ᠣᠲᠤᠭ ᠤᠨ ᠡᠮᠦᠨᠡᠲᠦ ᠬᠤᠰᠢᠭᠤᠨ ᠤ ᠲᠣᠲᠣᠭᠠᠳᠣ ᠶᠢ ᠬᠠᠮᠠᠭᠠᠯᠠᠬᠤ ᠲᠤᠪᠴᠢᠶᠠᠨ ᠤ ᠮᠡᠬᠡᠯᠡᠯ ᠢ ᠡᠰᠡᠷᠭᠦᠴᠡᠬᠦ ᠲᠦᠪ ᠲᠦᠪ ᠴᠢᠩᠭ᠎ᠠ ᠰᠠᠨᠠᠭᠤᠯᠵᠣ ᠪᠠᠶᠢᠨ᠎ᠠ︕
ᠨᠡᠶᠢᠲᠡᠯᠡᠭᠰᠡᠨ ᠴᠠᠭ᠄
2021/6/7
    ᠣᠶᠢᠷ᠎ᠠ ᠳᠤ᠂ ᠮᠠᠨ ᠤ ᠬᠠᠷᠢᠶ᠎ᠠ‌ᠣᠷᠣᠨ ᠳᠤ ᠰᠦᠯᠵᠢᠶ᠎ᠡ ᠪᠠᠷ ᠵᠠᠬᠢᠶᠠᠯᠠᠭ᠎ᠠ ᠬᠢᠬᠦ ᠮᠡᠬᠡᠯᠡᠯ ᠣᠯᠠᠨ ᠡᠭᠦᠰᠴᠦ᠂ ᠬᠡᠷᠡᠭ ᠲᠤ ᠬᠤᠯᠪᠣᠭᠳᠠᠭᠰᠠᠨ ᠵᠣᠭᠤᠰᠣᠨ ᠤ ᠲᠤᠭ᠎ᠠ ᠨᠡᠯᠢᠶᠡᠳ ᠶᠡᠭᠡ ᠪᠣᠢ᠃ ᠵᠢᠯ ᠤᠨ ᠡᠴᠦᠰ ᠣᠶᠢᠷᠠᠳᠬᠤ ᠶᠢ ᠳᠠᠭᠠᠯᠳᠣᠨ᠂ ᠰᠦᠯᠵᠢᠶ᠎ᠡ ᠪᠠᠷ ᠵᠠᠬᠢᠶᠠᠯᠠᠭ᠎ᠠ ᠬᠢᠬᠦ ᠮᠡᠭᠡᠯᠡᠯ ᠤᠨ ᠬᠡᠷᠡᠭ ᠣᠯᠠᠰᠢᠷᠠᠬᠤ ᠬᠠᠨᠳᠣᠰᠢ ᠲᠠᠢ ᠪᠣᠯᠵᠣ ᠪᠠᠶᠢᠨ᠎ᠠ᠃ ᠠᠳᠡ᠂ ᠴᠠᠭᠳᠠᠭᠠᠨ ᠤ ᠲᠠᠯ᠎ᠠ ᠶᠢᠨ ᠬᠢᠨ ᠲᠠᠬᠢᠨᠲᠠ ᠰᠠᠨᠠᠭᠤᠯᠬᠤ ᠨᠢ᠄ ᠰᠦᠯᠵᠢᠶ᠎ᠡ ᠪᠠᠷ ᠵᠠᠬᠢᠶᠠᠯᠠᠭ᠎ᠠ ᠬᠢᠬᠦ ᠨᠢ ᠴᠦᠮ ᠮᠡᠭᠡᠯᠡᠯ︕ ᠪᠦᠭᠦᠳᠡᠭᠡᠷ ᠢᠶᠠᠨ ᠰᠡᠷᠡᠮᠵᠢᠯᠡᠵᠦ᠂ ᠮᠡᠬᠡᠯᠡᠭᠳᠡᠬᠦ ᠠᠴᠠ ᠪᠣᠯᠭᠤᠮᠵᠢᠯᠠᠲᠣᠨ︕     ᠵᠠᠬᠢᠶᠠᠯᠠᠭ᠎ᠠ ᠶᠢᠨ ᠮᠡᠬᠡᠯᠡᠯ ᠤᠨ ᠠᠯᠬᠤᠮ ᠤᠨ ᠢᠯᠡᠴᠢᠯᠡᠯᠲᠡ᠄ ᠮᠡᠬᠡᠯᠡᠭᠴᠢ ᠬᠠᠶᠢᠭᠤᠷ᠂ ᠪᠣᠰᠢᠭᠤ ᠭᠠᠷ᠂ ᠴᠤᠤᠷᠢᠶ᠎ᠠ᠂ QQ ᠬᠤᠯᠪᠣᠭ᠎ᠠ᠂ ᠸᠢᠴᠠᠲ᠂ ᠪᠢᠴᠢᠯ ᠪᠦᠷᠬᠡ ᠵᠡᠷᠭᠡ ᠪᠠᠷ ᠳᠠᠮᠵᠢᠭᠤᠯᠣᠨ ᠡᠯᠰᠡᠬᠦ ᠵᠠᠷ ᠨᠡᠶᠢᠲᠡᠯᠡᠵᠦ᠂ ︽ᠴᠠᠯᠢᠩ ᠦᠨᠳᠦᠷ︾ ︽ᠠᠵᠢᠯ ᠬᠦᠩᠭᠡᠨ︾ ᠬᠡᠭᠦ ᠨᠡᠷ᠎ᠡ ᠪᠠᠷ ᠬᠠᠷᠠᠯᠲᠠ ᠬᠠᠶᠢᠨ ᠪᠣᠰᠣᠳ ᠤᠨ ᠢᠲᠡᠭᠡᠯ ᠢ ᠣᠯᠳᠠᠭ᠃ ᠬᠡᠷᠪᠡ ᠢᠲᠡᠭᠡᠭᠰᠡᠳ ᠰᠠᠨᠠᠭᠠᠴᠢᠯᠠᠭ᠎ᠠ ᠠᠴᠠ ᠪᠠᠨ ᠬᠠᠷᠢᠯᠴᠠᠪᠠᠯ᠂ ᠶᠠᠯᠠᠲᠣ ᠡᠲᠡᠭᠡᠳ ᠣᠷᠢᠳᠠᠪᠠᠷ ᠬᠠᠷᠢᠯᠴᠠᠭᠰᠠᠳ ᠢ ᠮᠡᠬᠡᠯᠡᠨ QQ ᠪᠣᠶᠣ ᠸᠢᠴᠠᠲ ᠬᠤᠯᠪᠣᠭᠠᠨ ᠳᠤ ᠲᠠᠲᠠᠨ ᠣᠷᠣᠭᠤᠯᠵᠣ᠂ ᠬᠤᠯᠪᠣᠭᠠᠨ ᠳᠤ ᠣᠷᠣᠭᠰᠠᠳ ᠤᠨ ᠢᠲᠡᠭᠡᠯ ᠢ ᠣᠯᠬᠤ ᠶᠢᠨ ᠲᠦᠯᠦᠭᠡ᠂ ᠶᠠᠯᠠᠲᠣ ᠡᠲᠡᠭᠡᠳ ᠪᠠᠰᠠ ︽ᠬᠠᠮᠰᠠᠨ ᠵᠠᠯᠢᠮᠠᠭᠴᠢ︾ ᠶᠢᠨ ᠲᠣᠰᠢᠶᠠᠯ ᠬᠠᠪᠰᠣᠷᠭᠠᠭᠰᠠᠨ ᠠᠰᠢᠭ ᠣᠷᠣᠯᠭ᠎ᠠ ᠪᠠ ᠵᠣᠭᠤᠰ ᠦᠭᠬᠦᠭᠰᠡᠨ ᠳᠡᠯᠭᠡᠴᠡ ᠶᠢᠨ ᠬᠠᠭᠤᠯᠪᠣᠷᠢ ᠵᠢᠷᠤᠭ ᠢ ᠦᠵᠡᠬᠦᠯᠭᠦ ᠶᠢᠨ ᠬᠠᠮᠲᠣ ᠣᠷᠣᠯᠴᠠᠭᠰᠠᠳ ᠲᠤ ᠪᠣᠯᠪᠠᠰᠣᠷᠠᠯ ᠬᠢᠵᠦ ᠡᠬᠢᠯᠡᠨ᠂ ᠠᠵᠢᠯ ᠲᠤᠶᠢᠯ ᠤᠨ ᠳᠦᠭᠦᠮ᠂ ᠵᠦᠪᠬᠡᠨ ᠰᠦᠯᠵᠢᠶᠡᠨ ᠳᠡᠭᠡᠷᠡᠬᠢ ᠲᠣᠭᠲᠠᠭᠰᠠᠨ ᠪᠠᠷᠠᠭ᠎ᠠ ᠶᠢ ᠬᠤᠳᠠᠯᠳᠣᠨ ᠠᠪᠬᠤ ᠶᠢᠨ ᠬᠠᠮᠲᠣ ᠵᠣᠭᠤᠰ ᠢᠶᠠᠨ ᠦᠭᠪᠡᠯ ᠪᠠᠭ᠎ᠠ ᠪᠣᠰᠣ ᠣᠯᠭᠤᠮᠵᠢ ᠬᠦᠷᠲᠡᠨ᠎ᠡ᠂ ᠪᠠᠷᠠᠭᠠᠨ ᠤ ᠮᠦᠩᠭᠦ ᠶᠢ ᠬᠡᠯᠡᠯᠭᠡᠨ ᠦᠭᠡᠢ  ᠣᠷᠢᠳᠠᠪᠠᠷ ᠦᠭᠴᠦ᠂ ᠪᠠᠷᠠᠭ᠎ᠠ ᠬᠤᠳᠠᠯᠳᠣᠵᠣ ᠠᠪᠣᠭᠰᠠᠨ ᠤ ᠳᠠᠷᠠᠭ᠎ᠠ ᠪᠠᠷᠠᠭᠠᠨ ᠤ ᠮᠦᠩᠭᠦ ᠪᠠ ᠬᠦᠳᠡᠯᠮᠦᠷᠢ ᠶᠢᠨ ᠬᠠᠷᠠᠮᠵᠢ ᠶᠢ ᠬᠠᠮᠲᠣ ᠳᠤᠨᠢ ᠣᠯᠭᠤᠨ᠎ᠠ᠂ ᠶᠠᠷᠦᠳᠡᠭᠡᠨ ᠲᠣᠰ ᠠᠯᠬᠤᠮ ᠬᠦᠷᠪᠡᠯ ᠶᠠᠯᠠᠲᠣ ᠡᠲᠡᠭᠡᠳ ᠮᠡᠬᠡᠯᠡᠭᠳᠡᠭᠰᠡᠳ ᠢ ᠵᠢᠯᠣᠭᠤᠳᠣᠨ  ᠪᠣᠰᠣᠳ ᠬᠠᠷᠢᠯᠴᠠᠬᠤ ᠪᠠᠭᠠᠵᠢ ᠶᠢ ᠪᠠᠭᠤᠯᠭᠠᠭᠤᠯᠬᠤ ᠶᠢᠨ ᠬᠠᠮᠲᠣ  ᠲᠡᠭᠦᠨ ᠳᠡᠭᠡᠷ᠎ᠡ ︽ᠵᠢᠯᠣᠭᠤᠳᠣᠭᠴᠢ ᠪᠠᠭᠰᠢ︾᠂ ᠮᠦᠷᠦᠢ  ᠲᠠᠢ ᠰᠣᠭᠤᠯᠤᠭ᠎ᠠ᠂ ᠪᠡᠯᠡ ᠣᠷᠣᠭᠤᠯᠬᠤ ᠲᠠᠪᠴᠠᠩ ᠢ ᠲᠠᠨᠢᠯᠴᠠᠭᠤᠯᠳᠠᠭ᠃     ᠮᠡᠬᠡᠯᠡᠭᠳᠡᠭᠰᠡᠳ ᠡᠬᠢᠯᠡᠵᠦ  ︽ᠠᠵᠢᠯᠯᠠᠭᠰᠠᠨ︾ ᠤ ᠳᠠᠷᠠᠭ᠎ᠠ᠂ ᠶᠠᠯᠠᠲᠣ ᠡᠲᠡᠭᠡᠳ ᠣᠷᠢᠳᠠᠪᠠᠷ ᠣᠯᠭᠤᠮᠵᠢ ᠶᠢ  ᠨᠢ ᠤᠯᠭᠤᠨ᠂ 1᠂ 2 ᠳ᠋ᠣᠭᠠᠷ ᠵᠠᠬᠢᠶᠠᠯᠠᠭ᠎ᠠ ᠳᠤ ᠪᠣᠯᠵᠤᠭ᠎ᠠ ᠶᠣᠰᠣᠭᠠᠷ ᠪᠠᠷᠠᠭᠠᠨ ᠤ ᠮᠦᠩᠭᠦ ᠪᠠ ᠬᠦᠳᠡᠯᠮᠦᠷᠢ ᠶᠢᠨ ᠬᠠᠷᠠᠮᠵᠢ ᠶᠢ ᠣᠯᠭᠤᠨ᠂ ᠢᠲᠡᠭᠡᠯ ᠢ ᠣᠯᠵᠣ᠂ ᠮᠡᠬᠡᠯᠡᠭᠳᠡᠭᠰᠡᠳ ᠢ ᠪᠡᠯᠡ ᠣᠷᠣᠭᠤᠯᠣᠯᠲᠠ ᠪᠠᠨ ᠨᠡᠮᠡᠭᠳᠡᠭᠦᠯᠵᠦ᠂ ᠣᠯᠠᠨ ᠵᠠᠬᠢᠶᠠᠯᠠᠭ᠎ᠠ ᠬᠢᠪᠡᠯ ᠢᠯᠡᠬᠦᠦ ᠬᠤᠨᠵᠢᠨ᠎ᠠ ᠭᠡᠵᠦ ᠮᠡᠬᠡᠯᠡᠳᠡᠭ᠃  ᠮᠡᠬᠡᠯᠡᠯ ᠢᠶᠠᠨ 3᠂ 4 ᠳ᠋ᠦ᠋ᠭᠡᠷ ᠵᠠᠬᠢᠶᠠᠯᠠᠭ᠎ᠠ ᠠᠴᠠ ᠡᠬᠢᠯᠡᠬᠦᠯᠦᠨ᠎ᠡ᠂ ᠮᠡᠬᠡᠯᠡᠭᠴᠢ ᠠᠴᠠ ︽ᠡᠭᠦᠷᠭᠡ ᠪᠠᠨ ᠪᠡᠶᠡᠯᠡᠬᠦᠯᠦᠭᠰᠡᠨ ᠦᠭᠡᠢ︾᠂ ︽ᠵᠠᠬᠢᠶᠠᠯᠠᠭ᠎ᠠ ᠵᠣᠭᠰᠣᠩᠭᠤᠶᠢᠷᠠᠬᠤ︾ ᠵᠡᠷᠭᠡ ᠡᠯᠳᠡᠪ ᠰᠢᠯᠲᠠᠭ ᠢᠶᠠᠷ ᠪᠠᠷᠠᠭᠠᠨ ᠤ ᠮᠦᠩᠭᠦ ᠪᠠ ᠬᠦᠳᠡᠯᠮᠦᠷᠢ ᠶᠢᠨ ᠬᠠᠷᠠᠮᠵᠢ ᠦᠭᠬᠦ ᠪᠠᠨ ᠪᠣᠯᠢᠬᠤ ᠶᠢᠨ ᠬᠠᠮᠲᠣ ᠲᠠᠰᠣᠷᠠᠯᠲᠠ ᠦᠭᠡᠢ ᠦᠷᠭᠦᠯᠵᠢᠯᠡᠨ ᠵᠠᠬᠢᠶᠠᠯᠠᠭ᠎ᠠ ᠬᠢᠬᠦ ᠶᠢ ᠵᠣᠷᠢᠭᠵᠢᠭᠤᠯᠵᠣ᠂ ᠲᠠᠰᠣᠷᠠᠯᠲᠠ ᠦᠭᠡᠢ ᠵᠠᠬᠢᠶᠠᠯᠠᠭ᠎ᠠ ᠬᠢᠮᠡᠨᠵᠢᠨ ᠰᠠᠶ᠋ᠢ ᠡᠮᠦᠨᠡᠬᠢ ᠪᠠᠷᠠᠭᠠᠨ ᠤ ᠮᠦᠩᠭᠦ ᠪᠠ ᠬᠦᠳᠡᠯᠮᠦᠷᠢ ᠶᠢᠨ ᠬᠠᠷᠠᠮᠵᠢ ᠪᠠᠨ ᠣᠯᠵᠣ ᠳᠡᠶᠢᠯᠦᠨ᠎ᠡ ᠭᠡᠵᠦ ᠢᠯᠡᠷᠬᠡᠶᠢᠯᠡᠳᠡᠭ᠃ ᠢᠩᠬᠢᠭᠡᠳ᠂ ᠬᠤᠬᠢᠷᠠᠯ ᠠᠮᠰᠠᠭᠰᠠᠳ ᠠᠯᠬᠤᠮ ᠠᠯᠬᠤᠮ ᠢᠶᠠᠷ ᠵᠠᠬᠢᠶᠠᠯᠠᠭ᠎ᠠ ᠶᠢᠨ ᠣᠨᠠᠭᠤᠯᠢ ᠳᠤ ᠮᠡᠬᠡᠯᠡᠭᠳᠡᠵᠦ᠂ ᠴᠦᠭᠡᠨ ᠪᠣᠰᠣ ᠬᠦᠮᠦᠰ ᠪᠠᠷᠠᠭᠠᠨ ᠤ ᠮᠦᠩᠭᠦ ᠪᠠ ᠬᠦᠳᠡᠯᠮᠦᠷᠢ ᠶᠢᠨ ᠬᠠᠷᠠᠮᠵᠢ ᠪᠠᠨ ᠠᠪᠬᠤ ᠶᠢᠨ ᠲᠦᠯᠦᠭᠡ ᠣᠯᠠᠮ ᠰᠢᠬᠢᠳᠦᠨ᠎ᠡ᠃     ᠶᠡᠮᠡᠷᠪᠡ ᠮᠠᠳᠠᠭ ᠲᠠᠢ ᠠᠰᠠᠭᠤᠳᠠᠯ ᠲᠣᠯᠭᠠᠷᠠᠪᠠᠯ ᠴᠦᠮ 110 ᠪᠣᠶᠣ 96110 ᠳᠤ ᠣᠲᠠᠰᠣᠳᠠᠵᠣ ᠯᠠᠪᠯᠠᠭᠠᠷᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号