ᠶᠠᠩ ᠶᠢᠩ ᠰᠢᠨ ᠰᠤᠷᠭᠠᠭᠤᠯᠢ ᠶᠢᠨ ᠰᠤᠷᠤᠯᠭ᠎ᠠ ᠪᠠᠨ ᠰᠡᠷᠬᠦᠬᠡᠬᠦ ᠪᠠᠳᠤᠯᠠᠭ᠎ᠠ ᠵᠢᠴᠢ ᠬᠢᠵᠢᠭ ᠤᠨ ᠪᠠᠶᠢᠳᠠᠯ  ᠤᠨ ᠰᠡᠷᠬᠡᠶᠢᠯᠡᠯ ᠡᠵᠡᠮᠳᠡᠯ ᠤᠨ ᠠᠵᠢᠯ ᠢ ᠪᠠᠶᠢᠴᠠᠭᠠᠨ ᠵᠢᠯᠤᠭᠤᠤᠨᠪᠠ
ᠨᠡᠶᠢᠲᠡᠯᠡᠭᠰᠡᠨ ᠴᠠᠭ᠄
2022/10/18
    10 ᠰᠠᠷ᠎ᠠ ᠶᠢᠨ 17 ᠤ ᠡᠳᠤᠷ᠂ ᠬᠤᠰᠢᠭᠤ ᠨᠠᠮ ᠤᠨ ᠬᠤᠷᠢᠶᠠᠨ ᠤ ᠳᠡᠳ᠋ ᠱᠦᠵᠢ᠂ ᠵᠠᠰᠠᠭ ᠤᠨ ᠤᠷᠳᠤᠨ  ᠤ ᠬᠤᠰᠢᠭᠤ ᠳᠠᠷᠤᠭ᠎ᠠ᠂ ᠬᠤᠰᠢᠭᠤ ᠬᠢᠵᠢᠭ ᠤᠨ ᠪᠠᠶᠢᠳᠠᠯ ᠢ ᠰᠡᠷᠬᠡᠶᠢᠯᠡᠨ ᠡᠵᠡᠮᠳᠡᠬᠦ ᠵᠢᠯᠤᠭᠤᠤᠨᠬᠤ  ᠭᠠᠵᠠᠷ ᠤᠨ ᠶᠡᠷᠤᠩᠬᠡᠢ ᠵᠢᠯᠤᠭᠤᠳᠤᠭᠴᠢ ᠶᠠᠩ ᠶᠢᠩ ᠰᠢᠨ ᠰᠤᠷᠭᠠᠭᠤᠯᠢ ᠶᠢᠨ ᠰᠤᠷᠤᠯᠭ᠎ᠠ ᠪᠠᠨ ᠰᠡᠷᠬᠦᠬᠡᠬᠦ ᠪᠠᠳᠤᠯᠠᠭ᠎ᠠ ᠵᠢᠴᠢ ᠬᠢᠵᠢᠭ ᠤᠨ ᠪᠠᠶᠢᠳᠠᠯ ᠤᠨ ᠰᠡᠷᠬᠡᠶᠢᠯᠡᠯ ᠡᠵᠡᠮᠳᠡᠯ ᠤᠨ ᠠᠵᠢᠯ ᠢ ᠪᠠᠶᠢᠴᠠᠭᠠᠨ ᠵᠢᠯᠤᠭᠤᠤᠨᠪᠠ᠃     ᠶᠠᠩ ᠶᠢᠩ ᠰᠢᠨ ᠤᠷᠢᠤᠨ ᠬᠤᠵᠢᠤᠨ ᠬᠤᠰᠢᠭᠤ ᠨᠢᠬᠡᠳᠤᠬᠡᠷ ᠪᠠᠭ᠎ᠠ ᠰᠤᠷᠭᠠᠭᠤᠯᠢ᠂ ᠨᠢᠬᠡᠳᠤᠬᠡᠷ ᠳᠤᠮᠳᠠᠳᠤ ᠰᠤᠷᠭᠠᠭᠤᠯᠢ ᠳᠤ ᠬᠦᠷᠴᠤ᠂ ᠰᠤᠷᠭᠠᠭᠤᠯᠢ ᠶᠢᠨ ᠬᠢᠵᠢᠭ ᠤᠨ ᠪᠠᠶᠢᠳᠠᠯ ᠤᠨ ᠰᠡᠷᠬᠡᠶᠢᠯᠡᠯ ᠡᠵᠡᠮᠳᠡᠯ ᠪᠠ ᠰᠤᠷᠤᠯᠭ᠎ᠠ ᠬᠢᠴᠢᠶᠡᠯ ᠤᠨ ᠰᠡᠷᠬᠦᠯᠳᠠ ᠶᠢᠨ ᠪᠠᠶᠢᠳᠠᠯ ᠢ ᠬᠢᠨᠠᠮᠠᠭᠠᠢ ᠰᠤᠨᠤᠰᠴᠤ᠂ ᠴᠠᠭ ᠵᠦᠷᠢᠬᠦᠯᠤᠨ ᠰᠤᠷᠭᠠᠭᠤᠯᠢ ᠳᠤ ᠪᠠᠨ ᠪᠤᠴᠠᠬᠤ ᠶᠠᠪᠤᠴᠠ᠂ ᠰᠦᠯᠵᠢᠶᠡᠨ ᠳᠡᠬᠡᠷᠡᠬᠢ ᠪᠠ ᠬᠢᠴᠢᠶᠡᠯ ᠤᠨ ᠲᠢᠩᠬᠢᠮ ᠤᠨ ᠵᠢᠭᠠᠨ ᠰᠤᠷᠭᠠᠯᠳᠠ᠂ ᠤᠷᠴᠢᠨ ᠳᠤᠭᠤᠷᠢᠨ ᠤ ᠠᠷᠢᠭᠤᠤᠨᠬᠠᠯ᠂ ᠬᠤᠭᠤᠯᠠᠨ ᠬᠡᠷ ᠲᠤ ᠬᠤᠭᠤᠯᠠᠯᠠᠬᠤ ᠠᠮᠤᠷ ᠲᠦᠪᠰᠢᠨ ᠤ ᠪᠠᠳᠤᠯᠠᠭ᠎ᠠ ᠵᠡᠷᠬᠡ ᠬᠢᠵᠢᠭ  ᠤᠨ ᠪᠠᠶᠢᠳᠠᠯ ᠤᠨ ᠰᠡᠷᠬᠡᠶᠢᠯᠡᠯ ᠡᠵᠡᠮᠳᠡᠯ ᠤᠨ ᠠᠷᠭ᠎ᠠ ᠠᠪᠴᠠᠯ ᠤᠨ ᠨᠠᠶᠢᠳᠠᠪᠤᠷᠢᠵᠢᠭᠤᠯᠤᠯᠳᠠ ᠶᠢᠨ ᠪᠠᠶᠢᠳᠠᠯ ᠢ ᠨᠠᠷᠢᠯᠢᠭ ᠤᠶᠢᠯᠠᠭᠠᠪᠠ᠃     ᠶᠠᠩ ᠶᠢᠩ ᠰᠢᠨ᠂ ᠰᠤᠷᠭᠠᠭᠤᠯᠢ ᠶᠢᠨ ᠬᠦᠷᠢᠶᠡᠨ ᠤ ᠬᠢᠵᠢᠭ ᠤᠨ ᠪᠠᠶᠢᠳᠠᠯ ᠢ ᠰᠡᠷᠬᠡᠶᠢᠯᠡᠨ ᠡᠵᠡᠮᠳᠡᠬᠦ ᠪᠠ ᠰᠤᠷᠭᠠᠭᠤᠯᠢ ᠡᠬᠢᠯᠡᠬᠦᠯᠵᠤ ᠬᠢᠴᠢᠶᠡᠯ ᠰᠡᠷᠬᠦᠬᠡᠬᠦ ᠪᠤᠯ ᠤᠳᠤᠬᠠᠨ ᠤ ᠰᠤᠷᠭᠠᠨ ᠬᠦᠮᠤᠵᠢᠯ ᠤᠨ ᠠᠵᠢᠯ ᠤᠨ ᠭᠤᠤᠯᠳᠠᠯᠭ᠎ᠠ ᠪᠤᠯᠤᠨ᠎ᠠ᠂ ᠦᠨᠳᠤᠷ ᠪᠦᠳᠤᠮᠵᠢᠳᠠᠢ ᠨᠢᠬᠡᠳᠤᠯᠳᠠᠢ ᠲᠦᠯᠤᠪᠯᠡᠨ᠂ ︽ᠬᠤᠶᠠᠷ ᠳᠠᠯ᠎ᠠ ᠶᠢ ᠠᠤᠨᠬᠤᠵᠤ᠂ ᠬᠤᠶᠠᠷ ᠢ ᠰᠠᠭᠠᠳᠠᠭᠠᠬᠤ ᠦᠬᠡᠢ︾ ᠪᠠᠶᠢᠬᠤ ᠶᠢ ᠪᠠᠷᠢᠮᠳᠠᠯᠠᠵᠤ᠂ ᠰᠤᠷᠭᠠᠭᠤᠯᠢ ᠶᠢᠨ ᠬᠦᠷᠢᠶᠡᠨ ᠤ ᠠᠮᠤᠷ ᠲᠦᠪᠰᠢᠨ᠂ ᠬᠢᠵᠢᠭ ᠤᠨ ᠪᠠᠶᠢᠳᠠᠯ ᠤᠨ ᠰᠡᠷᠬᠡᠶᠢᠯᠡᠯ ᠡᠵᠡᠮᠳᠡᠯ᠂ ᠵᠢᠭᠠᠨ ᠰᠤᠷᠭᠠᠯᠳᠠ ᠶᠢᠨ ᠡᠮᠬᠢ ᠲᠢᠭᠯᠢᠮ ᠢ ᠪᠦᠬᠦ ᠬᠦᠴᠤᠨ ᠢᠶᠠᠷ ᠪᠠᠳᠤᠯᠠᠬᠤ ᠬᠡᠷᠡᠭᠳᠠᠢ᠃ ᠰᠤᠷᠭᠠᠭᠤᠯᠢ ᠳᠤ ᠪᠤᠴᠠᠬᠤ ᠨᠢᠬᠡᠳᠤᠬᠡᠷ ᠪᠤᠭᠤᠮᠳᠠ ᠶᠢ ᠴᠢᠩᠭ᠎ᠠ ᠠᠤᠨᠬᠤᠨ᠂ ᠪᠢᠳᠡᠬᠦᠮᠵᠢᠳᠤ ᠬᠠᠮᠢᠶᠠᠷᠤᠯᠳᠠ ᠶᠢᠨ ᠱᠠᠭᠠᠷᠳᠠᠯᠭ᠎ᠠ ᠶᠢ ᠰᠠᠶᠢᠳᠤᠷ ᠨᠠᠶᠢᠳᠠᠪᠤᠷᠢᠵᠢᠭᠤᠯᠵᠤ᠂ ᠰᠤᠷᠭᠠᠭᠤᠯᠢ ᠶᠢᠨ ᠬᠦᠷᠢᠶᠡᠨ ᠳᠤ ᠤᠷᠤᠵᠤ ᠭᠠᠷᠬᠤ ᠵᠠᠮ ᠤᠨ ᠬᠠᠮᠢᠶᠠᠷᠤᠯᠳᠠ ᠡᠵᠡᠮᠳᠡᠯ ᠢ ᠴᠢᠩᠭᠠᠤᠨᠬᠠᠨ᠂ ᠰᠤᠷᠭᠠᠭᠤᠯᠢ ᠶᠢᠨ ᠪᠤᠳᠠᠳᠤ ᠪᠠᠶᠢᠳᠠᠯ ᠲᠠᠢ ᠤᠶᠠᠯᠳᠤᠭᠤᠯᠵᠤ᠂ ᠬᠢᠴᠢᠶᠡᠯ ᠰᠡᠷᠬᠦᠬᠡᠬᠦ ᠲᠦᠰᠤᠪ ᠪᠠ ᠪᠠᠴᠢᠮ ᠪᠠᠶᠢᠳᠠᠯ ᠢ ᠠᠷᠭᠠᠴᠠᠨ ᠰᠢᠢᠤᠨᠪᠤᠷᠢᠯᠡᠬᠦ ᠲᠦᠰᠤᠯ ᠢ ᠤᠯᠠᠮ ᠨᠢᠬᠡ ᠠᠯᠬᠤᠮ ᠳᠡᠬᠦᠯᠳᠡᠷᠵᠢᠬᠦᠯᠤᠨ᠂ ᠴᠠᠭ ᠬᠤᠪᠢᠶᠠᠨ ᠬᠤᠭᠤᠯᠠᠯᠠᠬᠤ᠂ ᠴᠠᠭ ᠵᠦᠷᠢᠬᠦᠯᠤᠨ ᠠᠵᠢᠯᠯᠠᠭ᠎ᠠ ᠦᠷᠨᠢᠬᠦᠯᠬᠦ᠂ ᠴᠠᠭ ᠵᠦᠷᠢᠬᠦᠯᠤᠨ ᠳᠤᠰᠴᠤ ᠬᠦᠷᠬᠡᠬᠦ ᠵᠡᠷᠬᠡ ᠠᠷᠭ᠎ᠠ ᠠᠪᠴᠠᠯ ᠢ ᠠᠪᠴᠤ᠂ ᠰᠤᠷᠭᠠᠭᠤᠯᠢ ᠶᠢᠨ ᠬᠦᠷᠢᠶᠡᠨ ᠤ ᠠᠮᠤᠷ ᠲᠦᠪᠰᠢᠨ ᠤ ᠬᠠᠯᠬᠠᠪᠴᠢ ᠶᠢ ᠪᠦᠬᠦ ᠳᠠᠯ᠎ᠠ ᠪᠠᠷ ᠪᠠᠬᠢᠵᠢᠬᠦᠯᠬᠦ ᠬᠡᠷᠡᠭᠳᠠᠢ᠃ ᠬᠠᠯᠠᠮᠵᠢᠯᠠᠯ ᠢ ᠴᠢᠩᠭᠠᠤᠨᠬᠠᠨ᠂ ᠪᠠᠭᠰᠢ ᠰᠤᠷᠤᠭᠴᠢ ᠶᠢᠨ ᠦᠵᠡᠯ ᠰᠠᠨᠠᠭᠠᠨ ᠤ ᠪᠠᠶᠢᠳᠠᠯ ᠪᠠ ᠰᠡᠤᠨᠬᠢᠴᠠ ᠶᠢᠨ ᠪᠠᠶᠢᠳᠠᠯ ᠢ ᠴᠠᠭ ᠳᠤᠬᠠᠢ ᠳᠤ ᠨᠢ ᠬᠠᠯᠠᠮᠵᠢᠯᠠᠵᠤ᠂ ᠢᠯᠡᠩᠭᠤᠶ᠎ᠠ ᠴᠠᠭ ᠲᠤ ᠪᠠᠨ ᠰᠤᠷᠭᠠᠭᠤᠯᠢ ᠳᠤ ᠪᠠᠨ ᠪᠤᠴᠠᠵᠤ ᠳᠠᠶᠢᠯᠬᠦ ᠦᠬᠡᠢ ᠰᠤᠷᠤᠭᠴᠢᠤᠨ ᠢ ᠰᠠᠶᠢᠳᠤᠷ ᠵᠢᠯᠤᠭᠤᠳᠤᠨ᠂ ᠪᠠᠭᠰᠢ᠂ ᠰᠤᠷᠤᠭᠴᠢ᠂ ᠬᠡᠷ ᠤᠨ ᠠᠬᠠᠮᠠᠤᠨ ᠢ ᠰᠠᠨᠠᠭ᠎ᠠ ᠠᠮᠤᠷ ᠪᠠᠶᠢᠯᠭᠠᠬᠤ ᠶᠢ ᠦᠨᠡᠨᠬᠦ ᠪᠡᠶᠡᠯᠡᠬᠦᠯᠬᠦ ᠬᠡᠷᠡᠭᠳᠠᠢ᠃     ᠬᠤᠰᠢᠭᠤ ᠤᠳᠤᠷᠢᠳᠤᠯᠭ᠎ᠠ ᠴᠢᠤ ᠯᠢᠨ᠂ ᠬᠤᠰᠢᠭᠤ ᠵᠠᠰᠠᠭ ᠤᠨ ᠤᠷᠳᠤᠨ ᠤ ᠠᠯᠪᠠᠨ ᠬᠡᠷ᠂ ᠰᠤᠷᠭᠠᠨ ᠬᠦᠮᠤᠵᠢᠯ ᠪᠡᠶ᠎ᠡ ᠶᠢᠨ ᠳᠠᠮᠢᠷ ᠤᠨ ᠳᠤᠪᠴᠢᠶ᠎ᠠ᠂ ᠡᠷᠡᠬᠦᠯ ᠬᠠᠮᠠᠭᠠᠯᠠᠯ ᠡᠷᠡᠬᠦᠯ ᠮᠠᠨᠳᠤ ᠶᠢᠨ ᠵᠦᠪᠯᠡᠯ ᠤᠨ ᠭᠤᠤᠯ ᠬᠠᠷᠢᠭᠤᠴᠠᠯᠭᠠᠳᠠᠨ ᠬᠠᠮᠳᠤ ᠪᠠᠶᠢᠴᠠᠭᠠᠨ ᠰᠤᠳᠤᠯᠪᠠ᠃
 
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号