ᠣᠶᠢᠷ᠎ᠠ ᠳᠤ᠂ ᠣᠯᠣᠰ ᠤᠨ ᠬᠦᠷᠦᠰᠦ ᠰᠢᠷᠦᠢ ᠶᠢ ᠬᠠᠮᠠᠭᠠᠯᠠᠬᠤ ᠭᠤᠣᠯᠳᠠᠯᠭᠠᠳᠦ ᠢᠨ᠋ᠧᠨᠧᠷᠢᠩ ᠤᠨ ᠣᠳᠤᠭ | ᠤᠨ ᠡᠮᠦᠨᠡᠳᠦ ᠬᠤᠰᠢᠭᠤᠨ ᠤ 2023 ᠣᠨ ᠤ ᠪᠠᠶᠠᠨ ᠦᠵᠦᠬᠦᠷ ᠤᠨ ᠵᠢᠵᠢᠭ ᠰᠠᠪᠠ ᠭᠠᠵᠠᠷ ᠢ ᠶᠡᠷᠦᠩᠬᠡᠶᠢᠯᠡᠨ | ᠵᠰᠠᠬᠤ ᠲᠦᠷᠦᠯ ᠵᠣᠶᠢᠯ ᠣᠷᠳᠣᠰ ᠬᠤᠳᠠ ᠶᠢᠨ ᠣᠰᠣᠨ ᠠᠰᠢᠭᠯᠠᠯᠳᠠ ᠶᠢᠨ ᠲᠣᠪᠴᠢᠶ᠎ᠠ ᠶᠢᠨ ᠴᠣᠬᠤᠯᠠᠪᠦᠷᠢ ᠶᠢ | ᠣᠯᠪᠠ᠃ ᠴᠣᠬᠤᠯᠠᠪᠦᠷᠢ ᠶᠢᠨ ᠶᠡᠷᠦᠩᠬᠡᠢ ᠪᠡᠯᠡ ᠣᠷᠣᠭᠤᠯᠣᠯᠳᠠ 1000 ᠲᠦᠮᠡᠨ ᠲᠦᠬᠦᠷᠢᠭ ᠲᠤ ᠬᠦᠷᠴᠦ᠂ | ᠬᠦᠷᠦᠰᠦ ᠰᠢᠷᠣᠢ ᠶᠢᠨ ᠢᠳᠡᠭᠳᠡᠯ ᠢ ᠶᠡᠷᠦᠩᠬᠡᠶᠢᠯᠡᠨ ᠵᠠᠰᠠᠬᠤ ᠲᠠᠯᠠᠪᠠᠢ ᠶᠢ 2000 ᠾᠧᠺᠲ᠋ᠠᠷ ᠰᠢᠨ᠎ᠡ ᠪᠠᠷ | ᠨᠡᠮᠡᠭᠳᠡᠭᠦᠯᠬᠦ ᠪᠠᠷ ᠲᠦᠯᠦᠪᠯᠡᠵᠣ ᠪᠠᠶᠢᠨ᠎ᠠ᠃ ᠪᠦᠳᠦᠭᠡᠨ ᠪᠠᠶᠢᠭᠤᠯᠣᠯᠳᠠ ᠶᠢᠨ ᠭᠤᠣᠯ ᠠᠭᠤᠯᠭ᠎ᠠ ᠨᠢ 8454 | ᠾᠧᠺᠲ᠋ᠠᠷ ᠪᠦᠰᠡ ᠬᠡᠯᠪᠡᠷᠢᠳᠦ ᠡᠯᠡᠰᠦᠨ ᠬᠠᠯᠬᠠᠪᠴᠢ ᠪᠠᠶᠢᠭᠤᠯᠵᠣ᠂ 422.7 ᠲᠦᠮᠡᠨ ᠮᠧᠲᠷ ᠡᠪᠡᠰᠦᠨ ᠪᠦᠰᠡ | ᠲᠡᠪᠢᠰᠴᠦ᠂ 563.54 ᠲᠦᠮᠡᠨ ᠰᠠᠭᠤᠷᠢ ᠪᠣᠷᠭᠠᠰᠦ ᠲᠠᠷᠢᠨ᠎ᠠ᠃ ᠡᠯᠡᠰᠦᠨ ᠬᠠᠯᠬᠠᠪᠴᠢ ᠲᠣᠳᠣᠷ᠎ᠠ 845.4 | ᠾᠧᠺᠲ᠋ᠠᠷ ᠬᠠᠷᠭᠠᠨ᠎ᠠ ᠲᠣᠷᠯᠤᠭ ᠲᠠᠷᠢᠵᠣ᠂ 287.45 ᠲᠦᠮᠡᠨ ᠰᠠᠭᠤᠷᠢ ᠬᠠᠷᠭᠠᠨ᠎ᠠ ᠶᠢᠨ ᠰᠣᠶᠤᠭ᠎ᠠ᠂ 287.45 | ᠲᠦᠮᠡᠨ ᠰᠠᠭᠤᠷᠢ ᠲᠣᠷᠯᠤᠭ ᠤᠨ ᠰᠣᠶᠤᠭ᠎ᠠ ᠶᠢ ᠲᠠᠷᠢᠨ᠎ᠠ︔ 1154.6 ᠾᠧᠺᠲ᠋ᠠᠷ ᠢ ᠪᠢᠳᠡᠭᠦᠮᠵᠢᠯᠡᠨ ᠵᠠᠰᠠᠵᠣ᠂ | 118 ᠾᠧᠺᠲ᠋ᠠᠷ ᠲᠤ ᠬᠠᠷᠭᠠᠨ᠎ᠠ ᠶᠢᠨ ᠰᠣᠶᠤᠭ᠎ᠠ ᠨᠦᠬᠦᠵᠣ ᠲᠠᠷᠢᠨ᠂ 60.18 ᠲᠦᠮᠡᠨ ᠰᠠᠭᠤᠷᠢ ᠬᠠᠷᠭᠠᠨ᠎ᠠ | ᠲᠠᠷᠢᠵᠣ᠂ 24.8 ᠺᠢᠯᠣᠮᠧᠲᠷ ᠲᠣᠣᠷ ᠲᠠᠳᠠᠨ᠎ᠠ᠃ ᠰᠡᠷᠢᠭᠦᠨ ᠲᠢᠩᠰᠡ᠂ ᠬᠦᠷᠦᠰᠦ ᠰᠢᠷᠣᠢ ᠶᠢᠨ ᠬᠠᠮᠠᠭᠠᠯᠠᠯᠳᠠ ᠶᠢᠨ | ᠣᠬᠠᠭᠤᠯᠭ᠎ᠠ ᠶᠢᠨ ᠭᠤᠳᠣᠮ᠂ ᠲᠡᠷᠭᠡᠨ ᠵᠣᠭᠰᠣᠭᠠᠯ᠂ ᠠᠷᠢᠭᠤᠨ ᠴᠡᠪᠡᠷ ᠤᠨ ᠲᠠᠰᠣᠯᠭ᠎ᠠ ᠬᠢᠬᠡᠳ ᠲᠡᠮᠳᠡᠭ ᠬᠦᠰᠢᠶ᠎ᠡ | ᠪᠠ ᠣᠬᠠᠭᠤᠯᠭ᠎ᠠ ᠶᠢᠨ ᠫᠠᠶᠢᠰᠠ ᠶᠢ ᠢᠵᠢ ᠪᠦᠷᠢᠳᠦᠭᠦᠯᠦᠨ ᠪᠠᠶᠢᠭᠤᠯᠣᠨ᠎ᠠ᠃ | ᠲᠣᠰ ᠲᠦᠷᠦᠯ ᠵᠣᠶᠢᠯ ᠢ ᠬᠡᠷᠡᠭᠵᠢᠭᠦᠯᠦᠭᠰᠡᠨ ᠤ ᠲᠠᠷᠠᠭ᠎ᠠ ᠪᠠᠶᠠᠨ ᠦᠵᠦᠭᠦᠷ ᠤᠨ ᠲᠦᠷᠦᠯ ᠵᠣᠶᠢᠯ ᠤᠨ ᠣᠷᠣᠨ | ᠤ ᠲᠣᠳᠣᠷᠠᠬᠢ ᠬᠦᠷᠦᠰᠦ ᠰᠢᠷᠦᠢ ᠶᠢᠨ ᠢᠳᠡᠭᠳᠡᠯ ᠢ ᠵᠠᠰᠠᠬᠤ ᠬᠡᠮᠵᠢᠶ᠎ᠡ ᠶᠢ 89.44% ᠪᠣᠯᠳᠠᠯ᠎ᠠ ᠲᠡᠭᠡᠭᠰᠢᠯᠡᠭᠦᠯᠵᠣ᠂ | ᠬᠦᠷᠦᠰᠦ ᠰᠢᠷᠦᠢ ᠶᠢ ᠬᠠᠮᠠᠭᠠᠯᠠᠬᠤ ᠶᠡᠷᠦᠩᠬᠡᠢ ᠬᠡᠮᠵᠢᠶ᠎ᠡ ᠶᠢ 6.60 ᠲᠦᠮᠡᠨ ᠲᠣᠨ ᠳᠤ ᠬᠦᠷᠭᠡᠵᠣ᠂ ᠣᠢ ᠰᠢᠭᠤᠢ | ᠡᠪᠡᠰᠣᠨ ᠤ ᠪᠦᠷᠬᠦᠴᠡ ᠶᠢᠨ ᠬᠡᠮᠵᠢᠶ᠎ᠡ ᠶᠢ 74.55% ᠪᠣᠯᠳᠠᠯ᠎ᠠ ᠨᠡᠮᠡᠭᠳᠡᠭᠦᠯᠦᠨ᠂ ᠪᠠᠶᠢᠭᠠᠯᠢ ᠣᠷᠴᠢᠨ ᠢ | ᠢᠯᠡᠳᠳᠡ ᠰᠠᠶᠢᠵᠢᠷᠠᠭᠤᠯᠬᠤ ᠪᠣᠯᠣᠨ᠎ᠠ᠃ |