ᠶᠠᠩ ᠶᠢᠩ ᠰᠢᠨ ᠲᠣᠮᠳᠠᠳᠦ ᠣᠯᠣᠰ ᠤᠨ ᠠᠷᠠᠳ ᠤᠨ ᠴᠠᠭᠳᠠᠭ᠎ᠠ ᠶᠢᠨ ᠪᠠᠶᠠᠷ ᠤᠨ ᠡᠳᠦᠷ ᠦᠷᠭᠡᠨ ᠣᠯᠠᠨ ᠲᠣᠳᠣᠭᠠᠳᠦ ᠶᠢ ᠬᠠᠮᠠᠭᠠᠯᠠᠬᠤ ᠠᠷᠠᠳ ᠤᠨ ᠴᠠᠭᠳᠠᠭ᠎ᠠ ᠲᠣᠰᠠᠯᠠᠬᠤ ᠴᠠᠭᠳᠠᠭ᠎ᠠ ᠶᠢ ᠪᠣᠯᠭᠤᠭᠠᠨ ᠲᠣᠬᠤᠨᠢᠭᠤᠯᠪᠠ
ᠨᠡᠶᠢᠲᠡᠯᠡᠭᠰᠡᠨ ᠴᠠᠭ᠄
2022/1/12
    1 ᠰᠠᠷ᠎ᠠ ᠶᠢᠨ 10 ᠤ ᠡᠳᠦᠷ᠂ ᠬᠤᠶᠠᠳᠠᠬᠢ ᠣᠳᠠᠭᠠᠨ ᠤ ᠲᠣᠮᠳᠠᠳᠦ ᠣᠯᠣᠰ ᠤᠨ ᠠᠷᠠᠳ ᠤᠨ ᠴᠠᠭᠳᠠᠭ᠎ᠠ  ᠶᠢᠨ ᠪᠠᠶᠠᠷ ᠤᠨ ᠲᠠᠰᠢᠷᠠᠮ ᠢᠶᠠᠷ᠂ ᠬᠤᠰᠢᠭᠤ ᠨᠠᠮ ᠤᠨ ᠬᠤᠷᠢᠶ᠎ᠠ ᠶᠢᠨ ᠲᠡᠳ᠋ ᠱᠦᠵᠢ᠂ ᠵᠠᠰᠠᠭ ᠤᠨ ᠣᠷᠳᠣᠨ ᠤ ᠬᠤᠰᠢᠭᠤ ᠲᠠᠷᠤᠭ᠎ᠠ ᠶᠠᠩ ᠶᠢᠩ ᠰᠢᠨ ᠬᠤᠰᠢᠭᠤ ᠲᠣᠳᠣᠭᠠᠳᠦ ᠶᠢ ᠬᠠᠮᠠᠭᠠᠯᠠᠬᠤ ᠲᠣᠪᠴᠢᠶᠠᠨ ᠳᠤ ᠬᠦᠷᠴᠦ ᠪᠦᠬᠦ ᠬᠤᠰᠢᠭᠤᠨ ᠤ ᠠᠷᠠᠳ ᠤᠨ ᠴᠠᠭᠳᠠᠭ᠎ᠠ ᠲᠣᠰᠠᠯᠠᠬᠤ ᠴᠠᠭᠳᠠᠭᠠᠨ ᠤ ᠲᠦᠯᠦᠭᠡᠯᠡᠭᠴᠢ ᠶᠢ ᠪᠣᠯᠭᠤᠭᠠᠨ ᠲᠣᠬᠤᠨᠢᠭᠤᠯᠪᠠ᠃     ᠶᠠᠩ ᠶᠢᠩ ᠰᠢᠨ ᠬᠤᠰᠢᠭᠤ ᠲᠦᠷᠪᠡᠨ ᠶᠡᠭᠡ ᠪᠠᠭ ᠢ ᠲᠦᠯᠦᠭᠡᠯᠡᠨ ᠲᠣᠳᠣᠭᠠᠳᠦ ᠶᠢ ᠬᠠᠮᠠᠭᠠᠯᠠᠬᠤ ᠠᠷᠠᠳ ᠤᠨ ᠴᠠᠭᠳᠠᠭ᠎ᠠ ᠲᠣᠰᠠᠯᠠᠬᠤ ᠴᠠᠭᠳᠠᠭ᠎ᠠ ᠨᠠᠷ ᠲᠤ ᠪᠠᠶᠠᠷ ᠤᠨ ᠡᠳᠦᠷ ᠤᠨ ᠬᠠᠯᠠᠭᠤᠨ ᠮᠡᠨᠳᠦᠴᠢᠯᠡᠯ ᠬᠦᠷᠭᠡᠨ᠂ ᠲᠠᠳᠠᠨ ᠤ ᠪᠦᠬᠦ ᠬᠤᠰᠢᠭᠤᠨ ᠤ ᠡᠶ᠎ᠡ ᠵᠣᠬᠢᠴᠠᠯ ᠠᠮᠣᠷ ᠲᠣᠭᠳᠠᠭᠤᠨ ᠤ ᠬᠠᠮᠠᠭᠠᠯᠠᠯᠳᠠ ᠪᠠ ᠠᠵᠣ ᠠᠬᠤᠢ ᠨᠡᠶᠢᠭᠡᠮ ᠤᠨ ᠬᠦᠭᠵᠢᠯᠳᠡ ᠳᠤ ᠦᠵᠡᠭᠦᠯᠦᠭᠰᠡᠨ ᠬᠤᠪᠢ ᠨᠡᠮᠡᠷᠢ ᠢ ᠭᠦᠢᠴᠡᠳ ᠨᠣᠳᠠᠯᠠᠬᠤ ᠶᠢᠨ ᠬᠠᠮᠳᠦ ᠴᠢᠩ ᠰᠡᠳᠬᠢᠯ ᠤᠨ ᠲᠠᠯᠠᠷᠬᠠᠯ ᠢᠶᠠᠨ ᠲᠡᠪᠰᠢᠭᠦᠯᠦᠭᠰᠡᠨ ᠪᠠᠶᠢᠨ᠎ᠠ᠃     ᠶᠠᠩ ᠶᠢᠩ ᠰᠢᠨ᠂ ᠠᠷᠠᠳ ᠤᠨ ᠴᠠᠭᠳᠠᠭ᠎ᠠ ᠪᠣᠯ ᠠᠷᠠᠳ ᠲᠦᠮᠡᠨ ᠤ ᠠᠮᠣᠷ ᠲᠠᠶᠢᠪᠣᠩ᠂ ᠣᠷᠣᠨ ᠨᠣᠳᠤᠭ  ᠤᠨ ᠠᠮᠣᠷ ᠲᠣᠭᠳᠠᠭᠤᠨ ᠢ ᠬᠠᠮᠠᠭᠠᠯᠠᠬᠤ ᠴᠢᠬᠤᠯᠠ ᠬᠦᠴᠦᠨ ᠮᠦᠨ᠃ 2021 ᠣᠨ ᠤ ᠬᠢᠵᠢᠭ ᠤᠨ ᠪᠠᠶᠢᠳᠠᠯ ᠤᠨ ᠰᠡᠷᠭᠡᠶᠢᠯᠡᠨ ᠡᠵᠡᠮᠳᠡᠯ ᠤᠨ ᠬᠦᠨᠳᠦ ᠨᠣᠴᠢᠳᠠᠢ ᠪᠠᠶᠢᠳᠠᠯ ᠪᠣᠯᠣᠨ ᠵᠠᠬᠢᠳᠠᠯ ᠰᠣᠷᠪᠣᠯᠵᠢᠯᠠᠭ᠎ᠠ ᠶᠢᠨ ᠠᠮᠣᠷ ᠲᠣᠭᠳᠠᠭᠤᠨ᠂ ᠠᠮᠣᠷ ᠠᠮᠣᠭᠤᠯᠠᠩ ᠣᠳᠤᠭ ᠤᠨ ᠡᠮᠦᠨᠡᠳᠦ ᠬᠤᠰᠢᠭᠤᠨ ᠤ ᠪᠠᠶᠢᠭᠤᠯᠣᠯᠳᠠ ᠵᠡᠷᠭᠡ ᠬᠦᠨᠳᠦ ᠡᠭᠦᠷᠭᠡ ᠶᠢᠨ ᠡᠮᠦᠨ᠎ᠡ᠂ ᠦᠷᠭᠡᠨ ᠣᠯᠠᠨ ᠠᠷᠠᠳ ᠤᠨ ᠴᠠᠭᠳᠠᠭ᠎ᠠ ᠲᠣᠰᠠᠯᠠᠬᠤ ᠴᠠᠭᠳᠠᠭ᠎ᠠ ᠡᠷᠡᠯᠬᠡᠭᠯᠡᠨ ᠭᠠᠪᠰᠢᠭᠠᠶᠢᠯᠠᠵᠣ᠂ ᠣᠳᠤᠭ ᠤᠨ ᠡᠮᠦᠨᠡᠳᠦ ᠬᠤᠰᠢᠭᠤᠨ ᠤ ᠠᠮᠣᠷ ᠲᠣᠭᠳᠠᠭᠤᠨ ᠳᠤ ᠯᠣᠳᠦ ᠶᠡᠭᠡ ᠬᠤᠪᠢ ᠨᠡᠮᠡᠷᠢ ᠪᠠᠨ ᠦᠵᠡᠭᠦᠯᠪᠡ᠃ 2022 ᠣᠨ  ᠳᠤ ᠦᠷᠭᠡᠨ ᠣᠯᠠᠨ ᠠᠷᠠᠳ ᠤᠨ ᠴᠠᠭᠳᠠᠭ᠎ᠠ ᠲᠣᠰᠠᠯᠠᠬᠤ ᠴᠠᠭᠳᠠᠭ᠎ᠠ ᠶᠡᠷᠦᠩᠬᠡᠢ ᠱᠦᠵᠢ ᠰᠢ ᠶᠢᠨ ᠫᠢᠩ ᠤᠨ ᠲᠣᠮᠳᠠᠳᠦ ᠣᠯᠣᠰ ᠤᠨ ᠠᠷᠠᠳ ᠴᠠᠭᠳᠠᠭᠠᠨ ᠤ ᠡᠩᠨᠡᠭᠡᠨ ᠳᠤ ᠲᠤᠭ ᠣᠯᠭᠤᠬᠤ ᠦᠶ᠎ᠡ ᠶᠢᠨ ᠰᠣᠷᠭᠠᠯ ᠢ ᠦᠪᠡᠷ ᠤᠨ ᠣᠬᠠᠮᠰᠠᠷ ᠠᠴᠠ ᠪᠠᠨ ᠣᠶᠢᠯᠡᠳᠦᠯᠭᠡᠵᠢᠭᠦᠯᠦᠨ᠂ ᠲᠣᠳᠣᠭᠠᠳᠦ ᠶᠢ ᠬᠠᠮᠠᠭᠠᠯᠠᠬᠤ ᠠᠵᠢᠯ ᠤᠨ ᠢᠷᠠᠭᠤ ᠠᠯᠳᠠᠷᠳᠦ ᠣᠯᠠᠮᠵᠢᠯᠠᠯ ᠢ ᠭᠦᠢᠴᠳ ᠪᠠᠳᠠᠷᠠᠭᠤᠯᠵᠣ᠂ ᠵᠣᠷᠢᠭᠳᠠᠢ ᠡᠭᠦᠷᠭᠡᠯᠡᠨ᠂ ᠡᠭᠦᠷᠭᠡ ᠲᠣᠰᠢᠶᠠᠯ ᠢᠶᠠᠨ ᠭᠦᠢᠴᠡᠳᠬᠡᠵᠣ᠂ ᠨᠠᠮ  ᠲᠤ ᠪᠠᠨ ᠦᠨᠡᠨᠴᠢ ᠰᠢᠳᠣᠷᠭᠤ᠂ ᠠᠷᠠᠳ ᠲᠦᠮᠠᠨ ᠳᠤ ᠪᠠᠨ ᠣᠶᠢᠯᠡᠴᠢᠯᠡᠳᠡᠭ᠂ ᠲᠦᠪ ᠭᠤᠣᠯᠴᠢ ᠪᠠᠷ ᠬᠠᠣᠯᠢ ᠬᠡᠷᠡᠭᠵᠢᠭᠦᠯᠳᠡᠭ᠂ ᠰᠠᠬᠢᠯᠭ᠎ᠠ ᠪᠠᠳᠦ ᠲᠦᠪ ᠴᠢᠩᠭ᠎ᠠ ᠲᠣᠳᠣᠭᠠᠳᠦ ᠶᠢ ᠬᠠᠮᠠᠭᠠᠯᠠᠬᠤ ᠡᠩᠨᠡᠭᠡ ᠶᠢ ᠪᠠᠶᠢᠭᠤᠯᠣᠨ ᠪᠦᠬᠦ ᠬᠤᠰᠢᠭᠤᠨ ᠤ ᠠᠮᠣᠷ ᠲᠣᠭᠳᠠᠭᠤᠨ ᠡᠮᠬᠢ ᠲᠢᠭᠯᠢᠮ ᠢ ᠦᠨᠡᠨ ᠬᠦ ᠪᠠᠳᠣᠯᠠᠵᠣ᠂ ᠪᠣᠳᠠᠳᠦ ᠠᠵᠢᠯᠯᠠᠭ᠎ᠠ ᠪᠣᠯᠣᠨ ᠭᠠᠪᠢᠶ᠎ᠠ ᠵᠢᠳᠬᠦᠯ ᠢᠶᠠᠷ ᠢᠶᠠᠨ ᠨᠠᠮ ᠤᠨ ᠬᠤᠷᠢᠳᠣᠭᠠᠷ ᠶᠡᠭᠡ ᠬᠤᠷᠠᠯ ᠤᠨ ᠠᠮᠵᠢᠯᠳᠠ ᠲᠠᠢ ᠨᠡᠭᠡᠭᠡᠭᠳᠡᠬᠦ ᠶᠢ ᠣᠭᠳᠣᠬᠤ ᠬᠡᠷᠡᠭᠳᠡᠢ ᠭᠡᠵᠣ ᠵᠢᠭᠠᠭᠰᠠᠨ ᠪᠠᠶᠢᠨ᠎ᠠ᠃     ᠸᠧᠢ ᠵᠧᠨ ᠰᠢᠤᠸᠠᠨ᠂ ᠪᠦᠬᠦ ᠬᠤᠰᠢᠭᠤᠨ ᠤ ᠦᠷᠭᠡᠨ ᠣᠯᠠᠨ ᠲᠣᠳᠣᠭᠠᠳᠦ ᠶᠢ ᠬᠠᠮᠠᠭᠠᠯᠠᠬᠤ ᠠᠷᠠᠳ ᠤᠨ ᠴᠠᠭᠳᠠᠭ᠎ᠠ ᠲᠣᠰᠠᠯᠠᠬᠤ ᠴᠠᠭᠳᠠᠭ᠎ᠠ ᠶᠢ ᠲᠠᠶᠢᠴᠢᠯᠠᠨ᠂ ᠡᠭᠦᠷᠭᠡ ᠬᠠᠷᠢᠭᠤᠴᠠᠯᠭ᠎ᠠ ᠪᠠᠨ ᠭᠤᠳᠣᠭᠠᠯ ᠦᠭᠡᠢ ᠣᠷᠣᠭᠰᠢᠯᠠᠵᠣ᠂ ᠣᠳᠤᠭ ᠡᠮᠦᠨᠡᠳᠦ ᠬᠤᠰᠢᠭᠤᠨ ᠤ ᠬᠦᠭᠵᠢᠯᠳᠡ ᠳᠤ ᠲᠣᠳᠣᠭᠠᠳᠦ ᠶᠢ ᠬᠠᠮᠠᠭᠠᠯᠠᠬᠤ ᠬᠦᠴᠦᠨ ᠢᠶᠠᠨ ᠦᠷᠭᠦᠯᠵᠢᠯᠡᠨ ᠨᠡᠮᠡᠷᠢᠯᠡᠨ᠎ᠡ ᠭᠡᠵᠣ ᠢᠯᠡᠷᠭᠡᠶᠢᠯᠡᠭᠰᠡᠨ ᠪᠠᠶᠢᠨ᠎ᠠ᠃     ᠬᠤᠰᠢᠭᠤ ᠣᠳᠣᠷᠢᠳᠣᠯᠭ᠎ᠠ ᠰᠢᠶᠧ ᠶᠥᠩ ᠹᠧᠩ᠂ ᠵᠣᠣ ᠱᠤᠸᠠᠨ ᠵᠢᠴᠢ ᠵᠠᠰᠠᠭ ᠤᠨ ᠣᠷᠳᠣᠨ ᠤ ᠠᠯᠪᠠᠨ ᠭᠡᠷ  ᠤᠨ ᠭᠤᠣᠯ ᠬᠠᠷᠢᠭᠤᠴᠠᠯᠭᠠᠳᠠᠳ ᠬᠠᠮᠳᠦ ᠪᠣᠯᠭᠤᠭᠠᠨ ᠲᠣᠬᠤᠨᠢᠭᠤᠯᠪᠠ᠃
 
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号