ᠴᠠᠬᠠᠷ ᠨᠠᠷᠠᠨᠳᠠᠯᠠᠢ | | ᠨᠢᠬᠡ | ᠵᠢᠷᠭᠤᠭᠠᠨ ᠨᠠᠰᠤᠳᠠᠢ ᠨᠢᠰᠤᠩᠬᠠᠢ ᠵᠢᠭᠠᠯ ᠪᠠᠶᠢᠬᠤ ᠶᠢᠨ ᠨᠢᠬᠡ ᠥᠳᠡᠰᠢ ᠠᠪᠤ ᠮᠠᠯ ᠢᠶᠠᠨ ᠬᠤᠳᠠᠯᠠᠭᠠᠳ ᠡᠬᠡᠴᠢ ᠪᠢᠳᠠ ᠬᠤᠶᠠᠭᠤᠯᠠ ᠶᠢ ᠲᠠᠭᠠᠭᠤᠯᠵᠤ | ᠴᠠᠭᠠᠨᠳᠤᠯᠤᠭᠠᠢ ᠤᠯᠤᠰ ᠤᠨ ᠤᠢ ᠶᠢᠨ ᠲᠠᠯᠠᠪᠠᠢ ᠳᠤ ᠬᠦᠷᠴᠤ ᠺᠢᠨᠤ᠋ ᠥᠵᠡᠪᠡ᠃ ︽ᠪᠤᠬ᠎ᠠ ᠲᠡᠷᠬᠡᠨ ᠵᠢᠯᠥᠭᠤᠴᠢ ᠶᠢᠨ ᠬᠥᠥ︾᠂ ︽ᠨᠥᠬᠡᠨ ᠵᠠᠮ ᠤᠨ | ᠪᠠᠶᠢᠯᠳᠤᠭᠠᠨ︾ ᠬᠡᠬᠦ ᠬᠤᠶᠠᠷ ᠺᠢᠨᠤ᠋ ᠥᠵᠡᠬᠡᠳ ᠬᠠᠷᠢᠬᠤ ᠪᠤᠯᠬᠤ ᠳᠤ ᠪᠢᠳᠠ ᠬᠤᠶᠠᠷ ᠨᠤᠶᠢᠷ ᠲᠤ ᠪᠠᠨ ᠲᠡᠶᠢᠯᠳᠠᠵᠤ ᠠᠯᠬᠤᠬᠤ ᠲᠡᠩᠬᠡᠬᠡ ᠥᠬᠡᠢ ᠪᠤᠯᠤᠬᠰᠠᠨ ᠲᠤᠯᠠ | ᠠᠪᠤ ᠡᠬᠡᠯᠵᠢᠶᠠ ᠪᠠᠷ ᠡᠬᠦᠷᠴᠤ ᠶᠠᠪᠤᠵᠠᠢ᠃ ᠡᠬᠡᠴᠢ ᠶᠢ ᠡᠬᠦᠷᠬᠦ ᠨᠢ ᠢᠯᠡᠬᠦᠦ ᠲᠠᠢ ᠮᠡᠳᠡᠭᠳᠡᠬᠦ ᠪᠠᠷ ᠪᠢ ᠠᠭᠤᠷᠤᠨ ᠳᠤ ᠪᠠᠨ ᠬᠠᠷᠠᠩᠭᠤᠢ ᠪᠠᠷ ᠡᠮᠤᠨ᠎ᠠ ᠨᠢ ᠬᠥᠶᠤᠨ | ᠬᠠᠷᠢᠵᠤ ᠲᠠᠬᠦᠥ ᠶᠢ ᠤᠨᠳᠠᠭᠤᠯᠤᠭᠠᠳ ᠭᠤᠳᠤᠯ ᠤᠶᠤᠵᠤ ᠰᠠᠭᠤᠬᠰᠠᠨ ᠡᠵᠢ ᠳᠤ ᠪᠠᠨ ᠵᠠᠭᠠᠯᠳᠤᠵᠤ᠄ ︽ᠠᠪᠤ ᠨᠠᠳᠠ ᠶᠠᠭ ᠬᠠᠶᠢᠷ᠎ᠠ ᠥᠬᠡᠢ᠂ ᠮᠠᠭᠤ ᠠᠪᠤ︾ ᠬᠡᠵᠤ | ᠤᠬᠢᠯᠡᠨ ᠬᠠᠶᠢᠯᠵᠤ ᠪᠢᠯᠡ᠃ ᠠᠪᠤ ᠬᠠᠷᠢᠵᠤ ᠢᠷᠡᠬᠡᠳ᠄ ︽ᠡᠷ᠎ᠡ ᠬᠦᠮᠦᠨ ᠪᠠᠶᠢᠵᠤ ᠨᠢᠰᠤ ᠨᠢᠯᠪᠤᠰᠤ ᠪᠠᠨ ᠴᠤᠪᠤᠭᠤᠯᠳᠠᠭ ᠥᠬᠡᠢ ᠶᠤᠮ ᠰᠢᠤ︕ ᠵᠢᠷᠵᠢᠬᠡᠷ | ᠬᠠᠳᠠᠩᠬᠠᠢ ᠡᠬᠡᠴᠢ ᠪᠠᠨ ᠬᠦᠴᠦᠷᠦᠬᠡᠳ ᠪᠠᠶᠢᠵᠤ ᠪᠤᠯᠬᠤ ᠦᠬᠡᠢ ᠰᠢᠦ︾ ᠬᠡᠳ ᠬᠡ ᠬᠡ ᠢᠨᠢᠶᠡᠬᠦ ᠳᠤ ᠶᠠᠷᠤ ᠶᠢᠨ ᠴᠠᠭ ᠡᠬᠡᠴᠢ ᠪᠠᠨ ᠠᠳᠠᠯᠠᠵᠤ ᠡᠷ᠎ᠡ ᠪᠠᠨ | ᠵᠢᠭᠠᠳᠠᠭ ᠯᠤᠷᠵᠤᠤ ᠪᠠᠨ ᠮᠡᠳᠡᠵᠤ ᠪᠠᠶᠢᠪᠠᠴᠤ ᠠᠭᠤᠷ ᠬᠤᠷᠤᠨ ᠤ ᠭᠠᠯ ᠢᠳᠡᠨ ᠲᠡᠬᠡᠷ᠎ᠡ ᠪᠠᠶᠢᠬᠰᠠᠨ ᠪᠤᠯᠬᠤᠷ ᠤᠯᠠᠮ ᠴᠢᠩᠭ᠎ᠠ ᠤᠬᠢᠯᠡᠬᠰᠡᠨ ᠶᠤᠮ ᠡ᠃ ᠤᠯᠠᠨ | ᠬᠡᠤᠬᠡᠳ ᠤᠨ ᠲᠤᠮᠳᠠ ᠤᠨᠴᠠᠭᠠᠢ ᠠᠯᠢᠶ᠎ᠠ ᠲᠤᠶᠢᠳᠬᠡᠷ ᠠᠴᠠ ᠪᠤᠯᠪᠠ ᠤᠤ︖ ᠰᠢᠷᠦᠬᠦᠨ ᠬᠠᠳᠠᠭᠤ ᠰᠠᠨᠠᠬᠳᠠᠳᠠᠭ ᠠᠪᠤ ᠪᠠᠨ ᠨᠠᠳᠠ ᠬᠠᠶᠢᠷ᠎ᠠ ᠥᠬᠡᠢ ᠶᠤᠮ ᠬᠡᠵᠤ | ᠨᠢᠯᠬ᠎ᠠ ᠤᠬᠠᠭᠠᠨ ᠢᠶᠠᠷ ᠤᠶᠢᠯᠭᠠᠵᠤ ᠡᠬᠢᠯᠡᠭᠰᠡᠨ ᠪᠠᠶᠢᠵᠠᠢ᠃ | ᠨᠢᠬᠡ ᠤᠳᠠᠭ᠎ᠠ ᠮᠠᠯ ᠤᠰᠤᠯᠠᠵᠤ ᠲᠤᠮᠤ ᠬᠢᠳᠡᠯ ᠬᠢᠴᠢᠬᠡᠭᠰᠡᠨ ᠬᠡᠷ ᠲᠤ ᠤᠷᠤᠭᠠᠳ ᠬᠥᠷᠥᠬᠡᠭᠰᠡᠨ ᠴᠠᠢ ᠪᠠᠨ ᠤᠤᠭᠤᠬᠤ ᠬᠡᠬᠦ ᠳᠤ ᠬᠠᠵᠠᠭᠤ ᠳᠤ ᠮᠢᠨᠢ | ᠨᠠᠭᠠᠳᠤᠵᠤ ᠪᠠᠶᠢᠬᠰᠠᠨ ᠲᠠᠬᠦᠥ ᠮᠢᠨᠢ ᠮᠢᠨᠥ ᠤᠷᠢᠳᠡᠢ ᠴᠠᠩᠭᠠᠭ᠎ᠠ ᠪᠠᠨ ᠲᠠᠷᠤᠴᠢᠬᠠᠬᠰᠠᠨ ᠪᠠᠶᠢᠵᠠᠢ᠃ ᠶᠡᠬᠡᠮᠡᠳ ᠤᠨ ᠲᠡᠷᠬᠡᠳᠡ ᠠᠮᠠᠷᠬᠠᠨ ᠪᠠᠭᠤᠵᠤ ᠦᠭᠳᠡᠭ ᠦᠬᠡᠢ | ᠲᠡᠬᠦᠦ ᠳᠤ ᠪᠠᠨ ᠠᠭᠤᠷ ᠤᠮᠤᠭ ᠭᠠᠷᠭᠠᠵᠤ ᠴᠠᠢ ᠶᠢᠨ ᠰᠢᠭᠠᠷᠤ ᠶᠢ ᠲᠡᠬᠦᠥ ᠤᠷᠤᠭᠤ ᠰᠠᠴᠤᠵᠤ᠂ ᠬᠡᠷᠡᠯᠳᠤᠵᠤ ᠡᠬᠢᠯᠡᠪᠡᠯ ᠴᠠᠭ᠎ᠠ ᠴᠢᠨᠠᠵᠤ ᠪᠠᠶᠢᠬᠰᠠᠨ ᠡᠵᠢ ᠲᠤᠮᠳᠠ | ᠨᠢ ᠬᠡᠷᠡᠭ ᠰᠢᠬᠦᠵᠤ ᠡᠬᠢᠯᠡᠪᠡ᠃ ᠬᠡᠨ ᠤ ᠬᠥᠷᠥᠬᠡᠭᠰᠡᠨ ᠴᠠᠢ ᠪᠤᠯᠬᠤ ᠳᠤ ᠬᠠᠵᠠᠭᠤ ᠶᠢᠨ ᠬᠡᠷᠡᠴᠢ ᠥᠬᠡᠢ ᠲᠤᠯᠠ ᠲᠡᠬᠦᠥ ᠳᠡᠭᠡᠨ ᠬᠤᠳᠠᠯ ᠠᠶᠢᠯᠠᠳᠳᠠᠭ ᠵᠠᠩ | ᠰᠤᠷᠭᠠᠬᠤ ᠦᠬᠡᠢ ᠬᠡᠵᠤ ᠭᠠᠯ ᠤᠨ ᠰᠢᠨᠠᠭ᠎ᠠ ᠢ ᠰᠢᠬᠦᠷᠡᠵᠤ ᠤᠷᠤᠬᠰᠢ ᠱᠤᠩᠭᠤᠴᠢᠪᠠᠯ ᠠᠳᠣᠭᠤᠨ ᠳᠤ ᠶᠠᠪᠤᠬᠰᠠᠨ ᠠᠪᠤ ᠬᠡᠳᠤᠢ ᠳᠤ ᠨᠢ ᠢᠷᠡᠭᠰᠡᠨ ᠢ ᠮᠡᠳᠡᠭᠰᠡᠨ | ᠥᠬᠡᠢ᠄ ︽ᠮᠠᠭᠤ ᠲᠤᠷᠠᠰᠬ᠎ᠠ︕ ᠤᠳᠤ ᠬᠠᠷᠢᠨ ᠡᠵᠢ ᠳᠡᠭᠡᠨ ᠰᠢᠨᠠᠭ᠎ᠠ ᠲᠠᠯᠠᠶᠢᠬᠤ ᠴᠢᠳᠠᠯᠰᠤᠷᠴᠢᠬᠠᠬᠰᠠᠨ ᠤᠤ︖︾ ᠬᠡᠵᠤ ᠭᠠᠭᠴᠠᠬᠠᠨ ᠵᠠᠩᠳᠤᠷᠤᠯ᠎ᠠ᠃ | ᠬᠡᠯᠢᠰᠳᠡᠵᠤ ᠭᠤᠮᠤᠳᠠᠬᠰᠠᠨ ᠪᠢ ᠣᠷᠣᠢ ᠲᠠᠯᠠᠩ ᠤᠨ ᠴᠠᠭᠠᠭᠤᠷ ᠱᠤᠬᠰᠢᠷᠠᠵᠤ ᠤᠬᠢᠯᠠᠵᠤ ᠪᠠᠶᠢᠬᠰᠠᠭᠠᠷ ᠶᠠᠭᠤ ᠪᠤᠳᠤᠬᠰᠠᠨ ᠢ ᠮᠡᠳᠡᠬᠦ ᠥᠬᠡᠢ ᠭᠤᠷᠪᠠᠨ ᠠᠶᠢᠯ | ᠲᠠᠮᠵᠢᠨ ᠰᠤᠷᠠᠬᠯᠠᠵᠤ᠂ ᠵᠢᠯᠡᠢᠬᠡᠳ ᠬᠡᠳᠤ ᠬᠤᠨᠤᠬᠰᠠᠨ ᠲᠠᠪᠤᠨ ᠢᠮᠠᠭ᠎ᠠ ᠪᠠᠨ ᠤᠯᠵᠤ ᠢᠷᠡᠬᠦ ᠳᠤ ᠬᠠᠷᠤᠢ ᠪᠥᠷᠤᠢ ᠪᠤᠯᠵᠠᠢ᠃ ︽ᠡᠨᠡ ᠮᠠᠭᠤ ᠪᠠᠨᠳᠢ ᠶᠡᠷᠤᠨᠢ ᠬᠡᠨᠡᠨ | ᠬᠡᠷᠡᠭ ᠬᠢᠴᠢᠬᠡᠬᠦ ᠦᠬᠡᠢ ᠪᠢᠵᠡ︕︾ ᠬᠡᠵᠤ ᠠᠪᠤ ᠮᠢᠨᠢ ᠪᠥᠷᠤᠢ ᠪᠤᠯᠳᠠᠯ᠎ᠠ ᠪᠠᠶᠢᠨ ᠲᠠᠬᠢᠨ ᠤᠷᠤᠢ ᠲᠤᠯᠤᠭᠠᠢ ᠲᠠᠭᠠᠵᠤ ᠪᠠᠷ᠎ᠠ ᠬᠠᠷᠠᠵᠤ ᠬᠥᠯᠢᠶᠡᠭᠰᠡᠨ ᠢ ᠡᠵᠢ ᠠᠴᠠ | ᠰᠤᠨᠤᠰᠤᠭᠠᠳ ᠪᠠᠷᠢᠨ ᠢᠳᠡᠬᠡᠭᠰᠡᠨ ᠦᠬᠡᠢ ᠥᠩᠬᠡᠷᠡᠵᠡᠢ᠃ | ᠠᠪᠤ ᠡᠵᠢ ᠬᠤᠶᠠᠭᠤᠯᠠ ᠪᠢᠳᠡ ᠬᠡᠳᠤᠬᠦᠯᠡ ᠳᠤ ᠬᠤᠨᠢ ᠢᠮᠠᠭ᠎ᠠ᠂ ᠦᠬᠡᠷ ᠮᠤᠷᠢ ᠬᠡᠵᠤ ᠭᠠᠭᠴᠠ ᠬᠤᠶᠠᠷ ᠢᠶᠠᠷ ᠪᠦᠷ ᠲᠦᠯ ᠪᠠᠶᠢᠬᠤ ᠠᠴᠠ ᠨᠢ ᠨᠡᠷ᠎ᠡ | ᠵᠢᠭᠠᠭᠠᠨᠠ᠃ ᠬᠤᠶᠠᠷ ᠠᠬ᠎ᠠ ᠪᠦᠰᠡᠬᠦᠢ ᠪᠠᠭᠤᠯᠭᠠᠬᠤ ᠳᠤ ᠨᠠᠷᠠ ᠵᠢᠭᠠᠬᠰᠠᠨ ᠪᠤᠭ ᠮᠠᠯ ᠨᠢ ᠵᠤᠵᠠᠭᠠᠷᠠᠵᠤ ᠰᠦᠷᠦᠭ ᠰᠠᠯᠭᠠᠵᠤ ᠠᠶᠢᠯ ᠪᠦᠯᠢ ᠪᠤᠯᠵᠠᠢ᠃ ᠠᠳᠠᠯᠢ | ᠦᠬᠡᠢ ᠨᠢ ᠬᠡᠪᠡᠯ ᠠᠬ᠎ᠠ ᠡᠬᠡᠴᠢ ᠶᠢᠨ ᠪᠤᠳᠠ ᠮᠠᠯ ᠨᠢ ᠬᠠᠷᠢᠨ ᠬᠡᠨ ᠤ ᠬᠢᠨ ᠴᠤ ᠲᠠᠮᠠᠢ ᠦᠰᠦᠭᠰᠡᠨ ᠦᠬᠡᠢ᠃ ᠨᠠᠳᠠ ᠵᠢᠭᠠᠬᠰᠠᠨ ᠭᠠᠭᠴᠠ ᠦᠬᠢᠨ ᠲᠤᠭᠤᠯ ᠨᠢ | ᠦᠰᠦᠬᠡᠳ ᠠᠷᠪᠠᠭᠠᠳ ᠠᠯᠠᠭ ᠲᠠᠷᠯᠠᠨ ᠥᠬᠡᠷ ᠪᠤᠯᠵᠠᠢ᠃ ᠪᠢ ᠲᠤᠮᠳᠠ ᠲᠤᠰᠬᠠᠢ ᠮᠡᠷᠬᠡᠵᠢᠯ ᠤᠨ ᠰᠤᠷᠭᠠᠭᠤᠯᠢ ᠳᠤ ᠰᠢᠯᠭᠠᠬᠳᠠᠵᠤ ᠤᠷᠤᠬᠰᠠᠨ ᠵᠢᠯ ᠬᠡᠳᠤᠨ ᠦᠬᠡᠷ | ᠮᠢᠨᠢ ᠬᠡᠨᠡᠳᠳᠡ ᠪᠠᠷ᠎ᠠ ᠲᠠᠰᠤᠷᠠᠵᠠᠢ᠃ ᠠᠪᠤ ᠪᠤᠰᠤᠤᠨ ᠤᠨ ᠨᠡᠷ᠎ᠡ ᠵᠢᠭᠠᠬᠰᠠᠨ ᠢ ᠪᠦᠷ ᠠᠮᠠᠯᠳᠤᠬᠰᠠᠨ ᠶᠤᠰᠤᠭᠠᠷ ᠡᠵᠡᠨ ᠳᠤ ᠨᠢ ᠲᠤᠰᠢᠶᠠᠵᠤ ᠪᠠᠶᠢᠭᠠᠳ ᠭᠠᠭᠴᠠᠬᠠᠨ | ᠮᠦᠬᠡᠷᠡᠳᠡᠭ ᠲᠤᠭᠤᠯ ᠴᠤ ᠦᠯᠡᠳᠡᠬᠡᠭᠰᠡᠨ ᠦᠬᠡᠢ᠂ ᠨᠠᠳᠠ ᠶᠢ ᠪᠠᠰᠠ ᠭᠠᠳᠠᠭᠤᠷᠴᠢᠯᠠᠯᠠ ᠬᠡᠵᠤ ᠠᠪᠤ ᠳᠤ ᠪᠦᠬᠡᠮ ᠰᠠᠨᠠᠯ ᠪᠤᠯᠪᠠ᠃ ᠠᠬ᠎ᠠ ᠡᠬᠡᠴᠢ ᠲᠦᠷᠪᠡᠬᠦᠯᠡ | ᠲᠠᠷᠠᠭᠠᠯᠠᠨ ᠬᠤᠷᠢᠮ ᠬᠢᠵᠤ ᠪᠦᠯᠢ ᠤᠯᠠᠨᠳᠠᠢ ᠠᠶᠢᠯ ᠳᠤ ᠠᠵᠤ ᠠᠬᠤᠢ ᠶᠢᠨ ᠬᠦᠨᠳᠤ ᠲᠠᠷᠤᠭᠠᠰᠤ ᠤᠴᠠᠷᠠᠵᠤ ᠬᠡᠳᠤᠨ ᠦᠬᠡᠷ ᠤᠨ ᠠᠴᠢ ᠪᠠᠷ ᠮᠡᠷᠬᠡᠵᠢᠯ ᠤᠨ | ᠰᠤᠷᠭᠠᠭᠤᠯᠢ ᠳᠤ ᠨᠡᠷ᠎ᠡ ᠮᠡᠳᠡᠬᠦᠯᠵᠤ ᠴᠢᠳᠠᠬᠰᠠᠨ ᠢ ᠨᠠᠰᠤ ᠪᠠᠭ᠎ᠠ ᠴᠢᠰᠤ ᠰᠢᠩᠬᠡᠨ ᠪᠢ ᠶᠠᠭᠠᠬᠢᠨ ᠤᠬᠠᠬᠤ ᠪᠢᠯᠡ᠃ | ᠬᠡᠷ ᠢᠶᠠᠷ ᠢᠶᠠᠨ ᠨᠠᠳᠠ ᠶᠢ ᠴᠤᠬᠤᠮ ᠬᠡᠷᠡᠭ ᠤᠨ ᠡᠴᠢᠬᠡ ᠬᠡᠳᠡᠭ ᠶᠤᠮ᠃ ᠪᠠᠶᠢᠬᠰᠠᠨ ᠪᠦᠬᠦᠨ ᠢ ᠤᠳᠤᠵᠤ ᠠᠭᠤᠳᠠᠯᠠᠨ᠂ ᠪᠦᠬᠦ ᠠᠪᠳᠠᠷ᠎ᠠ ᠱᠦᠬᠦᠢ ᠶᠢ | ᠡᠷᠬᠢᠬᠦᠯᠳᠡᠵᠤ᠂ ᠶᠡᠬᠡᠮᠡᠳ ᠬᠤᠷᠢᠶᠠᠬᠰᠠᠨ ᠶᠠᠭᠤᠮ᠎ᠠ ᠪᠠᠨ ᠤᠯᠬᠤ ᠦᠬᠡᠢ ᠪᠤᠯ ᠪᠦᠬᠦᠨ ᠢᠶᠠᠷ ᠢᠶᠠᠨ ᠮᠢᠨᠦ ᠬᠢᠭᠰᠡᠨ ᠦᠷ᠎ᠡ ᠪᠦᠳᠦᠬᠡᠯ ᠪᠤᠯᠬᠤ ᠨᠢ ᠠᠰᠠᠭᠤᠯᠳᠠ ᠦᠬᠡᠢ | ᠲᠤᠳᠤᠷᠬᠠᠢ ᠬᠡᠨ᠎ᠡ᠃ ᠰᠠᠶᠢᠨ ᠨᠡᠷ᠎ᠡ ᠤᠯᠬᠤ ᠬᠡᠵᠤ ᠴᠢᠷᠮᠡᠶᠢᠬᠰᠡᠨ ᠴᠤ ᠲᠦᠷᠰᠦ ᠦᠬᠡᠢ ᠬᠡᠤᠬᠡᠳ ᠲᠤ ᠬᠡᠵᠢᠶᠡᠳᠡ ᠦᠬᠡᠳᠡ ᠦᠬᠡᠢ ᠤᠴᠢᠷ ᠲᠤᠬᠢᠶᠠᠯᠳᠤᠳᠠᠭ | ᠪᠤᠯᠤᠯᠳᠠᠢ᠃ ᠬᠠᠶᠠ ᠡᠵᠢ ᠳᠤ ᠬᠠᠪᠰᠤᠷᠤᠨ ᠴᠠᠢ ᠤᠰᠤ ᠤᠶᠢᠷᠳᠤᠭᠤᠯᠳᠠᠭ ᠴᠤ ᠠᠪᠳᠠᠷ᠎ᠠ ᠲᠠᠪᠢᠯᠭ᠎ᠠ ᠨᠢ ᠦᠨᠳᠤᠷ ᠪᠠᠶᠢᠵᠤ᠂ ᠤᠨᠠᠵᠤ ᠪᠦᠳᠤᠷᠡᠨ ᠦᠪᠡᠷ ᠢ ᠪᠠᠨ | ᠪᠤᠴᠠᠯᠤᠬᠰᠠᠨ ᠴᠠᠢ ᠤᠰᠤ ᠪᠠᠷ ᠲᠦᠯᠡᠵᠤ ᠤᠰᠤᠨ ᠤ ᠰᠠᠪᠠ ᠶᠢ ᠬᠠᠭᠠᠯᠵᠤ ᠤᠷᠬᠢᠳᠠᠭ᠃ ᠪᠦᠳᠦᠨ ᠨᠢᠭᠤᠷ ᠰᠢᠳᠤᠨ ᠤ ᠦ ᠲᠦᠷᠬᠢᠵᠤ ᠪᠠᠷᠤᠭᠠᠷ ᠴᠢᠷᠡᠢ ᠲᠠᠢ | ᠠᠪᠤ ᠢᠷᠡᠬᠦ ᠳᠤ ᠰᠢᠷᠦᠬᠦᠨ ᠵᠠᠩᠳᠤᠷᠠᠬᠤ ᠡᠰᠡᠬᠦᠯ᠎ᠠ ᠨᠠᠷᠢᠨ ᠰᠢᠷᠭ᠎ᠠ ᠡᠬᠦᠷᠬᠦ ᠴᠤ ᠪᠤᠯᠪᠠ ᠤᠤ︖ ᠬᠡᠵᠤ ᠠᠶᠤᠵᠤ ᠲᠠᠬᠵᠢᠨ ᠰᠠᠭᠤᠬᠤ ᠳᠤ ᠡᠵᠢ ᠲᠡᠭᠳᠡᠬᠡᠬᠡᠢ ᠪᠠᠨ | ᠬᠠᠷᠠᠮᠨᠠᠬᠰᠠᠨ ᠰᠢᠪᠠᠭᠤ ᠰᠢᠭ᠋ ᠡᠮᠤᠨ᠎ᠡ ᠠᠴᠠ ᠨᠢ ᠠᠵᠢᠯ ᠬᠢᠳᠡᠯ ᠳᠤ ᠬᠠᠪᠰᠤᠷᠠᠬᠰᠠᠨ ᠭᠠᠪᠢᠶ᠎ᠠ ᠶᠢ ᠢᠯᠡᠬᠦᠦ ᠲᠠᠢ ᠲᠤᠷᠠᠳᠴᠤ ᠬᠠᠳᠠᠭᠤ ᠵᠢᠮᠡᠯᠡᠬᠦ ᠠᠶᠤᠯ ᠠᠴᠠ | ᠠᠪᠤᠷᠠᠵᠤ ᠭᠠᠷᠭᠠᠳᠠᠭ ᠪᠠᠶᠢᠵᠠᠢ᠃ ᠬᠡᠬᠦ ᠳᠤ ᠪᠢ ᠪᠤᠯ ᠲᠤᠳᠤᠷ᠎ᠠ ᠪᠠᠨ ᠬᠤᠷᠤᠰᠤᠯ ᠡᠪᠤᠷᠯᠠᠵᠤ ᠪᠠᠶᠢᠳᠠᠭ᠃ ᠬᠠᠯᠠᠭᠤᠨ ᠤᠰᠤᠨ ᠰᠠᠪᠠ ᠬᠠᠭᠠᠷᠠᠪᠠᠯ ᠬᠤᠳᠠᠯᠳᠤᠨ | ᠠᠪᠴᠤ ᠪᠤᠯᠤᠨ᠎ᠠ᠂ ᠬᠦᠦ ᠶᠢᠨ ᠴᠢᠨᠢ ᠲᠤᠯᠤᠭᠠᠢ ᠨᠢᠭᠤᠷ ᠰᠢᠷᠬ᠎ᠠ ᠰᠤᠷᠪᠢ ᠰᠠᠭᠤᠵᠤ ᠬᠡᠮᠳᠤᠪᠠᠯ ᠶᠠᠭᠠᠬᠢᠬᠤ ᠶᠤᠮ ᠪᠤᠢ︖ ᠠᠪᠤ ᠨᠠᠳᠠ ᠬᠠᠶᠢᠷ᠎ᠠ ᠦᠬᠡᠢ ᠶᠤᠮ | ᠴᠢᠨᠢ ᠡᠨᠡ ᠶᠤᠰᠤ ᠶᠢ ᠤᠶᠢᠯᠭᠠᠬᠤ ᠦᠬᠡᠢ ᠬᠡᠵᠤ ᠪᠤᠳᠤᠨ᠎ᠠ︕ ᠦᠨᠡᠨ ᠳᠤ ᠪᠠᠨ ᠠᠪᠤ ᠶᠢᠨ ᠴᠢᠩᠭ᠎ᠠ ᠰᠢᠷᠤᠬᠦᠨ ᠬᠠᠷᠠᠴᠠ᠂ ᠭᠠᠭᠴᠠ ᠴᠢᠩᠭ᠎ᠠ ᠵᠢᠮᠡᠯᠡᠬᠦ ᠪᠤᠯᠭᠠᠨ | ᠳᠤ ᠪᠢᠳᠡ ᠪᠤᠯ ᠶᠠᠭᠤ ᠨᠢᠬᠡᠨ ᠨᠢ ᠪᠤᠷᠤᠭᠤᠳᠠᠭᠠᠳ ᠪᠠᠶᠢᠭ᠎ᠠ ᠪᠠᠨ ᠮᠡᠳᠡᠷᠡᠬᠡᠳ ᠢᠷᠡᠨ᠎ᠡ᠃ ᠬᠠᠷᠢᠨ ᠪᠢᠳᠡ ᠬᠡᠳᠤᠬᠦᠯᠡ ᠶᠢ ᠪᠤᠯ ᠲᠡᠯᠡᠳᠴᠤ ᠨᠢᠰᠠᠯᠠᠬᠤ ᠶᠢ ᠴᠤ | ᠮᠡᠳᠡᠬᠦ ᠦᠬᠡᠢ ᠪᠠᠶᠢᠵᠠᠢ᠃ ᠨᠠᠳᠠ ᠶᠢ ᠭᠤᠯᠤᠳᠠᠭ ᠠᠪᠤ ᠬᠡᠵᠤ ᠪᠤᠷᠤᠭᠤ ᠰᠠᠨᠠᠳᠠᠭ ᠴᠤ ᠪᠢᠳᠡᠬᠦᠦ ᠳᠤ ᠪᠠᠨ ᠠᠪᠤ ᠶᠢᠨ ᠰᠦᠷ ᠬᠡᠵᠤ ᠦᠯᠢᠬᠡᠷ ᠤᠨ ᠵᠠᠩᠵᠤᠨ ᠪᠠᠭᠠᠳᠤᠷ | ᠬᠡᠵᠤ ᠮᠡᠳᠡᠷᠡᠵᠤ ᠡᠬᠢᠯᠡᠵᠤ ᠰᠠᠨ︕ | ᠠᠪᠤ ᠨᠠᠳᠠ ᠬᠠᠶᠢᠷ᠎ᠠ ᠥᠬᠡᠢ ᠶᠤᠮ ᠬᠡᠳ ᠪᠢ ᠨᠤᠮ ᠰᠤᠷᠴᠤ ᠬᠤᠯᠠ ᠶᠠᠪᠤᠨ᠎ᠠ ᠬᠡᠵᠤ ᠬᠠᠷ᠎ᠠ ᠪᠠᠭ᠎ᠠ ᠠᠴᠠ ᠵᠤᠷᠢᠭ ᠰᠢᠭᠤᠳᠤᠬᠰᠠᠨ ᠨᠢᠬᠡᠨ ᠪᠢᠯᠡ᠃ 15 | ᠨᠠᠰᠤᠳᠠᠢ ᠲᠤᠮᠳᠠ ᠵᠡᠷᠭᠡ ᠶᠢᠨ ᠲᠤᠰᠬᠠᠢ ᠮᠡᠷᠬᠡᠵᠢᠯ ᠤᠨ ᠰᠤᠷᠭᠠᠭᠤᠯᠢ ᠳᠤ ᠡᠯᠰᠡᠭᠳᠡᠵᠤ᠂ ᠠᠪᠤ ᠨᠠᠳᠠ ᠶᠢ ᠰᠤᠷᠭᠠᠭᠤᠯᠢ ᠳᠤ ᠬᠦᠷᠬᠡᠵᠡᠢ᠃ ᠡᠵᠢ ᠬᠦᠷᠬᠡᠬᠦ ᠶᠢ | ᠬᠦᠰᠡᠵᠤ ᠪᠠᠶᠢᠬᠰᠠᠨ ᠴᠤ ᠡᠵᠢ ᠮᠢᠨᠢ ᠪᠠᠯᠠᠷ ᠤᠨ ᠬᠤᠳᠤᠭᠤᠷ ᠠᠴᠠ ᠪᠠᠨ ᠵᠠᠶᠢᠳᠠᠵᠤ ᠦᠵᠡᠭᠡ ᠥᠬᠡᠢ ᠬᠦᠮᠦᠨ᠃ ᠠᠪᠤ ᠪᠤᠯ ᠬᠤᠯᠠ ᠶᠠᠪᠤᠵᠤ ᠨᠢᠳᠤ ᠲᠠᠶᠢᠯᠤᠬᠰᠠᠨ | ᠨᠢᠬᠡᠨ᠃ ᠬᠡᠳᠤᠶᠢᠪᠠᠷ ᠲᠠᠪᠤᠨ ᠵᠠᠭᠤᠨ ᠺᠢᠯᠤᠮᠧᠲ᠋ᠧᠷ ᠤᠨ ᠬᠤᠯᠠ ᠴᠤ ᠲᠤᠬᠠᠢ ᠶᠢᠨ ᠦᠶ᠎ᠡ ᠵᠠᠮ ᠨᠡᠪᠳᠡᠷᠯᠡᠭᠡ ᠬᠤᠴᠤᠷᠠᠩᠭᠤᠢ ᠪᠤᠯᠬᠤᠷ ᠬᠤᠶᠠᠷ ᠡᠳᠤᠷ ᠬᠠᠭᠠᠰ | ᠡᠬᠡᠯᠵᠢ ᠶᠢᠨ ᠮᠠᠰᠢᠨ ᠳᠤ ᠰᠠᠭᠤᠵᠤ ᠨᠠᠷᠠ ᠮᠡᠳᠡᠬᠦᠯᠥᠬᠡᠳ᠂ ᠡᠷᠬᠢᠵᠤ ᠠᠪᠤ ᠪᠠᠨ ᠮᠠᠰᠢᠨ ᠲᠡᠷᠬᠡᠨ ᠤ ᠥᠷᠳᠡᠬᠡᠨ ᠳᠤ ᠬᠥᠷᠬᠡᠪᠡ᠃ ᠰᠠᠯᠬᠤ ᠶᠢᠨ ᠦᠶᠡᠨᠠᠳᠠ ᠳᠤ | ᠬᠥᠮᠥᠨ ᠤ ᠭᠠᠵᠠᠷ ᠶᠠᠭᠤ ᠬᠢᠴᠢᠶᠡᠬᠦ ᠬᠡᠬᠦ ᠮᠡᠳᠤ ᠤᠯᠠᠨ ᠶᠠᠭᠤᠮ᠎ᠠ ᠶᠠᠷᠢᠬᠰᠠᠨ᠃ ᠬᠠᠶᠢᠷ᠎ᠠ ᠦᠬᠡᠢ ᠪᠠᠶᠢᠭᠠᠳ ᠶᠠᠭᠤᠨᠢ ᠬᠠᠭᠤᠷᠮᠠᠬᠯᠠᠬᠤ ᠶᠤᠮ ᠪᠤᠢ ᠬᠡᠵᠤ ᠬᠦᠰᠢᠬᠦᠨ | ᠪᠤᠳᠤᠯ ᠡᠪᠤᠷᠯᠠᠵᠤ ᠲᠤᠷᠰᠢᠵᠤ ᠦᠵᠡᠬᠦ ᠰᠠᠨᠠᠭ᠎ᠠ ᠲᠠᠢ ᠪᠤᠴᠠᠬᠤ ᠳᠤ ᠪᠠᠨ ᠭᠠᠭᠴᠠ ᠵᠡᠬᠡᠯᠢ ᠤᠷᠢᠶᠠᠨ ᠬᠦᠶᠦᠵᠤ ᠲᠠᠯᠳᠠ ᠠᠴᠠ ᠦᠷᠳᠡᠬᠡᠨ ᠤ ᠲᠡᠷᠬᠡ ᠬᠦᠯᠢᠶᠡᠬᠦ | ᠲᠢᠩᠬᠢᠮ ᠢ ᠴᠠᠬᠳᠠᠪᠠᠯ ᠠᠪᠤ ᠬᠡᠨᠡᠭ ᠦᠬᠡᠶᠢᠬᠡᠨ ᠲᠠᠮᠡᠬᠢ ᠲᠠᠳᠠᠵᠤ ᠰᠠᠭᠤᠬᠤ ᠶᠤᠮ ᠪᠢᠯᠡ᠃ ᠦᠪᠡᠷ ᠤᠨ ᠨᠤᠳᠠᠯᠤᠯᠳᠠ ᠪᠠᠨ ᠪᠠᠳᠤᠯᠠᠭᠠᠳ ᠰᠠᠨᠠᠭ᠎ᠠ ᠶᠡᠭᠡ ᠠᠮᠤᠷᠴᠤ | ᠰᠤᠷᠭᠠᠭᠤᠯᠢ ᠶᠢᠨ ᠵᠦᠭ ᠬᠠᠷᠡᠶᠢᠯᠭᠠᠬᠰᠠᠨ ᠶᠤᠮ ᠡ᠃ ᠬᠠᠷᠢᠨ ᠠᠵᠢᠯ ᠳᠤ ᠤᠷᠤᠬᠰᠠᠨ ᠬᠤᠶᠢᠨ᠎ᠠ ᠲᠡᠷᠡ ᠤᠳᠠᠭᠠᠨ ᠤ ᠨᠢᠭᠤᠴᠡ ᠲᠤᠬᠯᠠᠭᠠᠮ ᠳᠤ ᠪᠢ | ᠱᠦᠬᠦᠭᠳᠡᠭᠰᠡᠨ ᠢᠶᠠᠨ ᠮᠡᠳᠡᠵᠡᠢ᠃ ᠮᠢᠨᠦ ᠵᠢᠭᠠᠬᠠᠨ ᠮᠡᠭᠡ ᠬᠦᠷᠦᠬᠡᠰᠤ ᠪᠠᠨ ᠤᠷᠬᠠᠯᠠᠬᠤ ᠪᠠᠷ ᠴᠠᠬᠳᠠᠨ ᠬᠦᠯᠢᠶᠡᠭᠰᠡᠨ ᠠᠩᠴᠢᠨ ᠮᠡᠳᠤ ᠠᠪᠤ ᠶᠢᠨ ᠬᠢᠷᠠᠬᠠᠢ ᠨᠢᠳᠤᠨ | ᠠᠴᠠ ᠬᠤᠷᠤᠮ ᠴᠤ ᠪᠤᠯᠳᠠᠵᠤ ᠴᠢᠳᠠᠬᠰᠠᠨ ᠦᠬᠡᠢ ᠪᠠᠶᠢᠵᠠᠢ᠃ | — — ᠡᠨᠡ ᠬᠥᠥ ᠴᠤ ᠵᠤᠷᠢᠭ ᠲᠠᠢ ᠶᠤᠮ ᠡ᠃ ᠬᠠᠷᠢᠨ ᠨᠠᠳᠠ ᠶᠢ ᠶᠠᠭᠠᠬᠢᠴᠢᠬᠠᠬᠤ ᠪᠤᠯᠪᠠ ᠤᠤ ᠬᠡᠵᠤ ᠰᠢᠯᠭᠠᠵᠤ ᠪᠠᠶᠢᠳᠠᠭ ᠨᠢᠬᠡᠨ ᠰᠢᠤ᠃ ᠥᠬᠡ ᠰᠢᠯᠥᠭ | ᠴᠤ ᠨᠠᠪᠳᠠᠷᠠᠯᠴᠡᠬᠦ ᠥᠬᠡᠢ ᠬᠠᠷᠢ ᠬᠤᠯᠠ ᠶᠢᠨ ᠬᠢᠳᠡᠳᠭᠠᠵᠠᠷ ᠨᠢᠯᠬ᠎ᠠ ᠪᠠᠭ᠎ᠠ ᠶᠠᠭᠤᠮ᠎ᠠ ᠶᠢ ᠬᠠᠶᠠᠴᠢᠬᠠᠭᠠᠳ ᠬᠡᠵᠤ ᠪᠤᠳᠤᠬᠤ ᠳᠤ ᠨᠢᠳᠤ ᠵᠠᠶᠢᠷᠠᠳᠤᠭᠠᠳ ᠨᠢᠯᠪᠤᠰᠤ | ᠪᠠᠨ ᠵᠠᠯᠬᠢᠨ ᠨᠤᠳᠤᠭ ᠪᠤᠴᠠᠬᠰᠠᠨ ᠶᠤᠮ ᠡ ᠬᠡᠵᠤ ᠠᠶᠢᠯ ᠤᠨ ᠠᠪᠠᠭ᠎ᠠ ᠳᠤ ᠶᠠᠷᠢᠬᠤ ᠶᠢ ᠰᠤᠨᠤᠰᠤᠬᠰᠠᠨ ᠪᠢᠯᠡ᠃ ᠬᠠᠶᠠ ᠰᠤᠬᠳᠤᠪᠠᠯ ᠤᠶᠠᠷᠠᠵᠤ ᠰᠠᠭᠤᠳᠠᠭ | ᠪᠤᠯᠪᠠᠴᠤ ᠨᠢᠯᠪᠤᠰᠤ ᠦᠬᠡᠢ ᠪᠠᠷᠠᠭᠠᠨ ᠬᠠᠳᠠᠭᠤ ᠬᠠᠳᠠ ᠴᠢᠯᠠᠭᠤ ᠮᠡᠳᠤ ᠠᠪᠤ ᠶᠢᠨ ᠡᠨᠡ ᠦᠬᠡ ᠶᠢ ᠬᠡᠳᠤᠨ ᠵᠢᠯ ᠤᠨ ᠲᠠᠷᠠᠭ᠎ᠠ ᠤᠯᠵᠤ ᠰᠤᠨᠤᠰᠤᠭᠠᠳ ᠬᠠᠮᠠᠷ | ᠪᠤᠷᠬᠢᠷᠡᠵᠤ ᠨᠢᠯᠪᠤᠰᠤ ᠬᠠᠰᠢᠯᠭ᠎ᠠ ᠰᠡᠳᠡᠯᠤᠭᠰᠡᠨ ᠦᠶᠡᠷ ᠰᠢᠭ ᠠᠰᠬᠠᠷᠠᠵᠤ ᠪᠢᠯᠡ᠃ | ᠠᠪᠤ ᠨᠠᠳᠠ ᠬᠠᠶᠢᠷ᠎ᠠ ᠦᠬᠡᠢ ᠬᠡᠵᠤ ᠠᠳᠡᠬᠦᠷᠡᠵᠤ ᠶᠠᠪᠤᠬᠰᠠᠨ ᠪᠠᠭ᠎ᠠ ᠨᠠᠰᠤ ᠮᠢᠨᠢ ᠬᠦᠬᠡᠷᠦᠬᠦᠢ ᠯᠠ ᠪᠠᠶᠢᠵᠠᠢ᠃ ᠠᠪᠤ ᠪᠤᠯᠭᠠᠨ ᠤ ᠬᠠᠶᠢᠷ᠎ᠠ ᠪᠠᠨ ᠢᠯᠡᠷᠡᠬᠦᠯᠬᠦ | ᠠᠷᠭ᠎ᠠ ᠨᠢ ᠠᠳᠠᠯᠢ ᠥᠬᠡᠢ ᠪᠦᠬᠡᠳ ᠬᠡᠤᠬᠡᠳ ᠪᠤᠯᠭᠠᠨ ᠳᠤ ᠪᠠᠰᠠ ᠴᠤ ᠢᠯᠭᠠᠭ᠎ᠠ ᠲᠠᠢ ᠪᠠᠶᠢᠵᠤ ᠪᠤᠯᠬᠤ ᠶᠢ ᠦᠪᠡᠷ ᠢᠶᠠᠨ ᠦᠬᠢᠨ ᠲᠠᠢ ᠪᠤᠯᠤᠭᠠᠳ ᠯᠡ ᠤᠶᠢᠯᠭᠠᠵᠤ | ᠡᠬᠢᠯᠡᠭᠰᠡᠨ ᠶᠤᠮ ᠳ᠋ᠠ᠃ | | | ᠬᠤᠶᠠᠷ | ᠠᠪᠤ ᠬᠡᠵᠤ ᠨᠤᠳᠤᠭ ᠤᠷᠤᠨ ᠳᠤ ᠪᠠᠨ ᠨᠠᠷᠡᠳᠠᠢ ᠪᠥᠬᠡᠴᠢᠨ᠂ ᠤᠯᠠᠨ ᠤ ᠲᠤᠮᠳᠠ ︽ᠣᠳᠤᠭ ᠤᠨ ᠬᠠᠷ᠎ᠠ︾᠂ ︽ᠬᠦᠬᠡ ᠮᠡᠯᠡᠬᠡᠢ︾ ᠂ ︽ᠬᠠᠷ᠎ᠠ ᠰᠠᠸᠠᠩ︾ | ᠬᠡᠳ ᠯᠠ ᠪᠠᠷᠢᠯᠳᠤᠵᠤ ᠶᠠᠪᠤᠬᠤ ᠳᠤ ᠪᠠᠨᠴᠤᠯᠠ ᠮᠢᠨᠳᠠᠭ ᠵᠶ᠋ᠡᠨᠤᠶᠢᠷᠡ ᠵᠡᠷᠬᠡᠯᠳᠡᠭᠡ ᠬᠡᠳᠤᠨ ᠬᠤᠰᠢᠭᠤᠨ ᠳᠤ ᠪᠠᠨ ᠠᠯᠳᠠᠷᠰᠢᠭᠤᠯᠵᠤ ᠶᠠᠪᠤᠬᠰᠠᠨ ᠬᠥᠮᠥᠨ ᠶᠤᠮ᠃ | ᠵᠢᠷᠠᠨ ᠬᠡᠳᠤᠨ ᠤᠨ ᠳᠤ ᠬᠤᠷᠢ ᠥᠩᠬᠡᠷᠡᠭᠰᠡᠨ ᠵᠠᠯᠠᠭᠤ᠂ ᠬᠠᠮᠳᠤ ᠶᠢᠨ ᠠᠳᠤᠭᠤᠨ ᠤᠳᠤᠷ ᠢᠶᠠᠷ ᠱᠠᠷᠯᠢᠭ ᠬᠥᠩᠱᠧ ᠶᠢᠨ ᠥᠯᠵᠡᠶᠢᠴᠠᠶᠢᠳᠠᠮ᠂ ᠰᠢᠷᠳᠡᠭ ᠤᠨ | ᠴᠠᠶᠢᠳᠠᠮ ᠳᠤ ᠪᠠᠶᠢᠬᠤ ᠳᠤ ᠪᠠᠨ ᠱᠠᠷᠯᠢᠭ ᠤᠨ ᠨᠠᠭᠠᠳᠤᠮ ᠳᠤ ᠣᠴᠢᠵᠤ ᠪᠥᠬᠡ ᠶᠢᠨ ᠳ᠋ᠤᠭᠠᠷ ᠲᠤ ᠤᠷᠤᠵᠤ᠂ ᠰᠡᠬᠦᠯᠡᠷ ᠨᠢ ᠰᠤᠪᠤᠷᠭ᠎ᠠ ᠶᠢᠨ ᠰᠥᠮ᠎ᠠ᠂ ᠱᠠᠷᠯᠢᠭ ᠤᠨ | ᠰᠥᠮ᠎ᠠ ᠶᠢᠨ ᠴᠠᠮ ᠲᠡᠬᠡᠷ᠎ᠡ ᠤᠯᠠᠨᠤᠳᠠᠭᠠ ᠬᠥᠷᠴᠤ ᠬᠤᠶᠠᠷ ᠤᠳᠠᠭ᠎ᠠ ᠲᠡᠷᠢᠬᠦᠨ ᠱᠠᠩ ᠠᠪᠴᠤ ᠥᠩᠬᠡᠷᠡᠪᠡ᠃ ᠤᠷᠳᠤᠰ ᠪᠦᠬᠡ ᠶᠢᠨ ᠲᠠᠷᠬᠠᠨ ᠠ᠊ · ᠷᠢᠨᠴᠢᠨ᠂ | ᠪᠤᠬ᠎ᠠ ᠲᠠᠯᠠᠨᠳᠠᠢ ᠪᠤᠯᠤᠨ ᠪᠦᠬᠡᠴᠢᠨ ᠱᠠᠯᠵᠠ ᠲᠢᠨᠽᠢᠨ᠂ ᠥᠷᠯᠥᠬᠦᠳ ᠬᠡᠶᠢᠷᠡᠪ ᠲᠠᠢ ᠰᠠᠶᠢᠨ ᠨᠥᠬᠦᠷᠯᠡᠵᠤ ᠨᠤᠳᠤᠭ ᠤᠨ ᠨᠠᠭᠠᠳᠤᠮ᠂ ᠤᠪᠤᠭ᠎ᠠ ᠨᠠᠶᠢᠷ ᠢᠶᠠᠷ ᠪᠥᠷ | ᠬᠠᠷᠢᠯᠴᠠᠨ ᠤᠨᠠᠭᠠᠵᠤ ᠪᠠᠶᠢᠬᠰᠠᠨ ᠪᠥᠬᠡᠳ ᠤᠯᠠᠨ ᠤᠳᠠᠭ᠎ᠠ ᠪᠥᠬᠡ ᠶᠢᠨ ᠱᠠᠩ ᠠᠪᠴᠤ ᠪᠠᠶᠢᠬᠰᠠᠨ ᠲᠡᠤᠬᠡ ᠲᠠᠢ᠃ ᠪᠡᠶ᠎ᠡ ᠨᠢ ᠪᠤᠭᠤᠨᠢᠪᠳᠤᠷ ᠴᠤ ᠬᠦᠴᠦ | ᠲᠤᠷᠪᠢᠳᠡᠢ᠂ ᠪᠥᠬᠡ ᠶᠢᠨ ᠮᠡᠭᠡ ᠮᠡᠷᠬᠡᠵᠢᠯ ᠠᠷᠪᠢᠨ ᠪᠠᠶᠢᠳᠠᠭ ᠠᠴᠠ ᠨᠡᠷᠡᠳᠡᠢ ᠪᠥᠬᠡ ᠪᠤᠯᠵᠤ ᠴᠢᠳᠠᠵᠠᠢ᠃ ᠲᠠᠰᠢᠯᠠᠭᠠ᠂ ᠲᠤᠬᠳᠤᠷᠤᠯᠭᠠ᠂ ᠮᠤᠰᠬᠢᠯᠠᠭᠠ᠂ ᠡᠬᠦᠷᠤᠬᠡ | ᠵᠡᠷᠬᠡ ᠮᠡᠭᠡ ᠮᠡᠷᠬᠡᠵᠢᠯ ᠢ ᠮᠠᠰᠢ ᠡᠪᠳᠡᠢ ᠤᠯᠠᠷᠢᠭᠤᠯᠤᠨ ᠬᠡᠷᠡᠭᠯᠡᠵᠤ ᠨᠡᠩ ᠴᠤ ᠤᠬᠰᠠᠷᠠᠭ᠎ᠠ ᠲᠤᠬᠳᠤᠷᠤᠯᠭᠠ ᠶᠢ ᠵᠠᠯᠭᠠᠭ᠎ᠠ ᠪᠠᠷ ᠬᠢᠳᠡᠭ ᠪᠠᠶᠢᠵᠤ᠂ ᠬᠠᠷ᠎ᠠ ᠰᠠᠸᠠᠩ ᠤᠨ | ᠠᠷᠪᠠᠨ ᠨᠢᠬᠡᠨ ᠲᠤᠬᠳᠤᠷᠤᠯᠭᠠ ᠬᠡᠵᠤ ᠬᠡᠯᠡᠯᠴᠡᠳᠡᠭ ᠪᠠᠶᠢᠵᠠᠢ᠃ | ᠲᠠᠯᠠᠨ ᠲᠤᠯᠤᠭᠠᠨ ᠤᠨ ᠳᠤ ᠨᠠᠩᠰᠤ ᠶᠢᠨ ᠨᠠᠭᠠᠳᠤᠮ ᠳᠤ ᠦᠪᠡᠷ ᠠᠴᠠ ᠨᠢ ᠨᠠᠢᠮᠠᠨ ᠨᠠᠰᠤ ᠲᠠᠬᠦᠦ ᠬᠤᠷᠢᠨ ᠲᠤᠯᠤᠭᠠᠳᠠᠢ ᠪᠤᠬ᠎ᠠ ᠲᠠᠯᠠᠨᠳᠠᠢ ᠠᠪᠠᠭ᠎ᠠ ᠳᠤ | ᠤᠨᠠᠵᠤ ᠬᠤᠶᠠᠳᠤᠭᠠᠷ ᠠᠪᠤᠭᠠᠳ ᠢᠳᠡᠷ ᠨᠠᠰᠤ ᠪᠤᠯᠤᠬᠰᠠᠨ ᠤ ᠬᠠᠷᠠᠭ᠎ᠠ ᠪᠠᠷ ᠲᠠᠬᠢᠵᠤ ᠪᠠᠷᠢᠯᠳᠤᠬᠰᠠᠨ ᠥᠬᠡᠢ᠃ | ᠠᠪᠤ ᠶᠢᠨ ᠶᠠᠷᠢᠶ᠎ᠠ ᠪᠠ ᠪᠦᠬᠡᠴᠢᠨ ᠠᠪᠠᠭ᠎ᠠ ᠨᠠᠷ ᠤᠨ ᠪᠦᠬᠡ ᠶᠢᠨ ᠲᠤᠬᠠᠢ ᠲᠤᠮᠤᠭ ᠰᠢᠭ᠋ ᠬᠠᠭᠤᠴᠢ ᠲᠤᠷᠠᠰᠤᠯ ᠢ ᠤᠯᠠᠨ ᠰᠤᠨᠤᠰᠤᠬᠰᠠᠨ ᠪᠤᠯᠪᠠᠴᠤ ᠲᠠᠩᠴᠤ | ᠠᠩᠬᠠᠷᠤᠯ ᠳᠤ ᠪᠠᠨ ᠠᠪᠤᠬᠰᠠᠨ ᠦᠬᠡᠢ ᠶᠠᠪᠤᠬᠰᠠᠨ ᠠᠴᠠ ᠬᠤᠰᠢᠭᠤ ᠨᠤᠳᠤᠭ ᠤᠨ ᠪᠦᠬᠡ ᠶᠢᠨ ᠨᠡᠶᠢᠬᠡᠮᠯᠢᠭ ᠠᠴᠠ ᠤᠯᠠᠨ ᠤᠳᠠᠭ᠎ᠠ ᠥᠯᠢᠬᠡᠷ ᠲᠡᠤᠬᠡ ᠶᠢ ᠨᠢ | ᠡᠮᠬᠢᠳᠬᠡᠬᠦ ᠬᠡᠵᠤ ᠢᠷᠡᠭᠰᠡᠨ ᠴᠤ ᠪᠤᠭᠤᠷᠤᠯᠴᠤᠤᠨ ᠮᠢᠨᠢ ᠪᠦᠷ ᠯᠠ ᠬᠠᠳᠠᠨ ᠬᠡᠷ ᠲᠤ ᠪᠠᠨ ᠪᠤᠴᠠᠵᠤ᠂ ᠪᠦᠳᠦᠯ ᠦᠬᠡᠢ ᠬᠦᠦ ᠨᠢ ᠲᠤᠬᠳᠠᠭᠠᠬᠰᠠᠨ ᠶᠠᠭᠤᠮ᠎ᠠ ᠦᠬᠡᠢ | ᠬᠤᠴᠤᠷᠤᠭᠠᠳ ᠬᠠᠷᠠᠮᠰᠠᠯ ᠠᠴᠠ ᠦᠬᠡᠷ᠎ᠡ ᠥᠯᠡᠳᠡᠭᠰᠡᠨ ᠵᠤᠶᠢᠯ ᠦᠬᠡᠢ ᠪᠤᠯᠬᠤ ᠶᠢ ᠶᠠᠭᠠᠬᠢᠨ᠎ᠠ ᠪᠢᠯᠡ᠃ | | | ᠭᠤᠷᠪᠠ | ᠠᠪᠤ ᠮᠥᠨ ᠴᠤ ᠨᠢᠬᠡᠨ ᠬᠠᠰᠢᠷ ᠠᠳᠤᠭᠤᠴᠢᠨ ᠪᠠᠶᠢᠵᠠᠢ᠃ ᠵᠠᠯᠠᠭᠤ ᠨᠠᠰᠤᠨ ᠳᠤ ᠪᠠᠨ ᠪᠠᠷᠢᠭᠠᠳᠠ ᠶᠢᠨ ᠲᠤᠰᠬᠠᠢ ᠠᠳᠣᠭᠤᠴᠢᠨ ᠪᠤᠯᠵᠤ ᠦᠳᠡᠯᠳᠠᠯ᠎ᠠ | ᠠᠳᠤᠭᠤᠨ ᠠᠴᠠ ᠰᠠᠯᠤᠬᠰᠠᠨ ᠥᠬᠡᠢ᠃ | ᠢᠳᠡ ᠵᠠᠯᠠᠭᠤ ᠶᠢᠨ ᠥᠶ᠎ᠡ ᠬᠥᠳᠡᠯᠮᠤᠷᠢ ᠪᠠᠷ ᠮᠠᠯᠠᠳ ᠬᠥᠩᠱᠧ ᠳᠤ ᠪᠠᠭᠤᠬᠤ ᠳᠤ ᠮᠠᠯᠠᠳ ᠤᠨ ᠨᠢᠬᠡ ᠡᠪᠤᠬᠡᠨ ᠠᠳᠤᠭᠤᠴᠢᠨᠲ᠋ᠥ᠋ᠷᠥᠬᠦᠥ ᠵᠢᠯ ᠨᠢ ᠰᠤᠷᠭᠠᠵᠤ | ᠠᠮᠵᠢᠬᠰᠠᠨ ᠥᠬᠡᠢ ᠵᠢᠷᠠᠨ ᠥᠨᠵᠢᠮᠡᠯ ᠲᠠᠭ᠎ᠠ ᠳᠤ ᠨᠢ ᠤᠨᠤᠵᠤ ᠡᠳ᠋ᠯᠡᠬᠦ ᠵᠠᠯᠠᠭᠤᠴᠤᠤᠨ ᠪᠠᠶᠢᠬᠤ ᠥᠬᠡᠢ ᠭᠠᠴᠢᠬᠳᠠᠵᠤ ᠪᠠᠶᠢᠬᠤ ᠲᠠᠢ ᠲᠠᠭᠠᠷᠠᠵᠤ᠂ ᠠᠪᠤ ᠬᠠᠭᠠᠰ | ᠰᠠᠷ᠎ᠠ ᠪᠤᠯᠤᠬᠰᠠᠨ ᠥᠬᠡᠢ ᠵᠡᠷᠯᠢᠭᠰᠢᠭᠰᠡᠨ ᠵᠢᠷᠠᠨ ᠲᠠᠭ᠎ᠠ ᠶᠢ ᠨᠢ ᠨᠤᠮᠤᠬᠠᠷᠠᠭᠤᠯᠤᠭᠠᠳ ᠭᠠᠷᠬᠤ ᠳᠤ ᠡᠪᠤᠬᠡᠨ ᠠᠳᠣᠭᠤᠴᠢᠨ ᠭᠠᠶᠢᠬᠠᠨ ᠱᠠᠬᠰᠢᠷᠠᠵᠤ ᠪᠠᠶᠢᠬᠰᠠᠨ ᠬᠡᠳᠡᠭ | ᠃ | ᠠᠪᠤ ᠮᠤᠷᠢᠨ ᠳᠤ ᠤᠨᠴᠠᠭᠠᠢ ᠬᠤᠷᠤᠬᠠᠢ ᠲᠠᠢ᠃ ᠡᠳᠤᠷ ᠤᠨ ᠨᠠᠷᠠ ᠶᠢ ᠮᠤᠷᠢᠨ ᠨᠢᠷᠤᠭᠤᠨ ᠲᠡᠬᠡᠷ᠎ᠡ᠂ ᠤᠶᠠᠭ᠎ᠠ ᠱᠤᠩ ᠲᠡᠬᠡᠷ᠎ᠡ ᠠᠪᠴᠢᠬᠠᠨ᠎ᠠ᠃ ᠵᠢᠷᠤᠭ᠎ᠠ | ᠮᠤᠷᠢ᠂ ᠬᠦᠶᠤᠯᠬᠡᠨ ᠮᠤᠷᠢ ᠬᠡᠳ ᠤᠶᠠᠵᠤ ᠶᠠᠩᠵᠤᠯᠠᠨᠠ᠃ ᠠᠷᠠᠰᠤ ᠰᠢᠷᠢ᠂ ᠴᠢᠳᠤᠷ ᠲᠤᠱᠠᠭ᠎ᠠ᠂ ᠡᠮᠡᠬᠡᠯ ᠬᠠᠵᠠᠭᠠᠷ ᠬᠡᠳ ᠡᠳᠤᠷᠵᠢᠨ ᠠᠳᠤᠭᠤᠨ ᠤ ᠡᠳᠡᠯᠡᠯ | ᠬᠡᠷᠡᠭᠰᠡᠯ ᠲᠠᠢ ᠨᠤᠴᠤᠯᠳᠤᠵᠤ ᠴᠠᠭ ᠢ ᠪᠠᠷᠠᠭᠠᠨ᠎ᠠ᠃ ᠬᠤᠶᠠᠷ ᠠᠬ᠎ᠠ ᠪᠤᠯᠤᠨ ᠲᠠᠬᠦᠥ ᠠᠳᠤᠭᠤ ᠮᠠᠯ ᠤᠨ ᠠᠷᠠᠴᠢᠯᠠᠭ᠎ᠠ ᠲᠤᠳᠤᠮᠳᠤᠯᠭ᠎ᠠ ᠳᠤ ᠬᠠᠪᠰᠤᠷᠤᠬᠴᠢ ᠪᠤᠯᠵᠤ | ᠪᠢ ᠪᠤᠯ ᠡᠵᠢ ᠪᠤᠯᠤᠨ ᠬᠤᠶᠠᠷ ᠡᠬᠡᠴᠢ ᠲᠠᠢ ᠤᠨᠠᠭ᠎ᠠ ᠲᠤᠭᠤᠯ᠂ ᠪᠠᠭ᠎ᠠ ᠮᠠᠯ ᠲᠠᠢ ᠪᠤᠭᠤᠷᠤᠯᠳᠤᠵᠤ᠂ ᠬᠠᠮᠤᠭ ᠨᠤᠮᠤᠬᠠᠨ ᠮᠤᠷᠢ ᠤᠨᠤᠬᠤ ᠬᠤᠪᠢ ᠲᠠᠢ ᠯᠠ ᠴᠢᠳᠠᠯ | ᠦᠬᠡᠢ ᠬᠦᠮᠦᠨ᠃ ᠬᠤᠶᠠᠷ ᠠᠬ᠎ᠠ ᠪᠤᠯᠤᠨ ᠲᠠᠬᠦᠦ ᠶᠢᠨ ᠮᠤᠷᠢᠨ ᠮᠡᠷᠬᠡᠵᠢᠯ ᠦᠨᠳᠤᠷ᠃ ᠲᠠᠬᠦᠦ ᠪᠤᠯ ᠨᠡᠩ ᠴᠤ ᠬᠡᠯᠡᠬᠦ ᠭᠠᠵᠠᠷ ᠦᠬᠡᠢ᠂ ᠶᠤᠰᠤᠳᠠᠢ ᠯᠠ ᠠᠪᠤ ᠶᠢᠨ | ᠭᠠᠷ ᠱᠠᠪᠢ ᠬᠡᠵᠤ ᠮᠡᠳᠡ᠃ ᠶᠡᠭᠡ ᠬᠦᠮᠦᠰ ᠤᠨ ᠨᠢᠳᠤᠨ ᠲᠠᠯᠳᠠ ᠴᠠᠶᠢᠳᠠᠮ ᠵᠠᠳᠠᠭᠠᠢ ᠳᠤ ᠴᠤᠬᠯᠠᠷᠠᠬᠰᠠᠨ ᠡᠯᠵᠢᠬᠡ ᠯᠠᠭᠤᠰᠠ ᠶᠢ ᠬᠤᠭᠤᠰᠤᠨ ᠭᠠᠷ ᠢᠶᠠᠷ ᠠᠯᠢ | ᠡᠮᠨᠢᠭ ᠢ ᠨᠢ ᠠᠷᠭᠠᠯᠠᠵᠤ ᠮᠤᠨᠳᠠᠭ᠎ᠠ ᠲᠠᠯ ᠠᠴᠠ ᠨᠢ ᠵᠠᠭᠤᠷᠠᠵᠤ ᠮᠤᠷᠳᠠᠭᠠᠳ ᠪᠡᠯᠴᠢᠬᠡᠷ ᠤᠨ ᠦᠵᠦᠬᠦᠷ ᠲᠤᠪᠳᠤᠯᠭᠠᠵᠤ ᠬᠦᠯᠦᠷᠡᠬᠡᠵᠤ ᠢᠷᠡᠬᠡᠳ ᠬᠠᠶᠠᠴᠢᠬᠠᠳᠠᠭ | ᠲᠦᠢᠳᠬᠡᠷ ᠰᠢᠤ᠃ | ᠶᠡᠭᠡ ᠬᠠᠮᠳᠤ ᠲᠠᠷᠬᠠᠵᠤ᠂ ᠮᠠᠯ ᠰᠦᠷᠦᠭ ᠢ ᠡᠷᠤᠬᠡ ᠳᠤ ᠪᠤᠴᠠᠭᠠᠬᠤ ᠳᠤ᠂ ᠮᠠᠨ ᠤ ᠬᠢᠨ ᠠᠳᠤᠭᠤ᠂ ᠦᠬᠡᠷ᠂ ᠬᠤᠨᠢ ᠢᠮᠠᠭᠠᠲ᠋ᠠᠢ ᠨᠢᠬᠡ ᠯᠡ ᠲᠡᠬᠡᠷ᠎ᠡ | ᠴᠦᠬᠡᠪᠳᠤᠷ ᠪᠤᠯᠪᠠᠴᠤᠰᠦ᠋ᠷᠦᠭ ᠪᠦᠷᠢᠳᠦᠭᠰᠡᠨᠠᠶᠢᠯ ᠪᠤᠯᠵᠠᠢ᠃ ᠪᠢ ᠪᠤᠯ ᠠᠳᠤᠭᠤ ᠬᠥᠬᠡᠬᠡᠵᠤ᠂ ᠥᠬᠡᠷ ᠬᠠᠰᠢᠶᠠᠯᠠᠬᠤ ᠳᠤ ᠠᠶᠤᠮᠳᠠᠭᠠᠢ ᠬᠡᠭᠴᠢ ᠨᠢ ᠬᠡᠴᠡᠬᠦᠦ᠃ | ᠬᠡᠬᠦᠦ ᠦᠨᠢᠶ᠎ᠡ ᠪᠠᠷᠢᠵᠤ ᠲᠠᠭ᠎ᠠ ᠲᠤᠭᠤᠯ ᠨᠤᠮᠤᠬᠠᠷᠠᠭᠤᠯᠬᠤ᠂ ᠲᠡᠯᠡᠯᠯᠡᠬᠦ᠂ ᠡᠮᠨᠡᠬᠦ ᠳᠤ ᠲᠡᠩᠳᠡ ᠬᠤᠷᠢᠵᠤ ᠬᠠᠰᠢᠶᠠᠯᠠᠬᠤ ᠬᠡᠷᠡᠭᠳᠡᠢ᠃ ᠡᠮᠨᠢᠭ ᠮᠠᠯ ᠣᠩᠬᠤᠯᠳᠠᠵᠤ | ᠲᠤᠪᠳᠤᠯᠵᠤ ᠲᠤᠳᠠᠭᠠᠬᠤ ᠳᠤ ᠠᠪᠤ ᠨᠠᠳᠠ ᠪᠤᠯ ᠥᠬᠡ ᠲᠤᠤᠭᠠᠷᠬᠤ ᠪᠢᠰᠢ᠂ ᠠᠬ᠎ᠠ ᠨᠠᠷ ᠪᠤᠯᠤᠨ ᠲᠠᠬᠦᠥ ᠬᠢᠴᠢᠶᠡᠮᠵᠢ ᠠᠯᠳᠠᠵᠤ ᠲᠤᠳᠠᠭᠠᠯᠭᠠᠵᠤ ᠭᠠᠷᠬᠤ ᠳᠤ | ᠵᠠᠩᠨᠠᠵᠤ ᠵᠢᠮᠡᠯᠡᠬᠦ ᠦᠬᠡᠢ ᠤᠳᠠᠭ᠎ᠠ ᠴᠦᠬᠡᠨ᠃ ᠲᠡᠬᠡᠯᠬᠦᠢ ᠶᠠᠭᠠᠬᠢᠬᠤᠪ᠂ ᠡᠷᠢᠯ ᠳᠤ ᠶᠠᠪᠤᠭᠠᠳ ᠬᠠᠭᠠᠰ ᠡᠳᠤᠷ᠂ ᠲᠤᠳᠠᠭᠠᠵᠤ ᠰᠢᠯᠢ ᠲᠠᠪᠠᠭᠠᠳ ᠲᠡᠬᠢᠵᠤ ᠬᠤᠮᠢᠵᠤ | ᠢᠷᠡᠬᠦ ᠳᠤ ᠪᠠᠰᠠᠯᠠ ᠬᠠᠭᠠᠰ ᠡᠳᠤᠷ ᠤᠨ ᠴᠠᠭ ᠤᠷᠤᠨ᠎ᠠ᠃ ︽ᠰᠠᠶᠢᠨ ᠮᠠᠯᠴᠢᠨ ᠪᠤᠯᠬᠤ ᠠᠮᠠᠷᠬᠠᠨ ᠪᠢᠰᠢ ᠰᠢᠤ︕︾ ᠬᠡᠵᠤ ᠠᠪᠤ ᠪᠢᠳᠠᠨ ᠳᠤ ᠴᠠᠢ ᠤᠭᠤᠴᠢᠵᠤ | ᠬᠦᠯᠦᠰᠤ ᠪᠠᠨ ᠠᠷᠴᠢᠬᠤ ᠶᠢᠨ ᠵᠠᠭᠤᠷ᠎ᠠ ᠠᠳᠤᠭᠤᠨ ᠤ ᠵᠤᠭᠤᠭ ᠢᠶᠠᠨ ᠲᠡᠯᠬᠡᠳᠡᠭ᠃ | ᠠᠪᠤ ᠶᠢ ᠲᠠᠭᠠᠵᠤ ᠨᠢᠬᠡ ᠤᠳᠠᠭ᠎ᠠ ᠰᠠᠭᠠᠬᠠᠯᠳᠠ ᠤᠨ ᠨᠠᠶᠢᠷ ᠲᠤ ᠣᠴᠢᠵᠠᠢ᠃ ᠪᠤᠴᠠᠬᠤ ᠳᠤ ᠠᠪᠤ ᠰᠤᠬᠳᠤᠵᠤ ᠵᠢᠷᠤᠭ᠎ᠠ ᠬᠠᠯᠳᠠᠷ ᠮᠤᠷᠢ ᠭᠠᠯᠵᠠᠭᠤ ᠨᠢ | ᠬᠦᠳᠡᠯᠵᠤ᠂ ᠵᠡᠬᠦᠨ ᠪᠠᠷᠠᠭᠤᠨ ᠤᠷᠤᠢ ᠲᠠᠯᠠᠩ ᠦᠬᠡᠢ ᠭᠠᠯᠵᠠᠭᠤᠷᠠᠵᠤ ᠲᠤᠪᠳᠤᠯᠤᠭᠠᠳ ᠬᠡᠷ ᠤᠨ ᠵᠦᠭ ᠠᠬᠢᠵᠤ ᠦᠭᠬᠦ ᠦᠬᠡᠢ᠃ ᠠᠷᠭ᠎ᠠ ᠴᠦᠬᠦᠷᠦᠭᠰᠡᠨ ᠪᠢ | ᠵᠤᠷᠢᠭ ᠪᠦᠳᠦᠬᠦᠷᠡᠵᠤ᠂ ᠠᠷᠢᠬᠢᠨ ᠦᠨᠦᠷ ᠦᠬᠡᠢ ᠨᠠᠳᠠ ᠪᠤᠯ ᠠᠶᠠᠳᠠᠢ ᠪᠠᠶᠢᠵᠤ ᠮᠡᠳᠡᠨ᠎ᠡ ᠬᠡᠳ ᠨᠤᠮᠤᠬᠠᠨ ᠮᠤᠷᠢ ᠪᠠᠨ ᠠᠪᠤ ᠳᠤ ᠬᠠᠶᠠᠵᠤ ᠭᠠᠯᠵᠠᠭᠤ ᠬᠠᠯᠳᠠᠷ | ᠲᠡᠬᠡᠷ᠎ᠡ ᠮᠤᠷᠳᠠᠵᠠᠢ᠃ ᠬᠠᠷᠢᠨ ᠪᠤᠷᠳᠤᠭᠠᠨ ᠳᠤ ᠬᠦᠯᠦᠯᠵᠡᠭᠰᠡᠨ ᠵᠢᠷᠤᠭ᠎ᠠ ᠬᠠᠯᠳᠠᠷ ᠤᠨ ᠠᠮᠠ ᠢ ᠲᠠᠳᠠᠵᠤ ᠲᠡᠶᠢᠯᠬᠦ ᠦᠬᠡᠢ ᠵᠠᠮ ᠲᠤᠵᠢᠨ ᠲᠤᠪᠳᠤᠯᠵᠤ ᠬᠡᠷ ᠤᠨ | ᠪᠠᠷ᠎ᠠ ᠬᠠᠷᠠᠬᠤ ᠳᠤ ᠨᠠᠳᠡ ᠶᠢ ᠲᠠᠨᠢᠬᠰᠠᠨ ᠡᠵᠢ ᠤᠤᠯᠭ᠎ᠠ ᠠᠯᠳᠠᠨ ᠣᠨᠠᠨ ᠲᠣᠰᠤᠨ ᠤᠬᠳᠤᠵᠤ ᠠᠳᠠᠯᠢᠬᠠᠨ ᠨᠢᠳᠤ ᠨᠢ ᠪᠦᠯᠳᠦᠯᠵᠡᠨ ᠬᠦᠯᠦᠰᠤ ᠤᠰᠤᠨ ᠳᠤ | ᠠᠪᠳᠠᠬᠰᠠᠨ ᠮᠤᠷᠢ ᠬᠦᠮᠦᠨ ᠲᠠᠢ ᠨᠢ ᠤᠶ᠋ᠭᠠᠨ ᠲᠡᠬᠡᠷ᠎ᠡ ᠲᠤᠬᠳᠠᠭᠠᠵᠤ ᠠᠪᠴᠠᠢ᠃ ᠤᠬᠢᠯᠠᠨ ᠬᠠᠶᠢᠯᠠᠨ ᠵᠠᠩᠨᠠᠬᠰᠠᠨ ᠡᠵᠢ ᠶᠢᠨ ᠡᠮᠤᠨ᠎ᠡ ᠠᠴᠠ ᠠᠪᠤ ᠶᠠᠭᠤ ᠴᠤ | ᠲᠤᠤᠭᠠᠷᠤᠬᠰᠠᠨ ᠥᠬᠡᠢ ᠤᠨᠳᠠᠴᠢᠬᠠᠪᠠ᠃ ᠮᠠᠷᠭᠠᠰᠢ ᠨᠢ ᠠᠪᠤ᠄ ︽ᠠᠷᠢᠬᠢᠨ ᠬᠠᠯᠠᠭᠤᠨ ᠢᠶᠠᠷ ᠬᠦᠦ ᠪᠠᠨ ᠠᠷᠡᠢ ᠬᠡᠮᠳᠤᠬᠡᠭᠰᠡᠨ ᠥᠬᠡᠢ ᠨᠢ ᠪᠤᠷᠬᠠᠨ ᠤ | ᠠᠪᠤᠷᠠᠯ ᠪᠤᠯᠵᠠᠢ᠃ ᠡᠨᠡ ᠬᠦᠦ ᠴᠤ ᠰᠠᠶᠢᠨ ᠮᠠᠯᠴᠢᠨ ᠪᠤᠯᠬᠤ ᠭᠤᠷᠢ ᠦᠬᠡᠢ ᠶᠤᠮ ᠪᠠᠶᠢᠨ᠎ᠠ᠃ ᠶᠠᠭᠠᠬᠢᠯ᠎ᠠ ᠴᠤ ᠬᠡᠰᠡᠨ ᠬᠦᠦ ᠮᠢᠨᠢ ᠪᠠᠰᠠ ᠡᠷ᠎ᠡ ᠬᠦᠮᠦᠨ ᠤ ᠬᠡᠢ | ᠮᠤᠷᠢ ᠲᠠᠢ ᠶᠤᠮ ᠡ︾ ᠬᠡᠵᠤ ᠲᠠᠮᠠᠬᠢ ᠪᠠᠭᠠᠬᠢᠭᠤᠯᠵᠤ ᠶᠠᠷᠢᠬᠤ ᠶᠤᠮ ᠪᠢᠯᠡ᠃ ᠲᠡᠬᠦᠨ ᠠᠴᠠ ᠬᠤᠶᠢᠰᠢ ᠪᠢ ᠲᠡᠬᠢᠵᠤ ᠡᠮᠨᠢᠭ ᠤᠨ ᠨᠢᠷᠤᠭᠤᠨ ᠳᠤ ᠭᠠᠷᠤᠬᠰᠠᠨ | ᠦᠬᠡᠢ᠃ ᠶᠠᠭᠠᠬᠢᠭᠠᠳ ᠠᠪᠤ ᠶᠢᠨ ᠢᠶᠠᠨ ᠵᠤᠷᠢᠭ ᠰᠦᠰᠦ ᠢ ᠵᠠᠯᠭᠠᠮᠵᠢᠯᠠᠵᠤ ᠴᠢᠳᠠᠬᠰᠠᠨ ᠦᠬᠡᠢ ᠶᠤᠮ ᠬᠡᠵᠤ ᠤᠳᠤ ᠴᠤ ᠭᠠᠶᠢᠬᠠᠨ ᠪᠠᠶ᠎ᠠ ᠪᠠᠨ ᠬᠠᠶᠠ ᠲᠤᠤᠷ᠎ᠠ | ᠦᠵᠡᠳᠡᠭ ᠢᠶᠠᠨ ᠨᠢᠭᠤᠬᠤ ᠦᠬᠡᠢ᠃ | ᠠᠪᠤ ᠨᠠᠳᠠ ᠶᠢ ᠪᠠᠭ᠎ᠠ ᠡᠬᠡᠴᠢ ᠲᠠᠢ ᠵᠢᠯ ᠲᠠᠷᠠᠭ᠎ᠠ ᠪᠠᠷ ᠲᠦᠷᠦᠭᠰᠡᠨ᠂ ᠰᠢᠮ᠎ᠡ ᠲᠡᠵᠢᠬᠡᠯ ᠪᠠᠭᠤᠷᠠᠢ᠂ ᠪᠠᠶ᠎ᠠ ᠲᠠᠮᠢᠷ ᠰᠤᠯᠠ᠂ ᠡᠪᠡᠳᠴᠢᠨ ᠠᠴᠠ ᠰᠠᠯᠳᠠᠭ ᠦᠬᠡᠢ | ᠬᠡᠳ ᠬᠠᠮᠤᠭ ᠤᠨ ᠨᠤᠮᠤᠢ ᠬᠦᠦ ᠪᠠᠨ ᠠᠩᠬᠠᠨ ᠠᠴᠠ ᠪᠠᠨᠰᠤᠶᠤᠯ ᠤᠨ ᠮᠦᠷ ᠬᠦᠬᠡᠬᠡᠯᠬᠡᠬᠦ ᠵᠠᠮ ᠢ ᠨᠢ ᠵᠠᠰᠠᠴᠢᠬᠠᠬᠰᠠᠨ ᠪᠠᠶᠢᠵᠤ ᠤᠤ ᠳ᠋ᠠ︕ | | | ᠲᠦᠷᠪᠡ | ᠠᠪᠤ ᠮᠢᠨᠢ ᠨᠠᠶᠢᠷᠴᠢᠨ ᠤᠷᠯᠢᠬᠴᠢᠨ ᠬᠦᠮᠦᠨ ᠪᠠᠶᠢᠬᠰᠠᠨ᠃ ᠮᠠᠨ ᠤ ᠬᠢᠨ ᠪᠤᠯ ᠯᠢᠭᠳᠡᠨ ᠬᠠᠭᠠᠨ ᠢᠶᠠᠨ ᠲᠠᠭᠠᠵᠤ ᠬᠦᠬᠡᠨᠡᠭᠤᠷ ᠤᠷᠤᠭᠠᠳ ᠰᠤᠳᠡᠢ ᠬᠠᠳᠤᠨ᠂ | ᠡᠷᠬᠡ ᠬᠤᠩᠭᠤᠷ ᠲᠠᠢ ᠮᠠᠨᠵᠤ ᠶᠢᠨ ᠬᠠᠭᠠᠨ ᠳᠤ ᠪᠠᠭᠤᠵᠤ ᠦᠭᠬᠦ ᠵᠠᠮ ᠳᠤ ᠲᠠᠯᠠᠳ ᠬᠤᠰᠢᠭᠤᠨ ᠳᠤ ᠦᠯᠡᠳᠡᠭᠰᠡᠨ ᠴᠠᠬᠠᠷ ᠤᠨ ᠬᠤᠶᠢᠴᠢᠰ ᠬᠡᠳᠡᠭ᠃ ᠰᠡᠬᠦᠯᠡᠷ | ᠮᠠᠨ ᠤ ᠬᠢ ᠨᠢᠬᠡ ᠪᠦᠯᠦᠭ ᠨᠢ ᠤᠳᠤᠭ ᠬᠤᠰᠢᠭᠤᠨ ᠤ ᠴᠠᠭᠠᠨᠳᠤᠯᠤᠭᠠᠢ ᠨᠤᠳᠤᠭ ᠲᠤ ᠨᠡᠬᠦᠳᠡᠯᠯᠡᠵᠤ ᠢᠷᠡᠬᠡᠳ ᠰᠠᠭᠤᠷᠢᠰᠢᠵᠠᠢ᠃ ᠬᠠᠭᠠᠨ ᠢ ᠲᠠᠭᠠᠬᠰᠠᠨ ᠴᠠᠬᠠᠷ | ᠤᠳ ᠠᠯᠢᠪᠠ ᠠᠵᠢᠯ ᠳᠤ ᠤᠷᠠᠨ ᠠᠪᠢᠶᠠᠰᠤᠯᠢᠭ ᠪᠠᠶᠢᠳᠠᠭ ᠬᠡᠬᠦ ᠳᠤ ᠮᠠᠨ ᠤ ᠨᠢᠬᠡ ᠠᠶᠢᠯ ᠤᠨ ᠬᠢᠨ ᠨᠠᠶᠢᠷ ᠬᠦᠭᠵᠢᠮ ᠢᠶᠠᠨ ᠤᠯᠠᠮᠵᠢᠯᠠᠵᠤ ᠢᠷᠡᠭᠰᠡᠨ ᠨᠢ ᠤᠨᠴᠠᠭᠠᠢ | ᠪᠠᠶᠢᠷᠢ ᠶᠢᠨ ᠰᠢᠨᠵᠢ ᠲᠠᠢ᠃ ᠲᠡᠬᠡᠷ᠎ᠡ ᠬᠡᠳᠤᠨ ᠦᠶ᠎ᠡ ᠶᠢᠨ ᠬᠢᠨ ᠬᠦᠭᠵᠢᠮ ᠨᠠᠶᠢᠷ ᠴᠢᠳᠠᠬᠤ ᠦᠬᠡᠢ ᠬᠦᠮᠦᠨ ᠲᠤᠩ ᠬᠤᠪᠤᠷ᠃ ᠲᠠᠯᠠᠳ ᠤᠨ ᠴᠠᠬᠠᠷ ᠬᠡᠭᠰᠡᠬᠡᠷ | ᠰᠠᠶᠢᠬᠢ ᠨᠠᠶᠢᠷᠴᠢ ᠲᠠᠯᠠᠳ ᠤᠳ ᠶᠤᠮ ᠤᠤ ᠬᠡᠳ ᠲᠠᠶᠠᠭᠠᠷ ᠮᠡᠳᠡᠳᠡᠭ᠃ ᠠᠪᠤ ᠤᠯᠠᠨ ᠬᠦᠭᠵᠢᠮ ᠳᠤ ᠨᠡᠪᠳᠡᠷᠡᠭᠰᠡᠨ ᠪᠦᠬᠡᠳ ᠲᠥᠷᠪᠠᠨ ᠣᠳᠠᠰᠤᠳᠤ ᠬᠤᠭᠤᠷ | ᠤᠨᠴᠠᠭᠠᠢ ᠬᠤᠭᠤᠷᠳᠠᠳᠠᠭ ᠨᠠᠷᠠᠳᠠᠢ ᠨᠠᠶᠢᠷᠴᠢᠬᠥ᠋ᠮᠥᠨ᠃ ᠠᠪᠤ ᠶᠢᠨ ᠬᠤᠭᠤᠷ ᠤᠶᠠᠩᠭ᠎ᠠ ᠰᠠᠶᠢᠬᠠᠨ ᠤᠷᠠᠨ ᠨᠤᠭᠤᠯᠤᠭ᠎ᠠ ᠪᠠᠷ ᠢᠶᠠᠨ ᠤᠷᠤᠶᠢᠯᠠᠵᠤ ᠬᠤᠯᠠ ᠣᠶᠢᠷ᠎ᠠ ᠳᠤ | ᠪᠠᠨ ᠠᠯᠳᠠᠷᠰᠢᠵᠠᠢ᠃ ᠵᠠᠯᠠᠭᠤ ᠶᠢᠨ ᠥᠶ᠎ᠡ ᠬᠤᠰᠢᠭᠤ ᠨᠤᠳᠤᠭ ᠤᠨ ᠵᠤᠬᠢᠶᠠᠨ ᠪᠠᠶᠢᠭᠤᠯᠤᠬᠰᠠᠨᠤᠷᠠᠨ ᠰᠠᠶᠢᠬᠠᠨ ᠤ ᠬᠥᠳᠡᠯᠬᠡᠬᠡᠨ ᠢᠶᠠᠷ ᠲᠤᠭᠤᠷᠢᠨ ᠲᠤᠬᠯᠠᠯᠳᠠ | ᠬᠢᠵᠤ ᠪᠠᠶᠢᠬᠰᠠᠨ ᠪᠦᠬᠡᠳ ᠬᠤᠷᠢᠮ ᠨᠠᠶᠢᠷ ᠪᠠᠶᠢᠪᠠᠯ ᠤᠷᠢᠯᠭ᠎ᠠ ᠵᠠᠯᠠᠯᠭ᠎ᠠ ᠲᠠᠢ ᠤᠴᠢᠵᠤ ᠨᠠᠶᠢᠷ ᠪᠠᠷᠢᠳᠠᠭ ᠠᠵᠠᠢ᠃ ᠡᠬᠡᠴᠢ ᠲᠡᠬᠦᠦ ᠬᠡᠳᠦᠬᠦᠯᠡ ᠪᠠᠨ ᠬᠤᠭᠤᠷ | ᠱᠠᠨᠵᠠ᠂ ᠶᠠᠩᠴᠢᠨ ᠳᠠᠴᠢᠩ ᠬᠡᠳ ᠨᠠᠶᠢᠷ ᠬᠦᠭᠵᠢᠮ ᠴᠢᠳᠠᠳᠠᠭ ᠨᠢ ᠪᠦᠷ ᠠᠪᠤ ᠶᠢᠨ ᠨᠦᠯᠦᠬᠡ ᠪᠢᠯᠡ᠃ | | | ᠲᠠᠪᠤ | ᠠᠪᠤ ᠮᠢᠨᠢ ᠲᠤᠩ ᠤᠯᠠᠨ ᠨᠡᠷ᠎ᠡ ᠦᠬᠡᠢ ᠲᠤᠰᠢᠶᠠᠯ ᠲᠠᠢ ᠬᠦᠮᠦᠨ ᠶᠤᠮ᠃ ᠵᠢᠷᠠ ᠲᠠᠯᠠᠭᠠᠳ ᠤᠨ ᠬᠡᠵᠤ ᠲᠦᠷᠦ ᠵᠠᠰᠠᠭ ᠨᠢ ᠤᠷᠤᠭ᠎ᠠ ᠪᠤᠰᠤᠭ᠎ᠠ᠂ ᠬᠦᠮᠦᠨ | ᠲᠦᠮᠡᠨ ᠤ ᠠᠳᠠᠯ ᠠᠮᠢᠳᠤᠷᠠᠯ ᠤᠯᠠᠩᠬᠢ ᠨᠢ ᠶᠠᠳᠠᠷ ᠲᠤᠷᠤᠢ ᠪᠠᠶᠢᠵᠠᠢ᠃ ᠬᠡᠯᠡᠬᠦ ᠳᠤ ᠰᠠᠶᠢᠨ ᠲᠤᠷ᠎ᠠ ᠶᠢᠨ ᠤᠷᠤᠭ ᠬᠡᠬᠦ ᠪᠤᠯᠪᠠᠴᠤ ᠬᠠᠭᠤᠴᠢᠨ ᠤ ᠤᠯᠠᠮᠵᠢᠯᠠᠯ᠂ | ᠭᠠᠵᠠᠷ ᠨᠤᠳᠤᠭ ᠤᠨ ᠵᠠᠩᠰᠢᠯ ᠢᠶᠠᠷ ᠵᠠᠭᠤᠴᠢ ᠦᠬᠡᠢ ᠤᠷᠤᠭ ᠨᠢ ᠴᠦᠬᠡᠨ ᠪᠠᠶᠢᠵᠠᠢ᠃ ᠠᠪᠤ ᠬᠡᠯᠡ ᠠᠮᠠᠨ ᠳᠤ ᠪᠠᠨ ᠬᠤᠷᠴᠠ᠂ ᠬᠤᠯᠠ ᠤᠶᠢᠷ᠎ᠡ ᠶᠢᠨ ᠵᠠᠩ ᠵᠠᠩᠰᠢᠯ | ᠂ ᠬᠦᠮᠦᠨ ᠵᠤᠨ ᠢ ᠲᠠᠨᠢᠬᠤ ᠪᠠᠷ ᠰᠠᠶᠢᠨ ᠪᠤᠯᠬᠤᠷ ᠵᠠᠭᠤᠴᠢ ᠶᠢᠨ ᠠᠯᠪᠠ ᠪᠠᠷ ᠶᠠᠪᠤᠬᠤ ᠨᠢ ᠤᠯᠠᠨ᠂ ᠮᠠᠨ ᠤ ᠡᠷᠬᠢᠨ ᠲᠤᠭᠤᠷᠢᠨ ᠪᠡᠷᠤᠭ ᠯᠠ ᠪᠦᠬᠦᠨ ᠢᠶᠠᠷ ᠢᠶᠠᠨ | ᠠᠪᠤ ᠶᠢᠨ ᠲᠠᠨᠢᠯᠴᠠᠭᠤᠯᠭ᠎ᠠ ᠪᠠᠷ ᠠᠶᠢᠯ ᠬᠡᠷ ᠪᠤᠯᠤᠬᠰᠡᠨ ᠬᠡᠬᠦ ᠳᠤ ᠬᠡᠳᠤᠷᠡᠬᠦ ᠪᠠᠷ ᠦᠬᠡᠢ᠃ ᠲᠡᠬᠡᠬᠡᠳ ᠯᠡ ᠬᠤᠷ ᠶᠢᠨ ᠠᠮᠪᠠᠨ᠂ ᠲᠠᠮᠴᠢ᠂ ᠬᠤᠷᠢᠮ ᠤᠨ ᠡᠷᠬᠢᠯᠡᠭᠴᠢ | ᠬᠡᠳ ᠨᠡᠷ᠎ᠡ ᠦᠬᠡᠢ ᠠᠯᠪᠠ ᠰᠤᠨᠵᠢᠷᠠᠭᠠᠳ ᠢᠷᠡᠨ᠎ᠡ᠃ ᠬᠤᠷᠢᠮ ᠨᠠᠶᠢᠷ ᠳᠤ ᠬᠤᠷᠬᠢᠶᠠᠨ ᠴᠤᠤᠬᠢᠶᠠᠨ ᠪᠠᠶᠢᠭᠠᠳ ᠪᠠᠶᠢᠳᠠᠭ᠃ ᠬᠡᠳᠤᠷᠡᠪᠡᠯ ᠵᠤᠳᠤᠭᠠᠨ ᠨᠦᠳᠦᠬᠡᠨ | ᠪᠤᠯᠴᠢᠬᠠᠬᠤ ᠴᠤ ᠤᠶᠢᠷᠬᠠᠨ᠃ ᠰᠠᠭᠠᠳᠠᠭ ᠤᠨ ᠬᠦᠮᠦᠨ᠂ ᠲᠡᠮᠴᠢ᠂ ᠡᠷᠬᠢᠯᠡᠭᠴᠢ ᠬᠡᠵᠤ ᠬᠤᠷᠢᠮ ᠨᠠᠶᠢᠷ ᠢ ᠥᠩᠬᠡ ᠲᠠᠢ ᠦᠬᠡᠳᠡ ᠲᠠᠢ ᠠᠪᠴᠤ ᠭᠠᠷᠳᠠᠭ ᠭᠤᠤᠯ | ᠬᠦᠮᠦᠰ ᠮᠦᠨ᠃ ᠠᠪᠤ ᠥᠬᠡ ᠬᠡᠯᠡᠨ ᠤ ᠤᠷᠠᠨ ᠢᠶᠠᠷ ᠶᠤᠰᠤ ᠵᠠᠩᠰᠢᠯ᠂ ᠵᠡᠬᠦᠬᠡ ᠵᠡᠬᠦᠯᠡᠪᠤᠷᠢ ᠶᠢᠨ ᠮᠠᠷᠭᠤᠭᠠᠨ ᠢ ᠨᠠᠮᠳᠠᠭᠠᠵᠤ᠂ ᠨᠠᠶᠢᠷᠴᠢ ᠶᠢᠨ ᠠᠪᠢᠶᠠᠰ ᠢᠶᠠᠷ ᠨᠠᠶᠢᠷ | ᠬᠦᠷ ᠤᠨ ᠨᠠᠮᠪᠠ ᠬᠦᠭ ᠢ ᠵᠤᠬᠢᠴᠠᠭᠤᠯᠵᠤ᠂ ᠪᠦᠬᠡᠴᠢᠨ ᠤ ᠵᠢᠪᠬᠤᠭ᠎ᠠ ᠰᠦᠷ ᠢᠶᠠᠷ ᠮᠠᠷᠭᠤᠭᠠᠨ ᠵᠢᠭᠤᠷᠭᠠᠨ ᠢ ᠲᠠᠷᠤᠵᠤ ᠴᠢᠳᠠᠳᠠᠭ ᠢᠶᠠᠷ ᠢᠶᠠᠨ ᠨᠤᠳᠤᠭ ᠤᠷᠤᠨ ᠳᠤ | ᠪᠠᠨ ᠬᠤᠪᠤᠷᠬᠠᠨ ᠤᠯᠳᠠᠬᠤ ᠴᠢᠳᠠᠪᠤᠷᠢᠳᠠᠨ ᠪᠠᠶᠢᠬᠰᠠᠨ ᠠᠵᠠᠢ᠃ ᠡᠵᠢ ᠶᠢᠨ ᠬᠡᠯᠡᠬᠦ ᠪᠠᠷ ᠭᠠᠭᠴᠠ ᠰᠠᠭᠠᠳᠠᠭ ᠤᠨ ᠡᠷᠭᠢᠯᠡᠭᠴᠢ ᠪᠠᠷ ᠵᠢᠷᠠᠨ ᠭᠤᠷᠪᠠ ᠤᠳᠠᠭ᠎ᠠ | ᠶᠠᠪᠤᠬᠰᠠᠨ ᠭᠡᠳᠡᠭ᠃ | ᠲᠠᠷᠡ ᠦᠶ᠎ᠡ ᠶᠢᠨ ᠠᠮᠢᠳᠤᠷᠠᠯ ᠬᠡᠵᠤ ᠨᠠᠶᠢᠳᠡᠮ ᠳᠤ ᠪᠠᠨ ᠬᠠᠳᠠᠭᠤ ᠪᠤᠷᠤᠬᠵᠢᠭᠤᠨ ᠪᠠᠶᠢᠵᠠᠢ᠃ ᠨᠢᠬᠡ ᠠᠶᠢᠯ ᠤᠨ ᠬᠢᠨ ᠪᠡᠷᠢ ᠰᠤᠷᠠᠬᠤ ᠳᠤ ᠬᠡᠤᠬᠡᠨ ᠲᠠᠯ᠎ᠠ | ᠶᠢᠨ ᠬᠢᠨ ᠬᠤᠷᠠᠭᠠᠨ ᠠᠷᠠᠰᠤᠨ ᠲᠡᠪᠡᠯ ᠠᠮᠠᠯᠠᠵᠤ ᠪᠠᠶᠢᠬᠤ ᠦᠬᠡᠢ ᠪᠤᠯ ᠤᠷᠤᠭ ᠪᠤᠴᠠᠬᠤ ᠬᠡᠰᠡᠨ ᠬᠡᠨ᠎ᠡ᠃ ᠲᠤᠬᠠᠢ ᠶᠢᠨ ᠴᠠᠭ ᠬᠤᠷᠠᠭᠠᠨ ᠠᠷᠠᠰᠤᠨ ᠲᠠᠪᠠᠯ ᠨᠢ | ᠤᠳᠤᠬᠢ ᠭᠤᠶᠤ ᠬᠢᠴᠡ ᠲᠠᠢ ᠬᠡᠬᠡᠨᠴᠢᠷ ᠲᠡᠷᠬᠡ᠂ ᠰᠠᠷᠠᠭᠤᠯ ᠠᠭᠤᠵᠢᠮ ᠤᠷᠤᠨ ᠰᠠᠭᠤᠴᠠ ᠠᠴᠠ ᠴᠤ ᠠᠮᠠᠷᠬᠠᠨᠤᠯᠳᠠᠳᠠᠭ ᠦᠬᠡᠢ ᠬᠤᠪᠤᠷ ᠴᠤᠬᠠᠭ ᠶᠠᠭᠤᠮ᠎ᠠ | ᠪᠠᠶᠢᠵᠤ ᠠᠷᠭ᠎ᠠ ᠮᠤᠬᠤᠷᠳᠠᠬᠰᠠᠨ ᠠᠶᠢᠯ ᠤᠨ ᠬᠢᠨ ᠠᠪᠤ ᠶᠢ ᠰᠠᠭᠠᠳᠠᠭ ᠤᠨ ᠡᠷᠬᠢᠯᠡᠭᠴᠢ ᠪᠠᠷ ᠤᠷᠢᠬᠰᠡᠨ ᠪᠠᠶᠢᠨ᠎ᠠ᠃ ᠬᠡᠤᠬᠡᠨ ᠲᠠᠯ᠎ᠠ ᠳᠤ ᠤᠴᠢᠭᠠᠳ ᠲᠡᠬᠡᠵᠢ | ᠪᠡᠯᠡᠭ ᠵᠡᠬᠦᠬᠡ ᠵᠡᠬᠦᠯᠡᠪᠤᠷᠢ ᠦᠭᠬᠦ ᠳᠤ ᠬᠤᠨᠢᠨ ᠠᠷᠠᠰᠤᠨ ᠲᠠᠪᠠᠯ ᠭᠠᠷᠴᠤ ᠢᠷᠡᠬᠦ ᠳᠤ ᠬᠤᠳᠠ ᠶᠢᠨ ᠲᠠᠯ᠎ᠠ ᠶᠢᠨ ᠬᠢᠨ ᠬᠡᠯᠡᠭᠰᠡᠨ ᠢᠶᠠᠨ ᠮᠡᠯᠵᠢᠯᠡ᠂ ᠬᠡᠤᠬᠡᠨ ᠢᠶᠠᠨ | ᠡᠶᠢᠮᠦ ᠠᠶᠢᠯ ᠳᠤ ᠦᠭᠬᠦ ᠦᠬᠡᠢ ᠬᠡᠵᠤ ᠪᠦᠬᠡᠮ ᠮᠠᠷᠭᠤᠭᠠᠨ ᠪᠤᠯᠤᠬᠰᠡᠨ ᠶᠤᠮ ᠪᠠᠶᠢᠨ᠎ᠠ᠃ ᠠᠪᠤ ᠰᠢᠭᠤᠳ ᠯᠠ᠄ ︽ᠵᠠ ᠲᠠᠨᠤᠰ ᠬᠡᠯᠡᠴᠢᠬᠡ᠂ ᠬᠤᠨᠢ ᠶᠡᠭᠡ | ᠶᠤᠮ ᠤᠤ︖ ᠬᠤᠷᠠᠭ᠎ᠠ ᠶᠡᠭᠡ ᠶᠤᠮ ᠤᠤ︖︾ ᠬᠡᠪᠡᠯ ᠲᠠᠶᠠᠭᠠᠷ ᠬᠤᠨᠢ ᠨᠢ ᠶᠡᠭᠡ ᠬᠡᠵᠤ ᠬᠠᠷᠢᠭᠤᠯᠵᠠᠢ᠃ ᠠᠪᠤ᠄ ︽ᠲᠡᠬᠡᠪᠡᠯ ᠬᠤᠷᠠᠭᠠᠨ ᠠᠴᠠ ᠶᠡᠭᠡ ᠬᠤᠨᠢᠨ | ᠠᠷᠠᠰᠤᠨ ᠲᠠᠪᠠᠯ ᠢ ᠨᠢ ᠠᠪᠴᠢᠷᠠᠭᠠᠳ ᠪᠠᠰᠠ ᠪᠤᠯᠳᠠᠭ ᠦᠬᠡᠢ ᠨᠢ ᠶᠠᠭᠤ ᠶᠤᠮ︖︾ ᠬᠡᠵᠤ ᠠᠰᠠᠭᠤᠪᠠᠯ ᠠᠪᠤ ᠶᠢ ᠮᠡᠳᠡᠳᠡᠭ ᠬᠤᠷᠢᠮ ᠤᠨ ᠡᠷᠬᠡᠯᠡᠭᠴᠢ ᠨᠢ᠄ ︽ᠵᠠ | ᠂ ᠵᠠ ᠡᠨᠡ ᠴᠤ ᠪᠤᠯ ᠬᠦᠷᠦᠰᠦ ︵ᠠᠷᠠᠰᠤ︶ ᠦᠬᠡᠢ ᠡᠷ᠎ᠡ ᠪᠠᠶᠢᠨ᠎ᠠ᠃ ᠤᠳᠤ ᠬᠡᠯᠡᠯᠴᠡᠬᠦ ᠦᠬᠡᠢ᠂ ᠶᠤᠰᠤ ᠵᠠᠩᠰᠢᠯ ᠢᠶᠠᠨ ᠬᠦᠢᠴᠡᠭᠡ︕︾ ᠬᠡᠵᠤ ᠬᠡᠯᠡᠬᠡᠳ | ᠬᠤᠶᠠᠷ ᠵᠠᠯᠠᠭᠤ ᠶᠢᠨ ᠬᠤᠷᠢᠮ ᠤᠨ ᠶᠤᠰᠤᠯᠠᠯ ᠰᠠᠭᠠᠳ ᠲᠦᠪᠡᠭ ᠦᠬᠡᠢ ᠪᠤᠯᠤᠯ᠎ᠠ ᠬᠡᠳᠡᠭ᠃ ᠡᠨᠡ ᠪᠤᠯ ᠶᠠᠷᠤ ᠶᠢᠨ ᠨᠢᠬᠡᠨ ᠵᠢᠱᠢᠶ᠎ᠡ ᠪᠤᠯᠤᠨ᠎ᠠ᠃ ᠪᠤᠭᠤᠷᠤᠯᠴᠤᠤᠨ | ᠤᠨ ᠬᠡᠯᠡᠬᠦ ᠪᠠᠷ ᠠᠪᠤ ᠶᠢᠨ ᠰᠤᠨᠢᠨ ᠬᠠᠴᠢᠨᠦᠯᠢᠬᠡᠷ ᠬᠡᠯᠡᠬᠡᠳ ᠪᠠᠷᠠᠬᠤ ᠦᠬᠡᠢ ᠠᠷᠪᠢᠨ ᠪᠠᠶᠢᠬᠰᠠᠨ ᠬᠡᠨ᠎ᠡ᠃ | | | ᠵᠢᠷᠭᠤᠭ᠎ᠠ | ᠠᠪᠤ ᠮᠢᠨᠢ ᠮᠠᠯ ᠤᠨ ᠡᠮᠴᠢ ᠬᠦᠮᠦᠨ ᠪᠠᠶᠢᠬᠰᠠᠨ᠃ ᠵᠠᠯᠠᠭᠤ ᠳᠤ ᠪᠠᠨ ᠨᠤᠳᠤᠭ ᠤᠨ ᠨᠠᠷᠠᠳᠠᠢ ᠮᠠᠯ ᠤᠨ ᠡᠮᠴᠢ ᠶᠢ ᠲᠠᠭᠠᠵᠤ ᠰᠤᠷᠴᠤ᠂ ᠪᠠᠷᠢᠭᠠᠳᠠ᠂ ᠪᠠᠭ᠎ᠠ | ᠪᠠᠷᠢᠭᠠᠳᠠ ᠶᠢᠨ ᠮᠠᠯ ᠤᠨ ᠡᠮᠴᠢ ᠶᠢᠨ ᠠᠵᠢᠯ ᠢ ᠲᠠᠯᠠᠭᠠᠳ ᠤᠨ ᠠᠴᠠ ᠮᠠᠩᠵᠠᠨ ᠲᠤᠭᠤᠭ᠎ᠠ ᠪᠠᠯᠪᠠᠷᠠᠳᠠᠯᠠ ᠠᠷᠪᠠᠨ ᠬᠡᠳᠤᠨ ᠵᠢᠯ ᠬᠢᠵᠤ ᠶᠠᠪᠤᠪᠠ᠃ | ᠮᠠᠯ ᠤᠨ ᠡᠮᠴᠢ ᠶᠢᠨ ᠠᠵᠢᠯ ᠪᠤᠯ ᠪᠠᠰᠠ ᠴᠤ ᠬᠠᠮᠤᠭ ᠤᠨ ᠬᠠᠳᠠᠭᠤ ᠰᠢᠷᠤᠬᠦᠨ ᠠᠵᠢᠯ ᠮᠦᠨ᠃ ᠵᠢᠯ ᠤᠨ ᠲᠦᠷᠪᠠᠨ ᠤᠯᠠᠷᠢᠯ ᠳᠤ ᠪᠤᠳᠠ ᠪᠤᠭ ᠮᠠᠯ ᠲᠠᠢ | ᠨᠤᠴᠤᠯᠳᠤᠵᠤ ᠦᠩᠬᠡᠷᠬᠡᠨᠡ᠃ | ᠡᠪᠦᠭᠡ ᠶᠢᠨ ᠬᠢ ᠪᠠᠷᠢᠭᠠᠳᠠ ᠶᠢᠨ ᠬᠠᠮᠤᠭ ᠤᠯᠠᠨ ᠦᠬᠡᠷ ᠬᠠᠷᠠᠬᠰᠠᠨ ᠡᠷᠤᠬᠡ ᠶᠤᠮ᠃ ᠰᠤᠷᠭᠠᠭᠤᠯᠢ ᠠᠴᠠ ᠥᠢᠷ᠎ᠠ ᠪᠤᠯᠬᠤᠷ ᠪᠠᠭ᠎ᠠ ᠡᠬᠡᠴᠢ ᠪᠢᠳᠠ ᠬᠤᠶᠠᠷ | ᠲᠠᠨᠳᠠ ᠠᠴᠠ ᠬᠦᠶᠦᠵᠤ ᠪᠢᠴᠢᠭ ᠰᠤᠷᠴᠤ ᠪᠠᠶᠢᠯ᠎ᠠ᠃ ᠨᠢᠬᠡ ᠤᠳᠠᠭ᠎ᠠ ᠠᠪᠤ ᠪᠠᠷᠢᠭᠠᠳᠠ ᠶᠢᠨ ᠬᠡᠳᠤᠨ ᠮᠠᠯ ᠤᠨ ᠡᠮᠴᠢ ᠲᠠᠢ ᠢᠷᠡᠵᠤ ᠦᠬᠡᠷ ᠤᠨ ᠰᠦᠷᠦᠭ ᠲᠤ ᠡᠮ | ᠴᠢᠳᠬᠤᠪᠠ᠃ ᠤᠯᠠᠨ ᠦᠬᠡᠷ ᠢ ᠴᠠᠯᠮᠠᠳᠠᠵᠤ ᠡᠮ ᠴᠢᠳᠬᠤᠵᠤ ᠪᠠᠷᠠᠬᠤ ᠳᠤ ᠨᠢᠬᠡ ᠬᠠᠷ᠎ᠠ ᠪᠤᠬ᠎ᠠ ᠨᠢ ᠪᠠᠷᠢᠬᠳᠠᠬᠤ ᠦᠬᠡᠢ᠂ ᠰᠡᠬᠦᠯ ᠳᠤ ᠪᠦᠷᠢᠮᠤᠰᠤᠨ | ᠤᠯᠠᠶᠢᠴᠢᠬᠠᠵᠤ ᠬᠠᠰᠢᠶᠠᠨ ᠤ ᠡᠬᠦᠳᠡ ᠰᠡᠳᠡᠯᠵᠤ ᠭᠠᠷᠪᠠ᠃ ᠬᠡᠳᠤᠬᠦᠯᠡ ᠮᠤᠷᠢ ᠤᠨᠤᠵᠤ ᠤᠷᠭ᠎ᠠ ᠰᠤᠨᠤᠯᠵᠠᠭᠤᠯᠤᠨ ᠬᠦᠬᠡᠬᠡᠵᠤ ᠰᠤᠶᠢᠳ ᠪᠤᠯᠪᠠ᠃ ᠡᠬᠡᠴᠢ ᠪᠢᠳᠠ | ᠬᠤᠶᠠᠷ ᠨᠠᠯᠢᠶᠠᠳ ᠵᠠᠶᠢᠳᠠᠢ ᠲᠤᠬᠯᠠᠵᠤ ᠪᠠᠶᠢᠬᠰᠠᠨ ᠪᠤᠯᠪᠠᠴᠤ ᠮᠤᠷᠢ ᠲᠠᠢ ᠬᠦᠮᠦᠨ ᠤ ᠦᠬᠡᠳᠡ ᠨᠢᠳᠤ ᠨᠢ ᠤᠯᠠᠶᠢᠨ ᠬᠡᠷᠤᠵᠤ ᠰᠡᠯᠡᠯᠵᠡᠭᠰᠡᠨ ᠬᠠᠷ᠎ᠠ ᠪᠤᠬ᠎ᠠ ᠶᠢ | ᠦᠵᠡᠬᠡᠳ ᠰᠢᠪᠠᠭ ᠬᠠᠷᠭᠠᠨ᠎ᠠ ᠶᠢᠨ ᠴᠠᠭᠠᠳᠠᠢ ᠨᠢᠭᠤᠵᠤ ᠬᠦᠳᠡᠯᠵᠤ ᠴᠤ ᠴᠢᠳᠠᠬᠤ ᠦᠬᠡᠢ ᠠᠶᠤᠨ ᠲᠠᠬᠵᠢᠵᠤ ᠪᠠᠶᠢᠯ᠎ᠠ᠃ ᠤᠯᠠᠶᠢᠬᠰᠠᠨ ᠦᠬᠡᠷ ᠬᠡᠪᠡᠯ | ᠠᠶᠤᠮᠰᠢᠬᠳᠠᠢ ᠭᠠᠯᠵᠠᠭᠤ ᠪᠤᠯᠴᠢᠬᠠᠳᠠᠭ ᠢ ᠰᠤᠨᠤᠰᠤᠬᠰᠠᠨ ᠠᠴᠠ ᠦᠵᠡᠭᠰᠡᠨ ᠨᠢ ᠴᠦᠬᠡᠨ ᠪᠤᠯᠬᠤᠷ ᠰᠦᠷᠳᠡᠵᠤ ᠠᠶᠤᠬᠤ ᠶᠢ ᠬᠡᠯᠡᠬᠦ ᠶᠠᠭᠤᠨ ᠪᠤᠢ᠃ ᠡᠪᠦᠭᠡ᠄ ︽ | ᠭᠠᠭᠴᠠ ᠪᠤᠬ᠎ᠠ ᠳᠤ ᠲᠤᠯᠤᠬᠰᠠᠨ ᠶᠤᠮ ᠴᠢᠨᠢ ᠡᠮᠨᠡᠬᠦ ᠦᠬᠡᠢ ᠪᠤᠯᠪᠠᠴᠤ ᠶᠠᠭᠠᠬᠢᠳᠠᠭ ᠶᠤᠮ᠂ ᠬᠡᠤᠬᠡᠳ ᠰᠢᠤᠬᠠᠳ ᠮᠦᠷᠬᠦᠴᠢᠬᠦ ᠶᠤᠮ ᠪᠠᠶᠢᠨ᠎ᠠ︾ ᠬᠡᠵᠤ ᠠᠪᠤ ᠶᠢ | ᠵᠠᠩᠨᠠᠪᠠᠴᠤ ᠠᠭᠤᠷ ᠲᠤ ᠪᠠᠨ ᠲᠡᠶᠢᠯᠳᠡᠭᠰᠡᠨ ᠠᠪᠤ ᠰᠤᠨᠤᠰᠳᠠᠭ ᠨᠢ ᠪᠢᠰᠢ᠃ ᠬᠤᠶᠠᠷ ᠡᠮᠴᠢ ᠤᠷᠭ᠎ᠠ ᠴᠠᠯᠮ᠎ᠠ ᠵᠡᠷᠬᠡ ᠤᠷᠤᠭᠤᠯᠵᠤ ᠬᠦᠵᠦᠬᠦᠦ ᠶᠢ ᠨᠢ ᠰᠢᠬᠠᠨ | ᠴᠡᠴᠡᠷᠡᠬᠦᠯᠵᠤ᠂ ᠠᠪᠤ ᠬᠤᠶᠠᠷ ᠬᠦᠯ ᠶᠢ ᠨᠢ ᠵᠡᠷᠬᠡᠳᠡ ᠲᠡᠬᠡᠬᠡᠯᠡᠨ ᠤᠨᠠᠭᠠᠵᠤ ᠠᠳᠤᠷᠢᠳᠠᠯ᠎ᠠ ᠬᠦᠯᠢᠨ ᠴᠢᠳᠬᠤᠵᠤ ᠪᠠᠷᠠᠭᠠᠳ ᠰᠠᠨᠠᠭ᠎ᠠ ᠨᠢ ᠠᠮᠠᠷᠠᠳᠠᠭ ᠶᠤᠮ ᠪᠠᠶᠢᠨ᠎ᠠ᠃ | ᠮᠠᠨ ᠤ ᠬᠡᠷ ᠴᠠᠭᠠᠨᠳᠤᠯᠤᠭᠠᠢ ᠤᠢ ᠶᠢᠨ ᠲᠠᠯᠠᠪᠠᠢ ᠠᠴᠠ ᠬᠡᠳᠤᠬᠡᠨ ᠭᠠᠵᠠᠷ ᠵᠠᠶᠢᠳᠠᠢ ᠪᠤᠯᠬᠤᠷ ᠤᠢ ᠶᠢᠨ ᠲᠠᠯᠠᠪᠠᠢ ᠶᠢᠨ ᠬᠠᠮᠳᠤ ᠪᠠ ᠬᠤᠪᠢ ᠡᠷᠤᠬᠡ ᠦᠬᠡᠢ | ᠠᠪᠤ ᠶᠢ ᠲᠠᠭᠤᠳᠠᠵᠤ ᠦᠬᠡᠷ ᠭᠠᠭ᠋ᠠᠢ ᠡᠪᠳᠴᠢᠯᠡᠯᠡ ᠬᠡᠳ ᠬᠡᠵᠢᠶᠡᠳᠡ ᠲᠠᠭᠤᠳᠠᠨ᠎ᠠ᠃ ᠠᠪᠤ ᠦᠨ᠎ᠡ ᠲᠦᠯᠦᠪᠤᠷᠢ ᠦᠬᠡᠢ ᠵᠡᠬᠦᠦ ᠬᠠᠳᠬᠤᠵᠤ ᠂ ᠡᠮ ᠦᠭᠴᠤ | ᠡᠳᠡᠬᠡᠷᠡᠬᠦᠯᠬᠦ ᠳᠤ ᠪᠠᠶᠠᠷᠯᠠᠬᠰᠠᠨ ᠬᠦᠮᠦᠰ ᠠᠯᠢᠮ᠎ᠠ ᠵᠢᠮᠢᠰ ᠨᠤᠭᠤᠭ᠎ᠠ ᠨᠠᠪᠴᠢ ᠬᠦᠷᠬᠡᠵᠤ ᠲᠠᠯᠠᠷᠬᠠᠨ᠎ᠠ᠃ ᠠᠪᠤ ᠤᠢ ᠰᠢᠭᠤᠢ ᠶᠢᠨ ᠲᠠᠯᠠᠪᠠᠢ ᠳᠤ ᠮᠠᠯ ᠡᠮᠨᠡᠬᠦ ᠪᠠᠷ | ᠶᠠᠪᠤᠬᠤ ᠪᠤᠯᠭᠠᠨ ᠮᠠᠨ ᠤ ᠬᠡᠷ ᠢᠶᠠᠷ ᠪᠦᠬᠡᠮ ᠪᠠᠶᠠᠷ ᠪᠤᠯᠳᠠᠭ᠃ ᠤᠴᠢᠷ ᠨᠢ ᠮᠠᠨ ᠤ ᠬᠢᠨ ᠲᠤᠬᠠᠢ ᠶᠢᠨ ᠦᠶ᠎ᠡ ᠨᠠᠪᠴᠢ ᠨᠤᠭᠤᠭ᠎ᠠ ᠭᠤᠸ᠎ᠠ ᠵᠢᠮᠢᠰ ᠲᠠᠷᠢᠬᠤ ᠶᠢ | ᠮᠡᠳᠡᠬᠦ ᠦᠬᠡᠢ ᠲᠤᠯᠠ ᠢᠳᠡᠬᠦ ᠲᠤᠬᠢᠶᠠᠯ ᠴᠤ ᠲᠤᠩ ᠴᠦᠬᠡᠨ ᠶᠤᠮ᠃ ᠡᠵᠢ ᠯᠡ ᠭᠠᠭᠴᠠᠭᠠᠷ ᠴᠢᠷᠡᠢ ᠮᠠᠭᠤᠳᠠᠢ ᠪᠠᠶᠢᠵᠤ ᠰᠠᠶᠢᠬᠢ ᠭᠠᠰᠢᠭᠤᠨ ᠬᠠᠷ᠎ᠠ ᠠᠷᠢᠬᠢ ᠪᠠᠷ | ᠢᠶᠠᠨ ᠲᠠᠶᠢᠯᠠᠭᠠᠳ ᠪᠠᠶᠢᠬᠤ ᠳᠤ ᠨᠢ ᠲᠤᠷ᠎ᠠ ᠦᠬᠡᠶᠢᠴᠡᠳᠡᠭ᠃ | | | ᠲᠤᠯᠤᠭ᠎ᠠ | ᠠᠪᠤ ᠮᠢᠨᠢ ᠶᠤᠰᠤᠳᠠᠢ ᠯᠠ ᠠᠷᠢᠬᠢᠴᠢᠨ ᠬᠦᠮᠦᠨ ᠪᠠᠶᠢᠬᠰᠠᠨ᠃ ᠲᠠᠪᠢᠨ ᠨᠠᠢᠮᠠᠬᠠᠨ ᠨᠠᠰᠤᠳᠠᠢ ᠦᠨᠡᠨ ᠤ ᠬᠤᠷᠸ᠎ᠠ ᠳᠤ ᠶᠠᠪᠤᠬᠰᠠᠨ ᠨᠢ ᠠᠷᠢᠬᠢᠨ ᠠᠴᠠ ᠯᠡ | ᠪᠤᠯᠤᠯ᠎ᠠ ᠬᠡᠵᠤ ᠪᠢ ᠪᠤᠳᠤᠳᠠᠭ᠃ ᠡᠯᠢᠬᠡᠨ ᠬᠠᠳᠠᠭᠤᠷᠠᠯ ᠳᠤ ᠲᠠᠮᠤᠯᠠᠬᠳᠠᠨ ᠰᠢᠳᠤ ᠵᠠᠭᠤᠨ ᠬᠡᠤᠬᠡᠳ ᠢᠶᠠᠨ ᠵᠤᠪᠠᠭᠠᠬᠤ ᠦᠬᠡᠢ ᠬᠡᠵᠤ ᠦᠪᠡᠷ ᠢᠶᠠᠨ ᠡᠷᠬᠢᠵᠤ | ᠤᠷᠪᠠᠵᠤ ᠡᠪᠡᠷᠰᠢᠶᠡᠯ ᠡᠪᠡᠳᠬᠡᠯ ᠢᠶᠠᠨ ᠨᠠᠮᠳᠠᠭᠠᠵᠤ ᠪᠠᠶᠢᠬᠰᠠᠨ ᠰᠡᠬᠦᠯᠴᠢ ᠶᠢᠨ ᠬᠡᠳᠤᠨ ᠬᠤᠨᠤᠭ ᠤᠳ ᠨᠢᠳᠤᠨ ᠳᠤ ᠬᠡᠵᠢᠶᠡᠳᠡ ᠦᠵᠡᠭᠳᠡᠬᠡᠳ ᠪᠠᠶᠢᠳᠠᠭ᠃ ᠲᠡᠷᠡ | ᠡᠳᠤᠷ ᠪᠢᠳᠠ ᠬᠡᠳᠤ ᠨᠢ ᠠᠪᠤ ᠶᠢᠨ ᠵᠤᠯᠭᠠᠬᠤ ᠬᠡᠰᠡᠨ ᠯᠠᠮᠠ ᠪᠠᠭᠰᠢ ᠶᠢ ᠵᠠᠯᠠᠵᠤ ᠢᠷᠡᠬᠦ ᠳᠤ ᠠᠪᠤ ᠨᠢᠬᠡᠨᠳᠡ ᠮᠦᠩᠬᠡ ᠪᠤᠰᠤ ᠶᠢ ᠦᠵᠡᠬᠦᠯᠴᠢᠬᠡᠭᠰᠡᠨ ᠪᠠᠶᠢᠯ᠎ᠠ᠃ ᠬᠡᠷ | ᠢᠶᠠᠷ ᠲᠦᠬᠦᠷᠡᠩ ᠬᠦᠮᠦᠰ ᠲᠠᠭᠤ ᠱᠤᠤ ᠲᠠᠰᠤᠷᠠᠵᠤ ᠬᠦᠨᠳᠤ ᠨᠦᠰᠡᠷ ᠪᠠᠶᠢᠵᠤ ᠪᠠᠶᠢᠳᠠᠯ᠎ᠠ ᠬᠦᠷᠦᠯᠴᠡᠨ ᠢᠷᠡᠭᠰᠡᠨ ᠲᠦᠷᠦᠯ ᠤᠨ ᠡᠬᠡᠴᠢ ᠲᠡᠬᠦᠦ ᠨᠡᠷ ᠲᠠᠭᠤ | ᠲᠠᠯᠪᠢᠨ ᠤᠬᠢᠯᠠᠵᠤ᠂ ᠮᠠᠨ ᠤ ᠬᠡᠳᠤᠬᠦᠯᠡ ᠶᠢ ᠴᠤ ᠲᠤᠭᠤᠢ ᠲᠤᠭᠤᠢ ᠮᠡᠭᠰᠢᠷᠡᠬᠦᠯᠵᠤ ᠤᠷᠬᠢᠪᠠ᠃ ᠪᠢ ᠤᠬᠢᠯᠠᠬᠰᠠᠨ ᠦᠬᠡᠢ᠂ ᠨᠠᠰᠤ ᠪᠤᠯᠤᠬᠰᠠᠨ ᠬᠦᠮᠦᠨ ᠢᠶᠠᠨ | ᠨᠢᠯᠪᠤᠰᠤ ᠪᠠᠷ ᠦᠳᠡᠳᠡᠭ ᠦᠬᠡᠢ ᠠᠴᠠ ᠪᠤᠯᠤᠬᠰᠠᠨ ᠪᠤᠰᠤ᠂ ᠵᠤᠷᠢᠭ ᠴᠢᠩᠭ᠎ᠠ ᠬᠦᠮᠦᠨ ᠨᠡᠩ ᠴᠤ ᠪᠤᠰᠤ᠃ ᠶᠠᠭᠤ ᠴᠤ ᠬᠡᠰᠡᠨ ᠮᠢᠨᠦ ᠤᠢ ᠭᠠᠰᠢᠭᠤᠳᠠᠯ ᠠᠴᠠ | ᠢᠯᠡᠬᠦᠦ ᠢᠳᠡᠬᠡᠵᠤ ᠪᠤᠯᠬᠤ ᠦᠬᠡᠢ ᠭᠤᠮᠤᠷᠬᠠᠯ ᠰᠡᠳᠬᠢᠯ ᠵᠢᠷᠤᠬᠡ ᠶᠢ ᠡᠵᠠᠯᠠᠵᠤ ᠪᠠᠶᠢᠪᠠ᠃ ᠨᠢᠬᠡ ᠵᠤᠶᠢᠯ ᠤᠨ ᠦᠯᠦ ᠮᠡᠳᠡᠬᠦ ᠪᠢᠳᠡᠬᠦᠦ ᠮᠠᠨᠠᠨ ᠲᠠᠷᠢᠬᠢ ᠲᠤᠯᠤᠭᠠᠢ | ᠶᠢ ᠮᠢᠨᠢ ᠪᠢᠳᠡᠬᠦᠷᠡᠬᠦᠯᠵᠤ ᠤᠷᠬᠢᠪᠠ᠃ ᠨᠤᠳᠤᠭ ᠤᠷᠤᠨ ᠳᠤ ᠪᠠᠨ ᠨᠠᠷ᠎ᠡ ᠬᠦᠨᠳᠤᠳᠡᠢ ᠯᠠᠮᠠ ᠪᠠᠭᠰᠢ ᠠᠪᠤ ᠶᠢᠨ ᠬᠤᠶᠢᠳᠤᠬᠢ ᠪᠦᠬᠦ ᠶᠤᠰᠤ ᠵᠠᠩᠰᠢᠯ ᠤᠨ ᠪᠤᠯᠤᠨ | ᠪᠤᠶᠠᠨ ᠤ ᠤᠶᠢᠯᠡ ᠶᠢ ᠡᠷᠬᠢᠯᠡᠵᠤ᠂ ᠠᠮᠢᠳᠤ ᠪᠠᠶᠢᠬᠤ ᠶᠢᠨ ᠰᠠᠨᠠᠭ᠎ᠠ ᠵᠤᠷᠢᠭ ᠢ ᠨᠢ ᠬᠦᠢᠴᠡᠬᠡᠪᠡ᠃ | — — — ᠶᠠᠭᠠᠬᠢᠬᠰᠠᠨ ᠶᠡᠭᠡ ᠪᠤᠶᠠᠨ ᠲᠠᠢ ᠬᠦᠮᠦᠨ ᠶᠤᠮ ᠪᠤᠢ︖ ᠵᠢᠷᠭᠤᠭᠠᠨ ᠬᠡᠤᠬᠡᠳ ᠢᠶᠠᠨ ᠪᠡᠶ᠎ᠡ ᠪᠦᠳᠦᠨ ᠪᠤᠯᠭᠠᠵᠤ᠂ ᠡᠪᠡᠳᠴᠢᠨ ᠲᠠᠢ | ᠬᠤᠭᠤᠴᠠᠭᠠᠨ ᠳᠤ ᠪᠠᠨ ᠴᠤ ᠡᠭᠦᠷᠳᠡᠬᠦᠯᠵᠤ ᠵᠤᠪᠠᠭᠠᠬᠰᠠᠨ ᠦᠬᠡᠢ᠂ ᠨᠡᠷᠡᠳᠡᠢ ᠪᠠᠭᠰᠢ ᠪᠠᠷ ᠥᠨᠡᠨ ᠤ ᠵᠠᠮ ᠢᠶᠠᠨ ᠵᠢᠭᠠᠯᠭᠠᠬᠰᠠᠨ ᠴᠤᠬᠤᠮ ᠴᠤ ᠪᠤᠶᠠᠨ ᠲᠠᠢ ᠬᠦᠮᠦᠨ | ᠪᠠᠶᠢᠨ᠎ᠠ ᠬᠡᠵᠤ ᠬᠡᠯᠡᠯᠴᠡᠬᠡᠨ ᠪᠤᠯᠴᠢᠬᠠᠨ᠎ᠠ᠃ | ᠡᠳᠡᠬᠡᠷ ᠬᠡᠷᠡᠭ ᠦᠬᠡᠢ ᠦᠬᠡ ᠶᠢ ᠪᠢ ᠰᠤᠨᠤᠰᠬᠤ ᠴᠤ ᠲᠤᠷ᠎ᠠ ᠦᠬᠡᠢ᠃ ᠶᠠᠮᠠᠷ ᠵᠠᠶᠠᠭᠠᠨ ᠳᠤ ᠪᠤᠶᠠᠨ ᠲᠠᠢ ᠳᠤ ᠲᠤᠭᠤᠴᠠᠬᠳᠠᠬᠤ ᠶᠤᠮ ᠪᠤᠢ︖ ᠦᠳᠡ | ᠲᠤᠮᠳᠠ ᠶᠢᠨ ᠨᠠᠰᠤᠨ ᠳᠤ ᠪᠠᠨ ᠪᠠᠶᠢᠭᠠᠳ ᠶᠢᠷᠳᠢᠨᠴᠤ ᠤᠨ ᠠᠯᠢ ᠰᠠᠶᠢᠨ ᠰᠠᠶᠢᠬᠠᠨ ᠪᠦᠬᠦᠨ ᠢ ᠠᠵᠢᠶᠠᠷᠠᠵᠤ ᠲᠠᠭᠤᠰᠤᠭ᠎ᠠ ᠦᠬᠡᠢ ᠪᠠᠶᠢᠵᠤ ᠬᠠᠷ᠎ᠠ ᠠᠷᠢᠬᠢᠨ ᠤ ᠮᠠᠭᠤ | ᠪᠠᠷ ᠲᠤᠳᠠᠭᠤ ᠲᠤᠷᠭᠤᠨ ᠨᠠᠰᠤᠯᠠᠯ᠎ᠠ ᠬᠡᠵᠤ ᠪᠢᠳᠡᠬᠦᠦ ᠠᠭᠤᠷ ᠪᠡᠭᠳᠡᠷᠡᠯ ᠳᠤ ᠠᠪᠳᠠᠵᠤ ᠰᠠᠭᠤᠬᠰᠠᠨ ᠬᠦᠦ ᠨᠢ ᠪᠢ ᠪᠢᠯᠡ᠃ | ᠶᠤᠰᠤ ᠮᠡᠳᠡᠬᠦ ᠦᠬᠡᠢ ᠶᠤᠷᠤᠭ ᠲᠠᠨᠢᠬᠤ ᠦᠬᠡᠢ ᠶᠢᠨ ᠬᠡᠴᠡᠬᠦᠦ ᠬᠡᠵᠤ ᠬᠠᠯᠠᠳᠠᠢ ᠲᠤᠰᠳᠠᠭᠪᠠᠶᠢᠬᠤ ᠳᠤ ᠤᠬᠳᠤ ᠤᠬᠠᠵᠤ ᠰᠡᠷᠡᠵᠤ ᠪᠠᠶᠢᠭ᠎ᠠ ᠦᠬᠡᠢ ᠵᠤᠶᠢᠯ | ᠠᠯᠳᠠᠬᠰᠠᠨ ᠬᠤᠶᠢᠨ᠎ᠠ ᠬᠦᠨᠳᠤ ᠢᠷᠡᠳᠡᠭ ᠪᠠᠶᠢᠨ᠎ᠠ᠃ ᠬᠡᠵᠢᠶ᠎ᠠ ᠬᠤᠶᠢᠨ᠎ᠠ ᠨᠢ ᠰᠡᠳᠬᠢᠯ ᠰᠡᠷᠬᠦᠬᠡᠭᠰᠡᠨ ᠤ ᠰᠡᠬᠦᠯᠡᠷ ᠪᠠᠭ᠎ᠠ ᠠᠪᠠᠭ᠎ᠠ ᠶᠢᠨ ᠳᠤ ᠤᠴᠢᠵᠤ ᠬᠡᠳᠤᠬᠡᠨ | ᠬᠤᠨᠳᠠᠭ᠎ᠠ ᠠᠷᠢᠬᠢ ᠬᠤᠳᠤᠭᠤᠳᠤᠨ ᠳᠤ ᠤᠷᠤᠬᠤ ᠳᠤ ᠯᠠ ᠠᠪᠤ ᠶᠢᠨ ᠲᠤᠬᠠᠢ ᠲᠤᠷᠠᠰᠴᠤ ᠭᠠᠭᠴᠠᠭᠠᠷᠳᠠᠯ᠂ ᠰᠦᠷᠳᠠᠯ᠂ ᠲᠦᠬᠡᠷᠢᠭᠳᠡᠯ᠂ ᠬᠠᠷᠠᠮᠰᠠᠯ ᠤᠨ ᠮᠠᠨᠠᠨ ᠳᠤ | ᠪᠦᠷᠬᠦᠭᠳᠡᠵᠤ ᠡᠭᠰᠡᠷᠡᠳᠡᠯᠡ ᠤᠬᠢᠯᠡᠵᠤ ᠪᠢᠯᠡ᠃ ᠠᠪᠤ ᠮᠢᠨᠢ ᠪᠢᠳᠠᠨ ᠳᠤ ᠪᠠᠨ ᠰᠦᠮᠪᠤᠷ ᠠᠭᠤᠯᠠ ᠰᠢᠭ᠋ ᠲᠦᠰᠢᠭ ᠲᠤᠯᠭᠠᠭᠤᠷᠢ ᠪᠠᠶᠢᠬᠰᠠᠨ ᠢ ᠲᠠᠩᠴᠤ ᠤᠬᠠᠭᠠᠷᠠᠭ᠎ᠠ | ᠦᠬᠡᠢ ᠶᠠᠪᠤᠵᠠᠢ ᠮᠠᠭᠤ ᠬᠦᠦ ᠴᠢᠨᠢ︕ | | | ᠨᠠᠢᠮᠠ | ᠠᠪᠤ ᠶᠢᠨ ᠨᠢᠬᠡ ᠨᠠᠰᠤ ᠶᠢ ᠭᠠᠰᠢᠭᠤᠨ ᠬᠠᠳᠠᠭᠤ ᠴᠠᠭ ᠦᠶ᠎ᠡ ᠢᠯᠡᠬᠦᠦ ᠡᠵᠠᠯᠠᠵᠠᠢ᠃ ᠠᠪᠤ ᠲᠥᠷᠪᠠᠨ ᠨᠠᠰᠤᠳᠠᠢ ᠪᠠᠶᠢᠬᠤ ᠳᠤ ᠡᠮᠡᠭᠡ ᠡᠪᠡᠳᠴᠢᠨ ᠢᠶᠠᠷ | ᠨᠠᠰᠤ ᠪᠠᠷᠠᠵᠠᠢ᠃ ᠨᠠᠰᠤ ᠪᠠᠷ ᠢᠶᠠᠨ ᠦᠷ᠎ᠡ ᠬᠡᠤᠬᠡᠳ ᠦᠬᠡᠢ ᠪᠠᠭ᠎ᠠ ᠡᠪᠦᠭᠡ ᠲᠡᠶᠢᠸᠠᠩᠴᠤᠬᠳᠤ᠂ ᠡᠵᠢ ᠶᠢᠨ ᠬᠠᠶᠢᠷ᠎ᠠ ᠪᠠᠨ ᠠᠯᠳᠠᠬᠰᠠᠨ ᠠᠪᠤ ᠳᠤ ᠣᠴᠢᠷ ᠦᠬᠡᠢ | ᠬᠠᠶᠢᠷ᠎ᠠ ᠲᠠᠢ ᠪᠠᠶᠢᠵᠤ ᠤᠯᠠᠨ ᠲᠠᠬᠢᠨ ᠠᠬ᠎ᠠ ᠳᠤ ᠪᠠᠨ ᠦᠷᠡᠴᠢᠯᠡᠵᠤ ᠠᠪᠤᠶ᠎ᠠ ᠬᠡᠰᠡᠨ ᠴᠤ ᠡᠪᠦᠭᠡ ᠵᠦᠪᠰᠢᠶᠡᠷᠡᠭᠰᠡᠨ ᠦᠬᠡᠢ ᠪᠠᠶᠢᠵᠠᠢ᠃ ᠬᠠᠷᠢᠨ ᠬᠤᠶᠢᠳᠤ ᠡᠵᠢ | ᠢᠷᠡᠵᠤ ᠤᠯᠠᠨ ᠡᠬᠡᠴᠢ ᠠᠬ᠎ᠠ ᠶᠢ ᠨᠢ ᠠᠰᠠᠷᠠᠵᠤ ᠲᠡᠬᠡᠭᠰᠢ ᠲᠠᠳᠠᠬᠤ ᠳᠤ ᠲᠤᠷ᠎ᠠ ᠲᠠᠪᠠ ᠪᠠᠷ ᠦᠰᠦᠭᠰᠡᠨ ᠬᠠᠮᠤᠭ ᠪᠠᠭ᠎ᠠ ᠬᠦᠦ ᠨᠢ ᠪᠤᠯᠬᠤ ᠠᠪᠤ ᠮᠢᠨᠢ ᠬᠠᠷᠢᠨᠦᠬᠡ | ᠰᠤᠨᠤᠰᠬᠤ ᠦᠬᠡᠢ ᠮᠦᠷᠳᠡᠬᠡᠨ ᠬᠤᠶᠢᠳᠤ ᠡᠵᠢ ᠶᠢᠨ ᠡᠮᠤᠨ᠎ᠡ ᠶᠤᠰᠤ ᠦᠬᠡᠢ ᠠᠭᠠᠰᠢᠯᠠᠵᠤ ᠡᠪᠦᠭᠡ ᠪᠠᠷ ᠬᠡᠳᠤᠨᠳᠡ ᠵᠠᠩᠨᠠᠭᠤᠯᠵᠤ ᠡᠪᠦᠭᠡ ᠶᠢᠨ ᠡᠵᠡᠬᠦᠢ ᠳᠤ ᠬᠡᠷ | ᠠᠴᠠ ᠤᠷᠭᠤᠵᠤ᠂ ᠪᠠᠭ᠎ᠠ ᠡᠪᠦᠭᠡ ᠶᠢᠨ ᠳᠤ ᠲᠤᠳᠠᠭᠠᠵᠤ ᠢᠷᠡᠵᠠᠢ᠃ ᠬᠡᠳᠤ ᠬᠤᠨᠤᠭ ᠤᠨ ᠲᠠᠷᠠᠭ᠎ᠠ ᠡᠪᠦᠭᠡ ᠲᠠᠰᠢᠭᠤᠷ ᠰᠤᠶᠢᠷᠡᠵᠤ ᠤᠶᠠᠭᠠᠨ ᠲᠡᠬᠡᠷ᠎ᠡ ᠢᠷᠡᠬᠦ ᠳᠤ | ᠪᠠᠭ᠎ᠠ ᠡᠪᠦᠭᠡ ᠦᠬᠡᠳᠡ ᠠᠴᠠ ᠨᠢ ᠦᠮᠦᠭᠯᠡᠵᠤ ᠤᠴᠢᠬᠰᠠᠨ ᠶᠤᠮ ᠪᠠᠶᠢᠨ᠎ᠠ᠃ ᠡᠪᠦᠭᠡ ᠪᠤᠷᠭᠠᠰᠤᠨ ᠥᠪᠥᠩ ᠤᠪᠤᠬᠠᠢ ᠠᠴᠠ ᠪᠤᠯᠳᠠᠯᠵᠠᠬᠤ ᠠᠪᠤ ᠶᠢ ᠬᠠᠷᠠᠵᠤ᠂ | ᠬᠠᠯᠵᠠ ᠲᠡᠮᠡᠴᠡᠬᠦ ᠪᠠᠷ ᠢᠷᠡᠭᠰᠡᠨ ᠪᠠᠭ᠎ᠠ ᠡᠪᠦᠭᠡ ᠶᠢ ᠨᠢᠬᠡ ᠬᠠᠷᠠᠭᠠᠳ ᠡᠮᠡᠬᠡᠯ ᠤᠨ ᠲᠤᠤᠷ᠎ᠠ ᠠᠴᠠ ᠰᠢᠨᠡᠬᠡᠨ ᠲᠠᠨᠽ ᠠᠪᠴᠤ ᠭᠠᠵᠠᠷ ᠲᠡᠬᠡᠷ᠎ᠡ ᠰᠢᠳᠡᠴᠢᠬᠡᠬᠡᠳ ᠮᠤᠷᠢᠨ | ᠠᠴᠠ ᠴᠤ ᠪᠠᠭᠤᠬᠰᠠᠨ ᠦᠬᠡᠢ ᠪᠤᠴᠠᠬᠰᠠᠨ ᠪᠠᠶᠢᠵᠠᠢ᠃ ᠢᠩᠬᠢᠵᠤ ᠠᠪᠤ ᠶᠢᠰᠤᠨ ᠨᠠᠰᠤᠳᠠᠢ ᠪᠠᠭ᠎ᠠ ᠡᠪᠦᠭᠡ ᠶᠢᠨ ᠡᠬᠦᠳᠡ ᠤᠩᠭᠤᠶᠢᠯᠭᠠᠵᠤ ᠦᠷᠡᠴᠢᠯᠡᠭᠳᠡᠭᠰᠡᠨ | ᠪᠦᠬᠡᠳ ᠰᠡᠬᠦᠯ ᠳᠤ ᠪᠦᠷ ᠬᠤᠶᠠᠷ ᠠᠪᠤ ᠪᠠᠨ ᠠᠳᠠᠯᠢᠬᠠᠨᠡᠷᠬᠦᠵᠤ ᠬᠦᠨᠳᠤᠯᠡᠵᠤ ᠢᠷᠡᠭᠰᠡᠨ ᠲᠡᠤᠬᠡ ᠲᠠᠢ ᠬᠡᠵᠤ ᠪᠠᠭ᠎ᠠ ᠡᠪᠦᠭᠡ ᠮᠢᠨᠢ ᠬᠠᠭᠤᠴᠢᠯᠠᠵᠤ ᠶᠠᠷᠢᠳᠠᠭ ᠰᠠᠨ᠃ | | ᠠᠪᠤ ᠲᠤᠯᠤᠭᠠᠨ ᠨᠠᠰᠤᠨ ᠲᠡᠬᠡᠷ᠎ᠡ ᠪᠠᠨ ᠨᠠᠩᠰᠤ ᠶᠢᠨ ᠰᠥᠮ᠎ᠡ ᠲᠡᠬᠡᠷ᠎ᠡ ᠨᠠᠮᠵᠠᠯ ᠯᠠᠮᠠ ᠶᠢᠨ ᠱᠠᠪᠢ ᠪᠠᠨᠳᠢ ᠪᠤᠯᠵᠤ ᠬᠤᠶᠠᠷ ᠭᠤᠷᠪᠠᠨ ᠵᠢᠯ ᠨᠤᠮ ᠰᠤᠷᠪᠠ᠃ | ᠰᠡᠬᠦᠯᠡᠷ ᠨᠢ ᠯᠠᠮᠠ ᠬᠦᠮᠦᠨ ᠡᠬᠡᠨᠡᠷ ᠠᠪᠴᠤ ᠠᠶᠢᠯ ᠬᠡᠷ ᠪᠤᠯᠵᠤ ᠪᠤᠯᠳᠠᠭ ᠠᠴᠠ ᠬᠠᠶᠢᠷ᠎ᠠ ᠲᠠᠢ ᠯᠠᠮᠠ ᠪᠠᠭᠰᠢ ᠨᠢ ᠠᠶᠢᠯ ᠪᠤᠯᠵᠤ ᠠᠪᠤ ᠴᠤ ᠰᠦᠮ᠎ᠡ ᠠᠴᠠ ᠰᠠᠯᠵᠤ | ᠪᠠᠭ᠎ᠠ ᠰᠤᠷᠭᠠᠭᠤᠯᠢ ᠳᠤ ᠰᠠᠭᠤᠵᠤ ᠲᠡᠬᠦᠰᠴᠤ ᠬᠡᠷ ᠲᠤ ᠬᠠᠷᠢᠪᠠ᠃ ᠬᠤᠷᠠᠭ᠎ᠠ ᠢᠰᠢᠬᠡᠨ ᠳᠤ ᠶᠠᠪᠤᠬᠤ ᠳᠤ ᠪᠠᠨ ᠴᠠᠮᠴᠠ ᠪᠠᠨ ᠲᠠᠶᠢᠯᠠᠵᠤ ᠪᠦᠭᠰᠡ ᠪᠠᠨ | ᠤᠷᠢᠶᠠᠴᠢᠭᠠᠳ ᠴᠢᠷᠮᠠᠨ ᠨᠢᠴᠦᠬᠦᠨ ᠲᠤᠭᠠᠨ ᠤ ᠠᠮᠢᠳᠠᠨ ᠨᠠᠷᠠ ᠰᠠᠯᠬᠢᠨ ᠳᠤ ᠬᠡᠶᠢᠰᠬᠦᠯᠳᠡᠭ ᠠᠴᠠ ᠪᠠᠭ᠎ᠠ ᠠᠴᠠ ᠪᠠᠨ ᠬᠠᠪ ᠬᠠᠷ᠎ᠠ ᠬᠦᠷᠦᠰᠦ ᠲᠠᠢ ᠪᠤᠯᠵᠠᠢ᠃ | ᠦᠨᠡᠨ ᠳᠤ ᠪᠠᠨ ᠡᠮᠤᠰᠬᠦ ᠤᠯᠢᠬᠳᠠᠢ ᠬᠤᠪᠴᠠᠰᠤ ᠴᠤ ᠦᠬᠡᠢ ᠪᠠᠶᠢᠵᠠᠢ᠃ ︽ᠬᠠᠷ᠎ᠠ ᠰᠠᠸᠠᠩ︾ ᠬᠡᠳᠡᠭ ᠨᠠᠷᠠ ᠬᠡᠤᠬᠡᠳ ᠠᠴᠠ ᠪᠠᠨ ᠲᠠᠭᠠᠵᠤ ᠢᠷᠡᠵᠠᠢ᠃ | ᠠᠪᠤ ᠤᠯᠠᠨ ᠲᠦᠮᠡᠨ ᠤ ᠠᠵᠢᠯ ᠢ ᠴᠤ ᠠᠯᠳᠠᠯ ᠦᠬᠡᠢ ᠪᠡᠶᠡᠯᠡᠬᠦᠯᠳᠡᠭ ᠨᠢᠬᠡᠨ ᠪᠠᠶᠢᠵᠠᠢ᠃ ᠱᠠᠷᠯᠢᠭ᠂ ᠲᠤᠯᠢ ᠬᠥᠩᠱᠧ ᠪᠠᠷ ᠵᠢᠬᠡᠯᠡᠯᠬᠡ ᠶᠢᠨ ᠺᠠᠳ᠋ᠷ ᠢᠶᠠᠷ | ᠶᠠᠪᠤᠵᠤ᠂ ᠪᠤᠭᠤᠳᠤ ᠬᠤᠳᠠ ᠳᠤ ᠪᠠᠶᠢᠴᠠᠭᠠᠨ ᠰᠤᠳᠤᠯᠤᠯᠳᠡ ᠬᠢᠵᠤ ᠥᠩᠬᠡᠷᠡᠪᠡ᠃ ᠭᠠᠴᠠᠭ᠎ᠠ ᠪᠡ ᠪᠠᠷᠢᠭᠠᠳᠠ ᠶᠢᠨ ᠶᠠᠳᠠᠭᠤ ᠶᠠᠳᠠᠭᠤᠯᠢᠭ ᠮᠠᠯᠴᠢᠨ ᠤ ᠡᠪᠯᠡᠯ ᠤᠨ | ᠡᠷᠬᠡᠯᠡᠭᠴᠢ ᠬᠢᠵᠤ ᠤᠷᠤᠨ ᠤ ᠶᠠᠳᠠᠭᠤ ᠶᠠᠳᠠᠭᠤᠯᠢᠭ ᠮᠠᠯᠴᠢᠨ ᠤ ᠡᠪᠯᠠᠯ ᠤᠨ ᠲᠥᠯᠥᠬᠡᠯᠡᠭᠴᠢ ᠪᠤᠯᠵᠤ ᠬᠥᠬᠡᠬᠤᠳᠠ ᠳᠤ ᠬᠤᠷᠠᠯ ᠳᠤ ᠤᠷᠤᠯᠴᠠᠵᠤ ᠥᠩᠬᠡᠷᠡᠪᠡ᠃ | ᠴᠠᠭᠠᠨᠳᠤᠯᠤᠭᠠᠢ ᠬᠥᠩᠱᠧ ᠶᠢᠨ ᠯᠢᠶᠠᠨ ᠸᠧᠢ ᠶᠢᠨ ᠲᠠᠷᠤᠭ᠎ᠠ ᠬᠢᠵᠤ ᠤᠷᠪᠠᠯᠭ᠎ᠠ ᠭᠠᠷᠭᠠᠬᠴᠢ ᠶᠢᠨ ᠬᠢᠨ ᠳᠤ ᠲᠤᠬᠠᠢ ᠶᠢᠨ ᠦᠶ᠎ᠡ ᠶᠢᠨ ᠤᠷᠤᠨ ᠨᠤᠳᠤᠭ ᠤᠨ | ᠤᠳᠤᠷᠢᠳᠤᠯᠭ᠎ᠠ ᠶᠠᠩ ᠬᠥᠸᠧ ᠬᠤᠸᠠ᠂ ᠴᠢ᠊ · ᠪᠠᠶᠠᠷᠮᠠᠩᠯᠠᠢ ᠲᠠᠢ ᠬᠠᠮᠳᠤ ᠲᠡᠮᠡᠴᠠᠬᠦᠯᠵᠤ᠂ ᠪᠤᠯᠤᠤᠨ ᠬᠠᠪᠳᠠᠰᠤ ᠪᠠᠷ ᠴᠤᠬᠢᠭᠤᠯᠵᠤ᠂ ᠲᠤᠯᠤᠭᠠᠢ ᠲᠤᠬᠤ ᠪᠠᠨ | ᠲᠡᠮᠡᠬᠢ ᠪᠠᠷ ᠰᠢᠷᠠᠭᠤᠯᠵᠤ᠂ ᠨᠢᠷᠤᠭᠤ ᠪᠠᠨ ᠤᠯᠠᠶᠢᠰᠬᠠᠬᠰᠠᠨ ᠲᠠᠮᠤᠷ ᠬᠠᠳᠠᠭᠠᠰᠤ ᠪᠠᠷ ᠰᠢᠷᠠᠭᠤᠯᠵᠤ ᠬᠠᠯᠠ ᠲᠠᠮᠤ ᠥᠵᠡᠨ ᠨᠠᠰᠤᠨ ᠤ ᠰᠢᠷᠬ᠎ᠠ ᠰᠣᠷᠪᠢ ᠥᠯᠡᠳᠡᠵᠡᠢ᠃ | ᠰᠡᠬᠦᠯᠡᠷ ᠨᠢ ᠴᠠᠭᠠᠳᠬᠠᠬᠰᠠᠨ ᠬᠤᠶᠢᠨ᠎ᠠ ᠴᠤᠬᠢᠬᠰᠡᠨ ᠬᠦᠮᠦᠨ ᠲᠠᠢ ᠬᠤᠷᠤᠭᠤᠨ ᠲᠠᠳᠤᠢ ᠦᠰᠢᠶ᠎ᠡ ᠬᠤᠨᠵᠢᠩ ᠪᠤᠳᠤᠬᠰᠠᠨ ᠦᠬᠡᠢ ᠪᠦᠬᠡᠳ ᠪᠤᠰᠤᠤᠨ ᠲᠠᠢ ᠠᠳᠠᠯᠢ | ᠴᠠᠯᠢᠩ ᠨᠦᠬᠦᠪᠤᠷᠢ ᠠᠪᠬᠤ᠂ ᠬᠡᠤᠬᠡᠳ ᠲᠤ ᠪᠠᠨ ᠠᠵᠢᠯ ᠤᠯᠭᠤᠬᠤ ᠬᠡᠭᠴᠢ ᠶᠢ ᠵᠤᠬᠢᠶᠠᠨ ᠪᠠᠶᠢᠭᠤᠯᠤᠯᠳᠠ ᠳᠤ ᠰᠢᠳᠤᠨ ᠵᠢᠪᠳᠡᠷᠡᠭᠡ ᠭᠠᠷᠭᠠᠬᠰᠠᠨ ᠦᠬᠡᠢ᠃ | ᠠᠪᠤ ᠪᠤᠯ ᠪᠠᠭ᠎ᠠ ᠵᠠᠯᠠᠭᠤ ᠨᠠᠰᠤᠨ ᠳᠤ ᠪᠠᠨ ᠬᠠᠯᠠ ᠦᠵᠡᠵᠤ ᠬᠠᠯᠠᠭᠤᠨ ᠴᠢᠯᠠᠭᠤ ᠲᠤᠯᠢᠶᠠᠬᠰᠠᠨ ᠨᠢᠬᠡᠨ ᠪᠦᠬᠡᠳ ᠦᠳᠡᠯᠤᠨ ᠵᠢᠷᠭᠠᠬᠤ ᠶᠢᠨ ᠦᠵᠦᠬᠦᠷ ᠮᠠᠨ | ᠢ ᠪᠠᠨ ᠬᠠᠶᠠᠵᠤ ᠨᠦᠬᠦᠬᠡ ᠶᠢᠷᠳᠢᠨᠴᠤ ᠳᠤ ᠶᠠᠪᠤᠬᠰᠠᠨ ᠶᠤᠮ᠃ ᠡᠵᠢ ᠶᠢᠨ ᠬᠡᠯᠡᠳᠡᠭ ᠰᠢᠭ ᠴᠢᠷᠡᠢ ᠨᠢ ᠬᠠᠷ᠎ᠠ ᠪᠤᠯᠪᠠᠴᠤ ᠰᠠᠨᠠᠭ᠎ᠠ ᠨᠢ ᠰᠦ ᠰᠢᠭ ᠴᠠᠭᠠᠨ ᠬᠦᠮᠦᠨ | ᠬᠡᠭᠴᠢ ᠠᠪᠤ ᠮᠢᠨᠢ ᠮᠦᠨ᠃ ᠰᠡᠬᠦᠯ ᠤᠨ ᠵᠢᠯ ᠠᠴᠠ᠄ ︽ᠠᠪᠤ ᠨᠢ ᠬᠡᠪᠡᠯ ᠨᠠᠰᠤ ᠪᠠᠷ ᠢᠶᠠᠨ ᠵᠢᠷᠭᠠᠵᠤ ᠶᠠᠪᠤᠬᠰᠠᠨ ᠬᠦᠮᠦᠨ᠂ ᠡᠵᠢ ᠴᠢᠨᠢ ᠪᠤᠯ ᠨᠠᠰᠤᠳᠠᠨ ᠠᠰᠠᠷᠠᠬᠤ᠂ | ᠲᠠᠨ ᠤ ᠬᠡᠳᠤᠬᠦᠯᠡ ᠶᠢ ᠬᠦᠮᠦᠨ ᠪᠤᠯᠭᠠᠬᠤ ᠬᠡᠵᠤ ᠵᠦᠳᠡᠵᠤ ᠶᠠᠪᠤᠬᠰᠠᠨ ᠬᠦᠮᠦᠨ᠃ ᠲᠠᠨᠤᠰ ᠡᠵᠢ ᠶᠢ ᠪᠠᠨ ᠰᠠᠶᠢᠨ ᠠᠰᠠᠷᠠ︕︾᠂ ︽ᠠᠪᠤ ᠨᠢ ᠨᠠᠰᠤ ᠪᠠᠷ | ᠠᠷᠢᠬᠢ ᠤᠤᠭᠤᠬᠰᠠᠨ ᠬᠦᠮᠦᠨ᠂ ᠠᠷᠢᠬᠢᠨ ᠬᠤᠤᠷ᠎ᠡ ᠪᠠᠶ᠎ᠠ ᠪᠠᠷᠠᠨ᠎ᠠ᠃ ᠬᠡᠤᠬᠡᠳ ᠮᠢᠨᠢ ᠬᠤᠵᠢᠮ ᠠᠷᠢᠬᠢ ᠪᠠᠭ᠎ᠠ ᠤᠤᠭᠤ᠂ ᠡᠷᠡᠬᠦᠯ ᠪᠠᠶ᠎ᠠ ᠪᠠᠨ ᠡᠷᠳᠠᠨᠢ ᠪᠤᠯᠭᠠᠵᠤ | ᠬᠠᠶᠢᠷᠯᠠᠠᠵᠤ ᠶᠠᠪᠤᠴᠠᠭᠠ︕︾ ᠬᠡᠵᠤ ᠠᠪᠤ ᠬᠡᠯᠡᠳᠡᠭ ᠨᠢ ᠠᠯᠢ ᠨᠢᠬᠡ ᠡᠳᠤᠷ ᠮᠠᠨ ᠠᠴᠠ ᠢᠳᠡᠷ ᠵᠠᠯᠠᠭᠤ ᠪᠠᠷ ᠰᠠᠯᠵᠤ ᠶᠠᠪᠤᠬᠤ ᠪᠠᠨ ᠤᠷᠢᠳᠴᠢᠯᠠᠨ ᠮᠡᠳᠡᠵᠤ | ᠪᠠᠶᠢᠬᠰᠠᠨ ᠮᠡᠳᠤ ᠪᠢᠯᠡ᠃ | ᠲᠡᠷᠡ ᠦᠶ᠎ᠡ ᠠᠮᠤ ᠲᠦᠮᠦᠰᠤ ᠠᠪᠬᠤ ᠳᠤ ᠵᠡᠷᠬᠡᠯᠳᠡᠭᠡ ᠰᠤᠮᠤᠨ ᠤ ᠠᠮᠤ ᠪᠤᠳᠠᠭᠠᠨ ᠬᠦᠮᠦᠷᠬᠡ ᠳᠤ ᠬᠤᠨᠤᠭᠤᠳᠠ ᠦᠨᠵᠢᠬᠦᠳᠡ ᠬᠦᠯᠢᠶᠡᠨ ᠪᠠᠶᠢᠵᠤ ᠠᠪᠳᠠᠭ᠃ | ᠠᠬ᠎ᠠ ᠶᠢ ᠲᠠᠭᠠᠵᠤ ᠠᠩᠬ᠎ᠠ ᠤᠳᠠᠭ᠎ᠠ ᠬᠠᠰᠠᠭ ᠲᠡᠷᠬᠡ ᠪᠠᠷ ᠠᠮᠤ ᠪᠤᠳᠠᠭ᠎ᠠ ᠪᠠᠨ ᠠᠪᠤᠭᠠᠳ ᠤᠷᠤᠶᠢᠳᠡᠵᠤ ᠵᠠᠮ ᠳᠤ ᠲᠠᠷᠢᠶᠠᠯᠠᠩ ᠤᠨ ᠲᠠᠯᠠᠪᠠᠢ ᠠᠴᠠ ᠦᠬᠡᠷ᠎ᠡ ᠠᠶᠢᠯ | ᠲᠤᠰᠬᠤᠨ ᠦᠬᠡᠢ ᠪᠤᠯᠬᠤᠷ ᠠᠷᠭ᠎ᠠ ᠦᠬᠡᠢ ᠬᠢᠳᠡᠳ ᠠᠶᠢᠯ ᠳᠤ ᠬᠤᠨᠤᠭ ᠭᠤᠶᠤᠪᠠ᠃ ᠨᠦᠬᠦᠬᠡ ᠠᠶᠢᠯ ᠤᠨ ᠬᠢᠨ ᠶᠠᠭᠠᠬᠢᠵᠤ ᠭᠤᠶᠤᠬᠰᠠᠨ ᠴᠤ ᠴᠢᠷᠡᠢ ᠦᠩᠬᠡ | ᠲᠠᠯᠪᠢᠵᠤ ᠬᠤᠨᠤᠭᠤᠯᠬᠤ ᠦᠬᠡᠢ ᠬᠡᠳ ᠪᠠᠶᠢᠪᠠ᠃ ᠬᠡᠷ ᠤᠨ ᠡᠵᠡᠨ ᠨᠢ ᠰᠡᠬᠦᠯ ᠳᠤ ᠠᠪᠤ ᠶᠢᠨ ᠨᠡᠷ᠎ᠡ ᠶᠢ ᠠᠰᠠᠭᠤᠵᠤ ᠮᠡᠳᠡᠬᠡᠳ ᠲᠤᠤᠷ᠎ᠠ ᠪᠠᠨ ᠡᠷᠬᠢᠯᠳᠡ ᠭᠠᠷᠴᠤ᠄ | ︽ᠠᠪᠤ ᠴᠢᠨᠢ ᠰᠠᠶᠢᠨ ᠬᠦᠮᠦᠨ ᠶᠤᠮ ᠡ᠂ ᠮᠠᠨ ᠤ ᠲᠠᠯᠠᠪᠠᠢ ᠶᠢᠨ ᠬᠢᠨ ᠪᠦᠷ ᠲᠠᠨᠢᠨ᠎ᠠ᠂ ᠶᠠᠭᠤᠨ ᠳᠤ ᠡᠷᠳᠡ ᠬᠡᠯᠡᠳᠡᠭ ᠦᠬᠡᠢ ᠪᠤᠢ︖︾ ᠬᠡᠳ ᠠᠶᠤᠵᠤ | ᠪᠠᠴᠢᠮᠳᠠᠬᠰᠠᠨ ᠪᠢᠳᠠ ᠬᠤᠶᠠᠭᠤᠯᠠ ᠶᠢᠨ ᠬᠦᠯᠦᠪᠦᠷᠢ ᠶᠢᠨ ᠤᠨᠤᠭ᠎ᠠ ᠶᠢ ᠡᠪᠡᠰᠤ ᠪᠤᠷᠳᠤᠭ᠎ᠠ ᠪᠠᠷ ᠲᠡᠵᠢᠬᠡᠵᠤ᠂ ᠭᠤᠯᠢᠷ ᠪᠤᠳᠠᠭ᠎ᠠ ᠴᠢᠨᠠᠵᠤ ᠦᠯᠦᠨ ᠬᠡᠳᠡᠰᠤ ᠶᠢ | ᠲᠦᠬᠦᠷᠬᠡᠵᠤ ᠬᠤᠨᠤᠵᠤ ᠪᠢᠯᠡ᠃ ᠠᠪᠤ ᠶᠢᠨ ᠪᠢᠳᠡᠨ ᠳᠤ ᠦᠯᠡᠳᠡᠬᠡᠭᠰᠡᠨ ᠨᠢ ᠰᠠᠶᠢᠬᠠᠨ ᠨᠠᠷᠠ ᠰᠠᠷᠠᠭᠤᠯ ᠤᠬᠠᠭᠠᠨ ᠪᠠᠶᠢᠵᠤ ᠦᠷ᠎ᠡ ᠶᠢᠨ ᠦᠷ᠎ᠡ ᠳᠤ ᠡᠳ᠋ᠯᠡᠬᠦ ᠦᠨᠡᠳᠤ | ᠦᠪ ᠬᠦᠷᠦᠩᠬᠡ ᠪᠤᠯᠬᠤ ᠨᠢ ᠵᠦᠪᠳᠠᠢ᠃ | | ᠡᠷᠬᠢᠨ ᠰᠠᠨᠠᠬᠤ ᠳᠤ ᠡᠯᠢᠬᠡ ᠵᠢᠷᠦᠬᠡ ᠮᠢᠨᠢ ᠡᠮᠳᠡᠷᠡᠬᠦ ᠬᠡᠳ ᠪᠠᠶᠢᠬᠤ ᠶᠤᠮ᠃ ᠬᠠᠶᠢᠷ᠎ᠠ ᠶᠢᠨ ᠲᠥᠰᠢᠭ ᠠᠪᠤ ᠮᠢᠨᠢ ᠳ᠋ᠧ︕ |