ᠲᠡᠮᠡᠭᠡᠨ ᠤ ᠪᠦᠬᠦ ᠶᠢᠨ ᠨᠡᠷᠡᠶᠢᠳᠦᠯ ᠤᠨ ᠲᠤᠬᠠᠢ
ᠨᠡᠶᠢᠲᠡᠯᠡᠭᠰᠡᠨ ᠴᠠᠭ᠄
2022/12/14

                       ᠲᠡᠮᠡᠭᠡᠨ ᠤ ᠪᠦᠬᠦ ᠶᠢᠨ ᠨᠡᠷᠡᠶᠢᠳᠦᠯ ᠤᠨ ᠲᠤᠬᠠᠢ

                                                             ᠮᠦ᠊᠂ ᠨᠠᠷᠠᠨᠮᠠᠨᠳᠤᠬᠤ

      ᠲᠡᠮᠡᠭᠡ ᠪᠤᠯ ᠲᠠᠪᠤᠨ ᠬᠤᠰᠢᠭᠤ ᠮᠠᠯ ᠤᠨ ᠨᠢᠭᠡ ᠮᠦᠨ᠃ ᠲᠡᠮᠡᠭᠡ ᠨᠢ ᠦᠬᠡᠷ ᠲᠠᠢ ᠠᠳᠠᠯᠢᠬᠠᠨ ᠰᠦ ᠮᠢᠬᠠᠨ ᠤ ᠭᠠᠷᠤᠯᠳᠠ ᠲᠠᠢ᠂ ᠬᠤᠨᠢ ᠢᠮᠠᠭ᠎ᠠ ᠲᠠᠢ

ᠠᠳᠠᠯᠢᠬᠠᠨ ᠨᠤᠤᠰᠤ ᠨᠤᠤᠯᠤᠭᠤᠷ ᠤᠨ ᠦᠢᠯᠡᠳᠭᠦᠨ ᠲᠠᠢ᠂ ᠠᠳᠤᠭᠤ ᠲᠠᠢ ᠠᠳᠠᠯᠢᠬᠠᠨ ᠡᠳ᠋ᠯᠡᠭᠡ ᠬᠡᠷᠡᠭᠯᠡᠭᠡᠨ ᠤ ᠴᠢᠳᠠᠪᠤᠷᠢ ᠲᠠᠢ᠂ ᠪᠤᠰᠤᠳ ᠲᠦᠷᠪᠡᠨ ᠬᠤᠰᠢᠭᠤ

ᠮᠠᠯ ᠤᠨ ᠤᠨᠴᠠᠯᠢᠭ ᠢ ᠪᠡᠶ᠎ᠡ ᠳᠤ ᠪᠠᠨ ᠡᠪᠯᠢᠭ ᠲᠤᠬᠢᠳᠠᠢ ᠬᠠᠳᠠᠭᠠᠯᠠᠭᠰᠠᠨ ᠢᠶᠠᠷ ᠪᠠᠷᠠᠬᠤ ᠦᠭᠡᠢ ᠠᠷᠪᠠᠨ ᠬᠤᠶᠠᠷ ᠵᠢᠯ ᠢ ᠨᠢᠭᠡ ᠪᠡᠶ᠎ᠡ ᠳᠤ ᠪᠠᠨ ᠪᠦᠷᠢᠳᠦᠭᠦᠯᠵᠤ᠂

ᠠᠰ ᠤᠨ ᠪᠡᠶ᠎ᠡ ᠪᠠᠨ ᠭᠤᠶᠢᠳᠠ ᠰᠠᠶᠢᠬᠠᠨ ᠴᠢᠮᠡᠭᠰᠡᠨ ᠠᠮᠢᠳᠠᠨ ᠪᠢᠯᠡ᠃ ᠡᠶᠢᠮᠦ ᠠᠴᠠ ᠬᠦᠮᠦᠰ ᠲᠡᠮᠡᠭᠡ ᠶᠢ ︽ᠬᠦᠭᠡᠷᠦᠭᠦᠨ ᠬᠤᠨᠢᠨ ᠤ ᠲᠤᠯᠤᠭᠠᠢ ᠲᠠᠢ᠂ ᠬᠦᠬᠡ

ᠬᠤᠯᠤᠭᠠᠨ᠎ᠠ ᠶᠢᠨ ᠨᠢᠳᠦ ᠲᠠᠢ᠂ ᠠᠪᠤᠷᠭᠤ ᠯᠤᠤ ᠶᠢᠨ ᠮᠠᠩᠨᠠᠢ ᠲᠠᠢ᠂ ᠠᠭᠤᠯᠠ ᠶᠢᠨ ᠪᠠᠷᠰ ᠤᠨ ᠴᠢᠬᠢ ᠲᠠᠢ᠂ ᠤᠷᠠᠨ ᠲᠠᠤᠯᠠᠢ ᠶᠢᠨ ᠤᠷᠤᠭᠤᠯ ᠲᠠᠢ᠂ ᠤᠷᠳᠤ

ᠮᠤᠭᠠᠢ ᠶᠢᠨ ᠬᠦᠵᠦᠭᠦᠦ ᠲᠠᠢ᠂ ᠲᠠᠷᠭᠤᠨ ᠭᠠᠭ᠋ᠠᠢ ᠶᠢᠨ ᠲᠠᠰᠢᠶ᠎ᠠ ᠲᠠᠢ᠂ ᠲᠠᠷᠯᠠᠨ ᠦᠭᠡᠷ ᠤᠨ ᠲᠤᠭᠤᠷᠠᠢ ᠲᠠᠢ᠂ ᠲᠠᠭᠠᠨ ᠮᠤᠷᠢᠨ ᠤ ᠭᠡᠳᠡᠰᠦ ᠲᠠᠢ᠂ ᠲᠠᠶᠢᠭᠠᠨ

ᠨᠤᠬᠠᠢ ᠶᠢᠨ ᠬᠤᠨᠳᠤᠯᠠᠢ ᠲᠠᠢ᠂ ᠰᠤᠷᠭᠤᠭ ᠰᠠᠮᠵᠠ ᠶᠢᠨ ᠦᠰᠦ ᠲᠠᠢ᠂ ᠱᠤᠪᠤᠭᠤᠷ ᠲᠠᠬᠢᠶᠠᠨ ᠤ ᠴᠡᠭᠡᠵᠢ ᠲᠠᠢ︾ ᠭᠡᠵᠤ ᠵᠦᠢᠷᠯᠡᠨ ᠮᠠᠭᠳᠠᠳᠠᠭ ᠪᠢᠯᠡ᠃

      ᠲᠡᠮᠡᠭᠡ ᠭᠤᠤᠯᠳᠠᠭᠤ ᠭᠠᠩ ᠬᠠᠭᠤᠷᠠᠢ ᠡᠯᠡᠰᠦᠨ ᠴᠦᠯ᠂ ᠭᠤᠪᠢ ᠭᠠᠵᠠᠷ ᠢᠶᠠᠷ ᠲᠠᠷᠬᠠᠵᠤ᠂ ᠬᠦᠮᠦᠨ ᠲᠦᠷᠦᠯᠬᠢᠳᠡᠨ ᠡᠨᠡ ᠤᠷᠴᠢᠨ ᠠᠬᠤᠢ ᠶᠢ ᠨᠡᠯᠢᠶᠡᠳ

ᠤᠷᠤᠢ ᠨᠡᠭᠡᠭᠡᠨ ᠠᠰᠢᠭᠯᠠᠭᠰᠠᠨ ᠠᠴᠠ ᠲᠡᠮᠡᠭᠡ ᠶᠢ ᠭᠡᠷ ᠤᠨ ᠲᠡᠵᠢᠭᠡᠪᠦᠷᠢ ᠪᠤᠯᠭᠠᠨ ᠭᠠᠷᠰᠢᠭᠤᠯᠤᠭᠰᠠᠨ ᠨᠢ ᠪᠤᠰᠤᠳ ᠲᠦᠷᠦᠯ ᠤᠨ ᠮᠠᠯ ᠠᠴᠠ ᠨᠡᠯᠢᠶᠡᠳ ᠬᠤᠵᠢᠭᠤ

ᠪᠤᠯᠤᠭᠰᠠᠨ ᠪᠠᠶᠢᠵᠠᠢ᠃

      ᠲᠡᠮᠡᠭᠡ ᠬᠦᠨᠳᠦ ᠡᠳ᠋ᠯᠡᠭᠡ ᠳᠤ ᠵᠤᠬᠢᠴᠠᠭᠰᠠᠨ ᠬᠦᠳᠡᠷ ᠪᠦᠳᠦᠭᠦᠨ ᠪᠡᠶ᠎ᠡ ᠲᠠᠢ᠂ ᠠᠯᠤᠰ ᠤᠨ ᠠᠶᠠᠨ ᠳᠤ ᠲᠠᠭᠠᠭᠠᠮᠠᠭᠠᠢ᠂ ᠡᠯᠡᠰᠦ ᠭᠤᠪᠢ ᠳᠤ ᠶᠠᠪᠤᠬᠤ ᠳᠤ

ᠵᠤᠬᠢᠴᠠᠭᠰᠠᠨ ᠫᠠᠯᠠᠭᠠᠷ ᠲᠤᠮᠤ ᠲᠠᠪᠠᠭ ᠲᠠᠢ ᠪᠦᠭᠡᠳ ᠰᠢᠮ᠎ᠡ ᠲᠡᠵᠢᠭᠡᠯ ᠢ ᠬᠤᠷᠢᠶᠠᠨ ᠬᠠᠳᠠᠭᠠᠯᠠᠳᠠᠭ ᠬᠤᠶᠠᠷ ᠲᠤᠮᠤ ᠪᠦᠬᠦ ᠲᠠᠢ ᠪᠠᠶᠢᠳᠠᠭ ᠢᠶᠠᠷ ᠢᠶᠠᠨ ᠪᠤᠰᠤᠳ ᠮᠠᠯ

 ᠠᠴᠠ ᠤᠨᠴᠠᠯᠢᠭᠳᠠᠳᠠᠭ ᠠᠴᠠ ᠬᠦᠮᠦᠰ ᠲᠡᠮᠡᠭᠡ ᠶᠢ ︽ᠭᠤᠪᠢ ᠶᠢᠨ ᠤᠩᠭᠤᠴᠠ︾ ᠭᠡᠵᠤ ᠴᠤᠯᠠᠯᠠᠳᠠᠭ᠃

      ᠠᠳᠡ ᠪᠢ ᠲᠡᠮᠡᠭᠡᠨ ᠤ ᠪᠦᠬᠦ ᠶᠢᠨ ᠤᠯᠠᠨ ᠶᠠᠩᠵᠤ ᠶᠢᠨ ᠨᠡᠷᠡᠶᠢᠳᠦᠯ ᠤᠨ ᠲᠤᠬᠠᠢ ᠲᠤᠪᠴᠢ ᠦᠭᠦᠯᠡᠶ᠎ᠡ᠃

      ᠲᠡᠮᠡᠭᠡᠨ ᠤ ᠪᠦᠬᠦ ᠭᠡᠳᠡᠭ ᠨᠢ ᠲᠡᠮᠡᠭᠡᠨ ᠤ ᠨᠢᠷᠤᠭᠤᠨ ᠲᠡᠭᠡᠷᠡᠬᠢ ᠰᠢᠮ᠎ᠡ ᠲᠡᠵᠢᠭᠡᠯ ᠢ ᠨᠦᠭᠡᠴᠡᠯᠡᠬᠦ ᠦᠢᠯᠡᠳᠦᠯ ᠪᠦᠬᠦᠢ ᠬᠡᠷᠡᠭᠯᠡᠳᠡᠭ ᠱᠤᠪᠤᠭᠤᠷ ᠡᠷᠬᠡᠳᠡᠨ ᠢ

ᠬᠡᠯᠡᠳᠡᠭ᠃ ᠬᠦᠮᠦᠰ ᠲᠡᠮᠡᠭᠡᠨ ᠤ ᠪᠦᠬᠦ ᠶᠢᠨ ᠠᠳᠠᠯᠢ ᠪᠤᠰᠤ ᠬᠡᠯᠪᠡᠷᠢ ᠪᠠᠶᠢᠳᠠᠯ ᠢ ᠨᠢ ᠦᠨᠳᠦᠰᠦᠯᠡᠵᠤ ᠤᠯᠠᠨ ᠲᠦᠷᠦᠯ ᠬᠤᠪᠢᠶᠠᠳᠠᠭ᠃

      ᠴᠠᠭᠠᠨ ᠲᠤᠯᠤᠭᠠᠢ ᠶᠢᠨ ᠲᠡᠰ ᠲᠠᠷᠠᠭᠠᠯᠠᠯ ᠢᠶᠠᠷ ᠲᠤᠤᠷ᠎ᠠ ᠮᠡᠳᠦ ᠵᠢᠬᠰᠠᠭᠠᠪᠠᠯ᠄

      ᠠᠯᠴᠠᠩ ᠪᠦᠬᠦᠳᠦ᠄ ᠬᠤᠶᠠᠷ ᠪᠦᠬᠦ ᠶᠢᠨ ᠲᠡᠭᠡᠷᠡᠬᠢ ᠵᠠᠢ ᠨᠢ ᠶᠡᠭᠡ᠂ ᠲᠤᠤᠷᠠᠬᠢ ᠵᠠᠢ ᠨᠢ ᠪᠠᠭ᠎ᠠ ᠲᠡᠮᠡᠭᠡ᠃

      ᠠᠶᠠᠰ ᠪᠦᠬᠦᠳᠦ᠄ ᠬᠤᠶᠠᠷ ᠪᠦᠬᠦ ᠨᠢ ᠨᠢᠭᠡ ᠲᠡᠶᠢᠰᠢ ᠪᠠᠨ ᠨᠤᠭᠤᠷᠬᠠᠢ ᠲᠡᠮᠡᠭᠡ᠃

      ᠠᠶᠠᠰ ᠰᠡᠷᠪᠡᠭᠡ᠄ ᠬᠤᠶᠠᠷ ᠪᠦᠬᠦᠨ ᠤ ᠦᠵᠦᠭᠦᠷ ᠨᠢ ᠨᠢᠭᠡ ᠲᠡᠶᠢᠰᠢ ᠪᠠᠨ ᠲᠦᠯᠭᠡᠬᠡᠨ ᠮᠤᠷᠤᠢ ᠲᠡᠮᠡᠭᠡ᠃

      ᠠᠶᠠᠰ ᠰᠢᠷᠡᠭᠡ᠄ ᠬᠤᠶᠠᠷ ᠪᠦᠬᠦ ᠨᠢ ᠪᠤᠰᠤᠭ᠎ᠠ ᠪᠤᠯᠪᠠᠴᠤ ᠪᠦᠬᠦᠨ ᠤ ᠲᠤᠭ ᠨᠢ ᠨᠢᠭᠡ ᠲᠡᠶᠢᠰᠢ ᠪᠠᠨ ᠦᠯᠦ ᠮᠡᠳᠡᠭᠳᠡᠮ᠎ᠡ ᠲᠠᠷᠤᠤ ᠲᠡᠮᠡᠭᠡ᠃

      ᠤᠭᠵᠤᠮ ᠪᠦᠬᠦᠳᠦ᠄ ᠨᠠᠷᠢᠨ ᠪᠦᠭᠡᠳ ᠪᠤᠭᠤᠨᠢ ᠪᠦᠬᠦ ᠲᠠᠢ ᠲᠡᠮᠡᠭᠡ᠃

      ᠤᠴᠤᠩ ᠪᠦᠬᠦᠳᠦ᠄ ᠬᠤᠶᠢᠰᠢ ᠪᠠᠨ ᠭᠡᠳᠡᠭᠡᠷ ᠮᠤᠷᠤᠢ ᠪᠦᠬᠦ ᠲᠠᠢ ᠲᠡᠮᠡᠭᠡ᠃

      ᠤᠶᠢᠳᠠᠨ ᠪᠦᠬᠦᠳᠦ᠄ ᠬᠤᠶᠠᠷ ᠪᠦᠬᠦᠨ ᠤ ᠬᠤᠭᠤᠷᠤᠨᠳᠤᠬᠢ ᠵᠠᠢ ᠨᠢ ᠤᠶᠢᠷᠠᠬᠠᠨ ᠲᠡᠮᠡᠭᠡ᠃

      ᠨᠠᠭᠠᠯᠳᠤᠩᠬᠠᠢ ᠪᠦᠬᠦᠳᠦ᠄  ᠪᠦᠬᠦ ᠨᠢ ᠲᠠᠯᠤ ᠬᠠᠪᠢᠷᠭᠠᠨ ᠲᠡᠭᠡᠷ᠎ᠡ ᠪᠠᠨ ᠨᠠᠭᠠᠯᠳᠤᠵᠤ ᠤᠨᠠᠭᠰᠠᠨ ᠲᠡᠮᠡᠭᠡ᠃

      ᠪᠤᠷᠤᠭᠤ ᠠᠶᠠᠰ᠄ ᠬᠤᠶᠠᠷ ᠪᠦᠬᠦ ᠨᠢ ᠪᠤᠷᠤᠭᠤ ᠲᠡᠶᠢᠰᠢ ᠪᠠᠨ ᠨᠤᠭᠤᠷᠬᠠᠢ ᠲᠡᠮᠡᠭᠡ᠃

      ᠪᠤᠷᠤᠭᠤ ᠭᠡᠶᠡᠭᠦᠦ᠄ ᠬᠤᠶᠠᠷ ᠪᠦᠬᠦ ᠨᠢ ᠪᠤᠷᠤᠭᠤ ᠲᠡᠶᠢᠰᠢ ᠪᠠᠨ ᠵᠢᠭᠠᠬᠠᠨ ᠮᠤᠷᠤᠢ ᠲᠡᠮᠡᠭᠡ᠃

      ᠪᠤᠷᠤᠭᠤ ᠰᠡᠷᠪᠡᠭᠡ᠄ ᠬᠤᠶᠠᠷ ᠪᠦᠬᠦᠨ ᠤ ᠦᠵᠦᠭᠦᠷ ᠨᠢ ᠪᠤᠷᠤᠭᠤ ᠲᠡᠶᠢᠰᠢ ᠪᠠᠨ ᠲᠦᠯᠭᠡᠬᠡᠨ ᠮᠤᠷᠤᠢ ᠲᠡᠮᠡᠭᠡ᠃

      ᠪᠤᠷᠤᠭᠤ ᠰᠢᠷᠡᠭᠡ᠄ ᠪᠦᠬᠦᠨ ᠤ ᠲᠤᠭ ᠨᠢ ᠴᠦᠮ ᠪᠤᠷᠤᠭᠤ ᠲᠡᠶᠢᠰᠢ ᠪᠠᠨ ᠲᠠᠷᠤᠤ ᠪᠠᠶᠢᠳᠠᠭ ᠲᠡᠮᠡᠭᠡ᠃

      ᠪᠤᠷᠤᠭᠤ ᠰᠤᠯᠪᠢ᠄ ᠡᠮᠦᠨ᠎ᠡ ᠪᠦᠬᠦ ᠨᠢ ᠪᠤᠷᠤᠭᠤ ᠲᠡᠶᠢᠰᠢ᠂ ᠬᠤᠶᠢᠳᠤ ᠪᠦᠬᠦ ᠨᠢ ᠵᠦᠪ ᠲᠡᠶᠢᠰᠢ ᠨᠤᠭᠤᠷᠠᠭᠰᠠᠨ ᠲᠡᠮᠡᠭᠡ᠃

      ᠪᠤᠷᠤᠭᠤ ᠰᠤᠶᠤᠭ᠎ᠠ᠄ ᠡᠮᠦᠨ᠎ᠡ ᠪᠦᠬᠦ ᠨᠢ ᠰᠢᠷᠡᠭᠡ᠂ ᠬᠤᠶᠢᠳᠤ ᠪᠦᠬᠦ ᠨᠢ ᠪᠤᠷᠤᠭᠤ ᠲᠡᠶᠢᠰᠢ ᠨᠤᠭᠤᠷᠬᠠᠢ ᠲᠡᠮᠡᠭᠡ᠃

      ᠪᠤᠷᠤᠭᠤ ᠲᠠᠷᠠᠭᠠᠷ᠄ ᠬᠤᠶᠠᠷ ᠪᠦᠬᠦ ᠨᠢ ᠪᠤᠷᠤᠭᠤ ᠲᠡᠶᠢᠰᠢ ᠪᠠᠨ ᠪᠠᠭ᠋ᠠᠨ ᠬᠠᠵᠠᠶᠢᠭᠰᠠᠨ ᠲᠡᠮᠡᠭᠡ᠃

      ᠪᠤᠷᠤᠭᠤ ᠲᠠᠷᠤᠤ᠄ ᠪᠦᠬᠦ ᠨᠢ ᠴᠦᠮ ᠪᠤᠷᠤᠭᠤ ᠲᠡᠶᠢᠰᠢ ᠪᠠᠨ ᠲᠠᠷᠤᠤ ᠪᠤᠯᠤᠭᠰᠠᠨ ᠲᠡᠮᠡᠭᠡ᠃

      ᠪᠦᠳᠦᠭᠦᠨ ᠪᠦᠬᠦᠳᠦ᠄ ᠤᠨᠴᠠᠭᠠᠢ ᠲᠤᠮᠤ ᠪᠦᠬᠦ ᠲᠠᠢ ᠲᠡᠮᠡᠭᠡ᠃

      ᠬᠠᠨᠠᠨ ᠰᠡᠷᠪᠡᠭᠡ᠄ ᠬᠤᠶᠠᠷ ᠪᠦᠬᠦᠨ ᠤ ᠦᠵᠦᠭᠦᠷ ᠨᠢ ᠬᠠᠵᠠᠭᠤᠰᠢ ᠪᠠᠨ ᠲᠦᠯᠭᠡᠬᠡᠨ ᠮᠤᠷᠤᠢ ᠲᠡᠮᠡᠭᠡ᠃

      ᠬᠠᠩᠭᠠᠢ ᠪᠦᠬᠦᠳᠦ᠄ ᠬᠤᠶᠠᠷ ᠪᠦᠬᠦ ᠶᠢᠨ ᠬᠤᠭᠤᠷᠤᠨᠳᠤᠬᠢ ᠵᠠᠢ ᠨᠢ ᠶᠡᠭᠡ ᠲᠡᠮᠡᠭᠡ᠃

      ᠬᠡᠢ ᠪᠦᠬᠦᠳᠦ᠄ ᠪᠦᠬᠦ ᠨᠢ ᠲᠠᠯᠤ ᠬᠠᠪᠢᠷᠭᠠᠨ ᠠᠴᠠ ᠪᠠᠨ ᠲᠤᠩ ᠵᠢᠭᠠᠬᠠᠨ ᠵᠠᠢ ᠲᠠᠢ ᠪᠠᠶᠢᠭ᠎ᠠ ᠲᠡᠮᠡᠭᠡ᠃

      ᠬᠤᠶᠢᠳᠤ ᠪᠦᠬᠦ ᠰᠢᠷᠡᠭᠡ᠄ ᠬᠤᠶᠢᠳᠤ ᠪᠦᠬᠦ ᠨᠢ ᠰᠢᠷᠡᠭᠡ᠂ ᠡᠮᠦᠨ᠎ᠡ ᠪᠦᠬᠦ ᠨᠢ ᠲᠠᠷᠤᠤ ᠲᠡᠮᠡᠭᠡ᠃

      ᠬᠤᠯᠪᠤᠭ᠎ᠠ ᠪᠦᠬᠦᠳᠦ᠄ ᠬᠤᠶᠠᠷ ᠪᠦᠬᠦᠨ ᠤ ᠦᠵᠦᠭᠦᠷ ᠨᠢ ᠦᠭᠡᠳᠡ ᠦᠭᠡᠳᠡ ᠠᠴᠠ ᠪᠠᠨ ᠬᠠᠵᠠᠶᠢᠭᠰᠠᠨ ᠪᠦᠬᠦ ᠲᠠᠢ ᠲᠡᠮᠡᠭᠡ᠃

      ᠬᠤᠭᠤᠷᠬᠠᠢ ᠪᠦᠬᠦᠳᠦ᠄ ᠪᠦᠬᠦ ᠨᠢ ᠤᠭ ᠪᠤᠶᠤ ᠲᠤᠮᠳᠠᠭᠤᠷ ᠢᠶᠠᠨ ᠭᠡᠮᠳᠦᠭᠰᠡᠨ ᠠᠴᠠ ᠪᠤᠰᠬᠤ ᠦᠭᠡᠢ ᠪᠤᠯᠤᠭᠰᠠᠨ ᠲᠡᠮᠡᠭᠡ᠃

      ᠮᠠᠰᠢᠨ ᠪᠦᠬᠦᠳᠦ᠄ ᠡᠮᠦᠨ᠎ᠡ ᠪᠦᠬᠦᠨ ᠤ ᠦᠵᠦᠭᠦᠷ ᠨᠢ ᠤᠷᠤᠭᠰᠢ ᠪᠠᠨ ᠮᠤᠷᠤᠢ ᠲᠡᠮᠡᠭᠡ᠃

      ᠮᠤᠬᠤᠷ ᠪᠦᠬᠦᠳᠦ᠄ ᠪᠦᠬᠦ ᠶᠢᠨ ᠵᠠᠯᠠᠭ᠎ᠠ ᠨᠢ ᠤᠬᠤᠷ ᠲᠡᠮᠡᠭᠡ᠃

      ᠮᠤᠳᠤᠨ ᠪᠦᠬᠦᠳᠦ᠄ ᠬᠡᠳᠦᠢ ᠡᠴᠡᠪᠡᠴᠤ ᠬᠡᠵᠢᠶᠡᠳᠡ ᠤᠨᠠᠳᠠᠭ ᠦᠭᠡᠢ ᠪᠦᠬᠦ ᠲᠠᠢ ᠲᠡᠮᠡᠭᠡ᠃

      ᠮᠦᠬᠦᠨ ᠪᠦᠬᠦᠳᠦ᠄ ᠵᠠᠯᠠᠭ᠎ᠠ ᠨᠢ ᠮᠦᠭᠦ ᠠᠳᠠᠯᠢ ᠵᠦᠭ ᠪᠦᠷᠢ ᠳᠤ ᠤᠨᠠᠭᠰᠠᠨ ᠪᠦᠬᠦ ᠲᠠᠢ ᠲᠡᠮᠡᠭᠡ᠃

      ᠯᠡᠭ ᠪᠦᠬᠦᠳᠦ᠄ ᠬᠡᠳᠦᠢ ᠲᠠᠷᠭᠤᠯᠠᠪᠠᠴᠤ ᠪᠤᠰᠳᠠᠭ ᠦᠭᠡᠢ ᠪᠦᠳᠦᠭᠦᠨ ᠪᠦᠬᠦ ᠲᠠᠢ ᠲᠡᠮᠡᠭᠡ᠃

      ᠰᠠᠯᠬᠢᠨ ᠪᠦᠬᠦᠳᠦ᠄ ᠰᠢᠷᠡᠭᠡᠯᠡᠭᠰᠡᠨ ᠪᠤᠯᠪᠠᠴᠤ ᠲᠠᠷᠭᠤ ᠭᠦᠢᠴᠡᠭᠡᠳᠦᠢ ᠪᠦᠬᠦ ᠲᠠᠢ ᠲᠡᠮᠡᠭᠡ᠃

      ᠰᠡᠭᠰᠡᠭᠡᠷ ᠪᠦᠬᠦᠳᠦ᠄ ᠪᠦᠬᠦ ᠶᠢᠨ ᠵᠠᠯᠠᠭ᠎ᠠ ᠨᠢ ᠤᠷᠳᠤ ᠰᠠᠬᠤᠯᠢᠭ ᠮᠦᠷᠳᠡᠭᠡᠨ ᠰᠠᠭᠰᠠᠶᠢᠭᠰᠠᠨ ᠪᠦᠬᠦ ᠲᠠᠢ ᠲᠡᠮᠡᠭᠡ᠃

      ᠰᠢᠳᠠᠷ᠎ᠠ ᠪᠦᠬᠦᠳᠦ᠄ ᠦᠨᠳᠦᠷ᠂ ᠪᠦᠭᠡᠷᠡᠩᠬᠡᠢ᠂ ᠰᠠᠴᠠᠭᠤ ᠪᠦᠭᠡᠳ ᠭᠤᠶᠤ ᠪᠦᠬᠦ ᠲᠠᠢ ᠲᠡᠮᠡᠭᠡ᠃

      ᠰᠢᠷᠡᠭᠡ ᠪᠦᠭᠦᠳᠦ᠄ ᠬᠤᠶᠠᠷ ᠪᠦᠬᠦ ᠨᠢ ᠡᠭᠴᠡ ᠪᠤᠰᠤᠭ᠎ᠠ ᠲᠡᠮᠡᠭᠡ᠃

      ᠰᠤᠭᠰᠠᠭᠠᠷ ᠪᠦᠬᠦᠳᠦ᠄ ᠪᠦᠬᠦ ᠨᠢ ᠨᠠᠷᠢᠨ ᠤᠬᠤᠷ᠂ ᠵᠠᠯᠠᠭ᠎ᠠ ᠨᠢ ᠰᠠᠬᠤᠯᠢᠭ ᠲᠡᠮᠡᠭᠡ᠃

      ᠰᠤᠯᠪᠢ ᠪᠦᠬᠦᠳᠦ᠄ ᠬᠤᠶᠠᠷ ᠪᠦᠬᠦ ᠨᠢ ᠬᠤᠶᠠᠷ ᠲᠡᠶᠢᠰᠢ ᠪᠠᠨ ᠨᠤᠭᠤᠷᠬᠠᠢ ᠲᠡᠮᠡᠭᠡ᠃

      ᠰᠤᠯᠪᠢ ᠭᠡᠶᠡᠭᠦᠦ᠄ ᠬᠤᠶᠠᠷ ᠪᠦᠬᠦ ᠨᠢ ᠬᠤᠶᠠᠷ ᠲᠡᠶᠢᠰᠢ ᠪᠠᠨ ᠵᠢᠭᠠᠬᠠᠨ ᠮᠤᠷᠤᠢ ᠲᠡᠮᠡᠭᠡ᠃

      ᠰᠤᠯᠪᠢ ᠰᠡᠷᠪᠡᠭᠡ᠄ ᠬᠤᠶᠠᠷ ᠪᠦᠬᠦᠨ ᠤ ᠦᠵᠦᠭᠦᠷ ᠨᠢ ᠬᠤᠶᠠᠷ ᠲᠡᠶᠢᠰᠢ ᠪᠠᠨ ᠲᠦᠯᠭᠡᠬᠡᠨ ᠮᠤᠷᠤᠢ ᠲᠡᠮᠡᠭᠡ᠃

      ᠰᠤᠯᠪᠢ ᠰᠢᠷᠡᠭᠡ᠄ ᠪᠦᠬᠦᠨ ᠤ ᠲᠤᠭ ᠨᠢ ᠬᠤᠶᠠᠷ ᠲᠡᠶᠢᠰᠢ ᠪᠠᠨ ᠲᠠᠷᠤᠤ ᠲᠡᠮᠡᠭᠡ᠃

      ᠰᠤᠯᠪᠢ ᠲᠠᠷᠤᠤ᠄ ᠬᠤᠶᠠᠷ ᠪᠦᠬᠦ ᠨᠢ ᠬᠤᠶᠠᠷ ᠲᠡᠶᠢᠰᠢ ᠪᠠᠨ ᠲᠠᠷᠤᠤ ᠪᠤᠯᠤᠭᠰᠠᠨ ᠲᠡᠮᠡᠭᠡ᠃

      ᠰᠤᠵᠤᠩ ᠪᠦᠬᠦᠳᠦ᠄ ᠨᠠᠷᠢᠨ ᠦᠨᠳᠦᠷ ᠪᠦᠬᠦ ᠲᠠᠢ ᠲᠡᠮᠡᠭᠡ᠃

      ᠰᠤᠶᠤᠭ᠎ᠠ ᠪᠦᠬᠦᠳᠦ᠄ ᠡᠮᠦᠨ᠎ᠡ ᠪᠦᠬᠦ ᠨᠢ ᠰᠢᠷᠡᠭᠡ᠂ ᠬᠤᠶᠢᠳᠤ ᠪᠦᠬᠦ ᠨᠢ ᠨᠤᠭᠤᠷᠬᠠᠢ ᠲᠡᠮᠡᠭᠡ᠃

      ᠰᠤᠶᠤᠭ᠎ᠠ ᠭᠡᠶᠡᠭᠦᠦ᠄ ᠡᠮᠦᠨ᠎ᠡ ᠪᠦᠬᠦ ᠨᠢ ᠰᠢᠷᠡᠭᠡ᠂ ᠬᠤᠶᠢᠳᠤ ᠪᠦᠬᠦ ᠨᠢ ᠵᠢᠭᠠᠬᠠᠨ ᠮᠤᠷᠤᠢ ᠲᠡᠮᠡᠭᠡ᠃

      ᠰᠤᠶᠤᠭ᠎ᠠ ᠰᠡᠷᠪᠡᠭᠡ᠄ ᠡᠮᠦᠨ᠎ᠡ ᠪᠦᠬᠦ ᠨᠢ ᠰᠢᠷᠡᠭᠡ᠂ ᠬᠤᠶᠢᠳᠤ ᠪᠦᠬᠦ ᠨᠢ ᠬᠠᠵᠠᠭᠤᠰᠢ ᠪᠠᠨ ᠲᠦᠯᠭᠡᠬᠡᠨ ᠮᠤᠷᠤᠢ ᠲᠡᠮᠡᠭᠡ᠃

      ᠰᠤᠶᠤᠭ᠎ᠠ ᠰᠢᠷᠡᠭᠡ᠄ ᠰᠢᠷᠡᠭᠡ ᠪᠦᠬᠦ ᠲᠠᠢ ᠪᠤᠯᠪᠠᠴᠤ ᠬᠤᠶᠢᠳᠤ ᠪᠦᠬᠦ ᠨᠢ ᠨᠠᠮ ᠰᠢᠭ᠋ ᠪᠤᠶᠤ ᠪᠦᠬᠦᠨ ᠤ ᠲᠤᠭ ᠨᠢ ᠲᠠᠷᠤᠤ ᠲᠡᠮᠡᠭᠡ᠃

      ᠰᠤᠶᠤᠭ᠎ᠠ ᠰᠤᠯᠪᠢ᠄ ᠡᠮᠦᠨ᠎ᠡ ᠪᠦᠬᠦ ᠨᠢ ᠲᠡᠭᠡᠷ᠎ᠡ᠂ ᠬᠤᠶᠢᠳᠤ ᠪᠦᠬᠦ ᠨᠢ ᠲᠤᠤᠷ᠎ᠠ ᠰᠤᠯᠪᠢ ᠪᠦᠬᠦ ᠲᠠᠢ ᠲᠡᠮᠡᠭᠡ᠃

      ᠰᠤᠶᠤᠭ᠎ᠠ ᠲᠠᠷᠤᠤ᠄ ᠬᠤᠶᠢᠳᠤ ᠪᠦᠬᠦ ᠨᠢ ᠲᠠᠷᠤᠤ ᠰᠢᠭ᠋ ᠰᠤᠶᠤᠭ᠎ᠠ ᠪᠦᠬᠦ ᠲᠠᠢ ᠲᠡᠮᠡᠭᠡ᠃

      ᠰᠤᠪᠤᠷᠭᠠᠨ ᠪᠦᠬᠦᠳᠦ᠄ ᠪᠦᠳᠦᠭᠦᠨ ᠮᠦᠷᠳᠡᠭᠡᠨ ᠦᠨᠳᠦᠷ᠂ ᠡᠭᠴᠡ ᠪᠤᠰᠤᠭ᠎ᠠ ᠪᠦᠬᠦ ᠲᠠᠢ ᠲᠡᠮᠡᠭᠡ᠃

      ᠱᠠᠮᠠᠨ ᠪᠦᠬᠦᠳᠦ᠄ ᠬᠤᠶᠠᠷ ᠪᠦᠬᠦᠨ ᠤ ᠦᠵᠦᠭᠦᠷ ᠨᠢ ᠴᠦᠮ ᠤᠷᠤᠭᠰᠢ ᠪᠠᠨ ᠮᠤᠷᠤᠢ ᠲᠡᠮᠡᠭᠡ᠃

      ᠱᠤᠪᠳᠤᠩ ᠪᠦᠬᠦᠳᠦ᠄ ᠪᠦᠬᠦ ᠨᠢ ᠦᠵᠦᠭᠦᠷ ᠦᠭᠡᠳᠡ ᠪᠠᠨ ᠨᠠᠷᠢᠨ ᠪᠦᠭᠡᠳ ᠵᠠᠯᠠᠭ᠎ᠠ ᠨᠢ ᠪᠠᠭ᠎ᠠ ᠲᠡᠮᠡᠭᠡ᠃

      ᠲᠠᠰᠤᠷᠬᠠᠢ ᠪᠦᠬᠦᠳᠦ᠄ ᠲᠤᠮᠳᠠᠭᠤᠷ ᠢᠶᠠᠨ ᠨᠠᠷᠢᠬᠠᠨ ᠪᠦᠬᠦ ᠲᠠᠢ ᠲᠡᠮᠡᠭᠡ᠃

      ᠲᠠᠳᠠᠩᠬᠠᠢ ᠪᠦᠬᠦᠳᠦ᠄ ᠪᠦᠬᠦᠨ ᠤ ᠨᠢᠭᠡ ᠬᠠᠵᠠᠭᠤ ᠶᠢᠨ ᠠᠷᠠᠰᠤ ᠨᠢ ᠭᠡᠮᠳᠦᠭᠰᠡᠨ ᠠᠴᠠ ᠪᠤᠯᠵᠤ ᠬᠡᠳᠦᠢ ᠲᠠᠷᠭᠤᠯᠠᠪᠠᠴᠤ ᠰᠢᠷᠡᠭᠡᠯᠡᠳᠡᠭ ᠦᠭᠡᠢ ᠪᠦᠬᠦ ᠲᠠᠢ

ᠲᠡᠮᠡᠭᠡ᠃

      ᠲᠤᠯᠤᠮᠤᠨ ᠪᠦᠬᠦᠳᠦ᠄ ᠬᠡᠳᠦᠢ ᠲᠠᠷᠭᠤᠯᠠᠪᠠᠴᠤ ᠪᠤᠰᠳᠠᠭ ᠦᠭᠡᠢ ᠤᠷᠳᠤ ᠪᠦᠬᠦ ᠲᠠᠢ ᠲᠡᠮᠡᠭᠡ᠃

      ᠲᠠᠯᠢᠭᠠᠷ ᠪᠦᠬᠦᠳᠦ᠄ ᠰᠤᠯᠪᠢ ᠤᠨᠠᠭᠰᠠᠨ ᠤᠷᠳᠤ ᠪᠦᠳᠦᠭᠦᠨ ᠪᠦᠬᠦ ᠲᠠᠢ ᠲᠡᠮᠡᠭᠡ᠃

      ᠲᠠᠷᠠᠭᠠᠷ ᠠᠶᠠᠰ᠄ ᠪᠦᠬᠦ ᠨᠢ ᠨᠢᠭᠡ ᠲᠡᠶᠢᠰᠢ ᠪᠠᠨ ᠪᠠᠭ᠋ᠠᠨ ᠬᠠᠵᠠᠶᠢᠭᠰᠠᠨ ᠲᠡᠮᠡᠭᠡ᠃

      ᠲᠠᠷᠠᠭᠠᠷ ᠪᠦᠬᠦᠳᠦ᠄ ᠪᠦᠬᠦ ᠨᠢ ᠪᠠᠭ᠋ᠠᠨ ᠬᠠᠵᠠᠶᠢᠭᠰᠠᠨ ᠲᠡᠮᠡᠭᠡ᠃

      ᠲᠠᠷᠠᠭᠠᠷ ᠰᠤᠯᠪᠢ᠄ ᠬᠤᠶᠠᠷ ᠪᠦᠬᠦ ᠨᠢ ᠬᠤᠶᠠᠷ ᠲᠡᠶᠢᠰᠢ ᠪᠠᠨ ᠪᠠᠭ᠋ᠠᠨ ᠬᠠᠵᠠᠶᠢᠭᠰᠠᠨ ᠲᠡᠮᠡᠭᠡ᠃

      ᠲᠠᠷᠠᠭᠠᠷ ᠰᠤᠶᠤᠭ᠎ᠠ᠄ ᠡᠮᠦᠨ᠎ᠡ ᠪᠦᠬᠦ ᠨᠢ ᠰᠢᠷᠡᠭᠡ᠂ ᠬᠤᠶᠢᠳᠤ ᠪᠦᠬᠦ ᠨᠢ ᠪᠠᠭ᠋ᠠᠨ ᠬᠠᠵᠠᠶᠢᠭᠰᠠᠨ ᠲᠡᠮᠡᠭᠡ᠃

      ᠲᠠᠷᠤᠤ ᠠᠶᠠᠰ᠄ ᠪᠦᠬᠦ ᠨᠢ ᠴᠦᠮ ᠨᠢᠭᠡ ᠲᠡᠶᠢᠰᠢ ᠪᠠᠨ ᠲᠠᠷᠤᠤ ᠪᠤᠯᠤᠭᠰᠠᠨ ᠲᠡᠮᠡᠭᠡ᠃

      ᠲᠠᠷᠤᠤ ᠪᠦᠬᠦᠳᠦ᠄ ᠪᠦᠬᠦ ᠨᠢ ᠬᠠᠵᠠᠭᠤᠰᠢ ᠪᠠᠨ ᠬᠠᠵᠠᠶᠢᠵᠤ᠂ ᠪᠦᠬᠦᠨ ᠤ ᠦᠵᠦᠭᠦᠷ ᠨᠢ ᠤᠨᠵᠢᠭᠤ ᠪᠤᠯᠤᠭᠰᠠᠨ ᠲᠡᠮᠡᠭᠡ᠃

      ᠲᠡᠭᠡᠷ᠎ᠡ ᠠᠶᠠᠰ᠄ ᠰᠢᠷᠡᠭᠡᠯᠡᠬᠦ ᠰᠢᠬᠠᠭᠰᠠᠨ ᠠᠶᠠᠰ ᠪᠦᠬᠦ ᠲᠠᠢ ᠲᠡᠮᠡᠭᠡ᠃

      ᠲᠡᠭᠡᠷ᠎ᠡ ᠰᠤᠯᠪᠢ᠄ ᠰᠢᠷᠡᠭᠡᠯᠡᠬᠦ ᠰᠢᠬᠠᠭᠰᠠᠨ ᠰᠤᠯᠪᠢ ᠪᠦᠬᠦ ᠲᠠᠢ ᠲᠡᠮᠡᠭᠡ᠃

      ᠲᠡᠭᠡᠷ᠎ᠡ ᠰᠤᠶᠤᠭ᠎ᠠ᠄ ᠡᠮᠦᠨ᠎ᠡ ᠪᠦᠬᠦ ᠨᠢ ᠰᠢᠷᠡᠭᠡ᠂ ᠬᠤᠶᠢᠳᠤ ᠪᠦᠬᠦ ᠨᠢ ᠰᠢᠷᠡᠭᠡᠯᠡᠬᠦ ᠰᠢᠬᠠᠭᠰᠠᠨ ᠲᠡᠮᠡᠭᠡ᠃

      ᠲᠤᠤᠷ᠎ᠠ ᠠᠶᠠᠰ᠄ ᠲᠠᠷᠤᠤ ᠪᠦᠬᠦᠳᠦ ᠪᠡ ᠬᠡᠢ ᠪᠦᠬᠦᠳᠦ ᠶᠢᠨ ᠬᠤᠭᠤᠷᠤᠨᠳᠤ ᠪᠠᠶᠢᠭ᠎ᠠ ᠠᠶᠠᠰ ᠪᠦᠬᠦ ᠲᠠᠢ ᠲᠡᠮᠡᠭᠡ᠃

      ᠲᠤᠤᠷ᠎ᠠ ᠰᠤᠯᠪᠢ᠄ ᠲᠠᠷᠤᠤ ᠪᠦᠬᠦᠳᠦ ᠪᠠ ᠬᠡᠢ ᠪᠦᠬᠦᠳᠦ ᠶᠢᠨ ᠬᠤᠭᠤᠷᠤᠨᠳᠤ ᠪᠠᠶᠢᠭ᠎ᠠ ᠰᠤᠯᠪᠢ ᠪᠦᠬᠦ ᠲᠠᠢ ᠲᠡᠮᠡᠭᠡ᠃

      ᠲᠤᠤᠷ᠎ᠠ ᠰᠤᠶᠤᠭ᠎ᠠ᠄ ᠡᠮᠦᠨ᠎ᠡ ᠪᠦᠬᠦ ᠨᠢ ᠰᠢᠷᠡᠭᠡ᠂ ᠬᠤᠶᠢᠳᠤ ᠪᠦᠬᠦ ᠨᠢ ᠲᠠᠷᠤᠤ ᠪᠦᠬᠦᠳᠦ ᠪᠠ ᠬᠡᠢ ᠪᠦᠬᠦᠳᠦ ᠶᠢᠨ ᠬᠤᠭᠤᠷᠤᠨᠳᠤ ᠪᠠᠶᠢᠭ᠎ᠠ ᠲᠡᠮᠡᠭᠡ᠃

      ᠲᠤᠭ ᠰᠢᠷᠡᠭᠡ᠄ ᠬᠤᠶᠠᠷ ᠪᠦᠬᠦ ᠨᠢ ᠪᠤᠰᠤᠭ᠎ᠠ ᠮᠦᠷᠳᠡᠭᠡᠨ ᠪᠦᠬᠦᠨ ᠤ ᠰᠠᠴᠤᠭ ᠨᠢ ᠡᠭᠴᠡ ᠪᠤᠰᠤᠭ᠎ᠠ ᠲᠡᠮᠡᠭᠡ᠃

      ᠴᠠᠯᠠᠭᠠᠢ ᠪᠦᠬᠦᠳᠦ᠄ ᠬᠤᠶᠠᠷ ᠪᠦᠬᠦᠨ ᠤ ᠦᠵᠦᠭᠦᠷ ᠨᠢ ᠡᠮᠦᠨᠡᠰᠢ ᠬᠤᠶᠢᠰᠢ ᠪᠠᠨ ᠮᠤᠷᠤᠶᠢᠭᠰᠠᠨ ᠪᠦᠬᠦ ᠲᠠᠢ ᠲᠡᠮᠡᠭᠡ᠃ ᠡᠭᠦᠨ ᠢ ᠪᠠᠰᠠ ᠶᠤᠸᠠᠮᠪᠤᠤ

ᠪᠦᠬᠦᠳᠦ ᠭᠡᠳᠡᠭ᠃

      ᠵᠠᠯᠠᠭ᠎ᠠ ᠲᠠᠷᠤᠤ᠄ ᠰᠢᠷᠡᠭᠡ ᠪᠦᠬᠦ ᠲᠠᠢ ᠪᠤᠯᠪᠠᠴᠤ ᠪᠦᠬᠦᠨ ᠤ ᠲᠤᠭ ᠨᠤᠤᠰᠤ ᠨᠢ ᠲᠦᠯᠭᠡᠬᠡᠨ ᠲᠠᠷᠤᠤ ᠲᠡᠮᠡᠭᠡ᠃

      ᠵᠦᠪ ᠠᠶᠠᠰ᠄ ᠬᠤᠶᠠᠷ ᠪᠦᠬᠦ ᠨᠢ ᠵᠦᠪ ᠲᠡᠶᠢᠰᠢ ᠪᠠᠨ ᠨᠤᠭᠤᠷᠬᠠᠢ ᠲᠡᠮᠡᠭᠡ᠃

      ᠵᠦᠪ ᠭᠡᠶᠡᠭᠦᠦ᠄ ᠬᠤᠶᠠᠷ ᠪᠦᠬᠦ ᠨᠢ ᠵᠦᠪ ᠲᠡᠶᠢᠰᠢ ᠪᠠᠨ ᠵᠢᠭᠠᠬᠠᠨ ᠮᠤᠷᠤᠢ ᠲᠡᠮᠡᠭᠡ᠃

      ᠵᠦᠪ ᠰᠡᠷᠪᠡᠭᠡ᠄ ᠬᠤᠶᠠᠷ ᠪᠦᠬᠦᠨ ᠤ ᠦᠵᠦᠭᠦᠷ ᠨᠢ ᠵᠦᠪ ᠲᠡᠶᠢᠰᠢ ᠪᠠᠨ ᠲᠦᠯᠭᠡᠬᠡᠨ ᠮᠤᠷᠤᠢ ᠲᠡᠮᠡᠭᠡ᠃

      ᠵᠦᠪ ᠰᠢᠷᠡᠭᠡ᠄ ᠪᠦᠬᠦᠨ ᠤ ᠲᠤᠭ ᠨᠢ ᠴᠦᠮ ᠵᠦᠪ ᠲᠡᠶᠢᠰᠢ ᠪᠠᠨ ᠲᠠᠷᠤᠤ ᠪᠠᠶᠢᠳᠠᠭ ᠲᠡᠮᠡᠭᠡ᠃

      ᠵᠦᠪ ᠰᠤᠯᠪᠢ᠄ ᠡᠮᠦᠨ᠎ᠡ ᠪᠦᠬᠦ ᠨᠢ ᠵᠦᠪ ᠲᠡᠶᠢᠰᠢ᠂ ᠬᠤᠶᠢᠳᠤ ᠪᠦᠬᠦ ᠨᠢ ᠪᠤᠷᠤᠭᠤ ᠲᠡᠶᠢᠰᠢ ᠨᠤᠭᠤᠷᠠᠭᠰᠠᠨ ᠲᠡᠮᠡᠭᠡ᠃

      ᠵᠦᠪ ᠰᠤᠶᠤᠭ᠎ᠠ᠄ ᠡᠮᠦᠨ᠎ᠡ ᠪᠦᠬᠦ ᠨᠢ ᠰᠢᠷᠡᠭᠡ᠂ ᠬᠤᠶᠢᠳᠤ ᠪᠦᠬᠦ ᠨᠢ ᠵᠦᠪ ᠲᠡᠶᠢᠰᠢ ᠨᠤᠭᠤᠷᠬᠠᠢ ᠲᠡᠮᠡᠭᠡ᠃

      ᠵᠦᠪ ᠲᠠᠷᠠᠭᠠᠷ᠄ ᠬᠤᠶᠠᠷ ᠪᠦᠬᠦ ᠨᠢ ᠵᠦᠪ ᠲᠡᠶᠢᠰᠢ ᠪᠠᠨ ᠪᠠᠭ᠋ᠠᠨ ᠬᠠᠵᠠᠶᠢᠭᠰᠠᠨ ᠲᠡᠮᠡᠭᠡ᠃

      ᠵᠦᠪ ᠲᠠᠷᠤᠤ᠄ ᠪᠦᠬᠦ ᠨᠢ ᠴᠦᠮ ᠵᠦᠪ ᠲᠡᠶᠢᠰᠢ ᠪᠠᠨ ᠲᠠᠷᠤᠤ ᠪᠤᠯᠤᠭᠰᠠᠨ ᠲᠡᠮᠡᠭᠡ᠃

      ᠶᠠᠪᠴᠢᠭᠠᠷ ᠪᠦᠬᠦᠳᠦ᠄ ᠬᠤᠶᠠᠷ ᠪᠦᠬᠦ ᠨᠢ ᠨᠠᠭᠠᠯᠳᠤᠩᠬᠠᠢ ᠮᠦᠷᠳᠡᠭᠡᠨ ᠬᠠᠯᠢᠰᠤ ᠪᠤᠯᠳᠠᠯ᠎ᠠ ᠡᠴᠡᠭᠰᠡᠨ ᠲᠡᠮᠡᠭᠡ᠃

      ᠶᠤᠸᠠᠮᠪᠤᠤ ᠪᠦᠬᠦᠳᠦ᠄ ᠴᠠᠯᠠᠭᠠᠢ ᠪᠦᠬᠦᠳᠦ ᠲᠠᠢ ᠠᠳᠠᠯᠢ᠃

 

ᠢᠷᠡᠯᠲᠡ᠄ ᠵᠣᠬᠢᠶᠠᠭᠴᠢ ᠠᠴᠠ