ᠪᠦᠷᠢᠨᠴᠢᠮᠡᠭ ᠪᠦᠬᠦ ᠬᠤᠰᠢᠭᠤᠨ ᠤ ᠭᠤᠤᠯ ᠭᠤᠷᠤᠬ᠎ᠠ ᠨᠠᠭᠤᠷ ᠪᠦᠷᠢᠳᠤ ᠶᠢᠨ ᠬᠠᠮᠢᠶᠠᠷᠤᠯᠳᠠ ᠶᠢᠨ ᠠᠵᠢᠯ ᠳᠤ ᠪᠠᠶᠢᠴᠠᠭᠠᠨ ᠰᠤᠳᠤᠯᠤᠯᠳᠠ ᠬᠢᠪᠠ
ᠨᠡᠶᠢᠲᠡᠯᠡᠭᠰᠡᠨ ᠴᠠᠭ᠄
2021/4/6
    3 ᠰᠠᠷ᠎ᠠ ᠶᠢᠨ 30 ᠤ ᠡᠳᠤᠷ᠂ ᠬᠤᠰᠢᠭᠤᠨ ᠤ ᠭᠤᠤᠯ ᠭᠤᠷᠤᠬ᠎ᠠ ᠨᠠᠭᠤᠷ ᠪᠦᠷᠢᠳᠤ ᠶᠢᠨ ᠨᠢᠬᠡᠳᠤᠬᠡᠷ ᠶᠡᠷᠤᠩᠬᠡᠢ ᠳᠠᠷᠤᠭ᠎ᠠ᠂ ᠬᠤᠰᠢᠭᠤ ᠨᠠᠮ ᠤᠨ ᠬᠤᠷᠢᠶᠠᠨ ᠤ ᠱᠦᠵᠢ ᠪᠦᠷᠢᠨᠴᠢᠮᠡᠭ ᠰᠢᠷᠬᠤᠰᠤᠨ ᠭᠤᠤᠯ᠂ ᠶᠠᠰᠢᠯᠮᠤᠳᠤ ᠵᠡᠷᠬᠡ ᠭᠠᠵᠠᠷ ᠲᠤ ᠬᠦᠷᠴᠤ᠂ ᠮᠠᠨ ᠤ ᠬᠤᠰᠢᠭᠤᠨ ᠤ ᠭᠤᠤᠯ ᠭᠤᠷᠤᠬ᠎ᠠ ᠨᠠᠭᠤᠷ ᠪᠦᠷᠢᠳᠤ ᠶᠢᠨ ᠬᠠᠮᠢᠶᠠᠷᠤᠯᠳᠠ ᠬᠠᠮᠠᠭᠠᠯᠠᠯᠳᠠ ᠶᠢᠨ ᠪᠤᠳᠠᠳᠤ ᠭᠠᠵᠠᠷ ᠲᠤ ᠨᠢ ᠪᠠᠶᠢᠴᠠᠭᠠᠨ ᠰᠤᠳᠤᠯᠤᠯᠳᠠ ᠬᠢᠭᠰᠡᠨ ᠮᠦᠷᠳᠡᠬᠡᠨ ᠭᠤᠤᠯ ᠭᠤᠷᠤᠬ᠎ᠠ ᠨᠠᠭᠤᠷ ᠪᠦᠷᠢᠳᠤ ᠢ ᠪᠠᠶᠢᠴᠠᠭᠠᠨ ᠦᠵᠡᠪᠡ᠃ ᠳᠡᠷᠠ᠂ ︽ᠤᠩᠭᠤᠨ ᠳᠠᠷᠬᠠᠨ ᠪᠠᠶᠢᠭᠠᠯᠢ ᠪᠤᠯ ᠦᠨᠡᠯᠡᠰᠢ ᠦᠬᠡᠢ ᠦᠪ ᠡᠷᠳᠡᠨᠢ︾ ᠬᠡᠬᠦ ᠠᠮᠢ ᠠᠬᠤᠢ ᠶᠢᠨ ᠦᠨ᠎ᠡ ᠦᠷᠳᠡᠭ ᠤᠨ ᠦᠵᠡᠯᠳᠠ ᠶᠢ ᠭᠤᠶᠢᠪᠢᠰᠢ ᠦᠬᠡᠢ ᠪᠠᠷᠢᠮᠳᠠᠯᠠᠵᠤ᠂ ᠳᠡᠬᠡᠳᠤ ᠬᠡᠮᠵᠢᠶᠡᠨ ᠤ ᠤᠯᠤᠰ ᠲᠦᠷᠤ ᠶᠢᠨ ᠬᠠᠷᠢᠭᠤᠴᠠᠯᠭᠠᠳᠤ ᠤᠪᠤᠷ ᠢᠶᠠᠷ ᠭᠤᠤᠯ ᠭᠤᠷᠤᠬ᠎ᠠ ᠨᠠᠭᠤᠷ ᠪᠦᠷᠢᠳᠤ ᠶᠢᠨ ᠳᠠᠷᠤᠭᠠᠴᠢ ᠶᠢᠨ ᠬᠠᠷᠢᠭᠤᠴᠠᠯᠭ᠎ᠠ ᠪᠠᠨ ᠬᠢᠨᠠᠮᠠᠭᠠᠢ ᠬᠦᠢᠴᠡᠤᠨᠬᠡᠨ᠂ ᠭᠤᠤᠯ ᠭᠤᠷᠤᠬ᠎ᠠ ᠨᠠᠭᠤᠷ ᠪᠦᠷᠢᠳᠤ ᠶᠢᠨ ᠬᠠᠮᠢᠶᠠᠷᠤᠯᠳᠠ ᠬᠠᠮᠠᠭᠠᠯᠠᠯᠳᠠ ᠶᠢᠨ ᠠᠵᠢᠯ ᠢ ᠰᠠᠶᠢᠳᠤᠷ ᠠᠤᠨᠬᠤᠵᠤ᠂ ᠮᠠᠨ ᠤ ᠬᠤᠰᠢᠭᠤᠨ ᠤ ᠠᠮᠢ ᠠᠬᠤᠢ ᠶᠢᠨ ᠪᠤᠯᠪᠠᠰᠤᠨ ᠤ ᠪᠠᠶᠢᠭᠤᠯᠤᠯᠳᠠ ᠶᠢᠨ ᠲᠦᠪᠰᠢᠨ ᠢ ᠳᠠᠰᠤᠷᠠᠯᠳᠠ ᠦᠬᠡᠢ ᠳᠡᠬᠡᠭᠰᠢᠯᠡᠬᠦᠯᠬᠦ ᠬᠡᠷᠡᠭᠳᠠᠢ ᠬᠡᠵᠤ ᠴᠢᠬᠤᠯᠠᠴᠢᠯᠠᠭᠰᠡᠨ ᠪᠠᠶᠢᠨ᠎ᠠ᠃     ᠪᠦᠷᠢᠨᠴᠢᠮᠡᠭ᠂ ᠭᠤᠤᠯ ᠭᠤᠷᠤᠬ᠎ᠠ ᠨᠠᠭᠤᠷ ᠪᠦᠷᠢᠳᠤ ᠶᠢᠨ ᠬᠠᠮᠠᠭᠠᠯᠠᠯᠳᠠ ᠶᠢᠨ ᠠᠵᠢᠯ ᠢ ᠰᠠᠶᠢᠳᠤᠷ ᠬᠢᠬᠦ ᠨᠢ ᠭᠠᠵᠠᠷ ᠤᠷᠤᠨ ᠤ ᠠᠮᠢ ᠠᠬᠤᠢ ᠶᠢᠨ ᠠᠮᠤᠷ ᠲᠦᠪᠰᠢᠨ᠂ ᠠᠵᠤ ᠠᠬᠤᠢ ᠨᠠᠶᠢᠬᠡᠮ ᠤᠨ ᠦᠷᠨᠢᠩᠬᠦᠢ ᠬᠦᠭᠵᠢᠯᠳᠠ ᠶᠢ ᠪᠠᠳᠤᠯᠠᠬᠤ ᠳᠤ ᠴᠢᠬᠤᠯᠠ ᠤᠶᠢᠯᠡᠳᠤᠯ ᠲᠠᠢ ᠶᠤᠮ᠃ ᠰᠢ ᠶᠢᠨ ᠫᠢᠩ ᠤᠨ ᠠᠮᠢ ᠠᠬᠤᠢ ᠶᠢᠨ ᠪᠤᠯᠪᠠᠰᠤᠨ ᠤ ᠦᠵᠡᠯ ᠰᠠᠨᠠᠭ᠎ᠠ ᠶᠢ ᠬᠦᠨᠵᠡᠬᠡᠢ ᠳᠤᠤᠱᠯᠠᠭᠤᠯᠤᠨ ᠪᠤᠳᠠᠳᠠᠶᠢᠵᠢᠭᠤᠯᠵᠤ᠂ ᠭᠤᠤᠯ ᠭᠤᠷᠤᠬ᠎ᠠ ᠨᠠᠭᠤᠷ ᠪᠦᠷᠢᠳᠤ ᠶᠢᠨ ᠬᠠᠮᠢᠶᠠᠷᠤᠯᠳᠠ ᠶᠢᠨ ᠤᠯᠤᠰ ᠲᠦᠷᠤ ᠶᠢᠨ ᠬᠠᠷᠢᠭᠤᠴᠠᠯᠭ᠎ᠠ ᠪᠠᠨ ᠡᠷᠡᠰ ᠡᠬᠦᠷᠬᠡᠯᠡᠨ᠂ ᠭᠤᠤᠯ ᠤᠨ ᠳᠠᠷᠤᠭᠠᠴᠢ ᠶᠢᠨ ᠲᠦᠷᠢᠮ ᠤᠨ ᠬᠠᠷᠢᠭᠤᠴᠠᠯᠭᠠᠳᠤ ᠤᠪᠤᠷ ᠪᠠ ᠡᠬᠦᠷᠬᠡᠯᠡᠯᠳᠤ ᠤᠬᠠᠮᠰᠠᠷ ᠢᠶᠠᠨ ᠦᠨᠡᠨᠬᠦ ᠴᠢᠩᠭᠠᠤᠨᠬᠠᠨ ᠪᠤᠳᠠᠳᠠᠶᠢᠵᠢᠭᠤᠯᠵᠤ᠂ ᠮᠠᠨ ᠤ ᠬᠤᠰᠢᠭᠤᠨ ᠤ ᠭᠤᠤᠯ ᠭᠤᠷᠤᠬ᠎ᠠ ᠨᠠᠭᠤᠷ ᠪᠦᠷᠢᠳᠤ ᠶᠢ ᠨᠠᠩ ᠴᠡᠪᠡᠷ ᠳᠤᠩᠭᠠᠯᠠᠭ ᠪᠤᠯᠭᠠᠨᠬᠤ ᠬᠡᠷᠡᠭᠳᠠᠢ ᠬᠡᠵᠤ ᠵᠢᠭᠠᠭᠰᠡᠨ ᠪᠠᠶᠢᠨ᠎ᠠ᠃     ᠪᠦᠷᠢᠨᠴᠢᠮᠡᠭ᠂ ᠳᠡᠬᠡᠳᠤ ᠬᠡᠮᠵᠢᠶᠡᠨ ᠤ ᠬᠠᠷᠢᠭᠤᠴᠠᠯᠭᠠᠳᠤ ᠤᠪᠤᠷ ᠢᠶᠠᠷ ᠭᠤᠤᠯ ᠭᠤᠷᠤᠬ᠎ᠠ ᠨᠠᠭᠤᠷ ᠪᠦᠷᠢᠳᠤ  ᠶᠢᠨ ᠬᠠᠮᠢᠶᠠᠷᠤᠯᠳᠠ ᠶᠢᠨ ᠠᠵᠢᠯ ᠢ ᠳᠡᠷᠢᠬᠦᠨ ᠪᠠᠶᠢᠷᠢᠨ ᠳᠤ ᠳᠠᠯᠪᠢᠵᠤ᠂ ᠭᠤᠤᠯ ᠭᠤᠷᠤᠬ᠎ᠠ ᠨᠠᠭᠤᠷ ᠪᠦᠷᠢᠳᠤ ᠶᠢᠨ ᠬᠠᠮᠢᠶᠠᠷᠤᠯᠳᠠ ᠬᠠᠮᠠᠭᠠᠯᠠᠯᠳᠠ ᠶᠢᠨ ᠬᠠᠷᠢᠭᠤᠴᠠᠯᠭ᠎ᠠ ᠶᠢ ᠪᠦᠬᠦ ᠳᠠᠯ᠎ᠠ ᠪᠠᠷ ᠪᠤᠳᠠᠳᠠᠶᠢᠵᠢᠭᠤᠯᠤᠨ᠂ ᠴᠠᠭᠳᠠᠨ ᠪᠠᠶᠢᠴᠠᠭᠠᠯᠳᠠ ᠶᠢᠨ ᠠᠵᠢᠯ ᠢ ᠦᠷᠬᠦᠯᠵᠢ ᠶᠢᠨ ᠴᠢᠨᠠᠷ ᠲᠠᠢ ᠦᠷᠨᠢᠬᠦᠯᠵᠤ᠂ ᠬᠠᠷᠢᠭᠤᠴᠠᠯᠭ᠎ᠠ ᠳᠤᠳᠤᠷᠬᠠᠢ᠂ ᠵᠤᠬᠢᠴᠠᠭᠤᠯᠭ᠎ᠠ ᠡᠮᠬᠢᠳᠠᠢ᠂ ᠬᠢᠨᠠᠯᠳᠠ ᠴᠢᠩᠭ᠎ᠠ᠂ ᠬᠠᠮᠠᠭᠠᠯᠠᠯᠳᠠ ᠡᠷᠴᠢᠮᠳᠠᠢ ᠪᠠᠶᠢᠬᠤ ᠶᠢ ᠪᠠᠳᠤᠯᠠᠨ᠂ ᠤᠰᠤᠨ ᠰᠤᠷᠪᠤᠯᠵᠢ ᠶᠢᠨ ᠠᠶᠤᠯᠬᠦᠢ ᠴᠢᠨᠠᠷ ᠲᠤ ᠴᠠᠭ ᠳᠤᠬᠠᠢ ᠳᠤ ᠨᠢ ᠬᠢᠨᠠᠯᠳᠠ ᠪᠠᠶᠢᠴᠠᠭᠠᠯᠳᠠ ᠬᠢᠵᠤ᠂ ᠡᠷᠬᠢᠨ ᠳᠤᠭᠤᠷᠢᠨ  ᠤ ᠠᠮᠤᠷ ᠲᠦᠪᠰᠢᠨ ᠤ ᠬᠡᠮ ᠰᠤᠭᠤᠭ ᠢ ᠴᠠᠭ ᠳᠤᠬᠠᠢ ᠳᠤ ᠨᠢ ᠪᠠᠶᠢᠴᠠᠭᠠᠵᠤ᠂ ᠭᠤᠤᠯ ᠭᠤᠷᠤᠬ᠎ᠠ ᠨᠠᠭᠤᠷ ᠪᠦᠷᠢᠳᠤ  ᠶᠢᠨ ︽ᠤᠰᠤ ᠳᠤᠩᠭᠠᠯᠠᠭ᠂ ᠡᠷᠬᠢ ᠬᠦᠬᠡᠮᠳᠦᠭ᠂ ᠤᠷᠤᠰᠬᠠᠯ ᠰᠢᠯᠤᠭᠤᠨ᠂ ᠦᠵᠡᠮᠵᠢ ᠭᠤᠶᠤ︾ ᠪᠠᠶᠢᠬᠤ ᠶᠢ ᠪᠠᠳᠤᠯᠠᠬᠤ ᠬᠡᠷᠡᠭᠳᠠᠢ᠃ ᠬᠠᠷᠢᠶᠠᠳᠤ ᠭᠠᠵᠠᠷ ᠤᠨ ᠬᠢᠨᠠᠯᠳᠠ ᠬᠠᠮᠢᠶᠠᠷᠤᠯᠳᠠ ᠶᠢᠨ ᠬᠠᠷᠢᠭᠤᠴᠠᠯᠭ᠎ᠠ ᠪᠠᠨ ᠰᠠᠶᠢᠳᠤᠷ ᠬᠦᠢᠴᠡᠤᠨᠬᠡᠨ᠂ ᠡᠯ᠎ᠡ ᠵᠦᠢᠯ ᠤᠨ ᠠᠵᠢᠯ ᠤᠨ ᠡᠬᠦᠷᠬᠡ ᠶᠢ ᠴᠢᠩᠭ᠎ᠠ ᠪᠤᠳᠠᠳᠠᠶᠢᠵᠢᠭᠤᠯᠵᠤ᠂ ᠬᠢᠨᠠᠨ ᠪᠠᠶᠢᠴᠠᠭᠠᠬᠤ ᠬᠦᠴᠤᠯᠡᠴᠠ ᠪᠠᠨ ᠴᠢᠩᠭᠠᠤᠨᠬᠠᠨ᠂ ᠤᠬᠠᠭᠤᠯᠭ᠎ᠠ ᠶᠢᠨ ᠠᠵᠢᠯ ᠢ ᠦᠷᠬᠡᠨ ᠳᠡᠯᠬᠡᠷᠡᠩᠬᠦᠢ ᠦᠷᠨᠢᠬᠦᠯᠵᠤ᠂ ᠤᠯᠠᠨ ᠲᠦᠮᠡᠨ ᠤ ᠬᠦᠴᠤᠨ ᠢ ᠬᠦᠢᠴᠡᠤᠨ ᠪᠠᠳᠠᠷᠠᠭᠤᠯᠤᠨ᠂ ᠤᠷᠤᠰᠢᠨ ᠰᠠᠭᠤᠬᠤ ᠤᠷᠴᠢᠨ ᠳᠤᠭᠤᠷᠢᠨ ᠤ ᠴᠡᠭᠴᠡᠯᠡᠯᠳᠠ᠂ ᠭᠤᠤᠯ ᠭᠤᠷᠤᠬ᠎ᠠ ᠶᠢᠨ ᠵᠠᠰᠠᠯᠳᠠ ᠲᠠᠢ ᠤᠶᠠᠯᠳᠤᠭᠤᠯᠤᠨ᠂ ᠭᠤᠤᠯ ᠭᠤᠷᠤᠬ᠎ᠠ ᠨᠠᠭᠤᠷ ᠪᠦᠷᠢᠳᠤ ᠶᠢᠨ ︽ᠲᠦᠷᠪᠡᠨ ᠴᠡᠭᠴᠡᠯᠡᠯᠳᠠ︾ ᠶᠢ ᠪᠠᠶᠢᠩᠭᠤᠵᠢᠭᠰᠡᠨ ᠲᠦᠷᠢᠮᠵᠢᠭᠰᠡᠨ ᠬᠡᠯᠪᠡᠷᠢ ᠪᠠᠷ ᠦᠷᠬᠦᠯᠵᠢᠯᠡᠨ ᠠᠬᠢᠭᠤᠯᠵᠤ᠂ ᠤᠰᠤᠨ ᠤ ᠠᠮᠢ ᠠᠬᠤᠢ ᠶᠢᠨ ᠤᠷᠴᠢᠨ ᠳᠤᠭᠤᠷᠢᠨ ᠤ ᠪᠦᠬᠦᠯᠢ ᠴᠤᠭᠴᠠ ᠶᠢᠨ ᠴᠢᠨᠠᠷ ᠴᠢᠨᠰᠠᠭ᠎ᠠ ᠶᠢ ᠪᠦᠬᠦ ᠬᠦᠴᠤᠨ ᠢᠶᠠᠷ ᠳᠡᠬᠡᠭᠰᠢᠯᠡᠬᠦᠯᠬᠦ ᠬᠡᠷᠡᠭᠳᠠᠢ ᠬᠡᠵᠤ ᠴᠢᠬᠤᠯᠠᠴᠢᠯᠠᠭᠰᠡᠨ ᠪᠠᠶᠢᠨ᠎ᠠ᠃     ᠬᠤᠰᠢᠭᠤᠨ ᠤ ᠤᠳᠤᠷᠢᠳᠤᠯᠭ᠎ᠠ ᠯᠥᠸᠧ ᠵᠢᠶᠠᠨ ᠰᠢᠶᠦ᠋ᠨ ᠪᠠ ᠪᠤᠷᠤᠪᠠᠯᠭᠠᠰᠤ ᠪᠠᠯᠭᠠᠰᠤ᠂ ᠬᠤᠰᠢᠭᠤ ᠰᠢᠭᠤᠤᠨ ᠬᠠᠷᠢᠶ᠎ᠠ ᠬᠠᠮᠢᠶ᠎ᠠ ᠪᠦᠬᠦᠢ ᠪᠠᠶᠢᠭᠤᠯᠭ᠎ᠠ ᠶᠢᠨ ᠬᠠᠷᠢᠭᠤᠴᠠᠯᠭᠠᠳᠠᠤᠨ ᠬᠠᠮᠳᠤ ᠪᠠᠶᠢᠴᠠᠭᠠᠨ ᠰᠤᠳᠤᠯᠤᠯᠳᠠ ᠬᠢᠪᠠ᠃
 
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号