ ᠠᠭᠤᠷᠬᠠᠢ ᠶᠢᠨ ᠣᠷᠣᠨ ᠤ | ᠪᠠᠶᠢᠭᠤᠯᠣᠯᠳᠠ ᠶᠢᠨ ᠨᠡᠶᠢᠳᠡᠯᠢᠭ ᠲᠣᠷᠰᠢᠯᠭ᠎ᠠ ᠪᠠ ᠠᠬᠢᠴᠠ ᠪᠦᠳᠦᠮᠵᠢ ᠶᠢᠨ ᠣᠬᠠᠭᠤᠯᠭ᠎ᠠ ᠶᠢ ᠦᠷᠭᠡᠳᠬᠡᠵᠣ᠂ | ᠶᠡᠷᠢᠶ᠎ᠠ ᠬᠡᠯᠡᠯᠴᠡᠭᠡᠨ ᠤ ᠣᠬᠠᠭᠤᠯᠭ᠎ᠠ ᠪᠠᠨ ᠴᠢᠩᠭᠠᠳᠬᠠᠨ᠂ ᠪᠦᠬᠦ ᠨᠡᠶᠢᠭᠡᠮ ᠣᠨᠴᠠᠭᠠᠶᠢᠯᠠᠨ ᠠᠭᠤᠷᠬᠠᠢ ᠶᠢᠨ ᠣᠷᠣᠨ | ᠤ ᠬᠢᠨ ᠤ ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠪᠠᠶᠢᠭᠤᠯᠣᠯᠳᠠ ᠳᠤ ᠬᠢ ᠬᠠᠷᠢᠭᠤᠴᠠᠬᠤ ᠣᠬᠠᠮᠰᠠᠷ ᠪᠠ | ᠣᠷᠣᠯᠴᠠᠬᠤ ᠣᠬᠠᠮᠰᠠᠷ ᠢ ᠲᠡᠭᠡᠭᠰᠢᠯᠡᠭᠦᠯᠵᠣ᠂ ᠨᠡᠶᠢᠭᠡᠮ ᠤᠨ ᠡᠯ᠎ᠡ ᠡᠳᠡᠭᠡᠳ ᠤᠨ ᠬᠢᠨ ᠳᠤ ᠪᠣᠬᠢᠷᠳᠣᠯ ᠦᠭᠡᠢ | ᠠᠭᠤᠷᠬᠠᠢ ᠶᠢᠨ ᠣᠷᠣᠨ ᠢ ᠣᠶᠢᠯᠠᠭᠤᠯᠣᠨ ᠲᠠᠨᠢᠭᠤᠯᠣᠨᠠ᠃ | ᠲᠠᠭᠠᠯᠳᠣᠭᠤᠯᠣᠯ | ᠣᠳᠤᠭ ᠤᠨ ᠡᠮᠦᠨᠡᠳᠦ ᠬᠤᠰᠢᠭᠤᠨ ᠤ ᠪᠣᠬᠢᠷᠳᠣᠯ ᠦᠭᠡᠢ ᠠᠭᠤᠷᠬᠠᠢ ᠶᠢᠨ ᠣᠷᠣᠨ ᠤ ᠪᠠᠶᠢᠭᠤᠯᠣᠯᠳᠠ ᠶᠢᠨ | ᠠᠵᠢᠯ ᠤᠨ ᠣᠳᠣᠷᠢᠳᠬᠤ ᠲᠣᠭᠤᠶᠢᠯᠠᠩ ᠤᠨ ᠪᠦᠷᠢᠯᠳᠦᠭᠦᠨ ᠤ ᠨᠡᠷᠡᠰ | ᠲᠣᠭᠤᠶᠢᠯᠠᠩ ᠤᠨ ᠲᠠᠷᠤᠭ᠎ᠠ᠄ ᠦ᠋ ᠶᠦᠨ ᠬᠤᠰᠢᠭᠤ ᠨᠠᠮ ᠤᠨ ᠬᠤᠷᠢᠶᠠᠨ ᠤ ᠲᠡᠳ᠋ ᠱᠦᠵᠢ᠂ ᠬᠤᠰᠢᠭᠤ | ᠲᠠᠷᠤᠭ᠎ᠠ | ᠲᠡᠳ᠋ ᠲᠣᠭᠤᠶᠢᠯᠠᠩ ᠤᠨ ᠲᠠᠷᠤᠭ᠎ᠠ᠄ ᠯᠢᠦᠢ ᠶᠣᠣ ᠹᠧᠩ ᠬᠤᠰᠢᠭᠤ ᠠᠷᠠᠳ ᠤᠨ ᠵᠠᠰᠠᠭ ᠤᠨ ᠣᠷᠳᠣᠨ ᠤ | ᠬᠤᠰᠢᠭᠤ ᠲᠡᠳ᠋ ᠲᠠᠷᠤᠭ᠎ᠠ | ᠭᠡᠰᠢᠭᠦᠳ᠄ ᠪᠦᠷᠢᠨᠪᠠᠶᠠᠷ ᠬᠤᠰᠢᠭᠤ ᠬᠦᠭᠵᠢᠭᠦᠯᠦᠯᠳᠡ ᠦᠭᠡᠷᠡᠴᠢᠯᠡᠯᠳᠡ ᠶᠢᠨ ᠵᠦᠪᠯᠡᠯ ᠤᠨ ᠡᠷᠬᠢᠯᠡᠭᠴᠢ | ᠵᠢᠶᠠ ᠰᠢᠶᠠᠩ ᠪᠢᠩ ᠬᠤᠰᠢᠭᠤ ᠠᠵᠣ ᠣᠶᠢᠯᠠᠳᠪᠦᠷᠢ ᠮᠡᠳᠡᠭᠡ ᠵᠠᠩᠬᠢᠴᠢᠯᠠᠯᠳᠠ ᠪᠠ ᠰᠢᠨᠵᠢᠯᠡᠬᠦ | ᠣᠬᠠᠭᠠᠨ ᠲᠧᠭᠨᠢᠭ ᠮᠡᠷᠭᠡᠵᠢᠯ ᠤᠨ ᠲᠣᠪᠴᠢᠶᠠᠨ ᠤ ᠲᠠᠷᠤᠭ᠎ᠠ | ᠠᠶᠣᠰᠢ ᠬᠤᠰᠢᠭᠤ ᠡᠳ᠋ ᠤᠨ ᠵᠠᠰᠠᠭ ᠤᠨ ᠲᠣᠪᠴᠢᠶᠠᠨ ᠤ ᠲᠠᠷᠤᠭ᠎ᠠ | ᠶᠠᠩ ᠬᠤᠪᠢᠰᠬᠠᠯᠳᠦ ᠬᠤᠰᠢᠭᠤ ᠬᠦᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠳᠣᠯᠠᠭ᠎ᠠ | ᠶᠢᠨ ᠲᠣᠪᠴᠢᠶᠠᠨ ᠤ ᠲᠠᠷᠤᠭ᠎ᠠ | ᠸᠠᠩ ᠵᠢᠶᠠᠨ ᠫᠢᠩ ᠬᠤᠰᠢᠭᠤ ᠪᠠᠶᠢᠭᠠᠯᠢ ᠶᠢᠨ ᠡᠬᠢ ᠪᠠᠶᠠᠯᠢᠭ ᠤᠨ ᠲᠣᠪᠴᠢᠶᠠᠨ ᠤ ᠲᠠᠷᠤᠭ᠎ᠠ | ᠰᠦᠨ ᠱᠦ ᠶᠤᠸᠠᠨ ᠬᠤᠰᠢᠭᠤ ᠪᠠᠴᠢᠮ ᠢ ᠠᠷᠭᠠᠴᠠᠬᠤ ᠬᠠᠮᠢᠶᠠᠷᠣᠯᠳᠠ ᠶᠢᠨ ᠲᠣᠪᠴᠢᠶᠠᠨ ᠤ ᠲᠠᠷᠤᠭ᠎ᠠ | ᠴᠢ ᠵᠢᠶᠦ᠋ᠨ ᠬᠤᠰᠢᠭᠤ ᠣᠰᠣᠨ ᠠᠰᠢᠭᠯᠠᠯᠳᠠ ᠶᠢᠨ ᠲᠣᠪᠴᠢᠶᠠᠨ ᠤ ᠲᠠᠷᠤᠭ᠎ᠠ | ᠠᠯᠳ᠋ᠬᠠᠭᠤᠯᠠ ᠬᠤᠰᠢᠭᠤ ᠡᠨᠧᠷᠬᠢ ᠶᠢᠨ ᠲᠣᠪᠴᠢᠶᠠᠨ ᠤ ᠲᠠᠷᠤᠭ᠎ᠠ | ᠰᠦ᠋ ᠵᠠᠨ ᠴᠢᠶᠠᠨ ᠬᠤᠰᠢᠭᠤ ᠵᠠᠬ᠎ᠠ ᠲᠡᠯᠭᠡᠭᠦᠷ ᠤᠨ ᠬᠢᠨᠠᠯᠳᠠ ᠬᠠᠮᠢᠶᠠᠷᠣᠯᠳᠠ ᠶᠢᠨ ᠲᠣᠪᠴᠢᠶᠠᠨ ᠤ | ᠲᠠᠷᠤᠭ᠎ᠠ | ᠯᠢᠦᠢ ᠰᠢᠶᠦ᠋ᠨ ᠶᠢᠩ ᠬᠤᠰᠢᠭᠤ ᠠᠮᠢ ᠠᠬᠤᠢ ᠣᠷᠴᠢᠨ ᠲᠣᠭᠤᠷᠢᠨ ᠤ ᠬᠤᠪᠢᠶᠠᠷᠢ ᠲᠣᠪᠴᠢᠶᠠᠨ ᠤ | ᠲᠠᠷᠤᠭ᠎ᠠ | ᠹᠦ᠋ ᠯᠠᠢ ᠪᠢᠨ ᠬᠤᠰᠢᠭᠤ ᠭᠠᠶᠢᠯᠠᠢ ᠶᠢᠨ ᠶᠠᠪᠣᠳᠠᠯ ᠤᠨ ᠲᠣᠪᠴᠢᠶᠠᠨ ᠤ ᠲᠠᠷᠤᠭ᠎ᠠ | ᠯᠢᠦ ᠰᠢᠶᠣᠣ ᠫᠢᠩ ᠬᠤᠰᠢᠭᠤ ᠲᠣᠳᠣᠭᠠᠳᠦ ᠶᠢ ᠬᠠᠮᠠᠭᠠᠯᠠᠬᠤ ᠲᠣᠪᠴᠢᠶᠠᠨ ᠤ ᠲᠡᠳ᠋ ᠲᠠᠷᠤᠭ᠎ᠠ | ᠴᠧᠨ ᠰᠢᠶᠣᠣ ᠬᠤᠢ ᠬᠤᠰᠢᠭᠤ ᠮᠦᠩᠭᠦᠨ ᠭᠦᠢᠯᠭᠡᠭᠡᠨ ᠤ ᠣᠶᠢᠯᠡᠴᠢᠯᠡᠭᠡᠨ ᠤ ᠲᠦᠪ ᠤᠨ ᠡᠷᠬᠢᠯᠡᠭᠴᠢ | ᠣᠳᠤᠭ ᠤᠨ ᠡᠮᠤᠨᠡᠲᠤ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ | 2020 ᠤᠨ ᠤ 9 ᠰᠠᠷ᠎ᠠ ᠶᠢᠨ 16 ᠤ ᠡᠳᠤᠷ ᠲᠠᠷᠤᠮᠠᠯᠯᠠᠨ ᠲᠠᠷᠬᠠᠭᠠᠪᠠ | | | |