ᠬᠤᠰᠢᠭᠤ ᠨᠠᠮ ᠤᠨ ᠬᠤᠷᠢᠶᠠᠨ ᠤ ᠠᠷᠪᠠᠳᠤᠭᠠᠷ ᠬᠤᠭᠤᠴᠠᠭᠠᠨ ᠤ 41 ᠳ᠋ᠤᠬᠡᠷ ᠤᠳᠠᠭᠠᠨ ᠤ ᠪᠠᠶᠢᠩᠭᠤ ᠶᠢᠨ ᠬᠤᠷᠢᠶᠠᠨ ᠤ ᠬᠤᠷᠠᠯ ᠬᠤᠷᠠᠯᠳᠤᠪᠠ
ᠨᠡᠶᠢᠲᠡᠯᠡᠭᠰᠡᠨ ᠴᠠᠭ᠄
2022/11/9
    11 ᠰᠠᠷ᠎ᠠ ᠶᠢᠨ 7 ᠤ ᠡᠳᠤᠷ᠂ ᠬᠤᠰᠢᠭᠤ ᠨᠠᠮ ᠤᠨ ᠬᠤᠷᠢᠶᠠᠨ ᠤ ᠱᠦᠵᠢ ᠸᠠᠩ ᠢᠦᠢ ᠴᠢᠶᠠᠩ ᠬᠤᠰᠢᠭᠤ ᠨᠠᠮ ᠤᠨ ᠬᠤᠷᠢᠶᠠᠨ ᠤ ᠠᠷᠪᠠᠳᠤᠭᠠᠷ ᠬᠤᠭᠤᠴᠠᠭᠠᠨ ᠤ 41 ᠳ᠋ᠤᠬᠡᠷ ᠤᠳᠠᠭᠠᠨ ᠤ ᠪᠠᠶᠢᠩᠭᠤ ᠶᠢᠨ ᠬᠤᠷᠢᠶᠠᠨ ᠤ ᠬᠤᠷᠠᠯ ᠢ ᠡᠷᠬᠢᠯᠡᠨ ᠬᠤᠷᠠᠯᠳᠤᠭᠤᠯᠪᠠ᠃     ᠬᠤᠷᠠᠯ ᠠᠴᠠ ᠳᠤᠮᠳᠠᠳᠤ ᠤᠯᠤᠰ ᠤᠨ ᠡᠪ ᠬᠠᠮᠳᠤ ᠨᠠᠮ ᠤᠨ ᠲᠦᠪ ᠬᠤᠷᠢᠶ᠎ᠠ ᠶᠢᠨ ᠤᠯᠤᠰ ᠲᠦᠷᠤ ᠶᠢᠨ ᠳᠤᠪᠴᠢᠶ᠎ᠠ ᠶᠢᠨ ᠬᠤᠷᠠᠯ ᠤᠨ ᠵᠤᠷᠢᠭ ᠰᠠᠨᠠᠭ᠎ᠠ᠂ ᠶᠡᠷᠤᠩᠬᠡᠢ ᠱᠦᠵᠢ ᠰᠢ ᠶᠢᠨ ᠫᠢᠩ ᠤᠨ ᠴᠢᠬᠤᠯᠠ ᠶᠠᠷᠢᠶ᠎ᠠ᠂ ᠴᠢᠬᠤᠯᠠ ᠵᠢᠭᠠᠪᠤᠷᠢ᠂ ᠴᠢᠬᠤᠯᠠ ᠦᠬᠦᠯᠡᠯ ᠤᠨ ᠵᠤᠷᠢᠭ ᠰᠠᠨᠠᠭ᠎ᠠ ᠦᠪᠡᠷᠳᠡᠬᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠱᠦᠵᠢ ᠰᠦᠨ ᠱᠣᠣ ᠴᠧᠩ ᠤᠨ ᠬᠠᠮᠢᠶ᠎ᠠ ᠪᠦᠬᠦᠢ ᠶᠠᠷᠢᠶᠠᠨ ᠤ ᠵᠤᠷᠢᠭ ᠰᠠᠨᠠᠭ᠎ᠠ᠂ ᠬᠤᠳᠠ ᠶᠢᠨ ᠨᠠᠮ  ᠤᠨ ᠬᠤᠷᠢᠶ᠎ᠠ ᠶᠢᠨ ᠱᠦᠵᠢ ᠯᠢ ᠯᠢ ᠶᠢᠨ ᠬᠠᠮᠢᠶ᠎ᠠ ᠪᠦᠬᠦᠢ ᠶᠠᠷᠢᠶᠠᠨ ᠤ ᠵᠤᠷᠢᠭ ᠰᠠᠨᠠᠭ᠎ᠠ ᠶᠢ ᠤᠯᠠᠮᠵᠢᠯᠠᠨ ᠰᠤᠷᠤᠯᠴᠠᠪᠠ᠃ ᠶᠡᠷᠤᠩᠬᠡᠢ ᠱᠦᠵᠢ ᠶᠢᠨ ᠴᠢᠬᠤᠯᠠ ᠶᠠᠷᠢᠶ᠎ᠠ᠂ ᠴᠢᠬᠤᠯᠠ ᠵᠢᠭᠠᠪᠤᠷᠢ᠂ ᠴᠢᠬᠤᠯᠠ ᠦᠬᠦᠯᠡᠯ ᠤᠨ ᠵᠤᠷᠢᠭ ᠰᠠᠨᠠᠭ᠎ᠠ ᠪᠠ ᠰᠦᠨ ᠱᠣᠣ ᠴᠧᠩ ᠱᠦᠵᠢ᠂ ᠯᠢ ᠯᠢ ᠱᠦᠵᠢ ᠶᠢᠨ ᠬᠠᠮᠢᠶ᠎ᠠ ᠪᠦᠬᠦᠢ ᠶᠠᠷᠢᠶᠠᠨ ᠤ ᠵᠤᠷᠢᠭ ᠰᠠᠨᠠᠭ᠎ᠠ ᠶᠢ ᠬᠦᠨᠵᠡᠬᠡᠢ ᠰᠤᠷᠤᠯᠴᠠᠵᠤ ᠬᠢᠨᠠᠮᠠᠭᠠᠢ ᠰᠤᠳᠤᠯᠤᠨ᠂ ᠳᠡᠬᠦᠨ ᠤ ᠵᠤᠷᠢᠭ ᠰᠠᠨᠠᠭᠠᠨ ᠤ ᠮᠦᠨ ᠴᠢᠨᠠᠷ ᠪᠠ ᠭᠤᠤᠯ ᠠᠭᠤᠯᠭ᠎ᠠ ᠶᠢ ᠬᠦᠨᠵᠡᠬᠡᠢ ᠤᠶᠢᠯᠠᠭᠠᠵᠤ᠂ ᠰᠢ ᠶᠢᠨ ᠫᠢᠩ ᠤᠨ ᠰᠢᠨ᠎ᠠ ᠴᠠᠭ ᠦᠶ᠎ᠡ ᠶᠢᠨ ᠳᠤᠮᠳᠠᠳᠤ ᠤᠯᠤᠰ ᠤᠨ ᠤᠨᠴᠠᠯᠢᠭᠳᠤ ᠨᠠᠶᠢᠬᠡᠮ ᠵᠢᠷᠤᠮ ᠤᠨ ᠦᠵᠡᠯ ᠰᠠᠨᠠᠭ᠎ᠠ ᠪᠠᠷ ᠳᠠᠷᠢᠬᠢ ᠳᠤᠯᠤᠭᠠᠢ ᠪᠠᠨ ᠵᠡᠪᠰᠡᠭᠯᠡᠨ᠂ ᠤᠶᠢᠯᠡᠳᠤᠯᠬᠡ ᠪᠠᠨ ᠵᠢᠯᠤᠭᠤᠳᠤᠭᠤᠯᠵᠤ᠂ ᠠᠵᠢᠯ ᠢᠶᠠᠨ ᠠᠬᠢᠭᠤᠯᠬᠤ ᠶᠢ ᠭᠤᠶᠢᠪᠢᠰᠢ ᠦᠬᠡᠢ ᠪᠠᠷᠢᠮᠳᠠᠯᠠᠨ᠂ ᠡᠯ᠎ᠡ ᠲᠦᠷᠤᠯ ᠤᠨ ᠰᠢᠢᠤᠨᠪᠤᠷᠢᠳᠤ ᠪᠠᠶᠢᠷᠢᠯᠠᠭᠤᠯᠤᠯᠳᠠ ᠶᠢ ᠯᠠᠪᠳᠠᠭᠤᠨ ᠪᠠᠳᠤᠳᠠᠢ ᠨᠠᠶᠢᠳᠠᠪᠤᠷᠢᠵᠢᠭᠤᠯᠵᠤ᠂ ᠶᠡᠷᠤᠩᠬᠡᠢ ᠱᠦᠵᠢ ᠰᠢ ᠶᠢᠨ ᠫᠢᠩ ᠤᠨ ᠦᠪᠤᠷ ᠮᠤᠩᠭᠤᠯ ᠳᠤ ᠳᠤᠰᠢᠶᠠᠭᠰᠡᠨ ᠳᠠᠪᠤᠨ ᠶᠡᠭᠡ ᠡᠬᠦᠷᠬᠡ ᠶᠢ ᠪᠦᠬᠦ ᠬᠦᠴᠤᠨ ᠢᠶᠠᠷ ᠰᠠᠶᠢᠳᠤᠷ ᠪᠡᠶᠡᠯᠡᠬᠦᠯᠤᠨ᠂ ᠨᠠᠩ ᠴᠢᠷᠮᠠᠶᠢᠯᠭ᠎ᠠ ᠲᠠᠢ ᠪᠦᠳᠤᠮᠵᠢᠳᠠᠢ ᠤᠪᠤᠷ ᠢᠶᠠᠷ ︽ᠲᠦᠷᠪᠡᠨ ᠤᠷᠤᠨ︾ ᠤ ᠪᠠᠶᠢᠭᠤᠯᠤᠯᠳᠠ ᠶᠢ ᠠᠬᠢᠭᠤᠯᠵᠤ᠂ ᠳᠤᠮᠳᠠᠳᠤ ᠤᠯᠤᠰ ᠤᠨ ᠤᠳᠤᠬᠢᠴᠢᠯᠠᠯᠳᠠ ᠶᠢ ᠠᠬᠢᠭᠤᠯᠬᠤ ᠰᠢᠨ᠎ᠠ ᠠᠶᠠᠨ ᠳᠤ ᠤᠳᠤᠭ ᠤᠨ ᠡᠮᠤᠨᠡᠳᠤ ᠬᠤᠰᠢᠭᠤᠨ ᠤ ᠡᠬᠦᠷᠬᠡᠯᠡᠯ ᠢᠶᠠᠨ ᠢᠯᠡᠷᠡᠬᠦᠯᠤᠨ᠂ ᠤᠳᠤᠭ ᠤᠨ ᠡᠮᠤᠨᠡᠳᠤ ᠬᠤᠰᠢᠭᠤᠨ ᠤ ᠬᠦᠴᠤᠨ ᠴᠢᠳᠠᠯ ᠢᠶᠠᠨ ᠡᠷᠬᠦᠬᠦ ᠬᠡᠷᠡᠭᠳᠠᠢ ᠬᠡᠵᠤ ᠴᠢᠬᠤᠯᠠᠴᠢᠯᠠᠭᠰᠡᠨ ᠪᠠᠶᠢᠨ᠎ᠠ᠃     ᠬᠤᠷᠠᠯ ᠠᠴᠠ ᠶᠡᠷᠤᠩᠬᠡᠢ ᠱᠦᠵᠢ ᠰᠢ ᠶᠢᠨ ᠫᠢᠩ ᠤᠨ ᠤᠶᠢᠷ᠎ᠠ ᠶᠢᠨ ᠡᠳᠤᠷ ᠤᠨ ᠠᠶᠤᠯᠬᠦᠢ ᠤᠶᠢᠯᠡᠤᠨᠪᠤᠷᠢᠯᠡᠯ  ᠤᠨ ᠴᠢᠬᠤᠯᠠ ᠵᠢᠭᠠᠪᠤᠷᠢ ᠶᠢᠨ ᠵᠤᠷᠢᠭ ᠰᠠᠨᠠᠭ᠎ᠠ᠂ ᠶᠡᠷᠤᠩᠬᠡᠢ ᠰᠠᠶᠢᠤᠨ ᠯᠢ ᠺᠧ ᠴᠢᠶᠠᠩ ᠤᠨ ᠴᠤᠬᠤᠯᠠᠪᠤᠷᠢ ᠶᠢᠨ ᠱᠠᠭᠠᠷᠳᠠᠯᠭ᠎ᠠ᠂ ᠪᠦᠬᠦ ᠤᠯᠤᠰ ᠤᠨ ᠠᠶᠤᠯᠬᠦᠢ ᠤᠶᠢᠯᠡᠤᠨᠪᠤᠷᠢᠯᠡᠯ ᠤᠨ ᠲᠧᠯᠸᠢᠰ ᠤᠳᠠᠰᠤᠳᠤ ᠬᠤᠷᠠᠯ ᠤᠨ ᠵᠤᠷᠢᠭ ᠰᠠᠨᠠᠭ᠎ᠠ ᠶᠢ ᠤᠯᠠᠮᠵᠢᠯᠠᠨ ᠰᠤᠷᠤᠯᠴᠠᠪᠠ᠃ ᠬᠤᠷᠠᠯ ᠠᠴᠠ᠂ ᠠᠶᠤᠯᠬᠦᠢ ᠤᠶᠢᠯᠡᠤᠨᠪᠤᠷᠢᠯᠡᠯ ᠢ ᠠᠤᠨᠬᠤᠵᠤ ᠪᠠᠶᠢᠭ᠎ᠠ ᠪᠤᠯ ᠳᠠᠷᠤᠢ ᠬᠦᠭᠵᠢᠯᠳᠠ ᠶᠢ ᠠᠤᠨᠬᠤᠵᠤ ᠪᠠᠶᠢᠭ᠎ᠠ ᠶᠠᠪᠤᠳᠠᠯ ᠪᠤᠯᠤᠨ᠎ᠠ᠂ ᠤᠶᠢᠷ᠎ᠠ ᠶᠢᠨ ᠬᠤᠭᠤᠴᠠᠭᠠᠨ ᠤ ᠠᠶᠤᠯᠬᠦᠢ ᠤᠶᠢᠯᠡᠤᠨᠪᠤᠷᠢᠯᠡᠯ ᠤᠨ ᠬᠡᠨᠡᠳᠡᠯ ᠠᠴᠠ ᠬᠦᠨᠵᠡᠬᠡᠢ ᠰᠤᠷᠭᠠᠮᠵᠢ ᠠᠪᠴᠤ᠂ ᠲᠦᠪ ᠤᠨ ᠴᠢᠬᠤᠯᠠ ᠵᠢᠭᠠᠪᠤᠷᠢ ᠶᠢᠨ ᠵᠤᠷᠢᠭ ᠰᠠᠨᠠᠭ᠎ᠠ ᠶᠢ ᠬᠢᠨᠠᠮᠠᠭᠠᠢ ᠤᠶᠢᠯᠠᠭᠠᠨ᠂ ᠠᠶᠤᠯᠬᠦᠢ ᠤᠶᠢᠯᠡᠤᠨᠪᠤᠷᠢᠯᠡᠯ ᠢ ᠨᠢᠬᠡ ᠲᠦᠷᠤᠯ ᠤᠨ ᠴᠢᠬᠤᠯᠠ ᠤᠯᠤᠰ ᠲᠦᠷᠤ  ᠶᠢᠨ ᠬᠠᠷᠢᠭᠤᠴᠠᠯᠭ᠎ᠠ ᠪᠤᠯᠭᠠᠨ ᠡᠬᠦᠷᠬᠡᠯᠡᠵᠤ᠂ ︽ᠠᠵᠢᠯ ᠲᠦᠷᠤᠯ ᠢ ᠬᠠᠮᠢᠶᠠᠷᠬᠤ ᠳᠤ ᠡᠷᠬᠡᠪᠰᠢ ᠠᠮᠤᠷ ᠲᠦᠪᠰᠢᠨ ᠢ ᠬᠠᠮᠢᠶᠠᠷᠬᠤ᠂ ᠳᠤᠬᠠᠶᠢᠯᠠᠭᠰᠡᠨ ᠠᠵᠢᠯ ᠢ ᠬᠠᠮᠢᠶᠠᠷᠬᠤ ᠳᠤ ᠡᠷᠬᠡᠪᠰᠢ ᠠᠮᠤᠷ ᠲᠦᠪᠰᠢᠨ ᠢ ᠬᠠᠮᠢᠶᠠᠷᠬᠤ᠂ ᠤᠶᠢᠯᠡᠤᠨᠪᠤᠷᠢᠯᠡᠯ ᠡᠵᠡᠩᠨᠡᠯᠳᠠ ᠶᠢ ᠬᠠᠮᠢᠶᠠᠷᠬᠤ ᠳᠤ ᠡᠷᠬᠡᠪᠨᠰᠢ ᠠᠮᠤᠷ ᠲᠦᠪᠰᠢᠨ ᠢ ᠬᠠᠮᠢᠶᠠᠷᠬᠤ︾ ᠶᠢ ᠪᠠᠷᠢᠮᠳᠠᠯᠠᠨ᠂ ᠪᠦᠬᠦ ᠬᠤᠰᠢᠭᠤᠨ ᠤ ᠨᠠᠶᠢᠬᠡᠮ ᠤᠨ ᠪᠦᠬᠦ ᠳᠠᠯ᠎ᠠ ᠶᠢᠨ ᠠᠮᠤᠷ ᠳᠤᠭᠳᠠᠭᠤᠨ ᠢ ᠪᠦᠬᠦ ᠬᠦᠴᠤᠨ ᠢᠶᠠᠷ ᠪᠠᠳᠤᠯᠠᠬᠤ ᠬᠡᠷᠡᠭᠳᠠᠢ ᠬᠡᠵᠤ ᠵᠢᠭᠠᠭᠰᠡᠨ ᠪᠠᠶᠢᠨ᠎ᠠ᠃     ᠬᠤᠷᠠᠯ ᠠᠴᠠ ︽ᠤᠳᠤᠷᠢᠤᠨᠬᠤ ᠺᠠᠳ᠋ᠷ ᠤᠨ ᠳᠤᠰᠢᠶᠠᠯ ᠳᠤ ᠳᠡᠪᠰᠢᠵᠤ ᠪᠤᠯᠬᠤ ᠮᠦᠷᠳᠡᠬᠡᠨ ᠳᠤᠰᠢᠶᠠᠯ ᠠᠴᠠ  ᠪᠠᠨ ᠪᠠᠭᠤᠵᠤ ᠪᠤᠯᠬᠤ ᠶᠢ ᠠᠬᠢᠭᠤᠯᠬᠤ ᠳᠤᠭᠳᠠᠭᠠᠯ︾᠂ ︽ᠨᠠᠮ ᠶᠢᠨ ᠳᠤᠳᠤᠭᠠᠳᠤᠬᠢ ᠤᠯᠤᠰ ᠲᠦᠷᠤ ᠶᠢᠨ ᠠᠮᠢᠳᠤᠷᠠᠯ ᠢ ᠴᠢᠨᠠᠭᠰᠢᠳᠠ ᠴᠢᠩᠳᠡᠯᠡᠬᠦ ᠪᠠ ᠵᠢᠷᠤᠮᠵᠢᠭᠤᠯᠬᠤ ᠳᠤᠬᠠᠢ ᠠᠷᠭ᠎ᠠ ᠪᠠᠷᠢᠯ ᠨᠦᠭᠦᠳ︾᠂ ︽ᠺᠠᠳ᠋ᠷᠴᠤᠤᠨ  ᠤᠨ ᠠᠵᠢᠯ ᠬᠢᠨ ᠤᠶᠢᠯᠡᠰ ᠪᠦᠳᠤᠬᠡᠬᠦ ᠡᠬᠦᠷᠬᠡᠯᠡᠯᠳᠤ ᠠᠵᠢᠯᠯᠠᠭ᠎ᠠ ᠶᠢ ᠵᠤᠷᠢᠭᠵᠢᠭᠤᠯᠬᠤ ᠳᠤᠬᠠᠢ ᠬᠤᠷᠢᠨ ᠵᠤᠷᠪᠤᠰ ᠠᠷᠭ᠎ᠠ ᠠᠪᠴᠠᠯ︾ ᠵᠡᠷᠬᠡ ᠪᠢᠴᠢᠭ ᠮᠠᠲ᠋ᠧᠷᠢᠶᠡᠯ ᠤᠨ ᠵᠤᠷᠢᠭ ᠰᠠᠨᠠᠭ᠎ᠠ᠂ ᠦᠪᠡᠷᠬᠡᠨ᠎ᠡ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠱᠦᠵᠢ ᠰᠦᠨ ᠱᠣᠣ ᠴᠧᠩ ᠤᠨ ᠬᠠᠮᠢᠶ᠎ᠠ ᠪᠦᠬᠦᠢ ᠶᠠᠷᠢᠶᠠᠨ ᠤ ᠵᠤᠷᠢᠭ ᠰᠠᠨᠠᠭ᠎ᠠ ᠶᠢ ᠤᠯᠠᠮᠵᠢᠯᠡᠨ ᠰᠤᠷᠤᠯᠴᠠᠵᠤ᠂ ︽ᠺᠠᠳ᠋ᠷᠴᠤᠤᠨ ᠤᠨ ᠠᠵᠢᠯ ᠬᠢᠨ ᠤᠶᠢᠯᠡᠰ ᠪᠦᠳᠤᠬᠡᠬᠦ ᠡᠬᠦᠷᠬᠡᠯᠡᠯᠳᠤ ᠠᠵᠢᠯᠯᠠᠭ᠎ᠠ ᠶᠢ ᠵᠤᠷᠢᠭᠵᠢᠭᠤᠯᠬᠤ ᠳᠤᠬᠠᠢ ᠤᠳᠤᠭ ᠤᠨ ᠡᠮᠤᠨᠡᠳᠤ ᠬᠤᠰᠢᠭᠤᠨ ᠤ ᠠᠷᠪᠠᠨ ᠵᠢᠷᠭᠤᠭᠠᠨ ᠵᠤᠷᠪᠤᠰ ᠠᠷᠭ᠎ᠠ ᠠᠪᠴᠠᠯ︾ ᠢ ᠬᠢᠨᠠᠨ ᠵᠦᠪᠯᠡᠪᠡ᠃ ︽ᠠᠷᠭ᠎ᠠ ᠠᠪᠴᠠᠯ︾ ᠤᠨ ᠬᠠᠮᠢᠶ᠎ᠠ ᠪᠦᠬᠦᠢ ᠱᠠᠭᠠᠷᠳᠠᠯᠭ᠎ᠠ ᠶᠢ ᠺᠠᠳ᠋ᠷᠴᠤᠤᠨ ᠤᠨ ᠡᠩᠨᠡᠬᠡᠨ ᠤ ᠪᠠᠶᠢᠭᠤᠯᠤᠯᠳᠠ ᠶᠢᠨ ᠡᠯ᠎ᠡ ᠳᠠᠯ᠎ᠠ ᠳᠤ ᠠᠭᠤᠰᠤᠯᠴᠠᠭᠤᠯᠵᠤ᠂ ᠺᠠᠳ᠋ᠷᠴᠤᠤᠨ ᠤᠨ ᠡᠳᠤᠷ ᠳᠤᠳᠤᠮ ᠤᠨ ᠬᠦᠮᠤᠵᠢᠯ ᠬᠠᠮᠢᠶᠠᠷᠤᠯᠳᠠ ᠶᠢᠨ ᠡᠯ᠎ᠡ ᠭᠤᠭᠴᠤᠭ᠎ᠠ ᠳᠤ ᠳᠤᠤᠱᠯᠠᠭᠤᠯᠤᠨ᠂ ᠲᠦᠷᠤ ᠶᠢᠨ ᠪᠤᠳᠤᠯᠭ᠎ᠠ ᠶᠢ ᠬᠡᠷᠡᠭᠵᠢᠬᠦᠯᠬᠦ ᠶᠠᠪᠤᠴᠠ  ᠳᠠᠬᠢ ᠪᠡᠯᠡᠢ ᠴᠡᠭ᠂ ᠲᠦᠭᠵᠢᠮᠡᠯ ᠴᠡᠭ ᠢ ᠦᠨᠡᠨᠬᠦ ᠨᠡᠪᠳᠡᠷᠡᠬᠦᠯᠵᠤ᠂ ᠦᠷᠬᠡᠨ ᠤᠯᠠᠨ ᠺᠠᠳ᠋ᠷᠴᠤᠤᠨ ᠤᠨ ᠰᠢᠨ᠎ᠠ ᠴᠠᠭ ᠦᠶ᠎ᠡ ᠶᠢᠨ ᠤᠳᠤᠭ ᠤᠨ ᠡᠮᠤᠨᠡᠳᠤ ᠬᠤᠰᠢᠭᠤᠨ ᠤ ᠰᠢᠨ᠎ᠠ ᠠᠶᠠᠨ ᠳᠤ ᠡᠷᠡᠯᠬᠡᠭᠯᠡᠨ ᠤᠷᠤᠭᠰᠢᠯᠠᠵᠤ ᠤᠶᠢᠯᠡᠰ ᠪᠦᠳᠤᠬᠡᠨ ᠭᠠᠪᠢᠶ᠎ᠠ ᠪᠠᠶᠢᠭᠤᠯᠬᠤ ᠶᠢ ᠵᠤᠷᠢᠭᠵᠢᠭᠤᠯᠬᠤ ᠬᠡᠷᠡᠭᠳᠠᠢ ᠬᠡᠵᠤ ᠴᠢᠬᠤᠯᠠᠴᠢᠯᠠᠭᠰᠡᠨ ᠪᠠᠶᠢᠨ᠎ᠠ᠃     ᠬᠤᠷᠠᠯ ᠠᠴᠠ ᠬᠤᠳᠠ ᠶᠢᠨ ᠬᠤᠰᠢᠭᠤᠨ ᠤ ᠠᠵᠢᠯ ᠤᠨ ᠪᠦᠳᠤᠮᠵᠢ ᠶᠢ ᠬᠢᠨᠠᠨ ᠰᠢᠯᠭᠠᠬᠤ ᠬᠦᠢᠴᠡᠤᠨᠬᠡᠯ ᠳᠤᠭ᠎ᠠ  ᠶᠢ ᠪᠡᠶᠡᠯᠡᠬᠦᠯᠦᠭᠰᠡᠨ ᠪᠠᠶᠢᠳᠠᠯ ᠤᠨ ᠬᠠᠷᠢᠭᠤ ᠮᠡᠳᠡᠬᠦᠯᠤᠯᠳᠠ ᠶᠢ ᠰᠤᠨᠤᠰᠴᠤ᠂ ᠬᠠᠮᠢᠶ᠎ᠠ ᠪᠦᠬᠦᠢ ᠠᠵᠢᠯ ᠶᠢ ᠪᠠᠶᠢᠷᠢᠯᠠᠭᠤᠯᠤᠨ ᠳᠤᠬᠢᠷᠠᠭᠤᠯᠪᠠ᠃ ᠪᠠᠷᠢᠮᠵᠢᠶ᠎ᠠ ᠬᠦᠰᠦᠨᠦᠭᠳᠤ ᠲᠠᠢ ᠪᠦᠬᠦ ᠳᠠᠯ᠎ᠠ ᠪᠠᠷ ᠬᠠᠷᠭᠤᠭᠤᠯᠤᠨ᠂  ᠨᠠᠷᠢᠯᠢᠭ ᠤᠨᠤᠪᠴᠢᠳᠠᠢ ᠪᠠᠷ ᠲᠦᠷᠤᠯ ᠬᠤᠪᠢᠶᠠᠨ ᠲᠦᠷᠤ ᠶᠢᠨ ᠪᠤᠳᠤᠯᠭ᠎ᠠ ᠬᠡᠷᠡᠭᠵᠢᠬᠦᠯᠵᠤ᠂ ᠤᠨᠴᠠᠯᠢᠭᠳᠤ ᠬᠢᠯᠡᠰ ᠴᠡᠭ ᠢᠶᠠᠨ ᠬᠦᠨᠵᠡᠬᠡᠢ ᠠᠭᠤᠳᠠᠯᠠᠨ᠂ ᠨᠢᠬᠡ ᠬᠤᠪᠢ ᠬᠠᠨᠤᠮᠵᠢᠳᠠᠢ ᠠᠵᠢᠯ ᠤᠨ ᠬᠠᠭᠤᠳᠠᠰᠤ ᠳᠤᠰᠢᠶᠠᠬᠤ ᠪᠠᠷ ᠴᠢᠷᠮᠠᠶᠢᠬᠤ ᠬᠡᠷᠡᠭᠳᠠᠢ ᠬᠡᠵᠤ ᠴᠢᠬᠤᠯᠠᠴᠢᠯᠠᠭᠰᠡᠨ ᠪᠠᠶᠢᠨ᠎ᠠ᠃     ᠬᠤᠷᠠᠯ ᠠᠴᠠ ᠪᠦᠬᠦ ᠬᠤᠰᠢᠭᠤᠨ ᠤ ᠬᠢᠵᠢᠭ ᠤᠨ ᠪᠠᠶᠢᠳᠠᠯ ᠤᠨ ᠰᠡᠷᠬᠡᠶᠢᠯᠡᠯ ᠡᠵᠡᠮᠳᠡᠯ ᠤᠨ ᠠᠵᠢᠯ ᠤᠨ ᠬᠠᠷᠢᠭᠤ ᠮᠡᠳᠡᠬᠦᠯᠤᠯᠳᠠ ᠶᠢ ᠰᠤᠨᠤᠰᠴᠤ᠂ ᠬᠠᠮᠢᠶ᠎ᠠ ᠪᠦᠬᠦᠢ ᠠᠵᠢᠯ ᠢ ᠪᠠᠶᠢᠷᠢᠯᠠᠭᠤᠯᠤᠨ ᠳᠤᠬᠢᠷᠠᠭᠤᠯᠪᠠ᠃ ︽ᠬᠢᠵᠢᠭ  ᠤᠨ ᠪᠠᠶᠢᠳᠠᠯ ᠢ ᠰᠡᠷᠬᠡᠶᠢᠯᠡᠨ᠂ ᠠᠵᠤ ᠠᠬᠤᠢ ᠶᠢ ᠳᠤᠭᠳᠠᠭᠤᠨ ᠪᠠᠶᠢᠯᠭᠠᠵᠤ᠂ ᠠᠮᠤᠷ ᠲᠦᠪᠰᠢᠨ ᠢᠶᠠᠷ ᠬᠦᠭᠵᠢᠬᠦ︾ ᠱᠠᠭᠠᠷᠳᠠᠯᠭ᠎ᠠ ᠶᠢ ᠴᠢᠩᠭ᠎ᠠ ᠨᠠᠶᠢᠳᠠᠪᠤᠷᠵᠢᠭᠤᠯᠤᠨ᠂ ᠬᠢᠵᠢᠭ ᠤᠨ ᠪᠠᠶᠢᠳᠠᠯ ᠤᠨ ᠰᠡᠷᠬᠡᠶᠢᠯᠡᠯ ᠡᠵᠡᠮᠳᠡᠯ ᠤᠨ ᠴᠢᠬᠤᠯᠠ ᠴᠢᠨᠠᠷ᠂ ᠳᠤᠯᠭᠠᠮ᠎ᠠ ᠴᠢᠨᠠᠷ ᠶᠢ ᠬᠦᠢᠴᠡᠤᠨ ᠳᠠᠨᠢᠵᠤ᠂ ᠵᠤᠬᠢᠶᠠᠨ ᠪᠠᠶᠢᠭᠤᠯᠤᠯᠳᠠ ᠶᠢᠨ ᠤᠳᠤᠷᠢᠳᠤᠯᠭ᠎ᠠ ᠪᠠᠨ ᠦᠨᠡᠨᠬᠦ ᠴᠢᠩᠭᠠᠤᠨᠬᠠᠨ᠂ ᠪᠠᠴᠢᠮ ᠪᠠᠶᠢᠳᠠᠯ ᠢ ᠠᠷᠭᠠᠴᠠᠬᠤ ᠲᠦᠰᠤᠯ ᠢᠶᠠᠨ ᠤᠯᠠᠮ ᠨᠠᠷᠢᠯᠢᠭᠵᠢᠭᠤᠯᠵᠤ᠂ ᠬᠢᠵᠢᠭ ᠤᠨ ᠪᠠᠶᠢᠳᠠᠯ  ᠤᠨ ᠰᠡᠷᠬᠡᠶᠢᠯᠡᠯ ᠡᠵᠡᠮᠳᠡᠯ ᠤᠨ ᠬᠦᠮᠤᠰ ᠤᠨ ᠪᠠᠴᠢᠮ ᠪᠠᠶᠢᠳᠠᠯ ᠢ ᠠᠷᠭᠠᠴᠠᠬᠤ ᠨᠦᠬᠡᠴᠠ ᠬᠦᠮᠤᠷᠬᠡ ᠶᠢ ᠪᠠᠶᠢᠭᠤᠯᠤᠨ᠂ ᠬᠢᠵᠢᠭ ᠤᠨ ᠪᠠᠶᠢᠳᠠᠯ ᠤᠨ ᠰᠡᠷᠬᠡᠶᠢᠯᠡᠯ ᠡᠵᠡᠮᠳᠡᠯ ᠤᠨ ᠬᠠᠷᠢᠭᠤᠴᠠᠯᠭ᠎ᠠ ᠶᠢᠨ ᠰᠢᠰᠲ᠋ᠧᠮ ᠢ ᠳᠤᠭᠳᠠᠭᠠᠵᠤ᠂ ᠵᠠᠮ ᠬᠠᠷᠢᠯᠴᠠᠭᠠᠨ ᠤ ᠪᠤᠭᠤᠮᠳᠠ ᠶᠢᠨ ᠬᠠᠮᠢᠶᠠᠷᠤᠯᠳᠠ ᠶᠢ ᠴᠢᠩᠭᠠᠤᠨᠬᠠᠨ᠂ ᠬᠢᠵᠢᠭ ᠤᠨ ᠪᠠᠶᠢᠳᠠᠯ ᠤᠨ ᠰᠡᠷᠬᠡᠶᠢᠯᠡᠯ ᠡᠵᠡᠮᠳᠡᠯ ᠤᠨ ᠡᠯ᠎ᠡ ᠲᠦᠷᠤᠯ ᠤᠨ ᠠᠵᠢᠯ ᠢ ᠴᠢᠩᠭ᠎ᠠ ᠨᠠᠷᠢᠯᠢᠭ ᠪᠤᠳᠠᠳᠠᠢ ᠰᠠᠶᠢᠳᠤᠷ ᠠᠤᠨᠬᠤᠬᠤ ᠬᠡᠷᠡᠭᠳᠠᠢ ᠬᠡᠵᠤ ᠴᠢᠬᠤᠯᠠᠴᠢᠯᠠᠭᠰᠡᠨ ᠪᠠᠶᠢᠨ᠎ᠠ᠃     ᠬᠤᠷᠠᠯ ᠠᠴᠠ ᠪᠦᠬᠦ ᠬᠤᠰᠢᠭᠤᠨ ᠤ ︽ᠳᠠᠪᠤ ᠶᠢ ᠳᠤᠶᠢᠯᠪᠤᠷᠢᠳᠠᠢ ᠪᠠᠶᠢᠴᠠᠭᠠᠬᠤ︾ ᠠᠵᠢᠯ ᠤᠨ ᠬᠠᠷᠢᠭᠤ ᠮᠡᠳᠡᠬᠦᠯᠤᠯᠳᠠ ᠶᠢ ᠰᠤᠨᠤᠰᠴᠤ᠂ ᠠᠬᠢᠭᠤᠯᠬᠤ ᠠᠵᠢᠯ ᠢ ᠪᠠᠶᠢᠷᠢᠯᠠᠭᠤᠯᠤᠨ ᠳᠤᠬᠢᠷᠠᠭᠤᠯᠪᠠ᠃ ᠴᠠᠭ ᠬᠤᠭᠤᠴᠠᠭᠠᠯᠠᠨ ᠡᠬᠦᠷᠬᠡ ᠬᠠᠷᠢᠭᠤᠴᠠᠯᠭ᠎ᠠ ᠳᠤᠭᠳᠠᠭᠠᠵᠤ᠂ ᠰᠢᠢᠤᠨᠪᠤᠷᠢᠯᠡᠬᠦ ᠠᠷᠭ᠎ᠠ ᠪᠤᠳᠤᠯᠭ᠎ᠠ ᠪᠠ ᠪᠡᠶᠡᠯᠡᠬᠦᠯᠬᠦ ᠴᠠᠭ ᠬᠤᠭᠤᠴᠠᠭ᠎ᠠ ᠶᠤᠰᠤᠭᠠᠷ ᠴᠠᠭ ᠬᠤᠭᠤᠴᠠᠭ᠎ᠠ ᠪᠠᠨ ᠡᠵᠡᠮᠳᠡᠨ᠂ ᠠᠵᠢᠯ ᠤᠨ ᠠᠷᠭ᠎ᠠ ᠠᠪᠴᠠᠯ ᠢᠶᠠᠨ ᠨᠠᠷᠢᠯᠢᠭᠵᠢᠭᠤᠯᠵᠤ᠂ ᠵᠤᠬᠢᠴᠠᠨ ᠬᠠᠮᠵᠢᠯᠴᠠᠬᠤ ᠪᠠᠨ ᠴᠢᠩᠭᠠᠤᠨᠬᠠᠨ᠂ ᠢᠳᠡᠪᠬᠢᠳᠠᠢ ᠪᠠᠷ  ᠳᠡᠬᠡᠭᠰᠢ ᠬᠠᠷᠢᠭᠤ ᠮᠡᠳᠡᠬᠦᠯᠤᠨ ᠨᠡᠪᠳᠡᠷᠡᠯᠴᠠᠵᠤ᠂ ᠴᠡᠭᠴᠡᠯᠡᠯᠳᠠ ᠶᠢᠨ ᠠᠬᠢᠴᠠ ᠪᠠᠨ ᠪᠦᠬᠦ ᠳᠠᠯ᠎ᠠ ᠪᠠᠷ ᠲᠦᠷᠬᠡᠤᠨᠬᠡᠬᠦ ᠬᠡᠷᠡᠭᠳᠠᠢ᠃ ᠲᠦᠯᠤᠪᠵᠢᠬᠦᠯᠬᠡ᠂ ᠰᠡᠤᠨᠬᠢᠮᠵᠢ᠂ ᠪᠡᠯᠡ ᠮᠦᠩᠬᠦ ᠶᠢ ᠡᠷᠢᠯᠬᠢᠯᠡᠨ᠂ ᠠᠯᠤᠰ ᠤᠨ ᠬᠠᠷᠠᠴᠠ ᠪᠠ ᠪᠠᠶᠢᠯᠳᠤᠬᠤ ᠪᠤᠳᠤᠯᠭ᠎ᠠ ᠶᠢᠨ ᠰᠡᠤᠨᠬᠢᠮᠵᠢ ᠪᠠᠷ ︽ᠳᠠᠪᠤ  ᠶᠢ ᠳᠤᠶᠢᠯᠪᠤᠷᠢᠳᠠᠢ ᠪᠠᠶᠢᠴᠠᠭᠠᠬᠤ︾ ᠠᠵᠢᠯ ᠢ ᠨᠠᠷᠢᠯᠢᠭ ᠨᠠᠶᠢᠳᠠᠪᠤᠷᠢᠵᠢᠭᠤᠯᠵᠤ᠂ ᠡᠯ᠎ᠡ ᠲᠦᠷᠤᠯ ᠤᠨ ᠡᠯᠧᠮᠧᠨ᠋ᠲ ᠶᠢᠨ ᠡᠬᠢ ᠪᠠᠶᠠᠯᠢᠭ ᠢ ᠢᠳᠡᠪᠬᠢᠳᠠᠢ ᠨᠠᠶᠢᠯᠡᠬᠦᠯᠤᠨ ᠰᠢᠯᠢᠳᠡᠭᠵᠢᠬᠦᠯᠵᠤ ᠳᠤᠬᠢᠷᠠᠭᠤᠯᠤᠨ᠂ ᠡᠬᠢ ᠪᠠᠶᠠᠯᠢᠭ ᠢ ᠠᠷᠪᠢᠯᠠᠨ ᠠᠰᠢᠭᠯᠠᠬᠤ ᠲᠦᠪᠰᠢᠨ ᠢᠶᠠᠨ ᠳᠡᠬᠡᠭᠰᠢᠯᠡᠬᠦᠯᠬᠦ ᠬᠡᠷᠡᠭᠳᠠᠢ᠃ ᠬᠤᠰᠢᠭᠤ ᠨᠠᠮ ᠤᠨ ᠬᠤᠷᠢᠶ᠎ᠠ ᠵᠠᠰᠠᠭ ᠤᠨ ᠤᠷᠳᠤᠨ ᠤ ᠭᠤᠤᠯ ᠤᠳᠤᠷᠢᠳᠤᠯᠭ᠎ᠠ᠂ ᠡᠯ᠎ᠡ ᠰᠢᠶᠠᠨ ᠤ ᠳᠡᠰ ᠤᠨ ᠤᠳᠤᠷᠢᠳᠤᠯᠭ᠎ᠠ ᠪᠠ ᠡᠯ᠎ᠡ ᠪᠠᠯᠭᠠᠰᠤ ᠡᠯ᠎ᠡ ᠬᠠᠮᠢᠶ᠎ᠠ ᠪᠦᠬᠦᠢ ᠰᠠᠯᠠᠭ᠎ᠠ ᠮᠦᠴᠢᠷ ᠤᠨ ᠭᠤᠷᠪᠠᠨ ᠳᠡᠰ ᠤᠨ ᠬᠠᠷᠢᠭᠤᠴᠠᠯᠭ᠎ᠠ ᠶᠢ ᠪᠦᠬᠦ ᠳᠠᠯ᠎ᠠ ᠪᠠᠷ ᠨᠠᠶᠢᠳᠠᠪᠤᠷᠢᠵᠢᠭᠤᠯᠤᠨ᠂ ᠮᠠᠨ ᠤ ᠬᠤᠰᠢᠭᠤᠨ ᠤ ᠠᠵᠤ ᠠᠬᠤᠢ ᠶᠢᠨ ᠴᠢᠨᠠᠷᠯᠢᠭ ᠬᠦᠭᠵᠢᠯᠳᠠ ᠶᠢ ᠤᠷᠳᠤ ᠬᠤᠭᠤᠴᠠᠭ᠎ᠠ ᠪᠠᠷ  ᠬᠢᠵᠠᠭᠠᠷᠯᠠᠵᠤ ᠪᠠᠶᠢᠭ᠎ᠠ ᠪᠤᠭᠤᠮᠢ ᠠᠰᠠᠭᠤᠳᠠᠯ ᠢ ᠲᠦᠷᠬᠡᠨ ᠰᠢᠢᠤᠨᠪᠤᠷᠢᠯᠡᠬᠦ ᠪᠠᠷ ᠴᠢᠷᠮᠠᠶᠢᠨ ᠪᠤᠳᠠᠳᠤ ᠠᠵᠢᠯ ᠤᠨ ᠪᠦᠳᠤᠮᠵᠢ ᠤᠯᠬᠤ ᠶᠢ ᠪᠠᠳᠤᠯᠠᠬᠤ ᠬᠡᠷᠡᠭᠳᠠᠢ ᠬᠡᠵᠤ ᠴᠢᠬᠤᠯᠠᠴᠢᠯᠠᠭᠰᠡᠨ ᠪᠠᠶᠢᠨ᠎ᠠ᠃     ᠬᠤᠷᠠᠯ ᠠᠴᠠ ᠪᠠᠰᠠ ᠨᠠᠮ ᠤᠨ ᠬᠤᠷᠢᠳᠤᠭᠠᠷ ᠶᠡᠭᠡ ᠬᠤᠷᠠᠯ ᠤᠨ ᠵᠤᠷᠢᠭ ᠰᠠᠨᠠᠭ᠎ᠠ ᠶᠢ ᠰᠢᠰᠲ᠋ᠧᠮ ᠲᠠᠢ ᠰᠤᠷᠤᠯᠴᠠᠨ ᠳᠤᠤᠱᠯᠠᠭᠤᠯᠬᠤ᠂ ︽ᠲᠦᠷᠪᠡᠨ ᠤᠷᠤᠨ︾ ᠤ ᠪᠠᠶᠢᠭᠤᠯᠤᠯᠳᠠ ᠶᠢ ᠦᠷᠬᠦᠯᠵᠢᠬᠦᠶᠢᠴᠠ ᠠᠬᠢᠭᠤᠯᠬᠤ᠂ ᠲᠦᠷᠤᠯ ᠵᠦᠢᠯ ᠤᠨ ᠪᠠᠶᠢᠭᠤᠯᠤᠯᠳᠠ ᠶᠢ ᠪᠦᠬᠦ ᠬᠤᠷᠳᠤᠴᠠ ᠪᠠᠷ ᠠᠬᠢᠭᠤᠯᠬᠤ᠂ ᠵᠢᠯ ᠤᠨ ᠡᠬᠢᠨ ᠳᠤ ᠳᠤᠭᠳᠠᠭᠠᠭᠰᠡᠨ ᠡᠯ᠎ᠡ ᠬᠠᠷᠠᠯᠳᠠ ᠶᠢ ᠪᠦᠬᠦ ᠬᠦᠴᠤᠨ ᠢᠶᠠᠷ ᠪᠡᠶᠡᠯᠡᠬᠦᠯᠬᠦ᠂ ᠳᠠᠷᠠᠭ᠎ᠠ ᠵᠢᠯ ᠤᠨ ᠠᠵᠢᠯ ᠢᠶᠠᠨ ᠲᠦᠯᠤᠪᠯᠡᠬᠦ ᠵᠡᠷᠬᠡ ᠤᠶᠢᠷ᠎ᠠ  ᠶᠢᠨ ᠬᠤᠭᠤᠴᠠᠭᠠᠨ ᠤ ᠭᠤᠤᠯᠳᠠᠯᠭᠠᠳᠤ ᠠᠵᠢᠯ ᠳᠤ ᠪᠠᠶᠢᠷᠢᠯᠠᠭᠤᠯᠤᠯᠳᠠ ᠳᠤᠬᠢᠷᠠᠭᠤᠯᠤᠯᠳᠠ ᠬᠢᠪᠡ᠃     ᠬᠤᠷᠠᠯ ᠠᠴᠠ ᠪᠠᠰᠠ ᠪᠤᠰᠤᠤᠨ ᠵᠦᠢᠯ ᠢ ᠰᠤᠳᠤᠯᠪᠠ᠃     ᠬᠤᠰᠢᠭᠤ ᠨᠠᠮ ᠤᠨ ᠬᠤᠷᠢᠶᠠᠨ ᠤ ᠳᠡᠳ᠋ ᠱᠦᠵᠢ᠂ ᠵᠠᠰᠠᠭ ᠤᠨ ᠤᠷᠳᠤᠨ ᠤ ᠬᠤᠰᠢᠭᠤ ᠳᠠᠷᠤᠭ᠎ᠠ ᠶᠠᠩ ᠶᠢᠩ ᠰᠢᠨ ᠵᠡᠷᠬᠡ ᠬᠤᠰᠢᠭᠤ ᠨᠠᠮ ᠤᠨ ᠬᠤᠷᠢᠶᠠᠨ ᠤ ᠪᠠᠶᠢᠩᠭᠤ ᠶᠢᠨ ᠬᠡᠰᠢᠬᠦᠤᠨ ᠤᠨ ᠤᠳᠤᠷᠢᠤᠨᠬᠤ ᠪᠠᠭ ᠤᠨ ᠪᠦᠷᠢᠯᠳᠤᠬᠦᠨ ᠬᠤᠷᠠᠯ ᠳᠤ ᠤᠷᠤᠯᠴᠠᠪᠠ᠃ ᠬᠤᠰᠢᠭᠤ ᠠᠷᠠᠤᠨ ᠤᠨ ᠲᠦᠯᠤᠬᠡᠯᠡᠭᠴᠢᠤᠨ ᠤᠨ ᠶᠡᠭᠡ ᠤᠬᠷᠠᠯ ᠤᠨ ᠪᠠᠶᠢᠩᠭᠤ ᠶᠢᠨ ᠬᠤᠷᠢᠶᠠᠨ ᠤ ᠡᠷᠬᠢᠯᠡᠭᠴᠢ ᠭᠤᠣ ᠷᠥᠩ ᠲᠠᠩ᠂ ᠬᠤᠰᠢᠭᠤ ᠤᠯᠤᠰ ᠲᠦᠷᠤ ᠶᠢᠨ ᠵᠦᠪᠯᠡᠯᠬᠡᠨ ᠤ ᠳᠡᠷᠢᠬᠦᠯᠡᠭᠴᠢ ᠳᠤᠳᠢ ᠵᠡᠷᠬᠡ ᠬᠤᠰᠢᠭᠤ ᠤᠳᠤᠷᠢᠳᠤᠯᠭ᠎ᠠ ᠵᠢᠴᠢ ᠬᠤᠰᠢᠭᠤ ᠰᠢᠭᠤᠤᠨ ᠬᠠᠷᠢᠶ᠎ᠠ ᠡᠯ᠎ᠡ ᠬᠠᠮᠢᠶ᠎ᠠ ᠪᠦᠬᠦᠢ ᠰᠠᠯᠠᠭ᠎ᠠ ᠮᠦᠴᠢᠷ ᠤᠨ ᠬᠠᠷᠢᠭᠤᠴᠠᠯᠭᠠᠳᠠᠨ ᠬᠤᠷᠠᠯ ᠳᠤ ᠰᠤᠯᠠ ᠤᠷᠤᠯᠴᠠᠪᠠ᠃
 
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号