︽ᠣᠳᠤᠭ ᠤᠨ ᠡᠮᠦᠨᠡᠳᠦ ᠬᠤᠰᠢᠭᠤᠨ ᠤ ᠮᠠᠯᠵᠢᠬᠤ ᠳᠠᠷᠢᠶᠠᠯᠠᠬᠤ ᠤᠷᠤᠨ ᠤ ᠭᠠᠵᠠᠷ ᠰᠢᠷᠤᠢ ᠶᠢᠨ ᠲᠠᠭᠠᠭᠠᠴᠢᠯᠠᠯᠳᠠ ᠡᠵᠡᠩᠨᠡᠯᠳᠠ ᠶᠢᠨ ᠡᠷᠬᠡ ᠶᠢ ᠲᠣᠳᠣᠳᠭᠬᠠᠨ | ᠲᠠᠩᠰᠠᠯᠠᠵᠣ ᠦᠨᠡᠮᠯᠡᠯ ᠣᠯᠭᠤᠬᠤ ᠠᠵᠢᠯ ᠤᠨ ᠴᠡᠭᠴᠡᠯᠡᠯᠳᠡ ᠶᠢᠨ ᠲᠦᠰᠦᠯ︾ ᠢ ᠳᠠᠷᠤᠮᠠᠯᠯᠠᠨ ᠳᠠᠷᠬᠠᠭᠠᠬᠤ ᠳᠤᠬᠠᠢ ᠤᠳᠤᠭ ᠤᠨ ᠡᠮᠤᠨᠡᠳᠤ ᠬᠤᠰᠢᠭᠤᠨ ᠤ ᠠᠷᠠᠤᠨ | ᠤᠨ ᠵᠠᠰᠠᠭ ᠤᠨ ᠤᠷᠳᠤᠨ ᠤ ᠠᠯᠪᠠᠨ ᠬᠡᠷ ᠤᠨ ᠮᠡᠳᠡᠭᠳᠠᠯ | | | ᠡᠯ᠎ᠡ ᠪᠠᠯᠭᠠᠰᠤᠨ ᠤ ᠠᠷᠠᠤᠨ ᠤᠨ ᠵᠠᠰᠠᠭ ᠤᠨ ᠤᠷᠳᠤᠨ᠂ ᠬᠤᠰᠢᠭᠤ ᠰᠢᠭᠤᠤᠨ ᠬᠠᠷᠢᠶ᠎ᠠ ᠡᠯ᠎ᠡ ᠰᠠᠯᠠᠭ᠎ᠠ ᠮᠦᠴᠢᠷ᠂ ᠡᠯ᠎ᠡ ᠠᠵᠤ ᠠᠬᠤᠶᠢᠯᠠᠯ ᠠᠵᠢᠯ ᠤᠶᠢᠯᠡᠰ ᠤᠨ | ᠨᠢᠭᠡᠴᠡ ᠳᠤ᠄ | ︽ᠮᠠᠯᠵᠢᠬᠤ ᠳᠠᠷᠢᠶᠠᠯᠠᠬᠤ ᠤᠷᠤᠨ ᠤ ᠭᠠᠵᠠᠷ ᠰᠢᠷᠤᠢ ᠶᠢᠨ ᠲᠠᠭᠠᠭᠠᠴᠢᠯᠠᠯᠳᠠ ᠡᠵᠡᠩᠨᠡᠯᠳᠠ ᠶᠢᠨ ᠡᠷᠬᠡ ᠶᠢ ᠲᠣᠳᠣᠳᠬᠠᠨ ᠲᠠᠩᠰᠠᠯᠠᠵᠣ ᠦᠨᠡᠮᠯᠡᠯ ᠣᠯᠭᠤᠬᠤ | ᠠᠵᠢᠯ ᠤᠨ ᠴᠡᠭᠴᠡᠯᠡᠯᠳᠡ ᠶᠢᠨ ᠲᠦᠰᠦᠯ︾ ᠢ ᠡᠳᠦᠭᠡ ᠲᠠᠨᠠᠷ ᠲᠤ ᠳᠠᠷᠤᠮᠠᠯᠯᠠᠨ ᠲᠠᠷᠬᠠᠭᠠᠪᠠ᠂ ᠪᠣᠳᠠᠳᠦ ᠪᠠᠶᠢᠳᠠᠯ ᠲᠠᠢ ᠪᠠᠨ ᠣᠶᠠᠯᠳᠣᠭᠤᠯᠣᠨ᠂ ᠨᠠᠷᠢᠨ ᠬᠢᠨᠠᠮᠠᠭᠠᠢ | ᠲᠣᠣᠱᠯᠠᠭᠤᠯᠤᠨ ᠬᠡᠷᠡᠭᠵᠢᠭᠦᠯᠲᠤᠭᠡᠢ᠃ | ᠤᠳᠤᠭ ᠤᠨ ᠡᠮᠤᠨᠡᠳᠤ ᠬᠤᠰᠢᠭᠤᠨ ᠤ ᠠᠷᠠᠤᠨ ᠤᠨ ᠵᠠᠰᠠᠭ ᠤᠨ ᠤᠷᠳᠤᠨ ᠤ ᠠᠯᠪᠠᠨ ᠬᠡᠷ | 2020 ᠤᠨ ᠤ 8 ᠰᠠᠷ᠎ᠠ ᠶᠢᠨ 28 ᠤ ᠡᠳᠤᠷ | | ᠮᠠᠯᠵᠢᠬᠤ ᠳᠠᠷᠢᠶᠠᠯᠠᠬᠤ ᠤᠷᠤᠨ ᠤ ᠭᠠᠵᠠᠷ ᠰᠢᠷᠤᠢ ᠶᠢᠨ ᠲᠠᠭᠠᠭᠠᠴᠢᠯᠠᠯᠳᠠ ᠡᠵᠡᠩᠨᠡᠯᠳᠠ ᠶᠢᠨ ᠡᠷᠬᠡ ᠶᠢ | ᠲᠣᠳᠣᠳᠬᠠᠨ ᠲᠠᠩᠰᠠᠯᠠᠵᠣ ᠦᠨᠡᠮᠯᠡᠯ ᠣᠯᠭᠤᠬᠤ ᠠᠵᠢᠯ ᠤᠨ ᠴᠡᠭᠴᠡᠯᠡᠯᠳᠡ ᠶᠢᠨ ᠲᠦᠰᠦᠯ | ︽ᠣᠳᠤᠭ ᠤᠨ ᠡᠮᠦᠨᠡᠳᠦ ᠬᠤᠰᠢᠭᠤᠨ ᠤ ᠮᠠᠯᠵᠢᠬᠤ ᠳᠠᠷᠢᠶᠠᠯᠠᠬᠤ ᠤᠷᠤᠨ ᠤ ᠭᠠᠵᠠᠷ ᠰᠢᠷᠤᠢ ᠶᠢᠨ ᠲᠠᠭᠠᠭᠠᠴᠢᠯᠠᠯᠳᠠ ᠡᠵᠡᠩᠨᠡᠯᠳᠠ ᠶᠢᠨ ᠡᠷᠬᠡ ᠶᠢ | ᠲᠣᠳᠣᠳᠬᠠᠨ ᠲᠠᠩᠰᠠᠯᠠᠵᠣ ᠦᠨᠡᠮᠯᠡᠯ ᠣᠯᠭᠤᠬᠤ ᠠᠵᠢᠯ ᠢ ᠠᠬᠢᠭᠤᠯᠬᠤ ᠲᠦᠰᠦᠯ︾ ︵ᠣᠳᠤᠭ ᠡᠮᠦᠨᠡᠳᠦ ᠵᠠᠰᠠᠭ ᠠᠯᠪᠠᠨ ᠲᠠᠷᠬᠠᠭᠠᠭᠰᠠᠨ ﹇2017﹈ 25 | ᠲᠣᠭᠠᠳᠦ︶ ︵ᠲᠣᠷᠣᠭᠰᠢ ︽ᠲᠦᠰᠦᠯ︾ ᠭᠡᠵᠣ ᠲᠦᠭᠦᠮᠴᠢᠯᠡᠨ᠎ᠡ︶ ᠤᠨ ᠱᠠᠭᠠᠷᠳᠠᠯᠭ᠎ᠠ ᠶᠣᠰᠣᠭᠠᠷ᠂ ᠮᠡᠨ ᠤ ᠬᠤᠰᠢᠭᠤᠨ ᠤ ᠭᠠᠵᠠᠷ ᠰᠢᠷᠣᠢ ᠶᠢᠨ ᠡᠷᠬᠡ ᠶᠢ | ᠲᠣᠳᠣᠳᠬᠠᠨ ᠲᠠᠩᠰᠠᠯᠠᠵᠣ ᠦᠨᠡᠮᠯᠡᠯ ᠣᠯᠭᠤᠬᠤ ᠠᠵᠢᠯ ᠢ ᠦᠨᠳᠦᠰᠦᠨ ᠳᠤ ᠪᠠᠨ ᠲᠠᠭᠤᠰᠬᠠᠪᠠ᠂ ᠭᠡᠪᠡᠴᠦ ᠠᠵᠢᠯ ᠤᠨ ᠶᠠᠪᠣᠴᠠ ᠲᠣᠮᠳᠠ ᠭᠠᠵᠠᠷ ᠰᠢᠷᠣᠢ ᠶᠢᠨ | ᠡᠷᠬᠡ ᠶᠢᠨ ᠲᠣᠳᠣᠳᠬᠠᠯ ᠪᠣᠯᠣᠨ ᠣᠢ ᠮᠣᠳᠦ ᠨᠣᠳᠤᠭ ᠪᠡᠯᠴᠢᠭᠡᠷ ᠢ ᠡᠪᠳᠡᠭᠰᠡᠨ ᠲᠣᠯᠪᠣᠳᠦ ᠵᠢᠷᠤᠭ ᠵᠦᠷᠢᠴᠡᠯ ᠲᠠᠢ ᠪᠠᠶᠢᠬᠤ ᠠᠰᠠᠭᠤᠳᠠᠯ ᠨᠡᠯᠢᠶᠠᠳ ᠬᠡᠮᠵᠢᠶ᠎ᠡ ᠲᠠᠢ | ᠣᠷᠣᠰᠢᠵᠣ ᠪᠠᠶᠢᠬᠤ ᠪᠣᠯᠬᠤᠷ ᠭᠠᠵᠠᠷ ᠰᠢᠷᠣᠢ ᠶᠢᠨ ᠡᠷᠬᠡ ᠶᠢ ᠲᠣᠳᠣᠳᠬᠠᠨ ᠲᠠᠩᠰᠠᠯᠠᠵᠣ ᠦᠨᠡᠮᠯᠠᠯ ᠣᠯᠭᠤᠬᠤ ᠠᠵᠢᠯ ᠤᠨ ᠱᠠᠭᠠᠷᠳᠠᠯᠭ᠎ᠠ ᠳᠤ ᠨᠡᠶᠢᠴᠡᠭᠦᠯᠬᠦ ᠶᠢ | ᠪᠠᠳᠣᠯᠠᠬᠤ ᠶᠢᠨ ᠲᠣᠰᠠᠳᠠ᠂ ᠮᠠᠨ ᠤ ᠬᠤᠰᠢᠭᠤᠨ ᠤ ᠭᠠᠵᠠᠷ ᠰᠢᠷᠣᠢ ᠶᠢᠨ ᠡᠷᠬᠡ ᠶᠢ ᠲᠣᠳᠣᠳᠬᠠᠨ ᠲᠠᠩᠰᠠᠯᠠᠵᠣ ᠦᠨᠡᠮᠯᠡᠯ ᠣᠯᠭᠤᠬᠤ ᠠᠵᠢᠯ ᠤᠨ ᠴᠡᠭᠴᠡᠯᠡᠯᠳᠡ | ᠶᠢᠨ ᠲᠦᠰᠦᠯ ᠢ ᠲᠣᠣᠷᠠᠬᠢ ᠮᠠᠳᠦ ᠲᠣᠭᠳᠠᠭᠠᠪᠠ᠃ | ᠨᠢᠭᠡ ᠡᠷᠬᠡ ᠶᠢᠨ ᠲᠣᠳᠣᠳᠬᠠᠯ ᠤᠨ ᠴᠡᠭᠴᠡᠯᠡᠯᠳᠡ ᠶᠢᠨ ᠵᠠᠷᠴᠢᠮ | ᠭᠤᠣᠯᠳᠠᠭᠤ 2009 ᠣᠨ ᠤ ᠠᠯᠣᠰ ᠡᠵᠡᠮᠰᠢᠯ ᠤᠨ ᠵᠢᠷᠤᠭ ᠪᠠ ᠬᠠᠮᠤᠭ ᠰᠢᠨ᠎ᠠ ᠡᠭᠦᠷᠢᠳᠡ ᠶᠢᠨ ᠴᠢᠨᠠᠷᠳᠦ ᠲᠠᠷᠢᠶᠠᠨ ᠭᠠᠵᠠᠷ ᠤᠨ ᠬᠦᠷᠢᠶ᠎ᠡ ᠬᠡᠪᠴᠢᠶ᠎ᠡ ᠪᠠᠷ | ᠦᠨᠳᠦᠰᠦᠯᠡᠯ ᠪᠣᠯᠭᠠᠨ ᠡᠷᠬᠡ ᠶᠢᠨ ᠲᠣᠳᠣᠳᠬᠠᠯ ᠳᠤ ᠴᠡᠭᠴᠡᠯᠡᠯᠳᠡ ᠬᠢᠨ᠎ᠠ᠂ ᠡᠷᠬᠡ ᠶᠢᠨ ᠲᠣᠳᠣᠳᠬᠠᠯ ᠤᠨ ᠪᠣᠳᠠᠳᠠᠢ ᠵᠠᠷᠴᠢᠮ ᠢ ᠲᠣᠣᠷᠠᠬᠢ ᠮᠡᠳᠦ ᠲᠣᠭᠳᠠᠭᠠᠪᠠ᠄ | ︵ᠨᠢᠭᠡ︶ 2009 ᠣᠨ ᠤ ᠲᠠᠷᠢᠶᠠᠨ ᠭᠠᠵᠠᠷ | 1. 2009 ᠣᠨ ᠤ ᠠᠯᠣᠰ ᠡᠵᠡᠮᠰᠢᠯ ᠤᠨ ᠵᠢᠷᠤᠭ ᠲᠤ ᠲᠠᠷᠢᠶᠠᠨ ᠭᠠᠵᠠᠷ ᠢᠶᠠᠷ ᠢᠯᠡᠷᠡᠭᠰᠡᠨ ᠪᠦᠭᠡᠳ ᠡᠳᠦᠭᠡ ᠮᠦᠨᠴᠦ ᠲᠠᠷᠢᠶᠠᠨ ᠭᠠᠵᠠᠷ ᠢᠶᠠᠷ ᠢᠶᠠᠨ | ᠪᠠᠶᠢᠪᠠᠯ᠂ 2009 ᠣᠨ ᠤ ᠠᠯᠣᠰ ᠡᠵᠡᠮᠰᠢᠯ ᠤᠨ ᠵᠢᠷᠤᠭ ᠲᠤ ᠢᠯᠡᠷᠡᠭᠰᠡᠨ ᠮᠡᠳᠡᠭᠡ ᠵᠠᠩᠬᠢ ᠶᠣᠰᠣᠭᠠᠷ ᠡᠷᠬᠡ ᠶᠢᠨ ᠲᠣᠳᠣᠳᠬᠠᠯ ᠤᠨ ᠭᠠᠵᠠᠷ ᠤᠨ ᠣᠷᠣᠨ ᠪᠠᠶᠢᠷᠢ | ᠂ ᠲᠠᠯᠠᠪᠠᠢ ᠵᠢᠴᠢ ᠵᠠᠭᠠᠭ ᠢ ᠲᠣᠳᠣᠷᠬᠠᠶᠢᠯᠠᠵᠣ᠂ ᠡᠷᠬᠡ ᠶᠢᠨ ᠲᠣᠳᠣᠳᠬᠠᠯ ᠣᠯᠭᠤᠨ᠎ᠠ᠃ | ︵ᠬᠤᠶᠠᠷ︶ ᠬᠠᠮᠤᠭ ᠰᠢᠨ᠎ᠡ ᠡᠭᠦᠷᠢᠳᠡ ᠶᠢᠨ ᠴᠢᠨᠠᠷᠳᠦ ᠦᠨᠳᠦᠰᠦᠨ ᠲᠠᠷᠢᠶᠠᠨ ᠭᠠᠵᠠᠷ ᠲᠤ ᠬᠤᠯᠪᠣᠭᠳᠠᠬᠤ ᠭᠠᠵᠠᠷ | 2. ᠬᠠᠮᠤᠭ ᠰᠢᠨ᠎ᠡ ᠡᠭᠦᠷᠢᠳᠡ ᠶᠢᠨ ᠴᠢᠨᠠᠷᠳᠠᠢ ᠰᠠᠭᠤᠷᠢ ᠲᠠᠷᠢᠶᠠᠨ ᠭᠠᠵᠠᠷ ᠤᠨ ᠬᠡᠪᠴᠢᠶᠡᠨ ᠳᠤ ᠪᠠᠭᠳᠠᠬᠤ ᠭᠠᠵᠠᠷ ᠢ ᠬᠠᠮᠤᠭ ᠰᠢᠨ᠎ᠡ ᠡᠭᠦᠷᠢᠳᠡ ᠶᠢᠨ | ᠴᠢᠨᠠᠷᠳᠠᠢ ᠦᠨᠳᠦᠰᠦᠨ ᠲᠠᠷᠢᠶᠠᠨ ᠭᠠᠵᠠᠷ ᠤᠨ ᠣᠷᠣᠨ ᠪᠠᠶᠢᠷᠢ᠂ ᠲᠠᠯᠠᠪᠠᠢ ᠵᠢᠴᠢ ᠵᠠᠭᠠᠭ ᠶᠣᠰᠣᠭᠠᠷ ᠡᠷᠬᠡ ᠶᠢᠨ ᠲᠣᠳᠣᠳᠬᠠᠯ ᠣᠯᠭᠤᠨ᠎ᠠ᠃ | ︵ᠭᠤᠷᠪᠠ︶ ᠣᠢ ᠮᠣᠳᠦ ᠨᠣᠳᠤᠭ ᠪᠡᠯᠴᠢᠭᠡᠷ ᠢ ᠡᠪᠳᠡᠭᠰᠡᠨ᠂ ᠠᠳᠠᠷᠰᠢᠭᠤᠯᠣᠭᠰᠠᠨ ᠭᠠᠵᠠᠷ ᠲᠠᠢ ᠬᠤᠯᠪᠣᠭᠳᠠᠬᠤ ᠭᠠᠵᠷ | 3. 2009 ᠣᠨ ᠤ ᠠᠯᠣᠰ ᠡᠵᠡᠮᠰᠢᠯ ᠤᠨ ᠵᠢᠷᠤᠭ ᠲᠤ ᠲᠠᠷᠢᠶᠠᠨ ᠭᠠᠵᠠᠷ ᠢᠶᠠᠷ ᠢᠯᠡᠷᠡᠭᠰᠡᠨ ᠪᠦᠭᠡᠳ ᠡᠳᠦᠭᠡ ᠮᠦᠨ ᠲᠠᠷᠢᠶᠠᠨ ᠭᠠᠵᠠᠷ ᠪᠣᠯᠪᠠᠴᠦ ᠣᠢ | ᠮᠣᠳᠦ ᠨᠣᠳᠤᠭ ᠪᠡᠯᠴᠢᠭᠡᠷ ᠢ ᠡᠪᠳᠡᠭᠰᠡᠨ ᠬᠠᠣᠯᠢ ᠵᠦᠷᠢᠴᠡᠭᠰᠡᠨ ᠬᠠᠮᠤᠭ ᠰᠢᠨ᠎ᠡ ᠲᠣᠯᠪᠣᠳᠦ ᠵᠢᠷᠤᠭ ᠲᠠᠢ ᠲᠠᠪᠬᠤᠴᠠᠭᠰᠠᠨ ᠭᠠᠵᠠᠷ ᠢ 2009 ᠣᠨ ᠤ ᠠᠯᠣᠰ | ᠡᠵᠡᠮᠰᠢᠯ ᠤᠨ ᠵᠢᠷᠤᠭ ᠲᠤ ᠢᠯᠡᠷᠡᠭᠰᠡᠨ ᠮᠡᠳᠡᠭᠡ ᠵᠠᠩᠬᠢ ᠶᠣᠰᠣᠭᠠᠷ ᠡᠷᠬᠡ ᠶᠢᠨ ᠲᠣᠳᠣᠳᠬᠠᠯ ᠤᠨ ᠭᠠᠵᠠᠷ ᠤᠨ ᠣᠷᠣᠨ ᠪᠠᠶᠢᠷᠢ᠂ ᠲᠠᠯᠠᠪᠠᠢ ᠵᠢᠴᠢ ᠵᠠᠭᠠᠭ ᠢ | ᠲᠣᠳᠣᠷᠬᠠᠶᠢᠯᠠᠵᠣ ᠡᠷᠬᠡ ᠶᠢᠨ ᠲᠣᠳᠣᠳᠬᠠᠯ ᠣᠯᠭᠤᠵᠣ᠂ ᠣᠢ ᠮᠣᠳᠦ ᠨᠣᠳᠤᠭ ᠪᠡᠯᠴᠢᠭᠡᠷ ᠢ ᠡᠪᠳᠡᠨ ᠬᠠᠣᠯᠢ ᠵᠦᠷᠢᠴᠡᠭᠰᠡᠨ ᠲᠣᠯᠪᠣᠳᠦ ᠵᠢᠷᠤᠭ ᠢᠶᠠᠷ ᠯᠡᠪᠯᠡᠯᠳᠡ | ᠪᠣᠯᠭᠠᠬᠤ᠃ ᠨᠢᠭᠡᠨᠳᠡ ᠣᠢ ᠶᠢᠨ ᠭᠠᠵᠠᠷ ᠪᠣᠯᠭᠠᠨ ᠰᠡᠷᠭᠦᠭᠡᠭᠰᠡᠨ ᠪᠣᠯ ᠬᠤᠰᠢᠭᠤᠨ ᠤ ᠣᠢ ᠰᠢᠭᠤᠢ ᠪᠠ ᠨᠣᠳᠤᠭ ᠪᠡᠯᠴᠢᠭᠡᠷ ᠤᠨ ᠲᠣᠪᠴᠢᠶ᠎ᠠ ᠲᠠᠢ ᠬᠠᠷᠢᠯᠴᠠᠵᠣ | ᠲᠣᠳᠣᠷᠬᠠᠶᠢᠯᠠᠭᠰᠠᠨ ᠤ ᠲᠠᠷᠠᠭ᠎ᠠ ᠰᠠᠶ᠋ᠢ ᠡᠷᠬᠡ ᠶᠢᠨ ᠲᠣᠳᠣᠳᠬᠠᠯ ᠣᠯᠭᠤᠨ᠎ᠠ᠃ | 4. 2009 ᠣᠨ ᠤ ᠠᠯᠣᠰ ᠡᠵᠡᠮᠰᠢᠯ ᠤᠨ ᠵᠢᠷᠤᠭ ᠲᠤ ᠲᠠᠷᠢᠶᠠᠨ ᠭᠠᠵᠠᠷ ᠢᠶᠠᠷ ᠢᠯᠡᠷᠡᠭᠰᠡᠨ ᠪᠣᠯᠪᠠᠴᠦ ᠣᠢ ᠮᠣᠳᠦ ᠨᠣᠳᠤᠭ ᠪᠡᠯᠴᠢᠭᠡᠷ ᠡᠪᠳᠡᠨ ᠬᠠᠣᠯᠢ | ᠵᠦᠷᠢᠴᠡᠭᠰᠡᠨ ᠲᠣᠯᠪᠣᠳᠦ ᠵᠢᠷᠤᠭ ᠲᠠᠢ ᠲᠠᠪᠬᠤᠴᠠᠭᠰᠠᠨ ᠮᠦᠷᠳᠡᠭᠡᠨ ᠠᠳᠠᠷ ᠭᠠᠵᠠᠷ ︵ᠬᠤᠶᠠᠷ ᠵᠢᠯ ᠤᠨ ᠲᠣᠳᠣᠷ᠎ᠠ ᠲᠠᠷᠢᠶ᠎ᠠ ᠲᠠᠷᠢᠭᠰᠠᠨ ᠦᠭᠡᠢ︶ ᠪᠠᠶᠢᠪᠠᠯ 2009 | ᠣᠨ ᠤ ᠠᠯᠣᠰ ᠡᠵᠡᠮᠰᠢᠯ ᠤᠨ ᠵᠢᠷᠤᠭ ᠲᠤ ᠢᠯᠡᠷᠡᠭᠰᠡᠨ ᠮᠡᠳᠡᠭᠡ ᠵᠡᠩᠬᠢ ᠶᠣᠰᠣᠭᠠᠷ ᠡᠷᠬᠡ ᠶᠢᠨ ᠲᠣᠳᠣᠳᠬᠠᠯ ᠤᠨ ᠭᠠᠵᠠᠷ ᠤᠨ ᠣᠷᠣᠨ ᠪᠠᠶᠢᠷᠢ᠂ ᠲᠠᠯᠠᠪᠠᠢ ᠵᠢᠴᠢ | ᠵᠠᠭᠠᠭ ᠢ ᠲᠣᠳᠣᠷᠬᠠᠶᠢᠯᠠᠨ ᠡᠷᠬᠡ ᠶᠢᠨ ᠲᠣᠳᠣᠳᠬᠠᠯ ᠣᠯᠭᠤᠨ᠎ᠠ᠃ | 5. 2009 ᠣᠨ ᠤ ᠠᠯᠣᠰ ᠡᠵᠡᠮᠰᠢᠯ ᠤᠨ ᠵᠢᠷᠤᠭ ᠲᠤ ᠲᠠᠷᠢᠶᠠᠨ ᠭᠠᠵᠠᠷ ᠢᠶᠠᠷ ᠢᠯᠡᠷᠡᠭᠰᠡᠨ ᠪᠣᠯᠪᠠᠴᠦ ᠡᠳᠦᠭᠡ ᠠᠳᠠᠷᠰᠢᠭᠤᠯᠣᠭᠰᠠᠨ ︵ᠬᠤᠶᠠᠷ ᠪᠣᠶᠣ | ᠬᠤᠶᠠᠷ ᠠᠴᠠ ᠲᠡᠭᠡᠭᠰᠢ ᠵᠢᠯ ᠲᠠᠷᠢᠶ᠎ᠠ ᠲᠠᠷᠢᠭᠰᠠᠨ ᠦᠭᠡᠢ︶ ᠪᠣᠯ ᠡᠷᠬᠡ ᠶᠢᠨ ᠲᠣᠳᠣᠳᠬᠠᠯ ᠣᠯᠭᠤᠬᠤ ᠦᠭᠡᠢ᠃ | ︵ᠲᠦᠷᠪᠡ︶ ᠲᠠᠷᠢᠮᠠᠯ ᠤᠨ ᠵᠣᠶᠢᠯᠠᠰ ᠲᠠᠢ ᠬᠤᠯᠪᠣᠭᠳᠠᠭᠰᠠᠨ ᠭᠠᠵᠠᠷ | 6. 2009 ᠣᠨ ᠤ ᠠᠯᠣᠰ ᠡᠵᠡᠮᠰᠢᠯ ᠤᠨ ᠵᠢᠷᠤᠭ ᠲᠤ ᠲᠠᠷᠢᠶᠠᠨ ᠭᠠᠵᠠᠷ ᠢᠶᠠᠷ ᠢᠯᠡᠷᠡᠭᠰᠡᠨ ᠪᠦᠭᠡᠳ ᠡᠳᠦᠭᠡ ᠬᠤᠰᠢᠶᠠᠩᠭᠤᠷ ᠴᠠᠷᠭᠠᠰᠦ᠂ ᠵᠡᠭᠡᠷᠭᠡᠨ᠎ᠡ᠂ | ᠰᠢᠬᠢᠷ ᠡᠪᠡᠰᠦ᠂ ᠬᠠᠷᠭᠠᠨ᠎ᠠ᠂ ᠲᠣᠷᠯᠤᠭ᠂ ᠪᠣᠷᠭᠠᠰᠦ᠂ ᠣᠯᠢᠶᠡᠰᠦ᠂ ᠨᠠᠷᠠᠰᠦ᠂ ᠣᠯᠠᠶᠠᠰᠣᠨ ᠮᠣᠳᠣᠨ ᠴᠢᠬᠢ᠂ ᠨᠠᠷᠠᠰᠣᠨ ᠮᠣᠳᠣᠨ ᠴᠢᠬᠢ᠂ ᠴᠢᠪᠠᠭᠠᠨ ᠮᠣᠳᠦ ᠵᠡᠷᠭᠡ | ᠶᠢ ᠲᠠᠷᠢᠭᠰᠠᠨ ᠲᠠᠷᠢᠮᠠᠯ ᠤᠨ ᠭᠠᠵᠠᠷ ᠢ 2009 ᠣᠨ ᠤ ᠠᠯᠣᠰ ᠡᠵᠡᠮᠰᠢᠯ ᠤᠨ ᠵᠢᠷᠤᠭ ᠲᠤ ᠢᠯᠡᠷᠡᠭᠰᠡᠨ ᠮᠡᠳᠡᠭᠡ ᠵᠠᠩᠬᠢ ᠶᠣᠰᠣᠭᠠᠷ ᠡᠷᠬᠡ ᠶᠢᠨ ᠲᠣᠳᠣᠳᠬᠠᠯ ᠤᠨ | ᠭᠠᠵᠠᠷ ᠤᠨ ᠣᠷᠣᠨ ᠪᠠᠶᠢᠷᠢ᠂ ᠲᠠᠯᠠᠪᠠᠢ ᠵᠢᠴᠢ ᠵᠠᠭᠠᠭ ᠢ ᠲᠣᠳᠣᠷᠬᠠᠶᠢᠯᠠᠨ ᠡᠷᠬᠡ ᠶᠢᠨ ᠲᠣᠳᠣᠳᠬᠠᠯ ᠣᠯᠭᠤᠨ᠎ᠠ᠃ | ︵ᠲᠠᠪᠤ︶ ᠰᠢᠭᠤᠳ ᠲᠠᠷᠢᠶᠠᠨ ᠭᠠᠵᠠᠷ ᠢᠶᠠᠷ ᠮᠠᠭᠠᠳᠯᠠᠨ ᠲᠣᠭᠳᠠᠭᠠᠵᠣ ᠪᠣᠯᠬᠤ ᠦᠭᠡᠢ ᠭᠠᠵᠠᠷ | 7. ᠲᠣᠬᠠᠢ ᠶᠢᠨ ᠵᠢᠯ ᠳᠤ ᠬᠤᠰᠢᠶᠠᠩᠭᠤᠷ᠂ ᠵᠡᠭᠡᠷᠭᠡᠨ᠎ᠡ᠂ ᠰᠢᠬᠢᠷ ᠡᠪᠡᠰᠦ᠂ ᠠᠮᠣ ᠵᠡᠷᠭᠡ ᠲᠠᠷᠢᠮᠠᠯ ᠤᠨ ᠵᠣᠶᠢᠯᠠᠰ ᠢ ᠲᠠᠷᠢᠭᠠᠳ 2009 ᠣᠨ ᠤ ᠠᠯᠣᠰ | ᠡᠵᠡᠮᠰᠢᠯ ᠤᠨ ᠵᠢᠷᠤᠭ ᠲᠤ ᠲᠣᠳᠣᠷᠬᠠᠢ ᠭᠠᠷᠣᠭᠰᠠᠨ ᠦᠭᠡᠢ ᠠᠴᠠ ᠪᠣᠯᠵᠣ᠂ ᠲᠠᠷᠢᠶᠠᠨ ᠭᠠᠵᠠᠷ ᠢᠶᠠᠷ ᠰᠢᠭᠤᠳ ᠮᠠᠭᠠᠳᠯᠠᠨ ᠲᠣᠭᠳᠠᠭᠠᠵᠣ ᠪᠣᠯᠬᠤ ᠦᠭᠡᠢ ᠭᠠᠵᠠᠷ ᠲᠤ | ᠡᠳᠦᠭᠡ ᠡᠷᠳᠡᠨᠢ ᠰᠢᠰᠢ᠂ ᠬᠤᠰᠢᠶᠠᠩᠭᠤᠷ᠂ ᠵᠡᠭᠡᠷᠭᠡᠨ᠎ᠡ᠂ ᠰᠢᠬᠢᠷ ᠡᠪᠡᠰᠦ᠂ ᠠᠮᠣ ᠵᠡᠷᠭᠡ ᠲᠠᠷᠢᠮᠠᠯ ᠤᠨ ᠵᠣᠶᠢᠯᠠᠰ ᠢ ᠲᠠᠷᠢᠭᠰᠠᠨ ᠪᠣᠯ ᠭᠠᠴᠠᠭ᠎ᠠ ᠲᠣᠰᠬᠤᠨ ᠤ | ᠭᠡᠰᠢᠭᠦᠳ ᠤᠨ ᠲᠦᠯᠦᠭᠡᠯᠡᠭᠴᠢ ᠶᠢᠨ ᠬᠤᠷᠠᠯ ᠢᠶᠠᠷ ᠲᠠᠮᠵᠢᠭᠤᠯᠣᠨ᠂ ᠰᠣᠮᠣ ᠪᠠᠯᠭᠠᠰᠣᠨ ᠤ ᠬᠠᠷᠢᠭᠤᠴᠠᠯᠭᠠᠳᠠᠨ ᠭᠠᠷ ᠤᠨ ᠦᠰᠦᠭ ᠵᠢᠷᠣᠭᠰᠠᠨ ᠤ ᠲᠠᠷᠠᠭ᠎ᠠ ᠰᠠᠶ᠋ᠢ | 2009 ᠣᠨ ᠤ ᠠᠯᠣᠰ ᠡᠵᠡᠮᠰᠢᠯ ᠤᠨ ᠵᠢᠷᠤᠭ ᠲᠤ ᠢᠯᠡᠷᠡᠭᠰᠡᠨ ᠮᠡᠳᠡᠭᠡ ᠵᠠᠩᠬᠢ ᠶᠣᠰᠣᠭᠠᠷ ᠡᠷᠬᠡ ᠶᠢᠨ ᠲᠣᠳᠣᠳᠬᠠᠯ ᠤᠨ ᠭᠠᠵᠠᠷ ᠤᠨ ᠣᠷᠣᠨ ᠪᠠᠶᠢᠷᠢ᠂ ᠲᠠᠯᠠᠪᠠᠢ | ᠵᠢᠴᠢ ᠵᠠᠭᠠᠭ ᠢ ᠲᠣᠳᠣᠷᠬᠠᠶᠢᠯᠠᠨ ᠡᠷᠬᠡ ᠶᠢᠨ ᠲᠣᠳᠣᠳᠬᠠᠯ ᠣᠯᠭᠤᠨ᠎ᠠ︔ ᠡᠰᠡᠪᠡᠯ ᠡᠷᠬᠡ ᠶᠢᠨ ᠲᠣᠳᠣᠳᠬᠠᠯ ᠣᠯᠭᠤᠬᠤ ᠦᠭᠡᠢ᠃ | ︵ᠵᠢᠷᠭᠤᠭ᠎ᠠ︶ 2008 ᠣᠨ ᠤ ᠠᠮᠣ ᠪᠣᠳᠠᠭᠠᠨ ᠤ ᠰᠢᠭᠤᠳ ᠨᠦᠬᠦᠪᠦᠷᠢ ᠲᠠᠢ ᠬᠤᠯᠪᠣᠭᠳᠠᠭᠰᠠᠨ ᠭᠠᠵᠠᠷ | 8. 2009 ᠣᠨ ᠤ ᠠᠯᠣᠰ ᠡᠵᠡᠮᠰᠢᠯ ᠤᠨ ᠵᠢᠷᠤᠭ ᠲᠤ ᠲᠠᠷᠢᠶᠠᠨ ᠭᠠᠵᠠᠷ ᠢᠶᠠᠷ ᠢᠯᠡᠷᠡᠭᠰᠡᠨ ᠭᠠᠵᠠᠷ ᠤᠨ ᠲᠠᠯᠠᠪᠠᠢ ᠪᠣᠯᠣᠨ 2008 ᠣᠨ ᠤ ᠠᠮᠣ | ᠪᠣᠳᠠᠭᠠᠨ ᠤ ᠰᠢᠭᠤᠳ ᠨᠦᠬᠦᠪᠦᠷᠢ ᠶᠢᠨ ᠲᠠᠯᠠᠪᠠᠢ ᠬᠠᠷᠢᠯᠴᠠᠨ ᠨᠡᠶᠢᠴᠡᠬᠦ ᠦᠭᠡᠢ ᠭᠠᠵᠠᠷ ᠢ 2009 ᠣᠨ ᠤ ᠠᠯᠣᠰ ᠡᠵᠡᠮᠰᠢᠯ ᠤᠨ ᠵᠢᠷᠤᠭ ᠲᠤ ᠢᠯᠡᠷᠡᠭᠰᠡᠨ ᠮᠡᠳᠡᠭᠡ | ᠵᠠᠩᠬᠢ ᠶᠣᠰᠣᠭᠠᠷ ᠡᠷᠬᠡ ᠶᠢᠨ ᠲᠣᠳᠣᠳᠬᠠᠯ ᠤᠨ ᠭᠠᠵᠠᠷ ᠤᠨ ᠣᠷᠣᠨ ᠪᠠᠶᠢᠷᠢ᠂ ᠲᠠᠯᠠᠪᠠᠢ ᠵᠢᠴᠢ ᠵᠠᠭᠠᠭ ᠢ ᠲᠣᠳᠣᠷᠬᠠᠶᠢᠯᠠᠨ ᠡᠷᠬᠡ ᠶᠢᠨ ᠲᠣᠳᠣᠳᠬᠠᠯ ᠣᠯᠭᠤᠨ᠎ᠠ᠃ | 9. 2009 ᠣᠨ ᠤ ᠠᠯᠣᠰ ᠡᠵᠡᠮᠰᠢᠯ ᠤᠨ ᠵᠢᠷᠤᠭ ᠲᠤ ᠲᠠᠷᠢᠶᠠᠨ ᠭᠠᠵᠠᠷ ᠢᠶᠠᠷ ᠢᠯᠡᠷᠡᠭᠰᠡᠨ ᠪᠦᠭᠡᠳ ᠡᠳᠦᠭᠡ ᠮᠦᠨᠴᠦ ᠲᠠᠷᠢᠶᠠᠨ ᠭᠠᠵᠠᠷ ᠪᠣᠯᠪᠠᠴᠦ | 2008 ᠣᠨ ᠤ ᠠᠮᠣ ᠪᠣᠳᠠᠭᠠᠨ ᠤ ᠰᠢᠭᠤᠳ ᠨᠦᠬᠦᠪᠦᠷᠢ ᠶᠢᠨ ᠡᠷᠦᠬᠡ ᠶᠢᠨ ᠨᠡᠷᠡᠰ ᠤᠨ ᠪᠦᠷᠢᠳᠬᠡᠯ ᠦᠭᠡᠢ ᠪᠣᠯ᠂ 2009 ᠣᠨ ᠤ ᠠᠯᠣᠰ ᠡᠵᠡᠮᠰᠢᠯ ᠤᠨ | ᠵᠢᠷᠤᠭ ᠲᠤ ᠢᠯᠡᠷᠡᠭᠰᠡᠨ ᠮᠡᠳᠡᠭᠡ ᠵᠠᠩᠬᠢ ᠶᠣᠰᠣᠭᠠᠷ ᠡᠷᠬᠡ ᠶᠢᠨ ᠲᠣᠳᠣᠳᠬᠠᠯ ᠤᠨ ᠭᠠᠵᠠᠷ ᠤᠨ ᠣᠷᠣᠨ ᠪᠠᠶᠢᠷᠢ᠂ ᠲᠠᠯᠠᠪᠠᠢ ᠵᠢᠴᠢ ᠵᠠᠭᠠᠭ ᠢ ᠲᠣᠳᠣᠷᠬᠠᠶᠢᠯᠠᠨ ᠡᠷᠬᠡ | ᠶᠢᠨ ᠲᠣᠳᠣᠳᠬᠠᠯ ᠣᠯᠭᠤᠨ᠎ᠠ᠃ | 10. 2009 ᠣᠨ ᠤ ᠠᠯᠣᠰ ᠡᠵᠡᠮᠰᠢᠯ ᠤᠨ ᠵᠢᠷᠤᠭ ᠲᠤ ᠲᠠᠷᠢᠶᠠᠨ ᠭᠠᠵᠠᠷ ᠢᠶᠠᠷ ᠢᠯᠡᠷᠡᠭᠰᠡᠨ ᠮᠦᠷᠳᠡᠭᠡᠨ ᠠᠮᠣ ᠪᠣᠳᠠᠭᠠᠨ ᠤ ᠰᠢᠭᠤᠳ ᠨᠦᠬᠦᠪᠦᠷᠢ ᠶᠢᠨ | ᠡᠷᠦᠬᠡ ᠶᠢᠨ ᠨᠡᠷᠡᠰ ᠤᠨ ᠪᠦᠷᠢᠳᠬᠡᠯ ᠳᠤ ᠪᠠᠶᠢᠭᠰᠠᠨ ᠪᠣᠯᠪᠠᠴᠦ ᠡᠳᠦᠭᠡ ᠲᠠᠷᠢᠶᠠᠨ ᠭᠠᠵᠠᠷ ᠪᠢᠰᠢ ᠪᠣᠯ᠂ ᠡᠷᠬᠡ ᠶᠢᠨ ᠲᠣᠳᠣᠳᠬᠠᠯ ᠣᠯᠭᠤᠬᠤ ᠦᠭᠡᠢ᠃ | ᠬᠤᠶᠠᠷ᠂ ᠡᠷᠬᠡ ᠶᠢᠨ ᠲᠣᠳᠣᠳᠬᠠᠯ ᠤᠨ ᠴᠡᠭᠴᠡᠯᠡᠯᠳᠡ ᠶᠢᠨ ᠠᠭᠤᠯᠭ᠎ᠠ | ︵ᠨᠢᠭᠡ︶ ᠡᠷᠬᠡ ᠶᠢᠨ ᠲᠣᠳᠣᠳᠬᠠᠯ ᠤᠨ ᠬᠠᠷᠭᠤᠭᠤᠯᠬᠤ ᠠᠭᠤᠯᠭ᠎ᠠ | ᠡᠷᠬᠡ ᠶᠢᠨ ᠲᠣᠳᠣᠳᠬᠠᠯ ᠤᠨ ᠴᠡᠭᠴᠡᠯᠡᠯᠳᠡ ᠶᠢᠨ ᠵᠠᠷᠴᠢᠮ ᠶᠣᠰᠣᠭᠠᠷ᠂ ᠡᠷᠦᠬᠡ ᠲᠠᠷᠠᠭᠠᠯᠠᠨ ᠡᠷᠬᠡ ᠶᠢᠨ ᠲᠣᠳᠣᠳᠬᠠᠯ ᠤᠨ ᠭᠠᠵᠠᠷ ᠤᠨ ᠣᠷᠣᠨ ᠪᠠᠶᠢᠷᠢ᠂ ᠲᠠᠯᠠᠪᠠᠢ | ᠂ ᠬᠡᠯᠪᠡᠷᠢ ᠪᠠᠶᠢᠳᠠᠯ᠂ ᠵᠠᠭᠠᠭ ᠢ ᠬᠠᠷᠭᠤᠭᠤᠯᠵᠣ᠂ ᠡᠷᠬᠡ ᠲᠣᠳᠣᠳᠬᠠᠯ ᠤᠨ ᠡᠷᠦᠭᠡ ᠵᠦᠪᠰᠢᠶᠡᠷᠡᠭᠦᠯᠬᠦ ᠶᠢᠨ ᠬᠠᠮᠳᠦ ︽ᠭᠠᠵᠠᠷ ᠤᠨ ᠪᠠᠶᠢᠴᠠᠭᠠᠯᠳᠠ ᠶᠢᠨ | ᠬᠦᠰᠦᠨᠦᠭᠳᠦ︾ ᠲᠠᠭᠯᠠᠨ᠎ᠠ᠃ | ︵ᠬᠤᠶᠠᠷ︶ ᠡᠷᠬᠡ ᠶᠢᠨ ᠲᠣᠳᠣᠳᠬᠠᠯ ᠤᠨ ᠭᠠᠵᠠᠷ ᠤᠨ ᠵᠠᠩᠬᠢ ᠶᠢ ᠨᠡᠶᠢᠳᠡᠯᠡᠨ᠎ᠡ | ᠡᠷᠬᠡ ᠶᠢᠨ ᠬᠠᠷᠢᠶᠠᠯᠠᠯ ᠤᠨ ᠪᠠᠶᠢᠴᠠᠭᠠᠯᠳᠠ ᠶᠢᠨ ᠳ᠋ᠦᠩ ᠢ ᠦᠨᠳᠦᠰᠦᠯᠡᠨ᠂ ᠭᠠᠴᠠᠭ᠎ᠠ ᠲᠣᠰᠬᠤᠨ ᠤ ᠭᠠᠵᠠᠷ ᠰᠢᠷᠣᠢ ᠶᠢᠨ ᠲᠠᠭᠠᠭᠠᠴᠢᠯᠠᠯᠳᠠ ᠡᠵᠡᠩᠨᠡᠯᠳᠡ ᠶᠢᠨ | ᠡᠷᠬᠡ ᠶᠢ ᠲᠣᠳᠣᠳᠬᠠᠨ ᠲᠠᠩᠰᠠᠯᠠᠵᠣ ᠦᠨᠡᠮᠯᠡᠯ ᠣᠯᠭᠤᠬᠤ ᠠᠵᠢᠯ ᠤᠨ ᠲᠣᠭᠤᠶᠢᠯᠠᠩ ᠠᠴᠠ ᠬᠢᠨᠠᠨ ᠬᠠᠷᠭᠤᠭᠤᠯᠣᠭᠠᠳ᠂ ︽ᠮᠠᠯᠵᠢᠬᠤ ᠲᠠᠷᠢᠶᠠᠯᠠᠬᠤ ᠣᠷᠣᠨ ᠤ | ᠭᠠᠵᠠᠷ ᠰᠢᠷᠣᠢ ᠶᠢᠨ ᠲᠠᠭᠠᠭᠠᠴᠢᠯᠠᠯᠳᠠ ᠡᠵᠡᠩᠨᠡᠯᠳᠡ ᠶᠢᠨ ᠡᠷᠬᠡ ᠶᠢ ᠲᠣᠳᠣᠳᠬᠠᠨ ᠲᠠᠩᠰᠠᠯᠠᠵᠣ ᠨᠡᠶᠢᠳᠡᠯᠡᠭᠰᠡᠨ ᠨᠣᠳᠠᠯᠠᠯᠳᠠ ᠶᠢᠨ ᠬᠦᠰᠦᠨᠦᠭᠳᠦ︾ ᠭᠠᠷᠭᠠᠵᠣ᠂ | ᠲᠠᠭᠠᠭᠠᠴᠢᠯᠠᠭᠤᠯᠣᠭᠴᠢ ᠲᠠᠯ᠎ᠠ ᠪᠠᠷ ᠨᠢᠭᠡᠴᠢᠯᠠᠨ᠂ ᠲᠠᠭᠠᠭᠠᠴᠢᠯᠠᠭᠴᠢ ᠤᠨ ᠲᠡᠰ ᠲᠠᠷᠠᠭᠠᠯᠠᠯ ᠢᠶᠠᠷ ᠭᠠᠴᠠᠭ᠎ᠠ ᠲᠣᠰᠬᠤᠨ ᠳᠤ ᠪᠠᠨ ᠪᠠᠶᠢᠴᠠᠭᠠᠯᠳᠠ ᠶᠢᠨ ᠦᠷ᠎ᠡ ᠳ᠋ᠦᠩ | ᠢ ᠢᠯᠡ ᠨᠡᠶᠢᠳᠡᠯᠡᠵᠣ᠂ ᠢᠯᠡ ᠨᠡᠶᠢᠳᠡᠯᠡᠯ ᠢ 7 ᠡᠳᠦᠷ ᠠᠴᠠ ᠣᠬᠤᠷ ᠪᠠᠶᠢᠯᠭᠠᠵᠣ ᠪᠣᠯᠬᠤ ᠦᠭᠡᠢ᠃ | ︵ᠭᠤᠷᠪᠠ︶ ᠡᠷᠬᠡ ᠶᠢᠨ ᠲᠣᠳᠣᠳᠬᠠᠯ ᠤᠨ ᠭᠠᠵᠠᠷ ᠤᠨ ᠡᠷᠬᠡ ᠶᠢᠨ ᠬᠠᠷᠢᠶᠠᠯᠠᠯ ᠢ ᠲᠣᠳᠣᠷᠬᠠᠶᠢᠯᠠᠨ᠎ᠠ | ᠢᠯᠡ ᠨᠡᠶᠢᠳᠡᠯᠡᠯ ᠳᠤ ᠣᠨᠳᠣᠣ ᠰᠠᠨᠠᠯ ᠦᠭᠡᠢ ᠪᠣᠯ᠂ ᠪᠠᠶᠢᠴᠠᠭᠠᠯᠳᠠ ᠵᠢᠴᠢ ᠨᠡᠶᠢᠳᠡᠯᠡᠯ ᠤᠨ ᠳ᠋ᠦᠩ ᠢ ᠦᠨᠳᠦᠰᠦᠯᠡᠨ᠂ ᠲᠠᠭᠠᠭᠠᠴᠢᠯᠠᠭᠴᠢ ᠢᠶᠠᠷ ᠨᠢᠭᠡᠴᠢᠯᠡᠨ ︽ | ᠮᠠᠯᠵᠢᠬᠤ ᠲᠠᠷᠢᠶᠠᠯᠠᠬᠤ ᠣᠷᠣᠨ ᠤ ᠭᠠᠵᠠᠷ ᠰᠢᠷᠣᠢ ᠶᠢᠨ ᠲᠠᠭᠠᠭᠠᠴᠢᠯᠠᠯᠳᠠ ᠡᠵᠡᠩᠨᠡᠯᠳᠡ ᠶᠢᠨ ᠡᠷᠬᠡ ᠶᠢᠨ ᠢᠯᠡ ᠨᠡᠶᠢᠳᠡᠯᠡᠯ ᠤᠨ ᠳ᠋ᠦᠩ ᠢ ᠡᠷᠦᠬᠡ ᠳᠤ ᠪᠣᠴᠠᠭᠠᠬᠤ | ᠬᠦᠰᠦᠨᠦᠭᠳᠦ︾ ᠭᠠᠷᠭᠠᠵᠣ᠂ ᠲᠠᠭᠠᠭᠠᠴᠢᠯᠠᠭᠤᠯᠣᠭᠴᠢ ᠲᠠᠯ᠎ᠠ ᠶᠢᠨ ᠲᠦᠯᠦᠭᠡᠯᠡᠭᠴᠢ᠂ ᠲᠠᠭᠠᠭᠠᠴᠢᠯᠠᠨ ᠠᠪᠣᠭᠰᠠᠳ ᠤᠨ ᠲᠦᠯᠦᠭᠡᠯᠡᠭᠴᠢ ᠡᠰᠡᠭᠦᠯ᠎ᠡ ᠨᠠᠶᠢᠳᠠᠭᠰᠠᠨ | ᠣᠷᠣᠯᠠᠭᠴᠢ ᠭᠠᠷ ᠤᠨ ᠦᠰᠦᠭ ᠵᠢᠷᠣᠵᠣ ᠨᠣᠳᠠᠯᠠᠨ ᠲᠣᠳᠣᠷᠬᠠᠶᠢᠯᠠᠨ᠎ᠠ᠃ | ︵ᠲᠦᠷᠪᠡ︶ ᠡᠷᠬᠡ ᠶᠢᠨ ᠲᠣᠳᠣᠳᠬᠠᠯ ᠤᠨ ᠮᠡᠲ᠋ᠧᠷᠢᠶᠠᠯ ᠢ ᠪᠦᠷᠢᠳᠦᠭᠦᠯᠦᠨ᠂ ᠡᠷᠬᠡ ᠶᠢᠨ ᠲᠣᠳᠣᠳᠬᠠᠯ ᠤᠨ ᠦᠨᠡᠮᠯᠡᠯ ᠣᠯᠭᠤᠨ᠎ᠠ | ᠭᠠᠴᠠᠭ᠎ᠠ ᠲᠣᠰᠬᠤᠨ ᠤ ᠭᠠᠵᠠᠷ ᠰᠢᠷᠣᠢ ᠶᠢᠨ ᠲᠠᠭᠠᠭᠠᠴᠢᠯᠠᠯᠳᠠ ᠡᠵᠡᠩᠨᠡᠯᠳᠡ ᠶᠢᠨ ᠡᠷᠬᠡ ᠶᠢ ᠲᠣᠳᠣᠳᠬᠠᠨ ᠲᠠᠩᠰᠠᠯᠠᠵᠣ ᠦᠨᠡᠮᠯᠡᠯ ᠣᠯᠭᠤᠬᠤ ᠠᠵᠢᠯ ᠤᠨ | ᠲᠣᠭᠤᠶᠢᠯᠠᠩ ᠤᠨ ᠬᠠᠷᠢᠭᠤᠴᠠᠯᠭᠠᠳᠠᠨ ᠠᠴᠠ ᠲᠠᠭᠠᠭᠠᠴᠢᠯᠠᠭᠴᠢᠳ ᠤᠨ ᠡᠷᠬᠡ ᠶᠢᠨ ᠲᠣᠳᠣᠳᠬᠠᠯ ᠤᠨ ᠵᠠᠩᠬᠢ ᠳᠤ ᠬᠢᠨᠠᠨ ᠬᠠᠷᠭᠤᠭᠤᠯᠣᠯᠳᠠ ᠬᠢᠵᠣ᠂ ᠡᠷᠦᠬᠡ ᠪᠦᠷᠢ | ᠳᠤ ᠲᠠᠩᠰᠠ ᠡᠪᠬᠡᠮᠡᠯ ᠪᠠᠶᠢᠭᠤᠯᠣᠨ᠂ ᠭᠠᠷ ᠤᠨ ᠦᠰᠦᠭ ᠵᠢᠷᠣᠭᠤᠯᠵᠣ ᠲᠠᠮᠠᠭ᠎ᠠ ᠲᠠᠷᠣᠨ᠎ᠠ᠃ | ᠡᠯ᠎ᠡ ᠪᠠᠯᠭᠠᠰᠦᠨ ᠤ ᠠᠷᠠᠳ ᠤᠨ ᠵᠠᠰᠠᠭ ᠤᠨ ᠣᠷᠳᠣᠨ ᠠᠴᠠ ᠲᠠᠭᠠᠭᠠᠴᠢᠯᠠᠭᠤᠯᠣᠭᠴᠢ ᠲᠠᠯ᠎ᠠ ᠪᠠᠷ ᠨᠢᠭᠡᠴᠢᠯᠡᠨ᠂ ᠲᠠᠭᠠᠭᠠᠴᠢᠯᠠᠭᠴᠢᠳ ᠤᠨ ᠲᠡᠰ ᠲᠠᠷᠠᠭᠠᠯᠠᠯ | ᠢᠶᠠᠷ ︽ᠮᠠᠯᠵᠢᠬᠤ ᠲᠠᠷᠢᠶᠠᠯᠠᠬᠤ ᠣᠷᠣᠨ ᠤ ᠭᠠᠵᠠᠷ ᠰᠢᠷᠣᠢ ᠶᠢᠨ ᠲᠠᠭᠠᠭᠠᠴᠢᠯᠠᠯᠳᠠ ᠡᠵᠡᠩᠨᠡᠯᠳᠡ ᠶᠢᠨ ᠡᠷᠬᠡ ᠶᠢ ᠲᠣᠳᠣᠳᠬᠠᠨ ᠲᠠᠩᠰᠠᠯᠠᠵᠣ ᠦᠨᠡᠮᠯᠡᠯ ᠣᠯᠭᠤᠬᠤ | ᠭᠤᠶᠣᠴᠢᠯᠠᠯ ᠤᠨ ᠪᠢᠴᠢᠭ︾ ᠢ ᠲᠠᠭᠯᠠᠨ ᠮᠡᠳᠡᠭᠦᠯᠵᠣ᠂ ᠡᠷᠦᠬᠡ ᠪᠦᠷᠢ ᠳᠤ ᠲᠠᠩᠰᠠ ᠡᠪᠬᠡᠮᠡᠯ ᠪᠦᠷᠢᠳᠦᠭᠦᠯᠦᠨ᠂ ᠲᠠᠮᠠᠭ᠎ᠠ ᠲᠠᠷᠣᠨ᠎ᠠ᠃ | ᠭᠤᠷᠪᠠᠳᠣᠭᠠᠷ ᠡᠳᠡᠭᠡᠳ ᠤᠨ ᠬᠡᠮᠵᠢᠨ ᠵᠢᠷᠣᠬᠤ ᠺᠣᠮᠫᠠᠨᠢ ᠠᠴᠠ ᠲᠠᠭᠠᠭᠠᠴᠢᠯᠠᠭᠤᠯᠣᠭᠴᠢ ᠲᠠᠯ᠎ᠠ ᠪᠠᠷ ᠨᠢᠭᠡᠴᠢᠯᠡᠨ᠂ ᠲᠠᠭᠠᠭᠠᠴᠢᠯᠠᠭᠴᠢᠳ ᠤᠨ ᠲᠡᠰ ᠲᠠᠷᠠᠭᠠᠯᠠᠯ | ᠢᠶᠠᠷ ᠮᠠᠯᠵᠢᠬᠤ ᠲᠠᠷᠢᠶᠠᠯᠠᠬᠤ ᠣᠷᠣᠨ ᠤ ᠭᠠᠵᠠᠷ ᠰᠢᠷᠣᠢ ᠶᠢᠨ ᠲᠠᠭᠠᠭᠠᠴᠢᠯᠠᠯᠳᠠ ᠡᠵᠡᠩᠨᠡᠯᠳᠡ ᠶᠢᠨ ᠡᠷᠬᠡ ᠶᠢᠨ ᠦᠨᠡᠮᠯᠡᠯ ᠢ ᠲᠠᠷᠣᠮᠠᠯᠯᠠᠨ᠂ ᠡᠷᠬᠡ ᠶᠢ ᠲᠣᠳᠣᠳᠬᠠᠬᠤ | ᠠᠵᠢᠯ ᠤᠨ ᠶᠠᠪᠣᠴᠠ ᠳᠠᠬᠢ ᠬᠤᠯᠪᠣᠭᠳᠠᠯ ᠪᠦᠬᠦᠢ ᠲᠤᠭ᠎ᠠ ᠪᠠᠷᠢᠮᠳᠠ᠂ ᠪᠢᠴᠢᠭ ᠮᠡᠲ᠋ᠧᠷᠢᠶᠠᠯ᠂ ᠵᠢᠷᠤᠭ ᠬᠦᠰᠦᠨᠦᠭ ᠵᠡᠷᠭᠡ ᠮᠡᠲ᠋ᠧᠷᠢᠶᠠᠯ ᠢ ᠬᠤᠷᠢᠶᠠᠨ ᠡᠮᠬᠢᠯᠡᠵᠣ᠂ ︽ | ᠭᠤᠷᠪᠠᠨ ᠲᠡᠰ ᠲᠦᠷᠪᠡᠨ ᠲᠦᠷᠦᠯ︾ ᠤᠨ ᠲᠠᠩᠰᠠ ᠡᠪᠬᠡᠮᠡᠯ ᠢ ᠡᠮᠬᠢᠯᠡᠬᠦ ᠶᠢᠨ ᠬᠠᠮᠳᠦ ᠲᠠᠩᠰᠠ ᠡᠪᠬᠡᠮᠡᠯ ᠤᠨ ᠲᠣᠭᠠᠵᠢᠭᠤᠯᠣᠯᠳᠠ ᠶᠢ ᠲᠦᠷᠭᠡᠳᠬᠡᠨ᠂ ᠳ᠋ᠠᠶᠢᠲᠨ | ᠬᠦᠮᠦᠷᠭᠡ ᠶᠢᠨ ᠵᠠᠩᠬᠢ ᠶᠢ ᠲᠡᠭᠦᠯᠳᠡᠷᠵᠢᠭᠦᠯᠦᠨ᠎ᠡ᠃ | ︵ᠲᠠᠪᠤ︶ ᠪᠣᠰᠣᠳ ᠵᠣᠶᠢᠯᠠᠰ | ᠴᠡᠭᠴᠡᠯᠡᠯᠳᠡ ᠶᠢᠨ ᠲᠦᠰᠦᠯ ᠳᠤ ᠲᠣᠷᠠᠳᠣᠭᠰᠠᠨ ᠦᠭᠡᠢ ᠪᠣᠰᠣᠳ ᠠᠭᠤᠯᠭ᠎ᠠ ᠶᠢ ︽ᠣᠳᠤᠭ ᠤᠨ ᠡᠮᠦᠨᠡᠳᠦ ᠬᠤᠰᠢᠭᠤᠨ ᠤ ᠮᠠᠯᠵᠢᠬᠤ ᠲᠠᠷᠢᠶᠠᠯᠠᠬᠤ ᠣᠷᠣᠨ | ᠤ ᠭᠠᠵᠠᠷ ᠰᠢᠷᠣᠢ ᠶᠢᠨ ᠲᠠᠭᠠᠭᠠᠴᠢᠯᠠᠯᠳᠠ ᠡᠵᠡᠩᠨᠡᠯᠳᠡ ᠶᠢᠨ ᠡᠷᠬᠡ ᠶᠢ ᠲᠣᠳᠣᠳᠬᠠᠨ ᠲᠠᠩᠰᠠᠯᠠᠵᠣ ᠦᠨᠡᠮᠯᠡᠯ ᠣᠯᠭᠤᠬᠤ ᠠᠵᠢᠯ ᠤᠨ ᠲᠦᠰᠦᠯ︾ ︵ᠣᠳᠤᠭ | ᠡᠮᠦᠨᠡᠳᠦ ᠵᠠᠰᠠᠭ ᠠᠯᠪᠠᠨ ᠲᠠᠷᠬᠠᠭᠠᠭᠰᠠᠨ ﹇2017﹈ 25 ᠲᠣᠭᠠᠳᠦ︶ ᠶᠣᠰᠣᠭᠠᠷ ᠦᠷᠭᠦᠯᠵᠢᠯᠡᠨ ᠬᠡᠷᠡᠭᠵᠢᠭᠦᠯᠦᠨ᠎ᠡ᠃ | | | ᠤᠲᠤᠭ ᠤᠨ ᠡᠮᠤᠨᠡᠲᠤ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ | 2020 ᠤᠨ ᠤ 8 ᠰᠠᠷ᠎ᠠ ᠶᠢᠨ 28 ᠤ ᠡᠳᠤᠷ ᠲᠠᠷᠤᠮᠠᠯᠯᠠᠨ ᠲᠠᠷᠬᠠᠭᠠᠪᠠ |