ᠶᠠᠩ ᠶᠢᠩ ᠰᠢᠨ ᠬᠤᠰᠢᠭᠤ ᠠᠷᠠᠤᠨ ᠤᠨ ᠵᠠᠰᠠᠭ ᠤᠨ ᠤᠷᠳᠤᠨ ᠤ 2021 ᠤᠨ ᠤ ᠠᠷᠪᠠᠨ ᠲᠦᠷᠪᠡᠳᠤᠬᠡᠷ ᠤᠳᠠᠭᠠᠨ ᠤ ᠪᠠᠶᠢᠩᠭᠤ ᠶᠢᠨ ᠬᠤᠷᠠᠯ ᠢ ᠡᠷᠬᠢᠯᠡᠨ ᠬᠤᠷᠠᠯᠳᠤᠭᠤᠯᠪᠠ
ᠨᠡᠶᠢᠲᠡᠯᠡᠭᠰᠡᠨ ᠴᠠᠭ᠄
2021/9/30
    9 ᠰᠠᠷ᠎ᠠ ᠶᠢᠨ 27 ᠤ ᠡᠳᠤᠷ᠂ ᠬᠤᠰᠢᠭᠤ ᠨᠠᠮ ᠤᠨ ᠬᠤᠷᠢᠶᠠᠨ ᠤ ᠳᠡᠳ᠋ ᠱᠦᠵᠢ᠂ ᠵᠠᠰᠠᠭ ᠤᠨ ᠤᠷᠳᠤᠨ ᠤ ᠤᠷᠤᠯᠠᠭᠴᠢ ᠬᠤᠰᠢᠭᠤ ᠳᠠᠷᠤᠭ᠎ᠠ ᠶᠠᠩ ᠶᠢᠩ ᠰᠢᠨ ᠬᠤᠰᠢᠭᠤ ᠠᠷᠠᠤᠨ ᠤᠨ ᠵᠠᠰᠠᠭ ᠤᠨ ᠤᠷᠳᠤᠨ ᠤ 2021 ᠤᠨ  ᠤ ᠠᠷᠪᠠᠨ ᠲᠦᠷᠪᠡᠳᠤᠬᠡᠷ ᠤᠳᠠᠭᠠᠨ ᠤ ᠪᠠᠶᠢᠩᠭᠤ ᠶᠢᠨ ᠬᠤᠷᠠᠯ ᠢ ᠡᠷᠬᠢᠯᠡᠨ ᠬᠤᠷᠠᠯᠳᠤᠭᠤᠯᠪᠠ᠃     ᠬᠤᠷᠠᠯ ᠠᠴᠠ ᠶᠡᠷᠤᠩᠬᠡᠢ ᠱᠦᠵᠢ ᠰᠢ ᠶᠢᠨ ᠫᠢᠩ ᠤᠨ ᠱᠠᠨᠰᠢ ᠶᠢᠨ ᠳᠡᠮᠡᠬᠡᠳᠤ ᠳᠤ ᠪᠠᠶᠢᠴᠠᠭᠠᠨ ᠰᠤᠳᠤᠯᠬᠤ ᠦᠶ᠎ᠡ ᠶᠢᠨ ᠴᠢᠬᠤᠯᠠ ᠵᠢᠭᠠᠪᠤᠷᠢ ᠶᠢᠨ ᠵᠤᠷᠢᠭ ᠰᠠᠨᠠᠭ᠎ᠠ ᠶᠢ ᠤᠯᠠᠮᠵᠢᠯᠠᠨ ᠰᠤᠷᠤᠯᠴᠠᠵᠤ᠂ ᠶᠡᠷᠤᠩᠬᠡᠢ ᠱᠦᠵᠢ ᠰᠢ ᠶᠢᠨ ᠫᠢᠩ ᠤᠨ ᠴᠢᠬᠤᠯᠠ ᠵᠢᠭᠠᠪᠤᠷᠢ ᠶᠢᠨ ᠵᠤᠷᠢᠭ ᠰᠠᠨᠠᠭ᠎ᠠ ᠶᠢ ᠰᠠᠶᠢᠳᠤᠷ ᠰᠤᠷᠤᠯᠴᠠᠨ ᠳᠤᠤᠱᠯᠠᠭᠤᠯᠬᠤ ᠨᠢ  ᠪᠢᠳᠠᠨ ᠤ   ︽ᠠᠷᠪᠠᠨ ᠲᠦᠷᠪᠡᠳᠤᠬᠡᠷ ᠳᠠᠪᠤᠨ ᠵᠢᠯ︾ ᠤᠨ ᠡᠬᠢᠯᠡᠯᠳᠠ᠂ ᠰᠢᠨ᠎ᠠ ᠠᠶᠠᠨ ᠤ ᠡᠷᠡᠮᠡᠬᠡᠢ ᠳᠠᠪᠰᠢᠯᠳᠠ ᠳᠤ ᠴᠢᠬᠤᠯᠠ ᠠᠴᠢ ᠬᠤᠯᠪᠤᠭᠳᠠᠯ ᠲᠠᠢ ᠶᠤᠮ᠃ ᠪᠦᠬᠦ ᠬᠤᠰᠢᠭᠤ ᠪᠠᠷ ᠢᠶᠠᠨ ᠬᠦᠨᠵᠡᠬᠡᠢ ᠰᠤᠷᠤᠯᠴᠠᠨ ᠨᠠᠷᠢᠨ ᠤᠶᠢᠯᠠᠭᠠᠵᠤ᠂ ᠶᠡᠷᠤᠩᠬᠡᠢ ᠱᠦᠵᠢ ᠰᠢ ᠶᠢᠨ ᠫᠢᠩ ᠤᠨ ᠨᠡᠬᠦᠷᠡᠰᠤ ᠪᠠᠷ ᠰᠠᠭᠤᠷᠢ ᠪᠤᠯᠭᠠᠭᠰᠡᠨ ᠬᠢᠮᠢ ᠶᠢᠨ ᠠᠵᠤ ᠤᠶᠢᠯᠡᠤᠨᠪᠤᠷᠢ ᠶᠢᠨ ᠳᠤᠬᠠᠢ ᠵᠢᠭᠠᠪᠤᠷᠢ ᠶᠢᠨ ᠱᠠᠭᠠᠷᠳᠠᠯᠭ᠎ᠠ ᠶᠢ ᠪᠦᠬᠦ ᠳᠠᠯ᠎ᠠ ᠪᠠᠷ ᠳᠤᠤᠱᠯᠠᠭᠤᠯᠤᠨ ᠨᠠᠶᠢᠳᠠᠪᠤᠷᠢᠵᠢᠭᠤᠯᠵᠤ᠂ ᠠᠮᠢ ᠠᠬᠤᠶᠢᠴᠢ ᠳᠤᠤᠷ᠎ᠠ ᠨᠡᠬᠦᠷᠡᠰᠤᠳᠦ᠋ᠷᠦᠭᠴᠢᠳᠤ ᠬᠦᠭᠵᠢᠯᠳᠠ ᠶᠢᠨ ᠴᠢᠭᠯᠡᠯ ᠶᠤᠰᠤᠭᠠᠷ᠂ ᠨᠡᠬᠦᠷᠡᠰᠤᠳᠦ᠋ᠷᠦᠭᠴᠢ ᠶᠢᠨ ᠤᠷᠬᠢᠯᠰᠢᠯ᠂ ᠨᠡᠬᠦᠷᠡᠰᠤᠳᠦ᠋ᠷᠦᠭᠴᠢ ᠶᠢᠨ ᠰᠠᠭᠠᠷᠮᠠᠭᠵᠢᠭᠤᠯᠤᠯ ᠤᠨ ᠬᠠᠷᠠᠯᠳᠠ ᠡᠬᠦᠷᠬᠡ ᠶᠢ ᠪᠡᠶᠡᠯᠡᠬᠦᠯᠬᠦ ᠪᠠᠷ ᠪᠠᠷᠢᠮᠵᠢᠶᠠᠯᠠᠵᠤ᠂ ᠮᠠᠨ ᠤ ᠬᠤᠰᠢᠭᠤᠨ ᠤ ᠪᠤᠳᠠᠳᠤ ᠪᠠᠶᠢᠳᠠᠯ ᠳᠤ ᠰᠠᠭᠤᠷᠢᠯᠠᠨ᠂ ᠨᠡᠬᠦᠷᠡᠰᠤᠨ ᠤ ᠬᠡᠷᠡᠭᠯᠡᠭᠡ ᠶᠢᠨ ᠬᠡᠯᠪᠡᠷᠢ ᠶᠢ ᠬᠤᠪᠢᠷᠠᠭᠤᠯᠤᠨ ᠳᠡᠰ ᠳᠡᠪᠰᠢᠬᠦᠯᠬᠦ ᠶᠢ ᠠᠬᠢᠭᠤᠯᠵᠤ᠂ ᠨᠡᠬᠦᠷᠡᠰᠤ ᠬᠢᠮᠢ ᠶᠢᠨ ᠠᠵᠤ ᠤᠶᠢᠯᠡᠤᠨᠪᠤᠷᠢ ᠶᠢᠨ ᠤᠶᠢᠯᠡᠰ ᠤᠨ ᠦᠵᠤᠬᠦᠷᠰᠢᠭᠰᠡᠨ᠂ ᠤᠯᠠᠨ ᠡᠰᠢᠵᠢᠭᠰᠡᠨ᠂ ᠳᠤᠤᠷ᠎ᠠ ᠨᠡᠬᠦᠷᠡᠰᠤᠳᠦ᠋ᠷᠦᠭᠵᠢᠭᠰᠡᠨ ᠬᠦᠭᠵᠢᠯᠳᠠ ᠶᠢ ᠠᠬᠢᠭᠤᠯᠬᠤ ᠬᠡᠷᠡᠭᠳᠠᠢ ᠬᠡᠵᠤ ᠴᠢᠬᠤᠯᠠᠴᠢᠯᠠᠭᠰᠡᠨ ᠪᠠᠶᠢᠨ᠎ᠠ᠃     ᠬᠤᠷᠠᠯ ᠠᠴᠠ ᠪᠦᠬᠦ ᠬᠤᠰᠢᠭᠤᠨ ᠤ ᠨᠠᠮ ᠤᠨ ᠶᠠᠪᠤᠳᠠᠯ ᠵᠠᠰᠠᠭ ᠤᠨ ᠶᠠᠪᠤᠳᠠᠯ ᠤᠨ ᠤᠶᠢᠯᠡᠴᠢᠯᠡᠬᠡᠨ ᠤ ᠬᠠᠯᠠᠮᠰᠢᠯ ᠤᠳᠠᠰᠤ ᠶᠢ ᠬᠦᠢᠴᠡᠤᠨᠬᠡᠭᠰᠡᠨ ᠪᠠᠶᠢᠳᠠᠯ ᠤᠨ ᠬᠠᠷᠢᠭᠤ ᠮᠡᠳᠡᠬᠦᠯᠤᠯᠳᠠ ᠶᠢ ᠰᠤᠨᠤᠭᠰᠡᠨ ᠮᠦᠷᠳᠡᠬᠡᠨ ᠳᠠᠷᠠᠭᠠᠴᠢ ᠶᠢᠨ ᠠᠯᠬᠤᠮ ᠤᠨ ᠠᠵᠢᠯ ᠢ ᠪᠠᠶᠢᠷᠢᠯᠠᠭᠤᠯᠤᠨ ᠳᠤᠬᠢᠷᠠᠭᠤᠯᠪᠠ᠃ ᠬᠤᠷᠠᠯ ᠠᠴᠠ᠂ ᠨᠠᠮ ᠤᠨ ᠶᠠᠪᠤᠳᠠᠯ ᠵᠠᠰᠠᠭ ᠤᠨ ᠶᠠᠪᠤᠳᠠᠯ ᠤᠨ ᠤᠶᠢᠯᠡᠴᠢᠯᠡᠬᠡᠨ ᠤ ᠬᠠᠯᠠᠮᠰᠢᠯ ᠤᠳᠠᠰᠤ ᠶᠢᠨ ᠬᠦᠢᠴᠡᠤᠨᠬᠡᠯᠳᠠ ᠶᠢ ᠠᠷᠠᠤᠨ ᠤᠨ ᠲᠦᠯᠤᠬᠡ ᠪᠤᠳᠠᠳᠠᠢ ᠶᠠᠪᠤᠳᠠᠯ ᠬᠢᠬᠦ ᠶᠢᠨ ᠴᠢᠬᠤᠯᠠ ᠠᠭᠤᠯᠭ᠎ᠠ ᠪᠤᠯᠭᠠᠵᠤ᠂ ᠬᠠᠷᠢᠭᠤᠴᠠᠯᠭ᠎ᠠ ᠶᠢᠨ ᠨᠠᠶᠢᠳᠠᠪᠤᠷᠢᠵᠢᠭᠤᠯᠤᠯᠳᠠ ᠶᠢ ᠤᠯᠠᠮ ᠴᠢᠩᠭᠠᠤᠨᠬᠠᠨ᠂ ᠳᠤᠭᠳᠠᠭᠰᠡᠨ ᠬᠤᠭᠤᠴᠠᠭ᠎ᠠ ᠲᠠᠢ ᠵᠠᠳᠠᠯᠤᠨ ᠮᠠᠭᠠᠤᠨᠯᠠᠵᠤ᠂ ᠴᠠᠭ ᠳᠤᠬᠠᠢ ᠳᠤ ᠨᠢ ᠰᠢᠢᠤᠨᠪᠤᠷᠢᠯᠡᠨ ᠬᠠᠷᠢᠭᠤᠯᠳᠠ ᠦᠭᠬᠦ ᠬᠡᠷᠡᠭᠳᠠᠢ᠃ ᠵᠠᠷᠯᠠᠨ ᠮᠡᠳᠡᠭᠳᠡᠵᠤ ᠬᠢᠨᠠᠨ ᠰᠢᠯᠭᠠᠬᠤ ᠶᠢ ᠤᠯᠠᠮ ᠨᠢᠬᠡ ᠠᠯᠬᠤᠮ ᠴᠢᠩᠭᠠᠤᠨᠬᠠᠨ᠂ ᠰᠢᠢᠤᠨᠪᠤᠷᠢᠯᠡᠬᠦ ᠶᠠᠰᠤ ᠴᠢᠨᠠᠷ ᠦᠷ᠎ᠠ ᠪᠦᠳᠤᠮᠵᠢ ᠪᠠᠨ ᠳᠡᠬᠡᠭᠰᠢᠯᠡᠬᠦᠯᠵᠤ᠂ ᠨᠠᠮ ᠤᠨ ᠶᠠᠪᠤᠳᠠᠯ ᠵᠠᠰᠠᠭ  ᠤᠨ ᠶᠠᠪᠤᠳᠠᠯ ᠤᠨ ᠤᠶᠢᠯᠡᠴᠢᠯᠡᠬᠡᠨ ᠤ ᠬᠠᠮᠠᠮᠰᠢᠯ ᠤᠳᠠᠰᠤ ᠶᠢ ᠰᠢᠢᠤᠨᠪᠤᠷᠢᠯᠡᠬᠦ ᠨᠤᠷᠮ᠎ᠠ ᠪᠠ ᠤᠯᠠᠨ ᠲᠦᠮᠡᠨ ᠤ ᠬᠠᠨᠤᠮᠵᠢ ᠶᠢ ᠳᠠᠰᠤᠷᠠᠯᠳᠠ ᠦᠬᠡᠢ ᠳᠡᠬᠡᠭᠰᠢᠯᠡᠬᠦᠯᠬᠦ ᠬᠡᠷᠡᠭᠳᠠᠢ ᠬᠡᠵᠤ ᠴᠢᠬᠤᠯᠠᠴᠢᠯᠠᠭᠰᠡᠨ ᠪᠠᠶᠢᠨ᠎ᠠ᠃     ᠬᠤᠷᠠᠯ ᠠᠴᠠ ᠪᠦᠬᠦ ᠬᠤᠰᠢᠭᠤᠨ ᠤ ᠠᠶᠤᠯᠬᠦᠢ ᠤᠶᠢᠯᠡᠤᠨᠪᠤᠷᠢᠯᠡᠯ ᠤᠨ ᠠᠵᠢᠯ ᠤᠨ ᠬᠠᠷᠢᠭᠤ ᠮᠡᠳᠡᠬᠦᠯᠤᠯᠳᠠ ᠶᠢ ᠰᠤᠨᠤᠰᠤᠨ᠂ ᠪᠦᠬᠦ ᠤᠯᠤᠰ ᠪᠠ ᠦᠪᠡᠷᠳᠡᠬᠡᠨ ᠵᠠᠰᠠᠬᠤ ᠤᠷᠤᠨ ᠤ ᠨᠠᠮᠤᠷ ᠡᠪᠤᠯ ᠤᠨ ᠤᠯᠠᠷᠢᠯ ᠤᠨ ᠤᠢ ᠰᠢᠭᠤᠢ ᠨᠤᠳᠤᠭ ᠪᠡᠯᠴᠢᠬᠡᠷ ᠤᠨ ᠭᠠᠯ ᠢ ᠰᠡᠷᠬᠡᠶᠢᠯᠡᠨ ᠤᠨᠳᠠᠷᠠᠭᠠᠬᠤ ᠠᠵᠢᠯ ᠤᠨ ᠲᠧᠯᠸᠢᠰ ᠳ᠋ᠢᠶᠠᠩᠬᠤᠸᠠ ᠬᠤᠷᠠᠯ ᠤᠨ ᠵᠤᠷᠢᠭ ᠰᠠᠨᠠᠭ᠎ᠠ ᠶᠢ ᠤᠯᠠᠮᠵᠢᠯᠠᠨ ᠰᠤᠷᠤᠯᠴᠠᠭᠰᠡᠨ ᠮᠦᠷᠳᠡᠬᠡᠨ ᠤᠢ ᠰᠢᠭᠤᠢ ᠨᠤᠳᠤᠭ ᠪᠡᠯᠴᠢᠬᠡᠷ ᠤᠨ ᠭᠠᠯ ᠢ ᠰᠡᠷᠬᠡᠶᠢᠯᠡᠨ ᠤᠨᠳᠠᠷᠠᠭᠠᠬᠤ ᠠᠵᠢᠯ ᠪᠠ ᠠᠶᠤᠯᠬᠦᠢ ᠤᠶᠢᠯᠡᠤᠨᠪᠤᠷᠢᠯᠡᠯ ᠤᠨ ᠠᠵᠢᠯ ᠢ ᠪᠠᠶᠢᠷᠢᠯᠠᠭᠤᠯᠤᠨ ᠳᠤᠬᠢᠷᠠᠭᠤᠯᠪᠠ᠃ ᠬᠤᠷᠠᠯ  ᠠᠴᠠ᠂ ᠤᠢ ᠰᠢᠭᠤᠢ ᠨᠤᠳᠤᠭ ᠪᠡᠯᠴᠢᠬᠡᠷ ᠤᠨ ᠭᠠᠯ ᠢ ᠰᠡᠷᠬᠡᠶᠢᠯᠡᠨ ᠤᠨᠳᠠᠷᠠᠭᠠᠬᠤ ᠡᠯ᠎ᠡ ᠳᠠᠯ᠎ᠠ ᠶᠢᠨ ᠬᠠᠷᠢᠭᠤᠴᠠᠯᠭ᠎ᠠ  ᠶᠢ ᠤᠯᠠᠮ ᠨᠢᠬᠡ ᠠᠯᠬᠤᠮ ᠨᠠᠶᠢᠳᠠᠪᠤᠷᠢᠵᠢᠭᠤᠯᠤᠨ᠂ ᠰᠡᠷᠬᠡᠶᠢᠯᠡᠬᠦ ᠠᠷᠭ᠎ᠠ ᠠᠪᠴᠠᠯ ᠢᠶᠠᠨ ᠨᠠᠷᠢᠯᠢᠭᠵᠢᠭᠤᠯᠵᠤ᠂ ᠲᠦᠭᠰᠢᠬᠦᠷᠢ ᠬᠡᠨᠡᠳᠡᠯ ᠢ ᠪᠠᠶᠢᠴᠠᠭᠠᠨ ᠴᠡᠭᠴᠡᠯᠡᠬᠦ ᠪᠠᠨ ᠴᠢᠩᠭᠠᠤᠨᠬᠠᠨ᠂ ᠨᠠᠷᠢᠯᠢᠭ ᠤᠨᠤᠪᠴᠢᠳᠠᠢ ᠬᠢᠨᠠᠨ ᠪᠠᠶᠢᠴᠠᠭᠠᠵᠤ ᠤᠷᠢᠤᠨᠴᠢᠯᠡᠨ ᠰᠡᠷᠡᠮᠵᠢᠯᠡᠬᠦᠯᠬᠦ ᠪᠠᠨ ᠴᠢᠩᠭᠠᠤᠨᠬᠠᠵᠤ᠂ ᠠᠷᠠᠤᠨ ᠲᠦᠮᠡᠨ ᠤ ᠠᠮᠢ ᠨᠠᠰᠤ ᠡᠳ᠋ ᠬᠦᠷᠤᠩᠬᠡ ᠶᠢᠨ ᠠᠮᠤᠷ ᠲᠦᠪᠰᠢᠨ ᠪᠠ ᠤᠯᠤᠰ ᠤᠨ ᠠᠮᠢ ᠠᠬᠤᠢ ᠶᠢᠨ ᠠᠮᠤᠷ ᠲᠦᠪᠰᠢᠨ ᠢ ᠦᠨᠡᠨᠬᠦ ᠪᠠᠳᠤᠯᠠᠬᠤ ᠬᠡᠷᠡᠭᠳᠠᠢ᠃ ︽ᠤᠯᠤᠰ ᠤᠨ ᠪᠠᠶᠠᠷ︾ ᠤᠨ ᠠᠮᠠᠷᠠᠯᠳᠠ ᠶᠢᠨ ᠬᠤᠭᠤᠴᠠᠭᠠᠨ ᠳᠠᠬᠢ ᠠᠶᠤᠯᠬᠦᠢ ᠤᠶᠢᠯᠡᠤᠨᠪᠤᠷᠢᠯᠡᠯ᠂ ᠤᠷᠴᠢᠨ ᠳᠤᠭᠤᠷᠢᠨ ᠤ ᠬᠠᠮᠠᠭᠠᠯᠠᠯᠳᠠ᠂ ᠬᠢᠵᠢᠭ ᠤᠨ ᠰᠡᠷᠬᠡᠶᠢᠯᠡᠨ ᠡᠵᠡᠮᠳᠡᠯ᠂ ᠢᠳᠡᠬᠡᠨ ᠡᠮ ᠤᠨ ᠵᠦᠢᠯ ᠤᠨ ᠠᠮᠤᠷ ᠲᠦᠪᠰᠢᠨ᠂ ᠵᠠᠬ᠎ᠠ ᠳᠡᠯᠬᠡᠬᠦᠷ ᠤᠨ ᠬᠠᠩᠭᠠᠯᠭ᠎ᠠ ᠬᠡᠷᠡᠭᠯᠡᠬᠡᠨ ᠤ ᠪᠠᠳᠤᠯᠠᠭ᠎ᠠ ᠵᠡᠷᠬᠡ ᠠᠵᠢᠯ ᠢ ᠨᠢᠬᠡᠳᠤᠯᠳᠠᠢ ᠲᠦᠯᠤᠪᠯᠡᠨ ᠰᠠᠶᠢᠳᠤᠷ ᠬᠢᠵᠤ᠂ ᠪᠦᠬᠦ ᠬᠤᠰᠢᠭᠤᠨ ᠤ ᠠᠵᠤ ᠠᠬᠤᠢ ᠨᠠᠶᠢᠬᠡᠮ ᠤᠨ ᠠᠮᠤᠷ ᠳᠤᠭᠳᠠᠭᠤᠨ ᠡᠮᠬᠢ ᠲᠢᠭᠯᠢᠮ ᠲᠠᠢ ᠪᠠᠶᠢᠬᠤ ᠶᠢ ᠪᠠᠳᠤᠯᠠᠬᠤ ᠬᠡᠷᠡᠭᠳᠠᠢ ᠬᠡᠵᠤ ᠴᠢᠬᠤᠯᠠᠴᠢᠯᠠᠭᠰᠡᠨ ᠪᠠᠶᠢᠨ᠎ᠠ᠃     ᠬᠤᠷᠠᠯ ᠠᠴᠠ ᠪᠦᠬᠦ ᠬᠤᠰᠢᠭᠤᠨ ᠤ ᠠᠮᠢ ᠠᠬᠤᠢ ᠤᠷᠴᠢᠨ ᠳᠤᠭᠤᠷᠢᠨ ᠤ ᠬᠠᠮᠠᠭᠠᠯᠠᠯᠳᠠ ᠶᠢᠨ ᠠᠵᠢᠯ ᠤᠨ ᠬᠠᠷᠢᠭᠤ ᠮᠡᠳᠡᠬᠦᠯᠤᠯᠳᠠ ᠶᠢ ᠰᠤᠨᠤᠰᠤᠭᠰᠡᠨ ᠮᠦᠷᠳᠡᠬᠡᠨ ᠳᠠᠷᠠᠭᠠᠴᠢ ᠶᠢᠨ ᠠᠯᠬᠤᠮ ᠤᠨ ᠠᠵᠢᠯ ᠢ ᠪᠠᠶᠢᠷᠢᠯᠠᠭᠤᠯᠤᠨ ᠳᠤᠬᠢᠷᠠᠭᠤᠯᠪᠠ᠃ ᠬᠤᠷᠠᠯ ᠠᠴᠠ᠂ ᠳᠡᠬᠡᠳᠤ ᠱᠠᠳᠤᠨ ᠤ ᠤᠷᠴᠢᠨ ᠬᠠᠮᠠᠭᠠᠯᠠᠯᠳᠠ ᠶᠢᠨ ᠬᠢᠨᠠᠨ ᠪᠠᠶᠢᠴᠠᠭᠠᠵᠤ ᠬᠠᠷᠢᠭᠤ ᠳᠤᠰᠬᠠᠭᠰᠡᠨ ᠠᠰᠠᠭᠤᠳᠠᠯ᠂ ᠪᠤᠬᠢᠷᠳᠤᠯ ᠢ ᠰᠡᠷᠬᠡᠶᠢᠯᠡᠨ ᠵᠠᠰᠠᠬᠤ ᠰᠢᠪᠳᠤᠯᠤᠯᠳᠠ ᠶᠢᠨ ᠡᠬᠦᠷᠬᠡ ᠵᠢᠴᠢ ᠡᠯ᠎ᠡ ᠱᠠᠳᠤᠨ  ᠤ ᠳᠤᠭᠤᠷᠢᠨ ᠪᠠᠶᠢᠴᠠᠭᠠᠵᠤ ᠬᠠᠷᠢᠭᠤ ᠳᠤᠰᠬᠠᠭᠰᠡᠨ ᠠᠰᠠᠭᠤᠳᠠᠯ ᠤᠨ ᠳᠤᠭᠤᠷᠢᠨ ᠳᠤ᠂ ᠠᠵᠢᠯ ᠤᠨ ᠬᠤᠭᠤᠴᠠᠭ᠎ᠠ  ᠪᠠᠨ ᠪᠠᠶᠢᠷᠢᠯᠠᠭᠤᠯᠤᠨ᠂ ᠳᠤᠰᠬᠠᠢ ᠬᠦᠮᠤᠨ ᠬᠠᠷᠢᠭᠤᠴᠠᠨ ᠠᠵᠢᠯ ᠤᠨ ᠠᠬᠢᠴᠠ ᠶᠢ ᠲᠦᠷᠬᠡᠤᠨᠬᠡᠵᠤ᠂ ᠤᠷᠴᠢᠨ ᠳᠤᠭᠤᠷᠢᠨ ᠤ ᠭᠤᠤᠯᠳᠠᠯᠭᠠᠳᠤ ᠠᠰᠠᠭᠤᠳᠠᠯ ᠢ ᠬᠦᠴᠤᠯᠡᠨ ᠰᠢᠢᠤᠨᠪᠤᠷᠢᠯᠡᠬᠦ ᠬᠡᠷᠡᠭᠳᠠᠢ᠃ ᠨᠡᠬᠦᠷᠡᠰᠤ ᠮᠠᠯᠳᠠᠬᠤ ᠠᠵᠤ ᠠᠬᠤᠶᠢᠯᠠᠯ ᠤᠨ ᠨᠡᠬᠦᠷᠡᠰᠤᠨ ᠴᠢᠯᠠᠭᠤ ᠶᠢ ᠪᠤᠴᠠᠭᠠᠨ ᠪᠤᠯᠠᠬᠤ ᠰᠢᠰᠲ᠋ᠧᠮ᠂ ᠠᠵᠤ ᠤᠶᠢᠯᠡᠤᠨᠪᠤᠷᠢ ᠶᠢᠨ ᠠᠵᠤ ᠠᠬᠤᠶᠢᠯᠡᠯ ᠤᠨ ᠠᠶᠤᠯᠳᠠᠢ ᠬᠠᠶᠠᠭᠳᠠᠮᠠᠯ ᠪᠤᠳᠠᠰ ᠤᠨ ᠰᠢᠢᠤᠨᠪᠤᠷᠢᠯᠡᠯᠳᠠ ᠪᠠ ᠪᠠᠯᠭᠠᠰᠤᠨ ᠳᠤᠭᠤᠷᠢᠭ ᠤᠨ ᠪᠠᠷᠢᠯᠭ᠎ᠠ  ᠶᠢᠨ ᠬᠤᠭ ᠨᠤᠪᠰᠢ ᠶᠢ ᠰᠢᠢᠤᠨᠪᠤᠷᠢᠯᠡᠬᠦ ᠳᠠᠯᠠᠪᠠᠢ ᠵᠡᠷᠬᠡ ᠲᠦᠷᠤᠯ ᠵᠦᠢᠯ ᠤᠨ ᠪᠠᠶᠢᠭᠤᠯᠤᠯᠳᠠ ᠶᠢ ᠲᠦᠷᠬᠡᠤᠨᠬᠡᠨ ᠠᠬᠢᠭᠤᠯᠬᠤ ᠬᠡᠷᠡᠭᠳᠠᠢ᠃ ᠤᠷᠴᠢᠨ ᠳᠤᠭᠤᠷᠢᠨ ᠤ ᠬᠠᠤᠯᠢ ᠬᠡᠷᠡᠭᠵᠢᠬᠦᠯᠤᠯᠳᠠ ᠶᠢᠨ ᠬᠦᠴᠤᠯᠡᠴᠠ ᠶᠢ ᠶᠡᠬᠡᠤᠨᠬᠡᠨ᠂ ᠠᠮᠢ ᠠᠬᠤᠢ ᠤᠷᠴᠢᠨ ᠳᠤᠭᠤᠷᠢᠨ ᠤ ᠬᠦᠷᠢᠶᠡᠨ ᠳᠠᠬᠢ ᠬᠠᠤᠯᠢ ᠲᠦᠷᠢᠮ ᠵᠦᠷᠢᠴᠡᠭᠰᠡᠨ ᠠᠵᠢᠯᠯᠠᠭ᠎ᠠ ᠶᠢ ᠴᠢᠩᠭ᠎ᠠ ᠪᠠᠷ ᠰᠢᠤᠨᠬᠡᠵᠤ᠂ ᠠᠮᠢ ᠠᠬᠤᠢ ᠤᠷᠴᠢᠨ ᠳᠤᠭᠤᠷᠢᠨ ᠤ ᠦᠷᠬᠦᠯᠵᠢᠬᠦᠶᠢᠴᠠ ᠰᠠᠶᠢᠵᠢᠷᠠᠯᠳᠠ ᠶᠢ ᠠᠬᠢᠭᠤᠯᠬᠤ ᠬᠡᠷᠡᠭᠳᠠᠢ ᠬᠡᠵᠤ ᠴᠢᠬᠤᠯᠠᠴᠢᠯᠠᠭᠰᠡᠨ ᠪᠠᠶᠢᠨ᠎ᠠ᠃     ᠬᠤᠷᠠᠯ ᠠᠴᠠ ᠤᠶᠢᠷ᠎ᠠ ᠶᠢᠨ ᠬᠤᠭᠤᠴᠠᠭᠠᠨ ᠤ ᠬᠠᠮᠢᠶ᠎ᠠ ᠪᠦᠬᠦᠢ ᠠᠵᠢᠯ ᠳᠤ ᠪᠠᠶᠢᠷᠢᠯᠠᠭᠤᠯᠤᠯᠳᠠ ᠳᠤᠬᠢᠷᠠᠭᠤᠯᠤᠯᠳᠠ ᠬᠢᠵᠤ᠂ ᠡᠯ᠎ᠡ ᠬᠤᠪᠢᠳᠠᠨ ᠬᠠᠮᠢᠶᠠᠷᠴᠤ ᠪᠠᠶᠢᠭ᠎ᠠ ᠤᠳᠤᠷᠢᠳᠤᠯᠭ᠎ᠠ ᠪᠠ ᠨᠡᠬᠡᠬᠡᠯᠳᠠ ᠶᠢᠨ ᠤᠷᠤᠨ᠂ ᠡᠯ᠎ᠡ ᠪᠠᠯᠭᠠᠰᠤ᠂ ᠡᠯ᠎ᠡ ᠰᠠᠯᠠᠭ᠎ᠠ ᠮᠦᠴᠢᠷ ᠤᠨ ᠬᠢᠨ ᠤᠳᠤᠬᠠᠨ ᠤ ᠭᠤᠤᠯᠳᠠᠯᠭᠠᠳᠤ ᠠᠵᠢᠯ ᠪᠠ ᠵᠢᠯ ᠤᠨ ᠠᠵᠢᠯ ᠤᠨ ᠡᠬᠦᠷᠬᠡ ᠪᠠᠨ ᠰᠢᠰᠲ᠋ᠧᠮ ᠲᠠᠢ ᠡᠮᠬᠢᠯᠡᠵᠤ᠂ ᠠᠵᠢᠯ ᠤᠨ ᠳᠤᠬᠢᠷᠠᠭᠤᠯᠤᠯᠳᠠ ᠪᠠᠨ ᠴᠢᠩᠭᠠᠤᠨᠬᠠᠨ᠂ ᠨᠠᠷᠢᠨ ᠬᠢᠨᠠᠮᠭᠠᠢ ᠵᠠᠳᠠᠯᠤᠨ ᠳ᠋ᠦᠩᠨᠡᠵᠤ᠂ ᠴᠠᠭ ᠳᠤᠬᠠᠢ ᠳᠤ ᠨᠢ ᠳᠤᠳᠠᠭᠤ ᠪᠠᠨ ᠪᠠᠶᠢᠴᠠᠭᠠᠨ ᠨᠦᠬᠦᠪᠤᠷᠢᠯᠡᠵᠤ᠂ ᠵᠢᠯ ᠤᠨ ᠬᠠᠷᠠᠯᠳᠠ ᠡᠬᠦᠷᠬᠡ ᠪᠠᠨ ᠴᠢᠨᠠᠷᠯᠢᠭ ᠪᠡᠶᠡᠯᠡᠬᠦᠯᠬᠦ ᠶᠢ ᠪᠠᠳᠤᠯᠠᠬᠤ ᠬᠡᠷᠡᠭᠳᠠᠢ᠃ ᠵᠠᠰᠠᠭ ᠤᠨ ᠤᠷᠳᠤᠨ ᠤ ᠪᠡᠯᠡ ᠤᠷᠤᠭᠤᠯᠤᠯᠳᠠ  ᠶᠢᠨ ᠲᠦᠷᠤᠯ ᠵᠦᠢᠯ ᠢ ᠲᠦᠯᠤᠪᠵᠢᠬᠦᠯᠬᠦ ᠳᠠᠯ᠎ᠠ ᠪᠠᠷ᠂ ᠠᠷᠪᠢᠯᠠᠨ ᠭᠠᠮᠨᠠᠬᠤ ᠦᠵᠡᠯᠳᠠ ᠶᠢ ᠪᠠᠬᠢᠵᠢᠬᠦᠯᠤᠨ᠂ ᠳᠤᠭᠳᠠᠭᠠᠭᠰᠡᠨ ᠤ ᠳᠠᠷᠠᠭ᠎ᠠ ᠡᠬᠢᠯᠡᠬᠦᠯᠤᠨ ᠬᠢᠵᠤ᠂ ᠲᠦᠷᠤᠯ  ᠵᠦᠢᠯ ᠤᠨ ᠲᠦᠯᠤᠪᠵᠢᠬᠦᠯᠬᠡ ᠪᠠ ᠲᠦᠰᠤᠪ ᠢ ᠪᠦᠬᠦ ᠳᠠᠯ᠎ᠠ ᠪᠠᠷ ᠨᠠᠷᠢᠯᠢᠭ ᠤᠨᠤᠪᠴᠢᠳᠠᠢ ᠳᠤᠭᠳᠠᠭᠠᠨ᠂ ᠦᠨ᠎ᠡ ᠦᠷᠳᠡᠭ ᠤᠨ ᠬᠠᠮᠢᠶᠠᠷᠤᠯᠳᠠ ᠪᠠ ᠦᠪᠡᠷ ᠤᠨ ᠦᠷᠳᠡᠭ  ᠤᠨ ᠡᠵᠡᠮᠳᠡᠯ ᠢ ᠰᠠᠶᠢᠳᠤᠷ ᠬᠢᠵᠤ᠂ ᠪᠡᠯᠡ ᠮᠦᠩᠬᠦᠨ ᠤ ᠳᠡᠮᠵᠢᠯᠬᠡ ᠶᠢ ᠤᠯᠠᠨ ᠠᠷᠭ᠎ᠠ ᠵᠠᠮ ᠢᠶᠠᠷ ᠤᠯᠤᠨ᠂ ᠬᠢᠵᠠᠭᠠᠷᠳᠠᠢ ᠡᠳ᠋ ᠤᠨ ᠵᠠᠰᠠᠭ ᠤᠨ ᠪᠡᠯᠡ ᠮᠦᠩᠬᠦ ᠪᠠᠷ ᠠᠷᠠᠤᠨ ᠤᠨ ᠠᠮᠢᠳᠤᠷᠠᠯ ᠤᠨ ᠬᠠᠮᠤᠭ ᠤᠨ ᠶᠡᠭᠡ ᠦᠷ᠎ᠠ ᠠᠰᠢᠭ ᠢ ᠪᠠᠳᠠᠷᠠᠭᠤᠯᠬᠤ ᠬᠡᠷᠡᠭᠳᠠᠢ ᠬᠡᠵᠤ ᠱᠠᠭᠠᠷᠳᠠᠭᠰᠡᠨ ᠪᠠᠶᠢᠨ᠎ᠠ᠃     ᠬᠤᠷᠠᠯ ᠠᠴᠠ ᠪᠠᠰᠠ ᠪᠤᠰᠤᠤᠨ ᠵᠦᠢᠯ ᠢ ᠰᠤᠳᠤᠯᠪᠠ᠃     ᠵᠣᠣ ᠱᠤᠸᠠᠨ᠂ ᠶᠢᠤ ᠵᠢᠶᠠᠨ ᠴᠢᠩ᠂ ᠸᠧᠢ ᠵᠧᠨ ᠰᠢᠤᠸᠠᠨ᠂ ᠰᠥᠩ ᠰᠢᠶᠣᠣ ᠯᠧᠢ᠂ ᠱᠢ ᠬᠤᠢ᠂ ᠶᠠᠩ ᠵᠢᠢ ᠴᠢᠶᠠᠩ ᠬᠤᠷᠠᠯ ᠳᠤ ᠤᠷᠤᠯᠴᠠᠵᠤ᠂ ᠰᠦᠨ ᠶᠢᠤ ᠵᠢᠶᠦ᠋ᠨ᠂ ᠴᠢ ᠰᠢᠶᠠᠨ ᠴᠢᠩ᠂ ᠳᠤᠶᠠᠭ᠎ᠠ᠂ ᠴᠢᠨ ᠯᠢᠩ ᠹᠧᠩ᠂ ᠴᠢ ᠵᠢᠶᠦ᠋ᠨ ᠵᠢᠴᠢ ᠡᠯ᠎ᠡ ᠪᠠᠯᠭᠠᠰᠤ᠂ ᠬᠤᠰᠢᠭᠤ ᠰᠢᠭᠤᠤᠨ ᠬᠠᠷᠢᠶ᠎ᠠ ᠬᠠᠮᠢᠶ᠎ᠠ ᠪᠦᠬᠦᠢ ᠰᠠᠯᠠᠭ᠎ᠠ ᠮᠦᠴᠢᠷ ᠤᠨ ᠭᠤᠤᠯ ᠬᠠᠷᠢᠭᠤᠴᠠᠯᠭᠠᠳᠠᠤᠨ ᠬᠤᠷᠠᠯ ᠳᠤ ᠰᠤᠯᠠ ᠤᠷᠤᠯᠴᠠᠪᠠ᠃
 
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号