ᠨᠠᠮᠤᠷ ᠡᠪᠤᠯ ᠤᠨ ᠤᠯᠠᠷᠢᠯ ᠬᠦᠬᠡ ᠡᠪᠡᠰᠤ ᠪᠠᠭ᠎ᠠ ᠴᠤ ᠨᠤᠭᠤᠭᠠᠨ ᠳᠠᠷᠤᠰᠢ ᠡᠯᠪᠡᠭ ᠪᠠᠶᠢᠳᠠᠭ ᠪᠤᠯᠬᠤᠷ | ᠮᠠᠯᠴᠢᠤᠨ ᠴᠤ ᠦᠬᠡᠷ ᠳᠡᠵᠢᠬᠡᠬᠦ ᠳᠤ ᠤᠯᠠᠨ ᠵᠠᠷᠤᠵᠤ ᠪᠤᠢ᠃ ᠬᠡᠳᠡᠯ᠎ᠡ ᠵᠢᠭᠠᠬᠠᠨ ᠪᠤᠯᠭᠤᠮᠵᠢᠯᠠᠬᠤ ᠦᠬᠡᠢ ᠪᠤᠯ ᠮᠠᠯ | ᠬᠤᠤᠷᠳᠠᠭᠳᠠᠵᠤ ᠦᠬᠦᠬᠦ ᠶᠠᠪᠤᠳᠠᠯ ᠬᠠᠶᠠ ᠭᠠᠷᠬᠤ ᠳᠤᠯᠠ ᠳᠡᠵᠢᠬᠡᠯᠬᠡ ᠶᠢᠨ ᠳᠠᠯ᠎ᠠ ᠪᠠᠷ ᠠᠩᠬᠠᠷᠤᠭᠤᠰᠢᠳᠠᠢ ᠤᠴᠢᠷ | ᠪᠠᠶᠢᠳᠠᠭ᠃ | 1. ᠨᠤᠭᠤᠭᠠᠨ ᠳᠠᠷᠤᠰᠢ ᠶᠢᠨ ᠴᠢᠨᠠᠷ ᠤᠨ ᠰᠠᠶᠢᠨ ᠮᠠᠭᠤ ᠶᠢ ᠠᠩᠬᠠᠷᠬᠤ | ᠨᠤᠭᠤᠭᠠᠨ ᠳᠠᠷᠤᠰᠢ ᠶᠢ ᠬᠦᠢᠴᠡᠤᠨ ᠢᠰᠬᠡᠳᠡᠯᠡ 30 — 50 ᠡᠳᠤᠷ ᠬᠡᠷᠡᠭᠰᠡᠳᠡᠭ᠃ ᠪᠤᠷᠴᠠᠭ ᠤᠨ | ᠤᠷᠭᠤᠮᠠᠯ ᠢ ᠢᠰᠬᠡᠬᠦ ᠳᠤ 3 ᠰᠠᠷ᠎ᠠ ᠤᠷᠴᠢᠮ ᠬᠡᠷᠡᠭᠰᠡᠨ᠎ᠡ᠃ ᠨᠤᠭᠤᠭᠠᠨ ᠳᠠᠷᠤᠰᠢ ᠶᠢ ᠳᠠᠷᠤᠰᠢᠭᠤᠯᠵᠤ ᠪᠠᠷᠠᠭᠰᠡᠨ ᠤ | ᠳᠠᠷᠠᠭ᠎ᠠ ᠭᠠᠷᠭᠠᠵᠤ ᠠᠪᠬᠤ ᠳᠤ ᠦᠩᠬᠡ ᠨᠢ ᠨᠤᠭᠤᠭᠠᠨ ︵ᠬᠤᠷᠢᠶᠠᠬᠤ ᠦᠶ᠎ᠡ ᠰᠢᠷ᠎ᠠ ᠦᠩᠬᠡᠳᠠᠢ᠂ ᠳᠠᠷᠤᠰᠢᠭᠤᠯᠬᠤ | ᠦᠶ᠎ᠡ ᠰᠢᠷ᠎ᠠ ᠬᠦᠷᠡᠩ ᠦᠩᠬᠡᠳᠠᠢ︶ ᠠᠷᠢᠬᠢᠨ ᠤ ᠢᠰᠦᠭᠰᠡᠨ ᠦᠨᠤᠷᠳᠠᠢ᠂ ᠵᠦᠬᠡᠯᠡᠨ ᠴᠢᠬᠢᠭᠯᠢᠭ ᠴᠢᠨᠠᠷᠳᠠᠢ ᠪᠠᠶᠢᠪᠠᠯ | ᠬᠠᠮᠤᠭ ᠰᠠᠶᠢᠨ᠂ ᠬᠡᠷᠪᠡ ᠦᠩᠬᠡ ᠨᠢ ᠬᠠᠷᠠᠪᠳᠤᠷ ᠪᠤᠶᠤ ᠬᠦᠶᠤᠬᠡᠨ ᠬᠦᠷᠡᠩ᠂ ᠢᠰᠬᠦᠯᠠᠩ ᠤᠨ ᠳᠤᠳᠤᠷ᠎ᠠ ᠦᠮᠤᠬᠡᠢ | ᠦᠨᠤᠷ ᠭᠠᠷᠴᠤ᠂ ᠪᠦᠳᠤᠬᠦᠯᠢᠭ ᠬᠠᠳᠠᠭᠤ ᠪᠠᠶᠢᠪᠠᠯ ᠴᠢᠨᠠᠷ ᠨᠢ ᠮᠠᠭᠤᠳᠠᠭᠰᠡᠨ ᠳᠤ ᠳᠤᠭᠠᠴᠠᠭᠳᠠᠨ᠎ᠠ᠃ ᠸᠠᠯᠠᠨ | ᠢᠯᠵᠢᠷᠡᠵᠤ᠂ ᠴᠢᠨᠠᠷ ᠬᠤᠪᠢᠷᠠᠭᠰᠡᠨ ᠢ ᠬᠡᠷᠡᠭᠯᠡᠵᠤ ᠪᠤᠯᠬᠤ ᠦᠬᠡᠢ᠃ | 2. ᠵᠤᠭᠤᠷᠢ ᠶᠢ ᠨᠡᠬᠡᠬᠡᠵᠤ ᠨᠤᠭᠤᠭᠠᠨ ᠳᠠᠷᠤᠰᠢ ᠠᠪᠬᠤ ᠳᠤ ᠬᠡᠰᠡᠭ ᠬᠤᠪᠢᠶᠠᠨ᠎ᠠ | ᠨᠤᠭᠤᠭᠠᠨ ᠳᠠᠷᠤᠰᠢ ᠶᠢ ᠠᠪᠬᠤ ᠳᠤ ᠵᠤᠭᠤᠷᠢ ᠶᠢᠨ ᠨᠢᠬᠡ ᠳᠠᠯ᠎ᠠ ᠠᠴᠠ ᠡᠬᠢᠯᠡᠵᠤ᠂ ᠵᠤᠬᠢᠬᠤ ᠵᠤᠵᠠᠭᠠᠨ ᠤ | ᠬᠡᠮᠵᠢᠶ᠎ᠡ ᠪᠠᠷ ᠭᠠᠳᠠᠷᠭᠤ ᠠᠴᠠ ᠨᠢ ᠨᠢᠬᠡ ᠳᠠᠪᠬᠤᠷ᠂ ᠨᠢᠬᠡ ᠳᠠᠪᠬᠤᠷ ᠢᠶᠠᠷ ᠳᠤᠷᠤᠭᠰᠢ ᠠᠪᠤᠨ᠎ᠠ᠃ ᠡᠬᠦᠨ ᠳᠤ | ᠰᠢᠷᠤᠢ᠂ ᠡᠯᠳᠡᠪ ᠵᠦᠢᠯ ᠤᠨ ᠶᠠᠭᠤᠮ᠎ᠠ ᠤᠷᠤᠬᠤ ᠠᠴᠠ ᠬᠢᠴᠢᠶᠡᠵᠤ᠂ ᠨᠤᠭᠤᠭᠠᠨ ᠳᠠᠷᠤᠰᠢ ᠶᠢᠨ ᠭᠠᠳᠠᠷᠭᠤ ᠶᠢᠨ | ᠳᠡᠭᠰᠢᠬᠡᠨ ᠪᠠᠶᠢᠬᠤ ᠶᠢ ᠪᠠᠳᠤᠯᠠᠬᠤ ᠬᠡᠷᠡᠭᠳᠠᠢ᠃ ᠨᠢᠬᠡ ᠯᠠ ᠭᠠᠵᠠᠷ ᠠᠴᠠ ᠨᠦᠬᠡ ᠮᠠᠯᠳᠠᠬᠤ ᠮᠡᠳᠤ ᠪᠠᠷ ᠠᠪᠬᠤ ᠨᠢ | ᠮᠠᠭᠤ ᠪᠠᠶᠢᠳᠠᠭ᠃ | 3. ᠡᠳᠤᠷ ᠪᠦᠷᠢ ᠭᠠᠷᠭᠠᠨ ᠠᠪᠬᠤ ᠬᠡᠮᠵᠢᠶ᠎ᠡ ᠪᠠᠨ ᠠᠩᠬᠠᠷᠤᠨ᠎ᠠ | ᠤᠳᠠᠭ᠎ᠠ ᠪᠦᠷᠢ ᠠᠪᠬᠤ ᠳᠤ ᠨᠢᠬᠡ ᠡᠳᠤᠷ ᠤᠨ ᠳᠡᠵᠢᠬᠡᠬᠦ ᠬᠡᠮᠵᠢᠶ᠎ᠡ ᠪᠠᠷ ᠢᠶᠠᠨ ᠠᠪᠴᠤ ᠢᠯᠡᠬᠦᠳᠡᠵᠤ ᠢᠯᠵᠢᠷᠡᠬᠦ | ᠠᠴᠠ ᠰᠡᠷᠬᠡᠶᠢᠯᠡᠬᠦ ᠬᠡᠷᠡᠭᠳᠠᠢ᠃ | 4. ᠴᠠᠭ ᠳᠤᠬᠠᠢ ᠳᠤ ᠨᠢ ᠵᠤᠭᠤᠷᠢ ᠶᠢᠨ ᠠᠮᠠᠰᠠᠷ ᠢ ᠨᠢᠭᠳᠠ ᠪᠢᠳᠡᠬᠦᠮᠵᠢᠯᠡᠨ᠎ᠡ | ᠨᠤᠭᠤᠭᠠᠨ ᠳᠠᠷᠤᠰᠢ ᠶᠢ ᠠᠪᠤᠭᠰᠡᠨ ᠤ ᠳᠠᠷᠠᠭ᠎ᠠ ᠴᠠᠭ ᠳᠤᠬᠠᠢ ᠳᠤ ᠨᠢ ᠵᠤᠭᠤᠷᠢ ᠶᠢᠨ ᠠᠮᠠᠰᠠᠷ ᠢ ᠨᠢᠭᠳᠠ | ᠪᠢᠳᠡᠬᠦᠮᠵᠢᠯᠡᠵᠤ᠂ ᠨᠤᠭᠤᠭᠠᠨ ᠳᠠᠷᠤᠰᠢ ᠶᠢ ᠤᠳᠠᠭᠠᠨ ᠬᠤᠭᠤᠴᠠᠭ᠎ᠠ ᠠᠭᠠᠷ ᠲᠠᠢ ᠵᠤᠯᠭᠠᠭᠤᠯᠬᠤ ᠦᠬᠡᠢ ᠪᠠᠶᠢᠵᠤ᠂ | ᠳᠡᠵᠢᠬᠡᠬᠦ ᠳᠤᠮᠳᠠ ᠮᠠᠯ ᠳᠡᠵᠢᠬᠡᠪᠤᠷᠢ ᠶᠢᠨ ᠬᠤᠤᠷᠳᠠᠭᠳᠠᠬᠤ ᠪᠤᠶᠤ ᠡᠪᠡᠤᠨᠴᠢᠨ ᠳᠠᠬᠤᠯ ᠤᠯᠬᠤ ᠠᠴᠠ ᠰᠡᠷᠬᠡᠶᠢᠯᠡᠬᠦ | ᠬᠡᠷᠡᠭᠳᠠᠢ᠃ | 5. ᠨᠤᠭᠤᠭᠠᠨ ᠳᠠᠷᠤᠰᠢ ᠪᠠᠷ ᠳᠡᠵᠢᠬᠡᠬᠦ ᠬᠡᠮᠵᠢᠶ᠎ᠡ ᠪᠠᠨ ᠠᠭᠠᠵᠢᠮ ᠢᠶᠠᠷ ᠶᠡᠬᠡᠰᠬᠡᠨ᠎ᠡ | ᠨᠤᠭᠤᠭᠠᠨ ᠳᠠᠷᠤᠰᠢ ᠢᠰᠬᠦᠯᠡᠩ ᠠᠮᠳᠠᠳᠠᠢ ᠪᠤᠯᠬᠤᠷ ᠡᠬᠢᠯᠡᠨ ᠳᠡᠵᠢᠬᠡᠬᠦ ᠳᠤ ᠵᠠᠷᠢᠮ ᠬᠡᠷ ᠤᠨ ᠳᠡᠵᠢᠬᠡᠪᠤᠷᠢ | ᠳᠡᠰᠳᠠᠯᠠ ᠵᠤᠬᠢᠬᠤ ᠬᠤᠭᠤᠴᠠᠭ᠎ᠠ ᠬᠡᠷᠡᠭᠰᠡᠳᠡᠭ᠃ ᠡᠶᠢᠮᠤ ᠠᠴᠠ ᠳᠡᠵᠢᠬᠡᠬᠦ ᠳᠤ ᠪᠠᠨ ᠪᠠᠭ᠎ᠠ ᠠᠴᠠ ᠶᠡᠬᠡᠰᠬᠡᠵᠤ | ᠠᠯᠬᠤᠮ ᠳᠠᠷᠠᠭ᠎ᠠ ᠲᠠᠢ ᠶᠠᠪᠤᠭᠳᠠᠭᠤᠯᠤᠨ᠎ᠠ᠃ ᠳᠤᠭᠤᠯ ᠪᠤᠶᠤ 5 ᠰᠠᠷ᠎ᠠ ᠪᠤᠯᠵᠤ ᠪᠠᠶᠢᠭ᠎ᠠ ᠳᠤᠭᠤᠯ ᠳᠤ ᠵᠠᠪᠠᠯ | ᠪᠠᠭᠠᠬᠠᠨ ᠨᠤᠭᠤᠭᠠᠨ ᠳᠠᠷᠤᠰᠢ ᠦᠭᠬᠦᠨ᠎ᠠ᠃ ᠶᠡᠷᠤ ᠶᠢᠨ ᠪᠠᠶᠢᠳᠠᠯ ᠳᠤ ᠰᠠᠭᠠᠯᠢ ᠶᠢᠨ ᠦᠨᠢᠶ᠎ᠡ ᠪᠦᠷᠢ ᠳᠤ 20 — | 25 ᠺᠢᠯᠤᠭ᠍ᠷᠠᠮ᠂ ᠪᠤᠷᠳᠤᠨ ᠳᠠᠷᠭᠤᠯᠠᠭᠤᠯᠵᠤ ᠪᠠᠶᠢᠭ᠎ᠠ ᠦᠬᠡᠷ ᠲᠤ 15 — 25 ᠺᠢᠯᠤᠭ᠍ᠷᠠᠮ ᠦᠭᠬᠦᠨ᠎ᠠ᠃ | ᠦᠨᠢᠶ᠎ᠡ ᠳᠤᠭᠤᠯᠯᠠᠬᠤ ᠤᠶᠢᠷᠠᠳᠤᠬᠤ ᠳᠤ ᠨᠤᠭᠤᠭᠠᠨ ᠳᠠᠷᠤᠰᠢ ᠶᠢᠨ ᠬᠡᠮᠵᠢᠶ᠎ᠡ ᠶᠢ ᠪᠠᠭᠠᠰᠬᠠᠨ᠎ᠠ᠂ ᠤᠴᠢᠷ ᠨᠢ | ᠨᠤᠭᠤᠭᠠᠨ ᠳᠠᠷᠤᠰᠢ ᠢᠰᠬᠦᠯᠠᠩ ᠴᠢᠨᠠᠷᠳᠠᠢ᠂ ᠬᠡᠳᠤᠷᠡᠳᠡᠯ᠎ᠡ ᠢᠳᠡᠬᠦᠯᠪᠡᠯ ᠬᠡᠬᠡᠯ ᠬᠠᠶᠠᠳᠠᠭ᠃ | 6. ᠵᠤᠬᠢᠰᠳᠠᠢ ᠳᠤᠬᠢᠷᠠᠭᠤᠯᠬᠤ ᠶᠢ ᠠᠩᠬᠠᠷᠬᠤ | ᠨᠤᠭᠤᠭᠠᠨ ᠳᠠᠷᠤᠰᠢ ᠬᠡᠳᠤᠶᠢᠪᠡᠷ ᠨᠢᠬᠡ ᠵᠦᠢᠯ ᠤᠨ ᠴᠢᠨᠠᠷᠯᠢᠭ ᠪᠦᠳᠤᠬᠦᠯᠢᠭ ᠪᠤᠷᠳᠤᠭ᠎ᠠ ᠪᠤᠯᠪᠠᠴᠤ ᠬᠡᠷ ᠤᠨ | ᠳᠡᠵᠢᠬᠡᠪᠤᠷᠢ ᠶᠢᠨ ᠰᠢᠮ᠎ᠠ ᠳᠡᠵᠢᠬᠡᠯ ᠤᠨ ᠱᠠᠭᠠᠷᠳᠠᠯᠭ᠎ᠠ ᠳᠤ ᠵᠤᠬᠢᠴᠠᠭᠤᠯᠤᠨ᠂ ᠵᠤᠬᠢᠬᠤ ᠬᠡᠮᠵᠢᠶᠡᠨ ᠤ ᠨᠠᠷᠢᠯᠢᠭ | ᠪᠤᠷᠳᠤᠭ᠎ᠠ ᠪᠤᠯᠤᠨ ᠪᠤᠰᠤᠤᠨ ᠪᠤᠷᠳᠤᠭ᠎ᠠ ᠲᠠᠢ ᠵᠤᠬᠢᠰᠳᠠᠢ ᠳᠤᠬᠢᠷᠠᠭᠤᠯᠵᠤ ᠪᠤᠷᠳᠤᠭᠠᠨ ᠤ ᠠᠰᠢᠭᠯᠠᠯᠳᠠ ᠶᠢᠨ ᠨᠤᠷᠮ᠎ᠠ | ᠶᠢ ᠳᠡᠬᠡᠭᠰᠢᠯᠡᠬᠦᠯᠤᠨ᠎ᠠ᠃ ᠬᠡᠷᠪᠡ ᠨᠤᠭᠤᠭᠠᠨ ᠳᠠᠷᠤᠰᠢ ᠶᠢᠨ ᠢᠰᠬᠦᠯᠠᠩ ᠴᠢᠨᠠᠷ ᠶᠡᠭᠡ ᠪᠠᠶᠢᠪᠠᠯ ᠳᠡᠵᠢᠬᠡᠬᠦ ᠬᠡᠮᠵᠢᠶ᠎ᠡ | ᠪᠠᠨ ᠪᠠᠭᠠᠰᠬᠠᠬᠤ ᠪᠤᠶᠤ ᠪᠤᠰᠤᠤᠨ ᠠᠷᠭ᠎ᠠ ᠠᠪᠤᠨ᠎ᠠ᠃ ᠵᠢᠱᠢᠶᠡᠯᠡᠪᠡᠯ᠂ 5% — 10% ᠶᠢᠨ ᠴᠤᠬᠤᠶᠢᠳᠤ | ᠤᠰᠤ ᠪᠠᠷ ᠵᠢᠭᠤᠷᠠᠵᠤ ᠳᠠᠬᠢᠨ ᠳᠡᠵᠢᠬᠡᠬᠦ ᠪᠤᠶᠤ ᠬᠤᠯᠢᠮᠠᠭ ᠪᠤᠷᠳᠤᠭᠠᠨ ᠳᠤ 12% ᠶᠢᠨ ᠪᠠᠭ᠎ᠠ ᠰᠤᠳᠠ ᠬᠢᠵᠤ᠂ | ᠬᠤᠳᠤᠭᠤᠳᠤ ᠶᠢᠨ ᠳᠤᠳᠤᠷᠠᠬᠢ ᠢᠰᠬᠦᠯᠠᠩ ᠤᠨ ᠬᠡᠮᠵᠢᠶ᠎ᠡ ᠶᠢ ᠪᠠᠭᠤᠷᠠᠭᠤᠯᠤᠨ᠎ᠠ᠃ ᠬᠡᠷᠪᠡ ᠨᠤᠭᠤᠭᠠᠨ ᠳᠠᠷᠤᠰᠢ ᠶᠢᠨ | ᠦᠩᠬᠡ ᠨᠢ ᠬᠠᠷ᠎ᠠ ᠬᠦᠷᠡᠩ ᠪᠤᠶᠤ ᠬᠠᠷ᠎ᠠ ᠨᠤᠭᠤᠭᠠᠨ᠂ ᠦᠮᠡᠬᠡᠢ ᠦᠨᠤᠷᠳᠠᠢ ᠪᠤᠶᠤ ᠦᠮᠤᠬᠡᠶᠢᠷᠡᠵᠤ ᠢᠯᠵᠢᠷᠡᠨ᠂ | ᠠᠤᠨᠬᠤᠬᠤ ᠳᠤ ᠨᠠᠭᠠᠯᠳᠤᠵᠤ ᠪᠠᠶᠢᠪᠠᠯ ᠨᠢᠬᠡᠨᠳᠠ ᠴᠢᠨᠠᠷ ᠨᠢ ᠬᠤᠪᠢᠷᠠᠭᠰᠡᠨ ᠪᠠᠶᠢᠵᠤ᠂ ᠬᠡᠷ ᠤᠨ ᠳᠡᠵᠢᠬᠡᠪᠤᠷᠢ ᠶᠢ | ᠶᠠᠭᠠᠬᠢᠭᠰᠡᠨ ᠴᠤ ᠡᠬᠦᠨ ᠢᠶᠠᠷ ᠳᠡᠵᠢᠬᠡᠵᠤ ᠪᠤᠯᠬᠤ ᠦᠬᠡᠢ᠃ ᠴᠠᠭ ᠳᠤᠬᠠᠢ ᠳᠤ ᠨᠢ ᠬᠠᠶᠠᠵᠤ ᠬᠡᠬᠡᠬᠦ ᠬᠡᠷᠡᠭᠳᠠᠢ᠃ | 7. ᠬᠤᠤᠷᠳᠠᠭᠳᠠᠭᠰᠡᠨ ᠪᠠᠶᠢᠳᠠᠯ ᠭᠠᠷᠪᠠᠯ ᠰᠢᠯᠳᠠᠭᠠᠨ ᠢ ᠨᠢ ᠡᠷᠢᠵᠤ ᠭᠠᠷᠭᠠᠨ ᠪᠠᠶᠢᠳᠠᠯ ᠳᠤ ᠨᠢ | ᠳᠤᠬᠢᠷᠠᠭᠤᠯᠤᠨ ᠵᠠᠰᠠᠨ᠎ᠠ | ᠨᠤᠭᠤᠭᠠᠨ ᠳᠠᠷᠤᠰᠢ ᠢᠯᠵᠢᠷᠡᠭᠰᠡᠨ ᠠᠴᠠ ᠪᠤᠯᠵᠤ ᠬᠤᠤᠷᠳᠠᠭᠳᠠᠭᠰᠡᠨ ᠪᠠᠶᠢᠪᠠᠯ ᠤᠷᠢᠤᠨ ᠢᠶᠠᠷ ᠬᠤᠤᠷ ᠢ ᠨᠢ | ᠬᠦᠬᠡᠬᠡᠭᠰᠡᠨ ᠤ ᠳᠠᠷᠠᠭ᠎ᠠ ᠳᠠᠬᠢᠨ ᠰᠢᠮ᠎ᠠ ᠳᠡᠵᠢᠬᠡᠯ ᠨᠦᠬᠦᠪᠤᠷᠢᠯᠡᠬᠦ ᠶᠢᠨ ᠬᠠᠮᠳᠤ ᠵᠤᠬᠢᠬᠤ ᠬᠡᠮᠵᠢᠶᠡᠨ ᠤ ᠵᠢᠷᠤᠬᠡ ᠶᠢ | ᠨᠢ ᠳᠠᠮᠢᠷᠵᠢᠭᠤᠯᠬᠤ ᠡᠮ ᠳᠠᠷᠢᠨ᠎ᠠ᠃ | | |