ᠤᠶᠢᠷ᠎ᠠ ᠳᠤ᠂ ᠤᠳᠤᠭ ᠤᠨ ᠡᠮᠤᠨᠡᠳᠤ ᠬᠤᠰᠢᠭᠤᠨ ᠤ ᠤᠯᠤᠰ ᠲᠦᠷᠤ ᠶᠢᠨ ᠵᠦᠪᠯᠡᠯᠬᠡᠨ ᠤ ᠪᠠᠶᠢᠭᠤᠯᠭ᠎ᠠ | ᠶᠢᠨ ᠨᠠᠮ ᠤᠨ ᠡᠬᠦᠷ ᠤᠨ ᠬᠢᠨ ︽ᠯᠤ᠋ ᠤᠪᠤᠭᠳᠤ ᠶᠢᠨ ᠳᠠᠷᠢᠶᠠᠯᠠᠩ ᠮᠠᠯ ᠠᠵᠤ ᠠᠬᠤᠢ ᠶᠢᠨ ᠮᠠᠰᠢᠨ ᠤ ᠬᠢᠵᠠᠭᠠᠷᠳᠤ | ᠺᠤᠮᠫᠠᠨᠢ︾ ᠶᠢᠨ ᠬᠠᠷᠢᠭᠤᠴᠠᠯᠭᠠᠳᠠᠨ ᠯᠤ᠋ ᠵᠤᠤ ᠶᠦᠩ ᠲᠠᠢ ᠬᠠᠮᠳᠤ ᠨᠠᠩᠰᠤ ᠪᠠᠯᠭᠠᠰᠤ ᠶᠢᠨ ᠬᠠᠷᠭᠠᠨᠠᠳᠤ ᠭᠠᠴᠠᠭᠠᠨ ᠤ | ᠮᠠᠯᠴᠢᠨ ᠤᠶᠤᠨᠳᠠᠯᠠᠢ ᠶᠢᠨ ᠳᠤ ᠬᠦᠷᠴᠤ᠂ ᠲᠦᠮᠡᠨ ᠲᠦᠬᠦᠷᠢᠭ ᠤᠨ ᠦᠷᠳᠡᠭ ᠪᠦᠬᠦᠢ ᠡᠪᠡᠰᠤ ᠨᠠᠶᠢᠷᠠᠭᠤᠯᠬᠤ ᠮᠠᠰᠢᠨ | ᠬᠠᠨᠳᠢᠪᠯᠡᠵᠤ᠂ ᠠᠮᠢᠳᠤᠷᠠᠯ ᠤᠨ ᠳᠠᠷᠤᠭᠠᠰᠤ ᠶᠢ ᠨᠢ ᠬᠦᠩᠬᠡᠷᠡᠬᠦᠯᠦᠭᠰᠡᠨ ᠪᠠᠶᠢᠨ᠎ᠠ᠃ | ᠤᠶᠤᠨᠳᠠᠯᠠᠢ ᠵᠠᠯᠠᠭᠤ ᠳᠠᠭᠠᠨ ᠮᠠᠨᠠᠷᠠᠵᠤ ᠤᠨᠠᠳᠠᠭ ᠡᠪᠡᠤᠨᠴᠢᠨ ᠲᠠᠢ ᠪᠠᠶᠢᠵᠠᠢ᠃ 2015 ᠤᠨ ᠳᠤ ᠪᠦᠰᠡᠬᠦᠢ | ᠨᠢ ᠪᠠᠰᠠ ᠰᠢᠬᠡᠰᠤᠨ ᠬᠤᠤᠷᠳᠠᠯ ᠤᠨ ᠡᠪᠡᠤᠨᠴᠢᠨ ᠢᠶᠠᠷ ᠤᠨᠤᠰᠢᠯᠠᠭᠳᠠᠨ᠂ ᠰᠠᠷ᠎ᠠ ᠪᠦᠷᠢ ᠶᠢᠨ ᠡᠮᠨᠡᠯᠬᠡ ᠶᠢᠨ ᠵᠠᠷᠤᠳᠠᠯ | ᠪᠤᠯᠤᠨ ᠪᠠᠩᠬᠢ ᠶᠢᠨ ᠵᠢᠬᠡᠯᠡᠯᠬᠡ ᠨᠢ ᠡᠨᠡ ᠬᠦ ᠵᠤᠯ ᠪᠤᠰᠤ ᠬᠡᠷ ᠪᠦᠯᠢ ᠶᠢ ᠵᠤᠪᠠᠯᠠᠩ ᠤᠨ ᠬᠦᠨ ᠬᠦᠪ ᠲᠤ | ᠤᠨᠠᠭᠠᠭᠰᠡᠨ ᠪᠠᠶᠢᠪᠠ᠃ ᠤᠳᠤᠭ ᠤᠨ ᠡᠮᠤᠨᠡᠳᠤ ᠬᠤᠰᠢᠭᠤᠨ ᠤ ᠤᠯᠤᠰ ᠲᠦᠷᠤ ᠶᠢᠨ ᠵᠦᠪᠯᠡᠯᠬᠡᠨ ᠤ ᠬᠢᠨ | ︽ᠤᠯᠠᠨ ᠲᠦᠮᠡᠨ ᠳᠤ ᠪᠤᠳᠠᠳᠤ ᠶᠠᠪᠤᠳᠠᠯ ᠬᠢᠬᠦ︾ ᠤᠶᠢᠯᠡᠳᠤᠯᠬᠡ ᠶᠢᠨ ᠠᠵᠢᠯᠯᠠᠭ᠎ᠠ ᠶᠢ ᠦᠷᠨᠢᠬᠦᠯᠦᠭᠰᠡᠨ ᠠᠴᠠ | ᠨᠠᠭᠠᠰᠢ᠂ ᠨᠠᠮ ᠤᠨ ᠬᠡᠰᠢᠬᠦᠨ᠂ ᠺᠠᠳ᠋ᠷᠴᠤᠤᠨ ᠢ ᠳᠠᠶᠢᠴᠢᠯᠠᠨ ᠬᠠᠷᠭᠠᠨᠠᠳᠤ ᠭᠠᠴᠠᠭᠠᠨ ᠤ ᠠᠮᠢᠳᠤᠷᠠᠯ ᠳᠠᠭᠠᠨ | ᠬᠦᠴᠢᠷᠳᠠᠯᠳᠠᠢ ᠡᠷᠤᠬᠡ ᠶᠢ ᠬᠠᠪᠰᠤᠷᠤᠨ ᠳᠡᠤᠨᠬᠦᠬᠦ ᠠᠵᠢᠯᠯᠠᠭ᠎ᠠ ᠶᠢ ᠢᠳᠡᠪᠬᠢᠳᠠᠢ ᠦᠷᠨᠢᠬᠦᠯᠵᠤ᠂ ᠤᠶᠤᠨᠳᠠᠯᠠᠢ ᠳᠤ | ᠠᠮᠢᠳᠤᠷᠠᠯ ᠢᠶᠠᠨ ᠳᠠᠬᠢᠨ ᠴᠤᠭᠴᠠᠯᠠᠬᠤ ᠡᠷᠡᠮᠡᠯᠵᠡᠯ ᠢ ᠠᠪᠴᠢᠷᠠᠵᠤ ᠦᠭᠴᠡᠢ᠃ | ︽ᠤᠶᠤᠨᠳᠠᠯᠠᠢ ᠶᠢᠨ ᠬᠡᠷ ᠤᠨ ᠪᠠᠶᠢᠳᠠᠯ ᠢ ᠤᠶᠢᠯᠠᠭᠠᠭᠰᠡᠨ ᠤ ᠳᠠᠷᠠᠭ᠎ᠠ᠂ ᠪᠢᠳᠠ ᠳᠡᠬᠦᠨ ᠳᠤ ᠨᠢᠬᠡ | ᠳᠠᠷᠢᠶᠠᠯᠠᠩ ᠤᠨ ᠮᠠᠰᠢᠨ ᠬᠤᠳᠠᠯᠳᠤᠨ ᠠᠪᠴᠤ ᠦᠭᠬᠦ ᠪᠠᠷ ᠳᠤᠭᠳᠠᠪᠠ᠃ ᠢᠩᠬᠢᠬᠡᠤᠨ ᠪᠢ ︿ᠯᠤ᠋ ᠤᠪᠤᠭᠳᠤ ᠶᠢᠨ | ᠳᠠᠷᠢᠶᠠᠯᠠᠩ ᠮᠠᠯ ᠠᠵᠤ ᠠᠬᠤᠢ ᠶᠢᠨ ᠮᠠᠰᠢᠨ ᠤ ᠬᠢᠵᠠᠭᠠᠷᠳᠤ ᠺᠤᠮᠫᠠᠨᠢ﹀ ᠲᠠᠢ ᠬᠠᠷᠢᠯᠴᠠᠵᠤ ᠪᠠᠶᠢᠳᠠᠯ ᠢᠶᠠᠨ ᠬᠡᠯᠡᠭᠰᠡᠨ | ᠳᠤ᠂ ᠺᠤᠮᠫᠠᠨᠢ ᠶᠢᠨ ᠬᠠᠷᠢᠭᠤᠴᠠᠯᠭᠠᠳᠠᠨ ᠯᠤ᠋ ᠵᠤᠤ ᠶᠦᠩ ᠬᠠᠷᠢᠨ ᠦᠨ᠎ᠠ ᠲᠦᠯᠤᠪᠤᠷᠢ ᠦᠬᠡᠢ ᠪᠠᠷ ᠡᠳᠡᠨ ᠤ ᠳᠤ | ᠳᠠᠷᠢᠶᠠᠯᠠᠩ ᠤᠨ ᠮᠠᠰᠢᠨ ᠬᠠᠨᠳᠢᠪᠯᠠᠬᠤ ᠪᠠᠷ ᠪᠤᠯᠤᠯ᠎ᠠ︾ ᠬᠡᠵᠤ ᠤᠳᠤᠭ ᠤᠨ ᠡᠮᠤᠨᠡᠳᠤ ᠬᠤᠰᠢᠭᠤᠨ ᠤ ᠤᠯᠤᠰ | ᠲᠦᠷᠤ ᠶᠢᠨ ᠵᠦᠪᠯᠡᠯᠬᠡᠨ ᠤ ᠺᠠᠳ᠋ᠷ ᠶᠦᠨ· ᠴᠢᠮᠡᠭ ᠪᠠᠶᠠᠷᠳᠠᠢ ᠶᠠᠷᠢᠨ᠎ᠠ᠃ | ︽ᠤᠳᠤᠭ ᠤᠨ ᠡᠮᠤᠨᠡᠳᠤ ᠬᠤᠰᠢᠭᠤᠨ ᠤ ᠤᠯᠤᠰ ᠲᠦᠷᠤ ᠶᠢᠨ ᠵᠦᠪᠯᠡᠯᠬᠡᠨ ᠤ ᠬᠠᠯᠠᠭᠤᠨ ᠬᠠᠮᠠᠯᠵᠢᠯᠠᠯ | ᠬᠢᠬᠡᠤᠨ ᠯᠤ᠋ ᠤᠪᠤᠭᠳᠤ ᠶᠢᠨ ᠳᠠᠷᠢᠶᠠᠯᠠᠩ ᠮᠠᠯ ᠠᠵᠤ ᠠᠬᠤᠢ ᠶᠢᠨ ᠮᠠᠰᠢᠨ ᠤ ᠬᠢᠵᠠᠭᠠᠷᠳᠤ ᠺᠤᠮᠫᠠᠨᠢ ᠶᠢᠨ ᠳᠤᠰᠠᠯᠠᠮᠵᠢ | ᠳᠤ ᠳᠠᠯᠠᠷᠬᠠᠵᠤ ᠪᠠᠶᠢᠨ᠎ᠠ᠃ ᠬᠤᠶᠢᠰᠢᠳᠠ ᠪᠢ ᠦᠪᠡᠷ ᠤᠨ ᠴᠢᠷᠮᠠᠶᠢᠯᠭ᠎ᠠ ᠪᠠᠷ ᠢᠶᠠᠨ ᠬᠦᠴᠢᠷ ᠪᠡᠷᠬᠡᠰᠢᠶᠡᠯ ᠢ ᠢᠯᠡᠨ | ᠳᠠᠪᠠᠵᠤ᠂ ᠠᠮᠢᠳᠤᠷᠠᠯ ᠢᠶᠠᠨ ᠴᠤᠭᠴᠠᠯᠠᠨ᠎ᠠ︾ ᠬᠡᠵᠤ ᠤᠶᠤᠨᠳᠠᠯᠠᠢ ᠰᠡᠤᠨᠬᠢᠯ ᠳᠤᠭᠳᠤᠯᠤᠩᠬᠠᠨ ᠶᠠᠷᠢᠨ᠎ᠠ᠃ |