ᠣᠯᠵᠠᠴᠢ ᠪᠠᠯᠭᠠᠰᠣᠨ ᠤ ᠲᠣᠶᠢᠮᠣ
ᠨᠡᠶᠢᠲᠡᠯᠡᠭᠰᠡᠨ ᠴᠠᠭ᠄
2020/12/2
    ᠣᠯᠵᠠᠴᠢ ᠪᠠᠯᠭᠠᠰᠣ 1983 ᠣᠨ ᠤ 10 ᠰᠠᠷ᠎ᠠ ᠳᠤ  ᠪᠠᠶᠢᠭᠤᠯᠣᠭᠳᠡᠨ᠂ ᠣᠳᠤᠭ ᠤᠨ ᠡᠮᠣᠨᠡᠳᠣ ᠬᠤᠰᠢᠭᠤᠨ ᠤ ᠣᠯᠣᠰ ᠳᠦᠷᠦ᠂ ᠰᠣᠶᠣᠯ᠂ ᠵᠠᠮ ᠬᠠᠷᠢᠯᠴᠠᠭ᠎ᠠ ᠪᠣᠯᠣᠨ ᠠᠷᠠᠯᠵᠢᠶ᠎ᠠ ᠬᠤᠳᠠᠯᠳᠣᠭᠠᠨ ᠤ ᠳᠦᠪ ᠪᠣᠯᠵᠣ᠂ ᠬᠤᠰᠢᠭᠤᠨ ᠤ  ᠳᠣᠮᠳᠠ ᠪᠠᠶ᠎ᠠ ᠪᠠᠷ ᠪᠠᠶᠢᠷᠢᠯᠠᠨ᠂ ᠵᠡᠭᠦᠨᠰᠢ ᠪᠠᠨ ᠨᠠᠩᠰᠣ ᠪᠠᠯᠭᠠᠰᠣ ᠲᠠᠢ ᠭᠦᠷᠰᠢᠯᠡᠵᠣ᠂ ᠡᠮᠣᠨᠡᠰᠢ  ᠪᠠᠨ ᠪᠣᠷᠣᠪᠠᠯᠭᠠᠰᠣ ᠪᠠᠯᠭᠠᠰᠣ ᠲᠠᠢ ᠵᠠᠯᠭᠠᠯᠳᠣᠨ᠂ ᠪᠠᠷᠠᠭᠤᠨ ᠪᠠ ᠬᠤᠶᠢᠳᠣ ᠪᠡᠶ᠎ᠡ ᠪᠠᠷ ᠢᠶᠠᠨ ᠱᠠᠩᠬᠠᠢ ᠶᠢᠨ ᠰᠦᠮ᠎ᠡ ᠪᠠᠯᠭᠠᠰᠣ ᠲᠠᠢ ᠳᠦᠰᠢᠯᠴᠡᠵᠣ᠂ ᠪᠠᠷᠠᠭᠤᠨ ᠡᠮᠣᠨ᠎ᠡ ᠪᠠᠶ᠎ᠠ ᠪᠠᠷ ᠢᠶᠠᠨ ᠨᠢᠩᠰᠢᠶᠠ ᠶᠢᠨ ᠳᠡᠷᠭᠡ ᠰᠢᠶᠡᠨ ᠲᠠᠢ ᠰᠠᠪᠡᠯᠡᠵᠣ ᠪᠣᠢ᠂ ᠶᠡᠷᠣᠩᠬᠡᠢ ᠳᠡᠯᠡᠪᠡᠢ 1621 ᠲᠡᠭᠰᠢ ᠳᠦᠷᠪᠡᠯᠵᠢᠨ ᠺᠢᠯᠣᠮᠧᠲᠷ᠂ ᠡᠭᠦᠨ ᠳᠤ ᠠᠰᠢᠭᠯᠠᠵᠣ ᠪᠣᠯᠬᠤ ᠨᠣᠳᠤᠭ ᠪᠡᠯᠴᠢᠭᠡᠷ ᠤᠨ ᠳᠡᠯᠡᠪᠡᠢ 179 ᠳᠦᠮᠡᠨ ᠮᠣ᠋᠂ 15 ᠳᠦᠮᠡᠨ ᠮᠣ᠋ ᠳᠠᠷᠢᠶᠡᠨ ᠭᠠᠵᠠᠷ ᠲᠠᠢ᠂ ᠮᠠᠯ ᠳᠡᠵᠢᠭᠡᠪᠣᠷᠢ ᠶᠢᠨ ᠵᠢᠯ   ᠤᠨ  ᠠᠷᠠᠴᠢᠯᠠᠯᠳᠠ ᠶᠢᠨ ᠨᠣᠷᠮ᠎ᠠ 39.9 ᠳᠦᠮᠡᠨ ᠳᠣᠯᠣᠭᠠᠢ ᠳᠤ ᠬᠦᠷᠴᠦ᠂ ᠨᠡᠶᠢᠳᠡᠯᠢᠭ ᠮᠠᠯ ᠲᠠᠷᠢᠶᠠᠯᠠᠩ ᠣᠶᠠᠯᠳᠣᠭᠰᠠᠨ ᠣᠷᠣᠨ ᠪᠣᠯᠣᠨ᠎ᠠ᠃ ᠪᠦᠭᠦ ᠪᠠᠯᠭᠠᠰᠣᠨ ᠳᠤ 12 ᠭᠠᠴᠠᠭ᠎ᠠ ᠳᠣᠰᠬᠤᠨ᠂ 7 ᠨᠡᠶᠢᠬᠡᠮ ᠳᠣᠭᠤᠷᠢᠭ  ᠲᠠᠢ᠂ ᠶᠡᠷᠣᠩᠬᠡᠢ ᠭᠦᠮᠦᠨ ᠠᠮᠠ 3.7 ᠲᠦᠮᠡ᠂ ᠡᠭᠦᠨ ᠳᠤ ᠮᠠᠯ ᠳᠠᠷᠢᠶᠠᠯᠠᠩ ᠤᠨ ᠡᠷᠣᠭᠡ ᠠᠮᠠ 1.5 ᠳᠦᠮᠡ᠂ 0.75 ᠳᠦᠮᠡᠨ ᠴᠦᠭᠡᠨ ᠳᠣᠭᠠᠳᠣ ᠦᠨᠳᠣᠰᠣᠳᠡᠨ ᠤ ᠭᠦᠮᠦᠨ ᠠᠮᠠ ᠲᠠᠢ᠂ ᠬᠢᠳᠡᠳ ᠦᠨᠳᠣᠰᠣᠳᠡᠨ ᠣᠯᠠᠩᠬᠢ ᠳᠤᠭ᠎ᠠ ᠶᠢ ᠡᠵᠡᠯᠡᠭᠰᠡᠨ ᠴᠦᠭᠡᠨ ᠳᠣᠭᠠᠳᠣ ᠦᠨᠳᠣᠰᠣᠳᠡᠨ ᠳᠦᠪᠯᠡᠷᠡᠨ ᠰᠠᠭᠤᠷᠢᠰᠢᠭᠰᠠᠨ ᠣᠷᠣᠨ ᠪᠣᠯᠣᠨ᠎ᠠ᠃  ᠪᠦᠭᠦ ᠪᠠᠯᠭᠠᠰᠣᠨ ᠳᠤ 22 ᠨᠠᠮ ᠤᠨ ᠡᠭᠦᠷ᠂ 822 ᠨᠡᠮ ᠤᠨ ᠭᠡᠰᠢᠭᠦᠨ ᠲᠠᠢ᠃ ᠣᠯᠵᠠᠴᠢ ᠪᠠᠯᠭᠠᠰᠣ ᠣᠷᠢᠳ ᠬᠤᠵᠢᠳ ︽ᠦᠪᠣᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠡᠷᠡᠭᠦᠯ ᠬᠠᠭᠠᠮᠠᠯᠠᠯ ᠤᠨ ᠳᠡᠷᠢᠭᠦᠨ ᠤ ᠪᠠᠯᠭᠠᠰᠣ︾᠂  ︽ᠦᠪᠣᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠵᠢᠷᠭᠤᠭᠠᠨ ᠣᠳᠣᠨ ᠲᠠᠰ ᠤᠨ ᠪᠣᠯᠪᠠᠰᠣᠨ ᠬᠤᠳᠠ ᠪᠠᠯᠭᠠᠰᠣ︾᠂ ︽ᠣᠷᠳᠣᠰ ᠬᠤᠳᠠ ᠶᠢᠨ ᠰᠣᠶᠣᠯ ᠤᠨ ᠵᠢᠱᠢᠶᠡᠴᠢ ᠪᠠᠯᠭᠠᠰᠣ︾᠂ ᠦᠪᠣᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ︽ᠳᠠᠪᠣᠨ ᠰᠠᠶᠢᠨᠳᠠᠢ︾ ᠰᠢᠶᠠᠩ ᠪᠠᠯᠭᠠᠰᠣ ᠶᠢᠨ ᠨᠠᠮ ᠤᠨ ᠬᠤᠷᠢᠶ᠎ᠠ᠂ ᠣᠷᠳᠣᠰ ᠬᠤᠳᠠ ᠶᠢᠨ ︽ᠠᠷᠪᠡᠨ ᠰᠣᠳᠣᠨ ᠰᠣᠮᠣ ᠰᠢᠶᠠᠩ ᠪᠠᠯᠭᠠᠰᠣ ᠶᠢᠨ ᠨᠠᠮ ᠤᠨ ᠬᠤᠷᠢᠶ᠎ᠠ︾ ᠵᠡᠷᠭᠡ ᠢᠷᠠᠭᠤ ᠠᠯᠳᠠᠷ ᠢ ᠭᠦᠷᠳᠡᠭᠰᠡᠨ ᠪᠡᠶᠢᠨ᠎ᠡ᠃     ᠣᠷᠴᠢᠮ ᠤᠨ ᠵᠢᠯ ᠠᠴᠠ᠂ ᠣᠯᠵᠠᠴᠢ ᠪᠠᠯᠭᠠᠰᠦ ︽ᠨᠠᠮ ᠤᠨ ᠪᠠᠶᠢᠭᠤᠯᠣᠯᠳᠠ ᠪᠠᠷ ᠵᠢᠯᠣᠭᠤᠳᠣᠯᠭ᠎ᠠ ᠪᠣᠯᠭᠠᠵᠣ᠂ ᠠᠵᠣ ᠣᠶᠢᠯᠠᠰ ᠢᠶᠠᠷ ᠲᠠᠶᠢᠴᠢᠯᠠᠨ᠂ ᠠᠷᠠᠳ ᠤᠨ ᠠᠮᠢᠳᠣᠷᠠᠯ ᠢ ᠲᠡᠷᠢᠭᠦᠨ ᠳᠤ ᠲᠠᠯᠪᠢᠬᠤ︾ ᠶᠢ ᠪᠠᠷᠢᠮᠳᠠᠯᠠᠵᠣ᠂     ︽ᠠᠷᠠᠳ ᠲᠤ ᠣᠶᠢᠯᠡᠴᠢᠯᠡᠬᠦ ᠬᠤᠰᠢᠭᠤᠴᠢ᠂ ᠠᠮᠣᠭᠤᠯᠠᠩ ᠰᠠᠶᠢᠬᠠᠨ ᠣᠯᠵᠠᠴᠢ︾ ᠨᠡᠮ ᠤᠨ ᠪᠠᠶᠢᠭᠤᠯᠣᠯᠳᠠ ᠶᠢᠨ ᠨᠠᠷᠡᠳᠦ ᠲᠡᠮᠳᠡᠭ ᠢᠶᠠᠷ ᠲᠠᠶᠢᠴᠢᠯᠠᠨ᠂ ᠰᠠᠭᠤᠷᠢ ᠶᠢ ᠪᠠᠬᠢᠵᠢᠭᠦᠯᠦᠨ ᠪᠠᠶᠢᠷᠢᠯᠠᠭᠤᠯᠣᠯᠳᠠ ᠶᠢ ᠰᠢᠯᠢᠳᠡᠭᠵᠢᠭᠦᠯᠵᠣ᠂ ᠭᠤᠣᠯᠳᠠᠯᠭ᠎ᠠ ᠶᠢ ᠠᠳᠬᠤᠨ ᠲᠣᠳᠠᠭᠤᠳᠠᠯ ᠢᠶᠠᠨ ᠨᠦᠬᠦᠪᠦᠷᠢᠯᠡᠵᠣ᠂ ᠭᠤᠷᠪᠠᠨ ᠶᠡᠭᠡ ᠰᠢᠪᠳᠣᠯᠣᠯᠳᠠ ᠳᠤ ᠬᠦᠴᠦᠯᠡᠨ᠂ ᠬᠦᠳᠡᠭᠡ ᠲᠣᠰᠬᠤᠨ ᠤ ᠬᠦᠭᠵᠢᠭᠦᠯᠦᠯᠳᠡ ᠬᠦᠴᠦᠷᠬᠡᠭᠵᠢᠯ ᠢ ᠠᠬᠢᠭᠤᠯᠵᠣ᠂ ᠠᠷᠠᠳ ᠤᠨ ᠠᠮᠢᠳᠣᠷᠠᠯ ᠤᠨ ᠠᠰᠢᠭ ᠵᠢᠷᠭᠠᠯ ᠢ ᠲᠡᠭᠡᠭᠰᠢᠯᠡᠭᠦᠯᠦᠨ᠂ ᠪᠦᠬᠦ ᠲᠠᠯ᠎ᠠ ᠪᠠᠷ ᠨᠠᠮ ᠢᠶᠠᠨ ᠴᠢᠩᠭ᠎ᠠ ᠵᠠᠰᠠᠬᠤ ᠶᠢ ᠡᠷᠴᠢᠮᠵᠢᠭᠦᠯᠵᠣ᠂ ᠪᠦᠬᠦ ᠪᠠᠯᠭᠠᠰᠣᠨ ᠤ ᠠᠵᠣ ᠠᠬᠤᠢ ᠨᠡᠶᠢᠭᠡᠮ ᠤᠨ ᠴᠢᠨᠠᠷᠯᠢᠭ ᠬᠦᠭᠵᠢᠯᠳᠠ ᠶᠢᠨ ᠰᠢᠨ᠎ᠡ ᠪᠠᠶᠢᠳᠠᠯ ᠢ ᠡᠭᠦᠳᠴᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号