ᠨᠠᠴᠢᠨᠱᠤᠩᠬᠤᠷ ᠠᠵᠢᠯᠴᠢ ᠬᠤᠶᠠᠷ ᠭᠠᠷ ᠢᠶᠠᠷ ᠢᠶᠠᠨ ᠠᠮᠢᠳᠤᠷᠠᠯ ᠢᠶᠠᠨ ᠴᠢᠮᠡᠭᠯᠡᠵᠤ ᠶᠠᠪᠤᠨ᠎ᠠ
ᠨᠡᠶᠢᠲᠡᠯᠡᠭᠰᠡᠨ ᠴᠠᠭ᠄
2022/10/27
    ᠨᠠᠴᠢᠨᠱᠤᠩᠬᠤᠷ ᠪᠤᠯ ᠤᠷᠳᠤᠰ ᠬᠤᠳᠠ ᠶᠢᠨ ᠤᠳᠤᠭ ᠤᠨ ᠡᠮᠤᠨᠡᠳᠤ ᠬᠤᠰᠢᠭᠤᠨ ᠤ ᠱᠠᠩᠬᠠᠢ ᠶᠢᠨ ᠰᠦᠮ᠎ᠠ ᠪᠠᠯᠭᠠᠰᠤ ᠶᠢᠨ ᠮᠠᠩᠬᠠᠳᠤ ᠭᠠᠴᠠᠭ᠎ᠠ ᠪᠠᠷ ᠨᠤᠳᠤᠭ ᠲᠠᠢ ᠵᠠᠯᠠᠭᠤ ᠭᠠᠷ ᠤᠷᠠᠯᠢᠭᠴᠢᠨ ᠶᠤᠮ᠃ ᠳᠠᠷᠠ ᠦᠪᠡᠷ ᠤᠨ ᠰᠤᠳᠤᠯᠬᠤ᠂ ᠤᠷᠤᠯᠳᠤᠬᠤ ᠳᠤᠷ᠎ᠠ ᠪᠠᠬ᠎ᠠ ᠳᠤ ᠪᠠᠨ ᠬᠦᠳᠤᠯᠦᠭᠳᠡᠨ᠂ ᠦᠨᠳᠤᠰᠤᠳᠠᠨ ᠤ ᠤᠨᠴᠠᠯᠢᠭ ᠲᠠᠢ ᠮᠤᠳᠤᠨ ᠤᠷᠠᠯᠠᠯ ᠤᠨ ᠪᠦᠳᠤᠬᠡᠭᠳᠡᠬᠦᠨ ᠢᠶᠠᠷ ᠢᠶᠠᠨ ᠤᠯᠠᠨ ᠤ ᠬᠦᠷᠢᠶᠡᠯᠡᠯ ᠢ ᠤᠯᠵᠤ ᠶᠠᠪᠤᠨ᠎ᠠ᠃     2006 ᠤᠨ ᠳᠤ ᠨᠠᠴᠢᠨᠱᠤᠩᠬᠤᠷ ᠤᠨ ᠮᠦᠮᠤ ᠨᠢ ᠬᠦᠨᠳᠤ ᠡᠪᠡᠤᠨᠴᠢᠨ ᠳᠤ ᠨᠡᠷᠪᠡᠭᠳᠡᠭᠰᠡᠨ ᠠᠴᠠ ᠠᠵᠤ ᠠᠮᠢᠳᠤᠷᠠᠯ ᠨᠢ ᠬᠦᠴᠢᠷᠳᠠᠵᠤ᠂ ᠠᠩᠬ᠎ᠠ ᠳᠤᠮᠳᠠᠳᠤ ᠪᠠᠨ ᠠᠷᠠᠢ ᠬᠡᠵᠤ ᠳᠡᠬᠦᠰᠬᠡᠮᠡᠭᠴᠡ ︽ᠪᠠᠭᠰᠢ ᠠᠪᠠᠭ᠎ᠠ︾ ︵ᠳᠡᠬᠦᠨ ᠤ ᠭᠤᠷᠪᠠᠳᠤᠭᠠᠷ ᠠᠪᠠᠭ᠎ᠠ ᠶᠠᠨ ᠨᠠᠶᠠᠨᠳᠠᠢ ᠪᠠᠭᠰᠢ︶ ᠶᠢᠨ ᠢᠶᠠᠨ ᠬᠠᠪᠰᠤᠷᠤᠯᠭ᠎ᠠ ᠪᠠᠷ ᠱᠠᠨᠳᠦ᠋ᠩ ᠮᠤᠵᠢ ᠶᠢᠨ ᠴᠢᠩᠳᠤᠤ ᠶᠢᠨ ᠠᠵᠢᠯ ᠮᠡᠷᠬᠡᠵᠢᠯ ᠤᠨ ᠳᠤᠮᠳᠠᠳᠤ ᠰᠤᠷᠭᠠᠭᠤᠯᠢ ᠳᠤ 4 ᠵᠢᠯ ᠰᠤᠷᠤᠯᠴᠠᠵᠤ᠂ ᠬᠠᠷᠢᠵᠤ ᠢᠷᠡᠭᠰᠡᠨ ᠤ ᠳᠠᠷᠠᠭ᠎ᠠ ᠳ᠋ᠦᠩᠱᠧᠩ ᠬᠤᠳᠠ ᠶᠢᠨ ᠵᠢᠤᠢ ᠶᠤᠸᠠᠨ ᠦᠨᠳᠤᠰᠤᠳᠠᠨ ᠤ ᠵᠠᠰᠠᠯ ᠴᠢᠮᠡᠭᠯᠡᠯ ᠤᠨ ᠭᠠᠵᠠᠷ ᠲᠤ ᠮᠤᠳᠤᠨ ᠮᠠᠲ᠋ᠧᠷᠢᠶᠡᠯ ᠡᠰᠬᠡᠬᠦ᠂ ᠵᠦᠰᠤᠬᠦ᠂ ᠱᠦᠷᠬᠦᠬᠡᠬᠦ ᠮᠡᠳᠤ ᠶᠢᠨ ᠬᠠᠮᠤᠭ ᠤᠨ ᠲᠦᠬᠦᠮ ᠮᠤᠳᠤᠨ ᠤ ᠠᠵᠢᠯ ᠢ ᠬᠢᠵᠤ ᠪᠠᠶᠢᠭᠰᠠᠨ ᠢᠶᠠᠨ 2008 ᠤᠨ ᠳᠤ ᠤᠳᠤᠭ ᠤᠨ ᠡᠮᠤᠨᠡᠳᠤ ᠬᠤᠰᠢᠭᠤᠨ ᠤ ᠠᠵᠢᠯ ᠮᠡᠷᠬᠡᠵᠢᠯ ᠤᠨ ᠳᠤᠮᠳᠠᠳᠤ ᠰᠤᠷᠭᠠᠭᠤᠯᠢ ᠶᠢᠨ ᠭᠠᠷ ᠤᠷᠠᠯᠠᠯ ᠤᠨ ᠪᠠᠭᠰᠢ ᠣᠣᠨᠬᠤᠨᠪᠢᠯᠢᠭ᠌ ᠲᠠᠢ ᠬᠠᠮᠳᠤ ᠮᠤᠳᠤᠨ ᠤᠷᠠᠯᠠᠯ ᠢ ᠰᠢᠰᠲ᠋ᠧᠮ ᠲᠠᠢ ᠰᠤᠷᠬᠤ ᠶᠢᠨ ᠳᠠᠭᠠᠤ ᠬᠢᠵᠤ ᠪᠦᠳᠤᠬᠡᠵᠡᠢ᠃ ᠡᠨᠡ ᠬᠤᠭᠤᠴᠠᠭᠠᠨ ᠳᠤ ᠳᠠᠷᠠ ᠺᠤᠮᠫᠢᠦ᠋ᠲ᠋ᠧᠷ ᠳᠡᠬᠡᠷ᠎ᠡ ᠲᠦᠰᠤᠪᠯᠡᠨ ᠵᠢᠷᠤᠭᠯᠠᠬᠤ ᠮᠡᠷᠬᠡᠵᠢᠯ ᠢ ᠳᠤᠰᠬᠠᠢ ᠪᠡᠬᠡᠵᠢᠩ ᠳᠤ ᠤᠴᠢᠵᠤ ᠭᠤᠷᠪᠠᠨ ᠰᠠᠷ᠎ᠠ ᠭᠠᠷᠤᠢ ᠰᠤᠷᠤᠯᠴᠠᠵᠤ ᠢᠷᠡᠬᠡᠤᠨ ᠰᠠᠶᠢᠯᠬᠦ᠂ ᠵᠢᠷᠤᠬᠤ᠂ ᠰᠢᠳᠠᠭᠠᠬᠤ ᠵᠡᠷᠬᠡ ᠶᠢ ᠴᠦᠮ ᠮᠠᠰᠢᠨ   ᠢᠶᠠᠷ ᠰᠢᠢᠤᠨᠪᠤᠷᠢᠯᠡᠳᠡᠭ ᠳᠤᠮᠤ ᠮᠠᠰᠢᠨ ᠲᠦᠬᠦᠬᠡᠷᠤᠮᠵᠢ  ᠶᠢ ᠪᠦᠷᠢᠯᠳᠤᠬᠦᠯᠤᠨ ᠠᠪᠴᠤ᠂ ᠤᠳᠤᠭ ᠤᠨ ᠡᠮᠤᠨᠡᠳᠤ ᠬᠤᠰᠢᠭᠤᠨ ᠤ ᠰᠤᠶᠤᠯ ᠤᠨ ᠠᠵᠤ ᠤᠶᠢᠯᠡᠰ ᠤᠨ ᠬᠦᠷᠢᠶᠡᠯᠡᠩ ᠳᠤ ᠬᠡᠷ ᠲᠦᠷᠢᠶᠡᠰᠤᠯᠡᠨ ᠦᠪᠡᠷ ᠤᠨ ᠬᠡᠰᠡᠨ ᠭᠠᠷ ᠤᠷᠠᠯᠠᠯ ᠤᠨ ᠺᠤᠮᠫᠠᠨᠢ ᠨᠡᠬᠡᠬᠡᠵᠤ᠂ ᠠᠷᠪᠠᠨ ᠬᠡᠳᠤᠨ ᠱᠠᠪᠢ ᠠᠵᠢᠯᠳᠠᠨ ᠲᠠᠢ ᠪᠠᠨ ᠭᠤᠤᠯᠳᠠᠭᠤ ᠬᠤᠷᠢᠮ ᠨᠠᠶᠢᠷ ᠤᠨ ᠵᠠᠰᠠᠯ ᠴᠢᠮᠡᠭᠯᠡᠯ᠂ ᠬᠡᠷ ᠪᠠᠶᠢᠰᠢᠩ ᠵᠠᠰᠠᠵᠤ ᠴᠢᠮᠡᠬᠦ ᠵᠡᠷᠬᠡ ᠠᠵᠢᠯ ᠡᠷᠬᠢᠯᠡᠵᠡᠢ᠃     ︽ᠲᠦᠮᠡᠨ ᠬᠡᠷᠡᠭ ᠤᠨ ᠲᠦᠷᠤᠬᠦᠤ ᠠᠯᠬᠤᠮ ᠨᠢ ᠬᠦᠴᠢᠷ︾ ᠬᠡᠭᠴᠢ ᠪᠠᠷ ᠠᠩᠬᠠᠨ ᠤ ᠦᠶᠡᠰ ᠲᠤ᠂ ᠳᠡᠬᠦᠨ  ᠤ ᠬᠢᠵᠤ ᠭᠠᠷᠭᠠᠭᠰᠡᠨ ᠮᠤᠳᠤᠨ ᠪᠦᠳᠤᠬᠡᠭᠳᠡᠬᠦᠨ ᠨᠢ ᠬᠠᠭᠠᠷᠠᠬᠤ᠂ ᠰᠠᠯᠪᠠᠷᠠᠬᠤ᠂ ᠭᠠᠵᠢᠬᠤ ᠦᠵᠡᠭᠳᠡᠯ ᠵᠦᠩᠳᠡᠬᠡᠨ ᠭᠠᠷᠳᠠᠭ ᠪᠠᠶᠢᠪᠠ᠂ ᠬᠡᠪᠡᠴᠤ ᠨᠠᠴᠢᠨᠱᠤᠩᠬᠤᠷ ᠵᠤᠷᠢᠭ ᠮᠤᠬᠤᠷᠠᠭᠰᠡᠨ ᠦᠬᠡᠢ᠃ ᠠᠬᠢᠨ ᠳᠠᠬᠢᠨ ᠲᠦᠰᠤᠪᠯᠡᠨ ᠵᠢᠷᠤᠵᠤ᠂ ᠳᠠᠰᠤᠷᠠᠯᠳᠠ ᠦᠬᠡᠢ ᠭᠠᠳᠠᠭᠰᠢ ᠭᠠᠷᠴᠤ ᠰᠤᠷᠤᠯᠴᠠᠬᠤ ᠪᠠ ᠴᠢᠨᠠᠷ ᠰᠠᠶᠢᠳᠠᠢ ᠮᠤᠳᠤᠨ ᠮᠠᠲ᠋ᠧᠷᠢᠶᠡᠯ ᠤᠷᠤᠭᠤᠯᠬᠤ ᠪᠠᠷ ᠳᠠᠮᠵᠢᠨ ᠡᠳᠡᠬᠡᠷ ᠬᠦᠷᠤᠯᠴᠡᠬᠦ ᠦᠬᠡᠢ ᠳᠠᠯ᠎ᠠ ᠪᠠᠨ ᠮᠠᠰᠢ ᠲᠦᠷᠬᠡᠨ ᠢᠶᠠᠷ ᠰᠠᠶᠢᠵᠢᠷᠠᠭᠤᠯᠤᠭᠰᠡᠨ ᠢᠶᠠᠷ ᠳᠠᠷᠠ ᠡᠨᠡ ᠠᠵᠢᠯ ᠳᠤ ᠪᠠᠨ ᠤᠯᠠᠮ ᠪᠠᠭ᠋ᠠᠳᠠᠢ ᠪᠤᠯᠵᠤ᠂ ᠦᠷᠯᠤᠬᠡ ᠦᠳᠡᠰᠢ ᠶᠢᠨ ᠴᠠᠭ ᠢ ᠵᠠᠪᠳᠤᠨ ᠬᠡᠷᠡᠭᠯᠡᠭᠴᠢᠤᠨ ᠤᠨ ᠵᠠᠬᠢᠶᠠᠯᠠᠭᠰᠡᠨ ᠵᠤᠶᠢᠯᠡᠰ ᠢ ᠱᠠᠭᠠᠷᠳᠠᠯᠭ᠎ᠠ ᠶᠤᠰᠤᠭᠠᠷ ᠪᠡᠶᠡᠯᠡᠬᠦᠯᠵᠤ ᠶᠠᠭᠠᠷᠠᠨ᠎ᠠ᠃ ᠡᠳᠤᠬᠡ ᠳᠡᠬᠦᠨ ᠤ ᠵᠢᠷᠤᠵᠤ ᠲᠦᠰᠤᠪᠯᠡᠨ᠂ ᠤᠷᠠᠯᠠᠵᠤ ᠪᠦᠳᠤᠬᠡᠭᠰᠡᠨ ᠮᠤᠩᠭᠤᠯ ᠬᠡ ᠤᠭᠠᠯᠵᠠ ᠲᠠᠢ ᠦᠨᠳᠤᠰᠤᠳᠠᠨ ᠤ ᠤᠨᠴᠠᠯᠢᠭ ᠲᠠᠢ ᠮᠤᠳᠤᠨ ᠤᠷᠠᠯᠠᠯ ᠤᠨ ᠵᠤᠶᠢᠯᠡᠰ ᠲᠤ᠂ ᠡᠵᠡᠨ ᠰᠠᠩ᠂ ᠡᠯᠳᠡᠪ ᠬᠡᠯᠪᠡᠷᠢ ᠶᠢᠨ ᠬᠤᠭᠤᠯᠠᠨ ᠰᠢᠷᠡᠭᠡ᠂ ᠰᠠᠨᠳᠠᠯᠢ᠂ ᠫᠢᠯᠡ ᠪᠠᠭᠪᠤᠷ᠂ ᠳᠡᠪᠰᠢ᠂ ᠠᠶᠠᠭᠠᠨ ᠬᠤᠷᠭᠤ᠂ ᠪᠢᠴᠢᠭ ᠤᠨ ᠰᠢᠷᠡᠭᠡ᠂ ᠨᠤᠮ ᠤᠨ ᠬᠤᠷᠭᠤ ᠵᠡᠷᠬᠡ ᠬᠡᠷ ᠤᠨ ᠡᠳ᠋ᠯᠡᠯ ᠬᠡᠷᠡᠭᠰᠡᠯ ᠠᠴᠠ ᠭᠠᠳᠠᠨ᠎ᠠ ᠪᠤᠷᠬᠠᠨ ᠤ ᠬᠦᠩᠭᠠᠷᠠᠪᠠ᠂ ᠬᠡᠷᠡᠮ ᠬᠠᠨ᠎ᠠ᠂ ᠬᠡᠷ ᠤᠨ ᠭᠠᠳᠠᠨᠠᠬᠢ ᠬᠡᠶᠢᠮᠤᠷᠢ ᠶᠢᠨ ᠰᠠᠩ ᠤᠨ ᠰᠦᠷᠤ ᠵᠡᠷᠬᠡ 60 ᠭᠠᠷᠤᠢ ᠲᠦᠷᠤᠯ ᠵᠦᠢᠯ ᠳᠤ ᠬᠦᠷᠴᠤ᠂ ᠳ᠋ᠠᠩ ᠭᠠᠭᠴᠠ ᠬᠠᠨᠵᠤᠨ ᠤ ᠰᠢᠷᠡᠭᠡ ᠨᠢ ᠴᠤ 20 ᠬᠡᠳᠤᠨ ᠵᠦᠢᠯ ᠪᠠᠶᠢᠳᠠᠭ᠃     ᠨᠠᠴᠢᠨᠱᠤᠩᠬᠤᠷ ᠭᠠᠷ ᠳᠠᠳᠠᠭᠤ ᠶᠠᠪᠤᠭᠰᠠᠨ ᠴᠠᠭ ᠲᠤ ᠳᠡᠬᠦᠨ ᠢ ᠬᠠᠪᠰᠤᠷᠴᠤ ᠳᠡᠮᠵᠢᠵᠤ ᠶᠠᠪᠤᠭᠰᠡᠨ ᠬᠦᠮᠤᠰ  ᠤᠨ ᠢᠶᠠᠨ ᠠᠴᠢ ᠡᠨᠡᠷᠢᠯ ᠢ ᠬᠡᠵᠢᠶᠡᠳᠠ ᠰᠡᠤᠨᠬᠢᠯ ᠳᠤ ᠪᠠᠨ ᠪᠤᠳᠤᠵᠤ᠂ ᠬᠠᠶᠢᠷ᠎ᠠ ᠳᠠᠯᠠᠷᠬᠠᠯ ᠤᠨ ᠬᠦᠴᠤᠨ ᠢᠶᠠᠷ ᠠᠮᠢᠳᠤᠷᠠᠯ ᠤᠨ ᠢᠶᠠᠨ ᠵᠦᠭᠯᠡᠬᠦᠷ ᠪᠤᠯᠭᠠᠵᠤ ᠶᠠᠪᠤᠳᠠᠭ ᠪᠤᠳᠢ ᠰᠡᠤᠨᠬᠢᠯᠳᠠᠨ ᠤ ᠨᠢᠬᠡ ᠨᠢ ᠪᠢᠯᠡ᠃ 2021 ᠤᠨ  ᠠᠴᠠ ᠨᠠᠴᠢᠨᠱᠤᠩᠬᠤᠷ ᠠᠭᠤᠳᠠᠮ ᠰᠠᠷᠠᠭᠤᠯ ᠬᠦᠳᠡᠭᠡ ᠨᠤᠳᠤᠭ ᠲᠤ ᠪᠠᠨ ᠮᠠᠯ ᠠᠵᠤ ᠠᠬᠤᠢ ᠪᠠᠨ ᠡᠷᠬᠢᠯᠡᠬᠦ ᠶᠢᠨ ᠳᠠᠭᠠᠤ ᠮᠤᠳᠤᠨ ᠤᠷᠠᠯᠠᠯ ᠤᠨ ᠠᠵᠢᠯ ᠢᠶᠠᠨ ᠦᠷᠬᠦᠯᠵᠢᠯᠡᠨ ᠬᠢᠵᠤ᠂ ᠵᠢᠯ ᠤᠨ ᠤᠷᠤᠯᠭ᠎ᠠ ᠪᠠᠨ 20 ᠲᠦᠮᠡᠨ ᠲᠦᠬᠦᠷᠢᠭ ᠨᠡᠮᠡᠭᠳᠡᠬᠦᠯᠤᠨ᠂ ᠨᠠᠩ ᠤᠯᠠᠨ ᠰᠢᠯᠢᠳᠡᠭ ᠪᠦᠳᠤᠬᠡᠯ ᠤᠳ ᠢᠶᠠᠷ ᠠᠮᠢᠳᠤᠷᠠᠯ ᠢᠶᠠᠨ ᠴᠢᠮᠡᠭᠯᠡᠵᠤ ᠶᠠᠪᠤᠨ᠎ᠠ᠃
 
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠨᠡᠶᠢᠳᠡᠯᠡᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号