ᠤᠷᠠᠨ ᠰᠠᠮᠪᠠᠭᠠᠯᠢᠭ ᠮᠠᠯᠴᠢᠨ ᠤ ᠪᠤᠷᠤᠭᠵᠢᠭᠤᠨ ᠠᠮᠢᠳᠤᠷᠠᠯ
ᠨᠡᠶᠢᠲᠡᠯᠡᠭᠰᠡᠨ ᠴᠠᠭ᠄
2021/11/23
    ᠤᠳᠤᠭ ᠤᠨ ᠡᠮᠤᠨᠡᠳᠤ ᠬᠤᠰᠢᠭᠤᠨ ᠤ ᠨᠠᠩᠰᠤ ᠪᠠᠯᠭᠠᠰᠤᠨ ᠤ ᠬᠡᠷᠡᠩᠬᠡᠳᠤ ᠭᠠᠴᠠᠭᠠᠨ ᠤ ᠬᠡᠷᠡᠩᠬᠡᠳᠤ ᠮᠠᠯᠵᠢᠯ  ᠤᠨ ᠬᠤᠷᠰᠢᠶ᠎ᠠ ᠶᠢᠨ ᠮᠠᠯᠴᠢᠨ ᠰᠤᠸᠠᠳᠢ ᠶᠢᠨ ᠳᠤ ᠤᠴᠢᠬᠤ ᠳᠤ ᠬᠡᠷ ᠤᠨ ᠭᠠᠳᠠᠨᠠᠬᠢ ᠪᠤᠷᠭᠠᠰᠤᠨ ᠬᠦᠷᠢᠶ᠎ᠡ ᠨᠢ ᠠᠩᠬᠠᠷᠤᠯ ᠢ ᠮᠢᠨᠢ ᠠᠷᠭ᠎ᠠ ᠦᠬᠡᠢ ᠳᠠᠳᠠᠵᠤ᠂ ᠪᠠᠭ᠎ᠠ ᠶᠢᠨ ᠦᠶ᠎ᠡ ᠶᠢᠨ ᠠᠮᠢᠳᠤᠷᠠᠯ ᠢ ᠪᠤᠳᠤᠭᠳᠠᠭᠤᠯᠪᠠ᠃     ᠪᠠᠭ᠎ᠠ ᠶᠢᠨ ᠦᠶ᠎ᠡ ᠳᠡᠭᠡᠨ ᠪᠢ ᠠᠪᠤ ᠡᠵᠢ ᠪᠠᠨ ᠳᠠᠭᠠᠵᠤ ᠮᠠᠩᠬᠠᠨ ᠬᠦᠮᠡᠬᠡᠢ ᠠᠴᠠ ᠪᠤᠷᠭᠠᠰᠤ ᠴᠡᠪᠴᠢᠵᠤ ᠠᠪᠴᠢᠷᠠᠭᠠᠤᠨ ᠮᠠᠯ ᠤᠨ ᠬᠤᠷᠤᠭ᠎ᠠ ᠬᠠᠰᠢᠶ᠎ᠠ ᠪᠠᠷᠢᠵᠤ ᠪᠠᠶᠢᠭᠰᠡᠨ ᠪᠢᠯᠡ᠃ ᠡᠶᠢᠮᠤᠷᠬᠦᠤ ᠬᠦᠷᠢᠶ᠎ᠡ ᠶᠢ ᠡᠪᠤᠯ ᠪᠤᠯᠬᠤ  ᠠᠴᠠ ᠡᠮᠤᠨ᠎ᠡ ᠲᠦᠯᠡᠭᠡ ᠪᠠᠷ ᠵᠤᠵᠠᠭᠠᠨ ᠳᠠᠷᠤᠵᠤ᠂ ᠲᠦᠯ ᠳᠤᠰᠬᠤ ᠳᠤ ᠨᠦᠮᠤᠷᠢ ᠪᠤᠯᠭᠠᠨ ᠬᠦᠢᠳᠡᠨ ᠠᠴᠠ ᠬᠠᠯᠬᠠᠯᠠᠳᠠᠭ᠃ ᠡᠪᠤᠯ ᠦᠩᠬᠡᠷᠡᠵᠤ ᠳᠡᠭᠷᠢ ᠳᠤᠯᠠᠭᠠᠷᠠᠪᠠᠯ ᠳᠠᠷᠤᠭᠰᠡᠨ ᠲᠦᠯᠡᠭᠡ ᠪᠠᠨ ᠠᠪᠤᠭᠠᠤᠨ ᠲᠦᠯᠡᠰᠢ ᠬᠢᠳᠡᠭ᠂ ᠬᠡᠷᠪᠡ ᠬᠡᠳᠤᠨ ᠵᠢᠯ ᠦᠩᠬᠡᠷᠡᠬᠡᠤᠨ ᠪᠤᠷᠭᠠᠰᠤᠨ ᠬᠦᠷᠢᠶ᠎ᠡ ᠨᠢ ᠬᠠᠭᠤᠴᠢᠷᠠᠵᠤ ᠡᠪᠳᠡᠷᠡᠪᠡᠯ ᠲᠦᠯᠡᠰᠢ ᠬᠢᠵᠤ ᠴᠠᠢ ᠪᠤᠳᠠᠭ᠎ᠠ ᠪᠠᠨ ᠴᠢᠨᠠᠳᠠᠭ᠃ ᠵᠠᠷᠢᠮ ᠠᠶᠢᠯ ᠤᠨ ᠬᠢᠨ ᠪᠠᠰᠠ ᠪᠤᠷᠭᠠᠰᠤᠨ ᠤ ᠦᠵᠤᠬᠦᠷ ᠢ ᠨᠢ ᠳᠡᠭᠰᠢᠬᠡᠨ  ᠳᠠᠭᠠᠷᠢᠵᠤ᠂ ᠬᠦᠷᠢᠶ᠎ᠡ ᠪᠠᠨ ᠭᠤᠶᠤ ᠦᠵᠡᠮᠤᠷᠢ ᠲᠠᠢ ᠪᠤᠯᠭᠠᠳᠠᠭ᠃ ᠪᠠᠷᠢᠭᠰᠠᠨ ᠠᠷᠭ᠎ᠠ ᠬᠡᠯᠪᠡᠷᠢ ᠶᠢᠨ ᠠᠳᠠᠯᠢ ᠪᠤᠰᠤ ᠪᠠᠷ ᠨᠢ ᠪᠤᠷᠭᠠᠰᠤᠨ ᠬᠦᠷᠢᠶ᠎ᠡ ᠪᠠᠨ ᠰᠦᠯᠵᠢᠮᠡᠯ᠂ ᠨᠤᠭᠤᠰᠤᠳᠠᠢ᠂ ᠠᠰᠬ᠎ᠠ ᠬᠡᠵᠤ ᠨᠡᠷᠡᠯᠡᠳᠡᠭ ᠬᠡᠰᠡᠨ ᠢ ᠰᠤᠸᠠᠳᠢ ᠶᠢᠨ ᠶᠠᠷᠢᠶᠠᠨ ᠠᠴᠠ ᠤᠶᠢᠯᠠᠭᠠᠯ᠎ᠠ᠃ ᠤᠳᠤ ᠠᠶᠢᠯ ᠠᠶᠢᠯ ᠤᠨ ᠭᠠᠳᠠᠭ᠎ᠠ ᠨᠠᠶᠢᠳᠠᠮ ᠳᠤᠭᠤᠰᠬᠠᠨ ᠬᠠᠰᠢᠶ᠎ᠠ ᠰᠡᠷᠠᠪᠴᠢ ᠬᠠᠷᠠᠭᠳᠠᠬᠤ ᠠᠴᠠ ᠪᠢᠰᠢ ᠰᠤᠸᠠᠳᠢ ᠲᠠᠢ ᠠᠳᠠᠯᠢ ᠪᠤᠷᠭᠠᠰᠤᠨ ᠬᠦᠷᠢᠶ᠎ᠡ ᠲᠠᠢ ᠠᠶᠢᠯ ᠮᠠᠰᠢ ᠴᠦᠬᠡᠨ ᠪᠤᠯᠵᠠᠢ᠃     ᠰᠤᠸᠠᠳᠢ ᠶᠢᠨ ᠬᠡᠷ ᠲᠤᠨᠢ ᠤᠷᠤᠪᠠᠯ ᠪᠠᠰᠠ ᠳᠡᠬᠦᠨ ᠤ ᠬᠢᠭᠰᠡᠨ ᠳᠠᠰᠢᠭᠤᠷ᠂ ᠨᠤᠭᠳᠤ᠂ ᠴᠢᠳᠤᠷ᠂ ᠡᠮᠡᠬᠡᠯ ᠵᠡᠷᠬᠡ ᠠᠷᠪᠠᠨ ᠬᠡᠳᠤᠨ ᠵᠦᠢᠯ ᠤᠨ ᠡᠳ᠋ᠯᠡᠯ ᠨᠢᠳᠤᠨ ᠳᠤ ᠳᠤᠳᠤᠷᠠᠵᠤ᠂ ᠭᠠᠷ ᠤᠨ ᠤᠷᠠᠨ ᠢ ᠨᠢ ᠤᠯᠠᠮ ᠭᠠᠶᠢᠬᠠᠪᠠ᠃ ︽ᠬᠤᠶᠢᠰᠢᠳᠠ ᠡᠳᠡᠬᠡᠷ ᠬᠡᠷᠡᠭᠰᠡᠯ ᠤᠨ ᠤᠯᠠᠮᠵᠢᠯᠠᠯᠳᠤ ᠮᠠᠶ᠋ᠢᠭ ᠢ ᠠᠩᠬᠠᠷᠴᠤ᠂ ᠬᠡᠷᠡᠭᠴᠡᠭᠡ ᠶᠢ ᠨᠢ ᠤᠯᠠᠮ ᠪᠠᠳᠠᠷᠠᠭᠤᠯᠵᠤ᠂ ᠠᠮᠢᠳᠤᠷᠠᠯ ᠳᠠᠭᠠᠨ ᠤᠶᠢᠯᠡᠴᠢᠯᠡᠬᠦᠯᠤᠨ᠎ᠠ︾ ᠬᠡᠵᠤ ᠰᠤᠸᠠᠳᠢ ᠶᠠᠷᠢᠵᠤ ᠪᠠᠶᠢᠯ᠎ᠠ᠃ ᠤᠷ᠎ᠠ ᠴᠢᠳᠠᠪᠤᠷᠢ  ᠪᠠᠨ ᠪᠠᠳᠠᠷᠠᠭᠤᠯᠵᠤ᠂ ᠤᠯᠠᠮᠵᠢᠯᠠᠯᠳᠤ ᠠᠮᠢᠳᠤᠷᠠᠯ ᠠᠬᠤᠢ ᠪᠠᠨ ᠦᠪᠯᠡᠵᠤ ᠶᠠᠪᠤᠭ᠎ᠠ ᠮᠠᠯᠴᠢᠨ ᠰᠤᠸᠠᠳᠢ ᠶᠢ ᠪᠢᠰᠢᠷᠡᠨ ᠬᠦᠨᠳᠤᠤᠨᠬᠡᠬᠦ ᠰᠡᠤᠨᠬᠢᠯᠬᠡ ᠦᠪᠡᠷ ᠤᠨ ᠡᠷᠬᠡ ᠦᠬᠡᠢ ᠲᠦᠷᠦᠭᠰᠡᠨ ᠪᠢᠯᠡ᠃
 
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠨᠡᠶᠢᠳᠡᠯᠡᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号