︽ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠲᠠᠷᠢᠮᠠᠯ ᠤᠨ ᠪᠦᠲᠦᠴᠡ ᠶᠢᠨ ᠲᠤᠬᠢᠷᠠᠭᠤᠯᠤᠯᠲᠠ ᠵᠢᠴᠢ ᠳᠦᠬᠦᠬᠡᠷᠦᠮᠵᠢᠲᠦ ᠲᠠᠷᠢᠶᠠᠯᠠᠩ ᠤᠨ ᠦᠢᠯᠡᠰ ᠤᠨ ᠬᠦᠭᠵᠢᠯᠲᠡ ᠶᠢᠨ ᠬᠡᠷᠡᠭᠵᠢᠬᠦᠯᠬᠦ ᠲᠦᠰᠦᠯ︾ ᠢ ᠳᠠᠷᠤᠮᠠᠯᠯᠠᠨ ᠲᠠᠷᠬᠠᠭᠠᠬᠤ ᠲᠤᠬᠠᠢ ᠣᠲᠤᠭ ᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠡᠳᠡᠭᠳᠡᠯ
ᠨᠡᠶᠢᠲᠡᠯᠡᠭᠰᠡᠨ ᠴᠠᠭ᠄
2022/11/28
ᠣᠯᠵᠠᠴᠢ ᠪᠠᠯᠭᠠᠰᠣᠨ ᠤ ᠠᠷᠠᠳ ᠤᠨ ᠵᠠᠰᠠᠭ ᠤᠨ ᠣᠷᠳᠣᠨ᠂ ᠬᠤᠰᠢᠭᠤ ᠰᠢᠭᠤᠳ ᠬᠠᠷᠢᠶ᠎ᠠ ᠡᠯ᠎ᠡ ᠰᠠᠯᠠᠭ᠎ᠠ ᠮᠦᠴᠢᠷ᠄      ︽ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠲᠠᠷᠢᠮᠠᠯ ᠤᠨ ᠪᠦᠲᠦᠴᠡ ᠶᠢᠨ ᠲᠤᠬᠢᠷᠠᠭᠤᠯᠤᠯᠲᠠ ᠵᠢᠴᠢ ᠳᠦᠬᠦᠬᠡᠷᠦᠮᠵᠢᠲᠦ ᠲᠠᠷᠢᠶᠠᠯᠠᠩ ᠤᠨ ᠦᠢᠯᠡᠰ ᠤᠨ ᠬᠦᠭᠵᠢᠯᠲᠡ ᠶᠢᠨ ᠬᠡᠷᠡᠭᠵᠢᠬᠦᠯᠬᠦ ᠲᠦᠰᠦᠯ︾ ᠢ ᠬᠤᠰᠢᠭᠤ ᠠᠷᠠᠳ ᠤᠨ ᠵᠠᠰᠠᠭ ᠤᠨ ᠣᠷᠳᠣᠨ ᠠᠴᠠ ᠰᠣᠳᠣᠯᠣᠨ ᠵᠦᠪᠰᠢᠶᠡᠷᠡᠭᠡᠳ᠂ ᠡᠳᠦᠬᠡ ᠲᠠᠨᠠᠷ ᠲᠤ ᠳᠠᠷᠤᠮᠠᠯᠯᠠᠨ ᠲᠠᠷᠬᠠᠭᠠᠯ᠎ᠠ᠂ ᠪᠤᠲᠠᠲᠠᠢ ᠲᠠᠢ ᠪᠠᠨ ᠣᠶᠠᠯᠳᠣᠭᠤᠯᠵᠣ᠂ ᠬᠢᠨᠠᠮᠠᠭᠠᠢ ᠲᠤᠤᠱᠯᠠᠭᠤᠯᠤᠨ ᠬᠡᠷᠡᠭᠵᠢᠬᠦᠯᠰᠦᠬᠡᠢ᠃                                           ᠣᠲᠤᠭ ᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ                                                      2022 ᠣᠨ ᠤ 2 ᠰᠠᠷ᠎ᠠ ᠶᠢᠨ 24 ᠤ ᠡᠳᠦᠷ 

    ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠲᠠᠷᠢᠮᠠᠯ ᠤᠨ ᠪᠦᠲᠦᠴᠡ ᠶᠢᠨ ᠲᠤᠬᠢᠷᠠᠭᠤᠯᠤᠯᠲᠠ ᠵᠢᠴᠢ

                     ᠳᠦᠬᠦᠬᠡᠷᠦᠮᠵᠢᠲᠦ ᠲᠠᠷᠢᠶᠠᠯᠠᠩ ᠤᠨ ᠦᠢᠯᠡᠰ ᠤᠨ ᠬᠦᠭᠵᠢᠯᠲᠡ ᠶᠢᠨ ᠬᠡᠷᠡᠭᠵᠢᠬᠦᠯᠬᠦ ᠲᠦᠰᠦᠯ

      ᠰᠢ ᠶᠢᠨ ᠫᠢᠩ ᠤᠨ ᠠᠮᠢ ᠠᠬᠤᠢ ᠶᠢᠨ ᠪᠤᠯᠪᠠᠰᠣᠨ ᠤ ᠦᠵᠡᠯ ᠰᠠᠨᠠᠭ᠎ᠠ ᠶᠢ ᠬᠦᠨᠵᠡᠬᠡᠢ ᠲᠤᠤᠱᠯᠠᠭᠤᠯᠤᠨ ᠨᠠᠶᠢᠲᠠᠪᠤᠷᠢᠵᠢᠭᠤᠯᠵᠤ᠂ ᠣᠯᠵᠠᠴᠢ ᠪᠠᠯᠭᠠᠰᠣ᠂

ᠲᠠᠬᠢᠯᠲᠤ ᠶᠢᠨ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠲᠠᠷᠢᠮᠠᠯ ᠤᠨ ᠪᠦᠲᠦᠴᠡ ᠶᠢᠨ ᠲᠤᠬᠢᠷᠠᠭᠤᠯᠤᠯᠲᠠ ᠶᠢ ᠲᠦᠷᠭᠡᠳᠬᠡᠵᠦ᠂ ᠭᠠᠵᠠᠷ

ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠵᠠᠰᠠᠯᠲᠠ ᠶᠢᠨ ᠪᠦᠲᠦᠮᠵᠢ ᠶᠢ ᠪᠦᠲᠦᠮᠵᠢᠲᠡᠢ ᠪᠠᠬᠢᠵᠢᠬᠦᠯᠬᠦ ᠶᠢᠨ ᠲᠤᠰᠠᠳᠠ᠂ ᠪᠦᠬᠦ ᠬᠤᠰᠢᠭᠤᠨ ᠤ

ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠪᠤᠲᠠᠲᠠᠢ ᠲᠠᠢ ᠤᠶᠠᠯᠳᠣᠭᠤᠯᠵᠣ᠂ ᠰᠢᠨ᠎ᠡ ᠪᠠᠶᠢᠳᠠᠯ ᠳᠣᠣᠷᠠᠬᠢ ᠣᠯᠣᠰ ᠤᠨ ᠠᠮᠣ ᠪᠣᠳᠠᠭᠠᠨ ᠤ

ᠠᠮᠣᠷ ᠳᠦᠪᠰᠢᠨ ᠤ ᠪᠠᠶᠢᠯᠳᠣᠬᠤ ᠪᠣᠳᠣᠯᠭ᠎ᠠ᠂ ᠣᠯᠣᠰ ᠤᠨ ᠰᠢᠷ᠎ᠠ ᠪᠤᠷᠴᠠᠭ ᠤᠨ ᠬᠦᠭᠵᠢᠬᠦᠯᠦᠯᠲᠡ ᠶᠢᠨ ᠲᠦᠯᠦᠪᠵᠢᠬᠦᠯᠬᠡ ᠪᠠ ᠣᠲᠤᠭ ᠤᠨ ᠡᠮᠦᠨᠡᠲᠦ ᠬᠤᠰᠢᠭᠤᠨ

 ᠤ ᠮᠠᠯ ᠲᠠᠷᠢᠶᠠᠯᠠᠩ ᠤᠨ ᠦᠢᠯᠡᠰ ᠤᠨ ᠴᠢᠨᠠᠷᠯᠢᠭ ᠬᠦᠭᠵᠢᠯᠲᠡ ᠶᠢ ᠬᠠᠮᠲᠤ ᠳᠤᠨᠢ ᠬᠠᠷᠠᠭᠠᠯᠵᠠᠬᠤ ᠪᠠᠷ ᠣᠨᠴᠠᠭᠠᠶᠢᠯᠠᠨ ᠲᠤᠰ ᠲᠦᠰᠦᠯ ᠢ ᠲᠤᠭᠲᠠᠭᠠᠪᠠ᠃

      ᠨᠢᠭᠡ᠂ ᠶᠠᠷᠦᠩᠬᠡᠢ ᠱᠠᠭᠠᠷᠳᠠᠯᠭ᠎ᠠ

      ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠣᠮᠳᠠᠳᠣ ᠣᠯᠣᠰ ᠤᠨ ᠣᠨᠴᠠᠯᠢᠭ ᠲᠠᠢ ᠨᠠᠶᠢᠬᠡᠮ ᠵᠢᠷᠤᠮ ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ

ᠪᠤᠯᠭᠠᠵᠤ᠂ ᠶᠡᠷᠦᠩᠬᠡᠢ ᠱᠦᠵᠢ ᠰᠢ ᠶᠢᠨ ᠫᠢᠩ ᠤᠨ ᠬᠠᠲᠤᠨ ᠭᠤᠤᠯ ᠤᠨ ᠰᠠᠪᠠ ᠭᠠᠵᠠᠷ ᠤᠨ ᠠᠮᠢ ᠠᠬᠤᠢ ᠶᠢᠨ ᠬᠠᠮᠠᠭᠠᠯᠠᠯᠲᠠ ᠪᠠ ᠴᠢᠨᠠᠷᠯᠢᠭ ᠬᠦᠭᠵᠢᠯᠲᠡ ᠶᠢᠨ

ᠰᠠᠭᠤᠳᠠᠯ ᠤᠨ ᠬᠤᠷᠠᠯ ᠳᠡᠭᠡᠷᠡᠬᠢ ᠴᠢᠬᠤᠯᠠ ᠶᠠᠷᠢᠶ᠎ᠠ ᠪᠠ ᠵᠢᠭᠠᠪᠤᠷᠢ ᠶᠢᠨ ᠵᠤᠷᠢᠭ ᠰᠠᠨᠠᠭ᠎ᠠ ᠶᠢ ᠪᠦᠬᠦ ᠲᠠᠯ᠎ᠠ ᠪᠠᠷ ᠲᠤᠤᠱᠯᠠᠭᠤᠯᠵᠤ ᠨᠠᠶᠢᠲᠠᠪᠤᠷᠢᠵᠢᠭᠤᠯᠤᠨ᠂ ︽ᠣᠰᠣ

 ᠪᠠᠷ ᠬᠤᠲᠠ᠂ ᠭᠠᠵᠠᠷ᠂ ᠬᠦᠮᠦᠨ᠂ ᠦᠢᠯᠡᠳᠪᠦᠷᠢᠯᠡᠯ ᠢ ᠲᠤᠭᠲᠠᠭᠠᠬᠤ︾ ᠶᠢ ᠣᠰᠣᠨ ᠤ ᠡᠬᠢ ᠰᠣᠷᠪᠣᠯᠵᠢ ᠶᠢᠨ ᠬᠠᠮᠤᠭ ᠤᠨ ᠴᠢᠩᠳᠠ ᠴᠢᠨᠠᠷᠲᠠᠢ ᠬᠢᠵᠠᠭᠠᠷᠯᠠᠯ

ᠪᠣᠯᠭᠠᠵᠤ᠂ ︽ᠣᠰᠣ ᠠᠷᠪᠢᠯᠠᠬᠤ ᠶᠢ ᠲᠡᠷᠢᠬᠦᠨ ᠳᠤ ᠲᠠᠯᠪᠢᠬᠤ᠂ ᠣᠷᠣᠨ ᠵᠠᠢ ᠶᠢ ᠲᠡᠩᠴᠡᠬᠦᠷᠢᠰᠢᠬᠦᠯᠬᠦ᠂ ᠰᠢᠰᠲ᠋ᠧᠮ ᠲᠠᠢ ᠵᠠᠰᠠᠬᠤ᠂ ᠬᠤᠶᠠᠷ ᠲᠠᠯ᠎ᠠ ᠪᠠᠷ ᠬᠦᠴᠦᠯᠡᠬᠦ

︾ ᠣᠰᠣ ᠵᠠᠰᠠᠬᠤ ᠴᠢᠭᠯᠡᠯᠲᠡ ᠶᠢ ᠢᠳᠡᠪᠬᠢᠲᠡᠢ ᠪᠠᠷ ᠦᠢᠯᠡᠳᠦᠯᠬᠡᠵᠢᠬᠦᠯᠦᠨ᠂ ᠣᠰᠣᠨ ᠤ ᠡᠬᠢ ᠰᠣᠷᠪᠣᠯᠵᠢ ᠶᠢᠨ ᠲᠦᠬᠦᠷᠴᠢᠯᠡᠯᠲᠡ ᠶᠢ ᠰᠢᠯᠢᠳᠡᠭᠵᠢᠬᠦᠯᠵᠦ᠂ ᠣᠰᠣᠨ

 ᠤ ᠡᠬᠢ ᠰᠣᠷᠪᠣᠯᠵᠢ ᠶᠢᠨ ᠲᠤᠬᠢᠷᠠᠭᠤᠯᠤᠯᠲᠠ ᠶᠢ ᠴᠢᠩᠭᠠᠳᠬᠠᠨ᠂ ᠣᠰᠣᠨ ᠤ ᠡᠬᠢ ᠰᠣᠷᠪᠣᠯᠵᠢ ᠶᠢᠨ ᠬᠡᠷᠡᠭᠴᠡᠭᠡᠨ ᠤ ᠬᠠᠮᠢᠶᠠᠷᠤᠯᠲᠠ ᠶᠢ ᠴᠢᠩᠭᠠᠳᠬᠠᠨ᠎ᠠ᠃ ᠭᠠᠵᠠᠷ

ᠳᠣᠣᠷᠠᠬᠢ ᠤᠰᠣᠨ ᠤ ᠬᠡᠲᠦ ᠠᠰᠢᠭᠯᠠᠯᠲᠠ ᠶᠢᠨ ᠶᠡᠷᠦᠩᠬᠡᠶᠢᠯᠡᠭᠰᠡᠨ ᠵᠠᠰᠠᠯᠲᠠ ᠶᠢᠨ ᠬᠤᠯᠪᠤᠭᠳᠠᠯ ᠪᠦᠬᠦᠢ ᠰᠢᠢᠳᠪᠦᠷᠢᠲᠦ ᠪᠠᠶᠢᠷᠢᠯᠠᠭᠤᠯᠤᠯᠲᠠ ᠶᠢ ᠬᠢᠨᠠᠮᠠᠭᠠᠢ

ᠨᠠᠶᠢᠲᠠᠪᠤᠷᠢᠵᠢᠭᠤᠯᠵᠤ᠂ ᠭᠤᠤᠯᠳᠠᠯᠭᠠᠲᠤ ᠣᠷᠣᠨ ᠪᠦᠰᠡ ᠶᠢ ᠳᠣᠪᠣᠶᠢᠯᠭᠠᠨ᠂ ᠠᠮᠢ ᠠᠬᠤᠢ ᠶᠢ ᠲᠠᠷᠢᠬᠦᠨ ᠳᠤ ᠲᠠᠯᠪᠢᠬᠤ ᠶᠢ ᠪᠠᠷᠢᠮᠲᠠᠯᠠᠵᠤ᠂ ᠲᠦᠷᠦ ᠶᠢᠨ ᠪᠤᠳᠤᠯᠭ᠎ᠠ

 ᠶᠢᠨ ᠳᠡᠮᠵᠢᠯᠭᠡ ᠶᠢ ᠴᠢᠩᠭᠠᠳᠬᠠᠨ᠂ ᠲᠦᠬᠦᠬᠡᠷᠦᠮᠵᠢᠲᠦ ᠲᠠᠷᠢᠶᠠᠯᠠᠩ ᠵᠡᠷᠭᠡ ᠦᠨᠳᠦᠷ ᠪᠦᠲᠦᠮᠵᠢᠲᠡᠢ ᠮᠦᠷᠲᠡᠭᠡᠨ ᠣᠨᠴᠠᠯᠢᠭᠲᠤ ᠲᠠᠷᠢᠮᠠᠯ ᠤᠨ ᠵᠠᠭᠪᠤᠷ ᠢ

ᠬᠦᠭᠵᠢᠬᠦᠯᠵᠦ᠂ ᠨᠠᠷᠢᠮᠦ᠂ ᠰᠢᠷ᠎ᠠ ᠪᠤᠷᠴᠠᠭ᠂ ᠠᠮᠣ᠂ ᠰᠠᠭᠠᠭ ᠵᠡᠷᠭᠡ ᠭᠠᠩ ᠳᠤ ᠲᠡᠰᠪᠤᠷᠢᠲᠡᠢ ᠮᠦᠷᠲᠡᠭᠡᠨ ᠣᠰᠣ ᠠᠷᠪᠢᠯᠠᠬᠤ ᠲᠠᠷᠢᠮᠠᠯ ᠢ ᠲᠦᠬᠡᠮᠡᠯᠵᠢᠬᠦᠯᠦᠨ᠂ ᠭᠠᠩ

ᠳᠠᠭᠠᠭᠠᠨ ᠴᠢᠬᠢᠭ ᠬᠠᠮᠠᠭᠠᠯᠠᠬᠤ ᠲᠠᠷᠢᠯᠲᠠ ᠶᠢᠨ ᠮᠡᠷᠭᠡᠵᠢᠯ ᠢ ᠬᠦᠢᠴᠡᠳ ᠠᠰᠢᠭᠯᠠᠵᠤ᠂ ᠣᠰᠣ ᠬᠢᠵᠠᠭᠠᠷᠯᠠᠬᠤ ᠲᠠᠷᠢᠮᠠᠯ ᠤᠨ ᠳᠦᠷᠢᠮ ᠢ ᠪᠠᠶᠢᠭᠤᠯᠤᠨ᠂ ᠵᠢᠯ ᠤᠨ

ᠭᠠᠵᠠᠷ ᠳᠣᠣᠷᠠᠬᠢ ᠣᠰᠣᠨ ᠤ ᠠᠰᠢᠭᠯᠠᠯᠲᠠ ᠶᠢᠨ ᠬᠡᠮᠵᠢᠶ᠎ᠡ ᠶᠢ ᠪᠠᠭᠠᠰᠬᠠᠬᠤ ᠡᠬᠦᠷᠬᠡ ᠶᠢᠨ ᠪᠡᠶᠡᠯᠡᠬᠦᠯᠦᠯᠲᠡ ᠶᠢ ᠪᠠᠲᠤᠯᠠᠵᠤ᠂ ᠴᠢᠨᠠᠷᠯᠢᠭ ᠬᠦᠭᠵᠢᠯᠲᠡ ᠪᠠ ᠣᠰᠣᠨ ᠤ

ᠡᠬᠢ ᠰᠣᠷᠪᠣᠯᠵᠢ᠂ ᠣᠰᠣᠨ ᠤ ᠠᠮᠢ ᠠᠬᠤᠢ᠂ ᠣᠰᠣᠨ ᠤ ᠣᠷᠴᠢᠨ ᠲᠤᠭᠤᠷᠢᠨ ᠤ ᠠᠴᠢᠶᠠᠯᠠᠪᠤᠷᠢ ᠶᠢᠨ ᠴᠢᠳᠠᠪᠤᠷᠢ ᠬᠠᠷᠢᠯᠴᠠᠨ ᠵᠤᠬᠢᠴᠠᠬᠤ ᠶᠢ ᠠᠬᠢᠭᠤᠯᠤᠨ᠎ᠠ᠃

      ᠬᠤᠶᠠᠷ᠂ ᠦᠨᠳᠦᠰᠦᠨ ᠵᠠᠷᠴᠢᠮ

      ︵ᠨᠢᠭᠡ︶ ᠰᠢᠨᠵᠢᠯᠡᠭᠡ ᠮᠡᠷᠭᠡᠵᠢᠯ ᠤᠨ ᠬᠡᠷᠡᠭᠯᠡᠯᠲᠡ ᠶᠢ ᠳᠣᠪᠣᠶᠢᠯᠭᠠᠨ᠎ᠠ᠃ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠮᠠᠯᠴᠢᠨ

ᠲᠠᠷᠢᠶᠠᠴᠢᠨ ᠬᠦᠯᠡᠮᠵᠢ ᠶᠢᠨ ᠢᠳᠡᠰᠢᠨ ᠨᠤᠭᠤᠭ᠎ᠠ ᠲᠠᠷᠢᠬᠤ᠂ ᠭᠠᠩ ᠳᠤ ᠲᠡᠰᠪᠤᠷᠢᠲᠡᠢ ᠲᠠᠷᠢᠮᠠᠯ ᠤᠨ ᠪᠦᠲᠦᠭᠡᠭᠳᠡᠬᠦᠨ ᠨᠠᠷᠢᠮᠦ᠂ ᠰᠢᠷ᠎ᠠ ᠪᠤᠷᠴᠠᠭ᠂ ᠠᠮᠤ᠂ ᠰᠠᠭᠠᠭ

ᠵᠡᠷᠭᠡ ᠡᠯᠳᠡᠪ ᠠᠮᠣ  ᠲᠠᠷᠢᠬᠤ ᠶᠢ ᠵᠤᠷᠢᠭᠵᠢᠭᠤᠯᠵᠤ᠂ ᠲᠠᠷᠢᠶᠠᠯᠠᠩ ᠤᠨ ᠮᠠᠰᠢᠨ ᠲᠠᠷᠢᠶᠠᠯᠠᠩ ᠤᠨ ᠮᠡᠷᠭᠡᠵᠢᠯ ᠤᠨ ᠣᠶᠠᠯᠳᠣᠭᠤᠯᠣᠯ ᠢ ᠪᠠᠷᠢᠮᠲᠠᠯᠠᠨ᠂ ᠣᠰᠣ

ᠠᠷᠪᠢᠯᠠᠬᠤ᠂ ᠭᠠᠩ ᠳᠠᠭᠠᠭᠠᠬᠤ᠂ ᠪᠣᠷᠣᠭᠠᠨ ᠢ ᠠᠰᠢᠭᠯᠠᠬᠤ᠂ ᠴᠢᠬᠢᠭ ᠢ ᠬᠠᠮᠠᠭᠠᠯᠠᠬᠤ ᠵᠡᠷᠭᠡ ᠲᠠᠷᠢᠬᠤ ᠮᠡᠷᠭᠡᠵᠢᠯ ᠪᠠ ᠲᠠᠷᠢᠶᠠᠯᠠᠬᠤ ᠠᠷᠭ᠎ᠠ ᠮᠠᠶ᠋ᠢᠭ ᠢ ᠬᠡᠷᠡᠭᠵᠢᠬᠦᠯᠵᠦ᠂

ᠲᠤᠰᠬᠠᠢ ᠮᠡᠷᠬᠡᠵᠢᠯ ᠤᠨ ᠰᠠᠯᠠᠭ᠎ᠠ ᠮᠦᠴᠢᠷ ᠠᠴᠠ ᠭᠤᠤᠯ ᠲᠠᠷᠢᠮᠠᠯ ᠤᠨ ᠲᠦᠷᠦᠯ ᠢ ᠲᠠᠨᠢᠯᠴᠠᠭᠤᠯᠤᠨ᠂ ᠨᠠᠶᠢᠷᠠᠯᠭ᠎ᠠ ᠲᠠᠢ ᠪᠤᠷᠳᠣᠭᠤᠷ᠂ ᠣᠷᠭᠠᠨᠢᠭ ᠪᠤᠷᠳᠣᠭᠤᠷ ᠢ

ᠲᠦᠬᠡᠮᠡᠯᠵᠢᠬᠦᠯᠵᠦ᠂ ᠬᠠᠣᠯᠢ ᠳᠤ ᠨᠡᠶᠢᠴᠡᠬᠦ ᠣᠰᠣᠯᠠᠯᠲᠠ ᠶᠢᠨ ᠭᠠᠵᠠᠷ ᠤᠨ ᠶᠠᠰᠣ ᠴᠢᠨᠠᠷ᠂ ᠣᠰᠣ ᠬᠠᠮᠠᠭᠠᠯᠠᠬᠤ ᠴᠢᠳᠠᠪᠤᠷᠢ ᠶᠢ ᠳᠡᠭᠡᠭᠰᠢᠯᠡᠬᠦᠯᠦᠨ᠂ ᠬᠤᠷ᠎ᠠ

ᠳᠣᠨᠳᠠᠰᠣ ᠶᠢ ᠬᠦᠢᠴᠡᠳ ᠠᠰᠢᠭᠯᠠᠵᠤ᠂ ᠭᠠᠵᠠᠷ ᠳᠣᠣᠷᠠᠬᠢ ᠣᠰᠣ ᠶᠢ ᠠᠰᠢᠭᠯᠠᠬᠤ ᠦᠬᠡᠢ ᠪᠤᠶᠤ ᠴᠦᠬᠡᠨ ᠠᠰᠢᠭᠯᠠᠬᠤ ᠶᠢ ᠪᠠᠲᠤᠯᠠᠨ᠎ᠠ᠃

      ︵ᠬᠤᠶᠠᠷ︶ ᠮᠠᠯᠴᠢᠨ ᠲᠠᠷᠢᠶᠠᠴᠢᠨ ᠤ ᠠᠰᠢᠭ ᠲᠤᠰᠠ ᠶᠢ ᠲᠤᠭᠲᠠᠭᠤᠨ ᠪᠠᠶᠢᠯᠭᠠᠨ᠎ᠠ᠃ ᠵᠠᠰᠠᠭ ᠤᠨ ᠣᠷᠳᠣᠨ ᠤ ᠵᠢᠯᠤᠭᠤᠳᠤᠯᠭ᠎ᠠ ᠪᠠᠷ ᠳᠠᠮᠵᠢᠭᠤᠯᠤᠨ᠂

ᠮᠠᠯᠴᠢᠨ ᠲᠠᠷᠢᠶᠠᠴᠢᠨ ᠤ ᠲᠠᠷᠢᠮᠠᠯ ᠤᠨ ᠪᠦᠲᠦᠴᠡ ᠪᠠᠨ ᠰᠢᠯᠢᠳᠡᠭᠵᠢᠬᠦᠯᠬᠦ ᠶᠢ ᠬᠦᠢᠴᠡᠳ ᠳᠠᠶᠢᠴᠢᠯᠠᠵᠤ᠂ ᠲᠠᠷᠢᠬᠤ ᠵᠠᠭᠪᠤᠷ ᠢᠶᠠᠨ ᠪᠠᠶᠠᠯᠢᠭᠵᠢᠭᠤᠯᠤᠨ᠂ ᠲᠦᠷᠦ ᠶᠢᠨ

ᠪᠤᠳᠤᠯᠭ᠎ᠠ ᠶᠢᠨ ᠳᠡᠮᠵᠢᠯᠬᠡ ᠶᠢ ᠲᠠᠰᠣᠷᠠᠯᠲᠠ ᠦᠬᠡᠢ ᠴᠢᠩᠭᠠᠳᠬᠠᠵᠤ᠂ ᠦᠷ᠎ᠡ ᠠᠰᠢᠭ ᠤᠨ ᠨᠦᠬᠦᠪᠦᠷᠢ ᠶᠢᠨ ᠲᠤᠭᠲᠠᠴᠠ ᠶᠢ ᠪᠠᠶᠢᠭᠤᠯᠤᠨ᠂ ᠰᠦᠯᠢᠶᠤᠤ ᠬᠦᠯᠡᠮᠵᠢ

ᠪᠠᠶᠢᠭᠤᠯᠤᠨ ᠢᠳᠡᠰᠢᠨ ᠨᠤᠭᠤᠭ᠎ᠠ ᠲᠠᠷᠢᠭᠰᠠᠨ᠂ ᠰᠠᠶᠢᠨ ᠳᠣᠷ᠎ᠠ ᠠᠴᠠ ᠪᠠᠨ ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ ᠠᠮᠣ

ᠰᠣᠩᠭᠤᠨ ᠲᠠᠷᠢᠭᠰᠠᠨ ᠮᠠᠯᠴᠢᠨ ᠲᠠᠷᠢᠶᠠᠴᠢᠨ ᠳᠤ ᠲᠤᠭᠲᠠᠭᠰᠠᠨ ᠨᠦᠬᠦᠪᠦᠷᠢ ᠦᠭᠴᠦ᠂ ᠲᠦᠷᠦᠯ ᠵᠦᠢᠯ ᠤᠨ ᠣᠷᠣᠨ ᠤ ᠮᠠᠯᠴᠢᠨ ᠲᠠᠷᠢᠶᠠᠴᠢᠨ ᠤ ᠣᠷᠣᠯᠭ᠎ᠠ

ᠨᠦᠯᠦᠬᠡᠯᠡᠯ ᠪᠠᠭᠠᠲᠠᠢ ᠪᠠᠶᠢᠬᠤ ᠶᠢ ᠪᠠᠲᠤᠯᠠᠨ᠎ᠠ᠃

      ︵ᠭᠤᠷᠪᠠ︶ ᠪᠦᠬᠦᠶᠢᠯᠡ ᠴᠤᠭᠴᠠ ᠪᠠᠷ ᠵᠤᠬᠢᠶᠠᠨ ᠪᠠᠶᠢᠭᠤᠯᠤᠨ ᠬᠡᠷᠡᠭᠵᠢᠬᠦᠯᠦᠨ᠎ᠡ᠃ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠳᠤ

ᠲᠤᠬᠠᠢ ᠶᠢᠨ ᠭᠠᠵᠠᠷ ᠲᠤ ᠨᠢ ᠲᠤᠬᠢᠷᠠᠭᠤᠯᠤᠨ᠂ ᠪᠦᠬᠦᠯᠢ ᠴᠤᠭᠴᠠ ᠪᠠᠷ ᠠᠬᠢᠭᠤᠯᠵᠤ᠂ ᠭᠠᠵᠠᠷ ᠳᠣᠣᠷᠠᠬᠢ ᠣᠰᠣᠨ ᠤ ᠬᠠᠮᠢᠶᠠᠷᠤᠯᠲᠠ ᠶᠢ ᠴᠢᠩᠭ᠎ᠠ ᠬᠡᠷᠡᠭᠵᠢᠬᠦᠯᠦᠨ᠂

ᠨᠢᠭᠡᠳᠦᠯᠲᠡᠢ ᠲᠦᠯᠦᠪᠵᠢᠬᠦᠯᠦᠨ ᠠᠬᠢᠭᠤᠯᠤᠨ᠎ᠠ᠃

      ︵ᠳᠦᠷᠪᠡ︶ ᠡᠮᠬᠢᠲᠡᠢ ᠮᠦᠷᠲᠡᠭᠡᠨ ᠳᠦᠷᠢᠮᠵᠢᠬᠦᠨ ᠠᠵᠢᠯᠯᠠᠭᠤᠯᠤᠨ᠎ᠠ᠃ ᠲᠦᠷᠦᠯ ᠵᠦᠢᠯ ᠤᠨ ᠬᠠᠮᠢᠶᠠᠷᠤᠯᠲᠠ ᠶᠢ ᠴᠢᠩᠭᠠᠳᠬᠠᠵᠤ᠂ ᠲᠦᠷᠦᠯ ᠵᠦᠢᠯ ᠤᠨ

ᠬᠡᠷᠡᠭᠵᠢᠬᠦᠯᠦᠯᠲᠡ ᠶᠢᠨ ᠶᠠᠪᠤᠴᠠ ᠪᠠᠨ ᠴᠢᠩᠭᠠᠳᠬᠠᠨ᠂ ᠲᠦᠷᠦᠯ ᠵᠦᠢᠯ ᠤᠨ ᠠᠵᠢᠯᠯᠠᠮᠵᠢ ᠶᠢ ᠳᠦᠷᠢᠮᠵᠢᠬᠦᠯᠵᠦ᠂ ᠢᠯᠡ ᠪᠤᠯᠭᠠᠬᠤ ᠳᠦᠷᠢᠮ ᠢ ᠬᠡᠷᠡᠭᠵᠢᠬᠦᠯᠦᠨ᠂

ᠣᠯᠠᠨ ᠲᠦᠮᠡᠨ ᠤ ᠬᠢᠨᠠᠯᠲᠠ ᠶᠢ ᠬᠦᠯᠢᠶᠡᠨ ᠠᠪᠤᠨ᠎ᠠ᠃ ᠬᠤᠳᠳᠤᠭ ᠢ ᠬᠢᠵᠠᠭᠠᠷᠯᠠᠨ ᠲᠡᠷᠢᠶ᠎ᠡ ᠶᠢ  ᠪᠠᠭᠠᠰᠬᠠᠬᠤ ᠠᠷᠭ᠎ᠠ ᠠᠪᠴᠠᠯ ᠢ ᠨᠠᠶᠢᠲᠠᠪᠤᠷᠢᠵᠢᠭᠤᠯᠵᠤ᠂ ᠣᠰᠣ

ᠠᠷᠪᠢᠯᠠᠬᠤ ᠬᠠᠷᠠᠯᠲᠠ ᠶᠢ ᠲᠤᠲᠤᠷᠬᠠᠶᠢᠯᠠᠨ᠂ ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ ᠠᠮᠣ ᠲᠡᠷᠢᠬᠤ ᠲᠦᠷᠦᠯ ᠵᠦᠢᠯ ᠤᠨ

ᠬᠦᠷᠢᠶ᠎ᠡ ᠬᠡᠪᠴᠢᠶᠡᠨ ᠳᠤ ᠬᠠᠮᠠᠭᠠᠯᠠᠯᠲᠠ ᠶᠢᠨ ᠴᠢᠨᠠᠷᠲᠠᠢ ᠠᠷᠭ᠎ᠠ ᠠᠪᠴᠠᠯ ᠢ ᠬᠡᠷᠡᠭᠯᠡᠵᠦ᠂ ᠬᠠᠤᠯᠢ ᠶᠤᠰᠤᠨ ᠤ ᠣᠰᠣᠯᠠᠯᠲᠠ ᠶᠢᠨ ᠭᠠᠵᠠᠷ ᠤᠨ ᠰᠢᠨᠵᠢ ᠴᠢᠨᠠᠷ ᠢ

ᠬᠤᠪᠢᠷᠠᠭᠤᠯᠵᠤ ᠪᠤᠯᠬᠤ ᠦᠬᠡᠢ᠂ ᠡᠬᠦᠷᠭᠡ᠂ ᠨᠦᠬᠦᠪᠦᠷᠢ ᠮᠦᠩᠭᠦ᠂ ᠣᠰᠣ ᠠᠷᠪᠢᠯᠠᠬᠤ ᠬᠡᠮᠵᠢᠶ᠎ᠡ ᠪᠠᠨ ᠡᠷᠦᠬᠡ᠂ ᠭᠠᠵᠠᠷ ᠣᠷᠣᠨ ᠳᠤ ᠨᠠᠷᠢᠯᠢᠭ ᠤᠨᠤᠪᠴᠢᠲᠠᠢ ᠪᠠᠷ

ᠨᠠᠶᠢᠲᠠᠪᠤᠷᠢᠵᠢᠭᠤᠯᠤᠨ᠎ᠠ᠃

      ᠭᠤᠷᠪᠠ᠂ ᠡᠬᠦᠷᠭᠡ ᠬᠠᠷᠠᠯᠲᠠ

      2022 ᠣᠨ ᠳᠤ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠭᠤᠷᠪᠠᠨ ᠪᠤᠯᠠᠭ ᠲᠤᠰᠬᠤᠨ᠂ ᠶᠡᠭᠡ ᠲᠤᠯᠤᠨ ᠲᠤᠰᠬᠤᠨ᠂ ᠣᠯᠵᠠᠴᠢ

ᠭᠠᠴᠠᠭ᠎ᠠ᠂ ᠲᠠᠬᠢᠯᠲᠤ ᠲᠤᠰᠬᠤᠨ᠂ ᠠᠳᠣᠭᠤᠨ ᠬᠤᠳᠳᠤᠭ ᠲᠤᠰᠬᠤᠨ᠂ ᠪᠠᠯᠠᠩ ᠤᠨ ᠲᠤᠭᠠᠩ ᠲᠤᠰᠬᠤᠨ᠂ ᠲᠠᠬᠢᠯᠲᠤ ᠨᠡᠶᠢᠬᠡᠮ ᠲᠤᠭᠤᠷᠢᠭ ᠲᠤ 1 ᠲᠦᠮᠡᠨ ᠮᠣ᠋

ᠬᠠᠣᠯᠢ ᠶᠤᠰᠤᠨ ᠤ ᠣᠰᠣᠯᠠᠯᠲᠠ ᠶᠢᠨ ᠭᠠᠵᠠᠷ ᠤᠨ ᠲᠠᠷᠢᠮᠠᠯ ᠤᠨ ᠪᠦᠲᠦᠴᠡ ᠶᠢᠨ ᠲᠤᠬᠢᠷᠠᠭᠤᠯᠤᠯᠲᠠ ᠶᠢ ᠬᠡᠷᠡᠭᠵᠢᠬᠦᠯᠵᠦ᠂ ᠦᠪᠡᠷᠲᠡᠭᠡᠨ ᠪᠠᠶᠢᠭᠤᠯᠤᠭᠰᠠᠨ

ᠪᠠᠷᠢᠮᠵᠢᠶᠠᠲᠤ ᠰᠦᠯᠢᠶᠤᠤ ᠬᠦᠯᠡᠮᠵᠢ 500 ᠰᠠᠭᠤᠷᠢ ︵400 ᠮᠣ᠋︶᠂ ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ ᠠᠮᠣ

9600 ᠮᠣ᠋ ᠲᠠᠷᠢᠬᠤ ᠪᠠᠷ ᠰᠣᠯᠢᠨ᠂ ᠲᠦᠷᠦᠯ ᠵᠦᠢᠯ ᠤᠨ ᠬᠡᠷᠡᠭᠵᠢᠬᠦᠯᠦᠯᠲᠡ ᠶᠢ ᠬᠤᠶᠠᠷ ᠵᠦᠢᠯ ᠤᠨ ᠵᠠᠭᠪᠤᠷ ᠢᠶᠠᠷ ᠬᠤᠪᠢᠶᠠᠪᠠ᠄

      ᠵᠠᠭᠪᠤᠷ 1᠄ ᠬᠡᠲᠦ ᠠᠰᠢᠭᠯᠠᠯᠲᠠ ᠶᠢᠨ ᠣᠷᠣᠨ ᠤ ᠲᠤᠲᠤᠷ᠎ᠠ ᠠᠴᠠ ᠨᠦᠬᠦᠴᠡᠯ ᠳᠤ ᠨᠡᠶᠢᠴᠡᠭᠰᠡᠨ ᠮᠦᠷᠲᠡᠭᠡᠨ ᠢᠳᠡᠪᠬᠢᠵᠢᠯ ᠪᠦᠬᠦᠢ ᠮᠠᠯᠴᠢᠨ ᠲᠠᠷᠢᠶᠠᠴᠢᠨ ᠤ

5000 ᠮᠣ᠋ ᠬᠠᠤᠯᠢ ᠶᠤᠰᠤᠨ ᠤ ᠣᠰᠣᠯᠠ᠊ ‍ᠯᠲᠠ ᠶᠢᠨ ᠭᠠᠵᠠᠷ ᠢ ᠰᠣᠩᠭᠤᠵᠣ᠂ 0.8 ᠮᠣ᠋ ᠶᠢᠨ ᠦᠪᠡᠷᠲᠡᠭᠡᠨ ᠪᠠᠶᠢᠭᠤᠯᠤᠭᠰᠠᠨ ᠪᠠᠷᠢᠮᠵᠢᠶᠠᠲᠤ ᠰᠦᠯᠢᠶᠤᠤ ᠬᠦᠯᠡᠮᠵᠢ

500 ᠰᠠᠭᠤᠷᠢ ︵400 ᠮᠣ᠋ ᠴᠡᠪᠡᠷ ᠦᠢᠯᠡᠳᠪᠦᠷᠢᠯᠡᠯ ᠤᠨ ᠲᠡᠯᠡᠪᠡᠢ︶ ᠪᠠᠷ ᠰᠣᠯᠢᠨ᠂ ᠦᠯᠡᠳᠡᠭᠰᠡᠨ 4600 ᠮᠣ᠋ ᠳᠤ ᠮᠠᠯᠴᠢᠨ  ᠲᠠᠷᠢᠶᠠᠴᠢᠨ ᠰᠠᠶᠢᠨ ᠳᠣᠷ᠎ᠠ

 ᠠᠴᠠ ᠪᠠᠨ ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ ᠠᠮᠣ ᠶᠢ ᠲᠠᠷᠢᠨ᠎ᠠ᠂ 10 ᠮᠣ᠋ ᠬᠠᠤᠯᠢ ᠶᠤᠰᠤᠨ ᠤ ᠣᠰᠣᠯᠠᠯᠲᠠ ᠶᠢᠨ

ᠭᠠᠵᠠᠷ ᠢᠶᠠᠷ ᠵᠢᠱᠢᠶᠡᠯᠡᠪᠡᠯ᠂ ᠲᠡᠬᠦᠨ ᠤ ᠲᠤᠲᠤᠷᠠᠬᠢ 1 ᠮᠣ᠋ ᠬᠠᠤᠯᠢ ᠶᠤᠰᠤᠨ ᠤ ᠣᠰᠣᠯᠠᠯᠲᠠ ᠶᠢᠨ ᠭᠠᠵᠠᠷ ᠢ ᠠᠰᠢᠭᠯᠠᠨ 0.8 ᠮᠣ᠋ ᠰᠦᠯᠢᠶᠣᠣ ᠬᠦᠯᠡᠮᠵᠢ ᠶᠢᠨ

ᠢᠳᠡᠰᠢᠨ ᠨᠣᠭᠤᠭ᠎ᠠ ᠲᠠᠷᠢᠵᠦ᠂ ᠦᠯᠡᠳᠡᠭᠰᠡᠨ 9.2 ᠮᠣ᠋ ᠬᠠᠤᠯᠢ ᠶᠤᠰᠤᠨ ᠤ ᠣᠰᠣᠯᠠᠯᠲᠠ ᠶᠢᠨ ᠭᠠᠵᠠᠷ ᠳᠡᠭᠡᠷ᠎ᠡ ᠰᠠᠶᠢᠨ ᠳᠣᠷ᠎ᠠ ᠠᠴᠠ ᠪᠠᠨ ᠣᠰᠣ ᠬᠢᠵᠠᠭᠠᠷᠯᠠᠬᠤ

ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ ᠠᠮᠣ ᠶᠢ ᠲᠠᠷᠢᠨ᠂ ᠵᠢᠯ ᠳᠤ 3 ᠣᠳᠠᠭ᠎ᠠ ᠣᠰᠣᠯᠠᠬᠤ ᠪᠠᠷ ᠲᠤᠭᠲᠠᠭᠠᠵᠤ᠂ ᠮᠣ᠋ ᠨᠢᠭᠡᠪᠦᠷᠢ ᠳᠤ 60

ᠺᠦᠪ ᠮᠧᠲᠷ ᠠᠴᠠ ᠬᠡᠲᠦᠷᠡᠭᠦᠯᠵᠦ ᠪᠤᠯᠬᠤ ᠦᠬᠡᠢ᠃

      ᠵᠠᠭᠪᠤᠷ 2᠄ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠲᠤᠲᠤᠷ᠎ᠠ ᠠᠴᠠ ᠨᠦᠬᠦᠴᠡᠯ ᠳᠤ ᠨᠡᠶᠢᠴᠡᠭᠰᠡᠨ ᠮᠦᠷᠲᠡᠭᠡᠨ ᠢᠳᠡᠪᠬᠢᠵᠢᠯ

ᠪᠦᠬᠦᠢ ᠮᠠᠯᠴᠢᠨ ᠲᠠᠷᠢᠶᠠᠴᠢᠨ ᠤ 5000 ᠮᠣ᠋ ᠬᠠᠤᠯᠢ ᠶᠤᠰᠤᠨ ᠤ ᠣᠰᠣᠯᠠᠯᠲᠠ ᠶᠢᠨ ᠭᠠᠵᠠᠷ ᠢ ᠰᠣᠩᠭᠤᠵᠣ᠂ ᠰᠠᠶᠢᠨ ᠳᠣᠷ᠎ᠠ ᠠᠴᠠ ᠪᠠᠨ ᠣᠰᠣ ᠬᠢᠵᠠᠭᠠᠷᠯᠠᠬᠤ

ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ ᠠᠮᠣ ᠲᠠᠷᠢᠪᠠᠯ ᠵᠢᠯ ᠳᠤ 3 ᠣᠳᠠᠭ᠎ᠠ ᠣᠰᠣᠯᠠᠬᠤ ᠪᠠᠷ ᠲᠤᠭᠲᠠᠭᠠᠨ᠂ ᠮᠣ᠋ ᠨᠢᠭᠡᠪᠦᠷᠢ ᠳᠤ 60 ᠺᠦᠪ

ᠮᠧᠲᠷ ᠠᠴᠠ ᠬᠡᠲᠦᠷᠡᠭᠦᠯᠵᠦ ᠪᠤᠯᠬᠤ ᠦᠬᠡᠢ᠃ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ 5000 ᠮᠣ᠋ ᠬᠠᠤᠯᠢ ᠶᠤᠰᠤᠨ ᠤ ᠣᠰᠣᠯᠠᠯᠲᠠ

 ᠶᠢᠨ ᠭᠠᠵᠠᠷ ᠲᠤ ᠣᠰᠣ ᠬᠢᠵᠠᠭᠠᠷᠯᠠᠬᠤ ᠨᠠᠷᠢᠮᠤ᠂ ᠰᠢᠷ᠎ᠠ ᠪᠤᠷᠴᠠᠭ᠂ ᠠᠮᠣ᠂ ᠰᠠᠭᠠᠭ ᠵᠡᠷᠭᠡ ᠡᠯᠳᠡᠪ ᠠᠮᠣ ᠶᠢᠨ ᠲᠠᠷᠢᠶᠠᠯᠠᠭ᠎ᠠ ᠶᠢ ᠬᠡᠷᠡᠭᠵᠢᠬᠦᠯᠵᠦ᠂ ᠡᠰᠢ ᠰᠦᠷᠡᠯ ᠢ

 ᠨᠢ ᠮᠠᠯᠴᠢᠨ ᠲᠠᠷᠢᠶᠠᠴᠢᠨ ᠳᠤ ᠦᠭᠭᠦᠨ᠎ᠡ᠃

      ᠳᠦᠷᠪᠡ᠂ ᠪᠡᠯᠡ ᠮᠦᠩᠭᠦᠨ ᠤ ᠬᠡᠷᠡᠭᠯᠡᠯᠲᠡ

      ︵ᠨᠢᠬᠡ︶ ᠨᠦᠬᠦᠪᠦᠷᠢᠯᠡᠬᠦ ᠬᠦᠷᠢᠶ᠎ᠡ ᠬᠡᠪᠴᠢᠶ᠎ᠡ ᠪᠠ ᠡᠲᠡᠭᠡᠳ᠃ ᠨᠦᠬᠦᠪᠦᠷᠢᠯᠡᠬᠦ ᠬᠦᠷᠢᠶ᠎ᠡ ᠬᠡᠪᠴᠢᠶ᠎ᠡ ᠶᠢ ᠣᠯᠵᠠᠴᠢ ᠪᠠᠯᠭᠠᠰᠣᠨ ᠤ ᠭᠠᠵᠠᠷ ᠳᠣᠣᠷᠠᠬᠢ

ᠣᠰᠣᠨ ᠤ ᠬᠡᠲᠦ ᠠᠰᠢᠭᠯᠠᠯᠲᠠ ᠶᠢᠨ ᠣᠷᠣᠨ ᠤ ᠰᠠᠶᠢᠨ ᠳᠣᠷ᠎ᠠ ᠠᠴᠠ ᠪᠠᠨ ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ ᠠᠮᠣ

ᠪᠠ ᠰᠦᠯᠢᠶᠣᠣ ᠬᠦᠯᠡᠮᠵᠢ ᠲᠠᠢ ᠤᠶᠠᠯᠳᠣᠭᠤᠯᠣᠨ ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ ᠠᠮᠣ ᠲᠠᠷᠢᠭᠰᠠᠨ ᠬᠠᠤᠯᠢ

ᠶᠤᠰᠤᠨ ᠤ ᠣᠰᠣᠯᠠᠯᠲᠠ ᠶᠢᠨ ᠭᠠᠵᠠᠷ ᠢᠶᠠᠷ ᠬᠢᠵᠠᠭᠠᠷᠯᠠᠨ᠎ᠠ᠃ ᠨᠦᠬᠦᠪᠦᠷᠢᠯᠡᠬᠦ ᠡᠳᠡᠭᠡᠳ ᠪᠣᠯ ᠲᠤᠭᠲᠠᠭᠠᠯ ᠶᠤᠰᠤᠭᠠᠷ ᠰᠠᠶᠢᠨ ᠳᠣᠷ᠎ᠠ ᠠᠴᠠ ᠪᠠᠨ ᠣᠰᠣ

ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ ᠠᠮᠣ ᠪᠠ ᠰᠦᠯᠢᠶᠣᠣ ᠬᠦᠯᠡᠮᠵᠢ ᠲᠠᠢ ᠤᠶᠠᠯᠳᠣᠭᠤᠯᠣᠨ ᠣᠰᠣ ᠬᠢᠵᠠᠭᠠᠷᠯᠠᠬᠤ ᠨᠠᠷᠢᠮᠣ᠂

ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ ᠠᠮᠣ ᠲᠡᠷᠢᠭ᠌ᠰᠠᠨ ᠮᠠᠯᠴᠢᠨ ᠲᠠᠷᠢᠶᠠᠴᠢᠨ ᠪᠤᠯᠤᠨ᠎ᠠ᠃

      ︵ᠬᠤᠶᠠᠷ︶ ᠨᠦᠬᠦᠪᠦᠷᠢ ᠶᠢᠨ ᠪᠠᠷᠢᠮᠵᠢᠶ᠎ᠠ᠃ ᠦᠪᠡᠷᠲᠡᠭᠡᠨ ᠪᠠᠶᠢᠭᠤᠯᠤᠭᠰᠠᠨ ᠪᠠᠷᠢᠮᠵᠢᠶᠠᠲᠤ ᠰᠦᠯᠢᠶᠤᠤ ᠬᠦᠯᠡᠮᠵᠢ 500 ᠰᠠᠭᠤᠷᠢ ︵400 ᠮᠣ᠋ ᠲᠡᠯᠡᠪᠡᠢ︶

 ᠶᠢ ᠰᠣᠯᠢᠬᠤ ᠳᠤ ᠬᠡᠷᠡᠭᠯᠡᠪᠡᠯ᠂ ᠰᠠᠭᠤᠷᠢ ᠪᠤᠯᠭᠠᠨ ᠳᠤ 1.5 ᠲᠦᠮᠡᠨ ᠲᠦᠬᠦᠷᠢᠭ ᠨᠦᠬᠦᠪᠦᠷᠢᠯᠡᠵᠦ᠂ ᠦᠯᠡᠳᠡᠭᠰᠡᠨ 4600 ᠮᠣ᠋ ᠳᠤ ᠰᠠᠶᠢᠨ ᠳᠣᠷ᠎ᠠ ᠠᠴᠠ ᠪᠠᠨ

ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ ᠠᠮᠣ ᠲᠠᠷᠢᠪᠠᠯ ᠮᠣ᠋ ᠨᠢᠭᠡᠪᠦᠷᠢ ᠳᠤ 0.01 ᠲᠦᠮᠡᠨ ᠲᠦᠬᠦᠷᠢᠭ ᠨᠦᠬᠦᠪᠦᠷᠢᠯᠡᠨ᠎ᠡ︔

ᠰᠠᠶᠢᠨ ᠳᠣᠷ᠎ᠠ ᠠᠴᠠ ᠪᠠᠨ ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ ᠠᠮᠣ ᠲᠠᠷᠢᠭᠰᠠᠨ 5000 ᠮᠣ᠋ ᠭᠠᠵᠠᠷ ᠲᠤ ᠮᠣ᠋

ᠨᠢᠭᠡᠪᠦᠷᠢ ᠳᠤ 0.07 ᠲᠦᠮᠡᠨ ᠲᠦᠬᠦᠷᠢᠭ ᠨᠦᠬᠦᠪᠦᠷᠢᠯᠡᠨ᠎ᠡ᠃

      ︵ᠭᠤᠷᠪᠠ︶ ᠨᠦᠬᠦᠪᠦᠷᠢᠯᠡᠬᠦ ᠶᠠᠪᠤᠴᠠ᠃ ᠬᠡᠷᠡᠭᠵᠢᠬᠦᠯᠦᠭᠰᠡᠨ ᠤ ᠳᠠᠷᠠᠭ᠎ᠠ ᠨᠦᠬᠦᠪᠦᠷᠢ ᠮᠦᠩᠭᠦ ᠦᠭᠭᠦ ᠵᠠᠷᠴᠢᠮ ᠶᠤᠰᠤᠭᠠᠷ᠂ ᠢᠯᠡ ᠨᠡᠶᠢᠲᠡᠯᠡᠭᠡᠳ ᠤᠨᠳᠣᠣ

ᠰᠠᠨᠠᠯ ᠦᠬᠡᠢ ᠮᠦᠷᠲᠡᠭᠡᠨ ᠬᠤᠰᠢᠭᠤᠨ ᠤ ᠪᠠᠶᠢᠴᠠᠭᠠᠯᠲᠠ ᠳᠤ ᠬᠢᠷᠢ ᠲᠡᠩᠴᠡᠭᠰᠡᠨ ᠪᠠᠶᠢᠪᠠᠯ ᠨᠢᠭᠡ ᠺᠠᠷᠲ ᠢᠶᠠᠷ ᠳᠠᠮᠵᠢᠭᠤᠯᠤᠨ ᠨᠦᠬᠦᠪᠦᠷᠢᠯᠡᠬᠦ ᠡᠳᠡᠭᠡᠳ ᠲᠤ

ᠣᠯᠭᠤᠨ᠎ᠠ᠃

      1. ᠭᠠᠴᠠᠭ᠎ᠠ ᠲᠤᠰᠬᠤᠨ ᠠᠴᠠ ᠳᠠᠩᠰᠠᠯᠠᠨ᠎ᠠ᠃ ᠬᠡᠲᠦ ᠠᠰᠢᠭᠯᠠᠯᠲᠠ ᠶᠢᠨ ᠣᠷᠣᠨ ᠤ ᠭᠠᠴᠠᠭ᠎ᠠ ᠲᠤᠰᠬᠤᠨ ︵ᠨᠡᠶᠢᠬᠡᠮ ᠲᠤᠭᠤᠷᠢᠭ︶ ᠠᠴᠠ ᠨᠦᠬᠦᠪᠦᠷᠢᠯᠡᠬᠦ

ᠡᠳᠡᠭᠡᠳ᠂ ᠲᠠᠷᠢᠮᠠᠯ ᠤᠨ ᠲᠡᠯᠡᠪᠡᠢ ᠵᠡᠷᠭᠡ ᠱᠠᠭᠠᠷᠳᠠᠯᠭ᠎ᠠ ᠶᠤᠰᠤᠭᠠᠷ᠂ ᠰᠦᠯᠢᠶᠤᠤ ᠬᠦᠯᠡᠮᠵᠢ ᠵᠢᠴᠢ ᠨᠠᠷᠢᠮᠤ᠂ ᠰᠢᠷ᠎ᠠ ᠪᠤᠷᠴᠠᠭ᠂ ᠠᠮᠣ᠂ ᠰᠠᠭᠠᠭ ᠵᠡᠷᠭᠡ ᠡᠯᠳᠡᠪ ᠠᠮᠣ

ᠲᠡᠷᠢᠬᠰᠡᠨ ᠡᠷᠦᠬᠡ ᠪᠣᠯᠭᠠᠨ ᠢ ᠳᠠᠩᠰᠠᠯᠠᠵᠤ᠂ ᠢᠯᠡ ᠨᠡᠶᠢᠲᠡᠯᠡᠭᠡᠳ ᠣᠨᠳᠣᠣ ᠰᠠᠨᠠᠯ ᠦᠬᠡᠢ ᠪᠠᠶᠢᠪᠠᠯ ᠣᠯᠵᠠᠴᠢ ᠪᠠᠯᠭᠠᠰᠣᠨ ᠤ ᠠᠷᠠᠳ ᠤᠨ ᠵᠠᠰᠠᠭ ᠤᠨ ᠣᠷᠳᠣᠨ

 ᠳᠤ ᠮᠡᠳᠡᠬᠦᠯᠦᠨ᠎ᠡ᠃

      2. ᠪᠠᠯᠭᠠᠰᠣᠨ ᠠᠴᠠ ᠠᠩᠬᠠᠨ ᠤ ᠬᠠᠷᠭᠤᠭᠤᠯᠤᠯᠲᠠ ᠬᠢᠨ᠎ᠡ᠃ ᠣᠯᠵᠠᠴᠢ ᠪᠠᠯᠭᠠᠰᠣᠨ ᠤ ᠵᠠᠰᠠᠭ ᠤᠨ ᠣᠷᠳᠣᠨ ᠠᠴᠠ ᠬᠡᠲᠦ ᠠᠰᠢᠭᠯᠠᠯᠲᠠ ᠶᠢᠨ ᠣᠷᠣᠨ ᠤ

ᠭᠠᠴᠠᠭ᠎ᠠ ᠲᠤᠰᠬᠤᠨ ︵ᠨᠡᠶᠢᠬᠡᠮ ᠲᠤᠭᠤᠷᠢᠭ︶ ᠤ ᠳᠡᠭᠡᠭᠰᠢ ᠮᠡᠳᠡᠬᠦᠯᠦᠭᠰᠡᠨ ᠲᠠᠷᠢᠮᠠᠯ ᠤᠨ ᠡᠷᠦᠬᠡ᠂ ᠲᠠᠷᠢᠮᠠᠯ ᠤᠨ ᠲᠡᠯᠡᠪᠡᠢ ᠶᠢ ᠬᠠᠷᠭᠤᠭᠤᠯᠵᠤ᠂ ᠢᠯᠡᠰᠢᠬᠦᠯᠦᠯᠲᠡ

 ᠳᠤ ᠠᠯᠳᠠᠭ᠎ᠠ ᠪᠤᠷᠤᠭᠤ ᠦᠬᠡᠢ ᠪᠠᠶᠢᠪᠠᠯ ᠪᠢᠴᠢᠭ ᠮᠡᠲ᠋ᠧᠷᠢᠶᠡᠯ ᠤᠨ ᠬᠡᠯᠪᠡᠷᠢ ᠪᠠᠷ ᠬᠤᠰᠢᠭᠤ ᠮᠠᠯ ᠲᠠᠷᠢᠶᠠᠯᠠᠩ ᠤᠨ ᠲᠤᠪᠴᠢᠶ᠎ᠠ ᠪᠠ ᠡᠳ᠋ ᠤᠨ ᠵᠠᠰᠠᠭ ᠤᠨ ᠲᠤᠪᠴᠢᠶᠠᠨ

 ᠳᠤ ᠮᠡᠳᠡᠬᠦᠯᠦᠨ᠎ᠡ᠃

      3. ᠰᠠᠯᠠᠭ᠎ᠠ ᠮᠦᠴᠢᠷ ᠠᠴᠠ ᠨᠣᠲᠠᠯᠠᠨ᠎ᠠ᠃ ᠬᠤᠰᠢᠭᠤ ᠮᠠᠯ ᠲᠠᠷᠢᠶᠠᠯᠠᠩ ᠤᠨ ᠲᠤᠪᠴᠢᠶ᠎ᠠ ᠡᠳ᠋ ᠤᠨ ᠵᠠᠰᠠᠭ ᠤᠨ ᠲᠤᠪᠴᠢᠶ᠎ᠠ ᠲᠠᠢ ᠬᠠᠮᠲᠤᠷᠠᠨ ᠣᠯᠵᠠᠴᠢ

ᠪᠠᠯᠭᠠᠰᠣᠨ ᠤ ᠮᠡᠳᠡᠬᠦᠯᠦᠭᠰᠡᠨ ᠲᠤᠭ᠎ᠠ ᠪᠠᠷᠢᠮᠲᠠ ᠳᠤ ᠲᠠᠰᠢᠷᠠᠮ ᠢᠶᠠᠷ ᠰᠣᠩᠭᠤᠨ ᠪᠠᠶᠢᠴᠠᠭᠠᠵᠤ᠂ ᠨᠦᠬᠦᠪᠦᠷᠢ ᠣᠯᠬᠤ ᠲᠠᠷᠢᠮᠠᠯ ᠤᠨ ᠲᠡᠯᠡᠪᠡᠢ ᠦᠨᠡᠨ ᠪᠤᠲᠠᠲᠠᠢ ᠡᠰᠡᠬᠦ

 ᠶᠢ ᠬᠠᠷᠭᠤᠭᠤᠯᠵᠤ ᠦᠵᠡᠨ᠎ᠡ᠃

      4. ᠨᠦᠬᠦᠪᠦᠷᠢ ᠣᠯᠬᠤ ᠲᠠᠷᠢᠮᠠᠯ ᠤᠨ ᠲᠡᠯᠡᠪᠡᠢ ᠶᠢ ᠳᠡᠭᠡᠭᠰᠢ ᠮᠡᠳᠡᠬᠦᠯᠦᠨ᠎ᠡ᠃ ᠬᠤᠰᠢᠭᠤ ᠡᠳ᠋ ᠤᠨ ᠵᠠᠰᠠᠭ ᠤᠨ ᠲᠤᠪᠴᠢᠶ᠎ᠠ ᠮᠠᠯ ᠲᠠᠷᠢᠶᠠᠯᠠᠩ ᠤᠨ

ᠲᠤᠪᠴᠢᠶ᠎ᠠ ᠲᠠᠢ ᠬᠠᠮᠲᠤᠷᠠᠨ ᠨᠦᠬᠦᠪᠦᠷᠢ ᠣᠯᠬᠤ ᠮᠠᠯᠴᠢᠨ ᠲᠠᠷᠢᠶᠠᠴᠢᠨ᠂ ᠲᠠᠷᠢᠮᠠᠯ ᠤᠨ ᠲᠡᠯᠡᠪᠡᠢ᠂ ᠨᠦᠬᠦᠪᠦᠷᠢ ᠮᠦᠩᠭᠦ ᠶᠢ ᠬᠤᠰᠢᠭᠤ ᠠᠷᠠᠳ ᠤᠨ ᠵᠠᠰᠠᠭ ᠤᠨ

ᠣᠷᠳᠣᠨ ᠳᠤ ᠮᠡᠳᠡᠬᠦᠯᠵᠦ᠂ ᠨᠦᠬᠦᠪᠦᠷᠢ ᠮᠦᠩᠭᠦ ᠶᠢ ᠨᠢᠭᠡ ᠺᠠᠷᠲ ᠢᠶᠠᠷ ᠳᠠᠮᠵᠢᠭᠤᠯᠤᠨ ᠡᠷᠦᠬᠡ ᠳᠤ  ᠣᠯᠭᠤᠨ᠎ᠠ᠃

      ︵ᠳᠦᠷᠪᠡ︶ ᠪᠡᠯᠡ ᠮᠦᠩᠭᠦᠨ ᠤ ᠬᠤᠪᠢᠶᠠᠷᠢᠯᠠᠯᠲᠠ᠃ ᠣᠲᠤᠭ ᠤᠨ ᠡᠮᠦᠨᠡᠲᠦ ᠬᠤᠰᠢᠭᠤᠨ ᠤ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ

ᠣᠷᠣᠨ ᠤ ᠲᠠᠷᠢᠮᠠᠯ ᠤᠨ ᠪᠦᠲᠦᠴᠡ ᠶᠢᠨ ᠲᠤᠬᠢᠷᠠᠭᠤᠯᠤᠯᠲᠠ ᠪᠠ ᠳᠦᠬᠦᠬᠡᠷᠦᠮᠵᠢᠲᠦ ᠲᠠᠷᠢᠶᠠᠯᠠᠩ ᠤᠨ ᠦᠢᠯᠡᠰ ᠤᠨ ᠬᠦᠭᠵᠢᠯᠲᠡ ᠶᠢ ᠠᠬᠢᠭᠤᠯᠬᠤ ᠨᠦᠬᠦᠪᠦᠷᠢ

ᠮᠦᠩᠭᠦ ᠶᠢ ᠨᠡᠶᠢᠲᠡ 1146 ᠲᠦᠮᠡᠨ ᠲᠦᠬᠦᠷᠢᠭ ᠢᠶᠠᠷ ᠲᠦᠯᠦᠪᠯᠡᠵᠦ ᠪᠤᠢ᠃

      1. ᠣᠯᠵᠠᠴᠢ ᠪᠠᠯᠭᠠᠰᠣᠨ ᠤ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠳᠤ ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂

ᠰᠠᠭᠠᠭ ᠵᠡᠷᠭᠡ ᠡᠯᠳᠡᠪ ᠠᠮᠣ ᠵᠡᠷᠭᠡ ᠲᠠᠷᠢᠮᠠᠯ ᠢ ᠨᠡᠶᠢᠲᠡ 4970 ᠮᠣ᠋ ᠨᠠᠶᠢᠲᠠᠪᠤᠷᠢᠵᠢᠭᠤᠯᠵᠤ᠂ 526.3 ᠲᠦᠮᠡᠨ ᠲᠦᠬᠦᠷᠢᠭ ᠪᠡᠯᠡ ᠮᠦᠩᠭᠦ ᠨᠦᠬᠦᠪᠦᠷᠢᠯᠡᠨ᠎ᠡ᠃

ᠡᠬᠦᠨ ᠳᠤ᠂ ᠰᠣᠯᠢᠬᠤ ᠳᠤ ᠬᠡᠷᠡᠭᠯᠡᠬᠦ ᠦᠪᠡᠷᠲᠡᠭᠡᠨ ᠪᠠᠶᠢᠭᠤᠯᠤᠭᠰᠠᠨ 200 ᠰᠠᠭᠤᠷᠢ ︵160 ᠮᠣ᠋ ᠴᠡᠪᠡᠷ ᠦᠢᠯᠡᠳᠪᠦᠷᠢᠯᠡᠯ ᠤᠨ ᠲᠡᠯᠡᠪᠡᠢ︶ ᠪᠠᠷᠢᠮᠵᠢᠶᠠᠲᠤ

ᠰᠦᠯᠢᠶᠤᠤ ᠬᠦᠯᠡᠮᠵᠢ ᠶᠢᠨ ᠰᠠᠭᠤᠷᠢ ᠪᠤᠯᠭᠠᠨ ᠳᠤ 1.5 ᠲᠦᠮᠡᠨ ᠲᠦᠬᠦᠷᠢᠭ᠂ ᠨᠠᠶᠢᠲᠠ 300 ᠲᠦᠮᠡᠨ ᠲᠦᠬᠦᠷᠢᠭ ᠨᠦᠬᠦᠪᠦᠷᠢᠯᠡᠨ᠎ᠡ᠃ ᠦᠯᠡᠳᠡᠭᠰᠡᠨ 1840

ᠮᠣ᠋ ᠣᠰᠣ ᠬᠢᠵᠠᠭᠠᠷᠯᠠᠬᠤ ᠭᠠᠵᠠᠷ ᠤᠨ ᠨᠠᠷᠢᠮᠣ᠂ ᠰᠢᠷ᠎ᠡ ᠪᠤᠷᠴᠠᠭ᠂ ᠠᠮᠣ᠂ ᠰᠠᠭᠠᠭ ᠵᠡᠷᠭᠡ ᠡᠯᠳᠡᠪ ᠠᠮᠤ ᠶᠢᠨ ᠮᠣ᠋ ᠨᠢᠭᠡᠪᠦᠷᠢ ᠶᠢᠨ ᠲᠠᠷᠢᠮᠠᠯ ᠳᠤ 0.01 ᠲᠦᠮᠡᠨ

ᠲᠦᠬᠦᠷᠢᠭ᠂ ᠨᠠᠶᠢᠲᠠ 18.4 ᠲᠦᠮᠡᠨ ᠲᠦᠬᠦᠷᠢᠭ ᠨᠦᠬᠦᠪᠦᠷᠢᠯᠡᠨ᠎ᠡ︔ 2970 ᠮᠣ᠋ ᠣᠰᠣ ᠬᠢᠵᠠᠭᠠᠷᠯᠠᠬᠤ ᠭᠠᠵᠠᠷ ᠤᠨ ᠨᠠᠷᠢᠮᠤ᠂ ᠰᠢᠷ᠎ᠠ ᠪᠤᠷᠴᠠᠭ᠂ ᠠᠮᠤ᠂

ᠰᠠᠭᠠᠭ ᠵᠡᠷᠭᠡ ᠡᠯᠳᠡᠪ ᠠᠮᠤ ᠶᠢᠨ ᠮᠣ᠋ ᠨᠢᠭᠡᠪᠦᠷᠢ ᠳᠤ 0.07 ᠲᠦᠮᠡᠨ ᠲᠦᠬᠦᠷᠢᠭ᠂  ᠨᠠᠶᠢᠲᠠ 207.9 ᠲᠦᠮᠡᠨ ᠲᠦᠬᠦᠷᠢᠭ ᠨᠦᠬᠦᠪᠦᠷᠢᠯᠡᠨ᠎ᠡ᠃

      2. ᠳᠠᠬᠢᠯᠲᠤ ᠲᠤᠰᠬᠤᠨ ᠤ ᠭᠠᠵᠠᠷ ᠳᠣᠣᠷᠠᠬᠢ ᠤᠰᠤᠨ ᠤ ᠬᠡᠲᠦ ᠠᠰᠢᠭᠯᠠᠯᠲᠠ ᠶᠢᠨ ᠣᠷᠣᠨ ᠳᠤ 3000 ᠮᠣ᠋ ᠲᠠᠯᠠᠪᠠᠢ ᠶᠢ ᠨᠠᠶᠢᠲᠠᠪᠤᠷᠢᠵᠢᠭᠤᠯᠵᠤ᠂

477.6 ᠲᠦᠮᠡᠨ ᠲᠦᠬᠦᠷᠢᠭ ᠪᠡᠯᠡ ᠮᠦᠩᠭᠦ ᠨᠦᠬᠦᠪᠦᠷᠢᠯᠡᠨ᠂ ᠡᠬᠦᠨ ᠳᠤ ᠰᠣᠯᠢᠬᠤ ᠳᠤ ᠬᠡᠷᠡᠭᠯᠡᠬᠦ ᠦᠪᠡᠷᠲᠡᠭᠡᠨ ᠪᠠᠶᠢᠭᠤᠯᠤᠭᠰᠠᠨ 300 ᠰᠠᠭᠤᠷᠢ ︵240 ᠮᠣ᠋

ᠴᠡᠪᠡᠷ ᠦᠢᠯᠡᠳᠪᠦᠷᠢᠯᠡᠯ ᠤᠨ ᠲᠡᠯᠡᠪᠡᠢ︶ ᠪᠠᠷᠢᠮᠵᠢᠶᠠᠲᠤ ᠰᠦᠯᠢᠶᠤᠤ ᠬᠦᠯᠡᠮᠵᠢ ᠶᠢᠨ ᠰᠠᠭᠤᠷᠢ ᠪᠤᠯᠭᠠᠨ ᠳᠤ 1.5 ᠲᠦᠮᠡᠨ ᠲᠦᠬᠦᠷᠢᠭ᠂ ᠨᠠᠶᠢᠲᠠ 450 ᠲᠦᠮᠡᠨ

ᠲᠦᠬᠦᠷᠢᠭ ᠨᠦᠬᠦᠪᠦᠷᠢᠯᠡᠨ᠎ᠡ᠃ ᠦᠯᠡᠳᠡᠭᠰᠡᠨ 2760 ᠮᠤ᠋ ᠣᠰᠣ ᠬᠢᠵᠠᠭᠠᠷᠯᠠᠬᠤ ᠭᠠᠵᠠᠷ ᠤᠨ ᠨᠠᠷᠢᠮᠣ᠂ ᠰᠢᠷ᠎ᠡ ᠪᠤᠷᠴᠠᠭ᠂ ᠠᠮᠣ᠂ ᠰᠠᠭᠠᠭ ᠵᠡᠷᠭᠡ ᠡᠯᠳᠡᠪ ᠠᠮᠤ

ᠲᠠᠯᠠᠪᠠᠢ ᠶᠢᠨ ᠮᠣ᠋ ᠨᠢᠭᠡᠪᠦᠷᠢ ᠳᠤ 0.01 ᠲᠦᠮᠡᠨ ᠲᠦᠬᠦᠷᠢᠭ᠂ ᠨᠡᠶᠢᠲᠡ 27.6 ᠲᠦᠮᠡᠨ ᠲᠦᠬᠦᠷᠢᠭ ᠨᠦᠬᠦᠪᠦᠷᠢᠯᠡᠨ᠎ᠡ᠃

      3. ᠲᠠᠬᠢᠯᠲᠤ ᠨᠠᠶᠢᠬᠡᠮ ᠲᠤᠭᠤᠷᠢᠭ ︵ᠨᠡᠬᠦᠳᠡᠯ ᠠᠷᠠᠳ ᠤᠨ ᠲᠠᠷᠢᠮᠠᠯ ᠤᠨ ᠤᠷᠣᠨ︶ ᠤᠨ 2030 ᠮᠤ᠋ ᠣᠰᠣ ᠬᠢᠵᠠᠭᠠᠷᠯᠠᠬᠤ ᠭᠠᠵᠠᠷ ᠤᠨ ᠨᠠᠷᠢᠮᠣ᠂ ᠰᠢᠷ᠎ᠡ

ᠪᠤᠷᠴᠠᠭ᠂ ᠠᠮᠣ᠂ ᠰᠠᠭᠠᠭ ᠵᠡᠷᠭᠡ ᠡᠯᠳᠡᠪ ᠠᠮᠤ ᠶᠢᠨ ᠮᠣ᠋ ᠨᠢᠭᠡᠪᠦᠷᠢ ᠳᠤ 0.07 ᠲᠦᠮᠡᠨ ᠲᠦᠬᠦᠷᠢᠭ᠂ ᠨᠡᠶᠢᠲᠡ 142.1 ᠲᠦᠮᠡᠨ ᠲᠦᠬᠦᠷᠢᠭ ᠨᠦᠬᠦᠪᠦᠷᠢᠯᠡᠨ᠎ᠡ᠃

      ᠲᠠᠪᠤ᠂ ᠴᠠᠭ ᠤᠨ ᠲᠤᠬᠢᠷᠠᠭᠤᠯᠤᠯᠲᠠ ᠪᠠ ᠠᠵᠢᠯ ᠤᠨ ᠠᠬᠢᠴᠠ

      2022 ᠣᠨ ᠤ 2 — 3 ᠰᠠᠷ᠎ᠠ᠂ ᠡᠬᠦᠷᠭᠡ ᠶᠢ ᠪᠠᠯᠭᠠᠰᠣ᠂ ᠭᠠᠴᠠᠭ᠎ᠠ ᠲᠤᠰᠬᠤᠨ᠂ ᠡᠷᠦᠬᠡ᠂ ᠭᠠᠵᠠᠷ ᠲᠤ ᠬᠦᠷᠲᠡᠯ᠎ᠡ ᠲᠤᠲᠤᠷᠬᠠᠶᠢᠯᠠᠵᠤ᠂ ᠬᠤᠰᠢᠭᠤ

ᠱᠠᠲᠤᠨ ᠤ ᠬᠡᠷᠡᠭᠵᠢᠬᠦᠯᠬᠦ ᠲᠦᠰᠦᠯ ᠢ ᠲᠤᠭᠲᠠᠭᠠᠨ᠂ ᠮᠠᠯᠴᠢᠨ ᠲᠠᠷᠢᠶᠠᠴᠢᠨ ᠱᠠᠭᠠᠷᠳᠠᠯᠭ᠎ᠠ ᠶᠤᠰᠤᠭᠠᠷ ᠰᠦᠯᠢᠶᠤᠤ ᠬᠦᠯᠡᠮᠵᠢ ᠶᠢᠨ ᠪᠠᠶᠢᠭᠤᠯᠤᠯᠲᠠ ᠶᠢᠨ ᠭᠠᠵᠠᠷ

ᠬᠡᠷᠡᠭᠯᠡᠬᠦ ᠴᠤᠬᠤᠯᠠᠪᠤᠷᠢᠯᠠᠯᠲᠠ ᠶᠢᠨ ᠭᠠᠷᠳᠠᠮ ᠢᠶᠠᠨ ᠬᠦᠢᠴᠡᠳᠬᠡᠨ᠎ᠡ᠃

      2022 ᠣᠨ ᠤ 3 ᠰᠠᠷ᠎ᠠ ᠶᠢᠨ ᠡᠬᠢ ᠪᠠᠷ᠂ ᠲᠦᠷᠦᠯ ᠵᠦᠢᠯ ᠤᠨ ᠪᠠᠯᠭᠠᠰᠣ ᠶᠢᠨ ᠬᠢᠨ ᠲᠤᠰᠬᠠᠢ ᠮᠡᠷᠭᠡᠵᠢᠯᠲᠡᠨ ᠢ ᠵᠤᠬᠢᠶᠠᠨ ᠪᠠᠶᠢᠭᠤᠯᠵᠤ᠂ ᠲᠤᠰ ᠭᠠᠵᠠᠷ

ᠣᠷᠣᠨ ᠳᠤ ᠢᠳᠡᠰᠢᠨ ᠨᠤᠭᠤᠭᠠᠨ ᠤ ᠬᠦᠯᠡᠮᠵᠢ ᠶᠢ ᠬᠦᠭᠵᠢᠬᠦᠯᠬᠦ᠂ ᠨᠠᠷᠢᠮᠣ᠂ ᠰᠢᠷ᠎ᠠ ᠪᠤᠷᠴᠠᠭ ᠤᠨ ᠲᠦᠷᠦᠯ ᠡᠬᠦᠯᠳᠡᠷ ᠲᠠᠷᠢᠬᠤ ᠪᠠ ᠰᠢᠨ᠎ᠡ ᠲᠠᠷᠢᠶᠠᠯᠠᠩ ᠤᠨ

ᠳᠦᠷᠢᠮ ᠵᠡᠷᠭᠡ ᠳᠤ ᠴᠢᠭᠯᠡᠬᠦᠯᠦᠨ ᠤᠬᠠᠭᠤᠯᠭ᠎ᠠ ᠪᠤᠯᠪᠠᠰᠣᠷᠠᠯ ᠢ ᠵᠤᠬᠢᠶᠠᠨ ᠪᠠᠶᠢᠭᠤᠯᠤᠨ᠎ᠠ᠃

      2022 ᠣᠨ ᠤ 3 ᠰᠠᠷ᠎ᠠ ᠶᠢᠨ ᠰᠡᠬᠦᠯᠴᠢ ᠠᠴᠠ ᠡᠮᠦᠨ᠎ᠡ᠂ ᠡᠬᠦᠷᠭᠡ ᠪᠠᠨ ᠮᠠᠯᠴᠢᠨ ᠲᠠᠷᠢᠶᠠᠴᠢᠨ ᠪᠠ ᠭᠠᠵᠠᠷ ᠲᠤ ᠬᠦᠷᠲᠡᠯ᠎ᠡ ᠨᠠᠷᠢᠯᠢᠭ

ᠨᠠᠶᠢᠲᠠᠪᠤᠷᠢᠵᠢᠭᠤᠯᠵᠤ᠂ ᠪᠠᠯᠭᠠᠰᠣ ᠪᠠ ᠭᠠᠴᠠᠭ᠎ᠠ ᠲᠤᠰᠬᠤᠨ ᠠᠴᠠ ᠮᠠᠯᠴᠢᠨ ᠲᠠᠷᠢᠶᠠᠴᠢᠨ ᠲᠠᠢ ᠵᠦᠪᠯᠡᠯᠴᠡᠬᠡᠷ ᠪᠠᠶᠢᠭᠤᠯᠤᠨ᠎ᠠ᠃

      2022 ᠣᠨ ᠤ 4 — 9 ᠰᠠᠷ᠎ᠠ᠂ ᠲᠦᠷᠦᠯ ᠵᠦᠢᠯ ᠤᠨ ᠲᠦᠬᠦᠷᠴᠢᠯᠡᠭᠰᠡᠨ ᠢᠳᠡᠰᠢᠨ ᠨᠤᠭᠤᠭ᠎ᠠ ᠶᠢᠨ ᠰᠦᠯᠢᠶᠣᠣ ᠬᠦᠯᠡᠮᠵᠢ ᠪᠠ ᠣᠰᠣ ᠬᠢᠵᠠᠭᠠᠷᠯᠠᠬᠤ

ᠲᠠᠷᠢᠮᠠᠯ ᠢ ᠨᠠᠶᠢᠲᠠᠪᠤᠷᠢᠵᠢᠭᠤᠯᠤᠨ᠎ᠠ᠃ 5 ᠰᠠᠷ᠎ᠠ᠂ 7 ᠰᠠᠷ᠎ᠠ ᠳᠤ ᠬᠤᠰᠢᠭᠤ᠂ ᠪᠠᠯᠭᠠᠰᠣ ᠬᠤᠶᠠᠷ ᠱᠠᠲᠤᠨ ᠠᠴᠠ ᠲᠦᠷᠦᠯ ᠵᠦᠢᠯ ᠤᠨ ᠬᠡᠷᠡᠭᠵᠢᠬᠦᠯᠦᠯᠲᠡ ᠶᠢᠨ

ᠪᠠᠶᠢᠳᠠᠯ ᠢ ᠬᠤᠶᠠᠷ ᠣᠳᠠᠭ᠎ᠠ ᠪᠠᠶᠢᠴᠠᠭᠠᠵᠤ᠂ 8 ᠰᠠᠷ᠎ᠠ ᠶᠢᠨ ᠰᠡᠬᠦᠯᠴᠢ ᠠᠴᠠ ᠡᠮᠦᠨ᠎ᠡ ᠪᠠᠯᠭᠠᠰᠣᠨ ᠱᠠᠲᠣᠨ ᠤ ᠦᠪᠡᠷ ᠤᠨ ᠪᠠᠶᠢᠴᠠᠭᠠᠯᠲᠠ ᠶᠢ ᠪᠡᠶᠡᠯᠡᠬᠦᠯᠦᠨ᠂

ᠪᠠᠶᠢᠴᠠᠭᠠᠯᠲᠠ ᠶᠢᠨ ᠦᠷ᠎ᠡ ᠳ᠋ᠦᠩ ᠢᠶᠠᠨ ᠬᠤᠰᠢᠭᠤ ᠮᠠᠯ ᠲᠠᠷᠢᠶᠠᠯᠠᠩ᠂ ᠡᠳ᠋ ᠤᠨ ᠵᠠᠰᠠᠭ ᠤᠨ ᠰᠠᠯᠠᠭ᠎ᠠ ᠮᠦᠴᠢᠷ ᠲᠤ ᠮᠡᠳᠡᠬᠦᠯᠦᠨ᠎ᠡ᠃

      ᠵᠢᠷᠭᠤᠭ᠎ᠠ᠂ ᠬᠡᠷᠡᠭᠵᠢᠬᠦᠯᠦᠯᠲᠡ ᠶᠢᠨ ᠠᠯᠬᠤᠮ ᠳᠠᠷᠠᠭ᠎ᠠ ᠪᠠ ᠴᠢᠬᠤᠯᠠ ᠭᠤᠭᠴᠤᠭ᠎ᠠ

      ︵ᠨᠢᠬᠡ︶ ᠡᠬᠦᠷᠭᠡ ᠪᠠᠨ ᠬᠤᠪᠢᠶᠠᠷᠢᠯᠠᠨ᠎ᠠ᠃ ᠬᠤᠰᠢᠭᠤᠨ ᠠᠴᠠ ᠪᠠᠯᠭᠠᠰᠣᠨ ᠳᠤ ᠬᠤᠪᠢᠶᠠᠷᠢᠯᠠᠭᠰᠠᠨ ᠵᠢᠯ ᠤᠨ ᠡᠬᠦᠷᠭᠡ ᠪᠠᠨ ᠦᠨᠳᠦᠰᠦᠯᠡᠵᠦ᠂ ᠬᠤᠰᠢᠭᠤ

ᠱᠠᠲᠤᠨ ᠠᠴᠠ ᠵᠢᠯᠤᠭᠤᠳᠣᠨ᠂ ᠪᠠᠯᠭᠠᠰᠣᠨ ᠤ ᠬᠢᠨ ᠲᠤᠷᠰᠢᠯᠲᠠ ᠶᠢᠨ ᠡᠬᠦᠷᠭᠡ ᠪᠠᠨ ᠭᠠᠴᠠᠭ᠎ᠠ ᠲᠤᠰᠬᠤᠨ᠂ ᠮᠠᠯᠴᠢᠨ ᠲᠠᠷᠢᠶᠠᠴᠢᠨ᠂ ᠭᠠᠵᠠᠷ ᠲᠤ ᠬᠦᠷᠲᠡᠯ᠎ᠡ

ᠨᠠᠷᠢᠯᠢᠭ ᠬᠤᠪᠢᠶᠠᠷᠢᠯᠠᠵᠤ ᠨᠠᠶᠢᠲᠠᠪᠤᠷᠢᠵᠢᠭᠤᠯᠤᠨ᠎ᠠ᠃

      ︵ᠬᠤᠶᠠᠷ︶ ᠲᠦᠰᠦᠯ ᠲᠤᠭᠲᠠᠭᠠᠨ᠎ᠠ᠃ ᠡᠬᠦᠷᠭᠡᠯᠡᠵᠦ ᠪᠦᠬᠦᠢ ᠪᠠᠯᠭᠠᠰᠣᠨ ᠠᠴᠠ ᠬᠡᠷᠡᠭᠵᠢᠬᠦᠯᠬᠦ ᠲᠦᠰᠦᠯ ᠢᠶᠠᠨ ᠲᠤᠭᠲᠠᠭᠠᠵᠤ᠂ ᠲᠦᠷᠦᠯ ᠵᠦᠢᠯ ᠤᠨ

ᠣᠷᠣᠨ ᠪᠦᠰᠡ ᠶᠢᠨ ᠲᠠᠶᠢᠯᠪᠣᠷᠢ ᠵᠢᠷᠤᠭ ᠢ ᠲᠦᠰᠦᠪᠯᠡᠨ᠂ ᠲᠠᠷᠢᠮᠠᠯ ᠤᠨ ᠲᠠᠯᠠᠪᠠᠢ᠂ ᠬᠤᠳᠳᠤᠭ ᠢ ᠬᠢᠵᠠᠭᠠᠷᠯᠠᠨ ᠲᠡᠷᠢᠶ᠎ᠡ ᠶᠢ  ᠪᠠᠭᠠᠰᠬᠠᠬᠤ ᠠᠷᠭ᠎ᠠ ᠠᠪᠴᠠᠯ ᠵᠡᠷᠭᠡ

ᠬᠤᠯᠪᠤᠭᠳᠠᠯ ᠪᠦᠬᠦᠢ ᠱᠠᠭᠠᠷᠳᠠᠯᠭ᠎ᠠ ᠶᠢ ᠲᠤᠲᠤᠷᠬᠠᠶᠢᠯᠠᠵᠤ᠂ ᠪᠠᠯᠭᠠᠰᠣᠨ ᠱᠠᠲᠤᠨ ᠤ ᠬᠡᠷᠡᠭᠵᠢᠬᠦᠯᠬᠦ ᠲᠦᠰᠦᠯ  ᠢᠶᠠᠨ ᠬᠤᠰᠢᠭᠤ ᠱᠠᠲᠤᠨ ᠳᠤ ᠮᠡᠳᠡᠬᠦᠯᠵᠦ ᠬᠢᠨᠠᠨ

ᠵᠦᠪᠰᠢᠶᠡᠷᠡᠬᠦᠯᠦᠭᠰᠡᠨ ᠤ ᠳᠠᠷᠠᠭ᠎ᠠ ᠬᠡᠷᠡᠭᠵᠢᠬᠦᠯᠦᠨ᠎ᠡ᠃

      ︵ᠭᠤᠷᠪᠠ︶ ᠲᠠᠷᠢᠮᠠᠯ ᠤᠨ ᠲᠡᠯᠡᠪᠡᠢ ᠶᠢ ᠪᠤᠲᠠᠲᠠᠢ ᠬᠠᠷᠭᠤᠭᠤᠯᠤᠨ᠎ᠠ᠃ ᠪᠠᠯᠭᠠᠰᠣᠨ ᠠᠴᠠ ᠭᠠᠴᠠᠭ᠎ᠠ ᠲᠤᠰᠬᠤᠨ᠂ ᠡᠷᠦᠬᠡ᠂ ᠭᠠᠵᠠᠷ ᠪᠤᠯᠭᠠᠨ ᠤ ᠲᠠᠷᠢᠮᠠᠯ

 ᠤᠨ ᠲᠠᠯᠠᠪᠠᠢ ᠶᠢ ᠬᠠᠷᠭᠤᠭᠤᠯᠵᠤ᠂ ᠰᠦᠯᠢᠶᠤᠤ ᠬᠦᠯᠡᠮᠵᠢ ᠲᠠᠢ ᠤᠶᠠᠯᠳᠣᠭᠤᠯᠭᠰᠠᠨ ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ

ᠠᠮᠣ ᠲᠠᠷᠢᠬᠤ ᠲᠦᠷᠦᠯ ᠵᠦᠢᠯ ᠤᠨ ᠲᠠᠷᠢᠮᠠᠯ ᠤᠨ ᠲᠠᠯᠠᠪᠠᠢ ᠶᠢ ᠬᠠᠷᠭᠤᠭᠤᠯᠬᠤ ᠨᠠᠷᠢᠨ ᠳᠠᠩᠰᠠ ︵ᠳᠠᠭᠠᠯᠳᠣᠭᠤᠯᠣᠯ 4︶ ᠶᠢ ᠲᠠᠭᠯᠠᠨ᠂ ᠪᠠᠯᠭᠠᠰᠣᠨ ᠤ ᠵᠠᠰᠠᠭ ᠤᠨ

ᠣᠷᠳᠣᠨ ᠤ ᠭᠤᠤᠯ ᠬᠠᠷᠢᠭᠤᠴᠠᠯᠭᠠᠲᠠᠨ᠂ ᠭᠠᠴᠠᠭ᠎ᠠ ᠲᠤᠰᠬᠤᠨ ᠤ ᠠᠷᠠᠳ ᠤᠨ ᠵᠦᠪᠯᠡᠯ ᠤᠨ ᠬᠠᠷᠢᠭᠤᠴᠠᠯᠭᠠᠲᠠᠨ ᠪᠠ ᠮᠠᠯᠴᠢᠨ ᠲᠠᠷᠢᠶᠠᠴᠢᠨ ᠭᠤᠷᠪᠠᠨ ᠲᠠᠯ᠎ᠠ ᠠᠴᠠ

ᠭᠠᠷ ᠤᠨ ᠦᠰᠦᠭ ᠵᠢᠷᠤᠵᠤ ᠨᠣᠲᠠᠯᠠᠬᠤ ᠶᠢᠨ ᠬᠠᠮᠲᠤ ᠪᠠᠯᠭᠠᠰᠣᠨ ᠤ ᠵᠠᠰᠠᠭ ᠤᠨ ᠣᠷᠳᠣᠨ ᠪᠠ ᠭᠠᠴᠠᠭ᠎ᠠ ᠲᠤᠰᠬᠤᠨ ᠤ ᠠᠷᠠᠳ ᠤᠨ ᠵᠦᠪᠯᠡᠯ ᠠᠴᠠ ᠲᠠᠮᠠᠭ᠎ᠠ

ᠳᠠᠷᠤᠨ᠎ᠠ᠃ ᠪᠠᠯᠭᠠᠰᠣ᠂ ᠭᠠᠴᠠᠭ᠎ᠠ ᠲᠤᠰᠬᠤᠨ ᠤ ᠱᠠᠲᠤᠨ ᠤ ᠲᠤᠭ᠎ᠠ ᠪᠠᠷᠢᠮᠲᠠ ᠶᠢ ᠬᠤᠷᠢᠶᠠᠩᠭᠤᠶᠢᠯᠠᠭᠰᠠᠨ ᠤ ᠳᠠᠷᠠᠭ᠎ᠠ᠂ ᠭᠠᠴᠠᠭ᠎ᠠ ᠲᠤᠰᠬᠤᠨ ᠤ ᠶᠠᠪᠤᠳᠠᠯ ᠢ

ᠢᠯᠡᠰᠢᠬᠦᠯᠬᠦ ᠪᠤᠯᠤᠩ ᠳᠡᠭᠡᠷ᠎ᠡ 7 ᠡᠳᠦᠷ ᠨᠠᠶᠢᠲᠠᠯᠠᠬᠦ ᠶᠢᠨ ᠬᠠᠮᠲᠤ ᠢᠯᠡ ᠪᠤᠯᠭᠠᠭᠰᠠᠨ ᠲᠦᠷᠰᠦ ᠰᠢᠩᠬᠡᠬᠡᠯᠲᠡ ᠶᠢᠨ ᠮᠡᠲ᠋ᠧᠷᠢᠶᠡᠯ ᠢ ᠦᠯᠡᠳᠡᠬᠡᠵᠦ᠂ ᠢᠯᠡ

ᠨᠠᠶᠢᠲᠠᠯᠡᠭᠡᠳ ᠣᠨᠳᠣᠣ ᠰᠠᠨᠠᠯ ᠦᠬᠡᠢ ᠪᠠᠶᠢᠪᠠᠯ ᠬᠤᠰᠢᠭᠤ ᠮᠠᠯ ᠲᠠᠷᠢᠶᠠᠯᠠᠩ ᠤᠨ ᠲᠤᠪᠴᠢᠶ᠎ᠠ᠂ ᠬᠤᠰᠢᠭᠤ ᠡᠳ᠋ ᠤᠨ ᠵᠠᠰᠠᠭ ᠤᠨ ᠲᠤᠪᠴᠢᠶᠠᠨ ᠳᠤ ᠮᠡᠳᠡᠬᠦᠯᠦᠨ

ᠳᠠᠩᠰᠠᠯᠠᠭᠤᠯᠤᠨ᠎ᠠ᠃

      ︵ᠳᠦᠷᠪᠡ︶ ᠪᠠᠯᠭᠠᠰᠣᠨ ᠱᠠᠲᠤᠨ ᠠᠴᠠ ᠦᠪᠡᠷᠲᠡᠭᠡᠨ ᠪᠠᠶᠢᠴᠠᠭᠠᠨ᠎ᠠ᠃ ᠪᠠᠯᠭᠠᠰᠣᠨ ᠠᠴᠠ ᠬᠤᠯᠪᠤᠭᠳᠠᠯ ᠪᠦᠬᠦᠢ ᠰᠠᠯᠠᠭ᠎ᠠ ᠮᠦᠴᠢᠷ ᠪᠤᠯᠤᠨ ᠭᠠᠴᠠᠭ᠎ᠠ

ᠲᠤᠰᠬᠤᠨ ᠤ ᠠᠷᠠᠳ ᠤᠨ ᠵᠦᠪᠯᠡᠯ ᠢ ᠵᠤᠬᠢᠶᠠᠨ ᠪᠠᠶᠢᠭᠤᠯᠤᠨ ᠦᠪᠡᠷᠲᠡᠭᠡᠨ ᠪᠠᠶᠢᠴᠠᠭᠠᠬᠤ ᠳᠣᠭᠤᠶᠢᠯᠠᠩ ᠢ ᠪᠠᠶᠢᠭᠤᠯᠵᠤ᠂ ᠲᠠᠷᠢᠮᠠᠯ ᠤᠨ ᠲᠠᠯᠠᠪᠠᠢ᠂ ᠡᠬᠦᠷᠭᠡ ᠶᠢᠨ

ᠬᠤᠪᠢᠶᠠᠷᠢᠯᠠᠯᠲᠠ᠂ ᠢᠯᠡ ᠨᠠᠶᠢᠲᠠᠯᠠᠯ᠂ ᠮᠠᠰᠢᠨ ᠬᠤᠳᠳᠤᠭ ᠤᠨ ᠬᠠᠮᠢᠶᠠᠷᠤᠯᠲᠠ᠂ ᠲᠠᠷᠢᠮᠠᠯ ᠤᠨ ᠵᠠᠭᠪᠤᠷ᠂ ᠲᠦᠷᠦ ᠶᠢᠨ ᠪᠤᠳᠣᠯᠭ᠎ᠠ ᠶᠢᠨ ᠠᠷᠭ᠎ᠠ ᠠᠪᠴᠠᠯ ᠤᠨ

ᠨᠠᠶᠢᠲᠠᠪᠤᠷᠢᠵᠢᠭᠤᠯᠤᠯᠲᠠ ᠵᠡᠷᠭᠡ ᠪᠠᠶᠢᠳᠠᠯ ᠢᠶᠠᠨ ᠦᠪᠡᠰᠦᠪᠡᠨ ᠪᠠᠶᠢᠴᠠᠭᠠᠵᠤ᠂ ᠰᠢᠯᠭᠠᠨ ᠬᠤᠷᠢᠶᠠᠭᠰᠠᠨ ᠦᠷ᠎ᠡ ᠳ᠋ᠦᠩ ᠢᠶᠠᠨ ᠰᠠᠯᠠᠭ᠎ᠠ ᠮᠦᠴᠢᠷ ᠤᠨ ᠢᠯᠡ ᠨᠠᠶᠢᠲᠠᠯᠠᠯ

ᠪᠤᠶᠤ ᠵᠠᠰᠠᠭ ᠤᠨ ᠣᠷᠳᠣᠨ ᠤ ᠰᠦᠯᠵᠢᠶ᠎ᠡ ᠵᠡᠷᠭᠡ ᠪᠠᠷ ᠳᠠᠮᠵᠢᠭᠤᠯᠤᠨ ᠨᠠᠶᠢᠲᠠᠯᠠᠵᠤ᠂ 7 ᠡᠳᠦᠷ ᠠᠴᠠ ᠳᠡᠭᠡᠭᠰᠢ ᠢᠯᠡᠰᠢᠬᠦᠯᠦᠨ᠂ ᠣᠨᠳᠣᠣ ᠰᠠᠨᠠᠯ ᠦᠬᠡᠢ ᠪᠠᠶᠢᠪᠠᠯ

ᠬᠤᠰᠢᠭᠤ ᠱᠠᠲᠤᠨ ᠠᠴᠠ ᠰᠢᠯᠭᠠᠨ ᠬᠤᠷᠢᠶᠠᠬᠤ ᠶᠢ ᠭᠤᠶᠤᠴᠢᠯᠠᠨ᠎ᠠ᠂ ᠦᠪᠡᠷᠲᠡᠭᠡᠨ ᠪᠠᠶᠢᠴᠠᠭᠠᠬᠤ ᠠᠷᠭ᠎ᠠ ᠶᠢ ᠬᠤᠰᠢᠭᠤ ᠮᠠᠯ ᠲᠠᠷᠢᠶᠠᠯᠠᠩ ᠤᠨ ᠲᠤᠪᠴᠢᠶᠠᠨ ᠠᠴᠠ

ᠲᠤᠯᠤᠭᠠᠶᠢᠯᠠᠨ ᠲᠤᠭᠲᠠᠭᠠᠨ᠎ᠠ᠃

      ︵ᠲᠠᠪᠤ︶ ᠬᠤᠰᠢᠭᠤ ᠱᠠᠲᠤᠨ ᠠᠴᠠ ᠰᠢᠯᠭᠠᠨ ᠬᠤᠷᠢᠶᠠᠨ᠎ᠠ᠃ ᠬᠤᠰᠢᠭᠤ ᠮᠠᠯ ᠲᠠᠷᠢᠶᠠᠯᠠᠩ ᠤᠨ ᠲᠤᠪᠴᠢᠶ᠎ᠠ ᠠᠴᠠ ᠬᠤᠰᠢᠭᠤ ᠡᠳ᠋ ᠤᠨ ᠵᠠᠰᠠᠭ ᠤᠨ

ᠲᠤᠪᠴᠢᠶ᠎ᠠ᠂ ᠣᠯᠵᠠᠴᠢ ᠪᠠᠯᠭᠠᠰᠣ ᠲᠠᠢ ᠬᠠᠮᠲᠤᠷᠠᠨ ᠰᠢᠯᠭᠠᠨ ᠬᠤᠷᠢᠶᠠᠬᠤ ᠳᠣᠭᠤᠶᠢᠯᠠᠩ ᠪᠠᠶᠢᠭᠤᠯᠵᠤ ᠬᠠᠮᠲᠤ ᠪᠠᠷ ᠲᠦᠷᠦᠯ ᠵᠦᠢᠯ ᠤᠨ ᠠᠵᠢᠯ ᠢ ᠰᠢᠯᠭᠠᠨ

ᠬᠤᠷᠢᠶᠠᠨ᠎ᠠ᠃ ᠰᠢᠯᠭᠠᠨ ᠬᠤᠷᠢᠶᠠᠬᠤ ᠠᠭᠤᠯᠭ᠎ᠠ ᠳᠤ ᠵᠤᠬᠢᠶᠠᠨ ᠪᠠᠶᠢᠭᠤᠯᠤᠯᠲᠠ ᠶᠢᠨ ᠣᠳᠣᠷᠢᠳᠣᠯᠭ᠎ᠠ᠂ ᠬᠡᠷᠡᠭᠵᠢᠬᠦᠯᠬᠦ ᠲᠦᠰᠦᠯ᠂ ᠬᠠᠮᠢᠶᠠᠷᠤᠯᠲᠠ ᠶᠢᠨ ᠳᠦᠷᠢᠮ᠂

ᠡᠬᠦᠷᠭᠡ ᠶᠢᠨ ᠨᠠᠶᠢᠲᠠᠪᠤᠷᠢᠵᠢᠭᠤᠯᠤᠯᠲᠠ᠂ ᠮᠠᠰᠢᠨ ᠬᠤᠳᠳᠤᠭ ᠤᠨ ᠬᠠᠮᠢᠶᠠᠷᠤᠯᠲᠠ᠂ ᠲᠠᠷᠢᠮᠠᠯ ᠤᠨ ᠵᠠᠭᠪᠤᠷ᠂ ᠮᠡᠷᠭᠡᠵᠢᠯ ᠤᠨ ᠲᠦᠰᠦᠯ᠂ ᠲᠠᠷᠢᠮᠠᠯ ᠤᠨ ᠲᠠᠯᠠᠪᠠᠢ ᠶᠢᠨ

ᠨᠠᠷᠢᠨ ᠳᠠᠩᠰᠠ᠂ ᠰᠦᠯᠢᠶᠤᠤ ᠬᠦᠯᠡᠮᠵᠢ ᠲᠠᠢ ᠲᠦᠬᠦᠷᠴᠢᠯᠡᠭᠰᠡᠨ ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠵᠡᠷᠭᠡ ᠡᠯᠳᠡᠪ ᠠᠮᠣ ᠲᠠᠷᠢᠬᠤ

ᠲᠦᠷᠦᠯ ᠵᠦᠢᠯ ᠤᠨ ᠣᠷᠣᠨ ᠤ ᠲᠠᠷᠬᠠᠯᠲᠠ ᠶᠢᠨ ᠵᠢᠷᠤᠭ᠂ ᠢᠯᠡ ᠨᠠᠶᠢᠲᠠᠯᠡᠭᠰᠡᠨ ᠪᠠᠶᠢᠳᠠᠯ᠂ ᠪᠠᠯᠭᠠᠰᠣᠨ ᠱᠠᠲᠤᠨ ᠤ ᠦᠪᠡᠷᠲᠡᠭᠡᠨ ᠪᠠᠶᠢᠴᠠᠭᠠᠭᠰᠠᠨ ᠦᠷ᠎ᠡ ᠳ᠋ᠦᠩ

ᠵᠡᠷᠭᠡ ᠪᠠᠭᠲᠠᠵᠤ᠂ ᠰᠢᠯᠭᠠᠨ ᠬᠤᠷᠢᠶᠠᠵᠤ ᠪᠠᠷᠠᠭᠠᠭᠰᠠᠨ ᠤ ᠳᠠᠷᠠᠭ᠎ᠠ ᠰᠢᠯᠭᠠᠨ ᠬᠤᠷᠢᠶᠠᠭᠰᠠᠨ ᠮᠡᠳᠡᠬᠦᠯᠦᠯᠲᠡ ᠭᠠᠷᠭᠠᠨ᠎ᠠ᠃

      ︵ᠵᠢᠷᠭᠤᠭ᠎ᠠ︶ ᠨᠦᠬᠦᠪᠦᠷᠢ ᠮᠦᠩᠭᠦ ᠣᠯᠭᠤᠨ᠎ᠠ᠃ ᠬᠤᠰᠢᠭᠤ ᠱᠠᠲᠤᠨ ᠤ ᠦᠪᠡᠷᠲᠡᠭᠡᠨ ᠪᠠᠶᠢᠴᠠᠭᠠᠭᠰᠠᠨ ᠢᠯᠡ ᠨᠠᠶᠢᠲᠠᠯᠠᠯ ᠳᠤ ᠣᠨᠳᠣᠣ ᠰᠠᠨᠠᠯ ᠦᠬᠡᠢ

ᠪᠠᠶᠢᠪᠠᠯ᠂ ᠨᠦᠬᠦᠪᠦᠷᠢ ᠮᠦᠩᠭᠦ ᠲᠤᠭᠠᠴᠢᠬᠤ ᠪᠠ ᠣᠯᠭᠤᠬᠤ ᠶᠢ ᠬᠦᠢᠴᠡᠳᠬᠡᠵᠦ᠂ ᠨᠢᠭᠡ ᠺᠠᠷᠲ ᠢᠶᠠᠷ ᠳᠠᠮᠵᠢᠭᠤᠯᠤᠨ ᠨᠦᠬᠦᠪᠦᠷᠢ ᠮᠦᠩᠭᠦ ᠶᠢ ᠮᠠᠯᠴᠢᠨ ᠲᠠᠷᠢᠶᠠᠴᠢᠨ

 ᠳᠤ ᠣᠯᠭᠤᠨ᠎ᠠ᠃

ᠳᠣᠯᠤᠭ᠎ᠠ᠂ ᠪᠠᠲᠤᠯᠠᠭ᠎ᠠ ᠶᠢᠨ ᠠᠷᠭ᠎ᠠ ᠠᠪᠴᠠᠯ

      ︵ᠨᠢᠭᠡ︶ ᠵᠤᠬᠢᠶᠠᠨ ᠪᠠᠶᠢᠭᠤᠯᠤᠨ ᠣᠳᠣᠷᠢᠳᠬᠤ ᠪᠠᠨ ᠴᠢᠩᠭᠠᠳᠬᠠᠨ᠎ᠠ᠃ ᠲᠠᠷᠢᠮᠠᠯ ᠤᠨ ᠪᠦᠲᠦᠴᠡ ᠶᠢ ᠳᠣᠬᠢᠷᠠᠭᠤᠯᠬᠤ ᠰᠦᠯᠢᠶᠤᠤ ᠬᠦᠯᠡᠮᠵᠢ ᠪᠠ ᠣᠰᠣ

ᠬᠢᠵᠠᠭᠠᠷᠯᠠᠬᠤ ᠭᠠᠵᠠᠷ ᠤᠨ ᠨᠠᠷᠢᠮᠣ᠂ ᠰᠢᠷ᠎ᠡ ᠪᠤᠷᠴᠠᠭ᠂ ᠠᠮᠣ᠂ ᠰᠠᠭᠠᠭ ᠵᠡᠷᠭᠡ ᠡᠯᠳᠡᠪ ᠠᠮᠤ ᠲᠠᠷᠢᠬᠤ ᠲᠦᠷᠦᠯ ᠵᠦᠢᠯ ᠤᠨ ᠣᠳᠣᠷᠢᠳᠬᠤ ᠳᠣᠭᠤᠶᠢᠯᠠᠩ ᠢ

ᠪᠠᠶᠢᠭᠤᠯᠵᠤ᠂ ᠬᠤᠰᠢᠭᠤ ᠠᠷᠠᠳ ᠤᠨ ᠵᠠᠰᠠᠭ ᠤᠨ ᠣᠷᠳᠣᠨ ᠤ ᠬᠤᠪᠢᠳᠠᠨ ᠬᠠᠮᠢᠶᠠᠷᠬᠤ ᠣᠳᠣᠷᠢᠳᠣᠯᠭ᠎ᠠ ᠠᠴᠠ ᠳᠣᠭᠤᠶᠢᠯᠠᠩ ᠤᠨ ᠳᠠᠷᠤᠭ᠎ᠠ ᠶᠢᠨ ᠬᠠᠷᠢᠭᠤᠴᠠᠯᠭ᠎ᠠ

ᠡᠬᠦᠷᠭᠡᠯᠡᠨ᠂ ᠬᠤᠰᠢᠭᠤ ᠬᠦᠭᠵᠢᠬᠦᠯᠦᠯᠲᠡ ᠪᠠ ᠦᠬᠡᠷᠡᠴᠢᠯᠡᠯᠲᠡ ᠶᠢᠨ ᠵᠦᠪᠯᠡᠯ᠂ ᠮᠠᠯ ᠲᠠᠷᠢᠶᠠᠯᠠᠩ ᠤᠨ ᠲᠤᠪᠴᠢᠶ᠎ᠠ᠂ ᠡᠳ᠋ ᠤᠨ ᠵᠠᠰᠠᠭ ᠤᠨ ᠲᠤᠪᠴᠢᠶ᠎ᠠ᠂ ᠣᠢ

ᠰᠢᠭᠤᠢ ᠨᠤᠲᠤᠭ ᠪᠡᠯᠴᠢᠭᠡᠷ ᠤᠨ ᠲᠤᠪᠴᠢᠶ᠎ᠠ᠂ ᠣᠰᠣᠨ ᠠᠰᠢᠭᠯᠠᠯᠲᠠ ᠶᠢᠨ ᠲᠤᠪᠴᠢᠶ᠎ᠠ᠂ ᠣᠯᠵᠠᠴᠢ ᠪᠠᠯᠭᠠᠰᠣ ᠵᠡᠷᠭᠡ ᠰᠠᠯᠠᠭ᠎ᠠ ᠮᠦᠴᠢᠷ ᠪᠠ ᠬᠤᠰᠢᠭᠤ ᠮᠠᠯ

ᠲᠠᠷᠢᠶᠠᠯᠠᠩ ᠤᠨ ᠦᠢᠯᠡᠰ ᠤᠨ ᠮᠡᠷᠬᠡᠵᠢᠯ ᠤᠨ ᠲᠦᠬᠡᠮᠡᠯᠵᠢᠬᠦᠯᠦᠯᠲᠡ ᠶᠢᠨ ᠲᠦᠪ ᠢᠶᠠᠷ ᠪᠦᠷᠢᠯᠳᠦᠬᠦᠨ ᠨᠢᠬᠡᠴᠡ ᠪᠤᠯᠭᠠᠵᠤ᠂ ᠣᠳᠣᠷᠢᠳᠬᠤ ᠳᠣᠭᠤᠶᠢᠯᠠᠩ ᠤᠨ

ᠠᠯᠪᠠᠨ ᠭᠡᠷ ᠢ ᠬᠤᠰᠢᠭᠤ ᠮᠠᠯ ᠲᠠᠷᠢᠶᠠᠯᠠᠩ ᠤᠨ ᠲᠤᠪᠴᠢᠶᠠᠨ ᠳᠤ ᠲᠤᠬᠢᠷᠠᠭᠤᠯᠣᠨ᠎ᠠ᠃ ᠪᠦᠷᠢᠯᠳᠦᠬᠦᠨ ᠨᠢᠬᠡᠴᠡ ᠠᠴᠠ 1 ᠰᠠᠯᠠᠭᠠᠨ ᠲᠡᠰ ᠤᠨ ᠺᠠᠳ᠋ᠷ ᠢ 

ᠪᠦᠷᠢᠯᠳᠦᠬᠦᠨ ᠢᠶᠠᠷ ᠲᠤᠭᠲᠠᠭᠠᠬᠤ ᠶᠢᠨ ᠬᠠᠮᠲᠤ 1 ᠬᠠᠷᠢᠯᠴᠠᠬᠤ ᠬᠦᠮᠦᠨ ᠢ ᠲᠤᠭᠲᠠᠭᠠᠵᠤ᠂ ᠡᠯ᠎ᠡ ᠪᠦᠷᠢᠯᠳᠦᠬᠦᠨ ᠨᠢᠬᠡᠴᠡ ᠶᠢᠨ ᠬᠢᠨ ᠬᠠᠷᠢᠯᠴᠠᠭ᠎ᠠ ᠬᠠᠮᠵᠢᠯᠴᠠᠭ᠎ᠠ

 ᠪᠠᠨ ᠴᠢᠩᠭᠠᠳᠬᠠᠨ᠂ ᠴᠢᠬᠤᠯᠠ ᠲᠦᠷᠦ ᠶᠢᠨ ᠪᠤᠳᠤᠯᠭ᠎ᠠ ᠶᠢ ᠬᠠᠮᠲᠤ ᠪᠠᠷ ᠰᠣᠳᠣᠯᠵᠣ᠂ ᠭᠤᠤᠯᠳᠠᠯᠭᠠᠲᠤ ᠡᠬᠦᠷᠭᠡ ᠪᠠᠨ ᠨᠢᠭᠡᠳᠦᠯᠲᠡᠢ ᠲᠦᠯᠦᠪᠵᠢᠬᠦᠯᠦᠨ ᠠᠬᠢᠭᠤᠯᠵᠤ

᠂ ᠴᠢᠬᠤᠯᠠ ᠠᠬᠢᠴᠠ ᠶᠢ ᠲᠤᠭᠲᠠᠭᠰᠠᠨ ᠬᠤᠭᠤᠴᠠᠭ᠎ᠠ ᠲᠠᠢ ᠪᠠᠷ ᠨᠡᠶᠢᠲᠡᠯᠡᠨ᠂ ᠪᠦᠬᠦ ᠲᠠᠯ᠎ᠠ ᠶᠢᠨ ᠤᠬᠠᠮᠰᠠᠷ᠂ ᠬᠠᠷᠢᠭᠤᠴᠠᠯᠭᠠᠲᠤ ᠣᠬᠠᠮᠰᠠᠷ ᠢ ᠪᠠᠲᠤ ᠱᠣᠭᠤᠵᠣ᠂

ᠬᠢᠨᠠᠮᠠᠭᠠᠢ ᠲᠦᠯᠦᠪᠵᠢᠬᠦᠯᠵᠦ ᠪᠠᠶᠢᠷᠢᠯᠠᠭᠤᠯᠤᠨ᠂ ᠨᠠᠷᠢᠯᠢᠭ ᠵᠤᠬᠢᠶᠠᠨ ᠪᠠᠶᠢᠭᠤᠯᠤᠨ ᠬᠡᠷᠡᠭᠵᠢᠬᠦᠯᠵᠦ᠂ ᠡᠯ᠎ᠡ ᠲᠦᠷᠦᠯ ᠤᠨ ᠠᠵᠢᠯ ᠠᠮᠵᠢᠯᠲᠠᠲᠠᠢ ᠮᠦᠷᠲᠡᠭᠡᠨ ᠡᠮᠬᠢᠲᠡᠢ

ᠠᠬᠢᠭᠤᠯᠤᠭᠳᠠᠬᠤ ᠶᠢ ᠪᠠᠲᠤᠯᠠᠨ᠎ᠠ᠃

      ︵ᠬᠤᠶᠠᠷ︶ ᠡᠬᠦᠷᠭᠡ ᠬᠠᠷᠢᠭᠤᠴᠠᠯᠭ᠎ᠠ ᠶᠢᠨ ᠬᠤᠪᠢᠶᠠᠷᠢᠯᠠᠯ ᠢᠶᠠᠨ ᠲᠤᠲᠤᠷᠬᠠᠶᠢᠯᠠᠨ᠎ᠠ᠃ ᠬᠤᠰᠢᠭᠤ ᠬᠦᠭᠵᠢᠬᠦᠯᠦᠯᠲᠡ ᠪᠠ ᠦᠬᠡᠷᠡᠴᠢᠯᠡᠯᠲᠡ ᠶᠢᠨ ᠵᠦᠪᠯᠡᠯ

 ᠠᠴᠠ ᠨᠠᠷᠢᠮᠣ᠂ ᠰᠢᠷ᠎ᠡ ᠪᠤᠷᠴᠠᠭ᠂ ᠠᠮᠣ᠂ ᠰᠠᠭᠠᠭ ᠵᠡᠷᠭᠡ ᠡᠯᠳᠡᠪ ᠠᠮᠤ ᠦᠢᠯᠡᠳᠪᠦᠷᠢᠯᠡᠭᠴᠢ ᠶᠢᠨ ᠦᠪᠡᠷ ᠤᠨ ᠦᠷᠲᠡᠭ ᠤᠨ ᠣᠷᠣᠵᠠ ᠪᠠ ᠵᠠᠬ᠎ᠠ ᠳᠡᠯᠭᠡᠭᠦᠷ ᠤᠨ

ᠦᠨ᠎ᠡ ᠬᠠᠩᠰᠢ ᠶᠢᠨ ᠬᠢᠨᠠᠨ ᠬᠡᠮᠵᠢᠯᠲᠡ ᠶᠢᠨ ᠠᠵᠢᠯ ᠢ ᠬᠠᠷᠢᠭᠤᠴᠠᠬᠤ ᠶᠢᠨ ᠬᠠᠮᠲᠤ ᠣᠬᠠᠭᠤᠯᠭ᠎ᠠ ᠪᠠᠨ ᠰᠠᠶᠢᠲᠤᠷ ᠬᠢᠵᠦ᠂ ᠵᠠᠬ᠎ᠠ ᠳᠡᠯᠭᠡᠭᠦᠷ ᠤᠨ ᠭᠤᠤᠯ ᠴᠤᠭᠴᠠ

 ᠶᠢ ᠵᠢᠯᠤᠭᠤᠳᠤᠨ ᠨᠠᠷᠢᠮᠣ᠂ ᠰᠢᠷ᠎ᠡ ᠪᠤᠷᠴᠠᠭ᠂ ᠠᠮᠣ᠂ ᠰᠠᠭᠠᠭ ᠵᠡᠷᠭᠡ ᠡᠯᠳᠡᠪ ᠠᠮᠤ ᠶᠢ ᠢᠳᠡᠪᠬᠢᠲᠡᠢ ᠪᠠᠷ ᠬᠤᠳᠠᠯᠳᠣᠨ ᠠᠪᠤᠨ᠎ᠠ︔ ᠡᠳ᠋ ᠤᠨ ᠵᠠᠰᠠᠭ ᠤᠨ

ᠲᠤᠪᠴᠢᠶᠠᠨ ᠠᠴᠠ ᠨᠦᠬᠦᠪᠦᠷᠢ ᠮᠦᠩᠭᠦ ᠤᠯᠭᠤᠬᠤ ᠪᠠ ᠬᠤᠪᠢᠶᠠᠷᠢᠯᠠᠬᠤ ᠬᠢᠨᠠᠯᠲᠠ ᠵᠢᠯᠤᠭᠤᠳᠤᠯᠭ᠎ᠠ ᠵᠡᠷᠭᠡ ᠠᠵᠢᠯ ᠢ ᠬᠠᠷᠢᠭᠤᠴᠠᠨ᠎ᠠ︔ ᠮᠠᠯ ᠲᠠᠷᠢᠶᠠᠯᠠᠩ ᠤᠨ

ᠲᠤᠪᠴᠢᠶ᠎ᠠ ᠠᠴᠠ ᠬᠠᠷᠭᠤᠭᠤᠯᠬᠤ ᠠᠵᠢᠯ ᠢ ᠬᠠᠷᠢᠭᠤᠴᠠᠨ᠂ ᠲᠤᠰᠬᠠᠢ ᠬᠦᠮᠦᠨ ᠰᠣᠩᠭᠤᠵᠣ ᠪᠦᠬᠦ ᠵᠢᠯ ᠤᠨ ᠲᠠᠷᠢᠮᠠᠯ ᠤᠨ ᠮᠡᠷᠬᠡᠵᠢᠯ ᠤᠨ ᠦᠢᠯᠡᠴᠢᠯᠡᠭᠡ ᠶᠢ 

ᠬᠠᠩᠭᠠᠵᠤ᠂ ᠲᠠᠷᠢᠮᠠᠯ ᠤᠨ ᠡᠷᠦᠬᠡ ᠶᠢ ᠬᠠᠪᠰᠣᠷᠴᠣ ᠬᠦᠴᠢᠷ ᠠᠰᠠᠭᠤᠳᠠᠯ ᠢ ᠨᠢ ᠰᠢᠢᠳᠪᠦᠷᠢᠯᠡᠨ᠂ ᠣᠨᠠᠯᠲᠠ ᠶᠢ ᠵᠢᠱᠢᠬᠦ ᠪᠠ ᠶᠠᠰᠣ ᠴᠢᠨᠠᠷ ᠢ ᠰᠣᠩᠭᠤᠨ

ᠪᠠᠶᠢᠴᠠᠭᠠᠬᠤ ᠵᠡᠷᠭᠡ ᠠᠵᠢᠯ ᠢ ᠵᠤᠬᠢᠶᠠᠨ ᠪᠠᠶᠢᠭᠤᠯᠵᠣ᠂ ᠨᠠᠷᠢᠮᠤ᠂ ᠰᠢᠷ᠎ᠠ ᠪᠤᠷᠴᠠᠭ᠂ ᠠᠮᠣ᠂ ᠰᠠᠭᠠᠭ ᠤᠨ ᠲᠠᠷᠢᠮᠠᠯ ᠵᠢᠴᠢ ᠨᠦᠬᠦᠪᠦᠷᠢ  ᠣᠯᠭᠤᠬᠤ ᠠᠵᠢᠯ

ᠠᠮᠵᠢᠯᠲᠠᠲᠠᠢ ᠪᠡᠶᠡᠯᠡᠭᠳᠡᠬᠦ ᠶᠢ ᠪᠠᠲᠤᠯᠠᠨ᠎ᠠ᠃

      ︵ᠭᠤᠷᠪᠠ︶ ᠠᠵᠢᠯ ᠤᠨ ᠠᠷᠭ᠎ᠠ ᠠᠪᠴᠠᠯ ᠢᠶᠠᠨ ᠨᠠᠷᠢᠯᠢᠭᠵᠢᠭᠤᠯᠤᠨ᠎ᠠ᠃ ᠰᠦᠯᠢᠶᠤᠤ ᠬᠦᠯᠡᠮᠵᠢ᠂ ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂

ᠰᠠᠭᠠᠭ ᠵᠡᠷᠭᠡ ᠡᠯᠳᠡᠪ ᠠᠮᠣ ᠲᠠᠷᠢᠬᠤ ᠲᠦᠯᠦᠪᠵᠢᠬᠦᠯᠬᠡ ᠶᠢᠨ ᠪᠤᠲᠠᠲᠠᠢ ᠡᠬᠦᠷᠭᠡ ᠶᠢᠨ ᠬᠤᠪᠢᠶᠠᠷᠢᠯᠠᠯ ᠢ ᠦᠨᠳᠦᠰᠦᠯᠡᠵᠦ᠂ ᠣᠳᠣᠷᠢᠳᠬᠤ ᠳᠣᠭᠤᠶᠢᠯᠠᠩ ᠠᠴᠠ

ᠠᠵᠢᠯᠯᠠᠮᠵᠢ ᠡᠷᠴᠢᠮᠲᠠᠢ ᠠᠵᠢᠯ ᠤᠨ ᠠᠬᠢᠭᠤᠯᠤᠯᠲᠠ ᠶᠢᠨ ᠴᠢᠩᠭ᠎ᠠ ᠠᠷᠭ᠎ᠠ ᠠᠪᠴᠠᠯ ᠢ ᠰᠣᠳᠣᠯᠵᠣ ᠲᠤᠭᠲᠠᠭᠠᠨ᠂ ᠬᠠᠷᠠᠯᠲᠠ ᠡᠬᠦᠷᠭᠡ᠂ ᠳᠡᠮᠵᠢᠯᠭᠡ ᠶᠢᠨ ᠲᠦᠷᠦ ᠶᠢᠨ

ᠪᠤᠳᠤᠯᠭ᠎ᠠ ᠂ ᠴᠢᠬᠤᠯᠠ ᠠᠭᠤᠯᠭ᠎ᠠ᠂ ᠠᠬᠢᠴᠠ ᠶᠢᠨ ᠲᠤᠬᠢᠷᠠᠭᠤᠯᠤᠯᠲᠠ ᠶᠢ ᠲᠤᠲᠤᠷᠬᠠᠶᠢᠯᠠᠬᠤ ᠶᠢᠨ ᠬᠠᠮᠲᠤ ᠬᠠᠷᠢᠭᠤᠴᠠᠯᠭ᠎ᠠ ᠶᠢᠨ ᠨᠢᠭᠡᠴᠡ ᠪᠠ ᠬᠠᠷᠢᠭᠤᠴᠠᠯᠭᠠᠲᠠᠨ ᠢ

ᠲᠤᠭᠲᠠᠭᠠᠨ᠎ᠠ᠃ ᠣᠯᠵᠠᠴᠢ ᠪᠠᠯᠭᠠᠰᠣ ᠠᠴᠠ ᠪᠠᠶᠢᠭᠤᠯᠤᠯᠲᠠ ᠪᠠ ᠲᠡᠷᠢᠮᠡᠯ ᠤᠨ ᠡᠬᠦᠷᠭᠡ ᠪᠠᠨ ᠭᠠᠴᠠᠭ᠎ᠠ ᠲᠤᠰᠬᠤᠨ ᠳᠤ ᠬᠤᠪᠢᠶᠠᠷᠢᠯᠠᠵᠤ᠂ ᠲᠠᠷᠢᠶᠠᠨ ᠭᠠᠵᠠᠷ ᠲᠤ

ᠨᠠᠶᠢᠲᠠᠪᠤᠷᠢᠵᠢᠭᠤᠯᠬᠤ ᠶᠢᠨ ᠬᠠᠮᠲᠤ ᠬᠠᠷᠠᠭᠠᠯᠵᠠᠭᠰᠠᠨ ᠠᠵᠢᠯ ᠤᠨ ᠲᠦᠰᠦᠯ ᠢ ᠲᠤᠭᠲᠠᠭᠠᠨ᠂ ᠭᠤᠤᠯᠳᠠᠯᠭᠠᠲᠤ ᠠᠷᠭ᠎ᠠ ᠠᠪᠴᠠᠯ ᠢ ᠰᠠᠷ᠎ᠠ ᠪᠠᠷ ᠬᠤᠪᠢᠶᠠᠷᠢᠯᠠᠵᠤ᠂

ᠴᠠᠭ ᠤᠨ ᠬᠤᠪᠢᠶᠠᠷᠢ ᠪᠠ ᠠᠵᠢᠯ ᠤᠨ ᠵᠢᠷᠤᠭ ᠢ ᠲᠤᠲᠤᠷᠬᠠᠶᠢᠯᠠᠨ᠎ᠠ᠃

      ︵ᠳᠦᠷᠪᠡ︶ ᠦᠢᠯᠡᠴᠢᠯᠡᠭᠡ ᠵᠢᠯᠤᠭᠤᠳᠤᠯᠭ᠎ᠠ ᠶᠢ ᠦᠷᠨᠢᠬᠦᠯᠦᠨ᠎ᠡ᠃ ᠣᠯᠵᠠᠴᠢ ᠪᠠᠯᠭᠠᠰᠣ᠂ ᠮᠠᠯ ᠲᠠᠷᠢᠶᠠᠯᠠᠩ ᠤᠨ ᠲᠤᠪᠴᠢᠶ᠎ᠠ᠂ ᠣᠰᠣᠨ ᠠᠰᠢᠭᠯᠠᠯᠲᠠ ᠶᠢᠨ

ᠲᠤᠪᠴᠢᠶ᠎ᠠ ᠠᠴᠠ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠰᠦᠯᠢᠶᠤᠤ ᠬᠦᠯᠡᠮᠵᠢ ᠶᠢᠨ ᠪᠠᠶᠢᠭᠤᠯᠤᠯᠲᠠ ᠪᠠ ᠨᠠᠷᠢᠮᠣ᠂ ᠰᠢᠷ᠎ᠡ ᠪᠤᠷᠴᠠᠭ᠂

ᠠᠮᠣ᠂ ᠰᠠᠭᠠᠭ ᠤᠨ ᠲᠠᠷᠢᠮᠠᠯ᠂ ᠬᠡᠲᠦ ᠠᠰᠢᠭᠯᠠᠯᠲᠠ ᠶᠢᠨ ᠣᠷᠣᠨ ᠤ ᠵᠠᠰᠠᠯᠲᠠ ᠵᠡᠷᠭᠡ ᠬᠠᠮᠢᠶ᠎ᠠ ᠪᠦᠬᠦᠢ ᠲᠦᠷᠦ ᠶᠢᠨ ᠪᠤᠳᠤᠯᠭ᠎ᠠ ᠶᠢᠨ ᠲᠠᠶᠢᠯᠪᠤᠷᠢ ᠶᠢ ᠣᠯᠠᠨ ᠠᠷᠭ᠎ᠠ

ᠵᠠᠮ ᠢᠶᠠᠷ ᠰᠠᠶᠢᠲᠤᠷ ᠬᠢᠵᠦ᠂ ᠲᠠᠷᠢᠶᠠᠯᠠᠬᠤ ᠴᠠᠭ ᠤᠨ ᠵᠠᠩᠭᠢᠯᠠᠭ᠎ᠠ ᠶᠢᠨ ᠤᠯᠠᠷᠢᠯ ᠳᠤ ᠠᠵᠢᠯ ᠤᠨ ᠳᠣᠭᠤᠶᠢᠯᠠᠩ ᠢ ᠪᠠᠶᠢᠭᠤᠯᠵᠤ ᠰᠦᠯᠢᠶᠤᠤ ᠬᠦᠯᠡᠮᠵᠢ ᠪᠠ ᠨᠠᠷᠢᠮᠣ᠂

ᠰᠢᠷ᠎ᠡ ᠪᠤᠷᠴᠠᠭ᠂ ᠠᠮᠣ᠂ ᠰᠠᠭᠠᠭ ᠰᠣᠯᠢᠨ ᠲᠠᠷᠢᠭᠰᠠᠨ ᠣᠷᠣᠨ ᠳᠤ ᠬᠦᠷᠴᠦ ᠪᠠᠶᠢᠴᠠᠭᠠᠨ ᠰᠣᠳᠣᠯᠣᠯᠲᠠ ᠦᠷᠨᠢᠬᠦᠯᠦᠨ᠂ ᠡᠬᠦᠷᠭᠡ ᠪᠠᠨ ᠮᠦᠷᠳᠡᠨ

ᠨᠠᠶᠢᠲᠠᠪᠤᠷᠢᠵᠢᠭᠤᠯᠵᠤ᠂ ᠪᠤᠲᠠᠲᠠᠢ ᠬᠦᠴᠢᠷ ᠠᠰᠠᠭᠤᠳᠠᠯ ᠢ ᠰᠢᠢᠳᠪᠦᠷᠢᠯᠡᠨ᠎ᠡ᠃ ᠬᠤᠰᠢᠭᠤ ᠮᠠᠯ ᠲᠠᠷᠢᠶᠠᠯᠠᠩ ᠤᠨ ᠦᠢᠯᠡᠰ ᠤᠨ ᠮᠡᠷᠭᠡᠵᠢᠯ ᠤᠨ ᠲᠦᠬᠡᠮᠡᠯᠵᠢᠬᠦᠯᠦᠯᠲᠡ

 ᠶᠢᠨ ᠲᠦᠪ ᠠᠴᠠ ᠰᠦᠯᠢᠶᠤᠤ ᠬᠦᠯᠡᠮᠵᠢ ᠶᠢᠨ ᠢᠳᠡᠰᠢᠨ ᠨᠣᠭᠤᠭ᠎ᠠ ᠶᠢᠨ ᠲᠠᠷᠢᠮᠠᠯ ᠪᠠ ᠨᠠᠷᠢᠮᠣ᠂ ᠰᠢᠷ᠎ᠡ ᠪᠤᠷᠴᠠᠭ᠂ ᠠᠮᠣ᠂ ᠰᠠᠭᠠᠭ ᠤᠨ ᠲᠠᠷᠢᠮᠠᠯ ᠤᠨ ᠭᠠᠵᠠᠷ ᠤᠨ

ᠦᠢᠯᠡᠳᠪᠦᠷᠢᠯᠡᠯ ᠤᠨ ᠡᠮᠦᠨ᠎ᠡ᠂ ᠳᠣᠮᠳᠠ᠂ ᠬᠤᠶᠢᠨᠠᠬᠢ ᠮᠡᠷᠬᠡᠵᠢᠯ ᠤᠨ ᠦᠢᠯᠡᠴᠢᠯᠡᠭᠡ ᠶᠢ ᠪᠦᠬᠦ ᠬᠦᠴᠦᠨ ᠢᠶᠠᠷ ᠰᠠᠶᠢᠲᠤᠷ ᠬᠢᠨ᠎ᠡ᠃ ᠨᠠᠷᠢᠮᠣ᠂ ᠰᠢᠷ᠎ᠡ ᠪᠤᠷᠴᠠᠭ᠂

ᠠᠮᠣ᠂ ᠰᠠᠭᠠᠭ ᠵᠡᠷᠭᠡ ᠡᠯᠳᠡᠪ ᠠᠮᠤ ᠶᠢᠨ ᠬᠤᠷᠢᠶᠠᠯᠲᠠ ᠠᠴᠠ ᠡᠮᠦᠨ᠎ᠡ᠂ ᠬᠤᠰᠢᠭᠤ ᠱᠠᠲᠤᠨ ᠠᠴᠠ ᠲᠤᠰᠬᠠᠢ ᠮᠡᠷᠬᠡᠵᠢᠯᠲᠡᠨ ᠵᠤᠬᠢᠶᠠᠨ ᠪᠠᠶᠢᠭᠤᠯᠵᠤ ᠣᠨᠠᠯᠲᠠ ᠶᠢ

ᠵᠢᠱᠢᠬᠦ ᠪᠠ ᠶᠠᠰᠣ ᠴᠢᠨᠠᠷ ᠢ ᠰᠣᠩᠭᠤᠨ ᠪᠠᠶᠢᠴᠠᠭᠠᠬᠤ ᠵᠡᠷᠭᠡ ᠠᠵᠢᠯ ᠢ ᠦᠷᠨᠢᠬᠦᠯᠦᠨ᠎ᠡ᠃

      ︵ᠲᠠᠪᠤ︶ ᠣᠬᠠᠭᠤᠯᠭ᠎ᠠ ᠵᠢᠯᠤᠭᠤᠳᠤᠯᠭ᠎ᠠ ᠶᠢᠨ ᠡᠷᠴᠢᠮ ᠢᠶᠠᠨ ᠴᠢᠩᠭᠠᠳᠬᠠᠨ᠎ᠠ᠃ ᠷᠠᠳᠢᠤ᠋ ᠨᠡᠪᠲᠡᠷᠡᠬᠦᠯᠬᠡ᠂ ᠲᠧᠯᠸᠢᠰ᠂ ᠲᠤᠤᠷ ᠰᠦᠯᠵᠢᠶ᠎ᠡ ᠵᠡᠷᠭᠡ

ᠵᠠᠭᠤᠴᠢᠯᠠᠭᠤᠷ ᠢ ᠬᠦᠢᠴᠡᠳ ᠠᠰᠢᠭᠯᠠᠵᠤ᠂ ᠰᠦᠯᠢᠶᠤᠤ ᠬᠦᠯᠡᠮᠵᠢ ᠲᠠᠢ ᠣᠶᠠᠯᠳᠣᠭᠤᠯᠣᠭᠰᠠᠨ ᠨᠠᠷᠢᠮᠣ᠂ ᠰᠢᠷ᠎ᠡ ᠪᠤᠷᠴᠠᠭ᠂ ᠠᠮᠣ᠂ ᠰᠠᠭᠠᠭ ᠵᠡᠷᠭᠡ ᠡᠯᠳᠡᠪ ᠠᠮᠤ

ᠲᠠᠷᠢᠬᠤ ᠪᠠ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠵᠠᠰᠠᠯᠲᠠ ᠶᠢᠨ ᠴᠢᠬᠤᠯᠠ ᠠᠴᠢ ᠬᠤᠯᠪᠤᠭᠳᠠᠯ ᠪᠠ ᠬᠤᠯᠪᠤᠭᠳᠠᠯ ᠪᠦᠬᠦᠢ

ᠱᠠᠭᠠᠷᠳᠠᠯᠭ᠎ᠠ ᠶᠢ ᠣᠬᠠᠭᠤᠯᠤᠨ᠂ ᠠᠬᠤᠢ ᠲᠠᠯᠠᠪᠠᠢ ᠶᠢᠨ ᠦᠵᠡᠬᠦᠯᠬᠡ᠂ ᠲᠤᠷᠰᠢᠯᠭ᠎ᠠ ᠰᠣᠯᠢᠯᠴᠠᠭ᠎ᠠ᠂ ᠨᠡᠶᠢᠲᠡᠯᠢᠭ ᠵᠢᠱᠢᠶ᠎ᠡ ᠵᠡᠷᠭᠡ ᠠᠷᠭ᠎ᠠ ᠮᠠᠶ᠋ᠢᠭ ᠢᠶᠠᠷ ᠳᠠᠮᠵᠢᠭᠤᠯᠤᠨ

ᠣᠰᠣ ᠠᠷᠪᠢᠯᠠᠬᠤ ᠨᠠᠷᠢᠮᠣ᠂ ᠰᠢᠷ᠎ᠡ ᠪᠤᠷᠴᠠᠭ᠂ ᠠᠮᠣ᠂ ᠰᠠᠭᠠᠭ ᠤᠨ ᠦᠢᠯᠡᠳᠪᠦᠷᠢᠯᠡᠯ ᠢ ᠬᠦᠭᠵᠢᠬᠦᠯᠬᠦ ᠳᠤ ᠣᠯᠣᠭᠰᠠᠨ ᠠᠬᠢᠴᠠ ᠪᠠ ᠪᠦᠲᠦᠮᠵᠢ ᠶᠢ ᠣᠬᠠᠭᠤᠯᠵᠦ᠂

ᠨᠠᠶᠢᠬᠡᠮ ᠤᠨ ᠡᠯ᠎ᠡ ᠡᠲᠡᠭᠡᠳ ᠢ ᠵᠢᠯᠤᠭᠤᠳᠤᠨ ᠬᠠᠭᠤᠷᠠᠢ ᠲᠠᠷᠢᠶᠠᠯᠠᠭ᠎ᠠ ᠶᠢᠨ ᠨᠠᠷᠢᠮᠣ᠂ ᠰᠢᠷ᠎ᠡ ᠪᠤᠷᠴᠠᠭ᠂ ᠠᠮᠣ᠂ ᠰᠠᠭᠠᠭ ᠤᠨ ᠠᠵᠤ ᠦᠢᠯᠡᠰ ᠤᠨ ᠬᠦᠭᠵᠢᠯᠲᠡ ᠶᠢ

ᠬᠠᠯᠠᠮᠵᠢᠯᠠᠨ ᠳᠡᠮᠵᠢᠬᠦ ᠪᠠ ᠬᠡᠲᠦ ᠠᠰᠢᠭᠯᠠᠯᠲᠠ ᠶᠢᠨ ᠣᠷᠣᠨ ᠤ ᠵᠠᠰᠠᠯᠲᠠ ᠶᠢᠨ ᠠᠵᠢᠯ ᠢ ᠪᠠᠬᠢᠵᠢᠬᠦᠯᠦᠨ᠎ᠡ᠃

      ︵ᠵᠢᠷᠭᠤᠭ᠎ᠠ︶ ᠳ᠋ᠦᠩᠨᠡᠯᠲᠡ ᠰᠣᠯᠢᠯᠴᠠᠭ᠎ᠠ ᠪᠠᠨ ᠰᠠᠶᠢᠲᠤᠷ ᠬᠢᠨ᠎ᠠ᠃ ᠡᠯ᠎ᠡ ᠭᠠᠴᠠᠭ᠎ᠠ ᠲᠤᠰᠬᠤᠨ ᠤ ᠬᠠᠭᠤᠷᠠᠢ ᠲᠠᠷᠢᠶᠠᠯᠠᠭ᠎ᠠ ᠶᠢᠨ ᠨᠠᠷᠢᠮᠣ᠂ ᠰᠢᠷ᠎ᠡ ᠪᠤᠷᠴᠠᠭ᠂

ᠠᠮᠣ᠂ ᠰᠠᠭᠠᠭ ᠤᠨ ᠲᠠᠷᠢᠮᠠᠯ ᠤᠨ ᠬᠡᠷᠡᠭᠵᠢᠬᠦᠯᠦᠯᠲᠡ ᠶᠢᠨ ᠶᠠᠪᠤᠴᠠ ᠳᠣᠮᠳᠠ ᠢᠯᠡᠷᠡᠭᠰᠡᠨ ᠰᠠᠶᠢᠨ ᠠᠷᠭ᠎ᠠ ᠰᠢᠯᠢᠳᠡᠭ ᠲᠤᠷᠰᠢᠯᠭ᠎ᠠ ᠪᠠᠨ ᠳ᠋ᠦᠩᠨᠡᠨ᠎ᠡ᠃ ᠨᠢᠬᠡ

ᠪᠦᠯᠦᠭ ᠬᠤᠷᠢᠶᠠᠯᠲᠠ ᠪᠠᠨ ᠨᠡᠮᠡᠭᠳᠡᠬᠦᠯᠬᠦ ᠳᠠᠯᠲᠠ ᠬᠦᠴᠦᠨ ᠲᠠᠢ ᠦᠨᠳᠦᠷ ᠣᠨᠠᠯᠲᠠ ᠲᠠᠢ ᠮᠦᠷᠲᠡᠭᠡᠨ ᠴᠢᠨᠠᠷ ᠰᠠᠶᠢᠲᠠᠢ ᠦᠷ᠎ᠡ ᠶᠢᠨ ᠲᠦᠷᠦᠯ ᠡᠬᠦᠯᠳᠡᠷ ᠢ

ᠲᠠᠨᠢᠯᠴᠠᠭᠤᠯᠵᠤ᠂ ᠨᠢᠬᠡ ᠪᠦᠯᠦᠭ ᠣᠰᠣ ᠠᠷᠪᠢᠯᠠᠬᠤ ᠪᠦᠬᠡᠳ  ᠪᠦᠲᠦᠮᠵᠢᠲᠡᠢ ᠪᠤᠬᠢᠷᠳᠣᠯ ᠦᠬᠡᠢ ᠮᠡᠷᠭᠡᠵᠢᠯ ᠤᠨ ᠵᠠᠭᠪᠤᠷ ᠢ ᠡᠮᠬᠢᠳᠬᠡᠨ᠂ ᠨᠢᠬᠡ ᠪᠦᠯᠦᠭ

ᠲᠠᠶᠢᠴᠢᠯᠠᠯᠲᠠ ᠶᠢᠨ ᠦᠢᠯᠡᠳᠦᠯ ᠢᠶᠠᠷ ᠴᠢᠩᠭ᠎ᠠ ᠬᠠᠭᠤᠷᠠᠢ ᠲᠠᠷᠢᠶᠠᠯᠠᠭ᠎ᠠ ᠶᠢᠨ ᠨᠡᠶᠢᠲᠡᠯᠢᠭ ᠵᠢᠱᠢᠶ᠎ᠡ ᠶᠢ ᠪᠤᠢ ᠪᠤᠯᠭᠠᠨ᠎ᠠ᠃ ᠵᠢᠯ ᠤᠨ ᠡᠴᠦᠰ ᠠᠴᠠ ᠡᠮᠦᠨ᠎ᠡ᠂

ᠬᠤᠰᠢᠭᠤ ᠣᠳᠣᠷᠢᠳᠬᠤ ᠳᠣᠭᠤᠶᠢᠯᠠᠩ ᠠᠴᠠ ᠰᠦᠯᠢᠶᠤᠤ ᠬᠦᠯᠡᠮᠵᠢ ᠶᠢᠨ ᠲᠠᠷᠢᠮᠠᠯ ᠵᠢᠴᠢ ᠬᠠᠭᠤᠷᠠᠢ ᠲᠠᠷᠢᠶᠠᠯᠠᠭ᠎ᠠ ᠶᠢᠨ ᠨᠠᠷᠢᠮᠣ᠂ ᠰᠢᠷ᠎ᠡ ᠪᠤᠷᠴᠠᠭ᠂ ᠠᠮᠣ᠂ ᠰᠠᠭᠠᠭ

 ᠤᠨ ᠬᠡᠷᠡᠭᠵᠢᠬᠦᠯᠦᠯᠲᠡ ᠶᠢᠨ ᠪᠠᠶᠢᠳᠠᠯ ᠢ ᠪᠦᠬᠦ ᠲᠠᠯ᠎ᠠ ᠪᠠᠷ ᠳ᠋ᠦᠩᠨᠡᠵᠦ᠂ ᠵᠢᠯ ᠤᠨ ᠳ᠋ᠦᠩᠨᠡᠯᠲᠡ ᠶᠢᠨ ᠮᠡᠳᠡᠬᠦᠯᠦᠯᠲᠡ ᠶᠢ ᠪᠦᠷᠢᠯᠳᠦᠬᠦᠯᠦᠨ᠂ ᠬᠤᠰᠢᠭᠤ ᠠᠷᠠᠳ ᠤᠨ

ᠵᠠᠰᠠᠭ ᠤᠨ ᠣᠷᠳᠣᠨ ᠳᠤ ᠮᠡᠳᠡᠬᠦᠯᠦᠨ ᠬᠦᠷᠬᠡᠨ᠎ᠡ᠃

ᠳᠠᠭᠠᠯᠳᠣᠭᠤᠯᠣᠯ ᠨᠢᠬᠡ᠄

      ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠲᠠᠷᠢᠮᠠᠯ ᠤᠨ ᠪᠦᠲᠦᠴᠡ ᠶᠢᠨ ᠲᠤᠬᠢᠷᠠᠭᠤᠯᠤᠯᠲᠠ ᠵᠢᠴᠢ ᠳᠦᠬᠦᠬᠡᠷᠦᠮᠵᠢᠲᠦ ᠲᠠᠷᠢᠶᠠᠯᠠᠩ

 ᠤᠨ ᠦᠢᠯᠡᠰ ᠤᠨ ᠲᠦᠷᠦᠯ ᠵᠦᠢᠯ ᠤᠨ ᠬᠦᠭᠵᠢᠬᠦᠯᠦᠯᠲᠡ ᠶᠢᠨ ᠣᠳᠣᠷᠢᠳᠬᠤ ᠳᠣᠭᠤᠶᠢᠯᠠᠩ ᠤᠨ ᠪᠦᠷᠢᠯᠳᠦᠬᠦᠨ ᠤ ᠨᠡᠷᠡᠰ

ᠳᠣᠭᠤᠶᠢᠯᠠᠩ ᠤᠨ ᠳᠠᠷᠤᠭ᠎ᠠ᠄  ᠶᠢᠦ ᠵᠢᠶᠠᠨ ᠴᠢᠩ   ᠬᠤᠰᠢᠭᠤ ᠠᠷᠠᠳ ᠤᠨ ᠵᠠᠰᠠᠭ ᠤᠨ ᠣᠷᠳᠣᠨ ᠤ ᠳᠡᠳ᠋ ᠳᠠᠷᠤᠭ᠎ᠠ

ᠳᠣᠭᠤᠶᠢᠯᠠᠩ ᠤᠨ ᠳᠡᠳ᠋ ᠳᠠᠷᠤᠭ᠎ᠠ᠄ ᠡᠷᠳᠡᠨᠢᠪᠢᠯᠢᠭ  ᠬᠤᠰᠢᠭᠤ ᠮᠠᠯ ᠲᠠᠷᠢᠶᠠᠯᠠᠩ ᠤᠨ ᠲᠤᠪᠴᠢᠶᠠᠨ ᠤ ᠨᠠᠮ ᠤᠨ ᠣᠳᠣᠷᠢᠳᠬᠤ ᠳᠣᠭᠤᠶᠢᠯᠠᠩ ᠤᠨ ᠱᠦᠵᠢ

                            ᠰᠢᠦᠸᠡᠢ ᠵᠣᠣ ᠰᠢᠩ   ᠬᠤᠰᠢᠭᠤ ᠬᠦᠭᠵᠢᠬᠦᠯᠦᠯᠲᠡ ᠪᠠ ᠦᠭᠡᠷᠡᠴᠢᠯᠡᠯᠲᠡ ᠶᠢᠨ ᠵᠦᠪᠯᠡᠯ ᠤᠨ ᠡᠷᠬᠢᠯᠡᠭᠴᠢ

                            ᠠᠶᠤᠰᠢ   ᠬᠤᠰᠢᠭᠤ ᠡᠳ᠋ ᠤᠨ ᠵᠠᠰᠠᠭ ᠤᠨ ᠲᠤᠪᠴᠢᠶᠠᠨ ᠤ ᠳᠠᠷᠤᠭ᠎ᠠ

                            ᠯᠢᠶᠠᠩ ᠵᠢᠶᠠᠨ ᠵᠢᠶᠦ᠋ᠨ  ᠬᠤᠰᠢᠭᠤ ᠣᠢ ᠰᠢᠭᠤᠢ ᠪᠠ ᠨᠤᠲᠤᠭ ᠪᠡᠯᠴᠢᠭᠡᠷ ᠤᠨ ᠲᠤᠪᠴᠢᠶᠠᠨ ᠤ ᠳᠠᠷᠤᠭ᠎ᠠ

                            ᠷᠧᠨ ᠫᠧᠩ   ᠬᠤᠰᠢᠭᠤ ᠣᠰᠣᠨ ᠠᠰᠢᠭᠯᠠᠯᠲᠠ ᠶᠢᠨ ᠲᠤᠪᠴᠢᠶᠠᠨ ᠤ ᠳᠠᠷᠤᠭ᠎ᠠ

                            ᠨᠠᠶᠠ   ᠣᠯᠵᠠᠴᠢ ᠪᠠᠯᠭᠠᠰᠣᠨ ᠤ ᠠᠷᠠᠳ ᠤᠨ ᠵᠠᠰᠠᠭ ᠤᠨ ᠣᠷᠳᠣᠨ ᠤ ᠪᠠᠯᠭᠠᠰᠣᠨ ᠳᠠᠷᠤᠭ᠎ᠠ

                            ᠾᠧ ᠫᠢᠩ  ᠬᠤᠰᠢᠭᠤ ᠴᠠᠬᠢᠯᠭᠠᠨ ᠬᠠᠩᠭᠠᠯᠭ᠎ᠠ ᠶᠢᠨ ᠬᠤᠪᠢᠶᠠᠷᠢ ᠺᠤᠮᠫᠠᠨᠢ ᠶᠢᠨ ᠳᠠᠭᠠᠭᠠᠮᠠᠯ

ᠪᠦᠷᠢᠯᠳᠦᠬᠦᠨ᠄ ᠠᠭᠤᠯᠠ  ᠬᠤᠰᠢᠭᠤ ᠮᠠᠯ ᠲᠠᠷᠢᠶᠠᠯᠠᠩ ᠤᠨ ᠲᠤᠪᠴᠢᠶᠠᠨ ᠤ ᠳᠡᠳ᠋ ᠳᠠᠷᠤᠭ᠎ᠠ

                     ᠰᠸᠧᠠᠩ  ᠬᠤᠰᠢᠭᠤ ᠮᠠᠯ ᠲᠠᠷᠢᠶᠠᠯᠠᠩ ᠤᠨ ᠦᠢᠯᠡᠰ ᠤᠨ ᠶᠡᠷᠦᠩᠬᠡᠶᠢᠯᠡᠭᠰᠡᠨ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠦᠯᠲᠡ ᠶᠢᠨ ᠶᠡᠭᠡ

ᠠᠩᠬᠢ ᠶᠢᠨ ᠳᠠᠷᠤᠭ᠎ᠠ

                           ᠯᠣ᠋ ᠴᠢ   ᠬᠤᠰᠢᠭᠤ ᠮᠠᠯ ᠲᠠᠷᠢᠶᠠᠯᠠᠩ ᠤᠨ ᠦᠢᠯᠡᠰ ᠤᠨ ᠮᠡᠷᠬᠡᠵᠢᠯ ᠤᠨ ᠲᠦᠬᠡᠮᠡᠯᠵᠢᠬᠦᠯᠦᠯᠲᠡ ᠶᠢᠨ ᠲᠦᠪ ᠤᠨ ᠡᠷᠬᠢᠯᠡᠭᠴᠢ 

                          ᠹᠧᠩ ᠢᠦᠢ ᠬᠤᠩ  ᠣᠯᠵᠠᠴᠢ ᠪᠠᠯᠭᠠᠰᠣᠨ ᠤ ᠠᠷᠠᠳ ᠤᠨ ᠵᠠᠰᠠᠭ ᠤᠨ ᠣᠷᠳᠣᠨ ᠤ ᠪᠠᠯᠭᠠᠰᠣᠨ ᠳᠡᠳ᠋ ᠳᠠᠷᠤᠭ᠎ᠠ

                          ᠵᠠᠩ ᠭᠤᠸᠠᠩ ᠪᠢᠨ  ᠣᠯᠵᠠᠴᠢ ᠪᠠᠯᠭᠠᠰᠣᠨ ᠤ ᠠᠷᠠᠳ ᠤᠨ ᠵᠠᠰᠠᠭ ᠤᠨ ᠣᠷᠳᠣᠨ ᠤ ᠪᠠᠯᠭᠠᠰᠣᠨ ᠳᠡᠳ᠋ ᠳᠠᠷᠤᠭ᠎ᠠ

                          ᠢᠦᠢ ᠫᠸᠢ ᡁᠢ  ᠣᠯᠵᠠᠴᠢ ᠪᠠᠯᠭᠠᠰᠣᠨ ᠤ ᠶᠠᠷᠦᠩᠬᠡᠢ ᠪᠠᠲᠤᠯᠠᠭ᠎ᠠ ᠪᠠ ᠮᠡᠷᠭᠡᠵᠢᠯ ᠤᠨ ᠲᠦᠬᠡᠮᠡᠯᠵᠢᠬᠦᠯᠦᠯᠲᠡ ᠶᠢᠨ ᠲᠦᠪ ᠤᠨ

ᠡᠷᠬᠢᠯᠡᠭᠴᠢ

                          ᠵᠢᠶᠠᠩ ᠪᠠᠢ ᠮᠸᠢ  ᠬᠤᠰᠢᠭᠤ ᠮᠠᠯ ᠲᠠᠷᠢᠶᠠᠯᠠᠩ ᠤᠨ ᠲᠤᠪᠴᠢᠶᠠᠨ ᠤ ᠲᠠᠷᠢᠶᠠᠯᠠᠩ ᠤᠨ ᠮᠠᠰᠢᠨ ᠤ ᠦᠢᠯᠡᠴᠢᠯᠡᠬᠡᠨ ᠤ ᠲᠦᠪ ᠤᠨ

ᠡᠷᠬᠢᠯᠡᠭᠴᠢ

                          ᠶᠢᠦ ᠵᠢᠶᠦ᠋ᠨ ᠸᠧᠨ  ᠬᠤᠰᠢᠭᠤ ᠮᠠᠯ ᠲᠠᠷᠢᠶᠠᠯᠠᠩ ᠤᠨ ᠦᠢᠯᠡᠰ ᠤᠨ ᠮᠡᠷᠬᠡᠵᠢᠯ ᠤᠨ ᠲᠦᠬᠡᠮᠡᠯᠵᠢᠬᠦᠯᠦᠯᠲᠡ ᠶᠢᠨ ᠲᠦᠪ ᠤᠨ ᠳᠡᠳ᠋

ᠡᠷᠬᠢᠯᠡᠭᠴᠢ

                          ᠶᠠᠩ ᠹᠸᠢ   ᠬᠤᠰᠢᠭᠤ ᠮᠠᠯ ᠲᠠᠷᠢᠶᠠᠯᠠᠩ ᠤᠨ ᠦᠢᠯᠡᠰ ᠤᠨ ᠮᠡᠷᠬᠡᠵᠢᠯ ᠤᠨ ᠲᠦᠬᠡᠮᠡᠯᠵᠢᠬᠦᠯᠦᠯᠲᠡ ᠶᠢᠨ ᠲᠦᠪ ᠤᠨ ᠠᠵᠢᠯᠲᠠᠨ

                          ᠯᠢ ᠭᠦᠢ ᠯᠢᠨ  ᠬᠤᠰᠢᠭᠤ ᠮᠠᠯ ᠲᠠᠷᠢᠶᠠᠯᠠᠩ ᠤᠨ ᠦᠢᠯᠡᠰ ᠤᠨ ᠮᠡᠷᠬᠡᠵᠢᠯ ᠤᠨ ᠲᠦᠬᠡᠮᠡᠯᠵᠢᠬᠦᠯᠦᠯᠲᠡ ᠶᠢᠨ ᠲᠦᠪ ᠤᠨ ᠠᠵᠢᠯᠲᠠᠨ

                          ᠵᠢᠢ ᠶᠦᠩ ᠰᠢᠶᠠᠩ  ᠬᠤᠰᠢᠭᠤ ᠮᠠᠯ ᠲᠠᠷᠢᠶᠠᠯᠠᠩ ᠤᠨ ᠦᠢᠯᠡᠰ ᠤᠨ ᠮᠡᠷᠬᠡᠵᠢᠯ ᠤᠨ ᠲᠦᠬᠡᠮᠡᠯᠵᠢᠬᠦᠯᠦᠯᠲᠡ ᠶᠢᠨ ᠲᠦᠪ ᠤᠨ

ᠠᠵᠢᠯᠲᠠᠨ

                          ᠭᠤᠤ ᠱᠣ᠋ ᠬᠠᠢ  ᠬᠤᠰᠢᠭᠤ ᠮᠠᠯ ᠲᠠᠷᠢᠶᠠᠯᠠᠩ ᠤᠨ ᠦᠢᠯᠡᠰ ᠤᠨ ᠮᠡᠷᠬᠡᠵᠢᠯ ᠤᠨ ᠲᠦᠬᠡᠮᠡᠯᠵᠢᠬᠦᠯᠦᠯᠲᠡ ᠶᠢᠨ ᠲᠦᠪ ᠤᠨ ᠠᠵᠢᠯᠲᠠᠨ

      ᠣᠳᠣᠷᠢᠳᠬᠤ ᠳᠣᠭᠤᠶᠢᠯᠠᠩ ᠤᠨ ᠠᠯᠪᠠᠨ ᠭᠡᠷ ᠢ ᠬᠤᠰᠢᠭᠤ ᠮᠠᠯ ᠲᠠᠷᠢᠶᠠᠯᠠᠩ ᠤᠨ ᠲᠤᠪᠴᠢᠶᠠᠨ ᠳᠤ ᠲᠤᠬᠢᠷᠠᠭᠤᠯᠵᠤ᠂ ᠠᠯᠪᠠᠨ ᠭᠡᠷ ᠤᠨ ᠡᠷᠬᠢᠯᠡᠭᠴᠢ ᠶᠢᠨ

ᠲᠤᠰᠢᠶᠠᠯ ᠢ ᠬᠤᠰᠢᠭᠤ ᠮᠠᠯ ᠲᠠᠷᠢᠶᠠᠯᠠᠩ ᠤᠨ ᠲᠤᠪᠴᠢᠶᠠᠨ ᠤ ᠨᠠᠮ ᠤᠨ ᠣᠳᠣᠷᠢᠳᠬᠤ ᠳᠣᠭᠤᠶᠢᠯᠠᠩ ᠤᠨ ᠱᠦᠵᠢ ᠡᠷᠳᠡᠨᠢᠪᠢᠯᠢᠭ ᠬᠠᠪᠰᠣᠷᠭᠠᠨ᠂ ᠠᠯᠪᠠᠨ ᠭᠡᠷ ᠤᠨ

ᠬᠠᠷᠢᠯᠴᠠᠬᠤ ᠬᠦᠮᠦᠨ ᠸᠠᠩ ᠵᠣᠣ ᠵᠢᠦᠸᠡᠨ᠂ ᠬᠠᠷᠢᠯᠴᠠᠬᠤ ᠣᠲᠠᠰᠣ 13704772809᠂  ᠢᠮᠧᠯ 670645707@qq.com᠃

 

ᠳᠠᠭᠠᠯᠳᠣᠭᠤᠯᠣᠯ 2᠄

                  ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ᠂ ᠠᠮᠣ᠂ ᠰᠠᠭᠠᠭ ᠦᠢᠯᠡᠳᠪᠦᠷᠢᠯᠡᠬᠦ ᠮᠡᠷᠭᠡᠵᠢᠯ ᠤᠨ ᠳᠦᠷᠢᠮ

      ᠣᠰᠣ ᠬᠢᠵᠠᠭᠠᠷᠯᠠᠬᠤ ᠨᠠᠷᠢᠮᠣ᠂ ᠰᠢᠷ᠎ᠡ ᠪᠣᠷᠴᠠᠭ ᠤᠨ ᠲᠦᠷᠦᠯ ᠡᠬᠦᠯᠳᠡᠷ ᠤᠨ ᠲᠦᠬᠡᠮᠡᠯᠵᠢᠯ ᠢ ᠲᠦᠷᠭᠡᠳᠬᠡᠨ ᠠᠬᠢᠭᠤᠯᠵᠤ᠂ ᠲᠤᠷᠰᠢᠯᠲᠠ ᠵᠢᠱᠢᠶ᠎ᠡ ᠪᠠ

ᠲᠦᠬᠡᠮᠡᠯᠵᠢᠬᠦᠯᠦᠯᠲᠡ ᠶᠢᠨ ᠪᠦᠲᠦᠮᠵᠢ ᠲᠠᠢ ᠣᠶᠠᠯᠳᠣᠭᠤᠯᠣᠨ᠂ ᠨᠢᠬᠡ ᠪᠦᠯᠦᠭ ᠭᠠᠩ ᠳᠤ ᠳᠡᠰᠪᠦᠷᠢᠲᠡᠢ᠂ ᠳᠠᠴᠢᠷ ᠭᠠᠵᠠᠷ ᠵᠣᠬᠢᠮᠵᠢᠲᠠᠢ᠂ ᠡᠪᠡᠳᠴᠢᠨ ᠢ

ᠡᠰᠡᠷᠬᠦᠴᠡᠬᠦ ᠴᠢᠳᠠᠪᠤᠷᠢ ᠲᠠᠢ᠂ ᠴᠢᠨᠠᠷ ᠰᠠᠶᠢᠲᠠᠢ᠂ ᠦᠨᠳᠦᠷ ᠣᠨᠠᠯᠲᠠ ᠲᠠᠢ ᠬᠠᠭᠤᠷᠠᠢ ᠲᠠᠷᠢᠶᠠᠯᠠᠭ᠎ᠠ ᠶᠢᠨ ᠨᠠᠷᠢᠮᠣ᠂ ᠰᠢᠷ᠎ᠠ ᠪᠤᠷᠴᠠᠭ ᠤᠨ ᠭᠤᠤᠯ ᠲᠦᠷᠦᠯ ᠡᠬᠦᠯᠳᠡᠷ

 ᠢ ᠰᠣᠩᠭᠤᠨ ᠪᠦᠷᠢᠯᠳᠦᠬᠦᠯᠵᠦ᠂ ᠬᠠᠭᠤᠷᠠᠢ ᠲᠠᠷᠢᠶᠠᠯᠠᠭ᠎ᠠ ᠶᠢᠨ ᠮᠡᠷᠭᠡᠵᠢᠯ ᠢ ᠲᠦᠬᠡᠮᠡᠯᠵᠢᠬᠦᠯᠦᠨ᠂ ᠬᠠᠭᠤᠷᠠᠢ ᠲᠠᠷᠢᠶᠠᠯᠠᠭ᠎ᠠ ᠶᠢᠨ ᠮᠡᠷᠬᠡᠵᠢᠯ ᠤᠨ ᠰᠢᠨᠡᠴᠢᠯᠡᠯᠲᠡ ᠶᠢᠨ

ᠡᠷᠴᠢᠮ ᠢᠶᠠᠨ ᠴᠢᠩᠭᠠᠳᠬᠠᠬᠤ ᠶᠢᠨ ᠲᠤᠰᠠᠳᠠ᠂ ᠨᠢᠬᠡ ᠪᠦᠯᠦᠭ ᠶᠡᠭᠡ ᠬᠡᠪᠴᠢᠶ᠎ᠠ ᠪᠠᠷ ᠲᠦᠬᠡᠮᠡᠯᠵᠢᠬᠦᠯᠵᠦ ᠪᠤᠯᠬᠤᠶᠢᠴᠠ ᠨᠠᠷᠢᠮᠣ᠂ ᠰᠢᠷ᠎ᠠ ᠪᠤᠷᠴᠠᠭ ᠤᠨ ᠬᠠᠭᠤᠷᠠᠢ

ᠲᠠᠷᠢᠶᠠᠯᠠᠭ᠎ᠠ ᠶᠢ ᠨᠢᠬᠡᠳᠬᠡᠭᠰᠡᠨ ᠮᠡᠷᠬᠡᠵᠢᠯ ᠢ ᠰᠦᠪᠡᠭᠴᠢᠯᠡᠨ ᠪᠦᠷᠢᠯᠳᠦᠬᠦᠯᠦᠨ᠎ᠡ᠃ 2022 ᠣᠨ ᠳᠤ ᠣᠰᠣᠯᠠᠯᠲᠠ ᠶᠢᠨ ᠭᠠᠵᠠᠷ ᠤᠨ ᠲᠠᠷᠢᠮᠠᠯ ᠤᠨ ᠲᠠᠯᠠᠪᠠᠢ ᠶᠢ 1

ᠲᠦᠮᠡᠨ ᠮᠤ᠋ ᠠᠴᠠ ᠳᠡᠭᠡᠭᠰᠢ ᠪᠠᠭᠠᠰᠬᠠᠨ᠂ ᠭᠠᠵᠠᠷ ᠳᠣᠣᠷᠠᠬᠢ ᠣᠰᠣᠨ ᠤ ᠠᠰᠢᠭᠯᠠᠯᠲᠠ ᠶᠢᠨ ᠬᠡᠮᠵᠢᠶ᠎ᠡ ᠶᠢ 95 ᠲᠦᠮᠡᠨ ᠺᠦᠪ ᠮᠧᠲᠷ ᠠᠴᠠ ᠳᠡᠭᠡᠭᠰᠢ ᠠᠷᠪᠢᠯᠠᠵᠤ᠂

ᠬᠠᠭᠤᠷᠠᠢ ᠲᠠᠷᠢᠶᠠᠯᠠᠭ᠎ᠠ ᠶᠢᠨ ᠨᠠᠷᠢᠮᠣ᠂ ᠰᠢᠷ᠎ᠠ ᠪᠤᠷᠴᠠᠭ᠂ ᠠᠮᠤ᠂ ᠰᠠᠭᠠᠭ ᠤᠨ ᠲᠠᠷᠢᠮᠠᠯ ᠤᠨ ᠲᠠᠯᠠᠪᠠᠢ ᠶᠢ 9600 ᠮᠣ᠋ ᠠᠴᠠ ᠳᠡᠭᠡᠭᠰᠢ ᠬᠦᠭᠵᠢᠬᠦᠯᠦᠨ᠂ ᠬᠠᠭᠤᠷᠠᠢ

ᠲᠠᠷᠢᠶᠠᠯᠠᠭ᠎ᠠ ᠶᠢᠨ ᠭᠤᠤᠯ ᠲᠦᠷᠦᠯ ᠡᠬᠦᠯᠳᠡᠷ᠂ ᠬᠠᠭᠤᠷᠠᠢ ᠲᠠᠷᠢᠶᠠᠯᠠᠭ᠎ᠠ ᠶᠢᠨ ᠭᠤᠤᠯ ᠮᠡᠷᠭᠡᠵᠢᠯ ᠢ ᠲᠤᠰ ᠲᠤᠰ 4 ᠠᠴᠠ ᠳᠡᠭᠡᠭᠰᠢ ᠪᠦᠷᠢᠯᠳᠦᠬᠦᠯᠦᠨ᠎ᠡ᠃

      ᠨᠢᠬᠡ᠂ ᠨᠠᠷᠢᠮᠣ ᠶᠢᠨ ᠦᠢᠯᠡᠳᠪᠦᠷᠢᠯᠡᠯ ᠤᠨ ᠮᠡᠷᠭᠡᠵᠢᠯ ᠤᠨ ᠳᠦᠷᠢᠮ

      ︵ᠨᠢᠭᠡ︶ ᠭᠠᠵᠠᠷ ᠰᠣᠩᠭᠤᠵᠣ ᠳᠡᠭᠰᠢᠯᠡᠨ᠎ᠡ᠃

      1. ᠭᠠᠵᠠᠷ ᠰᠣᠩᠭᠤᠵᠣ ᠭᠤᠤᠷᠰᠣ ᠡᠬᠡᠯᠵᠢᠯᠡᠨ ᠲᠠᠷᠢᠨ᠎ᠠ᠃ ᠨᠠᠷᠢᠮᠣ ᠲᠠᠷᠢᠬᠤ ᠳᠤ ᠭᠤᠤᠷᠰᠣ ᠰᠣᠯᠢᠬᠤ ᠦᠬᠡᠢ ᠪᠠᠷ ᠲᠠᠷᠢᠵᠦ ᠪᠤᠯᠬᠤ ᠦᠬᠡᠢ ᠲᠤᠯᠠ ᠵᠦᠢ

ᠵᠤᠬᠢᠰᠲᠠᠢ ᠪᠠᠷ ᠭᠤᠤᠷᠰᠣ ᠡᠬᠡᠯᠵᠢᠯᠡᠨ ᠲᠠᠷᠢᠨ᠎ᠠ᠃ ᠨᠠᠷᠢᠮᠣ ᠶᠢᠨ ᠡᠮᠦᠨ᠎ᠡ ᠭᠤᠤᠷᠰᠣᠨ ᠳᠤ ᠲᠦᠮᠦᠰᠦ᠂ ᠰᠢᠷ᠎ᠠ ᠪᠤᠷᠴᠠᠭ᠂ ᠪᠤᠭᠤᠳᠠᠢ ᠵᠡᠷᠭᠡ ᠶᠢ ᠲᠠᠷᠢᠵᠦ᠂ ᠳ᠋ᠸᠤ

ᠬᠤᠸᠠᠩ ᠯᠦᠩ ᠡᠪᠡᠰᠦ ᠠᠷᠢᠯᠭᠠᠬᠤ ᠡᠮ ᠬᠡᠷᠡᠭᠯᠡᠭᠰᠡᠨ ᠭᠠᠵᠠᠷ ᠲᠤ ᠲᠠᠷᠢᠵᠦ ᠪᠤᠯᠬᠤ ᠦᠬᠡᠢ᠂ ᠡᠰᠡᠪᠡᠯ ᠨᠠᠷᠢᠮᠣ ᠶᠢᠨ ᠣᠷᠭᠤᠴᠠ ᠶᠢ ᠨᠣᠴᠢᠲᠠᠢ ᠰᠠᠭᠠᠳᠠᠭᠤᠯᠤᠨ᠎ᠠ᠃

ᠨᠠᠷᠢᠮᠣ ᠭᠠᠩ ᠳᠤ ᠲᠡᠰᠪᠤᠷᠢᠲᠡᠢ᠂ ᠣᠰᠣᠳᠣᠯ ᠠᠴᠠ ᠠᠶᠤᠬᠤ᠂ ᠲᠠᠴᠢᠷ ᠭᠠᠵᠠᠷ ᠲᠤ ᠳᠠᠭᠠᠭᠠᠴᠠᠲᠠᠢ ᠣᠷᠭᠤᠮᠠᠯ ᠳᠤ ᠬᠠᠷᠢᠶᠠᠯᠠᠭᠳᠠᠬᠤ ᠪᠤᠯᠬᠤᠷ ᠨᠠᠯᠠᠤ ᠭᠠᠵᠠᠷ ᠪᠠ

ᠪᠠᠶᠢᠴᠠ ᠦᠨᠳᠦᠷ ᠭᠠᠵᠠᠷ ᠲᠠᠷᠢᠬᠤ ᠳᠤ ᠳᠣᠬᠢᠷᠠᠮᠵᠢᠲᠠᠢ᠂ ᠬᠦᠷᠦᠰᠦ ᠰᠢᠷᠤᠢ ᠶᠢᠨ ᠱᠠᠭᠠᠷᠳᠠᠯᠭ᠎ᠠ ᠦᠨᠳᠦᠷ ᠪᠣᠰᠣ ᠪᠤᠯᠬᠤᠷ ᠨᠠᠮᠤᠭ ᠭᠠᠵᠠᠷ᠂ ᠡᠯᠡᠰᠦᠷᠬᠡᠭ ᠭᠠᠵᠠᠷ

 ᠠᠴᠠ ᠭᠠᠳᠠᠨ᠎ᠠ ᠶᠠᠮᠠᠷ ᠭᠠᠵᠠᠷ ᠴᠣ᠋ ᠲᠠᠷᠢᠵᠦ ᠪᠤᠯᠤᠨ᠎ᠠ᠃ ᠨᠠᠷᠢᠮᠤ ᠶᠢᠨ ᠦᠨᠳᠦᠷ ᠣᠨᠠᠯᠲᠠ ᠶᠢ ᠪᠠᠲᠤᠯᠠᠬᠤ ᠳᠤ ᠬᠦᠷᠦᠰᠦ ᠰᠢᠷᠤᠢ ᠶᠢᠨ ᠤᠷᠭᠠᠨᠢᠭ ᠴᠢᠨᠠᠷ ᠤᠨ

ᠠᠭᠤᠯᠤᠭᠳᠠᠴᠠ ᠦᠨᠳᠦᠷ᠂ ᠭᠠᠵᠠᠷ ᠨᠢ ᠳᠡᠭᠰᠢᠬᠡᠨ᠂ ᠣᠰᠣ ᠭᠠᠳᠠᠭᠰᠢᠯᠠᠭᠤᠯᠬᠤ ᠳᠤ ᠰᠠᠶᠢᠨ᠂ ᠬᠠᠷ᠎ᠠ ᠬᠦᠷᠦᠰᠦᠲᠦ ᠳᠠᠪᠬᠤᠷᠭ᠎ᠠ ᠵᠤᠵᠠᠭᠠᠨ᠂ ᠰᠦᠪᠡᠷᠬᠡᠭ ᠴᠢᠨᠠᠷᠲᠠᠢ

ᠬᠦᠷᠦᠰᠦ ᠲᠠᠢ ᠭᠠᠵᠠᠷ ᠢ ᠰᠣᠩᠭᠤᠵᠣ᠂ ᠵᠦᠢ ᠵᠤᠬᠢᠰᠲᠠᠢ ᠡᠬᠡᠯᠵᠢᠯᠡᠨ ᠲᠠᠷᠢᠨ᠎ᠠ᠃

      2. ᠭᠠᠵᠠᠷ ᠳᠡᠭᠰᠢᠯᠡᠵᠦ ᠪᠤᠷᠳᠣᠭᠤᠷ ᠣᠷᠣᠭᠤᠯᠣᠨ᠎ᠠ᠃ ᠭᠠᠵᠠᠷ ᠢᠶᠠᠨ ᠰᠠᠶᠢᠲᠤᠷ ᠰᠣᠩᠭᠤᠭᠰᠠᠨ ᠤ ᠳᠠᠷᠠᠭ᠎ᠠ ᠨᠠᠷᠢᠯᠢᠭ ᠳᠡᠭᠰᠢᠯᠡᠵᠦ ᠨᠠᠷᠠᠭᠳᠠᠨ᠂ ᠨᠠᠷᠢᠮᠤ

ᠴᠢᠬᠢᠯᠡᠬᠦ ᠳᠤ ᠨᠦᠬᠦᠴᠡᠯ ᠪᠦᠷᠢᠯᠳᠦᠬᠦᠯᠦᠨ᠎ᠡ᠃ ᠭᠠᠵᠠᠷ ᠳᠡᠭᠰᠢᠯᠡᠬᠦ ᠳᠤ ᠡᠷᠳᠡ ᠡᠬᠢᠯᠡᠬᠦᠯᠵᠦ᠂ ᠨᠣᠭᠤᠭᠠᠨ ᠪᠣᠷᠳᠣᠭᠤᠷ ᠳᠠᠷᠣᠰᠢᠭᠤᠯᠤᠭᠰᠠᠨ ᠭᠠᠵᠠᠷ᠂ ᠨᠠᠮᠣᠷ

ᠬᠠᠭᠠᠯᠪᠤᠷᠢᠯᠠᠭᠰᠠᠨ ᠭᠠᠵᠠᠷ ᠢ 3 ᠰᠠᠷ᠎ᠠ ᠶᠢᠨ ᠬᠤᠷᠢᠳ ᠪᠣᠶᠣ 4 ᠰᠠᠷ᠎ᠠ ᠶᠢᠨ ᠡᠬᠢᠨ ᠢᠶᠠᠷ ᠨᠠᠷᠠᠭᠳᠠᠵᠤ ᠳᠠᠷᠤᠰᠢᠭᠤᠯᠤᠭᠠᠳ ᠲᠠᠷᠢᠬᠤ ᠪᠠᠷ ᠪᠡᠯᠡᠳᠬᠡᠨ᠎ᠡ᠃ ᠬᠠᠤᠯᠢ

ᠶᠤᠰᠤᠨ ᠤ ᠣᠰᠣᠯᠠᠯᠲᠠ ᠶᠢᠨ ᠭᠠᠵᠠᠷ ᠲᠤ᠂ ᠬᠠᠪᠤᠷ ᠬᠦᠷᠦᠰᠦ ᠰᠢᠷᠤᠢ ᠬᠡᠰᠬᠦ ᠦᠶᠡᠰ ᠣᠷᠪᠠᠭᠤᠯᠤᠨ ᠴᠠᠭ ᠲᠤᠬᠠᠢ ᠳᠤᠨᠢ ᠭᠠᠵᠠᠷ ᠨᠠᠷᠠᠭᠳᠠᠨ ᠳᠡᠭᠰᠢᠯᠡᠵᠦ᠂

ᠣᠷᠪᠠᠭᠤᠯᠬᠤ᠂ ᠨᠠᠷᠠᠭᠳᠠᠬᠤ᠂ ᠪᠣᠰᠬᠠᠬᠤ᠂ ᠳᠠᠷᠤᠬᠤ ᠠᠵᠢᠯ ᠢ ᠵᠠᠯᠭᠠᠪᠠᠷ ᠬᠢᠨ᠂ ᠰᠢᠬᠡᠭ ᠪᠤᠷᠳᠣᠭᠤᠷ ᠢᠶᠠᠷ ᠭᠤᠤᠯ ᠪᠤᠯᠭᠠᠵᠤ᠂ ᠮᠣ᠋ ᠨᠢᠭᠡᠪᠦᠷᠢ ᠳᠤ 2 — 2.5

ᠺᠦᠪ ᠮᠧᠲᠷ ᠰᠢᠭᠡᠭ ᠪᠤᠷᠳᠣᠭᠤᠷ ᠣᠷᠣᠭᠤᠯᠣᠨ᠂ ᠦᠷ᠎ᠡ ᠰᠠᠴᠣᠬᠤ ᠠᠴᠠ ᠡᠮᠦᠨ᠎ᠡ ᠬᠦᠨ ᠬᠠᠭᠠᠯᠪᠤᠷᠢᠯᠠᠵᠤ ᠳᠡᠭᠰᠢᠯᠡᠬᠦ ᠲᠠᠢ ᠣᠶᠠᠯᠳᠣᠭᠤᠯᠵᠣ ᠨᠢᠬᠡ ᠯᠡ ᠳᠡᠭᠡᠷ᠎ᠡ

ᠣᠷᠣᠭᠤᠯᠣᠨ᠎ᠠ᠃ 4 ᠰᠠᠷ᠎ᠠ ᠶᠢᠨ ᠳᠣᠮᠳᠠᠴᠢ ᠪᠠᠷ ᠭᠠᠵᠠᠷ ᠢᠶᠠᠨ ᠳᠡᠭᠰᠢᠯᠡᠵᠦ ᠪᠠᠷᠠᠭᠠᠨ᠂ ᠦᠷ᠎ᠡ ᠰᠠᠴᠤᠬᠤ ᠪᠠᠶᠢᠳᠠᠯ ᠳᠤ ᠣᠷᠣᠭᠤᠯᠣᠨ᠎ᠠ᠃

      ︵ᠬᠤᠶᠠᠷ︶ ᠦᠷ᠎ᠡ ᠶᠢᠨ ᠲᠦᠷᠦᠯ ᠰᠣᠩᠭᠤᠬᠤ ᠪᠠ ᠦᠷ᠎ᠡ ᠰᠢᠢᠳᠪᠦᠷᠢᠯᠡᠨ᠎ᠡ᠃

      1. ᠦᠷ᠎ᠡ ᠶᠢᠨ ᠲᠦᠷᠦᠯ ᠰᠣᠩᠭᠤᠨ᠎ᠠ᠃ ᠴᠢᠨᠠᠷ ᠰᠠᠶᠢᠲᠠᠢ᠂ ᠡᠰᠡᠷᠬᠦᠴᠡᠬᠦ ᠴᠢᠨᠠᠷ ᠢᠶᠠᠷ ᠴᠢᠩᠭ᠎ᠠ ᠦᠨᠳᠦᠷ ᠤᠨᠠᠯᠲᠠ ᠶᠢᠨ ᠰᠢᠨ᠎ᠡ ᠲᠦᠷᠦᠯ ᠢ ᠰᠣᠩᠭᠤᠵᠣ᠂

ᠵᠢᠱᠢᠶᠡᠯᠡᠪᠡᠯ ᠡᠯᠪᠡᠭ ᠬᠤᠷᠢᠶᠠᠯᠲᠠ ᠶᠢᠨ ᠴᠢᠨᠠᠷᠲᠠᠢ᠂ ᠲᠠᠸᠠᠷ ᠤᠨ ᠴᠢᠨᠠᠷᠲᠠᠢ᠂ ᠰᠢᠮᠡᠯᠢᠭ ᠴᠢᠨᠠᠷ ᠢᠶᠠᠷ ᠨᠡᠯᠢᠶᠡᠳ ᠰᠠᠶᠢᠨ ᠴᠢᠨᠠᠷ ᠰᠠᠶᠢᠲᠠᠢ ᠲᠦᠷᠦᠯ ᠡᠬᠦᠯᠳᠡᠷ ᠪᠤᠯᠬᠤ

ᠴᠢᠭᠤᠯᠤᠯᠲᠤ ᠬᠠᠭᠠᠯᠭ᠎ᠠ ᠶᠢᠨ ᠡᠷᠯᠢᠰᠢᠵᠢᠬᠦᠯᠦᠭᠰᠡᠨ ᠨᠠᠷᠢᠮᠣ 13 ᠨᠣᠮᠧᠷ᠂ 6 ᠨᠣᠮᠧᠷ ᠵᠡᠷᠭᠡ ᠪᠣᠶᠣ 105 — 110 ᠡᠳᠦᠷ ᠤᠨ ᠦᠰᠦᠯᠲᠡ ᠶᠢᠨ ᠬᠤᠭᠤᠴᠠᠭ᠎ᠠ

 ᠲᠠᠢ᠂ ᠪᠦᠲᠦᠮᠵᠢᠲᠡᠢ ᠬᠤᠷᠠᠮᠳᠣᠯ ᠳᠣᠯᠠᠭᠠᠨ 2300℃ ᠠᠴᠠ ᠳᠣᠷᠣᠭᠰᠢ ᠲᠦᠷᠦᠯ ᠡᠬᠦᠯᠳᠡᠷ ᠢ ᠰᠣᠩᠭᠤᠨ᠎ᠠ᠃

      2. ᠦᠷ᠎ᠡ ᠰᠢᠢᠳᠪᠦᠷᠢᠯᠡᠨ᠎ᠡ᠃ ᠦᠷ᠎ᠡ ᠰᠠᠴᠣᠬᠤ ᠠᠴᠠ ᠡᠮᠦᠨ᠎ᠡ ᠡᠮ ᠣᠷᠣᠭᠤᠯᠣᠭᠰᠠᠨ ᠦᠬᠡᠢ ᠦᠷ᠎ᠡ ᠶᠢ ᠰᠢᠢᠳᠪᠦᠷᠢᠯᠡᠵᠦ᠂  ᠦᠷ᠎ᠡ ᠠᠨᠠᠢ ᠶᠢ ᠨᠢ

ᠰᠢᠭᠰᠢᠨ ᠦᠷ᠎ᠡ ᠳᠡᠪᠲᠤᠬᠡᠬᠦ ᠠᠵᠢᠯ ᠬᠢᠨ᠂ ᠳᠠᠪᠤᠰᠣᠲᠠᠢ ᠣᠰᠣᠨ ᠳᠤ ᠦᠷ᠎ᠡ ᠶᠢ ᠳᠡᠪᠲᠤᠬᠡᠵᠦ᠂ ᠬᠠᠲᠠᠵᠤ ᠬᠠᠮᠰᠢᠢᠭᠰᠠᠨ᠂ ᠬᠦᠩᠭᠡᠨ ᠵᠡᠷᠭᠡ ᠮᠠᠭᠤ ᠦᠷ᠎ᠡ ᠶᠢ

ᠰᠢᠯᠢᠵᠦ ᠭᠠᠷᠭᠠᠨ᠂ ᠦᠷ᠎ᠡ ᠶᠢ ᠰᠡᠭᠦᠳᠡᠷ ᠭᠠᠵᠠᠷ ᠬᠠᠲᠠᠭᠠᠭᠰᠠᠨ ᠤ ᠳᠠᠷᠠᠭ᠎ᠠ ᠡᠮ ᠢᠶᠠᠷ ᠰᠢᠢᠳᠪᠦᠷᠢᠯᠡᠨ᠎ᠡ᠃ ᠡᠩ ᠤᠨ ᠪᠠᠶᠢᠳᠠᠯ ᠳᠤ ᠮᠣ᠋ ᠪᠦᠷᠢ 0.3 — 1

ᠺᠢᠯᠣᠭ᠍ᠷᠠᠮ ᠬᠡᠷᠡᠭᠯᠡᠵᠦ᠂ 50% ᠶᠢᠨ ᠳ᠋ᠦᠸᠧ ᠵᠢᠶᠦ᠋ᠨ ᠯᠢᠩ ᠪᠠᠺᠲ᠋ᠧᠷᠢ ᠠᠯᠠᠬᠤ ᠡᠳ᠋ ᠢ ᠦᠷ᠎ᠡ ᠶᠢᠨ ᠬᠦᠨᠳᠦᠴᠡ ᠶᠢᠨ 0.5% ᠪᠠᠷ ᠨᠠᠶᠢᠷᠠᠭᠤᠯᠤᠨ ᠬᠤᠯᠢᠪᠠᠯ᠂

ᠦᠷ᠎ᠡ ᠶᠢᠨ ᠮᠦᠬᠦᠯᠢᠭ ᠮᠠᠭᠤᠳᠠᠬᠤ ᠡᠪᠡᠳᠴᠢᠨ ᠠᠴᠠ ᠰᠡᠷᠬᠡᠶᠢᠯᠡᠨ᠎ᠡ︔ 35% ᠶᠢᠨ ᠷᠦᠢ ᠳ᠋ᠦ᠋ ᠮᠧᠢ ᠪᠠᠺᠲ᠋ᠧᠷᠢ ᠠᠯᠠᠬᠤ ᠡᠳ᠋ ᠢ ᠦᠷ᠎ᠡ ᠶᠢᠨ ᠬᠦᠨᠳᠦᠴᠡ ᠶᠢᠨ 0.

3% — 0.5% ᠪᠠᠷ ᠨᠠᠶᠢᠷᠠᠭᠤᠯᠵᠤ ᠬᠤᠯᠢᠪᠠᠯ᠂ ᠨᠠᠷᠢᠮᠤ ᠶᠢᠨ ᠴᠠᠭᠠᠨ ᠲᠤᠭᠤᠰᠤᠲᠤ ᠡᠪᠡᠳᠴᠢᠨ ᠠᠴᠠ ᠰᠡᠷᠬᠡᠶᠢᠯᠡᠨ᠎ᠡ︔ ᠦᠷ᠎ᠡ ᠶᠢᠨ ᠬᠦᠨᠳᠦᠴᠡ ᠶᠢᠨ 0.1%

— 0.2% ᠪᠠᠷ ᠣᠺᠲ᠋ᠢᠯ ᠹᠣᠰᠹᠣᠷ ᠬᠦᠴᠢᠯ ᠤᠨ ᠬᠤᠷᠤᠬᠠᠢ ᠠᠯᠠᠬᠤ ᠡᠳ᠋ ᠢ ᠦᠷ᠎ᠡ ᠳᠤ ᠰᠦᠷᠴᠢᠪᠡᠯ᠂ ᠭᠠᠵᠠᠷ ᠳᠣᠣᠷᠠᠬᠢ ᠬᠤᠷᠤᠬᠠᠢ ᠠᠴᠠ ᠰᠡᠷᠬᠡᠶᠢᠯᠡᠨ᠎ᠡ᠃

ᠴᠢᠭᠤᠯᠤᠯᠲᠤ ᠬᠠᠭᠠᠯᠭ᠎ᠠ ᠶᠢᠨ ᠡᠷᠯᠢᠰᠢᠵᠢᠬᠦᠯᠦᠭᠰᠡᠨ ᠨᠠᠷᠢᠮᠣ᠂ ᠽᠣᠣ ᠶᠢᠨ ᠬᠦ ᠵᠡᠷᠭᠡ ᠡᠮ ᠣᠷᠣᠭᠤᠯᠣᠭᠰᠠᠨ ᠦᠷ᠎ᠡ ᠶᠢ ᠰᠢᠢᠳᠪᠦᠷᠢᠯᠡᠬᠦ ᠦᠬᠡᠢ ᠪᠠᠷ ᠬᠡᠷᠡᠭᠯᠡᠨ᠎ᠡ᠃

      ︵ᠭᠤᠷᠪᠠ︶ ᠬᠤᠭᠤᠴᠠᠭ᠎ᠠ ᠬᠦᠷᠪᠡᠯ ᠦᠷ᠎ᠡ ᠰᠠᠴᠣᠨ᠎ᠠ᠃

      ᠨᠠᠷᠢᠮᠣ ᠶᠢᠨ ᠦᠷ᠎ᠡ ᠴᠢᠬᠢᠯᠡᠬᠦ ᠬᠠᠮᠤᠭ ᠤᠨ ᠲᠤᠬᠢᠷᠠᠮᠵᠢᠲᠠᠢ ᠳᠣᠯᠠᠭᠠᠨ ᠤ ᠬᠡᠮᠵᠢᠶ᠎ᠡ ᠪᠤᠯ 12 — 14℃᠂ ᠬᠠᠮᠤᠭ ᠤᠨ ᠳᠣᠣᠷ᠎ᠠ ᠳᠣᠯᠠᠭᠠᠨ ᠤ ᠬᠡᠮᠵᠢᠶ᠎ᠡ

ᠪᠤᠯ 7 — 8℃ ᠪᠣᠯᠣᠨ᠎ᠠ᠂ ᠨᠢᠯᠬ᠎ᠠ ᠴᠢᠬᠢ ᠳᠣᠣᠷ᠎ᠠ ᠳᠣᠯᠠᠭᠠᠨ ᠢ ᠳᠡᠰᠪᠦᠷᠢᠯᠡᠵᠦ ᠳᠡᠶᠢᠯᠬᠦ ᠦᠬᠡᠢ ᠲᠤᠯᠠ ᠦᠷ᠎ᠡ ᠰᠠᠴᠣᠬᠤ ᠬᠤᠭᠤᠴᠠᠭ᠎ᠠ ᠶᠢ ᠲᠤᠬᠠᠢ ᠶᠢᠨ

ᠭᠠᠵᠠᠷ ᠤᠨ ᠪᠠᠶᠢᠳᠠᠯ ᠲᠠᠢ ᠪᠠᠨ ᠲᠤᠬᠢᠷᠠᠭᠤᠯᠬᠤ ᠴᠢᠬᠤᠯᠠᠲᠠᠢ᠃ ᠲᠠᠷᠢᠬᠤ ᠭᠠᠵᠠᠷ ᠤᠨ 10cm ᠤᠨ ᠳᠠᠪᠬᠤᠷᠭ᠎ᠠ ᠶᠢᠨ ᠳᠣᠯᠠᠭᠠᠨ ᠤ ᠬᠡᠮᠵᠢᠶ᠎ᠡ 8℃ᠣᠷᠴᠢᠮ

ᠪᠤᠯᠵᠤ ᠲᠤᠭᠲᠠᠪᠤᠷᠢᠵᠢᠬᠤ ᠦᠶᠡᠰ ᠦᠷ᠎ᠡ ᠰᠠᠴᠣᠵᠣ᠂ ᠬᠠᠭᠤᠷᠠᠢ ᠭᠠᠵᠠᠷ ᠲᠠᠷᠢᠪᠠᠯ ᠴᠢᠬᠢᠭ ᠲᠠᠢ ᠳᠡᠭᠡᠷ᠎ᠡ ᠨᠢ ᠦᠷ᠎ᠡ ᠰᠠᠴᠣᠨ᠂ ᠣᠰᠣᠯᠠᠯᠲᠠ ᠶᠢᠨ ᠭᠠᠵᠠᠷ ᠲᠤ

ᠬᠤᠭᠤᠴᠠᠭ᠎ᠠ‌ᠨᠢ ᠬᠦᠷᠪᠡᠯ ᠦᠷ᠎ᠡ ᠰᠠᠴᠣᠵᠣ᠂ ᠣᠯᠵᠠᠴᠢ ᠪᠠᠯᠭᠠᠰᠣᠨ ᠤ ᠭᠠᠵᠠᠷ ᠣᠷᠣᠨ ᠢᠶᠠᠷ 5 ᠰᠠᠷ᠎ᠠ ᠶᠢᠨ 5 ᠤ ᠡᠳᠦᠷ — 20 ᠤ ᠡᠳᠦᠷ ᠤᠨ ᠬᠤᠭᠤᠷᠤᠨᠲᠤ

ᠦᠷ᠎ᠡ ᠰᠠᠴᠣᠨ᠎ᠠ᠃ ᠬᠠᠭᠤᠷᠠᠢ ᠭᠠᠵᠠᠷ ᠲᠠᠷᠢᠬᠤ ᠳᠤ ᠦᠷ᠎ᠡ ᠰᠠᠴᠣᠬᠤ ᠳᠤ ᠪᠠᠨ ᠬᠦᠷᠦᠰᠦ ᠰᠢᠷᠤᠢ ᠶᠢᠨ ᠴᠢᠬᠢᠭ ᠤᠨ ᠪᠠᠶᠢᠳᠠᠯ ᠢᠶᠠᠷ ᠲᠤᠭᠲᠠᠭᠠᠨ᠂ ᠭᠠᠵᠠᠷ

ᠳᠣᠣᠷᠠᠬᠢ ᠴᠢᠬᠢᠭ ᠰᠠᠶᠢᠨ᠂ ᠭᠠᠳᠠᠷᠭᠤ ᠶᠢᠨ ᠴᠢᠬᠢᠭ ᠪᠠᠷᠤᠭᠲᠠᠢ ᠭᠠᠵᠠᠷ ᠤᠨ ᠬᠠᠭᠤᠷᠠᠢ ᠰᠢᠷᠤᠢ ᠶᠢ ᠨᠢ ᠳᠦᠯᠬᠢᠵᠦ᠂ ᠦᠷ᠎ᠡ ᠶᠢ ᠨᠤᠶᠢᠲᠠᠨ ᠰᠢᠷᠤᠢ ᠳᠡᠭᠡᠷ᠎ᠡ

ᠰᠠᠴᠣᠨ᠎ᠠ︔ ᠬᠦᠷᠦᠰᠦ ᠰᠢᠷᠤᠢ ᠶᠢᠨ ᠴᠢᠬᠢᠭ ᠤᠨ ᠪᠠᠶᠢᠳᠠᠯ ᠪᠠᠷᠤᠭᠲᠠᠢ ᠭᠠᠵᠠᠷ ᠲᠤ ᠦᠷ᠎ᠡ ᠰᠠᠴᠣᠬᠤ ᠠᠴᠠ ᠡᠮᠦᠨ᠎ᠡ 1 — 2 ᠡᠳᠦᠷ ᠲᠤ ᠣᠷᠭᠠᠨᠢᠭ ᠪᠣᠷᠳᠣᠭᠤᠷ

 ᠢᠶᠠᠨ ᠲᠡᠪᠳᠦᠬᠡᠬᠦ ᠶᠢᠨ ᠬᠠᠮᠲᠤ ᠣᠷᠣᠭᠤᠯᠵᠣ᠂ ᠴᠢᠬᠢᠭ ᠤᠨ ᠪᠠᠶᠢᠳᠠᠯ ᠢ ᠠᠰᠢᠭᠯᠠᠵᠤ ᠦᠷ᠎ᠡ ᠰᠠᠴᠣᠨ᠂ ᠡᠩ ᠤᠨ ᠪᠠᠶᠢᠳᠠᠯ ᠳᠤ ᠮᠦᠷ ᠤᠨ ᠵᠠᠢ ᠶᠢ 70cm᠂

ᠬᠦᠨ ᠤ ᠬᠡᠮᠵᠢᠶ᠎ᠡ ᠶᠢ 3 — 4cm ᠪᠠᠶᠢᠯᠭᠠᠵᠤ᠂ ᠮᠣ᠋ ᠨᠢᠭᠡᠪᠦᠷᠢ ᠳᠤ 5500 ᠣᠷᠴᠢᠮ ︵1.5  ᠲᠦᠮᠡ ᠣᠷᠴᠢᠮ ᠴᠢᠬᠢ ᠪᠤᠶᠢᠵᠢᠭᠤᠯᠤᠨ᠎ᠠ︶ ᠰᠠᠭᠤᠷᠢ

ᠳᠣᠬᠢᠷᠠᠭᠤᠯᠤᠨ᠎ᠠ᠃ ᠦᠷ᠎ᠡ ᠰᠠᠴᠣᠭᠰᠠᠨ ᠤ ᠳᠠᠷᠠᠭ᠎ᠠ ᠴᠠᠭ ᠲᠤᠬᠠᠢ ᠳᠤᠨᠢ ᠰᠢᠷᠤᠢ ᠪᠠᠷ ᠬᠤᠴᠢᠵᠦ᠂ ᠴᠢᠬᠢ ᠰᠣᠶᠢᠨ ᠦᠨᠳᠦᠰᠦᠨ ᠤ ᠬᠦᠭᠵᠢᠯᠲᠡ ᠶᠢ ᠠᠬᠢᠭᠤᠯᠤᠨ᠎ᠠ

᠃ ᠣᠰᠣᠯᠠᠯᠲᠠ ᠶᠢᠨ ᠭᠠᠵᠠᠷ ᠲᠤ ᠪᠦᠷᠬᠦᠪᠴᠢ ᠬᠤᠴᠢᠵᠦ᠂ ᠲᠤᠰᠤᠯᠭᠠᠨ ᠣᠰᠣᠯᠠᠬᠤ ᠭᠤᠤᠷᠰᠣ ᠳᠡᠪᠢᠰᠦᠨ᠂ ᠦᠩᠭᠦᠷᠢᠬᠦᠯ ᠬᠤᠭᠤᠯᠠᠢ ᠪᠠᠷ ᠦᠷ᠎ᠡ ᠰᠠᠴᠣᠵᠣ᠂

ᠰᠠᠴᠣᠭᠰᠠᠨ ᠤ ᠳᠠᠷᠠᠭ᠎ᠠ ᠨᠢᠬᠡ ᠣᠳᠠᠭ᠎ᠠ ᠳᠠᠷᠤᠵᠤ ᠮᠠᠰᠢᠨ ᠢᠶᠠᠷ ᠲᠠᠷᠢᠬᠤ ᠶᠢ ᠪᠡᠶᠡᠯᠡᠬᠦᠯᠵᠦ᠂ ᠡᠩ ᠤᠨ ᠪᠠᠶᠢᠳᠠᠯ ᠳᠤ ᠮᠦᠷ ᠤᠨ ᠵᠠᠢ ᠶᠢ 50cm᠂ ᠬᠦᠨ ᠤ

ᠬᠡᠮᠵᠢᠶ᠎ᠡ ᠶᠢ 3 — 4cm ᠪᠠᠶᠢᠯᠭᠠᠨ᠂ ᠮᠣ᠋ ᠨᠢᠭᠡᠪᠦᠷᠢ ᠳᠤ 8000 ᠣᠷᠴᠢᠮ ︵1.5 ᠲᠦᠮᠡᠨ ᠣᠷᠴᠢᠮ ᠴᠢᠬᠢ ᠪᠤᠶᠢᠵᠢᠭᠤᠯᠤᠨ᠎ᠠ︶ ᠰᠠᠭᠤᠷᠢ ᠳᠣᠬᠢᠷᠠᠭᠤᠯᠤᠨ᠎ᠠ

᠃ ᠨᠠᠷᠢᠮᠦ ᠶᠢᠨ ᠴᠢᠬᠢ ᠶᠢᠨ ᠬᠤᠷᠳᠣᠨ ᠴᠢᠬᠢᠯᠡᠵᠦ ᠲᠦᠷᠬᠡᠨ ᠣᠷᠭᠤᠬᠤ ᠶᠢ ᠠᠬᠢᠭᠤᠯᠬᠤ ᠶᠢᠨ ᠲᠦᠯᠦᠭᠡ ᠦᠷ᠎ᠡ ᠰᠠᠴᠣᠬᠤ ᠦᠶᠡᠰ ᠲᠤᠬᠢᠷᠠᠬᠤ ᠬᠡᠮᠵᠢᠶᠡᠨ ᠤ

ᠪᠣᠷᠳᠣᠭᠤᠷ ᠣᠷᠣᠭᠤᠯᠣᠨ᠂ ᠮᠣ᠋ ᠨᠢᠭᠡᠪᠦᠷᠢ ᠳᠤ ᠹᠣᠰᠹᠣᠷ ᠬᠦᠴᠢᠯ ᠤᠨ ᠬᠤᠶᠠᠷ ᠠᠮᠮᠣᠨᠢ ᠶᠢ 10 — 15 ᠺᠢᠯᠤᠭ᠍ᠷᠠᠮ᠂ ᠰᠢᠬᠡᠰᠦᠯᠢᠭ ᠡᠳ᠋ ᠢ 10 ᠺᠢᠯᠤᠭ᠍ᠷᠠᠮ

ᠣᠷᠣᠭᠤᠯᠵᠣ᠂ ᠡᠬᠦᠨ ᠤ ᠬᠠᠮᠲᠤ ᠰᠢᠭᠤᠳ ᠲᠠᠷᠢᠭᠰᠠᠨ ᠤ ᠳᠠᠷᠠᠭ᠎ᠠ ᠴᠠᠭ ᠲᠤᠬᠠᠢ ᠳᠤᠨᠢ ᠲᠣᠰᠣᠯᠭᠠᠵᠤ ᠣᠰᠣᠯᠠᠨ᠎ᠠ᠃ ᠴᠢᠭᠤᠯᠤᠯᠲᠤ ᠬᠠᠭᠠᠯᠭ᠎ᠠ ᠶᠢᠨ

ᠡᠷᠯᠢᠰᠢᠵᠢᠬᠦᠯᠦᠭᠰᠡᠨ ᠨᠠᠷᠢᠮᠣ 13 ᠨᠣᠮᠧᠷ ᠢ ᠮᠣ᠋ ᠪᠦᠷᠢ ᠳᠤ 0.3kg ᠣᠷᠴᠢᠮ᠂ ᠴᠢᠭᠤᠯᠤᠯᠲᠤ ᠬᠠᠭᠠᠯᠭ᠎ᠠ ᠶᠢᠨ ᠡᠷᠯᠢᠰᠢᠵᠢᠬᠦᠯᠦᠭᠰᠡᠨ ᠨᠠᠷᠢᠮᠣ 6 ᠨᠣᠮᠧᠷ ᠢ ᠮᠣ᠋

ᠪᠦᠢᠷᠢ ᠳᠤ 0.65kg ᠣᠷᠴᠢᠮ᠂ ᠪᠣᠰᠣᠳ ᠲᠦᠷᠦᠯ ᠡᠬᠦᠯᠳᠡᠷ ᠢ ᠮᠣ᠋ ᠨᠢᠭᠡᠪᠦᠷᠢ 0.5kg ᠬᠡᠷᠡᠭᠯᠡᠨ᠎ᠡ᠃ ᠬᠠᠭᠤᠷᠠᠢ ᠭᠠᠵᠠᠷ ᠲᠤ ᠬᠡᠷᠡᠭᠯᠡᠬᠦ ᠦᠷ᠎ᠡ ᠶᠢᠨ ᠬᠡᠮᠵᠢᠶ᠎ᠡ

 ᠶᠢ ᠬᠦᠷᠦᠰᠦ ᠰᠢᠷᠤᠢ ᠶᠢᠨ ᠴᠢᠬᠢᠭ ᠤᠨ ᠪᠠᠶᠢᠳᠠᠯ ᠢ ᠦᠨᠳᠦᠰᠦᠯᠡᠵᠦ ᠲᠤᠬᠢᠷᠠᠭᠤᠯᠤᠨ᠎ᠠ᠃

      ︵ᠳᠦᠷᠪᠡ︶ ᠲᠠᠷᠢᠶᠠᠨ ᠭᠠᠵᠠᠷ ᠤᠨ ᠬᠠᠮᠢᠶᠠᠷᠤᠯᠲᠠ᠃

      1. ᠡᠷᠲᠡ  ᠴᠢᠬᠢ ᠨᠦᠬᠦᠵᠦ ᠰᠠᠭᠤᠯᠭᠠᠨ᠎ᠠ᠃ ᠨᠠᠷᠢᠮᠣ ᠴᠢᠬᠢᠯᠡᠭᠰᠡᠨ ᠤ ᠳᠠᠷᠠᠭ᠎ᠠ᠂ ᠬᠤᠶᠠᠷ ᠨᠠᠪᠴᠢ ᠨᠢᠬᠡ ᠴᠢᠬᠢᠨ ᠤ ᠬᠤᠭᠤᠴᠠᠭᠠᠨ ᠳᠤ᠂ ᠴᠢᠬᠢ ᠲᠤᠲᠠᠭᠤ

ᠭᠠᠵᠠᠷ ᠲᠤ ᠴᠢᠬᠢ ᠨᠦᠬᠦᠨ᠎ᠡ᠃ ᠨᠠᠷᠢᠮᠣ ᠶᠢᠨ ᠦᠷ᠎ᠡ ᠰᠠᠴᠤᠬᠤ ᠬᠡᠮᠵᠢᠶ᠎ᠡ ᠶᠡᠭᠡ᠂ ᠨᠢᠭᠲᠠᠴᠠ ᠦᠨᠳᠦᠷ᠂ ᠬᠠᠷᠢᠯᠴᠠᠨ ᠲᠡᠵᠢᠬᠡᠯ ᠪᠤᠯᠢᠶᠠᠯᠳᠣᠳᠠᠭ ᠪᠤᠯᠬᠤᠷ ᠴᠠᠭ

ᠲᠤᠬᠠᠢ ᠳᠤᠨᠢ ᠨᠢᠯᠬ᠎ᠠ ᠴᠢᠬᠢ ᠶᠢ ᠰᠢᠩᠭᠡᠯᠡᠵᠦ ᠴᠢᠬᠢ ᠰᠠᠭᠤᠯᠭᠠᠨ᠂ ᠴᠢᠬᠢ ᠲᠤᠲᠠᠭᠳᠠᠬᠤ ᠠᠴᠠ ᠰᠡᠷᠬᠡᠶᠢᠯᠡᠵᠦ᠂ ᠨᠢᠯᠬ᠎ᠠ ᠴᠢᠬᠢ ᠶᠢ ᠡᠷᠲᠡᠬᠡᠨ ᠰᠢᠩᠭᠡᠯᠡᠨ᠎ᠡ᠃ ᠴᠢᠬᠢ

3 ᠰᠡᠨᠲ᠋ᠢᠮᠧᠲᠷ ᠪᠤᠯᠬᠤ ᠦᠶᠡᠰ ᠨᠢᠯᠬ᠎ᠠ ᠴᠢᠬᠢ ᠶᠢ ᠰᠢᠩᠭᠡᠯᠡᠨ᠎ᠡ︔ ᠨᠢᠯᠬ᠎ᠠ ᠴᠢᠬᠢ 3 — 5 ᠨᠠᠪᠴᠢᠯᠠᠵᠤ᠂ 5 — 6 ᠰᠡᠨᠲ᠋ᠢᠮᠧᠲᠷ ᠦᠨᠳᠦᠷ ᠪᠤᠯᠬᠤ ᠦᠶᠡᠰ

ᠴᠢᠬᠢ ᠰᠠᠭᠤᠯᠭᠠᠨ᠂ ᠴᠢᠬᠢ ᠰᠠᠭᠤᠯᠭᠠᠬᠤ ᠦᠶᠡᠰ ᠶᠡᠭᠡ᠂ ᠨᠣᠭᠤᠭᠠᠨ᠂ ᠭᠠᠭᠴᠠ ᠶᠢ ᠨᠢ ᠦᠯᠡᠳᠡᠭᠡᠪᠡᠯ ᠪᠤᠲᠠᠯᠠᠬᠤ ᠳᠤ ᠠᠰᠢᠭᠲᠠᠢ ᠶᠤᠮ᠃

      2. ᠡᠪᠡᠰᠦ ᠠᠷᠢᠯᠭᠠᠨ᠎ᠠ᠃ ᠨᠠᠷᠢᠮᠤ ᠶᠢᠨ ᠴᠢᠬᠢᠯᠡᠬᠦ ᠬᠤᠭᠤᠴᠠᠭᠠᠨ ᠤ ᠦᠨᠳᠦᠰᠦ ᠨᠢ ᠮᠠᠭᠤ᠂ ᠣᠷᠭᠤᠴᠠ ᠨᠢ ᠣᠳᠠᠭᠠᠨ ᠲᠤᠯᠠ ᠠᠮᠠᠷᠬᠠᠨ ᠡᠪᠡᠰᠦᠨ ᠳᠤ

ᠣᠷᠢᠶᠠᠭᠳᠠᠨ ᠮᠠᠭᠤᠳᠠᠬᠤ ᠪᠤᠯᠬᠤᠷ ᠡᠷᠬᠡᠪᠰᠢ ᠡᠪᠡᠰᠦ ᠠᠷᠢᠯᠭᠠᠨ᠂ ᠴᠢᠬᠢᠭ ᠢ ᠨᠢ ᠬᠠᠮᠠᠭᠠᠯᠠᠨ ᠰᠢᠮᠡᠵᠢᠬᠦᠯᠦᠨ᠎ᠡ᠃ ᠨᠠᠷᠢᠮᠦ ᠶᠢᠨ ᠪᠦᠬᠦ ᠣᠷᠭᠤᠴᠠ ᠶᠢᠨ ᠬᠤᠭᠤᠴᠠᠭᠠᠨ

 ᠳᠤ 3 — 4 ᠣᠳᠠᠭ᠎ᠠ ᠡᠪᠡᠰᠦ ᠠᠷᠢᠯᠭᠠᠵᠤ᠂ ᠨᠢᠯᠬ᠎ᠠ ᠴᠢᠬᠢ ᠶᠢᠨ ᠬᠤᠭᠤᠴᠠᠭᠠᠨ ᠳᠤ ᠰᠢᠩᠭᠡᠯᠡᠬᠦ ᠲᠠᠢ ᠣᠶᠠᠯᠳᠣᠭᠤᠯᠬᠤ ᠪᠤᠶᠤ ᠴᠢᠬᠢ ᠰᠠᠭᠤᠯᠭᠠᠭᠰᠠᠨ ᠤ ᠳᠠᠷᠠᠭ᠎ᠠ

ᠡᠪᠡᠰᠦ ᠠᠷᠢᠯᠭᠠᠨ᠎ᠠ︔ ᠦᠶᠡᠯᠡᠬᠦ ᠬᠤᠭᠤᠴᠠᠭᠠᠨ ᠳᠤ ᠪᠣᠷᠳᠣᠭᠤᠷ ᠨᠡᠮᠡᠬᠦ᠂ ᠣᠰᠣᠯᠠᠬᠤ ᠲᠠᠢ ᠣᠶᠠᠯᠳᠣᠭᠤᠯᠣᠨ ᠵᠢᠭᠠᠬᠠᠨ ᠰᠢᠷᠤᠢ ᠨᠡᠮᠡᠨ᠎ᠡ︔ ᠲᠦᠷᠦᠬᠦᠳᠦᠬᠦ

ᠬᠤᠭᠤᠴᠠᠭᠠᠨ ᠳᠤ ᠡᠪᠡᠰᠦ ᠠᠷᠢᠯᠭᠠᠵᠤ ᠰᠢᠷᠤᠢ ᠵᠤᠵᠠᠭᠠᠯᠠᠨ᠎ᠠ᠃ ᠨᠠᠷᠢᠮᠤ ᠶᠢᠨ ᠲᠠᠷᠢᠶᠠᠨ ᠳᠤ ᠭᠤᠤᠯᠳᠠᠭᠤ ᠦᠷᠢ ᠶᠢᠨ ᠰᠡᠬᠦᠯ᠂ ᠣᠯᠠᠭᠠᠨ ᠰᠠᠷᠪᠠᠯᠵᠢ ᠵᠡᠷᠭᠡ ᠡᠪᠡᠰᠦ

ᠣᠯᠠᠨ ᠣᠷᠭᠤᠳᠠᠭ ᠪᠤᠯᠬᠤᠷ ᠨᠠᠮᠤᠷ ᠡᠪᠦᠯ ᠭᠠᠵᠠᠷ ᠣᠷᠪᠠᠭᠤᠯᠬᠤ᠂ ᠬᠠᠭᠠᠯᠪᠤᠷᠢᠯᠠᠬᠤ ᠭᠤᠤᠷᠰᠣ ᠰᠣᠯᠢᠬᠤ ᠳᠤ ᠭᠤᠤᠯ ᠰᠡᠷᠬᠡᠶᠢᠯᠡᠨ᠂ ᠪᠠᠰᠠ ᠨᠠᠷᠢᠮᠣ ᠶᠢᠨ ᠡᠪᠡᠰᠦ

ᠠᠷᠢᠯᠭᠠᠬᠤ ᠲᠤᠰᠬᠠᠢ ᠡᠮ ᠢ ᠰᠣᠩᠭᠤᠨ ᠴᠠᠭ ᠲᠤᠬᠠᠢ ᠳᠤᠨᠢ ᠡᠪᠡᠰᠦ ᠠᠷᠢᠯᠭᠠᠨ᠎ᠠ᠃

      ᠴᠢᠭᠤᠯᠤᠯᠲᠤ ᠬᠠᠭᠠᠯᠭ᠎ᠠ ᠶᠢᠨ ᠡᠷᠯᠢᠰᠢᠵᠢᠬᠦᠯᠦᠭᠰᠡᠨ ᠨᠠᠷᠢᠮᠣ ᠶᠢᠨ ᠰᠢᠷᠢᠰ ᠲᠤ ᠲᠤᠰᠬᠠᠢ ᠡᠪᠡᠰᠦ ᠠᠷᠢᠯᠭᠠᠬᠤ ᠡᠮ ᠪᠠᠶᠢᠳᠠᠭ᠄ ᠳᠠᠷᠤᠢ ᠨᠠ ᠪᠤᠤ ᠵᠢᠩ +

ᠬᠤᠶᠠᠷ ᠮᠧᠲ᠋ᠢᠯ ᠳᠦᠷᠪᠡ ᠡᠾᠯᠦᠷᠲᠦ ᠣᠰᠣᠨ ᠡᠮ ᠪᠤᠯᠤᠨ᠎ᠠ᠂ ᠬᠡᠷᠡᠭᠯᠡᠬᠦ ᠠᠷᠭ᠎ᠠ᠄ ᠨᠠᠷᠢᠮᠣ 5 — 7 ᠨᠠᠪᠴᠢᠯᠠᠬᠤ ᠦᠶᠡᠰ ᠨᠢᠭᠡ ᠣᠳᠠᠭ᠎ᠠ ᠰᠦᠷᠴᠢᠵᠦ᠂ ᠡᠪᠡᠰᠦ

ᠣᠯᠠᠨᠲᠠᠢ ᠦᠶᠡᠰ ᠪᠠᠶᠢᠳᠠᠯ ᠢ ᠨᠢ ᠦᠵᠡᠵᠦ 1.5 ᠳᠠᠬᠢᠨ ᠢᠶᠠᠷ ᠨᠡᠮᠡᠭᠳᠡᠬᠦᠯᠦᠨ᠎ᠡ᠃

      3. ᠣᠰᠣ ᠪᠣᠷᠳᠣᠭᠤᠷ ᠢ ᠡᠵᠡᠮᠳᠡᠨ᠎ᠡ᠃ ᠨᠠᠷᠢᠮᠣ ᠪᠣᠯ ᠭᠠᠩ ᠳᠤ ᠳᠡᠰᠪᠦᠷᠢᠲᠡᠢ ᠲᠠᠷᠢᠮᠠᠯ ᠪᠤᠯᠤᠨ᠎ᠠ᠂ ᠲᠡᠬᠦᠨ ᠤ ᠣᠰᠣᠨ ᠤ ᠬᠡᠷᠡᠭᠴᠡᠭᠡ ᠶᠢᠨ ᠣᠨᠴᠠᠯᠢᠭ ᠪᠣᠯ

᠄ ᠡᠮᠦᠨ᠎ᠡ ᠬᠤᠭᠤᠴᠠᠭᠠᠨ ᠳᠤ ᠭᠠᠩ ᠳᠤ ᠳᠡᠰᠪᠦᠷᠢᠲᠡᠢ ᠪᠤᠯᠬᠤᠷ ᠣᠰᠣ ᠪᠠᠭ᠎ᠠ ᠬᠡᠷᠡᠭᠯᠡᠵᠦ᠂ ᠳᠣᠮᠳᠠ ᠬᠤᠭᠤᠴᠠᠭᠠᠨ ᠳᠤ ᠭᠠᠩ ᠳᠡᠰᠪᠤᠷᠢᠯᠡᠬᠦ ᠴᠢᠳᠠᠪᠤᠷᠢ ᠮᠠᠭᠤᠳᠠᠬᠤ

ᠪᠤᠯᠬᠤᠷ ᠣᠰᠣ ᠶᠡᠭᠡ ᠬᠡᠷᠡᠭᠯᠡᠨ᠂ ᠬᠤᠶᠢᠨᠠᠬᠢ ᠬᠤᠭᠤᠴᠠᠭᠠᠨ ᠳᠤ ᠣᠰᠣᠳᠣᠬᠤ ᠠᠴᠠ ᠠᠶᠤᠬᠤ ᠲᠣᠯᠠ ᠣᠰᠣ ᠪᠠᠭ᠎ᠠ ᠬᠡᠷᠡᠭᠯᠡᠨ᠎ᠡ᠃ ᠡᠩ ᠤᠨ ᠬᠠᠮᠢᠶᠠᠷᠤᠯᠲᠠ ᠶᠢᠨ

ᠱᠠᠭᠠᠷᠳᠠᠯᠭ᠎ᠠ ᠶᠤᠰᠤᠭᠠᠷ᠂ ᠲᠠᠷᠢᠬᠤ ᠦᠶᠡᠰ ᠲᠤ  ᠨᠢᠬᠡ ᠣᠳᠠᠭ᠎ᠠ ᠣᠰᠣᠯᠠᠵᠤ᠂ ᠦᠶᠡᠯᠡᠭᠰᠡᠨ ᠤ ᠳᠠᠷᠠᠭ᠎ᠠ 7 ᠳ᠋ᠣᠭᠠᠷ ᠡᠳᠦᠷ ᠲᠤ ᠨᠢ ᠨᠢᠬᠡ ᠣᠳᠠᠭ᠎ᠠ ᠣᠰᠣᠯᠠᠨ ︵

ᠴᠢᠬᠢᠯᠡᠭᠰᠡᠨ ᠤ  ᠳᠠᠷᠠᠭᠠᠬᠢ 45 ᠡᠳᠦᠷ ᠣᠷᠴᠢᠮ︶᠂ ᠲᠦᠷᠦᠬᠦᠳᠦᠬᠦ ᠬᠤᠭᠤᠴᠠᠭ᠎ᠠ ᠠᠴᠠ ᠵᠠᠯᠠᠭᠠᠯᠠᠬᠤ ᠦᠶ᠎ᠡ ᠪᠤᠯᠲᠠᠯ᠎ᠠ ᠨᠢᠭᠡ ᠤᠳᠠᠭ᠎ᠠ ᠣᠰᠣᠯᠠᠵᠤ᠂ ᠢᠳᠡᠭᠡᠯᠡᠬᠦ

ᠬᠤᠭᠤᠴᠠᠭᠠᠨ ᠳᠤ ᠴᠠᠭ ᠠᠭᠤᠷ ᠤᠨ ᠪᠠᠶᠢᠳᠠᠯ ᠢᠶᠠᠷ ᠳᠣᠬᠢᠷᠠᠮᠵᠢᠲᠠᠢ ᠣᠰᠣᠯᠠᠵᠤ ᠭᠠᠩᠳᠠᠭᠤᠯᠬᠤ ᠦᠬᠡᠢ ᠪᠠᠶᠢᠬᠤ ᠶᠢᠨ ᠬᠠᠮᠲᠤ ᠦᠶᠡᠯᠡᠬᠦ ᠲᠦᠷᠦᠬᠦᠳᠦᠬᠦ ᠦᠶ᠎ᠡ ᠳᠤ

ᠪᠤᠷᠳᠣᠭᠤᠷ ᠨᠡᠮᠡᠨ᠂ ᠮᠣ᠋ ᠲᠤᠲᠤᠮ ᠰᠢᠬᠡᠰᠦᠯᠢᠭ ᠡᠳ᠋ ᠢ 8 — 10 ᠺᠢᠯᠣᠭ᠍ᠷᠠᠮ ᠣᠷᠣᠭᠤᠯᠵᠣ᠂ ᠨᠠᠷᠢᠮᠣ ᠵᠠᠯᠠᠭᠠᠯᠠᠬᠤ ᠢᠳᠡᠭᠡᠯᠡᠬᠦ ᠦᠶ᠎ᠡ ᠳᠤ ᠨᠡᠪᠴᠢᠨ ᠳᠡᠭᠡᠷ᠎ᠡ ᠨᠢ

ᠹᠣᠰᠹᠣᠷ ᠬᠦᠴᠢᠯ ᠤᠨ ᠬᠤᠶᠠᠷ ᠣᠰᠣᠳᠦ᠋ᠷᠦᠭᠴᠢᠲᠤ ᠺᠠᠯᠢ ᠵᠡᠷᠭᠡ ᠪᠣᠷᠳᠣᠭᠤᠷ ᠰᠦᠷᠴᠢᠨ᠂ ᠡᠷᠲᠡ ᠪᠤᠯᠪᠠᠰᠣᠷᠠᠭᠤᠯᠬᠤ ᠪᠠ ᠮᠦᠬᠦᠯᠢᠭ ᠤᠨ ᠬᠦᠨᠳᠦ ᠶᠢ ᠨᠡᠮᠡᠭᠳᠡᠬᠦᠯᠵᠦ

᠂ ᠶᠠᠰᠣ ᠴᠢᠨᠠᠷ ᠢ ᠳᠡᠭᠡᠭᠰᠢᠯᠡᠬᠦᠯᠦᠨ᠎ᠡ᠃ ᠨᠠᠷᠢᠮᠦ ᠣᠰᠣᠯᠠᠬᠤ ᠳᠤ ᠴᠢᠩᠭ᠎ᠠ ᠬᠡᠷᠡᠯ ᠲᠤᠰᠬᠤ ᠦᠶᠡᠰ ᠪᠣᠶᠣ ᠣᠯᠠᠨ ᠣᠳᠠᠭ᠎ᠠ ᠣᠰᠣᠯᠠᠬᠤ᠂ ᠪᠦᠷᠬᠦᠭ ᠡᠳᠦᠷ

ᠣᠰᠣᠯᠠᠬᠤ᠂ ᠨᠠᠪᠴᠢᠨ ᠳᠡᠭᠡᠷ᠎ᠡ ᠣᠰᠣᠯᠠᠵᠤ ᠪᠣᠯᠬᠤ ᠦᠬᠡᠢ᠂ ᠣᠳᠠᠭ᠎ᠠ ᠪᠦᠷᠢ ᠳᠣᠬᠢᠷᠠᠬᠤ ᠬᠡᠮᠵᠢᠶᠡᠨ ᠤ ᠪᠤᠷᠳᠣᠭᠤᠷ ᠨᠡᠮᠡᠨ᠎ᠡ᠃

      ︵ᠲᠠᠪᠤ︶ ᠡᠪᠡᠳᠴᠢᠨ ᠬᠤᠷᠤᠬᠠᠢ ᠡᠪᠡᠰᠦᠨ ᠤ ᠬᠦᠨᠦᠬᠡᠯ ᠠᠴᠠ ᠰᠡᠷᠬᠡᠶᠢᠯᠡᠨ᠎ᠡ᠃

      1. ᠵᠢᠪᠡᠷᠡᠬᠦ ᠬᠡᠮ᠃ ᠨᠠᠷᠢᠮᠣ ᠪᠤᠯᠪᠠᠰᠣᠷᠠᠭᠰᠠᠨ ᠤ ᠳᠠᠷᠠᠭ᠎ᠠ ᠣᠯᠠᠨ ᠪᠤᠷᠤᠭᠠᠨ ᠢᠶᠠᠷ ᠴᠢᠬᠢᠭᠳᠡᠬᠦ ᠦᠶᠡᠰ᠂ ᠴᠠᠭ ᠲᠤᠬᠠᠢ ᠳᠤᠨᠢ ᠵᠢᠪᠡᠷᠡᠬᠦ ᠡᠪᠡᠳᠴᠢᠨ ᠢ

ᠰᠡᠷᠬᠡᠶᠢᠯᠡᠨ᠎ᠡ᠃ ᠨᠠᠷᠢᠮᠦ ᠴᠡᠴᠡᠭᠯᠡᠬᠦ ᠪᠤᠶᠤ ᠢᠳᠡᠭᠡᠯᠡᠬᠦ ᠬᠤᠭᠤᠴᠠᠭᠠᠨ ᠳᠤ᠂ ᠨᠠᠪᠴᠢᠨ ᠤ ᠢᠯᠳᠠᠰᠣᠨ ᠳᠤ ᠬᠡᠰᠡᠭ ᠪᠤᠰᠤᠭ ᠵᠢᠪᠡᠷᠡᠬᠦ ᠡᠪᠡᠳᠴᠢᠨ ᠣᠷᠣᠬᠤ ᠦᠶᠡᠰ᠂

ᠮᠣ᠋ ᠨᠢᠭᠡᠪᠦᠷᠢ ᠳᠤ 15 ᠭᠷᠠᠮ 25% ᠶᠢᠨ ᠹᠧᠨ ᠰᠢᠦ ᠨᠢᠩ ᠢ 15 ᠺᠢᠯᠣᠭ᠍ᠷᠠᠮ ᠣᠰᠣ ᠲᠠᠢ ᠬᠤᠯᠢᠵᠦ᠂ ᠨᠠᠷᠢᠮᠦ ᠶᠢᠨ ᠪᠦᠬᠦ ᠰᠠᠭᠤᠷᠢ ᠳᠤ ᠰᠦᠷᠴᠢᠵᠦ ᠡᠪᠡᠳᠴᠢᠨ

 ᠠᠴᠠ ᠰᠡᠷᠬᠡᠶᠢᠯᠡᠨ᠎ᠡ᠃

      2. ᠣᠯᠠᠭᠠᠨ ᠠᠭᠠᠯᠵᠢ᠃ ᠭᠠᠩ ᠬᠠᠭᠤᠷᠠᠢ ᠦᠶᠡᠰ ᠣᠯᠠᠭᠠᠨ ᠠᠭᠠᠯᠵᠢ ᠠᠴᠠ ᠰᠡᠷᠬᠡᠶᠢᠯᠡᠵᠦ᠂ ᠮᠣ᠋ ᠨᠢᠭᠡᠪᠦᠷᠢ ᠳᠤ 15 ᠭᠷᠠᠮ 15% ᠶᠢᠨ ᠳ᠋ᠠ ᠮᠠᠨ ᠯᠢᠩ

ᠬᠤᠴᠢᠭ ᠣᠰᠠᠳᠬᠠᠬᠤ ᠬᠤᠤᠷ ᠢ 15 ᠺᠢᠯᠣᠭ᠍ᠷᠠᠮ ᠣᠰᠣ ᠲᠠᠢ ᠬᠤᠯᠢᠨ᠂ ᠨᠠᠪᠴᠢᠨ ᠤ ᠠᠷᠤ ᠲᠠᠯ᠎ᠠ ᠳᠤ ᠰᠦᠷᠴᠢᠵᠦ ᠰᠡᠷᠬᠡᠶᠢᠯᠡᠨ᠎ᠡ᠃

      3. ᠬᠢᠮᠢ ᠶᠢᠨ ᠠᠷᠭ᠎ᠠ ᠪᠠᠷ ᠡᠪᠡᠰᠦ ᠠᠷᠢᠯᠭᠠᠨ᠎ᠠ᠃ ᠦᠷ᠎ᠡ ᠰᠠᠴᠤᠭᠰᠠᠨ ᠤ ᠳᠠᠷᠠᠭ᠎ᠠ ᠴᠢᠬᠢᠯᠡᠬᠦ ᠶᠢᠨ ᠡᠮᠦᠨ᠎ᠡ ᠡᠮ ᠦᠭᠴᠦ᠂ ᠦᠶᠡᠲᠦ ᠣᠷᠭᠤᠮᠠᠯ ᠪᠠ

ᠦᠷᠭᠡᠨ ᠨᠠᠪᠴᠢᠲᠤ ᠡᠪᠡᠰᠦ ᠶᠢ ᠠᠷᠢᠯᠭᠠᠨ᠂ ᠮᠣ᠋ ᠨᠢᠭᠡᠪᠦᠷᠢ ᠳᠤ 50 ᠭᠷᠠᠮ 50% ᠶᠢᠨ ᠫᠦ᠋ ᠽᠣᠣ ᠵᠢᠩ ᠴᠢᠬᠢᠭᠯᠢᠭ ᠴᠢᠨᠠᠷᠲᠠᠢ ᠨᠤᠭᠲᠠᠭ ᠢ 40 — 50

ᠺᠢᠯᠤᠭ᠍ᠷᠠᠮ ᠣᠰᠣ ᠲᠠᠢ ᠬᠤᠯᠢᠵᠦ᠂ ᠬᠦᠷᠦᠰᠦᠨ ᠤ ᠭᠠᠳᠠᠷᠭᠤ ᠳᠡᠭᠡᠷ᠎ᠡ ᠳᠡᠭᠰᠢᠬᠡᠨ ᠰᠦᠷᠴᠢᠨ᠎ᠡ︔ ᠡᠰᠡᠬᠦᠯ᠎ᠡ 150 ᠭᠷᠠᠮ 50% ᠶᠢᠨ ᠫᠦ᠋ ᠮᠢᠶᠧ ᠶᠢᠨ ᠴᠢᠬᠢᠭᠯᠢᠭ

ᠴᠢᠨᠠᠷᠲᠠᠢ ᠨᠣᠨᠲᠠᠭ ᠢ 40 — 50 ᠺᠢᠯᠣᠭ᠍ᠷᠠᠮ ᠣᠰᠣ ᠲᠠᠢ  ᠬᠤᠯᠢᠨ᠂ ᠬᠦᠷᠦᠰᠦᠨ ᠤ ᠭᠠᠳᠠᠷᠭᠤ ᠳᠡᠭᠡᠷ᠎ᠡ ᠰᠦᠷᠴᠢᠵᠦ ᠡᠪᠡᠰᠦ ᠠᠷᠢᠯᠭᠠᠨ᠎ᠠ᠃ ᠴᠢᠬᠢᠯᠡᠭᠰᠡᠨ ᠤ

ᠳᠠᠷᠠᠭ᠎ᠠ ᠡᠮ ᠦᠭᠴᠦ᠂ ᠦᠷᠭᠡᠨ ᠨᠠᠪᠴᠢᠲᠤ ᠡᠪᠡᠰᠦ ᠶᠢ ᠠᠷᠢᠯᠭᠠᠨ᠂ ᠮᠣ᠋ ᠨᠢᠭᠡᠪᠦᠷᠢ ᠳᠤ 40 — 50 ᠮᠢᠯᠢᠯᠢᠲᠷ 72% ᠤᠨ 2.4 — D ᠪᠦᠲ᠋ᠢᠯ ᠠᠯᠺᠣᠣᠯ

 ᠢ 30 — 40 ᠺᠢᠯᠣᠭ᠍ᠷᠠᠮ ᠣᠰᠣ ᠲᠠᠢ ᠬᠤᠯᠢᠨ᠂ ᠨᠠᠷᠢᠮᠣ ᠶᠢᠨ ᠴᠢᠬᠢ 4 — 5 ᠨᠠᠪᠴᠢᠯᠠᠬᠤ ᠬᠤᠭᠤᠴᠠᠭᠠᠨ ᠳᠤ᠂ ᠦᠷᠭᠡᠨ ᠨᠠᠪᠴᠢᠲᠤ ᠡᠪᠡᠰᠦ ᠶᠡᠭᠡ ᠲᠦᠯᠦᠪ

ᠵᠢᠭᠳᠡ ᠣᠷᠭᠤᠭᠰᠠᠨ ᠦᠶᠡᠰ ᠰᠦᠷᠴᠢᠵᠦ ᠠᠷᠢᠯᠭᠠᠨ᠎ᠠ᠃

      ︵ᠵᠢᠷᠭᠤᠭ᠎ᠠ︶ ᠳᠣᠬᠢᠷᠠᠮᠵᠢᠲᠠᠢ ᠬᠤᠭᠤᠴᠠᠭᠠᠨ ᠳᠤ ᠬᠤᠷᠢᠶᠠᠨ᠎ᠠ᠃ ᠨᠠᠷᠢᠮᠦ ᠶᠢ ᠬᠡᠲᠦ ᠡᠷᠲᠡ ᠬᠡᠲᠦ ᠪᠤᠶᠤ ᠣᠷᠣᠢ ᠬᠤᠷᠢᠶᠠᠪᠠᠯ ᠶᠠᠰᠣ ᠴᠢᠨᠠᠷ ᠢ

ᠳᠣᠷᠣᠭᠰᠢᠯᠠᠭᠤᠯᠬᠤ ᠶᠢᠨ ᠬᠠᠮᠲᠤ ᠣᠨᠠᠯᠲᠠ ᠶᠢ ᠨᠦᠯᠦᠬᠡᠯᠡᠬᠦ ᠲᠤᠯᠠ ᠬᠠᠮᠤᠭ ᠤᠨ ᠳᠣᠬᠢᠷᠠᠮᠵᠢᠲᠠᠢ ᠬᠤᠭᠤᠴᠠᠭᠠᠨ ᠳᠤ ᠴᠠᠭ ᠲᠤᠬᠠᠢ ᠳᠤᠨᠢ ᠬᠤᠷᠢᠶᠠᠨ᠎ᠠ᠃

ᠰᠢᠷᠠᠯᠠᠬᠤ ᠬᠤᠭᠤᠴᠠᠭ᠎ᠠ ᠪᠤᠶᠤ ᠪᠦᠷᠢᠮᠦᠰᠦᠨ ᠪᠤᠯᠪᠠᠰᠣᠷᠠᠬᠤ ᠬᠤᠭᠤᠴᠠᠭ᠎ᠠ ᠪᠤᠯ ᠬᠤᠷᠢᠶᠠᠬᠤ ᠬᠠᠮᠤᠭ ᠤᠨ ᠰᠠᠶᠢᠨ ᠬᠤᠭᠤᠴᠠᠭ᠎ᠠ ᠪᠤᠯᠤᠨ᠎ᠠ᠃ ᠨᠠᠷᠢᠮᠣ ᠰᠢᠷᠠᠯᠠᠬᠤ

ᠬᠤᠭᠤᠴᠠᠭᠠᠨ ᠳᠤ ᠬᠠᠳᠣᠵᠣ ᠬᠠᠲᠠᠭᠠᠬᠤ᠂ ᠲᠡᠭᠦᠵᠦ ᠬᠤᠷᠢᠶᠠᠬᠤ ᠠᠷᠭ᠎ᠠ ᠶᠢ ᠬᠡᠷᠡᠭᠯᠡᠨ᠂ ᠨᠠᠷᠢᠮᠤ ᠶᠢᠨ ᠡᠰᠢ ᠮᠦᠴᠢᠷ᠂ ᠬᠠᠯᠢᠰᠦ ᠰᠢᠷᠠᠯᠠᠬᠤ ᠨᠤᠷᠮ᠎ᠠ 95% ᠠᠴᠠ

ᠳᠡᠭᠡᠭᠰᠢ ᠬᠦᠷᠬᠦ ᠦᠶᠡᠰ ᠴᠠᠭ ᠲᠤᠬᠠᠢ ᠳᠤᠨᠢ ᠬᠠᠳᠣᠨ ᠬᠠᠲᠠᠭᠠᠵᠤ᠂ ᠨᠠᠷᠢᠮᠦ ᠪᠠᠨ 5 — 7 ᠡᠳᠦᠷ ᠬᠠᠳᠠᠭᠠᠭᠰᠠᠨ ᠤ ᠳᠠᠷᠠᠭ᠎ᠠ ᠲᠡᠬᠦᠵᠦ ᠬᠤᠷᠢᠶᠠᠨ᠎ᠠ᠃ ᠨᠠᠷᠢᠮᠦ

ᠪᠦᠷᠢᠮᠦᠰᠦᠨ ᠪᠤᠯᠪᠠᠰᠣᠷᠠᠬᠤ ᠳᠤ ᠰᠢᠭᠤᠳ ᠬᠤᠷᠢᠶᠠᠬᠤ ᠠᠷᠭ᠎ᠠ ᠶᠢ ᠬᠡᠷᠡᠭᠯᠡᠨ᠂ ᠴᠠᠭ ᠲᠤᠬᠠᠢ ᠳᠤᠨᠢ ᠳᠡᠬᠦᠵᠦ ᠬᠤᠷᠢᠶᠠᠵᠤ᠂ ᠮᠦᠬᠦᠯᠢᠭ ᠬᠡᠬᠡᠭᠳᠡᠬᠦ ᠠᠴᠠ

ᠰᠡᠷᠬᠡᠶᠢᠯᠡᠨ᠎ᠡ᠃

      ᠬᠤᠶᠠᠷ᠂ ᠰᠢᠷ᠎ᠠ ᠪᠤᠷᠴᠠᠭ ᠤᠨ ᠦᠢᠯᠡᠳᠪᠦᠷᠢᠯᠡᠯ ᠤᠨ ᠮᠡᠷᠭᠡᠵᠢᠯ ᠤᠨ ᠳᠦᠷᠢᠮ

      ︵ᠨᠢᠬᠡ︶ ᠵᠦᠢ ᠵᠤᠬᠢᠰᠲᠠᠢ ᠢᠭᠴᠣ ᠰᠠᠭᠤᠯᠭᠠᠵᠤ᠂ ᠰᠠᠭᠤᠷᠢ ᠪᠤᠷᠳᠣᠭᠤᠷ ᠢ ᠰᠠᠶᠢᠲᠤᠷ ᠣᠷᠣᠭᠤᠯᠣᠨ᠂ ᠲᠠᠷᠢᠬᠤ ᠶᠠᠰᠣ ᠴᠢᠨᠠᠷ ᠢ ᠳᠡᠭᠡᠭᠰᠢᠯᠡᠬᠦᠯᠦᠨ᠎ᠡ᠃

ᠰᠢᠷ᠎ᠠ ᠪᠤᠷᠴᠠᠭ ᠦᠨᠳᠦᠷ ᠣᠨᠠᠯᠲᠠ ᠣᠯᠬᠤ ᠵᠠᠩᠭᠢᠯᠠᠭ᠎ᠠ ᠨᠢ ᠴᠢᠬᠢ ᠪᠦᠷᠢᠨ ᠪᠦᠭᠡᠳ ᠰᠠᠶᠢᠨ ᠴᠢᠬᠢᠯᠡᠬᠦ ᠳᠤ ᠪᠤᠢ᠃ ᠨᠦᠬᠦᠴᠡᠯ ᠲᠠᠢ ᠭᠠᠵᠠᠷ ᠣᠷᠣᠨ

ᠬᠠᠭᠠᠯᠪᠤᠷᠢᠯᠠᠬᠤ ᠦᠬᠡᠢ ᠪᠠᠷ ᠦᠷ᠎ᠡ ᠰᠠᠴᠤᠵᠤ ᠪᠤᠯᠤᠨ᠎ᠠ᠃ ᠦᠷ᠎ᠡ ᠰᠠᠴᠣᠬᠤ᠂ ᠪᠤᠷᠳᠣᠭᠤᠷ ᠣᠷᠣᠭᠤᠯᠬᠤ᠂ ᠳᠠᠷᠤᠰᠢᠭᠤᠯᠬᠤ ᠶᠢ ᠴᠤᠭᠴᠠᠵᠢᠭᠤᠯᠤᠭᠰᠠᠨ ᠮᠠᠰᠢᠨ

 ᠢᠶᠠᠷ ᠲᠠᠷᠢᠵᠦ᠂ ᠲᠠᠷᠢᠬᠤ ᠶᠠᠰᠣ ᠴᠢᠨᠠᠷ ᠢ ᠳᠡᠭᠡᠭᠰᠢᠯᠡᠬᠦᠯᠦᠨ᠎ᠡ᠃ ᠡᠩ ᠤᠨ ᠮᠣ᠋ ᠪᠦᠷᠢ ᠶᠢᠨ ᠦᠷ᠎ᠡ ᠬᠡᠷᠡᠭᠯᠡᠬᠦ ᠬᠡᠮᠵᠢᠶ᠎ᠡ 5 — 7 ᠺᠢᠯᠣᠭ᠍ᠷᠠᠮ᠂ ᠮᠣ᠋ ᠨᠢᠭᠡᠪᠦᠷᠢ ᠶᠢᠨ

ᠴᠢᠬᠢ ᠶᠢᠨ ᠨᠢᠭᠲᠠᠴᠠ 11000 ᠨᠦᠬᠡ ᠠᠴᠠ ᠳᠣᠣᠷ᠎ᠠ ᠪᠠᠶᠢᠵᠦ ᠪᠤᠯᠬᠤ ᠦᠬᠡᠢ᠂ ᠨᠦᠬᠡ ᠪᠦᠷᠢ 2  — 2 ᠰᠠᠭᠤᠷᠢ ᠰᠠᠭᠤᠯᠭᠠᠨ᠎ᠠ᠃ ᠮᠦᠷ ᠤᠨ ᠵᠠᠢ

30cm᠂ ᠨᠦᠬᠡ ᠶᠢᠨ ᠵᠠᠢ 15cm — 18cm᠃ ᠰᠢᠷ᠎ᠠ ᠪᠤᠷᠴᠠᠭ ᠲᠠᠷᠢᠬᠤ ᠬᠦᠨᠴᠡ ᠪᠤᠯ ᠳᠠᠷᠣᠰᠢᠭᠤᠯᠤᠭᠰᠠᠨ ᠤ ᠳᠠᠷᠠᠭ᠎ᠠ 3cm — 4cm᠃

ᠣᠲᠤᠭ ᠤᠨ ᠡᠮᠦᠨᠡᠲᠦ ᠬᠤᠰᠢᠭᠤᠨ ᠤ ᠬᠠᠤᠯᠢ ᠶᠤᠰᠤᠨ ᠤ ᠣᠰᠣᠯᠠᠯᠲᠠ ᠶᠢᠨ ᠭᠠᠵᠠᠷ ᠤᠨ ᠶᠡᠬᠡᠩᠬᠢ ᠬᠦᠷᠦᠰᠦ ᠰᠢᠷᠤᠢ ᠶᠢᠨ ᠣᠷᠭᠠᠨᠢᠭ ᠴᠢᠨᠠᠷ ᠤᠨ ᠠᠭᠤᠯᠤᠭᠳᠠᠴᠠ

ᠨᠡᠯᠢᠶᠡᠳ ᠳᠣᠣᠷ᠎ᠠ ᠪᠣᠯᠬᠤᠷ ᠡᠯ᠎ᠡ ᠭᠠᠵᠠᠷ ᠤᠨ ᠰᠢᠷ᠎ᠠ ᠪᠤᠷᠴᠠᠭ ᠤᠨ ᠲᠠᠷᠢᠶᠠᠨ ᠳᠤ ᠵᠤᠬᠢᠬᠤ ᠬᠡᠮᠵᠢᠶᠡᠨ ᠤ ᠹᠣᠰᠹᠣᠷ᠂ ᠺᠠᠯᠢ ᠶᠢᠨ ᠪᠤᠷᠳᠣᠭᠤᠷ ᠨᠡᠮᠡᠵᠦ᠂ ᠠᠽᠣᠲ

 ᠤᠨ ᠪᠤᠷᠳᠣᠭᠤᠷ ᠪᠠᠭ᠎ᠠ ᠤᠷᠤᠭᠤᠯᠤᠨ᠂ ᠨᠦᠬᠦᠴᠡᠯ ᠲᠠᠢ ᠭᠠᠵᠠᠷ ᠣᠷᠣᠨ ᠳᠤ ᠪᠣᠯᠴᠣᠣ ᠶᠢᠨ ᠨᠢᠶᠠᠨ ᠤ ᠪᠣᠷᠳᠣᠭᠤᠷ ᠢ ᠦᠷ᠎ᠡ ᠲᠠᠢ ᠬᠤᠯᠢᠵᠦ ᠪᠤᠯᠤᠨ᠎ᠠ᠃ ᠲᠠᠷᠢᠬᠤ

ᠦᠶᠡᠰ ᠨᠢᠬᠡ ᠣᠳᠠᠭ᠎ᠠ ᠳᠡᠭᠡᠷ᠎ᠡ ᠰᠠᠭᠤᠷᠢ ᠪᠤᠷᠳᠣᠭᠤᠷ ᠢ ᠬᠦᠢᠴᠡᠳ ᠣᠷᠣᠭᠤᠯᠵᠣ᠂ ᠮᠣ᠋ ᠨᠢᠭᠡᠪᠦᠷᠢ ︵ᠬᠤᠯᠢᠮᠠᠭ ᠪᠤᠷᠳᠣᠭᠤᠷ N : P : K =15 : 15 :

15︶ 10 — 25 ᠺᠢᠯᠣᠭ᠍ᠷᠠᠮ ᠪᠤᠷᠳᠣᠭᠤᠷ ᠣᠷᠣᠭᠤᠯᠣᠨ᠂ ᠪᠤᠷᠳᠣᠭᠤᠷ ᠢ ᠦᠷ᠎ᠡ ᠶᠢᠨ ᠬᠠᠵᠠᠭᠤ ᠲᠠᠯ᠎ᠠ ᠶᠢᠨ 4 — 6cm ᠭᠠᠵᠠᠷ ᠲᠤ ᠣᠷᠣᠭᠤᠯᠵᠣ᠂

ᠪᠣᠷᠳᠣᠭᠤᠷ ᠪᠠ ᠦᠷ᠎ᠡ ᠶᠢ ᠠᠰ ᠲᠤ ᠨᠢ ᠪᠠᠶᠢᠯᠭᠠᠨ᠂ ᠴᠢᠬᠢᠯᠡᠬᠦ ᠶᠢ ᠨᠦᠯᠦᠬᠡᠯᠡᠬᠦ ᠠᠴᠠ ᠰᠡᠷᠬᠡᠶᠢᠯᠡᠨ᠎ᠡ᠃ ᠡᠬᠦᠨ ᠠᠴᠠ ᠭᠠᠳᠠᠨ᠎ᠠ᠂ ᠰᠣᠶᠣᠭᠠᠯᠠᠬᠤ ᠨᠤᠷᠮ᠎ᠡ ᠶᠢ

ᠦᠨᠳᠦᠰᠦᠯᠡᠵᠦ ᠲᠠᠷᠢᠬᠤ ᠬᠡᠮᠵᠢᠶ᠎ᠡ ᠪᠠᠨ ᠴᠠᠭ ᠲᠤᠬᠠᠢ ᠳᠤᠨᠢ ᠲᠤᠬᠢᠷᠠᠭᠤᠯᠤᠨ᠎ᠠ᠃

      ︵ᠬᠤᠶᠠᠷ︶ ᠳᠣᠬᠢᠷᠠᠮᠵᠢᠲᠠᠢ ᠲᠦᠷᠦᠯ ᠡᠬᠦᠯᠳᠡᠷ ᠢ ᠰᠣᠩᠭᠤᠨ᠎ᠠ᠃ ᠣᠯᠣᠰ᠂ ᠦᠪᠦᠷ ᠮᠣᠩᠭᠤᠯ ᠤᠨ ᠦᠪᠡᠷᠲᠡᠭᠡᠨ ᠵᠠᠰᠠᠬᠤ ᠤᠷᠤᠨ ᠤ ᠬᠢᠨᠠᠨ

ᠲᠤᠭᠲᠠᠭᠠᠭᠰᠠᠨ ᠪᠤᠶᠤ ᠠᠮᠢ ᠠᠬᠤᠢ ᠶᠢᠨ ᠠᠳᠠᠯᠢ ᠲᠦᠷᠦᠯ ᠤᠨ ᠣᠷᠣᠨ ᠠᠴᠠ ᠣᠷᠣᠭᠤᠯᠣᠨ ᠳᠠᠩᠰᠠᠯᠠᠭᠤᠯᠤᠭᠰᠠᠨ ᠳᠣᠬᠢᠷᠠᠮᠵᠢᠲᠠᠢ ᠰᠢᠷ᠎ᠠ ᠪᠤᠷᠴᠠᠭ ᠤᠨ ᠦᠷ᠎ᠡ ᠶᠢ

ᠰᠣᠩᠭᠤᠵᠣ᠂ ᠭᠠᠩ ᠳᠤ ᠳᠡᠰᠪᠦᠷᠢᠲᠡᠢ᠂ ᠢᠭᠴᠤ ᠲᠠᠷᠢᠬᠤ ᠳᠤ ᠳᠣᠬᠢᠷᠠᠮᠵᠢᠲᠠᠢ᠂ ᠠᠮᠠᠷᠬᠠᠨ ᠬᠤᠭᠤᠷᠬᠤ ᠦᠬᠡᠢ᠂ ᠡᠪᠡᠳᠴᠢᠨ ᠢ ᠡᠰᠡᠷᠬᠦᠴᠡᠬᠦ ᠴᠢᠳᠠᠪᠤᠷᠢ ᠲᠠᠢ᠂

ᠬᠢᠵᠠᠭᠠᠷᠲᠠᠢ ᠪᠤᠶᠤ ᠳᠡᠳ᠋ ᠬᠢᠵᠠᠭᠠᠷᠲᠠᠢ ᠬᠤᠩᠭᠤᠷᠴᠠᠭᠯᠠᠬᠤ ᠦᠨᠳᠦᠷ ᠣᠨᠠᠯᠲᠠ ᠲᠠᠢ ᠰᠢᠷ᠎ᠠ ᠪᠤᠷᠴᠠᠭ ᠤᠨ ᠲᠦᠷᠦᠯ ᠡᠬᠦᠯᠳᠡᠷ ᠢ ᠰᠣᠩᠭᠤᠨ᠎ᠠ᠃ ᠮᠠᠨ ᠤ ᠬᠤᠰᠢᠭᠤᠨ

 ᠤ≥ 10℃ ᠠᠵᠢᠯᠯᠠᠭᠠᠨ ᠤ ᠬᠤᠷᠠᠮᠳᠣᠯ ᠳᠣᠯᠠᠭᠠᠨ 2700℃ ᠠᠴᠠ ᠳᠡᠭᠡᠭᠰᠢ ᠪᠠᠶᠢᠳᠠᠯ ᠢ ᠦᠨᠳᠦᠰᠦᠯᠡᠨ᠂ ᠳᠣᠮᠳᠠᠳᠣ ᠣᠯᠣᠰ ᠤᠨ ᠲᠠᠷᠢᠶᠠᠯᠠᠩ ᠤᠨ ᠦᠢᠯᠡᠰ

 ᠤᠨ ᠰᠢᠨᠵᠢᠯᠡᠬᠦ ᠣᠬᠠᠭᠠᠨ ᠤ ᠰᠣᠳᠣᠯᠭᠠᠨ ᠤ ᠬᠦᠷᠢᠶᠡᠯᠡᠩ ᠤᠨ ᠰᠣᠩᠭᠤᠨ ᠪᠤᠶᠢᠵᠢᠭᠤᠯᠤᠭᠰᠠᠨ ᠪᠤᠷᠴᠠᠭ ᠤᠨ ᠲᠦᠷᠦᠯ ᠤᠨ ᠵᠦᠩ ᠬᠤᠸᠠᠩ 30 ᠨᠣᠮᠧᠷ᠂ ᠵᠦᠩ

ᠬᠤᠸᠠᠩ 318 ᠨᠣᠮᠧᠷ᠂ ᠵᠦᠩ ᠬᠤᠸᠠᠩ 322 ᠨᠣᠮᠧᠷ᠂ ᠬᠢᠷᠢᠨ ᠮᠣᠵᠢ ᠶᠢᠨ ᠲᠠᠷᠢᠶᠠᠯᠠᠩ ᠤᠨ ᠦᠢᠯᠡᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ

ᠪᠤᠶᠢᠵᠢᠭᠤᠯᠤᠭᠰᠠᠨ ᠪᠤᠷᠴᠠᠭ ᠤᠨ ᠲᠦᠷᠦᠯ ᠤᠨ ᠵᠢᠢ ᠢᠦᠢ 441 ᠨᠣᠮᠧᠷ᠂ ᠵᠦᠩ ᠬᠤᠸᠠᠩ 35 ᠨᠣᠮᠧᠷ᠂ ᠴᠠᠩᠴᠦ᠋ᠨ ᠬᠤᠲᠠ ᠶᠢᠨ ᠲᠠᠷᠢᠶᠠᠯᠠᠩ ᠤᠨ ᠦᠢᠯᠡᠰ

 ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠪᠤᠶᠢᠵᠢᠭᠤᠯᠤᠭᠰᠠᠨ ᠪᠤᠷᠴᠠᠭ ᠤᠨ ᠲᠦᠷᠦᠯ ᠤᠨ ᠴᠠᠩ ᠨᠦᠩ 30 ᠨᠣᠮᠧᠷ᠂ ᠣᠯᠠᠭᠠᠨᠬᠠᠳᠠ ᠬᠤᠲᠠ ᠶᠢᠨ ᠮᠠᠯ

ᠲᠠᠷᠢᠶᠠᠯᠠᠩ ᠤᠨ ᠰᠢᠨᠵᠢᠯᠡᠬᠦ ᠤᠬᠠᠭᠠᠨ ᠰᠣᠳᠣᠯᠭᠠᠨ ᠤ ᠬᠦᠷᠢᠶᠡᠯᠡᠩ ᠤᠨ ᠪᠤᠶᠢᠵᠢᠭᠤᠯᠤᠭᠰᠠᠨ ᠪᠤᠷᠴᠠᠭ ᠤᠨ ᠲᠦᠷᠦᠯ ᠤᠨ ᡂᠢ ᠳ᠋ᠸᠤ 5 ᠨᠣᠮᠧᠷ᠂ ᠬᠠᠷᠠᠮᠦ᠋ᠷᠡᠨ

ᠮᠣᠵᠢ ᠶᠢᠨ ᠲᠠᠷᠢᠶᠠᠯᠠᠩ ᠤᠨ ᠦᠢᠯᠡᠰ ᠤᠨ ᠰᠢᠨᠵᠢᠯᠡᠬᠦ ᠣᠬᠠᠭᠠᠨ ᠤ ᠬᠦᠷᠢᠶᠡᠯᠡᠩ ᠤᠨ ᠰᠣᠩᠭᠤᠨ ᠪᠤᠶᠢᠵᠢᠭᠤᠯᠤᠭᠰᠠᠨ ᠪᠤᠷᠴᠠᠭ ᠤᠨ ᠲᠦᠷᠦᠯ ᠤᠨ ᠡᠾᠧ ᠨᠦᠩ

71 ᠨᠣᠮᠧᠷ ᠵᠡᠷᠭᠡ ᠳᠣᠮᠳᠠ ᠣᠷᠣᠢ ᠪᠤᠯᠪᠠᠰᠣᠷᠠᠬᠤ ᠲᠦᠷᠦᠯ ᠡᠬᠦᠯᠳᠡᠷ ᠢ ᠰᠣᠩᠭᠤᠨ᠎ᠠ᠃

      ︵ᠭᠤᠷᠪᠠ︶ ᠦᠷ᠎ᠡ ᠰᠠᠴᠤᠬᠤ ᠬᠤᠭᠤᠴᠠᠭ᠎ᠠ ᠪᠠᠨ ᠵᠦᠪ ᠣᠨᠣᠪᠴᠢᠲᠠᠢ ᠰᠣᠩᠭᠤᠨ᠎ᠠ᠃ ᠪᠤᠷᠤᠭᠠᠨ ᠬᠦᠯᠢᠶᠡᠬᠦ ᠪᠤᠶᠤ ᠴᠢᠬᠢᠭ ᠲᠠᠢ ᠳᠡᠭᠡᠷ᠎ᠡ ᠨᠢ ᠦᠷ᠎ᠡ

ᠰᠠᠴᠣᠨ᠎ᠠ᠃ ᠦᠷ᠎ᠡ ᠰᠠᠴᠤᠬᠤ ᠬᠤᠭᠤᠴᠠᠭ᠎ᠠ ᠪᠠᠨ 5 ᠰᠠᠷ᠎ᠠ ᠶᠢᠨ ᠡᠬᠢ ᠪᠤᠶᠤ ᠳᠣᠮᠳᠠᠴᠢ ᠪᠠᠷ ᠳᠣᠬᠢᠷᠠᠭᠤᠯᠤᠨ᠎ᠠ᠃ ᠦᠷ᠎ᠡ ᠪᠠᠨ ᠬᠡᠲᠦ ᠡᠷᠲᠡ ᠰᠠᠴᠣᠪᠠᠯ ᠳᠣᠣᠷ᠎ᠠ

ᠳᠣᠯᠠᠭᠠᠨ ᠠᠴᠠ ᠪᠤᠯᠵᠤ ᠴᠢᠬᠢᠯᠡᠬᠦ ᠶᠢ ᠨᠦᠯᠦᠬᠡᠯᠡᠬᠦ ᠮᠦᠷᠲᠡᠭᠡᠨ ᠡᠪᠡᠳᠴᠢᠨ ᠬᠤᠷᠤᠬᠠᠢ ᠶᠢᠨ ᠬᠦᠨᠦᠬᠡᠯ ᠳᠤ ᠣᠴᠠᠷᠠᠨ᠎ᠠ︔ ᠬᠡᠲᠦ ᠣᠷᠣᠢ ᠦᠷ᠎ᠡ ᠰᠠᠴᠣᠪᠠᠯ

ᠣᠨᠠᠯᠲᠠ ᠶᠢ ᠨᠦᠯᠦᠬᠡᠯᠡᠵᠦ᠂ ᠦᠷ᠎ᠡ ᠠᠰᠢᠭ ᠢ ᠳᠣᠷᠣᠭᠰᠢᠯᠠᠭᠤᠯᠤᠨ᠎ᠠ᠃ ᠴᠠᠭ ᠠᠭᠤᠷ ᠤᠨ ᠮᠡᠳᠡᠭᠡ ᠶᠢ ᠦᠨᠳᠦᠰᠦᠯᠡᠨ᠂ ᠪᠤᠷᠤᠭᠠᠨ ᠬᠦᠯᠢᠶᠡᠬᠦ ᠪᠤᠶᠤ ᠴᠢᠬᠢᠭ ᠲᠠᠢ

ᠳᠡᠭᠡᠷ᠎ᠡ ᠨᠢ ᠦᠷ᠎ᠡ ᠰᠠᠴᠣᠨ᠎ᠠ᠃

      ︵ᠳᠦᠷᠪᠡ︶ ᠨᠠᠷᠢᠯᠢᠭ ᠣᠨᠣᠪᠴᠢᠲᠠᠢ ᠪᠠᠷ ᠲᠠᠷᠢᠶ᠎ᠠ ᠠᠷᠠᠴᠢᠯᠠᠨ᠎ᠠ᠃

      1. ᠣᠰᠣ ᠬᠢᠵᠠᠭᠠᠷᠯᠠᠵᠤ ᠬᠤᠷᠤᠭᠳᠠᠯ ᠢ ᠪᠠᠭᠠᠰᠬᠠᠨ᠂ ᠣᠰᠣᠨ ᠤ ᠬᠡᠷᠡᠭᠯᠡᠯᠲᠡ ᠶᠢ ᠪᠠᠭᠠᠰᠬᠠᠨ᠎ᠠ᠃ ᠲᠤᠰᠤᠯᠭᠠᠨ ᠣᠰᠣᠯᠠᠯᠲᠠ ᠪᠠᠷ  ᠣᠰᠣᠯᠠᠯᠲᠠ ᠶᠢ

ᠣᠷᠣᠯᠠᠭᠤᠯᠬᠤ᠂ ᠣᠶᠣᠨᠴᠢᠯᠠᠭᠰᠠᠨ ᠲᠤᠰᠤᠯᠭᠠᠨ ᠣᠰᠣᠯᠠᠯᠲᠠ ᠪᠠᠷ ᠡᠩ ᠤᠨ ᠲᠤᠰᠤᠯᠭᠠᠨ ᠣᠰᠣᠯᠠᠯᠲᠠ ᠪᠠᠷ ᠣᠷᠣᠯᠠᠭᠤᠯᠬᠤ ᠶᠢ ᠲᠦᠷᠬᠡᠳᠬᠡᠨ᠎ᠡ᠃ ᠪᠦᠬᠦ

ᠬᠤᠰᠢᠭᠤᠨ ᠤ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠬᠡᠷᠡᠭᠵᠢᠬᠦᠯᠬᠦ ᠲᠦᠰᠦᠯ ᠤᠨ ᠣᠰᠣ ᠬᠡᠷᠡᠭᠯᠡᠬᠦ ᠱᠠᠭᠠᠷᠳᠠᠯᠭ᠎ᠠ ᠶᠤᠰᠤᠭᠠᠷ᠂ ᠰᠢᠷ᠎ᠠ

ᠪᠤᠷᠴᠠᠭ ᠤᠨ ᠴᠢᠬᠢᠯᠡᠬᠦ ᠨᠤᠷᠮ᠎ᠠ᠂ ᠣᠨᠳᠣᠷᠣᠯᠲᠠ ᠶᠢᠨ ᠨᠣᠷᠮ᠎ᠠ ᠪᠠ ᠣᠨᠠᠯᠲᠠ ᠶᠢᠨ ᠬᠡᠮᠵᠢᠶ᠎ᠡ ᠶᠢ ᠪᠠᠲᠤᠯᠠᠬᠤ ᠶᠢᠨ ᠲᠤᠰᠠᠳᠠ᠂ ᠴᠢᠬᠢᠭ ᠤᠨ ᠪᠠᠶᠢᠳᠠᠯ ᠢ

ᠦᠨᠳᠦᠰᠦᠯᠡᠵᠦ ᠬᠠᠭᠤᠷᠠᠢ ᠲᠠᠷᠢᠶᠠᠯᠠᠭ᠎ᠠ ᠶᠢᠨ ᠰᠢᠷ᠎ᠠ ᠪᠤᠷᠴᠠᠭ ᠤᠨ ᠣᠷᠭᠤᠯᠲᠠ ᠶᠢᠨ ᠬᠤᠭᠤᠴᠠᠭᠠᠨ ᠳᠤ 3 ᠣᠳᠠᠭ᠎ᠠ ᠴᠠᠭ ᠬᠢᠵᠠᠭᠠᠷᠯᠠᠨ ᠣᠰᠣᠯᠠᠵᠤ᠂ ᠲᠤᠰ ᠲᠤᠰ

ᠰᠢᠷ᠎ᠠ ᠪᠤᠷᠴᠠᠭ ᠤᠨ ᠦᠷ᠎ᠡ ᠰᠠᠴᠣᠬᠤ ᠬᠤᠭᠤᠴᠠᠭ᠎ᠠ᠂ ᠴᠡᠴᠡᠭᠯᠡᠬᠦ ᠬᠤᠭᠤᠴᠠᠭ᠎ᠠ᠂ ᠬᠤᠩᠭᠤᠷᠴᠠᠭᠯᠠᠬᠤ ᠬᠤᠭᠤᠴᠠᠭ᠎ᠠ ᠳᠤ ᠣᠰᠣᠯᠠᠨ᠂ ᠣᠳᠠᠭ᠎ᠠ ᠪᠦᠷᠢ ᠶᠢᠨ

ᠣᠰᠣᠯᠠᠯᠲᠠ ᠶᠢᠨ ᠬᠡᠮᠵᠢᠶ᠎ᠡ ᠨᠢ ᠮᠣ᠋ ᠨᠢᠭᠡᠪᠦᠷᠢ ᠶᠢᠨ 20 ᠺᠦᠪ ᠮᠧᠲᠷ ᠣᠷᠴᠢᠮ᠂ ᠪᠦᠬᠦ ᠣᠷᠭᠤᠴᠠ ᠶᠢᠨ ᠬᠤᠭᠤᠴᠠᠭᠠᠨ ᠳᠤ 60 ᠺᠦᠪ ᠮᠧᠲᠷ/ ᠮᠣ᠋

ᠣᠰᠣᠯᠠᠨ᠎ᠠ᠃

      2. ᠪᠤᠷᠳᠣᠭᠤᠷ ᠢ ᠬᠢᠵᠠᠭᠠᠷᠯᠠᠨ ᠦᠷ᠎ᠡ ᠠᠰᠢᠭ ᠢ ᠳᠡᠭᠡᠭᠰᠢᠯᠡᠬᠦᠯᠵᠦ᠂ ᠬᠢᠮᠢ ᠶᠢᠨ ᠪᠤᠷᠳᠣᠭᠤᠷ ᠣᠷᠣᠭᠤᠯᠬᠤ ᠬᠡᠮᠵᠢᠶ᠎ᠡ ᠶᠢ ᠪᠠᠭᠠᠰᠬᠠᠨ᠎ᠠ᠃ ᠣᠷᠭᠠᠨᠢᠭ

ᠪᠤᠷᠳᠣᠭᠤᠷ ᠢᠶᠠᠷ ᠬᠢᠮᠢ ᠶᠢᠨ ᠪᠤᠷᠳᠣᠭᠤᠷ ᠢ ᠣᠷᠣᠯᠠᠭᠤᠯᠬᠤ᠂ ᠪᠤᠷᠳᠣᠭᠤᠷ ᠣᠷᠣᠭᠤᠯᠬᠤ ᠠᠷᠭ᠎ᠠ ᠮᠠᠶ᠋ᠢᠭ ᠢ  ᠦᠬᠡᠷᠡᠴᠢᠯᠡᠬᠦ᠂ ᠪᠣᠷᠳᠣᠭᠤᠷ ᠣᠷᠣᠭᠤᠯᠬᠤ ᠪᠦᠲᠦᠴᠡ

 ᠶᠢ ᠲᠤᠬᠢᠷᠠᠭᠤᠯᠬᠤ ᠵᠡᠷᠭᠡ ᠶᠠᠷᠦᠩᠬᠡᠶᠢᠯᠡᠭᠰᠡᠨ ᠠᠷᠭ᠎ᠠ ᠠᠪᠴᠠᠯ ᠢ ᠠᠪᠴᠣ᠂ ᠬᠠᠭᠤᠷᠠᠢ ᠲᠠᠷᠢᠶᠠᠯᠠᠭ᠎ᠠ ᠶᠢᠨ ᠰᠢᠷ᠎ᠠ ᠪᠤᠷᠴᠠᠭ ᠤᠨ ᠦᠢᠯᠡᠳᠪᠦᠷᠢᠯᠡᠯ ᠢ ᠠᠬᠢᠭᠤᠯᠬᠤ

ᠳᠣᠮᠳᠠ ᠬᠢᠮᠢ ᠶᠢᠨ ᠪᠤᠷᠳᠣᠭᠤᠷ ᠤᠨ ᠬᠡᠷᠡᠭᠯᠡᠯᠲᠡ ᠶᠢᠨ ᠬᠡᠮᠵᠢᠶ᠎ᠡ ᠶᠢ ᠪᠠᠭᠠᠰᠬᠠᠨ᠎ᠠ᠃ ᠬᠠᠮᠢᠶ᠎ᠠ ᠪᠦᠬᠦᠢ ᠲᠦᠷᠦ ᠶᠢᠨ ᠪᠤᠳᠣᠯᠭ᠎ᠠ ᠶᠢᠨ ᠴᠢᠨᠠᠷᠲᠠᠢ ᠲᠦᠷᠦᠯ ᠵᠦᠢᠯ ᠤᠨ

ᠬᠡᠷᠡᠭᠵᠢᠬᠦᠯᠦᠯᠲᠡ ᠲᠠᠢ ᠤᠶᠠᠯᠳᠣᠭᠤᠯᠣᠨ᠂ ᠣᠷᠭᠠᠨᠢᠭ ᠪᠤᠷᠳᠣᠭᠤᠷ ᠨᠡᠮᠡᠵᠦ ᠤᠷᠤᠭᠤᠯᠬᠤ᠂ ᠡᠰᠢ ᠰᠦᠷᠡᠯ᠂ ᠨᠣᠭᠤᠭᠠᠨ ᠪᠤᠷᠳᠣᠭᠤᠷ ᠢ ᠲᠠᠷᠢᠶᠠᠨ ᠳᠤ ᠪᠤᠴᠠᠭᠠᠬᠤ᠂

ᠬᠦᠨ ᠬᠠᠭᠠᠯᠪᠤᠷᠢᠯᠠᠬᠤ ᠲᠠᠯᠠᠪᠠᠢ ᠶᠢ ᠦᠷᠬᠡᠳᠬᠡᠵᠦ᠂ ᠬᠦᠷᠦᠰᠦ ᠰᠢᠷᠤᠢ ᠶᠢᠨ ᠣᠷᠭᠠᠨᠢᠭ ᠴᠢᠨᠠᠷ ᠢ ᠲᠠᠰᠣᠷᠠᠯᠲᠠ ᠦᠬᠡᠢ ᠨᠡᠮᠡᠭᠳᠡᠬᠦᠯᠦᠨ᠂ ᠬᠦᠷᠦᠰᠦ ᠰᠢᠷᠤᠢ ᠶᠢᠨ

ᠹᠢᠽᠢᠺ ᠬᠢᠮᠢ ᠶᠢᠨ ᠴᠢᠳᠠᠪᠬᠢ ᠶᠢ ᠰᠠᠶᠢᠵᠢᠷᠠᠭᠤᠯᠵᠤ᠂ ᠪᠤᠷᠳᠣᠭᠤᠷ ᠪᠤᠯᠪᠠᠰᠣᠷᠠᠭᠤᠯᠤᠨ ᠭᠠᠵᠠᠷ ᠤᠨ ᠬᠦᠴᠦ ᠶᠢ ᠨᠡᠮᠡᠭᠳᠡᠬᠦᠯᠦᠨ᠎ᠡ᠃ ᠡᠮᠦᠨ᠎ᠡ ᠬᠤᠭᠤᠴᠠᠭᠠᠨ ᠳᠤ

ᠣᠷᠭᠤᠴᠠ ᠨᠢ ᠰᠠᠶᠢᠨ᠂ ᠶᠡᠬᠡᠪᠡᠷ ᠢᠭᠴᠤᠷᠠᠨ ᠣᠷᠭᠤᠬᠤ ᠬᠠᠨᠳᠦᠰᠢ ᠲᠠᠢ ᠲᠠᠷᠢᠶᠠᠨ ᠭᠠᠵᠠᠷ ᠲᠤ ᠴᠡᠴᠡᠭ ᠳᠡᠯᠭᠡᠷᠡᠬᠦ ᠠᠴᠠ ᠡᠮᠦᠨ᠎ᠡ  ᠬᠤᠭᠤᠷᠠᠵᠤ ᠣᠨᠠᠬᠤ ᠠᠴᠠ

ᠰᠡᠷᠬᠡᠶᠢᠯᠡᠬᠦ ᠮᠡᠷᠭᠡᠵᠢᠯ ᠢ ᠬᠡᠷᠡᠭᠯᠡᠵᠦ᠂ ᠵᠢᠱᠢᠶᠡᠯᠡᠪᠡᠯ ᠣᠯᠠᠨ ᠦᠢᠯᠡᠳᠦᠯᠲᠦ ᠤᠺᠠᠰᠠᠽᠤᠯ᠂ ᠰᠦᠸᠧ ᠵᠢᠶᠧ ᠠᠨ᠂ ᠪᠤᠭᠤᠨᠢᠰᠢᠷᠠᠭᠤᠯᠬᠤ ᠡᠳ᠋ ᠵᠡᠷᠭᠡ ᠬᠢᠵᠠᠭᠠᠷᠯᠠᠬᠤ

ᠡᠮ ᠢ 1 — 2 ᠣᠳᠠᠭ᠎ᠠ ᠰᠦᠷᠴᠢᠨ᠂ ᠭᠠᠵᠠᠷ ᠳᠡᠭᠡᠷᠡᠬᠢ ᠬᠡᠰᠡᠭ ᠤᠨ ᠣᠷᠭᠤᠴᠠ ᠶᠢ ᠬᠢᠵᠠᠭᠠᠷᠯᠠᠵᠤ᠂ ᠦᠨᠳᠦᠰᠦᠨ ᠤ ᠪᠤᠶᠢᠵᠢᠯᠲᠠ ᠶᠢ ᠠᠬᠢᠭᠤᠯᠤᠨ᠎ᠠ᠃ ᠰᠠᠭᠤᠷᠢ

ᠪᠤᠷᠳᠣᠭᠤᠷ ᠢ ᠬᠦᠢᠴᠡᠳ ᠣᠷᠣᠭᠤᠯᠣᠭᠰᠠᠨ ᠰᠠᠭᠤᠷᠢᠨ ᠳᠡᠭᠡᠷ᠎ᠡ᠂ ᠰᠢᠷ᠎ᠠ ᠪᠤᠷᠴᠠᠭ ᠴᠡᠴᠡᠭᠯᠡᠬᠦ ᠡᠮᠦᠨ᠎ᠡ ᠬᠤᠶᠢᠨ᠎ᠠ ᠬᠤᠭᠤᠴᠠᠭ᠎ᠠ ᠮᠤ᠋ ᠨᠢᠭᠡᠪᠦᠷᠢ ᠳᠤ ᠰᠢᠷ᠎ᠠ ᠪᠤᠷᠴᠠᠭ

 ᠤᠨ ᠲᠤᠰᠬᠠᠢ ᠪᠣᠷᠳᠣᠭᠤᠷ ᠪᠤᠶᠤ ᠬᠤᠯᠢᠮᠠᠭ ᠪᠤᠷᠳᠣᠭᠤᠷ ᠢ 10 ᠺᠢᠯᠣᠭ᠍ᠷᠠᠮ ᠣᠷᠣᠭᠤᠯᠣᠨ᠎ᠠ᠃ ᠰᠢᠷ᠎ᠠ ᠪᠤᠷᠴᠠᠭ ᠤᠨ ᠣᠷᠭᠤᠯᠲᠠ ᠶᠢᠨ ᠳᠣᠮᠳᠠ ᠬᠤᠶᠢᠨ᠎ᠠ

ᠬᠤᠭᠤᠴᠠᠭ᠎ᠠ ᠹᠣᠰᠹᠣᠷ ᠬᠦᠴᠢᠯ ᠤᠨ ᠬᠤᠶᠠᠷ ᠣᠰᠣᠳᠦ᠋ᠷᠦᠭᠴᠢᠲᠦ ᠺᠠᠯᠢ᠂ ᠶᠧ ᠮᠢᠶᠡᠨ ᠪᠣᠣ᠂ ᠮᠸᠢ ᠵᠸᠤ ᠰᠢᠩ ᠵᠡᠷᠭᠡ ᠨᠠᠪᠴᠢᠨ ᠪᠣᠷᠳᠣᠭᠤᠷ ᠢ ᠰᠦᠷᠴᠢᠵᠦ

ᠣᠷᠣᠭᠤᠯᠣᠨ᠂ ᠣᠷᠭᠤᠮᠠᠯ ᠤᠨ ᠡᠷᠲᠡ ᠮᠠᠭᠤᠳᠠᠬᠤ ᠶᠢ ᠰᠡᠷᠭᠡᠶᠢᠯᠡᠵᠦ᠂ ᠮᠦᠬᠦᠯᠢᠭ ᠤᠨ ᠬᠦᠨᠳᠦᠴᠡ ᠶᠢ ᠨᠡᠮᠡᠭᠳᠡᠬᠦᠯᠦᠨ᠎ᠡ᠃

      3. ᠲᠠᠷᠢᠶᠠᠯᠠᠩ ᠤᠨ ᠡᠮ ᠢ ᠬᠢᠵᠠᠭᠠᠷᠯᠠᠨ ᠬᠤᠤᠷ ᠬᠦᠨᠦᠬᠡᠯ ᠢ ᠪᠠᠭᠠᠰᠬᠠᠵᠤ᠂ ᠲᠠᠷᠢᠶᠠᠯᠠᠩ ᠤᠨ ᠡᠮ ᠤᠨ ᠬᠡᠷᠡᠭᠯᠡᠬᠦ ᠬᠡᠮᠵᠢᠶ᠎ᠡ ᠶᠢ ᠪᠠᠭᠠᠰᠬᠠᠨ᠎ᠠ᠃ ᠡᠮ ᠤᠨ

ᠲᠤᠨᠤᠭ ᠳᠦᠬᠦᠬᠡᠷᠦᠮᠵᠢ ᠶᠢ ᠰᠠᠶᠢᠵᠢᠷᠠᠭᠤᠯᠵᠤ᠂ ᠣᠷᠭᠤᠴᠠ ᠬᠠᠮᠠᠭᠠᠯᠠᠯᠲᠠ ᠶᠢᠨ ᠦᠢᠯᠡᠴᠢᠯᠡᠬᠡᠨ ᠤ ᠨᠡᠶᠢᠬᠡᠮᠴᠢᠯᠡᠭᠰᠡᠨ ᠦᠢᠯᠡᠴᠢᠯᠡᠭᠡ ᠶᠢ ᠴᠢᠩᠭᠠᠳᠬᠠᠨ᠂

ᠨᠢᠬᠡᠳᠦᠯᠲᠡᠢ ᠰᠡᠷᠬᠡᠶᠢᠯᠡᠵᠦ ᠨᠢᠭᠡᠳᠦᠯᠲᠡᠢ ᠵᠠᠰᠠᠬᠤ ᠪᠠ ᠰᠢᠨᠵᠢᠯᠡᠬᠦ ᠤᠬᠠᠭᠠᠨᠴᠢ ᠰᠡᠷᠬᠡᠶᠢᠯᠡᠨ ᠡᠵᠡᠮᠳᠡᠯ ᠢ ᠢᠳᠡᠪᠬᠢᠲᠡᠢ ᠪᠠᠷ ᠦᠷᠨᠢᠬᠦᠯᠵᠦ᠂ ᠲᠠᠷᠢᠶᠠᠯᠠᠩ ᠤᠨ ᠮᠡᠷᠭᠡᠵᠢᠯ

 ᠤᠨ ᠡᠮ ᠤᠨ ᠬᠡᠷᠡᠭᠯᠡᠯᠲᠡ ᠶᠢ ᠪᠠᠭᠠᠰᠬᠠᠬᠤ ᠬᠢᠷᠢ ᠳᠦᠪᠰᠢᠨ ᠢ ᠲᠠᠰᠣᠷᠠᠯᠲᠠ ᠦᠬᠡᠢ ᠳᠡᠭᠡᠭᠰᠢᠯᠡᠬᠦᠯᠦᠨ᠎ᠡ᠃ ᠦᠨᠳᠦᠷ ᠪᠦᠲᠦᠮᠵᠢᠲᠦ ᠠᠮᠢᠳᠣ ᠪᠣᠳᠠᠰ ᠤᠨ ᠲᠠᠷᠢᠶᠠᠯᠠᠩ

 ᠤᠨ ᠡᠮ ᠢ ᠲᠦᠬᠡᠮᠡᠯᠵᠢᠬᠦᠯᠦᠨ᠂ ᠲᠠᠷᠢᠶᠠᠯᠠᠩ ᠤᠨ ᠬᠢᠮᠢ ᠶᠢᠨ ᠡᠮ ᠤᠨ ᠬᠡᠷᠡᠭᠯᠡᠯᠲᠡ ᠶᠢᠨ ᠬᠡᠮᠵᠢᠶ᠎ᠡ ᠶᠢ ᠪᠠᠭᠠᠰᠬᠠᠨ᠎ᠠ᠃ ᠰᠢᠷ᠎ᠠ ᠪᠤᠷᠴᠠᠭ ᠤᠨ ᠡᠪᠡᠳᠴᠢᠨ ᠬᠤᠷᠤᠬᠠᠢ

 ᠶᠢᠨ ᠬᠦᠨᠦᠬᠡᠯ ᠢ ᠬᠢᠨᠠᠨ ᠡᠵᠡᠮᠳᠡᠬᠦ ᠣᠷᠢᠳᠴᠢᠯᠠᠨ ᠰᠡᠷᠡᠮᠵᠢᠯᠡᠬᠦᠯᠬᠦ ᠰᠢᠰᠲ᠋ᠧᠮ ᠢ ᠪᠠᠶᠢᠭᠤᠯᠤᠨ ᠳᠡᠭᠦᠯᠳᠡᠷᠵᠢᠬᠦᠯᠵᠦ᠂ ᠲᠤᠭᠠᠴᠠᠯᠠᠭᠰᠠᠨ ᠮᠡᠳᠡᠭᠡ ᠵᠠᠩᠭᠢᠴᠢᠯᠠᠯᠲᠠ ᠶᠢᠨ

ᠮᠡᠷᠭᠡᠵᠢᠯ ᠢ ᠬᠡᠷᠡᠭᠯᠡᠵᠦ ᠪᠤᠳᠠᠰ ᠤᠨ ᠰᠦᠯᠵᠢᠶᠡᠨ ᠤ ᠠᠦ᠋ᠲ᠋ᠤ᠋ ᠢᠶᠠᠷ ᠬᠢᠨᠠᠨ ᠡᠵᠡᠮᠳᠡᠬᠦ ᠲᠤᠤᠷ ᠢ ᠪᠠᠶᠢᠭᠤᠯᠤᠨ᠎ᠠ᠃ ᠣᠷᠢᠳᠴᠢᠯᠠᠨ ᠰᠡᠷᠡᠮᠵᠢᠯᠡᠬᠦᠯᠬᠦ ᠲᠠᠢ

ᠣᠶᠠᠯᠳᠣᠭᠤᠯᠵᠦ ᠰᠢᠨᠵᠢᠯᠡᠬᠦ ᠤᠬᠠᠭᠠᠨᠴᠢ ᠪᠠᠷ ᠰᠡᠷᠬᠡᠶᠢᠯᠡᠨ ᠡᠵᠡᠮᠳᠡᠵᠦ᠂ ᠲᠠᠷᠢᠭᠴᠢ ᠭᠤᠤᠯ ᠴᠤᠭᠴᠠ ᠶᠢ ᠵᠢᠯᠤᠭᠤᠳᠤᠨ ᠵᠦᠢ ᠵᠤᠬᠢᠰᠲᠠᠢ ᠪᠠᠷ ᠡᠮ ᠬᠡᠷᠡᠭᠯᠡᠵᠦ᠂ ᠡᠮ

ᠬᠡᠷᠡᠭᠯᠡᠬᠦ ᠬᠡᠮᠵᠢᠶ᠎ᠡ ᠶᠢ ᠠᠯᠢ ᠪᠤᠯᠬᠤᠶᠢᠴᠠ ᠪᠠᠭᠠᠰᠬᠠᠨ᠎ᠠ᠃ ᠬᠠᠷ᠎ᠠ ᠬᠦᠷᠡᠩ ᠳ᠋ᠧᠩ᠂ ᠪᠡᠯᠭᠡ ᠶᠢᠨ ᠦᠲᠦᠭᠡᠯᠭᠡ ᠶᠢᠨ ᠡᠳ᠋᠂ ᠬᠤᠷᠤᠬᠠᠢ ᠨᠠᠭᠠᠯᠳᠣᠭᠤᠯᠬᠤ ᠬᠠᠪᠲᠠᠰᠣ

ᠵᠢᠴᠢ ᠢᠳᠡᠭᠡᠨ ᠢᠶᠠᠷ ᠦᠲᠦᠬᠡᠯᠬᠡᠬᠦ ᠡᠳ᠋ ᠵᠡᠷᠭᠡ ᠳᠦᠷᠪᠡᠨ ᠵᠦᠢᠯ ᠤᠨ ᠮᠡᠷᠭᠡᠵᠢᠯ ᠢ ᠰᠣᠩᠭᠤᠨ ᠭᠡᠷᠡᠭᠯᠡᠵᠦ ᠪᠣᠬᠢᠷᠳᠣᠯ ᠦᠬᠡᠢ ᠰᠡᠷᠬᠡᠶᠢᠯᠡᠨ ᠡᠵᠡᠮᠳᠡᠯ ᠢ ᠦᠷᠨᠢᠬᠦᠯᠦᠨ

᠂ ᠬᠤᠷᠤᠬᠠᠢ ᠶᠢᠨ ᠢᠵᠠᠭᠤᠷ ᠦᠨᠳᠦᠰᠦᠨ ᠤ ᠰᠠᠭᠤᠷᠢ ᠲᠤᠭ᠎ᠠ ᠶᠢ ᠳᠣᠷᠣᠭᠰᠢᠯᠠᠭᠤᠯᠤᠨ᠎ᠠ᠃ ᠰᠢᠷ᠎ᠠ ᠪᠤᠷᠴᠠᠭ ᠤᠨ ᠡᠷᠡᠭᠦᠯ ᠣᠷᠭᠤᠴᠠ ᠶᠢ ᠪᠠᠲᠤᠯᠠᠬᠤ ᠳᠤ

ᠣᠨᠴᠠᠭᠠᠶᠢᠯᠠᠨ ᠰᠢᠷ᠎ᠠ ᠪᠤᠷᠴᠠᠭ ᠤᠨ ᠪᠤᠷᠭᠤᠢ ᠬᠤᠷᠤᠬᠠᠢ ᠶᠢ ᠰᠡᠷᠬᠡᠶᠢᠯᠡᠨ ᠵᠠᠰᠠᠬᠤ ᠶᠢ ᠠᠩᠬᠠᠷᠴᠤ᠂ ᠰᠢᠪᠡᠵᠢ ᠪᠤᠯᠬᠤ ᠬᠤᠭᠤᠴᠠᠭᠠᠨ ᠳᠤ 2.5% ᠶᠢᠨ ᠯᠣ᠋ ᠴᠢᠩ

ᠵᠢᠦᠢ ᡁᠢ ᠲᠤᠰᠤ ᠶᠢ 20ml — 30ml/ᠮᠣ᠋ ᠬᠡᠷᠡᠭᠯᠡᠨ᠂ 25kg ᠣᠰᠣ ᠬᠤᠯᠢᠨ ᠰᠦᠷᠴᠢᠵᠦ ᠰᠡᠷᠬᠡᠶᠢᠯᠡᠨ ᠵᠠᠰᠠᠨ᠎ᠠ᠃ ᠰᠢᠷ᠎ᠠ ᠪᠤᠷᠴᠠᠭ ᠤᠨ ᠰᠫᠣᠷ ᠤᠨ

ᠪᠦᠷᠬᠦᠬᠦᠯ ᠤᠨ ᠣᠲᠠᠰᠣᠯᠢᠭ ᠬᠤᠷᠤᠬᠠᠢ ᠶᠢᠨ ᠡᠪᠡᠳᠴᠢᠨ᠂ ᠦᠨᠳᠦᠰᠦ ᠢᠯᠵᠢᠷᠡᠬᠦ ᠡᠪᠡᠳᠴᠢᠨ ᠢ 62.5g/l ᠵᠢᠩ ᠵᠢᠶᠠ · ᠯᠦᠸᠧ ᠵᠢᠶᠦ᠋ᠨ ᠴᠢᠩ ᠬᠦᠪᠦᠮᠡᠯ

ᠡᠳ᠋ ᠢ 300ml — 400ml ᠬᠢᠭᠰᠡᠨ ᠤ ᠳᠠᠷᠠᠭ᠎ᠠ 100kg ᠦᠷ᠎ᠡ ᠵᠠᠮᠣᠷᠴᠣ ᠰᠡᠷᠬᠡᠶᠢᠯᠡᠨ ᠵᠠᠰᠠᠨ᠎ᠠ᠃

      ︵ᠲᠠᠪᠤ︶ ᠲᠤᠬᠢᠷᠠᠮᠵᠢᠲᠠᠢ ᠬᠤᠭᠤᠴᠠᠭᠠᠨ ᠳᠤ ᠬᠤᠷᠢᠶᠠᠨ᠎ᠠ᠃ ᠰᠢᠷ᠎ᠠ ᠪᠤᠷᠴᠠᠭ ᠪᠦᠷᠢᠮᠣᠰᠣᠨ ᠪᠤᠯᠪᠠᠰᠣᠷᠠᠭᠰᠠᠨ ᠤ ᠳᠠᠷᠠᠭ᠎ᠠ ᠴᠠᠭ ᠲᠤᠬᠠᠢ ᠳᠤᠨᠢ ᠬᠤᠷᠢᠶᠠᠨ᠎ᠠ

᠂ ᠰᠢᠷ᠎ᠠ ᠪᠤᠷᠴᠠᠭ ᠢ ᠶᠡᠷᠦ ᠳᠤ ᠪᠠᠨ 9 ᠰᠠᠷ᠎ᠠ ᠶᠢᠨ ᠰᠡᠬᠦᠯᠴᠢ ᠠᠴᠠ 10 ᠰᠠᠷ᠎ᠠ ᠶᠢᠨ ᠡᠬᠢᠨ ᠢᠶᠠᠷ ᠬᠤᠷᠢᠶᠠᠨ᠎ᠠ᠂ ᠨᠠᠪᠴᠢ ᠪᠦᠬᠦᠨ ᠢᠶᠠᠷ ᠤᠨᠠᠵᠤ᠂ ᠮᠦᠬᠦᠯᠢᠭ ᠨᠢ

ᠲᠤᠰ ᠲᠦᠷᠦᠯ ᠡᠬᠦᠯᠳᠡᠷ ᠤᠨ ᠦᠩᠭᠡ ᠣᠷᠣᠨ᠂ ᠣᠰᠣ ᠠᠭᠤᠯᠬᠤ ᠬᠡᠮᠵᠢᠶ᠎ᠡ 16% ᠠᠴᠠ ᠳᠣᠣᠷ᠎ᠠ ᠪᠤᠯᠬᠤ ᠦᠶᠡᠰ᠂ ᠮᠠᠰᠢᠨ ᠢᠶᠠᠷ ᠬᠤᠷᠢᠶᠠᠵᠦ ᠪᠤᠯᠤᠨ᠎ᠠ᠃

ᠬᠠᠲᠤᠵᠤ ᠬᠤᠷᠢᠶᠠᠬᠤ ᠮᠠᠰᠢᠨ ᠳᠤ ᠰᠢᠷ᠎ᠠ ᠪᠤᠷᠴᠠᠭ ᠬᠤᠷᠢᠶᠠᠬᠤ ᠲᠤᠰᠬᠠᠢ ᠬᠠᠲᠤᠬᠤ ᠲᠠᠶᠢᠰᠠ ᠪᠠᠶᠢᠷᠢᠯᠠᠭᠤᠯᠤᠭᠰᠠᠨ ᠪᠤᠶᠤ ᠪᠤᠭᠤᠳᠠᠢ ᠬᠠᠳᠣᠵᠣ ᠬᠤᠷᠢᠶᠠᠬᠤ ᠮᠠᠰᠢᠨ

 ᠤ ᠬᠠᠳᠣᠬᠤ ᠳᠠᠶᠢᠰᠠ ᠶᠢᠨ ᠦᠨᠳᠦᠷ ᠢ ᠳᠣᠷᠣᠭᠰᠢᠯᠠᠭᠤᠯᠵᠤ᠂ ᠡᠩ ᠤᠨ ᠬᠠᠳᠣᠬᠤ ᠳᠠᠶᠢᠰᠠ ᠶᠢᠨ ᠦᠨᠳᠦᠷ ᠢ 17cm ᠠᠴᠠ ᠳᠠᠪᠠᠭᠤᠯᠵᠤ ᠪᠤᠯᠬᠤ ᠦᠬᠡᠢ᠂

ᠴᠢᠬᠢ ᠦᠭᠳᠡᠭᠡᠭᠦ ᠬᠦᠷᠳᠦ ᠶᠢᠨ ᠬᠤᠷᠳᠣᠴᠠ ᠶᠢ ᠪᠠᠭᠤᠷᠠᠭᠤᠯᠤᠨ᠂ ᠴᠢᠬᠢ ᠦᠭᠳᠡᠭᠡᠭᠦ ᠬᠦᠷᠳᠦ ᠶᠢᠨ ᠤᠷᠭᠤᠮᠠᠯ ᠵᠤᠳᠤᠬᠤ ᠬᠦᠴᠦ ᠶᠢ ᠬᠦᠩᠭᠡᠷᠡᠬᠦᠯᠵᠦ᠂ 

ᠪᠤᠭᠤᠷᠴᠠᠭ ᠤᠨᠠᠬᠤ᠂ ᠮᠦᠬᠦᠯᠢᠭ ᠨᠢ ᠣᠨᠠᠬᠤ ᠬᠤᠬᠢᠷᠠᠯ ᠢ ᠪᠠᠭᠠᠰᠬᠠᠨ᠎ᠠ᠃ ᠮᠦᠬᠦᠯᠢᠭ ᠤᠨᠠᠭᠠᠬᠤ ᠦᠩᠭᠦᠷᠢᠯ ᠤᠨ ᠡᠷᠬᠢᠯᠲᠡ ᠶᠢᠨ ᠬᠤᠷᠳᠣᠴᠠ ᠪᠠ ᠣᠷᠣᠨ ᠵᠠᠢ ᠶᠢ

ᠵᠦᠪ ᠰᠣᠩᠭᠤᠵᠣ ᠲᠤᠬᠢᠷᠠᠭᠤᠯᠤᠨ᠂ ᠮᠦᠬᠦᠯᠢᠭ ᠤᠨᠠᠭᠠᠬᠤ ᠦᠩᠭᠦᠷᠢᠯ ᠤᠨ ᠡᠷᠬᠢᠯᠲᠡ ᠶᠢᠨ ᠬᠤᠷᠳᠣᠴᠠ ᠶᠢ ᠰᠣᠩᠭᠤᠬᠤ ᠳᠤ ᠴᠡᠪᠡᠷ ᠤᠨᠠᠭᠠᠬᠤ ᠪᠠ ᠳᠦᠭᠵᠢᠷᠡᠬᠦ

ᠦᠬᠡᠢ ᠪᠠᠷ ᠵᠠᠷᠴᠢᠮ ᠪᠤᠯᠭᠠᠨ᠂ ᠮᠦᠬᠦᠯᠢᠭ ᠤᠨᠠᠭᠠᠬᠤ ᠣᠷᠣᠨ ᠵᠠᠢ ᠨᠢ ᠰᠠᠯᠤᠭᠰᠠᠨ ᠪᠤᠷᠴᠠᠭ ᠤᠨ ᠡᠰᠢᠨ ᠳᠤ ᠮᠦᠬᠦᠯᠢᠭ ᠦᠯᠡᠳᠡᠬᠦ ᠦᠬᠡᠢ ᠣᠷᠢᠳᠠᠯ ᠨᠦᠬᠦᠴᠡᠯ

ᠳᠣᠣᠷ᠎ᠠ ᠠᠯᠢ ᠴᠢᠳᠠᠬᠤ ᠪᠠᠷ ᠶᠡᠭᠡ ᠪᠤᠯᠭᠠᠵᠤ᠂ ᠰᠢᠷ᠎ᠠ ᠪᠤᠷᠴᠠᠭ ᠤᠨ ᠮᠦᠬᠦᠯᠢᠭ ᠤᠨ ᠰᠣᠶᠢᠳᠬᠦ ᠨᠣᠷᠮ᠎ᠠ ᠶᠢ ᠳᠣᠷᠣᠭᠰᠢᠯᠠᠭᠤᠯᠤᠨ᠎ᠠ᠃ ᠮᠠᠰᠢᠨ ᠢᠶᠠᠷ ᠬᠤᠷᠢᠶᠠᠬᠤ ᠳᠤ

ᠰᠢᠬᠦᠳᠡᠷᠢ ᠲᠠᠢ ᠦᠶᠡᠰ ᠬᠤᠷᠢᠶᠠᠬᠤ ᠠᠴᠠ ᠵᠠᠶᠢᠯᠠᠰᠬᠢᠨ᠂ ᠮᠦᠬᠦᠯᠢᠭ ᠳᠤ ᠰᠢᠪᠡᠷ ᠰᠢᠷᠤᠢ ᠨᠠᠭᠠᠯᠳᠣᠬᠤ ᠠᠴᠠ ᠰᠡᠷᠬᠡᠶᠢᠯᠡᠵᠦ᠂ ᠭᠠᠳᠠᠷ ᠳᠦᠷᠬᠦ ᠶᠢᠨ ᠶᠠᠰᠣ ᠴᠢᠨᠠᠷ ᠢ

ᠨᠦᠯᠦᠬᠡᠯᠡᠬᠦ ᠠᠴᠠ ᠬᠢᠴᠢᠶᠡᠨ᠎ᠡ᠃

      ᠭᠤᠷᠪᠠ᠂ ᠠᠮᠣ ᠶᠢᠨ ᠦᠨᠳᠦᠷ ᠤᠨᠠᠯᠲᠠ ᠣᠯᠬᠤ ᠣᠷᠭᠤᠭᠤᠯᠵᠣ ᠵᠠᠶᠢᠯᠠᠬᠤ ᠮᠡᠷᠭᠡᠵᠢᠯ ᠤᠨ ᠳᠦᠷᠢᠮ

ᠠᠮᠤ ᠪᠤᠯ ᠦᠶᠡᠲᠦ ᠲᠠᠷᠢᠶᠠᠨ ᠤ ᠲᠦᠷᠦᠯ ᠤᠨ ᠲᠠᠷᠢᠮᠠᠯ ᠤᠨ ᠪᠦᠲᠦᠬᠡᠭᠳᠡᠬᠦᠨ ᠤ ᠲᠤᠲᠤᠷᠠᠬᠢ ᠬᠠᠮᠤᠭ ᠤᠨ ᠪᠠᠭ᠎ᠠ ᠣᠰᠣ ᠵᠠᠷᠤᠴᠠᠭᠤᠯᠬᠤ ᠲᠠᠷᠢᠮᠠᠯ ᠪᠤᠯᠤᠨ᠎ᠠ᠂

ᠳᠡᠭᠦᠨ ᠤ ᠡᠪᠡᠳᠴᠢᠨ ᠬᠤᠷᠤᠬᠠᠢ᠂ ᠬᠤᠵᠢᠷᠯᠢᠭ᠂ ᠳᠠᠴᠢᠷ ᠭᠠᠵᠠᠷ ᠲᠤ ᠳᠠᠭᠠᠭᠠᠴᠠᠲᠠᠢ ᠵᠡᠷᠭᠡ ᠣᠨᠴᠠᠯᠢᠭ ᠨᠢ ᠲᠠᠷᠢᠮᠠᠯ ᠤᠨ ᠳᠣᠮᠳᠠ ᠨᠡᠯᠢᠶᠡᠳ ᠬᠤᠪᠤᠷ ᠪᠤᠯᠬᠤ

ᠶᠤᠮ᠂ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠵᠠᠰᠠᠯᠲᠠ᠂ ᠲᠠᠷᠢᠶᠠᠯᠠᠬᠤ ᠦᠢᠯᠡᠰ ᠤᠨ ᠪᠦᠲᠦᠴᠡ ᠶᠢᠨ ᠲᠤᠬᠢᠷᠠᠭᠤᠯᠤᠯᠲᠠ ᠶᠢᠨ ᠠᠬᠤᠢ

ᠪᠠᠶᠢᠳᠠᠯ ᠳᠣᠣᠷ᠎ᠠ᠂ ᠠᠮᠤ ᠶᠢᠨ ᠲᠠᠷᠢᠮᠠᠯ ᠢ ᠬᠦᠭᠵᠢᠬᠦᠯᠬᠦ ᠨᠢ ᠮᠠᠨ ᠤ ᠬᠤᠰᠢᠭᠤᠨ ᠤ ᠡᠬᠢ ᠰᠣᠷᠪᠣᠯᠵᠢ ᠶᠢᠨ ᠳᠠᠪᠠᠭᠤᠯᠢᠭ ᠲᠤ ᠪᠠᠨ ᠳᠦᠰᠢᠭᠯᠡᠬᠦ᠂ ᠲᠠᠷᠢᠶᠠᠯᠠᠬᠤ

ᠦᠢᠯᠡᠰ ᠤᠨ ᠲᠠᠷᠢᠮᠠᠯ ᠤᠨ ᠪᠦᠲᠦᠴᠡ ᠶᠢ ᠳᠣᠬᠢᠷᠠᠭᠤᠯᠬᠤ᠂ ᠲᠠᠷᠢᠶᠠᠯᠠᠬᠤ ᠦᠢᠯᠡᠰ ᠤᠨ ᠠᠵᠤ ᠦᠢᠯᠡᠰ ᠤᠨ ᠬᠡᠯᠪᠡᠷᠢ ᠶᠢᠨ ᠬᠤᠪᠢᠷᠠᠭᠤᠯᠤᠯᠲᠠ ᠶᠢ ᠳᠦᠷᠭᠡᠳᠬᠡᠬᠦ

ᠴᠢᠬᠤᠯᠠ ᠠᠭᠤᠯᠭ᠎ᠠ ᠪᠠ ᠰᠢᠪᠲᠤᠯᠤᠯᠲᠠ ᠶᠢᠨ ᠴᠢᠨᠠᠷᠲᠠᠢ ᠲᠦᠷᠦᠯ ᠵᠦᠢᠯ ᠪᠤᠯᠤᠨ᠎ᠠ᠃

      ︵ᠨᠢᠬᠡ︶ ᠲᠠᠷᠢᠬᠤ ᠭᠠᠵᠠᠷ ᠰᠣᠩᠭᠤᠨ᠎ᠠ᠃ ᠬᠦᠷᠦᠰᠦ ᠰᠢᠷᠤᠢ ᠨᠢ ᠡᠯᠡᠰᠦᠷᠬᠡᠭ ᠪᠤᠶᠤ ᠰᠦᠪᠡᠷᠬᠡᠭ ᠭᠠᠵᠠᠷ ᠢ ᠰᠢᠯᠢᠵᠦ᠂ ᠬᠠᠭᠠᠯᠪᠤᠷᠢᠯᠠᠬᠤ ᠭᠠᠳᠠᠷᠭᠤ ᠨᠢ

ᠵᠤᠵᠠᠭᠠᠨ᠂ ᠬᠦᠴᠦ ᠰᠢᠮ᠎ᠡ ᠨᠢ ᠨᠡᠯᠢᠶᠡᠳ ᠦᠨᠳᠦᠷ᠂ ᠣᠰᠣ ᠰᠢᠮ᠎ᠡ ᠶᠢ ᠬᠠᠳᠠᠭᠠᠯᠠᠬᠤ ᠵᠢᠴᠢ ᠣᠰᠣ ᠭᠠᠳᠠᠭᠰᠢᠯᠠᠭᠤᠯᠬᠤ ᠲᠠᠯ᠎ᠠ ᠪᠠᠷ ᠰᠠᠶᠢᠨ ᠭᠠᠵᠠᠷ ᠢ ᠰᠣᠩᠭᠤᠨ᠎ᠠ

᠃ ᠠᠮᠣ ᠲᠠᠷᠢᠬᠤ ᠳᠤ ᠭᠤᠤᠷᠰᠣ ᠳᠠᠪᠬᠤᠴᠠᠨ ᠲᠠᠷᠢᠵᠦ  ᠪᠤᠯᠬᠤ ᠦᠬᠡᠢ᠃ ᠪᠤᠷᠴᠠᠭ ᠤᠨ ᠲᠦᠷᠦᠯ᠂ ᠡᠷᠳᠡᠨᠢ ᠰᠢᠰᠢ᠂ ᠰᠢᠰᠢ᠂ ᠲᠦᠮᠦᠰᠦ ᠵᠡᠷᠭᠡ ᠭᠤᠤᠷᠰᠣᠨ ᠳᠤ

ᠪᠦᠷ ᠲᠠᠷᠢᠵᠦ ᠪᠤᠯᠤᠨ᠎ᠠ᠃

      ︵ᠬᠤᠶᠠᠷ︶ ᠴᠢᠨᠠᠷ ᠰᠠᠶᠢᠲᠠᠢ ᠦᠨᠳᠦᠷ ᠣᠨᠠᠯᠲᠠ ᠶᠢᠨ ᠲᠦᠷᠦᠯ ᠡᠬᠦᠯᠳᠡᠷ ᠢ ᠰᠣᠩᠭᠤᠨ᠎ᠠ᠃ ᠣᠲᠤᠭ ᠤᠨ ᠡᠮᠦᠨᠡᠲᠦ ᠬᠤᠰᠢᠭᠤᠨ ᠤ ᠴᠠᠭ ᠠᠭᠤᠷ ᠤᠨ

ᠣᠨᠴᠠᠯᠢᠭ ᠪᠠ ᠬᠦᠷᠦᠰᠦ ᠰᠢᠷᠤᠢ ᠶᠢᠨ ᠪᠠᠶᠢᠳᠠᠯ ᠳᠤ ᠴᠢᠭᠯᠡᠬᠦᠯᠦᠨ ᠡᠰᠡᠷᠭᠦᠴᠡᠬᠦ ᠴᠢᠨᠠᠷ ᠢᠶᠠᠷ ᠴᠢᠩᠭ᠎ᠠ᠂ ᠳᠠᠴᠢᠷ ᠭᠠᠵᠠᠷ ᠲᠤ ᠳᠠᠭᠠᠭᠠᠴᠠᠲᠠᠢ᠂ ᠦᠨᠳᠦᠷ ᠣᠨᠠᠯᠲᠠ

 ᠲᠠᠢ᠂ ᠴᠢᠨᠠᠷ ᠰᠠᠶᠢᠲᠠᠢ ᠠᠮᠣ ᠶᠢᠨ ᠲᠦᠷᠦᠯ ᠡᠬᠦᠯᠳᠡᠷ᠂ ᠵᠢᠱᠢᠶᠡᠯᠡᠪᠡᠯ ᠣᠷᠳᠣᠰ ᠬᠤᠲᠠ ᠶᠢᠨ ᠮᠠᠯ ᠲᠠᠷᠢᠶᠠᠯᠠᠩ ᠤᠨ ᠦᠢᠯᠡᠰ ᠤᠨ ᠰᠢᠨᠵᠢᠯᠡᠬᠦ ᠤᠬᠠᠭᠠᠨ ᠤ

ᠰᠣᠳᠣᠯᠭᠠᠨ ᠤ ᠬᠦᠷᠢᠶᠡᠯᠡᠩ ᠤᠨ ᠪᠤᠶᠢᠵᠢᠭᠤᠯᠤᠭᠰᠠᠨ 8 ᠨᠣᠮᠧᠷ᠂ 9 ᠨᠣᠮᠧᠷ᠂ ᠨᠢᠩᠰᠢᠶᠠ ᠶᠢᠨ ᠬᠤᠲᠤᠩ ᠦᠨᠳᠦᠰᠦᠲᠡᠨ ᠤ ᠦᠪᠡᠷᠲᠡᠭᠡᠨ ᠵᠠᠰᠠᠬᠤ ᠤᠷᠤᠨ ᠤ

ᠲᠠᠷᠢᠶᠠᠯᠠᠩ ᠣᠢ ᠰᠢᠭᠤᠢ ᠶᠢᠨ ᠰᠢᠨᠵᠢᠯᠡᠬᠦ ᠤᠬᠠᠭᠠᠨ ᠤ ᠬᠦᠷᠢᠶᠡᠯᠡᠩ ᠪᠠ ᠦᠪᠦᠷ ᠮᠣᠩᠭᠤᠯ ᠤᠨ ᠦᠪᠡᠷᠲᠡᠭᠡᠨ ᠵᠠᠰᠠᠬᠤ ᠤᠷᠤᠨ ᠤ ᠮᠠᠯ ᠲᠠᠷᠢᠶᠠᠯᠠᠩ ᠤᠨ ᠦᠢᠯᠡᠰ

 ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠬᠠᠮᠲᠤᠷᠠᠨ ᠪᠤᠶᠢᠵᠢᠭᠤᠯᠤᠭᠰᠠᠨ ᠠᠮᠣ ᠶᠢᠨ ᠰᠢᠨ᠎ᠡ ᠲᠦᠷᠦᠯ ᠡᠬᠦᠯᠳᠡᠷ 1 ᠨᠣᠮᠧᠷ ᠵᠡᠷᠭᠡ ᠶᠢ ᠰᠣᠩᠭᠤᠨ᠎ᠠ᠃

      ︵ᠭᠤᠷᠪᠠ︶ ᠭᠠᠵᠠᠷ ᠢᠶᠠᠨ ᠨᠠᠷᠢᠯᠢᠭ ᠳᠡᠭᠰᠢᠯᠡᠨ᠎ᠡ᠃ ᠴᠢᠬᠢ ᠪᠦᠷᠢᠨ ᠬᠠᠮᠠᠭᠠᠯᠠᠬᠤ ᠶᠢᠨ ᠲᠤᠰᠠᠳᠠ᠂ ᠡᠩ ᠲᠡᠷᠢᠬᠦᠨ ᠳᠤ ᠭᠠᠵᠠᠷ ᠢᠶᠠᠨ ᠳᠡᠭᠰᠢᠯᠡᠵᠦ᠂ ᠭᠠᠵᠠᠷ

ᠳᠡᠭᠰᠢᠯᠡᠬᠦ ᠠᠴᠠ ᠡᠮᠦᠨ᠎ᠡ ᠲᠠᠷᠢᠮᠠᠯ ᠤᠨ ᠦᠯᠡᠳᠡᠮᠡᠯ ᠭᠤᠤᠷᠰᠣ ᠶᠢ ᠪᠦᠷᠢᠮᠦᠰᠦᠨ ᠠᠷᠢᠯᠭᠠᠨ᠂ ᠪᠤᠲᠠᠲᠠᠢ ᠠᠷᠭ᠎ᠠ ᠪᠤᠯ ᠬᠠᠪᠤᠷ ᠭᠠᠵᠠᠷ ᠢᠶᠠᠨ ᠣᠷᠪᠠᠭᠤᠯᠵᠤ᠂ ᠲᠤᠮᠤ

ᠬᠡᠯᠪᠡᠷᠢ ᠶᠢᠨ ᠲᠠᠷᠢᠶᠠᠯᠠᠩ ᠤᠨ ᠮᠠᠰᠢᠨ ᠢ ᠠᠰᠢᠭᠯᠠᠨ ᠭᠠᠵᠠᠷ ᠳᠡᠭᠰᠢᠯᠡᠵᠦ᠂ ᠮᠠᠯᠲᠠᠬᠤ᠂ ᠨᠠᠷᠠᠭᠳᠠᠬᠤ᠂ ᠳᠠᠷᠤᠬᠤ ᠶᠢ ᠨᠢᠬᠡ ᠣᠳᠠᠭ᠎ᠠ ᠳᠤ ᠪᠡᠶᠡᠯᠡᠬᠦᠯᠦᠨ᠂ ᠳᠡᠭᠰᠢ᠂

ᠵᠢᠭᠳᠡ᠂ ᠴᠡᠪᠡᠷ᠂ ᠨᠠᠷᠢᠯᠢᠭ ᠬᠡᠮᠵᠢᠶᠡᠨ ᠳᠤ ᠬᠦᠷᠭᠡᠵᠦ᠂ ᠳᠡᠭᠡᠷ᠎ᠡ ᠰᠦᠪᠡᠷᠭᠡᠭ ᠳᠣᠣᠷ᠎ᠠ ᠳᠡᠭᠵᠢᠬᠦᠨ ᠪᠠᠶᠢᠯᠭᠠᠵᠤ᠂ ᠬᠦᠷᠦᠰᠦ ᠰᠢᠷᠤᠢ ᠶᠢᠨ ᠣᠰᠣ ᠬᠠᠳᠠᠭᠠᠯᠠᠬᠤ

ᠴᠢᠳᠠᠪᠤᠷᠢ ᠶᠢ ᠳᠡᠭᠡᠭᠰᠢᠯᠡᠬᠦᠯᠦᠨ᠂ ᠴᠢᠬᠢᠨ ᠤ ᠪᠦᠷᠢᠨ ᠪᠤᠶᠢᠵᠢᠯᠲᠠ ᠶᠢ ᠦᠨᠡᠨ ᠬᠦ ᠪᠠᠲᠤᠯᠠᠨ᠎ᠠ᠃

      ︵ᠳᠦᠷᠪᠡ︶ ᠣᠷᠭᠠᠨᠢᠭ ᠪᠤᠷᠳᠣᠭᠤᠷ ᠢ ᠨᠡᠮᠡᠵᠦ ᠣᠷᠣᠭᠤᠯᠣᠨ᠂ ᠰᠠᠭᠤᠷᠢ ᠪᠤᠷᠳᠣᠭᠤᠷ ᠢ ᠬᠦᠢᠴᠡᠳ ᠣᠷᠣᠭᠤᠯᠣᠨ᠎ᠠ᠃ ᠠᠮᠣ ᠬᠡᠲᠦᠶᠢᠪᠡᠷ ᠳᠠᠴᠢᠷ ᠭᠠᠵᠠᠷ

 ᠲᠤ ᠳᠠᠭᠠᠭᠠᠴᠠᠲᠠᠢ ᠣᠨᠴᠠᠯᠢᠭ ᠲᠠᠢ ᠪᠤᠯᠪᠠᠴᠤ ᠦᠨᠳᠦᠷ ᠣᠨᠠᠯᠲᠠ ᠤᠯᠤᠶ᠎ᠠ ᠭᠡᠪᠡᠯ ᠡᠷᠬᠡᠪᠰᠢ ᠪᠤᠷᠳᠣᠭᠤᠷ ᠢ ᠬᠦᠢᠴᠡᠳ ᠣᠷᠣᠭᠤᠯᠵᠣ᠂ ᠠᠮᠣ ᠶᠢᠨ ᠬᠦᠷᠦᠰᠦ ᠰᠢᠷᠤᠢ

 ᠶᠢᠨ ᠳᠡᠵᠢᠬᠡᠯ ᠠᠪᠬᠤ ᠱᠠᠭᠠᠷᠳᠠᠯᠭ᠎ᠠ ᠶᠢ ᠬᠠᠩᠭᠠᠨ᠎ᠠ᠃ ᠰᠠᠭᠤᠷᠢ ᠪᠤᠷᠳᠣᠭᠤᠷ ᠳᠤ ᠬᠠᠮᠤᠭ ᠰᠠᠶᠢᠨ ᠨᠢ ᠰᠢᠬᠡᠭ ᠣᠷᠣᠭᠤᠯᠣᠨ᠎ᠠ᠂ ᠭᠠᠭᠴᠠ ᠬᠢᠮᠢ ᠶᠢᠨ ᠪᠤᠷᠳᠣᠭᠤᠷ

ᠬᠡᠷᠡᠭᠯᠡᠪᠡᠯ᠂ ᠠᠮᠣ ᠶᠢᠨ ᠨᠠᠭᠠᠯᠳᠣᠮᠠᠬᠠᠢ ᠴᠢᠨᠠᠷ ᠨᠢ ᠮᠠᠭᠤᠳᠠᠵᠤ᠂ ᠠᠮᠲᠠ ᠨᠢ ᠴᠣ᠋ ᠮᠠᠭᠤᠬᠠᠢ ᠪᠤᠯᠤᠨ᠎ᠠ᠃ ᠲᠠᠴᠢᠷ ᠮᠠᠭᠤᠲᠠᠢ ᠭᠠᠵᠠᠷ ᠤᠨ ᠣᠷᠭᠠᠨᠢᠭ ᠴᠢᠨᠠᠷ ᠤᠨ

ᠠᠭᠤᠯᠤᠭᠳᠠᠴᠠ ᠨᠢ ᠨᠡᠯᠢᠶᠡᠳ ᠳᠣᠣᠷ᠎ᠠ᠂ ᠬᠦᠴᠦ ᠰᠢᠮ᠎ᠡ ᠨᠢ ᠪᠠᠷᠤᠭᠲᠠᠢ ᠪᠤᠯᠬᠤᠷ ᠨᠢᠬᠡ ᠬᠡᠮᠵᠢᠶᠡᠨ ᠤ ᠣᠷᠭᠠᠨᠢᠭ ᠪᠤᠷᠳᠣᠭᠤᠷ ᠣᠷᠣᠭᠤᠯᠬᠤ ᠨᠢ ᠣᠨᠠᠯᠲᠠ ᠶᠢ

ᠳᠡᠭᠡᠭᠰᠢᠯᠡᠬᠦᠯᠬᠦ ᠢᠯᠡᠷᠬᠡᠢ ᠦᠢᠯᠡᠳᠦᠯ ᠲᠠᠢ᠃ ᠣᠷᠭᠠᠨᠢᠭ ᠪᠤᠷᠳᠣᠭᠤᠷ ᠤᠨ ᠣᠷᠣᠭᠤᠯᠣᠯᠲᠠ ᠶᠢᠨ ᠬᠡᠮᠵᠢᠶ᠎ᠡ ᠶᠢ ᠨᠡᠮᠡᠭᠳᠡᠬᠦᠯᠬᠦ ᠶᠢ ᠳᠠᠭᠠᠯᠳᠣᠨ ᠠᠮᠣ ᠶᠢᠨ ᠣᠨᠠᠯᠲᠠ

 ᠶᠢᠨ ᠬᠡᠮᠵᠢᠶ᠎ᠡ ᠴᠣ᠋ ᠢᠯᠡᠷᠬᠡᠢ ᠳᠡᠭᠡᠭᠰᠢᠯᠡᠵᠦ᠂ ᠣᠷᠭᠠᠨᠢᠭ ᠪᠤᠷᠳᠣᠭᠤᠷ ᠪᠣᠯᠣᠨ ᠳᠣᠬᠢᠷᠠᠮᠵᠢᠲᠠᠢ ᠬᠡᠮᠵᠢᠶᠡᠨ ᠤ ᠠᠽᠣᠲ᠂ ᠹᠣᠰᠹᠣᠷ ᠤᠨ ᠪᠤᠷᠳᠣᠭᠤᠷ ᠬᠤᠯᠢᠭᠰᠠᠨ

ᠰᠠᠭᠤᠷᠢ ᠪᠤᠷᠳᠣᠭᠤᠷ ᠤᠨ ᠪᠦᠲᠦᠮᠵᠢ ᠨᠢ ᠬᠠᠮᠤᠭ ᠤᠨ ᠰᠠᠶᠢᠨ ᠪᠠᠶᠢᠳᠠᠭ᠃ ᠡᠩ ᠤᠨ ᠣᠷᠭᠠᠨᠢᠭ ᠪᠤᠷᠳᠣᠭᠤᠷ ᠣᠷᠣᠭᠤᠯᠬᠤ ᠬᠠᠷᠢᠴᠠᠯ ᠣᠷᠭᠠᠨᠢᠭ ᠪᠣᠷᠳᠣᠭᠤᠷ

ᠣᠷᠣᠭᠤᠯᠬᠤ ᠦᠬᠡᠢ ᠦᠶᠡᠰ ᠤᠨ ᠣᠨᠠᠯᠲᠠ ᠶᠢ 10% ᠠᠴᠠ ᠳᠡᠭᠡᠭᠰᠢ ᠨᠡᠮᠡᠭᠳᠡᠬᠦᠯᠦᠨ᠎ᠡ᠃ ᠣᠷᠭᠠᠨᠢᠭ ᠪᠤᠷᠳᠣᠭᠤᠷ ᠣᠷᠣᠭᠤᠯᠬᠤ ᠨᠢ ᠬᠦᠷᠦᠰᠦ ᠰᠢᠷᠤᠢ ᠶᠢᠨ

ᠣᠷᠭᠠᠨᠢᠭ ᠴᠢᠨᠠᠷ ᠢ ᠨᠡᠮᠡᠭᠳᠡᠬᠦᠯᠦᠨ᠂ ᠬᠦᠷᠦᠰᠦ ᠰᠢᠷᠤᠢ ᠶᠢᠨ ᠬᠦᠴᠦ ᠰᠢᠮ᠎ᠡ ᠪᠠ ᠬᠦᠷᠦᠰᠦ ᠰᠢᠷᠤᠢ ᠶᠢᠨ ᠬᠦᠴᠦ ᠰᠢᠮ᠎ᠡ ᠬᠠᠩᠭᠠᠬᠤ ᠴᠢᠳᠠᠪᠤᠷᠢ ᠶᠢ

ᠳᠡᠭᠡᠭᠰᠢᠯᠡᠬᠦᠯᠵᠦ᠂ ᠬᠦᠷᠦᠰᠦ ᠰᠢᠷᠤᠢ ᠶᠢᠨ ᠣᠰᠣ ᠬᠠᠳᠠᠭᠠᠯᠠᠬᠤ ᠴᠢᠬᠢᠭ ᠬᠠᠮᠠᠭᠠᠯᠠᠬᠤ ᠴᠢᠳᠠᠪᠤᠷᠢ ᠶᠢ ᠴᠢᠩᠭᠠᠳᠬᠠᠨ᠂ ᠳᠠᠴᠢᠷ ᠮᠠᠭᠤ ᠭᠠᠵᠠᠷ ᠤᠨ ᠠᠮᠣ ᠦᠨᠳᠦᠷ

ᠣᠨᠠᠯᠲᠠ ᠣᠯᠬᠤ ᠳᠤ ᠣᠬᠢ ᠰᠠᠶᠢᠨ ᠰᠠᠭᠤᠷᠢ ᠲᠠᠯᠪᠢᠨ᠎ᠠ᠃ ᠡᠩ ᠤᠨ ᠪᠠᠶᠢᠳᠠᠯ ᠳᠤ ᠮᠣ᠋ ᠨᠢᠭᠡᠪᠦᠷᠢ ᠳᠤ 1000 — 1500kg ᠰᠢᠬᠡᠭ ᠣᠷᠣᠭᠤᠯᠵᠣ᠂ ᠲᠠᠷᠢᠬᠤ

ᠦᠶᠡᠰ᠂ ᠮᠣ᠋ ᠨᠢᠭᠡᠪᠦᠷᠢ ᠳᠤ 25kg ᠬᠤᠯᠢᠮᠠᠭ ᠪᠤᠷᠳᠣᠭᠤᠷ ᠢᠶᠠᠷ ᠰᠠᠭᠤᠷᠢ ᠪᠤᠷᠳᠣᠭᠤᠷ ᠪᠣᠯᠭᠠᠨ᠎ᠠ᠃

      ︵ᠲᠠᠪᠤ︶ ᠳᠣᠬᠢᠷᠠᠮᠵᠢᠲᠠᠢ ᠬᠤᠭᠤᠴᠠᠭᠠᠨ ᠳᠤ ᠲᠠᠷᠢᠵᠦ᠂ ᠵᠦᠢ ᠵᠤᠬᠢᠰᠲᠠᠢ ᠢᠭᠴᠤ ᠰᠠᠭᠤᠯᠭᠠᠨ᠎ᠠ᠃

      1. ᠦᠷ᠎ᠡ ᠶᠢ ᠰᠢᠢᠳᠪᠦᠷᠢᠯᠡᠬᠦ ᠲᠠᠯ᠎ᠠ ᠪᠠᠷ᠂ ᠣᠳᠣᠬᠠᠨ ᠤ ᠦᠢᠯᠡᠳᠪᠦᠷᠢᠯᠡᠯ ᠳᠡᠭᠡᠷ᠎ᠡ ᠬᠡᠷᠡᠭᠯᠡᠵᠦ ᠪᠠᠶᠢᠭ᠎ᠠ ᠠᠮᠣ ᠶᠢᠨ ᠲᠦᠷᠦᠯ ᠡᠬᠦᠯᠳᠡᠷ ᠤᠨ ᠮᠠᠭᠤᠵᠢᠷᠠᠯᠲᠠ

ᠲᠤᠶᠢᠯ ᠤᠨ ᠬᠦᠨᠳᠦ ᠨᠣᠴᠢᠲᠠᠢ ᠪᠠᠶᠢᠳᠠᠯ ᠳᠤ ᠣᠷᠣᠰᠢᠵᠤ ᠪᠠᠶᠢᠬᠤ ᠪᠤᠯᠬᠤᠷ ᠬᠦᠬᠡᠷᠭᠡ ᠪᠠᠷ ᠰᠣᠩᠭᠤᠬᠤ ᠪᠤᠶᠤ ᠰᠢᠭᠰᠢᠨ ᠰᠣᠩᠭᠤᠬᠤ ᠵᠡᠷᠭᠡ ᠠᠷᠭ᠎ᠠ ᠪᠠᠷ

ᠳᠠᠮᠵᠢᠭᠤᠯᠤᠨ ᠳᠡᠭᠦᠯᠳᠡᠷ ᠮᠦᠷᠲᠡᠭᠡᠨ ᠰᠣᠶᠣᠭᠠᠯᠠᠬᠤ ᠨᠤᠷᠮ᠎ᠠ 95% ᠠᠴᠠ ᠳᠡᠭᠡᠭᠰᠢ ᠦᠷ᠎ᠡ ᠶᠢ ᠰᠣᠩᠭᠤᠵᠣ ᠲᠠᠷᠢᠬᠤ ᠳᠤ ᠪᠡᠯᠡᠳᠬᠡᠨ᠎ᠡ᠃ ᠠᠮᠣ ᠬᠤᠵᠢᠭᠤ

ᠪᠤᠯᠪᠠᠰᠣᠷᠠᠬᠤ ᠦᠢᠯᠡᠳᠦᠯ ᠲᠠᠢ᠂ ᠬᠤᠷᠢᠶᠠᠭᠰᠠᠨ ᠤ ᠳᠠᠷᠠᠭ᠎ᠠ ᠳᠦᠴᠢᠨ ᠡᠳᠦᠷ ᠲᠤ ᠰᠣᠶᠣᠭᠠᠯᠠᠬᠤ ᠨᠤᠷᠮ᠎ᠠ ᠵᠦᠪᠬᠡᠨ 84%ᠪᠠᠶᠢᠵᠦ᠂ 8 ᠰᠠᠷ᠎ᠠ ᠦᠩᠭᠡᠷᠡᠭᠰᠡᠨ

ᠴᠤ ᠲᠡᠭᠦᠨ ᠤ ᠬᠤᠵᠢᠭᠤ ᠪᠤᠯᠪᠠᠰᠣᠷᠠᠬᠤ ᠬᠤᠭᠤᠴᠠᠭ᠎ᠠ ᠪᠠᠰᠠ ᠪᠦᠷᠢᠮᠦᠰᠦᠨ ᠳᠠᠭᠤᠰᠭᠰᠠᠨ ᠳᠠᠭᠤᠰᠣᠭᠰᠠᠨ ᠦᠬᠡᠢ ᠪᠠᠶᠢᠳᠠᠭ᠂ ᠡᠶᠢᠮᠦ ᠠᠴᠠ ᠲᠠᠷᠢᠬᠤ ᠠᠴᠠ ᠡᠮᠦᠨ᠎ᠡ

ᠦᠷ᠎ᠡ ᠪᠠᠨ ᠬᠠᠲᠠᠭᠠᠵᠤ᠂ ᠡᠷᠲᠡ ᠪᠤᠯᠪᠠᠰᠣᠷᠠᠬᠤ ᠶᠢ ᠠᠬᠢᠭᠤᠯᠪᠠᠯ᠂ ᠴᠢᠬᠢ ᠵᠢᠭᠳᠡ ᠮᠦᠷᠲᠡᠭᠡᠨ ᠢᠳᠡᠷᠡᠬᠦᠨ ᠢᠶᠠᠷ ᠣᠷᠭᠤᠬᠤ ᠳᠤ ᠠᠰᠢᠭ ᠲᠠᠢ᠃ ᠦᠷ᠎ᠡ ᠶᠢ

ᠬᠦᠬᠡᠷᠭᠡ ᠪᠠᠷ ᠰᠣᠩᠭᠤᠭᠰᠠᠨ ᠤ ᠳᠠᠷᠠᠭ᠎ᠠ᠂ ᠨᠠᠷᠠᠨ ᠤ ᠳᠣᠣᠷ᠎ᠠ 3 — 4 ᠡᠳᠦᠷ ᠰᠠᠶᠢᠲᠤᠷ ᠡᠬᠡᠬᠡᠵᠦ᠂ ᠳᠠᠷᠠᠭ᠎ᠠ ᠨᠢ 15% ᠶᠢᠨ ᠲᠠᠪᠤᠰᠣᠯᠢᠭ ᠣᠰᠣᠨ

ᠲᠤᠲᠤᠷ᠎ᠠ ᠲᠡᠪᠲᠦᠬᠡᠨ᠂ ᠣᠰᠣᠨ ᠤ ᠭᠠᠳᠠᠷᠭᠤ ᠳᠡᠭᠡᠷ᠎ᠡ ᠬᠦᠪᠦᠭᠰᠡᠨ ᠲᠡᠭᠦᠯᠳᠡᠷ ᠪᠣᠰᠣ ᠦᠷ᠎ᠡ ᠶᠢᠨ ᠮᠦᠬᠦᠯᠢᠭ ᠢ ᠬᠠᠶᠠᠵᠦ᠂ ᠣᠰᠣᠨ ᠳᠤ ᠲᠣᠨᠣᠭᠰᠠᠨ ᠲᠡᠬᠦᠯᠳᠡᠷ

ᠦᠷ᠎ᠡ ᠶᠢᠨ ᠮᠦᠬᠦᠯᠢᠭ ᠢ ᠴᠡᠪᠡᠷ ᠣᠰᠣᠨ ᠳᠤ ᠣᠬᠢᠶᠠᠵᠦ ᠬᠠᠲᠠᠭᠠᠭᠰᠠᠨ ᠤ ᠳᠠᠷᠠᠭ᠎ᠠ ᠲᠠᠷᠢᠨ᠎ᠠ᠃ ᠭᠠᠵᠠᠷ ᠳᠣᠣᠷᠠᠬᠢ ᠬᠤᠤᠷᠲᠤ ᠰᠢᠪᠡᠵᠢ ᠪᠠ ᠠᠮᠣ ᠬᠠᠷᠠᠤ ᠣᠷᠣᠬᠤ

 ᠠᠴᠠ ᠰᠡᠷᠬᠡᠶᠢᠯᠡᠬᠦ ᠶᠢᠨ ᠲᠦᠯᠦᠭᠡ᠂ ᠲᠠᠷᠢᠬᠤ ᠠᠴᠠ ᠡᠮᠦᠨ᠎ᠡ ᠡᠷᠬᠡᠪᠰᠢ ᠡᠮ ᠢᠶᠠᠷ ᠦᠷ᠎ᠡ  ᠵᠠᠮᠤᠷᠠᠨ᠎ᠠ᠃ ᠠᠮᠣ ᠬᠠᠷᠠᠤ᠂ ᠬᠦᠷᠡᠩ ᠲᠤᠯᠪᠤᠲᠤ ᠡᠪᠡᠳᠴᠢᠨ ᠣᠷᠣᠬᠤ

ᠨᠣᠷᠮ᠎ᠠ ᠨᠡᠯᠢᠶᠡᠳ ᠦᠨᠳᠦᠷ ᠪᠤᠯᠬᠤᠷ 0.3% ᠶᠢᠨ ᠦᠷ᠎ᠡ ᠵᠠᠮᠤᠷᠬᠤ ᠨᠣᠨᠳᠠᠭ ᠢ ᠬᠡᠷᠡᠭᠯᠡᠵᠦ ᠣᠷᠢᠳᠴᠢᠯᠠᠨ ᠰᠡᠷᠬᠡᠶᠢᠯᠡᠨ᠎ᠡ᠃ ᠭᠠᠵᠠᠷ ᠳᠣᠣᠷᠠᠬᠢ ᠬᠤᠤᠷᠲᠤ ᠰᠢᠪᠡᠵᠢ

 ᠢ ᠰᠡᠷᠭᠡᠶᠢᠯᠡᠨ ᠵᠠᠰᠠᠬᠤ ᠳᠤ 50% ᠶᠢᠨ ᠴᠠᠶᠢᠷ ᠬᠦᠴᠢᠯ ᠤᠨ ᠹᠣᠰᠹᠣᠷ ᠢ ᠬᠡᠷᠡᠭᠯᠡᠵᠦ ᠦᠷ᠎ᠡ ᠵᠠᠮᠤᠷᠠᠨ᠂ ᠬᠡᠷᠡᠭᠯᠡᠬᠦ ᠬᠡᠮᠵᠢᠶ᠎ᠡ ᠨᠢ ᠦᠷ᠎ᠡ ᠶᠢᠨ ᠬᠦᠨᠳᠦᠴᠡ ᠶᠢᠨ 0.

2%~0.3%ᠪᠣᠯᠣᠨ᠎ᠠ᠃

      2. ᠮᠠᠨ ᠤ ᠬᠤᠰᠢᠭᠤᠨ ᠳᠤ ᠳᠣᠬᠢᠷᠠᠬᠤ ᠠᠮᠣ ᠲᠠᠷᠢᠬᠤ ᠬᠤᠭᠤᠴᠠᠭ᠎ᠠ ᠶᠢ 5 ᠰᠠᠷ᠎ᠠ ᠶᠢᠨ ᠰᠡᠬᠦᠯᠴᠢ ᠠᠴᠠ 6 ᠰᠠᠷ᠎ᠠ ᠶᠢᠨ ᠡᠬᠢᠨ ᠢᠶᠠᠷ ᠲᠤᠭᠲᠠᠭᠠᠭᠳᠠᠵᠤ

ᠪᠤᠯᠤᠨ᠎ᠠ᠃ ᠬᠡᠲᠦ ᠡᠷᠲᠡ ᠲᠠᠷᠢᠪᠠᠯ ᠠᠮᠣ ᠴᠢᠬᠢᠯᠡᠬᠦ ᠬᠤᠭᠤᠴᠠᠭᠠᠨ ᠳᠤ ᠠᠮᠠᠷᠬᠠᠨ ᠭᠠᠩ ᠪᠠ ᠬᠦᠯᠳᠡᠬᠦ ᠭᠠᠮᠰᠢᠭ ᠲᠤ  ᠣᠴᠠᠷᠠᠵᠤ᠂ ᠪᠤᠯᠪᠠᠰᠣᠷᠠᠬᠤ ᠬᠤᠭᠤᠴᠠᠭ᠎ᠠ

ᠬᠦᠷᠬᠦ ᠳᠤ ᠮᠦᠬᠦᠯᠢᠭ ᠨᠢ ᠶᠡᠭᠡ ᠬᠡᠮᠵᠢᠶ᠎ᠡ ᠪᠠᠷ ᠣᠨᠠᠨ᠎ᠠ︔ ᠬᠡᠲᠦ ᠣᠷᠣᠢ ᠲᠠᠷᠢᠪᠠᠯ ᠣᠷᠣᠢ ᠪᠤᠯᠪᠠᠰᠣᠷᠠᠵᠤ᠂ ᠡᠷᠲᠡ ᠶᠢᠨ ᠬᠢᠷᠠᠭᠤ ᠳᠤ ᠬᠦᠯᠳᠡᠬᠦ ᠪᠤᠯᠤᠨ᠎ᠠ᠃

ᠪᠤᠲᠠᠲᠠᠢ ᠲᠠᠷᠢᠬᠤ ᠴᠠᠭ ᠬᠤᠭᠤᠴᠠᠭ᠎ᠠ ᠬᠦᠷᠦᠰᠦ ᠰᠢᠷᠣᠢ ᠶᠢᠨ ᠴᠢᠬᠢᠭ ᠤᠨ ᠪᠠᠶᠢᠳᠠᠯ ᠪᠠ ᠲᠦᠷᠦᠯ ᠡᠭᠦᠯᠳᠡᠷ ᠢᠶᠠᠷ ᠲᠤᠭᠲᠠᠭᠠᠭᠳᠠᠨ᠎ᠠ᠂ ᠬᠡᠪᠡᠴᠦ ᠬᠢᠷᠠᠭᠤ ᠤᠨᠠᠬᠤ

 ᠠᠴᠠ ᠡᠮᠦᠨ᠎ᠡ ᠪᠤᠯᠪᠠᠰᠣᠷᠠᠬᠤ ᠶᠢ ᠪᠠᠲᠤᠯᠠᠨ᠎ᠠ᠃

      3. ᠦᠷ᠎ᠡ ᠰᠠᠴᠤᠬᠤ ᠠᠷᠭ᠎ᠠ ᠮᠠᠶ᠋ᠢᠭ ᠤᠨ ᠲᠠᠯ᠎ᠠ ᠪᠠᠷ᠂ ᠮᠠᠰᠢᠨ ᠢᠶᠠᠷ ᠵᠤᠷᠬᠠᠯᠠᠨ ᠲᠠᠷᠢᠬᠤ ᠠᠷᠭ᠎ᠠ ᠪᠠᠷ ᠦᠷ᠎ᠡ ᠰᠠᠴᠣᠵᠣ᠂ ᠲᠤᠬᠢᠷᠠᠮᠵᠢᠲᠠᠢ ᠬᠤᠭᠤᠴᠠᠭᠠᠨ

 ᠳᠤ ᠡᠷᠲᠡ ᠰᠠᠴᠣᠨ᠎ᠠ᠂ 5 ᠰᠠᠷ᠎ᠠ ᠶᠢᠨ ᠳᠣᠮᠳᠠᠴᠢ ᠠᠴᠠ 6 ᠰᠠᠷ᠎ᠠ ᠶᠢᠨ ᠡᠬᠢᠨ ᠢᠶᠠᠷ ᠦᠷ᠎ᠡ ᠰᠠᠴᠤᠨ᠎ᠠ᠃ ᠬᠦᠨ ᠤ ᠬᠡᠮᠵᠢᠶ᠎ᠡ ᠨᠢ ᠠᠳᠠᠯᠢ᠂ ᠳᠡᠭᠰᠢ ᠪᠠᠷ ᠰᠢᠷᠤᠢ

ᠬᠤᠴᠢᠵᠦ᠂ ᠰᠢᠷᠤᠢ ᠬᠤᠴᠢᠬᠤ ᠵᠤᠵᠠᠭᠠᠨ ᠤ ᠬᠡᠮᠵᠢᠶ᠎ᠡ 3 ᠰᠡᠨᠲ᠋ᠢᠮᠧᠲᠷ᠂ ᠴᠠᠭ ᠲᠤᠬᠠᠢ ᠳᠤᠨᠢ ᠰᠢᠷᠤᠢ ᠪᠠᠷ ᠳᠠᠷᠣᠰᠢᠭᠤᠯᠤᠨ᠂ ᠨᠢᠭᠡ ᠣᠳᠠᠭ᠎ᠠ ᠳᠤ ᠦᠷ᠎ᠡ

ᠣᠷᠣᠭᠤᠯᠣᠨ ᠪᠦᠷᠢᠨ ᠴᠢᠬᠢ ᠶᠢ ᠪᠠᠲᠤᠯᠠᠨ᠎ᠠ᠃ ᠬᠦᠷᠦᠰᠦ ᠰᠢᠷᠤᠢ ᠶᠢᠨ ᠴᠢᠬᠢᠭ ᠤᠨ ᠪᠠᠶᠢᠳᠠᠯ ᠢ ᠪᠠᠲᠤᠯᠠᠬᠤ ᠶᠢᠨ ᠲᠦᠯᠦᠬᠡ᠂ ᠲᠠᠷᠢᠭᠰᠠᠨ ᠤ ᠳᠠᠷᠠᠭ᠎ᠠ ᠰᠢᠷᠦᠢ

ᠬᠤᠴᠢᠵᠦ᠂ ᠲᠤᠰᠤᠯᠭᠠᠨ ᠣᠰᠣᠯᠠᠨ᠎ᠠ᠃

      4. ᠲᠠᠷᠢᠬᠤ ᠨᠢᠭᠲᠠᠴᠠ ᠨᠢ ᠮᠣ᠋ ᠨᠢᠭᠡᠪᠦᠷᠢ ᠶᠢᠨ ᠦᠷ᠎ᠡ ᠰᠠᠴᠤᠬᠤ ᠬᠡᠮᠵᠢᠶ᠎ᠡ 1kg ᠣᠷᠴᠢᠮ᠂ ᠮᠣ᠋ ᠨᠢᠭᠡᠪᠦᠷᠢ ᠳᠤ 5 — 6 ᠲᠦᠮᠡᠨ ᠰᠠᠭᠤᠷᠢ ᠴᠢᠬᠢ

ᠦᠯᠡᠳᠡᠭᠡᠨ᠎ᠡ᠃

      ︵ᠵᠢᠷᠭᠤᠭ᠎ᠠ︶ ᠲᠠᠷᠢᠶ᠎ᠠ ᠠᠷᠠᠴᠢᠯᠠᠨ᠎ᠠ᠃

      1. ᠬᠢᠮᠢ ᠶᠢᠨ ᠠᠷᠭ᠎ᠠ ᠪᠠᠷ ᠡᠪᠡᠰᠦ ᠠᠷᠢᠯᠭᠠᠨ᠎ᠠ᠃ ᠴᠢᠬᠢ ᠶᠢᠨ ᠣᠷᠭᠤᠴᠠ ᠨᠢ ᠣᠳᠠᠭᠠᠨ ᠪᠤᠯᠬᠤᠷ ᠠᠮᠠᠷᠬᠠᠨ ᠡᠪᠡᠰᠦ ᠣᠷᠢᠶᠠᠵᠦ᠂ ᠨᠢᠯᠬ᠎ᠠ ᠴᠢᠬᠢ

ᠡᠪᠡᠰᠦᠨ ᠳᠤ ᠨᠢᠭᠤᠭᠳᠠᠵᠤ ᠳᠠᠷᠤᠭᠳᠠᠬᠤ ᠪᠤᠯᠬᠤᠷ ᠦᠷ᠎ᠡ ᠰᠠᠴᠣᠭᠠᠳ ᠴᠢᠬᠢᠯᠡᠬᠦ ᠠᠴᠠ ᠡᠮᠦᠨ᠎ᠡ ᠡᠪᠡᠰᠦ ᠠᠷᠢᠯᠭᠠᠬᠤ ᠲᠤᠰᠬᠠᠢ ᠡᠳ᠋ ᠢᠶᠠᠷ ᠪᠢᠲᠡᠬᠦᠮᠵᠢᠯᠡᠨ

ᠠᠷᠢᠯᠭᠠᠬᠤ ᠡᠰᠡᠬᠦᠯ᠎ᠡ ᠨᠢᠯᠬ᠎ᠠ ᠴᠢᠬᠢ ᠵᠢᠭᠳᠡ ᠣᠷᠭᠤᠭᠰᠠᠨ ᠤ ᠳᠠᠷᠠᠭ᠎ᠠ ᠬᠢᠮᠢ ᠶᠢᠨ ᠡᠮ ᠢᠶᠠᠷ ᠡᠪᠡᠰᠦ ᠠᠷᠢᠯᠭᠠᠨ᠎ᠠ᠃ ᠬᠤᠶᠢᠨᠠᠬᠢ ᠬᠤᠭᠤᠴᠠᠭᠠᠨ ᠳᠤ ᠬᠤᠭ ᠡᠪᠡᠰᠦ

ᠨᠡᠯᠢᠶᠡᠳ ᠣᠯᠠᠨ ᠦᠶᠡᠰ᠂ ᠬᠦᠮᠦᠨ ᠤ ᠬᠦᠴᠦ ᠪᠠᠷ 2 — 3 ᠣᠳᠠᠭ᠎ᠠ ᠶᠡᠭᠡ ᠡᠪᠡᠰᠦ ᠶᠢ ᠨᠢ ᠠᠷᠢᠯᠭᠠᠨ᠎ᠠ᠃

      2. ᠴᠠᠭ ᠲᠤᠬᠠᠢ ᠳᠤᠨᠢ ᠪᠤᠷᠳᠣᠭᠤᠷ ᠨᠡᠮᠡᠵᠦ ᠣᠰᠣᠯᠠᠨ᠎ᠠ᠃ ᠠᠮᠣ ᠬᠡᠳᠦᠶᠢᠪᠡᠷ ᠭᠠᠩ ᠳᠤ ᠳᠡᠰᠪᠦᠷᠢᠲᠡᠢ ᠪᠤᠯᠪᠠᠴᠣ ᠣᠷᠭᠤᠯᠲᠠ ᠶᠢᠨ ᠭᠤᠤᠯ ᠱᠠᠲᠤᠨ ᠳᠤ

ᠭᠠᠩᠳᠠᠬᠤ ᠦᠶᠡᠰ᠂ ᠡᠷᠬᠡᠪᠰᠢ ᠲᠤᠬᠢᠷᠠᠮᠵᠢᠲᠠᠢ ᠬᠤᠭᠤᠴᠠᠭᠠᠨ ᠳᠤ ᠣᠰᠣᠯᠠᠨ᠎ᠠ᠃ ᠦᠶᠡᠯᠡᠬᠦ ᠬᠤᠭᠤᠴᠠᠭᠠᠨ ᠳᠤ ᠬᠤᠶᠠᠳᠠᠬᠢ ᠣᠳᠠᠭ᠎ᠠ ᠣᠰᠣᠯᠠᠵᠤ᠂ ᠲᠦᠷᠦᠭᠦᠳᠦᠬᠦ

ᠬᠤᠭᠤᠴᠠᠭᠠᠨ ᠳᠤ ᠭᠤᠷᠪᠠᠳᠠᠬᠢ ᠣᠳᠠᠭ᠎ᠠ ᠣᠰᠣᠯᠠᠨ᠎ᠠ᠃ ᠦᠶᠡᠯᠡᠬᠦ ᠦᠶᠡᠰ ᠣᠰᠣᠯᠠᠬᠤ ᠶᠢᠨ ᠲᠠᠭᠠᠤ ᠪᠤᠷᠳᠣᠭᠤᠷ ᠨᠡᠮᠡᠨ᠂ ᠮᠣ᠋ ᠨᠢᠭᠡᠪᠦᠷᠢ ᠳᠤ 10kg ᠣᠷᠴᠢᠮ

ᠰᠢᠬᠡᠰᠦᠯᠢᠭ ᠡᠳ᠋ ᠣᠷᠣᠭᠤᠯᠣᠨ᠎ᠠ᠃ ᠠᠮᠣ ᠲᠤᠯᠤᠭᠠᠶᠢᠯᠠᠬᠤ ᠪᠠ ᠢᠳᠡᠭᠡᠯᠡᠬᠦ ᠬᠤᠭᠤᠴᠠᠭᠠᠨ ᠳᠤ 0.2% ᠤᠨ ᠹᠣᠰᠹᠣᠷ ᠬᠦᠴᠢᠯ ᠤᠨ ᠬᠤᠶᠠᠷ ᠣᠰᠣᠳᠦ᠋ᠷᠦᠭᠴᠢᠲᠦ

ᠺᠠᠯᠢ ᠶᠢ 3 — 4 ᠣᠳᠠᠭ᠎ᠠ ᠰᠦᠷᠴᠢᠵᠦ᠂ ᠠᠮᠣ ᠶᠢᠨ ᠣᠷᠭᠤᠯᠲᠠ ᠶᠢᠨ ᠰᠡᠬᠦᠯᠴᠢ ᠶᠢᠨ ᠬᠤᠭᠤᠴᠠᠭᠠᠨ ᠳᠤ ᠪᠤᠷᠳᠣᠭᠤᠷ ᠲᠤᠲᠠᠭᠳᠠᠬᠤ ᠶᠢ ᠰᠡᠷᠬᠡᠶᠢᠯᠡᠨ᠎ᠡ᠃

      ︵ᠲᠤᠯᠤᠭ᠎ᠠ︶ ᠬᠤᠷᠤᠬᠠᠢ ᠶᠢᠨ ᠬᠦᠨᠦᠬᠡᠯ ᠢ ᠰᠡᠷᠬᠡᠶᠢᠯᠡᠨ ᠵᠠᠰᠠᠨ᠎ᠠ᠃

      ᠠᠮᠣ ᠴᠢᠬᠢᠯᠡᠬᠦ ᠦᠶ᠎ᠡ ᠳᠤ 2.5% ᠶᠢᠨ ᠰᠢᠦᠢ ᠴᠢᠩ ᠵᠢᠦᠢ ᡁᠢ ︵ᠳ᠋ᠢ ᠱᠠ ᠰᠧ︶ ᠢ ᠬᠡᠷᠡᠭᠯᠡᠵᠦ ᠪᠤᠯᠤᠨ᠎ᠠ᠂ ᠮᠣ᠋ ᠨᠢᠭᠡᠪᠦᠷᠢ ᠶᠢᠨ ᠬᠡᠷᠡᠭᠯᠡᠬᠦ ᠬᠡᠮᠵᠢᠶ᠎ᠡ

20ml᠂ 20kg ᠣᠰᠣ ᠬᠤᠯᠢᠨ ᠮᠠᠨᠠᠨᠵᠢᠭᠤᠯᠵᠤ ᠨᠠᠩᠭᠢ ᠬᠤᠷᠤᠬᠠᠢ ᠪᠠ ᠨᠣᠬᠠᠢ ᠶᠢᠨ ᠪᠦᠬᠡᠰᠦ ᠶᠢ ᠰᠡᠷᠬᠡᠶᠢᠯᠡᠨ ᠵᠠᠰᠠᠨ᠎ᠠ᠃ ᠡᠷᠳᠡᠨᠢ ᠰᠢᠰᠢ ᠶᠢᠨ ᠮᠢᠩ ᠵᠡᠷᠭᠡ

ᠨᠦᠬᠡᠯᠡᠬᠦ ᠬᠡᠯᠪᠡᠷᠢ ᠶᠢᠨ ᠬᠤᠤᠷᠲᠤ ᠰᠢᠪᠡᠵᠢ ᠶᠢᠨ ᠬᠦᠨᠦᠬᠡᠯ ᠳᠤ ᠣᠴᠠᠷᠠᠬᠤ ᠦᠶᠡᠰ᠂ ᠮᠣ᠋ ᠨᠢᠭᠡᠪᠦᠷᠢ ᠳᠤ 30mL 20% ᠶᠢᠨ ᠴᠢᠩ ᠡᠤ ᠵᠢᠦᠢ ᡁᠢ ᠲᠤᠰᠤ ᠶᠢ

2000 — 3000 ᠳᠠᠬᠢᠨ ᠰᠢᠩᠭᠡᠨᠵᠢᠬᠦᠯᠦᠨ ᠮᠠᠨᠠᠨᠵᠢᠭᠤᠯᠵᠤ᠂ ᠠᠮᠣ ᠶᠢᠨ ᠣᠷᠭᠤᠯᠲᠠ ᠶᠢ ᠪᠠᠲᠤᠯᠠᠨ᠂ ᠦᠨᠳᠦᠷ ᠣᠨᠠᠯᠲᠠ ᠶᠢ ᠠᠬᠢᠭᠤᠯᠤᠨ᠎ᠠ᠃ ᠣᠷᠭᠤᠯᠲᠠ

 ᠶᠢᠨ ᠬᠤᠭᠤᠴᠠᠭᠠᠨ ᠳᠤ ᠨᠠᠩᠭᠢ ᠬᠤᠷᠤᠬᠠᠢ ᠢᠯᠡᠷᠡᠪᠡᠯ ᠳ᠋ᠢ ᠳ᠋ᠢ ᠸᠧᠢ ᠡᠮ᠂ ᠪᠢ ᠴᠦᠩ ᠯᠢᠨ ᠬᠤᠷᠤᠬᠠᠢ ᠠᠯᠠᠬᠤ ᠡᠳ᠋ ᠵᠡᠷᠭᠡ ᠶᠢ ᠬᠡᠷᠡᠭᠯᠡᠵᠦ ᠰᠡᠷᠬᠡᠶᠢᠯᠡᠨ ᠵᠠᠰᠠᠨ᠎ᠠ᠃

ᠪᠢᠯᠵᠣᠣᠬᠠᠢ ᠣᠯᠠᠨ ᠭᠠᠵᠠᠷ ᠲᠤ ᠬᠦᠬᠡᠬᠡᠵᠦ  ᠶᠠᠪᠤᠭᠤᠯᠬᠤ ᠶᠢ ᠠᠩᠬᠠᠷᠤᠨ᠎ᠠ᠃

      ︵ᠨᠠᠢᠮᠠ︶ ᠵᠤᠬᠢᠮᠵᠢᠲᠠᠢ ᠬᠤᠭᠤᠴᠠᠭᠠᠨ ᠳᠤ ᠬᠤᠷᠢᠶᠠᠨ᠎ᠠ᠃

      ᠠᠮᠣ ᠶᠢᠨ ᠪᠤᠯᠪᠠᠰᠣᠷᠠᠬᠤ ᠬᠤᠭᠤᠴᠠᠭ᠎ᠠ ᠠᠳᠠᠯᠢ ᠦᠬᠡᠢ᠂ ᠲᠦᠷᠦᠬᠦᠨ ᠤ ᠬᠡᠰᠡᠭ ᠨᠢ ᠣᠷᠢᠳ ᠢᠶᠠᠷ ᠪᠤᠯᠪᠠᠰᠣᠷᠠᠵᠤ᠂ ᠳᠣᠣᠷᠠᠲᠤ ᠬᠡᠰᠡᠭ ᠨᠢ ᠰᠡᠬᠦᠯ ᠢᠶᠠᠷ

ᠪᠤᠯᠪᠠᠰᠣᠷᠠᠳᠠᠭ ᠮᠦᠷᠲᠡᠭᠡᠨ ᠭᠤᠤᠯ ᠲᠦᠷᠦᠬᠦᠦ ᠪᠤᠯᠤᠨ ᠪᠤᠳᠠᠯᠠᠬᠤ ᠲᠦᠷᠦᠬᠦᠦ ᠶᠢᠨ ᠪᠤᠯᠪᠠᠰᠣᠷᠠᠬᠤ ᠬᠤᠭᠤᠴᠠᠭ᠎ᠠ ᠴᠣ᠋ ᠨᠡᠯᠢᠶᠡᠳ ᠵᠦᠷᠢᠶ᠎ᠡ ᠲᠠᠢ᠃ ᠲᠦᠷᠦᠬᠦᠦ ᠶᠢᠨ

ᠰᠠᠭᠤᠷᠢ ᠶᠢᠨ ᠬᠡᠰᠡᠭ ᠤᠨ ᠦᠷ᠎ᠡ ᠶᠢᠨ ᠮᠦᠬᠦᠯᠢᠭ ᠬᠠᠲᠠᠭᠤᠷᠠᠬᠤ ᠮᠦᠷᠲᠡᠭᠡᠨ ᠬᠢᠮᠦᠰᠦᠯᠡᠨ ᠴᠣᠭᠤᠯᠵᠣ ᠳᠡᠶᠢᠯᠬᠦ ᠦᠶᠡᠰ ᠪᠣᠯ ᠬᠤᠷᠢᠶᠠᠵᠦ ᠠᠪᠬᠤ ᠳᠣᠬᠢᠷᠠᠮᠵᠢᠲᠠᠢ

ᠬᠤᠭᠤᠴᠠᠭ᠎ᠠ ᠪᠤᠯᠤᠨ᠎ᠠ᠂ ᠣᠷᠣᠢ ᠬᠤᠷᠢᠶᠠᠪᠠᠯ ᠠᠮᠣ ᠶᠢᠨ ᠲᠦᠷᠦᠬᠦᠦ ᠠᠮᠠᠷᠬᠠᠨ ᠰᠠᠯᠬᠢᠨ ᠳᠤ ᠵᠤᠳᠤᠭᠳᠠᠵᠤ ᠮᠦᠬᠦᠯᠢᠭ ᠨᠢ ᠣᠨᠠᠨ᠎ᠠ᠃ ᠬᠠᠲᠤᠵᠤ ᠬᠤᠷᠢᠶᠠᠬᠤ

ᠦᠶᠡᠰ ᠮᠦᠬᠦᠯᠢᠭ ᠬᠤᠷᠢᠶᠠᠬᠤ ᠮᠠᠰᠢᠨ ᠢᠶᠠᠷ ᠬᠤᠷᠢᠶᠠᠵᠦ᠂ ᠴᠠᠭ ᠲᠤᠬᠠᠢ ᠳᠤᠨᠢ ᠬᠠᠲᠠᠭᠠᠵᠤ ᠬᠦᠮᠦᠷᠭᠡᠯᠡᠨ᠂ ᠰᠡᠷᠢᠬᠦᠨ ᠮᠦᠷᠲᠡᠭᠡᠨ ᠬᠠᠭᠤᠷᠠᠢ ᠨᠦᠬᠦᠴᠡᠯ ᠢ

ᠪᠦᠷᠢᠯᠳᠦᠬᠦᠯᠦᠨ ᠬᠠᠳᠠᠭᠠᠯᠠᠨ᠎ᠠ᠃

ᠳᠦᠷᠪᠡ᠂ ᠰᠠᠭᠠᠭ ᠤᠨ ᠦᠨᠳᠦᠷ ᠣᠨᠠᠯᠲᠠ ᠣᠯᠬᠤ ᠣᠷᠭᠤᠭᠤᠯᠵᠣ ᠵᠠᠶᠢᠯᠠᠬᠤ ᠮᠡᠷᠭᠡᠵᠢᠯ ᠤᠨ ᠳᠦᠷᠢᠮ

      ︵ᠨᠢᠬᠡ︶ ᠣᠨᠠᠯᠲᠠ ᠶᠢᠨ ᠬᠡᠮᠵᠢᠶᠡᠨ ᠤ ᠬᠠᠷᠠᠯᠲᠠ᠃ 100 — 150 ᠺᠢᠯᠤᠭ᠍ᠷᠠᠮ/ ᠮᠣ᠋ ᠰᠠᠭᠠᠭ᠂ 150 — 200 ᠺᠢᠯᠣᠭ᠍ᠷᠠᠮ/ ᠮᠣ᠋ ᠬᠤᠷ ᠰᠠᠭᠠᠭ᠃

      ︵ᠬᠤᠶᠠᠷ︶ ᠭᠤᠤᠷᠰᠣ ᠰᠣᠩᠭᠤᠨ᠎ᠠ᠃ ᠰᠠᠭᠠᠭ ᠤᠨ ᠡᠮᠦᠨ᠎ᠡ ᠭᠤᠤᠷᠰᠣᠨ ᠳᠤ ᠪᠤᠷᠴᠠᠭ ᠤᠨ ᠲᠦᠷᠦᠯ ᠤᠨ ᠲᠠᠷᠢᠮᠠᠯ ᠪᠠᠶᠢᠪᠠᠯ ᠬᠠᠮᠤᠭ ᠰᠠᠶᠢᠨ᠂

ᠳᠠᠷᠠᠭᠠᠯᠠᠪᠠᠯ ᠦᠶᠡᠲᠦ ᠲᠠᠷᠢᠶᠠᠨ ᠤ ᠲᠠᠷᠢᠮᠠᠯ ᠪᠣᠯᠣᠨ᠎ᠠ᠃

      ︵ᠭᠤᠷᠪᠠ︶ ᠭᠠᠵᠠᠷ ᠳᠡᠭᠰᠢᠯᠡᠨ᠎ᠡ᠃ ᠬᠦᠨᠴᠡ ᠨᠢ 15 — 20cm ᠪᠠᠶᠢᠪᠠᠯ ᠳᠣᠬᠢᠷᠠᠮᠵᠢᠲᠠᠢ᠂ 25cm ᠠᠴᠠ ᠳᠠᠪᠠᠭᠤᠯᠵᠤ ᠪᠤᠯᠬᠤ ᠦᠬᠡᠢ᠂ ᠬᠦᠨ

ᠬᠠᠭᠠᠯᠪᠤᠷᠢᠯᠠᠭᠰᠠᠨ ᠤ ᠳᠠᠷᠠᠭ᠎ᠠ ᠴᠠᠭ ᠲᠤᠬᠠᠢ ᠳᠤᠨᠢ ᠨᠠᠷᠠᠭᠳᠠᠵᠤ ᠬᠦᠷᠦᠰᠦ ᠰᠢᠷᠤᠢ ᠶᠢᠨ ᠴᠢᠬᠢᠭ ᠢ ᠬᠠᠮᠠᠭᠠᠯᠠᠨ᠎ᠠ᠃

      ︵ᠳᠦᠷᠪᠡ︶ ᠪᠣᠷᠳᠣᠭᠤᠷ ᠣᠷᠣᠭᠤᠯᠣᠨ᠎ᠠ᠃

      1. ᠰᠠᠭᠤᠷᠢ ᠪᠤᠷᠳᠣᠭᠤᠷ ᠳᠤ ᠮᠣ᠋ ᠨᠢᠭᠡᠪᠦᠷᠢ ᠳᠤ 2000 ᠺᠢᠯᠤᠭ᠍ᠷᠠᠮ ᠠᠴᠠ ᠳᠡᠭᠡᠭᠰᠢ ᠣᠷᠭᠠᠨᠢᠭ ᠪᠤᠷᠳᠣᠭᠤᠷ ᠣᠷᠣᠭᠤᠯᠵᠣ᠂ ᠬᠦᠨ ᠬᠠᠭᠠᠯᠪᠤᠷᠢᠯᠠᠭᠰᠠᠨ

ᠬᠠᠭᠠᠯᠠᠮᠠᠢ ᠶᠢᠨ ᠮᠣ᠋ ᠨᠢᠭᠡᠪᠦᠷᠢ ᠳᠤ 50 ᠺᠢᠯᠤᠭ᠍ᠷᠠᠮ ᠹᠣᠰᠹᠣᠷ ᠬᠦᠴᠢᠯ ᠤᠨ ᠺᠠᠯᠽ᠂ 50 ᠺᠢᠯᠤᠭ᠍ᠷᠠᠮ ᠨᠡᠭᠦᠷᠡᠰᠦ ᠬᠦᠴᠢᠯ ᠤᠨ ᠣᠰᠣᠳᠦ᠋ᠷᠦᠭᠴᠢᠲᠦ ᠠᠮᠮᠤᠨᠢ

ᠣᠷᠣᠭᠤᠯᠣᠨ᠎ᠠ᠃

      2. ᠮᠣ᠋ ᠨᠢᠭᠡᠪᠦᠷᠢ ᠳᠤ 7kg ᠣᠷᠴᠢᠮ ᠰᠢᠬᠡᠰᠦᠯᠢᠭ ᠡᠳ᠋ ᠨᠡᠮᠡᠵᠦ᠂ ᠪᠦᠷᠬᠦᠭ ᠪᠤᠷᠤᠭᠠᠨ ᠲᠠᠢ ᠡᠳᠦᠷ ᠢ ᠰᠣᠩᠭᠤᠵᠣ ᠪᠤᠷᠳᠣᠭᠤᠷ ᠣᠷᠣᠭᠤᠯᠣᠨ᠎ᠠ᠃

      ︵ᠲᠠᠪᠤ︶ ᠦᠷ᠎ᠡ ᠰᠢᠢᠳᠪᠦᠷᠢᠯᠡᠨ᠎ᠡ᠃

      1. ᠲᠦᠩᠯᠢᠶᠤᠤ ᠬᠤᠲᠠ ᠶᠢᠨ ᠲᠠᠷᠢᠶᠠᠯᠠᠩ ᠤᠨ ᠦᠢᠯᠡᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠪᠤᠶᠢᠵᠢᠭᠤᠯᠤᠭᠰᠠᠨ 3 ᠨᠣᠮᠧᠷᠲᠦ ᠰᠠᠭᠠᠭ᠂

ᠱᠠᠨᠰᠢ ᠮᠣᠵᠢ ᠶᠢᠨ ᠲᠡᠮᠡᠬᠡᠲᠦ ᠶᠢᠨ ᠲᠠᠷᠢᠶᠠᠯᠠᠩ ᠤᠨ ᠰᠣᠷᠭᠠᠭᠤᠯᠢ ᠶᠢᠨ ᠪᠤᠶᠢᠵᠢᠭᠤᠯᠤᠭᠰᠠᠨ 4 ᠨᠣᠮᠧᠷᠲᠦ ᠰᠠᠭᠠᠭ᠂ 2 ᠨᠣᠮᠧᠷᠲᠦ ᠰᠠᠭᠠᠭ ᠵᠡᠷᠭᠡ ᠲᠦᠷᠦᠯ

ᠡᠬᠦᠯᠳᠡᠷ ᠢ ᠰᠣᠩᠭᠤᠨ᠎ᠠ︔ ᠲᠦᠩᠯᠢᠶᠤᠤ ᠬᠤᠲᠠ ᠶᠢᠨ ᠲᠠᠷᠢᠶᠠᠯᠠᠩ ᠤᠨ ᠦᠢᠯᠡᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠪᠤᠶᠢᠵᠢᠭᠤᠯᠤᠭᠰᠠᠨ 2 ᠨᠣᠮᠧᠷᠲᠦ

ᠬᠤᠷ ᠰᠠᠭᠠᠭ᠂ ᠱᠠᠨᠰᠢ ᠮᠣᠵᠢ ᠶᠢᠨ ᠲᠠᠷᠢᠶᠠᠯᠠᠩ ᠤᠨ ᠦᠢᠯᠡᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ  ᠪᠤᠶᠢᠵᠢᠭᠤᠯᠤᠭᠰᠠᠨ 6 — 21 ᠨᠣᠮᠧᠷ᠂

ᠪᠠᠷᠠᠭᠤᠨ ᠬᠤᠶᠢᠲᠤ ᠶᠢᠨ ᠲᠠᠷᠢᠶᠠᠯᠠᠩ ᠣᠢ ᠰᠢᠭᠤᠢ ᠶᠢᠨ ᠰᠢᠨᠵᠢᠯᠡᠭᠡ ᠮᠡᠷᠭᠡᠵᠢᠯ ᠤᠨ ᠶᠡᠭᠡ ᠰᠣᠷᠭᠠᠭᠤᠯᠢ ᠶᠢᠨ ᠲᠠᠷᠢᠶᠠᠯᠠᠩ ᠤᠨ ᠳᠡᠭᠡᠳᠦ ᠰᠣᠷᠭᠠᠭᠤᠯᠢ ᠶᠢᠨ ᠴᠠᠢ

ᠶᠡᠨ ᠰᠣᠳᠣᠯᠣᠭᠴᠢ ᠶᠢᠨ ᠡᠷᠬᠢᠯᠡᠨ ᠪᠤᠶᠢᠵᠢᠭᠤᠯᠤᠭᠰᠠᠨ 9920 ᠨᠣᠮᠧᠷ ᠵᠡᠷᠭᠡ  ᠬᠤᠷ ᠰᠠᠭᠠᠭ ᠤᠨ ᠲᠦᠷᠦᠯ ᠡᠬᠦᠯᠳᠡᠷ ᠢ ᠰᠣᠩᠭᠤᠨ᠎ᠠ᠃

      2. ᠦᠷ᠎ᠡ ᠰᠠᠴᠣᠬᠤ ᠠᠴᠠ ᠡᠮᠦᠨ᠎ᠡ ᠦᠷ᠎ᠡ ᠰᠣᠩᠭᠤᠵᠣ᠂ ᠬᠤᠭᠤᠰᠣᠨ᠂ ᠴᠣᠣᠬᠠᠯ᠂ ᠮᠠᠭᠤ ᠦᠷ᠎ᠡ ᠪᠠ ᠡᠪᠡᠰᠦᠨ ᠤ ᠦᠷ᠎ᠡ᠂ ᠬᠤᠯᠢᠮᠠᠭ ᠢ ᠠᠷᠢᠯᠭᠠᠨ᠂

ᠰᠣᠩᠭᠤᠵᠣ ᠭᠠᠷᠭᠠᠭᠰᠠᠨ ᠰᠠᠭᠠᠭ ᠤᠨ ᠦᠷ᠎ᠡ ᠪᠠᠨ 1 — 3 ᠡᠳᠦᠷ ᠬᠠᠲᠠᠭᠠᠨ᠎ᠠ᠃

      ︵ᠵᠢᠷᠭᠤᠭ᠎ᠠ︶ ᠦᠷ᠎ᠡ ᠰᠠᠴᠣᠨ᠎ᠠ᠃

      1. ᠦᠷ᠎ᠡ ᠰᠠᠴᠣᠬᠤ ᠬᠤᠭᠤᠴᠠᠭ᠎ᠠ᠂ 5 ᠰᠠᠷ᠎ᠠ ᠶᠢᠨ ᠰᠡᠬᠦᠯᠴᠢ ᠠᠴᠠ 6 ᠰᠠᠷ᠎ᠠ ᠶᠢᠨ ᠳᠣᠮᠳᠠᠴᠢ ᠪᠠᠷ ᠦᠷ᠎ᠡ ᠰᠠᠴᠤᠨ᠎ᠠ᠃

      2. ᠵᠤᠷᠬᠠᠯᠠᠨ ᠲᠡᠷᠢᠬᠤ ᠠᠷᠭ᠎ᠠ ᠪᠠᠷ ᠦᠷ᠎ᠡ ᠰᠠᠴᠣᠨ᠎ᠠ᠃

      3. ᠲᠠᠷᠢᠬᠤ ᠬᠦᠨᠴᠡ 4 — 6cm᠂ ᠬᠦᠷᠦᠰᠦ ᠰᠢᠷᠤᠢ ᠶᠢᠨ ᠴᠢᠬᠢᠭ᠂ ᠶᠠᠰᠣ ᠴᠢᠨᠠᠷ ᠵᠡᠷᠭᠡ ᠪᠠᠶᠢᠳᠠᠯ ᠢ ᠦᠨᠳᠦᠰᠦᠯᠡᠵᠦ ᠲᠤᠭᠲᠠᠭᠠᠨ᠎ᠠ᠂ ᠡᠯᠡᠰᠦᠷᠬᠡᠭ

ᠬᠦᠷᠦᠰᠦ ᠪᠠ ᠭᠠᠩ ᠬᠠᠭᠤᠷᠠᠢ ᠭᠠᠵᠠᠷ ᠲᠤ ᠬᠦᠨ ᠲᠠᠷᠢᠵᠦ᠂ ᠨᠠᠩᠬᠢ ᠰᠢᠷᠤᠢ ᠪᠠ ᠴᠢᠬᠢᠭ ᠤᠨ ᠪᠠᠶᠢᠳᠠᠯ ᠰᠠᠶᠢᠨ ᠪᠠᠶᠢᠬᠤ ᠦᠶᠡᠰ ᠬᠦᠢᠬᠡᠨ ᠲᠠᠷᠢᠬᠤ ᠶᠢᠨ ᠬᠠᠮᠲᠤ

ᠴᠢᠬᠢᠭ ᠤᠨ ᠪᠠᠶᠢᠳᠠᠯ ᠢ ᠦᠨᠳᠦᠰᠦᠯᠡᠨ ᠳᠠᠷᠤᠰᠢᠭᠤᠯᠤᠨ᠎ᠠ᠃

      4. ᠰᠠᠭᠠᠭ ᠤᠨ ᠦᠷ᠎ᠡ ᠰᠠᠴᠣᠬᠤ ᠬᠡᠮᠵᠢᠶ᠎ᠡ ︵ᠮᠦᠬᠦᠯᠢᠭ ᠤᠨ ᠬᠦᠨᠳᠦᠴᠡ 32 ᠭᠷᠠᠮ︶ 3kg/ ᠮᠣ᠋᠂ ᠬᠤᠷ ᠰᠠᠭᠠᠭ ᠤᠨ ᠦᠷ᠎ᠡ ᠰᠠᠴᠣᠬᠤ ᠬᠡᠮᠵᠢᠶ᠎ᠡ ︵

ᠮᠦᠬᠦᠯᠢᠭ ᠤᠨ ᠬᠦᠨᠳᠦᠴᠡ 20 ᠭᠷᠠᠮ︶ 2kg/ ᠮᠣ᠋᠃

      5. ᠰᠠᠭᠠᠭ ᠤᠨ ᠨᠢᠭᠲᠠᠴᠠ 4 — 5 ᠲᠦᠮᠡᠨ ᠰᠠᠭᠤᠷᠢ/ ᠮᠣ᠋᠂ ᠵᠤᠷᠬᠠᠯᠠᠨ ᠲᠠᠷᠢᠬᠤ ᠮᠦᠷ ᠤᠨ ᠵᠠᠢ 30 — 33cm᠂ ᠰᠠᠭᠤᠷᠢ ᠶᠢᠨ ᠵᠠᠢ 4 —

4.5cm᠃ ᠬᠤᠷ ᠰᠠᠭᠠᠭ ᠤᠨ ᠨᠢᠭᠲᠠᠴᠠ 4 — 5 ᠲᠦᠮᠡᠨ ᠰᠠᠭᠤᠷᠢ/ ᠮᠣ᠋᠂ ᠵᠤᠷᠬᠠᠯᠠᠨ ᠲᠠᠷᠢᠬᠤ ᠮᠦᠷ ᠤᠨ ᠵᠠᠢ 30 — 33cm᠂ ᠰᠠᠭᠤᠷᠢ ᠶᠢᠨ ᠵᠠᠢ

4 — 4.5cm᠃

      ︵ᠲᠤᠯᠤᠭ᠎ᠠ︶ ᠲᠠᠷᠢᠶ᠎ᠠ ᠠᠷᠠᠴᠢᠯᠠᠨ᠎ᠠ᠃

      1. ᠴᠠᠭ ᠲᠤᠬᠠᠢ ᠳᠤᠨᠢ ᠴᠢᠬᠢ ᠶᠢ ᠪᠠᠶᠢᠴᠠᠭᠠᠨ ᠨᠦᠬᠦᠵᠦ᠂ ᠪᠦᠷᠢᠨ ᠴᠢᠬᠢ ᠶᠢ ᠪᠠᠲᠤᠯᠠᠨ᠎ᠠ᠃

      2. ᠰᠠᠭᠠᠭ ᠴᠡᠴᠡᠭᠯᠡᠬᠦ ᠬᠤᠭᠤᠴᠠᠭᠠᠨ ᠳᠤ 2 — 3 ᠡᠳᠦᠷ ᠠᠯᠤᠰᠯᠠᠨ ᠲᠤᠭᠤᠰᠤ ᠬᠦᠷᠲᠡᠭᠡᠵᠦ᠂ ᠦᠳᠡ ᠶᠢᠨ ᠡᠮᠦᠨ᠎ᠡ ᠶᠢᠨ 9 — 11 ᠴᠠᠭ ᠲᠤ

200 — 300m ᠣᠷᠲᠣ᠂ 0.5m ᠦᠷᠭᠡᠨ ᠪᠦᠰ ᠢ ᠬᠤᠶᠠᠷ ᠬᠦᠮᠦᠨ ᠰᠠᠭᠠᠭ ᠤᠨ ᠳᠡᠭᠡᠳᠦ ᠬᠡᠰᠡᠭ ᠢᠶᠠᠷ ᠲᠠᠲᠠᠵᠤ ᠱᠦᠷᠬᠦᠬᠡᠨ ᠰᠠᠵᠢᠯᠠᠭᠤᠯᠤᠭᠠᠳ᠂

ᠰᠠᠭᠤᠷᠢ ᠪᠤᠯᠭᠠᠨ ᠢ ᠬᠠᠷᠢᠯᠴᠠᠨ ᠣᠶᠢᠷᠠᠳᠣᠭᠤᠯᠣᠨ᠂ ᠬᠠᠷᠢᠯᠴᠠᠨ ᠲᠤᠭᠤᠰᠤ ᠬᠦᠷᠲᠡᠭᠡᠨ᠎ᠡ᠃ ᠵᠦᠬᠡᠢ ᠲᠠᠯᠪᠢᠬᠤ ᠨᠦᠬᠦᠴᠡᠯ ᠲᠠᠢ ᠪᠠᠶᠢᠪᠠᠯ᠂ ᠬᠦᠮᠦᠨ ᠤ ᠬᠦᠴᠦ ᠪᠠᠷ

ᠲᠤᠭᠤᠰᠤ ᠬᠦᠷᠲᠡᠭᠡᠬᠦ ᠶᠢ ᠣᠷᠣᠯᠠᠭᠤᠯᠤᠨ᠎ᠠ᠃

      ︵ᠨᠠᠢᠮᠠ︶ ᠬᠤᠷᠤᠬᠠᠢ ᠶᠢᠨ ᠬᠦᠨᠦᠬᠡᠯ ᠢ ᠰᠡᠷᠬᠡᠶᠢᠯᠡᠨ ᠵᠠᠰᠠᠨ᠎ᠠ᠃ ᠣᠶᠢᠷ᠎ᠠ ᠶᠢᠨ ᠵᠢᠯ ᠣᠲᠤᠭ ᠤᠨ ᠡᠮᠦᠨᠡᠲᠦ ᠬᠤᠰᠢᠭᠤᠨ ᠤ ᠰᠠᠭᠠᠭ ᠤᠨ ᠲᠠᠷᠢᠶ᠎ᠠ ᠠᠮᠠᠷᠬᠠᠨ

ᠬᠤᠷᠤᠬᠠᠢ ᠳᠤ ᠬᠦᠨᠦᠬᠡᠭᠳᠡᠬᠦ ᠨᠢ ᠭᠤᠤᠯᠳᠠᠭᠤ ᠡᠷᠪᠡᠬᠡᠢ ᠶᠢᠨ ᠬᠦᠨᠦᠬᠡᠯ ᠪᠤᠯᠤᠨ᠎ᠠ᠂ ᠰᠡᠷᠬᠡᠶᠢᠯᠡᠨ ᠵᠠᠰᠠᠬᠤ ᠠᠷᠭ᠎ᠠ᠄ ᠬᠦᠨ ᠬᠠᠭᠠᠯᠪᠤᠷᠢᠯᠠᠵᠤ ᠠᠪᠠᠭᠠᠯᠲᠠᠢ ᠶᠢ

ᠠᠷᠢᠯᠭᠠᠬᠤ᠂ ᠳ᠋ᠧᠩ ᠤᠨ ᠬᠡᠷᠡᠯ ᠢᠶᠠᠷ ᠣᠰᠠᠳᠬᠠᠬᠤ᠂ ᠬᠦᠮᠦᠨ ᠤ ᠬᠦᠴᠦ ᠪᠠᠷ ᠠᠯᠠᠬᠤ᠂ ᠬᠢᠮᠢ ᠶᠢᠨ ᠡᠮ ᠵᠡᠷᠭᠡ ᠠᠷᠭ᠎ᠠ ᠪᠠᠷ ᠰᠡᠷᠬᠡᠶᠢᠯᠡᠨ ᠵᠠᠰᠠᠨ᠎ᠠ᠃

      ︵ᠶᠢᠰᠦ︶ ᠳᠣᠬᠢᠷᠠᠮᠵᠢᠲᠠᠢ ᠬᠤᠭᠤᠴᠠᠭᠠᠨ ᠳᠤ ᠬᠤᠷᠢᠶᠠᠨ᠎ᠠ᠃ ᠰᠠᠭᠠᠭ ᠤᠨ ᠮᠦᠬᠦᠯᠢᠭ ᠤᠨ ᠪᠤᠯᠪᠠᠰᠣᠷᠠᠬᠤ ᠨᠢ ᠳᠡᠭᠰᠢ ᠦᠬᠡᠢ᠂ ᠡᠩ ᠤᠨ ᠪᠠᠶᠢᠳᠠᠯ ᠳᠤ

ᠪᠦᠬᠦ ᠰᠠᠭᠤᠷᠢ ᠶᠢᠨ 2/3 ᠮᠦᠬᠦᠯᠢᠭ ᠨᠢ ᠪᠤᠯᠪᠠᠰᠣᠷᠠᠬᠤ ᠦᠶᠡᠰ ᠬᠦᠷᠡᠩ ᠦᠩᠭᠡ᠂ ᠦᠨᠡᠰᠦᠨ ᠦᠩᠭᠡ ᠪᠤᠯᠤᠨ ᠬᠤᠪᠢᠷᠠᠵᠤ᠂ ᠲᠤᠰ ᠲᠦᠷᠦᠯ ᠡᠭᠦᠯᠳᠡᠷ ᠤᠨ

ᠣᠭ ᠦᠩᠭᠡ ᠢᠯᠡᠷᠡᠬᠦ ᠦᠶᠡᠰ ᠪᠤᠯ ᠬᠤᠷᠢᠶᠠᠵᠦ ᠠᠪᠬᠤ ᠳᠣᠬᠢᠷᠠᠮᠵᠢᠲᠠᠢ ᠬᠤᠭᠤᠴᠠᠭ᠎ᠠ ᠪᠤᠯᠤᠨ᠎ᠠ᠂ ᠪᠦᠷᠬᠦᠭ ᠡᠳᠦᠷ ᠪᠤᠶᠤ ᠦᠷᠯᠦᠬᠡ ᠶᠢᠨ ᠰᠢᠬᠦᠳᠡᠷᠢ ᠲᠠᠢ ᠦᠶᠡᠰ

 ᠢ ᠰᠣᠩᠭᠤᠵᠣ ᠬᠤᠷᠢᠶᠠᠨ᠂ ᠮᠦᠬᠦᠯᠢᠭ ᠣᠨᠠᠵᠤ ᠣᠨᠠᠯᠲᠠ ᠮᠠᠭᠤᠳᠠᠬᠤ ᠶᠢ ᠰᠡᠷᠬᠡᠶᠢᠯᠡᠨ᠎ᠡ᠃

ᠳᠠᠭᠠᠯᠳᠣᠭᠤᠯᠣᠯ 3᠄

                         ᠰᠦᠯᠢᠶᠤᠤ ᠬᠦᠯᠡᠮᠵᠢ ᠶᠢᠨ ᠪᠠᠶᠢᠭᠤᠯᠤᠯᠲᠠ ᠶᠢᠨ ᠪᠠᠷᠢᠮᠵᠢᠶ᠎ᠠ

      ᠬᠦᠯᠡᠮᠵᠢ ᠶᠢᠨ ᠣᠷᠲᠣ 60m᠂ ᠵᠠᠢ ᠨᠢ 9m᠂ ᠦᠨᠳᠦᠷ 3.2m ︵ᠴᠡᠪᠡᠷ ᠦᠨᠳᠦᠷ 2.9m︶᠂ ᠡᠬᠦᠳᠡᠨ ᠤ ᠦᠷᠬᠡᠨ 2.5m︔ ᠬᠦᠯᠡᠮᠵᠢ ᠳᠤ

25/60/1.5 ᠮᠢᠯᠢᠮᠧᠲᠷ ᠴᠠᠶᠢᠷᠳᠠᠮᠠᠯ ᠵᠤᠤᠪᠠᠩ ᠬᠤᠭᠤᠯᠠᠢ ᠪᠤᠶᠤ ᠬᠤᠶᠠᠷ ᠳᠠᠪᠬᠤᠷᠭᠠᠲᠤ ᠴᠠᠶᠢᠷᠳᠠᠮᠠᠯ ᠪᠤᠯᠤᠳ ᠬᠤᠭᠤᠯᠠᠢ ᠪᠤᠯᠤᠳ ᠵᠢᠶᠠᠰᠠ ᠶᠢᠨ

ᠪᠦᠲᠦᠴᠡ ᠶᠢ ᠬᠡᠷᠡᠭᠯᠡᠨ᠎ᠡ᠃ ᠬᠤᠶᠠᠷ ᠳᠠᠪᠬᠤᠷᠭᠠᠲᠤ ᠪᠤᠯᠤᠳ ᠵᠢᠶᠠᠰᠠ ᠴᠠᠶᠢᠷᠳᠠᠮᠠᠯ ᠪᠤᠯᠤᠳ ᠬᠤᠭᠤᠯᠠᠢ ᠪᠤᠯᠤᠳ ᠵᠢᠶᠠᠰᠠ ᠶᠢᠨ ᠪᠦᠲᠦᠴᠡ ᠶᠢᠨ ᠳᠡᠭᠡᠳᠦ

ᠳᠠᠪᠬᠤᠷᠭ᠎ᠠ ᠨᠢ 1.5 ᠮᠢᠯᠢᠮᠧᠲᠷ ᠠᠴᠠ ᠳᠡᠭᠡᠭᠰᠢ 1 ᠢᠮᠠᠬᠤ ᠪᠤᠯᠤᠳ ᠬᠤᠭᠤᠯᠠᠢ᠂ ᠳᠣᠣᠷᠠᠲᠤ ᠳᠠᠪᠬᠤᠷᠭ᠎ᠠ ᠨᠢ 4 ᠢᠮᠠᠬᠤ ᠠᠴᠠ ᠳᠡᠭᠡᠭᠰᠢ ᠴᠠᠶᠢᠷᠳᠠᠮᠠᠯ ᠪᠤᠯᠤᠳ

ᠬᠤᠭᠤᠯᠠᠢ ᠪᠤᠶᠤ 10# ᠠᠴᠠ ᠳᠡᠭᠡᠭᠰᠢ ᠰᠢᠷᠪᠤᠰᠣᠨ ᠪᠤᠯᠤᠳ ᠬᠡᠷᠡᠭᠯᠡᠨ᠎ᠡ᠂ ᠬᠤᠶᠠᠷ ᠳᠠᠪᠬᠤᠷᠭ᠎ᠠ ᠶᠢᠨ ᠬᠤᠭᠤᠷᠤᠨᠲᠤ 6# ᠠᠴᠠ ᠳᠡᠭᠡᠭᠰᠢ ᠰᠢᠷᠪᠤᠰᠤᠨ ᠪᠤᠯᠤᠳ

 ᠢᠶᠠᠷ ᠵᠠᠯᠭᠠᠨ᠎ᠠ᠃

ᠳᠠᠭᠠᠯᠳᠣᠭᠤᠯᠣᠯ 4᠄

      ᠣᠲᠤᠭ ᠤᠨ ᠡᠮᠦᠨᠡᠲᠦ ᠬᠤᠰᠢᠭᠤᠨ ᠤ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠲᠠᠷᠢᠮᠠᠯ ᠤᠨ ᠪᠦᠲᠦᠴᠡ ᠶᠢᠨ ᠲᠤᠬᠢᠷᠠᠭᠤᠯᠤᠯᠲᠠ

ᠵᠢᠴᠢ ᠳᠦᠬᠦᠬᠡᠷᠦᠮᠵᠢᠲᠦ ᠲᠠᠷᠢᠶᠠᠯᠠᠩ ᠤᠨ ᠦᠢᠯᠡᠰ ᠤᠨ ᠬᠦᠭᠵᠢᠯᠲᠡ ᠶᠢᠨ ᠲᠦᠷᠦᠯ ᠵᠦᠢᠯ ᠤᠨ ᠲᠡᠯᠡᠪᠡᠢ ᠶᠢᠨ ᠬᠠᠷᠭᠤᠭᠤᠯᠤᠯᠲᠠ ᠶᠢᠨ ᠨᠠᠷᠢᠨ ᠳᠠᠩᠰᠠ︔ ︵

ᠲᠤᠪᠴᠢᠯᠠᠪᠠ︶

 

ᠢᠷᠡᠯᠲᠡ᠄ ᠣᠲᠤᠭ ᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ