ᠮᠦᠷ ᠵᠡᠷᠬᠡᠴᠡᠨ ᠠᠯᠬᠤᠬᠤ ᠬᠦᠯ ᠦᠬᠡᠢ ᠴᠤ ᠮᠦᠷᠤ ᠵᠡᠷᠬᠡᠴᠡᠨ ᠤᠷᠤᠭᠰᠢᠯᠠᠬᠤ ᠵᠤᠷᠢᠭ ᠳᠡᠬᠦᠯᠳᠡᠷ
ᠨᠡᠶᠢᠲᠡᠯᠡᠭᠰᠡᠨ ᠴᠠᠭ᠄
2021/8/9
    ᠤᠶᠤᠨᠪᠢᠯᠢᠭ᠌ ᠬᠡᠳᠡᠭ ᠰᠠᠶᠢᠨ ᠱᠠᠬᠠᠢ ᠬᠠᠳᠠᠭᠴᠢ ᠶᠢ ᠤᠳᠤᠭ ᠤᠨ ᠡᠮᠤᠨᠡᠳᠤ ᠬᠤᠰᠢᠭᠤᠨ ᠤ ᠤᠯᠵᠠᠴᠢ ᠪᠠᠯᠭᠠᠰᠤᠨ ᠳᠤ ᠮᠠᠳᠡᠬᠦ ᠦᠬᠡᠢ ᠬᠦᠮᠤᠨ ᠬᠡᠵᠤ ᠠᠯᠠᠭ᠎ᠠ᠃ ᠳᠡᠷᠠ ᠱᠠᠬᠠᠢ ᠰᠠᠶᠢᠨ ᠦᠳᠡᠵᠤ ᠬᠠᠳᠠᠳᠠᠭ ᠮᠡᠷᠬᠡᠵᠢᠯ  ᠢᠶᠠᠷ ᠢᠶᠠᠨ ᠤᠯᠠᠨ ᠳᠤ ᠳᠠᠨᠢᠭᠳᠠᠵᠤ ᠲᠦᠮᠡᠨ ᠳᠤ ᠮᠡᠳᠡᠷᠡᠭᠳᠡᠵᠡᠢ᠃ ᠤᠶᠤᠨᠪᠢᠯᠢᠭ᠌ ᠬᠡᠳᠤᠶᠢᠪᠡᠷ ᠬᠦᠯ ᠵᠡᠮᠳᠡᠭ ᠪᠤᠯᠪᠠᠴᠤ ᠬᠦᠴᠤᠳᠤ ᠶᠡᠭᠡ ᠰᠡᠤᠨᠬᠢᠯ ᠤᠨ ᠳᠠᠮᠢᠷ ᠳᠡᠩᠬᠡᠬᠡ ᠪᠠᠷ ᠢᠶᠠᠨ ᠬᠡᠨ ᠠᠴᠠ ᠴᠤ ᠳᠤᠳᠠᠭᠤ ᠦᠬᠡᠢ ᠠᠵᠢᠯ ᠠᠮᠢᠳᠤᠷᠠᠯ ᠢᠶᠠᠨ ᠦᠬᠡᠳᠡᠯᠡᠬᠦᠯᠵᠤ ᠶᠠᠪᠤᠭ᠎ᠠ ᠨᠢ ᠬᠦᠨᠳᠤᠤᠨᠬᠡᠯᠳᠠᠢ᠂ ᠪᠢᠰᠢᠷᠡᠬᠦᠰᠢᠳᠠᠢ᠃     ᠤᠶᠤᠨᠪᠢᠯᠢᠭ᠌ ᠡᠬᠡᠴᠢ ᠳᠡᠬᠦᠤ ᠤᠯᠠᠭᠤᠯᠠ᠂ ᠠᠮᠢᠳᠤᠷᠠᠯ ᠬᠦᠴᠢᠷ ᠲᠠᠢ ᠪᠠᠶᠢᠭᠰᠡᠨ ᠳᠤᠯᠠ ᠪᠠᠭ᠎ᠠ ᠰᠤᠷᠭᠠᠭᠤᠯᠢ  ᠪᠠᠨ ᠳᠡᠬᠦᠰᠬᠡᠮᠡᠭᠴᠡ ᠠᠷᠤ ᠬᠡᠷ ᠲᠡᠭᠡᠨ ᠬᠠᠷᠢᠵᠤ ᠬᠠᠷᠠᠬᠠᠨ ᠪᠠᠭ᠎ᠠ ᠠᠴᠠ ᠪᠠᠨ ᠱᠠᠬᠠᠢ ᠬᠤᠪᠴᠠᠰᠤ ᠤᠶᠤᠵᠤ᠂ ᠭᠠᠷ ᠤᠷᠠᠯᠠᠯ ᠬᠢᠵᠤ ᠪᠠᠶᠢᠭᠰᠡᠨ ᠮᠦᠷᠳᠡᠬᠡᠨ ᠮᠤᠳᠤᠨ ᠳᠠᠷᠬᠠᠨ ᠤ ᠠᠵᠢᠯ ᠢ ᠴᠦ ᠤᠯᠠᠨ ᠵᠢᠯ ᠬᠢᠵᠤ ᠦᠩᠬᠡᠷᠡᠵᠠᠢ᠃ ᠤᠶᠤᠨᠪᠢᠯᠢᠭ᠌ 1986 ᠤᠨ ᠳᠤ ᠠᠶᠢᠯ ᠡᠷᠤᠬᠡ ᠪᠤᠰᠬᠠᠵᠤ ᠬᠡᠷ ᠪᠠᠶᠢᠰᠢᠩ ᠪᠠᠷᠢᠭᠠᠤᠨ ᠦᠷᠢᠳᠦᠭᠰᠡᠨ ᠮᠢᠩᠭ᠎ᠠ ᠢᠯᠡᠬᠦᠤ ᠲᠦᠬᠦᠷᠢᠭ ᠤᠨ ᠦᠷᠢ ᠪᠠᠨ  ᠬᠤᠯᠠᠬᠤ ᠶᠢᠨ ᠲᠦᠯᠤᠬᠡ ᠬᠤᠳᠠ ᠤᠷᠤᠵᠤ ᠱᠠᠬᠠᠢ ᠬᠠᠳᠠᠬᠤ ᠪᠤᠳᠤᠯ ᠤᠷᠭᠤᠪᠠ᠃ ᠡᠨᠡ ᠪᠤᠳᠤᠯ ᠢᠶᠠᠨ ᠲᠦᠷᠤᠯ ᠰᠠᠳᠤᠨ ᠳᠠᠭᠠᠨ ᠬᠡᠯᠡᠭᠰᠡᠨ ᠳᠤ᠄ ︽ᠬᠤᠳᠠ ᠤᠷᠤᠬᠤ ᠬᠡᠷᠡᠭ ᠦᠬᠡᠢ᠂ ᠳᠡᠷᠡ ᠬᠤᠳᠠ ᠭᠠᠵᠠᠷ ᠬᠡᠳᠡᠭ ᠴᠢᠨᠢ ᠬᠦᠯ ᠭᠠᠷ ᠲᠠᠢ ᠨᠢ ᠴᠤ ᠠᠮᠢᠳᠤᠷᠠᠵᠤ ᠳᠠᠶᠢᠯᠬᠦ ᠦᠬᠡᠢ ᠪᠠᠶᠢᠬᠤ ᠳᠤ ᠴᠢ ᠨᠢᠬᠡ ᠮᠦᠯᠬᠦᠭᠰᠡᠨ ᠬᠦᠮᠤᠨ ᠠᠮᠢᠳᠤᠷᠠᠨ᠎ᠠ ᠬᠡᠭᠴᠢ ᠳᠠᠶᠢᠮᠤ ᠬᠢᠯᠪᠠᠷ ᠪᠢᠰᠢ ᠡ᠂ ᠬᠦᠳᠡᠭᠡ ᠳᠡᠭᠡᠨ ᠰᠠᠭᠤᠭᠰᠡᠨ ᠨᠢ ᠳᠡᠬᠡᠷ᠎ᠡ︾ ᠬᠡᠵᠤ ᠰᠠᠨᠠᠭ᠎ᠠ ᠨᠢᠬᠡᠳᠡᠢ ᠡᠰᠡᠷᠬᠦᠴᠡᠵᠡᠢ᠃ ᠬᠡᠪᠡᠴᠤ ︽ᠵᠤᠷᠢᠭ ᠪᠠᠶᠢᠪᠠᠯ ᠵᠤᠷᠢᠭᠰᠡᠨ ᠳᠠᠭᠠᠨ︾ ᠬᠡᠳᠡᠭᠴᠢᠯᠡᠨ 1993 ᠤᠨ ᠳᠤ ᠤᠶᠤᠨᠪᠢᠯᠢᠭ᠌ ᠬᠦᠤ ᠪᠠᠨ ᠰᠤᠷᠭᠠᠭᠤᠯᠢ ᠳᠤ ᠰᠠᠭᠤᠯᠭᠠᠵᠤ᠂ ᠦᠪᠡᠷ ᠢᠶᠠᠨ ᠱᠠᠬᠠᠢ ᠬᠠᠳᠠᠬᠤ ᠠᠵᠢᠯ ᠬᠢᠬᠦ ᠪᠠᠷ ᠤᠯᠵᠠᠴᠢ ᠪᠠᠯᠭᠠᠰᠤᠨ ᠳᠤ ᠤᠴᠢᠵᠠᠢ᠃ ᠳᠡᠷᠡ ᠬᠤᠰᠢᠭᠤᠨ ᠲᠦᠪ ᠲᠠᠬᠢ ᠬᠤᠳᠠᠯᠳᠤᠭᠠᠨ ᠤ ᠵᠠᠬ᠎ᠠ  ᠶᠢᠨ ᠨᠢᠬᠡ ᠱᠠᠬᠠᠢ ᠬᠠᠳᠠᠭᠴᠢ ᠶᠢ ᠪᠠᠭᠰᠢ ᠪᠠᠷᠢᠭᠰᠡᠨ ᠳᠤ ᠳᠡᠬᠦᠨ ᠢ ᠱᠠᠬᠠᠢ ᠦᠳᠡᠬᠦ ᠪᠠᠭᠠᠵᠢ ᠶᠢ ᠴᠦ ᠬᠦᠯ ᠢᠶᠠᠷ  ᠢᠶᠠᠨ ᠬᠠᠪᠴᠢᠨ ᠬᠡᠷᠡᠭᠯᠡᠵᠤ ᠳᠠᠶᠢᠯᠬᠦ ᠦᠬᠡᠢ ᠬᠡᠵᠤ ᠵᠤᠷᠢᠭ ᠢ ᠨᠢ ᠮᠤᠬᠤᠭᠠᠭᠰᠡᠨ ᠦᠬᠡ ᠬᠡᠯᠡᠭᠰᠡᠨ ᠪᠤᠯᠪᠠᠴᠤ ᠬᠤᠪᠢ ᠵᠠᠶᠠᠭᠠᠨ ᠤ ᠡᠮᠤᠨ᠎ᠡ ᠶᠡᠷᠤ ᠠᠴᠠ ᠳᠤᠯᠤᠭᠠᠢ ᠪᠦᠬᠦᠶᠢᠳᠡᠭ ᠦᠬᠡᠢ ᠤᠶᠤᠨᠪᠢᠯᠢᠭ᠌ ᠡᠨᠡ ᠦᠬᠡᠨ ᠳᠤ ᠵᠤᠷᠢᠭ ᠰᠢᠨᠳᠠᠷᠠᠭᠰᠡᠨ ᠦᠬᠡᠢ᠂ ᠬᠠᠷᠢᠨ ᠪᠠᠭᠰᠢ ᠳᠠᠭᠠᠵᠤ ᠬᠡᠳᠤᠨ ᠡᠳᠤᠷ ᠬᠢᠬᠡᠤᠨ ᠱᠠᠬᠠᠢ ᠦᠳᠡᠬᠦ ᠪᠠᠭᠠᠵᠢ ᠶᠢ ᠦᠪᠡᠷ ᠤᠨ ᠳᠡᠮ ᠢᠶᠠᠷ ᠢᠶᠠᠨ ᠬᠡᠷᠡᠭᠯᠡᠵᠤ ᠰᠤᠷᠤᠭᠰᠡᠨ ᠳᠤ᠄ ︽ᠮᠡᠷᠬᠡᠵᠢᠯ ᠴᠢᠨᠢ ᠠᠰᠠᠭᠤᠳᠠᠯ ᠦᠬᠡᠢ᠂ ᠴᠢ ᠤᠳᠤ ᠦᠪᠡᠷ ᠢᠶᠠᠨ  ᠬᠢ︾ ᠬᠡᠵᠤ ᠪᠠᠭᠰᠢ ᠨᠢ ᠵᠤᠷᠢᠭᠵᠢᠭᠤᠯᠤᠭᠰᠡᠨ ᠪᠠᠶᠢᠪᠠ᠃ ᠢᠩᠬᠢᠬᠡᠤᠨ ᠳᠡᠷᠠ ᠱᠠᠬᠠᠢ ᠬᠠᠳᠠᠬᠤ ᠠᠵᠢᠯ ᠢᠶᠠᠨ ᠡᠬᠢᠯᠡᠬᠦᠯᠵᠤ ᠬᠢᠬᠡᠤᠨ ᠬᠠᠭᠠᠰ ᠵᠢᠯ ᠬᠢᠷᠢᠳᠠᠢ ᠡᠳᠤᠷ ᠪᠦᠷᠢ ᠬᠡᠳᠤᠬᠡᠨ ᠲᠦᠬᠦᠷᠢᠭ ᠯᠡ ᠤᠯᠳᠠᠭ ᠪᠠᠶᠢᠯ᠎ᠠ᠃ ︽ᠪᠢ ᠬᠡᠳᠤᠶᠢᠪᠡᠷ ᠵᠡᠮᠳᠡᠭ ᠪᠤᠯᠪᠠᠴᠤ ᠨᠢᠬᠡ ᠠᠶᠢᠯ ᠬᠡᠷ ᠤᠨ ᠡᠵᠡᠨ ᠳᠤᠯᠭᠠᠭᠤᠷᠢ ᠪᠤᠯᠬᠤᠷ ᠦᠷ᠎ᠠ ᠬᠡᠤᠬᠡᠤᠨ ᠢᠶᠠᠨ ᠰᠤᠷᠭᠠᠭᠤᠯᠢ ᠳᠤ ᠰᠠᠭᠤᠯᠭᠠᠵᠤ᠂ ᠠᠮᠢᠳᠤᠷᠠᠯ ᠢᠶᠠᠨ ᠡᠷᠬᠦᠵᠤ ᠶᠠᠪᠤᠬᠤ ᠶᠤᠰᠤᠳᠠᠢ᠃ ᠮᠦᠨ ᠴᠦ ᠤᠯᠠᠨ ᠤ ᠵᠤᠷᠢᠭᠵᠢᠭᠤᠯᠤᠯ ᠤᠨ ᠦᠬᠡᠨ ᠳᠤ ᠤᠷᠮᠠᠰᠢᠵᠤ ᠠᠵᠢᠯ ᠢᠶᠠᠨ ᠦᠷᠬᠦᠯᠵᠢᠯᠡᠨ ᠬᠢᠪᠠ᠃ ᠨᠢᠬᠡ ᠵᠢᠯ ᠤᠨ ᠳᠠᠷᠠᠭ᠎ᠠ ᠤᠷᠤᠯᠭ᠎ᠠ ᠰᠠᠶᠢᠵᠢᠷᠠᠵᠤ ᠠᠮᠢᠳᠤᠷᠠᠯ ᠴᠦ ᠭᠠᠶᠢᠭᠤᠢ ᠪᠤᠯᠤᠭᠰᠡᠨ ᠶᠤᠮ︾ ᠬᠡᠵᠤ ᠤᠶᠤᠨᠪᠢᠯᠢᠭ᠌ ᠴᠠᠶᠢᠯᠭᠠᠨ ᠶᠠᠷᠢᠪᠠ᠃     ᠳᠡᠮᠠᠢ ᠤᠳᠠᠯ ᠦᠬᠡᠢ ᠤᠶᠤᠨᠪᠢᠯᠢᠭ᠌ ᠡᠬᠡᠨᠡᠷ ᠬᠡᠤᠬᠡᠤᠨ ᠢᠶᠠᠨ ᠴᠦ ᠬᠦᠳᠡᠭᠡ ᠠᠴᠠ ᠬᠤᠰᠢᠭᠤᠨ ᠲᠦᠪ ᠲᠤ ᠠᠪᠴᠢᠷᠠᠵᠤ᠂ 3 ᠵᠢᠯ ᠤᠨ ᠤᠷᠤᠯᠭ᠎ᠠ ᠪᠠᠷ ᠢᠶᠠᠨ ᠬᠡᠷ ᠤᠷᠤᠨ ᠪᠤᠰᠬᠠᠨ᠂ ᠬᠡᠤᠬᠡᠤᠨ ᠢᠶᠠᠨ ᠪᠢᠴᠢᠭ ᠨᠤᠮ ᠦᠵᠡᠬᠦᠯᠵᠤ᠂ ᠬᠤᠳᠠ ᠶᠢᠨ ᠠᠶᠢᠯ ᠠᠴᠠ ᠳᠤᠳᠠᠭᠤᠳᠠᠬᠤ ᠦᠬᠡᠢ ᠠᠮᠢᠳᠤᠷᠠᠬᠤ ᠪᠤᠯᠪᠠ᠃ ᠤᠶᠤᠨᠪᠢᠯᠢᠭ᠌ ᠡᠬᠦᠨ ᠠᠴᠠ ᠬᠤᠶᠢᠰᠢ ᠤᠯᠠᠮ ᠵᠤᠷᠢᠭᠵᠢᠨ᠂ ᠳᠡᠰᠬᠢᠮ᠎ᠠ ᠬᠦᠢᠳᠡᠨ᠂ ᠠᠭᠠᠬᠢᠮ᠎ᠠ ᠬᠠᠯᠠᠭᠤᠨ ᠢ ᠬᠠᠶᠢᠬᠤᠷᠤᠯ ᠦᠬᠡᠢ ᠪᠠᠷ ᠭᠤᠳᠤᠮᠵᠢᠨ ᠳᠤ ᠨᠠᠢᠮᠠᠨ ᠵᠢᠯ ᠱᠠᠬᠠᠢ ᠬᠠᠳᠠᠵᠠᠢ᠃ ᠤᠶᠤᠨᠪᠢᠯᠢᠭ᠌ ᠳᠤᠬᠠᠢ ᠶᠢᠨ ᠦᠶ᠎ᠡ ᠶᠢᠨ ᠪᠠᠶᠢᠳᠠᠯ ᠢᠶᠠᠨ ᠡᠷᠬᠢᠴᠡᠬᠦᠯᠤᠨ ᠶᠠᠷᠢᠬᠤ ᠳᠠᠭᠠᠨ᠄ ︽ᠳᠡᠷᠠ ᠦᠶ᠎ᠡ ᠳᠤ ᠡᠪᠤᠯ ᠪᠤᠯᠪᠠᠯ ᠪᠢᠯᠡᠬᠦᠤ ᠬᠦᠯᠳᠡᠵᠤ᠂ ᠬᠠᠯᠢᠪ ᠢᠶᠠᠷ ᠱᠦᠷᠬᠦᠬᠡᠴᠢᠬᠡᠬᠡᠤᠨ ᠯᠠ ᠬᠢᠳᠡᠭ ᠪᠠᠶᠢᠭᠰᠡᠨ︾ ᠬᠡᠯ᠎ᠡ᠃ ᠰᠡᠬᠦᠯᠡᠷ ᠨᠢ ᠠᠷᠠᠯᠵᠢᠶ᠎ᠠ ᠰᠠᠶᠢᠵᠢᠷᠠᠭᠰᠡᠨ ᠳᠤ ᠵᠢᠵᠢᠭ ᠬᠡᠷ ᠲᠦᠷᠢᠶᠡᠰᠤᠯᠡᠨ ᠱᠠᠬᠠᠢ ᠬᠠᠳᠠᠬᠤ ᠳᠡᠯᠬᠡᠬᠦᠷ ᠨᠡᠬᠡᠬᠡᠵᠠᠢ᠃ ᠢᠩᠬᠢᠬᠡᠤᠨ ᠤᠶᠤᠨᠪᠢᠯᠢᠭ᠌ ᠬᠤᠰᠢᠭᠤᠨ ᠲᠦᠪ ᠲᠤ ᠬᠠᠮᠤᠭ ᠤᠨ ᠠᠩᠬᠠᠨ ᠳᠡᠯᠬᠡᠬᠦᠷ ᠨᠡᠬᠡᠬᠡᠭᠰᠡᠨ ᠱᠠᠬᠠᠢ ᠬᠠᠳᠠᠭᠴᠢ ᠪᠤᠯᠤᠭᠰᠡᠨ ᠪᠢᠯᠡ᠃ ᠤᠶᠤᠨᠪᠢᠯᠢᠭ᠌ ᠡᠨᠡ ᠳᠡᠯᠬᠡᠬᠦᠷ  ᠢᠶᠠᠨ ᠨᠡᠬᠡᠬᠡᠬᠡᠤᠨ ᠤᠳᠤ ᠨᠢᠬᠡᠨᠳᠠ ᠬᠤᠷᠢᠨ ᠬᠠᠪᠤᠷ ᠨᠠᠮᠤᠷ ᠢ ᠡᠯᠡᠬᠡᠪᠡ᠃ ᠳᠡᠷᠡ ᠠᠵᠢᠯ ᠢᠶᠠᠨ ᠴᠢᠨᠠᠷᠯᠢᠭ ᠨᠠᠶᠢᠳᠠᠪᠤᠷᠢᠳᠠᠢ᠂ ᠦᠨᠡᠨᠴᠢ ᠢᠳᠡᠬᠡᠮᠵᠢᠳᠠᠢ ᠬᠢᠳᠡᠭ ᠠᠴᠠ ᠬᠡᠷᠡᠭᠯᠡᠭᠴᠢᠤᠨ ᠡᠳᠤᠷ ᠢᠷᠡᠬᠦᠶ᠎ᠠ ᠤᠯᠠᠰᠢᠷᠠᠵᠤ᠂ ᠤᠷᠤᠯᠭ᠎ᠠ  ᠨᠢ ᠴᠤ ᠤᠯᠠᠮ ᠢᠶᠠᠷ ᠰᠠᠶᠢᠵᠢᠷᠠᠨ᠂ ᠤᠳᠤ ᠵᠢᠯ ᠳᠤ10 ᠲᠦᠮᠡᠨ ᠲᠦᠬᠦᠷᠢᠭ ᠤᠨ ᠤᠷᠤᠯᠭ᠎ᠠ ᠲᠠᠢ ᠴᠢᠨᠡᠬᠡᠯᠢᠭ ᠠᠮᠢᠳᠤᠷᠠᠯ ᠲᠠᠢ ᠪᠤᠯᠵᠠᠢ᠃     ᠤᠶᠤᠨᠪᠢᠯᠢᠭ᠌ ᠵᠠᠯᠠᠭᠤ ᠪᠠᠶᠢᠬᠤ ᠳᠠᠭᠠᠨ ᠭᠤᠷᠪᠠᠨ ᠵᠢᠯ ᠳᠠᠷᠠᠭᠠᠯᠠᠨ ︽ᠰᠢᠯᠢᠳᠡᠭ ᠡᠪᠯᠡᠯ ᠤᠨ ᠬᠡᠰᠢᠬᠦᠨ︾ ᠢᠶᠠᠷ ᠰᠤᠩᠭᠤᠭᠳᠠᠵᠤ᠂ 1998 ᠤᠨ ᠳᠤ ᠨᠠᠮ ᠳᠤ ᠤᠷᠤᠵᠡᠢ᠃ ︽ᠪᠢ ᠬᠡᠳᠤᠶᠢᠪᠡᠷ ᠮᠦᠷ ᠵᠡᠷᠬᠡᠴᠡᠨ ᠠᠯᠬᠤᠬᠤ ᠬᠦᠯ ᠦᠬᠡᠢ ᠴᠦ ᠮᠦᠷᠤ ᠵᠡᠷᠬᠡᠴᠡᠨ ᠤᠷᠤᠭᠰᠢᠯᠠᠬᠤ ᠵᠤᠷᠢᠭ ᠲᠠᠢ᠃ ᠳᠡᠷᠠ ᠦᠶᠡᠰ ᠠᠴᠠ ᠬᠢᠬᠦ ᠶᠤᠰᠤᠳᠠᠢ ᠠᠵᠢᠯ ᠢᠶᠠᠨ ᠪᠦᠷ ᠬᠢᠵᠤ᠂ ᠤᠯᠬᠤ ᠶᠤᠰᠤᠳᠠᠢ ᠵᠦᠢᠯ ᠢᠶᠠᠨ ᠪᠦᠷ ᠤᠯᠤᠭᠰᠠᠭᠠᠷ ᠢᠷᠡᠵᠡᠢ᠃ ᠤᠳᠤ ᠠᠮᠢᠳᠤᠷᠠᠯ ᠳᠤᠭᠳᠠᠪᠤᠷᠢᠵᠢᠨ᠂ ᠬᠦᠤ ᠴᠦ ᠪᠤᠷᠤᠪᠠᠯᠭᠠᠰᠤᠨ ᠳᠤ ᠠᠯᠪᠠᠨ ᠠᠵᠢᠯ ᠬᠢᠵᠤ ᠠᠶᠢᠯ ᠬᠡᠷ ᠪᠤᠯᠴᠢᠬᠠᠵᠠᠢ᠃ ᠬᠦᠤ ᠪᠠᠨ ᠰᠤᠷᠭᠠᠭᠤᠯᠢ ᠳᠤ ᠰᠠᠭᠤᠯᠭᠠᠬᠤ ᠪᠠᠷ ᠢᠷᠡᠭᠰᠡᠨ ᠬᠦᠮᠤᠨ ᠤᠳᠤ ᠤᠮᠪᠤᠯᠤ ᠪᠠᠨ ᠴᠦ ᠰᠤᠷᠭᠠᠭᠤᠯᠢ ᠳᠤ ᠰᠠᠭᠤᠯᠭᠠᠴᠢᠬᠠᠯ᠎ᠠ᠃ ᠡᠨᠡ ᠠᠵᠢᠯ  ᠢᠶᠠᠨ ᠦᠷᠬᠦᠯᠵᠢᠯᠡᠨ ᠬᠢᠬᠦ ᠨᠢ ᠵᠢᠷᠠ ᠬᠦᠷᠦᠭᠰᠡᠨ ᠨᠠᠳᠠ ᠳᠤ ᠠᠰᠢᠭᠳᠠᠢ᠂ ᠠᠷᠠᠤᠨ ᠲᠦᠮᠡᠨ ᠳᠤ ᠴᠤ ᠪᠠᠭ᠎ᠠ ᠰᠠᠭ᠎ᠠ ᠤᠶᠢᠯᠡᠴᠢᠯᠡᠴᠢᠬᠡᠨ᠎ᠡ︾ ᠬᠡᠵᠤ ᠳᠡᠷᠠ ᠭᠠᠷ ᠢᠶᠠᠨ ᠨᠤᠬᠤᠯᠬᠢᠯᠠᠨ ᠶᠠᠷᠢᠨ᠎ᠠ᠃     ᠤᠶᠤᠨᠪᠢᠯᠢᠭ᠌ ᠤᠨ ᠡᠪᠡᠷᠰᠢᠵᠤ ᠬᠠᠳᠠᠭᠤᠷᠠᠭᠰᠡᠨ ᠬᠤᠶᠠᠷ ᠭᠠᠷ ᠨᠢ ᠳᠡᠬᠦᠨ ᠤ ᠳᠤᠭᠤᠯᠵᠤ ᠢᠷᠡᠭᠰᠡᠨ ᠶᠡᠷᠤ ᠪᠤᠰᠤ ᠶᠢᠨ ᠠᠮᠢᠳᠤᠷᠠᠯ ᠤᠨ ᠬᠠᠯᠠ ᠵᠤᠪᠠᠯᠠᠩ ᠢ ᠬᠦᠤᠷᠨᠢᠵᠤ ᠪᠠᠶᠢᠬᠤ ᠳᠤ ᠴᠤᠭ ᠵᠤᠯᠢ ᠲᠠᠢ ᠬᠤᠶᠠᠷ ᠨᠢᠳᠤ ᠨᠢ ᠬᠠᠷᠢᠨ ᠠᠮᠢᠳᠤᠷᠠᠯ ᠤᠨ ᠬᠦᠴᠢᠷ ᠪᠡᠷᠬᠡᠰᠢᠶᠡᠯ ᠢ ᠶᠡᠷᠤ ᠠᠴᠠ ᠤᠪᠠᠶᠢᠨ ᠳᠤ ᠪᠠᠨ ᠠᠪᠤᠭ᠎ᠠ ᠦᠬᠡᠢ ᠶᠤᠮ ᠰᠢᠭ ᠰᠠᠨᠠᠭᠳᠠᠭᠤᠯᠤᠨ᠎ᠠ᠃
 
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠨᠡᠶᠢᠳᠡᠯᠡᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号