ᠣᠢ ᠰᠢᠭᠤᠢ ᠨᠣᠳᠤᠭ ᠪᠡᠯᠴᠢᠭᠡᠷ ᠤᠨ ᠭᠠᠯ ᠤᠨ ᠠᠶᠣᠯ ᠢ ᠴᠢᠩᠭ᠎ᠠ ᠰᠡᠷᠭᠡᠶᠢᠯᠡᠬᠦ ᠲᠣᠬᠠᠢ ᠣᠳᠤᠭ  ᠤᠨ  ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠵᠠᠷᠯᠢᠭ
ᠨᠡᠶᠢᠲᠡᠯᠡᠭᠰᠡᠨ ᠴᠠᠭ᠄
2021/9/7
                        ᠣᠳᠤᠭ ᠡᠮᠦᠨᠡᠳᠦ ᠵᠠᠰᠠᠭ ᠲᠠᠷᠬᠠᠭᠠᠬᠤ ﹇2021﹈ 9 ᠲᠣᠭᠠᠳᠦ              ᠣᠢ ᠰᠢᠭᠤᠢ ᠨᠣᠳᠤᠭ ᠪᠡᠯᠴᠢᠭᠡᠷ ᠤᠨ ᠭᠠᠯ ᠤᠨ ᠠᠶᠣᠯ ᠢ ᠴᠢᠩᠭ᠎ᠠ ᠰᠡᠷᠭᠡᠶᠢᠯᠡᠬᠦ ᠲᠣᠬᠠᠢ              ᠣᠳᠤᠭ   ᠤᠨ  ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠵᠠᠷᠯᠢᠭᠱᠠᠩᠬᠠᠢ ᠶᠢᠨ ᠰᠦᠮ᠎ᠡ ᠠᠵᠣ ᠠᠬᠤᠢ ᠶᠢᠨ ᠨᠡᠭᠡᠭᠡᠯᠳᠡ ᠶᠢᠨ ᠣᠷᠣᠨ ᠤ ᠬᠠᠮᠢᠶᠠᠷᠣᠯᠳᠠ ᠶᠢᠨ ᠵᠦᠪᠯᠡᠯ᠂ ᠡᠯ᠎ᠡ ᠪᠠᠯᠭᠠᠰᠣᠨ ᠤ ᠠᠷᠠᠳ ᠤᠨ ᠵᠠᠰᠠᠭ ᠤᠨ ᠣᠷᠳᠣᠨ᠂ ᠬᠤᠰᠢᠭᠤ ᠰᠢᠭᠤᠳ ᠬᠠᠷᠢᠶ᠎ᠠ ᠰᠠᠯᠠᠭ᠎ᠠ ᠮᠦᠴᠢᠷ᠂ ᠡᠯ᠎ᠡ ᠠᠵᠣ ᠠᠬᠤᠶᠢᠯᠠᠯ ᠠᠵᠢᠯ ᠣᠶᠢᠯᠠᠰ ᠤᠨ ᠨᠢᠭᠡᠴᠡ ᠳᠤ᠄     ᠡᠳᠦᠭᠡ ᠨᠢᠭᠡᠨᠳᠡ ᠣᠢ ᠰᠢᠭᠤᠢ ᠨᠣᠳᠤᠭ ᠪᠡᠯᠴᠢᠭᠡᠷ ᠤᠨ ᠭᠠᠯ ᠤᠨ ᠠᠶᠣᠯ ᠤᠨ ᠣᠷᠬᠢᠯ ᠤᠨ ᠬᠤᠭᠤᠴᠠᠭᠠᠨ  ᠳᠤ ᠣᠷᠣᠭᠰᠠᠨ ᠪᠣᠯᠬᠤᠷ ᠪᠦᠬᠦ ᠬᠤᠰᠢᠭᠤᠨ ᠤ ᠣᠢ ᠰᠢᠭᠤᠢ ᠨᠣᠳᠤᠭ ᠪᠡᠯᠴᠢᠭᠡᠷ ᠤᠨ ᠭᠠᠯ ᠰᠡᠷᠭᠡᠶᠢᠯᠡᠯᠳᠡ ᠶᠢᠨ ᠠᠵᠢᠯ ᠢ ᠣᠯᠠᠮ ᠴᠢᠩᠭᠠᠳᠬᠠᠨ᠂ ᠭᠠᠯ ᠤᠨ ᠠᠶᠣᠯ ᠡᠭᠦᠰᠬᠦ   ᠶᠢ ᠪᠦᠳᠦᠮᠵᠢᠳᠡᠢ ᠰᠡᠷᠭᠡᠶᠢᠯᠡᠨ ᠡᠵᠡᠮᠳᠡᠵᠣ᠂ ᠠᠷᠠᠳ ᠣᠯᠠᠨ ᠤ ᠠᠮᠢ ᠨᠠᠰᠦ ᠡᠳ᠋ ᠬᠦᠷᠦᠩᠭᠡ ᠶᠢᠨ ᠠᠮᠣᠷ ᠲᠦᠪᠰᠢᠨ ᠪᠠ ᠠᠮᠢ ᠠᠬᠤᠢ ᠶᠢᠨ ᠪᠠᠶᠢᠭᠤᠯᠣᠯᠳᠠ ᠶᠢᠨ ᠦᠷ᠎ᠡ ᠪᠦᠳᠦᠮᠵᠢ ᠶᠢ ᠦᠨᠡᠨ ᠬᠦ ᠬᠠᠮᠠᠭᠠᠯᠠᠬᠤ ᠶᠢᠨ ᠲᠣᠰᠠᠳᠠ᠂ ︽ᠪᠦᠬᠦᠳᠡ ᠨᠠᠶᠢᠷᠠᠮᠳᠠᠬᠤ ᠲᠣᠮᠳᠠᠳᠦ ᠠᠷᠠᠳ ᠣᠯᠣᠰ ᠤᠨ ᠣᠢ ᠰᠢᠭᠤᠢ ᠶᠢᠨ ᠬᠠᠣᠯᠢ︾᠂ ︽ᠪᠦᠭᠦᠳᠡ ᠨᠠᠶᠢᠷᠠᠮᠳᠠᠬᠤ ᠲᠣᠮᠳᠠᠳᠦ ᠠᠷᠠᠳ ᠣᠯᠣᠰ ᠤᠨ ᠨᠣᠳᠤᠭ ᠪᠡᠯᠴᠢᠭᠡᠷ ᠤᠨ ᠬᠠᠣᠯᠢ︾᠂ ︽ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠣᠢ ᠰᠢᠭᠤᠢ ᠨᠣᠳᠤᠭ ᠪᠡᠯᠴᠢᠭᠡᠷ ᠤᠨ ᠭᠠᠯ ᠰᠡᠷᠭᠡᠶᠢᠯᠡᠬᠦ ᠲᠦᠷᠢᠮ︾᠂ ︽ᠣᠢ ᠰᠢᠭᠤᠢ ᠨᠣᠳᠤᠭ ᠪᠡᠯᠴᠢᠭᠡᠷ ᠤᠨ ᠭᠠᠯ ᠤᠨ ᠠᠶᠣᠯ ᠢ ᠴᠢᠩᠭ᠎ᠠ ᠰᠡᠷᠭᠡᠶᠢᠯᠡᠬᠦ ᠲᠣᠬᠠᠢ ᠣᠷᠳᠣᠰ ᠬᠤᠳᠠ ᠶᠢᠨ ᠠᠷᠠᠳ ᠤᠨ ᠵᠠᠰᠠᠭ ᠤᠨ ᠣᠷᠳᠣᠨ ᠤ ᠵᠠᠷᠯᠢᠭ︾ ᠵᠢᠴᠢ ᠬᠤᠯᠪᠣᠭᠳᠠᠯ ᠪᠦᠬᠦᠢ ᠬᠠᠣᠯᠢ ᠲᠦᠷᠢᠮ ᠪᠣᠯᠣᠨ ᠪᠢᠴᠢᠭ ᠮᠡᠲ᠋ᠧᠷᠢᠶᠠᠯ ᠤᠨ ᠱᠠᠭᠠᠷᠳᠠᠯᠭ᠎ᠠ ᠶᠣᠰᠣᠭᠠᠷ᠂ ᠬᠤᠰᠢᠭᠤ ᠠᠷᠠᠳ ᠤᠨ ᠵᠠᠰᠠᠭ ᠣᠷᠳᠣᠨ ᠠᠴᠠ ᠪᠦᠬᠦ ᠬᠤᠰᠢᠭᠤᠨ ᠤ ᠬᠡᠪᠴᠢᠶᠡᠨ ᠳᠤ ᠭᠠᠯ ᠤᠨ ᠠᠶᠣᠯ ᠢ ᠴᠢᠩᠭ᠎ᠠ ᠰᠡᠷᠭᠡᠶᠢᠯᠡᠬᠦ ᠰᠢᠢᠳᠪᠦᠷᠢ ᠶᠢ ᠬᠡᠷᠡᠭᠵᠢᠭᠦᠯᠦᠨ᠎ᠡ᠂ ᠵᠠᠷᠯᠢᠭ ᠲᠣᠣᠷᠠᠬᠢ ᠮᠡᠳᠦ᠄     ᠨᠢᠭᠡ᠂ ᠣᠢ ᠰᠢᠭᠤᠢ ᠨᠣᠳᠤᠭ ᠪᠡᠯᠴᠢᠭᠡᠷ ᠤᠨ ᠭᠠᠯ ᠰᠡᠷᠭᠡᠶᠢᠯᠡᠬᠦ ᠴᠠᠭ ᠬᠤᠭᠤᠴᠠᠭ᠎ᠠ᠄ ᠵᠢᠯ ᠪᠣᠯᠭᠠᠨ ᠤ 11 ᠰᠠᠷ᠎ᠠ ᠶᠢᠨ 1 ᠤ ᠡᠳᠦᠷ ᠠᠴᠠ ᠲᠠᠷᠠᠭ᠎ᠠ ᠵᠢᠯ ᠤᠨ 6 ᠰᠠᠷ᠎ᠠ ᠶᠢᠨ 15 ᠤ ᠡᠳᠦᠷ ᠪᠣᠯᠳᠠᠯ᠎ᠠ︔ ᠭᠠᠯ ᠤᠨ ᠠᠶᠣᠯ ᠢ ᠴᠢᠩᠭ᠎ᠠ ᠰᠡᠷᠭᠡᠶᠢᠯᠡᠬᠦ ᠬᠤᠭᠤᠴᠠᠭ᠎ᠠ᠄ ᠵᠢᠯ ᠪᠣᠯᠭᠠᠨ ᠤ 3 ᠰᠠᠷ᠎ᠠ ᠶᠢᠨ 15 ᠤ ᠡᠳᠦᠷ ᠠᠴᠠ 6 ᠰᠠᠷ᠎ᠠ ᠶᠢᠨ 15 ᠤ ᠡᠳᠦᠷ ᠪᠣᠯᠳᠠᠯ᠎ᠠ᠃     ᠬᠤᠶᠠᠷ᠂ ᠣᠢ ᠰᠢᠭᠤᠢ ᠨᠣᠳᠤᠭ ᠪᠡᠯᠴᠢᠭᠡᠷ ᠤᠨ ᠭᠠᠯ ᠰᠡᠷᠭᠡᠶᠢᠯᠡᠬᠦ ᠣᠷᠣᠨ ᠬᠡᠪᠴᠢᠶ᠎ᠠ᠄ ᠪᠦᠬᠦ ᠬᠤᠰᠢᠭᠤᠨ ᠤ ᠣᠯᠣᠰ ᠤᠨ ᠦᠮᠴᠢᠯᠡᠯᠳᠦ ᠣᠢ᠂ ᠬᠠᠮᠳᠦ ᠶᠢᠨ ᠣᠢ ᠶᠢᠨ ᠭᠠᠵᠠᠷ᠂ ᠬᠤᠪᠢ ᠶᠢᠨ ᠣᠢ ᠶᠢᠨ ᠭᠠᠵᠠᠷ ︵ᠨᠣᠳᠤᠭ ᠪᠡᠯᠴᠢᠭᠡᠷ︶᠂ ᠣᠢ ᠰᠢᠭᠤᠢ ᠪᠠ ᠨᠣᠳᠤᠭ ᠪᠡᠯᠴᠢᠭᠡᠷ ᠤᠨ ᠭᠤᠣᠯᠳᠠᠯᠭᠠᠳᠦ ᠣᠷᠣᠨ᠂ ᠵᠢᠭᠤᠯᠴᠢᠯᠠᠯ ᠤᠨ ᠦᠵᠡᠮᠵᠢ  ᠶᠢᠨ ᠣᠷᠣᠨ ︵ᠴᠡᠭ︶᠂ ᠵᠠᠰᠠᠮᠠᠯ ᠵᠠᠮ ᠤᠨ ᠬᠤᠶᠠᠷ ᠬᠠᠵᠠᠭᠤ ᠶᠢᠨ ᠣᠶᠢᠵᠢᠭᠤᠯᠣᠯᠳᠠ ᠶᠢᠨ ᠪᠦᠰᠡ᠂ ᠴᠡᠴᠡᠷᠯᠢᠭ᠂ ᠠᠭᠤᠳᠠᠮ ᠲᠠᠯᠠᠪᠠᠢ᠂ ᠪᠠᠶᠢᠭᠠᠯᠢ ᠶᠢᠨ ᠬᠠᠮᠠᠭᠠᠯᠠᠯᠳᠠ ᠶᠢᠨ ᠣᠷᠣᠨ ᠪᠣᠯᠣᠨ ᠪᠣᠰᠣᠳ ᠣᠢ ᠰᠢᠭᠤᠢ ᠨᠣᠳᠤᠭ ᠪᠡᠯᠴᠢᠭᠡᠷ  ᠤᠨ ᠭᠠᠵᠠᠷ᠃     ᠭᠤᠷᠪᠠ᠂ ᠣᠢ ᠰᠢᠭᠤᠢ ᠨᠣᠳᠤᠭ ᠪᠡᠯᠴᠢᠭᠡᠷ ᠤᠨ ᠭᠠᠯ ᠰᠡᠷᠭᠡᠶᠢᠯᠡᠬᠦ ᠣᠷᠣᠨ ᠳᠤ ᠬᠦᠵᠢ ᠴᠠᠭᠠᠰᠦ ᠰᠢᠳᠠᠭᠠᠬᠤ᠂ ᠲᠠᠮᠠᠬᠢ ᠲᠠᠳᠠᠬᠤ᠂ ᠫᠣᠣᠵᠢᠩ ᠲᠠᠯᠪᠢᠬᠤ᠂ ᠭᠠᠯ ᠨᠣᠴᠣᠭᠠᠵᠣ ᠲᠣᠯᠠᠭᠠᠴᠠᠬᠤ᠂ ᠡᠪᠡᠰᠦ ᠰᠢᠳᠠᠭᠠᠬᠤ᠂ ᠬᠡᠭᠡᠷ᠎ᠡ ᠲᠣᠭᠤᠭᠠᠯᠠᠬᠤ ᠵᠡᠷᠭᠡ ᠶᠢ ᠴᠢᠩᠭ᠎ᠠ ᠴᠠᠭᠠᠵᠠᠯᠠᠨ᠎ᠠ᠃ ᠣᠢ ᠰᠢᠭᠤᠢ ᠨᠣᠳᠤᠭ ᠪᠡᠯᠴᠢᠭᠡᠷ ᠤᠨ ᠬᠠᠵᠠᠭᠤ ᠬᠠᠪᠢ ᠪᠠᠷ ᠲᠠᠷᠢᠶᠠᠨ ᠭᠤᠣᠷᠰᠦ᠂ ᠬᠤᠭ ᠨᠣᠪᠰᠢ ᠰᠢᠳᠠᠭᠠᠬᠤ ᠶᠢ ᠡᠷᠡᠰ ᠴᠠᠭᠠᠵᠠᠯᠠᠨ᠎ᠠ᠃ ᠭᠠᠯ ᠤᠨ ᠣᠴᠢ ᠲᠠᠢ ᠰᠢᠳᠡᠵᠣ ᠪᠠᠷᠠᠭᠠᠳᠦᠢ ᠪᠣᠳᠠᠰ ᠢ ᠭᠠᠳᠠᠨ᠎ᠠ ᠬᠠᠶᠠᠬᠤ ᠶᠢ ᠡᠷᠡᠰ ᠴᠠᠭᠠᠵᠠᠯᠠᠨ᠎ᠠ᠃ ᠬᠡᠭᠡᠷ᠎ᠡ ᠭᠠᠳᠠᠨ᠎ᠠ ᠪᠠᠷᠢᠯᠭ᠎ᠠ ᠳᠤ ᠭᠠᠯ ᠬᠡᠷᠡᠭᠯᠡᠬᠦ ᠪᠣᠶᠣ ᠲᠡᠯᠪᠢᠴᠡᠬᠦ ᠴᠢᠬᠤᠯᠠᠳᠠᠢ ᠠᠵᠢᠯᠯᠠᠭᠠᠨ ᠢ ᠡᠷᠬᠡᠪᠰᠢ ᠬᠤᠰᠢᠭᠤ ᠣᠢ ᠰᠢᠭᠤᠢ ᠨᠣᠳᠤᠭ ᠪᠡᠯᠴᠢᠭᠡᠷ ᠤᠨ ᠭᠠᠯ ᠰᠡᠷᠭᠡᠶᠢᠯᠡᠬᠦ ᠵᠢᠯᠣᠭᠤᠳᠬᠤ ᠲᠦᠪ ᠢᠶᠠᠷ ᠵᠦᠪᠰᠢᠶᠡᠷᠡᠭᠦᠯᠬᠦ ᠬᠡᠷᠡᠭᠳᠡᠢ᠃ ᠲᠦᠷᠪᠡᠳᠦᠭᠡᠷ ᠲᠡᠰ ᠠᠴᠠ ᠲᠡᠭᠡᠭᠰᠢᠬᠢ ᠰᠠᠯᠬᠢ ᠲᠠᠢ ᠪᠠᠶᠢᠳᠠᠯ ᠲᠣᠣᠷ᠎ᠠ ᠬᠡᠭᠡᠷ᠎ᠡ ᠭᠠᠳᠠᠨ᠎ᠠ ᠭᠠᠯ ᠬᠡᠷᠡᠭᠯᠡᠬᠦ ᠶᠢ ᠡᠷᠡᠰ ᠴᠠᠭᠠᠵᠠᠯᠠᠨ᠎ᠠ᠃     ᠲᠦᠷᠪᠡ᠂ ᠣᠢ ᠰᠢᠭᠤᠢ ᠨᠣᠳᠤᠭ ᠪᠡᠯᠴᠢᠭᠡᠷ ᠤᠨ ᠭᠠᠯ ᠰᠡᠷᠭᠡᠶᠢᠯᠡᠬᠦ ᠬᠡᠪᠴᠢᠶᠡᠨ ᠳᠤ ᠬᠢ ᠡᠯ᠎ᠡ ᠲᠦᠷᠦᠯ ᠤᠨ ᠣᠶᠢᠯᠠᠳᠪᠦᠷᠢᠯᠠᠯ ᠤᠨ ᠴᠡᠭ᠂ ᠵᠢᠭᠤᠯᠴᠢᠯᠠᠯ ᠤᠨ ᠦᠵᠡᠮᠵᠢ ᠶᠢᠨ ᠣᠷᠣᠨ ︵ᠴᠡᠭ︶ ᠵᠢᠴᠢ ᠵᠠᠰᠠᠮᠠᠯ ᠵᠠᠮ᠂ ᠴᠠᠬᠢᠯᠭᠠᠨ ᠬᠦᠴᠦ᠂ ᠴᠢᠯᠠᠭᠤᠨ ᠲᠣᠰᠣ᠂ ᠪᠠᠶᠢᠭᠠᠯᠢ ᠶᠢᠨ ᠰᠢᠳᠠᠮᠠᠬᠠᠢ ᠬᠡᠢ᠂ ᠨᠡᠭᠦᠷᠡᠰᠦ ᠵᠡᠷᠭᠡ ᠠᠵᠣ ᠠᠬᠤᠶᠢᠯᠠᠯ ᠠᠵᠢᠯ ᠣᠶᠢᠯᠠᠰ ᠤᠨ ᠨᠢᠭᠡᠴᠡ ᠡᠷᠬᠡᠪᠰᠢ ᠣᠢ ᠰᠢᠭᠤᠢ ᠨᠣᠳᠤᠭ ᠪᠡᠯᠴᠢᠭᠡᠷ ᠤᠨ ᠭᠠᠯ ᠤᠨ ᠠᠶᠣᠯ ᠤᠨ ᠲᠠᠯᠳᠠ ᠭᠡᠮ ᠢ ᠪᠠᠶᠢᠴᠠᠭᠠᠨ᠂ ᠭᠠᠯ ᠣᠨᠳᠠᠷᠭᠠᠬᠤ ᠪᠠᠭᠠᠵᠢ ᠬᠡᠷᠡᠭᠰᠡᠯ ᠢ ᠪᠦᠷᠢᠨ ᠲᠣᠬᠢᠷᠠᠭᠤᠯᠵᠣ᠂ ᠪᠣᠯᠪᠠᠰᠣᠷᠠᠯ ᠬᠦᠷᠳᠡᠭᠰᠡᠨ ᠭᠠᠯ ᠣᠨᠳᠠᠷᠭᠠᠬᠤ ᠠᠵᠢᠯᠳᠠᠨ ᠤ ᠡᠩᠨᠡᠭᠡ ᠲᠣᠬᠢᠷᠠᠭᠤᠯᠬᠤ ᠬᠡᠷᠡᠭᠳᠡᠢ᠃ ︽ᠣᠢ ᠰᠢᠭᠤᠢ ᠶᠢᠨ ᠭᠠᠯ ᠰᠡᠷᠭᠡᠶᠢᠯᠡᠬᠦ ᠲᠦᠷᠢᠮ︾ ︵ᠪᠦᠬᠦᠳᠡ ᠨᠠᠶᠢᠷᠠᠮᠳᠠᠬᠤ ᠲᠣᠮᠳᠠᠳᠦ ᠠᠷᠠᠳ ᠣᠯᠣᠰ ᠤᠨ ᠲᠦᠷᠦ ᠶᠢᠨ ᠶᠠᠪᠣᠳᠠᠯ ᠤᠨ ᠬᠤᠷᠢᠶᠠᠨ ᠤ 541 ᠲᠣᠭᠠᠳᠦ ᠵᠠᠷᠯᠢᠭ︶᠂ ︽ᠨᠣᠳᠤᠭ ᠪᠡᠯᠴᠢᠭᠡᠷ ᠤᠨ ᠭᠠᠯ ᠰᠡᠷᠭᠡᠶᠢᠯᠡᠬᠦ ᠲᠦᠷᠢᠮ︾ ︵ᠪᠦᠬᠦᠳᠡ ᠨᠠᠶᠢᠷᠠᠮᠳᠠᠬᠤ ᠲᠣᠮᠳᠠᠳᠦ ᠠᠷᠠᠳ ᠣᠯᠣᠰ ᠤᠨ ᠲᠦᠷᠦ ᠶᠢᠨ ᠶᠠᠪᠣᠳᠠᠯ ᠤᠨ ᠬᠤᠷᠢᠶᠠᠨ ᠤ 542 ᠲᠣᠭᠠᠳᠦ ᠵᠠᠷᠯᠢᠭ︶ ᠪᠣᠯᠣᠨ ︽ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠣᠢ ᠰᠢᠭᠤᠢ ᠨᠣᠳᠤᠭ ᠪᠡᠯᠴᠢᠭᠡᠷ ᠤᠨ ᠭᠠᠯ ᠰᠡᠷᠭᠡᠶᠢᠯᠡᠭᠦ ᠲᠦᠷᠢᠮ︾ ︵ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠪᠠᠨ ᠬᠤᠶᠠᠳᠣᠭᠠᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ   ᠶᠢᠨ ᠬᠤᠷᠢᠶᠠᠨ ᠤ 25 ᠲᠣᠭᠠᠳᠦ ᠠᠯᠪᠠᠨ ᠵᠠᠷᠯᠠᠯ︶ ᠤᠨ ᠬᠤᠯᠪᠣᠭᠳᠠᠯ ᠪᠦᠬᠦᠢ ᠲᠦᠷᠢᠮ ᠲᠣᠭᠳᠠᠭᠠᠯ ᠯᠤᠭ᠎ᠠ ᠨᠡᠶᠢᠴᠡᠭᠦ ᠦᠭᠡᠢ ᠪᠦᠬᠦᠨ ᠢ ᠴᠦᠮ ᠴᠡᠭᠴᠡᠯᠡᠨ ᠵᠠᠰᠠᠬᠤ ᠬᠡᠷᠡᠭᠳᠡᠢ᠃     ᠲᠠᠪᠤ᠂ ᠵᠠᠮ ᠬᠠᠷᠢᠯᠴᠠᠭ᠎ᠠ ᠵᠠᠮ ᠲᠡᠭᠡᠭᠡᠪᠦᠷᠢ᠂ ᠲᠣᠳᠣᠭᠠᠳᠦ ᠶᠢ ᠬᠠᠮᠠᠭᠠᠠᠯᠬᠤ ᠵᠠᠮ ᠬᠠᠮᠢᠶᠠᠷᠣᠯᠳᠠ᠂ ᠶᠡᠷᠦᠩᠬᠡᠶᠢᠯᠡᠭᠰᠡᠨ ᠬᠠᠣᠯᠢ ᠬᠡᠷᠡᠭᠵᠢᠭᠦᠯᠦᠯᠳᠡ᠂ ᠵᠠᠰᠠᠮᠠᠯ ᠵᠠᠮ ᠤᠨ ᠰᠣᠶᠢᠳᠬᠡᠯ ᠬᠤᠷᠢᠶᠠᠯᠳᠠ᠂ ᠲᠦᠷᠢᠶᠡᠰᠦᠨ ᠮᠠᠰᠢᠨ᠂ ᠰᠢᠣᠳᠠᠨ ᠤ ᠶᠠᠪᠣᠳᠠᠯ᠂ ᠪᠠᠷᠠᠭ᠎ᠠ ᠭᠦᠢᠯᠭᠡᠭᠡ᠂ ᠲᠦᠷᠭᠡᠨ ᠬᠦᠷᠭᠡᠯᠳᠡ᠂ ᠨᠡᠭᠦᠷᠡᠰᠦ ᠵᠡᠷᠭᠡ ᠡᠵᠡᠩᠨᠡᠯᠳᠡ ᠬᠠᠮᠢᠶᠠᠷᠣᠯᠳᠠ ᠶᠢᠨ  ᠪᠠᠶᠢᠭᠤᠯᠭ᠎ᠠ ᠨᠢᠭᠡᠴᠡ ᠨᠠᠭᠠᠰᠢ ᠴᠠᠭᠠᠰᠢ ᠦᠩᠭᠡᠷᠡᠬᠦ ᠪᠣᠶᠣ ᠬᠠᠮᠢᠶᠠᠷᠴᠦ ᠪᠦᠬᠦᠢ ᠲᠡᠷᠭᠡ ᠮᠠᠰᠢᠨ ᠠᠵᠢᠯᠴᠢᠨ ᠠᠵᠢᠯᠳᠠᠨ ᠳᠤ ᠪᠠᠨ ᠠᠪᠬᠤ ᠭᠠᠯ ᠰᠡᠷᠭᠡᠶᠢᠯᠡᠬᠦ ᠣᠬᠠᠭᠤᠯᠭ᠎ᠠ ᠬᠦᠮᠦᠵᠢᠯ ᠪᠣᠯᠣᠨ ᠬᠠᠮᠢᠶᠠᠷᠣᠯᠳᠠ ᠡᠵᠡᠮᠳᠠᠯ  ᠤᠨ ᠠᠷᠭ᠎ᠠ ᠠᠪᠴᠠᠯ ᠢᠶᠠᠨ ᠴᠢᠩᠭᠠᠳᠬᠠᠵᠣ᠂ ᠲᠠᠮᠠᠬᠢᠨ ᠣᠵᠠᠭᠤᠷ᠂ ᠨᠣᠴᠣᠭᠠᠪᠦᠷᠢ ᠵᠡᠷᠭᠡ ᠣᠴᠢ ᠴᠤᠭ ᠢ ᠲᠣᠷ᠎ᠠ  ᠪᠠᠷ ᠬᠠᠶᠠᠬᠤ ᠶᠢ ᠴᠢᠩᠭ᠎ᠠ ᠴᠠᠭᠠᠵᠠᠯᠠᠨ᠂ ᠲᠠᠭᠠᠭᠠᠴᠠ ᠠᠴᠠ ᠬᠡᠳᠦᠷᠡᠬᠦ᠂ ᠴᠢᠩᠭ᠎ᠠ ᠪᠣᠭᠤᠭᠰᠠᠨ ᠦᠭᠡᠢ ᠠᠴᠠ ᠠᠭᠤᠷᠬᠠᠢ ᠶᠢᠨ ᠪᠣᠰᠦ ᠣᠷᠣᠨ ᠳᠤ ᠨᠡᠭᠦᠷᠡᠰᠣᠨ ᠬᠡᠮᠬᠡᠳᠡᠭ ᠭᠤᠭᠤᠵᠢᠬᠤ ᠶᠢ ᠴᠢᠩᠭ᠎ᠠ ᠪᠠᠶᠢᠴᠠᠭᠠᠬᠤ ᠬᠡᠷᠡᠭᠳᠡᠢ᠃ ᠵᠢᠯᠣᠭᠤᠴᠢ᠂ ᠲᠡᠷᠬᠡ ᠲᠠᠭᠠᠭᠰᠠᠨ ᠬᠠᠮᠢᠶᠠᠷᠣᠭᠴᠢ ᠨᠢ ᠭᠠᠯ ᠰᠡᠷᠭᠡᠶᠢᠯᠡᠬᠦ ᠬᠠᠷᠢᠭᠤᠴᠠᠯᠭᠠᠳᠠᠨ ᠪᠣᠯᠣᠨ᠎ᠠ᠃     ᠵᠢᠷᠭᠤᠭ᠎ᠠ᠂ ᠡᠯ᠎ᠡ ᠪᠠᠯᠭᠠᠰᠦ ᠵᠢᠴᠢ ᠪᠦᠷᠢᠯᠳᠦᠭᠦᠨ ᠪᠠᠶᠢᠭᠤᠯᠭ᠎ᠠ ᠨᠢᠭᠡᠴᠡ ᠡᠷᠬᠡᠪᠰᠢ ᠣᠢ ᠰᠢᠭᠤᠢ ᠨᠣᠳᠤᠭ ᠪᠡᠯᠴᠢᠭᠡᠷ ᠤᠨ ᠭᠠᠯ ᠰᠡᠷᠭᠡᠶᠢᠯᠡᠭᠦ ᠬᠠᠷᠢᠭᠤᠴᠠᠯᠭ᠎ᠠ ᠶᠢᠨ ᠲᠦᠷᠢᠮ ᠶᠢ ᠴᠢᠩᠭ᠎ᠠ ᠬᠡᠷᠡᠭᠵᠢᠭᠦᠯᠦᠨ᠂ ᠪᠠᠴᠢᠮ ᠢ ᠪᠠᠶᠢᠳᠠᠯ ᠠᠷᠭᠠᠴᠠᠭᠠᠬᠤ ᠪᠡᠯᠡᠳᠬᠡᠯ ᠲᠦᠰᠦᠯ ᠢ ᠨᠠᠷᠢᠨ ᠬᠢᠨᠠᠮᠠᠭᠠᠢ ᠲᠡᠭᠦᠯᠳᠡᠷᠵᠢᠭᠦᠯᠣᠨ ᠨᠠᠶᠢᠳᠠᠪᠦᠷᠢᠵᠢᠭᠤᠯᠬᠤ ᠬᠡᠷᠡᠭᠳᠡᠢ᠃ ᠡᠯ᠎ᠡ ᠪᠠᠯᠭᠠᠰᠦ ᠭᠠᠴᠠᠭ᠎ᠠ ᠲᠣᠰᠬᠤᠨ ᠢᠶᠠᠷ ᠨᠢᠭᠡᠴᠡ ᠪᠣᠯᠭᠠᠨ ᠬᠡᠰᠡᠭ ᠬᠤᠪᠢᠶᠠᠨ ᠣᠢ ᠰᠢᠭᠤᠢ ᠨᠣᠳᠤᠭ ᠪᠡᠯᠴᠢᠭᠡᠷ ᠢ ᠬᠠᠮᠠᠭᠠᠯᠠᠨ ᠭᠠᠯ ᠰᠡᠷᠭᠡᠶᠢᠯᠡᠭᠦ ᠬᠠᠷᠢᠭᠤᠴᠠᠯᠭ᠎ᠠ ᠶᠢ ᠨᠠᠶᠢᠳᠠᠪᠦᠷᠢᠵᠢᠭᠤᠯᠬᠤ ᠬᠡᠷᠡᠭᠳᠡᠢ᠃ ᠡᠯ᠎ᠡ ᠪᠠᠯᠭᠠᠰᠦ ᠪᠣᠯᠣᠨ ᠬᠤᠯᠪᠣᠭᠳᠠᠯ ᠪᠦᠬᠦᠢ ᠰᠠᠯᠠᠭ᠎ᠠ ᠮᠦᠴᠢᠷ ᠤᠨ ᠭᠠᠯ ᠣᠨᠳᠠᠷᠭᠠᠬᠤ ᠡᠩᠨᠡᠭᠡ ᠪᠠᠨ ᠴᠠᠭ ᠢᠮᠠᠭᠳᠠ ᠪᠡᠯᠡᠳᠬᠡᠯ ᠲᠠᠢ ᠪᠠᠶᠢᠯᠭᠠᠨ᠂ ᠭᠠᠯ ᠣᠨᠳᠠᠷᠭᠠᠬᠤ ᠪᠡᠯᠡᠳᠭᠡᠯ ᠠᠵᠢᠯ ᠢ ᠰᠠᠶᠢᠳᠦᠷ ᠬᠢᠵᠣ᠂ ᠭᠠᠯ ᠣᠨᠳᠠᠷᠭᠠᠬᠤ ᠲᠣᠰᠬᠠᠢ ᠠᠵᠢᠯᠳᠠᠨ ᠪᠠ ᠪᠠᠭᠠᠵᠢ ᠬᠡᠷᠡᠭᠰᠡᠯ ᠲᠣᠬᠢᠷᠠᠭᠤᠯᠣᠨ᠂ ᠲᠦᠢᠮᠡᠷ ᠭᠠᠷᠪᠠᠯ ᠠᠵᠢᠯᠳᠠᠨ᠂ ᠲᠦᠬᠦᠭᠡᠷᠦᠮᠵᠢ᠂ ᠡᠳ᠋ ᠪᠣᠳᠠᠰ ᠢ ᠴᠠᠭ ᠲᠣᠬᠠᠢ  ᠳᠤ ᠨᠢ ᠣᠷᠣᠨᠵᠢᠭᠤᠯᠵᠣ᠂ ᠬᠦᠴᠦᠨ ᠢᠶᠠᠨ ᠲᠦᠪᠯᠡᠷᠡᠭᠦᠯᠦᠨ ᠰᠢᠨᠵᠢᠯᠡᠬᠦ ᠣᠬᠠᠭᠠᠨᠴᠢ ᠪᠠᠷ ᠭᠠᠯ ᠣᠨᠳᠠᠷᠭᠠᠵᠣ᠂ ︽ᠡᠷᠳᠡ ᠣᠨᠳᠠᠷᠭᠠᠬᠤ᠂ ᠪᠠᠭ᠎ᠠ ᠲᠡᠭᠡᠷ᠎ᠡ ᠨᠢ ᠣᠨᠳᠠᠷᠭᠠᠬᠤ᠂ ᠭᠦᠢᠴᠡᠳ ᠣᠨᠳᠠᠷᠭᠠᠬᠤ︾ ᠶᠢ ᠪᠡᠶᠡᠯᠡᠭᠦᠯᠦᠨ᠂ ᠰᠢᠷᠬᠠᠳᠣᠯ ᠭᠡᠨᠡᠳᠡᠯ ᠠᠴᠠ ᠴᠢᠩᠭ᠎ᠠ ᠰᠡᠷᠭᠡᠶᠢᠯᠡᠭᠦ ᠬᠡᠷᠡᠭᠳᠡᠢ᠃ ᠡᠯ᠎ᠡ ᠪᠠᠯᠭᠠᠰᠦ᠂ ᠬᠤᠰᠢᠭᠤ ᠠᠮᠢ ᠠᠬᠤᠢ ᠣᠷᠴᠢᠨ ᠲᠣᠭᠤᠷᠢᠨ ᠤ ᠬᠤᠪᠢᠶᠠᠷᠢ ᠲᠣᠪᠴᠢᠶ᠎ᠠ᠂ ᠡᠨᠧᠷᠬᠢ ᠶᠢᠨ ᠲᠣᠪᠴᠢᠶ᠎ᠠ᠂ ᠪᠠᠴᠢᠮ ᠪᠠᠶᠢᠳᠠᠯ ᠢ ᠠᠷᠭᠠᠴᠠᠬᠤ ᠬᠠᠮᠢᠶᠠᠷᠣᠯᠳᠠ  ᠶᠢᠨ ᠲᠣᠪᠴᠢᠶ᠎ᠠ᠂ ᠣᠢ ᠰᠢᠭᠤᠢ ᠪᠣᠯᠣᠨ ᠨᠣᠳᠤᠭ ᠪᠡᠯᠴᠢᠭᠡᠷ ᠤᠨ ᠲᠣᠪᠴᠢᠶ᠎ᠠ᠂ ᠪᠠᠶᠢᠭᠠᠯᠢ ᠶᠢᠨ ᠡᠬᠢ ᠪᠠᠶᠠᠯᠢᠭ ᠤᠨ ᠲᠣᠪᠴᠢᠶ᠎ᠠ ᠪᠣᠯᠣᠨ ᠵᠠᠮ ᠬᠠᠷᠢᠯᠴᠠᠭ᠎ᠠ ᠲᠡᠭᠡᠭᠡᠪᠦᠷᠢ ᠵᠡᠷᠭᠡ ᠰᠠᠯᠠᠭ᠎ᠠ ᠮᠦᠴᠢᠷ ᠵᠠᠮ ᠤᠨ ᠬᠤᠶᠠᠷ ᠬᠠᠵᠠᠭᠤ ᠶᠢᠨ ᠨᠡᠭᠦᠷᠡᠰᠣᠨ ᠬᠡᠮᠭᠡᠳᠡᠭ᠂ ᠰᠣᠯᠠ ᠡᠪᠡᠰᠦ ᠵᠡᠷᠭᠡ ᠠᠮᠠᠷᠬᠠᠨ ᠨᠣᠴᠣᠬᠤ ᠪᠣᠳᠠᠰ ᠢ ᠰᠠᠶᠢᠳᠦᠷ ᠴᠡᠪᠡᠷᠯᠡᠬᠦ ᠬᠡᠷᠡᠭᠳᠡᠢ︔ ᠬᠤᠰᠢᠭᠤ ᠠᠮᠢ ᠠᠬᠤᠢ ᠣᠷᠴᠢᠨ ᠲᠣᠭᠤᠷᠢᠨ ᠤ ᠬᠤᠪᠢᠶᠠᠷᠢ ᠲᠣᠪᠴᠢᠶ᠎ᠠ᠂ ᠮᠠᠯ ᠲᠠᠷᠢᠶᠠᠯᠠᠩ ᠤᠨ ᠲᠣᠪᠴᠢᠶ᠎ᠠ ᠵᠡᠷᠭᠡ ᠰᠠᠯᠠᠭ᠎ᠠ ᠮᠦᠴᠢᠷ ᠲᠠᠷᠢᠶᠠᠨ ᠭᠤᠣᠷᠰᠦ᠂ ᠡᠰᠢ ᠰᠦᠷᠡᠯ᠂ ᠴᠣᠭᠯᠠᠷᠠᠭᠰᠠᠨ ᠬᠠᠶᠠᠭᠳᠠᠮᠠᠯ ᠪᠣᠳᠠᠰ ᠢ ᠰᠢᠳᠠᠭᠠᠬᠤ ᠵᠡᠷᠭᠡ ᠠᠵᠢᠯᠯᠠᠭᠠᠨ ᠳᠤ ᠦᠩᠭᠦ ᠴᠣᠬᠢᠯᠳᠠ ᠪᠠᠨ ᠴᠢᠩᠭᠠᠳᠬᠠᠬᠤ ᠬᠡᠷᠡᠭᠳᠡᠢ᠃     ᠲᠣᠯᠤᠭ᠎ᠠ᠂ ᠭᠠᠯ ᠰᠡᠷᠭᠡᠶᠢᠯᠡᠭᠦ ᠬᠠᠷᠢᠭᠤᠴᠠᠯᠭ᠎ᠠ ᠪᠠᠨ ᠭᠦᠢᠴᠡᠳᠬᠡᠭᠰᠡᠨ ᠦᠭᠡᠢ᠂ ᠭᠠᠯ ᠰᠡᠷᠭᠡᠶᠢᠯᠡᠬᠦ ᠪᠠᠶᠢᠴᠠᠭᠠᠯᠳᠠ ᠶᠢ ᠬᠦᠯᠢᠶᠡᠭᠰᠡᠨ ᠦᠭᠡᠢ᠂ ᠭᠠᠯ ᠤᠨ ᠠᠶᠣᠯ ᠤᠨ ᠲᠠᠯᠳᠠ ᠭᠡᠮ ᠢ ᠠᠷᠢᠯᠭᠠᠭᠰᠠᠨ ᠦᠭᠡᠢ᠂ ᠣᠢ ᠰᠢᠭᠤᠢ ᠨᠣᠳᠤᠭ ᠪᠡᠯᠴᠢᠭᠡᠷ ᠤᠨ ᠭᠠᠯ ᠰᠡᠷᠭᠡᠶᠢᠯᠡᠬᠦ ᠣᠷᠣᠨ ᠳᠤ ᠶᠠᠮᠠᠷᠴᠤ ᠵᠦᠪᠰᠢᠶᠡᠷᠡᠯ ᠦᠭᠡᠢ ᠪᠠᠷ ᠭᠠᠯ ᠬᠡᠷᠡᠭᠯᠡᠭᠰᠡᠳ᠂ ᠬᠡᠴᠢᠶᠡᠮᠵᠢ ᠦᠭᠡᠢ ᠠᠴᠠ ᠪᠣᠶᠣ ᠵᠣᠷᠢᠭᠤᠳᠠ ᠣᠢ ᠰᠢᠭᠤᠢ ᠨᠣᠳᠤᠭ ᠪᠡᠯᠴᠢᠭᠡᠷ ᠲᠤ ᠲᠦᠢᠮᠡᠷ ᠲᠠᠯᠪᠢᠭᠰᠠᠨ ᠵᠡᠷᠭᠡ ᠠᠵᠢᠯᠯᠠᠭᠠᠨ ᠢ ︽ᠣᠢ ᠰᠢᠭᠤᠢ ᠶᠢᠨ ᠭᠠᠯ ᠰᠡᠷᠭᠡᠶᠢᠯᠡᠬᠦ ᠲᠦᠷᠢᠮ︾ ᠪᠣᠯᠣᠨ ︽ᠨᠣᠳᠤᠭ ᠪᠡᠯᠴᠢᠭᠡᠷ ᠤᠨ ᠭᠠᠯ ᠰᠡᠷᠭᠡᠶᠢᠯᠡᠬᠦ ᠲᠦᠷᠢᠮ︾ ᠵᠡᠷᠭᠡ ᠬᠤᠯᠪᠣᠭᠳᠠᠯ ᠪᠦᠬᠦᠢ ᠲᠦᠷᠢᠮ ᠲᠣᠭᠳᠠᠭᠠᠯ ᠢ ᠦᠨᠳᠦᠰᠦᠯᠡᠨ᠂ ᠬᠦᠨᠳᠦ ᠬᠦᠩᠭᠡᠨ ᠤ ᠪᠠᠶᠢᠳᠠᠯ ᠢᠶᠠᠷ ᠨᠢ ᠪᠠᠶᠢᠭᠤᠯᠭ᠎ᠠ ᠨᠢᠭᠡᠴᠡ ᠶᠢ 2000 ᠲᠦᠭᠦᠷᠢᠭ ᠠᠴᠠ 10 ᠲᠦᠮᠡᠨ ᠲᠦᠬᠦᠷᠢᠭ ᠤᠨ ᠬᠤᠭᠤᠷᠣᠨᠳᠦ ᠲᠣᠷᠭᠠᠨ᠂ ᠬᠤᠪᠢ ᠬᠦᠮᠦᠨ ᠢ 200 ᠲᠦᠬᠦᠷᠢᠭ ᠠᠴᠠ 5000 ᠲᠦᠭᠦᠷᠢᠭ ᠤᠨ ᠬᠤᠭᠤᠷᠣᠨᠳᠦ ᠲᠣᠷᠭᠠᠨ᠎ᠠ᠃ ᠶᠡᠯ᠎ᠡ ᠪᠦᠷᠢᠯᠳᠦᠭᠰᠡᠨ ᠪᠣᠯ᠂ ᠬᠠᠣᠯᠢ ᠶᠣᠰᠣ ᠪᠠᠷ ᠡᠷᠡᠭᠦᠣ ᠶᠢᠨ ᠬᠡᠷᠡᠭ ᠤᠨ ᠬᠠᠷᠢᠭᠤᠴᠠᠯᠭ᠎ᠠ ᠨᠡᠬᠡᠮᠵᠢᠯᠡᠨ᠎ᠡ᠃ ᠣᠢ ᠰᠢᠭᠤᠢ ᠶᠢᠨ ᠲᠣᠳᠣᠭᠠᠳᠦ ᠶᠢ ᠬᠠᠮᠠᠭᠠᠯᠠᠬᠤ ᠪᠠᠶᠢᠭᠤᠯᠣᠮᠵᠢ ᠬᠡᠭᠡᠷ᠎ᠡ ᠭᠠᠳᠠᠨ᠎ᠠ ᠭᠠᠯ ᠬᠡᠷᠡᠭᠯᠡᠭᠦ ᠬᠠᠣᠯᠢ ᠵᠦᠷᠢᠴᠡᠭᠰᠡᠨ ᠠᠵᠢᠯᠯᠠᠭᠠᠨ ᠳᠤ ᠴᠢᠩᠭ᠎ᠠ ᠴᠣᠬᠢᠯᠳᠠ ᠦᠭᠴᠦ᠂ ᠣᠢ ᠰᠢᠭᠤᠢ ᠨᠣᠳᠤᠭ ᠪᠡᠯᠴᠢᠭᠡᠷ ᠤᠨ ᠲᠦᠢᠮᠡᠷ  ‍ᠤᠨ‌ᠠᠶᠣᠯ ᠤᠨ ᠬᠡᠷᠡᠭ ᠣᠴᠢᠷ ᠢ ᠴᠠᠭ ᠲᠣᠬᠠᠢ ᠳᠤ ᠨᠢ ᠪᠠᠶᠢᠴᠠᠭᠠᠨ ᠰᠢᠢᠳᠪᠦᠷᠢᠯᠡᠬᠦ ᠬᠡᠷᠡᠭᠳᠡᠢ᠃     ᠨᠠᠢᠮᠠ᠂ ᠪᠠᠶᠢᠴᠠᠭᠠᠯᠳᠠ ᠪᠠᠷ ᠢᠯᠡᠷᠡᠭᠦᠯᠦᠭᠰᠡᠨ ᠬᠠᠷᠢᠶᠠᠳᠦ ᠣᠷᠣᠨ ᠳᠤ ᠪᠠᠨ ᠭᠠᠯ ᠰᠡᠷᠭᠡᠶᠢᠯᠡᠭᠦ ᠬᠠᠷᠢᠭᠤᠴᠠᠯᠭ᠎ᠠ  ᠶᠢᠨ ᠲᠦᠷᠢᠮ ᠢ ᠨᠠᠶᠢᠳᠠᠪᠦᠷᠢᠵᠢᠭᠤᠯᠣᠭᠰᠠᠨ ᠦᠭᠡᠢ᠂ ᠭᠠᠯ ᠤᠨ ᠡᠬᠢ ᠶᠢᠨ ᠬᠠᠮᠢᠶᠠᠷᠣᠯᠳᠠ ᠴᠢᠩᠭ᠎ᠠ ᠪᠣᠰᠦ᠂ ᠭᠠᠯ  ᠤᠨ ᠠᠶᠣᠯ ᠤᠨ ᠲᠠᠯᠳᠠ ᠭᠡᠮ ᠢ ᠴᠡᠭᠴᠡᠯᠡᠭᠰᠡᠨ ᠦᠭᠡᠢ᠂ ᠭᠠᠯ ᠰᠡᠷᠭᠡᠶᠢᠯᠡᠭᠦ ᠠᠷᠭ᠎ᠠ ᠠᠪᠴᠠᠯ ᠪᠦᠷᠢᠨ ᠪᠣᠰᠣ᠂ ᠭᠠᠯ ᠣᠨᠳᠠᠷᠭᠠᠬᠤ ᠵᠣᠬᠢᠶᠠᠨ ᠪᠠᠶᠢᠭᠤᠯᠣᠯᠳᠠ ᠶᠢᠨ ᠬᠦᠴᠦᠨ ᠪᠦᠷᠢᠨ ᠪᠣᠰᠦ᠂ ᠬᠢᠨᠠᠨ ᠪᠠᠶᠢᠴᠠᠭᠠᠯᠳᠠ ᠲᠣᠳᠠᠮᠠᠭ ᠵᠡᠷᠭᠡ ᠠᠰᠠᠭᠤᠳᠠᠯ ᠢ ︽ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠣᠢ ᠰᠢᠭᠤᠢ ᠨᠣᠳᠤᠭ ᠪᠡᠯᠴᠢᠭᠡᠷ ᠤᠨ ᠭᠠᠯ ᠰᠡᠷᠭᠡᠶᠢᠯᠡᠭᠦ ᠠᠵᠢᠯ ᠤᠨ ᠬᠠᠷᠢᠭᠤᠴᠠᠯᠭ᠎ᠠ ᠨᠡᠬᠡᠮᠵᠢᠯᠡᠬᠦ ᠠᠷᠭ᠎ᠠ︾ ︵ᠦᠪᠦᠷ ᠵᠠᠰᠠᠭ ᠲᠠᠷᠬᠠᠭᠠᠭᠰᠠᠨ ﹇2015﹈ 66 ᠲᠣᠭᠠᠳᠦ︶ ᠵᠡᠷᠭᠡ ᠲᠦᠷᠢᠮ ᠲᠣᠭᠳᠠᠭᠠᠯ ᠢᠶᠠᠷ᠂ ᠡᠯ᠎ᠡ ᠱᠠᠳᠣᠨ ᠤ ᠡᠯ᠎ᠡ ᠬᠤᠯᠪᠣᠭᠳᠠᠯ ᠪᠦᠬᠦᠢ ᠰᠠᠯᠠᠭ᠎ᠠ ᠮᠦᠴᠢᠷ ᠤᠨ ᠣᠳᠣᠷᠢᠳᠣᠯᠭ᠎ᠠ ᠠᠴᠠ ᠬᠠᠷᠢᠭᠤᠴᠠᠯᠭ᠎ᠠ ᠨᠡᠬᠡᠮᠵᠢᠯᠡᠨ᠎ᠡ᠃     ᠶᠢᠰᠦ᠂ ᠶᠠᠮᠠᠷᠪᠠ ᠪᠠᠶᠢᠭᠤᠯᠭ᠎ᠠ ᠨᠢᠭᠡᠴᠡ ᠪᠣᠯᠣᠨ ᠬᠤᠪᠢ ᠬᠦᠮᠦᠨ ᠣᠢ ᠰᠢᠭᠤᠢ ᠨᠣᠳᠤᠭ ᠪᠡᠯᠴᠢᠭᠡᠷ ᠲᠤ ᠲᠦᠢᠮᠡᠷ ᠭᠠᠷᠣᠭᠰᠠᠨ ᠢ ᠮᠡᠳᠡᠪᠡᠯ᠂ ᠴᠠᠭ ᠲᠣᠬᠠᠢ ᠳᠤ ᠨᠢ ᠬᠤᠰᠢᠭᠤ ᠣᠢ ᠰᠢᠭᠤᠢ ᠨᠣᠳᠤᠭ ᠪᠡᠯᠴᠢᠭᠡᠷ ᠤᠨ ᠭᠠᠯ ᠰᠡᠷᠭᠡᠶᠢᠯᠡᠭᠦ ︵ᠣᠨᠳᠠᠷᠭᠠᠬᠤ︶ ᠵᠢᠯᠣᠭᠤᠳᠬᠤ ᠲᠦᠪ ᠪᠣᠶᠣ ᠭᠠᠯ ᠰᠡᠷᠭᠡᠶᠢᠯᠡᠭᠦ ︵ᠣᠨᠳᠠᠷᠭᠠᠬᠤ︶ ᠵᠢᠯᠣᠭᠤᠳᠬᠤ ᠲᠦᠪ ᠤᠨ ᠠᠯᠪᠠᠨ ᠭᠡᠷ ᠲᠤ ᠮᠡᠳᠡᠭᠦᠯᠬᠦ ᠬᠡᠷᠡᠭᠳᠡᠢ ︵ᠬᠡᠷᠡᠭ ᠮᠡᠳᠡᠭᠦᠯᠬᠦ ᠣᠳᠠᠰᠦ᠄ 12119︔ 0477 - 7626371︶᠃ ᠶᠠᠮᠠᠷᠪᠠ ᠪᠠᠶᠢᠭᠤᠯᠭ᠎ᠠ ᠨᠢᠭᠡᠴᠡ ᠪᠣᠯᠣᠨ ᠬᠤᠪᠢ ᠬᠦᠮᠦᠨ ᠦᠨ᠎ᠡ ᠲᠦᠯᠦᠪᠦᠷᠢ ᠦᠭᠡᠢ ᠪᠠᠷ ᠬᠡᠷᠡᠭ ᠮᠡᠳᠡᠭᠦᠯᠬᠦ ᠳᠤ ᠲᠦᠭᠦᠮ ᠦᠵᠡᠭᠦᠯᠵᠣ᠂ ᠬᠤᠳᠠᠯ ᠬᠠᠭᠤᠷᠮᠠᠭ ᠮᠡᠳᠡᠭᠦᠯᠬᠦ᠂ ᠲᠣᠷ᠎ᠠ ᠪᠠᠷ ᠮᠡᠳᠡᠭᠦᠯᠬᠦ᠂ ᠣᠢ ᠰᠢᠭᠤᠢ ᠨᠣᠳᠤᠭ ᠪᠡᠯᠴᠢᠭᠡᠷ ᠤᠨ ᠲᠦᠢᠮᠡᠷ ᠤᠨ ᠪᠠᠶᠢᠳᠠᠯ ᠢ ᠮᠡᠳᠡᠭᠦᠯᠬᠦ ᠦᠭᠡᠢ ᠨᠢᠭᠤᠬᠤ ᠶᠢ ᠴᠢᠩᠭ᠎ᠠ ᠴᠠᠭᠠᠵᠠᠯᠠᠨ᠎ᠠ᠃                                      ᠣᠳᠤᠭ ᠤᠨ ᠡᠮᠦᠨᠡᠳᠦ ᠬᠤᠰᠢᠭᠤᠨ ᠤ ᠲᠠᠷᠤᠭ᠎ᠠ                                                                                           2021 ᠣᠨ ᠤ 3 ᠰᠠᠷ᠎ᠠ ᠶᠢᠨ 15 ᠤ ᠡᠳᠦᠷ                                                                                                                                                                                  ᠬᠠᠭᠤᠯᠣᠨ ᠬᠦᠷᠭᠡᠬᠦ ᠨᠢ᠄ ᠬᠤᠰᠢᠭᠤ ᠨᠠᠮ ᠤᠨ ᠬᠤᠷᠢᠶ᠎ᠠ᠂ ᠬᠤᠰᠢᠭᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ᠂ ᠬᠤᠰᠢᠭᠤ ᠣᠯᠣᠰ ᠲᠦᠷᠦ ᠶᠢᠨ ᠵᠦᠪᠯᠡᠯᠭᠡᠨ᠂ ᠬᠤᠰᠢᠭᠤ ᠵᠡᠪᠰᠡᠭᠳᠦ ᠴᠠᠭᠳᠠᠭ᠎ᠠ ᠶᠢᠨ ᠲᠣᠮᠳᠠ ᠠᠩᠬᠢ᠂ ᠬᠤᠰᠢᠭᠤ ᠰᠠᠬᠢᠯᠭ᠎ᠠ ᠪᠠᠳᠦ ᠬᠢᠨᠠᠨ ᠪᠠᠶᠢᠴᠠᠭᠠᠬᠤ ᠬᠤᠷᠢᠶ᠎ᠠ᠂ ᠬᠤᠰᠢᠭᠤ ᠰᠢᠭᠦᠬᠦ ᠬᠤᠷᠢᠶ᠎ᠠ᠂ ᠬᠤᠰᠢᠭᠤ ᠪᠠᠶᠢᠴᠠᠭᠠᠬᠤ ᠬᠤᠷᠢᠶ᠎ᠠ᠂ ᠬᠤᠰᠢᠭᠤ ᠨᠠᠮ ᠤᠨ ᠬᠤᠷᠢᠶᠠᠨ ᠤ ᠡᠯ᠎ᠡ ᠰᠠᠯᠠᠭ᠎ᠠ ᠮᠦᠴᠢᠷ᠂ ᠡᠯ᠎ᠡ ᠠᠷᠠᠳ ᠤᠨ ᠪᠦᠯᠬᠦᠮ᠂ ᠡᠯ᠎ᠡ ᠰᠣᠨᠢᠨ ᠮᠡᠳᠡᠭᠡ ᠤ ᠪᠠᠶᠢᠭᠤᠯᠭ᠎ᠠ ᠨᠢᠭᠡᠴᠡ                                                                                                                                                                                               ᠣᠳᠤᠭ ᠤᠨ ᠡᠮᠤᠨᠡᠲᠤ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ                         2021 ᠤᠨ ᠤ 3 ᠰᠠᠷ᠎ᠠ ᠶᠢᠨ 15 ᠤ ᠡᠳᠤᠷ ᠲᠠᠷᠤᠮᠠᠯᠯᠠᠨ‌‍ᠲ᠋ᠠᠷᠬᠠᠭᠠᠪᠠ
 
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号