ᠴᠠᠬᠠᠷ ᠨᠠᠷᠠᠨᠳᠠᠯᠠᠢ | | | ᠡᠮᠡᠬᠡᠯᠳᠤ ᠬᠡᠵᠤ ᠬᠡᠳᠤᠨ ᠪᠠᠷ᠎ᠠ ᠶᠢᠨ ᠭᠠᠵᠠᠷ ᠠᠴᠠ ᠬᠠᠷᠠᠬᠳᠠᠬᠤ ᠦᠨᠳᠤᠷ ᠰᠢᠷᠭᠠᠯ ᠡᠯᠡᠰᠤᠨ ᠤᠷᠤᠢ ᠬᠡᠷ ᠤᠨ ᠮᠢᠨᠢ ᠠᠰ ᠡᠮᠤᠨ᠎ᠡ ᠵᠦᠭ ᠲᠤ ᠪᠠᠶᠢᠷᠢᠯᠠᠳᠠᠭ᠃ | ᠡᠷᠳᠡ ᠲᠡᠬᠡᠳᠤ ᠶᠢᠨ ᠦᠶ᠎ᠡ ᠳᠤ ᠮᠤᠩᠭᠤᠯ ᠤᠨ ᠨᠢᠬᠡᠨ ᠪᠠᠭᠠᠳᠤᠷ ᠵᠠᠩᠵᠤᠨ ᠰᠤᠮᠤᠨ ᠴᠠᠭᠠᠨ ᠬᠡᠳᠡᠭ ᠴᠤᠤ ᠲᠠᠢ ᠬᠦᠯᠦᠭ ᠢᠶᠠᠨ ᠤᠨᠤᠵᠤ ᠲᠠᠶᠢᠰᠤᠨ ᠢᠶᠠᠨ | ᠲᠠᠷᠤᠵᠤ ᠲᠠᠷᠬᠠᠨ ᠴᠤᠯᠠ ᠪᠠᠨ ᠮᠠᠨᠳᠤᠭᠤᠯᠤᠨ ᠮᠠᠨ ᠤ ᠨᠤᠳᠤᠭ ᠢᠶᠠᠷ ᠴᠡᠷᠢᠭ ᠪᠠᠭᠤᠵᠤ ᠪᠠᠶᠢᠬᠰᠠᠨ ᠬᠡᠵᠤ ᠡᠪᠦᠭᠡ ᠮᠢᠨᠢ ᠲᠤᠮᠤᠭ ᠰᠢᠭ᠋ ᠬᠠᠭᠤᠴᠢᠯᠠᠳᠠᠭ ᠪᠠᠶᠢᠵᠠᠢ᠃ | ᠪᠠᠭᠠᠳᠤᠷ ᠵᠠᠩᠵᠤᠨ ᠤ ᠡᠮᠡᠬᠡᠯ ᠢᠶᠠᠨ ᠰᠡᠪᠡᠷᠡᠬᠡᠵᠤ᠂ ᠬᠦᠯᠦᠭ ᠢᠶᠠᠨ ᠠᠮᠠᠷᠠᠭᠠᠬᠰᠠᠨ ᠦᠨᠳᠤᠷ ᠤᠷᠤᠢ ᠪᠤᠯᠬᠤᠷ ᠡᠮᠡᠬᠡᠯᠳᠤ ᠲᠤᠯᠤᠭᠠᠢ ᠬᠡᠵᠤ ᠤᠯᠠᠨ ᠵᠢᠯ ᠤᠨ | ᠬᠤᠶᠢᠨ᠎ᠠ ᠡᠯᠡᠰᠤᠵᠢᠵᠤ ᠲᠠᠴᠢᠷᠳᠠᠬᠰᠠᠨ ᠠᠴᠠ ᠡᠮᠡᠬᠡᠯᠳᠤ ᠶᠢᠨ ᠮᠠᠩᠬ᠎ᠠ ᠬᠡᠬᠦ ᠪᠤᠯᠤᠬᠰᠠᠨ ᠬᠡᠨ᠎ᠡ᠃ ᠮᠠᠯ ᠲᠡᠭᠷᠢ ᠮᠠᠭᠤᠳᠠᠬᠤ ᠶᠢ ᠲᠠᠭᠠᠷᠠᠭᠤᠯᠵᠦ ᠲᠦᠯᠯᠡᠳᠡᠭ ᠭᠡᠵᠦ | ᠠᠪᠤ ᠡᠵᠢ ᠬᠡᠯᠡᠯᠴᠡᠲᠡᠭ ᠪᠠᠶᠢᠪᠠ᠃ ᠦᠨᠡᠨ ᠪᠤᠯᠪᠠ ᠤᠤ︖ ᠰᠤᠮᠤᠨ ᠴᠠᠭᠠᠨ ᠮᠢᠨᠢ ᠬᠦᠢᠳᠡᠨ ᠰᠠᠯᠬᠢ ᠱᠤᠤᠬᠢᠬᠰᠠᠨᠡᠳᠤᠷ ᠡᠮᠡᠬᠡᠯᠳᠤ ᠶᠢᠨ ᠮᠠᠩᠬᠠᠨ ᠤ ᠡᠩᠬᠡᠷ ᠲᠤ | ᠲᠥᠷᠥᠭᠰᠡᠨ ᠶᠤᠮ᠃ ᠭᠤᠷᠪᠠ ᠶᠢᠰᠤ ᠶᠢᠨ ᠶᠠᠰᠤ ᠬᠠᠪᠳᠠᠭᠠᠶᠢᠯᠠᠮᠠᠷ ᠬᠦᠢᠳᠡᠨ ᠡᠳᠤᠷ ᠲᠠᠭᠠᠷᠠᠬᠰᠠᠨ ᠪᠤᠯᠬᠤᠷ ᠡᠬᠡ ᠨᠢ ᠲᠤᠯᠢᠶᠠᠵᠤ ᠠᠮᠵᠢᠯ ᠦᠬᠡᠢ ᠰᠠᠯᠠᠢ ᠨᠢ | ᠬᠦᠯᠳᠡᠵᠤ᠂ ᠡᠬᠡ ᠳᠤ ᠨᠢ ᠬᠦᠬᠦᠬᠦᠯᠬᠦ ᠪᠠᠷ ᠴᠢᠷᠮᠠᠶᠢᠬᠰᠠᠨ ᠪᠤᠯᠪᠠᠴᠤ ᠲᠤᠯᠤᠭᠠᠢ ᠪᠠᠨ ᠲᠠᠭᠠᠭᠠ ᠶᠠᠳᠠᠬᠰᠠᠨ | ᠮᠠᠭᠤᠵᠢᠷᠠᠩᠬᠠᠢ ᠬᠤᠷᠠᠭ᠎ᠠ ᠡᠬᠡ ᠪᠠᠨ ᠬᠦᠬᠦᠵᠤ ᠴᠢᠳᠠᠬᠰᠠᠨ ᠦᠬᠡᠢ᠃ ᠰᠠᠨᠳᠤᠷᠴᠤ ᠪᠠᠴᠢᠮᠳᠠᠬᠤ ᠳᠤ ᠪᠠᠨ ᠮᠦᠷᠦᠯᠡᠵᠤ ᠢᠷᠡᠭᠰᠡᠨ ᠤᠭᠤᠳᠠᠨ ᠳᠤ ᠬᠤᠷᠠᠭ᠎ᠠ | ᠪᠠᠨ ᠬᠢᠵᠤ᠂ ᠠᠶᠢᠷᠠᠭ ᠢᠳᠡᠭᠰᠡᠨ ᠬᠦᠴᠤ ᠪᠠᠨ ᠭᠠᠷᠭᠠᠨ ᠪᠠᠶᠢᠵᠤ ᠡᠬᠦᠷᠦᠬᠡᠳ ᠡᠬᠡ ᠶᠢ ᠨᠢ ᠲᠠᠭᠠᠭᠤᠯᠵᠤ ᠬᠡᠷ ᠤᠷᠤᠭᠤ ᠰᠠᠯᠬᠢ ᠰᠦᠷᠦᠨ ᠲᠡᠮᠤᠯᠡᠵᠤ ᠪᠢᠯᠡ᠃ | | — — ᠨᠢᠳᠤ ᠦᠬᠡᠢ ᠰᠢᠯᠢᠷᠡᠨ ᠲᠡᠨᠤᠵᠤ ᠬᠤᠷᠠᠭᠠᠯᠠᠳᠠᠭ ᠬᠤᠨᠢ ᠪᠠᠶᠢᠵᠤ ᠬᠦᠢ︕ ᠠᠪᠤ ᠴᠢᠨᠢ ᠠᠶᠢᠯ ᠠᠴᠠ ᠲᠠᠭᠤᠵᠤ ᠢᠷᠡᠭᠰᠡᠨ ᠬᠡᠳᠤᠨᠨᠤᠳᠤᠭ ᠤᠨ | ᠡᠬᠦᠯᠳᠡᠷ ᠤᠨ ᠬᠤᠨᠢᠨ ᠤ ᠨᠢᠬᠡ ᠪᠠᠶᠢᠵᠠᠢ᠃ ᠲᠠᠩᠴᠤ ᠵᠠᠩ ᠢ ᠨᠢ ᠮᠡᠳᠡᠭᠰᠡᠨ ᠦᠬᠡᠢ᠃ ᠮᠠᠭᠤ ᠬᠦᠦ ᠮᠢᠨᠢ ᠰᠠᠶᠢᠨ ᠬᠤᠨᠢᠴᠢᠨ ᠪᠤᠯᠬᠤᠷ ᠴᠢᠮ᠎ᠠ ᠮᠠᠭᠤ ᠶᠢ | ᠬᠦᠯᠳᠡᠬᠡᠭᠰᠡᠨ ᠦᠬᠡᠢ ᠠᠪᠤᠷᠠᠬᠰᠠᠨ ᠶᠤᠮ ᠪᠠᠶᠢᠨ᠎ᠠ ᠰᠢᠤ ᠬᠡᠵᠤ ᠡᠵᠢ ᠰᠢᠷ᠎ᠠ ᠲᠤᠰᠤ ᠬᠠᠯᠠᠭᠤᠯᠵᠤ ᠠᠮᠠᠳᠠᠵᠤ ᠬᠦᠬᠦᠬᠦᠯᠦᠭᠰᠡᠨ ᠬᠤᠷᠠᠭ᠎ᠠ ᠪᠠᠨ ᠡᠩᠬᠦᠷᠡᠶᠢᠯᠡᠵᠤ | ᠬᠡᠯᠡᠪᠡ᠃ ᠰᠢᠷ᠎ᠠ ᠲᠤᠰᠤ ᠪᠠᠷ ᠬᠡᠳᠡᠰᠤ ᠪᠠᠨ ᠬᠠᠯᠠᠭᠤᠯᠤᠬᠰᠠᠨ ᠬᠤᠷᠠᠭ᠎ᠠ ᠲᠤᠯᠤᠭᠠᠢ ᠦᠨᠳᠡᠶᠢᠬᠦ ᠲᠡᠩᠬᠡᠬᠡ ᠲᠠᠢ ᠪᠤᠯᠵᠤ᠂ ᠰᠡᠬᠦᠯ ᠭᠤᠳᠤᠭᠤᠨᠠᠭᠤᠯᠤᠨ ᠡᠬᠡ ᠪᠠᠨ | ᠬᠦᠬᠦᠵᠤ ᠠᠳᠬᠤ ᠬᠡᠳᠡᠰᠤ ᠲᠠᠢ ᠪᠤᠯᠤᠨ ᠦᠬᠡᠳᠡ ᠠᠴᠠ ᠮᠢᠨᠢ ᠬᠠᠨᠳᠤᠨ ᠮᠠᠢ ᠮᠠᠢ ᠮᠠᠶᠢᠯᠠᠬᠤ ᠶᠤᠮ ᠪᠢᠯᠡ᠃ ᠡᠬᠡ ᠪᠠᠨ ᠲᠠᠭᠤᠷᠢᠶᠠᠬᠰᠠᠨ ᠴᠤᠯ ᠴᠠᠭᠠᠨ᠂ ᠬᠠᠷ᠎ᠠ | ᠨᠢᠳᠤᠨ ᠠᠮᠢᠳᠠᠨ ᠪᠠᠶᠢᠵᠤ᠂ ᠲᠤᠶᠢᠮᠤᠭ ᠰᠢᠨᠵᠢ ᠨᠢ ᠮᠡᠳᠡᠭᠳᠡᠵᠤ ᠪᠠᠶᠢᠬᠰᠠᠨ ᠲᠤᠯᠠ ᠡᠩᠬᠡᠷ ᠲᠤ ᠤᠨᠠᠬᠤ ᠳᠤ ᠠᠮᠢ ᠵᠠᠯᠭᠠᠭᠤᠯᠤᠬᠰᠠᠨ ᠢᠶᠠᠷ ᠢᠶᠠᠨ ᠨᠢᠬᠡᠮᠤᠰᠤᠨ ᠡᠵᠡᠨ | ᠨᠢ ᠪᠤᠯᠵᠤ ᠰᠤᠮᠤᠨ ᠴᠠᠭᠠᠨ ᠬᠡᠰᠡᠨ ᠨᠡᠷ᠎ᠡ ᠦᠭᠴᠢᠬᠡᠪᠡ᠃ ᠲᠤᠤᠷ ᠬᠦᠷᠢᠶ᠎ᠡ ᠴᠦᠬᠡᠨ ᠪᠠᠶᠢᠬᠰᠠᠨ ᠴᠠᠭ᠂ ᠬᠤᠶᠠᠷ ᠲᠠᠯ᠎ᠠ ᠠᠴᠠ ᠮᠠᠯᠳᠠᠵᠤ ᠲᠤᠮᠳᠠ ᠨᠢ ᠰᠢᠪᠠᠷ | ᠤᠪᠤᠭᠠᠯᠠᠨ ᠨᠦᠳᠦᠵᠤ ᠪᠤᠰᠬᠠᠬᠰᠠᠨ ᠲᠠᠷᠢᠶᠠᠨ ᠰᠤᠪᠠᠭ ᠢ ᠮᠠᠨ ᠤ ᠬᠢᠨ ᠰᠤᠮᠤᠨ ᠭᠤᠤ ᠬᠡᠳᠡᠭ᠃ ᠬᠠᠳᠠᠭᠤ ᠲᠤᠭᠤᠢ ᠲᠤᠯᠤᠭᠠᠢ ᠲᠠᠢ᠂ ᠭᠤᠤᠯ ᠨᠢᠷᠤᠭᠤ | ᠪᠠᠷ ᠢᠶᠠᠨ ᠰᠤᠳᠠᠯ ᠮᠡᠳᠤ ᠰᠢᠯᠤᠭᠤᠨ ᠵᠢᠷᠤᠭᠠᠰᠤ ᠲᠠᠢ᠂ ᠰᠤᠮᠤ ᠴᠠᠬᠢᠯᠭᠠᠨ ᠰᠢᠭ᠋ ᠲᠥᠷᠬᠡᠨ ᠬᠢᠯᠠᠰᠴᠤ ᠠᠷᠢᠯᠳᠠᠭ ᠰᠤᠮᠤᠨ ᠴᠠᠭᠠᠨ ᠨᠡᠷᠡᠳᠤ ᠮᠤᠭᠠᠢ ᠪᠠᠶᠢᠳᠠᠭ᠃ | ᠲᠤᠮᠤᠭ ᠴᠤᠤᠳᠤ ᠬᠦᠯᠦᠭ᠂ ᠪᠤᠰᠤᠨ ᠰᠤᠮᠤᠳᠠᠳᠠᠭ ᠮᠤᠭᠠᠢ᠂ ᠠᠰᠬᠠᠨ ᠰᠢᠯᠦᠭᠤᠨ ᠰᠤᠪᠠᠭ ᠪᠦᠬᠦᠨ ᠢ ᠰᠠᠨᠠᠵᠤ ᠤᠯᠵᠤ ᠤᠤ ᠪᠤᠤ ᠮᠠᠳᠠ᠂ ᠶᠠᠭᠤ ᠴᠤ ᠬᠡᠰᠡᠨ ᠡᠨᠡ | ᠬᠤᠷᠠᠭ᠎ᠠ ᠪᠤᠯ ᠰᠤᠮᠤᠨ ᠴᠠᠭᠠᠨ ᠨᠡᠷ᠎ᠡ ᠤᠯᠬᠤ ᠳᠤ ᠪᠠᠨ ᠲᠠᠭᠠᠷᠠᠨ᠎ᠠ ᠬᠡᠵᠤ ᠪᠤᠳᠤᠬᠰᠠᠨ ᠨᠢ ᠯᠠᠪᠳᠠᠢ᠃ ᠡᠨᠡ ᠮᠠᠭᠤ ᠲᠤᠷᠠᠩᠬᠠᠢ ᠬᠤᠷᠠᠭ᠎ᠠ ᠳᠤ ᠰᠤᠮᠤᠨ ᠴᠠᠭᠠᠨ | ᠨᠡᠷ᠎ᠡ ᠥᠭᠳᠡᠭ ᠬᠡᠵᠤ ᠠᠬ᠎ᠠ ᠨᠠᠳᠠ ᠶᠢ ᠱᠤᠬᠯᠠᠨᠠ᠃ ᠰᠤᠮᠤ ᠰᠢᠭ᠋ ᠲᠡᠰᠢᠨ ᠬᠠᠯᠢᠳᠠᠭ ᠠᠷᠭᠠᠯᠢ ᠤᠭᠠᠯᠵᠠ ᠠᠷᠠᠢ ᠴᠤ ᠡᠶᠢᠮᠦ ᠶᠠᠭᠤᠮ᠎ᠠ ᠪᠢᠰᠢ ᠭᠡᠵᠦ ᠡᠯᠡᠭᠯᠡᠵᠦ | ᠪᠠᠶᠢᠬᠤ ᠨᠢ ᠢᠯᠡᠭᠡᠨ᠃ ᠡᠬᠡᠴᠢ ᠮᠢᠨᠦ ᠴᠠᠭᠠᠳᠠᠢ ᠲᠣᠭᠤᠯᠳᠠᠭ ᠥᠬᠡᠢ ᠨᠠᠶᠢᠷ ᠲᠠᠯᠪᠢᠳᠠᠭ ᠠᠴᠠ ᠪᠤᠯᠪᠠ ᠤᠤ ᠡᠰᠡᠬᠦᠯ᠎ᠡ ᠮᠢᠨᠦ ᠵᠠᠷᠢᠮ ᠵᠦᠩ ᠰᠤᠪᠢᠩ ᠵᠦᠪ ᠪᠤᠯᠳᠠᠭ | ᠲᠤ ᠢᠳᠡᠬᠡᠭᠰᠡᠨ ᠴᠤ ᠪᠣᠯᠪᠠ ᠤᠤ︖ ᠠᠮᠠ ᠪᠠᠨ ᠪᠢᠳᠡᠬᠦᠯᠡᠨᠢᠨᠢᠶᠡᠪᠡ᠃ | ᠬᠠᠪᠤᠷ ᠤᠨ ᠰᠡᠬᠦᠯᠴᠢ ᠶᠢᠨ ᠨᠢᠬᠡᠨ ᠦᠷᠯᠦᠬᠡ᠂ ᠬᠤᠷᠰᠢᠶ᠎ᠠ ᠲᠤᠭᠤᠶᠢᠯᠠᠩ ᠤᠨ ᠨᠡᠯᠢᠶᠡᠳ ᠬᠦᠮᠦᠰ ᠬᠡᠷ ᠲᠤ ᠴᠤᠬᠯᠠᠷᠠᠪᠠ᠃ ᠮᠠᠨ ᠤ ᠬᠢᠨ ᠪᠤᠭ ᠮᠠᠯ | ᠠᠷᠪᠢᠳᠴᠤ ᠬᠤᠷᠠᠭ᠎ᠠ ᠢᠰᠢᠬᠡ ᠲᠠᠢ ᠪᠠᠨ ᠲᠠᠪᠤ ᠵᠢᠷᠭᠤᠭᠠᠨ ᠵᠠᠭᠤ ᠦᠩᠬᠡᠷᠡᠬᠡᠬᠡᠳ ᠪᠤᠰᠤᠤᠨ ᠲᠤ ᠰᠦᠷᠦᠭ ᠬᠠᠷᠢᠭᠤᠯᠠᠭᠤᠯᠬᠤ ᠪᠠᠷ ᠪᠤᠯᠤᠬᠰᠠᠨ ᠢ ᠨᠤᠶᠢᠷ ᠠᠴᠠ | ᠲᠥᠩᠬᠡᠵᠢ ᠰᠡᠷᠡᠭᠰᠡᠨ ᠡᠬᠡᠴᠢ ᠪᠢᠳᠠ ᠬᠤᠶᠠᠷ ᠠᠰᠠᠭᠤᠵᠤ ᠴᠤ ᠠᠮᠵᠢᠬᠰᠠᠨ ᠦᠬᠡᠢ ᠭᠠᠲᠠᠭᠰᠢ ᠬᠦᠶᠦᠪᠡ᠃ ᠬᠤᠨᠢ ᠢᠮᠠᠭ᠎ᠠ᠂ ᠬᠤᠷᠠᠭ᠎ᠠ ᠢᠰᠢᠬᠡ ᠨᠢ ᠲᠤᠰ ᠲᠤᠰ | ᠲᠤ ᠪᠠᠨ ᠬᠠᠰᠢᠶᠠᠨ ᠳᠤ ᠬᠤᠷᠢᠭᠠᠳᠠᠢ᠂ ᠨᠢᠬᠡ ᠲᠦᠯ ᠢ ᠨᠢ ᠲᠠᠪᠠᠷᠠᠵᠤ ᠭᠠᠷᠭᠠᠪᠠᠯ ᠡᠬᠡᠴᠢ ᠪᠢᠳᠠ ᠬᠤᠶᠠᠷ ᠡᠬᠡ ᠶᠢ ᠨᠢ ᠲᠤᠳᠤᠷ᠎ᠠ ᠬᠤᠷᠤᠭᠠᠨ ᠠᠴᠠ ᠵᠢᠰᠦᠯᠡᠵᠤ | ᠭᠠᠷᠭᠠᠵᠤ ᠪᠠᠶᠢᠪᠠ᠃ | — — ᠶᠤᠰᠤᠳᠠᠢ ᠬᠢᠷᠠᠬᠠᠢ ᠰᠡᠷᠬᠦᠯᠡᠩ ᠪᠢᠴᠢᠬᠠᠨ ᠬᠤᠨᠢᠴᠢᠨ ᠪᠠᠶᠢᠨ᠎ᠠ᠃ ᠡᠨᠡ ᠤᠯᠠᠨᠬᠤᠷᠠᠭᠠ ᠢᠰᠢᠬᠡᠨ ᠲᠠᠭᠤ ᠪᠠᠷ ᠨᠢ ᠲᠠᠨᠢᠵᠤ ᠡᠬᠡ ᠮᠠᠯ ᠶᠢ ᠨᠢ | ᠢᠯᠭᠠᠵᠤ ᠰᠠᠯᠭᠠᠵᠤ ᠭᠠᠷᠬᠤ ᠬᠡᠵᠤ ᠭᠠᠶᠢᠬᠠᠮᠠᠷ ᠶᠤᠮ ᠡ ᠬᠡᠵᠤ ᠮᠠᠯᠵᠢᠯ ᠤᠨ ᠬᠤᠷᠰᠢᠶᠠᠨ ᠡᠪᠤᠬᠡᠵᠢᠶᠡᠷ ᠲᠠᠷᠤᠭ᠎ᠠ ᠮᠠᠬᠳᠠᠵᠤ ᠭᠠᠷᠬᠤ ᠳᠤ᠄ — — ᠡᠨᠡ ᠬᠡᠳᠤᠨ | ᠬᠡᠤᠬᠡᠳ ᠪᠠᠶᠢᠬᠤ ᠦᠬᠡᠢ ᠪᠤᠯ ᠪᠢᠳᠠ ᠦᠴᠢᠨᠡᠬᠡᠨ ᠤᠯᠠᠨ ᠮᠠᠯ ᠬᠠᠷᠠᠵᠤ ᠮᠠᠨᠳᠤ ᠰᠦᠷᠦᠭ ᠤᠨ ᠡᠵᠡᠨ ᠪᠤᠯᠵᠤ ᠲᠡᠶᠢᠯᠬᠦ ᠦᠬᠡᠢ ᠬᠡᠵᠤ ᠡᠵᠢ ᠪᠠᠷᠳᠠᠮ ᠨᠢ ᠠᠷᠭ᠎ᠠ | ᠦᠬᠡᠢ ᠬᠡᠯᠡᠨ᠎ᠡ᠃ | ᠰᠦᠷᠦᠭ ᠰᠠᠯᠭᠠᠨ ᠭᠠᠳᠠᠬᠰᠢ ᠲᠠᠭᠤᠵᠤ ᠡᠬᠢᠯᠡᠬᠦ ᠳᠤ ᠡᠨᠡ ᠶᠡᠭᠡ ᠤᠶᠢᠮᠡᠬᠡᠨ ᠱᠤᠤᠬᠢᠶᠠᠨ ᠳᠤ ᠲᠠᠷᠢᠬᠢ ᠨᠢ ᠢᠰᠦᠭᠰᠡᠨ ᠡᠬᠡᠴᠢ ᠪᠢᠳᠠ ᠬᠤᠶᠠᠷ ᠬᠡᠳᠤᠨ ᠬᠠᠶᠢᠷᠠᠳᠠᠢ | ᠬᠤᠨᠢ ᠬᠤᠷᠠᠭ᠎ᠠ ᠨᠢ ᠠᠶᠢᠯ ᠳᠤ ᠰᠢᠯᠵᠢᠬᠦ ᠪᠤᠯᠤᠬᠰᠠᠨ ᠢ ᠬᠡᠨᠡᠳᠳᠡ ᠰᠡᠷᠡᠪᠡ᠃ ᠮᠠᠬᠳᠠᠭᠤᠯᠵᠤ ᠬᠦᠬᠡᠷᠴᠤ ᠪᠠᠶᠢᠬᠰᠠᠨ ᠬᠤᠶᠠᠷ ᠨᠢᠯᠪᠤᠰᠤ ᠲᠤᠰᠤᠯᠠᠭᠤᠯᠵᠤ ᠠᠪᠤ ᠡᠵᠢ | ᠶᠢ ᠪᠠᠨ ᠬᠤᠷᠮᠤᠶᠢᠳᠠᠪᠠᠯ᠂ ᠨᠠᠷᠠᠨ ᠠᠴᠠ ᠡᠮᠤᠨ᠎ᠠ ᠮᠠᠯ ᠢᠶᠠᠨ ᠪᠡᠯᠴᠢᠬᠡᠬᠦ ᠬᠡᠵᠤ ᠶᠠᠭᠠᠷᠠᠵᠤ ᠪᠠᠶᠢᠬᠰᠠᠨ ᠠᠪᠤ ᠡᠵᠢ ᠮᠢᠨᠢ ᠴᠤ ᠰᠡᠳᠬᠢᠯ ᠤᠶᠠᠷᠠᠵᠤ᠂ ᠬᠤᠯᠠᠳᠠᠬᠰᠠᠨ | ᠬᠤᠨᠢ ᠶᠢ ᠲᠠᠬᠢᠨ ᠴᠤᠬᠯᠠᠭᠤᠯᠵᠤ᠂ ᠡᠬᠡᠴᠢ ᠪᠢᠳᠠ ᠬᠤᠶᠠᠷ ᠰᠤᠮᠤᠨ ᠴᠠᠭᠠᠨ᠂ ᠰᠢᠷ᠎ᠠ ᠬᠠᠯᠵᠠᠨ ᠬᠤᠷᠠᠭᠠᠳᠠᠨ ᠢᠶᠠᠨ ᠰᠤᠯᠢᠵᠤ ᠦᠯᠡᠳᠡᠬᠡᠬᠡᠳ ᠰᠠᠨᠠᠭ᠎ᠠ ᠠᠮᠠᠷᠠᠵᠤ | ᠪᠢᠯᠡ᠃ | ᠲᠡᠷᠡ ᠵᠢᠯ ᠤᠨ ᠭᠠᠩ ᠬᠠᠭᠰᠠᠷᠭᠠᠨ ᠬᠡᠵᠤ ᠴᠢᠷᠠᠢ ᠠᠯᠳᠠᠭᠤᠯᠤᠮ᠎ᠠ᠃ ᠵᠤᠨ ᠤ ᠠᠭᠤᠷ ᠪᠤᠯᠴᠢᠬᠠᠬᠰᠠᠨ ᠪᠠᠶᠢᠳᠠᠯ᠎ᠠ ᠪᠠᠯᠠᠷ ᠡᠷᠢᠶᠡᠯᠡᠩ ᠢᠶᠠᠷ ᠨᠤᠭᠤᠭᠠᠨ ᠦᠩᠬᠡ | ᠲᠠᠮᠠᠢ ᠬᠠᠷᠠᠬᠳᠠᠬᠤ ᠦᠬᠡᠢ᠃ ᠬᠡᠰᠡᠨ ᠴᠤ ᠰᠤᠮᠤᠨ ᠴᠠᠭᠠᠨ ᠡᠪᠡᠰᠤ ᠪᠤᠷᠳᠤᠭᠠᠨ ᠳᠤ ᠤᠷᠤᠭᠠᠳ ᠤᠳᠠᠵᠤ ᠡᠳᠤᠷ ᠠᠴᠠ ᠡᠳᠤᠷ ᠲᠤᠮᠤᠷᠠᠵᠤ ᠪᠠᠶᠢᠯ᠎ᠠ᠃ ᠨᠢᠬᠡ | ᠡᠳᠤᠷ ᠰᠤᠮᠤᠨ ᠴᠠᠭᠠᠨ ᠡᠬᠡ ᠲᠠᠢ ᠪᠠᠨ ᠤᠰᠤᠨ ᠳᠤ ᠢᠷᠡᠭᠰᠡᠨ ᠦᠬᠡᠢ᠃ ᠲᠠᠷᠠᠭ᠎ᠠ ᠡᠳᠤᠷ ᠨᠢ ᠪᠢᠳᠠ ᠪᠡᠯᠴᠢᠬᠡᠷ ᠤᠨ ᠦᠵᠦᠬᠦᠷ ᠬᠦᠷᠳᠡᠯ᠎ᠡ ᠡᠷᠢᠵᠤ ᠠᠶᠢᠮᠠᠭ | ᠬᠠᠵᠠᠭᠤ ᠪᠠᠷ ᠡᠷᠢᠯ ᠰᠤᠷᠠᠭ ᠲᠠᠯᠪᠢᠭᠠᠳ ᠤᠯᠵᠤ ᠬᠦᠴᠦᠷᠦᠭᠰᠡᠨ ᠦᠬᠡᠢ᠃ ᠪᠤᠷᠤᠭᠠᠨ ᠬᠤᠷ᠎ᠠ ᠦᠬᠡᠢ᠂ ᠣᠰᠤ ᠵᠠᠳᠠᠭᠠᠢ ᠪᠦᠷ ᠰᠢᠷᠬᠢᠭᠰᠡᠨ ᠴᠠᠭ ᠲᠤ ᠮᠢᠨᠥ ᠮᠠᠭᠤ | ᠰᠤᠮᠤᠨ ᠴᠠᠭᠠᠨ ᠠᠩᠭᠠᠵᠤ ᠰᠤᠶᠢᠳ ᠪᠤᠯᠵᠤ ᠪᠠᠶᠢᠯᠬᠦᠢ ᠬᠡᠵᠤ ᠪᠤᠳᠤᠭᠠᠳ ᠡᠰᠡᠯ᠎ᠡ ᠤᠬᠢᠯᠠᠬᠤ ᠰᠢᠬᠠᠯ᠎ᠠ᠃ | — — ᠦᠨᠡᠭᠡ ᠰᠢᠪᠠᠭᠤ ᠰᠢᠬᠦᠷᠴᠢᠬᠡᠪᠡ ᠤᠤ︖ ᠲᠡᠬᠡᠪᠡᠯ ᠡᠬᠡ ᠨᠢ ᠢᠷᠡᠬᠦ ᠤᠴᠢᠷᠳᠡᠢ ᠳ᠋ᠠ︕ ᠬᠡᠵᠤ ᠡᠵᠢ ᠬᠡᠯᠡᠭᠰᠡᠨ ᠢᠶᠠᠨ ᠤᠷᠤᠭᠤᠯ ᠢᠶᠠᠨ ᠲᠠᠬᠯᠠᠵᠤ᠄ | | — — ᠡᠨᠡ ᠠᠮᠠ ᠬᠡᠵᠤ ᠪᠡᠯᠬᠡ ᠲᠠᠮᠪᠡᠷᠢᠯ ᠦᠬᠡᠢ ᠦᠬᠡ ᠬᠡᠯᠡᠵᠤ ᠬᠦᠦ ᠪᠠᠨ ᠠᠶᠤᠯᠭᠠᠴᠢᠬᠠᠪᠠ ᠤᠤ ᠬᠡᠮᠡᠨ ᠲᠤᠯᠤᠭᠠᠢ ᠶᠢ ᠮᠢᠨᠢ ᠵᠦᠬᠡᠯᠡᠨ ᠢᠯᠪᠢᠪᠡ᠃ | | — — ᠠᠶ᠎ᠠ︕ ᠮᠢᠨᠥ ᠡᠨᠡ ᠮᠠᠷᠳᠠᠮᠳᠠᠭᠠᠢ ᠬᠡᠳᠡᠭ ᠨᠢ᠃ ᠰᠤᠮᠤᠨ ᠴᠠᠭᠠᠨ ᠤ ᠡᠬᠡ ᠨᠢ ᠬᠤᠷᠠᠭ᠎ᠠ ᠪᠠᠶᠢᠬᠤ ᠳᠤ ᠪᠠᠨ ᠪᠠᠶᠠᠨ ᠠᠪᠠᠭ᠎ᠠ ᠶᠢᠨ ᠬᠢ ᠠᠴᠠ ᠨᠢ | ᠥᠬᠡᠷ ᠢᠶᠠᠷ ᠰᠤᠯᠢᠬᠳᠠᠵᠤ ᠢᠷᠡᠭᠰᠡᠨ ᠶᠤᠮ᠃ ᠬᠦᠬᠡᠷᠦᠬᠦᠢ᠂ ᠲᠠᠨᠳᠠ ᠶᠠᠪᠤᠬᠤ ᠨᠢ ᠲᠠᠭᠠᠷᠠᠨ᠎ᠠ ᠶᠠᠭᠠᠬᠢᠬᠤᠪ︕ ᠬᠡᠵᠤ ᠡᠵᠢᠤᠬᠠᠭᠠᠨ ᠲᠦᠬᠦᠬᠡ ᠨᠢ ᠤᠯᠳᠠᠬᠤ | ᠦᠬᠡᠢ ᠶᠠᠭᠤᠮ᠎ᠠ ᠶᠠᠷᠢᠪᠠ᠃ | — — ᠬᠤᠷᠠᠭ᠎ᠠ ᠪᠠᠶᠢᠵᠤ ᠪᠠᠶᠢᠭᠠᠳ ᠪᠡᠯᠴᠢᠬᠡᠷ ᠢᠶᠠᠨ ᠲᠠᠨᠢᠳᠠᠭ ᠶᠤᠮ ᠤᠤ︖ ᠬᠡᠵᠤ ᠪᠢ ᠢᠳᠡᠬᠡᠵᠤ ᠶᠠᠳᠠᠨ ᠠᠰᠠᠭᠤᠬᠤ ᠳᠤ ᠡᠵᠢ᠄ | — — ᠮᠠᠯ ᠬᠡᠵᠤ ᠮᠡᠷᠬᠡᠨ ᠪᠠᠶᠢᠳᠠᠭ ᠰᠢᠤ᠃ ᠬᠡᠳᠡᠰᠤᠨ ᠳᠤ ᠪᠠᠶᠢᠬᠰᠠᠨ ᠴᠤ ᠨᠤᠳᠤᠭ ᠢᠶᠠᠨ ᠲᠠᠨᠢᠳᠠᠭ ᠰᠢᠤ᠃ ᠠᠬ᠎ᠠ ᠶᠢ ᠴᠢᠨᠢ ᠪᠠᠶᠠᠨ ᠠᠪᠠᠭ᠎ᠠ ᠶᠢᠨ ᠳᠤ | ᠨᠢ ᠶᠠᠪᠤᠭᠤᠯᠤᠶ᠎ᠠ ᠬᠡᠯᠡ᠃ ᠪᠢ ᠠᠬ᠎ᠠ ᠶᠢ ᠲᠠᠭᠠᠵᠤ ᠶᠠᠪᠤᠶ᠎ᠠ ᠬᠡᠪᠠᠯ ᠠᠬ᠎ᠠ ᠨᠠᠳᠠ ᠶᠢ ᠰᠠᠭᠠᠳ ᠬᠡᠵᠤ ᠲᠠᠭᠠᠭᠤᠯᠬᠤ ᠲᠤᠷ᠎ᠠ ᠦᠬᠡᠢ ᠪᠠᠶᠢᠪᠠ᠃ ᠪᠢ ᠠᠬ᠎ᠠ ᠶᠢ | ᠴᠢᠷᠡᠶᠢᠳᠠᠵᠤ᠂ ᠡᠵᠢ ᠶᠢᠨ ᠬᠤᠷᠮᠤᠢ ᠠᠴᠠ ᠵᠢᠭᠤᠷᠠᠨ ᠭᠤᠶᠤᠬᠤ ᠳᠤ ᠠᠬ᠎ᠠ ᠲᠤᠷ᠎ᠠ ᠲᠠᠢ ᠲᠤᠷ᠎ᠠ ᠦᠬᠡᠢ ᠵᠦᠪᠰᠢᠶᠡᠷᠡᠵᠤ ᠡᠵᠢ ᠤᠷᠤᠭᠤ ᠬᠠᠷᠠᠪᠠ᠃ ᠡᠵᠢ ᠪᠠᠭ᠎ᠠ | ᠤᠳᠠᠰᠬᠢᠵᠤ ᠪᠠᠶᠢᠭᠠᠳ | — — ᠵᠠ ᠲᠡᠬᠡᠪᠡᠯ ᠦᠳᠡᠰᠢ ᠰᠠᠶᠢᠨ ᠤᠨᠳᠠᠵᠤ ᠠᠪᠤᠭᠠᠳ ᠮᠠᠷᠭᠠᠰᠢ ᠦᠷᠯᠦᠬᠡ ᠡᠷᠳᠡ ᠶᠢᠨ ᠰᠠᠷᠢᠬᠦᠨ ᠢᠶᠠᠷ ᠶᠠᠪᠤ᠃ ᠲᠦᠴᠢᠨ ᠭᠠᠵᠠᠷ ᠬᠤᠯᠠᠰᠢᠤ᠂ ᠵᠠᠮ | ᠳᠤ ᠪᠠᠨ ᠠᠶᠢᠯ ᠤᠷᠤᠵᠤ ᠤᠰᠤ ᠴᠠᠢ ᠰᠠᠶᠢᠨ ᠤᠤᠭᠤᠵᠤ ᠪᠠᠢ ᠬᠡᠵᠤ ᠠᠬ᠎ᠠ ᠳᠤ ᠵᠠᠬᠢᠯ᠎ᠠ᠃ | ᠨᠠᠷᠠ ᠭᠠᠷᠬᠤ ᠳᠤ ᠠᠬ᠎ᠠ ᠪᠢᠳᠠ ᠬᠤᠶᠠᠷ ᠡᠮᠡᠬᠡᠯᠳᠤ ᠶᠢᠨ ᠮᠠᠩᠬ᠎ᠠ ᠶᠢ ᠠᠷᠤ ᠳᠤ ᠪᠠᠨ ᠬᠤᠯᠠ ᠤᠷᠬᠢᠵᠤ᠂ ᠬᠠᠷᠬᠢᠯ ᠤᠨ ᠰᠢᠯᠢ ᠲᠠᠪᠠᠵᠤ ᠡᠬᠢᠯᠡᠪᠡ᠃ ᠬᠤᠯᠠ | ᠭᠠᠵᠠᠷ ᠶᠠᠪᠤᠵᠤ ᠦᠵᠡᠭᠡ ᠦᠬᠡᠢ ᠪᠢ ᠨᠠᠷᠠ ᠲᠡᠬᠡᠭᠰᠢ ᠰᠤᠪᠤᠷᠠᠬᠤ ᠳᠤ ᠶᠠᠳᠠᠷᠠᠵᠤ ᠲᠤᠶᠢᠯᠳᠠᠬᠤ ᠬᠡᠴᠡᠬᠦᠦ ᠪᠤᠯᠵᠤ ᠢᠷᠡᠪᠡ᠃ ᠠᠬ᠎ᠠ ᠪᠠᠨ ᠰᠢᠨᠠᠯᠭᠠᠵᠤ ᠢᠷᠡᠭᠰᠡᠨ | ᠪᠤᠯᠬᠤᠷ ᠰᠢᠳᠤ ᠵᠠᠭᠤᠵᠤ ᠬᠡᠯᠳᠤᠷᠡᠵᠤ ᠯᠡ ᠪᠠᠶᠢᠪᠠ᠃ ᠰᠢᠯᠢ ᠶᠢᠨ ᠤᠷᠤᠢ ᠲᠠᠪᠠᠵᠤ ᠭᠠᠷᠬᠤ ᠳᠤ ᠭᠠᠩ ᠲᠠᠢ ᠵᠢᠯ ᠳᠤ ᠪᠠᠶᠢᠮ᠎ᠠ ᠦᠬᠡᠢ ᠤᠰᠤ ᠵᠠᠳᠠᠭᠠᠢ ᠮᠡᠯᠳᠡᠶᠢᠵᠤ᠂ | ᠦᠩ ᠰᠢᠮᠡᠯᠢᠭ ᠨᠤᠭᠤᠭᠠᠨ ᠴᠠᠶᠢᠳᠠᠮ ᠬᠠᠷᠠᠭᠠᠨ ᠳᠤ ᠲᠤᠳᠤᠷᠠᠪᠠ᠃ ᠶᠠᠮᠠᠷ ᠭᠠᠩ ᠴᠠᠩ ᠲᠠᠢ ᠵᠢᠯ ᠬᠡᠳ ᠤᠰᠤ ᠴᠢᠬᠢᠭ ᠠᠯᠳᠠᠳᠠᠭ ᠦᠬᠡᠢ᠂ ᠲᠠᠭᠤᠨ ᠳᠤ | ᠭᠠᠷᠳᠠᠭ ᠠᠯᠳᠠᠨ ᠭᠠᠳᠠᠰᠤᠨ ᠴᠠᠶᠢᠳᠠᠮ ᠨᠢ ᠲᠡᠭᠷᠢ ᠶᠢᠨ ᠬᠠᠶᠠᠭ᠎ᠠ ᠬᠦᠷᠳᠡᠯ᠎ᠡ ᠦᠷᠬᠦᠯᠵᠢᠯᠡᠵᠤ᠂ ᠬᠠᠷᠠᠭ᠎ᠠ ᠶᠢ ᠪᠠᠶᠠᠰᠬᠠᠵᠤ ᠴᠢᠩᠭᠠᠵᠤ ᠶᠠᠳᠠᠷᠠᠬᠰᠠᠨ ᠢ ᠬᠤᠷᠤᠮᠬᠠᠨ | ᠵᠠᠭᠤᠷ᠎ᠠ ᠮᠠᠷᠳᠠᠭᠤᠯᠪᠠ᠃ ᠤᠳᠠᠯ ᠦᠬᠡᠢ ᠶᠡᠭᠡ ᠡᠷᠳᠡᠨ ᠤ ᠪᠠᠯᠪᠠᠷᠠᠵᠤ ᠬᠠᠭᠠᠷᠠᠬᠰᠠᠨ ᠬᠡᠯᠳᠡᠷᠬᠡᠢ ᠲᠤᠭᠤᠰᠭᠠ ᠴᠢᠯᠠᠭᠤ ᠯᠠ ᠦᠯᠡᠳᠡᠭᠰᠡᠨ ᠰᠤᠪᠤᠷᠭ᠎ᠠ ᠶᠢᠨ | ᠬᠤᠭᠤᠯᠠᠢ ᠬᠡᠭᠴᠢ ᠲᠠᠰᠢᠭᠤ ᠭᠠᠵᠠᠷ ᠦᠩᠬᠡᠷᠡᠨ ᠦᠳᠡ ᠲᠤᠮᠳᠠ ᠪᠤᠯᠬᠤ ᠳᠤ ᠴᠢᠯᠠᠭᠤᠨ ᠤᠪᠤᠭ᠎ᠠ ᠶᠢᠨ ᠬᠤᠷᠮᠤᠢ ᠬᠦᠷᠪᠠ᠃ ᠲᠠᠬᠢᠭᠠᠳ ᠯᠠ ᠴᠢᠩᠭᠠᠵᠤ ᠶᠠᠳᠠᠷᠠᠨ | ᠬᠦᠯ ᠢᠶᠠᠨ ᠡᠷᠬᠦᠵᠤ ᠲᠠᠭᠠᠭᠠᠬᠤ ᠦᠬᠡᠢ ᠬᠡᠮᠵᠢᠶᠠᠨ ᠳᠤ ᠲᠤᠯᠳᠠᠯ᠎ᠠ᠂ ᠵᠤᠯ ᠲᠠᠭᠠᠷᠠᠵᠤ ᠨᠢᠬᠡ ᠠᠶᠢᠯ ᠤᠨ ᠪᠠᠷ᠎ᠠ ᠬᠠᠷᠠᠬᠳᠠᠪᠠ᠃ ᠬᠡᠷ ᠲᠤ ᠤᠷᠤᠬᠤ ᠳᠤ ᠬᠠᠨᠵᠤᠨ | ᠭᠤᠤᠯ ᠳᠤ ᠬᠡᠳᠤᠨ ᠬᠡᠤᠬᠡᠳ ᠤᠨᠳᠠᠵᠤ᠂ ᠰᠢᠷᠡᠬᠡᠨ ᠲᠡᠬᠡᠷ᠎ᠡ ᠲᠤᠮᠤ ᠰᠠᠪᠠ ᠲᠠᠢ ᠴᠠᠢ ᠬᠦᠷᠦᠬᠡᠵᠤ ᠲᠠᠯᠪᠢᠬᠰᠠᠨ ᠢ ᠬᠡᠳᠡᠰᠤ ᠭᠠᠷᠳᠠᠯ᠎ᠠ ᠤᠤᠭᠤᠵᠤ ᠠᠪᠤᠭᠠᠳ᠂ | ᠠᠶᠢᠯ ᠤᠨ ᠬᠦᠮᠦᠨ ᠳᠤ ᠮᠠᠨᠳᠤ ᠣᠰᠤ ᠮᠡᠳᠡᠬᠡᠳ ᠭᠠᠷᠬᠤ ᠬᠡᠰᠡᠨ ᠴᠤ ᠨᠠᠳᠠ ᠲᠠᠢ ᠨᠠᠰᠤ ᠪᠠᠷᠤᠭ ᠦᠨᠨᠢᠬᠡ ᠬᠡᠤᠬᠡᠳ ᠨᠢᠳᠤ ᠪᠠᠨ ᠵᠠᠪᠰᠠᠷᠯᠠᠵᠤ ᠪᠢᠳᠠ ᠬᠤᠶᠠᠷ ᠢ | ᠬᠠᠷᠠᠵᠤ ᠠᠪᠤᠭᠠᠳ ᠶᠡᠭᠡ ᠬᠠᠯᠠᠭᠤᠨ ᠦᠳᠡ ᠶᠢᠨ ᠨᠤᠶᠢᠷ ᠲᠤ ᠪᠠᠨ ᠲᠡᠶᠢᠯᠳᠡᠵᠤ ᠡᠷᠬᠢᠵᠤ ᠤᠨᠳᠠᠬᠰᠠᠨ ᠪᠤᠯᠬᠤᠷ ᠰᠡᠮᠬᠡᠨ ᠭᠠᠷᠴᠤ ᠶᠠᠪᠤᠪᠠ᠃ ᠶᠡᠬᠡᠮᠡᠳ ᠨᠢ ᠡᠵᠡᠬᠦᠢ | ᠪᠠᠶᠢᠬᠰᠠᠨ ᠴᠢᠷᠡᠢ᠃ ᠬᠠᠷᠢᠨ ᠬᠤᠳᠳᠤᠭ ᠤᠨ ᠲᠡᠷᠬᠡᠳᠡ ᠬᠦᠷᠬᠦ ᠳᠤ ᠰᠠᠶ᠋ᠢᠬᠠᠨ ᠤᠤᠭᠤᠬᠰᠠᠨ ᠴᠠᠢ ᠬᠠᠮᠢᠭ᠎ᠠ ᠤᠷᠤᠴᠢᠬᠠᠵᠤ ᠬᠡᠮᠡᠷ ᠨᠡᠩ ᠶᠡᠭᠡ ᠪᠠᠷ ᠴᠢᠩᠭᠠᠵᠤ᠂ | ᠢᠷᠤᠭᠠᠷ ᠨᠢ ᠦᠵᠡᠭᠳᠡᠬᠦ ᠦᠬᠡᠢ ᠠᠶᠤᠳᠠᠰᠤ ᠬᠦᠷᠬᠡᠮᠡ ᠬᠠᠳᠠᠨ ᠬᠤᠳᠳᠤᠭ ᠲᠤ ᠴᠢᠷᠭ᠎ᠠ ᠶᠢ ᠨᠢ ᠤᠳᠠᠳᠠᠯ᠎ᠠ ᠡᠷᠬᠢᠬᠦᠯᠵᠤ ᠬᠤᠪᠤᠭᠤ ᠪᠠᠷ ᠲᠠᠰ ᠬᠦᠢᠳᠡᠨ ᠤᠰᠤ ᠶᠢ | ᠨᠢ ᠬᠠᠨᠤᠳᠠᠯ᠎ᠠ ᠤᠤᠭᠤᠵᠤ ᠪᠢᠯᠡ᠃ ᠰᠢᠯᠢ ᠵᠠᠬᠠᠳᠠᠬᠰᠠᠨ ᠬᠤᠳᠳᠤᠭ ᠤᠨ ᠤᠰᠤ ᠬᠡᠵᠤ ᠤᠨᠴᠠᠭᠠᠢ ᠪᠠᠶᠢᠬᠰᠠᠨ ᠤᠤ︖ ᠲᠤᠶᠢᠯᠳᠠᠵᠤ ᠬᠡᠳᠤᠷᠡᠭᠰᠡᠨ ᠬᠦᠮᠦᠨ ᠳᠤ | ᠲᠠᠶᠢᠮᠤ ᠪᠠᠶᠢᠬᠰᠠᠨ ᠤᠤ︖ ᠪᠤᠦ ᠮᠡᠳᠡ᠃ ᠤᠰᠤ ᠬᠡᠳᠤᠢ ᠠᠮᠳᠠᠳᠠᠢ ᠬᠡᠭᠴᠢ ᠶᠢ ᠶᠤᠰᠤᠳᠠᠢ ᠠᠩᠬ᠎ᠠ ᠮᠠᠳᠠᠯ᠎ᠠ᠃ | ᠣᠳᠠᠯ ᠦᠬᠡᠢ ᠪᠠᠶᠠᠨ ᠠᠪᠠᠭ᠎ᠠ ᠶᠢᠨ ᠳᠤ ᠬᠦᠷᠪᠡ᠃ ᠨᠢᠬᠡ ᠵᠠᠮ ᠰᠤᠮᠤᠨ ᠴᠠᠭᠠᠨ ᠪᠠᠶᠠᠨ ᠠᠪᠠᠭ᠎ᠠ ᠶᠢᠨ ᠳᠤ ᠪᠠᠶᠢᠬᠤ ᠬᠡᠵᠤ ᠢᠳᠡᠬᠡᠭᠰᠡᠨ ᠦᠬᠡᠢ ᠪᠢᠳᠠ | ᠬᠤᠶᠠᠷ ᠤᠨ ᠰᠠᠨᠠᠭ᠎ᠠ ᠢᠯᠡᠬᠦᠴᠡ ᠪᠤᠯᠵᠤ᠂ ᠡᠵᠢ ᠮᠢᠨᠢ ᠶᠤᠰᠤᠳᠠᠢ ᠮᠠᠷᠬᠠᠨ ᠲᠦᠯᠬᠡᠴᠢ ᠪᠤᠯᠬᠤ ᠶᠢ ᠢᠳᠡᠬᠡᠯᠡ᠃ ᠬᠡᠳᠤᠬᠡᠨ ᠡᠳᠤᠷ ᠤᠨ ᠲᠤᠳᠤᠷ᠎ᠠ ᠴᠠᠶᠢᠳᠠᠮ ᠤᠨ | ᠡᠪᠠᠰᠤᠨ ᠳᠤ ᠦᠩᠬᠡ ᠤᠷᠤᠬᠰᠠᠨ ᠰᠤᠮᠤᠨ ᠴᠠᠭᠠᠨ ᠡᠬᠡ ᠲᠠᠢ ᠪᠠᠨ ᠮᠤᠳᠤᠨ ᠰᠡᠬᠦᠳᠡᠷ ᠲᠤ ᠦᠳᠡᠯᠡᠵᠤ ᠪᠠᠶᠢᠬᠤ ᠶᠢ ᠦᠵᠡᠮᠡᠭᠴᠡ ᠲᠠᠨᠢᠴᠢᠬᠠᠪᠠ᠃ ᠨᠠᠷ᠎ᠡ ᠪᠠᠷ ᠨᠢ | ᠲᠠᠭᠤᠳᠠᠬᠤᠯᠠᠷ ᠨᠠᠳᠠ ᠤᠷᠤᠭᠤ ᠬᠦᠶᠤᠨ ᠢᠷᠡᠵᠤ᠂ ᠨᠢᠬᠡ ᠵᠠᠮ ᠬᠠᠯᠠ ᠲᠠᠮᠤ ᠠᠮᠰᠠᠬᠰᠠᠨ ᠢᠶᠠᠨ ᠮᠠᠷᠳᠠᠴᠢᠬᠠᠵᠤ ᠲᠡᠪᠡᠷᠡᠨ ᠦᠨᠦᠰᠴᠤ ᠪᠦᠬᠡᠮ ᠪᠠᠶᠠᠷ ᠬᠦᠷ ᠪᠤᠯᠵᠠᠢ᠃ | ᠦᠵᠦᠮ ᠠᠪᠠᠭ᠎ᠠ ᠡᠵᠢ᠄ | — — ᠰᠠᠶᠢᠨ ᠪᠡᠯᠴᠢᠬᠡᠷ ᠲᠤ ᠪᠠᠶᠢᠵᠤ ᠪᠠᠶᠢᠭ ᠳ᠋ᠠ᠃ ᠰᠤᠮᠤᠨ ᠴᠠᠭᠠᠨ ᠴᠢᠨᠢ ᠲᠤᠷᠤᠭ ᠬᠤᠨᠢ ᠪᠤᠯᠬᠤ ᠶᠤᠮ ᠪᠠᠶᠢᠨ᠎ᠠ᠃ ᠪᠤᠷᠤᠭᠠᠨ ᠬᠤᠷ᠎ᠠ ᠡᠯᠪᠡᠭ ᠪᠤᠯᠪᠠᠯ | ᠢᠷᠡᠵᠤ ᠠᠪᠤᠭᠠᠷᠡᠢ ᠬᠡᠪᠡ᠃ ᠵᠢᠯ ᠠᠴᠠ ᠨᠠᠭᠠᠰᠢ ᠰᠠᠭᠠᠯᠢ ᠰᠦ ᠲᠠᠢ ᠲᠠᠮᠠᠢ ᠵᠤᠯᠭᠠᠭ᠎ᠠ ᠦᠬᠡᠢ ᠪᠢᠳᠠ ᠬᠤᠶᠠᠷ ᠰᠢᠷ᠎ᠠ ᠲᠤᠰᠤᠨ ᠪᠤᠳᠠᠭ᠎ᠠ᠂ ᠪᠤᠴᠠᠯᠭᠠᠬᠰᠠᠨ | ᠪᠤᠭᠤᠷᠰᠤᠭ᠂ ᠠᠶᠢᠷᠠᠭ ᠲᠠᠢ ᠨᠤᠬᠤᠬᠰᠠᠨ ᠲᠠᠭᠠᠨ᠎ᠠ ᠪᠠᠷ ᠵᠤᠴᠢᠯᠠᠭᠤᠯᠵᠤ ᠬᠠᠷᠮᠠᠨ ᠳᠤ ᠪᠠᠨ ᠪᠤᠷᠠᠮ ᠴᠢᠪᠠᠭ᠎ᠠ ᠲᠦᠬᠦᠷᠬᠡᠵᠤ ᠠᠪᠤᠭᠠᠳ ᠰᠡᠷᠢᠬᠦᠨ ᠤᠨᠠᠬᠤ ᠳᠤ ᠬᠡᠷ | ᠤᠨ ᠵᠦᠭ ᠰᠡᠳᠬᠢᠯ ᠬᠠᠩᠬᠤᠯᠠᠭᠤᠨᠪᠤᠴᠠᠪᠠ᠃ | ᠬᠤᠨᠢ ᠠᠬᠤᠷᠯᠠᠵᠤ ᠲᠠᠭᠤᠰᠤᠬᠰᠠᠨ ᠬᠤᠶᠢᠨ᠎ᠠ ᠨᠢᠬᠡ ᠡᠳᠤᠷ ᠰᠡᠳᠡᠷᠯᠡᠭᠰᠡᠨ ᠬᠤᠨᠢ ᠰᠢᠭ᠋ ᠲᠤᠰᠤ ᠲᠠᠭᠠᠪᠤᠷᠢᠯᠠᠬᠰᠠᠨ ᠵᠤᠵᠠᠭᠠᠨ ᠨᠣᠣᠰᠤ ᠲᠠᠢ ᠬᠤᠶᠠᠷ ᠬᠤᠨᠢ | ᠬᠤᠳᠳᠤᠭ ᠲᠡᠬᠡᠷ᠎ᠡ ᠢᠷᠡᠵᠤ᠂ ᠪᠢᠳᠠ ᠬᠡᠳᠤᠬᠦᠯᠡ ᠤᠰᠤ ᠬᠢᠬᠦ ᠪᠠᠷ ᠬᠦᠷᠬᠦ ᠳᠤ ᠬᠠᠷᠢᠨᠰᠤᠮᠤᠨ ᠴᠠᠭᠠᠨ ᠡᠬᠡ ᠲᠠᠢ ᠪᠠᠨ ᠪᠠᠶᠢᠯ᠎ᠠ᠃ ᠠᠮᠠ ᠨᠢ ᠢᠳᠡᠪᠡᠯ ᠰᠡᠬᠦᠯ ᠨᠢ | ᠲᠠᠷᠭᠤᠯᠠᠬᠤ ᠬᠡᠭᠴᠢ ᠪᠠᠷ ᠰᠤᠮᠤᠨ ᠴᠠᠭᠠᠨ ᠲᠠᠨᠢᠬᠳᠠᠬᠤ ᠦᠬᠡᠢ ᠪᠤᠯᠳᠠᠯ᠎ᠠ ᠦᠰᠴᠤ᠂ ᠬᠤᠶᠠᠷ ᠰᠠᠷ᠎ᠠ ᠤᠨ ᠬᠤᠭᠤᠴᠠᠭᠠᠨ ᠳᠤ ᠪᠢᠷᠠᠭᠤ ᠰᠢᠭ ᠲᠤᠮᠤ ᠪᠡᠶ᠎ᠡ ᠲᠠᠢ᠂ | ᠪᠦᠳᠦᠬᠦᠨ ᠦᠷᠬᠡᠨ ᠦᠬᠡᠬᠦᠨ ᠰᠡᠬᠦᠯ ᠲᠠᠢ ᠪᠤᠯᠤᠬᠰᠠᠨ ᠪᠠᠶᠢᠯ᠎ᠠ᠃ ᠲᠤᠰ ᠤᠷᠤᠢ ᠳᠤ ᠨᠢ ᠠᠪᠤ ᠲᠠᠳᠠ ᠬᠤᠶᠠᠷ ᠲᠤ ᠬᠤᠪᠴᠠᠰᠤ ᠶᠢ ᠨᠢ ᠨᠢᠮᠬᠡᠯᠡᠨ ᠠᠬᠤᠷ ᠢ ᠨᠢ | ᠬᠠᠶᠢᠴᠢᠯᠠᠵᠤ ᠦᠭᠬᠦᠭᠰᠡᠨ ᠪᠦᠬᠡᠳ ᠰᠤᠮᠤᠨ ᠴᠠᠭᠠᠨ ᠢ ᠴᠢᠬᠢᠯᠡᠵᠤ ᠴᠠᠭᠠᠯᠠᠵᠤ ᠬᠠᠶᠠᠪᠠ᠃ | ᠲᠠᠷᠠᠭ᠎ᠠ ᠵᠢᠯ ᠤᠨ ᠬᠠᠪᠤᠷ ᠨᠢ ᠰᠤᠮᠤᠨ ᠴᠠᠭᠠᠨ ᠡᠬᠡ ᠲᠠᠢ ᠪᠠᠨ ᠪᠠᠰᠠ ᠯᠠ ᠠᠯᠠᠭ᠎ᠠ ᠪᠤᠯᠵᠠᠢ᠃ ᠡᠨᠡ ᠤᠳᠠᠭ᠎ᠠ ᠲᠦᠩᠬᠡᠵᠢ ᠬᠦᠯ ᠳᠤ ᠤᠷᠤᠵᠤ ᠪᠠᠶᠢᠭ᠎ᠠ | ᠲᠡᠬᠦᠦ ᠶᠢ ᠮᠢᠨᠢ ᠭᠠᠷᠭᠠᠪᠠᠯ ᠬᠡᠷ ᠢᠶᠠᠷ ᠢᠶᠠᠨ ᠲᠦᠯᠬᠡᠴᠢ ᠰᠢᠨᠵᠢᠬᠡᠴᠢ ᠪᠤᠯᠤᠯ᠎ᠠ ᠬᠡᠰᠡᠨ ᠦᠬᠡ᠃ ᠶᠠᠮᠠᠷᠴᠤ ᠡᠷᠢᠯ ᠰᠤᠷᠠᠭ ᠲᠠᠯᠪᠢᠬᠰᠠᠨ ᠦᠬᠡᠢ᠃ ᠵᠢᠱᠢᠭᠰᠡᠨ ᠠᠴᠠ | ᠭᠠᠷᠤᠬᠰᠠᠨ ᠦᠬᠡᠢ᠂ ᠵᠤᠨ ᠪᠤᠯᠬᠤ ᠳᠤ ᠰᠤᠮᠤᠨ ᠴᠠᠭᠠᠨ ᠬᠠᠷᠢᠵᠤ ᠢᠷᠡᠯ᠎ᠡ᠃ ᠢᠷᠡᠬᠦ ᠢᠷᠡᠬᠦ ᠳᠤ ᠪᠠᠨ ᠪᠠᠰᠠ ᠨᠢᠬᠡ ᠦᠬᠢᠨ ᠲᠡᠬᠦᠦ ᠲᠠᠭᠠᠭᠤᠯᠵᠤ ᠭᠤᠷᠪᠠ ᠪᠤᠯᠵᠤ | ᠢᠷᠡᠪᠡ᠃ ᠠᠬ᠎ᠠ ᠳᠤ ᠲᠤᠭᠤᠬᠳᠠᠬᠤ ᠦᠬᠡᠢ ᠪᠠᠶᠢᠬᠰᠠᠨ ᠮᠢᠨᠥ ᠮᠠᠭᠤ ᠰᠤᠮᠤᠨ ᠴᠠᠭᠠᠨ ᠰᠦᠷᠦᠭ ᠤᠨ ᠲᠦᠷᠦᠬᠦᠦ ᠤᠭᠠᠯᠵᠠᠨ ᠡᠪᠡᠷᠳᠤ ᠬᠤᠴᠠ ᠶᠢ ᠭᠠᠷᠭᠠᠪᠠᠯ ᠪᠦᠬᠦ | ᠰᠦᠷᠦᠭ ᠲᠤ ᠪᠠᠨ ᠦᠵᠦᠬᠦᠷ ᠪᠤᠯᠤᠬᠰᠠᠨ ᠬᠠᠮᠤᠭ ᠲᠤᠮᠤ ᠪᠠᠶ᠎ᠠ ᠲᠠᠢ ᠰᠢᠳᠦᠯᠡᠩ ᠪᠤᠯᠵᠤ ᠮᠢᠨᠥ ᠤᠮᠤᠬᠰᠢᠯ ᠪᠠᠭ᠋ᠠᠷᠬᠠᠯ ᠪᠤᠯᠪᠠ᠃ | ᠲᠡᠬᠦᠦ ᠲᠠᠢ ᠪᠤᠯᠤᠬᠰᠠᠨ ᠰᠤᠮᠤᠨ ᠴᠠᠭᠠᠨ ᠪᠠᠭ᠎ᠠ ᠶᠢᠨ ᠬᠢ ᠰᠢᠭ ᠢᠶᠠᠨ ᠨᠠᠳᠠ ᠢᠷᠡᠵᠤ ᠢᠯᠢᠬᠦᠯᠵᠤ ᠬᠠᠶᠢᠷᠠᠯᠠᠭᠤᠯᠵᠤ ᠪᠠᠨ ᠴᠦᠬᠡᠷᠡᠪᠡ᠃ ᠲᠠᠮᠠᠢ ᠤᠳᠠᠯ | ᠦᠬᠡᠢ ᠡᠬᠡ ᠪᠤᠯᠤᠨ ᠲᠠᠬᠦᠦ ᠠᠴᠠ ᠪᠠᠨ ᠰᠠᠯᠤᠩᠬᠢᠳᠠ ᠪᠡᠯᠴᠢᠬᠡᠷᠯᠡᠬᠦ ᠪᠤᠯᠵᠤ᠂ ᠰᠦᠷᠦᠭ ᠤᠨ ᠡᠮᠤᠨ᠎ᠡ ᠶᠠᠪᠤᠨ᠂ ᠦᠳᠡᠰᠢ ᠨᠢ ᠰᠦᠷᠦᠭ ᠤᠨ ᠭᠠᠳᠠᠭᠤᠷ ᠴᠡᠪᠠᠷ | ᠮᠠᠩᠬᠠᠨ ᠲᠡᠬᠡᠷ᠎ᠡ ᠬᠡᠪᠳᠡᠳᠡᠭ᠃ ᠶᠠᠭ ᠯᠠ ᠬᠤᠨᠢᠨ ᠰᠦᠷᠦᠭ ᠤᠨ ᠪᠢᠴᠢᠬᠠᠨ ᠵᠠᠩᠵᠤᠨ ᠮᠡᠳᠤ ᠰᠤᠷᠳᠤᠭᠤᠯᠤᠨᠠ ᠬᠡᠭᠴᠢ ᠨᠢ᠃ | ᠲᠠᠷᠡ ᠨᠠᠮᠤᠷ ᠠᠪᠤ ᠬᠠᠮᠢᠭ᠎ᠠ ᠠᠴᠠ ᠠᠪᠴᠢᠷᠠᠬᠰᠠᠨ ᠶᠢ ᠮᠡᠳᠡᠬᠦ ᠦᠬᠡᠢ᠃ ᠬᠡᠳᠤᠨ ᠬᠠᠷ᠎ᠠ ᠲᠤᠯᠤᠭᠠᠢ ᠲᠠᠢ ᠤᠷᠳᠤ ᠰᠡᠬᠦᠯ ᠲᠠᠢ ᠬᠤᠨᠢ ᠠᠪᠴᠢᠷᠠᠵᠤ ᠰᠦᠷᠦᠭ | ᠲᠤ ᠨᠠᠶᠢᠯᠠᠬᠦᠯᠪᠠ᠃ ᠰᠢᠪᠠᠭᠤ ᠠᠮᠢᠳᠠᠨ ᠠᠴᠠ ᠦᠷᠬᠦᠭᠰᠡᠨ ᠪᠤᠯ ᠤᠤ ᠪᠤᠤ ᠮᠡᠳᠡ ᠡᠬᠢᠨ ᠤ ᠬᠡᠳᠤᠨ ᠡᠳᠤᠷ ᠲᠤᠬᠳᠠᠭᠤᠬᠠᠨ ᠪᠠᠶᠢᠬᠰᠠᠨ ᠬᠤᠨᠢᠳ ᠬᠡᠨᠡᠳᠳᠡ | ᠠᠶᠤᠮᠠᠳᠠᠭᠠᠢ ᠦᠷᠬᠦᠮᠡᠳᠡᠬᠡᠢ ᠪᠤᠯᠵᠤ ᠬᠤᠶᠢᠯᠠᠷᠠᠭᠠᠳ ᠬᠤᠳᠠᠨ ᠳᠤ ᠢᠷᠡᠬᠦ ᠪᠠᠨ ᠪᠤᠯᠢᠪᠠ᠃ ᠡᠬᠡᠴᠢ ᠪᠢᠳᠠ ᠬᠤᠶᠠᠷ ᠬᠡᠳᠤᠨ ᠡᠳᠤᠷ ᠰᠦᠷᠦᠭ ᠲᠤ ᠨᠠᠶᠢᠯᠠᠬᠦᠯᠤᠨ ᠬᠡᠷ | ᠤᠨ ᠵᠦᠭ ᠬᠤᠮᠢᠬᠰᠠᠨ ᠴᠤ ᠬᠤᠷᠢᠶ᠎ᠠ ᠬᠠᠰᠢᠶᠠᠨ ᠳᠤ ᠤᠶᠢᠷᠠᠳᠤᠬᠤ ᠦᠬᠡᠢ ᠪᠤᠯᠳᠠᠵᠤ ᠲᠤᠳᠠᠭᠠᠭᠠᠳ ᠠᠷᠢᠯᠴᠢᠬᠠᠨ᠎ᠠ᠃ ᠪᠦᠬᠦᠳᠡᠬᠡᠷ ᠢᠶᠠᠨ ᠬᠠᠮᠵᠢᠨ ᠪᠠᠶᠢᠵᠤ ᠬᠡᠳᠤ | ᠶᠢ ᠨᠢ ᠰᠦᠷᠦᠭ ᠲᠤ ᠨᠡᠶᠢᠯᠡᠬᠦᠯᠦᠭᠰᠡᠨ ᠴᠤ ᠲᠦᠷᠪᠠᠨ ᠬᠤᠨᠢ ᠨᠢ ᠨᠢᠬᠡᠮᠤᠰᠤᠨ ᠲᠤᠳᠠᠭᠠᠵᠤ ᠵᠢᠯᠢᠢᠴᠢᠬᠡᠪᠡ᠃ ᠠᠪᠤ ᠠᠭᠤᠷ ᠤᠮᠤᠭ ᠲᠤ ᠪᠠᠨ ᠮᠢᠬ᠎ᠠ ᠠᠪᠳᠠᠭ | ᠮᠠᠶᠢᠮᠠᠶᠢᠴᠢᠨ ᠲᠠᠭᠤᠳᠠᠵᠤ᠂ ᠮᠤᠷᠢ ᠪᠠᠷ ᠬᠤᠮᠢᠵᠤ᠂ ᠬᠡᠳᠤᠨᠳᠡ ᠬᠡᠷ ᠤᠨ ᠪᠠᠷ᠎ᠠ ᠬᠠᠪᠢᠳᠠᠭᠤᠯᠤᠬᠰᠠᠨ ᠴᠤ ᠬᠦᠴᠦᠷᠦᠭᠰᠡᠨ ᠦᠬᠡᠢ᠃ ᠠᠪᠤ᠄ | — — ᠵᠠ ᠵᠠ᠂ ᠬᠤᠨᠢ ᠢᠩᠬᠢᠵᠤ ᠵᠡᠷᠯᠢᠭᠰᠢᠬᠦ ᠢ ᠦᠵᠡᠭᠰᠡᠨ ᠦᠬᠡᠢ ᠶᠤᠮ ᠪᠠᠶᠢᠨ᠎ᠠ᠃ ᠤᠳᠤ ᠬᠦᠬᠡᠬᠡᠵᠤ ᠬᠦᠴᠦᠯᠡᠬᠦ ᠦᠬᠡᠢ᠃ ᠨᠠᠮᠤᠷ ᠤᠨ ᠮᠠᠯ ᠶᠡᠭᠡ | ᠲᠠᠭᠤᠪᠠᠯ ᠪᠠᠯᠪᠠᠷᠠᠨᠠ᠂ ᠡᠪᠤᠯ ᠲᠦᠯ ᠴᠤ ᠦᠬᠡᠢ ᠬᠤᠰᠠᠷᠠᠨᠠ᠂ ᠵᠠᠶᠠᠭ᠎ᠠ ᠨᠢ ᠮᠡᠳᠡᠭ ᠬᠡᠪᠡ᠃ ᠤᠳᠠᠯ ᠦᠬᠡᠢ ᠬᠦᠮᠦᠨ ᠪᠠᠶᠢᠳᠤᠭᠠᠢ ᠨᠤᠬᠠᠢ ᠰᠢᠪᠠᠭᠤ ᠶᠢᠨ ᠲᠠᠭᠤᠨ | ᠰᠤᠨᠤᠰᠪᠠᠴᠤ ᠶᠡᠭᠡ ᠬᠤᠯᠠ ᠠᠴᠠ ᠲᠤᠭᠤᠰᠤ ᠯᠠ ᠦᠯᠡᠳᠡᠬᠡᠵᠤ ᠬᠤᠴᠤᠷᠠᠳᠠᠭ ᠬᠠᠷᠬᠢᠯ ᠤᠨ ᠰᠢᠯᠢ ᠶᠢᠨ ᠲᠦᠷᠪᠡᠨ ᠵᠡᠷᠯᠢᠭ ᠬᠡᠵᠤ ᠨᠡᠷ᠎ᠡ ᠭᠠᠷᠴᠤ᠂ ᠮᠠᠨ ᠤ ᠬᠢᠨ | ᠠᠯᠢ ᠣᠪᠣᠭ᠎ᠠ ᠲᠤᠯᠤᠭᠠᠢ᠂ ᠬᠡᠨ ᠤ ᠬᠢᠨ ᠤ ᠬᠤᠳᠳᠤᠭ ᠲᠤ ᠤᠰᠤ ᠤᠤᠭᠤᠭᠠᠳ ᠶᠠᠪᠤᠯ᠎ᠠ ᠬᠡᠰᠡᠨ ᠰᠤᠷᠠᠭ ᠢ ᠨᠢ ᠰᠤᠨᠤᠰᠴᠤ ᠰᠠᠨᠠᠭ᠎ᠠ ᠠᠮᠠᠷᠠᠳᠠᠭ ᠪᠤᠯᠵᠠᠢ᠃ | | ᠡᠪᠤᠯ ᠪᠤᠯᠪᠠ᠃ ᠨᠢᠬᠡ ᠦᠳᠡ ᠳᠤ ᠠᠳᠤᠭᠤᠨ ᠳᠤ ᠶᠠᠪᠤᠬᠰᠠᠨ ᠠᠪᠤ ᠴᠢᠷᠡᠢ ᠮᠠᠭᠤᠳᠠᠢ ᠤᠷᠤᠵᠤ ᠢᠷᠡᠬᠡᠳ᠄ | — — ᠲᠠᠷᠴᠤᠬᠳᠤ ᠲᠤᠯᠤᠭᠠᠢ ᠪᠠᠷ ᠲᠠᠪᠤᠨ ᠬᠦᠷᠦᠬᠡᠰᠤ ᠰᠢᠭ ᠶᠠᠭᠤᠮ᠎ᠠ ᠬᠤᠢ ᠰᠠᠯᠬᠢ ᠮᠡᠳᠤ ᠬᠤᠶᠢᠯᠠᠷᠠᠵᠤ ᠤᠳᠤᠯ᠎ᠠ᠃ ᠶᠠᠭᠤ ᠪᠤᠯᠴᠢᠬᠠᠪᠠ ᠬᠡᠵᠤ ᠮᠤᠷᠢᠨ | ᠤ ᠬᠤᠷᠳᠤ ᠪᠠᠷ ᠲᠡᠪᠬᠢᠭᠤᠯᠵᠤ ᠦᠢᠷᠡᠳᠤᠪᠠᠯ ᠰᠤᠮᠤᠨ ᠴᠠᠭᠠᠨ ᠰᠡᠶ᠋ᠢᠬᠢ ᠲᠦᠷᠪᠡᠨ ᠤᠷᠤᠯᠠᠩ ᠲᠠᠢ ᠨᠠᠶᠢᠯᠠᠴᠢᠬᠡᠭᠰᠡᠨᠰᠡᠬᠦᠯ ᠴᠠᠶᠢᠯᠵᠠᠭᠤᠯᠵᠤ ᠰᠤᠮᠤᠳᠠᠵᠤ ᠪᠠᠶᠢᠯ᠎ᠠ᠃ | ᠠᠢ︕ ᠣᠳᠤ ᠶᠠᠭᠠᠬᠢᠳᠠᠭ ᠪᠢᠯᠡ ᠬᠡᠯᠡ᠃ ᠬᠦᠮᠦᠰ ᠤᠨ ᠨᠢᠳᠤ ᠭᠠᠶᠢᠬᠠᠬᠰᠠᠨ᠂ ᠦᠷᠦ ᠡᠪᠡᠳᠦᠭᠰᠡᠨ ᠨᠢ ᠢᠯᠭᠠᠷᠠᠬᠤ ᠦᠬᠡᠢ ᠨᠠᠳᠠ ᠤᠷᠤᠭᠤ ᠵᠢᠷᠬᠡᠳᠡ | ᠲᠦᠪᠯᠡᠷᠡᠪᠡ᠃ ᠲᠤᠬᠤ ᠤᠷᠤᠭᠤ ᠪᠠᠨ ᠮᠠᠨᠴᠤᠷᠭ᠎ᠠ ᠪᠠᠭᠤᠯᠭᠠᠬᠰᠠᠨ ᠮᠡᠳᠤ ᠪᠤᠯᠵᠤ ᠠᠶᠠᠭ᠎ᠠ ᠲᠠᠢ ᠪᠤᠳᠠᠭ᠎ᠠ ᠪᠠᠨ ᠬᠠᠶᠠᠩᠭᠤᠳᠠ ᠬᠡᠷ ᠠᠴᠠ ᠬᠦᠶᠤᠨ ᠭᠠᠷᠪᠠ᠃ | ᠲᠤᠯᠤᠭᠠᠢ ᠲᠦᠨᠡᠷᠡᠨ ᠲᠤᠳᠤᠷ᠎ᠠ ᠤᠶᠢᠮᠤᠵᠤ᠂ ᠰᠤᠮᠤᠨ ᠴᠠᠭᠠᠨ ᠮᠢᠨᠢ ᠲᠠᠭᠤᠰᠴᠤ ᠬᠦᠢᠴᠡᠯᠡ ᠬᠡᠵᠤ ᠬᠠᠷᠠᠰᠠᠨ ᠪᠠᠴᠢᠮᠳᠠᠯ᠂ ᠬᠤᠷᠤᠰᠤᠯ᠂ ᠭᠤᠮᠤᠳᠠᠯ ᠤᠨ ᠨᠢᠯᠪᠤᠰᠤ | ᠢᠪᠡᠷᠡᠨ ᠢᠷᠡᠯ᠎ᠡ᠃ ᠠᠬ᠎ᠠ ᠡᠬᠡᠴᠢ ᠪᠤᠯ ᠪᠦᠷ ᠨᠠᠳᠠ ᠶᠢ ᠰᠤᠮᠤᠨ ᠴᠠᠭᠠᠨ ᠢᠶᠠᠨ ᠬᠠᠶᠢᠷᠯᠠᠬᠰᠠᠭᠠᠷ ᠪᠠᠶᠢᠭᠠᠳ ᠬᠡᠷᠡᠭ ᠠᠴᠠ ᠭᠠᠷᠭᠠᠴᠢᠬᠠᠯ᠎ᠠ ᠬᠡᠵᠤ ᠲᠠᠪᠠᠯᠠᠵᠤ | ᠵᠢᠮᠡᠯᠡᠵᠤ ᠪᠠᠶᠢᠯᠬᠦᠢ ᠳ᠋ᠠ᠃ ᠲᠠᠭᠦᠨ ᠠᠴᠠ ᠬᠤᠶᠢᠰᠢ ᠤᠯᠠᠨ ᠬᠤᠨᠤᠭ ᠨᠠᠳᠠ ᠠᠴᠠ ᠪᠠᠶᠠᠷ ᠵᠢᠷᠭᠠᠯ ᠪᠦᠷ ᠯᠠ ᠵᠢᠭᠤᠳᠠᠵᠤ ᠬᠤᠯᠠᠳᠠᠪᠠ᠃ ᠶᠠᠭᠠᠬᠢᠬᠤᠪ ᠳ᠋ᠠ᠂ ᠠᠪᠤ | ᠬᠦᠷᠳᠡᠯ᠎ᠡ ᠠᠷᠭ᠎ᠠ ᠪᠤᠳᠤᠵᠤ ᠣᠯᠬᠤ ᠦᠬᠡᠢ ᠶᠤᠮ ᠴᠢᠨᠢ︕ | ᠬᠠᠴᠢᠨ ᠰᠤᠨᠢᠨ ᠪᠦᠬᠦᠨ ᠢ ᠬᠠᠷ᠎ᠠ ᠲᠤᠯᠤᠭᠠᠶᠢᠳᠤ ᠬᠦᠮᠦᠨ ᠯᠠ ᠪᠦᠳᠦᠬᠡᠳᠡᠭ ᠪᠢᠰᠢ ᠬᠡᠰᠡᠨ ᠢ ᠢᠳᠡᠬᠡᠵᠤ ᠶᠠᠳᠠᠮ᠎ᠠ ᠡᠨᠡ ᠶᠠᠪᠤᠳᠠᠯ ᠬᠡᠷᠡᠴᠢᠯᠡᠪᠡ᠃ ᠲᠠᠮᠠᠢ | ᠤᠳᠠᠯ ᠦᠬᠡᠢ ᠰᠤᠮᠤᠨ ᠴᠠᠭᠠᠨ ᠵᠡᠷᠯᠢᠭ ᠲᠦᠷᠪᠡ ᠶᠢ ᠲᠠᠭᠠᠭᠤᠯᠤᠨ ᠬᠤᠷᠠᠭ᠎ᠠ ᠢᠰᠢᠬᠡᠨ ᠪᠡᠯᠴᠢᠬᠡᠷ ᠢᠶᠠᠷ ᠦᠵᠡᠭᠳᠡᠵᠤ ᠪᠠᠶᠢᠬᠰᠠᠨ ᠢᠶᠠᠨ ᠬᠤᠳᠳᠤᠭ ᠤᠰᠤ ᠪᠠᠷ | ᠬᠠᠶᠠ ᠢᠷᠡᠳᠡᠭ ᠪᠤᠯᠪᠠ᠃ ᠵᠠᠷᠢᠮ ᠳᠤ ᠨᠢ ᠬᠤᠳᠠᠨ ᠠᠴᠠ ᠵᠠᠶᠢᠳᠡᠢ ᠬᠤᠨᠤᠬᠯᠠᠵᠤ ᠶᠠᠪᠤᠭᠠᠳ ᠪᠡᠯᠴᠢᠬᠡᠷ ᠲᠤ ᠰᠦᠷᠦᠭ ᠨᠠᠶᠢᠯᠠᠵᠤ ᠪᠠᠶᠢᠬᠰᠠᠨ ᠢᠶᠠᠨ ᠨᠢᠬᠡ ᠦᠳᠡᠰᠢ | ᠨᠢᠬᠡᠮᠤᠰᠤᠨ ᠬᠠᠰᠢᠶᠠᠨ ᠳᠤ ᠤᠷᠤᠨ ᠬᠡᠪᠳᠡᠵᠤ᠂ ᠶᠠᠭᠤ ᠴᠤ ᠪᠤᠯᠤᠭ᠎ᠠ ᠦᠬᠡᠢ ᠶᠤᠮ ᠰᠢᠭ ᠱᠠᠪᠢᠷ ᠱᠠᠪᠢᠷ ᠬᠡᠪᠢᠴᠢᠬᠡᠨᠡ ᠬᠡᠵᠤ ᠬᠡᠨ ᠮᠡᠳᠡᠯ᠎ᠡ᠃ ᠲᠡᠷᠡ ᠦᠳᠡᠰᠢ ᠪᠢ | ᠶᠤᠰᠤᠳᠠᠢ ᠦᠯᠢᠬᠡᠷ ᠤᠨ ᠪᠠᠭᠠᠳᠤᠷ ᠰᠢᠭ᠋ ᠪᠤᠯᠵᠤ᠂ ᠠᠪᠤ ᠨᠠᠳᠠ ᠶᠢ ᠶᠤᠰᠤ ᠵᠠᠩᠰᠢᠯ ᠠᠴᠠ ᠭᠠᠳᠠᠭᠤᠷ ᠬᠠᠨᠵᠤᠨ ᠭᠤᠤᠯ ᠳᠤ ᠰᠠᠭᠤᠯᠭᠠᠵᠤ ᠠᠯᠢ ᠦᠬᠡᠬᠦ ᠲᠠᠢ | ᠲᠠᠷᠭᠤᠨ ᠬᠤᠯᠢᠶ᠎ᠠ ᠶᠢ ᠠᠶᠠᠭᠠᠨ ᠳᠤ ᠮᠢᠨᠢ ᠬᠢᠵᠤ ᠦᠭᠬᠦ ᠳᠤ ᠡᠵᠢ᠄ | — — ᠬᠦᠦ ᠶᠢᠨ ᠮᠢᠨᠢ ᠴᠢᠷᠡᠢ ᠲᠡᠨᠡᠶᠢᠵᠤ ᠪᠢᠳᠠᠨ ᠤ ᠬᠡᠷ ᠲᠤ ᠪᠠᠰᠠ ᠨᠠᠷᠠ ᠭᠠᠷᠤᠯ᠎ᠠ᠃ ᠪᠢ ᠬᠡᠯᠡᠵᠤ ᠦᠩᠬᠡᠷᠡᠭᠰᠡᠨ ᠦᠬᠡᠢ ᠪᠢᠯᠡ ᠤᠤ︖ ᠮᠠᠯ ᠬᠡᠵᠤ | ᠵᠠᠷᠢᠮ ᠳᠤ ᠪᠠᠨ ᠬᠦᠮᠦᠨ ᠠᠴᠠ ᠮᠠᠷᠬᠡᠨ ᠰᠢᠤ᠃ ᠵᠡᠷᠯᠢᠭ ᠲᠦᠷᠪᠡ ᠶᠢᠨ ᠬᠤᠶᠠᠷ ᠡᠮ᠎ᠡ ᠬᠤᠨᠢ ᠨᠢ ᠬᠡᠬᠡᠯ ᠲᠤᠬᠳᠠᠬᠰᠠᠨ ᠴᠢᠷᠡᠢ᠂ ᠬᠤᠨᠢ ᠴᠤ ᠦᠷ᠎ᠡ ᠬᠤᠶᠢᠴᠢᠰ ᠤᠨ | ᠲᠦᠯᠦᠬᠡ ᠪᠤᠳᠤᠳᠠᠭ ᠶᠤᠮ ᠰᠢᠤ ᠬᠡᠵᠤ ᠴᠢᠬᠢᠭᠳᠦᠭᠰᠡᠨ ᠨᠢᠳᠤ ᠪᠠᠨ ᠠᠷᠴᠢᠬᠤᠶᠢᠴᠠ ᠪᠤᠯᠤᠭᠠᠳ ᠠᠪᠳᠠᠷ᠎ᠠ ᠠᠴᠠ ᠪᠠᠨ ᠮᠦᠰᠦᠨ ᠰᠢᠬᠡᠷ ᠭᠠᠷᠭᠠᠵᠤ ᠬᠤᠪᠢᠶᠠᠬᠤ ᠳᠤ | ᠪᠠᠨ ᠬᠠᠮᠤᠭ ᠶᠡᠭᠡ ᠬᠡᠰᠡᠭ ᠢ ᠨᠠᠳᠠ ᠱᠠᠩᠨᠠᠪᠠ᠃ ᠪᠢ ᠮᠦᠰᠦᠨ ᠰᠢᠬᠡᠷ ᠪᠠᠨ ᠰᠡᠮᠡᠬᠡᠷᠬᠡᠨ ᠬᠠᠷᠮᠠᠯᠠᠭᠠᠳ ᠭᠠᠷᠪᠠ᠃ ᠰᠤᠮᠤᠨ ᠴᠠᠭᠠᠨ ᠨᠠᠳᠠ ᠠᠴᠠ ᠪᠦᠱᠦᠬᠦᠷᠬᠡᠬᠦ | ᠮᠡᠳᠤ ᠵᠠᠶᠢᠯᠠᠨ ᠪᠠᠶᠢᠬᠰᠠᠭᠠᠷ ᠬᠠᠰᠢ ᠯᠠ ᠪᠠᠷᠢᠬᠳᠠᠪᠠ᠃ ᠪᠢ ᠮᠦᠰᠦᠨ ᠰᠢᠬᠡᠷ ᠢᠶᠠᠨ ᠠᠯᠪᠠ ᠪᠠᠷ ᠠᠮᠠᠨ ᠳᠤ ᠨᠢ ᠴᠢᠬᠢᠵᠤ ᠤᠷᠤᠭᠤᠯᠤᠭᠠᠳ ᠪᠠᠶᠠᠷᠳᠠᠢ ᠬᠡᠭᠴᠢ | ᠢᠨᠢᠶᠡᠪᠡ᠃ | — — ᠬᠠᠶᠢᠷᠠᠳᠠᠢ ᠰᠤᠮᠤᠨ ᠴᠠᠭᠠᠨ ᠮᠢᠨᠢ᠂ ᠴᠢ ᠯᠠ ᠬᠡᠵᠤ ᠮᠢᠨᠥ ᠨᠡᠷ᠎ᠡ ᠨᠢᠭᠤᠷ ᠶᠢ ᠠᠪᠴᠤ ᠭᠠᠷᠤᠯ᠎ᠠ ᠬᠡᠳ ᠠᠷᠡᠢ ᠪᠠᠭ᠎ᠠ ᠬᠠᠳᠠᠵᠤ ᠲᠤᠷᠠᠬᠰᠠᠨ ᠬᠠ | ᠨᠢᠷᠤᠭᠤ ᠶᠢ ᠨᠢ ᠢᠯᠢᠵᠤ ᠦᠭᠬᠦ ᠳᠤ ᠰᠤᠮᠤᠨ ᠴᠠᠭᠠᠨ ᠦᠨᠡᠬᠡᠷ ᠴᠤ ᠭᠠᠪᠢᠶ᠎ᠠ ᠪᠠᠶᠢᠭᠤᠯᠤᠬᠰᠠᠨ ᠪᠠᠭᠠᠳᠤᠷ ᠰᠢᠭ᠋ ᠪᠦᠳᠦᠬᠦᠨ ᠲᠠᠭᠤᠨ ᠢᠶᠠᠷ ᠮᠠᠶᠢᠯᠠᠵᠤ ᠡᠩᠬᠡᠷ | ᠬᠤᠷᠮᠤᠢ ᠶᠢ ᠮᠢᠨᠢ ᠦᠨᠦᠷᠯᠡᠨ ᠪᠠᠶᠢᠯ᠎ᠠ᠃ | ᠲᠠᠷᠡ ᠵᠢᠯ ᠤᠨ ᠨᠠᠮᠤᠷ ᠤᠨ ᠪᠤᠷᠤᠭᠠᠨ ᠬᠡᠳᠤᠨ ᠡᠳᠤᠷ ᠦᠷᠬᠦᠯᠵᠢᠯᠡᠵᠤ ᠵᠤᠬᠰᠤᠬᠤ ᠳᠤ ᠠᠬ᠎ᠠ ᠪᠢᠳᠠ ᠬᠤᠶᠠᠷ ᠪᠤᠳᠠᠷᠠᠬᠰᠠᠨ ᠬᠤᠨᠢ ᠪᠠᠨ ᠬᠤᠷᠢᠶᠠᠬᠤ ᠪᠠᠷ | ᠶᠠᠪᠤᠵᠠᠢ᠃ ᠬᠠᠭᠠᠰ ᠡᠳᠤᠷ ᠶᠠᠪᠤᠵᠤ᠂ ᠤᠷᠤᠪᠠᠯ ᠭᠠᠷᠴᠤ ᠴᠢᠳᠠᠮᠠᠷ ᠦᠬᠡᠢ ᠲᠠᠰᠢᠭᠤ ᠬᠦᠨ ᠪᠠᠯᠠᠷ ᠡᠷᠢᠶᠡᠯᠡᠩ ᠳᠤ ᠤᠷᠤᠬᠤ ᠳᠤ ᠰᠦᠷᠦᠭ ᠤᠨ ᠬᠠᠭᠠᠰ ᠨᠢ | ᠤᠯᠳᠠᠵᠤ ᠠᠬ᠎ᠠ ᠨᠠᠳᠠ ᠶᠢ ᠬᠡᠷ ᠤᠷᠤᠭᠤ ᠢᠳᠬᠠᠵᠤ ᠪᠠᠶᠢᠬᠤ ᠶᠢ ᠲᠠᠭᠠᠭᠠᠯᠭᠠᠭᠠᠳ ᠦᠪᠡᠷ ᠢᠶᠠᠨ ᠰᠠᠯᠬᠢᠨ ᠤ ᠵᠦᠭ ᠰᠢᠷᠦᠬᠦᠨ ᠪᠤᠷᠤᠭᠠᠨ ᠳᠤ ᠰᠢᠭᠤᠷᠤᠬᠰᠠᠨ | ᠪᠤᠰᠤᠤᠨᠬᠤᠨᠢ ᠪᠠᠨ ᠤᠯᠬᠤ ᠪᠠᠷ ᠬᠤᠷᠳᠤᠯᠠᠵᠠᠢ᠃ ᠪᠦᠷᠬᠦᠭ ᠲᠡᠭᠷᠢ ᠬᠡᠨᠡᠳᠳᠡ ᠵᠠᠯᠭᠠᠨ ᠪᠤᠷᠤᠭᠠᠯᠠᠵᠠᠢ᠃ ᠰᠠᠨᠳᠤᠷᠬᠤ ᠳᠤ ᠪᠠᠨ ᠪᠠᠯᠠᠷ ᠤᠨ ᠲᠤᠮᠳᠠ ᠬᠠᠭᠤᠴᠢᠨ | ᠲᠤᠤᠷ᠎ᠠ ᠪᠠᠶᠢᠳᠠᠭ ᠢ ᠰᠠᠨᠠᠵᠤ ᠬᠤᠨᠢ ᠪᠠᠨ ᠰᠢᠪᠠᠳᠠᠵᠤ ᠵᠠᠯᠠᠵᠤ ᠪᠠᠶᠢᠭᠠᠳ ᠪᠦᠷᠦᠢ ᠪᠤᠯᠬᠤ ᠳᠤ ᠰᠡᠶ᠋ᠢ ᠲᠤᠤᠷ᠎ᠠ ᠬᠦᠷᠪᠡ᠃ ᠤᠳᠠᠯ ᠦᠬᠡᠢ ᠠᠬ᠎ᠠ ᠴᠤ ᠦᠯᠡᠳᠡᠭᠰᠡᠨ | ᠬᠤᠨᠢ ᠪᠠᠨ ᠲᠤᠭ᠎ᠠ ᠶᠤᠰᠤᠭᠠᠷ ᠤᠯᠵᠤ ᠲᠤᠤᠷ᠎ᠠ ᠪᠠᠷ ᠲᠦᠰᠢᠭ ᠪᠤᠯᠭᠠᠬᠤ ᠪᠠᠷ ᠢᠷᠡᠵᠡᠢ᠃ ᠬᠤᠨᠢ ᠲᠠᠢ ᠡᠵᠡᠨ ᠲᠠᠢ ᠪᠠᠨ ᠪᠦᠷ ᠤᠰᠤᠨ ᠬᠤᠯᠤᠭᠠᠨ᠎ᠠ ᠰᠢᠭ᠋ ᠪᠤᠯᠵᠤ | ᠴᠠᠮᠫᠠᠨ ᠨᠦᠮᠦᠷᠢᠨ ᠳᠤ ᠰᠢᠬᠠᠯᠴᠢᠨ ᠪᠤᠷᠤᠭᠠᠨ ᠠᠴᠠ ᠲᠠᠯᠳᠠᠯᠠᠪᠠ᠃ ᠬᠡᠳᠡᠯ᠎ᠡ ᠰᠦᠨᠢ ᠪᠤᠯᠬᠤ ᠳᠤ ᠲᠠᠭᠠᠷᠠᠵᠤ ᠵᠢᠩᠨᠡᠬᠡᠳ ᠪᠠᠶ᠎ᠠ ᠴᠠᠴᠡᠷᠡᠨ ᠰᠢᠳᠤ ᠬᠠᠪᠢᠷᠠᠯᠳᠤᠵᠤ | ᠡᠬᠢᠯᠡᠪᠡ᠃ ᠠᠬ᠎ᠠ ᠬᠠᠷᠢᠨ ᠨᠢᠬᠡᠮᠤᠰᠤᠨ ᠬᠤᠶᠠᠷ ᠬᠤᠨᠢᠨ ᠤ ᠲᠤᠮᠳᠠ ᠤᠷᠤᠭᠠᠳ ᠬᠡᠪᠳᠠᠴᠢᠬᠡᠵᠤ ᠨᠠᠳᠠ ᠶᠢ ᠬᠤᠷᠳᠤᠨ ᠪᠠᠰᠠ ᠢᠩᠬᠢᠵᠤ ᠬᠡᠪᠳᠠ ᠬᠡᠯᠡ᠃ ᠪᠢ | ᠰᠤᠮᠤᠨ ᠴᠠᠭᠠᠨ ᠪᠤᠯᠤᠨ ᠪᠠᠰᠠ ᠨᠢᠬᠡ ᠪᠦᠳᠦᠬᠦᠨ ᠢᠷᠬᠡ ᠶᠢᠨ ᠲᠤᠮᠳᠠ ᠨᠢ ᠤᠷᠤᠵᠤ ᠬᠡᠪᠳᠡᠪᠡ᠃ ᠬᠤᠨᠢᠨ ᠤ ᠨᠤᠶᠢᠳᠠᠨ ᠪᠠᠭᠠᠰᠤ᠂ ᠬᠠᠯᠠᠭᠤᠨ ᠵᠤᠩᠭᠠᠭ ᠤᠨ | ᠦᠨᠦᠷ ᠴᠤ ᠲᠠᠭᠠᠷᠠᠬᠰᠠᠨ ᠬᠦᠮᠦᠨ ᠳᠤ ᠰᠠᠶᠢᠬᠠᠨ ᠦᠨᠦᠷᠳᠤᠵᠤ᠂ ᠤᠳᠠᠯ ᠦᠬᠡᠢ ᠪᠡᠶ᠎ᠡ ᠲᠤᠯᠠᠭᠠᠨ ᠪᠤᠯᠵᠤ ᠶᠠᠳᠠᠷᠠᠵᠤ ᠲᠤᠶᠢᠯᠳᠠᠬᠰᠠᠨ ᠪᠢᠳᠡ ᠬᠤᠶᠠᠷ ᠤᠨᠳᠠᠵᠤ | ᠤᠷᠬᠢᠪᠡ᠃ ᠰᠦᠨᠢ ᠬᠠᠭᠠᠰ ᠦᠩᠬᠡᠷᠡᠬᠦ ᠳᠤ ᠪᠤᠷᠤᠭᠠᠨ ᠵᠤᠬᠰᠤᠵᠤ᠂ ᠬᠤᠨᠢᠨ ᠤ ᠢᠯᠴᠢᠨ ᠳᠤ ᠪᠤᠷᠤᠭᠠᠨ ᠳᠤ ᠤᠰᠤᠭᠠᠵᠤ ᠦᠶᠡᠳᠡᠬᠦ ᠠᠴᠠ ᠮᠤᠯᠳᠤᠷᠠᠬᠰᠠᠨ ᠠᠬ᠎ᠠ | ᠪᠢᠳᠠ ᠬᠤᠶᠠᠷ ᠨᠠᠷᠠ ᠭᠠᠷᠬᠤ ᠳᠤ ᠬᠡᠷ ᠤᠨ ᠪᠠᠷ᠎ᠠ ᠬᠠᠷᠠᠪᠠ᠃ | ᠰᠤᠮᠤᠨ ᠴᠠᠭᠠᠨ ᠪᠠᠶ᠎ᠠ ᠬᠦᠢᠴᠡᠭᠰᠡᠨ ᠢᠷᠬᠡ ᠪᠤᠯᠵᠤ ᠵᠤ ᠨᠢᠷᠤᠭᠤ ᠨᠢ ᠲᠡᠭᠰᠢᠷᠡᠨ᠂ ᠰᠡᠷᠪᠡᠭᠡ ᠲᠠᠰᠢᠶ᠎ᠠ ᠶᠢ ᠨᠢ ᠲᠡᠮᠳᠡᠷᠡᠪᠡᠯ ᠶᠠᠰᠤ ᠪᠠᠶᠢᠬᠤ ᠨᠢ ᠮᠡᠳᠡᠭᠳᠡᠬᠦ | ᠦᠬᠡᠢ ᠪᠤᠯᠳᠠᠯ᠎ᠠ ᠲᠠᠷᠭᠤᠯᠠᠪᠠ᠃ | ᠨᠢᠬᠡ ᠡᠳᠤᠷ ᠰᠤᠮᠤᠨ ᠤ ᠰᠠᠩᠴᠢ ᠬᠠᠶᠢᠷᠴᠠᠭ ᠲᠠᠢ ᠲᠡᠷᠬᠡ ᠪᠠᠷ ᠢᠷᠡᠵᠤ ᠠᠯᠢ ᠲᠠᠷᠭᠤᠨ ᠠᠯᠢ ᠲᠤᠮᠤ ᠰᠡᠬᠦᠯ ᠲᠠᠢ ᠢᠷᠬᠡ ᠠᠴᠠ ᠪᠠᠨ ᠨᠢᠬᠡ ᠶᠢ ᠦᠭᠴᠢᠬᠡ᠃ | ᠮᠠᠷᠭᠠᠰᠢ ᠬᠤᠳᠠ ᠠᠴᠠ ᠲᠤᠮᠤ ᠲᠠᠷᠤᠭ᠎ᠠ ᠪᠠᠭᠤᠨ᠎ᠠ᠃ ᠬᠡᠳᠤᠨ ᠠᠶᠢᠯ ᠢᠶᠠᠷ ᠤᠷᠤᠭᠠᠳ ᠲᠤᠭᠤᠬᠳᠠᠮᠠᠷ ᠤᠯᠢᠬᠳᠠᠢ ᠶᠠᠭᠤᠮ᠎ᠠ ᠥᠭᠳᠡᠭᠰᠡᠨ ᠦᠬᠡᠢ᠃ ᠪᠡᠶ᠎ᠡ ᠪᠠᠷ᠎ᠠ | ᠲᠠᠢ ᠰᠢᠬᠦᠰᠦ ᠲᠠᠯᠪᠢᠬᠤ ᠦᠬᠡᠢ ᠪᠣᠯ ᠦᠩᠬᠡᠳᠡᠢ ᠦᠬᠡᠳᠡᠳᠡᠢ ᠵᠤᠴᠢᠯᠠᠭ᠎ᠠ ᠪᠤᠯᠳᠠᠭ ᠥᠬᠡᠢ ᠬᠡᠨ᠎ᠡ᠃ ᠲᠡᠬᠡᠬᠡᠳ ᠰᠦᠷᠦᠭ ᠬᠤᠷᠢᠶᠠᠵᠤ ᠬᠤᠳᠠᠯᠠᠭᠠᠳ ᠢᠷᠡᠬᠦ ᠳᠤ | ᠰᠡᠶ᠋ᠢᠬᠢ ᠰᠠᠩᠴᠢ ᠶᠢᠨ ᠨᠢᠳᠤ ᠰᠤᠮᠤᠨ ᠴᠠᠭᠠᠨ᠂ ᠰᠢᠷ᠎ᠠ ᠬᠠᠯᠵᠠᠨ ᠬᠤᠶᠠᠷ ᠲᠤ ᠲᠤᠰᠤᠭᠠᠳ ᠯᠠ ᠪᠠᠶᠢᠯ᠎ᠠ᠃ ᠲᠡᠬᠡᠬᠦ ᠳᠤ ᠠᠪᠤ ᠄ | — — ᠵᠠ᠂ ᠡᠨᠡ ᠰᠤᠮᠤᠨ ᠴᠠᠭᠠᠨ᠂ ᠰᠢᠷ᠎ᠠ ᠬᠠᠯᠵᠠᠨ ᠬᠤᠶᠠᠷ ᠢᠷᠬᠡ ᠠᠴᠠ ᠪᠤᠰᠤᠤᠨ ᠢ ᠨᠢ ᠲᠤᠷ᠎ᠠ ᠪᠠᠷ ᠰᠢᠯᠢᠵᠤ ᠮᠡᠳᠡ᠃ ᠡᠨᠡ ᠬᠤᠶᠠᠷ ᠴᠤ ᠪᠤᠯ | ᠬᠡᠤᠬᠡᠳ ᠤᠨ ᠮᠢᠨᠢ ᠠᠮᠢᠨᠳᠠᠢ ᠨᠢ ᠪᠠᠶᠢᠭ᠎ᠠ ᠬᠡᠯᠡ᠃ ᠰᠢᠷ᠎ᠠ ᠬᠠᠯᠵᠠᠨ ᠪᠤᠯ ᠡᠬᠡᠴᠢ ᠶᠢᠨ ᠬᠠᠶᠢᠷᠠᠳᠠᠢ ᠬᠤᠨᠢ ᠨᠢ ᠶᠤᠮ᠃ ᠬᠠᠷᠢᠨ ᠨᠦᠬᠦᠬᠡ ᠬᠦᠮᠦᠨ ᠤ ᠨᠢᠳᠤ ᠮᠦᠨ | ᠦᠬᠡᠷ᠎ᠡ ᠬᠤᠨᠢᠨ ᠵᠦᠭ ᠰᠢᠯᠵᠢᠵᠤ ᠪᠤᠯᠳᠠᠭ ᠦᠬᠡᠢ᠄ | — — ᠵᠠ᠂ ᠠᠪᠠᠭ᠎ᠠ ᠮᠢᠨᠢ᠂ ᠡᠨᠡ ᠨᠠᠰᠤ ᠬᠦᠢᠴᠡᠭᠰᠡᠨ ᠪᠦᠳᠦᠬᠦᠨ ᠴᠠᠭᠠᠨ ᠢᠷᠬᠡ ᠶᠠᠭ ᠵᠠᠷᠤᠬᠤ ᠴᠠᠭ ᠲᠤ ᠪᠠᠨ ᠰᠢᠤ᠃ ᠵᠠᠷᠤᠬᠤ ᠵᠠᠷᠤᠬᠤ ᠳᠤ ᠪᠠᠨ | ᠤᠷᠤᠨ ᠤ ᠶᠡᠭᠡ ᠲᠠᠷᠤᠭ᠎ᠠ ᠶᠢ ᠵᠤᠴᠢᠯᠠᠬᠤ ᠬᠡᠭᠴᠢ ᠲᠠᠨ ᠤ ᠪᠤᠶᠠᠨ ᠪᠠᠶᠢᠨ᠎ᠠ ᠰᠢᠤ︕ ᠵᠠ ᠮᠦᠨ ᠡᠬᠦᠨ ᠢᠶᠠᠨ ᠦᠭᠴᠢᠬᠡ ᠬᠡᠵᠤ ᠭᠤᠶᠤᠵᠤ ᠭᠤᠩᠰᠢᠭᠠᠳ ᠪᠠᠶᠢᠬᠤ | ᠳᠤ ᠠᠪᠤ ᠴᠤ ᠨᠢᠭᠤᠷ ᠲᠠᠭᠠᠭᠠᠬᠤ ᠦᠬᠡᠢ ᠠᠷᠭ᠎ᠠ ᠮᠤᠬᠤᠷᠳᠠᠵᠤ᠄ | — — ᠵᠠ ᠬᠦᠬᠡᠷᠦᠬᠦᠢ᠂ ᠪᠤᠶᠠᠨ ᠲᠠᠢ ᠳᠤ ᠤᠷᠤᠪᠠᠯ ᠮᠠᠭᠤ ᠬᠦᠦ᠂ ᠰᠤᠮᠤᠨ ᠴᠠᠭᠠᠨ ᠬᠤᠶᠠᠷ ᠤᠨ ᠮᠢᠨᠢ ᠪᠤᠶᠠᠨ ᠬᠡᠵᠤ ᠮᠡᠳᠡ︕ ᠬᠤᠪᠢ ᠵᠠᠶᠠᠭ᠎ᠠ ᠨᠢ | ᠠᠳᠡ ᠪᠠᠶᠢᠭ᠎ᠠ ᠬᠤᠶᠢᠨ᠎ᠠ ᠶᠠᠭᠠᠬᠢᠨ᠎ᠠ ᠬᠡᠵᠤ ᠰᠠᠩᠴᠢ ᠳᠤ ᠪᠤᠰᠤ ᠰᠤᠮᠤᠨ ᠴᠠᠭᠠᠨ ᠳᠤ ᠲᠦᠳᠦᠨᠡᠵᠤ ᠬᠡᠯᠡᠬᠡᠳᠬᠡᠳᠤᠬᠦᠯᠡ ᠨᠠᠶᠢᠯᠠᠨ ᠪᠠᠷᠢᠵᠤ ᠲᠡᠷᠬᠡᠨ ᠤ ᠠᠷᠤ | ᠬᠠᠶᠢᠷᠴᠠᠭ ᠲᠤ ᠨᠢ ᠰᠠᠪᠠᠯᠠᠵᠤ ᠤᠭᠤᠷᠠᠭ ᠰᠡᠬᠦᠯ ᠤᠨ ᠠᠬᠤᠷ ᠤᠩᠭᠠᠰᠤ ᠠᠴᠠ ᠨᠢ ᠨᠢᠬᠡ ᠬᠡᠰᠡᠭ ᠦᠭᠳᠡᠬᠡᠵᠤ ᠠᠪᠤᠭᠠᠳ ᠪᠤᠷᠭᠠᠰᠤᠨ ᠬᠠᠰᠢᠶᠠᠨ ᠳᠤ | ᠬᠠᠪᠴᠢᠭᠤᠯᠪᠠ᠃ ᠠᠭᠤᠷ ᠭᠤᠮᠤᠳᠠᠯ ᠳᠤ ᠬᠡᠳᠤᠷᠡᠬᠡᠢ ᠠᠪᠳᠠᠪᠠᠯ ᠬᠦᠮᠦᠨ ᠤᠬᠢᠯᠠᠵᠤ ᠴᠢᠳᠠᠬᠤ ᠦᠬᠡᠢ ᠪᠤᠯᠤᠨ᠎ᠠ ᠬᠡᠳᠡᠭ ᠢ ᠪᠢ ᠠᠩᠬ᠎ᠠ ᠮᠡᠳᠡᠪᠡ᠃ ᠦᠨᠡᠬᠡᠷ | ᠮᠠᠷᠳᠠᠴᠢᠬᠠᠵᠠᠢ᠃ ᠡᠬᠡᠴᠢ ᠬᠡᠷ ᠤᠨ ᠠᠷᠤ ᠤᠷᠤᠭᠤ ᠬᠦᠶᠤᠨ ᠤᠷᠤᠪᠠ᠃ ᠲᠡᠬᠦᠨ ᠤ ᠮᠢᠨᠥ ᠲᠦᠯᠦᠬᠡ ᠵᠤᠪᠠᠵᠤ ᠤᠬᠢᠯᠡᠵᠣ ᠪᠠᠶᠢᠨ᠎ᠠ ᠬᠡᠰᠡᠨ ᠢ ᠬᠡᠶᠢᠳᠡᠯᠡ ᠮᠡᠳᠡᠵᠤ | ᠪᠠᠶᠢᠨ᠎ᠠ᠃ ᠬᠠᠮᠠᠷ ᠨᠢ ᠱᠤᠤᠬᠢᠵᠤ ᠬᠠᠴᠠᠷ ᠨᠢ ᠤᠯᠠᠶᠢᠨ ᠨᠢᠳᠤ ᠨᠢ ᠠᠶᠤᠮᠠᠷ ᠪᠦᠯᠳᠡᠯᠵᠢᠵᠤ᠂ ᠰᠠᠩᠴᠢ ᠶᠢ ᠠᠳᠠᠭᠠᠳᠤ ᠲᠠᠶᠢᠰᠤᠨ ᠮᠡᠳᠤ ᠵᠠᠨᠤᠬᠰᠠᠨ ᠨᠠᠳᠠ ᠶᠢ ᠡᠵᠢ | ᠭᠠᠷ ᠠᠴᠠ ᠬᠦᠴᠤ ᠪᠠᠷ ᠴᠢᠷᠴᠤ ᠬᠡᠷ ᠲᠤ ᠤᠷᠤᠭᠤᠯᠪᠠ᠃ ᠲᠡᠨᠡᠭ ᠨᠠᠳᠠ ᠶᠢ ᠶᠠᠭᠤ ᠨᠢᠬᠡ ᠶᠢ ᠬᠢᠴᠢᠬᠡᠬᠦ ᠠᠴᠠ ᠬᠢᠴᠢᠶᠡᠭᠰᠡᠨ ᠪᠤᠯᠤᠯᠳᠠᠢ᠃ | ᠰᠤᠮᠤᠨ ᠴᠠᠭᠠᠨ ᠵᠶ᠋ᠠᠨᠴᠢᠨ᠋ᠸᠠ ᠳᠤ ᠲᠠᠳᠠᠭᠤᠯᠤᠭᠠᠳ ᠨᠠᠳᠠ ᠠᠴᠠ ᠠᠪᠤᠷᠠᠯ ᠭᠤᠶᠤᠵᠤ ᠬᠦᠬᠡᠷᠦᠬᠦᠢ ᠲᠠᠭᠤᠨ ᠢᠶᠠᠷ ᠮᠠᠶᠢᠯᠠᠵᠤ ᠪᠠᠶᠢᠨ᠎ᠠ ᠬᠡᠵᠤ ᠵᠡᠬᠦᠳᠤ ᠠᠴᠠ | ᠪᠠᠨ ᠰᠤᠴᠢᠨ ᠰᠡᠷᠢᠪᠠᠯ ᠬᠡᠷ ᠤᠨ ᠭᠠᠳᠠᠭ᠎ᠠ ᠶᠠᠮᠠᠷ ᠨᠢᠬᠡᠨ ᠲᠠᠭᠤ ᠴᠢᠮᠡᠭᠡ ᠭᠠᠷᠬᠤ ᠰᠢᠭ᠋ ᠪᠤᠯᠵᠤ ᠪᠢ ᠭᠤᠳᠤᠯ ᠢᠶᠠᠨ ᠴᠤ ᠰᠢᠷᠭᠤᠭᠤᠯᠵᠤ ᠠᠮᠵᠢᠬᠰᠠᠨ ᠦᠬᠡᠢ | ᠬᠦᠯᠨᠢᠴᠦᠬᠦᠨ ᠬᠦᠶᠤᠨ ᠭᠠᠷᠪᠠ᠃ ᠶᠤᠰᠤᠳᠠᠢ ᠭᠠᠶᠢᠬᠠᠮᠰᠢᠭ ᠬᠡᠵᠤ ᠲᠡᠷᠡ᠃ ᠬᠠᠶᠢᠷᠠᠳᠠᠢ ᠰᠤᠮᠤᠨ ᠴᠠᠭᠠᠨ ᠮᠢᠨᠢ ᠬᠠᠷᠢᠭᠠᠳ ᠢᠷᠡᠵᠡᠢ᠃ ᠪᠠᠶᠠᠷᠯᠠᠵᠤ ᠭᠠᠶᠢᠬᠠᠨ | ᠮᠡᠬᠡᠶᠢᠷᠡᠭᠰᠡᠨ ᠪᠢ ᠶᠠᠭᠤ ᠴᠤ ᠬᠠᠮᠢᠶᠠᠷᠤᠯ ᠦᠬᠡᠢ ᠬᠦᠶᠤᠨ ᠤᠴᠢᠵᠤ ᠰᠤᠮᠤᠨ ᠴᠠᠭᠠᠨ ᠤ ᠬᠦᠵᠤᠬᠦᠦ ᠪᠠᠷ ᠲᠠᠪᠠᠷᠠᠵᠤ ᠠᠪᠬᠤ ᠳᠤ ᠲᠠᠷᠡ ᠴᠤ ᠪᠤᠯᠳᠠᠵᠤ ᠵᠠᠶᠢᠯᠠᠬᠤ | ᠪᠠᠨ ᠮᠠᠷᠳᠠᠴᠢᠬᠠᠬᠰᠠᠨ ᠰᠢᠭ᠋ ᠨᠠᠳᠠ ᠶᠢ ᠦᠨᠦᠷᠯᠡᠵᠤ ᠪᠠᠶᠢᠪᠠ᠃ ᠪᠢ ᠡᠳᠤᠷ ᠤᠬᠢᠯᠠᠵᠤ ᠪᠤᠯᠤᠬᠰᠠᠨ ᠦᠬᠡᠢ ᠪᠠᠨ ᠨᠦᠬᠦᠬᠦ ᠮᠡᠳᠤ ᠰᠤᠮᠤᠨ ᠴᠠᠭᠠᠨ ᠢᠶᠠᠨ ᠲᠡᠪᠡᠷᠡᠨ | ᠱᠤᠬᠰᠢᠷᠠᠨ ᠤᠬᠢᠯᠡᠵᠤ ᠪᠠᠶᠢᠳᠠᠯ᠎ᠠ ᠬᠡᠨᠡᠳᠳᠡ ᠨᠢᠷᠤᠭᠤᠨ ᠬᠡᠰᠡᠭ ᠳᠤ ᠨᠢ ᠨᠤᠶᠢᠳᠠ ᠠᠯᠳᠠᠬᠤ ᠶᠢ ᠰᠡᠷᠡᠵᠤ ᠬᠠᠰᠬᠢᠷᠠᠬᠤ ᠶᠢ ᠵᠠᠪᠳᠤᠳᠠᠯ᠎ᠠ ᠭᠠᠳᠠᠨ᠎ᠠ ᠶᠢᠨ ᠤᠶᠢᠮᠡᠬᠡᠨ | ᠢᠶᠠᠷ ᠰᠡᠷᠡᠭᠰᠡᠨ ᠠᠪᠤ ᠡᠵᠢ ᠪᠤᠯᠤᠨ ᠡᠬᠡᠴᠢ ᠶᠠᠭ ᠬᠡᠷ ᠠᠴᠠ ᠭᠠᠷᠴᠤ ᠢᠷᠡᠬᠡᠳ ᠪᠠᠶᠢᠪᠠ᠃ ᠪᠢᠳᠠ ᠬᠡᠳᠤᠬᠦᠯᠡ ᠰᠤᠮᠤᠨ ᠴᠠᠭᠠᠨ ᠢ ᠲᠦᠯᠬᠢᠵᠤ ᠲᠠᠳᠠᠬᠤ ᠲᠠᠢ ᠬᠡᠷ | ᠲᠤ ᠤᠷᠤᠭᠤᠯᠵᠤ ᠳ᠋ᠧᠩ ᠤᠨ ᠬᠡᠷᠡᠯ ᠳᠤ ᠪᠠᠶᠢᠴᠠᠭᠠᠨ ᠦᠵᠡᠬᠡᠳ ᠰᠤᠮᠤᠨ ᠴᠠᠭᠠᠨ ᠤ ᠨᠢᠷᠤᠭᠤ ᠪᠡ ᠨᠢᠬᠡ ᠬᠦᠯ ᠨᠢ ᠰᠢᠷᠬᠠᠳᠤᠬᠰᠠᠨ ᠢ ᠮᠡᠳᠡᠪᠡ᠃ | — — ᠶᠠᠮᠠᠷ ᠤᠬᠠᠭᠠᠨ ᠲᠠᠢ ᠮᠠᠯ ᠶᠤᠮ ᠪᠤᠢ︖ ᠶᠠᠭᠠᠬᠢᠵᠤ ᠠᠯᠳᠠᠭᠤᠯᠵᠤ ᠢᠷᠡᠪᠡ︖ ᠵᠠᠮ ᠲᠤᠵᠢᠨ ᠲᠡᠷᠡ ᠤᠯᠠᠨ ᠬᠦᠷᠢᠶ᠎ᠡ ᠲᠤᠤᠷ ᠢ ᠶᠠᠭᠠᠬᠢᠵᠤ | ᠲᠤᠭᠤᠯᠵᠤ ᠢᠷᠡᠪᠡ︖ ᠤᠶᠢᠯᠡ ᠶᠢᠨ ᠦᠷ᠎ᠡ ᠡ︕ ᠬᠡᠵᠤ ᠡᠵᠢ ᠤᠨ ᠲᠠᠭᠤ ᠬᠤᠭᠤᠯᠠᠢ ᠨᠢ ᠴᠡᠴᠡᠷᠡᠵᠤ ᠨᠢᠳᠤ ᠨᠢ ᠠᠯᠢ ᠬᠡᠵᠢᠶᠡᠨ ᠤ ᠵᠠᠶᠢᠷᠳᠤᠴᠢᠬᠠᠬᠰᠠᠨ | ᠪᠠᠶᠢᠪᠠ᠃ | ᠠᠪᠤ ᠮᠠᠯ ᠤᠨ ᠡᠮ ᠤᠨ ᠬᠠᠶᠢᠷᠴᠠᠭ ᠢᠶᠠᠨ ᠭᠠᠷᠭᠠᠵᠤ ᠰᠢᠷᠬ᠎ᠠ ᠶᠢ ᠨᠢ ᠤᠬᠢᠶᠠᠵᠤ ᠠᠷᠴᠢᠨ ᠰᠢᠷᠬ᠎ᠠ ᠲᠠᠢ ᠬᠦᠯ ᠢ ᠨᠢ ᠰᠠ ᠪᠠᠷ ᠤᠷᠢᠶᠠᠭᠠᠳ ᠬᠡᠷ ᠠᠴᠠ | ᠭᠠᠷᠭᠠᠬᠤ ᠳᠤ ᠰᠤᠮᠤᠨ ᠴᠠᠭᠠᠨ ᠲᠡᠬᠡᠭ ᠲᠤᠭᠤᠭ ᠠᠯᠬᠤᠬᠰᠠᠭᠠᠷ ᠪᠢ ᠬᠠᠷᠢᠭᠠᠳ ᠢᠷᠡᠯ᠎ᠡ ᠬᠡᠵᠤ ᠵᠠᠷᠯᠠᠬᠤ ᠮᠡᠳᠤ ᠮᠠᠶᠢᠯᠠᠬᠰᠠᠭᠠᠷ ᠢᠵᠢᠯᠢ ᠰᠦᠷᠦᠭ ᠲᠤ ᠪᠠᠨ | ᠨᠠᠶᠢᠯᠠᠪᠠ᠃ ᠠᠪᠤ ᠭᠠᠭᠴᠠ ᠲᠤᠭᠤᠭ᠎ᠠ ᠲᠠᠮᠠᠬᠢ ᠨᠠᠷᠠᠵᠤ ᠪᠠᠶᠢᠬᠰᠠᠨ ᠢᠶᠠᠨ ᠡᠬᠡᠴᠢ ᠤᠷᠤᠭᠤ ᠡᠩᠬᠦᠷᠡᠶᠢᠯᠡᠨ ᠰᠢᠷᠳᠡᠵᠤ᠂ ᠤᠳᠠᠯ ᠦᠬᠡᠢ ᠤᠨᠤᠭ᠎ᠠ ᠬᠦᠯᠯᠡᠵᠤ᠂ ᠰᠢᠷ᠎ᠠ | ᠬᠠᠯᠵᠠᠨ ᠢᠷᠬᠡ ᠶᠢ ᠪᠠᠷᠢᠵᠤ᠂ ᠬᠠᠰᠠᠭ ᠲᠠᠬᠡᠷ᠎ᠡ ᠬᠦᠯᠢᠬᠡᠳ ᠰᠤᠮᠤ ᠤᠷᠤᠭᠤ ᠦᠷ ᠰᠦᠨᠢ ᠪᠠᠷ ᠶᠠᠪᠤᠵᠠᠢ᠃ ᠡᠬᠡᠴᠢ ᠦᠬᠡ ᠲᠤᠤᠭᠠᠷᠤᠬᠰᠠᠨ ᠦᠬᠡᠢ᠂ ᠶᠠᠭᠤ ᠴᠤ | ᠪᠤᠯᠤᠬᠰᠠᠨ ᠦᠬᠡᠢ ᠮᠡᠳᠤ ᠬᠦᠨᠵᠢᠯᠡᠨ ᠳᠤ ᠪᠠᠨ ᠤᠷᠤᠵᠤ ᠤᠨᠳᠠᠴᠢᠬᠤ ᠰᠢᠭ᠋ ᠪᠤᠯᠪᠠ᠃ ᠡᠨᠡ ᠤᠳᠠᠭ᠎ᠠ ᠡᠬᠡᠴᠢ ᠮᠢᠨᠢ ᠪᠠᠰᠠ ᠤᠬᠢᠯᠡᠬᠤ ᠪᠠᠨ ᠮᠠᠷᠳᠠᠬᠤ ᠡᠬᠡᠯᠵᠢ | ᠪᠤᠯᠤᠬᠰᠠᠨ ᠪᠤᠯ ᠤᠤ ᠬᠡᠵᠤ ᠪᠤᠳᠤᠭᠠᠳ ᠬᠡᠨᠡᠳᠳᠡ ᠰᠠᠶ᠋ᠢᠬᠠᠨ ᠤ ᠪᠠᠶᠠᠷ ᠵᠢᠷᠭᠠᠯ ᠪᠦᠬᠦᠨ ᠬᠤᠷᠤᠮᠬᠠᠨ᠎ᠠ ᠠᠷᠢᠯᠵᠤ᠂ ᠡᠬᠡᠴᠢ ᠶᠢᠨ ᠲᠦᠯᠦᠬᠡ ᠵᠤᠪᠠᠵᠤ ᠦᠷ ᠴᠠᠶᠢᠳᠠᠯ᠎ᠠ | ᠤᠨᠳᠠᠵᠤ ᠴᠢᠳᠠᠬᠰᠠᠨ ᠦᠬᠡᠢ᠃ | ᠠᠪᠤ ᠲᠡᠬᠢᠵᠤ ᠱᠦᠯᠦ ᠤᠰᠤ ᠤᠤᠭᠤᠬᠤ ᠬᠡᠵᠤ ᠶᠠᠮᠠᠷ ᠬᠦᠮᠦᠨ ᠭᠤᠶᠤᠵᠤ ᠢᠷᠡᠭᠰᠡᠨ ᠴᠤ ᠰᠤᠮᠤᠨ ᠴᠠᠭᠠᠨ ᠢ ᠦᠢᠷᠠᠳᠤᠭᠤᠯᠬᠤ ᠦᠬᠡᠢ ᠪᠤᠯᠪᠠ᠃ ᠰᠤᠮᠤᠨ | ᠴᠠᠭᠠᠨ ᠨᠡᠷ᠎ᠡ ᠨᠢᠳᠡᠷ ᠲᠤ ᠪᠠᠨ ᠲᠡᠩᠴᠡᠵᠤ᠂ ᠤᠯᠠᠨ ᠵᠢᠯ ᠢᠶᠠᠷ ᠰᠦᠷᠦᠭ ᠮᠠᠯ ᠤᠨ ᠤᠳᠤ ᠰᠤᠳᠤ ᠨᠢ ᠪᠤᠯᠵᠤ ᠢᠷᠡᠭᠰᠡᠨ ᠶᠤᠮ ᠡ᠃ ᠰᠤᠮᠤᠨ ᠴᠠᠭᠠᠨ ᠢ | ᠰᠡᠳᠡᠷᠯᠡᠭᠰᠡᠨ ᠦᠬᠡᠢ ᠪᠤᠯᠪᠠᠴᠤ ᠰᠡᠳᠡᠷᠳᠤ ᠬᠤᠨᠢᠨ ᠤ ᠬᠦᠨᠳᠤ ᠶᠢ ᠤᠯᠵᠤ ᠬᠤᠨᠢᠨ ᠤ ᠨᠠᠰᠤ ᠪᠠᠨ ᠲᠤᠭᠤᠯᠪᠠ᠃ | ᠪᠢ ᠲᠤᠮᠳᠠᠳᠤ ᠰᠤᠷᠭᠠᠭᠤᠯᠢ ᠲᠡᠬᠦᠰᠦᠭᠰᠡᠨ ᠲᠠᠷᠡ ᠵᠢᠯ᠂ ᠰᠤᠮᠤᠨ ᠴᠠᠭᠠᠨ ᠬᠠᠷᠬᠢᠯ ᠤᠨ ᠰᠢᠯᠢ ᠶᠢᠨ ᠬᠠᠮᠤᠭ ᠦᠨᠳᠤᠷ ᠤᠷᠬᠢᠯ ᠪᠤᠯᠬᠤ ᠭᠤᠵᠤᠩ ᠬᠠᠷᠬᠢᠯ | ᠤᠨ ᠡᠩᠬᠡᠷ ᠲᠤ ᠬᠡᠪᠳᠡᠭᠡ ᠪᠠᠷ ᠢᠶᠠᠨ ᠨᠦᠬᠦᠴᠢᠯᠡ ᠬᠡᠵᠤ ᠠᠶᠢᠯ ᠤᠨ ᠬᠢᠨ ᠬᠡᠯᠡ ᠪᠤᠯᠵᠤ ᠢᠷᠡᠭᠰᠡᠨ ᠬᠡᠨ᠎ᠡ᠃ ᠲᠦᠷᠦᠵᠤ ᠠᠮᠢᠳᠤᠷᠠᠬᠰᠠᠨ ᠡᠮᠡᠬᠡᠯᠳᠤ ᠶᠢᠨ ᠮᠠᠩᠬ᠎ᠠ᠂ | ᠭᠠᠳᠠᠰᠤᠨ ᠴᠠᠶᠢᠳᠠᠮ᠂ ᠰᠢᠯᠢ ᠪᠠᠯᠠᠷ ᠢᠶᠠᠨ ᠨᠢᠳᠤ ᠲᠦᠬᠦᠷᠡᠩ ᠪᠠᠷᠠᠯᠠᠭᠠᠳ ᠮᠤᠷᠳᠠᠴᠢᠬᠠᠵᠠᠢ ᠳ᠋ᠠ︕ ᠬᠡᠵᠢᠶ᠎ᠠ ᠰᠡᠬᠦᠯ ᠳᠤ ᠪᠢ ᠭᠤᠵᠤᠩ ᠬᠠᠷᠬᠢᠯ ᠳᠤ ᠭᠠᠷᠤᠭᠠᠳ | ᠬᠡᠳᠤᠢ ᠡᠷᠢᠭᠰᠡᠨ ᠴᠤ ᠰᠤᠮᠤᠨ ᠴᠠᠭᠠᠨ ᠤ ᠪᠠᠨ ᠤᠩᠭᠠᠰᠤ ᠶᠠᠰᠤ ᠶᠢ ᠴᠤ ᠤᠯᠵᠤ ᠲᠡᠶᠢᠯᠦᠭᠰᠡᠨ ᠦᠬᠡᠢ᠃ | ᠲᠠᠬᠢᠨ ᠤᠳᠠᠭ᠎ᠠ ᠰᠤᠷᠤᠯᠭ᠎ᠠ ᠶᠢᠨ ᠴᠢᠯᠦᠬᠡ ᠪᠠᠷ ᠬᠠᠷᠢᠬᠤ ᠳᠤ ᠲᠡᠬᠦᠦ ᠮᠢᠨᠢ ᠶᠡᠭᠡ ᠬᠤᠯᠠ ᠠᠴᠠ ᠪᠤᠷᠭᠠᠰᠤᠨ ᠮᠤᠷᠢ ᠲᠠᠢ ᠲᠤᠪᠳᠤᠯᠭᠠᠵᠤ ᠬᠠᠷᠠᠬᠳᠠᠪᠠ᠃ | ᠠᠷᠤ ᠠᠴᠠ ᠨᠢ ᠲᠤᠩ ᠴᠠᠭᠠᠨ ᠬᠤᠷᠠᠭ᠎ᠠ ᠰᠡᠬᠦᠯ ᠬᠤᠷᠤᠶᠢᠯᠳᠤᠭᠤᠯᠤᠨ ᠰᠠᠯᠤᠯ ᠦᠬᠡᠢ ᠦᠰᠦᠷᠤᠨ ᠲᠡᠭᠳᠡᠵᠤ ᠨᠠᠰᠢᠯᠠᠨ᠎ᠠ᠃ | — — ᠠᠬ᠎ᠠ ᠡ︕ ᠰᠤᠮᠤᠨ ᠴᠠᠭᠠᠨ ᠢ ᠬᠠᠷᠠᠭᠠᠴᠢ︕ ᠬᠡᠵᠤ ᠰᠢᠷᠦᠬᠦᠨ ᠲᠤᠪᠳᠤᠯᠭᠠᠨ ᠳᠤ ᠠᠮᠢᠰᠬᠤᠭ᠎ᠠ ᠠᠪᠬᠤ ᠵᠠᠪ ᠦᠬᠡᠢ ᠬᠠᠰᠬᠢᠷᠠᠪᠠ᠃ | ᠰᠤᠮᠤᠨ ᠴᠠᠭᠠᠨ ᠤᠤᠯ ᠨᠢ ᠮᠠᠨ ᠤ ᠬᠢᠨ ᠠᠴᠠ ᠶᠠᠪᠤᠭ᠎ᠠ ᠦᠬᠡᠢ ᠶᠤᠮ ᠪᠠᠶᠢᠵᠡᠢ᠃ ᠰᠤᠮᠤᠨ ᠴᠠᠭᠠᠨ ᠮᠢᠨᠢ ᠰᠠᠬᠢᠭᠤᠰᠤ ᠤᠷᠤᠰᠢᠬᠰᠠᠨ ᠠᠮᠢᠳᠠᠨ ᠪᠠᠶᠢᠵᠤ | ᠪᠤᠯᠵᠤᠰᠢ ᠦᠬᠡᠢ ᠬᠡᠰᠡᠨ ᠪᠤᠳᠤᠯ ᠤᠲᠤ ᠴᠤ ᠭᠡᠰᠡᠨ ᠨᠠᠲᠠ ᠠᠴᠠ ᠰᠠᠯᠲᠠᠭ ᠦᠭᠡᠢ ᠶᠤᠮ ᠡ︕ | ᠵᠣᠬᠢᠶᠠᠭᠴᠢ ᠠᠴᠠ ᠬᠠᠩᠭᠠᠪᠠ |