ᠤᠲᠤᠭ ᠤᠨ ᠡᠮᠦᠨᠡᠲᠦ ᠬᠤᠰᠢᠭᠤ ᠱᠠᠨ ᠰᠢ ᠶᠢᠨ ᠢ ᠫᠢᠨ ᠮᠠᠯ ᠲᠠᠷᠢᠶᠠᠯᠠᠩ ᠤᠨ ᠣᠶᠢᠯᠠᠰ ᠤᠨ ᠬᠦᠭᠵᠢᠬᠦᠯᠦᠯᠲᠡ ᠶᠢᠨ ᠬᠢᠵᠠᠭᠠᠷᠲᠤ ᠺᠤᠮᠫᠠᠨᠢ ᠲᠠᠢ ᠰᠠᠭᠤᠳᠠᠯ ᠤᠨ ᠬᠤᠷᠠᠯ ᠬᠢᠪᠡ
ᠨᠡᠶᠢᠲᠡᠯᠡᠭᠰᠡᠨ ᠴᠠᠭ᠄
2021/6/1
    5 ᠰᠠᠷ᠎ᠠ ᠶᠢᠨ 25 ᠤ ᠡᠳᠦᠷ᠂ ᠬᠤᠰᠢᠭᠤ ᠨᠠᠮ ᠤᠨ ᠬᠤᠷᠢᠶᠠᠨ ᠤ ᠱᠦᠵᠢ ᠪᠦᠷᠢᠨᠴᠢᠮᠡᠭ ᠱᠠᠨ ᠰᠢ ᠶᠢᠨ ᠢ ᠫᠢᠨ ᠮᠠᠯ ᠲᠠᠷᠢᠶᠠᠯᠠᠩ ᠤᠨ ᠣᠶᠢᠯᠠᠰ ᠤᠨ ᠬᠦᠭᠵᠢᠬᠦᠯᠦᠯᠲᠡ ᠶᠢᠨ ᠬᠢᠵᠠᠭᠠᠷᠲᠤ ᠺᠤᠮᠫᠠᠨᠢ ᠶᠢᠨ ᠬᠡᠷᠡᠭ ᠮᠡᠳᠡᠭᠴᠢᠳ ᠤᠨ ᠳᠠᠷᠤᠭ᠎ᠠ ᠯᠢ ᠰᠢᠨ ᠰᠢᠶᠡᠨ ᠨᠠᠷ ᠲᠠᠢ ᠰᠠᠭᠤᠳᠠᠯ ᠤᠨ ᠬᠤᠷᠠᠯ ᠬᠢᠵᠦ ᠠᠯᠠᠰᠢᠨ ᠦᠬᠡᠷ ᠤᠨ ᠠᠵᠤ ᠣᠶᠢᠯᠠᠰ ᠤᠨ ᠬᠦᠭᠵᠢᠯᠲᠡ ᠵᠡᠷᠭᠡ ᠣᠴᠢᠷ ᠶᠠᠪᠤᠳᠠᠯ ᠤᠨ ᠲᠤᠬᠠᠢ ᠵᠦᠪᠳᠡᠯᠴᠡᠪᠡ᠃     ᠪᠦᠷᠢᠨᠴᠢᠮᠡᠭ ᠯᠢ ᠰᠢᠨ ᠰᠢᠶᠡᠨ ᠨᠠᠷ ᠤᠨ ᠣᠲᠤᠭ ᠤᠨ ᠡᠮᠦᠨᠡᠲᠦ ᠬᠤᠰᠢᠭᠤᠨ ᠳᠤ ᠪᠠᠶᠢᠴᠠᠭᠠᠯᠲᠠ ᠬᠢᠬᠦ ᠪᠠᠷ ᠢᠷᠡᠭᠰᠡᠨ ᠳᠤ   ᠪᠠᠶᠠᠷᠯᠠᠨ ᠣᠭᠲᠣᠵᠣ ᠪᠠᠶᠢᠬᠤ ᠪᠠᠨ ᠢᠯᠡᠳᠬᠡᠪᠡ᠃ ᠪᠦᠷᠢᠨᠴᠢᠮᠡᠭ᠂ ᠮᠠᠨ ᠤ ᠬᠤᠰᠢᠭᠤ ᠪᠤᠯ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ 33 ᠣᠯᠠᠮᠵᠢᠯᠠᠯᠲᠤ ᠮᠠᠯᠵᠢᠬᠤ ᠣᠶᠢᠯᠠᠰ ᠤᠨ ᠬᠤᠰᠢᠭᠤᠨ ᠤ ᠨᠢᠭᠡ ᠪᠣᠯᠣᠨ᠎ᠠ᠂ ᠮᠠᠯ ᠲᠠᠷᠢᠶᠠᠯᠠᠩ ᠤᠨ ᠣᠶᠢᠯᠠᠰ ᠤᠨ ᠮᠠᠰᠢᠨᠴᠢᠯᠠᠯᠲᠠ ᠶᠢᠨ  ᠬᠢᠷᠢ ᠬᠡᠮᠵᠢᠶ᠎ᠡ ᠦᠨᠳᠦᠷ᠂ ᠠᠵᠤ ᠣᠶᠢᠯᠠᠰ  ᠤᠨ ᠬᠦᠭᠵᠢᠯᠲᠡ ᠶᠢᠨ ᠰᠠᠭᠤᠷᠢ ᠰᠠᠶᠢᠨ᠂ ᠳᠠᠪᠠᠭᠤᠯᠢᠭ ᠢᠯᠡᠷᠬᠡᠢ᠃ ᠣᠶᠢᠷ᠎ᠠ ᠶᠢᠨ ᠵᠢᠯ   ᠠᠴᠠ ᠮᠠᠨ ᠤ ᠬᠤᠰᠢᠭᠤ ᠠᠮᠢ ᠠᠬᠤᠢ ᠶᠢ ᠲᠡᠷᠢᠬᠦᠨ ᠳᠤ ᠲᠠᠯᠪᠢᠵᠦ᠂ ᠪᠣᠬᠢᠷᠳᠣᠯ ᠦᠭᠡᠢ ᠪᠠᠷ ᠬᠦᠭᠵᠢᠬᠦ ᠦᠵᠡᠯᠲᠡ ᠶᠢ ᠢᠮᠠᠭᠲᠠ ᠪᠠᠷᠢᠮᠲᠠᠯᠠᠨ᠂ ᠮᠠᠯ ᠲᠠᠷᠢᠶᠠᠯᠠᠩ ᠤᠨ ᠣᠶᠢᠯᠠᠰ ᠤᠨ ᠬᠦᠭᠵᠢᠯᠲᠡ ᠶᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂ ᠪᠣᠬᠢᠷᠳᠣᠯ ᠦᠭᠡᠢ ᠣᠷᠭᠠᠨᠢᠭ ᠣᠳᠣᠬᠢᠴᠢᠯᠠᠭᠰᠠᠨ ᠮᠠᠯ ᠲᠠᠷᠢᠶᠠᠯᠠᠩ ᠤᠨ ᠣᠶᠢᠯᠠᠰ ᠢ ᠡᠷᠴᠢᠮᠲᠡᠢ ᠠᠬᠢᠭᠤᠯᠵᠤ ᠪᠠᠶᠢᠭ᠎ᠠ ᠪᠣᠯᠬᠤᠷ ᠠᠯᠠᠰᠢᠨ ᠦᠬᠡᠷ ᠤᠨ ᠵᠠᠬ᠎ᠠ ᠳᠡᠯᠭᠡᠬᠦᠷ ᠠᠭᠤᠳᠠᠮ᠂ ᠬᠦᠭᠵᠢᠯᠲᠡ ᠶᠢᠨ ᠳᠠᠯᠳᠠ ᠬᠦᠴᠦᠨ ᠯᠣᠳᠣ ᠶᠡᠭᠡ ᠪᠣᠢ᠃ ᠠᠵᠤ ᠠᠬᠤᠶᠢᠯᠠᠯ ᠲᠤᠬᠠᠢ ᠶᠢᠨ ᠭᠠᠵᠠᠷ ᠲᠤ ᠪᠠᠶᠢᠴᠠᠭᠠᠯᠲᠠ ᠬᠢᠵᠦ ᠬᠦᠨᠵᠡᠭᠡᠢ ᠣᠶᠢᠯᠠᠭᠠᠭᠰᠠᠨ ᠰᠠᠭᠤᠷᠢᠨ ᠳᠡᠭᠡᠷ᠎ᠡ᠂ ᠮᠠᠨ ᠤ ᠬᠤᠰᠢᠭᠤᠨ ᠤ ᠬᠦᠭᠵᠢᠯᠲᠡ ᠶᠢᠨ ᠪᠣᠲᠠᠲᠤ ᠪᠠᠶᠢᠳᠠᠯ ᠲᠠᠢ ᠬᠦᠢᠴᠡᠳ ᠣᠶᠠᠯᠳᠣᠭᠤᠯᠣᠨ᠂ ᠲᠦᠷᠦᠯ ᠵᠦᠢᠯ ᠤᠨ ᠬᠠᠮᠲᠤᠷᠠᠯᠴᠠᠭᠠᠨ ᠤ ᠣᠴᠢᠷ ᠶᠠᠪᠤᠳᠠᠯ ᠢ ᠠᠬᠢᠭᠤᠯᠵᠤ᠂ ᠰᠡᠳᠬᠢᠯᠭᠡ ᠲᠠᠢ ᠬᠠᠷᠢᠭᠤᠴᠠᠯᠭ᠎ᠠ ᠲᠠᠢ ᠪᠠᠷ ᠮᠠᠨ ᠤ ᠬᠤᠰᠢᠭᠤᠨ ᠤ ᠮᠠᠯ ᠲᠠᠷᠢᠶᠠᠯᠠᠩ ᠤᠨ ᠣᠶᠢᠯᠠᠰ ᠤᠨ ᠬᠦᠭᠵᠢᠯᠲᠡ ᠳᠤ ᠬᠦᠴᠦᠨ ᠨᠡᠮᠡᠷᠢᠯᠡᠬᠦ ᠶᠢ ᠬᠦᠰᠡᠵᠦ ᠪᠠᠶᠢᠨ᠎ᠠ᠃ ᠮᠠᠨ ᠤ ᠬᠤᠰᠢᠭᠤ ᠦᠢᠯᠡᠴᠢᠯᠡᠭᠡᠨ ᠤ ᠠᠵᠢᠯ ᠢᠶᠠᠨ ᠪᠦᠬᠦ ᠬᠦᠴᠦᠨ ᠢᠶᠠᠷ ᠰᠠᠶᠢᠲᠤᠷ ᠬᠢᠨ᠂ ᠠᠵᠤ ᠠᠬᠤᠶᠢᠯᠠᠯ ᠤᠨ ᠬᠦᠭᠵᠢᠯᠲᠡ ᠳᠤ ᠣᠬᠢ ᠰᠠᠶᠢᠨ ᠣᠷᠴᠢᠨ ᠲᠤᠭᠤᠷᠢᠨ ᠢ ᠪᠦᠷᠢᠳᠦᠬᠦᠯᠵᠦ᠂ ᠲᠦᠷᠦᠯ ᠵᠦᠢᠯ ᠦᠳᠲᠡᠷ ᠲᠦᠷᠭᠡᠨ ᠣᠷᠣᠨᠵᠢᠬᠤ ᠶᠢ ᠴᠢᠷᠮᠠᠶᠢᠨ ᠠᠬᠢᠭᠤᠯᠤᠨ᠂ ᠭᠠᠵᠠᠷ ᠣᠷᠣᠨ ᠠᠵᠤ ᠠᠬᠤᠶᠢᠯᠠᠯ ᠬᠠᠷᠢᠯᠴᠠᠨ ᠠᠰᠢᠭᠲᠠᠢ᠂ ᠬᠠᠮᠲᠤᠪᠡᠷ ᠬᠦᠭᠵᠢᠬᠦ ᠶᠢ ᠪᠡᠶᠡᠯᠡᠭᠦᠯᠦᠨ᠎ᠡ ᠬᠡᠵᠦ ᠶᠠᠷᠢᠭᠰᠠᠨ ᠪᠠᠶᠢᠨ᠎ᠠ᠃     ᠯᠢ ᠰᠢᠨ ᠰᠢᠶᠡᠨ ᠣᠲᠤᠭ ᠤᠨ ᠡᠮᠦᠨᠡᠲᠦ ᠬᠤᠰᠢᠭᠤᠨ ᠤ ᠨᠠᠮ ᠤ ᠬᠤᠷᠢᠶ᠎ᠠ᠂ ᠵᠠᠰᠠᠭ ᠤᠨ ᠣᠷᠳᠣᠨ ᠤ ᠳᠡᠮᠵᠢᠯᠭᠡ ᠳᠤ ᠲᠠᠯᠠᠷᠬᠠᠯ ᠢᠶᠠᠨ ᠢᠯᠡᠳᠬᠡᠵᠦ᠂ ᠣᠲᠤᠭ ᠤᠨ ᠡᠮᠦᠨᠡᠲᠦ ᠬᠤᠰᠢᠭᠤ ᠯᠤᠭ᠎ᠠ ᠶᠢᠨ ᠬᠠᠷᠢᠴᠠᠭ᠎ᠠ ᠪᠠᠨ ᠣᠯᠠᠮ ᠨᠢᠭᠡ ᠠᠯᠬᠤᠮ ᠴᠢᠩᠭᠠᠳᠬᠠᠨ᠂ ᠠᠵᠤ ᠠᠬᠤᠶᠢᠯᠠᠯ ᠤᠨ ᠪᠡᠯᠡ ᠮᠦᠩᠭᠦ᠂ ᠲᠤᠷᠰᠢᠯᠭ᠎ᠠ ᠵᠡᠷᠭᠡ ᠲᠠᠯ᠎ᠠ ᠶᠢᠨ ᠳᠠᠪᠠᠭᠤᠯᠢᠭ ᠢᠶᠠᠨ ᠬᠦᠢᠴᠡᠳ ᠪᠠᠳᠠᠷᠠᠭᠤᠯᠵᠤ᠂ ᠭᠠᠵᠠᠷ ᠣᠷᠣᠨ ᠠᠵᠤ ᠠᠬᠤᠶᠢᠯᠠᠯ ᠤᠨ ᠬᠠᠷᠢᠯᠴᠠᠨ ᠠᠰᠢᠭᠲᠠᠢ᠂ ᠦᠨᠳᠦᠷ ᠪᠦᠲᠦᠮᠵᠢᠲᠡᠢ᠂ ᠪᠣᠲᠠᠲᠠᠢ ᠬᠠᠮᠲᠤᠷᠠᠯᠴᠠᠭ᠎ᠠ ᠶᠢ ᠪᠦᠬᠦ ᠬᠦᠴᠦᠨ ᠢᠶᠠᠷ ᠠᠬᠢᠭᠤᠯᠤᠨ᠎ᠠ ᠭᠡᠵᠦ ᠢᠯᠡᠷᠭᠡᠶᠢᠯᠡᠭᠰᠡᠨ ᠪᠠᠶᠢᠨ᠎ᠠ᠃     ᠬᠤᠲᠠ ᠶᠢᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠣᠨᠴᠠ ᠲᠤᠮᠢᠯᠠᠭᠳᠠᠭᠰᠠᠨ ᠵᠦᠪᠯᠡᠭᠴᠢ ᠳ᠋ᠦ᠋ ᠽᠦᠨ ᠯᠢᠶᠠᠩ᠂ ᠬᠤᠰᠢᠭᠤ ᠣᠳᠣᠷᠢᠳᠣᠯᠭ᠎ᠠ ᠯᠦᠸᠧ ᠵᠢᠶᠡᠨ ᠰᠢᠶᠦ᠋ᠨ᠂ ᠰᠦᠨ ᠶᠢᠦ ᠵᠢᠶᠦ᠋ᠨ ᠵᠢᠴᠢ ᠬᠤᠰᠢᠭᠤ ᠰᠢᠭᠤᠳ ᠬᠠᠷᠢᠶ᠎ᠠ ᠬᠠᠮᠢᠶ᠎ᠠ ᠪᠦᠬᠦᠢ ᠰᠠᠯᠠᠭ᠎ᠠ ᠮᠦᠴᠢᠷ ᠤᠨ ᠬᠠᠷᠢᠭᠤᠴᠠᠯᠭᠠᠲᠠᠳ᠂ ᠱᠠᠨ ᠰᠢ ᠶᠢᠨ ᠢ ᠫᠢᠨ ᠮᠠᠯ ᠲᠠᠷᠢᠶᠠᠯᠠᠩ  ᠤᠨ ᠣᠶᠢᠯᠠᠰ ᠤᠨ ᠬᠦᠭᠵᠢᠬᠦᠯᠦᠯᠲᠡ ᠶᠢᠨ ᠬᠢᠵᠠᠭᠠᠷᠲᠤ ᠺᠣᠮᠫᠠᠨᠢ ᠶᠢᠨ ᠬᠠᠮᠢᠶ᠎ᠠ ᠪᠦᠬᠦᠢ ᠬᠠᠷᠢᠭᠤᠴᠠᠯᠭᠠᠲᠠᠳ ᠰᠠᠭᠤᠳᠠᠯ ᠤᠨ ᠬᠤᠷᠠᠯ ᠳᠤ ᠣᠷᠣᠯᠴᠠᠪᠠ᠃
 
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号