ᠴᠡᠭᠡ ᠶᠢᠨ ᠵᠠᠰᠠᠯ ᠪᠠ ᠲᠡᠭᠦᠨ ᠤ ᠦᠢᠯᠡᠳᠣᠯ ᠤᠨ ᠲᠣᠬᠠᠢ
ᠨᠡᠶᠢᠲᠡᠯᠡᠭᠰᠡᠨ ᠴᠠᠭ᠄
2022/11/3
     ᠴᠡᠭᠡ ᠪᠣᠯ ᠬᠡᠬᠦᠦ ᠶᠢᠨ ᠰᠦᠨ ᠤ ᠪᠦᠷᠢᠯᠳᠦᠬᠦᠨ᠂ ᠠᠶᠢᠷᠠᠭ ᠤᠨ ᠲᠦᠷᠦᠯ᠂ ᠮᠣᠩᠭᠤᠯᠴᠣᠳ ᠤᠨ ᠠᠯᠢ ᠡᠷᠲᠡᠨ ᠠᠴᠠ ᠲᠡᠭᠡᠲᠣᠯᠡᠭᠰᠡᠭᠡᠷ ᠢᠷᠡᠭᠰᠡᠨ ᠪᠡᠯᠡᠭ ᠲᠡᠮᠪᠡᠷᠢᠯ ᠲᠠᠢ ᠰᠦᠨ ᠣᠮᠳᠠᠭᠠᠨ ᠪᠣᠯᠬᠤ ᠮᠦᠷᠳᠡᠭᠡᠨ ᠴᠠᠭᠠᠨ ᠢᠳᠡᠭᠡᠨ ᠤ ᠣᠬᠢ ᠰᠣᠳᠣ ᠨᠢ ᠪᠣᠯᠣᠨ᠎ᠠ᠃ ᠴᠡᠭᠡ ᠶᠢ ᠨᠡᠬᠦᠳᠡᠯᠴᠢᠨ ᠮᠣᠩᠭᠤᠯᠴᠣᠳ ᠣᠷᠳᠣ ᠬᠤᠭᠤᠴᠠᠭᠠᠨ ᠤ ᠦᠢᠯᠡᠳᠪᠦᠷᠢᠯᠡᠯ ᠠᠮᠢᠳᠣᠷᠠᠯ ᠤᠨ ᠶᠠᠪᠣᠴᠠ ᠳᠤ ᠪᠠᠨ ᠬᠡᠬᠦᠦ ᠶᠢᠨ ᠰᠠᠭᠠᠮ᠎ᠠ ᠶᠢ ᠣᠯᠠᠮᠵᠢᠯᠠᠯᠳᠣ ᠠᠷᠭ᠎ᠠ ᠪᠠᠷ ᠡᠳ᠋ᠰᠢᠬᠦᠯᠦᠨ ᠬᠦᠷᠦᠩᠭᠡᠵᠢᠬᠦᠯᠵᠦ᠂ ᠪᠣᠯᠪᠠᠰᠣᠷᠠᠭᠤᠯᠣᠨ ᠭᠠᠷᠭᠠᠵᠣ ᠪᠠᠶᠢᠭᠰᠠᠨ ᠲᠡᠣᠭᠡ ᠶᠢᠨ ᠲᠡᠮᠳᠡᠭᠯᠡᠯ ᠲᠠᠢ ᠶᠣᠮᠰᠠᠨ᠃      ᠲᠡᠶᠢᠮᠣ ᠪᠠᠷ ᠴᠡᠭᠡ ᠶᠢᠨ ᠵᠠᠰᠠᠯ ᠨᠢ ᠮᠣᠩᠭᠤᠯᠴᠣᠳ ᠤᠨ ᠠᠨᠠᠭᠠᠬᠤ ᠣᠬᠠᠭᠠᠨ᠂ ᠲᠡᠷᠡᠴᠢᠯᠡᠨ ᠬᠦᠮᠦᠨ ᠲᠦᠷᠦᠯᠬᠢᠳᠡᠨ ᠤ ᠡᠮ ᠡᠮᠨᠡᠯᠬᠡ ᠶᠢᠨ ᠣᠬᠠᠭᠠᠨ ᠤ ᠦᠨᠢ ᠣᠳᠠᠭᠠᠨ ᠲᠡᠣᠬᠡ ᠶᠢᠨ ᠡᠬᠢ ᠰᠣᠷᠪᠣᠯᠵᠢ ᠲᠠᠢ ᠪᠢᠯᠡ᠃ ᠲᠡᠷᠡ ᠨᠢ᠂ ᠰᠦᠨ ᠣᠮᠳᠠᠭᠠᠨ ᠤ ᠲᠦᠷᠦᠯ ᠵᠦᠢᠯ ᠳᠤ ᠪᠠᠭᠳᠠᠵᠣ᠂ ᠮᠣᠩᠭᠤᠯ ᠠᠨᠠᠭᠠᠬᠤ ᠣᠬᠠᠭᠠᠨ ᠤ ᠬᠦᠭᠵᠢᠯᠳᠡ ᠶᠢ ᠲᠠᠭᠠᠯᠳᠣᠨ ᠢᠳᠡᠭᠡᠨ ᠣᠮᠳᠠᠭᠠᠨ ᠤ ᠵᠠᠰᠠᠯᠭ᠎ᠠ ᠪᠣᠯᠵᠣ ᠬᠦᠭᠵᠢᠭᠰᠡᠨ ᠪᠠᠶᠢᠨ᠎ᠠ᠃ ᠭᠤᠣᠯᠳᠠᠭᠤ ᠬᠡᠳᠡᠰᠦᠨ ᠤ ᠠᠷᠬᠠᠭ᠂ ᠰᠢᠩᠭᠡᠭᠡᠯᠳᠡ ᠶᠢᠨ ᠰᠢᠰᠲ᠋ᠧᠮ ᠤᠨ ᠰᠢᠷᠬᠠᠯᠠᠭ᠎ᠠ᠂ ᠬᠤᠳᠣᠭᠤᠳᠣᠨ ᠤ ᠪᠣᠷᠣ᠂ ᠠᠭᠤᠰᠬᠢᠨ ᠤ ᠰᠦᠷᠢᠶ᠎ᠡ᠂ ᠴᠢᠰᠣᠨ ᠲᠡᠷᠣᠯᠳᠡ ᠦᠨᠳᠣᠷ᠂ ᠵᠢᠷᠣᠭᠡᠨ ᠤ ᠲᠢᠳᠢᠮᠯᠢᠭ ᠰᠣᠳᠠᠯ ᠤᠨ ᠬᠠᠳᠠᠭᠤᠷᠠᠯ᠂ ᠴᠢᠰᠦ ᠡᠪᠳᠡᠷᠡᠬᠦ ᠡᠪᠡᠳᠴᠢᠨ᠂ ᠯᠣᠭᠰᠢᠭᠤᠨ ᠰᠣᠳᠠᠯ ᠤᠨ ᠬᠠᠳᠠᠭᠤᠷᠠᠯ᠂ ᠴᠢᠰᠦ ᠲᠣᠳᠠᠬᠤ ᠡᠪᠡᠳᠴᠢᠨ᠂ ᠰᠠᠷ᠎ᠠ ᠶᠢᠨ ᠭᠬᠢᠷ ᠲᠡᠭᠰᠢ ᠪᠣᠰᠦ᠂ ᠱᠠᠮᠪᠠᠷᠠᠮ᠂ ᠬᠤᠷᠭᠤᠰᠣ ᠬᠠᠳᠠᠬᠤ᠂ ᠮᠡᠳᠡᠷᠡᠯ ᠤᠨ ᠴᠢᠨᠠᠷᠳᠠᠢ ᠲᠣᠯᠣᠭᠠᠢ ᠡᠪᠡᠳᠬᠦ᠂ ᠨᠠᠰᠣᠳᠠᠶᠢᠴᠣᠣᠯ ᠤᠨ ᠬᠦᠯ ᠨᠢᠷᠣᠭᠤ ᠡᠪᠡᠳᠬᠦ᠂ ᠰᠢᠬᠢᠷ ᠰᠢᠵᠢᠩ ᠡᠪᠡᠳᠴᠢᠨ᠂ ᠮᠡᠳᠡᠷᠡᠯ ᠤᠨ ᠳᠤᠷᠤᠶᠢᠳᠠᠯ᠂ ᠪᠠᠮ ᠡᠪᠡᠳᠴᠢᠨ᠂ ᠣᠰᠣᠨ ᠬᠠᠪᠦᠩ ᠵᠡᠷᠭᠡ ᠡᠪᠡᠳᠴᠢᠨ ᠢ ᠵᠠᠰᠠᠳᠠᠭ ᠬᠡᠵᠣ ᠲᠡᠮᠳᠡᠭᠯᠡᠵᠦ ᠪᠣᠢ᠃        ᠡᠶᠢᠮᠣ ᠪᠠᠷ ᠴᠡᠭᠡ ᠶᠢᠨ ᠦᠢᠯᠡᠳᠣᠯ ᠮᠠᠰᠢ ᠣᠯᠠᠨ ᠪᠠᠶᠢᠳᠠᠭ᠃ ᠴᠡᠭᠡ ᠨᠢ ᠰᠡᠩᠬᠢᠨᠡᠮ᠎ᠡ ᠰᠣᠷᠭᠤᠭ ᠢᠰᠬᠦᠯᠡᠩ ᠠᠮᠳᠠ ᠲᠠᠢ᠂ ᠡᠭᠡᠬᠦᠯᠢᠭ ᠮᠦᠷᠳᠡᠭᠡᠨ ᠪᠦᠯᠢᠶᠡᠨ ᠴᠢᠨᠠᠷ ᠲᠠᠢ ᠣᠨᠴᠠᠯᠢᠭ ᠢᠶᠠᠷ ᠢᠶᠠᠨ ᠮᠣᠩᠭᠤᠯ ᠡᠮ ᠤᠨ ᠬᠦᠯᠭᠡ ᠪᠣᠯᠵᠣ ᠬᠦᠮᠦᠨ ᠤ ᠪᠡᠶ᠎ᠡ ᠶᠢᠨ ᠢᠯᠴᠢ ᠶᠢ ᠰᠡᠯᠪᠢᠨ᠂ ᠢᠳᠡᠭᠡᠨ ᠤ ᠲᠣᠷᠠᠰᠢᠯ ᠢ ᠨᠡᠭᠡᠭᠡᠵᠣ᠂ ᠰᠢᠩᠭᠡᠭᠡᠯᠳᠡ ᠶᠢ ᠰᠠᠶᠢᠵᠢᠷᠠᠭᠤᠯᠣᠨ᠂ ᠲᠠᠮᠢᠷ ᠬᠦᠴᠦ ᠶᠢ ᠨᠡᠮᠡᠭᠳᠡᠬᠦᠯᠵᠦ᠂ ᠪᠡᠶ᠎ᠡ ᠶᠢ ᠲᠦᠯᠵᠢᠬᠦᠯᠦᠨ᠂ ᠰᠢᠷᠬ᠎ᠠ ᠶᠢ ᠠᠨᠠᠭᠠᠵᠣ᠂ ᠦᠩᠬᠡ ᠭᠠᠯᠪᠢᠷ ᠢ ᠲᠣᠳᠣᠷᠠᠭᠤᠯᠣᠨ᠂ ᠦᠭᠡᠭᠦ ᠶᠢ ᠰᠢᠭᠤᠷᠠᠭᠤᠯᠵᠣ᠂ ᠬᠠᠭᠠᠭᠳᠠᠭᠰᠠᠨ ᠢ ᠨᠡᠪᠳᠡᠷᠡᠬᠦᠯᠬᠦ ᠦᠢᠯᠡᠳᠣᠯ ᠲᠠᠢ᠂ ᠲᠡᠷᠡᠴᠢᠯᠡᠨ ᠴᠡᠭᠡ ᠳᠤ ᠣᠯᠠᠨ ᠵᠦᠢᠯ ᠤᠨ ᠢᠳᠡᠪᠬᠢ ᠴᠢᠨᠠᠷ ᠲᠠᠢ ᠠᠰᠢᠭᠳᠣ ᠪᠦᠷᠢᠯᠳᠣᠬᠦᠨ ᠠᠭᠤᠯᠣᠭᠳᠠᠵᠣ ᠪᠠᠶᠢᠳᠠᠭ ᠢᠶᠠᠷ ᠢᠶᠠᠨ ᠠᠭᠤᠰᠬᠢ ᠶᠢᠨ ᠠᠷᠬᠠᠭ᠂ ᠣᠳᠠᠭᠠᠨ ᠴᠢᠨᠠᠷᠳᠠᠢ ᠬᠤᠳᠣᠭᠤᠳᠣᠨ ᠦᠷᠪᠢᠰᠦᠯ᠂ ᠮᠡᠳᠡᠷᠡᠯ ᠤᠨ ᠴᠢᠨᠠᠷᠳᠠᠢ ᠬᠤᠳᠣᠭᠤᠳᠣ ᠭᠡᠳᠡᠰᠦᠨ ᠤ ᠠᠵᠢᠯᠯᠠᠭ᠎ᠠ ᠰᠠᠮᠠᠭᠤᠷᠠᠬᠤ᠂ ᠬᠦᠯ ᠨᠢᠷᠣᠭᠤᠨ ᠤ ᠬᠤᠶᠠᠩ ᠰᠢᠷ᠎ᠠ ᠣᠰᠣ ᠵᠡᠷᠭᠡ ᠶᠢ ᠡᠮᠴᠢᠯᠡᠬᠦ ᠳᠤ ᠲᠦᠢᠯ ᠤᠨ ᠴᠢᠬᠤᠯᠠ ᠦᠢᠯᠡᠳᠣᠯ ᠪᠠ ᠠᠴᠢ ᠲᠣᠰᠠ ᠲᠠᠢ ᠪᠠᠶᠢᠬᠤ ᠶᠢ ᠮᠣᠩᠭᠤᠯ ᠡᠮ ᠡᠮᠨᠡᠯᠬᠡ ᠶᠢᠨ ᠠᠨᠠᠭᠠᠬᠤ ᠣᠬᠠᠭᠠᠨ ᠲᠣᠳᠣᠷᠬᠠᠢ ᠢᠯᠡᠷᠡᠬᠦᠯᠵᠡᠢ᠃      ᠮᠣᠩᠭᠤᠯᠴᠣᠳ ᠠᠩᠬᠠᠨ ᠠᠴᠠ ᠪᠠᠨ ᠠᠨᠠᠭᠠᠬᠤ ᠣᠬᠠᠭᠠᠨ ᠤ ᠠᠷᠭ᠎ᠠ ᠳᠤ ᠠᠰᠢᠭᠯᠠᠵᠣ ᠪᠠᠶᠢᠭᠰᠠᠨ ᠴᠡᠭᠡ ᠨᠢ ᠣᠳᠣ ᠬᠠᠷᠢᠨ ᠵᠢᠭᠤᠯᠴᠢᠯᠠᠯ ᠪᠣᠶᠣ ᠵᠠᠬ᠎ᠠ ᠲᠡᠯᠭᠡᠭᠦᠷ ᠤᠨ ᠬᠡᠷᠡᠭᠴᠡᠭᠡ ᠪᠠᠷ ᠵᠣᠴᠢᠨ ᠲᠠᠶᠢᠯᠠᠬᠤ ᠳᠤ ᠵᠣᠷᠢᠭᠤᠯᠣᠯᠳᠠ ᠲᠠᠢ ᠬᠤᠭᠤᠯᠠᠨ ᠭᠡᠷ ᠤᠨ ᠰᠢᠷᠡᠭᠡᠨ ᠲᠡᠭᠡᠷ᠎ᠡ ᠢᠯᠡᠷᠡᠬᠦ ᠨᠢ ᠣᠯᠠᠰᠢᠷᠠᠬᠤ ᠬᠠᠨᠳᠣᠰᠢ ᠲᠠᠢ ᠪᠣᠯᠪᠠ᠃ ᠲᠡᠭᠡᠪᠡᠯ᠂ ᠬᠤᠵᠢᠮ ᠴᠡᠭᠡ ᠶᠢ ᠬᠡᠷᠭᠢᠨ ᠠᠰᠢᠭᠯᠠᠪᠠᠯ ᠲᠡᠬᠦᠨ ᠤ ᠣᠣᠯ ᠦᠢᠯᠡᠳᠣᠯ ᠢ ᠨᠡᠩ ᠬᠦᠢᠴᠡᠳ ᠪᠠᠳᠠᠷᠠᠭᠤᠯᠵᠣ ᠴᠢᠳᠠᠬᠤ ᠪᠣᠢ᠃ ᠮᠡᠬᠦᠰ ᠬᠦᠮᠦᠨ ᠤ ᠮᠦᠴᠢᠳᠭᠡᠨ ᠦᠵᠡᠯᠳᠡ ᠪᠠᠷ ᠬᠡᠬᠦᠦ ᠶᠢᠨ ᠰᠦ ᠶᠢ ᠨᠣᠳᠤᠭ ᠤᠨ ᠣᠯᠠᠮᠵᠢᠯᠠᠯᠳᠣ ᠠᠷᠭ᠎ᠠ ᠪᠠᠷ ᠪᠣᠯᠪᠠᠰᠣᠷᠠᠭᠤᠯᠵᠣ᠂ ᠲᠠᠷᠠᠴᠢᠯᠠᠨ ᠣᠳᠠᠴᠢ ᠡᠮᠴᠢ ᠶᠢᠨ ᠵᠢᠯᠣᠭᠤᠳᠣᠯᠭ᠎ᠠ ᠪᠠᠷ ᠮᠣᠩᠭᠤᠯ ᠡᠮ ᠬᠠᠪᠰᠣᠷᠭᠠᠨ ᠴᠡᠭᠡ ᠣᠣᠭᠤᠪᠠᠯ᠂ ᠣᠯᠠᠨ ᠲᠦᠷᠦᠯ ᠤᠨ ᠡᠪᠡᠳᠴᠢᠨ ᠡᠮᠬᠡᠭ ᠢ ᠠᠨᠠᠭᠠᠬᠤ ᠮᠣᠨᠳᠠᠭ ᠶᠡᠭᠡ ᠰᠢᠨᠵᠢᠯᠡᠬᠦ ᠣᠬᠠᠭᠠᠨ ᠮᠦᠨ ᠬᠡᠭᠴᠢ ᠶᠢ ᠮᠣᠩᠭᠤᠯᠴᠣᠳ ᠤᠨ ᠠᠮᠢᠳᠣᠷᠠᠯ ᠤᠨ ᠶᠠᠪᠣᠴᠠ ᠳᠠᠬᠢ ᠡᠬᠦᠳᠦᠭᠰᠡᠨ ᠲᠡᠣᠭᠡ ᠶᠢᠨ ᠲᠣᠷᠰᠢᠯᠭ᠎ᠠ ᠬᠦᠮᠦᠰ ᠲᠤ ᠨᠢᠬᠡ ᠶᠣᠰᠣᠨ ᠤ ᠦᠨᠡᠨ ᠮᠠᠭᠠᠳ ᠨᠣᠳᠠᠯᠠᠯᠳᠠ ᠦᠭᠬᠦ ᠶᠤᠮ ᠬᠡᠳᠡᠭ ᠲᠤ ᠪᠠᠳᠣ ᠢᠳᠡᠭᠡᠯ ᠲᠠᠢ ᠪᠠᠶᠢᠨ᠎ᠠ᠃ ᠬᠡᠬᠦ ᠳᠤ᠂ ᠴᠡᠭᠡ ᠨᠢ ᠬᠦᠮᠣᠰ ᠤᠨ ᠪᠡᠶ᠎ᠡ ᠮᠠᠬᠠᠪᠣᠳ ᠲᠠᠬᠢ ᠡᠪᠡᠳᠴᠢᠨ ᠰᠡᠷᠬᠡᠶᠢᠯᠡᠬᠦ ᠴᠢᠳᠠᠮᠵᠢ ᠶᠢ ᠲᠡᠭᠡᠭᠰᠢᠯᠡᠬᠦᠯᠬᠦ ᠪᠠ ᠡᠯ᠎ᠡ ᠵᠦᠢᠯ ᠤᠨ ᠦᠮᠡᠨ ᠡᠪᠡᠳᠴᠢᠨ ᠡᠭᠦᠰᠬᠦ ᠠᠴᠠ ᠰᠡᠷᠬᠡᠶᠢᠯᠡᠬᠦ ᠲᠣᠬᠠᠢ ᠦᠢᠯᠡᠳᠣᠯ ᠢ ᠦᠨᠡᠮᠰᠢᠨ ᠲᠠᠨᠢᠵᠤ᠂ ᠴᠡᠭᠡ ᠶᠢᠨ ᠣᠯᠠᠮᠵᠢᠯᠠᠯᠳᠣ ᠣᠶᠢᠯᠡᠰ ᠢ ᠣᠯᠠᠮ ᠢᠶᠠᠷ ᠬᠦᠭᠵᠢᠬᠦᠯᠵᠦ᠂ ᠲᠡᠬᠦᠨ ᠤ ᠬᠡᠷᠡᠭᠴᠡᠭᠡ ᠶᠢ ᠣᠯᠠᠮᠵᠢᠯᠠᠯ ᠶᠣᠰᠣᠭᠠᠷ ᠠᠰᠢᠭᠯᠠᠬᠤ ᠶᠢ ᠪᠢᠳᠡᠭᠡᠢ ᠣᠮᠠᠷᠳᠠᠶ᠎ᠠ᠃
 
ᠢᠷᠡᠯᠲᠡ᠄ ᠤᠷᠳᠤᠰ ᠬᠤᠳᠠ ᠶᠢᠨ ᠠᠷᠠᠤᠨ ᠤᠨ ᠵᠠᠰᠠᠭ ᠤᠨ ᠤᠷᠳᠤᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号