ᠵᠢᠩ ᠳᠠᠯᠪᠢᠬᠤ ᠠᠷᠭ᠎ᠠ ᠪᠠᠷ ᠮᠠᠯ ᠤᠨ ᠬᠡᠮ ᠢ ᠵᠠᠰᠠᠬᠤ ᠶᠤᠰᠤᠨ
ᠨᠡᠶᠢᠲᠡᠯᠡᠭᠰᠡᠨ ᠴᠠᠭ᠄
2021/11/26
    ᠳᠠᠪᠤᠨ ᠵᠠᠰᠠᠯ ᠤᠨ ᠵᠢᠩ ᠳᠠᠯᠪᠢᠬᠤ ︵ᠪᠠᠷᠢᠬᠤ︶ ᠠᠷᠭ᠎ᠠ ᠪᠤᠯ ᠡᠮ ᠪᠤᠶᠤ ᠪᠤᠳᠠᠰ ᠢᠶᠠᠷ ᠮᠠᠯ ᠤᠨ ᠪᠡᠶ᠎ᠡ ᠶᠢᠨ ᠭᠠᠳᠠᠷᠭᠤ ᠶᠢᠨ ᠶᠠᠮᠠᠷ ᠨᠢᠬᠡᠨ ᠤᠷᠤᠨ ᠪᠠᠶᠢᠷᠢ ᠳᠤ᠂ ᠡᠰᠡᠪᠡᠯ ᠪᠠᠯᠴᠢᠷ ᠲᠤ ᠵᠢᠩ ᠪᠠᠷᠢᠵᠤ ᠡᠮᠨᠡᠨ ᠵᠠᠰᠠᠬᠤ ᠨᠢᠬᠡ ᠵᠦᠢᠯ ᠤᠨ ᠠᠷᠭ᠎ᠠ ᠪᠤᠯᠤᠨ᠎ᠠ᠃ ᠡᠬᠦᠨ ᠤ ᠤᠶᠢᠯᠡᠤᠨᠬᠦ ᠠᠷᠭ᠎ᠠ ᠳᠤᠨᠢ ᠬᠦᠢᠳᠠᠨ ᠵᠢᠩ ︵ᠰᠡᠷᠢᠬᠦᠨ ᠵᠢᠩ︶᠂ ᠬᠠᠯᠠᠭᠤᠨ ᠵᠢᠩ ︵ᠪᠦᠯᠢᠶᠡᠨ ᠵᠢᠩ︶ ᠬᠡᠮᠡᠬᠦ ᠬᠤᠶᠠᠷ ᠵᠦᠢᠯ ᠪᠤᠢ᠃     1. ᠬᠦᠢᠳᠠᠨ ᠵᠢᠩ ᠳᠠᠯᠪᠢᠬᠤ ᠠᠷᠭ᠎ᠠ     ᠬᠦᠢᠳᠠᠨ ᠤᠰᠤ ᠪᠤᠶᠤ ᠮᠦᠰᠤ ᠶᠢ ᠠᠰᠢᠭᠯᠠᠵᠤ᠂ ᠮᠠᠯ ᠤᠨ ᠪᠡᠶ᠎ᠡ ᠶᠢᠨ ᠭᠠᠳᠠᠷᠭᠤ ᠶᠢᠨ ᠶᠠᠮᠠᠷ ᠨᠢᠬᠡᠨ ᠤᠷᠤᠨ ᠪᠠᠶᠢᠷᠢ ᠳᠤ ᠪᠤᠶᠤ ᠪᠠᠯᠴᠢᠷ ᠲᠤ ᠵᠢᠩ ᠳᠠᠯᠪᠢᠨ᠎ᠠ᠃ ᠡᠨᠡ ᠨᠢ ᠬᠠᠯᠠᠭᠤᠨ ᠰᠢᠷᠬ᠎ᠠ ᠪᠤᠶᠤ ᠬᠠᠯᠠᠭᠤᠨ ᠪᠤᠰᠤᠭᠰᠡᠨ  ᠠᠴᠠ ᠡᠬᠦᠰᠦᠭᠰᠡᠨ ᠬᠠᠤᠨᠬᠤᠯᠭ᠎ᠠ ᠵᠡᠷᠬᠡ ᠡᠪᠡᠤᠨᠴᠢᠨ ᠢ ᠵᠠᠰᠠᠬᠤ ᠳᠤ ᠳᠤᠬᠢᠷᠠᠨ᠎ᠠ᠃ ᠡᠬᠦᠨ ᠳᠤ ᠳᠤᠤᠷᠠᠬᠢ ᠮᠡᠳᠤ ᠬᠤᠶᠠᠷ ᠵᠦᠢᠯ ᠤᠨ ᠠᠷᠭ᠎ᠠ ᠶᠢ ᠬᠡᠷᠡᠭᠯᠡᠳᠡᠭ᠃     ᠬᠦᠢᠳᠠᠨ ᠤᠰᠤ ᠪᠠᠷ ᠵᠢᠩ ᠳᠠᠯᠪᠢᠬᠤ ᠠᠷᠭ᠎ᠠ    ᠡᠨᠡ ᠨᠢ ᠬᠡᠰᠡᠭ ᠪᠠᠶᠢᠷᠢ ᠳᠤ ᠬᠦᠢᠳᠠᠨ ᠤᠰᠤ ᠰᠦᠷᠴᠢᠬᠦ ᠪᠤᠶᠤ ᠬᠦᠢᠳᠡᠨ ᠤᠰᠤ ᠰᠠᠪᠠᠯᠠᠭᠰᠡᠨ ᠰᠠᠪᠠ ᠪᠠᠷ ᠬᠦᠢᠳᠠᠨ ᠵᠢᠩ ᠪᠠᠷᠢᠨ᠎ᠠ︔ ᠡᠰᠡᠬᠦᠯ᠎ᠠ ᠮᠦᠰᠤ ᠲᠠᠢ ᠬᠦᠢᠳᠠᠨ ᠤᠰᠤ ᠶᠢ ᠰᠠᠪᠠᠯᠠᠭᠠᠤᠨ ᠬᠦᠢᠳᠡᠨ ᠵᠢᠩ ᠪᠠᠷᠢᠪᠠᠯ ᠨᠠᠩ ᠰᠠᠶᠢᠨ ᠪᠠᠶᠢᠳᠠᠭ᠃ ᠬᠡᠷᠪᠡ ᠲᠦᠷᠪᠡᠨ ᠮᠦᠴᠢ ᠶᠢᠨ ᠰᠢᠬᠢᠷ᠎ᠠ  ᠶᠢᠨ ᠬᠡᠰᠡᠭ ᠲᠤ ᠵᠢᠩ ᠪᠠᠷᠢᠬᠤ ᠳᠤ ᠬᠦᠷᠪᠡᠯ ᠰᠢᠭᠤᠤᠨ ᠬᠦᠢᠳᠠᠨ ᠤᠰᠤᠨ ᠳᠤ ᠵᠤᠭᠰᠤᠭᠠᠵᠤ ᠪᠠᠶᠢᠭᠠᠤᠨ ᠵᠢᠩ ᠪᠠᠷᠢᠵᠤ ᠪᠤᠯᠳᠠᠭ᠃     ᠳᠠᠪᠤᠰᠤᠨ ᠵᠢᠭᠤᠷᠠᠮᠠᠭ ᠱᠠᠪᠠᠵᠤ ᠬᠦᠢᠳᠡᠨ ᠵᠢᠩ ᠳᠠᠯᠪᠢᠬᠤ ᠠᠷᠭ᠎ᠠ    ᠬᠦᠬᠡ ᠳᠠᠪᠤᠰᠤ ᠪᠠᠨ ᠨᠤᠨᠳᠠᠭᠯᠠᠨ ᠪᠠᠭ᠎ᠠ ᠵᠡᠷᠬᠡ ᠤᠰᠤ ᠬᠢᠵᠤ ᠵᠢᠭᠤᠷᠠᠮᠠᠭ ᠪᠤᠯᠭᠠᠭᠠᠤᠨ ᠪᠦᠰ ᠤᠭᠤᠳᠠᠨ ᠳᠤᠳᠤᠷ᠎ᠠ ᠬᠢᠵᠤ ᠡᠪᠡᠤᠨᠴᠢᠳᠠᠢ ᠬᠡᠰᠡᠭ ᠲᠤ ᠬᠦᠢᠳᠡᠨ ᠵᠢᠩ ᠪᠠᠷᠢᠪᠠᠯ ᠪᠤᠯᠴᠢᠬᠠᠨ᠎ᠠ᠃     2. ᠬᠠᠯᠠᠭᠤᠨ ᠵᠢᠩ ᠳᠠᠯᠪᠢᠬᠤ ᠠᠷᠭ᠎ᠠ     ᠬᠠᠯᠠᠭᠠᠭᠰᠡᠨ ᠪᠤᠳᠠᠰ ᠪᠤᠶᠤ ᠡᠮᠳᠤ ᠪᠤᠳᠠᠰ ᠢ ᠠᠰᠢᠭᠯᠠᠵᠤ ᠮᠠᠯ ᠤᠨ ᠪᠡᠶ᠎ᠡ ᠭᠠᠳᠠᠷᠭᠤ ᠳᠠᠬᠢ ᠨᠢᠬᠡ ᠪᠠᠶᠢᠷᠢ ᠪᠤᠶᠤ ᠪᠠᠯᠴᠢᠷ ᠲᠤ ᠵᠢᠩ ᠪᠠᠷᠢᠨ᠎ᠠ᠃  ᠪᠠᠤᠠᠭᠠᠨ ᠤ ᠴᠢᠨᠠᠷᠳᠠᠢ ᠡᠪᠡᠤᠨᠴᠢᠨ᠂ ᠬᠡᠢ ᠴᠢᠨᠠᠷᠳᠠᠢ ᠡᠪᠡᠤᠨᠴᠢᠨ᠂ ᠰᠢᠩᠬᠡᠬᠡᠯᠳᠠ ᠮᠠᠭᠤᠳᠠᠬᠤ᠂ ᠰᠢᠷ᠎ᠠ ᠤᠰᠤᠨ ᠤ ᠡᠪᠡᠤᠨᠴᠢᠨ᠂ ᠴᠢᠰᠤᠨ ᠤ ᠬᠦᠢᠳᠠᠨ ᠢᠵᠠᠮᠠᠭ ᠡᠪᠡᠤᠨᠴᠢᠨ ᠢ ᠪᠦᠷ ᠡᠨᠡ ᠬᠦ ᠠᠷᠭ᠎ᠠ ᠪᠠᠷ ᠡᠮᠨᠡᠨ ᠵᠠᠰᠠᠳᠠᠭ᠃ ᠡᠬᠦᠨ ᠳᠤ ᠳᠤᠤᠷᠠᠬᠢ ᠬᠤᠶᠠᠷ ᠵᠦᠢᠯ ᠤᠨ ᠠᠷᠭ᠎ᠠ ᠶᠢ ᠬᠡᠷᠡᠭᠯᠡᠳᠡᠭ᠃     ᠰᠢᠷ᠎ᠠ ᠳᠤᠰᠤ ᠲᠠᠢ ᠬᠠᠯᠠᠭᠤᠨ ᠢᠰᠡᠬᠡᠢ ᠪᠠᠷ ᠵᠢᠩ ᠳᠠᠯᠪᠢᠬᠤ ᠠᠷᠭ᠎ᠠ    ᠢᠰᠡᠬᠡᠢ ᠶᠢᠨ ᠨᠢᠬᠡ ᠳᠠᠯ᠎ᠠ ᠳᠤ ᠨᠢᠬᠡ ᠳᠠᠪᠬᠤᠷ ᠵᠦᠬᠡᠬᠡᠢ ᠪᠤᠶᠤ ᠰᠢᠷ᠎ᠠ ᠳᠤᠰᠤ ᠶᠢ ᠨᠢᠮᠬᠡᠨ ᠲᠦᠷᠬᠢᠵᠤ᠂ ᠢᠰᠡᠬᠡᠢ ᠪᠠᠨ ᠬᠠᠯᠠᠭᠠᠭᠠᠤᠨ ᠡᠪᠡᠤᠨᠴᠢᠳᠠᠢ ᠬᠡᠰᠡᠭ ᠲᠤ ᠬᠠᠯᠠᠭᠤᠨ ᠵᠢᠩ ᠪᠠᠷᠢᠨ᠎ᠠ︔ ᠪᠠᠰᠠ ᠬᠠᠯᠠᠭᠠᠭᠰᠡᠨ ᠳᠤᠭᠤᠰᠬ᠎ᠠ ᠶᠢ ᠰᠢᠷ᠎ᠠ ᠳᠤᠰᠤ ᠲᠠᠢ ᠢᠰᠡᠬᠡᠢ ᠳᠡᠬᠡᠷ᠎ᠡ  ᠪᠠᠨ ᠳᠠᠯᠪᠢᠪᠠᠯ ᠦᠷ᠎ᠠ ᠪᠦᠳᠤᠮᠵᠢ ᠨᠢ ᠨᠠᠩ ᠰᠠᠶᠢᠨ ᠪᠠᠶᠢᠳᠠᠭ᠃     ᠪᠤᠭᠤᠳᠠᠢ ᠶᠢᠨ ᠬᠡᠪᠡᠭ ᠢᠶᠠᠷ ᠬᠠᠯᠠᠭᠤᠨ ᠵᠢᠩ ᠳᠠᠯᠪᠢᠬᠤ ᠠᠷᠭ᠎ᠠ    ᠪᠤᠭᠤᠳᠠᠢ ᠶᠢᠨ ᠬᠡᠪᠡᠭ ᠢ ᠳᠤᠮᠤ ᠳᠤᠭᠤᠭᠠᠨ ᠳᠤ ᠬᠠᠭᠤᠷᠴᠤ ᠬᠠᠯᠠᠭᠠᠬᠤ ᠶᠢᠨ ᠳᠠᠭᠠᠤ ᠰᠢᠷ᠎ᠠ ᠳᠤᠰᠤ ᠨᠡᠮᠡᠵᠤ᠂ ᠬᠠᠯᠠᠭᠤᠨ ᠤ ᠬᠡᠮᠵᠢᠶ᠎ᠡ ᠨᠢ 46 — 60 ᠭᠷᠠᠳᠦ᠋ᠰ ᠬᠦᠷᠬᠦ ᠦᠶ᠎ᠡ ᠳᠤ᠂ ᠲᠦᠷᠬᠡᠨ ᠰᠢᠭ ᠠᠪᠴᠤ ᠤᠭᠤᠳᠠᠯᠠᠭᠠᠤᠨ ᠡᠪᠡᠤᠨᠴᠢᠳᠠᠢ ᠬᠡᠰᠡᠭ ᠲᠤᠨᠢ ᠳᠠᠯᠪᠢᠪᠠᠯ ᠪᠤᠯᠴᠢᠬᠠᠨ᠎ᠠ᠃ ᠡᠨᠡ ᠮᠡᠳᠤ ᠬᠤᠶᠠᠷ ᠤᠭᠤᠳᠠᠨ ᠳᠤ ᠰᠠᠪᠠᠯᠠᠭᠰᠡᠨ ᠬᠠᠯᠠᠭᠤᠨ ᠪᠤᠭᠤᠳᠠᠢ ᠶᠢᠨ ᠬᠡᠪᠡᠭ ᠢᠶᠠᠷ ᠡᠬᠡᠯᠵᠢᠯᠡᠨ ᠬᠠᠯᠠᠭᠤᠨ ᠵᠢᠩ ᠪᠠᠷᠢᠵᠤ᠂ ᠡᠪᠡᠤᠨᠴᠢᠨ ᠲᠠᠢ ᠮᠠᠯ ᠤᠨ ᠴᠢᠬᠢᠨ ᠤ ᠠᠷᠤ᠂ ᠰᠤᠭᠤ ᠳᠤᠳᠤᠷ᠎ᠠ ᠪᠠᠭ᠎ᠠ ᠰᠠᠭ᠎ᠠ ᠬᠦᠯᠤᠰᠤ ᠭᠠᠷᠬᠤ ᠳᠤ ᠵᠤᠭᠰᠤᠨ᠎ᠠ᠃
 
ᠢᠷᠡᠯᠲᠡ᠄ ᠮᠣᠩᠭᠤᠯ ᠮᠠᠯᠵᠢᠯ ᠤᠨ ᠰᠣᠶᠣᠯ ᠭᠡᠬᠦ ᠨᠣᠮ ᠠᠴᠠ ᠰᠡᠶᠢᠷᠡᠭᠦᠯᠪᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号