ᠤᠳᠤᠭ ᠤᠨ ᠡᠮᠤᠨᠡᠳᠤ ᠬᠤᠰᠢᠭᠤᠨ ᠤ ᠨᠠᠩᠰᠤ ᠪᠠᠯᠭᠠᠰᠤ ᠶᠢᠨ ᠨᠠᠩᠰᠤ ᠭᠠᠴᠠᠭ᠎ᠠ ᠪᠠᠷ ᠨᠤᠳᠤᠭ ᠲᠠᠢ | ᠮᠡᠷᠬᠡᠨᠴᠢᠯᠠᠭᠤ ᠶᠢᠨ ᠬᠢᠨ ᠪᠤᠯ ᠮᠠᠯ ᠢᠶᠠᠨ ᠪᠦᠳᠤᠨ ᠵᠢᠯ ᠢᠶᠠᠷ ᠬᠠᠰᠢᠶᠠᠯᠠᠨ ᠳᠡᠵᠢᠬᠡᠳᠡᠭ ᠡᠷᠤᠬᠡ ᠶᠤᠮ᠃ ᠳᠠᠳᠠᠨ ᠤ | ᠬᠢᠨ 400 ᠮᠤ᠋ ᠪᠡᠯᠴᠢᠬᠡᠷ ᠲᠠᠢ᠂ ᠳᠠᠷᠢᠶᠠᠨ ᠭᠠᠵᠠᠷ ᠨᠡᠬᠡᠬᠡᠭᠰᠡᠨ ᠦᠬᠡᠢ ᠪᠤᠯᠬᠤᠷ 500 ᠰᠢᠬᠠᠮ ᠪᠤᠭ ᠮᠠᠯ᠂ 40 | ᠤᠷᠴᠢᠮ ᠪᠤᠬ᠎ᠠ ᠪᠠᠨ ᠡᠪᠡᠰᠤ ᠪᠤᠷᠳᠤᠭ᠎ᠠ ᠬᠤᠳᠠᠯᠳᠤᠨ ᠠᠪᠴᠤ ᠳᠡᠵᠢᠬᠡᠵᠤ ᠪᠤᠢ᠃ | ᠮᠡᠷᠬᠡᠨᠴᠢᠯᠠᠭᠤ ᠭᠤᠸᠠᠢ ᠡᠨᠡ ᠵᠢᠯ 65 ᠨᠠᠰᠤᠳᠠᠢ᠂ 2015 ᠤᠨ ᠳᠤ ᠠᠷᠠᠤᠨ ᠤᠨ ᠪᠠᠭᠰᠢ ᠶᠢᠨ ᠠᠵᠢᠯ | ᠠᠴᠠ ᠪᠠᠨ ᠠᠮᠠᠷᠠᠭᠰᠡᠨ ᠤ ᠳᠠᠷᠠᠭ᠎ᠠ ᠬᠦᠳᠡᠭᠡ ᠳᠡᠭᠡᠨ ᠬᠠᠷᠢᠵᠤ ᠦᠬᠡᠷ ᠮᠠᠯᠵᠢᠪᠠ᠃ ︽ᠬᠦᠳᠡᠭᠡ ᠳᠤ ᠠᠭᠤᠷ | ᠠᠮᠢᠰᠬᠤᠯ ᠰᠠᠶᠢᠨ᠂ ᠠᠵᠢᠯ ᠬᠦᠳᠡᠯᠮᠤᠷᠢ ᠳᠤ ᠤᠷᠤᠯᠴᠠᠪᠠᠯ ᠪᠡᠶ᠎ᠡ ᠰᠡᠤᠨᠬᠢᠯ ᠰᠠᠶᠢᠬᠠᠨ ᠪᠤᠯᠤᠨ᠎ᠠ᠂ ᠨᠠᠩ ᠴᠢᠬᠤᠯᠠ ᠨᠢ | ᠪᠠᠰᠠ ᠠᠰᠢᠭ ᠤᠷᠤᠯᠭ᠎ᠠ ᠤᠯᠴᠢᠬᠠᠨ᠎ᠠ︾ ᠬᠡᠵᠤ ᠮᠡᠷᠬᠡᠨᠴᠢᠯᠠᠭᠤ ᠶᠠᠷᠢᠨ᠎ᠠ᠃ ᠨᠢᠳᠤᠨᠤᠨ ᠳᠡᠷᠠ ᠲᠦᠩᠯᠢᠶᠤᠤ ᠠᠴᠠ | ᠰᠢᠯᠢᠳᠡᠭ ᠡᠬᠦᠯᠳᠡᠷ ᠤᠨ ᠪᠤᠬ᠎ᠠ ᠬᠤᠳᠠᠯᠳᠤᠨ ᠠᠪᠴᠢᠷᠠᠭᠠᠤᠨ ᠪᠤᠷᠳᠤᠨ ᠳᠠᠷᠭᠤᠯᠠᠭᠤᠯᠵᠤ᠂ ᠨᠢᠬᠡ ᠪᠦᠯᠦᠭ ᠢ ᠨᠢ | ᠪᠤᠬ᠎ᠠ ᠮᠠᠯ ᠢᠶᠠᠷ ᠬᠤᠳᠠᠯᠳᠤᠵᠤ᠂ ᠪᠤᠰᠤᠤᠨ ᠢ ᠨᠢ ᠠᠯᠠᠰᠢᠨ ᠤ ᠦᠬᠡᠷ ᠢᠶᠠᠷ ᠪᠤᠷᠤᠯᠠᠭᠤᠯᠪᠠ᠃ ᠦᠪᠡᠷ ᠤᠨ ᠦᠷᠳᠡᠭ | ᠢᠶᠠᠨ ᠭᠠᠷᠭᠠᠪᠠᠯ ᠪᠤᠬ᠎ᠠ ᠪᠦᠷᠢ ᠠᠴᠠ 4000 — 5000 ᠲᠦᠬᠦᠷᠢᠭ ᠤᠨ ᠤᠷᠤᠯᠭ᠎ᠠ ᠤᠯᠳᠠᠭ ᠪᠠᠶᠢᠨ᠎ᠠ᠃ | ᠨᠢᠳᠤᠨᠤᠨ ᠠᠴᠠ ᠨᠠᠭᠠᠰᠢ ᠬᠠᠰᠢᠶ᠎ᠠ ᠰᠠᠷᠠᠪᠴᠢ ᠪᠠᠷᠢᠵᠤ᠂ ᠮᠠᠰᠢᠨ ᠲᠦᠬᠦᠬᠡᠷᠤᠮᠵᠢ ᠤᠭᠰᠠᠷᠠᠭᠠᠤᠨ ᠨᠠᠶᠠᠭᠠᠤᠨ ᠲᠦᠮᠡᠨ | ᠲᠦᠬᠦᠷᠢᠭ ᠤᠨ ᠪᠡᠯᠡ ᠤᠷᠤᠭᠤᠯᠵᠤ᠂ ᠠᠷᠠᠴᠢᠯᠡᠨ ᠳᠡᠵᠢᠬᠡᠬᠦ ᠠᠵᠢᠯ ᠳᠤ ᠪᠦᠷᠢᠨ ᠨᠦᠬᠦᠴᠡᠯ ᠬᠠᠩᠭᠠᠪᠠ᠃ | ᠡᠨᠡ ᠵᠢᠯ ᠤᠨ ᠭᠠᠩ ᠬᠠᠭᠰᠠᠷᠠᠭᠠᠨ ᠬᠡᠴᠡᠬᠦᠤ᠂ ᠡᠪᠡᠰᠤ ᠪᠤᠷᠳᠤᠭ᠎ᠠ ᠴᠦ ᠬᠠᠷᠢᠴᠠᠩᠭᠤᠢ ᠦᠨ᠎ᠠ ᠲᠠᠢ᠂ ᠬᠡᠰᠡᠭ | ᠲᠡᠭᠡᠨ ᠮᠠᠯ ᠤᠨ ᠵᠠᠬ᠎ᠠ ᠴᠤ ᠬᠠᠭᠠᠭᠳᠠᠬᠤ ᠪᠠᠶᠢᠳᠠᠯ ᠭᠠᠷᠳᠠᠭ᠂ ᠬᠡᠪᠡᠴᠤ ᠠᠶᠠᠨᠳᠠᠭᠠᠨ ᠪᠦᠷ ᠰᠠᠶᠢᠬᠠᠨ ᠪᠤᠯᠬᠤ | ᠪᠠᠶᠢᠯᠬᠦᠢ᠃ ᠪᠤᠬ᠎ᠠ ᠬᠤᠳᠠᠯᠳᠤᠨ ᠠᠪᠴᠢᠷᠠᠵᠤ ᠪᠤᠷᠳᠤᠨ ᠳᠠᠷᠭᠤᠯᠠᠭᠤᠯᠤᠭᠠᠤᠨ ᠳᠠᠬᠢᠨ ᠪᠤᠷᠤᠯᠠᠭᠤᠯᠬᠤ ᠨᠢ ᠡᠷᠬᠢᠯᠳᠠ | ᠲᠦᠷᠬᠡᠨ᠂ ᠤᠷᠤᠯᠭ᠎ᠠ ᠴᠤ ᠬᠠᠨᠤᠮᠵᠢᠳᠠᠢ᠃ ᠰᠡᠬᠦᠯᠡᠷ ᠬᠡᠪᠴᠢᠶ᠎ᠠ ᠪᠠᠨ ᠨᠡᠮᠡᠭᠳᠡᠬᠦᠯᠬᠦ ᠰᠠᠨᠠᠭᠠᠳᠠᠢ︾ ᠬᠡᠵᠤ | ᠮᠡᠷᠬᠡᠨᠴᠢᠯᠠᠭᠤ ᠶᠠᠷᠢᠵᠤ ᠪᠠᠶᠢᠯ᠎ᠠ᠃ |